ᠭᠠᠯᠳᠠᠨ ᠪᠣᠱᠣᠭᠲᠤ ᠬᠠᠭᠠᠨ06ᠵᠢᠷᠭᠤᠳᠤᠭᠠᠷ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢГалдан бошгот хаан-Т·Жамъян ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯᠳᠠᠨ ᠪᠣᠱᠣᠭᠲᠤ ᠬᠠᠭᠠᠨ06ᠵᠢᠷᠭᠤᠳᠤᠭᠠᠷ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢГалдан бошгот хаан-Т·Жамъян

ᠭᠠᠯᠳᠠᠨ ᠪᠣᠱᠣᠭᠲᠤ ᠬᠠᠭᠠᠨ06ᠵᠢᠷᠭᠤᠳᠤᠭᠠᠷ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢГалдан бошгот хаан-Т·Жамъян

ᠠᠩᠭᠢᠯᠠᠯ:ᠲᠤᠭᠤᠵᠢ ᠷᠣᠮᠠᠨ
2025-11-05

364

 ᠵᠢᠷᠭᠤᠳᠤᠭᠠᠷ ᠳᠡᠪᠲᠡᠷ 

ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ 

ᠨᠢᠭᠡ 
— ᠮᠣᠷᠢᠲᠤ ᠳᠡᠭᠡᠷᠡᠮᠴᠢᠳ ᠵᠡᠭᠦᠨᠭᠠᠷ ᠤ᠋ᠨ ᠬᠢᠯᠢ ᠨᠡᠪᠲᠡᠷᠡᠵᠦ ᠲᠣᠨᠣᠭᠤᠯ ᠬᠢᠭᠰᠡᠨ ᠢ᠋ ᠰᠣᠨᠣᠰᠤᠭᠠᠳ ᠠᠷᠴᠠ ᠪᠠᠭᠠᠲᠤᠷ ᠠ᠋ᠴᠠ ᠠᠰᠠᠭᠤᠬᠤ ᠳ᠋ᠤ᠌《ᠬᠠᠰᠠᠭ ᠤ᠋ᠨ ᠬᠠᠷᠪᠸᠺ》 ᠭᠡᠵᠦ ᠬᠡᠯᠡᠯ᠎ᠡ᠃ ᠪᠢ ᠢᠷᠡᠭᠦᠯ ᠲᠤᠯᠤᠯᠳᠤᠭᠠᠨ ᠳ᠋ᠤ᠌ ᠬᠠᠷᠪᠸᠺ ᠢ ᠳᠠᠭᠤᠳᠠᠵᠤ ᠠᠷᠴᠠ ᠪᠠᠭᠠᠲᠤᠷ ᠢ ᠲᠡᠭᠦᠨ ᠲᠡᠢ ᠲᠤᠯᠤᠯᠳᠤᠭᠤᠯᠪᠠ ᠭᠡᠮᠡᠨ ᠭᠠᠯᠳᠠᠨ ᠬᠠᠭᠠᠨ ᠲᠡᠮᠳᠡᠭᠯᠡᠪᠡ᠃ ᠢᠷᠡᠭᠦᠯ ᠳᠣᠯᠣᠭᠠᠨ ᠤ᠋  ᠲᠤᠪ ᠢ ᠬᠠᠷᠠᠭᠠᠨᠠᠲᠤ ᠶ᠋ᠢᠨ ᠬᠥᠨᠳᠡᠢ ᠳ᠋ᠦ᠍ ᠦᠳᠡᠰᠢ ᠶ᠋ᠢᠨ ᠴᠠᠭ ᠢ᠋ᠶ᠋ᠠᠷ ᠬᠢᠬᠦ ᠪᠡᠷ ᠪᠣᠯᠵᠣᠪᠠ᠃ ᠭᠠᠯᠳᠠᠨ ᠬᠠᠭᠠᠨ ᠤ᠋ ᠮᠢᠩᠭᠠᠲᠤ ᠬᠠᠷᠭᠠᠨ᠎ᠠ ᠶ᠋ᠢᠨ ᠰᠢᠭᠤᠢ ᠶ᠋ᠢ ᠰᠦᠯᠵᠢᠨ ᠶᠠᠪᠤᠭᠰᠠᠭᠠᠷ ᠥᠨᠳᠥᠷ ᠳᠡᠨᠵᠢ ᠳᠡᠭᠡᠷ᠎ᠡ ᠭᠠᠷᠴᠤ ᠢᠷᠡᠬᠦ ᠳ᠋ᠦ᠍ ᠬᠠᠰᠠᠭ ᠤ᠋ᠨ ᠮᠢᠩᠭᠠᠲᠤ ᠲᠡᠷᠲᠡᠭᠡ ᠳ᠋ᠦ᠍ ᠵᠡᠷᠭᠡᠯᠡᠭᠡᠳᠡᠨ ᠪᠠᠢᠯ᠎ᠠ᠃ ᠡᠨᠡ ᠦᠶ᠎ᠡ ᠳ᠋ᠦ᠍ ᠠᠷᠪᠠᠲᠤ ᠵᠠᠭᠤᠲᠤ ᠶ᠋ᠢᠨ ᠠᠬᠠᠯᠠᠭᠴᠢ ᠨᠣᠶᠠᠳ ᠲᠤ᠌ ᠭᠠᠢᠳᠠᠪ ᠪᠠᠭᠠᠲᠤᠷ ᠨᠢᠭᠤᠷ ᠢ᠋ᠶ᠋ᠠᠨ ᠪᠣᠳᠣᠵᠤ ᠵᠢᠰᠦ ᠪᠡᠨ ᠥᠭᠡᠷᠡᠴᠢᠯᠡᠬᠦ ᠶ᠋ᠢ ᠲᠤᠰᠢᠶᠠᠪᠠ᠃
— ᠣᠢᠷᠠᠳ ᠤ᠋ᠨ ᠴᠡᠷᠢᠭ ᠦ᠋ᠳ ᠤᠯᠠᠭᠠᠨ ᠬᠠᠷ᠎ᠠ ᠥᠩᠭᠡ ᠶ᠋ᠢᠨ ᠵᠣᠰᠣ ᠪᠣᠳᠣᠭ ᠢ᠋ᠶ᠋ᠠᠷ ᠨᠢᠭᠤᠷ ᠢ᠋ᠶ᠋ᠠᠨ ᠳᠠᠯᠠᠯᠠᠵᠤ ᠪᠤᠳᠤᠵᠠᠭᠠᠪᠠ᠃ ᠣᠢᠷᠠᠳ ᠴᠡᠷᠢᠭ ᠦ᠋ᠳ ᠦ᠋ᠨ ᠰᠡᠯᠡᠮ᠎ᠡ᠂ ᠵᠢᠳᠠᠨ ᠤ᠋ ᠭᠡᠷ᠂ ᠬᠤᠶᠠᠭ ᠳᠤᠭᠤᠯᠠᠭ᠎ᠠ ᠨᠢ ᠵᠡᠰ ᠪᠥᠭᠡᠵᠢ ᠲᠡᠢ᠂ ᠡᠷᠬᠢᠮᠰᠦᠭ ᠪᠠᠢᠳᠠᠯ ᠲᠠᠢ ᠪᠠᠢᠪᠠ᠃
ᠭᠠᠯᠳᠠᠨ ᠬᠠᠭᠠᠨ《ᠡᠴᠢᠭᠡ ᠬᠣᠩ ᠲᠠᠢᠵᠢ ᠶ᠋ᠢᠨ ᠰᠡᠭᠦᠯᠴᠢ ᠶ᠋ᠢᠨ ᠰᠥᠨᠢ ᠡᠨᠳᠡ ᠥᠩᠭᠡᠷᠡᠭᠰᠡᠨ ᠭᠡᠳᠡᠭ᠃ ᠲᠥᠪᠡᠳ ᠦ᠋ᠨ ᠥᠨᠳᠥᠷ ᠠᠭᠤᠯᠠᠨ ᠳ᠋ᠤ᠌ ᠠᠪᠠᠴᠢᠭᠰᠠᠨ ᠨᠤᠲᠤᠭ ᠤ᠋ᠨ ᠰᠢᠷᠣᠢ ᠶ᠋ᠢ ᠬᠠᠷᠠᠭᠠᠨᠠᠲᠤ ᠬᠥᠨᠳᠡᠢ ᠳ᠋ᠦ᠍ ᠰᠠᠴᠤᠶ᠎ᠠ᠃ ᠪᠢ ᠨᠤᠲᠤᠭ ᠲᠠᠭᠠᠨ ᠪᠠᠢᠭ᠎ᠠ ᠲᠤᠯᠠ ᠴᠥᠮ ᠮᠢᠨᠦ ᠥᠮᠴᠢ᠃ ᠠᠨᠤ ᠬᠠᠲᠤᠨ ᠲᠤᠯᠤᠯᠳᠤᠭᠠᠨ ᠤ᠋ ᠭᠠᠵᠠᠷ ᠵᠠᠪᠠᠯ ᠨᠠᠳᠠ ᠲᠠᠢ ᠴᠣᠭ ᠶᠠᠪᠤᠳᠠᠭ ᠨᠢ ᠠᠮᠢ ᠨᠠᠰᠤᠨ ᠳ᠋ᠠᠭᠠᠨ ᠴᠥᠪ ᠲᠡᠢ ᠪᠤᠰᠤ ᠤᠤ? ᠬᠠᠲᠤᠨ ᠭᠠᠭᠴᠠᠭᠠᠷ ᠪᠤᠰᠤ ᠬᠡᠪᠡᠯᠢ ᠳ᠋ᠡᠭᠡᠨ ᠭᠠᠯᠳᠠᠨ ᠤ᠋ ᠦᠷ᠎ᠡ ᠶ᠋ᠢ ᠲᠡᠭᠡᠭᠡᠵᠦ ᠶᠠᠪᠤᠭ᠎ᠠ》 ᠭᠡᠮᠡᠨ ᠡᠯᠳᠡᠪ ᠢ ᠪᠣᠳᠣᠯᠬᠢᠯᠠᠵᠤ᠂
— ᠠᠨᠤ ᠶ᠋ᠢ ᠪᠥᠭᠡᠴᠡᠢᠯᠡᠵᠦ ᠬᠠᠷᠠᠭᠠᠨ ᠳ᠋ᠠᠭᠠᠨ ᠪᠠᠢᠯᠭᠠᠬᠤ ᠶ᠋ᠢ ᠲᠣᠷᠭᠠᠨ ᠴᠡᠷᠢᠭ ᠦ᠋ᠨ ᠪᠠᠭ ᠤ᠋ᠨ ᠠᠬᠠᠯᠠᠭᠴᠢ ᠳ᠋ᠤ᠌ ᠳᠠᠭᠠᠭᠠᠯᠭᠠᠪᠠ᠃
 ᠬᠠᠰᠠᠭ ᠤ᠋ᠨ ᠮᠢᠩᠭᠠᠲᠤ ᠪᠥᠭᠡᠰᠦ ᠮᠥᠨᠥᠬᠢ ᠬᠦᠨᠳᠦ ᠲᠡᠮᠦᠷ ᠳᠤᠭᠤᠯᠠᠭ᠎ᠠ ᠲᠠᠢ᠃ ᠢᠷ ᠨᠢ ᠰᠡᠲᠡᠷᠬᠡᠢ ᠬᠠᠷ᠎ᠠ ᠲᠡᠮᠦᠷ ᠰᠡᠯᠡᠮ᠎ᠡ ᠲᠡᠢ ᠵᠢᠳᠠᠨ ᠤ᠋ ᠣᠷᠣᠢ ᠪᠦᠷᠢ ᠳ᠋ᠦ᠍ ᠤᠯᠠᠭᠠᠨ ᠬᠢᠭᠢᠷᠢ ᠵᠠᠩᠭᠢᠳᠴᠠᠢ᠃
ᠣᠢᠷᠠᠳ ᠤ᠋ᠨ ᠴᠡᠷᠢᠭ ᠦ᠋ᠳ ᠬᠠᠭᠠᠰ ᠳᠤᠭᠤᠢᠷᠠᠨ ᠮᠣᠷᠢᠳ ᠤ᠋ᠨ ᠠᠯᠬᠤᠭ᠎ᠠ ᠪᠠᠷ ᠳᠥᠲᠡᠯᠡᠬᠦ ᠳ᠋ᠦ᠍ ᠬᠠᠰᠠᠭ ᠤ᠋ᠨ ᠮᠢᠩᠭᠠᠲᠤ ᠶᠠᠭ ᠠᠳᠠᠯᠢᠬᠠᠨ ᠣᠢᠷᠠᠲᠤᠯ᠎ᠠ᠃ ᠬᠠᠷᠭᠠᠨ᠎ᠠ ᠶ᠋ᠢᠨ ᠰᠢᠷ᠎ᠠ ᠴᠡᠴᠡᠭ ᠡᠰᠢ ᠡᠴᠡ ᠪᠡᠨ ᠭᠣᠭᠣᠵᠢᠨ ᠬᠠᠭᠳᠠᠷᠠᠵᠠᠢ᠃ ᠴᠡᠯ ᠨᠣᠭᠣᠭᠠᠨ ᠨᠠᠪᠴᠢᠲᠤ ᠬᠠᠷᠭᠠᠨ᠎ᠠ ᠵᠢᠷᠢᠮ ᠲᠠᠯ᠎ᠠ ᠳ᠋ᠠᠭᠠᠨ ᠤᠯᠠᠭᠠᠨ ᠬᠦᠷᠡᠩᠳᠡᠵᠦ ᠬᠠᠷᠠᠭᠳᠠᠬᠤ ᠨᠢ ᠡᠰᠢ ᠨᠢ ᠮᠣᠳᠣᠰᠢᠷᠡᠵᠤ ᠭᠠᠩᠳᠠᠭᠰᠠᠨ ᠤ᠋ ᠬᠢ ᠪᠥᠯᠥᠭᠡ᠃ ᠡᠷᠭᠢᠨ ᠲᠣᠭᠣᠷᠢᠨ ᠳ᠋ᠤ᠌ ᠬᠠᠷᠭᠠᠨ᠎ᠠ ᠪᠤᠲᠠ ᠪᠤᠲᠠ ᠪᠠᠷ ᠢ᠋ᠶ᠋ᠠᠨ ᠤᠷᠭᠤᠵᠠᠢ᠃
ᠣᠢᠷᠠᠳ ᠤ᠋ᠨ ᠮᠢᠩᠭᠠᠲᠤ ᠴᠡᠷᠢᠭ ᠦ᠋ᠨ ᠡᠮᠦᠨ᠎ᠡ ᠰᠠᠷᠠᠲᠠᠢ ᠬᠡᠭᠡᠷ ᠮᠣᠷᠢ ᠲᠠᠢ ᠠᠷᠴᠠ ᠪᠠᠭᠠᠲᠤᠷ ᠭᠠᠷᠴᠤ ᠢᠷᠡᠪᠡ᠃ ᠬᠠᠰᠠᠭ ᠮᠢᠩᠭᠠᠲᠤ ᠶ᠋ᠢᠨ ᠲᠡᠭ ᠳᠤᠮᠳᠠ ᠠ᠋ᠴᠠ ᠬᠠᠩᠬᠠᠭᠠᠷ ᠴᠡᠭᠡᠵᠢ ᠲᠡᠢ ᠪᠠᠷᠠᠭᠤᠨ ᠲᠠᠯ᠎ᠠ ᠶ᠋ᠢᠨ ᠮᠥᠷᠥ ᠪᠡᠷ ᠢ᠋ᠶ᠋ᠡᠨ ᠶᠠᠯᠢᠭᠦᠢ ᠣᠪᠣᠭᠣᠷ ᠪᠠᠭᠠᠲᠤᠷ ᠡᠷ᠎ᠡ ᠭᠠᠷᠴᠤ ᠢᠷᠡᠭᠡᠳ᠂
— ᠪᠢ ᠬᠠᠷᠪᠸᠺ ᠪᠠᠢᠨ᠎ᠠ ᠭᠡᠮᠡᠨ ᠴᠤᠤᠷᠢᠶᠠᠲᠤᠭᠤᠯᠪᠠ᠃ ᠬᠠᠷᠪᠸᠺ  ᠢ᠋ ᠣᠢᠷᠠᠳ ᠴᠡᠷᠢᠭ ᠦ᠋ᠳ ᠳᠤᠮᠳᠠ ᠠ᠋ᠴᠠ ᠭᠡᠷᠡᠴᠢᠯᠡᠬᠦ ᠬᠥᠮᠦᠨ ᠪᠠᠢᠭᠰᠠᠨ ᠦᠭᠡᠢ᠃ ᠶᠠᠮᠠᠷ ᠤᠳᠤᠮ ᠤ᠋ᠨ ᠪᠠᠭᠠᠲᠤᠷ ᠪᠣᠯᠬᠤ ᠶ᠋ᠢ ᠬᠡᠨ ᠳᠠᠭᠠᠬᠤ ᠪᠢᠯᠡ᠃ ᠲᠡᠢᠨ ᠦ᠌ ᠡᠮᠦᠰᠬᠡᠯ ᠬᠤᠪᠴᠠᠰᠤᠨ ᠳ᠋ᠠᠭᠠᠨ ᠦᠯᠦ ᠲᠦᠦᠷᠲᠦᠬᠦ ᠠᠨᠤ ᠬᠠᠲᠤᠨ ᠭᠠᠯᠳᠠᠨ ᠬᠠᠭᠠᠨ ᠤ᠋ ᠳᠡᠷᠭᠡᠳᠡ ᠮᠣᠷᠢ ᠲᠠᠢ ᠪᠠᠨ ᠡᠷᠭᠢᠴᠡᠨ ᠣᠴᠢᠵᠤ᠂
— ᠴᠤᠤᠲᠤ ᠳᠡᠭᠡᠷᠡᠮᠴᠢᠨ ᠶᠠᠩᠭᠢᠷ ᠰᠤᠯᠲᠠᠨ ᠤ᠋ ᠬᠥᠪᠡᠭᠦᠨ ᠪᠤᠰᠤ ᠤᠤ? ᠡᠴᠢᠭᠡ ᠬᠣᠩ ᠲᠠᠢᠵᠢ ᠶ᠋ᠢ ᠬᠣᠣᠷᠲᠤ ᠰᠤᠮᠤ ᠪᠠᠷ ᠰᠢᠪᠡᠭᠰᠡᠨ ᠪᠤᠰᠤ ᠤᠤ? ᠭᠡᠮᠡᠨ ᠰᠢᠪᠡᠨᠡᠨ ᠥᠭᠦᠯᠡᠭᠡᠳ ᠵᠠᠢᠴᠢᠯᠠᠨ ᠬᠣᠯᠠᠳᠤᠯ᠎ᠠ᠃
ᠲᠩᠷᠢ ᠳ᠋ᠦ᠍ ᠡᠭᠦᠯᠡ ᠬᠤᠷᠠᠯᠳᠤᠵᠠᠢ᠃ ᠦᠳᠡᠰᠢ ᠶ᠋ᠢᠨ ᠠᠰᠤᠷᠤ ᠲᠣᠮᠣ ᠤᠯᠠᠭᠠᠨ ᠨᠠᠷᠠ ᠬᠣᠯᠠ ᠶ᠋ᠢᠨ ᠠᠭᠤᠯᠠᠰ ᠤ᠋ᠨ ᠴᠢᠩᠬ᠎ᠠ ᠳᠡᠭᠡᠷ᠎ᠡ ᠵᠣᠭᠣᠭᠳᠠᠵᠠᠢ᠃ ᠪᠠᠭᠠᠲᠤᠷ ᠤ᠋ᠳ ᠰᠡᠯᠡᠮ᠎ᠡ ᠪᠡᠨ ᠰᠤᠭᠤᠯᠤᠨ ᠮᠢᠩᠭᠠᠲᠤ ᠴᠡᠷᠢᠭ ᠦ᠋ᠳ ᠦ᠋ᠨ ᠢ᠋ᠶ᠋ᠡᠨ ᠡᠮᠦᠨᠡᠭᠦᠷ ᠬᠠᠲᠠᠷᠢᠭᠤᠯᠤᠨ ᠤᠤᠬᠠᠢᠯᠠᠬᠤ ᠡᠷᠡᠮᠡᠬᠡᠢ ᠳᠠᠭᠤᠨ ᠳ᠋ᠤ᠌  ᠵᠣᠷᠢᠭᠵᠢᠨ ᠬᠠᠲᠠᠷᠢᠯ᠎ᠠ᠃ ᠢᠷᠡᠭᠦᠯ ᠳᠣᠯᠣᠭᠠᠨ ᠣᠯᠠᠨ ᠤ᠋ ᠨᠢᠳᠦᠨ ᠦ᠌ ᠡᠮᠦᠨ᠎ᠡ ᠰᠢᠳᠤᠷᠭᠤ ᠪᠣᠯᠳᠠᠭ ᠢ᠋ᠶ᠋ᠠᠷ ᠢ᠋ᠶ᠋ᠠᠨ ᠵᠡᠭᠦᠨᠭᠠᠷ ᠤ᠋ᠨ ᠮᠣᠩᠭᠣᠯᠴᠤᠳ ᠤ᠋ᠨ ᠰᠣᠩᠭᠣᠮᠠᠯ ᠠᠷᠭ᠎ᠠ ᠪᠥᠯᠥᠭᠡ᠃
ᠬᠠᠷᠪᠸᠺ  ᠤ᠋ᠨ ᠬᠦᠯᠦᠭ ᠮᠣᠷᠢ ᠨᠢ ᠥᠨᠳᠥᠷ ᠪᠡᠶ᠎ᠡ ᠲᠡᠢ ᠡᠷᠯᠢᠵᠡ ᠠᠳᠤᠭᠤ ᠪᠠᠢᠪᠠ᠃ ᠠᠷᠴᠠ ᠪᠠᠭᠠᠲᠤᠷ ᠤ᠋ᠨ ᠮᠣᠷᠢᠨ ᠠ᠋ᠴᠠ ᠢᠯᠭᠠᠷᠠᠬᠤ ᠪᠠᠷ ᠦᠭᠡᠢ ᠴᠠᠭᠠᠨ ᠰᠠᠷᠠᠲᠠᠢ ᠬᠡᠭᠡᠷ ᠮᠣᠷᠢ ᠶᠤᠮ᠃
ᠬᠣᠶᠠᠷ ᠪᠠᠭᠠᠲᠤᠷ ᠰᠡᠯᠡᠮ᠎ᠡ ᠬᠠᠷᠰᠢᠭᠤᠯᠤᠨ ᠲᠤᠯᠤᠯᠳᠤᠭᠠᠨ ᠢ᠋ᠶ᠋ᠠᠨ ᠵᠠᠷᠯᠠᠪᠠ᠃ ᠬᠣᠶᠠᠷ ᠲᠠᠯ᠎ᠠ ᠶ᠋ᠢᠨ ᠴᠡᠷᠢᠭ ᠦ᠋ᠳ ᠦ᠋ᠨ ᠨᠢᠳᠦᠨ ᠳ᠋ᠦ᠍ ᠴᠢᠰᠤ ᠬᠤᠷᠠᠵᠠᠢ᠃ ᠬᠠᠷᠭᠠᠨ᠎ᠠ ᠶ᠋ᠢᠨ ᠰᠢᠭᠤᠢ ᠠᠨᠢᠷ ᠬᠦᠮᠬᠡᠨ ᠪᠠᠢᠯ᠎ᠠ᠃ ᠲᠤᠯᠤᠯᠳᠤᠭᠠᠨ ᠪᠣᠯ ᠬᠥᠮᠦᠨ ᠦ᠌ ᠠᠮᠢᠨ ᠤ᠋ ᠦᠨ᠎ᠡ ᠶᠦᠮ᠃ ᠥᠨᠥᠳᠥᠷ ᠦ᠋ᠨ ᠢᠯᠠᠯᠲᠠ ᠮᠠᠷᠭᠠᠰᠢ ᠬᠣᠬᠢᠷᠠᠯ ᠳᠠᠭᠠᠭᠤᠯᠳᠠᠭ᠃ ᠵᠠᠷᠢᠮ ᠦᠶ᠎ᠡ ᠳ᠋ᠦ᠍ ᠢᠯᠠᠭᠳᠠᠯ ᠨᠢ ᠡᠷᠡᠴᠦᠳ ᠦ᠋ᠨ ᠵᠣᠷᠢᠭ  ᠢ᠋ ᠬᠤᠷᠴᠠᠯᠠᠵᠤ ᠬᠥᠮᠦᠨ  ᠢ᠋ ᠨᠥᠭᠡᠴᠡᠯᠡᠵᠦ ᠥᠭᠳᠡᠭ ᠢ᠋ᠶ᠋ᠡᠷ ᠢ᠋ᠶ᠋ᠡᠨ ᠢᠯᠠᠯᠲᠠ ᠶ᠋ᠢᠨ ᠠᠩᠬᠠᠨ ᠤ᠋ ᠠᠯᠬᠤᠮ ᠪᠣᠯᠳᠠᠭ᠃
ᠮᠣᠷᠢᠳ ᠤ᠋ᠨ ᠲᠤᠭᠤᠷᠠᠢ ᠪᠠᠷ ᠦᠯᠦ ᠮᠡᠳᠡᠭ ᠲᠣᠭᠣᠰᠣ ᠪᠣᠰᠤᠨ᠎ᠠ᠃ ᠰᠡᠯᠡᠮ᠎ᠡ ᠬᠠᠷᠰᠢᠵᠤ ᠳᠤᠭᠤᠯᠠᠭ᠎ᠠ ᠶ᠋ᠢᠨ ᠲᠡᠮᠦᠷ ᠬᠠᠩᠭᠢᠨ ᠠᠭᠠᠷ ᠴᠣᠬᠢᠨ᠎ᠠ᠃ ᠶᠠᠷᠳᠠᠭ ᠨᠣᠬᠠᠳ ᠤᠷᠠᠯᠴᠠᠬᠤ ᠯᠤᠭ᠎ᠠ ᠡᠷᠡᠴᠦᠳ  ᠢ᠋ ᠪᠠᠢᠵᠤ ᠶᠠᠳᠠᠭᠤᠯᠤᠨ ᠳᠣᠯᠣᠭᠠᠨ ᠡᠬᠢᠯᠡᠵᠡᠢ᠃ ᠡᠨᠡ ᠬᠦ᠌ ᠳᠣᠯᠣᠭᠠᠨ ᠶᠣᠰᠣᠨ ᠳ᠋ᠠᠭᠠᠨ ᠲᠡᠮᠡᠴᠡᠭᠡᠨ ᠮᠡᠲᠦ ᠪᠠᠢᠪᠠᠴᠤ ᠲᠤᠯᠤᠯᠳᠤᠭᠴᠢ ᠬᠣᠶᠠᠷ ᠤ᠋ᠨ ᠠᠯᠢ ᠨᠢᠭᠡᠨ ᠦ᠌ ᠠᠮᠢ ᠰᠦᠢᠳᠦᠭᠰᠡᠨ ᠢ᠋ᠶ᠋ᠡᠷ ᠥᠨᠳᠥᠷᠯᠡᠨ᠎ᠡ᠃
ᠠᠮᠢ ᠪᠠᠨ ᠲᠠᠯᠪᠢᠵᠤ ᠲᠤᠯᠤᠯᠳᠤᠳᠠᠭ ᠳᠣᠯᠣᠭᠠᠨ ᠢ᠋ ᠢᠷᠡᠭᠦᠯ ᠭᠡᠮᠡᠨ ᠨᠡᠷᠡᠯᠡᠵᠡᠢ᠃ ᠥᠭᠡᠷ᠎ᠡ ᠪᠡᠷ ᠬᠡᠯᠡᠪᠡᠯ  ᠳᠠᠭᠤᠳᠠᠯᠭᠠᠲᠤ ᠳᠣᠯᠣᠭᠠᠨ ᠠᠵᠢ᠃ ᠵᠥᠪ ᠪᠤᠷᠤᠭᠤ ᠶ᠋ᠢᠨ ᠲᠥᠯᠥᠭᠡ ᠶᠠᠯ᠎ᠠ ᠠᠰᠠᠭᠤᠬᠤ ᠳᠣᠯᠣᠭᠠᠨ ᠪᠠᠰᠠ ᠮᠥᠨ᠃
ᠬᠠᠷᠪᠸᠺ ᠤ᠋ᠨ ᠰᠡᠯᠡᠮ᠎ᠡ ᠨᠢᠭᠡᠨ ᠭᠡᠮ ᠦ᠋ᠨ ᠢᠵᠢᠯᠢ ᠬᠥᠳᠡᠯᠭᠡᠭᠡᠨ ᠢ᠋ᠶ᠋ᠡᠷ ᠠᠷᠴᠠ ᠪᠠᠭᠠᠲᠤᠷ  ᠢ᠋ ᠴᠠᠪᠴᠢᠬᠤ ᠪᠠᠷ ᠳᠣᠪᠲᠣᠯᠤᠨ᠎ᠠ᠃ ᠠᠷᠴᠠ ᠪᠠᠭᠠᠲᠤᠷ ᠤᠤᠬᠠᠢᠯᠠᠨ ᠬᠠᠰᠬᠢᠷᠴᠤ ᠳᠣᠪᠲᠣᠯᠤᠭᠴᠢ ᠬᠣᠶᠠᠷ ᠪᠠᠭᠠᠲᠤᠷ ᠲᠡᠩᠴᠡᠭᠦᠬᠡᠨ ᠲᠤᠯᠤᠯᠳᠤᠭᠰᠠᠭᠠᠷ ᠠᠵᠤᠭᠤ᠃
ᠠᠷᠴᠠ ᠰᠡᠯᠡᠮ᠎ᠡ ᠶ᠋ᠢᠨ ᠢᠵᠢᠯᠢ ᠴᠤᠴᠠᠯᠲᠠ ᠦᠭᠡᠢ ᠬᠥᠳᠡᠯᠭᠡᠭᠡᠨ  ᠢ᠋ ᠮᠡᠳᠡᠵᠦ ᠠᠪᠤᠭᠠᠳ ᠪᠠᠭ᠎ᠠ ᠵᠡᠷᠭᠡ ᠭᠠᠢᠬᠠᠵᠤ᠂ ᠰᠡᠯᠡᠮ᠎ᠡ ᠲᠡᠢ ᠭᠠᠷ  ᠢ᠋ ᠨᠢ ᠣᠷᠣᠯᠳᠣᠬᠤ ᠪᠠᠷ ᠳᠥᠲᠡᠯᠡᠪᠡ᠃
  ᠰᠡᠯᠡᠮ᠎ᠡ ᠲᠡᠢ ᠭᠠᠷ  ᠢ᠋ ᠨᠢ ᠠᠷᠴᠠ ᠪᠠᠭᠠᠲᠤᠷ ᠴᠠᠪᠴᠢᠬᠤ ᠪᠣᠳᠣᠯ ᠲᠠᠢ ᠳᠣᠪᠲᠣᠯᠵᠤ ᠭᠠᠩ ᠲᠠᠢ ᠲᠡᠮᠦᠷ  ᠢ᠋ ᠪᠠᠭᠤᠯᠭᠠᠲᠠᠯ᠎ᠠ ᠰᠡᠯᠡᠮ᠎ᠡ ᠨᠢ ᠣᠢᠵᠤ ᠲᠡᠷᠲᠡᠭᠡ ᠬᠣᠯᠠ ᠭᠠᠵᠠᠷ ᠲᠤ᠌ ᠤᠨᠠᠯ᠎ᠠ᠃ ᠬᠠᠷᠪᠸᠺ ᠡᠭᠡᠵᠢᠭᠲᠡᠢ ᠬᠣᠷᠣᠮ  ᠢ᠋ ᠠᠯᠳᠠᠬᠤ ᠦᠭᠡᠢ ᠶ᠋ᠢᠨ ᠲᠤᠯᠠᠳᠠ ᠤᠬᠤᠰᠬᠢᠨ ᠳᠠᠭᠠᠷᠢᠯ᠎ᠠ᠃ ᠠᠷᠴᠠ ᠪᠠᠭᠠᠲᠤᠷ ᠠᠳᠠᠯᠢᠬᠠᠨ ᠭᠡᠮᠡᠷ ᠡᠷᠭᠢᠵᠦ ᠰᠡᠯᠡᠮ᠎ᠡ ᠳᠣᠣᠭᠤᠷ ᠰᠢᠷᠭᠤᠨ ᠣᠷᠣᠵᠤ ᠬᠠᠷᠪᠸᠺ ᠤ᠋ᠨ ᠰᠡᠯᠡᠮᠡᠳᠦ ᠭᠠᠷ  ᠢ᠋ ᠱᠤ᠌ ᠲᠣᠬᠣᠢ ᠪᠠᠷ ᠨᠢ ᠣᠷᠢᠶᠠᠵᠤ ᠪᠠᠷᠢᠭᠠᠳ ᠲᠡᠭᠦᠨ ᠦ᠌ ᠡᠮᠡᠭᠡᠯ ᠤᠷᠤᠭᠤ ᠨᠢ ᠬᠦᠴᠦᠲᠡᠢ ᠵᠢᠭᠢᠵᠦ ᠤᠬᠤᠰᠬᠢᠪᠡ᠃ ᠬᠠᠷᠪᠸᠺ ᠳᠥᠷᠥᠭᠡ ᠵᠢᠭᠢᠨ ᠡᠮᠡᠭᠡᠯ ᠳᠡᠭᠡᠷ᠎ᠡ ᠪᠡᠨ ᠲᠣᠭᠲᠠᠵᠤ ᠦᠯᠡᠳᠡᠪᠡ᠃ ᠬᠠᠷᠪᠸᠺ ᠤ᠋ᠨ ᠰᠡᠯᠡᠮᠡᠳᠦ ᠭᠠᠷ ᠠᠷᠴᠠ ᠪᠠᠭᠠᠲᠤᠷ ᠤ᠋ᠨ ᠭᠠᠷ ᠲᠤ᠌ ᠠᠯᠳᠠᠭᠤᠷᠠᠨ ᠠᠳᠬᠤᠭᠳᠠᠵᠤ ᠬᠡᠷᠵᠡᠢᠭᠰᠡᠨ ᠲᠡᠮᠦᠷ ᠤᠨᠵᠢᠢᠵᠤ ᠪᠠᠢᠯ᠎ᠠ᠃
— ᠮᠥᠨᠥᠬᠢ ᠥᠷᠥᠭᠡᠰᠦᠨ ᠭᠠᠷᠲᠤ ᠁ ᠭᠡᠮᠡᠨ ᠣᠢᠷᠠᠳ ᠴᠡᠷᠢᠭ ᠦ᠋ᠳ ᠬᠠᠰᠬᠢᠷᠤᠯᠳᠤᠪᠠ᠃
— ᠲᠡᠮᠦᠷ ᠭᠠᠷ ᠬᠢᠵᠡᠢ ᠭᠡᠵᠦ ᠭᠠᠯᠳᠠᠨ ᠬᠠᠭᠠᠨ ᠶᠥᠭᠡᠳᠡᠩᠭᠦᠢ ᠳᠤᠤᠭᠠᠷᠴᠤ᠂ ᠣᠢᠷᠠᠳ ᠤ᠋ᠨ ᠮᠢᠩᠭᠠᠲᠤ ᠴᠡᠷᠢᠭ ᠦ᠋ᠳ ᠭᠠᠵᠠᠷ ᠤ᠋ᠨ ᠬᠥᠷᠥᠰᠥ ᠶ᠋ᠢ ᠡᠷᠭᠢᠭᠦᠯᠦᠨ ᠲᠤᠯᠤᠯᠳᠤᠭᠠᠨ ᠳ᠋ᠤ᠌ ᠣᠷᠣᠯ᠎ᠠ᠃
ᠨᠠᠷᠠ ᠵᠢᠷᠭᠠᠵᠤ ᠬᠠᠷ᠎ᠠ ᠭᠡᠭᠡ ᠲᠠᠲᠠᠬᠤ ᠳ᠋ᠤ᠌ ᠣᠢᠷᠠᠳ ᠤ᠋ᠨ ᠭᠡᠷᠡᠯᠲᠦ ᠪᠦᠷᠭᠦᠳ ᠲᠡᠭᠷᠢ ᠳ᠋ᠦ᠍ ᠬᠥᠭᠡᠷᠴᠦ᠂ ᠮᠣᠭᠠᠢ ᠭᠠᠯ ᠢ᠋ᠶ᠋ᠠᠨ ᠡᠷᠴᠢᠯᠡᠭᠦᠯᠦᠨ ᠭᠢᠯᠠᠯᠵᠠᠭᠤᠯᠪᠠ᠃ ᠬᠠᠷ᠎ᠠ ᠭᠡᠭᠡ ᠳᠤᠮᠳᠠ ᠲᠤᠯᠤᠯᠳᠤᠭᠠᠨ ᠲᠡᠭᠦᠰᠴᠦ    ᠬᠠᠷᠭᠠᠨᠲᠤ ᠳᠡᠪᠰᠡᠭ ᠬᠥᠮᠦᠨ ᠮᠠᠯ ᠤ᠋ᠨ ᠰᠡᠭ ᠵᠠᠮ ᠢ᠋ᠶ᠋ᠠᠷ ᠳᠦᠭᠦᠷᠦᠯ᠎ᠡ᠃ ᠬᠠᠭᠠᠨ ᠤ᠋ ᠬᠡᠭᠡᠷ᠎ᠡ ᠶ᠋ᠢᠨ ᠠᠰᠠᠷ ᠲᠤ᠌ ᠬᠠᠷᠪᠸᠺ ᠤ᠋ᠨ ᠬᠦᠴᠦᠷᠬᠡᠭ ᠲᠡᠮᠦᠷ ᠭᠠᠷ  ᠢ᠋ ᠡᠭᠡᠯᠵᠢᠯᠡᠨ ᠦᠵᠡᠵᠡᠭᠡᠵᠦ᠂
— ᠲᠡᠮᠦᠷ ᠴᠡᠷᠢᠭ ᠬᠢᠵᠦ ᠴᠢᠳᠠᠬᠤ ᠨᠢ ᠭᠡᠮᠡᠨ ᠬᠥᠬᠥᠷᠡᠯᠳᠦᠨ᠎ᠡ᠃

 ᠬᠣᠶᠠᠷ
 ᠬᠠᠷᠪᠸᠺ ᠤ᠋ᠨ ᠲᠡᠮᠦᠷ ᠭᠠᠷ  ᠢ᠋ ᠠᠷᠴᠠ ᠪᠠᠭᠠᠲᠤᠷ ᠪᠤᠯᠭᠤ ᠲᠠᠲᠠᠵᠤ ᠠᠪᠴᠢᠷᠠᠭᠰᠠᠨ ᠠ᠋ᠴᠠ ᠬᠣᠢᠰᠢ ᠲᠡᠷᠡ ᠬᠦ᠌ ᠲᠡᠮᠦᠷ ᠭᠠᠷ ᠣᠢᠷᠠᠳ ᠴᠡᠷᠢᠭ ᠦ᠋ᠨ ᠪᠡᠬᠢᠯᠡᠯᠲᠡ ᠳ᠋ᠦ᠍ ᠦᠯᠡᠳᠡᠪᠡ᠃ ᠣᠢᠷᠠᠳ᠂ ᠪᠤᠬᠠᠷ ᠲᠠᠷᠠᠬᠴᠤᠤᠯ ᠲᠡᠷᠡ ᠲᠡᠮᠦᠷ ᠭᠠᠷ  ᠢ᠋ ᠬᠡᠷᠬᠢᠨ ᠬᠢᠭᠰᠡᠨ  ᠢ᠋ ᠦᠵᠡᠵᠡᠭᠡᠨ ᠬᠥᠮᠦᠨ ᠦ᠌ ᠴᠡᠭᠡᠵᠢᠨ ᠪᠡᠶ᠎ᠡ ᠶ᠋ᠢ ᠪᠦᠷᠬᠦᠭᠰᠡᠨ ᠠᠷᠠᠰᠤᠨ ᠤᠭᠤᠲᠠᠨ ᠳ᠋ᠤ᠌ ᠪᠡᠬᠢᠯᠡᠭᠰᠡᠨ ᠨᠢ ᠠᠷᠠᠰᠤᠨ ᠤ᠋ ᠬᠠᠳᠠᠯᠲᠠ ᠠ᠋ᠴᠠ ᠪᠣᠯᠵᠤ ᠲᠠᠰᠤ ᠦᠰᠦᠷᠦᠭᠰᠡᠨ ᠢ᠋ ᠲᠣᠭᠲᠠᠭᠠᠪᠠ᠃ ᠠᠷᠠᠰᠤ ᠶ᠋ᠢ ᠪᠠᠢᠩᠭᠤ ᠤᠰᠤᠨ ᠳ᠋ᠤ᠌ ᠳᠡᠪᠲᠦᠭᠡᠵᠦ ᠡᠯᠳᠡᠳᠡᠭ ᠬᠢᠷᠢ ᠨᠢ ᠲᠤᠯᠤᠯᠳᠤᠭᠠᠨ ᠤ᠋ ᠡᠮᠦᠨᠡᠬᠢ ᠬᠡᠳᠦᠨ ᠡᠳᠦᠷ ᠬᠠᠷᠪᠸᠺ ᠪᠡᠶ᠎ᠡ ᠳ᠋ᠡᠭᠡᠨ ᠳᠠᠰᠬᠠᠯ ᠡᠯᠳᠡᠭᠦᠷ  ᠢ᠋ ᠨᠢ ᠵᠥᠭᠡᠯᠡᠯᠡᠭᠰᠡᠨ ᠶᠤᠮᠰᠠᠨᠵᠠᠢ᠃
 ᠭᠡᠲᠡᠯ᠎ᠡ ᠴᠡᠭᠡᠵᠢᠨ ᠪᠡᠶ᠎ᠡ ᠶ᠋ᠢ ᠪᠦᠷᠬᠦᠭᠰᠡᠨ ᠠᠷᠠᠰᠤ ᠬᠠᠯᠠᠭᠤᠨ ᠳ᠋ᠤ᠌ ᠬᠠᠲᠠᠵᠤ ᠬᠤᠷᠴᠠᠢᠬᠰᠠᠨ ᠤ᠋ ᠭᠠᠳᠠᠨ᠎ᠠ ᠠᠷᠠᠰᠤ᠂ ᠲᠡᠮᠦᠷ ᠬᠣᠶᠠᠷ  ᠢ᠋ ᠪᠦᠷᠢᠵᠦ ᠨᠡᠢᠯᠡᠭᠦᠯᠦᠭᠰᠡᠨ ᠣᠶᠣᠳᠠᠯ ᠢ᠋ᠶ᠋ᠠᠷ ᠢ᠋ᠶ᠋ᠠᠨ ᠲᠠᠰᠤᠷᠠᠭᠰᠠᠨ ᠪᠠᠢᠯ᠎ᠠ᠃
ᠠᠷᠴᠠ ᠪᠠᠭᠠᠲᠤᠷ ᠬᠠᠷᠪᠸᠺ  ᠢ᠋ ᠳᠠᠬᠢᠭᠠᠳ ᠥᠷᠥᠭᠡᠰᠦᠨ ᠭᠠᠷ ᠲᠠᠢ ᠪᠣᠯᠭᠠᠪᠠ᠃ ᠭᠠᠯᠳᠠᠨ ᠬᠠᠭᠠᠨ ᠲᠡᠭᠦᠨ ᠳ᠋ᠦ᠍᠂
ᠡᠴᠢᠭᠡ ᠨᠦᠭᠦᠳ ᠦ᠋ᠨ ᠥᠰᠢᠶ᠎ᠡ ᠶ᠋ᠢ ᠠᠪᠴᠤ ᠳᠠᠭᠤᠰᠤᠭ᠎ᠠ ᠦᠭᠡᠢ ᠪᠠᠢᠨ᠎ᠠ᠃ ᠬᠠᠷᠪᠸᠺ ᠠᠮᠢᠳᠤ ᠭᠠᠷ ᠲᠠᠢ ᠪᠠᠨ ᠬᠣᠴᠣᠷᠤᠯ᠎ᠠ᠃ ᠬᠡᠳᠦᠢ ᠳ᠋ᠦ᠍ ᠲᠡᠭᠦᠨ  ᠢ᠋ ᠰᠥᠭᠦᠳᠦᠭᠦᠯᠬᠦ ᠶ᠋ᠢ ᠪᠤᠷᠬᠠᠨ ᠮᠡᠳᠡᠬᠦ ᠪᠣᠯᠵᠠᠢ᠃ ᠬᠠᠷᠪᠸᠺ ᠤᠨ ᠪᠤᠷᠬᠠᠨ ᠮᠢᠨᠦᠬᠢ ᠡᠴᠡ ᠬᠦᠴᠦᠲᠡᠢ ᠪᠣᠯ ᠳᠤᠮᠳᠠᠳᠤ ᠠᠽᠢᠶ᠎ᠠ ᠶ᠋ᠢ ᠡᠷᠬᠡᠰᠢᠶᠡᠯ ᠳ᠋ᠡᠭᠡᠨ ᠣᠷᠣᠭᠤᠯᠬᠤ ᠳ᠋ᠤ᠌ ᠤᠳᠠᠭᠠᠨ ᠦᠵᠡᠯᠴᠡᠬᠦ ᠨᠢ ᠭᠡᠮᠡᠨ ᠥᠭᠦᠯᠡᠪᠡ᠃ ᠠᠷᠴᠠ ᠪᠠᠭᠠᠲᠤᠷ ᠬᠠᠭᠠᠨ ᠤ᠋ ᠦᠭᠡ ᠶ᠋ᠢᠨ ᠬᠠᠷᠢᠭᠤ ᠳ᠋ᠤ᠌᠂
— ᠵᠡᠭᠦᠨᠭᠠᠷ ᠤ᠋ᠨ ᠬᠠᠭᠠᠨ ᠲᠠᠨ ᠤ᠋ ᠪᠤᠷᠬᠠᠨ ᠪᠢᠳᠡᠨ  ᠢ᠋ ᠢᠪᠡᠭᠡᠬᠦ ᠪᠢᠵᠡ᠃ ᠨᠠᠳᠠᠳᠤ ᠬᠠᠷᠪᠸᠺ ᠲᠠᠢ ᠲᠤᠯᠤᠯᠳᠤᠬᠤ ᠬᠦᠰᠡᠯ ᠣᠷᠭᠢᠯᠵᠤ ᠪᠠᠢᠨ᠎ᠠ ᠭᠡᠯ᠎ᠡ᠃
ᠣᠢᠷᠠᠳ ᠤ᠋ᠨ ᠶᠡᠬᠡ ᠴᠡᠷᠢᠭ ᠦ᠋ᠨ ᠴᠤᠪᠤᠭ᠎ᠠ ᠠᠯᠲᠠᠢ ᠶ᠋ᠢᠨ ᠳᠠᠪᠠᠭ᠎ᠠ ᠶ᠋ᠢ ᠳᠠᠪᠠᠵᠤ᠂ ᠭᠠᠷ ᠤ᠋ᠨ ᠬᠤᠷᠤᠭᠤᠨ ᠤ᠋ ᠦᠶ᠎ᠡ ᠰᠢᠭ ᠠᠲᠤᠷᠢᠶᠠᠲᠤ ᠲᠤᠯᠤᠭᠠᠳ ᠤ᠋ᠨ ᠳᠤᠮᠳᠠᠭᠤᠷ ᠰᠦᠯᠵᠢᠵᠦ ᠶᠠᠪᠤᠯ᠎ᠠ᠃ ᠶᠡᠬᠡ ᠴᠡᠷᠢᠭ ᠦ᠋ᠨ ᠴᠤᠪᠤᠭᠠᠨ ᠤ᠋ ᠲᠡᠭ ᠳᠤᠮᠳᠠ ᠭᠠᠯᠳᠠᠨ ᠬᠠᠭᠠᠨ ᠴᠡᠩᠬᠡᠷ ᠮᠣᠷᠢ ᠲᠠᠢ ᠪᠠᠨ ᠶᠠᠪᠤᠬᠤ ᠠᠭᠠᠳ ᠡᠮᠦᠨ᠎ᠡ ᠨᠢ ᠴᠡᠷᠢᠭ ᠦ᠋ᠨ ᠬᠠᠷ᠎ᠠ ᠰᠦᠯᠳᠡ ᠨᠠᠮᠢᠯᠵᠠᠨ᠎ᠠ᠃ ᠬᠠᠭᠠᠨ ᠲᠠᠢ ᠵᠡᠷᠭᠡᠴᠡᠵᠦ ᠶᠠᠪᠤᠭ᠎ᠠ ᠠᠨᠤ ᠬᠠᠲᠤᠨ ᠪᠣᠳᠣᠯ ᠳ᠋ᠤ᠌ ᠳᠠᠷᠤᠭᠳᠠᠵᠠᠢ᠃ ᠠᠬᠠᠳᠠᠷ᠎ᠠ ᠶ᠋ᠢ ᠲᠥᠪᠡᠳ᠂ ᠡᠨᠡᠳᠬᠡᠭ᠂ ᠪᠠᠯᠪᠤ ᠶ᠋ᠢᠨ ᠵᠦᠭ ᠣᠳᠴᠤ᠂ ᠬᠠᠨᠳᠠᠮ᠎ᠠ ᠨᠠᠷ ᠤ᠋ᠨ ᠪᠥᠭᠯᠡᠭᠦᠦ ᠰᠦᠮ᠎ᠡ ᠳ᠋ᠦ᠍ ᠪᠡᠶ᠎ᠡ ᠪᠡᠨ ᠵᠣᠯᠢᠶᠠᠰᠤᠯᠠᠨ ᠰᠠᠭᠤᠭᠰᠠᠨ ᠠ᠋ᠴᠠ ᠬᠣᠢᠰᠢ ᠠᠨᠤ ᠭᠦᠨ ᠪᠣᠳᠣᠯ ᠳ᠋ᠤ᠌ ᠳᠠᠷᠤᠭᠳᠠᠬᠤ ᠪᠣᠯᠵᠠᠢ᠃《ᠠᠬᠠᠳᠠᠷ᠎ᠠ ᠭᠦᠩᠵᠦ ᠪᠤᠳ᠋ᠳ᠋ᠾᠠ ᠶ᠋ᠢᠨ ᠭᠦᠨ ᠤᠬᠠᠭᠠᠨ ᠤ᠋ ᠣᠯᠠᠨ ᠰᠤᠳᠤᠷ ᠤ᠋ᠨ ᠣᠷᠴᠢᠭᠤᠯᠭ᠎ᠠ ᠶ᠋ᠢ ᠨᠢᠭᠲᠠᠯᠠᠨ ᠭᠠᠯᠳᠠᠨ ᠬᠤᠪᠢᠯᠭᠠᠨ ᠤ᠋ ᠬᠥᠷᠪᠡᠭᠦᠯᠦᠭᠰᠡᠨ  ᠢ᠋ ᠨᠢᠭᠡᠳ ᠨᠢᠭᠡ ᠦᠭᠡᠢ ᠲᠤᠯᠭᠠᠵᠤ ᠰᠤᠳᠤᠯᠤᠭᠰᠠᠨ᠃ ᠠᠬᠠᠳᠠᠷ᠎ᠠ ᠭᠦᠩᠵᠦ ᠪᠡᠬᠡᠨ ᠳ᠋ᠦ᠍ ᠨᠢᠯᠬᠠᠷᠠᠭᠰᠠᠨ ᠴᠠᠢᠪᠤᠷ ᠴᠢᠷᠠᠢ ᠲᠠᠢ᠂ ᠰᠦᠨ ᠴᠠᠭᠠᠨ ᠰᠢᠳᠦ ᠲᠡᠢ᠂ ᠨᠢᠷᠤᠭᠤ ᠲᠡᠭᠰᠢ ᠭᠤᠸᠠᠯᠢᠭ ᠪᠦᠰᠡᠭᠦᠢ ᠰᠠᠨ᠃ ᠠᠬᠠᠳᠠᠷ᠎ᠠ ᠶ᠋ᠢ ᠭᠠᠯᠳᠠᠨ ᠬᠠᠭᠠᠨ ᠲᠠᠭᠠᠯᠠᠨ ᠪᠣᠯᠭᠣᠭᠠᠵᠤ ᠪᠠᠭ᠎ᠠ ᠬᠠᠲᠤᠨ ᠡᠷᠭᠦᠮᠵᠢᠯᠡᠪᠡ᠃ ᠮᠢᠨᠦ ᠥᠬᠢᠨ ᠳᠡᠭᠦᠦ ᠶ᠋ᠢᠨ ᠠᠶᠠᠭ᠎ᠠ ᠳᠤᠲᠠᠵᠤ ᠦᠷ᠎ᠡ ᠶ᠋ᠢᠨ ᠵᠤᠯᠠᠢ ᠦᠨᠦᠷᠯᠡᠭᠰᠡᠨ ᠦᠭᠡᠢ ᠲᠤᠯᠠ ᠰᠠᠢᠬᠠᠨ ᠴᠣᠭᠴᠠᠰ ᠢ᠋ᠶ᠋ᠠᠨ ᠵᠣᠯᠢᠶᠠᠰᠤᠯᠠᠬᠤ ᠪᠠᠷ ᠰᠢᠢᠳᠦᠭᠰᠡᠨ ᠨᠢ ᠶᠠᠭᠤᠲᠠᠢ ᠬᠠᠷᠠᠮᠰᠠᠯ ᠲᠠᠢ᠃ ᠪᠤᠷᠬᠠᠨ ᠤ᠋ ᠱᠠᠰᠢᠨ ᠤ᠋ ᠲᠦᠮᠡᠨ ᠬᠡᠢᠳ ᠦ᠋ᠨ ᠠᠯᠢᠨ ᠠ᠋ᠴᠠ ᠠᠬᠠᠳᠠᠷ᠎ᠠ ᠶ᠋ᠢ ᠣᠯᠬᠤ ᠪᠢᠯᠡ᠃ ᠣᠯᠤᠯ᠎ᠠ ᠭᠡᠬᠦ ᠳ᠋ᠦ᠍ ᠳᠡᠭᠦᠦ ᠮᠢᠨᠢ ᠡᠷᠭᠢᠵᠦ ᠶᠠᠭᠠᠬᠢᠭᠰᠠᠨ ᠴᠤ᠌ ᠢᠷᠡᠬᠦ ᠦᠭᠡᠢ》 ᠭᠡᠮᠡᠨ ᠠᠨᠤᠳᠠᠷ᠎ᠠ ᠴᠡᠭᠡᠵᠢ ᠪᠡᠨ ᠡᠭᠰᠢᠭᠡᠳᠡᠭ ᠪᠠᠢᠯ᠎ᠠ᠃ ᠠᠬᠠᠳᠠᠷ᠎ᠠ ᠭᠦᠩᠵᠦ ᠪᠤᠷᠬᠠᠳ ᠤ᠋ᠨ ᠳᠤᠮᠳᠠ ᠨᠢᠭᠤᠭᠳᠠᠬᠤ ᠪᠠᠷ ᠰᠢᠢᠳᠦᠭᠰᠡᠨ ᠨᠢ ᠠᠨᠤ ᠬᠠᠲᠤᠨ ᠳ᠋ᠤ᠌ ᠰᠢᠨᠠᠯᠤᠯ ᠠᠪᠴᠢᠷᠠᠵᠠᠢ᠃

ᠭᠤᠷᠪᠠ
  ᠲᠠᠯ᠎ᠠ ᠨᠤᠲᠤᠭ ᠤ᠋ᠨ ᠡᠪᠡᠰᠦᠨ ᠳᠤᠮᠳᠠᠭᠤᠷ ᠲᠡᠮᠡᠭᠡᠨ ᠬᠥᠰᠬᠡ᠂ ᠮᠠᠯ ᠰᠦᠷᠦᠭ ᠬᠦᠪᠦᠷᠡᠨ᠎ᠡ᠃ ᠡᠪᠡᠰᠦ᠂ ᠴᠡᠴᠡᠭ ᠦ᠋ᠨ ᠴᠠᠭᠠᠨ ᠲᠣᠭᠣᠰᠣ ᠪᠣᠰᠤᠨ᠎ᠠ᠃
ᠭᠠᠯᠳᠠᠨ ᠳ᠋ᠤ᠌ ᠦᠰ ᠰᠠᠨᠠᠬᠤ ᠶ᠋ᠢᠨ ᠠᠷᠭ᠎ᠠ ᠦᠭᠡᠢ᠃ ᠮᠢᠨᠦ ᠲᠥᠷᠥᠭᠰᠡᠨ ᠦᠷᠡᠰ ᠨᠠᠮᠠᠶ᠋ᠢ ᠳᠡᠪᠡᠯ ᠲᠡᠢ ᠮᠢᠨᠢ ᠬᠠᠲᠠᠭᠠᠯ᠎ᠠ᠃ ᠨᠤᠲᠤᠭ ᠢ᠋ᠶ᠋ᠠᠨ ᠪᠠᠷᠠᠳᠠᠶ᠎ᠠ ᠭᠡᠮᠡᠨ ᠶᠥᠮ ᠠᠭ᠎ᠠ ᠬᠠᠲᠤᠨ ᠳ᠋ᠤ᠌ ᠬᠡᠯᠡᠭᠡᠳ ᠪᠠᠯᠵᠢᠳᠠᠷ᠎ᠠ ᠬᠠᠲᠤᠨ ᠬᠥᠰᠬᠡ ᠨᠡᠭᠦᠳᠡᠯ ᠦ᠋ᠨ ᠠᠷᠤ ᠠ᠋ᠴᠠ ᠮᠣᠷᠳᠠᠬᠤ ᠳ᠋ᠤ᠌ ᠬᠤᠶᠠᠭ ᠳᠤᠭᠤᠯᠠᠭ᠎ᠠ ᠵᠢᠳᠠ ᠰᠡᠯᠡᠮ᠎ᠡ ᠪᠦᠬᠦᠢ ᠪᠦᠷᠢᠨ ᠵᠡᠪᠰᠡᠭᠯᠡᠭᠰᠡᠨ ᠪᠠᠭ ᠴᠡᠷᠢᠭ ᠳᠠᠭᠠᠵᠤ ᠮᠣᠷᠳᠠᠪᠠ᠃ ᠶᠥᠮ ᠠᠭ᠎ᠠ ᠬᠠᠲᠤᠨ ᠨᠡᠭᠦᠳᠡᠯ ᠦ᠋ᠨ ᠪᠠᠷ᠎ᠠ ᠲᠣᠷᠣᠢᠨ ᠲᠣᠷᠣᠢᠭᠰᠠᠭᠠᠷ ᠲᠡᠷᠲᠡᠭᠡᠬᠢ ᠬᠥᠪᠡᠭᠡ ᠲᠤᠯᠤᠭᠠᠳ ᠤ᠋ᠨ ᠵᠠᠪᠰᠠᠷ ᠢ᠋ᠶ᠋ᠠᠷ ᠳᠠᠯᠳᠠ ᠣᠷᠣᠲᠠᠯ᠎ᠠ ᠬᠠᠷᠠᠭᠤᠯᠳᠠᠨ ᠬᠠᠷᠠᠪᠠ᠃ ᠡᠷᠳᠡᠨᠢᠪᠠᠭᠠᠲᠤᠷ ᠬᠣᠩ ᠲᠠᠢᠵᠢ ᠶ᠋ᠢᠨ ᠬᠣᠶᠠᠷ ᠬᠠᠲᠤᠨ ᠤ᠋ ᠵᠠᠮ ᠡᠢᠨ ᠬᠦ᠌ ᠡᠭᠦᠷᠢᠳᠡ ᠰᠠᠯᠤᠯ᠎ᠠ᠃ ᠴᠡᠴᠡᠨ᠂ ᠵᠣᠳᠪᠠᠪᠠᠭᠠᠲᠤᠷ ᠬᠣᠶᠠᠷ ᠤ᠋ᠨ ᠴᠦᠯᠡᠯᠭᠡ ᠣᠢᠷᠠᠳ ᠳᠠᠶᠠᠭᠠᠷ ᠱᠤᠤᠭᠢᠨ ᠲᠠᠷᠬᠠᠵᠠᠢ᠃ ᠪᠠᠯᠵᠢᠳᠠᠷ᠎ᠠ ᠬᠠᠲᠤᠨ ᠳ᠋ᠤ᠌ ᠬᠦᠨᠳᠦ ᠴᠣᠬᠢᠯᠲᠠ ᠪᠣᠯᠵᠠᠢ᠃ ᠭᠡᠮ ᠬᠢᠭᠰᠡᠨ ᠲᠡᠳᠡᠨ ᠳ᠋ᠦ᠍ ᠲᠣᠬᠢᠷᠠᠭᠰᠠᠨ ᠵᠢᠮᠡᠯᠡᠯ  ᠢ᠋ ᠬᠦᠷᠲᠡᠭᠡᠵᠡᠢ᠃ ᠣᠢᠷᠠᠳ ᠤ᠋ᠨ ᠲᠦᠷ ᠬᠦᠴᠦ ᠣᠷᠣᠭᠰᠠᠨ  ᠢ᠋ ᠬᠠᠯᠬ᠎ᠠ ᠮᠣᠩᠭᠣᠯ ᠤ᠋ᠨ ᠨᠣᠶᠠᠳ ᠤ᠋ᠳ ᠰᠣᠨᠣᠰᠴᠤ ᠳᠤᠭᠤᠯᠪᠠ᠃
 ᠶᠥᠮ ᠠᠭ᠎ᠠ ᠬᠠᠲᠤᠨ ᠶᠡᠬᠡ ᠬᠠᠲᠤᠨ ᠤ᠋ ᠨᠡᠭᠦᠳᠡᠯ ᠦ᠋ᠨ ᠠᠷᠤ ᠠ᠋ᠴᠠ ᠬᠠᠷᠠᠵᠤ ᠵᠣᠭᠰᠣᠬᠤ ᠳ᠋ᠠᠭᠠᠨ《ᠮᠣᠩᠭᠣᠯ ᠶᠣᠰᠣ ᠪᠠᠷ ᠪᠣᠯ ᠰᠦ ᠡᠷᠭᠦᠳᠡᠭ ᠰᠠᠨ᠃ ᠳᠠᠩᠴᠤ ᠪᠢ ᠴᠢᠳᠠᠰᠢ ᠦᠭᠡᠢ ᠨᠢ ᠠ᠋᠃ ᠬᠥᠮᠦᠨ ᠦ᠌ ᠬᠤᠪᠢ ᠲᠠᠪᠢᠯᠠᠩ ᠦᠢᠯᠡ ᠯᠠᠢ ᠪᠠᠨ ᠳᠠᠭᠠᠬᠤ ᠶᠤᠮ᠃ ᠪᠠᠯᠵᠢᠳᠠᠷ᠎ᠠ ᠦᠢᠯᠡ ᠶ᠋ᠢᠨ ᠦᠷ᠎ᠡ ᠲᠡᠢ ᠬᠥᠮᠦᠨ ᠪᠠᠢᠵᠠᠢ᠃ ᠴᠥᠭᠥᠢ ᠤᠪᠠᠰᠢ ᠬᠠᠮᠢᠭᠠᠰᠢ ᠣᠳᠪᠠ᠃ ᠪᠠᠯᠵᠢᠳᠠᠷ᠎ᠠ ᠶ᠋ᠢᠨ ᠭᠡᠷ ᠲᠦ᠍ ᠣᠷᠣᠩᠨᠠᠵᠤ ᠲᠣᠭᠣᠭᠠᠨ ᠠ᠋ᠴᠠ ᠬᠣᠭᠣᠯᠠᠯᠠᠵᠤ ᠪᠠᠢᠭᠰᠠᠨ ᠬᠥᠮᠦᠨ ᠰᠠᠨ᠃ ᠭᠠᠯᠳᠠᠨ ᠴᠤ᠌ ᠠᠪᠠᠭ᠎ᠠ ᠠᠬ᠎ᠠ ᠶ᠋ᠢᠨ ᠢ᠋ᠶ᠋ᠡᠨ ᠬᠣᠣᠷᠯᠠᠭᠴᠢ ᠶ᠋ᠢᠨ ᠰᠠᠨᠠᠭ᠎ᠠ ᠶ᠋ᠢ ᠣᠢᠯᠠᠭᠠᠭᠰᠠᠨ᠃ ᠨᠢᠭᠡᠨ ᠴᠠᠭ ᠲᠤ᠌ ᠱᠠᠩ  ᠢ᠋ ᠨᠢ ᠠᠮᠰᠠᠭᠤᠯᠬᠤ ᠪᠢᠵᠡ》 ᠭᠡᠮᠡᠨ ᠪᠣᠳᠣᠨ᠎ᠠ᠃
 ᠪᠠᠯᠵᠢᠳᠠᠷ᠎ᠠ ᠬᠠᠲᠤᠨ ᠬᠤᠪᠢ ᠲᠠᠪᠢᠯᠠᠩ ᠲᠠᠢ ᠪᠠᠨ ᠡᠪᠯᠡᠷᠡᠨ ᠺᠢᠷᠭᠢᠽ ᠨᠤᠲᠤᠭ ᠤ᠋ᠨ ᠢ᠋ᠶ᠋ᠠᠨ ᠵᠦᠭ ᠨᠡᠭᠦᠵᠦ ᠣᠳᠬᠤ ᠨᠢ ᠲᠡᠷᠡ᠃ ᠨᠡᠭᠦᠳᠡᠯ  ᠢ᠋ ᠰᠠᠪᠳᠠᠨᠵᠠᠯ ᠲᠣᠰᠴᠤ ᠪᠠᠢᠯ᠎ᠠ᠃ ᠰᠠᠪᠳᠠᠨᠵᠠᠯ ᠶᠡᠬᠡ ᠬᠠᠲᠤᠨ ᠢ᠋ ᠥᠪᠡᠷ ᠦ᠋ᠨ ᠬᠣᠰᠢᠭᠤ ᠨᠤᠲᠤᠭ ᠲᠤ᠌ ᠰᠠᠭᠤᠷᠢᠰᠢᠭᠤᠯᠵᠤ ᠰᠢᠪᠡᠭᠴᠢᠨ ᠪᠣᠭᠣᠯ ᠨᠡᠮᠡᠵᠦ ᠥᠭᠭᠦᠭᠡᠳ ᠠᠰᠠᠷᠠᠬᠤ ᠪᠣᠯᠤᠭᠰᠠᠨ ᠨᠢ ᠭᠠᠯᠳᠠᠨ ᠪᠣᠱᠣᠭᠲᠤ ᠳ᠋ᠤ᠌ ᠲᠠᠭᠠᠲᠠᠢ ᠰᠠᠨᠠᠭᠳᠠᠭᠰᠠᠨ ᠦᠭᠡᠢ᠃
 ᠤᠴᠢᠷ ᠶᠠᠭᠤᠨ ᠬᠡᠮᠡᠪᠡᠯ ᠡᠴᠢᠭᠡ ᠬᠣᠩ ᠲᠠᠢᠵᠢ ᠶ᠋ᠢᠨ ᠪᠠᠭ᠎ᠠ ᠬᠠᠲᠤᠨ ᠠᠮᠢᠨᠳᠠᠷ᠎ᠠ ᠰᠠᠪᠳᠠᠨᠵᠠᠯ ᠤ᠋ᠨ ᠡᠬᠡᠨᠡᠷ ᠪᠣᠯᠤᠭᠰᠠᠨ ᠨᠢ ᠠᠬ᠎ᠠ ᠳᠡᠭᠥᠥᠰ ᠦ᠋ᠨ ᠬᠣᠭᠣᠷᠣᠨᠳᠣ ᠴᠥᠪ ᠡᠭᠦᠰᠬᠦ ᠨᠢᠭᠡ ᠰᠢᠯᠲᠠᠭᠠᠨ ᠶᠤᠮ᠃ ᠨᠥᠭᠦᠭᠡ ᠲᠠᠯ᠎ᠠ ᠪᠠᠷ ᠮᠠᠨᠵᠤ ᠶ᠋ᠢᠨ ᠬᠠᠭᠠᠨ ᠰᠡᠪᠳᠡᠨᠵᠠᠯ ᠳ᠋ᠤ᠌ ᠵᠢᠶᠦ᠋ᠨ ᠸᠠᠩ ᠴᠣᠯᠠ ᠬᠠᠢᠷᠠᠯᠠᠵᠤ ᠡᠷᠬᠡᠯᠡᠭᠦᠯᠵᠡᠢ᠃ ᠰᠠᠪᠳᠠᠨᠵᠠᠯ ᠤ᠋ᠨ ᠣᠮᠣᠭ ᠴᠡᠴᠡᠨ᠂ ᠵᠤᠳᠪᠠᠪᠠᠭᠠᠲᠤᠷ ᠬᠣᠶᠠᠷ ᠠ᠋ᠴᠠ ᠬᠣᠢᠰᠢ ᠳᠠᠷᠤᠭᠳᠠᠬᠤ ᠪᠠᠢᠲᠤᠭᠠᠢ ᠤᠯᠠᠮ ᠬᠠᠭᠠᠷᠠᠵᠠᠢ᠃ ᠬᠣᠰᠢᠭᠤ ᠨᠤᠲᠤᠭ ᠢ᠋ᠶ᠋ᠠᠨ ᠰᠣᠩᠭᠣᠬᠤ᠂ ᠣᠢᠷ᠎ᠠ ᠬᠣᠯᠠ ᠶ᠋ᠢᠨ ᠬᠡᠰᠦᠭᠦᠯᠴᠢ ᠨᠡᠭᠦᠳᠡᠯᠴᠢᠳ  ᠢ᠋ ᠪᠡᠶ᠎ᠡ ᠳ᠋ᠡᠭᠡᠨ ᠲᠠᠲᠠᠬᠤ ᠨᠠᠷᠢᠨ ᠠᠷᠭ᠎ᠠ ᠶ᠋ᠢ ᠰᠠᠪᠳᠠᠨᠵᠠᠯ ᠬᠡᠷᠡᠭᠯᠡᠨ᠎ᠡ᠃
ᠠᠮᠢᠨᠲᠠᠷ᠎ᠠ ᠬᠠᠲᠤᠨ ᠤ᠋ ᠴᠠᠭᠠᠨ ᠰᠣᠷᠮᠤᠤᠰᠤ ᠰᠠᠪᠳᠠᠨᠵᠠᠯ ᠤ᠋ᠨ ᠪᠣᠬᠢᠮᠳᠤᠭᠰᠠᠨ ᠰᠡᠳᠬᠢᠯ ᠳᠡᠭᠡᠷ᠎ᠡ ᠲᠣᠰᠣ ᠲᠤᠰᠤᠭᠠᠵᠤ《 ᠡᠴᠢᠭᠡ ᠲᠠᠨᠢ ᠮᠢᠨᠦ ᠨᠢᠳᠦᠨ ᠳ᠋ᠦ᠍ ᠳᠤᠷᠠᠲᠠᠢ ᠪᠠᠢᠭᠰᠠᠨ ᠶᠤᠮ ᠰᠢᠦ ᠳᠡ᠃ ᠨᠢᠳᠦᠨ ᠡᠴᠡ ᠮᠢᠨᠢ ᠪᠣᠯᠵᠤ ᠲᠡᠷᠡ ᠦᠬᠦᠭᠰᠡᠨ᠃ ᠲᠡᠷᠡ ᠲᠤᠯᠤᠯᠳᠤᠭᠠᠨ ᠤ᠋ ᠳᠠᠷᠠᠭ᠎ᠠ ᠬᠠᠮᠢᠭ᠎ᠠ ᠬᠣᠨᠣᠭᠯᠠᠭᠰᠠᠨ  ᠢ᠋ ᠪᠢ ᠴᠢᠮ᠎ᠠ ᠳ᠋ᠤ᠌ ᠬᠡᠯᠡᠭᠰᠡᠨ ᠪᠤᠰᠤ ᠤᠤ? ᠭᠡᠪᠡᠴᠦ ᠵᠢᠶᠦ᠋ᠨ ᠸᠠᠩ ᠲᠠ ᠬᠠᠭᠠᠨ ᠪᠣᠯᠵᠤ ᠴᠢᠳᠠᠭᠰᠠᠨ ᠦᠭᠡᠢ᠃ ᠮᠠᠨᠵᠤ ᠲᠠᠢ ᠨᠡᠢᠯᠡᠭᠡᠳ ᠣᠷᠣᠯᠳᠣᠭᠠᠳ ᠦᠵᠡᠪᠡᠯ ᠶᠠᠭᠠᠬᠢᠭᠰᠠᠨ ᠶᠤᠮ?》 ᠭᠡᠮᠡᠨ ᠢᠳᠬᠠᠪᠠ᠃ ᠰᠠᠪᠳᠠᠨᠵᠠᠯ᠂
— ᠰᠢᠮᠨᠤᠰ! ᠭᠡᠳ ᠢᠨᠢᠶᠡᠪᠡ᠃
— ᠪᠠᠰᠠ ᠨᠢᠭᠡ ᠰᠢᠮᠨᠤᠰ ᠢᠷᠡᠭᠰᠡᠨ᠂ ᠪᠠᠯᠵᠢᠳᠠᠷ᠎ᠠ ᠬᠠᠲᠤᠨ ᠪᠣᠯ ᠡᠮᠡᠭᠡᠨ ᠰᠢᠮᠨᠤᠰ ᠭᠡᠵᠦ ᠠᠮᠢᠨᠳᠠᠷ᠎ᠠ ᠰᠠᠨᠠᠭᠤᠯᠪᠠ᠃
ᠰᠠᠪᠳᠠᠨᠵᠠᠯ ᠭᠤᠶ᠎ᠠ ᠪᠠᠨ ᠠᠯᠠᠭᠠᠳᠠᠵᠤ ᠣᠯᠵᠠᠭᠤᠷᠬᠠᠭᠠᠳ᠂
— ᠲᠡᠭᠦᠨ  ᠢ᠋ ᠪᠢ ᠮᠣᠭᠠᠢ ᠲᠣᠯᠣᠭᠠᠢ ᠲᠠᠢ ᠪᠣᠯᠲᠠᠯ᠎ᠠ ᠨᠢ ᠤᠷᠤᠯᠳᠤᠵᠤ ᠴᠢᠳᠠᠨ᠎ᠠ ᠭᠡᠯ᠎ᠡ᠃
— ᠴᠥᠬᠦᠢ ᠤᠪᠠᠰᠢ ᠬᠠᠮᠢᠭᠠᠰᠢ ᠪᠠᠨ ᠣᠳᠪᠠ᠃ ᠬᠣᠱᠤᠳ ᠲᠦᠮᠡᠨ ᠲᠠᠢᠰᠢ ᠪᠠᠨ ᠨᠡᠭᠦᠭᠰᠡᠨ ᠰᠤᠷᠠᠭ ᠲᠠᠢ᠃ ᠸᠴᠢᠷᠲᠥ ᠰᠡᠴᠡᠨ ᠬᠠᠭᠠᠨ ᠴᠦᠬᠦᠢ ᠤᠪᠠᠰᠢ ᠲᠠᠢ ᠲᠦᠩᠰᠢᠯᠡᠬᠦ ᠦᠭᠡᠢ ᠨᠢ ᠴᠦ᠍ ᠯᠠᠪᠲᠠᠢ᠃ ᠲᠡᠷᠡ ᠶᠡᠬᠡ ᠬᠥᠮᠦᠨ ᠴᠢᠭᠤᠯᠭᠠᠨ ᠤ᠋ ᠡᠷᠬᠡ ᠪᠡᠨ ᠴᠥᠭᠦᠢ ᠤᠪᠠᠰᠢ ᠳ᠋ᠤ᠌ ᠰᠢᠯᠵᠢᠭᠦᠯᠬᠦ ᠦᠭᠡᠢ᠃ ᠠᠨᠤ ᠠ᠋ᠴᠠ ᠲᠥᠷᠥᠭᠰᠡᠨ ᠰᠡᠩᠭᠡ ᠬᠠᠭᠠᠨ ᠤ᠋ ᠲᠣᠮᠣ ᠬᠥᠪᠡᠭᠦᠨ ᠴᠡᠸᠠᠩᠷᠠᠪᠳᠠᠨ ᠢ᠋ ᠳᠡᠷᠭᠡᠳᠡ ᠪᠡᠨ ᠠᠪᠴᠠᠢ᠃ ᠭᠠᠯᠳᠠᠨ ᠢ᠋ ᠭᠠᠩᠬᠤᠭᠤᠯᠬᠤ ᠲᠦᠯᠬᠢᠭᠦᠷ ᠢ᠋ ᠸᠴᠢᠷᠲᠤ ᠰᠡᠴᠡᠨ ᠡᠷᠲᠡᠨ ᠡᠴᠡ ᠪᠡᠯᠡᠳᠬᠡᠵᠦ ᠡᠬᠢᠯᠡᠭᠰᠡᠨ ᠪᠣᠢ ᠊ᠢ᠎ᠠ ᠭᠡᠵᠦ ᠠᠮᠢᠨᠳᠠᠷ᠎ᠠ ᠶᠠᠷᠢᠬᠤ ᠨᠢ ᠰᠠᠪᠳᠠᠨᠵᠠᠯ ᠤ᠋ᠨ ᠰᠠᠨᠠᠭᠠᠨ ᠳ᠋ᠤ᠌ ᠣᠭᠲᠣᠬᠠᠨ ᠣᠷᠣᠭ᠎ᠠ ᠦᠭᠡᠢ ᠰᠠᠨᠠᠭ᠎ᠠ ᠪᠠᠢᠯ᠎ᠠ᠃
ᠰᠠᠪᠳᠠᠨᠵᠠᠯ ᠥᠷᠪᠥᠭᠡᠷ ᠰᠠᠬᠠᠯ ᠢ᠋ᠶ᠋ᠠᠨ ᠢᠮᠡᠷᠴᠦ᠂
— ᠰᠢᠮᠨᠤᠰ ᠭᠡᠮᠡᠨ ᠪᠠᠬᠠᠳᠤᠯᠲᠠᠢ ᠥᠭᠦᠯᠡᠪᠡ᠃

ᠳᠥᠷᠪᠡ
 ᠪᠠᠯᠵᠢᠳᠠᠷ᠎ᠠ ᠬᠠᠳᠬᠤᠮᠠᠯ ᠬᠤᠪᠴᠠᠰᠤ ᠬᠤᠨᠠᠷ ᠲᠠᠢ ᠠᠲᠠᠯ᠎ᠠ ᠮᠠᠰᠢᠳᠠ ᠭᠤᠨᠢᠭ ᠲᠠᠢ ᠪᠠᠷ ᠰᠠᠪᠳᠠᠨᠵᠠᠯ ᠤ᠋ᠨ ᠥᠭᠡᠳᠡ ᠡᠴᠡ ᠬᠠᠷᠠᠨ᠎ᠠ᠃ ᠪᠠᠯᠵᠢᠳᠠᠷ᠎ᠠ ᠬᠠᠲᠤᠨ ᠥᠭᠦᠯᠡᠷᠦᠨ᠂
   —ᠠᠬ᠎ᠠ ᠳᠡᠭᠦᠤᠰ ᠤ᠋ᠨ ᠬᠣᠭᠣᠷᠣᠨᠳᠣ ᠴᠥᠪ ᠡᠭᠦᠰᠪᠡ᠂ ᠢᠩᠭᠢᠭᠡᠳ ᠵᠣᠭᠰᠣᠪᠠᠯ ᠪᠠᠰᠠ ᠶᠠᠭᠠᠬᠢᠬᠤᠪ᠃ ᠡᠴᠦᠰ ᠲᠡᠭᠡᠨ ᠲᠣᠭᠣᠨᠣᠲᠤ ᠭᠡᠷ ᠢ᠋ᠶ᠋ᠡᠨ ᠰᠢᠲᠠᠭᠠᠬᠤ ᠪᠣᠢ ᠳᠠ ᠭᠡᠮᠡᠨ ᠰᠠᠨᠠᠭ᠎ᠠ ᠠᠯᠲᠠᠨ ᠪᠠᠢᠵᠤ ᠥᠭᠦᠯᠡᠨ᠎ᠡ᠃ ᠡᠨᠡ ᠶᠠᠷᠢᠶ᠎ᠠ ᠨᠢ ᠪᠠᠯᠵᠢᠳᠠᠷ᠎ᠠ ᠬᠠᠲᠤᠨ ᠤ᠋ ᠦᠷᠭᠦᠭᠡᠨ ᠳ᠋ᠦ᠍ ᠪᠣᠯᠵᠤ ᠪᠠᠢᠨ᠎ᠠ᠃ ᠰᠠᠪᠳᠠᠨᠵᠠᠯ ᠸᠠᠩ᠂
 —ᠭᠠᠯᠳᠠᠨ ᠪᠣᠱᠣᠭᠲᠤ ᠬᠡᠷᠴᠡᠭᠡᠢ ᠵᠠᠩ ᠭᠠᠷᠭᠠᠯ᠎ᠠ᠃ ᠤᠳᠤᠮ ᠤᠭᠰᠠᠭ᠎ᠠ ᠶ᠋ᠢ ᠨᠢ ᠪᠣᠳᠣᠭᠰᠠᠨ ᠦᠭᠡᠢ᠃ ᠴᠡᠴᠡᠨ᠂ ᠵᠣᠳᠪᠠᠪᠠᠭᠠᠲᠤᠷ ᠬᠣᠶᠠᠷ ᠢ᠋ ᠡᠯᠡᠰᠦᠨ ᠳ᠋ᠦ᠍ ᠴᠦᠯᠡᠵᠦ ᠦᠬᠦᠭᠦᠯᠪᠡ ᠭᠡᠵᠦ ᠥᠳᠥᠭᠡᠨ ᠬᠠᠳᠬᠤᠭᠰᠠᠨ ᠦᠭᠡ ᠶ᠋ᠢ ᠬᠠᠲᠤᠨ ᠳ᠋ᠤ᠌ ᠬᠡᠯᠡᠪᠡ᠃ ᠪᠠᠯᠵᠢᠳᠠᠷ᠎ᠠ ᠰᠡᠭᠦᠷᠡᠰᠦ ᠠᠯᠳᠠᠵᠤ᠂
—ᠬᠤᠪᠢᠯᠭᠠᠨ ᠬᠥᠮᠦᠨ ᠪᠣᠯᠬᠤ ᠪᠠᠷ  ᠢ᠋ᠶ᠋ᠠᠨ ᠭᠠᠯᠳᠠᠨ ᠪᠣᠱᠣᠭᠲᠤ ᠮᠠᠭᠤ ᠦᠢᠯᠡ ᠶ᠋ᠢᠨ ᠬᠠᠷᠢᠭᠤ ᠶ᠋ᠢ ᠲᠦᠭᠰᠢᠭᠦᠷᠢᠲᠡᠢ ᠪᠠᠷᠢᠯ᠎ᠠ᠃ ᠭᠣᠣᠯ ᠮᠢᠨᠢ ᠬᠠᠷᠠᠯᠠᠵᠤ ᠬᠣᠴᠣᠷᠤᠯ᠎ᠠ᠃ ᠠᠮᠢᠳᠤ ᠶ᠋ᠢᠨ ᠤᠷᠲᠤ ᠵᠠᠮ ᠢ᠋ ᠶᠠᠭᠠᠬᠢᠵᠤ ᠪᠠᠷᠠᠨ᠎ᠠ ᠳᠠ ᠭᠡᠵᠦ ᠴᠢᠬᠤᠯᠳᠠᠨ ᠥᠭᠦᠯᠡᠪᠡ᠃ ᠰᠠᠪᠳᠠᠨᠵᠠᠯ᠂
 ᠮᠠᠨᠠᠢᠬᠢᠨ ᠤ᠋ ᠬᠠᠮᠢᠭ᠎ᠠ ᠨᠡᠢᠯᠡᠪᠡ᠃ ᠬᠠᠲᠤᠨ ᠡᠬᠡ ᠮᠢᠨᠢ᠃ ᠭᠠᠯᠳᠠᠨ ᠤ᠋ ᠬᠠᠲᠠᠭᠤ ᠭᠠᠷ ᠠ᠋ᠴᠠ ᠮᠤᠯᠲᠤᠷᠠᠬᠤ ᠠᠷᠭ᠎ᠠ ᠡᠪ ᠢ᠋ᠶ᠋ᠡᠨ ᠣᠯᠪᠠ ᠭᠡᠮᠡᠨ ᠥᠭᠦᠯᠡᠬᠦ ᠨᠢ ᠪᠠᠯᠵᠢᠳᠠᠷ᠎ᠠ ᠬᠠᠲᠤᠨ ᠤ᠋ ᠰᠡᠳᠬᠢᠯ ᠢ᠋ ᠵᠠᠰᠠᠬᠤ ᠭᠡᠰᠡᠨ ᠳ᠋ᠡᠭᠡᠨ ᠪᠤᠰᠤ ᠳᠠᠷᠢ ᠶ᠋ᠢᠨ ᠳᠡᠭᠡᠷ᠎ᠡ ᠲᠣᠰᠣ ᠨᠡᠮᠡᠵᠦ ᠪᠠᠢᠭ᠎ᠠ ᠶ᠋ᠢᠨ ᠬᠢ ᠪᠢᠯᠡ᠃ ᠨᠡᠭᠦᠳᠡᠯ ᠠᠢᠰᠤᠢ᠂ ᠺᠢᠷᠭᠢᠽ ᠬᠠᠲᠤᠨ ᠠᠪᠠᠬᠠᠢ ᠶ᠋ᠢ ᠳᠠᠭᠠᠭᠰᠠ ᠮᠠᠯ ᠰᠦᠷᠦᠭ᠂ ᠬᠣᠲᠠ ᠠᠢᠯ ᠤ᠋ᠳ ᠨᠢ ᠬᠠᠷ᠎ᠠ ᠲᠠᠯ᠎ᠠ ᠳ᠋ᠤ᠌ ᠪᠠᠭᠤᠵᠤ ᠪᠠᠢᠯ᠎ᠠ᠃ ᠰᠠᠪᠳᠠᠨᠵᠠᠯ《ᠪᠠᠯᠵᠢᠳᠠᠷ᠎ᠠ ᠬᠠᠲᠤᠨ ᠰᠥᠬᠥᠷᠡᠵᠡᠢ᠂ ᠨᠠᠮᠠᠶ᠋ᠢ ᠢᠳᠬᠠᠭᠰᠠᠨ ᠴᠤ᠌ ᠡᠰᠡ ᠢᠳᠬᠠᠭᠰᠠᠨ ᠴᠤ᠌ ᠬᠥᠭᠡᠷᠦᠬᠦᠢ ᠡᠬᠡ ᠭᠠᠯᠳᠠᠨ ᠢ᠋ ᠠᠮᠢᠰᠬᠤᠯ ᠬᠤᠷᠢᠶᠠᠲᠠᠯ᠎ᠠ ᠪᠠᠨ ᠦᠵᠡᠨ ᠶᠠᠳᠠᠬᠤ ᠶᠤᠮ ᠪᠠᠢᠨ᠎ᠠ᠃ ᠥᠭᠡᠳᠡ ᠪᠡᠨ ᠬᠠᠶᠠᠭᠰᠠᠨ ᠴᠢᠯᠠᠭᠤ ᠥᠪᠡᠷ ᠦ᠋ᠨ ᠲᠣᠯᠣᠭᠠᠢ ᠳᠡᠭᠡᠷ᠎ᠡ ᠪᠠᠢᠨ᠎ᠠ ᠭᠡᠳᠡᠭ ᠪᠣᠯᠵᠤ ᠳᠠ》 ᠭᠡᠮᠡᠨ ᠪᠣᠳᠣᠭᠠᠳ ᠬᠠᠲᠤᠨ ᠤ᠋ ᠦᠷᠭᠦᠭᠡᠨ ᠡᠴᠡ ᠭᠠᠷᠪᠠ᠃
    ᠬᠥᠭᠰᠢᠨ ᠬᠠᠲᠤᠨ《ᠰᠠᠪᠳᠠᠨᠵᠠᠯ ᠨᠠᠳᠠ ᠠ᠋ᠴᠠ ᠢᠯᠡᠭᠦᠦ ᠭᠠᠷᠬᠤ ᠪᠠᠷ ᠦᠭᠡᠢ ᠠᠮᠢᠲᠠᠨ᠂ ᠭᠠᠯᠳᠠᠨ ᠲᠠᠢ ᠲᠡᠮᠡᠴᠡᠬᠦ ᠭᠡᠪᠡᠯ ᠲᠣᠯᠣᠭᠠᠢ ᠦᠭᠡᠢ ᠪᠣᠯᠤᠨ᠎ᠠ᠃ ᠭᠠᠯᠳᠠᠨ ᠢ᠋ ᠬᠣᠣᠷᠯᠠᠵᠤ ᠴᠢᠳᠠᠬᠤ ᠦᠭᠡᠢ ᠪᠠᠢᠬᠤ ᠰᠢᠦ》 ᠭᠡᠮᠡᠨ ᠬᠡᠪ ᠨᠢᠭᠡ ᠪᠣᠳᠣᠨ᠎ᠠ᠃
ᠶᠠᠭ ᠡᠨᠡ ᠦᠶ᠎ᠡ ᠳ᠋ᠦ᠍ ᠭᠠᠯᠳᠠᠨ ᠬᠠᠭᠠᠨ ᠤ᠋ ᠶᠡᠬᠡ ᠦᠷᠭᠦᠭᠡᠨ ᠳ᠋ᠦ᠍ ᠠᠨᠤ ᠬᠠᠲᠤᠨ ᠬᠠᠮᠲᠤ ᠪᠠᠢᠪᠠ᠃ ᠭᠠᠯᠳᠠᠨ ᠰᠤᠳᠤᠷ ᠢ᠋ᠶ᠋ᠠᠨ ᠡᠪᠬᠡᠵᠦ ᠬᠣᠢᠰᠢ ᠨᠢ ᠲᠠᠯᠪᠢᠭᠠᠳ᠂
— ᠬᠥᠭᠰᠢᠨ ᠬᠠᠲᠤᠨ ᠨᠡᠭᠦᠴᠢᠬᠡᠪᠡ ᠤᠤ? ᠭᠡᠪᠡ᠃ ᠠᠨᠤ ᠲᠡᠭᠦᠨ ᠦ᠌ ᠦᠭᠡ ᠶ᠋ᠢ ᠰᠣᠨᠣᠰᠤᠭᠠᠳ᠂ ᠰᠡᠪᠳᠡᠨᠵᠠᠯ ᠤ᠋ᠨ ᠬᠠᠶᠠᠭ᠎ᠠ ᠪᠠᠷᠠᠳᠠᠭᠰᠠᠨ ᠭᠡᠨ᠎ᠡ ᠯᠠᠢ᠃ ᠬᠠᠲᠤᠨ ᠡᠬᠡ ᠰᠡᠳᠬᠢᠯ ᠵᠣᠪᠠᠨᠢᠨ ᠪᠠᠢᠨ᠎ᠠ᠃ ᠡᠳᠡᠨᠥᠰ  ᠡᠷᠳᠡᠨ ᠡᠴᠡ ᠰᠦᠯᠪᠡᠭᠡ ᠲᠡᠢ ᠪᠤᠰᠤ ᠤᠤ? ᠭᠡᠪᠡ᠃
ᠭᠠᠯᠳᠠᠨ ᠬᠠᠭᠠᠨ ᠠᠨᠤᠳᠠᠷ᠎ᠠ ᠶ᠋ᠢᠨ ᠲᠡᠭᠰᠢ ᠴᠠᠢᠪᠤᠷ ᠴᠢᠷᠠᠢ ᠶ᠋ᠢ ᠬᠠᠷᠠᠭᠠᠳ᠂
— ᠴᠠᠸᠠᠩᠷᠠᠪᠳᠠᠨ ᠢ᠋ ᠬᠠᠲᠤᠨ ᠲᠠ ᠲᠥᠷᠥᠭᠦᠯᠦᠭᠰᠡᠨ ᠪᠢᠯᠡ᠃ ᠬᠥᠪᠡᠭᠦᠨ ᠦ᠌ ᠵᠠᠩ ᠮᠥᠷ  ᠢ᠋ ᠡᠴᠢᠭᠡ ᠪᠡᠷ ᠢ᠋ᠶ᠋ᠡᠨ ᠵᠢᠭᠠᠯᠭᠠᠬᠤ ᠨᠢ ᠵᠥᠪ᠂ ᠶᠠᠪᠤᠭᠠᠨ ᠳ᠋ᠠᠭᠠᠨ ᠴᠠᠸᠠᠩᠷᠠᠪᠳᠠᠨ  ᠢ᠋ ᠪᠢ ᠳᠡᠷᠭᠡᠳᠡ ᠪᠡᠨ ᠠᠪᠤᠨ᠎ᠠ ᠭᠡᠯ᠎ᠡ᠃ ᠠᠨᠤ ᠬᠠᠲᠤᠨ᠂
— ᠬᠠᠭᠠᠨ ᠲᠠᠨ ᠤ᠋ ᠰᠠᠢᠬᠠᠨ ᠰᠡᠳᠬᠢᠯ  ᠢ᠋ ᠶᠠᠭᠠᠬᠢᠵᠤ ᠠᠴᠢᠯᠠᠬᠤ ᠪᠢᠯᠡ ᠭᠡᠪᠡ᠃ ᠭᠠᠯᠳᠠᠨ ᠬᠠᠭᠠᠨ ᠵᠢᠪᠡᠭᠦᠷᠡᠭᠰᠡᠨ ᠠᠶᠠᠰ ᠢ᠋ᠶ᠋ᠠᠷ᠂
— ᠠᠬᠠᠳᠠᠷ᠎ᠠ ᠭᠦᠩᠵᠦ ᠴᠠᠰᠤᠲᠤ ᠶ᠋ᠢᠨ ᠣᠷᠣᠨ ᠳ᠋ᠤ᠌ ᠪᠡᠶ᠎ᠡ ᠪᠡᠨ ᠴᠦᠯᠡᠪᠡ᠃ ᠳᠠᠩᠴᠤ ᠳᠠ ᠁ ᠭᠡᠪᠡ᠃

 ᠲᠠᠪᠤ
 ᠸᠴᠢᠷᠲᠤ ᠰᠠᠭᠤᠷᠢᠨ ᠪᠤᠶᠤ ᠡᠷᠳᠡᠨᠢ ᠵᠣᠣ ᠠ᠋ᠴᠠ ᠥᠨᠳᠥᠷ ᠭᠡᠭᠡᠨ ᠳᠦᠪᠭᠦᠨ ᠬᠡᠢᠳ ᠲᠦ᠍ ᠮᠣᠷᠢᠯᠠᠨ ᠢᠷᠡᠪᠡ᠃ ᠳᠦᠪᠭᠦᠨ ᠦ᠌ ᠪᠣᠰᠤᠭ᠎ᠠ ᠬᠠᠳᠠᠨ ᠬᠢᠰᠠᠭ᠎ᠠ ᠠ᠋ᠴᠠ ᠬᠡᠵᠢᠯᠡᠭᠦᠷ ᠶᠠᠪᠠᠭᠠᠨ ᠵᠠᠮ ᠤ᠋ᠨ ᠠᠪᠰᠠᠷᠬᠠᠨ ᠠᠭᠤᠢ ᠳ᠋ᠤ᠌ ᠪᠢᠰᠢᠯᠭᠠᠯ ᠦᠢᠯᠡᠳᠦᠭᠡᠳ ᠥᠨᠳᠥᠷ ᠭᠡᠭᠡᠨ ᠭᠠᠳᠠᠭᠰᠢ ᠭᠠᠷᠬᠤ ᠳ᠋ᠤ᠌ ᠠᠭᠤᠯᠠ ᠶ᠋ᠢᠨ ᠠᠷᠤ ᠶ᠋ᠢᠨ ᠭᠦᠨ ᠨᠣᠭᠣᠭᠠᠨ ᠣᠢ ᠳ᠋ᠤ᠌ ᠬᠥᠬᠥᠭᠡ ᠳᠣᠩᠭᠣᠳᠴᠤ᠂ ᠠᠰᠬᠠᠲᠤ ᠴᠠᠷᠮ᠎ᠠ ᠳ᠋ᠤ᠌ ᠲᠠᠷᠪᠠᠭ᠎ᠠ  ᠬᠤᠰᠭᠢᠷᠴᠤ ᠪᠠᠢᠯ᠎ᠠ᠃
 ᠥᠨᠳᠥᠷ ᠭᠡᠭᠡᠨ ᠪᠤᠷᠬᠠᠳ ᠤᠷᠠᠯᠠᠬᠤ ᠳ᠋ᠠᠭᠠᠨ ᠬᠠᠯᠠᠭᠤᠨ ᠬᠦᠢᠲᠡᠨ ᠬᠣᠶᠠᠷ  ᠢ᠋ ᠡᠪᠯᠡᠭᠦᠯᠦᠨ᠎ᠡ᠃ ᠥᠭᠡᠷ᠎ᠡ ᠪᠡᠷ ᠬᠡᠯᠡᠪᠡᠯ ᠭᠠᠯ ᠤᠰᠤ ᠬᠣᠶᠠᠷ ᠢ᠋ᠶ᠋ᠠᠷ ᠠᠯᠲᠠ᠂ ᠮᠥᠩᠭᠥ᠂ ᠵᠡᠰ  ᠢ᠋ ᠬᠠᠢᠯᠤᠮᠠᠭᠰᠢᠭᠤᠯᠵᠤ ᠬᠠᠳᠠ ᠰᠠᠭᠤᠯᠭᠠᠵᠤ ᠪᠤᠷᠬᠠᠳ ᠪᠦᠲᠦᠭᠡᠳᠡᠭ ᠪᠠᠢᠯ᠎ᠠ᠃ ᠴᠣᠭ  ᠢ᠋ ᠦᠯᠢᠶᠡᠵᠦ ᠨᠡᠭᠦᠷᠡᠰᠦᠵᠢᠭᠦᠯᠦᠭᠡᠳ ᠴᠥᠭᠥᠴᠡ ᠲᠡᠢ ᠵᠡᠰ ᠢ᠋ᠶ᠋ᠡᠨ ᠮᠡᠯᠲᠡᠯᠵᠡᠨ ᠬᠠᠢᠯᠤᠮᠠᠭᠳᠠᠬᠤ ᠳ᠋ᠤᠨᠢ ᠬᠡᠪ ᠲᠦ᠍ ᠴᠢᠳᠬᠤᠵᠤ ᠬᠡᠯᠪᠡᠷᠢᠰᠢᠭᠦᠯᠬᠦ ᠪᠥᠭᠡᠳ ᠳᠠᠬᠢᠨ ᠴᠢᠳᠬᠤᠨ᠎ᠠ᠃ ᠰᠢᠪᠡᠷ ᠡᠯᠳᠡᠵᠦ ᠬᠡᠪ ᠬᠢᠭᠴᠢ ᠲᠥᠪᠡᠳ ᠦ᠋ᠳ ᠭᠣᠣᠯ ᠤ᠋ᠨ ᠬᠥᠪᠡᠭᠡᠨ ᠳ᠋ᠦ᠍ ᠠᠮᠢᠳᠤᠷᠠᠬᠤ ᠪᠥᠯᠥᠭᠡ᠃
 ᠪᠠᠭᠢᠯ ᠣᠢ ᠲᠠᠢ ᠠᠭᠤᠯᠠ ᠶ᠋ᠢᠨ ᠣᠷᠣᠢ ᠬᠠᠳᠠᠲᠤ ᠬᠢᠰᠠᠭ᠎ᠠ ᠪᠦᠬᠦᠢ ᠣᠷᠭᠢᠯ ᠪᠠᠢᠬᠤ ᠪᠥᠭᠡᠳ ᠬᠠᠳᠠᠨ ᠤ᠋ ᠳᠤᠮᠳᠠ ᠲᠠᠬᠢᠯ ᠤ᠋ᠨ ᠷᠠᠰᠢᠶᠠᠨ ᠤ᠋ ᠬᠤᠳᠳᠤᠭ᠂ ᠤᠮᠳᠠ ᠤᠰᠤᠨ ᠤ᠋ ᠬᠤᠳᠳᠤᠭ ᠮᠠᠯᠲᠠᠵᠤ᠂ ᠬᠡᠢᠳ ᠪᠤᠰᠬᠠᠵᠤ ᠲᠥᠪᠬᠢᠨᠡᠭᠰᠡᠨ ᠨᠢ ᠥᠨᠳᠥᠷ ᠭᠡᠭᠡᠨ ᠳ᠋ᠦ᠍ ᠲᠠᠭᠠᠲᠠᠢ᠃ ᠥᠨᠳᠥᠷ ᠭᠡᠭᠡᠨᠲᠡᠨ ᠠᠷᠤ ᠥᠪᠥᠷ ᠬᠠᠩᠭᠠᠢ ᠨᠤᠲᠤᠭ ᠢ᠋ᠶ᠋ᠠᠨ ᠳᠤᠯᠢᠳᠠᠨ ᠰᠠᠭᠤᠬᠤ ᠳ᠋ᠠᠭᠠᠨ ᠤᠷᠠᠯᠠᠨ ᠳ᠋ᠠᠭᠠᠨ ᠪᠦᠲᠦᠭᠡᠬᠦ ᠪᠤᠷᠬᠠᠳ ᠤ᠋ᠨ ᠳᠦᠷᠢ ᠶ᠋ᠢ ᠰᠡᠳᠬᠢᠯ ᠳ᠋ᠡᠭᠡᠨ ᠣᠷᠣᠭᠤᠯᠳᠠᠭ ᠪᠢᠯᠡ᠃ ᠲᠡᠷᠡ ᠪᠡᠷ ᠵᠥᠪᠬᠡᠨ ᠪᠤᠷᠬᠠᠨ ᠳᠦᠷᠰᠦᠯᠡᠵᠦ ᠪᠣᠳᠣᠨ᠎ᠠ᠃
 ᠥᠨᠳᠥᠷ ᠭᠡᠭᠡᠨ ᠵᠠᠨᠠᠪᠠᠽᠠᠷ ᠪᠣᠳᠣᠯᠬᠢᠯᠠᠨ ᠠᠯᠲᠠ ᠵᠡᠰ ᠢ᠋ᠶ᠋ᠡᠷ ᠤᠷᠠᠯᠠᠭᠰᠠᠨ ᠪᠦᠲᠦᠭᠡᠯ ᠢ᠋ᠶ᠋ᠡᠨ ᠰᠣᠴᠢᠨ ᠬᠠᠷᠠᠵᠤ ᠪᠠᠢᠨ᠎ᠠ᠃ ᠤᠰᠤ ᠳᠤᠰᠤᠭᠠᠭᠰᠠᠨ ᠬᠠᠳᠠᠨ ᠳ᠋ᠤ᠌ ᠵᠡᠰ ᠦ᠋ᠨ ᠢᠯᠲᠠᠰᠤ ᠨᠠᠭᠠᠯᠳᠤᠵᠠᠢ᠃ ᠭᠠᠳᠠᠨ᠎ᠠ ᠠ᠋ᠴᠠ ᠴᠠᠭᠳᠳᠣᠷᠵᠢ ᠬᠣᠩ ᠲᠠᠢᠵᠢ ᠣᠷᠣᠵᠤ ᠢᠷᠡᠭᠡᠳ ᠨᠠᠷᠠ᠂ ᠰᠠᠷᠠ᠂ ᠭᠠᠯ ᠭᠤᠷᠪᠠ ᠶ᠋ᠢ ᠰᠢᠩᠭᠡᠵᠦ ᠤᠷᠠᠯᠠᠭᠰᠠᠨ ᠳᠤᠭᠤᠯᠠᠭ᠎ᠠ ᠪᠠᠨ ᠠᠪᠴᠤ  ᠭᠡᠭᠡᠨᠲᠡᠨ ᠦ᠌ ᠥᠭᠡᠳᠡ ᠡᠴᠡ ᠶᠣᠣᠵᠠ ᠦᠭᠡᠢ ᠬᠠᠷᠠᠪᠠ᠃ ᠥᠨᠳᠥᠷ ᠭᠡᠭᠡᠨ ᠦ᠌ ᠭᠤᠷᠪᠠᠯᠵᠢᠨ ᠬᠡᠯᠪᠡᠷᠢᠲᠦ ᠨᠢᠭᠤᠷ᠂ ᠱᠠᠪᠢᠯᠠᠬᠠᠨ ᠪᠡᠶ᠎ᠡ᠂ ᠬᠠᠷ᠎ᠠ ᠨᠢᠳᠦ ᠪᠤᠷᠬᠠᠨ ᠤ᠋ ᠬᠥᠷᠥᠭ ᠦ᠋ᠨ ᠳᠡᠷᠭᠡᠳᠡ ᠦᠵᠡᠭᠳᠡᠨ᠎ᠡ᠃
ᠴᠠᠬᠤᠨᠳᠤᠷᠵᠢ ᠲᠣᠮᠣ ᠳᠤᠬᠤ ᠲᠠᠢ᠂ ᠵᠠᠨᠲᠠᠭᠠᠷ ᠡᠷᠡᠦ ᠲᠡᠢ᠂ ᠭᠦᠵᠢᠷᠮᠡᠭ ᠬᠥᠳᠡᠯᠭᠡᠭᠡᠨ ᠲᠡᠢ ᠨᠡᠯᠢᠶᠡᠳ ᠴᠢᠬᠤᠯᠳᠠᠭᠤ ᠵᠠᠩ ᠲᠠᠢ ᠪᠥᠯᠥᠭᠡ᠃ ᠳᠤᠭᠠᠩ ᠤ᠋ᠨ ᠲᠠᠢᠪᠤᠭᠤᠬᠠᠨ ᠥᠷᠥᠭᠡᠨ ᠳ᠋ᠦ᠍ ᠠᠬ᠎ᠠ ᠳᠡᠭᠦᠦ ᠬᠣᠶᠠᠷ ᠬᠦᠦᠷᠨᠢᠯᠳᠦᠨ᠎ᠡ᠃ ᠴᠠᠬᠤᠨᠳᠤᠷᠵᠢ ᠬᠣᠩ ᠲᠠᠢᠵᠢ᠂
— ᠠᠬ᠎ᠠ ᠯᠠᠮᠠ ᠪᠤᠷᠬᠠᠨ ᠤᠷᠠᠯᠠᠭᠰᠠᠭᠠᠷ ᠤᠤ ᠁ ᠭᠡᠮᠡᠨ ᠠᠮᠠᠨ ᠳ᠋ᠠᠭᠠᠨ ᠬᠦᠪᠳᠦᠨᠡᠨ᠎ᠡ᠃ ᠥᠨᠳᠥᠷ ᠭᠡᠭᠡᠨ᠂
— ᠪᠤᠷᠬᠠᠳ ᠠᠮᠢᠯᠠᠭᠰᠠᠭᠠᠷ ᠁ ᠭᠡᠮᠡᠨ ᠬᠡᠪ ᠨᠢᠭᠡ ᠬᠠᠷᠢᠭᠤᠯᠪᠠ᠃
— ᠲᠠ ᠪᠢᠳᠡᠨ ᠬᠣᠶᠠᠷ  ᠢ᠋ ᠰᠠᠭᠤᠭᠰᠠᠭᠠᠷ ᠪᠠᠢᠲᠠᠯ᠎ᠠ ᠳᠥᠷᠪᠡᠨ ᠣᠢᠷᠠᠳ ᠣᠮᠣᠭᠰᠢᠵᠤ ᠭᠦᠢᠴᠡᠯ᠎ᠡ ᠭᠡᠵᠦ ᠨᠢᠭᠡᠨ ᠦᠭᠡ ᠶ᠋ᠢ ᠬᠡᠯᠡᠬᠦ ᠶ᠋ᠢᠨ ᠲᠤᠯᠠᠳᠠ ᠴᠠᠬᠤᠨᠳᠤᠷᠵᠢ ᠳᠡᠪᠢᠰᠬᠡᠷ ᠬᠢᠵᠦ ᠳᠠᠭ᠎ᠠ ᠦᠭᠡᠢ ᠵᠠᠩ ᠭᠠᠷᠭᠠᠯ᠎ᠠ᠃
— ᠭᠠᠯᠳᠠᠨ ᠡᠷᠡᠮᠡᠬᠡᠢ᠃ ᠵᠡᠭᠥᠨᠭᠠᠷ ᠤ᠋ᠨ ᠳᠣᠲᠣᠭᠠᠳᠤ ᠠᠮᠢᠳᠤᠷᠠᠯ ᠲᠥᠪᠬᠢᠨᠡᠵᠦ ᠪᠠᠢᠭ᠎ᠠ ᠭᠡᠨ᠎ᠡ ᠯᠠᠢ᠂ ᠴᠢᠩᠭᠢᠰ ᠬᠠᠭᠠᠨ ᠤ᠋ ᠶᠡᠬᠡ ᠮᠣᠩᠭᠣᠯ ᠤᠯᠤᠰ  ᠢ᠋ ᠪᠠᠢᠭᠤᠯᠬᠤ ᠰᠠᠨᠠᠭ᠎ᠠ ᠲᠠᠢ ᠪᠠᠨ ᠭᠠᠯᠳᠠᠨ ᠪᠣᠱᠣᠭᠲᠤ ᠨᠢᠭᠤᠬᠤ ᠦᠭᠡᠢ ᠪᠠᠢᠭ᠎ᠠ᠃ ᠭᠠᠯᠳᠠᠨ ᠤ᠋ ᠬᠥᠳᠡᠯᠭᠡᠭᠡᠨ  ᠢ᠋ ᠰᠠᠭᠠᠷᠠᠭᠤᠯᠬᠤ ᠠᠷᠭ᠎ᠠ ᠶ᠋ᠢ ᠮᠠᠨᠵᠤ ᠶ᠋ᠢᠨ ᠬᠠᠭᠠᠨ ᠡᠩᠬᠡ ᠠᠮᠤᠭᠤᠯᠠᠩ ᠣᠯᠤᠭᠰᠠᠨ ᠳ᠋ᠠᠭ ᠰᠢᠦ ᠭᠡᠮᠡᠨ ᠥᠨᠳᠥᠷ ᠭᠡᠭᠡᠨ  ᠢ᠋ ᠥᠭᠦᠯᠡᠬᠦ ᠳ᠋ᠦ᠍ ᠴᠠᠬᠤᠨᠳᠤᠷᠵᠢ ᠪᠠᠢᠵᠤ ᠶᠠᠳᠠᠵᠤ ᠪᠣᠰᠴᠤ ᠢᠷᠡᠯ᠎ᠡ᠃
— ᠮᠠᠨᠵᠤ ᠶ᠋ᠢᠨ ᠬᠠᠭᠠᠨ ᠲᠡᠭᠡᠭᠡᠳ ᠯᠡ ᠭᠠᠯᠳᠠᠨ ᠪᠣᠱᠣᠭᠲᠤ ᠳ᠋ᠤ᠌ ᠬᠠᠭᠠᠨ ᠴᠣᠯᠠ ᠥᠭᠭᠥᠭᠰᠠᠨ ᠪᠢᠵᠡ ᠳᠡ᠃ ᠪᠢ ᠶᠠᠭᠤ ᠪᠠᠷ ᠢ᠋ᠶ᠋ᠠᠨ ᠭᠠᠯᠳᠠᠨ ᠠ᠋ᠴᠠ ᠳᠤᠲᠠᠭᠤ ᠶᠤᠮ ᠪᠣᠢ? ᠮᠢᠨᠦ ᠲᠣᠯᠣᠭᠠᠢ ᠳᠡᠭᠡᠭᠦᠷ ᠬᠠᠭᠠᠨ ᠴᠣᠯᠠ ᠥᠭᠭᠦᠯ᠎ᠡ ᠭᠡᠮᠡᠨ ᠴᠠᠬᠤᠨᠳᠤᠷᠵᠢ ᠬᠣᠩ ᠲᠠᠢᠵᠢ ᠳᠤᠭᠠᠩ ᠳᠦᠭᠦᠷᠲᠡᠯ᠎ᠡ ᠬᠠᠰᠬᠢᠷᠪᠠ᠃
— ᠪᠤᠷᠬᠠᠳ ᠤ᠋ᠨ ᠳᠡᠷᠭᠡᠳᠡ ᠠᠶᠠᠲᠠᠢ ᠪᠠᠢ᠃ ᠠᠲᠠᠭ᠎ᠠ ᠬᠣᠷᠣᠰᠤᠯ ᠪᠣᠯ ᠮᠥᠬᠥᠯ ᠳ᠋ᠦ᠍ ᠬᠦᠷᠭᠡᠬᠦ ᠶᠦᠮ ᠰᠢᠦ᠃ ᠭᠠᠯᠳᠠᠨ ᠪᠣᠱᠣᠭᠲᠤ ᠶ᠋ᠢ ᠡᠩᠬᠡ ᠠᠮᠤᠭᠤᠯᠠᠩ ᠬᠠᠭᠠᠨ ᠴᠢᠳᠥᠷᠯᠡᠵᠦ ᠪᠠᠢᠨ᠎ᠠ᠃ ᠴᠣᠬᠣᠮ ᠶᠠᠭᠠᠬᠢᠭᠠᠳ ᠬᠠᠭᠠᠨ ᠴᠣᠯᠠ ᠭᠠᠯᠳᠠᠨ ᠳ᠋ᠤ᠌ ᠣᠯᠭᠣᠭᠰᠠᠨ ᠪᠣᠢ ᠭᠡᠪᠡᠯ ᠨᠢᠭᠡᠨ ᠴᠠᠭ ᠲᠤ᠌ ᠮᠠᠨᠵᠤ ᠤᠷᠤᠭᠤ ᠳᠣᠪᠲᠣᠯᠬᠤ ᠠ᠋ᠴᠠ ᠰᠡᠷᠡᠮᠵᠢᠯᠡᠵᠦ ᠴᠢᠳᠥᠷ ᠤᠶᠠᠵᠤ ᠪᠠᠢᠭ᠎ᠠ ᠶᠤᠮ᠃ ᠮᠠᠨᠵᠤ ᠨᠤᠭᠤᠳ ᠨᠣᠬᠠᠢ ᠰᠠᠨᠠᠭ᠎ᠠ ᠲᠠᠢ ᠁ ᠭᠡᠮᠡᠨ ᠥᠨᠳᠥᠷ ᠭᠡᠭᠡᠨ ᠳᠡᠭᠦᠦ ᠳ᠋ᠡᠭᠡᠨ ᠤᠴᠢᠷᠯᠠᠨ ᠲᠠᠢᠯᠪᠤᠷᠢᠯᠠᠪᠠ᠃ ᠴᠠᠬᠤᠨᠳᠤᠷᠵᠢ ᠬᠠᠷᠢᠭᠤ ᠳ᠋ᠤᠨᠢ᠂
— ᠭᠠᠯᠳᠠᠨ ᠪᠡᠶ᠎ᠡ ᠳ᠋ᠡᠭᠡᠨ ᠪᠠᠭᠲᠠᠬᠤ ᠦᠭᠡᠢ ᠭᠣᠩᠰᠢᠨ ᠲᠠᠢ ᠪᠣᠯᠤᠯ᠎ᠠ ᠭᠡᠵᠦ ᠪᠠᠭᠲᠠᠷᠠᠵᠤ ᠬᠡᠯᠡᠭᠡᠳ ᠳᠤᠭᠠᠩ ᠠ᠋ᠴᠠ ᠭᠠᠷᠴᠤ ᠣᠳᠤᠯ᠎ᠠ᠃
 ᠥᠨᠳᠥᠷ ᠭᠡᠭᠡᠨ ᠵᠠᠨᠠᠪᠠᠽᠠᠷ ᠳᠡᠭᠦᠦ ᠴᠠᠬᠤᠨᠳᠤᠷᠵᠢ ᠶ᠋ᠢᠨ ᠢ᠋ᠶ᠋ᠡᠨ ᠲᠤᠬᠠᠢ ᠪᠣᠳᠣᠬᠤ ᠦᠶ᠎ᠡ ᠳ᠋ᠡᠭᠡᠨ《ᠮᠣᠩᠭᠣᠯᠴᠤᠳ ᠬᠣᠶᠠᠷ ᠪᠤᠰᠤ ᠨᠢᠭᠡ ᠶᠤᠮᠰᠠᠨ᠃ ᠴᠠᠬᠤᠨᠳᠤᠷᠵᠢ ᠦᠷᠭᠦᠯᠵᠢ ᠭᠠᠯᠳᠠᠨ ᠳ᠋ᠤ᠌ ᠥᠰᠢᠶᠡᠷᠬᠡᠬᠦ ᠶᠦᠮ᠃ ᠴᠢᠩᠭᠢᠰ ᠬᠠᠭᠠᠨ ᠤ᠋ ᠳᠡᠭᠡᠳᠦ ᠢᠵᠠᠭᠤᠷ ᠤ᠋ᠨ ᠭᠠᠯᠳᠠᠨ  ᠢ᠋ ᠪᠢ ᠮᠡᠳᠡᠨ᠎ᠡ᠃ ᠭᠠᠯᠳᠠᠨ ᠪᠣᠯ ᠲᠡᠭᠦᠰ ᠬᠡᠬᠡᠷᠡᠭᠰᠡᠨ ᠯᠠᠮᠠ ᠬᠥᠮᠦᠨ᠃ ᠬᠠᠷᠢᠨ ᠦᠢᠯᠡ ᠶ᠋ᠢᠨ ᠦᠷ᠎ᠡ ᠪᠡᠷ ᠮᠠᠭᠤ ᠶᠠᠭᠤᠮ᠎ᠠ ᠶ᠋ᠢ ᠬᠢᠵᠦ ᠴᠢᠳᠠᠨ᠎ᠠ᠃ ᠪᠤᠷᠬᠠᠨ ᠤ᠋ ᠱᠠᠪᠢ ᠶ᠋ᠢᠨ ᠬᠤᠪᠢ ᠳ᠋ᠤ᠌ ᠨᠠᠳᠠ ᠳᠡᠭᠡᠷ᠎ᠡ ᠢᠷᠡᠬᠦ ᠤᠴᠢᠷ ᠲᠠᠢ ᠰᠠᠨ᠃ ᠴᠠᠬᠤᠨᠳᠤᠷᠵᠢ ᠪᠢᠳᠡ ᠪᠣᠯ ᠴᠢᠩᠭᠢᠰ ᠬᠠᠭᠠᠨ ᠤ᠋ ᠠᠯᠲᠠᠨ ᠤᠷᠤᠭ᠂ ᠲᠣᠷᠭᠤᠳ ᠡᠬᠡ ᠶ᠋ᠢᠨ ᠢ᠋ᠶ᠋ᠡᠨ ᠬᠤᠪᠢ ᠳ᠋ᠤ᠌ ᠭᠠᠯᠳᠠᠨ ᠲᠠᠢ ᠴᠢᠰᠤ ᠨᠢᠭᠡ ᠪᠤᠰᠤ ᠤᠤ?》 ᠭᠡᠮᠡᠨ ᠠᠯᠢ ᠡᠷᠲᠡ ᠲᠥᠪᠡᠳ ᠨᠤᠲᠤᠭ ᠲᠤ᠌ ᠭᠠᠯᠳᠠᠨ ᠳ᠋ᠤ᠌ ᠥᠭᠦᠯᠡᠵᠦ ᠪᠠᠢᠭᠰᠠᠨ ᠢ᠋ᠶ᠋ᠠᠨ ᠰᠠᠨᠠᠭᠠᠯᠵᠠᠪᠠ
 ᠵᠠᠨᠠᠪᠠᠽᠠᠷ ᠭᠡᠭᠡᠨ ᠨᠢᠭᠡᠨ ᠪᠤᠷᠬᠠᠨ ᠢ᠋ ᠨᠢᠳᠦᠨ ᠳ᠋ᠡᠭᠡᠨ ᠣᠢᠷᠠᠲᠤᠭᠤᠯᠤᠨ ᠬᠣᠯᠠᠳᠤᠭᠤᠯᠤᠨ ᠪᠠᠢᠭᠰᠠᠨ ᠢ᠋ᠶ᠋ᠠᠨ《ᠡᠮᠡᠰ ᠥᠬᠢᠳ ᠦ᠋ᠨ ᠭᠤᠸ᠎ᠠ ᠰᠠᠢᠬᠠᠨ ᠢ᠋ ᠪᠤᠷᠬᠠᠨ ᠨᠠᠳᠠ ᠠ᠋ᠴᠠ ᠬᠠᠷᠠᠮᠯᠠᠵᠠᠢ᠃ ᠨᠠᠮᠠᠶ᠋ᠢ ᠠᠮᠢᠨ᠎ᠠ ᠪᠦᠰᠡᠭᠦᠢ ᠲᠡᠢ ᠨᠥᠬᠥᠴᠡᠵᠦ ᠪᠠᠢᠨ᠎ᠠ ᠭᠡᠵᠦ ᠬᠡᠨ ᠪᠣᠳᠣᠬᠤ ᠪᠢᠯᠡ᠃ ᠲᠡᠷᠡ ᠪᠦᠰᠡᠭᠦᠢ ᠰᠥᠨᠢ ᠢᠷᠡᠭᠡᠳ ᠥᠷᠯᠥᠭᠡ ᠪᠤᠴᠠᠳᠠᠭ᠃ ᠲᠡᠷᠡ ᠪᠦᠰᠡᠭᠦᠢ ᠶ᠋ᠢᠨ ᠭᠤᠸ᠎ᠠ ᠲᠥᠷᠬᠦ ᠶ᠋ᠢ ᠪᠢ ᠨᠢᠳᠦᠨ ᠳ᠋ᠡᠭᠡᠨ ᠵᠢᠷᠤᠵᠤ ᠠᠪᠤᠭᠠᠳ ᠥᠷᠯᠥᠭᠡᠭᠦᠷ ᠤᠷᠠᠯᠠᠨ ᠳ᠋ᠠᠭᠠᠨ ᠣᠷᠣᠵᠤ ᠲᠡᠷᠡ ᠬᠦ᠌ ᠭᠠᠢᠬᠠᠮ᠎ᠠ ᠭᠤᠸ᠎ᠠ ᠰᠠᠢᠬᠠᠨ ᠢ᠋ ᠪᠤᠷᠬᠠᠨ ᠳ᠋ᠤ᠌ ᠠᠮᠢᠯᠠᠭᠤᠯᠳᠠᠭ ᠪᠢᠯᠡ》 ᠭᠡᠮᠡᠨ ᠪᠣᠳᠣᠵᠤ ᠪᠠᠢᠪᠠ᠃
ᠴᠠᠬᠤᠨᠳᠤᠷᠵᠢ ᠥᠨᠳᠥᠷ ᠬᠢᠰᠠᠭ᠎ᠠ ᠶ᠋ᠢᠨ ᠣᠷᠣᠢ ᠳᠡᠭᠡᠷ᠎ᠡ ᠵᠣᠭᠰᠣᠭᠠᠳ《ᠠᠬ᠎ᠠ ᠯᠠᠮᠠ ᠬᠥᠳᠡᠯᠬᠦ ᠦᠭᠡᠢ ᠪᠣᠯᠤᠯᠲᠠᠢ᠃ ᠭᠠᠯᠳᠠᠨ ᠢ᠋ ᠪᠢ ᠮᠡᠳᠡᠨ᠎ᠡ ᠭᠡᠳᠡᠭ᠃ ᠲᠡᠷᠡ ᠭᠠᠯᠳᠠᠨ ᠣᠳᠣ ᠯᠠᠮᠠ ᠪᠤᠰᠤ ᠬᠠᠭᠠᠨ ᠪᠣᠯᠤᠭᠰᠠᠨ᠃ ᠬᠠᠷᠭᠢᠰ ᠬᠡᠷᠴᠡᠭᠡᠢ ᠭᠡᠮᠡᠨ ᠬᠡᠯᠡᠭᠳᠡᠵᠦ ᠪᠠᠢᠨ᠎ᠠ᠃ ᠵᠡᠭᠥᠨᠭᠠᠷ ᠤ᠋ᠨ ᠬᠠᠭᠠᠨᠲᠤ ᠤᠯᠤᠰ ᠬᠠᠯᠬ᠎ᠠ ᠮᠣᠩᠭᠣᠯ ᠳ᠋ᠤ᠌ ᠶᠠᠮᠠᠷ ᠴᠤ᠌ ᠲᠠᠲᠠᠪᠤᠷᠢ ᠲᠥᠯᠥᠭᠡᠰᠦ ᠲᠥᠯᠥᠬᠦ ᠦᠭᠡᠢ ᠮᠥᠷᠲᠡᠭᠡᠨ ᠮᠣᠩᠭᠣᠯᠴᠤᠳ ᠨᠢᠭᠡᠳᠦᠶ᠎ᠡ ᠭᠡᠮᠡᠨ ᠤᠷᠢᠶᠠᠯᠠᠭᠠᠳ ᠪᠠᠢᠳᠠᠭ᠃ ᠭᠠᠯᠳᠠᠨ ᠪᠦᠬᠦ ᠮᠣᠩᠭᠣᠯᠴᠤᠳ ᠤ᠋ᠨ ᠬᠠᠭᠠᠨ ᠪᠣᠯᠬᠤ ᠰᠠᠨᠠᠭ᠎ᠠ ᠲᠠᠢ᠃ ᠲᠡᠭᠦᠨ ᠢ᠋ ᠵᠣᠭᠰᠣᠭᠠᠬᠤ ᠬᠡᠷᠡᠭᠲᠡᠢ᠃ ᠬᠠᠯᠬ᠎ᠠ ᠮᠣᠩᠭᠣᠯᠴᠤᠳ ᠣᠷᠣᠰ᠂ ᠮᠠᠨᠵᠤ ᠲᠠᠢ ᠰᠠᠢᠨ ᠬᠠᠷᠢᠴᠠᠭ᠎ᠠ ᠲᠠᠢ ᠪᠠᠢᠬᠤ ᠳ᠋ᠤ᠌ ᠭᠠᠯᠳᠠᠨ ᠨᠠᠮᠠᠶ᠋ᠢ ᠲᠣᠭᠣᠵᠤ ᠡᠯᠴᠢ ᠵᠠᠷᠤᠬᠤ ᠦᠭᠡᠢ ᠭᠡᠳᠡᠢᠭᠰᠡᠨ ᠪᠤᠰᠤ ᠤᠤ? ᠮᠣᠩᠭᠣᠯ ᠤ᠋ᠨ ᠠᠩᠬᠠᠳᠤᠭᠠᠷ ᠪᠣᠭᠳᠠ ᠳ᠋ᠤ᠌ ᠭᠠᠯᠳᠠᠨ ᠶᠠᠭᠠᠬᠢᠭᠠᠳ ᠮᠥᠷᠭᠥᠬᠦ ᠦᠭᠡᠢ ᠪᠠᠢᠨ᠎ᠠ》 ᠭᠡᠬᠦ ᠮᠡᠲᠦ ᠶ᠋ᠢ ᠪᠣᠳᠣᠭᠠᠳ ᠬᠤᠶᠠᠭ ᠳᠤᠭᠤᠯᠠᠭ᠎ᠠ ᠪᠠᠨ ᠵᠠᠰᠠᠵᠤ᠂ ᠠᠭᠤᠯᠠ ᠶ᠋ᠢᠨ ᠬᠡᠴᠡ ᠤᠷᠤᠭᠤ ᠮᠣᠷᠢ ᠲᠠᠢ ᠪᠠᠨ ᠭᠤᠯᠠᠰᠤᠨ ᠪᠠᠭᠤᠪᠠ᠃

 ᠵᠢᠷᠭᠤᠭ᠎ᠠ
 ᠳᠥᠷᠪᠡᠨ ᠣᠢᠷᠠᠳ ᠪᠤᠶᠤ ᠵᠡᠭᠥᠨᠭᠠᠷ ᠤ᠋ᠨ ᠬᠦᠴᠦᠷᠬᠡᠭ ᠬᠠᠭᠠᠨᠲᠤ ᠤᠯᠤᠰ ᠭᠠᠯᠳᠠᠨ ᠪᠣᠱᠣᠭᠲᠤ ᠬᠠᠭᠠᠨ ᠤ᠋ ᠦᠶ᠎ᠡ ᠳ᠋ᠦ᠍ ᠪᠣᠢ ᠪᠣᠯᠪᠠ᠃ ᠭᠠᠯᠳᠠᠨ ᠬᠠᠭᠠᠨ ᠮᠠᠯ ᠠᠵᠤ ᠠᠬᠤᠢ ᠶ᠋ᠢᠨ ᠰᠠᠭᠤᠷᠢ ᠶ᠋ᠢ ᠥᠷᠭᠡᠵᠢᠭᠦᠯᠵᠡᠢ᠃ ᠮᠠᠯ ᠤ᠋ᠨ ᠠᠷᠠᠰᠤ ᠰᠢᠷᠢ᠂ ᠠᠩ ᠤ᠋ᠨ ᠦᠰᠦ᠂ ᠵᠢᠭᠠᠰᠤ ᠵᠡᠷᠭᠡ ᠶ᠋ᠢ ᠬᠢᠯᠢ ᠬᠠᠢᠴᠢ ᠶ᠋ᠢᠨ ᠢ᠋ᠶ᠋ᠡᠨ ᠯᠠᠯᠤ ᠪᠣᠯᠤᠨ ᠣᠷᠣᠰ ᠤᠯᠤᠰ ᠲᠤ᠌ ᠭᠠᠷᠭᠠᠳᠠᠭ ᠪᠣᠯᠭᠠᠵᠠᠢ᠃ ᠲᠣᠷᠭᠠᠨ ᠤ᠋ ᠵᠠᠮ ᠢ᠋ᠶ᠋ᠠᠷ ᠬᠤᠳᠠᠯᠳᠤᠭᠠᠴᠢᠳ ᠬᠦᠯᠬᠦᠵᠦ ᠮᠠᠨᠵᠤ᠂ ᠠᠷᠤ ᠮᠣᠩᠭᠣᠯ᠂ ᠨᠠᠩᠭᠢᠶᠠᠳ᠂ ᠣᠷᠣᠰ ᠲᠠᠢ ᠮᠠᠢᠮᠠᠢ ᠬᠢᠬᠦ ᠡᠴᠡ ᠭᠠᠳᠠᠨ᠎ᠠ᠂ ᠮᠥᠷᠭᠥᠯᠴᠢᠳ ᠵᠡᠭᠥᠨᠭᠠᠷ ᠤ᠋ᠨ ᠨᠤᠲᠤᠭ ᠢ᠋ᠶ᠋ᠠᠷ ᠪᠢᠳᠡᠨ ᠶᠠᠪᠤᠨ᠎ᠠ᠃ ᠭᠠᠯᠳᠠᠨ ᠬᠠᠭᠠᠨ ᠤ᠋ ᠶᠡᠬᠡ ᠴᠠᠭᠠᠵᠠ ᠬᠠᠤᠯᠢ ᠶ᠋ᠢᠨ ᠵᠢᠭᠠᠯᠲᠠ ᠨᠤᠭᠤᠳ ᠰᠢᠨ᠎ᠡ ᠠᠭᠤᠯᠭ᠎ᠠ ᠲᠠᠢ ᠪᠣᠯᠤᠭᠰᠠᠨ ᠨᠢ ᠠᠨᠤ ᠬᠠᠲᠤᠨ ᠬᠢᠭᠡᠳ ᠲᠡᠭᠦᠨ ᠦ᠌ ᠡᠴᠢᠭᠡ ᠸᠴᠢᠷᠲᠤ ᠰᠡᠴᠡᠨ ᠬᠠᠭᠠᠨ ᠤ᠋ ᠪᠢᠯᠢᠭ ᠠᠪᠢᠶᠠᠰ ᠲᠠᠢ ᠨᠢᠭᠡ ᠮᠥᠷᠥ ᠬᠣᠯᠪᠣᠭᠳᠠᠨ᠎ᠠ᠃
— ᠨᠠᠢ᠍ᠮᠠᠨ ᠵᠣᠪᠬᠢ ᠠ᠋ᠴᠠ ᠦᠶᠡᠷ ᠮᠡᠲᠦ ᠴᠢᠳᠬᠤᠬᠤ ᠬᠥᠮᠦᠰ ᠨᠠᠳᠠ ᠮᠥᠷᠭᠥᠵᠦ ᠠᠳᠢᠰ ᠬᠦᠷᠲᠡᠨ᠎ᠡ᠃ ᠠᠨᠤᠳᠠᠷ᠎ᠠ ᠬᠠᠲᠤᠨ ᠨᠠᠳᠠ ᠬᠥᠪᠡᠭᠦᠨ ᠰᠠᠪᠳᠠᠨᠪᠠᠯᠵᠢᠷ᠂ ᠥᠬᠢᠨ ᠶᠥᠮᠴᠢᠬᠠᠢ ᠨᠠᠷ ᠢ᠋ ᠲᠥᠷᠥᠭᠦᠯᠵᠦ ᠪᠡᠯᠡᠭᠯᠡᠪᠡ᠃ ᠠᠬᠠᠳᠠᠷ᠎ᠠ ᠶᠠᠪᠤᠪᠠ᠃ ᠡᠭᠡᠴᠢ ᠳᠡᠭᠦᠦ ᠬᠠᠲᠤᠨ ᠥᠭᠡᠷ᠎ᠡ ᠥᠭᠡᠷ᠎ᠡ ᠦᠷᠭᠦᠭᠡᠨ ᠳ᠋ᠦ᠍ ᠠᠮᠢᠳᠤᠷᠠᠵᠤ ᠠᠮᠠᠷᠠᠭ ᠤ᠋ᠨ ᠵᠡᠭᠦᠳᠦ ᠶ᠋ᠢ ᠡᠭᠡᠯᠵᠢᠯᠡᠨ ᠵᠡᠭᠦᠳᠦᠯᠡᠳᠡᠭ ᠪᠠᠢᠭᠰᠠᠨ ᠢ᠋ᠶ᠋ᠠᠨ ᠪᠣᠯᠢᠪᠠ ᠭᠡᠮᠡᠨ ᠭᠠᠯᠳᠠᠨ ᠬᠠᠭᠠᠨ ᠲᠡᠮᠳᠡᠭᠯᠡᠪᠡ᠃
 ᠭᠠᠯᠳᠠᠨ ᠪᠣᠱᠣᠭᠲᠤ ᠬᠠᠭᠠᠨ ᠳᠠᠭᠠᠭᠤᠯᠢ ᠤ᠋ᠳ ᠤ᠋ᠨ ᠢ᠋ᠶ᠋ᠠᠨ ᠬᠠᠮᠲᠤ ᠳᠠᠪᠬᠢᠵᠤ ᠶᠠᠪᠤᠨ᠎ᠠ᠃ ᠮᠣᠷᠢᠲᠤ ᠴᠡᠷᠢᠭ ᠦ᠋ᠳ ᠦ᠋ᠨ ᠴᠠᠭᠠᠨ᠎ᠠ ᠼᠠᠮᠪᠤᠭᠠᠷᠪᠤ ᠲᠦᠩᠬᠦᠢᠵᠦ᠂ ᠬᠢᠷᠭᠠᠰᠤ ᠨᠠᠭᠤᠷ ᠴᠡᠯᠡᠢᠵᠦ᠂ ᠬᠥᠪᠳᠥ ᠭᠣᠣᠯ ᠮᠤᠰᠬᠢᠷᠠᠵᠤ ᠴᠡᠩᠬᠡᠷᠲᠦᠨ᠎ᠡ᠃ ᠬᠥᠪᠳᠥ ᠭᠣᠣᠯ ᠤ᠋ᠨ ᠠᠢ ᠰᠠᠪᠠ ᠳᠠᠭᠠᠤ ᠣᠷᠣᠯ᠎ᠠ᠃ ᠭᠠᠯᠳᠠᠨ ᠬᠠᠭᠠᠨ᠂
— ᠴᠡᠷᠢᠭ ᠦ᠋ᠨ ᠲᠠᠷᠢᠶᠠᠯᠠᠩ ᠰᠠᠢᠬᠠᠨ ᠤᠷᠭᠤᠵᠠᠢ᠃ ᠭᠠᠵᠠᠷ ᠤᠬᠤᠵᠤ ᠲᠤᠯᠤᠮ ᠨᠥᠬᠡᠴᠡᠯᠡᠭᠥᠷ ᠬᠡᠳᠦ ᠬᠡᠳᠦ ᠶ᠋ᠢ ᠪᠡᠯᠡᠳᠬᠡᠨ᠎ᠡ᠃ ᠤᠰᠤᠯᠠᠭ᠎ᠠ ᠲᠠᠢ ᠲᠠᠷᠢᠶ᠎ᠠ ᠵᠢᠯ ᠳ᠋ᠦ᠍ ᠤᠷᠭᠤᠰᠢ ᠠᠯᠳᠠᠬᠤ ᠦᠭᠡᠢ ᠪᠣᠯᠪᠠᠴᠤ ᠨᠥᠭᠡᠴᠡ ᠲᠡᠢ ᠪᠠᠢᠬᠤ ᠨᠢ ᠲᠤᠰᠠ ᠲᠠᠢ ᠪᠣᠯᠪᠠ ᠤᠤ? ᠭᠡᠬᠦ ᠳ᠋ᠦ᠍ ᠵᠡᠷᠭᠡᠴᠡᠨ ᠶᠠᠪᠤᠭᠰᠠᠨ ᠭᠠᠢᠳᠠᠪ ᠪᠠᠭᠠᠲᠤᠷ ᠲᠣᠯᠣᠭᠠᠢ ᠳᠣᠬᠢᠵᠤ ᠲᠠᠲᠠᠭᠰᠠᠨ ᠱᠤᠤᠳᠤᠤ ᠪᠠᠷ ᠤᠷᠤᠰᠬᠤ ᠤᠰᠤ ᠶ᠋ᠢ ᠬᠠᠷᠠᠨ᠎ᠠ᠃ ᠭᠠᠢᠳᠠᠪ ᠪᠠᠭᠠᠲᠤᠷ᠂
— ᠬᠠᠭᠠᠨᠲᠠᠨ ᠲᠠ ᠳᠣᠷᠣᠨᠠᠲᠤ ᠲᠦᠷᠺᠸᠨ᠋ᠰᠲᠨᠨ ᠡᠴᠡ ᠠᠪᠴᠢᠷᠠᠭᠰᠠᠨ ᠴᠠᠭᠠᠨ ᠱᠣ ᠶ᠋ᠢ ᠡᠯᠡᠰᠦᠨ ᠨᠤᠨᠲᠠᠭ ᠲᠠᠢ ᠬᠣᠯᠢᠵᠤ ᠪᠤᠴᠠᠯᠭᠠᠭᠠᠳ ᠳᠠᠷᠢ ᠬᠦᠬᠦᠷ ᠭᠠᠷᠭᠠᠭᠰᠠᠨ  ᠢ᠋ ᠡᠷᠲᠡ ᠳ᠋ᠦ᠍ ᠬᠠᠷᠠᠭᠰᠠᠨ ᠪᠢᠯᠡ᠃ ᠣᠷᠣᠰ ᠤ᠋ᠨ ᠬᠠᠭᠠᠨ ᠠ᠋ᠴᠠ ᠢᠯᠡᠭᠡᠭᠰᠡᠨ ᠫᠤᠤ ᠶ᠋ᠢᠨ ᠪᠢᠯᠲᠠ ᠪᠠᠷ ᠮᠠᠨ ᠤ᠋ ᠳᠠᠷᠢ ᠬᠦᠬᠦᠷ  ᠢ᠋ ᠲᠠᠰᠤᠯᠵᠤ ᠦᠵᠡᠬᠦ ᠳ᠋ᠦ᠍ ᠴᠢᠬᠢ ᠳᠦᠯᠡᠢᠷᠡᠮ᠎ᠡ ᠳᠠᠭᠤ ᠴᠢᠮᠡᠭᠡ ᠭᠠᠷᠴᠤ ᠤᠯᠠᠭᠠᠨ ᠭᠠᠯ ᠮᠠᠨᠠᠯᠵᠠᠵᠤ ᠪᠠᠢᠨ᠎ᠠ ᠯᠠᠢ᠃ ᠮᠠᠨᠵᠤ ᠶ᠋ᠢᠨ ᠲᠥᠯᠥᠭᠡᠨ ᠦ᠌ ᠰᠠᠢᠳ ᠴᠠᠳᠠᠤᠨ ᠭᠤᠨᠠᠨ ᠫᠤᠤ ᠶ᠋ᠢᠨ ᠳᠠᠭᠤᠨ ᠠ᠋ᠴᠠ ᠰᠣᠴᠢᠭᠰᠠᠨ ᠪᠤᠰᠤ ᠤᠤ? ᠮᠡᠷᠭᠡᠨ ᠰᠠᠢᠳ ᠬᠡᠯᠡᠬᠦ ᠳ᠋ᠡᠭᠡᠨ ᠣᠷᠣᠰ ᠤ᠋ᠨ ᠲᠣᠪᠣᠯᠰᠺ ᠬᠣᠲᠠ ᠳ᠋ᠤ᠌ ᠪᠠᠷᠠᠭ᠎ᠠ ᠪᠠᠷ ᠰᠣᠯᠢᠪᠠᠯ ᠪᠣᠯᠬᠤ ᠪᠣᠯᠪᠠ ᠤᠤ? ᠭᠡᠵᠦ ᠨᠠᠳᠠ ᠠ᠋ᠴᠠ ᠠᠰᠠᠭᠤᠭᠰᠠᠨ᠂ ᠪᠢ ᠮᠡᠳᠡᠬᠦ ᠦᠭᠡᠢ ᠭᠡᠵᠦ ᠬᠡᠯᠡᠭᠰᠡᠨ ᠭᠡᠬᠦ ᠳ᠋ᠦ᠍ ᠭᠠᠯᠳᠠᠨ ᠪᠣᠱᠣᠭᠲᠤ ᠬᠠᠭᠠᠨ ᠤ᠋ ᠰᠢᠨᠠ ᠭᠦᠷᠡᠯᠵᠡᠨ ᠪᠠᠢᠪᠠ᠃ ᠬᠠᠭᠠᠨ᠂
— ᠭᠠᠢᠳᠠᠪ ᠪᠠᠭᠠᠲᠤᠷ ᠲᠠ ᠮᠡᠳᠡᠬᠦ ᠶᠠᠭᠤᠮ᠎ᠠ ᠪᠠᠨ ᠮᠡᠳᠡᠬᠦ ᠪᠠᠢ᠃
ᠬᠠᠷᠢᠨ ᠳᠠᠷᠢ ᠬᠦᠬᠦᠷ ᠦ᠋ᠨ ᠬᠤᠪᠢ ᠳ᠋ᠤ᠌ ᠨᠢᠭᠤᠴᠠ ᠠᠯᠳᠠᠵᠤ ᠪᠣᠯᠬᠤ ᠦᠭᠡᠢ ᠰᠢᠦ ᠭᠡᠮᠡᠨ ᠰᠠᠨᠠᠭᠤᠯᠪᠠ᠃
 ᠭᠠᠯᠳᠠᠨ ᠪᠣᠱᠣᠭᠲᠤ ᠬᠠᠭᠠᠨ ᠤ᠋ ᠮᠣᠷᠢᠲᠤ ᠴᠡᠷᠢᠭ ᠦ᠋ᠳ ᠬᠣᠪᠲᠣ ᠭᠣᠣᠯ ᠤ᠋ᠨ ᠪᠢᠲᠡᠭᠦᠦ ᠪᠤᠷᠭᠠᠰᠤᠨ ᠰᠢᠭᠤᠢ ᠤᠷᠤᠭᠤ ᠰᠢᠷᠭᠤᠵᠤ ᠣᠷᠣᠯ᠎ᠠ᠃ ᠪᠤᠷᠭᠠᠰᠤᠨ ᠤ᠋ ᠵᠤᠤᠪᠠᠩ ᠨᠠᠪᠴᠢᠰ ᠴᠡᠷᠢᠭ ᠡᠷᠡᠰ᠂ ᠪᠠᠭᠠᠲᠤᠷ ᠵᠠᠩᠵᠤᠳ ᠤ᠋ᠨ ᠬᠠᠴᠠᠷ ᠨᠢᠭᠤᠷ  ᠢ᠋ ᠵᠥᠭᠡᠯᠡᠨ ᠣᠷᠢᠶᠠᠯᠭᠠᠬᠤ ᠠᠵᠢ᠃ ᠪᠤᠷᠭᠠᠰᠤ ᠳᠤᠮᠳᠠᠭᠤᠷ ᠤᠷᠤᠰᠬᠤ ᠲᠦᠷᠭᠡᠨ ᠤᠷᠤᠰᠬᠠᠯᠲᠤ ᠠᠭᠤᠯᠠ ᠶ᠋ᠢᠨ ᠭᠣᠣᠯ  ᠢ᠋ ᠲᠡᠳᠡ ᠭᠠᠲᠤᠯᠵᠠᠢ᠃ ᠭᠠᠯᠳᠠᠨ ᠪᠣᠱᠣᠭᠲᠤ ᠬᠠᠭᠠᠨ  ᠢ᠋ ᠮᠣᠷᠢᠨ ᠠ᠋ᠴᠠ ᠰᠡᠪᠬᠢᠨ ᠪᠠᠭᠤᠬᠤ ᠳ᠋ᠤ᠌ ᠬᠥᠲᠥᠴᠢ ᠴᠡᠷᠢᠭ ᠴᠤᠯᠪᠤᠭᠤᠷ ᠠ᠋ᠴᠠ ᠨᠢ ᠠᠯᠢ ᠬᠡᠳᠦᠢᠨ ᠠᠳᠬᠤᠭᠰᠠᠨ ᠵᠣᠭᠰᠣᠨ᠎ᠠ᠃ ᠭᠠᠯᠳᠠᠨ ᠵᠠᠮ ᠢ᠋ᠶ᠋ᠠᠨ ᠮᠡᠳᠡᠳᠡᠭ ᠬᠥᠮᠦᠨ ᠦ᠌ ᠶᠣᠰᠣ ᠪᠠᠷ᠂
— ᠢᠢᠰᠢ ᠪᠡᠨ ᠶᠠᠪᠠᠭᠠᠨ ᠢ᠋ᠶ᠋ᠠᠷ ᠣᠴᠢᠨ᠎ᠠ ᠭᠡᠬᠦ ᠳ᠋ᠦ᠍ ᠭᠠᠢᠳᠠᠪ ᠪᠠᠭᠠᠲᠤᠷ ᠲᠦᠷᠦᠭᠦᠯᠡᠵᠦ ᠠᠯᠬᠤᠭᠰᠠᠨ ᠢ᠋ᠶ᠋ᠠᠨ ᠡᠷᠭᠢᠵᠦ᠂
— ᠲᠡᠮᠦᠷ ᠦ᠋ᠨ ᠬᠦᠳᠡᠷ  ᠢ᠋ ᠭᠠᠯ ᠳ᠋ᠤ᠌ ᠬᠠᠢᠯᠤᠭᠤᠯᠤᠭᠠᠳ ᠳᠠᠷᠬᠠᠨ ᠤ᠋ ᠭᠠᠵᠠᠷ ᠤᠷᠤᠭᠤ ᠤᠷᠤᠰᠬᠠᠳᠠᠭ ᠪᠣᠯᠤᠭᠰᠠᠨ᠃ ᠲᠠᠨ  ᠢ᠋ ᠠᠩᠬ᠎ᠠ ᠦᠵᠡᠬᠦ ᠳ᠋ᠦ᠍ ᠱᠤᠤᠳᠤᠤ ᠲᠠᠲᠠᠭ᠎ᠠ ᠦᠭᠡᠢ ᠪᠠᠢᠭᠰᠠᠨ ᠶᠤᠮ ᠭᠡᠵᠦ ᠥᠭᠦᠯᠡᠭᠡᠳ ᠲᠦᠷᠦᠭᠦᠯᠡᠵᠦ ᠠᠯᠬᠤᠯ᠎ᠠ᠃
ᠭᠠᠢᠳᠠᠪ ᠪᠠᠭᠠᠲᠤᠷ ᠪᠢᠶᠠᠳ ᠲᠠᠢ ᠬᠣᠯᠠ ᠠᠯᠬᠤᠨ᠎ᠠ᠃ ᠭᠠᠯᠳᠠᠨ ᠬᠥᠮᠦᠰ ᠲᠡᠢ ᠪᠡᠨ ᠳᠠᠭᠠᠨ᠎ᠠ᠃

ᠳᠣᠯᠣᠭ᠎ᠠ
 ᠪᠢ ᠲᠡᠮᠦᠷ ᠲᠡᠢ᠂ ᠳᠠᠷᠢ ᠲᠠᠢ ᠪᠣᠯᠬᠤ ᠶ᠋ᠢ ᠮᠥᠷᠥᠭᠡᠳᠴᠦ ᠪᠠᠢᠪᠠ᠃ ᠲᠡᠮᠦᠷ ᠨᠢ ᠵᠡᠪᠰᠡᠭ  ᠶᠤᠮ᠃ ᠳᠠᠷᠢ ᠨᠢ ᠬᠦᠨᠡᠰᠦ ᠶᠦᠮ᠃ ᠤᠯᠠᠭᠠᠨᠭᠣᠮ ᠠ᠋ᠴᠠ ᠬᠣᠯᠠ ᠦᠭᠡᠢᠬᠡᠨ ᠮᠠᠨᠤᠨ ᠴᠢᠯᠠᠭᠤᠨ ᠦᠢᠯᠡᠳᠪᠦᠷᠢ ᠨᠡᠭᠡᠭᠡᠪᠡ᠃ ᠮᠠᠨᠤ ᠪᠣᠯ ᠭᠠᠯ ᠭᠠᠷᠭᠠᠳᠠᠭ ᠣᠨᠴᠠᠭᠠᠢ ᠴᠢᠳᠠᠪᠤᠷᠢ ᠲᠠᠢ ᠴᠢᠯᠠᠭᠤ ᠠᠵᠢ᠃ ᠬᠡᠳᠦᠨ ᠵᠢᠯ ᠳᠠᠢᠳᠤᠯ᠎ᠠ᠃ ᠵᠡᠭᠦᠨᠭᠠᠷ ᠤ᠋ᠨ ᠪᠠᠶᠠᠯᠢᠭ  ᠢ᠋ ᠬᠦᠯᠬᠦᠵᠦ ᠣᠢᠷᠠᠳ ᠤ᠋ᠳ  ᠢ᠋ ᠪᠣᠭᠣᠯᠴᠢᠯᠠᠬᠤ ᠰᠠᠨᠠᠭᠠᠲᠠᠨ ᠨᠤᠭᠤᠳ ᠭᠠᠳᠠᠭᠠᠳᠤ ᠳᠣᠲᠣᠭᠠᠳᠤ ᠳ᠋ᠤ᠌ ᠪᠠᠢᠭ᠎ᠠ ᠶ᠋ᠢ ᠪᠢ ᠮᠡᠳᠡᠭᠰᠡᠭᠡᠷ ᠪᠢᠯᠡ ᠭᠡᠮᠡᠨ ᠭᠠᠯᠳᠠᠨ ᠬᠠᠭᠠᠨ ᠲᠡᠮᠳᠡᠭᠯᠡᠪᠡ᠃
 ᠬᠠᠭᠠᠨ ᠤ᠋ ᠲᠡᠮᠳᠡᠭᠯᠡᠯ ᠦ᠋ᠨ ᠰᠢᠷ᠎ᠠ ᠬᠠᠭᠤᠳᠠᠰᠤ ᠬᠠᠭᠤᠴᠢᠨ ᠣᠢᠷᠠᠳ ᠤ᠋ᠨ ᠲᠡᠦᠬᠡ ᠪᠣᠯᠵᠤ ᠪᠠᠢᠨ᠎ᠠ᠃ ᠰᠢᠷ᠎ᠠ ᠬᠠᠭᠤᠳᠠᠰᠤ ᠪᠦᠷᠢ ᠨᠢᠭᠡ ᠲᠡᠦᠬᠡ  ᠶᠤᠮ᠃ ᠲᠡᠭᠦᠨ ᠦ᠌ ᠰᠢᠷ᠎ᠠ ᠬᠠᠭᠤᠳᠠᠰᠤ ᠠᠭᠠᠵᠢᠮᠬᠠᠨ ᠰᠡᠬᠦᠭᠳᠡᠨ᠎ᠡ᠃ ᠲᠡᠮᠦᠷ ᠦ᠋ᠨ ᠴᠤᠪᠢᠮᠠᠯ ᠢ᠋ ᠳᠠᠷᠬᠠᠴᠤᠳ ᠲᠦᠰᠢ ᠶ᠋ᠢᠨ ᠳᠡᠭᠡᠷ᠎ᠡ  ᠯᠠᠩᠲᠤᠤᠳᠠᠨ᠎ᠠ᠃  ᠯᠠᠩᠲᠤᠤᠳᠠᠭᠰᠠᠨ ᠨᠢᠮᠭᠡᠨ ᠲᠡᠮᠦᠷ  ᠢ᠋ ᠰᠠᠷᠠᠪᠴᠢᠨ ᠳ᠋ᠤ᠌ ᠠᠪᠠᠴᠢᠵᠤ ᠲᠤᠰᠬᠠᠢ ᠬᠡᠪ ᠲᠦ᠍ ᠣᠷᠣᠭᠤᠯᠵᠤ ᠰᠡᠯᠡᠮ᠎ᠡ ᠬᠡᠪᠯᠡᠵᠦ ᠪᠠᠢᠨ᠎ᠠ᠃ ᠳᠠᠷᠬᠠᠴᠤᠤᠯ ᠤ᠋ᠨ ᠨᠢᠴᠦᠭᠦᠨ ᠴᠡᠭᠡᠵᠢ᠂ ᠴᠢᠭᠢᠷᠠᠭ ᠪᠡᠶ᠎ᠡ ᠳᠡᠭᠡᠭᠦᠷ ᠬᠥᠯᠥᠰᠥ ᠴᠤᠪᠤᠨ᠎ᠠ᠃ ᠭᠠᠯᠳᠠᠨ ᠬᠠᠭᠠᠨ᠂
   — ᠠᠭᠤᠯᠠ ᠶ᠋ᠢᠨ ᠲᠡᠮᠦᠷ ᠬᠡᠳᠦᠢ ᠳ᠋ᠦ᠍ ᠪᠠᠷᠠᠭᠳᠠᠬᠤ ᠪᠣᠯ ᠭᠡᠮᠡᠨ ᠵᠠᠯᠠᠭᠤ ᠳᠠᠷᠬᠠᠨ ᠠ᠋ᠴᠠ ᠠᠰᠠᠭᠤᠯ᠎ᠠ᠃ ᠵᠠᠯᠠᠭᠤ ᠳᠠᠷᠬᠠᠨ ᠤ᠋ ᠴᠡᠭᠡᠵᠢᠨ ᠳ᠋ᠦ᠍ ᠬᠥᠨᠳᠡᠯᠡᠨ ᠤᠯᠠᠭᠠᠨ ᠰᠣᠷᠪᠢ ᠪᠠᠢᠪᠠ᠃ ᠳᠠᠷᠬᠠᠨ ᠵᠠᠯᠠᠭᠤ᠂
— ᠬᠠᠭᠠᠨᠲᠠᠨ ᠮᠢᠨᠢ᠂ ᠡᠨᠡ ᠲᠣᠮᠣ ᠬᠠᠳᠠ ᠨᠤᠭᠤᠳ ᠪᠣᠯ ᠴᠢᠯᠠᠭᠤ ᠪᠢᠰᠢ ᠲᠡᠮᠦᠷ ᠰᠢᠦ ᠳᠡ᠃ ᠭᠠᠯᠠᠪ ᠶᠡᠭᠦᠷᠡᠲᠡᠯ᠎ᠡ ᠲᠡᠮᠦᠷ ᠦ᠋ᠨ ᠬᠦᠳᠡᠷ ᠳᠠᠭᠤᠰᠬᠤ ᠦᠭᠡᠢ ᠪᠢᠵᠡ ᠭᠡᠮᠡᠨ ᠠᠢᠬᠤᠪᠲᠤᠷ ᠭᠠᠪᠰᠢᠭᠠᠢ ᠬᠠᠷᠢᠭᠤᠯᠲᠠ ᠥᠭᠬᠦ ᠳ᠋ᠦ᠍ ᠭᠠᠯᠳᠠᠨ ᠪᠣᠱᠣᠭᠲᠤ ᠬᠠᠭᠠᠨ ᠬᠥᠷ  ᠬᠥᠷ ᠢᠨᠢᠶᠡᠪᠡ᠃ ᠬᠠᠭᠠᠨ᠂
   — ᠮᠢᠨᠦ ᠰᠠᠩ ᠠ᠋ᠴᠠ ᠭᠤᠷᠪᠠᠨ ᠲᠣᠭᠣᠭ᠎ᠠ ᠲᠠᠷᠢᠶ᠎ᠠ ᠪᠠᠷ ᠵᠠᠯᠠᠭᠤ ᠳᠠᠷᠬᠠᠨ ᠤ᠋ ᠤᠷᠮ᠎ᠠ ᠶ᠋ᠢ ᠰᠡᠷᠭᠦᠭᠡ ᠁ ᠭᠡᠯ᠎ᠡ᠃ ᠳᠠᠷᠬᠠᠨ ᠵᠠᠯᠠᠭᠤ᠂
— ᠪᠢ ᠡᠵᠢ ᠳ᠋ᠡᠭᠡᠨ ᠠᠪᠠᠴᠢᠵᠤ ᠥᠭᠭᠦᠨ᠎ᠡ᠃ ᠠ᠋ ᠭᠢᠯᠠᠢ ᠁ ᠭᠡᠪᠡ᠃
ᠵᠡᠭᠦᠨᠭᠠᠷ ᠤ᠋ᠨ ᠬᠠᠭᠠᠨ ᠭᠠᠯᠳᠠᠨ ᠪᠣᠱᠣᠭᠲᠤ ᠪᠠᠢᠨ ᠪᠠᠢᠨ ᠨᠤᠲᠤᠭ ᠢ᠋ᠶ᠋ᠠᠨ ᠲᠣᠭᠣᠷᠢᠨ ᠠᠶᠠᠯᠠᠨ᠎ᠠ᠃ ᠭᠠᠯᠳᠠᠨ ᠬᠠᠭᠠᠨ ᠰᠦᠰᠦᠭ ᠶᠡᠬᠡᠲᠡᠢ ᠪᠥᠭᠡᠳ ᠠᠯᠤᠰ ᠬᠣᠯᠠ ᠶᠠᠪᠤᠬᠤ᠂ ᠠᠪᠠ ᠬᠣᠮᠣᠷᠭ᠎ᠠ ᠬᠢᠬᠦ᠂ ᠲᠡᠢᠨ ᠳᠣᠯᠣᠭᠠᠨ ᠳ᠋ᠤ᠌ ᠮᠣᠷᠳᠠᠬᠤ ᠶ᠋ᠢᠨ ᠡᠮᠦᠨ᠎ᠡ᠂ ᠡᠷᠢᠭᠡ ᠪᠡᠨ ᠵᠠᠪᠠᠯ ᠱᠣᠳᠠᠨ ᠲᠠᠲᠠᠵᠤ ᠪᠤᠷᠬᠠᠨ ᠳ᠋ᠤ᠌ ᠬᠤᠪᠢ ᠵᠠᠶᠠᠭ᠎ᠠ ᠪᠠᠨ ᠳᠠᠭᠠᠳᠬᠠᠨ᠎ᠠ᠃ ᠡᠨᠡ ᠤᠳᠠᠭ᠎ᠠ ᠡᠷᠢᠭᠡ ᠪᠡᠨ ᠱᠣᠳᠠᠨ ᠲᠠᠲᠠᠵᠤ ᠦᠵᠡᠭᠡᠳ ᠲᠡᠮᠦᠷ ᠦ᠋ᠨ ᠳᠠᠷᠬᠠᠨ ᠵᠠᠯᠠᠭᠤ ᠠ᠋ᠴᠠ ᠳᠠᠬᠢᠨ ᠠᠰᠠᠭᠤᠪᠠ᠃ ᠬᠠᠭᠠᠨ᠂
 — ᠬᠥᠪᠡᠭᠦᠨ ᠰᠡᠯᠡᠮ᠎ᠡ ᠡᠴᠡ ᠥᠭᠡᠷ᠎ᠡ ᠶᠠᠮᠠᠷ ᠵᠡᠪᠰᠡᠭ ᠦᠢᠯᠡᠳᠦᠨ᠎ᠡ ᠭᠡᠬᠦ ᠳ᠋ᠦ᠍ ᠳᠠᠷᠬᠠᠨ ᠵᠠᠯᠠᠭᠤ ᠢᠨᠢᠶᠡᠮᠰᠦᠭᠯᠡᠨ ᠬᠠᠭᠠᠨ ᠤ᠋ ᠥᠭᠡᠳᠡ ᠡᠴᠡ ᠬᠠᠷᠠᠵᠤ ᠪᠠᠢᠭᠰᠠᠨ ᠢ᠋ᠶ᠋ᠠᠨ《ᠣᠳᠣᠬᠠᠨ ᠢᠷᠡᠨ᠎ᠡ》 ᠭᠡᠳ ᠶᠠᠪᠤᠴᠢᠬᠠᠪᠠ᠃ ᠲᠡᠷᠡ ᠳᠠᠷᠬᠠᠨ ᠵᠠᠯᠠᠭᠤ ᠰᠠᠷᠠᠪᠴᠢ ᠶ᠋ᠢᠨ ᠮᠤᠬᠤᠷ ᠲᠤ᠌ ᠣᠴᠢᠵᠤ ᠲᠡᠮᠦᠷ ᠱᠠᠵᠢᠭᠢᠨᠠᠭᠤᠯᠤᠭᠰᠠᠨ ᠢ᠋ᠶ᠋ᠠᠨ ᠨᠢᠭᠡᠨ ᠭᠠᠷᠠᠬ᠎ᠠ ᠪᠠᠮᠪᠠᠢ ᠠᠪᠴᠢᠷᠠᠨ᠎ᠠ᠃ ᠬᠠᠭᠠᠨ ᠢ᠋ᠶ᠋ᠠᠷ᠂
— ᠬᠥᠪᠡᠭᠦᠨ ᠨᠠᠭᠠᠳᠤ ᠪᠠᠮᠪᠠᠢ ᠪᠠᠨ ᠡᠮᠦᠰᠦᠭᠲᠦᠨ᠃ ᠳᠠᠷᠬᠠᠨ ᠵᠠᠯᠠᠭᠤ ᠲᠡᠮᠦᠷ ᠪᠠᠮᠪᠠᠢ ᠶ᠋ᠢ ᠡᠮᠦᠰᠴᠦ ᠬᠠᠭᠠᠨ ᠤ᠋ ᠡᠮᠦᠨ᠎ᠡ ᠵᠣᠭᠰᠣᠪᠠ᠃ ᠡᠨᠡ ᠦᠶ᠎ᠡ ᠳ᠋ᠦ᠍ ᠬᠠᠭᠠᠨ᠂
— ᠲᠡᠢᠰᠢ ᠪᠡᠨ ᠣᠴᠢᠵᠤ ᠵᠣᠭᠰᠣ ᠭᠡᠵᠦ ᠰᠠᠷᠠᠪᠴᠢᠨ ᠤ᠋ ᠡᠭᠦᠳᠡ ᠪᠡᠷ ᠨᠣᠭᠣᠭᠠᠷᠠᠬᠤ ᠪᠤᠷᠭᠠᠰᠤᠨ ᠤ᠋ ᠵᠠᠬ᠎ᠠ ᠤᠷᠤᠭᠤ ᠬᠤᠷᠤᠭᠤ ᠪᠠᠷ ᠢ᠋ᠶ᠋ᠠᠨ ᠵᠢᠭᠠᠯ᠎ᠠ᠃ ᠵᠠᠯᠠᠭᠤ ᠳᠠᠷᠬᠠᠨ ᠵᠢᠭᠠᠭᠰᠠᠨ ᠭᠠᠵᠠᠷ  ᠲᠤ ᠣᠴᠢᠵᠤ ᠵᠣᠭᠰᠣᠪᠠ᠃ ᠭᠠᠯᠳᠠᠨ ᠬᠠᠭᠠᠨ᠂
— ᠭᠠᠢᠳᠠᠪ ᠪᠠᠭᠠᠲᠤᠷ ᠲᠡᠮᠦᠷ ᠪᠠᠮᠪᠠᠢ ᠶ᠋ᠢ ᠰᠢᠯᠭᠠᠵᠤ ᠬᠠᠷᠪᠤᠭᠲᠤᠨ᠃ ᠭᠤᠷᠪᠠᠨ ᠲᠣᠭᠣᠭ᠎ᠠ ᠲᠠᠷᠢᠶᠠᠨ ᠤ᠋ ᠦᠨ᠎ᠡ ᠲᠡᠢ ᠠᠮᠢ ᠭᠡᠵᠦ ᠬᠠᠮᠢᠭ᠎ᠠ ᠪᠠᠢᠬᠤ ᠪᠢᠯᠡ ᠭᠡᠵᠦ ᠲᠤᠰᠢᠶᠠᠯ᠎ᠠ᠃
 ᠡᠨᠡ ᠰᠠᠴᠠᠭᠤ ᠭᠠᠢᠳᠠᠪ ᠪᠠᠭᠠᠲᠤᠷ ᠠᠯᠠᠪᠬᠢᠨ ᠬᠥᠳᠡᠯᠵᠦ ᠶᠠᠭᠠᠬᠢᠬᠤ ᠡᠢᠬᠦ ᠶ᠋ᠢᠨ ᠵᠠᠪᠳᠤᠯ ᠦᠭᠡᠢ ᠰᠤᠮᠤ ᠲᠠᠯᠪᠢᠵᠤ ᠣᠷᠬᠢᠪᠠ᠃ ᠰᠤᠮᠤ ᠲᠡᠮᠦᠷ ᠬᠤᠶᠠᠭ ᠢ᠋ ᠮᠥᠷᠭᠥᠭᠡᠳ ᠭᠠᠵᠠᠷ  ᠲᠤ ᠤᠨᠠᠪᠠ᠃ ᠳᠠᠷᠬᠠᠨ ᠵᠠᠯᠠᠭᠤ ᠶᠠᠯᠢᠭᠦᠢ ᠭᠠᠢᠬᠠᠭᠰᠠᠨ ᠢ᠋ᠶ᠋ᠠᠨ ᠵᠡᠰ ᠬᠣᠰᠢᠭᠤᠲᠤ ᠰᠤᠮᠤ ᠶ᠋ᠢ ᠭᠠᠵᠠᠷ ᠠ᠋ᠴᠠ ᠤᠬᠤᠰᠬᠢᠨ ᠭᠠᠷ ᠲᠠᠭᠠᠨ ᠪᠠᠷᠢᠭᠠᠳ ᠭᠠᠯᠳᠠᠨ ᠪᠣᠱᠣᠭᠲᠤ ᠬᠠᠭᠠᠨ ᠤ᠋ ᠡᠮᠦᠨ᠎ᠡ ᠢᠷᠡᠪᠡ᠃ ᠣᠢᠷᠠᠳ ᠤ᠋ᠨ ᠪᠠᠭᠠᠲᠤᠷ ᠡᠷᠡᠰ ᠬᠥᠬᠥᠷᠡᠯᠳᠦᠨ ᠰᠠᠢᠰᠢᠶᠠᠵᠤ ᠬᠠᠭᠠᠨ ᠤ᠋ ᠮᠡᠷᠭᠡᠨ ᠤᠬᠠᠭᠠᠨ ᠢ᠋ ᠲᠠᠯᠠᠷᠬᠠᠬᠤ ᠳ᠋ᠤ᠌ ᠮᠥᠨᠥᠬᠢ ᠳᠠᠷᠬᠠᠨ ᠵᠠᠯᠠᠭᠤ ᠲᠡᠳᠡᠨ ᠦ᠌ ᠬᠡ ᠦᠭᠡᠢ ᠴᠠᠢᠯᠭᠠᠨ ᠢᠨᠢᠶᠡᠳᠦ ᠳ᠋ᠦ᠍ ᠪᠡᠶᠡᠰᠴᠦ ᠰᠡᠭᠦᠷᠡᠰᠦ ᠠᠯᠳᠠᠯ᠎ᠠ᠃
 ᠭᠠᠯᠳᠠᠨ ᠪᠣᠱᠣᠭᠲᠤ ᠬᠠᠭᠠᠨ《ᠠᠮᠢᠳᠤᠷᠠᠯ ᠲᠣᠬᠣᠭᠤ ᠲᠠᠢ ᠰᠢᠦ᠃ ᠳᠠᠷᠬᠠᠨ ᠬᠠᠷ᠎ᠠ ᠬᠦᠦ ᠪᠠᠮᠪᠠᠢ ᠪᠠᠨ ᠮᠢᠬᠠᠨ ᠲᠡᠮᠦᠷ ᠢ᠋ᠶ᠋ᠡᠷ ᠤᠷᠠᠯᠠᠭᠰᠠᠨ ᠪᠠᠢᠪᠠᠰᠤ ᠦᠬᠦᠬᠦ ᠪᠠᠢᠯ᠎ᠠ᠃ ᠰᠡᠳᠬᠢᠯ ᠵᠥᠪ ᠲᠡᠢ ᠬᠥᠮᠦᠨ ᠦ᠌ ᠦᠢᠯᠡᠰ ᠥᠭᠡᠳᠡ ᠪᠡᠨ ᠪᠠᠢᠬᠤ ᠶᠤᠮ᠃ ᠰᠠᠢᠨ ᠪᠠᠮᠪᠠᠢ ᠪᠣᠯᠵᠠᠢ》 ᠭᠡᠮᠡᠨ ᠪᠣᠳᠣᠭᠠᠳ᠂
— ᠣᠢᠷᠠᠳ ᠤ᠋ᠨ ᠪᠠᠭᠠᠲᠤᠷ ᠡᠷᠡᠰ ᠵᠠᠷ ᠵᠡᠪᠰᠡᠭ ᠢ᠋ᠶ᠋ᠡᠨ ᠠᠮᠢ ᠪᠠᠷ ᠢ᠋ᠶ᠋ᠠᠨ ᠰᠢᠯᠭᠠᠬᠤ ᠶᠣᠰᠣᠲᠠᠢ ᠭᠡᠵᠦ ᠠᠢᠯᠠᠳᠪᠠ᠃
 ᠼᠠᠮᠪᠤᠭᠠᠷᠪᠤ ᠶ᠋ᠢᠨ ᠲᠡᠨᠢᠭᠦᠨ ᠴᠠᠭᠠᠨ ᠣᠷᠭᠢᠯ ᠠ᠋ᠴᠠ ᠰᠣᠯᠣᠩᠭ᠎ᠠ ᠲᠠᠲᠠᠵᠠᠢ᠃ ᠭᠠᠯᠳᠠᠨ ᠬᠠᠭᠠᠨ ᠰᠣᠯᠣᠩᠭ᠎ᠠ ᠶ᠋ᠢ ᠬᠠᠷᠠᠭᠠᠪᠴᠢᠯᠠᠨ ᠪᠠᠢᠭᠰᠠᠨ ᠢ᠋ᠶ᠋ᠠᠨ《ᠪᠣᠭᠳᠠ ᠭᠡᠭᠡᠨᠲᠠᠨ ᠲᠠᠢ ᠵᠣᠯᠭᠠᠬᠤ ᠶᠤᠮᠰᠠᠨ》 ᠭᠡᠵᠦ ᠪᠣᠳᠣᠪᠠ᠃ ᠥᠨᠳᠥᠷ ᠭᠡᠭᠡᠨ ᠵᠠᠨᠠᠪᠠᠽᠠᠷ ᠢ᠋ ᠡᠷᠳᠡᠨᠢ ᠵᠣᠣ ᠳ᠋ᠤ᠌ ᠱᠠᠪᠢᠯᠠᠨ ᠪᠠᠢᠬᠤ ᠦᠶ᠎ᠡ ᠪᠡᠷ ᠨᠢᠭᠡ ᠤᠳᠠᠭ᠎ᠠ ᠮᠥᠷᠭᠥᠯᠴᠢᠨ ᠦ᠌ ᠳᠦᠷᠢ ᠪᠡᠷ ᠭᠠᠯᠳᠠᠨ ᠪᠣᠱᠣᠭᠲᠤ ᠣᠴᠢᠭᠰᠠᠨ ᠪᠠᠢᠵᠠᠢ᠃
 ᠥᠨᠳᠥᠷ ᠭᠡᠭᠡᠨ ᠭᠠᠯᠳᠠᠨ ᠢ᠋ ᠡᠷᠢᠭᠡ ᠪᠡᠷ ᠨᠢ ᠲᠠᠨᠢᠵᠤ᠂
— ᠬᠤᠪᠢᠯᠭᠠᠨ ᠯᠠᠮᠠᠳᠠᠨ ᠠᠶᠠᠨ ᠵᠠᠮ ᠳ᠋ᠠᠭᠠᠨ ᠲᠠᠪᠠᠲᠠᠢ ᠮᠣᠷᠢᠯᠠᠵᠤ ᠢᠷᠡᠪᠡ ᠤᠤ? ᠭᠡᠬᠦ ᠳ᠋ᠦ᠍ ᠭᠠᠯᠳᠠᠨ ᠶᠡᠬᠡᠳᠡ ᠣᠯᠵᠠᠭᠤᠷᠬᠠᠨ᠂
— ᠭᠡᠭᠡᠨᠲᠡᠨ ᠤᠷᠠᠨ ᠬᠥᠮᠦᠨ ᠪᠣᠯᠬᠣᠷ ᠢ᠋ᠶ᠋ᠠᠨ ᠪᠤᠷᠬᠠᠨ ᠤᠬᠠᠭᠠᠨ ᠲᠠᠢ ᠪᠠᠢᠨ᠎ᠠ ᠰᠢᠦ ᠭᠡᠳ ᠣᠢᠷᠠᠲᠤᠨ ᠮᠣᠳᠣᠷ ᠤ᠋ᠨ ᠠᠳᠢᠰ ᠬᠦᠷᠲᠡᠪᠡ᠃
— ᠲᠥᠷᠥ ᠲᠦᠪᠰᠢᠨ ᠠᠮᠤᠭᠤᠯᠠᠩ ᠤᠤ? ᠭᠡᠮᠡᠨ ᠪᠣᠭᠳᠠ ᠯᠠᠮᠠ ᠶ᠋ᠢ ᠠᠰᠠᠭᠤᠬᠤ ᠳ᠋ᠤ᠌ ᠭᠠᠯᠳᠠᠨ᠂
— ᠶᠡᠬᠡ ᠮᠣᠩᠭᠣᠯ ᠤᠯᠤᠰ ᠢ᠋ ᠵᠡᠭᠦᠳᠦᠯᠡᠵᠦ ᠪᠠᠢᠨ᠎ᠠ ᠭᠡᠯ᠎ᠡ᠃ ᠵᠠᠨᠠᠪᠠᠽᠠᠷ ᠭᠡᠭᠡᠨᠲᠡᠨ᠂
— ᠬᠠᠭᠠᠨ ᠲᠠ ᠳᠣᠷᠣᠨᠠᠲᠤ ᠲᠦᠷᠺᠸᠨ᠋ᠰᠲ᠋ᠠᠨ ᠢ᠋ ᠡᠷᠬᠡᠰᠢᠶᠡᠵᠦ ᠬᠤᠷᠢᠶᠠᠭᠰᠠᠨ ᠭᠡᠪᠡ ᠤᠤ? ᠭᠡᠮᠡᠨ ᠠᠰᠠᠭᠤᠬᠤ ᠳ᠋ᠤ᠌ ᠭᠠᠯᠳᠠᠨ᠂
— ᠡᠴᠢᠭᠡ ᠳᠡᠭᠡᠳᠦᠰ ᠦ᠋ᠨ ᠨᠤᠲᠤᠭ ᠶᠤᠮᠰᠠᠨ᠃ ᠵᠡᠭᠦᠨᠭᠠᠷ ᠲᠠᠢ ᠨᠢᠭᠡᠳᠬᠡᠬᠦ ᠰᠣᠨᠢᠷᠬᠠᠯ ᠲᠠᠢ ᠪᠠᠢᠭᠰᠠᠨ ᠶᠤᠮ ᠭᠡᠯ᠎ᠡ᠃
ᠥᠨᠳᠥᠷ ᠭᠡᠭᠡᠨ ᠵᠠᠨᠠᠪᠠᠽᠠᠷ ᠵᠡᠭᠦᠨᠭᠠᠷ ᠤ᠋ᠨ ᠬᠠᠭᠠᠨᠲᠤ ᠤᠯᠤᠰ ᠤ᠋ᠨ ᠬᠠᠭᠠᠨ ᠭᠠᠯᠳᠠᠨ ᠲᠠᠢ ᠰᠥᠨᠢ ᠶ᠋ᠢᠨ ᠲᠤᠷᠰᠢ ᠬᠠᠭᠤᠴᠢᠯᠠᠵᠤ ᠬᠣᠨᠣᠵᠠᠢ᠃ ᠮᠠᠷᠭᠠᠰᠢ ᠨᠢ ᠮᠥᠷᠭᠥᠯᠴᠢᠳ ᠦ᠋ᠨ ᠴᠤᠪᠤᠭ᠎ᠠ ᠬᠥᠳᠡᠯᠬᠦ ᠳ᠋ᠦ᠍ ᠲᠡᠳᠡᠨ ᠦ᠌ ᠳᠤᠮᠳᠠ ᠠ᠋ᠴᠠ ᠭᠠᠯᠳᠠᠨ ᠬᠤᠪᠢᠯᠭᠠᠨ ᠡᠷᠭᠢᠵᠦ ᠬᠠᠷᠠᠭᠠᠳ ᠨᠠᠮᠠᠨᠴᠢᠯᠠᠨ ᠵᠠᠯᠪᠠᠷᠢᠭᠰᠠᠨ ᠪᠢᠯᠡ᠃

ᠨᠠᠢ᠍ᠮᠠ
 ᠲᠥᠪᠭᠦᠨ ᠬᠡᠢᠳ ᠦ᠋ᠨ ᠴᠢᠩᠬ᠎ᠠ ᠣᠷᠣᠢ ᠳ᠋ᠤ᠌ ᠲᠩᠷᠢ ᠣᠪᠣᠭ᠎ᠠ ᠪᠣᠢ᠃ ᠥᠨᠳᠥᠷ ᠭᠡᠭᠡᠨ ᠲᠡᠷᠡ ᠬᠦ᠌ ᠲᠩᠷᠢ ᠣᠪᠣᠭᠠᠨ ᠤ᠋ ᠳᠡᠷᠭᠡᠳᠡ ᠡᠴᠡ ᠭᠠᠯᠳᠠᠨ  ᠢ᠋ ᠬᠠᠷᠠᠵᠤ ᠲᠡᠭᠦᠨ ᠦ᠌ ᠨᠠᠮᠠᠨᠴᠢᠯᠠᠨ ᠵᠠᠯᠪᠠᠷᠢᠬᠤ ᠳ᠋ᠤ᠌ ᠢᠷᠦᠭᠡᠯ ᠦ᠋ᠨ ᠲᠠᠷᠨᠢ ᠤᠩᠰᠢᠭᠠᠳ ᠳᠣᠲᠣᠭᠰᠢ ᠪᠠᠨ ᠣᠷᠣᠵᠠᠢ᠃ ᠭᠠᠯᠳᠠᠨ ᠤ᠋ ᠪᠤᠤᠬᠢᠶ᠎ᠠ ᠴᠡᠷᠢᠭ ᠦ᠋ᠳ ᠪᠢᠲᠡᠭᠦᠦ ᠰᠢᠭᠤᠢ ᠳᠤᠮᠳᠠᠭᠤᠷ ᠭᠤᠯᠭᠤᠵᠤ᠂ ᠲᠣᠮᠣ ᠲᠣᠮᠣ ᠴᠢᠯᠠᠭᠤ ᠲᠠᠢ ᠠᠰᠬ᠎ᠠ ᠶ᠋ᠢᠨ ᠢᠷᠣᠭᠠᠷ ᠬᠦᠷᠲᠡᠯ᠎ᠡ ᠮᠣᠷᠢᠨ ᠤ᠋ ᠰᠢᠨᠳᠠᠰᠤ ᠰᠢᠷᠪᠥᠰᠥ ᠲᠡᠨᠢᠢᠲᠡᠯ᠎ᠡ ᠬᠠᠵᠠᠭᠠᠷ ᠢ᠋ᠶ᠋ᠠᠨ ᠲᠡᠳᠡᠨ ᠡᠮᠡᠭᠡᠯ ᠳᠡᠭᠡᠷ᠎ᠡ ᠪᠡᠨ ᠲᠣᠭᠲᠠᠵᠤ ᠶᠠᠳᠠᠨ ᠪᠠᠭᠤᠪᠠ᠃  ᠲᠥᠪᠭᠦᠨ ᠦ᠌ ᠠᠭᠤᠯᠠ ᠡᠭᠴᠡ ᠪᠣᠰᠤᠭ᠎ᠠ ᠲᠤᠯᠠ ᠣᠢ ᠳᠤᠮᠳᠠᠭᠤᠷ ᠶᠠᠪᠤᠬᠤ ᠳ᠋ᠤ᠌ ᠪᠠᠷᠲᠠᠭ᠎ᠠ ᠶᠡᠬᠡᠲᠡᠢ ᠠᠭᠠᠳ  ᠪᠡᠯ ᠳ᠋ᠡᠭᠡᠨ ᠳᠠᠪᠬᠤᠷᠯᠠᠭᠰᠠᠨ ᠮᠡᠲᠦ ᠬᠠᠳᠠ ᠴᠢᠯᠠᠭᠤ ᠣᠪᠣᠭᠠᠯᠠᠭᠠᠰᠤᠲᠠᠢ ᠪᠥᠯᠥᠭᠡ᠃
 ᠭᠠᠯᠳᠠᠨ ᠤ᠋ ᠳᠡᠷᠭᠡᠳᠡ ᠬᠡᠨ ᠨᠢᠭᠡᠨ ᠵᠣᠭᠰᠣᠵᠤ ᠪᠠᠢᠬᠤ ᠰᠢᠭ᠋ ᠭᠡᠨᠡᠳᠲᠡ ᠬᠠᠭᠠᠨ ᠳ᠋ᠤ᠌ ᠰᠠᠨᠠᠭᠳᠠᠪᠠ᠃ ᠤᠭ ᠠ᠋ᠴᠠ ᠭᠠᠯᠳᠠᠨ ᠬᠠᠭᠠᠨ᠂ ᠭᠠᠯᠳᠠᠨ ᠯᠠᠮᠠ ᠬᠣᠶᠠᠷ ᠬᠠᠮᠲᠤ ᠳ᠋ᠠᠭᠠᠨ ᠪᠢᠯᠡ᠃ ᠬᠠᠭᠠᠨ ᠭᠠᠯᠳᠠᠨ  ᠢ᠋ ᠣᠮᠣᠭᠳᠠᠬᠤ ᠳ᠋ᠤ᠌ ᠯᠠᠮᠠ ᠭᠠᠯᠳᠠᠨ ᠲᠡᠭᠦᠨ  ᠢ᠋ ᠨᠣᠮᠣᠬᠠᠳᠬᠠᠨ  ᠠᠷᠪᠠᠨᠠᠶ᠋ᠢᠯᠠᠳᠠᠭ ᠶᠤᠮ᠃ ᠶᠠᠭᠠᠬᠢᠬᠤ ᠠᠷᠭ᠎ᠠ ᠦᠭᠡᠢ ᠭᠠᠯᠳᠠᠨ ᠤ᠋ ᠳᠡᠷᠭᠡᠳᠡ ᠲᠡᠭᠰᠢ ᠥᠨᠴᠥᠭᠲᠦ ᠴᠢᠯᠠᠭᠤᠨ ᠤ᠋ ᠬᠠᠵᠠᠭᠤ ᠳ᠋ᠤ᠌ ᠥᠨᠳᠥᠷ ᠭᠡᠭᠡᠨ ᠵᠣᠭᠰᠣᠵᠤ ᠪᠠᠢᠪᠠ᠂ ᠲᠩᠷᠢ ᠣᠪᠣᠭᠠᠨ ᠤ᠋ ᠳᠡᠷᠭᠡᠳᠡ ᠬᠥᠬᠡ ᠲᠩᠷᠢ ᠳ᠋ᠦ᠍ ᠳᠦᠷᠰᠦ ᠪᠡᠨ ᠦᠯᠡᠳᠡᠭᠡᠵᠦ ᠦᠳᠡᠭᠰᠡᠨ ᠥᠨᠳᠥᠷ ᠭᠡᠭᠡᠨ ᠠᠭᠤᠯᠠ ᠶ᠋ᠢᠨ ᠤᠷᠤᠭᠤ ᠵᠠᠮ ᠢ᠋ᠶ᠋ᠠᠷ ᠮᠣᠷᠢᠳ ᠨᠢ ᠭᠤᠯᠠᠰᠤᠨ ᠪᠠᠭᠤᠬᠤ ᠬᠣᠭᠣᠷᠣᠨᠳᠣ ᠶᠠᠮᠠᠷ ᠲᠦᠷᠭᠡᠨ ᠪᠠᠯ  ᠳ᠋ᠤ᠌ ᠢᠷᠡᠭᠰᠡᠨ ᠨᠢ ᠭᠠᠢᠬᠠᠮᠠᠷ ᠰᠠᠨᠠᠭᠳᠠᠭᠰᠠᠨ ᠳ᠋ᠤ᠌ ᠭᠠᠯᠳᠠᠨ ᠬᠠᠭᠠᠨ᠂
— ᠭᠡᠭᠡᠨᠲᠡᠨ ᠲᠠ ᠮᠥᠨ ᠤᠤ? ᠡᠰᠡ ᠪᠥᠭᠡᠰᠦ ᠭᠡᠭᠡᠨᠲᠠᠨ ᠤ᠋ ᠬᠤᠪᠢᠯᠤᠭᠰᠠᠨ ᠳᠦᠷᠢ  ᠶᠤᠮ ᠤᠤ? ᠭᠡᠮᠡᠨ ᠡᠷᠡᠭᠡᠯᠵᠡᠩᠭᠦᠢ ᠠᠰᠠᠭᠤᠬᠤ ᠳ᠋ᠤ᠌ ᠥᠨᠳᠥᠷ ᠭᠡᠭᠡᠨ᠂
— ᠳᠠᠪᠬᠤᠷᠯᠠᠭᠰᠠᠨ ᠪᠣᠰᠤᠭ᠎ᠠ ᠴᠢᠯᠠᠭᠤᠳ ᠤ᠋ᠨ ᠳᠤᠮᠳᠠᠭᠤᠷ ᠭᠤᠷᠪᠠᠯᠵᠢᠨ ᠨᠦᠬᠡ ᠬᠠᠷᠠᠭᠳᠠᠨ᠎ᠠ᠃ ᠲᠡᠷᠡ ᠨᠦᠬᠡ ᠬᠠᠳᠠᠨ ᠤ᠋ ᠵᠥᠷᠢᠵᠦ ᠲᠣᠭᠲᠠᠭᠰᠠᠨ ᠲᠣᠭᠲᠠᠴᠠ ᠶ᠋ᠢᠨ ᠰᠡᠭᠦᠳᠡᠷ ᠲᠦ᠍ ᠴᠤᠬᠤᠢᠨ᠎ᠠ᠃ ᠥᠨᠳᠥᠷ ᠭᠡᠭᠡᠨ ᠦ᠌ ᠠᠷᠤ ᠠ᠋ᠴᠠ ᠭᠠᠯᠳᠠᠨ ᠬᠠᠭᠠᠨ ᠳᠠᠭᠠᠯ᠎ᠠ᠃ ᠣᠢᠷᠠᠳ ᠤ᠋ᠨ ᠮᠣᠷᠢᠲᠤ ᠴᠡᠷᠢᠭ ᠦ᠋ᠳ ᠮᠥᠷᠭᠥᠯᠴᠢᠳ ᠬᠤᠪᠴᠠᠰᠤ ᠲᠠᠢ ᠪᠠᠨ ᠬᠠᠳᠠᠨ ᠳᠤᠮᠳᠠ ᠴᠢᠮᠡᠭᠡ ᠦᠭᠡᠢ ᠬᠦᠯᠢᠶᠡᠯᠲᠡ ᠳ᠋ᠦ᠍ ᠣᠷᠣᠯ᠎ᠠ᠃ ᠳᠠᠢᠳᠤᠵᠤ ᠰᠤᠷᠤᠭᠰᠠᠨ ᠲᠣᠷᠭᠠᠨ ᠴᠡᠷᠢᠭ ᠦ᠋ᠳ ᠦ᠋ᠨ ᠮᠣᠷᠢᠳ ᠰᠡᠷᠪᠡᠭᠡᠷ ᠡᠪᠡᠰᠦᠨ ᠡᠴᠡ ᠡᠮᠬᠦᠯᠡᠨ᠎ᠡ᠃ ᠤᠭ ᠠ᠋ᠴᠠ ᠶᠠᠪᠤᠳᠠᠯ ᠳᠤᠮᠳᠠ ᠪᠠᠨ ᠭᠥᠯᠢᠮ ᠱᠦᠷᠭᠦᠭᠡᠭᠰᠡᠨ ᠡᠪᠡᠰᠦ ᠨᠣᠭᠣᠭ᠎ᠠ ᠲᠠᠰᠤᠳᠠᠨ ᠡᠮᠬᠦᠵᠦ ᠴᠠᠳᠳᠠᠭ ᠮᠣᠩᠭᠣᠯ ᠮᠣᠷᠢᠳ ᠤ᠋ᠨ ᠨᠢᠭᠡᠨ ᠭᠠᠢᠬᠠᠮᠰᠢᠭ ᠪᠣᠢ᠃
 ᠬᠠᠳᠠᠨ ᠤ᠋ ᠥᠨᠴᠥᠭ ᠭᠤᠷᠪᠠᠯᠵᠢᠨ ᠳᠥᠷᠪᠡᠯᠵᠢᠨ ᠬᠡᠯᠪᠡᠷᠢ ᠳᠦᠷᠰᠦ ᠶ᠋ᠢᠨ ᠬᠣᠭᠣᠷᠣᠨᠳᠣ ᠶ᠋ᠢᠨ ᠵᠠᠢ ᠵᠠᠪᠰᠠᠷ ᠢ᠋ᠶ᠋ᠠᠷ ᠴᠡᠷᠢᠭ ᠮᠣᠷᠢᠳ ᠮᠥᠨ ᠠᠳᠠᠯᠢ ᠵᠦᠰᠦᠭᠳᠡᠨ ᠬᠠᠷᠠᠭᠳᠠᠬᠤ ᠠᠪᠠᠢ᠃ ᠠᠭᠤᠢ ᠶ᠋ᠢᠨ ᠠᠮᠠᠨ ᠳ᠋ᠤ᠌ ᠦᠯᠡᠳᠡᠭᠰᠡᠨ ᠬᠥᠲᠥᠴᠢ ᠭᠠᠯᠳᠠᠨ ᠬᠠᠭᠠᠨ᠂ ᠥᠨᠳᠥᠷ ᠭᠡᠭᠡᠨ ᠬᠣᠶᠠᠷ  ᠢ᠋ ᠬᠠᠮᠢᠭᠠᠰᠢ ᠪᠠᠨ ᠣᠳᠤᠭᠰᠠᠨ  ᠢ᠋ ᠬᠠᠷᠠᠭᠰᠠᠭᠠᠷ ᠪᠠᠢᠭᠰᠠᠨ ᠬᠢᠷᠢ ᠨᠢ ᠬᠡᠳᠦ ᠬᠡᠳᠦᠨ ᠭᠤᠷᠪᠠᠯᠵᠢᠨ ᠨᠦᠬᠡ ᠶ᠋ᠢᠨ ᠴᠣᠬᠣᠮ ᠠᠯᠢᠨ ᠢ᠋ᠶ᠋ᠠᠷ ᠨᠢ ᠣᠷᠣᠭᠰᠠᠨ  ᠢ᠋ ᠮᠠᠷᠲᠠᠵᠤ ᠰᠠᠨᠠᠭᠰᠠᠨ ᠵᠡᠭᠦᠳᠦ ᠮᠡᠲᠦ ᠦᠯᠦ ᠣᠢᠯᠠᠭᠠᠵᠠᠢ᠃ ᠣᠳᠣ ᠲᠡᠷᠡ ᠬᠥᠲᠥᠴᠢ ᠶ᠋ᠢᠨ ᠨᠢᠳᠦᠨ ᠳ᠋ᠦ᠍ ᠪᠠᠭᠢᠯ ᠶᠡᠬᠡ ᠣᠢ ᠲᠠᠢᠭ᠎ᠠ᠂ ᠡᠮᠬᠢ ᠴᠡᠭᠴᠡ ᠦᠭᠡᠢ ᠠᠰᠬᠠᠭᠰᠠᠨ ᠬᠠᠳᠠᠲᠤ ᠠᠰᠬ᠎ᠠ᠂ ᠬᠠᠭ ᠲᠤ᠌ ᠳᠠᠷᠤᠭᠳᠠᠭᠰᠠᠨ ᠪᠥᠭᠡᠮ ᠴᠢᠯᠠᠭᠤ ᠦᠯᠡᠳᠡᠵᠡᠢ᠃ ᠮᠣᠷᠢᠲᠤ ᠴᠡᠷᠢᠭ ᠦ᠋ᠳ ᠭᠠᠯᠳᠠᠨ ᠬᠠᠭᠠᠨ ᠢ᠋ ᠬᠦᠯᠢᠶᠡᠨ᠎ᠡ᠃ ᠬᠠᠭᠠᠨ  ᠢ᠋ ᠴᠠᠭ ᠢᠮᠠᠭᠲᠠ ᠬᠦᠯᠢᠶᠡᠵᠦ ᠳᠠᠳᠤᠭᠰᠠᠨ ᠴᠡᠷᠢᠭ ᠦ᠋ᠳ ᠴᠠᠭ ᠬᠤᠭᠤᠴᠠᠭ᠎ᠠ ᠬᠡᠷᠬᠢᠨ ᠥᠩᠭᠡᠷᠡᠭᠰᠡᠨ ᠢ᠋ ᠮᠡᠳᠡᠭᠰᠡᠨ ᠦᠭᠡᠢ᠃

 ᠶᠢᠰᠦ
 ᠥᠨᠳᠥᠷ ᠭᠡᠭᠡᠨ ᠦ᠌ ᠶᠠᠭ ᠠᠷᠤ ᠠ᠋ᠴᠠ ᠳᠠᠭᠠᠯᠳᠤᠨ ᠶᠠᠪᠤᠭᠰᠠᠨ ᠭᠠᠯᠳᠠᠨ ᠬᠠᠭᠠᠨ ᠬᠡᠪ ᠭᠡᠨᠡᠳᠲᠡ ᠨᠠᠷᠠ ᠲᠤᠰᠬᠤ ᠯᠤᠭ᠎ᠠ ᠰᠢᠷᠠᠪᠲᠤᠷ ᠭᠡᠷᠡᠯ ᠳ᠋ᠦ᠍ ᠤᠮᠪᠠᠪᠠ᠃ ᠲᠡᠷᠡ ᠬᠦ᠌ ᠭᠡᠷᠡᠯ ᠨᠢᠯ ᠳ᠋ᠡᠭᠡᠨ ᠰᠢᠷᠭᠠᠯ ᠠᠭᠠᠳ ᠬᠤᠷᠴᠠ ᠪᠢᠰᠢ ᠪᠠᠢᠯ᠎ᠠ᠃ ᠥᠨᠢ ᠡᠷᠲᠡᠨ ᠦ᠌ ᠦᠯᠢᠭᠡᠷ ᠳᠣᠮᠣᠭ ᠤ᠋ᠨ ᠠᠭᠤᠢ ᠳ᠋ᠤ᠌ ᠶᠠᠪᠤᠭ᠎ᠠ ᠮᠡᠲᠦ ᠰᠡᠳᠬᠢᠭᠳᠡᠯ ᠭᠠᠯᠳᠠᠨ ᠬᠠᠭᠠᠨ ᠳ᠋ᠤ᠌ ᠨᠡᠪᠴᠢᠵᠦ ᠲᠦᠷ ᠰᠠᠭᠠᠲᠠᠨ ᠡᠷᠭᠢᠨ ᠲᠣᠭᠣᠷᠢᠨ ᠢ᠋ᠶ᠋ᠠᠨ ᠠᠵᠢᠪᠠᠯ ᠤᠰᠤ ᠤᠷᠭᠤᠮᠠᠯ ᠲᠠᠢ ᠪᠥᠯᠥᠭᠡ᠃ ᠰᠠᠬᠢᠯ ᠰᠠᠨᠸᠠᠷ ᠢ᠋ᠶ᠋ᠠᠨ ᠡᠷᠭᠦᠵᠦ ᠪᠠᠢᠬᠤ ᠳ᠋ᠤ᠌  ᠲᠡᠰᠢᠯᠡᡁᠡᠮᠦ ᠬᠡᠢᠳ ᠰᠢᠷ᠎ᠠ ᠭᠡᠭᠡᠨ ᠳ᠋ᠦ᠍ ᠤᠮᠪᠠᠭᠰᠠᠨ ᠢ᠋ ᠭᠠᠯᠳᠠᠨ ᠰᠠᠨᠠᠪᠠ᠃
— ᠭᠡᠭᠡᠨᠲᠡᠨ ᠲᠠ ᠨᠠᠮᠠᠶ᠋ᠢ ᠬᠠᠮᠢᠭᠠᠰᠢ ᠪᠠᠨ ᠳᠠᠭᠠᠭᠤᠯᠪᠠ ᠭᠡᠮᠡᠨ ᠭᠠᠯᠳᠠᠨ  ᠢ᠋ ᠡᠷᠡᠭᠡᠯᠵᠡᠨ ᠠᠰᠠᠭᠤᠬᠤ ᠳ᠋ᠤ᠌ ᠵᠠᠨᠠᠪᠠᠽᠠᠷ᠂
— ᠶᠡᠷᠦ ᠳ᠋ᠡᠭᠡᠨ ᠭᠠᠢᠬᠠᠬᠤ ᠶᠠᠪᠤᠳᠠᠯ ᠦᠭᠡᠢ᠃ ᠬᠤᠪᠢᠯᠭᠠᠨ ᠲᠠ ᠮᠢᠨᠦ ᠤᠷᠠᠯᠠᠨ ᠳ᠋ᠤ᠌ ᠵᠣᠴᠢᠯᠠᠵᠤ ᠪᠠᠢᠨ᠎ᠠ ᠭᠡᠯ᠎ᠡ᠃
 ᠨᠣᠭᠣᠭᠠᠨ ᠤᠰᠤ ᠲᠠᠢ᠂ ᠰᠢᠷ᠎ᠠ ᠤᠰᠤ ᠲᠠᠢ ᠬᠣᠶᠠᠷ ᠭᠣᠷᠣᠬ᠎ᠠ ᠲᠡᠳᠡᠨ ᠦ᠌ ᠪᠠᠷᠠᠭᠤᠨ ᠵᠡᠭᠦᠨ ᠲᠠᠯ᠎ᠠ ᠪᠠᠷ ᠵᠢᠷᠪᠢᠯᠵᠡᠨ ᠤᠷᠤᠰᠤᠭᠰᠠᠭᠠᠷ ᠳᠤᠭᠤᠢ ᠬᠠᠳᠠᠨ ᠲᠣᠭᠣᠭᠠᠨ ᠳ᠋ᠤ᠌ ᠬᠣᠯᠢᠯᠳᠤᠨ ᠨᠡᠢᠯᠡᠵᠦ ᠳᠠᠪᠤᠰᠠᠭ ᠮᠡᠲᠦ ᠴᠣᠷᠭᠣ ᠪᠠᠷ ᠠᠯᠠᠭ᠎ᠠ ᠪᠣᠯᠤᠨ᠎ᠠ᠃ ᠰᠠᠢᠲᠤᠷ ᠴᠢᠩᠨᠠᠪᠠᠯ ᠶᠠᠮᠠᠷᠪᠠ ᠨᠢᠭᠡᠨ ᠰᠠᠪᠠᠨ ᠳ᠋ᠤ᠌ ᠶᠡᠭᠦᠯᠡᠭᠳᠡᠵᠦ ᠴᠠᠭᠠᠰᠢ ᠪᠠᠨ ᠬᠤᠷᠴᠢᠭᠢᠨᠠᠨ ᠤᠷᠤᠰᠬᠤ ᠠᠵᠢ᠃
ᠲᠥᠪᠭᠥᠨ ᠬᠡᠢᠳ ᠦ᠋ᠨ ᠢᠷᠣᠭᠠᠷ ᠤ᠋ᠨ ᠠᠭᠤᠢ ᠨᠢ ᠳᠡᠭᠡᠭᠰᠢ ᠬᠥᠩᠬᠥᠷ ᠳᠤᠭᠤᠢ ᠳᠡᠭᠡᠪᠦᠷ ᠲᠡᠢ ᠪᠥᠭᠡᠳ ᠬᠠᠳᠠᠨ ᠱᠠᠲᠤ ᠪᠠᠷ ᠥᠭᠰᠥᠵᠦ ᠤᠷᠤᠭᠤᠳᠠᠨ᠎ᠠ᠃ ᠭᠡᠭᠡᠨᠳᠡᠨ ᠬᠠᠳᠠᠨ ᠤ᠋ ᠭᠢᠰᠬᠢᠭᠦᠷ ᠠᠯᠭᠠᠰᠠᠯ ᠦᠭᠡᠢ ᠥᠭᠰᠥᠵᠦ ᠤᠷᠤᠭᠤᠳᠠᠭᠰᠠᠭᠠᠷ ᠮᠥᠨᠥᠬᠢ ᠬᠣᠶᠠᠷ ᠭᠣᠷᠣᠬ᠎ᠠ ᠶ᠋ᠢᠨ ᠳᠤᠮᠳᠠᠬᠢ ᠲᠡᠭᠰᠢ ᠲᠠᠯᠠᠪᠠᠢ ᠳ᠋ᠤ᠌ ᠣᠴᠢᠵᠤ ᠰᠠᠭᠤᠭᠠᠳ᠂
— ᠡᠨᠳᠡ ᠪᠢ ᠪᠤᠷᠬᠠᠨ ᠤᠷᠠᠯᠠᠳᠠᠭ ᠶᠤᠮ᠃ ᠡᠨᠳᠡ ᠠᠮᠢᠨ᠎ᠠ ᠪᠦᠰᠡᠭᠦᠢ ᠢᠷᠡᠳᠡᠭ  ᠶᠤᠮ ᠭᠡᠵᠦ ᠭᠠᠯᠳᠠᠨ ᠳ᠋ᠤ᠌ ᠥᠭᠦᠯᠡᠪᠡ᠃ ᠬᠠᠳᠠᠨ ᠤ᠋ ᠰᠢᠷ᠎ᠠ ᠰᠤᠳᠠᠯ ᠳᠠᠭᠠᠵᠤ ᠰᠢᠷ᠎ᠠ ᠤᠰᠤ ᠤᠷᠤᠰᠤᠨ᠎ᠠ᠂ ᠨᠥᠭᠦᠭᠡ ᠲᠠᠯ᠎ᠠ ᠳ᠋ᠤ᠌ ᠬᠠᠳᠠᠨ ᠤ᠋ ᠨᠣᠭᠣᠭᠠᠨ ᠰᠤᠳᠠᠯ ᠳᠠᠭᠠᠵᠤ ᠨᠣᠭᠣᠭᠠᠨ ᠤᠰᠤ ᠤᠷᠤᠰᠤᠨ᠎ᠠ᠃ ᠭᠠᠯᠳᠠᠨ ᠤ᠋ ᠰᠡᠳᠬᠢᠯ ᠬᠥᠭᠡᠷᠴᠦ᠂
— ᠭᠡᠭᠡᠨᠲᠡᠨ ᠲᠠ ᠪᠦᠰᠡᠭᠦᠢ ᠲᠠᠭᠠᠯᠠᠳᠠᠭ ᠪᠠᠢᠬᠤ ᠨᠢ ᠠ᠋ ᠭᠡᠪᠡᠯ ᠱᠠᠪᠢᠯᠠᠬᠠᠨ ᠪᠡᠶ᠎ᠡ ᠲᠡᠢ᠂ ᠭᠤᠷᠪᠠᠯᠵᠢᠨ ᠨᠢᠭᠤᠷ ᠲᠠᠢ ᠯᠠᠮᠠ ᠶ᠋ᠢᠨ ᠨᠢᠳᠦᠨ ᠳ᠋ᠦ᠍ ᠭᠡᠷᠡᠯ ᠪᠠᠳᠮᠠᠯᠠᠵᠤ᠂
— ᠠᠮᠢᠨ᠎ᠠ ᠪᠣᠯ ᠮᠢᠨᠦ ᠪᠤᠷᠬᠠᠨ᠃ ᠪᠢ ᠪᠤᠷᠬᠠᠨ ᠲᠠᠢ ᠪᠠᠨ ᠶᠣᠰᠣ ᠪᠤᠰᠤ ᠬᠠᠷᠢᠴᠠᠭ᠎ᠠ ᠬᠢᠨ᠎ᠡ ᠭᠡᠵᠦ ᠤᠤ? ᠲᠡᠷᠡ ᠪᠦᠰᠡᠭᠦᠢ ᠡᠴᠡ ᠪᠢ ᠢᠴᠢᠳᠡᠭ ᠴᠦ᠍ ᠨᠢᠳᠦ ᠪᠡᠨ ᠨᠢᠭᠤᠵᠤ ᠴᠢᠳᠠᠳᠠᠭ ᠦᠭᠡᠢ᠃ ᠲᠡᠭᠦᠨ  ᠢ᠋ ᠪᠢ ᠨᠢᠴᠦᠭᠦᠨ ᠢ᠋ᠶ᠋ᠡᠷ ᠨᠢ ᠬᠠᠷᠠᠵᠤ  ᠪᠤᠷᠬᠠᠨ ᠤᠷᠠᠯᠠᠳᠠᠭ  ᠶᠤᠮ ᠭᠡᠯ᠎ᠡ᠃ ᠭᠠᠯᠳᠠᠨ ᠪᠣᠱᠣᠭᠲᠤ᠂
— ᠪᠢ  ᠠᠮᠢᠨ᠎ᠠ  ᠶ᠋ᠢ ᠬᠠᠷᠠᠵᠤ ᠪᠣᠯᠬᠤ ᠤᠤ? ᠭᠡᠵᠦ ᠪᠣᠯᠭᠣᠮᠵᠢᠲᠠᠢᠬᠠᠨ ᠬᠡᠯᠡᠪᠡ᠃
 ᠲᠡᠭᠡᠶ᠎ᠡ᠂  ᠠᠮᠢᠨ᠎ᠠ ᠶ᠋ᠢ ᠬᠠᠷᠠᠭᠤᠯᠤᠶ᠎ᠠ ᠭᠡᠳ ᠵᠠᠨᠠᠪᠠᠽᠠᠷ ᠭᠡᠭᠡᠨᠲᠡᠨ ᠳᠣᠯᠢᠶᠠᠪᠤᠷ ᠬᠤᠷᠤᠭᠤ ᠪᠠᠷ ᠬᠠᠳᠠᠨ ᠬᠥᠰᠢᠭᠡ ᠲᠦᠯᠬᠢᠵᠦ ᠨᠡᠭᠡᠭᠡᠪᠡ᠃ ᠬᠠᠳᠠᠨ ᠬᠥᠰᠢᠭᠡ ᠶ᠋ᠢᠨ ᠴᠠᠭᠠᠨᠠᠬᠢ ᠤᠰᠤᠨ ᠮᠢᠷᠠᠯᠵᠠᠭᠠᠨ ᠳᠤᠮᠳᠠ ᠴᠣᠷ ᠤ᠋ᠨ ᠭᠠᠭᠴᠠ ᠠᠯᠲᠠᠨ ᠪᠤᠷᠬᠠᠨ ᠵᠠᠯᠪᠠᠷᠢᠯ ᠦᠢᠯᠡᠳᠦᠨ ᠰᠠᠭᠤᠨ᠎ᠠ ᠃《 ᠠᠮᠢᠨ᠎ᠠ ᠪᠦᠰᠡᠭᠦᠢ ᠭᠡᠳᠡᠭ ᠨᠢ ᠡᠨᠡ ᠪᠤᠷᠬᠠᠨ ᠪᠠᠢᠬᠤ ᠨᠢ᠃ ᠪᠤᠷᠬᠠᠨ ᠰᠢᠭ᠋ ᠪᠦᠰᠡᠭᠦᠢ ᠪᠠᠢᠳᠠᠭ ᠠᠵᠢ᠃ ᠪᠤᠷᠬᠠᠨ ᠪᠠᠭᠰᠢ ᠶ᠋ᠢᠨ ᠡᠵᠢ ᠨᠢ ᠡᠮᠡᠭᠲᠡᠢ ᠬᠥᠮᠦᠨ ᠰᠢᠦ ᠳᠡ》 ᠭᠡᠮᠡᠨ ᠭᠠᠯᠳᠠᠨ ᠪᠣᠳᠣᠲᠠᠯ᠎ᠠ ᠵᠠᠨᠠᠪᠠᠽᠠᠷ ᠭᠡᠭᠡᠨ《ᠠᠮᠢᠨ᠎ᠠ ᠶ᠋ᠢ ᠮᠢᠬᠠᠨ ᠪᠣᠳᠢ ᠪᠠᠷ ᠨᠢ ᠡᠨᠡ ᠭᠠᠯᠳᠠᠨ ᠳ᠋ᠤ᠌ ᠬᠠᠷᠠᠭᠤᠯᠪᠠᠯ ᠶᠠᠭᠠᠬᠢᠬᠤ ᠪᠣᠯ᠃ ᠡᠨᠡ ᠬᠥᠮᠦᠨ ᠨᠠᠳᠠ ᠰᠢᠭ᠋ ᠡᠬᠡ ᠶ᠋ᠢᠨ ᠬᠡᠪᠡᠯᠢ ᠡᠴᠡ ᠤᠨᠠᠭᠰᠠᠨ ᠴᠢᠭ  ᠢ᠋ᠶ᠋ᠡᠷ ᠢ᠋ᠶ᠋ᠡᠨ ᠪᠤᠰᠤ᠂ ᠡᠮᠡᠰ ᠦ᠋ᠨ ᠬᠦᠷᠢᠶᠡᠯᠡᠩ ᠳ᠋ᠦ᠍ ᠴᠡᠴᠡᠭ ᠲᠡᠭᠦᠵᠦ ᠶᠠᠪᠤᠭ᠎ᠠ ᠪᠢᠵᠡ᠃ ᠡᠷ᠎ᠡ ᠬᠥᠮᠦᠨ ᠪᠣᠯ ᠡᠮᠡᠰ ᠢ᠋ ᠴᠡᠴᠡᠭ ᠰᠢᠭ ᠲᠡᠭᠦᠵᠦ᠂ ᠴᠡᠴᠡᠭ ᠦ᠋ᠨ ᠬᠠᠨᠳᠠ ᠪᠠᠷ ᠪᠡᠶ᠎ᠡ ᠪᠡᠨ ᠤᠬᠢᠶᠠᠵᠤ᠂ ᠪᠠᠯ ᠢ᠋ ᠰᠢᠮᠡᠵᠦ ᠪᠠᠢᠭ᠎ᠠ ᠵᠥᠭᠡᠢ ᠠᠳᠠᠯᠢ ᠠᠮᠢᠲᠠᠨ᠂᠂᠂᠂》 ᠭᠡᠮᠡᠨ ᠰᠠᠨᠠᠭᠠᠳ ᠪᠢᠲᠡᠭᠦᠦ ᠰᠢᠷᠠᠪᠲᠤᠷ ᠮᠠᠨᠠᠨ ᠳ᠋ᠤ᠌ ᠡᠷᠡᠭᠡᠯᠵᠡᠨ ᠵᠣᠭᠰᠣᠬᠤ ᠭᠠᠯᠳᠠᠨ ᠢ᠋ ᠬᠠᠷᠠᠨ᠎ᠠ᠃
 ᠡᠨᠡ ᠪᠤᠷᠬᠠᠨ ᠭᠠᠭᠴᠠ ᠬᠤᠪᠢ᠃ ᠪᠢ ᠥᠪᠡᠷ ᠦ᠋ᠨ ᠭᠠᠷ ᠢ᠋ᠶ᠋ᠠᠷ᠂ ᠥᠪᠡᠷ ᠦ᠋ᠨ ᠣᠶᠤᠨ ᠤᠬᠠᠭᠠᠨ ᠢ᠋ᠶ᠋ᠠᠷ ᠢ᠋ᠶ᠋ᠠᠨ ᠵᠥᠪᠬᠡᠨ ᠭᠠᠭᠴᠠ ᠬᠤᠪᠢ ᠪᠤᠷᠬᠠᠨ ᠤᠷᠠᠯᠠᠵᠤ ᠴᠡᠩᠭᠡᠯ ᠪᠠᠶᠠᠰᠤᠯ ᠳ᠋ᠤ᠌ ᠤᠮᠪᠠᠵᠤ ᠰᠠᠭᠤᠳᠠᠭ᠃ ᠰᠦᠮ᠎ᠡ ᠬᠡᠢᠳ ᠦ᠋ᠨ ᠣᠯᠠᠨ ᠠᠷᠪᠢᠨ ᠪᠤᠷᠬᠠᠳ  ᠢ᠋ ᠡᠨᠡ ᠬᠣᠶᠠᠷ ᠭᠣᠷᠣᠬ᠎ᠠ ᠶ᠋ᠢᠨ ᠤᠰᠤᠨ ᠳ᠋ᠤ᠌ ᠳᠡᠪᠲᠦᠭᠰᠡᠨ ᠰᠢᠪᠠᠷ ᠢ᠋ᠶ᠋ᠠᠷ ᠲᠥᠪᠡᠳ ᠯᠠᠮᠠ ᠨᠠᠷ ᠪᠦᠲᠦᠭᠡᠳᠡᠭ  ᠶᠤᠮ ᠭᠡᠯ᠎ᠡ᠃ ᠭᠠᠯᠳᠠᠨ ᠬᠠᠭᠠᠨ᠂ ᠥᠨᠳᠥᠷ ᠭᠡᠭᠡᠨ ᠦ᠌ ᠤᠷᠠᠯᠠᠨ ᠳ᠋ᠤ᠌ ᠲᠤᠬᠠᠯᠠᠪᠠ᠃ ᠥᠨᠳᠥᠷ ᠭᠡᠭᠡᠨ ᠨᠠᠮᠤᠭᠤᠬᠠᠨ ᠢ᠋ᠶ᠋ᠠᠷ᠂
— ᠠᠭᠤᠯᠠ ᠶ᠋ᠢᠨ ᠣᠷᠣᠢ ᠳ᠋ᠤ᠌ ᠬᠠᠳᠠᠨ ᠳᠣᠲᠣᠷ᠎ᠠ ᠲᠠᠬᠢᠯᠭ᠎ᠠ ᠶ᠋ᠢᠨ ᠬᠤᠳᠳᠤᠭ᠂ ᠤᠮᠳᠠ ᠶ᠋ᠢᠨ ᠬᠤᠳᠳᠤᠭ ᠪᠠᠢᠬᠤ ᠶ᠋ᠢ ᠬᠠᠭᠠᠨᠲᠠᠨ ᠲᠠ ᠪᠣᠯᠭᠣᠭᠠᠭᠰᠠᠨ ᠪᠣᠢ ᠊ᠢ᠎ᠠ ᠭᠡᠪᠡ᠃ ᠭᠠᠯᠳᠠᠨ᠂
— ᠲᠡᠢᠮᠦ ᠠ᠋᠂ ᠲᠠᠬᠢᠯ ᠤ᠋ᠨ ᠤᠰᠤᠨ ᠤ᠋ ᠬᠤᠳᠳᠤᠭ ᠰᠢᠷ᠎ᠠ ᠲᠤᠶᠠᠭ᠎ᠠ ᠲᠠᠢ᠂ ᠤᠮᠳᠠ ᠶ᠋ᠢᠨ ᠤᠰᠤᠨ ᠤ᠋ ᠬᠤᠳᠳᠤᠭ ᠨᠣᠭᠣᠭᠠᠨ ᠲᠤᠶᠠᠭ᠎ᠠ ᠲᠠᠢ ᠰᠣᠯᠣᠩᠭᠠᠷᠠᠭᠰᠠᠨ ᠤᠰᠤ ᠲᠠᠢ ᠶᠤᠮ ᠪᠢᠯᠡ ᠭᠡᠮᠡᠨ ᠥᠴᠢᠪᠡ᠃
— ᠰᠠᠢᠨ ᠬᠠᠷᠠᠵᠠᠢ᠃ ᠡᠨᠡ ᠬᠣᠶᠠᠷ ᠭᠣᠷᠣᠬ᠎ᠠ ᠠᠭᠤᠯᠠ ᠶ᠋ᠢᠨ ᠳᠣᠲᠣᠭᠤᠷ ᠰᠢᠷ᠎ᠠ ᠨᠣᠭᠣᠭᠠᠨ ᠬᠣᠶᠠᠷ ᠰᠤᠳᠠᠯ ᠢ᠋ᠶ᠋ᠠᠷ ᠬᠡᠷᠦᠵᠦ ᠤᠷᠤᠰᠳᠠᠭ ᠶᠤᠮ ᠳᠠ᠃ ᠰᠢᠷ᠎ᠠ ᠰᠤᠳᠠᠯ ᠨᠢ ᠠᠯᠲᠠᠨ ᠤ᠋ ᠰᠤᠳᠠᠯ᠂ ᠨᠣᠭᠣᠭᠠᠨ ᠰᠤᠳᠠᠯ ᠨᠢ ᠵᠡᠰ ᠦ᠋ᠨ ᠰᠤᠳᠠᠯ ᠶᠤᠮ᠃ ᠭᠣᠷᠣᠬ᠎ᠠ ᠶ᠋ᠢᠨ ᠤᠰᠤ ᠨᠢᠭᠡᠨ ᠰᠠᠪᠠᠨ ᠳ᠋ᠤ᠌ ᠶᠡᠭᠦᠯᠡᠭᠳᠡᠪᠡᠴᠦ ᠥᠭᠡᠷ᠎ᠡ  ᠥᠭᠡᠷ᠎ᠡ ᠴᠣᠷᠭᠣ ᠪᠠᠷ ᠢᠯᠭᠠᠷᠠᠵᠤ ᠤᠷᠤᠰᠳᠠᠭ᠃ ᠤᠭ ᠠ᠋ᠴᠠ ᠪᠠᠨ ᠭᠠᠵᠠᠷ ᠤ᠋ᠨ ᠭᠠᠩᠨᠠᠭᠠᠰᠤ ᠠᠯᠲᠠ ᠪᠤᠰᠤ ᠤᠤ? ᠭᠠᠵᠠᠷ ᠤ᠋ᠨ ᠭᠠᠩᠨᠠᠭᠠᠰᠤ ᠶ᠋ᠢ ᠤᠬᠤᠭᠠᠳ ᠠᠪᠴᠢᠬᠠᠪᠠᠯ ᠳᠡᠯᠡᠬᠡᠢ ᠪᠤᠲᠠᠷᠠᠵᠤ ᠰᠤᠢᠷᠠᠨ᠎ᠠ᠃ ᠠᠯᠲᠠ ᠶ᠋ᠢ ᠭᠠᠮᠲᠠᠢ ᠬᠡᠷᠡᠭᠯᠡᠪᠡᠯ ᠵᠣᠬᠢᠨ᠎ᠠ ᠭᠡᠮᠡᠨ ᠤᠨᠳᠤᠷ ᠭᠡᠭᠡᠨ ᠠᠢᠯᠠᠳᠪᠠ᠃
 ᠲᠤᠩᠭᠠᠯᠠᠭ ᠤᠰᠤ ᠬᠣᠯᠢᠯᠳᠤᠪᠠᠴᠤ ᠲᠤᠩᠭᠠᠯᠠᠭ ᠬᠡᠪ ᠢ᠋ᠶ᠋ᠡᠷ ᠤᠷᠤᠰᠳᠠᠭ᠃ ᠬᠠᠷᠢᠨ ᠤᠰᠤᠨ ᠤ᠋ ᠰᠤᠳᠠᠯ᠂ ᠬᠣᠪᠢᠯ ᠨᠢ ᠰᠢᠷ᠎ᠠ᠂ ᠨᠣᠭᠣᠭᠠᠨ ᠥᠩᠭᠡ ᠲᠡᠢ ᠪᠥᠯᠥᠭᠡ᠃

ᠠᠷᠪᠠ
ᠭᠠᠵᠠᠷ ᠳᠡᠯᠡᠬᠡᠢ ᠠᠯᠲᠠᠨ ᠭᠠᠩᠨᠠᠭᠠᠰᠤ ᠲᠠᠢ ᠪᠥᠯᠥᠭᠡ᠃ ᠥᠨᠳᠥᠷ ᠭᠡᠭᠡᠨ ᠦ᠌ ᠨᠢᠭᠤᠴᠠ ᠤᠷᠠᠯᠠᠨ ᠤ᠋ ᠳᠣᠲᠣᠷ᠎ᠠ ᠬᠠᠨ᠎ᠠ ᠨᠢᠯ ᠳ᠋ᠡᠭᠡᠨ ᠰᠢᠷᠭᠠᠯ ᠲᠤᠶᠠᠭ᠎ᠠ ᠲᠠᠢ᠂ ᠡᠷᠳᠡᠨᠢᠰ ᠭᠢᠯᠠᠯᠵᠠᠭᠰᠠᠨ ᠬᠠᠨᠠᠨ ᠬᠠᠳᠠᠨ ᠤ᠋ ᠵᠠᠪᠰᠠᠷ ᠢ᠋ᠶ᠋ᠠᠷ ᠮᠣᠳᠣᠨ ᠤ᠋ ᠦᠨᠳᠦᠰᠦ᠂ ᠤᠷᠭᠤᠮᠠᠯ ᠤ᠋ᠨ ᠨᠠᠷᠢᠬᠠᠨ ᠪᠤᠭᠤᠷᠴᠠᠭ ᠵᠠᠢ ᠵᠠᠪᠰᠠᠷ ᠦᠭᠡᠢ ᠰᠢᠷᠢᠯᠳᠦᠭᠰᠡᠨ ᠠᠭᠠᠳ ᠬᠠᠳᠠᠨ ᠲᠠᠪᠴᠠᠩ ᠳᠡᠭᠡᠭᠦᠷ ᠨᠢ ᠳᠣᠲᠣᠷ ᠭᠠᠵᠠᠷ ᠠ᠋ᠴᠠ ᠠᠪᠴᠢᠷᠠᠭᠰᠠᠨ ᠠᠶᠠᠭ᠎ᠠ᠂ ᠬᠠᠯᠪᠠᠭ᠎ᠠ᠂ ᠴᠢᠮᠬᠢᠭᠦᠷ᠂ ᠲᠠᠪᠠᠭ ᠰᠡᠯᠲᠡ ᠥᠷᠥᠵᠦ᠂ ᠮᠠᠰᠢ ᠨᠠᠷᠢᠨ ᠰᠢᠪᠠᠷ ᠢ᠋ᠶ᠋ᠠᠷ ᠬᠡᠪ ᠵᠠᠭᠪᠤᠷ ᠴᠢᠳᠬᠤᠵᠤ ᠡᠩᠨᠡᠭᠦᠯᠦᠨ ᠲᠠᠯᠪᠢᠵᠠᠢ᠃
— ᠬᠡᠪ ᠦ᠋ᠨ ᠰᠢᠪᠠᠷ ᠢ᠋ᠶ᠋ᠠᠨ ᠬᠠᠮᠢᠭ᠎ᠠ ᠠ᠋ᠴᠠ ᠠᠪᠴᠢᠷᠠᠨ᠎ᠠ ᠭᠡᠵᠦ ᠭᠠᠯᠳᠠᠨ ᠠᠰᠠᠭᠤᠪᠠ᠃
—  ᠰᠢᠷᠡᠭᠡ ᠴᠠᠭᠠᠨ ᠨᠠᠭᠤᠷ ᠤ᠋ᠨ ᠨᠠᠮᠤᠭᠲᠤ ᠲᠣᠬᠣᠢ ᠠ᠋ᠴᠠ ᠮᠣᠳᠣᠨ ᠲᠣᠷᠬ᠎ᠠ ᠳ᠋ᠤ᠌ ᠠᠴᠢᠵᠤ ᠢᠷᠡᠳᠡᠭ᠃ ᠲᠡᠷᠡ ᠰᠢᠪᠠᠷᠲᠤ ᠲᠣᠬᠣᠢ ᠳ᠋ᠤ᠌ ᠮᠡᠯᠡᠬᠡᠢ ᠪᠡᠷ ᠳᠦᠭᠦᠷᠡᠩ᠃ ᠮᠡᠯᠡᠬᠡᠢ ᠲᠡᠷᠡ ᠰᠢᠪᠠᠷ ᠲᠤ᠌ ᠰᠡᠯᠢᠵᠦ ᠲᠠᠷ  ᠢ᠋ ᠨᠢ ᠨᠡᠢᠯᠡᠭᠦᠯᠵᠦ ᠭᠤᠯᠢᠷ ᠰᠢᠭ᠋ ᠪᠣᠯᠭᠠᠳᠠᠭ ᠪᠢᠯᠡ᠃ ᠮᠡᠯᠡᠬᠡᠢ ᠴᠢᠨᠢ ᠯᠤᠤᠰ ᠤ᠋ᠨ ᠬᠠᠭᠠᠨ ᠤ᠋ ᠲᠣᠭᠯᠠᠭᠠᠮ ᠰᠢᠦ ᠳᠡ ᠭᠡᠮᠡᠨ ᠭᠡᠭᠡᠨᠲᠡᠨ ᠢᠨᠢᠶᠡᠮᠰᠦᠭᠯᠡᠨ ᠥᠭᠦᠯᠡᠪᠡ᠃ ᠭᠠᠯᠳᠠᠨ ᠬᠠᠷᠢᠭᠤ ᠳ᠋ᠤᠨᠢ᠂
—  ᠪᠣᠭᠳᠠ ᠭᠡᠭᠡᠨ ᠲᠠᠨ ᠠ᠋ᠴᠠ ᠪᠢ ᠪᠤᠷᠬᠠᠨ ᠵᠠᠯᠠᠮᠠᠷ ᠪᠠᠢᠨ᠎ᠠ᠃ ᠵᠡᠭᠦᠨᠭᠠᠷ ᠲᠤ᠌ ᠰᠦᠮ᠎ᠡ ᠳᠤᠭᠠᠩ ᠣᠯᠠᠨ ᠪᠣᠰᠤᠭᠰᠠᠨ᠃ ᠨᠠᠮᠠᠶ᠋ᠢ ᠳᠠᠭᠠᠵᠤ ᠲᠥᠪᠡᠳ ᠲᠦ᠍ ᠣᠴᠢᠭᠰᠠᠨ ᠵᠠᠭᠤᠨ ᠨᠠᠢ᠍ᠮᠠᠨ ᠯᠠᠮᠠ ᠶ᠋ᠢᠨ ᠨᠢᠭᠡ ᠨᠢ ᠭᠡᠬᠦ ᠳ᠋ᠦ᠍ ᠵᠠᠭᠤᠨ ᠨᠠᠢ᠍ᠮᠠᠨ ᠱᠠᠪᠢ ᠲᠠᠢ ᠪᠢᠯᠡ᠃ ᠲᠥᠪᠡᠳ ᠡᠴᠡ ᠰᠢᠪᠡᠷ ᠪᠤᠷᠬᠠᠨ ᠠᠪᠴᠢᠷᠠᠵᠤ ᠪᠠᠢᠭᠰᠠᠨ ᠠ᠋ᠴᠠ ᠪᠣᠭᠳᠠ ᠭᠡᠭᠡᠨ ᠲᠠᠨ ᠤ᠋ ᠵᠡᠰ ᠪᠤᠷᠬᠠᠳ ᠠ᠋ᠴᠠ ᠠᠪᠬᠤ ᠮᠢᠨᠢ᠃ ᠶᠠᠮᠠᠷ ᠲᠥᠯᠥᠭᠡᠰᠦ ᠲᠡᠢ ᠪᠣᠯᠬᠤ ᠶ᠋ᠢ ᠲᠠ ᠬᠡᠯᠡᠨ᠎ᠡ ᠤᠤ? ᠭᠡᠵᠦ ᠥᠭᠦᠯᠡᠪᠡ᠃ ᠪᠣᠭᠳᠠ ᠯᠠᠮᠠ ᠠᠮᠤᠭᠤᠯᠠᠩ ᠢ᠋ᠶ᠋ᠠᠷ᠂
— ᠪᠤᠷᠬᠠᠨ ᠥᠷᠢ ᠨᠡᠬᠡᠳᠡᠭ ᠦᠭᠡᠢ ᠪᠣᠯᠬᠤ ᠶ᠋ᠢ ᠬᠤᠪᠢᠯᠭᠠᠨ ᠯᠠᠮᠠ ᠲᠠ ᠶᠠᠭᠤᠨ ᠡᠰᠡ ᠠᠨᠳᠠᠬᠤᠪ᠃ ᠥᠭᠭᠦᠭᠡ ᠠᠪᠤᠭ᠎ᠠ ᠬᠣᠶᠠᠷ ᠲᠡᠩᠴᠡᠭᠦᠬᠡᠨ ᠪᠢᠯᠡ᠃ ᠲᠠ ᠲᠠᠭᠠᠯᠠᠯ ᠢ᠋ᠶ᠋ᠠᠷ ᠢ᠋ᠶ᠋ᠠᠨ ᠪᠣᠯ᠃ ᠰᠢᠪᠠᠷᠲᠤ ᠴᠥᠭᠥᠷᠥᠮ ᠦ᠋ᠨ ᠬᠥᠪᠡᠭᠡᠨ ᠳ᠋ᠦ᠍ ᠲᠥᠪᠡᠳ ᠯᠠᠮᠠ ᠨᠠᠷ ᠤ᠋ᠨ ᠰᠦᠮ᠎ᠡ ᠪᠠᠢᠭ᠎ᠠ᠃ ᠲᠡᠷᠡ ᠰᠦᠮ᠎ᠡ ᠳ᠋ᠦ᠍ ᠲᠥᠪᠡᠳ ᠦ᠋ᠳ ᠮᠢᠨᠦ ᠵᠢᠷᠤᠭ ᠢ᠋ᠶ᠋ᠠᠷ ᠪᠤᠷᠬᠠᠨ ᠬᠡᠪᠯᠡᠵᠦ ᠣᠯᠠᠨ ᠳ᠋ᠤ᠌ ᠲᠦᠭᠡᠭᠡᠵᠦ ᠪᠤᠶᠠᠨ ᠣᠢᠯᠡᠳᠦᠳᠡᠭ ᠶᠦᠮ ᠭᠡᠯ᠎ᠡ᠃ ᠭᠠᠯᠳᠠᠨ ᠬᠠᠭᠠᠨ ᠮᠠᠰᠢᠳᠠ ᠰᠢᠮᠳᠠᠨ᠂
— ᠲᠡᠨᠳᠡ ᠡᠴᠡ ᠪᠢ ᠪᠤᠷᠬᠠᠳ ᠠᠴᠢᠶᠠᠯᠠᠵᠤ ᠨᠤᠲᠤᠭ ᠲᠠᠭᠠᠨ ᠠᠪᠠᠴᠢᠮᠠᠷ ᠪᠠᠢᠨ᠎ᠠ᠃ ᠬᠠᠷᠢᠭᠤ ᠳ᠋ᠤᠨᠢ ᠪᠢ ᠲᠠᠨ ᠳ᠋ᠤ᠌ ᠪᠤᠶᠠᠨ ᠤ᠋ ᠥᠭᠯᠢᠭᠡ ᠶ᠋ᠢ ᠢᠯᠡᠭᠡᠶ᠎ᠡ᠃ ᠠᠴᠢᠶ᠎ᠠ ᠶ᠋ᠢ ᠬᠠᠮᠢᠭ᠎ᠠ ᠢᠷᠡᠭᠦᠯᠪᠡᠯ ᠵᠣᠬᠢᠰᠲᠠᠢ ᠪᠣᠢ ᠭᠡᠵᠦ ᠠᠰᠠᠭᠤᠪᠠ᠃ ᠪᠣᠭᠳᠠ ᠭᠡᠭᠡᠨ ᠪᠣᠯᠭᠣᠮᠵᠢᠲᠠᠢ ᠪᠠᠷ᠂
— ᠠᠮᠤᠷᠪᠠᠶᠠᠰᠬᠤᠯᠠᠩᠲᠤ ᠬᠡᠢᠳ  ᠢ᠋ ᠪᠣᠰᠬᠠᠬᠤ ᠳ᠋ᠤ᠌ ᠲᠠᠨ ᠤ᠋ ᠥᠭᠯᠢᠭᠡ ᠪᠤᠶᠠᠨ ᠢ᠋ ᠣᠷᠣᠭᠤᠯᠤᠶ᠎ᠠ᠃ ᠲᠡᠷᠡ ᠬᠡᠢᠳ ᠦ᠋ᠨ ᠭᠠᠵᠠᠷ  ᠢ᠋ ᠭᠦᠨᠳᠡᠴᠢᠬᠡᠭᠡᠳ ᠪᠠᠢᠭ᠎ᠠ ᠶᠤᠮ ᠭᠡᠯ᠎ᠡ᠃
ᠭᠠᠯᠳᠠᠨ ᠬᠠᠭᠠᠨ ᠥᠪᠡᠷ ᠦ᠋ᠨ ᠡᠷᠬᠡ ᠦᠭᠡᠢ ᠡᠷᠢᠭᠡ ᠪᠡᠨ ᠡᠷᠭᠢᠭᠦᠯᠵᠦ᠂ ᠱᠠᠰᠢᠨ ᠪᠤᠷᠬᠠᠨ ᠳᠡᠯᠭᠡᠷᠡᠬᠦ ᠶ᠋ᠢᠨ ᠢᠷᠦᠭᠡᠯ  ᠢ᠋ ᠠᠮᠠᠨ ᠳ᠋ᠠᠭᠠᠨ ᠭᠦᠪᠳᠦᠨᠡᠨ ᠤᠩᠰᠢᠨ᠎ᠠ᠃ ᠤᠰᠤᠨ ᠤ᠋ ᠮᠢᠷᠠᠯᠵᠠᠭᠠᠨ ᠳᠣᠣᠷᠠᠬᠢ ᠠᠯᠲᠠᠨ ᠪᠤᠷᠬᠠᠨ ᠤ᠋ ᠥᠩᠭᠡ ᠨᠢᠭᠡ ᠲᠣᠳᠣᠷᠠᠵᠤ᠂ ᠨᠢᠭᠡ ᠪᠦᠳᠡᠭᠢᠷᠡᠨ᠎ᠡ᠃
— ᠶᠠᠭᠤᠨ ᠤ᠋ ᠤᠴᠢᠷ ᠤᠰᠤᠨ ᠤ᠋ ᠳᠣᠣᠷ᠎ᠠ ᠪᠤᠷᠬᠠᠨ  ᠢ᠋ ᠵᠠᠯᠠᠨ᠎ᠠ ᠪᠣᠢ?
— ᠰᠡᠪ  ᠢ᠋ ᠳᠠᠷᠤᠵᠤ ᠪᠠᠢᠭ᠎ᠠ ᠶᠤᠮ᠂ ᠡᠨᠡ ᠴᠢᠨᠢ ᠠᠯᠲᠠ ᠬᠡᠮᠡᠬᠦ ᠡᠷᠳᠡᠨᠢ ᠰᠢᠦ ᠳᠡ᠃ ᠴᠢᠳᠬᠤᠭᠤᠷ ᠤ᠋ᠨ ᠰᠡᠪ ᠪᠠᠢᠳᠠᠭ ᠶᠤᠮ ᠭᠡᠯ᠎ᠡ᠃
— ᠨᠡᠭᠡᠷᠡᠨ ᠴᠢᠳᠬᠤᠵᠤ᠂ ᠭᠠᠩᠨᠠᠵᠤ᠂ ᠬᠠᠢᠯᠵᠤ᠂ ᠬᠠᠳᠠ ᠰᠠᠭᠤᠯᠭᠠᠵᠤ ᠪᠤᠷᠬᠠᠨ ᠪᠦᠲᠦᠭᠡᠳᠡᠭ ᠪᠢᠯᠡ᠃ ᠲᠡᠭᠡᠬᠦ ᠪᠡᠷ ᠰᠡᠪ  ᠪᠠᠶ᠋ᠢᠯ ᠦᠭᠡᠢ ᠶᠠᠭᠠᠬᠢᠬᠤ ᠪᠣᠢ? ᠤᠷᠤᠰᠬᠠᠯ ᠤᠰᠤ ᠪᠠᠷ ᠰᠡᠪ ᠦᠭᠡᠢ ᠪᠣᠯᠭᠠᠨ᠎ᠠ ᠰᠢᠦ ᠳᠡ᠃ ᠵᠥᠪᠬᠡᠨ ᠤᠷᠤᠰᠬᠠᠯ ᠤᠰᠤ ᠪᠠᠷ ᠁ ᠤᠷᠤᠰᠬᠠᠯ ᠤᠰᠤᠨ ᠳ᠋ᠤ᠌ ᠪᠤᠵᠠᠷ ᠦᠭᠡᠢ ᠭᠡᠳᠡᠭ᠃ ᠤᠰᠤ ᠯᠠ ᠪᠤᠷᠬᠠᠨ  ᠢ᠋ ᠦ ᠦᠭᠡᠢ ᠪᠣᠯᠭᠠᠳᠠᠭ ᠶᠤᠮ᠃ ᠭᠠᠯᠳᠠᠨ ᠬᠠᠭᠠᠨ ᠣᠳᠣ ᠲᠠ ᠳᠡᠭᠡᠭᠰᠢ ᠪᠡᠨ ᠬᠠᠷᠠ ᠳᠠ᠃
— ᠵᠠᠭᠠᠷ ᠤ᠋ᠨ ᠣᠷᠣᠨ ᠳ᠋ᠤ᠌ ᠤᠷᠭᠤᠳᠠᠭ ᠪᠣᠳᠢ ᠮᠣᠳᠣᠨ ᠤ᠋ ᠨᠠᠪᠴᠢ ᠪᠠᠢᠨ᠎ᠠ᠃ ᠳᠡᠭᠡᠷ᠎ᠡ ᠨᠢ ᠲᠥᠪᠡᠳ ᠪᠢᠴᠢᠭ ᠪᠠᠢᠨ᠎ᠠ᠃ ᠮᠠᠨᠢ ᠶ᠋ᠢᠨ ᠵᠢᠷᠭᠤᠭᠠᠨ ᠦᠰᠦᠭ ᠶᠦᠮ ᠤᠤ ᠳᠠ᠃ ᠲᠡᠢᠮᠦ ᠪᠠᠢᠨ᠎ᠠ᠃
— ᠲᠡᠢᠮᠦ ᠠ᠋᠃ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ ᠪᠤᠷᠬᠠᠨ ᠪᠤᠳ᠋ᠳ᠋ᠾᠠ ᠣᠷᠣᠰᠢᠨ᠎ᠠ᠃ ᠪᠤᠷᠬᠠᠨ ᠤ᠋ ᠬᠠᠷᠰᠢ ᠳ᠋ᠤ᠌ ᠲᠠᠪᠠᠲᠠᠢ ᠮᠣᠷᠢᠯᠠᠨ ᠰᠠᠭᠠᠲᠠᠵᠤ ᠬᠠᠮᠲᠤ ᠳ᠋ᠠᠭᠠᠨ ᠢᠷᠦᠭᠡᠯ ᠡᠷᠭᠦᠶ᠎ᠡ᠃ ᠬᠠᠭᠠᠨ ᠲᠠ ᠨᠣᠮ ᠳ᠋ᠤ᠌ ᠮᠡᠷᠭᠡᠨ ᠪᠢᠯᠡ᠃
—  ᠪᠣᠭᠳᠠ ᠭᠡᠭᠡᠨ ᠲᠠ ᠨᠠᠮᠠᠶ᠋ᠢ ᠯᠤᠤᠰ ᠤ᠋ᠨ ᠦᠷᠭᠦᠭᠡᠨ ᠳ᠋ᠦ᠍ ᠵᠠᠯᠠᠪᠠ᠃ ᠭᠠᠳᠠᠨ᠎ᠠ ᠠ᠋ᠴᠠ ᠪᠠᠨ ᠠᠭᠤᠢ ᠮᠡᠲᠦ᠃ ᠳᠣᠲᠣᠷ᠎ᠠ ᠪᠠᠨ ᠬᠠᠷᠰᠢ ᠮᠡᠲᠦ᠃ ᠱᠠᠪᠢᠯᠠᠨ ᠰᠠᠭᠤᠬᠤ ᠳ᠋ᠤ᠌ ᠯᠤᠤᠰ ᠤ᠋ᠨ ᠣᠷᠳᠣᠨ ᠮᠡᠲᠦ ᠲᠠᠪᠠᠯᠢᠭ ᠶᠤᠮ᠃
— ᠨᠠᠮᠠᠶ᠋ᠢ  ᠲᠦᠪᠭᠦᠨ ᠳ᠋ᠦ᠍ ᠢᠷᠡᠬᠦ᠂ ᠪᠤᠴᠠᠬᠤ ᠶ᠋ᠢ ᠬᠡᠨ ᠴᠦ᠍ ᠦᠯᠦ ᠮᠡᠳᠡᠨ᠎ᠡ᠃ ᠲᠩᠷᠢ ᠣᠪᠣᠭ᠎ᠠ ᠪᠣᠯ ᠳᠡᠭᠡᠭᠰᠢ ᠪᠡᠨ ᠳᠣᠷᠣᠭᠰᠢ ᠪᠠᠨ ᠭᠡᠷᠡᠯ ᠤᠷᠤᠰᠳᠠᠭ ᠨᠡᠭᠡᠭᠡᠯᠬᠡᠢ ᠶᠤᠮ᠃ ᠣᠳᠣ ᠲᠠ ᠳᠡᠭᠡᠭᠦᠷ ᠥᠭᠡᠳᠡ ᠬᠠᠷᠠᠨ᠎ᠠ ᠤᠤ?
—  ᠬᠥᠬᠡ ᠲᠩᠷᠢ ᠁ ᠬᠥᠬᠡ ᠲᠩᠷᠢ ᠬᠠᠷᠠᠭᠳᠠᠨ᠎ᠠ᠃
—  ᠲᠩᠷᠢ ᠬᠠᠷᠠᠭᠳᠠᠳᠠᠭ᠂ ᠲᠩᠷᠢ ᠣᠷᠣᠰᠢᠳᠠᠭ ᠤᠴᠢᠷ ᠠ᠋ᠴᠠ  ᠲᠦᠪᠭᠦᠨ ᠬᠠᠢᠷᠬᠠᠨ ᠤ᠋ ᠶᠡᠬᠡ ᠣᠪᠣᠭ᠎ᠠ ᠶ᠋ᠢ ᠲᠩᠷᠢ ᠣᠪᠣᠭ᠎ᠠ ᠭᠡᠵᠦ ᠨᠡᠷᠡᠯᠡᠭᠰᠡᠨ  ᠶᠤᠮ᠃  
— ᠪᠣᠭᠳᠠ ᠭᠡᠭᠡᠨ ᠲᠠᠨ ᠤ᠋ ᠷᠢᠳᠢ ᠰᠢᠳᠢ ᠶ᠋ᠢ ᠪᠢ ᠭᠦᠨ᠎ᠡ ᠲᠠᠯᠠᠷᠬᠠᠨ᠎ᠠ᠃
—  ᠨᠠᠳᠠ ᠲᠠᠯᠠᠷᠬᠠᠬᠤ ᠶᠠᠭᠤᠨ ᠰᠠᠨ ᠪᠢᠯᠡ᠃ ᠪᠠᠢᠭᠠᠯᠢ ᠪᠦᠲᠦᠭᠡᠭᠰᠡᠨ ᠰᠢᠳᠢᠲᠦ ᠬᠠᠷᠰᠢ ᠶ᠋ᠢ ᠬᠤᠸᠠᠷᠠᠭ ᠤ᠋ᠨ ᠪᠡᠶ᠎ᠡ ᠣᠩᠭᠣᠯᠠᠭᠰᠠᠨ ᠬᠡᠷᠡᠭ᠃ ᠮᠣᠩᠭᠣᠯᠴᠤᠳ ᠤ᠋ᠨ ᠵᠠᠶᠠᠭ᠎ᠠ ᠲᠦᠰᠢᠵᠦ ᠠᠭᠤᠢ ᠶ᠋ᠢᠨ ᠪᠣᠭᠳᠠ ᠨᠠᠳᠠ ᠯᠤᠤᠰ ᠤ᠋ᠨ ᠬᠠᠷᠰᠢ ᠶ᠋ᠢᠨ ᠡᠭᠦᠳᠡ ᠬᠠᠭᠠᠯᠭ᠎ᠠ ᠪᠠᠨ ᠨᠡᠭᠡᠭᠡᠵᠦ ᠥᠭᠭᠦᠭᠰᠡᠨ᠃ ᠨᠢᠭᠡᠨ ᠴᠠᠭ ᠲᠤ᠌ ᠴᠢᠩᠭᠢᠰ ᠬᠠᠭᠠᠨ ᠯᠤᠤᠰ ᠤ᠋ᠨ ᠬᠠᠷᠰᠢ ᠳ᠋ᠤ᠌ ᠰᠠᠭᠠᠲᠠᠨ ᠮᠣᠷᠢᠯᠠᠭᠰᠠᠨ ᠪᠢᠵᠡ᠃ ᠬᠠᠳᠠᠨ ᠳᠡᠭᠡᠷ᠎ᠡ ᠰᠡᠢᠯᠦᠭᠰᠡᠨ ᠴᠢᠯᠠᠭᠤᠨ ᠢ᠋ᠶ᠋ᠠᠷ ᠤ᠋ᠨ ᠪᠢᠴᠢᠭ ᠨᠢᠭᠡ ᠶᠠᠭᠤᠮ᠎ᠠ ᠬᠡᠯᠡᠭᠡᠳ ᠪᠠᠢᠨ᠎ᠠ᠃
—  ᠭᠡᠭᠡᠨᠲᠠᠨ ᠲᠠ ᠳᠣᠲᠣᠭᠠᠳᠤ ᠪᠢᠰᠢᠯᠭᠠᠯ ᠳ᠋ᠤ᠌ ᠭᠦᠨ ᠨᠡᠪᠲᠡᠷᠡᠵᠡᠢ᠃ ᠪᠠᠨᠴᠢᠨ᠌ᠡᠷᠳᠡᠨᠢ ᠶ᠋ᠢᠨ ᠨᠣᠮᠯᠠᠯ ᠤ᠋ᠨ ᠴᠢᠨᠠᠳᠤ ᠡᠢᠨ ᠬᠦ᠌ ᠣᠷᠣᠰᠢᠬᠤ ᠶ᠋ᠢ ᠯᠠᠮᠠ ᠪᠢ ᠨᠢᠳᠦ ᠪᠡᠷ ᠬᠠᠷᠠᠪᠠ᠃ ᠲᠠᠷᠢᠬᠢ ᠵᠢᠷᠦᠬᠡᠨ ᠳ᠋ᠦ᠍ ᠮᠡᠳᠡᠷᠡᠭᠳᠡᠬᠦ ᠡᠴᠡ ᠭᠠᠳᠠᠨ᠎ᠠ ᠨᠢᠳᠦ ᠪᠡᠷ ᠦᠵᠡᠬᠦ ᠨᠢ ᠦᠨᠡᠨ ᠦ᠌ ᠦᠨᠡᠨ ᠪᠤᠰᠤ ᠤᠤ?
—  ᠪᠣᠱᠣᠭᠲᠤ ᠬᠠᠭᠠᠨ ᠲᠠᠨ ᠤ᠋ ᠯᠠᠮᠠ ᠨᠢ ᠳᠣᠲᠣᠷ᠎ᠠ ᠪᠠᠨ᠂ ᠬᠠᠭᠠᠨ ᠨᠢ ᠭᠠᠳᠠᠨ᠎ᠠ ᠪᠠᠨ ᠶᠠᠪᠤᠳᠠᠭ ᠶᠤᠮ ᠪᠠᠢᠨ᠎ᠠ᠃ ᠲᠠ ᠭᠠᠯᠳᠠᠨ ᠬᠡᠮᠡᠬᠦ ᠨᠢᠭᠡᠨ ᠨᠡᠷ᠎ᠡ ᠲᠡᠢ᠂ ᠨᠢᠭᠡᠨ ᠮᠠᠬᠠᠪᠣᠳ ᠲᠠᠢ ᠬᠥᠮᠦᠨ ᠪᠣᠯᠪᠠᠴᠤ ᠯᠠᠮᠠ ᠬᠠᠭᠠᠨ ᠬᠣᠶᠠᠷ ᠤ᠋ᠨ ᠲᠠᠴᠢᠶᠠᠯ ᠶᠤᠮ᠃ ᠲᠦᠪᠭᠦᠨ ᠬᠠᠢᠷᠬᠠᠨ ᠤ᠋ ᠳᠣᠲᠣᠭᠤᠷ ᠤᠷᠤᠰᠳᠠᠭ ᠰᠢᠷ᠎ᠠ ᠭᠣᠷᠣᠬ᠎ᠠ᠂ ᠨᠣᠭᠣᠭᠠᠨ ᠭᠣᠷᠣᠬ᠎ᠠ ᠬᠣᠶᠠᠭᠤᠯᠠ ᠣᠭᠲᠣᠯᠤᠯᠴᠠᠵᠤ᠂ ᠴᠢᠳᠬᠤᠯᠠᠩ ᠳ᠋ᠤ᠌ ᠣᠷᠣᠪᠠᠴᠤ ᠥᠪᠡᠷ ᠥᠪᠡᠷ ᠦ᠋ᠨ ᠵᠠᠮ ᠢ᠋ᠶ᠋ᠠᠷ ᠥᠩᠭᠡ ᠪᠡᠨ ᠠᠯᠳᠠᠳᠠᠭ ᠦᠭᠡᠢ ᠠᠳᠠᠯᠢᠬᠠᠨ ᠠᠵᠢ᠃
—  ᠭᠣᠷᠣᠬ᠎ᠠ ᠶ᠋ᠢᠨ ᠤᠰᠤ ᠲᠤᠩᠭᠠᠯᠠᠭ ᠪᠣᠢ ᠵ᠎ᠠ᠃
— ᠪᠣᠱᠣᠭᠲᠤ ᠬᠠᠭᠠᠨ ᠲᠠ ᠵᠥᠪ ᠠᠩᠵᠠᠭᠠᠷᠠᠵᠠᠢ᠃ ᠲᠤᠩᠭᠠᠯᠠᠭ ᠤᠰᠤ ᠭᠤᠯᠳᠤᠷᠢᠯ ᠤ᠋ᠨ ᠢ᠋ᠶ᠋ᠠᠨ ᠥᠩᠭᠡ ᠪᠡᠷ ᠤᠷᠤᠰᠳᠠᠭ ᠶᠤᠮ᠃ ᠰᠤᠳᠠᠯ ᠵᠠᠮ ᠨᠢ ᠰᠢᠷ᠎ᠠ ᠨᠣᠭᠣᠭᠠᠨ ᠪᠣᠯ ᠨᠣᠭᠣᠭᠠᠨ ᠥᠩᠭᠡ ᠲᠡᠢ ᠪᠤᠰᠤ ᠤᠤ?
— ᠲᠠᠬᠢᠯ ᠤ᠋ᠨ ᠤᠰᠤᠨ ᠤ᠋ ᠬᠤᠳᠳᠤᠭ᠂ ᠤᠮᠳᠠ ᠶ᠋ᠢᠨ ᠤᠰᠤᠨ ᠤ᠋ ᠬᠤᠳᠳᠤᠭ ᠮᠥᠨ ᠲᠤᠩᠭᠠᠯᠠᠭ ᠲᠤᠯᠠ ᠰᠢᠷ᠎ᠠ ᠨᠣᠭᠣᠭᠠᠨ ᠳᠡᠪᠢᠰᠬᠡᠷ ᠥᠩᠭᠡ ᠪᠡᠷ ᠢ᠋ᠶ᠋ᠡᠨ ᠨᠢᠳᠦ ᠪᠤᠯᠢᠶᠠᠬᠤ ᠨᠢ ᠠᠷᠭ᠎ᠠ ᠦᠭᠡᠢ᠃
—  ᠪᠣᠱᠣᠭᠲᠤ ᠬᠠᠭᠠᠨ ᠲᠠᠨ ᠲᠠᠢ ᠤᠳᠠᠲᠠᠯ᠎ᠠ ᠬᠦᠦᠷᠨᠢᠯᠳᠦᠪᠡ᠃ ᠣᠳᠣ ᠵᠣᠭᠣᠭ ᠪᠠᠷᠢᠶ᠎ᠠ᠃
ᠥᠨᠳᠥᠷ ᠭᠡᠭᠡᠨ ᠵᠠᠨᠠᠪᠠᠽᠠᠷ ᠯᠤᠤᠰ ᠤ᠋ᠨ ᠬᠠᠷᠰᠢ ᠳ᠋ᠠᠭᠠᠨ ᠲᠠᠪᠠ ᠲᠤᠬᠠᠲᠠᠢ ᠰᠠᠭᠤᠬᠤ ᠪᠥᠭᠡᠳ ᠪᠤᠷᠬᠠᠨ ᠳ᠋ᠤ᠌ ᠤᠬᠠᠭᠠᠨ ᠰᠠᠨᠠᠭ᠎ᠠ ᠪᠠᠨ ᠲᠥᠪᠯᠡᠷᠡᠭᠦᠯᠦᠨ ᠪᠦᠲᠦᠭᠡᠨ᠎ᠡ᠃ ᠪᠤᠷᠬᠠᠳ ᠬᠡᠪᠯᠡᠳᠡᠭ᠂ ᠲᠦᠭᠡᠭᠡᠳᠡᠭ ᠭᠠᠵᠠᠷ ᠨᠢ ᠲᠥᠪᠡᠳ ᠯᠠᠮᠠ ᠨᠠᠷ ᠤ᠋ᠨ ᠣᠯᠠᠨ ᠢ᠋ᠶ᠋ᠠᠷ ᠢ᠋ᠶ᠋ᠠᠨ ᠠᠵᠢᠯᠯᠠᠳᠠᠭ ᠰᠢᠪᠠᠷᠲᠤ ᠴᠥᠭᠥᠷᠥᠮ ᠦ᠋ᠨ ᠬᠡᠢᠳ ᠪᠥᠯᠥᠭᠡ᠃
ᠪᠤᠷᠬᠠᠨ ᠤᠷᠠᠯᠠᠭᠠᠴᠢ ᠭᠡᠭᠡᠨᠲᠡᠨ ᠮᠡᠯᠡᠬᠡᠢ  ᠨᠦ᠍ᠭᠦᠳ ᠰᠡᠢᠯᠵᠦ ᠲᠠᠷ ᠨᠢ ᠨᠡᠢᠯᠡᠭᠦᠯᠦᠭᠰᠡᠨ ᠰᠢᠪᠠᠷ ᠢ᠋ᠶ᠋ᠠᠷ ᠭᠠᠭᠴᠠ ᠬᠤᠪᠢ ᠬᠡᠪ ᠦᠢᠯᠡᠳᠴᠦ᠂ ᠳᠠᠷᠠᠭ᠎ᠠ ᠨᠢ ᠬᠠᠲᠠᠭᠤᠷᠠᠵᠤ ᠴᠢᠯᠠᠭᠤᠵᠢᠭᠰᠠᠨ ᠬᠡᠪ ᠢ᠋ᠶ᠋ᠡᠨ ᠯᠤᠤᠰ ᠤ᠋ᠨ ᠣᠷᠳᠣᠨ ᠳ᠋ᠠᠭᠠᠨ ᠦᠯᠡᠳᠡᠭᠡᠨ᠎ᠡ᠃ ᠲᠡᠷᠡ ᠬᠦ᠌ ᠪᠤᠷᠬᠠᠨ ᠤ᠋ ᠬᠡᠪ ᠠᠭᠠᠵᠢᠮ ᠢ᠋ᠶ᠋ᠠᠷ ᠤᠷᠤᠰᠬᠠᠯ ᠣᠰᠤᠨ᠎ᠠ ᠮᠥᠯᠢᠢᠵᠦ ᠰᠢᠩᠭᠡᠭᠰᠡᠭᠡᠷ ᠲᠦᠪᠬᠥᠨ ᠬᠠᠢᠷᠬᠠᠨ ᠤ᠋ ᠳᠣᠲᠣᠭᠤᠷ ᠨᠠᠭᠠᠯᠳᠤᠨ᠎ᠠ᠃ 
ᠭᠠᠯᠳᠠᠨ ᠬᠠᠭᠠᠨ ᠲᠡᠷᠡ ᠦᠶ᠎ᠡ ᠳ᠋ᠦ᠍ ᠥᠨᠳᠥᠷ ᠭᠡᠭᠡᠨ  ᠢ᠋ ᠲᠤᠢᠯ ᠠ᠋ᠴᠠ ᠥᠷᠦᠪᠳᠦᠵᠦ《ᠶᠡᠬᠡ ᠬᠥᠮᠦᠨ ᠤᠴᠢᠷ ᠠ᠋ᠴᠠ ᠬᠠᠭᠠᠳ ᠨᠣᠶᠠᠳ ᠤ᠋ᠨ ᠲᠣᠭᠯᠠᠭᠠᠮ ᠪᠣᠯᠬᠤ ᠦᠭᠡᠢ ᠶ᠋ᠢ ᠬᠢᠴᠢᠶᠡᠵᠦ ᠤᠷᠠᠯᠢᠭ ᠤ᠋ᠨ ᠲᠥᠯᠥᠭᠡ ᠣᠶᠤᠨ ᠰᠠᠨᠠᠭ᠎ᠠ ᠪᠠᠨ ᠥᠭᠴᠦ ᠪᠠᠢᠨ᠎ᠠ》 ᠭᠡᠮᠡᠨ ᠪᠣᠳᠣᠵᠠᠢ᠃

 ᠠᠷᠪᠠᠨ ᠨᠢᠭᠡ 
ᠬᠠᠮᠢᠭ᠎ᠠ ᠨᠢᠭᠡ ᠲᠡᠢ ᠡᠴᠡ ᠯᠤᠤᠰ ᠤ᠋ᠨ ᠭᠦᠩᠵᠦ ᠭᠠᠷᠴᠤ ᠢᠷᠡᠪᠡᠢ᠃ ᠲᠡᠷᠡ ᠭᠦᠩᠵᠦ ᠶ᠋ᠢᠨ ᠵᠤᠤᠪᠠᠩᠳᠠᠭᠤ ᠬᠠᠷ᠎ᠠ ᠨᠢᠳᠦ ᠨᠢ ᠠᠭᠤᠯᠠ ᠶ᠋ᠢᠨ ᠲᠠᠭᠲᠤ ᠳ᠋ᠤ᠌ ᠮᠡᠯᠮᠡᠯᠵᠡᠬᠦ ᠪᠤᠯᠠᠭ ᠯᠤᠭ᠎ᠠ ᠲᠤᠩᠭᠠᠯᠠᠭ ᠪᠥᠯᠥᠭᠡ᠃ ᠭᠦᠩᠵᠦ ᠶ᠋ᠢᠨ ᠰᠣᠷᠮᠤᠤᠰᠤ ᠡᠷᠪᠡᠬᠡᠢ ᠶ᠋ᠢᠨ ᠳᠡᠯᠢ ᠮᠡᠲᠦ ᠳᠡᠷᠪᠡᠭᠡᠷ᠂ ᠬᠥᠮᠥᠰᠬᠡ ᠨᠣᠮᠣᠨ ᠬᠡᠯᠪᠡᠷᠢ ᠲᠡᠢ ᠥᠳᠬᠡᠨ ᠠᠭᠠᠳ ᠮᠠᠩᠨᠠᠢ ᠲᠡᠭᠰᠢ ᠠᠲᠠᠯ᠎ᠠ ᠪᠠᠨ ᠳᠤᠬᠤ ᠪᠣᠰᠤᠭ᠎ᠠ ᠠᠵᠢ᠃ ᠬᠢᠯ ᠬᠠᠷ᠎ᠠ ᠦᠰᠦ ᠪᠡᠨ ᠭᠤᠷᠪᠠ ᠪᠠᠷ ᠰᠦᠯᠵᠢᠵᠦ ᠬᠦᠷᠦᠭᠰᠡᠨ ᠨᠢ ᠠᠯᠬᠤᠬᠤ ᠲᠣᠭᠠᠯᠠᠩ ᠳ᠋ᠤ᠌ ᠨᠢᠷᠤᠭᠤ ᠪᠡᠯᠬᠡᠭᠦᠰᠦ ᠶ᠋ᠢ ᠳᠠᠮᠨᠠᠨ ᠭᠦᠷᠪᠡᠯᠵᠡᠬᠦ ᠪᠥᠭᠡᠳ ᠪᠡᠶ᠎ᠡ ᠶ᠋ᠢᠨ ᠭᠠᠯᠪᠢᠷ ᠰᠠᠢᠬᠠᠨ ᠲᠠᠢ᠂  ᠲᠤᠶᠢᠬᠠᠨ ᠠᠯᠬᠤᠭ᠎ᠠ ᠲᠠᠢ ᠭᠤᠸᠠᠯᠢᠭ ᠭᠦᠩᠵᠦ ᠪᠠᠢᠯ᠎ᠠ᠃ ᠭᠦᠩᠵᠦ ᠮᠣᠳᠣᠳ ᠤ᠋ᠨ ᠰᠤᠯᠠ ᠤᠨᠵᠢᠭᠰᠠᠨ ᠣᠯᠠᠨ ᠵᠢᠸ᠎ᠠ ᠨᠠᠪᠴᠢᠰ  ᠢ᠋ ᠰᠡᠬᠦᠨ ᠠᠯᠬᠤᠨ᠎ᠠ᠃ ᠲᠡᠷᠡ ᠬᠦ᠌ ᠪᠣᠳᠢ᠂  ᠽᠠᠨᠳᠠᠷ᠎ᠠ᠂ᠠᠭᠠᠷᠤ᠂ᠬᠠᠢᠯᠠᠰᠤ ᠮᠣᠳᠣᠳ ᠤ᠋ᠨ ᠨᠠᠪᠴᠢ ᠲᠡᠭᠷᠢ ᠡᠴᠡ
ᠵᠡᠭᠦᠭᠳᠡᠭᠰᠡᠨ ᠮᠡᠲᠦ᠂ ᠪᠣᠷᠣᠭᠠᠨ ᠤ᠋ ᠳᠤᠰᠤᠯ ᠮᠡᠲᠦ ᠠᠰᠬᠠᠷᠠᠵᠤ ᠤᠨᠵᠢᠬᠤ ᠪᠥᠯᠥᠭᠡ᠃
ᠥᠨᠳᠥᠷ ᠭᠡᠭᠡᠨ ᠵᠠᠨᠠᠪᠠᠽᠠᠷ《ᠠᠮᠢᠨ᠎ᠠ 》 ᠭᠡᠵᠦ ᠭᠠᠯᠳᠠᠨ ᠪᠣᠱᠣᠭᠲᠤ ᠳ᠋ᠤ᠌ ᠬᠠᠨᠳᠤᠨ ᠥᠭᠦᠯᠡᠪᠡ᠃
— ᠠᠮᠢᠨ᠎ᠠ᠁ ᠭᠡᠵᠦ ᠣᠢᠷᠠᠳ ᠤ᠋ᠨ ᠬᠠᠭᠠᠨ ᠳᠠᠭᠤ ᠠᠯᠳᠠᠪᠠ᠃
— ᠮᠢᠨᠦ ᠪᠤᠷᠬᠠᠨ ᠭᠡᠵᠦ᠁ ᠥᠨᠳᠥᠷ ᠭᠡᠭᠡᠨ ᠲᠠᠯᠠᠷᠬᠠᠪᠠ᠃
—ᠠᠮᠢᠨ᠎ᠠ ᠭᠦᠩᠵᠦ ᠲᠠᠨ ᠤ᠋ ᠳᠡᠷᠭᠡᠳᠡ ᠪᠠᠢᠳᠠᠭ ᠤᠤ?
—ᠦᠭᠡᠢ᠂ ᠡᠨᠡ ᠪᠦᠰᠡᠭᠦᠢ ᠶ᠋ᠢ ᠪᠣᠷᠠᠬᠠᠯᠢᠭ ᠴᠢᠷᠠᠢ ᠲᠠᠢ᠂ ᠰᠢᠳᠦᠨ ᠪᠢᠰᠢᠷᠡᠬᠦ ᠤᠪᠠᠳᠢᠰ ᠲᠠᠢ ᠪᠣᠯᠬᠣᠷ ᠤᠷᠠᠯᠠᠨ ᠳ᠋ᠠᠭᠠᠨ ᠢᠷᠡᠭᠦᠯᠳᠡᠭ ᠶᠦᠮ᠃ ᠠᠮᠢᠨ᠎ᠠ ᠨᠠᠪᠴᠢᠲᠤ ᠭᠤᠷᠪᠠᠯᠵᠢᠨ ᠢ᠋ᠶ᠋ᠠᠷ ᠣᠷᠣᠵᠤ ᠭᠠᠷᠳᠠᠭ᠂ ᠪᠢ ᠡᠨᠡ ᠪᠦᠰᠡᠭᠦᠢ ᠶ᠋ᠢ ᠴᠠᠭᠠᠰᠤᠨ ᠳᠡᠭᠡᠷ᠎ᠡ ᠪᠠᠭᠤᠯᠭᠠᠵᠤ ᠤᠯᠠᠮ ᠢ᠋ᠶ᠋ᠠᠷ ᠠᠯᠲᠠ ᠵᠡᠰ ᠢ᠋ᠶ᠋ᠡᠷ ᠪᠦᠲᠦᠭᠡᠵᠦ ᠰᠠᠭᠤᠳᠠᠭ᠃ ᠡᠬᠡ ᠬᠥᠮᠦᠨ ᠢ᠋ ᠪᠤᠷᠬᠠᠨ ᠳ᠋ᠤ᠌ ᠣᠷᠣᠰᠢᠭᠤᠯᠬᠤ ᠰᠡᠳᠬᠢᠯ ᠲᠥᠷᠥᠭᠡᠳ ᠤᠳᠠᠵᠤ ᠪᠠᠢᠨ᠎ᠠ᠃
— ᠠᠮᠢᠨ᠎ᠠ ᠡᠷ᠎ᠡ ᠳ᠋ᠦ᠍ ᠭᠠᠷᠤᠭᠰᠠᠨ ᠤᠤ?
— ᠠᠮᠢᠨ᠎ᠠ ᠬᠣᠶᠠᠷ ᠬᠥᠪᠡᠭᠦᠨ ᠲᠡᠢ᠃ ᠲᠥᠷᠥᠬᠦ ᠳᠣᠳᠣᠮ ᠦᠵᠡᠰᠬᠦᠯᠡᠩ ᠲᠡᠭᠦᠰ ᠪᠣᠯᠵᠤ ᠪᠠᠢᠭ᠎ᠠ ᠨᠢ ᠶᠢᠷᠲᠢᠨᠴᠦ ᠶ᠋ᠢᠨ ᠵᠢᠮ᠎ᠡ ᠪᠤᠰᠤ ᠤᠤ? ᠲᠥᠷᠥᠵᠦ ᠡᠬᠡ ᠪᠣᠯᠤᠭ᠎ᠠ ᠦᠭᠡᠢ ᠪᠦᠰᠡᠭᠦᠢ ᠶ᠋ᠢ ᠪᠤᠷᠬᠠᠨ ᠤ᠋ ᠭᠡᠭᠡᠨ ᠳᠦᠷᠢ ᠳ᠋ᠦ᠍ ᠬᠤᠪᠢᠯᠭᠠᠵᠤ ᠪᠣᠯᠬᠤ ᠦᠭᠡᠢ᠃ ᠠᠯᠳᠠᠰᠢ ᠦᠭᠡᠢ ᠪᠠᠢᠵᠤ ᠮᠠᠭᠠᠳ᠃ ᠲᠥᠷᠥᠵᠦ ᠡᠬᠡ ᠪᠣᠯᠤᠨ᠎ᠠ ᠭᠡᠳᠡᠭ ᠠᠯᠳᠠᠷ ᠤ᠋ᠨ ᠵᠡᠷᠭᠡ  ᠶᠤᠮ᠃
ᠥᠨᠳᠥᠷ ᠭᠡᠭᠡᠨ᠂ ᠪᠣᠱᠣᠭᠲᠤ ᠬᠠᠭᠠᠨ ᠬᠣᠶᠠᠷ ᠤ᠋ᠨ ᠲᠤᠬᠠᠯᠠᠨ ᠰᠠᠭᠤᠭ᠎ᠠ ᠲᠡᠭᠰᠢ ᠲᠠᠪᠴᠠᠩ ᠳᠡᠭᠡᠭᠦᠷ ᠢᠳᠡᠭᠡ ᠴᠠᠭ᠎ᠠ᠂ ᠵᠢᠮᠢᠰ᠂ ᠳᠠᠷᠠᠰᠤ᠂ ᠰᠦ ᠲᠡᠷᠢᠭᠦᠲᠡᠨ ᠥᠷᠥᠵᠡᠢ᠃ ᠠᠮᠢᠨ᠎ᠠ ᠶ᠋ᠢᠨ  ᠰᠥᠮᠪᠦᠨ ᠬᠤᠷᠤᠭᠤ ᠲᠠᠢ ᠭᠠᠷ ᠠ᠋ᠴᠠ ᠴᠠᠢ ᠠᠪᠤᠭᠰᠠᠨ ᠭᠠᠯᠳᠠᠨ ᠬᠠᠭᠠᠨ《ᠵᠠᠨᠠᠪᠠᠽᠠᠷ ᠭᠡᠭᠡᠨ ᠶᠠᠮᠠᠷ ᠤᠷᠠᠨ ᠨᠢᠳᠦ ᠲᠡᠢ ᠬᠥᠮᠦᠨ ᠪᠣᠢ》 ᠭᠡᠵᠦ ᠭᠠᠢᠬᠠᠵᠤ ᠬᠡᠦᠬᠡᠨ ᠦ᠌ ᠲᠤᠨᠤᠮᠠᠯ ᠬᠠᠷ᠎ᠠ ᠨᠢᠳᠦ ᠶ᠋ᠢ ᠰᠢᠷᠳᠡᠵᠦ ᠪᠢᠯᠡ᠃
《ᠭᠠᠯᠳᠠᠨ ᠪᠢ ᠶᠠᠭᠤᠮ᠎ᠠ ᠦᠵᠡᠭᠡ ᠦᠭᠡᠢ ᠪᠢᠰᠢ ᠶᠠᠭᠤᠨ ᠳ᠋ᠤ᠌ ᠲᠡᠭᠡᠲᠡᠯ᠎ᠡ ᠭᠠᠢᠬᠠᠪᠠ᠃ ᠥᠨᠳᠥᠷ ᠭᠡᠭᠡᠨᠲᠡᠨ ᠲᠡᠢ ᠨᠢᠭᠡ ᠪᠠᠭᠰᠢ ᠶ᠋ᠢᠨ ᠱᠠᠪᠢ ᠠᠲᠠᠯ᠎ᠠ ᠲᠡᠭᠦᠨ ᠦ᠌ ᠳᠣᠲᠣᠭᠠᠳᠤ ᠨᠢᠳᠦ ᠤᠷ᠎ᠠ ᠤᠬᠠᠭᠠᠨ ᠤ᠋ ᠪᠢᠯᠢᠭ ᠦ᠋ᠨ ᠨᠢᠳᠦ ᠠᠬᠤᠭᠤᠯᠵᠠᠢ᠃ ᠪᠢ ᠪᠦᠰᠡᠭᠦᠢᠴᠦᠦᠯ ᠦ᠋ᠨ ᠥᠩᠭᠡ᠂ ᠦᠨᠦᠷ᠂ ᠠᠮᠲᠠ ᠶ᠋ᠢ ᠮᠡᠳᠡᠷᠡᠨ᠎ᠡ᠃ ᠥᠨᠳᠥᠷ ᠭᠡᠭᠡᠨ ᠪᠥᠭᠡᠰᠦ ᠳᠣᠲᠣᠭᠠᠳᠤ ᠴᠢᠨᠠᠷ ᠢ᠋ ᠮᠡᠳᠡᠷᠡᠨ᠎ᠡ᠃ ᠡᠮᠡᠰ ᠦ᠋ᠨ ᠵᠢᠷᠦᠬᠡᠨ ᠳ᠋ᠦ᠍ ᠰᠢᠨᠠᠯᠤᠯ᠂ ᠭᠤᠸ᠎ᠠ ᠰᠠᠢᠬᠠᠨ ᠨᠢ ᠵᠡᠷᠭᠡᠴᠡᠨ ᠨᠢᠭᠤᠭᠳᠠᠵᠤ ᠪᠠᠢᠭ᠎ᠠ ᠶ᠋ᠢ ᠭᠡᠭᠡᠨᠲᠡᠨ ᠪᠤᠷᠬᠠᠨ ᠤ᠋ ᠢᠷᠠᠭᠤ ᠳᠦᠷᠢ ᠳ᠋ᠦ᠍ ᠬᠤᠪᠢᠯᠭᠠᠵᠤ ᠪᠣᠢ ᠶᠤᠮᠰᠠᠨᠵᠠᠢ᠃》
 ᠭᠠᠯᠳᠠᠨ ᠬᠠᠭᠠᠨ ᠳ᠋ᠤ᠌ ᠳᠠᠷᠠᠰᠤ ᠰᠥᠩᠨᠡᠪᠡ᠃ ᠬᠠᠭᠠᠨ ᠳᠠᠷᠠᠰᠤ ᠶ᠋ᠢ ᠲᠠᠮᠰᠢᠶᠠᠯᠠᠵᠤ ᠬᠦᠷᠲᠡᠭᠡᠳ《ᠠᠮᠢᠨ᠎ᠠ ᠯᠤᠤᠰ ᠠ᠋ᠴᠠ ᠲᠥᠷᠥᠭᠰᠡᠨ ᠠᠵᠢ》 ᠭᠡᠮᠡᠨ ᠪᠠᠲᠤ ᠢᠲᠡᠭᠡᠯ ᠲᠡᠢ ᠰᠠᠨᠠᠪᠠ᠃ ᠠᠮᠢᠨ᠎ᠠ ᠶ᠋ᠢᠨ ᠳᠡᠭᠡᠳᠦ ᠢᠵᠠᠭᠤᠷ ᠨᠢ ᠵᠠᠮᠤᠬ᠎ᠠ ᠪᠥᠭᠡᠳ ᠮᠥᠩᠬᠦᠯᠤᠭᠤᠸ᠎ᠠ ᠬᠠᠲᠤᠨ ᠠ᠋ᠴᠠ ᠲᠥᠷᠥᠭᠰᠡᠨ  ᠦᠷᠡᠯᠵᠢᠨ ᠬᠠᠲᠤᠨ ᠲᠡᠭᠦᠨ  ᠦ᠌ ᠬᠥᠪᠡᠭᠦᠨ  ᠪᠠᠶ᠋ᠢᠳᠠᠷᠠᠭ  ᠤ᠋ᠨ ᠦᠷᠭᠦᠯᠵᠢᠯᠡᠯ  ᠶᠤᠮ᠃ ᠵᠠᠳᠠᠷᠠᠨ ᠤᠷᠤᠭ  ᠤ᠋ᠨ  ᠪᠠᠶ᠋ᠢᠳᠠᠷᠠᠭ ᠮᠥᠩᠬᠡ ᠬᠠᠭᠠᠨ ᠰᠥᠩ ᠤᠯᠤᠰ ᠢ᠋ ᠳᠠᠭᠠᠷᠢᠬᠤ ᠪᠠᠷ ᠳᠣᠪᠲᠣᠯᠬᠤ ᠳ᠋ᠤ᠌ ᠦᠬᠦᠵᠦ᠂ ᠲᠡᠢᠨ ᠪᠠᠢᠯᠳᠤᠭᠠᠨ ᠳ᠋ᠤ᠌ ᠦᠷᠡᠭᠳᠡᠭᠰᠡᠭᠡᠷ ᠰᠥᠰᠥ ᠶᠡᠬᠡᠲᠦ ᠵᠠᠳᠠᠷᠠᠨ ᠡᠷᠡᠴᠦᠦᠯ ᠦ᠋ᠨ ᠰᠡᠭᠦᠯᠴᠢ ᠶ᠋ᠢᠨ ᠬᠢᠨᠢ ᠠᠮᠢᠨ᠎ᠠ ᠶ᠋ᠢᠨ ᠡᠴᠢᠭᠡ ᠬᠤᠭᠤᠷᠴᠢᠨ ᠶᠤᠮ᠃ ᠬᠤᠭᠤᠷᠴᠢᠨ ᠪᠠᠭᠠᠲᠤᠷ ᠥᠬᠢᠨ ᠢ᠋ᠶ᠋ᠡᠨ ᠲᠥᠷᠬᠥᠮ ᠳ᠋ᠦ᠍ ᠭᠠᠷᠭᠠᠭᠰᠠᠨ ᠠ᠋ᠴᠠ ᠬᠣᠢᠰᠢ ᠬᠣᠩ ᠲᠠᠢᠵᠢ ᠴᠠᠭᠳᠳᠣᠷᠵᠢ ᠶ᠋ᠢᠨ ᠴᠡᠷᠢᠭ  ᠲᠦ᠍ ᠵᠢᠳᠠ ᠠᠳᠬᠤᠵᠤ ᠶᠠᠪᠤᠨ᠎ᠠ ᠪᠢᠯᠡ᠃
ᠠᠮᠢᠨ᠎ᠠ ᠶ᠋ᠢᠨ ᠡᠷ᠎ᠡ ᠨᠢ ᠬᠠᠷ᠎ᠠ ᠲᠡᠮᠦᠷ ᠳᠠᠪᠲᠠᠵᠤ ᠬᠥᠯᠥᠰᠥ ᠪᠡᠨ ᠴᠤᠪᠤᠭᠤᠯᠵᠤ ᠳᠠᠷᠬ᠎ᠠ ᠬᠢᠳᠡᠭ ᠭᠦᠨᠳᠦᠦ ᠦᠭᠡᠢ ᠨᠢᠭᠡᠨ ᠪᠥᠭᠡᠳ  ᠲᠦᠪᠭᠦᠨ  ᠦ᠌ ᠤᠷᠲᠤ ᠨᠢᠷᠤᠭᠤ ᠶ᠋ᠢ ᠦᠬᠡᠷ ᠲᠡᠷᠭᠡᠨ ᠮᠥᠷ ᠢ᠋ᠶ᠋ᠡᠷ ᠲᠠᠮᠠᠭᠠᠯᠠᠵᠤ ᠡᠷᠭᠢᠬᠦ ᠳᠥᠷᠪᠡᠨ ᠤᠯᠠᠷᠢᠯ ᠢ᠋ ᠦᠳᠡᠨ᠎ᠡ᠃
ᠠᠮᠢᠨ᠎ᠠ ᠪᠦᠰᠡᠭᠦᠢ ᠭᠠᠯᠳᠠᠨ ᠬᠠᠭᠠᠨ ᠤ᠋ ᠰᠢᠷᠠᠩᠭᠤᠢ ᠴᠢᠷᠠᠢ᠂ ᠬᠠᠩᠬᠠᠭᠠᠷ ᠴᠡᠭᠡᠵᠢ᠂ ᠮᠣᠩᠬᠣᠷᠳᠠᠭᠤ ᠬᠠᠮᠠᠷ ᠵᠡᠷᠭᠡ ᠶ᠋ᠢ ᠬᠠᠷᠠᠭᠰᠠᠭᠠᠷ ᠪᠠᠢᠬᠤ ᠶ᠋ᠢ ᠠᠵᠢᠭᠰᠠᠨ ᠥᠨᠳᠥᠷ ᠭᠡᠭᠡᠨ ᠵᠠᠨᠠᠪᠠᠽᠠᠷ᠂
— ᠣᠢᠷᠠᠳ ᠤ᠋ᠨ ᠬᠠᠭᠠᠨ ᠭᠡᠵᠦ ᠠᠶᠠᠳᠠᠭᠤᠬᠠᠨ ᠥᠭᠦᠯᠡᠵᠡᠢ᠃
 ᠠᠮᠢᠨ᠎ᠠ ᠶ᠋ᠢᠨ ᠨᠢᠳᠦᠨ ᠳ᠋ᠦ᠍ ᠵᠦᠩ ᠰᠤᠪᠢᠨ ᠭᠡᠷᠡᠯᠲᠦᠪᠡ᠃ ᠬᠠᠭᠠᠨ ᠭᠠᠯᠳᠠᠨ ᠰᠢᠷ᠎ᠠ ᠲᠤᠶᠠᠭ᠎ᠠ ᠶ᠋ᠢᠨ ᠠᠭᠤᠰᠤᠮᠠᠯ ᠪᠠᠢᠯ᠎ᠠ᠃

 ᠠᠷᠪᠠᠨ ᠬᠣᠶᠠᠷ
ᠭᠠᠯᠳᠠᠨ ᠬᠠᠭᠠᠨ ᠵᠠᠮ ᠤ᠋ᠨ ᠲᠤᠷᠰᠢ ᠥᠨᠳᠥᠷ ᠳᠠᠪᠠᠭ᠎ᠠ ᠳᠠᠪᠠᠭᠰᠠᠨ ᠴᠤ᠌᠂ ᠥᠷᠭᠡᠨ ᠭᠣᠣᠯ ᠭᠠᠲᠤᠯᠤᠭᠰᠠᠨ ᠴᠤ᠌᠂ ᠠᠮᠢᠨ᠎ᠠ ᠶ᠋ᠢ ᠳᠦᠷᠰᠦᠯᠡᠨ ᠪᠣᠳᠣᠭᠰᠠᠭᠠᠷ ᠶᠠᠪᠤᠭᠰᠠᠨ ᠰᠠᠨ᠃ ᠠᠮᠢᠨ᠎ᠠ ᠶᠠᠭᠠᠬᠢᠭᠠᠳ  ᠴᠤ᠌ ᠶᠤᠮ ᠪᠤᠷᠬᠠᠨ ᠤ᠋ ᠬᠥᠷᠥᠭ ᠳᠦᠷᠢ ᠮᠥᠨ ᠪᠠᠢᠪᠠ᠃
ᠭᠠᠯᠳᠠᠨ ᠬᠠᠭᠠᠨ ᠤ᠋ ᠵᠣᠷᠢᠭᠰᠠᠨ ᠵᠣᠷᠢᠯᠭ᠎ᠠ ᠪᠠᠶᠠᠯᠠᠵᠠᠢ᠃ ᠥᠨᠳᠥᠷ ᠭᠡᠭᠡᠨ《ᠰᠠᠶᠢᠬᠠᠨ ᠢᠯᠠᠭᠤᠭᠰᠠᠨ ᠬᠤᠲᠤᠭᠲᠤ ᠶ᠋ᠢᠨ ᠳᠡᠷᠭᠡᠳᠡ ᠡᠴᠡ ᠠᠷᠪᠠᠭᠠᠳ ᠯᠠᠮᠠ ᠨᠠᠳᠠᠳᠤ ᠱᠠᠪᠢ ᠣᠷᠣᠬᠤ ᠪᠠᠷ ᠢᠷᠡᠪᠡ᠃ ᠲᠡᠳᠡᠭᠡᠷ ᠯᠠᠮᠠ ᠨᠠᠷ ᠨᠢᠳᠦᠨ ᠳ᠋ᠦ᠍ ᠳᠤᠯᠠᠭᠠᠬᠠᠨ ᠬᠢᠷᠢ ᠨᠢ ᠳᠠᠯᠳᠠ ᠰᠠᠨᠠᠭ᠎ᠠ ᠲᠠᠢ ᠪᠣᠯᠤᠯᠲᠠᠢ᠃ ᠮᠠᠨᠵᠤ ᠶ᠋ᠢᠨ ᠲᠠᠯ᠎ᠠ ᠶ᠋ᠢ ᠪᠠᠷᠢᠳᠠᠭ ᠯᠠᠮᠠ ᠬᠣᠪᠣᠷ ᠪᠢᠵᠡ᠃ ᠢᠯᠠᠭᠤᠭᠰᠠᠨ ᠬᠤᠲᠤᠭᠲᠤ ᠨᠠᠳᠠ ᠤᠷᠤᠭᠤ ᠯᠠᠮᠠ ᠢᠯᠡᠭᠡᠭᠰᠡᠨ ᠤᠴᠢᠷ ᠢ᠋ ᠳᠠᠭᠠᠵᠤ ᠶᠠᠳᠠᠨ ᠪᠠᠢᠨ᠎ᠠ》 ᠭᠡᠵᠦ ᠬᠡᠯᠡᠬᠦ ᠳ᠋ᠦ᠍ ᠭᠠᠯᠳᠠᠨ ᠬᠠᠭᠠᠨ ᠳᠣᠲᠣᠷ᠎ᠠ ᠪᠠᠨ《ᠨᠠᠮᠠᠶ᠋ᠢ ᠶᠠᠮᠠᠷ ᠰᠠᠨᠠᠭ᠎ᠠ ᠲᠠᠢ ᠶ᠋ᠢ ᠪᠣᠭᠳᠠ ᠯᠠᠮᠠ ᠭᠠᠳᠠᠷᠯᠠᠨ᠎ᠠ᠃ ᠶᠡᠬᠡ ᠮᠣᠩᠭᠣᠯ ᠰᠠᠨᠠᠭ᠎ᠠ ᠲᠠᠢ ᠤᠴᠢᠷ ᠠ᠋ᠴᠠ ᠪᠣᠭᠳᠠ ᠨᠠᠳᠠᠳᠤ ᠢᠯᠡᠭᠦᠦ ᠲᠠᠯ᠎ᠠ ᠲᠠᠢ ᠪᠠᠢᠳᠠᠭ᠃ ᠢᠯᠠᠭᠤᠭᠰᠠᠨ ᠬᠤᠲᠤᠭᠲᠤ ᠬᠥᠬᠡᠬᠣᠲᠠ ᠳ᠋ᠤ᠌ ᠯᠠᠮᠠ ᠨᠠᠷ ᠤ᠋ᠨ ᠨᠢᠭᠤᠴᠠ ᠪᠦᠯᠬᠦᠮ ᠪᠠᠢᠭᠤᠯᠵᠤ ᠮᠠᠨᠵᠤ ᠶ᠋ᠢᠨ ᠳᠣᠲᠣᠭᠠᠳᠤ ᠪᠣᠳᠣᠯ ᠢ᠋ ᠲᠡᠩᠨᠡᠵᠦ ᠪᠠᠢᠭ᠎ᠠ ᠶᠤᠮ》 ᠭᠡᠵᠦ ᠪᠣᠳᠣᠭᠠᠳ᠂
— ᠢᠯᠠᠭᠤᠭᠰᠠᠨ ᠬᠤᠲᠤᠭᠲᠤ ᠮᠣᠩᠭᠣᠯᠴᠤᠳ ᠤ᠋ᠨ ᠡᠪ ᠨᠢᠭᠡᠳᠦᠯ  ᠢ᠋ ᠡᠷᠬᠢᠮᠯᠡᠳᠡᠭ ᠬᠥᠮᠦᠨ᠃ ᠮᠠᠨᠵᠤ ᠶ᠋ᠢᠨ ᠢᠳᠡᠰᠢ ᠪᠣᠯᠤᠭᠤᠵᠠᠢ ᠭᠡᠮᠡᠨ ᠠᠷᠭ᠎ᠠ ᠪᠠᠨ ᠪᠠᠷᠠᠳᠠᠭ ᠳᠤᠭᠤᠯᠳᠠᠨ᠎ᠠ᠃ ᠬᠠᠯᠬ᠎ᠠ ᠮᠣᠩᠭᠣᠯ ᠤ᠋ᠨ ᠨᠣᠶᠠᠳ᠂ ᠳᠡᠭᠡᠳᠦᠰ ᠦ᠋ᠨ ᠴᠢᠮᠡᠭᠡ ᠶ᠋ᠢ ᠴᠢᠩᠨᠠᠬᠤ ᠶ᠋ᠢᠨ ᠲᠤᠯᠠᠳᠠ ᠪᠤᠷᠬᠠᠨ ᠤ᠋ ᠬᠤᠸᠠᠷᠠᠭ  ᠢ᠋ ᠢᠯᠡᠭᠡᠭᠰᠡᠨ ᠪᠢᠵᠡ᠃ ᠪᠤᠷᠤᠭᠤ ᠵᠥᠷᠢᠭᠦᠦ ᠰᠠᠨᠠᠭ᠎ᠠ ᠯᠠᠪ ᠦᠭᠡᠢ ᠭᠡᠮᠡᠨ ᠭᠠᠯᠳᠠᠨ ᠪᠠᠭᠰᠢ ᠥᠴᠢᠵᠡᠢ᠃ ᠥᠨᠳᠥᠷ ᠭᠡᠭᠡᠨ᠂ ᠭᠠᠯᠳᠠᠨ ᠤ᠋ ᠬᠠᠭᠠᠨᠲᠤ ᠤᠯᠤᠰ ᠤ᠋ᠨ ᠰᠤᠷᠠᠭ  ᠢ᠋ ᠪᠠᠢᠩᠭᠤ ᠰᠣᠨᠣᠰᠳᠠᠭ ᠬᠥᠮᠦᠨ ᠦ᠌ ᠬᠤᠪᠢ ᠳ᠋ᠤ᠌᠂
— ᠬᠠᠭᠠᠨ ᠲᠠ ᠰᠢᠨ᠎ᠡ ᠣᠲᠣᠭ ᠪᠠᠢᠭᠤᠯᠤᠭᠰᠠᠨ ᠭᠡᠨ᠎ᠡ ᠯᠠᠢ᠃ ᠲᠠᠨᠠᠢᠬᠢᠨ ᠳᠣᠲᠣᠭᠠᠳᠤ ᠳ᠋ᠠᠭᠠᠨ ᠵᠢᠷᠤᠮ ᠲᠠᠢ ᠪᠣᠯᠤᠭᠰᠠᠭᠠᠷ ᠪᠠᠢᠭ᠎ᠠ ᠳ᠋ᠠᠭ ᠰᠢᠦ ᠭᠡᠵᠦ ᠰᠢᠨ᠎ᠡ ᠦᠭᠡ ᠰᠣᠨᠣᠰᠬᠤ ᠶ᠋ᠢ ᠡᠷᠡᠮᠡᠯᠵᠡᠪᠡ᠃
— ᠭᠥᠷᠥᠭᠡᠴᠢᠨ᠂ ᠥᠷᠲᠡᠭᠡᠴᠢᠨ᠂ ᠲᠠᠷᠢᠶᠠᠴᠢᠨ᠂ ᠵᠠᠬᠠᠴᠢᠨ ᠣᠲᠣᠭ ᠲᠠᠢ ᠪᠣᠯᠤᠭᠰᠠᠨ᠃ ᠣᠲᠣᠭ ᠤ᠋ᠳ ᠢ᠋ ᠥᠪᠡᠷᠰᠡᠳ ᠦ᠋ᠨ ᠡᠭᠦᠷᠭᠡ ᠪᠡᠷ ᠨᠡᠷᠡᠯᠡᠭᠰᠡᠨ  ᠶᠤᠮ᠃ ᠬᠠᠭᠠᠨ ᠤ᠋ ᠲᠣᠮᠣ ᠣᠲᠣᠭ ᠤ᠋ᠳ ᠤ᠋ᠨ ᠭᠠᠳᠠᠨ᠎ᠠ ᠪᠠᠢᠵᠤ᠂ᠬᠠᠭᠠᠨ ᠲᠥᠷᠥ ᠶ᠋ᠢ ᠪᠡᠬᠢᠵᠢᠭᠦᠯᠬᠦ ᠳ᠋ᠦ᠍ ᠲᠤᠰᠠᠯᠠᠬᠤ ᠡᠭᠦᠷᠭᠡ ᠲᠡᠢ  ᠶᠤᠮ ᠭᠡᠮᠡᠨ ᠭᠠᠯᠳᠠᠨ ᠬᠠᠭᠠᠨ ᠲᠠᠢᠯᠪᠤᠷᠢᠯᠠᠵᠠᠢ᠃
ᠭᠠᠯᠳᠠᠨ ᠬᠠᠭᠠᠨ  ᠢ᠋ ᠳᠠᠭᠠᠭᠰᠠᠨ ᠮᠥᠷᠭᠥᠯᠴᠢᠳ ᠬᠠᠯᠬ᠎ᠠ ᠶ᠋ᠢᠨ ᠨᠤᠲᠤᠭ ᠠ᠋ᠴᠠ ᠭᠠᠷᠴᠤ᠂ ᠴᠤᠪᠠ᠂ ᠶᠡᠦᠳᠡᠨ ᠢ᠋ᠶ᠋ᠡᠨ ᠭᠠᠨᠵᠤᠭᠠᠯᠠᠨ ᠴᠡᠷᠢᠭ ᠬᠤᠪᠴᠠᠰᠤ ᠲᠠᠢ ᠪᠠᠷ ᠢ᠋ᠶ᠋ᠠᠨ ᠣᠳᠬᠤ ᠵᠠᠭᠤᠷ᠎ᠠ ᠲᠠᠷᠢᠶᠠᠴᠢᠨ ᠣᠲᠣᠭ  ᠲᠤ᠌ ᠥᠨᠵᠢᠵᠦ ᠬᠣᠨᠣᠪᠠ᠃


 ᠠᠷᠪᠠᠨ ᠭᠤᠷᠪᠠ
ᠠᠩᠬᠠᠳᠤᠭᠠᠷ ᠪᠣᠭᠳᠠ ᠵᠠᠨᠠᠪᠠᠽᠠᠷ ᠭᠠᠯᠳᠠᠨ ᠤ᠋ ᠮᠣᠷᠢᠳ ᠤ᠋ᠨ ᠲᠣᠭᠣᠰᠣ ᠡᠪᠡᠰᠦᠨ ᠳ᠋ᠦ᠍ ᠰᠢᠩᠭᠡᠭᠰᠡᠨ ᠬᠣᠢᠨ᠎ᠠ ᠲᠡᠭᠷᠢ ᠣᠪᠣᠭᠠᠨ ᠳᠡᠭᠡᠷ᠎ᠡ ᠭᠠᠷᠴᠠᠢ᠃《ᠭᠠᠯᠳᠠᠨ ᠤ᠋ ᠰᠢᠵᠠᠭᠤᠷ ᠵᠠᠭᠤᠯᠲᠠ ᠲᠠᠢ ᠶᠠᠪᠤᠨ᠎ᠠ᠃ ᠨᠠᠳᠠ ᠲᠠᠢ ᠵᠣᠯᠭᠠᠵᠤ ᠠᠳᠢᠰ ᠬᠦᠷᠲᠡᠬᠦ ᠳᠡᠯᠢᠮ ᠢ᠋ᠶ᠋ᠡᠷ ᠭᠠᠯᠳᠠᠨ ᠠᠷᠤ ᠬᠠᠯᠬ᠎ᠠ ᠶ᠋ᠢᠨ ᠨᠣᠶᠠᠳ ᠤ᠋ᠳ ᠴᠡᠷᠢᠭ᠂ ᠵᠡᠪᠰᠡᠭ  ᠪᠠᠵᠠᠭᠠᠵᠤ᠂ ᠲᠡᠢᠨ ᠳᠣᠯᠣᠭᠠᠨ ᠳ᠋ᠤ᠌ ᠪᠡᠯᠡᠳᠬᠡᠵᠦ ᠪᠣᠢ ᠡᠰᠡᠬᠦ ᠶ᠋ᠢ ᠮᠡᠳᠡᠬᠦ ᠭᠡᠰᠡᠨ ᠪᠢᠵᠡ᠃ ᠮᠠᠨᠵᠤ ᠶ᠋ᠢᠨ ᠨᠣᠶᠠᠳ ᠲᠠᠢ ᠬᠣᠯᠪᠣᠭ᠎ᠠ ᠰᠦᠯᠪᠡᠭᠡ ᠬᠡᠷᠬᠢᠨ ᠪᠡᠬᠢᠵᠢᠭᠦᠯᠦᠭᠰᠡᠨ ᠢ᠋ ᠲᠠᠩᠳᠠᠭᠰᠠᠨ ᠪᠢᠵᠡ᠃ ᠭᠠᠯᠳᠠᠨ ᠤ᠋ ᠵᠠᠬᠥᠡᠭᠠᠷ ᠶᠡᠬᠡᠳᠡ ᠬᠦᠴᠦᠷᠬᠡᠭᠵᠢᠭᠰᠡᠨ ᠨᠢ ᠢᠯᠡᠳᠲᠡ ᠪᠠᠢᠨ᠎ᠠ᠃ ᠠᠩ ᠬᠦᠷᠦᠭᠡ ᠪᠡᠨ ᠬᠦᠷᠲᠡᠯ᠎ᠡ ᠴᠡᠭᠴᠡᠯᠡᠵᠦ ᠭᠥᠷᠥᠭᠡᠴᠢᠨ ᠣᠲᠣᠭ ᠪᠠᠢᠭᠤᠯᠵᠠᠢ᠃ ᠠᠯᠲᠠᠢ ᠶ᠋ᠢᠨ ᠬᠡᠰᠢᠭ ᠢ᠋ ᠬᠦᠷᠲᠡᠬᠦ ᠳ᠋ᠦ᠍ ᠤᠴᠢᠷᠲᠠᠢ ᠪᠤᠰᠤ ᠤᠤ? ᠠᠯᠲᠠᠢ ᠠ᠋ᠴᠠ ᠠᠪᠬᠤ ᠪᠠᠨ ᠠᠪᠴᠤ᠂ ᠥᠭᠬᠦ ᠪᠡᠨ ᠥᠭᠴᠦ ᠠᠮᠢᠳᠤᠷᠠᠬᠤ ᠶᠣᠰᠣ ᠲᠠᠢ ᠶ᠋ᠢ ᠭᠠᠯᠳᠠᠨ ᠰᠡᠬᠡᠭᠡᠷᠡᠭᠰᠡᠨ ᠪᠠᠢᠨ᠎ᠠ᠃ ᠵᠠᠮ ᠵᠠᠭᠤᠷ᠎ᠠ ᠳ᠋ᠠᠭᠠᠨ ᠪᠤᠷᠬᠠᠳ ᠠᠪᠬᠤ ᠪᠠᠨ ᠮᠠᠷᠲᠠᠬᠤ ᠦᠭᠡᠢ ᠪᠢᠵᠡ᠃
ᠮᠢᠨᠦ ᠣᠶᠤᠨ ᠤ᠋ ᠦᠷ᠎ᠡ ᠣᠢᠷᠠᠳ ᠮᠣᠩᠭᠣᠯ ᠤ᠋ᠨ ᠰᠦᠮ᠎ᠡ ᠬᠡᠢᠳ ᠪᠣᠯᠤᠨ ᠡᠷᠦᠬᠡ ᠭᠡᠷ ᠲᠦ᠍ ᠣᠯᠠᠨ ᠢ᠋ᠶ᠋ᠠᠷ ᠣᠴᠢᠭᠠᠰᠠᠢ᠃ ᠭᠠᠯᠳᠠᠨ ᠨᠠᠳᠠ ᠪᠠᠷ ᠬᠡᠯᠡᠭᠦᠯᠦᠯᠲᠡ ᠥᠬᠡᠢ ᠪᠦᠭᠦᠳᠡ ᠶ᠋ᠢ ᠮᠡᠳᠡᠨ᠎ᠡ᠃ ᠣᠢᠷᠠᠳ ᠮᠣᠩᠭᠣᠯ ᠢ᠋ ᠬᠠᠯᠬ᠎ᠠ ᠮᠣᠩᠭᠣᠯ ᠲᠠᠢ ᠪᠠᠨ ᠨᠢᠭᠡᠳᠬᠡᠵᠦ ᠴᠢᠳᠠᠬᠤ ᠪᠣᠢ ᠭᠡᠪᠡᠯ ᠭᠠᠯᠳᠠᠨ ᠪᠣᠱᠣᠭᠲᠤ ᠬᠠᠭᠠᠨ ᠴᠢᠳᠠᠨ᠎ᠠ᠃ ᠭᠠᠯᠳᠠᠨ ᠤ᠋ ᠣᠢᠷᠠᠳ ᠲᠦᠮᠡᠨ ᠢ᠋ ᠲᠣᠮᠣᠷᠠᠭᠤᠯᠵᠤ ᠪᠢᠷ᠎ᠠ ᠰᠠᠭᠤᠯᠭᠠᠬᠤ ᠠ᠋ᠴᠠ ᠮᠠᠨᠵᠤ ᠨᠤᠭᠤᠳ ᠠᠶᠤᠵᠤ ᠪᠠᠢᠨ᠎ᠠ᠃ ᠭᠠᠯᠳᠠᠨ ᠨᠠᠳᠠ ᠠ᠋ᠴᠠ  ᠠᠮᠢᠨ᠎ᠠ ᠶ᠋ᠢ ᠭᠤᠶᠤᠬᠤ ᠰᠢᠬᠠᠯ᠎ᠠ᠃
ᠲᠡᠷᠡ ᠬᠡᠯᠡ ᠪᠡᠨ ᠬᠠᠵᠠᠪᠠ᠃ ᠪᠢ ᠭᠠᠯᠳᠠᠨ ᠤ᠋ ᠨᠢᠳᠦᠨ ᠦ᠌ ᠬᠠᠷᠠᠴᠠ ᠠ᠋ᠴᠠ ᠣᠢᠯᠠᠭᠠᠭᠰᠠᠨ᠂᠂᠂᠂》
 ᠲᠡᠭᠷᠢ ᠣᠪᠣᠭᠠᠨ ᠤ᠋ ᠣᠷᠣᠢ ᠳ᠋ᠤ᠌ ᠵᠣᠭᠰᠣᠵᠤ ᠪᠣᠢ ᠬᠥᠮᠦᠨ ᠪᠣᠯ ᠵᠠᠨᠠᠪᠠᠽᠠᠷ  ᠭᠡᠭᠡᠨᠲᠡᠨ ᠮᠥᠨ ᠭᠡᠵᠦ ᠭᠠᠯᠳᠠᠨ ᠪᠣᠳᠣᠨ᠎ᠠ᠃
ᠠᠮᠢᠨ᠎ᠠ ᠶ᠋ᠢᠨ ᠭᠠᠷ ᠤ᠋ᠨ ᠴᠠᠢ ᠠᠮᠲᠠᠲᠠᠢ ᠶᠤᠮ ᠭᠡᠵᠦ ᠪᠣᠱᠣᠭᠲᠤ ᠬᠠᠭᠠᠨ ᠬᠡᠯᠡᠪᠡ᠃  ᠠᠮᠢᠨ᠎ᠠ᠂
ᠬᠠᠭᠠᠨ ᠲᠠᠨ ᠳ᠋ᠤ᠌ ᠵᠣᠷᠢᠭᠤᠯᠵᠤ ᠴᠢᠨᠠᠭᠰᠠᠨ ᠪᠢᠯᠡ ᠭᠡᠪᠡ᠃
ᠴᠢᠮ᠎ᠠ ᠳ᠋ᠤ᠌ ᠪᠤᠷᠬᠠᠨ ᠪᠣᠢ ᠤᠤ?
ᠪᠠᠢᠭ᠎ᠠ( ᠥᠨᠳᠥᠷ ᠭᠡᠭᠡᠨ  ᠢ᠋ ᠵᠢᠭᠠᠪᠠ)᠃
—  ᠣᠢᠷᠠᠳ ᠤ᠋ᠨ ᠬᠥᠬᠡ ᠠᠭᠤᠯᠠᠰ ᠢ᠋ ᠦᠵᠡᠭᠰᠡᠨ ᠤᠤ?
—  ᠬᠠᠨᠳᠠᠵᠠᠮᠰᠤ ᠬᠠᠲᠤᠨ ᠶᠠᠷᠢᠵᠤ ᠥᠭᠭᠦᠭᠰᠡᠨ᠃
 —  ᠴᠢ ᠪᠤᠷᠬᠠᠨ ᠮᠥᠨ ᠤᠤ? 
ᠥᠷᠥᠰᠢᠶᠡ! ᠬᠠᠭᠠᠨᠲᠠᠨ ᠮᠢᠨᠢ᠂ ᠥᠷᠥᠰᠢᠶᠡ!
   ᠠᠮᠢᠨ᠎ᠠ ᠶ᠋ᠢᠨ ᠶᠠᠷᠢᠶ᠎ᠠ ᠶᠡᠷᠦᠳᠡᠭᠡᠨ ᠡᠨᠡ᠃ ᠪᠣᠱᠣᠭᠲᠤ ᠬᠠᠭᠠᠨ ᠭᠤᠷᠪᠠᠯᠵᠢᠨ᠂ ᠭᠤᠷᠪᠠᠯᠵᠢᠨ ᠵᠠᠢᠴᠠ ᠪᠠᠷ ᠯᠤᠤᠰ ᠤ᠋ᠨ ᠬᠠᠷᠰᠢ ᠠ᠋ᠴᠠ ᠭᠠᠷᠴᠤ᠂ ᠬᠦᠯᠦᠭ ᠦ᠋ᠨ ᠬᠤᠷᠳᠤ ᠪᠠᠷ ᠳᠣᠪᠲᠣᠯᠭᠠᠨ ᠣᠳᠤᠭᠰᠠᠨ ᠲᠤᠯᠠ ᠥᠨᠳᠥᠷ ᠭᠡᠭᠡᠨ ᠲᠡᠭᠦᠨ ᠦ᠌ ᠵᠢᠷᠦᠬᠡᠨ ᠳ᠋ᠦ᠍ ᠭᠠᠯ ᠨᠣᠴᠣᠭᠰᠠᠨ  ᠢ᠋ ᠳᠠᠭᠠᠪᠤᠷᠢᠯᠠᠭᠰᠠᠨ ᠪᠥᠯᠥᠭᠡ᠃ ᠪᠤᠷᠬᠠᠨ ᠤ᠋ ᠳᠦᠷᠢ ᠳ᠋ᠦ᠍ ᠬᠤᠪᠢᠯᠤᠭᠰᠠᠨ ᠠᠮᠢᠨ᠎ᠠ  ᠪᠦᠰᠡᠭᠦᠢ  ᠭᠡᠭᠡᠨᠲᠡᠨ ᠦ᠌ ᠤᠷᠠᠯᠠᠬᠤᠢ ᠶ᠋ᠢᠨ ᠷᠢᠳᠢ ᠰᠢᠳᠢ ᠪᠡᠷ ᠬᠣᠢᠲᠤ ᠲᠥᠷᠥᠯ ᠳ᠋ᠡᠭᠡᠨ ᠮᠥᠩᠬᠡᠷᠡᠭᠰᠡᠭᠡᠷ  ᠲᠦᠪᠭᠦᠨ ᠬᠡᠢᠳ ᠦ᠋ᠨ ᠳᠣᠲᠣᠭᠠᠳᠤ ᠬᠠᠷᠰᠢ ᠳ᠋ᠤ᠌ ᠡᠭᠦᠷᠢᠳᠡ ᠨᠢᠭᠤᠭᠳᠠᠵᠤ ᠪᠠᠢᠯ᠎ᠠ᠃
 
ᠠᠷᠪᠠᠨ ᠳᠥᠷᠪᠡ

 ᠵᠠᠮ ᠵᠠᠭᠤᠷ᠎ᠠ ᠪᠠᠨ ᠰᠢᠪᠠᠷᠲᠤ ᠴᠥᠭᠥᠷᠥᠮ ᠦ᠋ᠨ ᠰᠦᠮ᠎ᠡ ᠡᠴᠡ ᠪᠤᠷᠬᠠᠳ ᠠᠴᠢᠶᠠᠯᠠᠪᠠ᠃ ᠭᠠᠯᠳᠠᠨ ᠬᠠᠭᠠᠨ ᠨᠢᠭᠡᠨ ᠪᠤᠷᠬᠠᠨ ᠢ᠋ ᠬᠠᠷᠠᠵᠤ ᠪᠠᠢᠭᠰᠠᠨ ᠢ᠋ᠶ᠋ᠠᠨ
— ᠠ᠋᠂ ᠬᠥᠬᠡ ᠲᠩᠷᠢ ᠮᠢᠨᠢ ᠭᠡᠮᠡᠨ ᠳᠠᠭᠤ ᠠᠯᠳᠠᠪᠠ᠃
   ᠲᠥᠪᠡᠳ ᠯᠠᠮᠠ ᠨᠠᠷ ᠰᠢᠯᠢ ᠪᠡᠨ ᠬᠠᠷᠠᠨ ᠨᠠᠮᠠᠨᠴᠢᠯᠠᠵᠤ ᠮᠥᠷᠭᠥᠨ᠎ᠡ᠃ ᠣᠢᠷᠠᠳ ᠤ᠋ᠨ ᠬᠤᠪᠢᠯᠭᠠᠨ ᠬᠠᠭᠠᠨ ᠳᠣᠪᠲᠣᠯᠭᠠᠨ ᠶᠠᠪᠤᠭ᠎ᠠ ᠶ᠋ᠢ ᠡᠯᠴᠢ ᠡᠴᠡ ᠰᠣᠨᠣᠰᠤᠭᠰᠠᠨ ᠪᠠᠢᠵᠠᠢ᠃ 
   ᠭᠠᠯᠳᠠᠨ ᠬᠠᠭᠠᠨ ᠤ᠋ ᠵᠢᠷᠤᠬᠡᠨ᠎ᠡ ᠮᠦᠩᠬᠡᠲᠡ ᠣᠷᠣᠰᠢᠬᠤ ᠯᠠᠮᠠ ᠭᠠᠯᠳᠠᠨ ᠲᠥᠷᠥᠭᠰᠡᠨ ᠠᠬ᠎ᠠ ᠶ᠋ᠢᠨ ᠢ᠋ᠶ᠋ᠡᠨ ᠮᠠᠷᠲᠠᠭᠳᠠᠭᠰᠠᠨ ᠳᠦᠷᠢ ᠶ᠋ᠢ ᠲᠡᠷᠡ ᠬᠦ᠌ ᠪᠤᠷᠬᠠᠨ ᠠ᠋ᠴᠠ ᠣᠯᠵᠤ ᠬᠠᠷᠠᠵᠠᠢ᠃ ᠥᠨᠳᠥᠷ ᠭᠡᠭᠡᠨ ᠦ᠌ ᠤᠷᠠᠯᠠᠭᠰᠠᠨ ᠪᠤᠷᠬᠠᠳ ᠳᠣᠲᠣᠷ᠎ᠠ ᠬᠠᠭᠠᠨ ᠰᠡᠩᠭᠡ ᠣᠷᠣᠰᠢᠨ᠎ᠠ᠃ ᠰᠡᠩᠭᠡ ᠬᠠᠭᠠᠨ ᠤ᠋ ᠨᠢᠳᠦ ᠭᠠᠯᠳᠠᠨ ᠢ᠋ᠶ᠋ᠠᠨ ᠠᠰᠢᠳᠠ ᠠᠮᠤᠭᠤᠯᠠᠩ ᠬᠠᠷᠠᠨ᠎ᠠ᠃ ᠭᠠᠯᠳᠠᠨ ᠬᠠᠭᠠᠨ ᠠᠬ᠎ᠠ ᠶ᠋ᠢᠨ ᠢ᠋ᠶ᠋ᠡᠨ ᠨᠢᠳᠦ ᠶ᠋ᠢ ᠠᠮᠤᠭᠤᠯᠠᠩ ᠤ᠋ᠨ ᠲᠤᠢᠯ ᠳ᠋ᠤ᠌ ᠬᠦᠷᠦᠭᠰᠡᠨ ᠢ᠋ ᠰᠠᠶᠢ ᠮᠡᠳᠡᠯ᠎ᠡ᠃ ᠰᠡᠩᠭᠡ ᠳ᠋ᠦ᠍ ᠣᠷᠴᠢᠯᠠᠩ ᠲᠠᠯᠠᠷᠬᠠᠵᠤ ᠪᠠᠢᠨ᠎ᠠ ᠤᠤ? ᠰᠢᠨᠠᠯᠵᠤ ᠪᠠᠢᠨ᠎ᠠ ᠤᠤ? ᠣᠭᠲᠣᠬᠠᠨ ᠬᠠᠮᠢᠶ᠎ᠠ ᠦᠭᠡᠢ ᠪᠥᠯᠥᠭᠡ᠃ ᠬᠣᠭᠣᠰᠣᠨ ᠣᠷᠣᠨ ᠵᠠᠢ ᠶ᠋ᠢ ᠰᠡᠩᠭᠡ ᠶ᠋ᠢᠨ ᠳᠦᠷᠢ ᠪᠦᠬᠦᠢ ᠴᠢᠳᠬᠤᠮᠠᠯ ᠪᠤᠷᠬᠠᠨ ᠡᠵᠡᠯᠡᠵᠡᠢ᠃ ᠰᠡᠩᠭᠡ ᠬᠠᠭᠠᠨ ᠤ᠋ ᠡᠵᠡᠭᠦᠢᠷᠡᠭᠰᠡᠨ ᠰᠡᠨᠳᠡᠢ ᠳ᠋ᠦ᠍ ᠭᠠᠯᠳᠠᠨ ᠨᠢᠭᠡᠨᠲᠡ ᠵᠠᠯᠠᠷᠠᠭᠰᠠᠨ ᠲᠤᠯᠠ ᠣᠷᠣᠨ ᠭᠡᠷ᠂ ᠭᠦᠷᠦᠨ ᠤᠯᠤᠰ ᠨᠢ ᠡᠵᠡᠨ ᠲᠡᠢ ᠪᠣᠯᠵᠠᠢ᠃ ᠰᠡᠩᠭᠡ ᠶ᠋ᠢᠨ ᠳᠦᠷᠢ ᠶ᠋ᠢ ᠰᠠᠢᠲᠤᠷ ᠬᠠᠷᠠᠬᠤ ᠳ᠋ᠤ᠌ ᠭᠣᠮᠣᠳᠠᠯ᠂ ᠬᠣᠷᠣᠰᠤᠯ᠂  ᠪᠣᠬᠢᠮᠳᠠᠯ᠂ ᠴᠥᠬᠥᠷᠡᠯ ᠴᠥᠮ ᠢ᠋ᠶ᠋ᠡᠷ ᠢ᠋ᠶ᠋ᠡᠨ ᠠᠷᠢᠯᠵᠠᠢ᠃ ᠰᠡᠩᠭᠡ ᠶ᠋ᠢᠨ ᠪᠤᠷᠬᠠᠨ ᠳᠦᠷᠢ ᠳ᠋ᠦ᠍ ᠶᠠᠮᠠᠷ ᠨᠢᠭᠡᠨ ᠠᠮᠢᠳᠤ ᠶᠠᠭᠤᠮ᠎ᠠ ᠦᠯᠡᠳᠡᠭᠰᠡᠨ ᠢ᠋ ᠭᠠᠯᠳᠠᠨ ᠪᠢ ᠡᠷᠢᠯᠬᠢᠯᠡᠵᠦ᠂ ᠠᠷᠤ ᠥᠪᠥᠷ ᠦᠭᠡᠢ᠂ ᠪᠠᠷᠠᠭᠤᠨ ᠵᠡᠭᠦᠨ ᠦᠭᠡᠢ ᠠᠯᠠᠭᠠᠨ ᠳᠣᠲᠣᠷ᠎ᠠ ᠪᠠᠨ ᠡᠷᠭᠢᠭᠦᠯᠪᠡ᠃ ᠲᠤᠢᠯ ᠠ᠋ᠴᠠ ᠠᠮᠤᠭᠤᠯᠠᠩ᠂ ᠭᠠᠢᠬᠠᠮ᠎ᠠ ᠬᠦᠯᠢᠴᠡᠩᠭᠦᠢ ᠲᠡᠷᠡ ᠬᠦ᠌ ᠪᠤᠷᠬᠠᠨ ᠭᠠᠷ ᠤ᠋ᠨ ᠠᠯᠠᠭ᠎ᠠ ᠵᠢᠩᠳᠡᠭᠦᠯᠪᠡ᠃
—ᠨᠠᠳᠠᠳᠤ ᠪᠤᠤ ᠭᠣᠮᠣᠳᠠ᠂ ᠠᠬ᠎ᠠ ᠮᠢᠨᠢ! ᠭᠡᠮᠡᠨ ᠲᠥᠪᠡᠳ ᠯᠠᠮᠠ ᠨᠠᠷ ᠤ᠋ᠨ ᠬᠦᠷᠢᠶᠡᠯᠡᠯ ᠳ᠋ᠦ᠍ ᠵᠣᠭᠰᠣᠭᠰᠠᠨ ᠬᠠᠭᠠᠨ ᠪᠤᠷᠬᠠᠨ ᠳ᠋ᠤ᠌ ᠥᠴᠢᠪᠡ᠃ ᠪᠤᠷᠬᠠᠨ ᠤ᠋ ᠳᠦᠷᠢ ᠰᠡᠩᠭᠡ ᠮᠥᠨ ᠠᠲᠠᠯ᠎ᠠ ᠨᠢᠳᠦ ᠨᠢ ᠪᠣᠳᠢ ᠭᠥᠷᠦᠭᠡᠰᠦᠨ ᠦ᠌ ᠨᠢᠳᠦ ᠠᠳᠠᠯᠢ ᠦᠯᠦ ᠲᠣᠭᠣᠮᠰᠠᠷᠯᠠᠭᠰᠠᠨ ᠬᠠᠷᠠᠴᠠ ᠪᠠᠷ ᠲᠩᠷᠢ ᠶ᠋ᠢᠨ ᠬᠢᠵᠠᠭᠠᠷ ᠲᠠᠢᠰᠢ ᠲᠡᠮᠡᠦᠯᠦᠭᠰᠡᠨ ᠠᠵᠢ᠃
— ᠠᠬ᠎ᠠ ᠲᠠᠨ ᠢ᠋ ᠥᠨᠳᠥᠷ ᠭᠡᠭᠡᠨ ᠪᠤᠷᠬᠠᠳ ᠤ᠋ᠨ ᠳᠣᠲᠣᠷᠠᠬᠢ ᠵᠠᠢ ᠳ᠋ᠤ᠌ ᠪᠤᠷᠬᠠᠨ ᠤ᠋ ᠳᠦᠷᠢ ᠳ᠋ᠦ᠍ ᠬᠤᠪᠢᠯᠭᠠᠭᠰᠠᠨ ᠪᠠᠢᠨ᠎ᠠ ᠰᠢᠦ ᠳᠡ᠃ ᠪᠢ ᠴᠡᠴᠡᠨ᠂ ᠵᠣᠳᠪᠠᠪᠠᠭᠠᠲᠤᠷ ᠬᠣᠶᠠᠷ ᠢ᠋ ᠴᠦᠯᠡᠭᠰᠡᠨ᠃ ᠴᠦᠯᠡᠯᠭᠡ ᠡᠴᠡ ᠲᠡᠳᠡ ᠡᠷᠭᠢᠵᠦ ᠢᠷᠡᠭᠡ ᠦᠭᠡᠢ᠃ ᠳᠠᠸᠠᠴᠢ  ᠬᠣᠣᠷᠯᠠᠩ ᠰᠠᠨᠠᠭ᠎ᠠ ᠡᠪᠦᠷᠯᠡᠵᠦ᠂ ᠪᠤᠰᠤᠷᠮᠠᠭ ᠠᠯᠠᠯᠭ᠎ᠠ ᠬᠢᠭᠰᠡᠨ ᠦ᠌ ᠪᠡᠨ ᠲᠥᠯᠥᠭᠡ ᠶᠠᠭ ᠲᠡᠷᠡ ᠠᠷᠭ᠎ᠠ ᠪᠠᠷ ᠪᠠᠨ ᠬᠡᠷᠢᠶ᠎ᠡ ᠶ᠋ᠢᠨ ᠬᠣᠭᠣᠯᠠ ᠪᠣᠯᠤᠭᠰᠠᠨ᠃ ᠬᠠᠭᠠᠨ ᠠᠬ᠎ᠠ ᠲᠠ ᠣᠢᠷᠠᠳ ᠤ᠋ᠨ ᠠᠢᠯ ᠭᠡᠷ ᠦ᠋ᠨ ᠬᠣᠢᠮᠣᠷ ᠲᠤ᠌ ᠵᠠᠯᠠᠷᠠᠬᠤ ᠪᠣᠯᠤᠯ᠎ᠠ᠃ ᠮᠠᠭᠤ ᠦᠢᠯᠡ ᠬᠢᠭᠰᠡᠨ ᠨᠢ ᠮᠠᠷᠲᠠᠭᠳᠠᠵᠤ᠂ ᠪᠤᠶᠠᠨ ᠵᠠᠶᠠᠭ᠎ᠠ ᠲᠠᠢ ᠨᠢ ᠦᠭᠡᠢᠯᠡᠭᠳᠡᠵᠦ ᠶᠠᠪᠤᠳᠠᠭ ᠪᠢᠯᠡ ᠭᠡᠮᠡᠨ ᠭᠠᠯᠳᠠᠨ ᠬᠠᠭᠠᠨ ᠰᠢᠪᠡᠨᠡᠨ᠎ᠡ᠃
ᠬᠡᠭᠡᠷ᠎ᠡ ᠲᠠᠯ᠎ᠠ ᠳ᠋ᠤ᠌ ᠦᠯᠡᠳᠡᠭᠡᠭᠰᠡᠨ ᠠᠷᠭᠠᠯ ᠤ᠋ᠨ ᠴᠣᠭ ᠰᠠᠯᠬᠢᠨ ᠤ᠋ ᠠᠶᠠᠰ ᠢ᠋ᠶ᠋ᠠᠷ ᠤᠯᠠᠯᠵᠠᠨ ᠦᠯᠢᠶᠡᠭᠳᠡᠭᠰᠡᠭᠡᠷ ᠭᠡᠨᠡᠳᠲᠡ ᠳᠦᠷᠡᠯᠵᠡᠨ ᠠᠰᠠᠳᠠᠭ ᠰᠢᠭ᠋ ᠭᠠᠯᠳᠠᠨ ᠤ᠋ ᠵᠢᠷᠦᠬᠡᠨ ᠦ᠌ ᠰᠢᠷᠬ᠎ᠠ ᠰᠡᠲᠡᠷᠡᠵᠦ᠂ ᠰᠡᠩᠭᠡ ᠶ᠋ᠢᠨ ᠳᠦᠷᠰᠦᠲᠦ ᠬᠦᠢᠲᠡᠨ ᠪᠤᠷᠬᠠᠨ  ᠢ᠋ ᠬᠠᠯᠠᠭᠤᠨ ᠠᠯᠠᠭᠠᠨ ᠳ᠋ᠠᠭᠠᠨ ᠳᠤᠯᠠᠭᠠᠴᠠᠭᠤᠯᠵᠤ ᠵᠣᠭᠰᠣᠪᠠ᠃
ᠨᠠᠷᠠ᠂ ᠰᠠᠷᠠ ᠵᠢᠷᠪᠡᠯᠵᠡᠭᠰᠡᠨ ᠲᠡᠭᠦᠨ ᠦ᠌ ᠵᠣᠪᠬᠢᠨ ᠳ᠋ᠤ᠌ ᠰᠡᠭᠦᠳᠡᠷ ᠪᠠᠭᠤᠵᠤ《ᠣᠭᠣᠨᠣ ᠶ᠋ᠢᠨ ᠡᠪᠡᠷ ᠰᠢᠭ ᠬᠣᠶᠠᠭᠤᠯᠠᠬᠠᠨ ᠢ᠋ᠶ᠋ᠠᠨ ᠶᠤᠮᠰᠠᠨ᠃ ᠭᠡᠲᠡᠯ᠎ᠡ ᠨᠢᠭᠡ ᠨᠢ ᠲᠩᠷᠢ ᠳ᠋ᠦ᠍᠂ ᠨᠥᠭᠦᠭᠡ ᠨᠢ ᠭᠠᠵᠠᠷ ᠲᠤ᠌ ᠦᠯᠡᠳᠡᠵᠡᠢ᠃ ᠨᠠᠮᠠᠶ᠋ᠢ ᠣᠢᠷᠠᠬᠠᠨ ᠪᠠᠢᠬᠤ ᠳ᠋ᠤ᠌ ᠬᠠᠭᠠᠨ ᠠᠬ᠎ᠠ ᠴᠡᠷᠪᠡᠵᠦ᠂ ᠬᠣᠯᠠᠳᠤᠭᠠᠳ ᠶᠠᠪᠤᠴᠢᠬᠠᠬᠤ ᠪᠠᠷ ᠮᠥᠷᠥᠭᠡᠳᠦᠭᠡᠳ ᠪᠠᠢᠳᠠᠭ ᠰᠠᠨ᠃ ᠬᠠᠭᠠᠨ ᠠᠬ᠎ᠠ ᠨᠠᠳᠠ ᠲᠠᠢ ᠴᠣᠭ ᠳᠠᠢᠯᠠᠷ᠎ᠠ ᠮᠣᠷᠳᠠᠵᠤ᠂ ᠤᠯᠤᠰ ᠭᠡᠷ ᠢ᠋ᠶ᠋ᠡᠨ ᠲᠥᠪᠬᠢᠨᠡᠭᠦᠯᠵᠦ ᠵᠡᠭᠦᠨᠭᠠᠷ ᠢ᠋ ᠡᠷᠬᠡᠰᠢᠶᠡᠳᠡᠭ ᠪᠤᠰᠤ ᠤᠤ? ᠬᠠᠭᠠᠨ ᠠᠬ᠎ᠠ ᠮᠢᠨᠦ ᠰᠡᠳᠬᠢᠯ ᠳ᠋ᠦ᠍ ᠪᠡᠶ᠎ᠡ ᠪᠡᠷ ᠢ᠋ᠶ᠋ᠡᠨ ᠪᠠᠭᠲᠠᠭᠰᠠᠨ ᠶᠤᠮ᠃ ᠪᠢ ᠠᠬ᠎ᠠ ᠲᠠᠢ ᠪᠠᠨ ᠬᠣᠶᠠᠭᠤᠯᠠ᠃ ᠯᠠᠮᠠ ᠭᠠᠯᠳᠠᠨ ᠢ᠋ ᠨᠡᠮᠡᠪᠡᠯ ᠭᠤᠷᠪᠠᠭᠤᠯᠠ᠃ ᠪᠣᠳᠣᠭ᠎ᠠ ᠦᠭᠡᠢ ᠪᠡᠨ ᠪᠣᠳᠣᠵᠤ ᠰᠡᠳᠬᠢᠯ ᠵᠢᠷᠦᠬᠡ ᠪᠡᠨ ᠰᠡᠯᠪᠢᠪᠡ 》 ᠭᠡᠮᠡᠨ ᠭᠠᠯᠳᠠᠨ ᠠᠷᠤ ᠬᠠᠯᠬ᠎ᠠ ᠶ᠋ᠢᠨ ᠨᠤᠲᠤᠭ ᠲᠤ᠌ ᠰᠠᠨᠠᠨ ᠳᠤᠷᠠᠰᠤᠯ᠎ᠠ᠃
   ᠭᠠᠯᠳᠠᠨ ᠬᠠᠭᠠᠨ ᠢ᠋ ᠪᠤᠷᠬᠠᠨ ᠢ᠋ᠶ᠋ᠠᠨ ᠡᠷᠭᠢᠭᠦᠯᠵᠦ ᠲᠣᠭᠣᠷᠢᠭᠤᠯᠤᠨ ᠦᠵᠡᠬᠦ ᠵᠠᠭᠤᠷ᠎ᠠ ᠨᠢᠭᠡᠨ ᠮᠢᠬᠠᠯᠢᠭ ᠯᠠᠮᠠ ᠶᠠᠰᠤᠲᠤ ᠮᠡᠯᠡᠬᠡᠢ ᠴᠥᠭᠥᠷᠥᠮ ᠡᠴᠡ ᠠᠪᠴᠢᠷᠠᠵᠠᠢ᠃ ᠮᠢᠬᠠᠯᠢᠭ ᠯᠠᠮᠠ ᠭᠠᠷ ᠤ᠋ᠨ ᠠᠯᠠᠭ᠎ᠠ ᠶ᠋ᠢ ᠳᠡᠭᠡᠭᠰᠢ ᠬᠠᠷᠠᠭᠤᠯᠤᠨ ᠮᠡᠯᠡᠬᠡᠢ ᠪᠡᠨ ᠲᠠᠯᠪᠢᠵᠤ᠂
— ᠬᠠᠭᠠᠨ ᠲᠠ ᠪᠣᠯᠭᠣᠭ᠎ᠠ᠃ ᠮᠡᠯᠡᠬᠡᠢ ᠪᠣᠯ ᠯᠤᠤᠰ ᠤ᠋ᠨ ᠬᠠᠭᠠᠨ ᠤ᠋ ᠲᠣᠭᠯᠠᠭᠠᠮ᠂ ᠤᠷᠲᠤ ᠨᠠᠰᠤ ᠲᠠᠢ᠂ ᠤᠳᠠᠭᠠᠨ ᠵᠢᠷᠭᠠᠯ ᠲᠠᠢ ᠠᠮᠢᠲᠠᠨ ᠪᠢᠯᠡ᠃ ᠡᠨᠡ ᠠᠮᠢᠲᠠᠨ ᠥᠷᠭᠥᠭᠡ ᠭᠡᠷ ᠲᠦ᠍ ᠪᠠᠢᠪᠠᠯ ᠰᠠᠢᠨ ᠭᠡᠳᠡᠭ  ᠶᠤᠮ᠃ ᠬᠤᠪᠢᠯᠭᠠᠨ ᠯᠠᠮᠠ ᠲᠠ ᠪᠤᠷᠬᠠᠨ ᠤ᠋ ᠬᠤᠸᠠᠷᠠᠭ ᠪᠢᠳᠡᠨ ᠢ᠋ ᠰᠠᠬᠢᠭᠤᠰᠤᠨ ᠳ᠋ᠠᠭᠠᠨ ᠪᠠᠭᠲᠠᠭᠠᠵᠤ ᠠᠪᠤᠨ᠎ᠠ ᠤᠤ? ᠭᠡᠬᠦ ᠳ᠋ᠦ᠍ ᠭᠠᠯᠳᠠᠨ ᠮᠥᠨ ᠬᠦ᠌ ᠠᠯᠠᠭ᠎ᠠ ᠪᠠᠨ ᠲᠤᠰᠪᠠ᠃ ᠭᠠᠯᠳᠠᠨ ᠬᠠᠭᠠᠨ ᠤ᠋ ᠠᠯᠠᠭᠠᠨ ᠳᠡᠭᠡᠷ᠎ᠡ ᠬᠥᠳᠡᠯᠭᠡᠭᠡᠨ ᠦᠭᠡᠢ ᠮᠠᠰᠢ ᠲᠠᠢᠪᠤᠩ᠂ ᠣᠯᠠᠨ ᠳᠠᠪᠬᠤᠷ ᠵᠤᠤᠪᠠᠩ ᠨᠠᠪᠴᠢ ᠮᠡᠲᠦ ᠨᠣᠭᠣᠭᠠᠨ ᠬᠤᠶᠠᠭ ᠲᠠᠢ ᠮᠡᠯᠡᠬᠡᠢ ᠵᠣᠭᠣᠭᠳᠠᠪᠠ᠃ ᠨᠠᠪᠴᠢ ᠳᠠᠪᠬᠤᠷᠯᠠᠵᠤ ᠪᠡᠬᠢᠵᠢᠭᠦᠯᠦᠭᠰᠡᠨ ᠮᠡᠲᠦ ᠬᠠᠲᠠᠭᠤ ᠬᠤᠶᠠᠭ ᠢ᠋ ᠭᠠᠯᠳᠠᠨ ᠬᠤᠷᠤᠭᠤ ᠪᠠᠷ ᠢ᠋ᠶ᠋ᠠᠨ ᠳᠤᠩᠰᠢᠵᠤ ᠦᠵᠡᠪᠡ᠃ ᠶᠠᠰᠤᠲᠤ ᠮᠡᠯᠡᠬᠡᠢ ᠨᠣᠢᠷᠰᠤᠨ᠎ᠠ᠃
ᠭᠠᠯᠳᠠᠨ ᠬᠠᠭᠠᠨ  ᠢ᠋ ᠬᠦᠯᠦᠭ ᠦ᠋ᠨ ᠳᠥᠷᠦᠭᠡᠨ ᠳ᠋ᠦ᠍ ᠪᠣᠰᠬᠤ ᠳ᠋ᠤ᠌ ᠲᠥᠪᠡᠳ ᠯᠠᠮᠠ ᠠᠴᠢᠶ᠎ᠠ ᠲᠠᠢ ᠲᠡᠮᠡᠭᠡ ᠪᠡᠨ ᠴᠥᠷᠬᠡᠯᠡᠨ ᠬᠥᠲᠥᠯᠵᠦ ᠬᠥᠲᠥᠯ ᠲᠡᠢᠰᠢ ᠣᠳᠬᠤ ᠡᠷᠲᠡᠨ ᠦ᠌ ᠵᠠᠮ ᠢ᠋ᠶ᠋ᠠᠷ ᠪᠤᠷᠬᠠᠳ ᠲᠡᠭᠡᠭᠡᠵᠦ ᠣᠢᠷᠠᠳ ᠤ᠋ᠨ ᠵᠦᠭ ᠬᠥᠳᠡᠯᠪᠡ᠃
ᠭᠠᠯᠳᠠᠨ ᠬᠠᠭᠠᠨ ᠤ᠋ ᠰᠡᠳᠬᠢᠯ ᠵᠢᠩᠳᠡᠭᠦᠦ ᠪᠠᠢᠯ᠎ᠠ᠃ ᠬᠠᠭᠠᠨ ᠠᠬ᠎ᠠ ᠶ᠋ᠢᠨ ᠬᠥᠷᠥᠭ ᠳᠦᠷᠢ ᠬᠢᠭᠡᠳ ᠶᠠᠰᠤᠲᠤ ᠮᠡᠯᠡᠬᠡᠢ ᠠᠳᠬᠤᠭᠰᠠᠨ ᠭᠠᠷ ᠤ᠋ᠨ ᠴᠢᠰᠤ ᠨᠢ ᠲᠡᠭᠦᠨ ᠦ᠌ ᠵᠢᠷᠦᠬᠡᠨ ᠳ᠋ᠦ᠍ ᠬᠦᠷᠬᠦ ᠳ᠋ᠡᠭᠡᠨ ᠬᠦᠢᠲᠡ ᠳᠠᠭᠠᠭᠠᠭᠰᠠᠨ ᠠᠵᠢ᠃ ᠠᠮᠢᠨ᠎ᠠ ᠶ᠋ᠢᠨ ᠭᠠᠷ  ᠢ᠋ ᠠᠳᠬᠤᠭᠰᠠᠨ ᠪᠣᠯ ᠬᠠᠭᠠᠨ ᠤ᠋ ᠭᠠᠷ ᠤ᠋ᠨ ᠴᠢᠰᠤ ᠬᠠᠯᠠᠭᠤᠨ ᠤᠷᠤᠰᠬᠤ ᠪᠠᠢᠵᠠᠢ᠃ ᠠᠮᠢᠨ᠎ᠠ ᠪᠦᠰᠡᠭᠦᠢ ᠶᠠᠰᠤᠲᠤ ᠮᠡᠯᠡᠬᠡᠢ ᠰᠢᠭ ᠬᠤᠪᠢ ᠵᠠᠶᠠᠭ᠎ᠠ ᠲᠠᠢ ᠪᠥᠯᠥᠭᠡ᠃

 ᠠᠷᠪᠠᠨ ᠲᠠᠪᠤ

ᠭᠠᠵᠠᠷᠴᠢᠨ ᠳᠠᠭᠠᠭᠰᠠᠨ ᠲᠥᠪᠡᠳ ᠦ᠋ᠳ ᠪᠤᠷᠬᠠᠳ ᠢ᠋ᠶ᠋ᠠᠨ ᠠᠴᠢᠶᠠᠯᠠᠵᠤ ᠠᠯᠲᠠᠢ ᠶ᠋ᠢᠨ ᠨᠢᠷᠤᠭᠤ ᠳᠠᠪᠠᠵᠤ ᠬᠠᠷ᠎ᠠ ᠡᠷᠴᠢᠰ ᠮᠥᠷᠡᠨ ᠦ᠌ ᠬᠥᠪᠡᠭᠡᠨ᠎ᠡ ᠵᠡᠭᠦᠨᠭᠠᠷ ᠤ᠋ᠨ ᠬᠠᠭᠠᠨ ᠤ᠋ ᠬᠦᠷᠢᠶᠡᠨ ᠳ᠋ᠦ᠍ ᠪᠠᠭᠤᠬᠤ ᠦᠶᠡᠰ ᠭᠠᠯᠳᠠᠨ ᠬᠠᠭᠠᠨ ᠴᠡᠷᠢᠭ ᠦ᠋ᠳ  ᠦ᠋ᠨ ᠬᠠᠮᠲᠤ ᠲᠠᠷᠢᠶᠠᠨ ᠳᠤᠮᠳᠠ ᠵᠣᠭᠰᠣᠵᠤ ᠪᠠᠢᠪᠠ᠃ ᠲᠠᠷᠢᠶᠠᠨ ᠠ᠋ᠴᠠ ᠲᠠᠭᠠᠪᠤᠷᠢᠯᠠᠬᠤ ᠠᠷᠭ᠎ᠠ ᠦᠭᠡᠢ ᠰᠣᠳᠣᠨ ᠦᠨᠦᠷ ᠬᠠᠩᠭᠢᠨ ᠰᠠᠢᠬᠠᠨ ᠲᠠᠭᠠᠰᠢᠶᠠᠯ ᠲᠥᠷᠥᠭᠦᠯᠬᠦ ᠠᠵᠢ᠃ ᠮᠣᠷᠢᠲᠤ ᠴᠡᠷᠢᠭ ᠦ᠋ᠳ ᠦ᠋ᠨ ᠰᠦᠷ ᠪᠠᠷ᠎ᠠ ᠪᠠᠷ ᠲᠠᠷᠢᠶᠠᠴᠢᠨ ᠣᠲᠣᠭ ᠤ᠋ᠨ ᠬᠢᠨ ᠴᠤᠭᠯᠠᠷᠠᠵᠠᠢ᠃
ᠲᠠᠷᠢᠶ᠎ᠠ ᠢᠳᠡ ᠪᠣᠯᠪᠠᠰᠤᠷᠠᠵᠤ ᠰᠢᠷᠭᠠᠯ ᠲᠣᠭᠣᠰᠣ ᠬᠥᠨᠳᠡᠢ ᠳᠦᠭᠦᠷᠡᠩ ᠲᠠᠲᠠᠵᠤ᠂  ᠤᠰᠤᠯᠠᠭᠠᠨ ᠤ᠋ ᠱᠤᠤᠳᠤᠤ ᠣᠮᠣᠭᠣᠯᠳᠠᠨ ᠬᠠᠲᠠᠵᠤ᠂ ᠲᠠᠯ᠎ᠠ ᠶ᠋ᠢᠨ ᠪᠢᠴᠢᠬᠠᠨ ᠰᠢᠪᠠᠭᠤᠳ ᠰᠢᠷᠣᠢ ᠰᠠᠴᠤᠭᠰᠠᠨ ᠶᠤᠮᠰᠢᠭ ᠪᠤᠵᠢᠭᠢᠨᠠᠨ ᠪᠠᠢᠬᠤ ᠶ᠋ᠢ ᠭᠠᠯᠳᠠᠨ ᠬᠠᠷᠠᠵᠤ᠂ ᠲᠡᠷᠲᠡᠭᠡ ᠣᠨ ᠵᠢᠯ ᠦ᠋ᠳ ᠦ᠋ᠨ ᠤᠷᠲᠤ ᠳ᠋ᠤ᠌  ᠸᠴᠢᠷᠲᠤ  ᠰᠡᠴᠡᠨ ᠬᠠᠭᠠᠨ ᠤ᠋ ᠨᠤᠲᠤᠭ  ᠲᠤ᠌ ᠦᠯᠡᠳᠡᠭᠰᠡᠨ ᠥᠨᠳᠡᠭᠡᠲᠦ ᠴᠥᠭᠥᠷᠥᠮ ᠢ᠋ ᠳᠤᠷᠠᠰᠤᠯ᠎ᠠ᠃
ᠲᠠᠷᠢᠶᠠᠴᠢᠨ ᠣᠲᠣᠭ ᠤ᠋ᠨ ᠬᠢᠨ ᠦ᠌ ᠳᠤᠮᠳᠠ ᠪᠣᠷᠣ ᠬᠦᠷᠡᠩ ᠴᠢᠷᠠᠢ ᠲᠠᠢ᠂ ᠴᠣᠭ ᠰᠢᠭ᠋ ᠬᠤᠷᠴᠠ ᠨᠢᠳᠦ ᠲᠡᠢ᠂ ᠦᠰᠦ ᠰᠠᠬᠠᠯ ᠳ᠋ᠠᠭᠠᠨ ᠪᠠᠷᠢᠭᠳᠠᠭᠰᠠᠨ ᠳᠤᠮᠳᠠᠳᠤ ᠠᠽᠢᠶ᠎ᠠ ᠶ᠋ᠢᠨ ᠲᠦᠷᠺ᠂ ᠬᠦᠷᠵᠢ᠂  ᠠᠷᠮᠸᠨ᠂  ᠪᠠᠱᠺᠸᠷ ᠡᠷᠡᠴᠦᠦᠯ ᠣᠯᠠᠨ ᠪᠠᠢᠪᠠ᠃ ᠲᠡᠳᠡᠭᠡᠷ ᠣᠯᠵᠠ ᠶ᠋ᠢᠨ ᠲᠠᠷᠢᠶᠠᠴᠢᠳ ᠤ᠋ᠨ ᠡᠬᠡᠨᠡᠷ ᠡᠮᠡᠰ ᠨᠢ ᠭᠢᠪᠯᠡᠭᠦᠷ ᠲᠦ᠍ ᠴᠢᠷᠠᠢ ᠪᠠᠨ ᠨᠢᠭᠤᠨ᠎ᠠ᠃ ᠥᠷᠭᠡᠨ ᠬᠡᠯᠬᠡᠭᠡᠷ ᠬᠤᠪᠴᠠᠰᠤ ᠨᠢ ᠪᠡᠶ᠎ᠡ ᠳ᠋ᠦ᠍ᠨᠢ ᠨᠠᠭᠠᠯᠳᠤᠨ ᠲᠣᠳᠣᠷᠠᠭᠤᠯᠵᠤ᠂ ᠭᠤᠸᠠᠯᠢᠭ ᠥᠭᠡᠵᠡᠭ ᠬᠣᠨᠳᠣᠯᠠᠢ ᠳᠠᠪᠤᠤ ᠶ᠋ᠢ ᠬᠡᠪᠯᠡᠬᠦ ᠪᠦᠰᠡᠭᠦᠢ ᠤᠷᠤᠭᠤ ᠭᠠᠯᠳᠠᠨ ᠬᠠᠭᠠᠨ ᠲᠠᠰᠢᠭᠤᠷ ᠢ᠋ᠶ᠋ᠠᠷ ᠵᠢᠭᠠᠪᠠ᠃ᠲᠠᠷᠢᠶᠠᠴᠢᠨ ᠣᠲᠣᠭ ᠤ᠋ᠨ  ᠪᠠᠪᠠᠭᠠᠷ ᠰᠠᠬᠠᠯ ᠲᠠᠢ ᠬᠣᠲᠣᠩ ᠡᠷ᠎ᠡ ᠲᠡᠭᠦᠨ ᠢ᠋ ᠪᠠᠬᠢᠮ ᠭᠠᠷ ᠢ᠋ᠶ᠋ᠠᠷ ᠪᠠᠵᠠᠵᠤ ᠬᠠᠭᠠᠨ ᠤ᠋ ᠡᠮᠦᠨ᠎ᠡ ᠠᠪᠴᠢᠷᠠᠭᠠᠳ ᠭᠢᠪᠯᠡᠭᠦᠷ ᠰᠡᠬᠦᠪᠡ᠃
ᠠᠨᠢᠭᠠᠰᠤᠲᠠᠢ ᠨᠢᠳᠦᠨ ᠦ᠌ ᠬᠢᠨᠢ ᠤᠷᠲᠤ ᠰᠣᠷᠮᠤᠤᠰᠤ ᠤᠷᠲᠤ ᠳᠠᠷᠪᠠᠢᠵᠤ ᠪᠠᠢᠯ᠎ᠠ᠃ ᠬᠡᠦᠬᠡᠨ ᠦ᠌ ᠪᠣᠷᠣ ᠠᠷᠠᠰᠤ ᠲᠠᠢ ᠨᠢᠭᠤᠷ ᠥᠩᠭᠡᠯᠢᠭ ᠪᠥᠭᠡᠳ ᠤᠷᠤᠭᠤᠯ ᠨᠢ ᠪᠤᠷᠬᠠᠨ ᠤ᠋ ᠬᠥᠷᠥᠭ ᠮᠡᠲᠦ  ᠵᠢᠮᠪᠡᠭᠡᠷ ᠬᠤᠷᠴᠠ ᠵᠢᠷᠤᠭ ᠲᠠᠢ ᠶᠤᠮ᠃ ᠬᠡᠦᠬᠡᠨ ᠦ᠌ ᠬᠠᠮᠠᠷ ᠮᠣᠩᠬᠣᠷ ᠰᠢᠯᠤᠭᠤᠨ ᠶᠤᠮ᠃ ᠲᠡᠷᠡ ᠪᠡᠷ ᠨᠢᠳᠦ ᠪᠡᠨ ᠨᠡᠭᠡᠭᠡᠵᠦ ᠬᠠᠭᠠᠨ ᠤ᠋ ᠭᠡᠭᠡᠨ ᠰᠢᠷᠭᠠᠯ ᠴᠢᠷᠠᠢ᠂ ᠨᠠᠷᠠ ᠰᠠᠷᠠ ᠢᠷᠮᠡᠯᠵᠡᠨ ᠪᠠᠢᠭ᠎ᠠ ᠬᠣᠶᠠᠷ ᠵᠣᠪᠬᠢ᠂ ᠥᠷᠭᠡᠨ ᠴᠡᠭᠡᠵᠢ ᠶ᠋ᠢ ᠬᠠᠷᠠᠭᠰᠠᠨ ᠢ᠋ᠶ᠋ᠠᠨ ᠨᠢᠳᠦ ᠪᠡᠨ ᠲᠠᠰᠤ ᠠᠨᠢᠪᠠ᠃
ᠭᠠᠯᠳᠠᠨ ᠬᠠᠭᠠᠨ ᠡᠨᠡ ᠵᠠᠭᠤᠷ᠎ᠠ《ᠪᠢ ᠳᠤᠷᠠᠯᠠᠮᠠᠬᠠᠢ ᠵᠠᠩ ᠦᠭᠡᠢ ᠪᠤᠰᠤ ᠤᠤ? ᠡᠴᠢᠭᠡ ᠬᠣᠩ ᠲᠠᠢᠵᠢ ᠳ᠋ᠤ᠌ ᠶᠣᠷᠣ ᠳᠠᠯᠠᠯᠤᠭᠰᠠᠨ ᠮᠠᠭᠤ ᠰᠢᠨᠵᠢ ᠨᠠᠳᠠᠳᠤ ᠬᠡᠳᠦᠢ ᠳ᠋ᠦ᠍ ᠪᠣᠢ ᠪᠣᠯᠪᠠ᠃ ᠣᠯᠵᠠ ᠶ᠋ᠢᠨ ᠪᠦᠰᠡᠭᠦᠢ ᠳ᠋ᠦ᠍ ᠨᠢᠳᠦ ᠤᠨᠠᠭᠠᠬᠤ ᠬᠡᠷᠡᠭ ᠦᠭᠡᠢ ᠪᠢᠵᠡ》 ᠭᠡᠮᠡᠨ ᠪᠣᠳᠣᠭᠠᠳ ᠮᠥᠷᠥ ᠵᠡᠷᠭᠡᠴᠡᠬᠦ ᠠᠷᠴᠠ ᠪᠠᠭᠠᠲᠤᠷ ᠤᠷᠤᠭᠤ ᠬᠠᠷᠠᠪᠠ᠃
ᠠᠷᠴᠠ ᠪᠠᠭᠠᠲᠤᠷ  ᠤ᠋ᠨ ᠨᠢᠳᠦ ᠬᠡᠦᠬᠡᠨ ᠳ᠋ᠦ᠍ ᠤᠨᠠᠵᠠᠢ᠃ ᠲᠡᠭᠦᠨ ᠦ᠌ ᠭᠤᠶ᠎ᠠ ᠬᠣᠩᠭᠣ᠂ ᠬᠡᠪᠡᠯᠢ᠂ ᠬᠥᠬᠥ ᠶ᠋ᠢ ᠨᠢ ᠢᠯᠠᠵᠤ ᠪᠠᠢᠭ᠎ᠠ ᠮᠡᠲᠦ ᠢᠷᠣᠭᠠᠯ ᠦᠭᠡᠢ ᠰᠢᠨᠤᠵᠠᠢ᠃ ᠬᠠᠭᠠᠨ ᠢ᠋ ᠢᠨᠢᠶᠡᠮᠰᠦᠭᠯᠡᠬᠦ ᠳ᠋ᠦ᠍ ᠠᠷᠴᠠ ᠳᠤᠷᠠᠮᠵᠢᠬᠠᠨ ᠢ᠋ᠶ᠋ᠠᠷ ᠮᠤᠰᠢᠢᠪᠠ᠃
— ᠬᠡᠭᠡᠷ᠎ᠡ ᠶ᠋ᠢᠨ ᠪᠣᠯᠵᠣᠮᠣᠷ᠂ ᠲᠤᠷᠯᠢᠶᠠᠬ᠎ᠠ ᠬᠠᠮᠤᠭ ᠲᠠᠷᠢᠶ᠎ᠠ ᠢᠳᠡᠬᠦ ᠨᠢ ᠠ᠋ ᠭᠡᠵᠦ ᠭᠠᠯᠳᠠᠨ ᠬᠠᠭᠠᠨ ᠢ᠋ ᠰᠢᠷᠭᠠᠯ ᠲᠠᠩᠭᠢᠰ ᠮᠡᠲᠦ ᠳᠠᠪᠠᠯᠭᠠᠯᠠᠬᠤ ᠲᠠᠷᠢᠶᠠᠨ ᠤ᠋ ᠳᠡᠭᠡᠭᠦᠷ ᠬᠠᠷᠠᠭ᠎ᠠ ᠪᠡᠯᠴᠢᠭᠡᠬᠦ ᠳ᠋ᠦ᠍ ᠬᠣᠲᠣᠩ ᠠᠬᠠᠯᠠᠭᠴᠢ᠂
— ᠮᠠᠨᠤᠤᠬᠠᠢ ᠪᠤᠰᠬᠠᠵᠤ ᠦᠷᠭᠦᠭᠡᠳᠡᠭ ᠶᠦᠮ ᠭᠡᠳ ᠲᠠᠷᠢᠶᠠᠨ ᠤ᠋ ᠵᠠᠬ᠎ᠠ ᠳ᠋ᠤ᠌ ᠪᠠᠢᠭ᠎ᠠ ᠰᠦᠭ ᠰᠡᠭᠦᠳᠡᠷ ᠮᠡᠲᠦ ᠳᠦᠷᠰᠦ ᠨᠦ᠍ᠭᠦᠳ ᠢ᠋ ᠵᠢᠭᠠᠬᠤ ᠳ᠋ᠤ᠌ ᠠᠷᠴᠠ ᠪᠠᠭᠠᠲᠤᠷ ᠬᠥᠬᠥᠷᠡᠵᠦ᠂
—ᠡᠭᠦᠨ ᠡᠴᠡ ᠴᠢ ᠰᠣᠴᠢᠨ᠎ᠠ᠂ ᠦᠬᠡᠷ ᠦᠷᠭᠦᠵᠦ ᠮᠠᠭᠠᠳ᠂ ᠬᠠᠷᠢᠨ ᠵᠢᠭᠦᠷᠲᠡᠨ ᠪᠣᠯ ᠳᠡᠭᠡᠭᠦᠷ ᠨᠢ ᠨᠢᠰᠦᠭᠡᠳ ᠨᠢᠰᠦᠭᠡᠳ ᠲᠠᠷᠢᠶᠠᠨ ᠠ᠋ᠴᠠ ᠠᠮᠲᠠᠷᠬᠠᠨ ᠳᠣᠩᠰᠢᠬᠤ ᠪᠤᠰᠤ ᠤᠤ? ᠭᠡᠵᠦ ᠠᠬᠠᠯᠠᠭᠴᠢ ᠶ᠋ᠢᠨ ᠪᠠᠷᠳᠠᠮ ᠦᠭᠡ ᠶ᠋ᠢ ᠲᠠᠰᠤ ᠴᠣᠬᠢᠪᠠ᠃
ᠣᠯᠵᠠ ᠶ᠋ᠢᠨ ᠬᠡᠦᠬᠡᠨ ᠳᠣᠷᠣᠭᠰᠢ ᠪᠠᠨ ᠲᠣᠩᠭᠣᠢᠭᠰᠠᠭᠠᠷ ᠵᠣᠭᠰᠣᠨ᠎ᠠ᠃ ᠲᠡᠭᠦᠨ ᠦ᠌ ᠲᠣᠮᠣᠳᠠᠭᠰᠠᠨ ᠬᠡᠯᠬᠡᠭᠡᠷ ᠨᠢᠮᠭᠡᠨ ᠬᠤᠪᠴᠠᠰᠤ ᠨᠠᠷᠢᠬᠠᠨ ᠭᠤᠸᠠᠯᠢᠭ ᠪᠡᠶ᠎ᠡ ᠶ᠋ᠢ ᠤᠯᠠᠮ ᠦᠵᠡᠮᠵᠢᠲᠡᠢ ᠪᠣᠯᠭᠠᠳᠠᠭ ᠠᠵᠢ᠃ ᠬᠠᠭᠠᠨ ᠤ᠋ ᠰᠣᠨᠢᠷᠬᠠᠯ ᠲᠠᠲᠠᠭᠰᠠᠨ ᠪᠦᠰᠡᠭᠦᠢ ᠶ᠋ᠢ ᠲᠡᠭᠦᠨ ᠳ᠋ᠦ᠍ ᠡᠷᠭᠦᠯ ᠪᠣᠯᠭᠠᠬᠤ ᠪᠠᠷ ᠥᠩᠭᠡᠲᠦ ᠨᠢᠳᠦᠲᠦ ᠬᠠᠰᠬᠢᠷᠪᠠ᠃ ᠣᠯᠵᠠ ᠶ᠋ᠢᠨ ᠲᠠᠷᠢᠶᠠᠴᠢᠳ ᠴᠥᠮ ᠡᠪᠦᠳᠦᠭ ᠰᠥᠭᠥᠳᠦᠯ᠎ᠡ᠃
— ᠬᠠᠭᠠᠨᠲᠠᠨ᠂ ᠡᠨᠡ ᠬᠡᠦᠬᠡᠨ ᠢ᠋ ᠡᠷᠭᠦᠯ ᠪᠣᠯᠭᠠᠵᠤ ᠠᠪᠤᠭᠠᠴᠢ᠃ ᠬᠢᠵᠠᠭᠠᠷ ᠦᠭᠡᠢ ᠡᠷᠬᠡ ᠴᠢᠯᠥᠭᠡ ᠲᠠᠨ ᠳ᠋ᠤ᠌ ᠪᠠᠢᠬᠤ ᠲᠤᠯᠠ ᠥᠪᠡᠷ ᠦ᠋ᠨ ᠵᠣᠷᠢᠭ ᠢ᠋ᠶ᠋ᠠᠷ ᠡᠨᠡ ᠪᠦᠰᠡᠭᠦᠢ ᠶ᠋ᠢ ᠲᠠᠷᠴᠢᠯᠠᠭᠠᠵᠤ ᠪᠣᠯᠤᠨ᠎ᠠ ᠭᠡᠵᠦ ᠥᠩᠭᠡᠲᠦ ᠨᠢᠳᠦ ᠲᠡᠢ ᠰᠢᠷᠠᠯᠠᠬᠤ ᠡᠷ᠎ᠡ ᠲᠣᠷᠵᠢᠭᠢᠨᠠᠭᠤᠯᠬᠤ ᠳ᠋ᠤ᠌ ᠬᠣᠲᠣᠩ ᠠᠬᠠᠯᠠᠭᠴᠢ ᠬᠡᠯᠡᠮᠦᠷᠴᠢᠯᠡᠨ ᠳᠠᠮᠵᠢᠭᠤᠯᠤᠯ᠎ᠠ᠃ ᠬᠠᠭᠠᠨ ᠤ᠋ ᠨᠢᠳᠦᠨ ᠳ᠋ᠦ᠍ ᠴᠣᠭ ᠵᠣᠯᠢ ᠭᠡᠷᠡᠯᠲᠦᠪᠡ᠃ ᠬᠡᠦᠬᠡᠨ ᠢ᠋ ᠬᠠᠭᠠᠨ ᠳ᠋ᠤ᠌ ᠰᠢᠲᠠᠵᠤ ᠥᠭᠪᠡ᠃ ᠬᠠᠭᠠᠨ ᠣᠯᠵᠠ ᠶ᠋ᠢᠨ ᠬᠡᠦᠬᠡᠨ ᠢ᠋ ᠥᠷᠥᠪᠳᠦᠪᠡ᠃

 ᠠᠷᠪᠠᠨ ᠵᠢᠷᠭᠤᠭ᠎ᠠ

—ᠨᠡᠷ᠎ᠡ ᠪᠡᠨ ᠬᠡᠯᠡᠭᠲᠦᠨ! ᠣᠯᠵᠠ ᠶ᠋ᠢᠨ ᠲᠠᠷᠢᠶᠠᠴᠢᠳ ᠤ᠋ᠨ ᠳᠤᠮᠳᠠᠬᠢ ᠲᠠᠷᠢᠶᠠᠨ ᠲᠦᠷᠦᠭᠦᠦ ᠰᠢᠭ ᠬᠡᠦᠬᠡᠨ ᠰᠣᠴᠢᠰᠬᠢᠪᠡ᠃ ᠲᠡᠷᠡ ᠬᠡᠦᠬᠡᠨ ᠠᠮᠠᠨ ᠳ᠋ᠠᠭᠠᠨ ᠥᠭᠦᠯᠡᠪᠡ᠃ᠬᠠᠭᠠᠨ ᠤ᠋ ᠳᠠᠭᠠᠭᠤᠯᠢ ᠤ᠋ᠳ《ᠲᠣᠷᠭ᠎ᠠ ᠡᠮᠦᠰᠦᠮᠡᠷ ᠬᠡᠦᠬᠡᠨ  ᠶᠤᠮ᠃ ᠲᠠᠪᠢᠯᠠᠩ ᠮᠠᠭᠤ ᠲᠠᠢ ᠪᠣᠯ ᠲᠣᠰᠣ ᠲᠠᠢ ᠳᠠᠪᠤᠤ ᠣᠯᠳᠠᠬᠤ ᠬᠡᠴᠡᠭᠦᠦ ᠪᠢᠵᠡ᠃ ᠨᠡᠷ᠎ᠡ ᠨᠢ ᠬᠡᠨ ᠶᠦᠮ ᠪᠣᠯ ᠁》 ᠭᠡᠮᠡᠨ ᠪᠡᠶᠡᠰ ᠢ᠋ ᠬᠠᠷᠠᠨ ᠠᠷᠵᠠᠢᠲᠠᠯ᠎ᠠ ᠬᠥᠬᠥᠷᠡᠯᠳᠦᠨ᠎ᠡ᠃ ᠠᠷᠴᠠ ᠪᠠᠭᠠᠲᠤᠷ ᠬᠠᠭᠠᠨ ᠤ᠋ ᠠᠮᠠᠨ ᠵᠠᠷᠯᠢᠭ  ᠢ᠋ ᠳᠠᠪᠲᠠᠨ᠂
— ᠨᠡᠷ᠎ᠡ ᠪᠡᠨ ᠬᠡᠯᠡᠭᠲᠦᠨ! ᠭᠡᠪᠡ᠃
— ᠰᠡᠷᠢᠭᠦᠯ ᠁ ᠭᠡᠵᠦ ᠬᠡᠦᠬᠡᠨ ᠰᠢᠪᠡᠨᠡᠪᠡ᠃
—ᠰᠡᠷᠢᠭᠦᠯ ᠢ᠋ ᠬᠡᠨ ᠠᠪᠬᠤ ᠪᠣᠢ? ᠭᠡᠵᠦ ᠬᠠᠭᠠᠨ ᠴᠡᠷᠢᠭ ᠡᠷᠡᠰ ᠦ᠋ᠨ ᠵᠣᠷᠢᠭ ᠢ᠋ ᠲᠤᠷᠬᠢᠷᠠᠨ ᠠᠰᠠᠭᠤᠪᠠ᠃
 ᠬᠠᠭᠠᠨ ᠤ᠋ ᠳᠠᠭᠠᠭᠤᠯᠢ ᠤ᠋ᠳ ᠡᠳᠦᠷ ᠬᠣᠨᠣᠭ ᠤ᠋ᠨ ᠨᠠᠷᠠ ᠰᠠᠯᠬᠢᠨ ᠳ᠋ᠤ᠌ ᠪᠣᠷᠣᠯᠠᠭᠰᠠᠨ ᠴᠢᠷᠠᠢ ᠲᠠᠢ᠂ ᠬᠠᠩᠬᠠᠭᠠᠷ ᠴᠡᠭᠡᠵᠢ ᠲᠡᠢ᠂ ᠬᠥᠬᠡ ᠨᠢᠳᠦ ᠲᠡᠢ ᠣᠢᠷᠠᠳ ᠡᠷᠡᠴᠦᠦᠯ ᠪᠠᠢᠪᠠ᠃
 ᠨᠤᠲᠤᠭ ᠠ᠋ᠴᠠ ᠪᠠᠨ ᠭᠠᠷᠤᠭᠠᠳ ᠤᠢᠳᠤᠭᠰᠠᠨ ᠡᠷᠡᠴᠦᠦᠯ ᠰᠡᠷᠢᠭᠦᠯ ᠢ᠋ ᠠᠮᠲᠠᠬᠠᠨ ᠰᠢᠷᠳᠡᠨ᠎ᠡ᠃ ᠲᠡᠳᠡᠨ ᠦ᠌ ᠬᠡᠨ ᠨᠢ  ᠴᠤ᠌《ᠪᠢ ᠠᠪᠤᠶ᠎ᠠ》 ᠭᠡᠮᠡᠨ ᠳᠤᠤᠭᠠᠷᠴᠤ ᠴᠢᠳᠠᠭᠰᠠᠨ ᠦᠭᠡᠢ᠃ ᠤᠷᠭᠤᠴᠠ ᠭᠦᠢᠴᠡᠭᠰᠡᠨ ᠲᠠᠷᠢᠶᠠᠨ ᠤ᠋ ᠲᠠᠯᠠᠪᠠᠢ ᠳᠡᠭᠡᠭᠦᠷ ᠪᠣᠯᠵᠣᠮᠣᠷ᠂ ᠴᠡᠭᠴᠡᠦᠬᠡᠢ᠂ ᠬᠠᠷᠴᠠᠭᠠᠢ᠂ ᠲᠤᠷᠯᠢᠶᠠᠬ᠎ᠠ ᠰᠦᠷᠦᠭ  ᠰᠦᠷᠦᠭ ᠢ᠋ᠶ᠋ᠡᠷ ᠢ᠋ᠶ᠋ᠡᠨ ᠨᠡᠭᠦᠳᠡᠯᠯᠡᠨ᠂ ᠮᠥᠨᠥᠬᠢ ᠮᠠᠨᠤᠤᠬᠠᠢ ᠬᠡᠮᠡᠬᠦ ᠨᠠᠪᠰᠠᠭᠠᠷ ᠰᠦᠭ ᠡᠴᠡ ᠳᠠᠢᠵᠢᠨ ᠡᠷᠭᠢᠯᠳᠦᠨ᠎ᠡ᠃ ᠪᠣᠯᠣᠴᠠ ᠭᠦᠢᠴᠡᠭᠰᠡᠨ ᠲᠠᠷᠢᠶᠠᠨ ᠤ᠋ ᠢᠰᠬᠦᠯᠡᠩ ᠠᠮᠲᠠ ᠠᠭᠠᠷ ᠲᠤ᠌ ᠰᠠᠴᠤᠭᠳᠠᠨ᠂ ᠰᠠᠯᠬᠢᠨ ᠤ᠋ ᠳᠠᠭᠤ ᠪᠡᠯᠴᠢᠭᠡᠷᠯᠡᠬᠦ ᠮᠠᠯ ᠰᠦᠷᠦᠭ  ᠢ᠋ ᠰᠣᠷᠢᠨᠵᠢᠨ ᠯᠤᠭ᠎ᠠ ᠲᠠᠲᠠᠨ᠎ᠠ᠃ ᠬᠢᠷᠭᠠᠰᠤ ᠨᠠᠭᠤᠷ ᠤ᠋ᠨ ᠰᠠᠪᠠ ᠳᠠᠭᠠᠤ ᠰᠤᠭᠤᠨᠠᠭ ᠲᠠᠲᠠᠭᠰᠠᠨ ᠲᠠᠷᠢᠶᠠᠨ ᠲᠠᠯᠠᠪᠠᠢ ᠳ᠋ᠤ᠌ ᠮᠠᠯ ᠰᠦᠷᠦᠭ ᠣᠢᠷᠠᠲᠤᠨ ᠢᠷᠡᠪᠡᠴᠦ ᠲᠠᠷᠢᠶᠠᠴᠢᠳ ᠰᠥᠨᠢ ᠲᠤᠷᠰᠢ ᠡᠭᠡᠯᠵᠢ ᠪᠡᠷ ᠮᠠᠨᠠᠵᠤ ᠬᠣᠨᠣᠨ᠎ᠠ᠃
ᠠᠨᠵᠢᠰᠤ ᠴᠢᠷᠦᠳᠡᠭ ᠪᠣᠭᠣᠯ ᠤ᠋ᠳ ᠠ᠋ᠴᠠ ᠭᠠᠳᠠᠨ᠎ᠠ ᠬᠠᠯᠠᠭᠤᠨ ᠰᠢᠮᠠᠭᠤᠯ ᠬᠣᠶᠠᠷ ᠲᠤ᠌ ᠲᠠᠷᠴᠢᠯᠠᠭᠰᠠᠨ ᠲᠡᠮᠡᠭᠡᠳ ᠦ᠋ᠨ ᠰᠠᠮᠰᠠᠢ ᠰᠡᠷᠲᠡᠯᠵᠡᠨ ᠡᠪᠡᠰᠦᠨ ᠦ᠌ ᠰᠢᠮ᠎ᠡ ᠶ᠋ᠢ ᠰᠤᠷᠯᠠᠨ ᠢᠳᠡᠰᠢᠯᠡᠨ᠎ᠡ᠃ ᠲᠡᠮᠡᠭᠡ ᠪᠡᠷ ᠠᠨᠵᠢᠰᠤ ᠴᠢᠷᠦᠳᠡᠭ ᠪᠠᠢᠵᠠᠢ᠃  ᠲᠠᠷᠢᠶᠠᠴᠢᠨ ᠪᠣᠭᠣᠯ ᠤ᠋ᠳ ᠰᠥᠨᠢ ᠶ᠋ᠢᠨ ᠰᠡᠷᠢᠭᠦᠨ ᠳ᠋ᠦ᠍ ᠲᠠᠪᠠ ᠪᠠᠷ ᠢ᠋ᠶ᠋ᠠᠨ ᠬᠣᠨᠣᠬᠤ ᠪᠣᠯᠪᠠᠴᠤ ᠲᠠᠷᠢᠶ᠎ᠠ ᠤᠷᠤᠭᠤ ᠮᠠᠯ ᠠᠳᠤᠭᠤᠰᠤ ᠰᠢᠷᠭᠤᠵᠤ ᠣᠷᠣᠬᠤ ᠠᠶᠤᠯ ᠲᠠᠢ ᠲᠤᠯᠠ ᠨᠣᠢᠷ ᠢ᠋ᠶ᠋ᠠᠨ ᠬᠠᠰᠤᠨ᠎ᠠ᠃ ᠲᠡᠳᠡᠨ ᠦ᠌ ᠨᠢᠳᠦ᠂ ᠰᠡᠳᠬᠢᠯ ᠢ᠋ ᠪᠤᠯᠢᠶᠠᠳᠠᠭ ᠰᠡᠷᠢᠭᠦᠯ ᠣᠢᠷᠠᠳ ᠤ᠋ᠨ ᠭᠦᠵᠢᠷᠮᠡᠭ ᠴᠡᠷᠢᠭ ᠦ᠋ᠳ ᠦ᠋ᠨ ᠳᠤᠮᠳᠠ ᠣᠴᠢᠵᠠᠢ᠃
— ᠬᠠᠭᠠᠨ ᠠᠭᠤᠷ ᠲᠠᠢ ᠪᠠᠢᠨ᠎ᠠ ᠭᠡᠵᠦ ᠨᠢᠭᠡ ᠲᠠᠷᠢᠶᠠᠴᠢᠨ ᠬᠡᠯᠡᠪᠡ᠃ ᠬᠡᠨ ᠳ᠋ᠦ᠍ ᠠᠭᠤᠷᠯᠠᠭᠰᠠᠨ ᠶᠤᠮ ᠪᠣᠯ ᠁
— ᠬᠠᠭᠠᠨ ᠳᠤᠷ᠎ᠠ ᠦᠭᠡᠢ ᠪᠠᠢᠨ᠎ᠠ ᠭᠡᠵᠦ ᠪᠠᠰᠠ ᠨᠢᠭᠡ ᠲᠠᠷᠢᠶᠠᠴᠢᠨ ᠡᠷ᠎ᠡ ᠥᠭᠦᠯᠡᠪᠡ᠃ ᠬᠡᠨ ᠳ᠋ᠦ᠍ ᠳᠤᠷ᠎ᠠ ᠦᠭᠡᠢᠴᠡᠭᠰᠡᠨ  ᠶᠤᠮ ᠪᠣᠯ ᠁
— ᠰᠡᠷᠢᠭᠦᠯ ᠡᠴᠡ ᠪᠣᠯᠵᠤ ᠪᠢᠳᠡᠨ ᠦ᠌ ᠲᠣᠯᠣᠭᠠᠢ ᠶ᠋ᠢ ᠴᠠᠪᠴᠢᠵᠤ ᠣᠷᠬᠢᠪᠠᠯ ᠶᠠᠭᠠᠬᠢᠨ᠎ᠠ ᠭᠡᠮᠡᠨ ᠠᠢᠳᠠᠰ ᠬᠥᠢᠳᠡᠰ ᠬᠦᠢᠲᠡᠰ ᠲᠦ᠍ ᠠᠪᠲᠠᠭᠰᠠᠨ ᠲᠠᠷᠢᠶᠠᠴᠢᠨ ᠡᠪᠦᠭᠡᠨ ᠮᠡᠳᠬᠡᠪᠡ᠃
ᠬᠢᠷᠭᠠᠰᠤ ᠨᠠᠭᠤᠷ ᠤ᠋ᠨ ᠬᠥᠬᠡ  ᠪᠢᠲᠤᠷ ᠲᠠᠲᠠᠭᠰᠠᠨ ᠮᠠᠨᠳᠠᠯ ᠤᠯᠠᠮ ᠴᠠᠭᠠᠰᠢᠯᠠᠨ ᠲᠡᠭᠷᠢ ᠶ᠋ᠢᠨ ᠬᠠᠶᠠᠭ᠎ᠠ ᠲᠠᠢ ᠨᠡᠢᠯᠡᠵᠡᠢ᠃ᠲᠩᠷᠢ ᠶ᠋ᠢᠨ  ᠬᠠᠶᠠᠭᠠᠨ ᠳ᠋ᠤ᠌ ᠱᠣᠪᠣᠭᠣᠷ ᠬᠥᠬᠡ ᠠᠭᠤᠯᠠᠰ ᠬᠠᠪᠢᠷᠭ᠎ᠠ ᠪᠠᠷ ᠢ᠋ᠶ᠋ᠠᠨ ᠨᠡᠢᠯᠡᠵᠦ ᠣᠷᠣᠰᠢᠨ᠎ᠠ᠃ ᠣᠯᠵᠠ ᠶ᠋ᠢᠨ ᠲᠠᠷᠢᠶᠠᠴᠢᠳ ᠬᠠᠭᠠᠨ ᠤ᠋ ᠴᠡᠷᠢᠭ ᠦ᠋ᠳ ᠰᠡᠷᠢᠭᠦᠯ ᠡᠴᠡ ᠬᠣᠯᠠᠳᠤᠨ ᠲᠠᠷᠢᠶᠠᠨ ᠲᠠᠯᠠᠪᠠᠢ ᠤᠷᠤᠭᠤ ᠪᠠᠨ ᠣᠳᠬᠤ ᠵᠠᠭᠤᠷ᠎ᠠ ᠭᠠᠯᠳᠠᠨ ᠬᠠᠭᠠᠨ ᠤ᠋ ᠲᠤᠬᠠᠢ ᠬᠦᠦᠷᠨᠢᠯᠳᠦᠨ᠎ᠡ᠃
ᠬᠠᠭᠠᠨ ᠥᠷᠭᠡᠨ ᠡᠮᠡᠭᠡᠯ ᠳᠡᠭᠡᠷ᠎ᠡ ᠪᠡᠨ ᠬᠥᠨᠳᠡᠯᠢᠳᠦᠨ ᠪᠠᠢᠵᠤ᠂
— ᠠᠷᠴᠠ ᠪᠠᠭᠠᠲᠤᠷ ᠤ᠋ᠨ ᠮᠠᠲᠠᠯ ᠳ᠋ᠤ᠌ ᠰᠡᠷᠢᠭᠦᠯ  ᠢ᠋ ᠥᠭᠭᠦᠶ᠎ᠡ᠃ ᠠᠷᠴᠠ ᠶ᠋ᠢᠨ ᠭᠠᠪᠢᠶ᠎ᠠ ᠶᠡᠬᠡ᠂ ᠬᠠᠭᠠᠨ ᠠᠬ᠎ᠠ ᠶ᠋ᠢᠨ ᠦᠶ᠎ᠡ ᠳ᠋ᠦ᠍ ᠴᠤᠤ ᠳ᠋ᠤ᠌ ᠭᠠᠷᠤᠭᠰᠠᠨ ᠪᠠᠭᠠᠲᠤᠷ ᠲᠤᠯᠠ ᠲᠣᠷᠭᠠᠨ ᠴᠡᠷᠢᠭ ᠦ᠋ᠳ ᠮᠢᠨᠦ ᠦᠭᠡ ᠶ᠋ᠢ ᠲᠣᠭᠯᠠᠭᠠᠮ ᠪᠤᠤ ᠪᠣᠯᠭ᠎ᠠ᠃ ᠠᠭᠤᠯᠠ ᠶ᠋ᠢᠨ ᠪᠦᠰᠡᠭᠦᠢ ᠦᠨᠡᠨᠴᠢ ᠪᠠᠢᠳᠠᠭ ᠶᠤᠮ ᠭᠡᠯ᠎ᠡ᠃
 ᠠᠷᠴᠠ ᠪᠠᠭᠠᠲᠤᠷ ᠳᠥᠷᠦᠭᠡᠨ ᠳᠡᠭᠡᠷ᠎ᠡ ᠪᠡᠨ ᠥᠨᠳᠡᠢᠵᠦ ᠲᠠᠷᠢᠶᠠᠨ ᠲᠦᠷᠦᠭᠦᠦ ᠰᠢᠭ  ᠲᠤᠶᠢᠬᠠᠨ ᠪᠦᠰᠡᠭᠦᠢ ᠶ᠋ᠢ ᠭᠠᠵᠠᠷ ᠠ᠋ᠴᠠ ᠬᠣᠪᠬᠤ ᠲᠠᠲᠠᠵᠤ ᠡᠮᠡᠭᠡᠯ ᠳᠡᠭᠡᠷ᠎ᠡ ᠪᠡᠨ ᠲᠡᠭᠦᠷᠡᠪᠠ᠃ ᠬᠠᠭᠠᠨ ᠤ᠋ ᠴᠡᠷᠢᠭ ᠦ᠋ᠨ ᠬᠦᠷᠢᠶ᠎ᠡ ᠬᠢᠷᠭᠠᠰᠤ ᠨᠠᠭᠤᠷ ᠤ᠋ᠨ ᠴᠡᠯᠡᠭᠡᠷ ᠲᠣᠬᠣᠢ ᠳ᠋ᠤ᠌ ᠪᠠᠭᠤᠳᠠᠯᠯᠠᠵᠤ ᠪᠠᠢᠬᠤ ᠠᠬᠤᠢ ᠳ᠋ᠤ᠌ ᠨᠠᠭᠤᠷ ᠤ᠋ᠨ ᠴᠡᠩᠬᠡᠷ ᠤᠰᠤ ᠪᠠᠷ ᠰᠡᠷᠢᠭᠦᠯ ᠪᠡᠶ᠎ᠡ ᠪᠡᠨ ᠱᠠᠪᠰᠢᠨ ᠤᠬᠢᠶᠠᠵᠤ ᠪᠠᠢᠯ᠎ᠠ᠃ ᠳᠡᠷᠭᠡᠳᠡ ᠨᠢ ᠠᠷᠴᠠ ᠪᠠᠭᠠᠲᠤᠷ ᠠᠯᠤᠰ ᠲᠩᠷᠢ ᠶ᠋ᠢᠨ ᠬᠠᠶᠠᠭ᠎ᠠ ᠰᠢᠷᠳᠡᠨ᠎ᠡ᠃
ᠤᠰᠤ ᠴᠠᠯᠭᠢᠬᠤ ᠰᠣᠨᠣᠰᠤᠭᠳᠠᠨ᠎ᠠ᠃ ᠤᠰᠤᠨ ᠤ᠋ ᠴᠢᠮᠡᠭᠡ ᠤᠶᠠᠩᠭ᠎ᠠ ᠲᠠᠢ ᠪᠠᠢᠯ᠎ᠠ᠃

            ᠠᠷᠪᠠᠨ ᠳᠣᠯᠣᠭ᠎ᠠ

ᠠᠷᠴᠠ ᠪᠠᠭᠠᠲᠤᠷ ᠴᠠᠴᠠᠷ ᠲᠠᠭᠠᠨ ᠣᠷᠣᠪᠠ᠃ ᠰᠡᠷᠢᠭᠦᠯ ᠪᠦᠰᠡᠭᠦᠢ ᠶ᠋ᠢᠨ ᠵᠢᠷᠦᠬᠡ ᠣᠪᠣᠯᠵᠠᠨ᠎ᠠ᠃ ᠪᠠᠭᠠᠲᠤᠷ ᠡᠷ᠎ᠡ ᠶ᠋ᠢᠨ ᠵᠢᠷᠦᠬᠡ ᠰᠡᠷᠢᠭᠦᠯ ᠪᠦᠰᠡᠭᠦᠢ ᠶ᠋ᠢᠨ ᠵᠢᠷᠦᠬᠡ ᠲᠡᠢ ᠠᠳᠠᠯᠢ ᠣᠪᠣᠯᠵᠠᠨ ᠴᠣᠬᠢᠯᠠᠵᠤ ᠠᠮᠢᠰᠬᠤᠯ ᠨᠢ ᠲᠥᠭᠡᠷᠡᠩᠭᠡᠳᠡᠭᠦᠦ ᠪᠠᠢᠪᠠ᠃ ᠰᠡᠷᠢᠭᠦᠯ ᠦ᠋ᠨ ᠵᠢᠪᠠᠷᠯᠢᠭ ᠬᠦᠢᠲᠡᠨ ᠬᠠᠷᠠᠴᠠ ᠲᠠᠢ ᠬᠠᠷ᠎ᠠ ᠨᠢᠳᠦ ᠠᠷᠴᠠ ᠪᠠᠭᠠᠲᠤᠷ ᠢ᠋ ᠨᠡᠪᠲᠡ ᠰᠢᠪᠲᠤ ᠬᠠᠷᠠᠵᠤ ᠪᠠᠢᠪᠠ᠃ ᠠᠷᠴᠠ ᠬᠡᠳᠦᠢᠪᠡᠷ ᠰᠢᠯᠭᠠᠷᠠᠭᠰᠠᠨ ᠪᠠᠭᠠᠲᠤᠷ ᠪᠣᠯᠪᠠᠴᠤ ᠰᠡᠷᠢᠭᠦᠯ ᠢ᠋ ᠬᠦᠴᠦᠷᠬᠡᠢᠯᠡᠨ ᠡᠵᠡᠮᠳᠡᠬᠦ ᠬᠦᠰᠡᠯ ᠦᠭᠡᠢ᠂ ᠲᠡᠭᠦᠨ ᠦ᠌ ᠠᠶ᠎ᠠ ᠶ᠋ᠢ ᠳᠠᠭᠠᠨ᠎ᠠ᠃ ᠣᠯᠵᠠ ᠶ᠋ᠢᠨ ᠬᠡᠦᠬᠡᠨ ᠰᠠᠶᠢ ᠨᠠᠰᠤ ᠪᠡᠶ᠎ᠡ ᠭᠦᠢᠴᠡᠵᠦ ᠪᠠᠢᠵᠠᠢ᠃ ᠤᠭ ᠠ᠋ᠴᠠ ᠡᠴᠢᠭᠡ ᠡᠬᠡ ᠨᠢ ᠠᠯᠠᠭᠳᠠᠵᠤ ᠲᠡᠢᠨ ᠦ᠌ ᠵᠣᠯᠢᠶᠠᠰᠤ ᠪᠣᠯᠤᠭᠰᠠᠨ ᠬᠤᠪᠢ ᠲᠠᠪᠢᠯᠠᠩ ᠲᠠᠢ ᠪᠦᠰᠡᠭᠦᠢ ᠪᠠᠢᠯ᠎ᠠ᠃ ᠬᠠᠷᠬᠢᠷ᠎ᠠ᠂ ᠲᠦᠷᠭᠡᠨ᠎ᠡ ᠶ᠋ᠢᠨ ᠪᠤᠯᠠᠩᠲᠤ ᠠᠭᠤᠯᠠ ᠶ᠋ᠢᠨ ᠵᠦᠭ ᠡᠴᠡ ᠦᠯᠢᠶᠡᠬᠦ ᠰᠡᠷᠢᠭᠦᠬᠡᠨ ᠰᠠᠯᠬᠢ ᠵᠢᠩᠳᠡᠭᠦᠯᠬᠦ ᠪᠥᠯᠥᠭᠡ᠃ ᠴᠠᠴᠠᠷ ᠲᠤ᠌ ᠡᠪᠦᠳᠦᠭ ᠳᠡᠭᠡᠷ᠎ᠡ ᠪᠡᠨ ᠰᠥᠬᠥᠷᠡᠭᠰᠡᠨ ᠰᠡᠷᠢᠭᠦᠯ ᠴᠡᠴᠡᠷᠡᠵᠦ ᠪᠠᠢᠪᠠ᠃
— ᠨᠠᠭᠤᠷ ᠤ᠋ᠨ ᠤᠰᠤ ᠬᠦᠢᠲᠡᠨ ᠪᠠᠢᠪᠠ ᠤᠤ? ᠰᠡᠷᠢᠭᠦᠯ? ᠭᠡᠮᠡᠨ ᠠᠷᠴᠠ ᠪᠠᠭᠠᠲᠤᠷ ᠬᠡᠦᠬᠡᠨ ᠡᠴᠡ ᠠᠷᠭᠠᠳᠠᠩᠭᠤᠢ ᠠᠰᠠᠭᠤᠪᠠ᠃ ᠪᠦᠰᠡᠭᠦᠢ ᠶ᠋ᠢᠨ ᠡᠷᠡᠦ ᠬᠠᠭᠰᠢᠨ ᠪᠠᠢᠵᠤ ᠶᠠᠳᠠᠨ ᠴᠡᠴᠡᠷᠡᠪᠡ᠃ ᠬᠠᠷᠢᠭᠤ ᠥᠭᠦᠯᠡᠵᠦ ᠪᠠᠢᠭ᠎ᠠ ᠨᠢ ᠲᠡᠷᠡ  ᠶᠤᠮ ᠪᠣᠯᠪᠠ ᠤᠤ? ᠭᠡᠵᠦ ᠠᠷᠴᠠ ᠬᠡᠦᠬᠡᠨ ᠦ᠌ ᠨᠣᠷᠤᠭᠰᠠᠨ ᠦᠰᠦ ᠭᠡᠵᠢᠭᠡ ᠶ᠋ᠢ ᠬᠤᠷᠤᠭᠤ ᠪᠠᠷ ᠢ᠋ᠶ᠋ᠠᠨ ᠢᠮᠡᠷᠪᠡ᠃ ᠪᠦᠰᠡᠭᠦᠢ ᠶ᠋ᠢᠨ ᠦᠰᠦᠨ ᠡᠴᠡ ᠴᠢᠭᠢᠭ ᠦᠨᠦᠷᠲᠦᠨ᠎ᠡ᠃ ᠲᠡᠭᠦᠨ ᠦ᠌ ᠦᠰᠦᠨ ᠳ᠋ᠦ᠍ ᠠᠮᠢᠳᠤ ᠬᠠᠯᠠᠭᠤᠨ ᠦᠨᠦᠷ ᠦᠭᠡᠢ ᠪᠠᠢᠭᠰᠠᠨ ᠳ᠋ᠤ᠌ ᠠᠷᠴᠠ ᠠᠭᠵᠠᠢᠰᠬᠢᠪᠠ᠃ ᠠᠷᠴᠠ ᠠᠭᠤᠵᠢᠮ ᠳᠡᠪᠡᠯ ᠢ᠋ᠶ᠋ᠡᠨ ᠲᠠᠢᠯᠵᠤ ᠰᠡᠷᠢᠭᠦᠯ ᠪᠦᠰᠡᠭᠦᠢ ᠳ᠋ᠦ᠍ ᠨᠥᠮᠥᠷᠭᠡᠯ᠎ᠡ᠃
 ᠰᠡᠷᠢᠭᠦᠯ ᠪᠣᠯ ᠤᠳᠤᠮ ᠵᠠᠯᠭᠠᠭᠰᠠᠨ ᠲᠠᠷᠢᠶᠠᠴᠢᠨ ᠤ᠋ ᠥᠬᠢᠨ ᠪᠥᠯᠥᠭᠡ᠃ ᠰᠡᠷᠢ ᠮᠥᠷᠡᠨ ᠦ᠌ ᠬᠥᠪᠡᠭᠡᠨ ᠳ᠋ᠦ᠍ ᠲᠥᠷᠥᠭᠰᠡᠨ ᠲᠡᠭᠦᠨ ᠳ᠋ᠦ᠍ ᠰᠡᠷᠢᠭᠦᠯ ᠨᠡᠷ᠎ᠡ ᠬᠠᠢᠷᠠᠯᠠᠵᠠᠢ᠃ ᠬᠤᠯᠤᠨᠴᠠ᠂ ᠡᠯᠦᠨᠴᠡ ᠡᠪᠦᠭᠡᠳ ᠨᠢ ᠲᠠᠷᠢᠶᠠᠴᠢᠨ ᠠᠲᠠᠯ᠎ᠠ ᠬᠠᠷ᠎ᠠ ᠠᠭᠤᠯᠠ ᠶ᠋ᠢᠨ ᠳᠠᠢᠴᠢᠳ ᠲᠠᠢ ᠲᠤᠯᠤᠯᠳᠤᠵᠤ ᠣᠯᠵᠠᠯᠠᠭᠳᠠᠭᠠᠳ ᠮᠣᠩᠭᠣᠯ ᠵᠠᠢᠷᠠᠩ ᠪᠥᠬᠡ ᠳ᠋ᠦ᠍ ᠵᠢᠷᠦᠬᠡ ᠪᠡᠨ ᠰᠤᠭᠤᠯᠤᠭᠤᠯᠤᠭᠰᠠᠨ ᠪᠢᠯᠡ᠃ ᠡᠴᠢᠭᠡ ᠵᠢᠷᠦᠬᠡ ᠪᠡᠨ ᠰᠤᠭᠤᠯᠤᠭᠤᠯᠬᠤ ᠶ᠋ᠢ ᠬᠠᠷᠠᠭᠰᠠᠨ ᠡᠬᠡ ᠨᠢ ᠰᠢᠪᠡᠷ ᠣᠷᠤᠮᠵᠢᠨ ᠳ᠋ᠠᠭᠠᠨ ᠪᠣᠭᠣᠮᠢᠯᠠᠵᠤ᠂ ᠬᠥᠭᠡᠷᠦᠬᠦᠢ ᠰᠡᠷᠢᠭᠦᠯ ᠪᠥᠷᠲᠥᠢᠵᠦ ᠬᠣᠴᠣᠷᠴᠠᠢ᠃ ᠰᠡᠷᠢᠭᠦᠯ ᠵᠠᠨᠤᠯᠲᠤ ᠳᠠᠢᠰᠤᠨ ᠳ᠋ᠠᠭᠠᠨ ᠣᠯᠵᠠᠯᠠᠭᠳᠠᠪᠠ᠃ ᠲᠡᠭᠦᠨ  ᠢ᠋ ᠣᠯᠵᠠ ᠶ᠋ᠢᠨ ᠲᠠᠷᠢᠶᠠᠴᠢᠳ ᠲᠠᠢ ᠲᠠᠭᠤᠭᠳᠠᠵᠤ ᠲᠠᠷᠢᠶᠠᠴᠢᠨ ᠣᠲᠣᠭ ᠲᠤ᠌ ᠢᠷᠡᠬᠦ ᠳ᠋ᠦ᠍ ᠣᠢᠷᠠᠳ ᠤ᠋ᠳ ᠬᠥᠮᠦᠨ ᠦ᠌ ᠣᠷᠮᠠᠨ ᠳ᠋ᠤ᠌ ᠲᠣᠭᠣᠵᠤ ᠬᠠᠷᠠᠭ᠎ᠠ ᠦᠭᠡᠢ  ᠶᠤᠮ᠃ ᠰᠡᠷᠢᠭᠦᠯ ᠭᠢᠪᠯᠡᠭᠦᠷ ᠢ᠋ᠶ᠋ᠡᠨ ᠰᠡᠬᠦᠵᠦ ᠨᠠᠷᠠ ᠬᠠᠷᠠᠬᠤ ᠶ᠋ᠢᠨ ᠣᠷᠣᠨ ᠳ᠋ᠤ᠌ ᠤᠰᠤ ᠰᠢᠷᠳᠡᠵᠦ ᠲᠠᠷᠢᠶ᠎ᠠ ᠶ᠋ᠢ ᠰᠣᠶᠣᠭᠠᠯᠠᠬᠤ ᠠ᠋ᠴᠠ ᠨᠢ ᠪᠣᠯᠪᠠᠰᠤᠷᠠᠵᠤ ᠭᠦᠢᠴᠡᠬᠦ ᠶ᠋ᠢ ᠬᠦᠷᠲᠡᠯ᠎ᠡ ᠠᠷᠠᠴᠢᠯᠠᠭᠰᠠᠨ ᠶᠤᠮ᠃
ᠪᠦᠰᠡᠭᠦᠢ ᠶᠠᠭ ᠲᠠᠷᠢᠶ᠎ᠠ ᠰᠢᠭ᠋ ᠢ᠋ᠶ᠋ᠡᠨ ᠣᠷᠭᠣᠵᠢ᠃ ᠨᠢᠭᠡ ᠥᠷᠯᠥᠭᠡ ᠣᠯᠵᠠ ᠶ᠋ᠢᠨ ᠪᠦᠰᠡᠭᠦᠢ ᠶ᠋ᠢᠨ ᠬᠥᠬᠥ ᠤᠷᠭᠤᠵᠤ ᠴᠡᠭᠡᠵᠢᠨ ᠦ᠌ ᠭᠦᠨ ᠴᠠᠭᠠᠨ᠎ᠠ ᠬᠥᠨᠳᠡᠭᠦᠷ ᠡᠭᠦᠰᠬᠦ ᠶ᠋ᠢ ᠮᠡᠳᠡᠷᠡᠵᠢ᠃
ᠠᠷᠴᠠ ᠪᠠᠭᠠᠲᠤᠷ ᠤ᠋ᠨ ᠳᠡᠪᠡᠯ ᠳ᠋ᠦ᠍ ᠳᠤᠯᠠᠭᠠᠴᠠᠭᠰᠠᠨ ᠰᠡᠷᠢᠭᠦᠯ ᠴᠡᠴᠡᠷᠡᠵᠦ ᠲᠠᠭᠵᠢᠷᠠᠬᠤ ᠪᠠᠨ ᠪᠣᠯᠢᠵᠠᠢ᠃
— ᠬᠠᠭᠠᠨ ᠨᠠᠮᠠᠶ᠋ᠢ ᠲᠣᠭᠣᠭᠰᠠᠨ ᠦᠭᠡᠢ ᠭᠡᠵᠦ ᠰᠡᠷᠢᠭᠦᠯ ᠭᠣᠮᠣᠳᠠᠯᠲᠠᠢ ᠥᠭᠦᠯᠡᠪᠡ᠃
— ᠬᠠᠭᠠᠨ ᠴᠢᠮᠠᠶ᠋ᠢ ᠥᠷᠯᠥᠭ ᠵᠠᠩᠵᠤᠨ ᠳ᠋ᠠᠭᠠᠨ ᠥᠭᠭᠦᠯ᠎ᠡ ᠰᠢᠦ ᠳᠡ ᠭᠡᠵᠦ ᠠᠷᠴᠠ ᠪᠠᠭᠠᠲᠤᠷ ᠬᠠᠭᠠᠨ ᠢ᠋ ᠥᠮᠥᠭᠡᠷᠡᠪᠡ᠃ 
— ᠲᠠ ᠨᠠᠮᠠᠶ᠋ᠢ ᠬᠡᠷᠡᠭᠯᠡᠴᠢᠬᠡᠭᠡᠳ ᠳᠠᠷᠠᠭ᠎ᠠ ᠨᠢ ᠠᠯᠠᠬᠤ ᠤᠤ? ᠭᠡᠵᠦ ᠰᠡᠷᠢᠭᠦᠯ ᠠᠰᠠᠭᠤᠪᠠ᠃ 
— ᠬᠡᠷᠪᠡ ᠴᠢᠮ᠎ᠠ ᠠ᠋ᠴᠠ ᠬᠥᠪᠡᠭᠦᠨ ᠲᠥᠷᠥᠪᠡᠯ ᠡᠬᠡᠨᠡᠷ ᠢ᠋ᠶ᠋ᠡᠨ ᠪᠣᠯᠭᠠᠨ᠎ᠠ᠃ ᠥᠬᠢᠨ ᠲᠥᠷᠥᠬᠦ ᠠᠪᠠᠰᠤ ᠴᠢᠮᠠᠶ᠋ᠢ ᠬᠠᠭᠠᠨ  ᠤ᠋ ᠣᠲᠣᠭ   ᠲᠤ᠌ ᠰᠢᠪᠡᠭᠴᠢᠨ ᠡᠮ᠎ᠡ ᠪᠣᠯᠭᠠᠬᠤ ᠦᠭᠡᠢ᠂ ᠬᠥᠪᠡᠭᠦᠨ ᠴᠦ᠍ ᠲᠥᠷᠥᠭᠦᠯᠦᠭᠰᠡᠨ᠂ ᠥᠬᠢᠨ ᠴᠦ᠍ ᠲᠥᠷᠥᠭᠦᠯᠦᠭᠰᠡᠨ ᠰᠡᠷᠢᠭᠦᠯ ᠴᠢᠮᠠᠶ᠋ᠢ ᠪᠢ ᠲᠡᠳᠬᠦᠬᠦ ᠪᠣᠯᠤᠨ᠎ᠠ᠃ ᠳᠡᠮᠪᠡᠷᠢᠯ ᠵᠠᠩᠵᠤᠨ ᠤ᠋ ᠤᠳᠤᠮ ᠢ᠋ ᠪᠢ ᠦᠷᠭᠦᠯᠵᠢᠯᠡᠭᠦᠯᠬᠦ ᠶᠣᠰᠣᠲᠠᠢ ᠭᠡᠵᠦ ᠠᠷᠴᠠ ᠪᠠᠭᠠᠲᠤᠷ ᠥᠭᠦᠯᠡᠭᠡᠳ ᠲᠡᠷᠯᠢᠭ ᠳᠡᠪᠡᠯ ᠳ᠋ᠡᠭᠡᠨ ᠬᠣᠶᠠᠭᠤᠯᠠ ᠪᠠᠭᠲᠠᠪᠠ᠃
 ᠲᠡᠳᠡᠨ ᠦ᠌ ᠳᠣᠣᠷ᠎ᠠ ᠨᠠᠮᠤᠷ ᠴᠠᠭ ᠤ᠋ᠨ ᠰᠥᠯ ᠨᠢ ᠬᠠᠨᠤᠭᠰᠠᠨ ᠡᠪᠡᠰᠦ ᠨᠣᠭᠣᠭ᠎ᠠ ᠪᠢᠴᠠᠷᠠᠨ ᠦᠢᠷᠡᠮᠡᠭᠰᠢᠵᠦ᠂ ᠲᠡᠷᠡ ᠬᠦ᠌ ᠲᠣᠭᠣᠰᠣ ᠨᠢ ᠢᠷᠡᠬᠦ ᠴᠠᠭ  ᠤ᠋ᠨ ᠰᠢᠭᠦᠰᠦ ᠪᠣᠯᠬᠤ ᠪᠠᠷ ᠴᠢᠭᠢᠭᠲᠦ  ᠬᠦᠷᠦᠰᠦᠨ᠎ᠡ ᠲᠠᠷᠬᠠᠵᠤ ᠪᠠᠢᠪᠠᠢ᠃ 

ᠠᠷᠪᠠᠨ ᠨᠠᠢ᠍ᠮᠠ
 ᠲᠠᠷᠢᠶᠠᠴᠢᠳ ᠤ᠋ᠨ ᠬᠦᠷᠢᠶᠡᠨ ᠳ᠋ᠦ᠍ ᠭᠠᠯ ᠪᠠᠳᠠᠷᠠᠵᠤ ᠱᠤᠤᠳᠤᠤ ᠳᠠᠭᠠᠭᠠᠳ ᠲᠦᠳᠡᠭ ᠤᠯᠠᠯᠵᠠᠬᠤ ᠨᠢ ᠭᠠᠯᠳᠠᠨ ᠨᠠᠳᠠᠳᠤ ᠳᠠᠩᠴᠤ ᠤᠢᠳᠬᠠᠷ ᠲᠠᠢ᠂ ᠬᠦᠯᠢᠶᠡᠭᠰᠡᠨ ᠴᠠᠭ ᠬᠡᠳᠦᠢ ᠳ᠋ᠦ᠍ ᠢᠷᠡᠬᠦ ᠶ᠋ᠢ ᠳᠠᠭᠠᠬᠤ ᠳ᠋ᠤ᠌ ᠨᠡᠩ ᠪᠡᠷᠬᠡ ᠪᠦᠦᠳᠡᠭᠡᠷ ᠰᠥᠨᠢ ᠪᠣᠯᠤᠯ᠎ᠠ᠃ ᠮᠣᠷᠢᠳ ᠡᠪᠡᠰᠦ ᠨᠣᠭᠣᠭ᠎ᠠ ᠬᠠᠵᠠᠯᠠᠵᠤ᠂ ᠬᠠᠷᠠᠭᠤᠯ ᠤ᠋ᠨ ᠬᠥᠯ ᠦ᠋ᠨ ᠴᠢᠮᠡᠭᠡ ᠣᠢᠷᠠᠳᠴᠤ ᠬᠣᠯᠠᠳᠤᠨ᠎ᠠ᠃ ᠬᠠᠷᠬᠢᠷ᠎ᠠ ᠶ᠋ᠢᠨ ᠣᠷᠣᠢ ᠠ᠋ᠴᠠ ᠪᠤᠳᠠᠩ ᠰᠠᠯᠵᠤ᠂ ᠪᠦᠷᠭᠦᠳ ᠦ᠋ᠨ ᠲᠣᠭᠰᠢᠨ ᠮᠠᠩᠨᠠᠢ ᠮᠡᠲᠦ ᠣᠷᠭᠢᠯ ᠨᠢ ᠲᠩᠷᠢ ᠲᠠᠮᠠᠭᠠᠯᠠᠵᠠᠢ᠃ ᠠᠭᠤᠯᠠᠰ ᠤ᠋ᠨ ᠰᠦᠷ ᠬᠥᠮᠦᠨ ᠦ᠌ ᠵᠢᠷᠦᠬᠡᠨ ᠳ᠋ᠦ᠍ ᠪᠠᠢᠳᠠᠭ  ᠢ᠋ ᠬᠠᠭᠠᠨ ᠬᠡᠳᠦᠢᠨᠡᠢ ᠮᠡᠳᠡᠵᠡᠢ᠃
ᠲᠠᠷᠢᠶᠠᠴᠢᠨ ᠣᠲᠣᠭ ᠤ᠋ᠨ ᠣᠯᠵᠠ ᠶ᠋ᠢᠨ ᠡᠮ᠎ᠡ ᠶ᠋ᠢ ᠪᠢ ᠳᠤᠷ᠎ᠠ ᠦᠭᠡᠢ ᠳ᠋ᠡᠭᠡᠨ ᠠᠷᠴᠠ ᠳ᠋ᠤ᠌ ᠥᠭᠭᠦᠭᠡ ᠦᠭᠡᠢ ᠪᠢᠯᠡ᠃    ᠬᠢᠪᠯᠡᠭᠦᠷ ᠰᠡᠬᠦᠬᠦ  ᠳ᠋ᠦ᠍ ᠤᠨᠤᠵᠤ ᠬᠠᠷᠠᠭᠰᠠᠨ ᠡᠷ᠎ᠡ ᠨᠢ ᠠᠷᠴᠠ ᠪᠠᠢᠭᠰᠠᠨ ᠢ᠋ ᠬᠠᠭᠠᠨ ᠠᠮᠵᠢᠭᠰᠠᠨ ᠶᠤᠮᠰᠠᠨᠵᠠᠢ᠃ ᠨᠣᠮᠣᠨ  ᠬᠦᠮᠦᠰᠭᠡᠲᠦ ᠬᠦᠴᠦᠷᠬᠡᠭ ᠵᠠᠩᠵᠤᠨ ᠠᠷᠴᠠ ᠬᠢᠪᠯᠡᠭᠥᠷᠲᠥ ᠬᠡᠦᠬᠡᠨ ᠢ᠋ ᠠᠮᠤᠭᠤᠯᠠᠩ ᠴᠡᠩᠭᠡᠭᠦᠯᠵᠦ ᠪᠣᠢ ᠪᠢᠯᠡ᠃ ᠠᠶᠠᠨ ᠤ᠋ ᠲᠣᠭᠣᠰᠣᠨ ᠠ᠋ᠴᠠ ᠬᠡᠳᠦᠢ ᠳ᠋ᠦ᠍ ᠰᠠᠯᠵᠤ᠂ ᠬᠤᠷᠴᠠ ᠰᠡᠯᠡᠮ᠎ᠡ ᠪᠡᠨ ᠬᠡᠷᠬᠢᠨ ᠬᠤᠢᠯᠠᠬᠤ ᠶ᠋ᠢ ᠭᠠᠯᠳᠠᠨ ᠳᠠᠭᠠᠬᠤ ᠪᠠᠷ ᠡᠷᠡᠮᠡᠯᠵᠡᠭᠰᠡᠨ ᠦᠭᠡᠢ᠃ ᠡᠪᠦᠭᠡᠳ ᠦ᠋ᠨ ᠬᠠᠯᠠᠭᠤᠨ ᠴᠢᠰᠤ᠂ ᠵᠣᠷᠢᠮᠠᠭ ᠠᠷᠠᠨᠰᠢᠨ ᠲᠠᠢᠪᠤᠩ ᠰᠠᠭᠤᠯᠭᠠᠳᠠᠭ ᠦᠭᠡᠢ ᠶ᠋ᠢ ᠲᠡᠷᠡ ᠪᠡᠷ ᠮᠡᠳᠡᠳᠡᠭ  ᠶᠤᠮ᠃ 
ᠬᠠᠷᠢ ᠤᠭᠰᠠᠭ᠎ᠠ ᠶ᠋ᠢᠨ ᠬᠡᠦᠬᠡᠨ ᠮᠡᠳᠡᠭᠡᠵᠢ ᠲᠠᠷᠢᠶᠠᠨ ᠳᠤᠮᠳᠠ ᠥᠰᠴᠦ ᠥᠨᠳᠡᠢᠭᠰᠡᠨ ᠪᠠᠢᠵᠠᠢ᠃ ᠭᠠᠯᠳᠠᠨ ᠬᠠᠭᠠᠨ ᠳ᠋ᠤ᠌ ᠥᠨᠳᠥᠷ ᠭᠡᠭᠡᠨ ᠵᠠᠨᠠᠪᠠᠽᠠᠷ ᠤ᠋ᠨ ᠪᠤᠷᠬᠠᠳ ᠤ᠋ᠨ ᠪᠡᠯᠬᠡᠭᠦᠰᠦ᠂ ᠤᠷᠠᠨ ᠵᠠᠪᠢᠯᠠᠭ᠎ᠠ᠂ ᠬᠡᠭᠡᠨᠴᠢᠷ ᠬᠢᠮᠤᠰᠤ ᠲᠠᠢ  ᠰᠦᠮᠪᠦᠨ ᠬᠤᠷᠤᠭᠤ ᠬᠡᠨ ᠦ᠌ ᠬᠢ ᠪᠣᠢ ᠭᠡᠵᠦ ᠪᠣᠳᠣᠭᠳᠠᠨ᠎ᠠ᠃
ᠠᠮᠢᠨ᠎ᠠ ᠪᠣᠯ ᠰᠢᠭᠦᠳᠡᠷᠢ ᠳ᠋ᠦ᠍ ᠨᠣᠷᠤᠭᠰᠠᠨ ᠴᠡᠴᠡᠭ ᠪᠢᠯᠡ᠃ ᠠᠮᠢᠨ᠎ᠠ ᠶ᠋ᠢᠨ ᠤᠷᠤᠭᠤᠯ ᠪᠠᠯ ᠲᠦᠷᠬᠢᠭᠰᠡᠨ ᠮᠡᠲᠦ ᠥᠩᠭᠡᠯᠢᠭ ᠪᠠᠢᠯ᠎ᠠ᠃ ᠬᠠᠢᠷᠠᠯᠠᠬᠤ ᠶ᠋ᠢᠨ ᠵᠠᠶᠠᠭᠠᠨ ᠳ᠋ᠤ᠌ ᠲᠥᠷᠥᠭᠰᠡ ᠪᠣᠭᠳᠠ ᠯᠠᠮᠠ ᠯᠤᠤᠰ ᠤ᠋ᠨ ᠬᠠᠷᠰᠢ ᠳ᠋ᠠᠭᠠᠨ ᠪᠤᠷᠬᠠᠨ ᠤᠷᠠᠯᠠᠵᠤ ᠰᠠᠭᠤᠨ᠎ᠠ᠃ ᠨᠠᠷᠢᠬᠠᠨ ᠬᠤᠷᠴᠠ ᠴᠥᠭᠥᠴᠡ ᠪᠡᠷ ᠠᠯᠲᠠᠨ ᠤ᠋ ᠰᠤᠳᠠᠯ ᠠ᠋ᠴᠠ ᠬᠤᠢᠯᠠᠷᠠᠭᠤᠯᠤᠨ ᠨᠢᠮᠭᠡᠨ ᠨᠢᠮᠭᠡᠨ ᠵᠣᠷᠭᠣᠳᠠᠰᠤ ᠠᠪᠴᠤ ᠪᠤᠷᠬᠠᠨ ᠤ᠋ ᠭᠠᠭᠴᠠ ᠬᠤᠪᠢ ᠬᠣᠣᠰ ᠦᠭᠡᠢ ᠳᠦᠷᠢ ᠶ᠋ᠢ ᠪᠣᠭᠳᠠ ᠯᠠᠮᠠ ᠤᠷᠠᠯᠠᠨ᠎ᠠ᠃ ᠠᠮᠢᠨ᠎ᠠ ᠶ᠋ᠢ ᠲᠡᠭᠦᠨ ᠳ᠋ᠦ᠍ ᠯᠤᠤᠰ ᠬᠠᠢᠷᠠᠯᠠᠵᠠᠢ᠃ ᠨᠢᠭᠡᠨ ᠴᠠᠭ ᠲᠤ᠌ ᠠᠮᠢᠨ᠎ᠠ ᠲᠠᠢ ᠤᠴᠠᠷᠠᠬᠤ ᠮᠡᠲᠦ ᠰᠤᠪᠢᠨ ᠭᠠᠯᠳᠠᠨ ᠳ᠋ᠤ᠌ ᠲᠠᠲᠠᠭᠰᠠᠨ ᠦᠭᠡᠢ᠃
 ᠰᠢᠷᠭᠠᠯ ᠲᠤᠶᠠᠭᠠᠨ ᠳᠣᠲᠣᠷ᠎ᠠ ᠠᠮᠢᠨ᠎ᠠ ᠶᠠᠪᠤᠵᠤ ᠪᠠᠢᠯ᠎ᠠ᠃ ᠪᠣᠳᠢ᠂ ᠤᠳᠠ᠂ ᠽᠠᠨᠳᠠᠨ ᠮᠣᠳᠣᠨ ᠤ᠋ ᠦᠨᠳᠦᠰᠦ ᠳᠤᠮᠳᠠᠭᠤᠷ ᠰᠦᠯᠵᠢᠨ᠂ ᠤᠷᠤᠰᠬᠠᠯ ᠭᠣᠷᠣᠬ᠎ᠠ ᠶ᠋ᠢᠨ ᠠᠷᠢᠭᠤᠨ ᠤᠰᠤ ᠪᠠᠷ ᠪᠤᠷᠬᠠᠨ ᠢ᠋ᠶ᠋ᠠᠨ ᠤᠬᠢᠶᠠᠵᠤ᠂ ᠭᠡᠷᠡᠯ ᠰᠡᠭᠦᠳᠡᠷ ᠦᠭᠡᠢ ᠲᠡᠷᠡ ᠣᠷᠴᠢᠨ ᠳ᠋ᠤ᠌ ᠵᠥᠪᠬᠡᠨ ᠥᠨᠳᠥᠷ ᠭᠡᠭᠡᠨ᠂ ᠠᠮᠢᠨ᠎ᠠ ᠪᠦᠰᠡᠭᠦᠢ ᠶ᠋ᠢ ᠨᠢᠳᠦ ᠰᠡᠳᠬᠢᠯ ᠳ᠋ᠡᠭᠡᠨ ᠪᠠᠭᠤᠯᠭᠠᠨ ᠤᠯᠠᠮ ᠢ᠋ᠶ᠋ᠠᠷ  ᠴᠠᠭᠠᠰᠤᠨ᠎ᠠ ᠵᠢᠷᠤᠵᠤ᠂ ᠰᠦᠨᠡᠰᠦᠨ ᠦ᠌ ᠶᠢᠷᠲᠢᠨᠴᠦ ᠭᠡᠮᠡᠷ ᠠᠬᠤᠢ ᠳ᠋ᠤ᠌ ᠠᠮᠢᠳᠤᠷᠠᠨ᠎ᠠ᠃
 ᠬᠡᠷᠪᠡ ᠪᠢ ᠨᠢᠳᠦ ᠪᠡᠷ ᠬᠠᠷᠠᠭ᠎ᠠ ᠦᠭᠡᠢ ᠰᠠᠨ ᠪᠣᠯ ᠥᠨᠳᠥᠷ ᠭᠡᠭᠡᠨ ᠦ᠌ ᠡᠨᠡ ᠬᠦ᠌ ᠶᠡᠷᠦ ᠪᠤᠰᠤ ᠶ᠋ᠢᠨ ᠠᠮᠢᠳᠤᠷᠠᠯ ᠢ᠋ ᠣᠢᠯᠠᠭᠠᠬᠤ ᠦᠭᠡᠢ ᠪᠠᠢᠭᠰᠠᠨ᠃ ᠨᠣᠮ ᠶᠡᠬᠡᠲᠡᠢ ᠯᠠᠮᠠ ᠠᠲᠠᠯ᠎ᠠ ᠬᠡᠦᠬᠡᠳ ᠦ᠋ᠨ ᠴᠠᠢᠯᠭᠠᠨ ᠰᠡᠳᠬᠢᠯ ᠢ᠋ᠶ᠋ᠡᠷ ᠠᠮᠢᠳᠤᠷᠠᠬᠤ ᠨᠢ ᠪᠤᠰᠤᠷᠮᠠᠭ ᠠ᠋ᠴᠠ ᠶᠠᠭᠤᠲᠠᠢ ᠬᠣᠯᠠ ᠪᠢᠯᠡ᠃
 ᠭᠡᠲᠡᠯ᠎ᠡ  ᠬᠢᠪᠯᠡᠭᠦᠷᠲᠦ ᠰᠡᠷᠢᠭᠦᠯ ᠲᠠᠭᠠᠷᠠᠯ᠎ᠠ᠃ ᠰᠡᠷᠢᠭᠦᠯ ᠪᠥᠭᠡᠰᠦ ᠬᠠᠷ᠎ᠠ ᠰᠢᠪᠠᠭᠤ ᠶᠤᠮ᠃ ᠬᠠᠷᠢᠨ ᠠᠮᠢᠨ᠎ᠠ ᠪᠣᠯ ᠠᠯᠲᠠᠨ ᠤ᠋ ᠰᠤᠳᠠᠯ ᠢ᠋ᠶ᠋ᠠᠷ ᠵᠢᠷᠢᠯᠵᠡᠬᠦ ᠤᠷᠤᠰᠬᠠᠯ ᠤᠰᠤ ᠶᠤᠮ᠃
ᠯᠠᠮᠠ ᠭᠠᠯᠳᠠᠨ ᠣᠷᠣᠨ ᠵᠠᠢ᠂ ᠴᠠᠭ ᠬᠤᠭᠤᠴᠠᠭᠠᠨ ᠤ᠋ ᠲᠡᠩᠴᠡᠭᠦᠷᠢ ᠪᠡᠷ ᠵᠡᠭᠦᠨᠭᠠᠷ ᠤ᠋ᠨ ᠭᠦᠷᠦᠨ ᠤᠯᠤᠰ ᠢ᠋ᠶ᠋ᠠᠨ ᠮᠠᠨᠵᠤ ᠣᠷᠣᠰ ᠬᠣᠶᠠᠷ ᠭᠦᠷᠦᠨ ᠦ᠌ ᠬᠠᠪᠴᠢᠯᠠᠭ᠎ᠠ ᠠ᠋ᠴᠠ ᠬᠥᠨᠳᠡᠢ ᠪᠠᠢᠯᠭᠠᠬᠤ ᠶ᠋ᠢᠨ ᠲᠤᠯᠠᠳᠠ ᠵᠣᠷᠢᠭᠯᠠᠵᠤ ᠶᠠᠪᠤᠨ᠎ᠠ᠃ ᠯᠠᠮᠠ ᠭᠠᠯᠳᠠᠨ ᠳ᠋ᠤ᠌ ᠬᠠᠯᠠᠭᠯᠠᠨ ᠤᠬᠢᠯᠠᠬᠤ ᠡᠳᠦᠷ ᠲᠠᠭᠠᠷᠠᠨ᠎ᠠ᠃ ᠬᠠᠷᠢᠨ ᠬᠠᠭᠠᠨ ᠭᠠᠯᠳᠠᠨ ᠣᠮᠣᠭ ᠪᠠᠷᠳᠠᠮ ᠪᠢᠯᠡ᠃
 ᠥᠨᠳᠥᠷ ᠭᠡᠭᠡᠨ ᠬᠥᠮᠦᠨ ᠦ᠌ ᠠᠮᠢᠳᠤᠷᠠᠯ ᠠ᠋ᠴᠠ ᠲᠠᠰᠤᠷᠠᠨ ᠪᠤᠷᠬᠠᠨ ᠮᠡᠲᠦ ᠰᠠᠭᠤᠭ᠎ᠠ ᠨᠢ ᠭᠠᠯᠳᠠᠨ ᠳ᠋ᠤ᠌ ᠥᠷᠥᠭᠡᠰᠦᠯ ᠰᠠᠨᠠᠭᠳᠠᠪᠠᠴᠤ ᠵᠣᠪᠠᠯᠠᠩ ᠵᠢᠷᠭᠠᠯ ᠬᠣᠶᠠᠷ ᠤ᠋ᠨ ᠠᠯᠢ ᠨᠢ ᠲᠡᠭᠦᠨ ᠳ᠋ᠦ᠍ ᠱᠦᠭᠯᠡᠭᠰᠡᠨ  ᠢ᠋ ᠬᠡᠨ ᠮᠡᠳᠡᠨ᠎ᠡ᠃ ᠨᠢᠯᠪᠤᠰᠤ᠂ ᠦᠬᠦᠯ᠂ ᠬᠡᠦᠬᠡᠨ᠂ ᠳᠠᠷᠠᠰᠤ ᠶ᠋ᠢᠨ ᠠᠮᠲᠠ ᠶ᠋ᠢ ᠪᠣᠭᠳᠠ ᠯᠠᠮᠠ ᠬᠦᠷᠲᠡᠵᠦ ᠮᠡᠳᠡᠭᠡ ᠦᠭᠡᠢ ᠨᠢ ᠭᠠᠯᠳᠠᠨ ᠳ᠋ᠤ᠌ ᠭᠤᠨᠢᠭ ᠲᠠᠢ ᠰᠠᠨᠠᠭᠳᠠᠨ᠎ᠠ᠃ ᠭᠠᠯᠳᠠᠨ ᠲᠩᠷᠢ ᠲᠠᠮᠠᠭᠠᠯᠠᠭᠰᠠᠨ ᠠᠭᠤᠯᠠ ᠶ᠋ᠢᠨ ᠰᠦᠷ  ᠢ᠋ ᠬᠠᠷᠠᠵᠤ ᠬᠢᠷᠭᠠᠰᠤ ᠶ᠋ᠢᠨ ᠬᠣᠩᠬᠣᠷ ᠲᠤ᠌ ᠤᠰᠤ ᠦᠨᠦᠷᠲᠦᠨ ᠦᠦᠷ ᠴᠠᠢᠲᠠᠯ᠎ᠠ ᠵᠣᠭᠰᠣᠪᠠ᠃

 ᠠᠷᠪᠠ ᠶᠢᠰᠦ
ᠨᠦᠭᠡᠴᠡᠯᠡᠭᠦᠷ ᠦ᠋ᠨ ᠳᠡᠷᠭᠡᠳᠡ ᠬᠠᠭᠠᠨ ᠤ᠋ ᠲᠣᠷᠭᠠᠨ ᠴᠡᠷᠢᠭ ᠦ᠋ᠳ᠂ ᠣᠯᠵᠠᠯᠠᠭᠳᠠᠭᠰᠠᠨ ᠲᠠᠷᠢᠶᠠᠴᠢᠳ᠂ ᠳᠥᠷᠪᠡᠳ ᠬᠥᠭᠰᠢᠳ ᠪᠥᠭᠡᠮᠨᠡᠷᠡᠵᠡᠢ᠃ ᠨᠦᠬᠡ ᠶ᠋ᠢᠨ ᠠᠮᠠ ᠶ᠋ᠢ ᠠᠯᠬᠤᠮ ᠲᠡᠳᠦᠢᠬᠡᠨ ᠭᠠᠷᠭᠠᠵᠤ ᠲᠤᠯᠤᠮᠯᠠᠨ ᠣᠬᠣᠭᠰᠠᠨ ᠬᠥᠩᠬᠥᠭᠡᠷ ᠰᠠᠩ  ᠢ᠋ ᠲᠠᠷᠢᠶ᠎ᠠ ᠬᠠᠳᠠᠭᠠᠯᠠᠬᠤ  ᠨᠦᠭᠡᠴᠡᠯᠡᠭᠦᠷ ᠭᠡᠨ᠎ᠡ᠃ ᠲᠤᠯᠤᠮ ᠤ᠋ᠨ  ᠨᠦᠭᠡᠴᠡᠯᠡᠭᠦᠷ ᠲᠦ᠍ ᠲᠠᠷᠢᠶ᠎ᠠ᠂ ᠮᠢᠬ᠎ᠠ᠂ ᠵᠥᠭᠡᠬᠡᠢ ᠬᠠᠳᠠᠭᠠᠯᠠᠭᠳᠠᠬᠤ ᠠᠵᠢ᠃
 ᠳᠥᠷᠪᠡᠳ ᠡᠪᠦᠭᠡᠨ᠂
— ᠨᠦᠭᠡᠴᠡᠯᠡᠭᠦᠷ ᠲᠦ᠍ ᠭᠤᠷᠪᠠᠨ ᠵᠢᠯ ᠬᠠᠳᠠᠭᠠᠯᠠᠭᠰᠠᠨ ᠵᠥᠭᠡᠬᠡᠢ ᠣᠭᠲᠣ ᠮᠠᠭᠤᠳᠠᠭ᠎ᠠ ᠦᠭᠡᠢ  ᠶᠤᠮ᠃ ᠮᠥᠰᠥᠨ ᠬᠣᠩᠭᠢᠯ ᠳ᠋ᠤ᠌ ᠵᠥᠭᠡᠬᠡᠢ ᠬᠥᠯᠳᠡᠭᠦᠦ ᠬᠡᠪ ᠢ᠋ᠶ᠋ᠡᠷ ᠢ᠋ᠶ᠋ᠡᠨ ᠵᠤᠰᠠᠳᠠᠭ᠃
ᠨᠦᠬᠡᠴᠡᠯᠡᠭᠦᠷ  ᠦ᠋ᠨ ᠮᠢᠬ᠎ᠠ ᠪᠠᠰᠠ ᠮᠠᠭᠤᠳᠠᠬᠤ ᠦᠭᠡᠢ᠃ ᠬᠠᠷᠢᠨ ᠨᠦᠬᠡᠴᠡᠯᠡᠭᠦᠷ ᠦ᠋ᠨ ᠲᠠᠭ ᠢ᠋ ᠣᠩᠭᠣᠢᠯᠭᠠᠵᠤ ᠰᠠᠯᠬᠢ ᠣᠷᠣᠭᠤᠯᠵᠤ ᠪᠣᠯᠬᠤ ᠦᠭᠡᠢ᠃ ᠲᠡᠭᠡᠪᠡᠯ ᠲᠣᠰᠣ ᠦᠲᠦᠨ᠎ᠡ᠂ ᠮᠢᠬ᠎ᠠ ᠦᠮᠡᠬᠡᠢᠷᠡᠨ᠎ᠡ᠃ ᠲᠠᠷᠢᠶ᠎ᠠ ᠬᠠᠳᠠᠭᠠᠯᠠᠬᠤ ᠳ᠋ᠤ᠌ ᠲᠠᠯ᠎ᠠ ᠬᠡᠭᠡᠷ᠎ᠡ ᠭᠠᠵᠠᠷ ᠨᠦᠬᠡᠴᠡᠯᠡᠭᠦᠷ ᠪᠠᠢᠵᠤ ᠪᠣᠯᠤᠨ᠎ᠠ ᠭᠡᠮᠡᠨ ᠥᠴᠢᠵᠦ ᠪᠠᠢᠪᠠ᠃
ᠨᠣᠣᠷᠬᠠᠢ ᠬᠤᠪᠴᠠᠰᠤ ᠬᠤᠨᠠᠷ ᠲᠠᠢ᠂ ᠴᠢᠮᠡᠭ ᠵᠡᠭᠦᠯᠲᠡ ᠨᠢ ᠲᠠᠰᠤᠷᠠᠵᠤ  ᠰᠡᠨᠵᠡᠶ᠋ᠢᠭᠰᠡᠨ ᠪᠥᠬᠡ ᠬᠠᠨᠲᠠᠭᠠᠰᠤ ᠲᠠᠢ ᠡᠪᠦᠭᠡᠨ ᠨᠦᠬᠡᠴᠡᠯᠡᠭᠦᠷ ᠦ᠋ᠨ ᠬᠠᠷᠠᠩᠭᠤᠢ ᠠᠮᠠ ᠤᠷᠤᠭᠤ ᠥᠩᠭᠡᠢᠭᠰᠡᠨ ᠢ᠋ᠶ᠋ᠡᠨ᠂
—  ᠰᠡᠷᠢᠭᠦᠦ ᠲᠠᠲᠠᠵᠤ ᠪᠠᠢᠨ᠎ᠠ᠃ ᠪᠢ ᠬᠠᠯᠠᠭᠤᠨ ᠭᠠᠵᠠᠷ ᠤ᠋ᠨ ᠨᠦᠬᠡᠴᠡᠯᠡᠭᠦᠷ ᠦᠵᠡᠭᠰᠡᠨ᠃ ᠦᠽᠪᠧᠺ ᠦ᠋ᠨ ᠴᠠᠨᠲ᠋ᠦᠤ ᠢᠷᠭᠡᠳ ᠡᠭᠴᠡ ᠪᠣᠰᠤᠭ᠎ᠠ ᠨᠦᠬᠡ ᠤᠬᠤᠵᠤ ᠬᠠᠵᠠᠭᠤ ᠲᠠᠢᠰᠢ ᠨᠢ ᠠᠭᠤᠢ ᠮᠡᠲᠦ ᠮᠠᠯᠲᠠᠵᠤ ᠨᠦᠬᠡ ᠪᠡᠨ ᠪᠢᠲᠡᠭᠦᠯᠡᠵᠦ ᠲᠠᠭᠯᠠᠳᠠᠭ᠃ ᠨᠥᠭᠡᠴᠡ ᠪᠠᠢᠭ᠎ᠠ ᠭᠠᠵᠠᠷ ᠤ᠋ᠨ ᠳᠥᠷᠪᠡᠨ ᠵᠦᠭ ᠲᠦ᠍ ᠪᠠᠷᠢᠮᠵᠢᠶ᠎ᠠ ᠲᠡᠮᠳᠡᠭ ᠲᠠᠯᠪᠢᠭᠠᠳ ᠣᠭᠲᠣᠯᠤᠯᠴᠠᠯ ᠳᠡᠭᠡᠷ᠎ᠡ ᠨᠢ ᠨᠦᠬᠡᠴᠡᠯᠡᠭᠦᠷ ᠦ᠋ᠨ ᠠᠮᠠ ᠪᠠᠢᠳᠠᠭ ᠶᠤᠮ ᠭᠡᠮᠡᠨ ᠪᠥᠭᠡᠮᠨᠡᠷᠡᠭᠰᠡᠨ ᠣᠯᠠᠨ ᠤ᠋ ᠠᠮᠠ ᠶ᠋ᠢ ᠠᠩᠭᠠᠢᠯᠭᠠᠨ ᠥᠭᠦᠯᠡᠪᠡ᠃
ᠲᠡᠨᠦᠮᠡᠯ ᠡᠪᠦᠭᠡᠨ ᠭᠡᠨᠡᠳᠲᠡ ᠠᠷᠴᠠ ᠪᠠᠭᠠᠲᠤᠷ ᠢ᠋ ᠲᠠᠨᠢᠵᠤ᠂
—ᠳᠡᠮᠪᠡᠷᠢᠯ ᠵᠠᠩᠵᠤᠨ ᠤ᠋ ᠬᠥᠪᠡᠭᠦᠨ ᠭᠡᠮᠡᠨ ᠳᠠᠭᠤ ᠠᠯᠳᠠᠪᠠ᠃
—  ᠵᠢᠷᠦᠬᠡ ᠳᠠᠬᠢᠳᠠᠭ ᠪᠥᠬᠡ ᠭᠡᠵᠦ ᠠᠷᠴᠠ ᠪᠠᠭᠠᠲᠤᠷ ᠤᠤᠯᠭ᠎ᠠ ᠠᠯᠳᠠᠯ᠎ᠠ᠃ ᠳᠣᠮᠣᠭᠲᠤ ᠵᠠᠩᠵᠤᠨ ᠤ᠋ ᠵᠢᠷᠦᠬᠡ ᠶ᠋ᠢ ᠴᠡᠷᠢᠭ ᠦ᠋ᠳ ᠲᠦ᠍ ᠬᠤᠪᠢᠶᠠᠵᠤ ᠠᠮᠰᠠᠭᠤᠯᠤᠭᠰᠠᠨ ᠬᠣᠷᠵᠢᠯᠤ ᠪᠥᠬᠡ ᠳᠦᠷᠢ ᠪᠡᠷ ᠢ᠋ᠶ᠋ᠡᠨ ᠪᠠᠢᠪᠠ᠃ ᠨᠢᠭᠤᠷ ᠢ᠋ᠶ᠋ᠠᠨ ᠪᠢᠲᠡᠭᠦᠯᠡᠭᠰᠡᠨ  ᠭᠢᠪᠯᠡᠭᠦᠷ  ᠦ᠋ᠨ ᠵᠠᠪᠰᠠᠷ ᠢ᠋ᠶ᠋ᠠᠷ ᠰᠡᠷᠢᠭᠦᠯ ᠪᠥᠬᠡ ᠶ᠋ᠢ ᠬᠠᠷᠠᠭᠰᠠᠨ ᠢ᠋ᠶ᠋ᠠᠨ ᠲᠡᠩᠬᠡᠭᠡ ᠮᠡᠳᠡᠨ ᠴᠢᠷᠠᠯᠠᠪᠠ᠃ ᠲᠠᠸᠠᠴᠢ ᠠ᠋ᠴᠠ ᠶᠠᠯ᠎ᠠ ᠠᠰᠠᠭᠤᠬᠤ ᠳ᠋ᠤ᠌ ᠲᠡᠨᠳᠡ ᠬᠣᠷᠵᠢᠯᠤ  ᠪᠥᠬᠡ ᠪᠠᠢᠵᠠᠢ᠃ ᠰᠡᠷᠢᠭᠦᠯ ᠦ᠋ᠨ ᠴᠢᠷᠠᠯᠠᠭᠰᠠᠨ ᠤ᠋ ᠤᠴᠢᠷ ᠢ᠋ ᠠᠷᠴᠠ ᠪᠠᠭᠠᠲᠤᠷ ᠲᠡᠭᠦᠨ ᠡᠴᠡ ᠠᠰᠠᠭᠤᠬᠤ ᠳ᠋ᠤ᠌᠂
—   ᠲᠠᠨ ᠤ᠋ ᠪᠥᠬᠡ ᠴᠢᠳᠬᠥᠷ ᠰᠢᠭ ᠬᠠᠷᠠᠭᠳᠠᠭᠰᠠᠨ ᠭᠡᠵᠡᠢ᠃ ᠭᠠᠯᠳᠠᠨ ᠬᠠᠭᠠᠨ ᠴᠡᠢᠯᠡᠵᠦ ᠳᠠᠭᠤᠰᠤᠭᠠᠳ ᠲᠣᠷᠭᠠᠨ ᠴᠡᠷᠢᠭ ᠦ᠋ᠳ ᠦ᠋ᠨ ᠬᠠᠮᠲᠤ ᠨᠦᠬᠡᠴᠡᠯᠡᠭᠦᠷ ᠲᠦ᠍ ᠪᠥᠭᠡᠮᠨᠡᠷᠡᠭᠰᠡᠨ ᠬᠥᠮᠦᠰ ᠳᠡᠭᠡᠷ᠎ᠡ ᠣᠴᠢᠯ᠎ᠠ᠃ ᠶᠠᠳᠠᠭᠤ ᠨᠣᠣᠷᠬᠠᠢ ᠬᠤᠪᠴᠠᠰᠤ ᠲᠠᠢ  ᠬᠣᠷᠵᠢᠯᠤ ᠪᠥᠬᠡ ᠬᠠᠭᠠᠨ ᠢ᠋ ᠲᠠᠨᠢᠵᠤ᠂
—   ᠬᠠᠭᠠᠨᠲᠠᠨ ᠠᠮᠤᠭᠤᠯᠠᠩ ᠮᠣᠷᠢᠯᠠᠵᠤ ᠶᠠᠪᠤᠨ᠎ᠠ ᠤᠤ? ᠭᠡᠳ ᠮᠥᠯᠬᠥᠪᠡ᠃
—  ᠶᠠᠳᠠᠷᠠᠭᠰᠠᠨ ᠪᠥᠬᠡ ᠳ᠋ᠦ᠍ ᠣᠨᠣᠯᠭ᠎ᠠ ᠶ᠋ᠢᠨ ᠮᠣᠷᠢ᠂ ᠠᠴᠢᠶ᠎ᠠ ᠶ᠋ᠢᠨ ᠲᠡᠮᠡᠭᠡ ᠥᠭᠭᠦᠭᠲᠤᠨ! ᠨᠦᠬᠡᠴᠡᠯᠡᠭᠦᠷ ᠶᠠᠮᠠᠷ ᠪᠣᠯᠵᠤ ᠪᠠᠢᠬᠤ ᠪᠣᠢ? ᠳᠡᠯᠡᠬᠡᠢ ᠳᠠᠢᠳᠤ ᠪᠠᠷ ᠭᠡᠷᠦᠨ ᠭᠡᠰᠦᠭᠴᠢ ᠪᠥᠬᠡ ᠵᠠᠢᠷᠠᠩ ᠭᠤᠸᠠᠢ ᠶᠠᠭᠤᠮ᠎ᠠ ᠦᠵᠡᠵᠦ ᠨᠢᠳᠦ ᠲᠠᠢᠯᠤᠭᠰᠠᠨ ᠪᠠᠢᠵᠤ ᠲᠠᠭᠠᠷᠠᠨ᠎ᠠ ᠭᠡᠵᠦ ᠭᠠᠯᠳᠠᠨ ᠠᠰᠠᠭᠤᠯ᠎ᠠ᠃  ᠬᠣᠷᠵᠢᠯᠤ ᠪᠥᠬᠡ᠂
—  ᠰᠡᠷᠢᠭᠦᠦ ᠲᠠᠲᠠᠭᠠᠳ ᠪᠠᠢᠨ᠎ᠠ᠂ ᠰᠠᠢᠨ ᠨᠥᠬᠡᠴᠡᠯᠡᠭᠦᠷ ᠪᠠᠢᠨ᠎ᠠ᠃ ᠭᠠᠵᠠᠷ ᠤ᠋ᠨ  ᠮᠡᠷᠡᠭᠴᠢ ᠠᠮᠢᠲᠠᠨ ᠠ᠋ᠴᠠ ᠬᠠᠮᠠᠭᠠᠯᠠᠬᠤ ᠶ᠋ᠢᠨ ᠲᠤᠯᠠᠳᠠ ᠬᠠᠷ᠎ᠠ ᠰᠢᠪᠠᠭ ᠢ᠋ᠶ᠋ᠠᠷ ᠴᠢᠭᠵᠢᠭᠡᠰᠤ ᠬᠢᠪᠡᠯ ᠦᠨᠦᠷ ᠲᠦ᠋ᠨᠢ ᠣᠢᠷᠠᠳᠳᠠᠭ ᠦᠭᠡᠢ  ᠶᠤᠮ ᠭᠡᠯ᠎ᠡ᠃
《ᠬᠣᠷᠵᠢᠯᠤ  ᠪᠥᠬᠡ ᠶ᠋ᠢᠨ ᠳᠠᠷᠳᠠᠭ ᠲᠠᠭᠠᠨ ᠲᠤᠯᠤᠭᠰᠠᠨ ᠨᠢᠭᠤᠷ ᠴᠢᠷᠠᠢ ᠴᠢᠳᠬᠥᠷ ᠦ᠋ᠨ ᠳᠦᠷᠢ ᠲᠡᠢ ᠪᠣᠯᠵᠠᠢ᠃ ᠡᠨᠡ ᠪᠥᠬᠡ ᠴᠣᠷᠣᠰ ᠤ᠋ᠨ ᠶᠡᠬᠡ ᠬᠦᠷᠢᠶ᠎ᠡ ᠲᠠᠢᠰᠢ ᠣᠴᠢᠪᠠᠯ ᠤᠴᠢᠭ᠃ ᠴᠤᠤ ᠲᠠᠷᠬᠠᠭᠠᠬᠤ ᠳ᠋ᠠᠭᠠᠨ ᠭᠠᠷᠭᠠᠭᠤᠳ ᠶᠤᠮ᠃ ᠵᠥᠷᠢᠭᠦᠳ ᠵᠠᠩᠳᠠᠨ  ᠢ᠋ ᠨᠣᠮᠣᠬᠠᠳᠬᠠᠬᠤ ᠳ᠋ᠤ᠌ ᠲᠤᠰᠠ ᠲᠠᠢ ᠪᠣᠢ ᠵ᠋᠎ᠠ 》 ᠭᠡᠮᠡᠨ ᠬᠠᠭᠠᠨ ᠪᠣᠳᠣᠭᠠᠳ᠂
—  ᠬᠣᠷᠵᠢᠯᠤ  ᠪᠥᠬᠡ ᠮᠠᠨ ᠤ᠋ ᠬᠥᠰᠬᠡ ᠨᠡᠭᠦᠳᠡᠯ ᠲᠡᠢ ᠴᠣᠭ ᠶᠡᠬᠡ ᠬᠦᠷᠢᠶᠡᠨ ᠳ᠋ᠦ᠍ ᠣᠴᠢᠭᠠᠷᠠᠢ ᠭᠡᠵᠦ ᠨᠠᠢᠷᠰᠠᠭ ᠢ᠋ᠶ᠋ᠠᠷ ᠥᠭᠦᠯᠡᠪᠡ᠃ ᠬᠠᠭᠠᠨ ᠤ᠋ ᠨᠠᠢᠷᠰᠠᠭ ᠦᠭᠡ ᠰᠡᠷᠢᠭᠦᠯ ᠬᠡᠮᠡᠬᠦ ᠢᠯᠳᠠᠮᠬᠠᠨ ᠪᠦᠰᠡᠭᠦᠢ ᠶ᠋ᠢᠨ ᠵᠢᠷᠦᠬᠡ ᠤᠷᠤᠭᠤ ᠬᠠᠳᠬᠤᠵᠠᠢ᠃
ᠬᠣᠷᠵᠢᠯᠤ  ᠪᠥᠬᠡ ᠶ᠋ᠢᠨ ᠠᠮᠢ ᠰᠡᠷᠢᠭᠦᠯ ᠦ᠋ᠨ ᠬᠠᠯᠠᠭᠠᠰᠤᠨ ᠳ᠋ᠠᠭᠠᠨ ᠣᠶᠣᠵᠤ ᠬᠠᠳᠠᠭᠠᠯᠠᠭᠰᠠᠨ ᠪᠢᠴᠢᠬᠠᠨ ᠴᠢᠴᠢᠯᠡᠭᠦᠷ ᠬᠢᠲᠤᠭᠠᠨ ᠤ᠋  ᠢᠷ  ᠲᠤ᠌ ᠲᠣᠷᠴᠤ ᠪᠠᠢᠯ᠎ᠠ᠃ ᠬᠢᠷᠭᠠᠰᠤ ᠨᠠᠭᠤᠷ ᠤ᠋ᠨ ᠠᠭᠤᠳᠠᠮ ᠬᠥᠨᠳᠡᠢ ᠡᠴᠡ ᠭᠠᠯᠳᠠᠨ ᠬᠠᠭᠠᠨ ᠤ᠋ ᠲᠣᠷᠭᠠᠨ ᠴᠡᠷᠢᠭ ᠦ᠋ᠳ ᠬᠥᠳᠡᠯᠵᠦ ᠲᠡᠳᠡᠨ ᠢ᠋ ᠳᠠᠭᠠᠯᠳᠤᠭᠠᠳ ᠲᠡᠮᠡᠭᠡᠨ ᠬᠥᠰᠬᠡ ᠬᠥᠳᠡᠯᠦᠨ᠎ᠡ᠃ ᠰᠡᠷᠢᠭᠦᠯ ᠱᠠᠭᠠᠨᠲᠤ ᠴᠢᠮᠥᠭᠡ ᠶ᠋ᠢᠨ ᠲᠣᠯᠣᠭᠠᠢ ᠰᠢᠭ᠋ ᠨᠢᠭᠤᠷ ᠴᠢᠷᠠᠢ ᠲᠠᠢ  ᠬᠣᠷᠵᠢᠯᠤ  ᠶ᠋ᠢ ᠵᠥᠭᠡᠵᠦ ᠶᠠᠪᠤᠯ᠎ᠠ᠃
 

ᠬᠣᠷᠢ

 ᠢᠨᠠᠭ ᠠᠮᠠᠷᠠᠭ ᠤ᠋ᠨ ᠪᠠᠯ ᠠᠮᠰᠠᠵᠤ ᠨᠢᠯᠪᠤᠰᠤ ᠮᠡᠯᠲᠡᠯᠵᠡᠭᠦᠯᠦᠨ ᠬᠣᠨᠣᠭᠰᠠᠨ ᠰᠡᠷᠢᠭᠦᠯ ᠪᠦᠰᠡᠭᠦᠢ ᠶ᠋ᠢᠨ ᠭᠢᠪᠯᠡᠭᠦᠷ  ᠢ᠋ ᠠᠷᠴᠠ ᠪᠠᠭᠠᠲᠤᠷ ᠬᠠᠤ ᠲᠠᠲᠠᠵᠤ ᠼᠠᠮᠪᠤᠭᠠᠷᠪᠤ ᠶ᠋ᠢᠨ ᠴᠠᠭᠠᠨ ᠰᠠᠯᠬᠢᠨ ᠳ᠋ᠤ᠌ ᠬᠡᠢᠰᠬᠡᠪᠡ᠃ ᠲᠡᠭᠦᠨ ᠦ᠌ ᠳᠡᠰ ᠬᠠᠷ᠎ᠠ ᠦᠰᠦ ᠨᠢ ᠵᠠᠳᠠᠭᠠᠢ ᠠᠰᠬᠠᠷᠠᠵᠤ ᠰᠠᠯᠬᠢᠨ ᠳ᠋ᠤ᠌ ᠨᠠᠮᠢᠷᠠᠬᠤ ᠳ᠋ᠤ᠌ ᠲᠠᠯᠲᠤ ᠬᠤᠷᠳᠤᠨ ᠬᠦᠯᠦᠭ ᠬᠤᠯᠠᠮᠠᠯᠵᠠᠨ ᠬᠢᠭᠤᠷᠰᠤ ᠲᠡᠳᠡᠨ ᠬᠤᠷᠳᠤᠯᠠᠨ᠎ᠠ᠃ ᠬᠡᠦᠬᠡᠨ ᠦ᠌ ᠲᠤᠨᠤᠮᠠᠯ ᠬᠠᠷ᠎ᠠ ᠨᠢᠳᠦ ᠨᠣᠢᠲᠠᠨ ᠪᠠᠢᠯ᠎ᠠ᠃ ᠲᠠᠷᠢᠶᠠᠴᠢᠨ ᠡᠴᠢᠭᠡ ᠶ᠋ᠢ ᠨᠢ ᠣᠯᠵᠠᠯᠠᠵᠤ ᠡᠬᠡ ᠥᠬᠢᠨ ᠬᠣᠶᠠᠷ ᠤ᠋ᠨ ᠨᠢᠳᠦᠨ ᠦ᠌ ᠡᠮᠦᠨ᠎ᠡ ᠵᠢᠷᠦᠬᠡ ᠶ᠋ᠢ ᠨᠢ ᠲᠠᠰᠤᠯᠤᠭᠰᠠᠨ ᠬᠣᠷᠵᠢᠯᠤ  ᠪᠥᠬᠡ ᠲᠡᠢ ᠤᠴᠠᠷᠠᠭᠰᠠᠨ ᠰᠡᠷᠢᠭᠦᠯ ᠦ᠋ᠨ ᠳᠣᠲᠣᠷ᠎ᠠ ᠵᠢᠪᠡᠬᠡᠢ ᠳᠠᠭᠠᠭᠠᠵᠠᠢ᠃  ᠠᠮᠠᠷᠬᠠᠯᠠᠬᠤ ᠶ᠋ᠢᠨ ᠬᠦᠰᠡᠯ ᠳ᠋ᠦ᠍ ᠠᠪᠲᠠᠭᠰᠠᠨ ᠠᠷᠴᠠ ᠪᠠᠭᠠᠲᠤᠷ᠂
— ᠴᠢ ᠭᠢᠪᠯᠡᠭᠦᠷ ᠲᠡᠭᠡᠨ ᠬᠠᠷᠠᠮᠰᠠᠪᠠ ᠤᠤ? ᠭᠡᠵᠦ ᠠᠰᠠᠭᠤᠬᠤ ᠳ᠋ᠤ᠌᠂
— ᠲᠠ ᠨᠠᠮᠠᠶ᠋ᠢ ᠡᠷᠬᠡ ᠴᠢᠯᠥᠭᠡ ᠲᠡᠢ ᠪᠣᠯᠭᠠᠯ᠎ᠠ ᠭᠡᠵᠦ ᠬᠡᠦᠬᠡᠨ ᠬᠠᠷᠢᠭᠤᠯᠪᠠ᠃
— ᠨᠠᠮᠠᠶ᠋ᠢ ᠡᠷ᠎ᠡ ᠨᠥᠬᠥᠷ ᠢ᠋ᠶ᠋ᠡᠨ ᠭᠡᠵᠦ ᠪᠣᠳᠣᠵᠤ ᠠᠪ᠃
— ᠬᠠᠷᠠᠮᠰᠠᠬᠤ ᠦᠭᠡᠢ ᠪᠣᠯ ᠲᠡᠭᠡᠶ᠎ᠡ᠃
— ᠶᠠᠭᠤᠨ ᠳ᠋ᠤ᠌᠁
— ᠪᠢ ᠴᠢᠨᠢ ᠬᠡᠦᠬᠡᠨ ᠪᠢᠰᠢ ᠡᠨᠡ ᠪᠡᠶ᠎ᠡ ᠪᠡᠷ ᠢ᠋ᠶ᠋ᠡᠨ ᠬᠣᠣᠷ ᠰᠢᠦ ᠳᠡ᠃
— ᠨᠠᠮᠠᠶ᠋ᠢ ᠮᠣᠬᠣᠭᠠᠬᠤ ᠰᠠᠨᠠᠭ᠎ᠠ ᠲᠠᠢ ᠬᠡᠯᠡᠨ᠎ᠡ ᠤᠤ?
— ᠬᠠᠷᠢ ᠡᠯᠢᠭᠡᠳᠡᠨ ᠳ᠋ᠦ᠍ ᠨᠠᠢᠷ ᠪᠢᠲᠡᠭᠡᠢ ᠳᠡᠯᠪᠢ ᠭᠡᠵᠦ ᠦᠽᠪᠧᠺ ᠴᠡᠴᠡᠨ ᠦᠭᠡ ᠪᠠᠢᠳᠠᠭ᠃
— ᠡᠷ᠎ᠡ ᠶ᠋ᠢᠨ ᠳᠣᠣᠷ᠎ᠠ ᠡᠮᠡᠰ ᠭᠡᠵᠦ ᠮᠣᠩᠭᠣᠯᠴᠤᠳ ᠶᠠᠷᠢᠳᠠᠭ᠃
— ᠳᠠᠷᠤᠯᠠᠵᠤ ᠪᠠᠢᠬᠤ ᠳ᠋ᠤ᠌ ᠠᠮᠠᠷ ᠭᠡᠵᠦ ᠲᠡᠷᠡ ᠤᠤ?
— ᠤᠭ ᠠ᠋ᠴᠠ ᠪᠠᠨ ᠡᠮᠡᠰ ᠨᠢ ᠬᠡᠦᠬᠡᠳ ᠲᠥᠷᠥᠭᠦᠯᠵᠦ ᠥᠰᠬᠡᠳᠡᠭ ᠪᠤᠰᠤ ᠤᠤ?
— ᠲᠠᠨ ᠤ᠋ ᠬᠣᠲᠠ ᠠᠢᠯ ᠤ᠋ᠨ ᠬᠡᠦᠬᠡᠨ ᠨᠦ᠍ᠭᠦᠳ ᠵᠢᠰᠦ ᠥᠭᠡᠷ᠎ᠡ ᠪᠣᠯᠬᠣᠷ ᠢ᠋ᠶ᠋ᠠᠨ ᠨᠠᠳᠠᠳᠤ ᠶᠠᠭᠠᠬᠢᠵᠤ ᠬᠠᠨᠳᠤᠬᠤ ᠪᠣᠯ᠂᠂᠂᠂
—  ᠰᠠᠢᠨ ᠬᠠᠨᠳᠤᠨ᠎ᠠ᠃ ᠯᠠᠪᠲᠠᠢ ᠪᠢ ᠮᠡᠳᠡᠵᠦ ᠪᠠᠢᠨ᠎ᠠ᠃
— ᠠᠷᠴᠠ ᠪᠠᠭᠠᠲᠤᠷ ᠲᠠ ᠡᠷᠭᠦᠯ ᠪᠠᠷᠢᠴᠠ ᠶ᠋ᠢᠨ ᠬᠡᠦᠬᠡᠨ ᠢ᠋ ᠪᠤᠰᠤᠳ ᠲᠤ᠌ ᠬᠤᠳᠠᠯᠳᠤᠵᠤ ᠪᠣᠯᠤᠨ᠎ᠠ ᠰᠢᠦ ᠳᠡ᠃
— ᠦᠭᠡᠢ᠂ ᠪᠢ ᠵᠢᠷᠦᠬᠡᠨ ᠳ᠋ᠡᠭᠡᠨ ᠨᠢᠯᠪᠤᠰᠤ ᠲᠠᠢ ᠡᠷ᠎ᠡ ᠬᠥᠮᠦᠨ᠃ ᠨᠠᠳᠠᠳᠤ ᠬᠥᠪᠡᠭᠦᠨ ᠲᠥᠷᠥᠭᠦᠯᠦᠭᠡᠳ ᠥᠭ᠃ ᠣᠯᠠᠨ ᠬᠡᠦᠬᠡᠳ ᠲᠥᠷᠥᠭᠦᠯᠬᠦ ᠳᠣᠳᠣᠮ ᠢ᠋ᠶ᠋ᠠᠨ ᠰᠡᠷᠢᠭᠦᠯ ᠴᠢ ᠦᠨ᠎ᠡ ᠳ᠋ᠦ᠍ ᠣᠷᠣᠨ᠎ᠠ᠃ ᠲᠡᠭᠷᠢ ᠶ᠋ᠢᠨ ᠬᠠᠢᠷ᠎ᠠ ᠶ᠋ᠢ ᠠᠮᠰᠠᠨ᠎ᠠ᠃
ᠠᠮᠠᠷᠠᠭ ᠤ᠋ᠨ ᠶᠠᠪᠤᠳᠠᠯ ᠳ᠋ᠤ᠌ ᠮᠠᠩᠰᠢᠭᠤᠷᠠᠭᠰᠠᠨ ᠠᠷᠴᠠ ᠪᠠᠭᠠᠲᠤᠷ ᠰᠡᠷᠢᠭᠦᠯ ᠪᠦᠰᠡᠭᠦᠢ ᠶ᠋ᠢ ᠦᠷᠭᠦᠭᠡᠨ ᠳ᠋ᠡᠭᠡᠨ ᠬᠥᠲᠥᠯᠦᠨ ᠣᠷᠣᠭᠤᠯᠤᠯ᠎ᠠ᠃ ᠴᠡᠷᠢᠭ ᠦ᠋ᠨ ᠪᠡᠬᠢᠯᠡᠯᠲᠡ ᠶ᠋ᠢᠨ ᠣᠢᠷᠠᠯᠴᠠᠭ᠎ᠠ ᠬᠠᠷ᠎ᠠ ᠡᠷᠴᠢᠰ ᠮᠥᠷᠡᠨ ᠦ᠌ ᠭᠦᠨ ᠴᠢᠳᠬᠤᠯᠠᠩ ᠤ᠋ᠨ ᠡᠷᠭᠢ ᠳᠡᠭᠡᠷ᠎ᠡ ᠠᠷᠴᠠ ᠶ᠋ᠢᠨ ᠥᠷᠭᠥᠭᠡ ᠭᠡᠷ ᠪᠠᠢᠬᠤ ᠪᠥᠯᠥᠭᠡ᠃《ᠭᠠᠯᠳᠠᠨ ᠬᠠᠭᠠᠨ ᠨᠠᠳᠠᠳᠤ ᠡᠬᠡᠨᠡᠷ ᠪᠡᠯᠡᠭᠯᠡᠪᠡ᠃ ᠬᠠᠭᠠᠨ ᠶᠠᠭᠤ ᠪᠣᠳᠣᠭᠰᠠᠨ ᠪᠣᠯ᠂ᠳᠡᠮᠪᠡᠷᠢᠯ ᠵᠠᠩᠵᠤᠨ ᠤ᠋ ᠦᠷ᠎ᠡ ᠰᠠᠳᠤ ᠲᠥᠷᠥᠭᠡᠰᠡᠢ ᠭᠡᠵᠦ ᠬᠦᠰᠡᠭᠰᠡᠨ ᠪᠢᠵᠡ᠃ ᠡᠴᠢᠭᠡ ᠶ᠋ᠢᠨ ᠴᠢᠨᠳᠠᠷ ᠢ᠋ ᡀᠠᠰᠠ  ᠦ᠌ ᠪᠤᠷᠬᠠᠨ ᠤ᠋ ᠬᠡᠢᠳ ᠲᠦ᠍ ᠪᠠᠢᠷᠢᠰᠢᠭᠤᠯᠬᠤ ᠳ᠋ᠤ᠌ ᠭᠠᠯᠳᠠᠨ ᠯᠠᠮᠠ ᠲᠡᠨᠳᠡ ᠱᠠᠪᠢᠯᠠᠨ ᠰᠠᠭᠤᠵᠤ ᠮᠠᠨᠢ ᠤᠩᠰᠢᠭᠰᠠᠨ᠃
 ᠪᠢ ᠭᠠᠯᠳᠠᠨ ᠬᠠᠭᠠᠨ ᠳ᠋ᠤ᠌ ᠵᠢᠳᠬᠦᠨ᠎ᠡ᠃ ᠴᠣᠷᠣᠰ ᠤᠭᠰᠠᠭᠠᠲᠠᠨ ᠮᠢᠨᠦ ᠥᠴᠦᠬᠡᠨ ᠠᠮᠢ ᠬᠠᠭᠠᠨ ᠤ᠋ ᠲᠥᠯᠥᠭᠡ ᠪᠢᠯᠡ》ᠭᠡᠮᠡᠨ ᠠᠷᠴᠠ ᠪᠠᠭᠠᠲᠤᠷ ᠮᠥᠷᠡᠨ ᠭᠣᠣᠯ ᠤ᠋ᠨ ᠢ᠋ᠶ᠋ᠠᠨ ᠤᠷᠤᠰᠬᠠᠯ ᠳ᠋ᠤ᠌ ᠪᠣᠳᠣᠯ ᠰᠡᠳᠬᠢᠯ ᠢ᠋ᠶ᠋ᠡᠨ ᠲᠡᠭᠡᠭᠡᠪᠡ᠃

 ᠬᠣᠷᠢᠨ ᠨᠢᠭᠡ

 ᠬᠣᠷᠵᠢᠯᠤ ᠪᠥᠬᠡ ᠶ᠋ᠢᠨ ᠲᠡᠨᠦᠭᠦᠯᠴᠢ ᠵᠠᠩ ᠬᠥᠳᠡᠯᠵᠦ᠂ ᠴᠣᠷᠣᠰ ᠠᠢᠮᠠᠭ ᠤ᠋ᠨ ᠶᠡᠬᠡ ᠬᠦᠷᠢᠶᠡᠨ ᠡᠴᠡ ᠶᠠᠪᠤᠬᠤ ᠪᠠᠷ ᠰᠢᠢᠳᠴᠡᠢ᠃ ᠵᠠᠢᠷᠠᠩ ᠪᠥᠬᠡ ᠶ᠋ᠢᠨ ᠬᠤᠪᠴᠠᠰᠤ ᠬᠠᠨᠲᠠᠭᠠᠰᠤ ᠶ᠋ᠢ ᠳᠠᠯᠢᠩᠪᠤᠤ ᠬᠡᠮᠡᠬᠦ ᠪᠥᠬᠡ ᠳᠠᠪᠤᠤ ᠪᠠᠷ ᠣᠶᠣᠵᠤ᠂ ᠬᠥᠮᠦᠨ ᠦ᠌ ᠬᠠᠪᠢᠷᠭ᠎ᠠ ᠰᠡᠭᠦᠵᠢ ᠶ᠋ᠢᠨ ᠶᠠᠰᠤ ᠪᠠᠷ ᠲᠣᠮ ᠬᠢᠵᠦ ᠪᠡᠬᠢᠯᠡᠵᠡᠢ᠃ ᠠᠯᠲᠠᠢ ᠶ᠋ᠢᠨ ᠴᠠᠰᠤᠲᠤ ᠣᠷᠣᠢ ᠶ᠋ᠢ ᠰᠢᠷᠲᠡᠵᠦ ᠰᠠᠨᠠᠭ᠎ᠠ ᠠᠯᠳᠠᠭᠰᠠᠨ  ᠬᠣᠷᠵᠢᠯᠤ  ᠪᠥᠬᠡ ᠡᠴᠡ ᠰᠡᠷᠢᠭᠦᠯ᠂
—  ᠪᠥᠬᠡ ᠬᠠᠮᠢᠭᠠᠰᠢ ᠪᠠᠨ ᠣᠳᠬᠤ ᠪᠠᠷ ᠵᠡᠬᠡᠨ᠎ᠡ ᠭᠡᠵᠦ ᠰᠢᠯᠭᠠᠪᠠ᠃ ᠬᠠᠷᠢ ᠴᠢᠰᠤᠨ ᠤ᠋ ᠦᠵᠡᠰᠬᠦᠯᠡᠩᠲᠦ ᠡᠮ᠎ᠡ ᠶ᠋ᠢ ᠬᠣᠷᠵᠢᠯᠤ ᠳᠤᠷᠠᠮᠵᠢᠬᠠᠨ ᠬᠠᠷᠠᠵᠤ᠂
—  ᠤᠷᠢᠶᠠᠩᠬᠠᠢ ᠶ᠋ᠢᠨ ᠬᠡᠪᠲᠡᠰᠢ ᠤᠷᠤᠭᠤ ᠶᠠᠪᠤᠨ᠎ᠠ ᠭᠡᠪᠡ᠃
— ᠡᠷᠭᠢᠵᠦ ᠢᠷᠡᠬᠦ ᠤᠤ?
— ᠨᠠᠰᠤ ᠬᠡᠪᠡᠢᠭᠰᠡᠨ ᠪᠣᠯᠬᠣᠷ ᠨᠤᠲᠤᠭ ᠲᠠᠭᠠᠨ ᠶᠠᠰᠤ ᠪᠠᠨ ᠲᠠᠯᠪᠢᠬᠤ ᠮᠢᠨᠢ᠂ ᠠᠮᠢᠳᠤᠷᠠᠯ ᠠ᠋ᠴᠠ ᠵᠠᠯᠬᠠᠯ᠎ᠠ᠃
—  ᠲᠠ ᠨᠠᠮᠠᠶ᠋ᠢ ᠳᠠᠭᠠᠭᠤᠯᠤᠭᠠᠳ ᠶᠠᠪᠤᠭᠠᠴᠢ᠃
—  ᠴᠢ ᠪᠠᠰᠠ ᠤᠷᠭᠤᠬᠤ ᠰᠠᠨᠠᠭ᠎ᠠ ᠲᠠᠢ ᠤᠤ?
— ᠣᠯᠵᠠ ᠶ᠋ᠢᠨ ᠡᠮ᠎ᠡ ᠬᠠᠮᠢᠭ᠎ᠠ ᠴᠤ᠌ ᠦᠬᠦᠭᠰᠡᠨ ᠢᠯᠭᠠᠭ᠎ᠠ ᠦᠭᠡᠢ ᠪᠤᠰᠤ ᠤᠤ?
— ᠠᠷᠴᠠ ᠵᠣᠪᠠᠭᠠᠭᠠᠳ ᠪᠠᠢᠨ᠎ᠠ ᠤᠤ?
— ᠠᠷᠴᠠ ᠰᠠᠢᠨ ᠬᠥᠮᠦᠨ᠂ ᠶᠡᠬᠡ ᠰᠠᠢᠨ ᠡᠷ᠎ᠡ᠃
— ᠲᠡᠭᠡᠪᠡᠯ ᠪᠢ ᠮᠠᠭᠤ ᠬᠥᠮᠦᠨ ᠭᠡᠵᠦ ᠤᠤ?
— ᠪᠢ ᠲᠠᠨ ᠢ᠋ ᠠᠳᠠᠭ ᠤ᠋ᠨ ᠰᠢᠪᠬᠠᠷᠤ ᠭᠡᠳᠡᠭ  ᠢ᠋ ᠮᠡᠳᠡᠳᠡᠭ ᠰᠢᠦ᠃ ᠨᠠᠮᠠᠶ᠋ᠢ ᠳᠡᠪᠡᠯ ᠲᠡᠢ ᠬᠠᠲᠠᠭᠠᠭᠰᠠᠨ ᠳᠠᠢᠰᠤᠨ ᠪᠣᠯ ᠬᠣᠷᠵᠢᠯᠣ ᠪᠥᠬᠡ  ᠶᠤᠮ᠃
— ᠡᠮ᠎ᠡ ᠰᠢᠮᠨᠤᠰ ᠨᠠᠳᠠ ᠠ᠋ᠴᠠ ᠬᠣᠯᠠᠳ᠂ᠨᠠᠮᠠᠶ᠋ᠢ ᠬᠣᠣᠷᠯᠠᠬᠤ ᠪᠠᠷ ᠢᠷᠡᠵᠡᠢ᠃ 
ᠰᠡᠷᠢᠭᠦᠯ ᠬᠤᠷᠴᠠ ᠦᠵᠦᠭᠦᠷᠲᠦ ᠴᠢᠴᠢᠯᠡᠭᠦᠷ ᠬᠢᠲᠤᠭ᠎ᠠ ᠪᠠᠷ ᠢ᠋ᠶ᠋ᠠᠨ ᠬᠣᠷᠵᠢᠯᠤ ᠪᠥᠬᠡ ᠶ᠋ᠢᠨ ᠵᠣ ᠨᠢᠷᠤᠭᠤ ᠤᠷᠤᠭᠤ ᠪᠦᠯᠢᠯ᠎ᠡ᠃ ᠳᠠᠬᠢᠨ ᠳᠠᠬᠢᠨ ᠪᠦᠯᠢᠬᠦ ᠳ᠋ᠦ᠍ ᠪᠥᠬᠡ ᠠᠮᠢᠰᠬᠤᠭ᠎ᠠ ᠲᠡᠭᠡᠭᠡᠷᠡᠵᠦ ᠪᠠᠢᠭᠰᠠᠨ ᠢ᠋ᠶ᠋ᠠᠨ ᠴᠢᠰᠤ ᠪᠠᠷ ᠭᠤᠯᠭᠢᠨ ᠰᠠᠭᠤᠭ᠎ᠠ ᠪᠠᠷ ᠢ᠋ᠶ᠋ᠠᠨ ᠨᠢᠳᠦ ᠨᠢ ᠭᠥᠯᠢᠢᠪᠡ᠃ ᠲᠡᠷᠡ ᠪᠡᠷ ᠦᠬᠦᠵᠦ ᠪᠠᠢᠯ᠎ᠠ᠃
— ᠬᠠᠷ᠎ᠠ ᠠᠭᠤᠯᠠᠨ ᠳ᠋ᠤ᠌ ᠵᠢᠷᠦᠬᠡ ᠪᠡᠨ ᠰᠤᠭᠤᠯᠤᠭᠤᠯᠤᠭᠰᠠᠨ ᠡᠴᠢᠭᠡ ᠶ᠋ᠢᠨ ᠢ᠋ᠶ᠋ᠡᠨ ᠥᠰᠢᠶ᠎ᠡ ᠶ᠋ᠢ ᠠᠪᠤᠯ᠎ᠠ᠂ ᠲᠡᠷᠡ ᠶᠠᠪᠤᠳᠠᠯ ᠠ᠋ᠴᠠ ᠪᠣᠯᠵᠤ ᠡᠬᠡ ᠮᠢᠨᠢ ᠦᠬᠦᠭᠰᠡᠨ᠃ ᠮᠠᠨ ᠤ᠋ ᠠᠮᠢᠳᠤᠷᠠᠯ ᠣᠷᠪᠣᠩ ᠢ᠋ᠶ᠋ᠠᠷ ᠢ᠋ᠶ᠋ᠠᠨ ᠰᠦᠢᠷᠡᠭᠰᠡᠨ ᠭᠡᠮᠡᠨ ᠰᠡᠷᠢᠭᠦᠯ ᠬᠠᠰᠬᠢᠷᠴᠤ ᠬᠡᠯᠡᠪᠡ᠃ ᠬᠣᠷᠵᠢᠯᠤ ᠪᠥᠬᠡ ᠶᠠᠮᠠᠷ ᠴᠤ᠌ ᠴᠢᠮᠡᠭᠡ ᠰᠣᠨᠣᠰᠬᠤ ᠰᠥᠭᠥᠭᠡ ᠦᠭᠡᠢ ᠪᠣᠯᠵᠠᠢ᠃ ᠲᠡᠭᠦᠨ ᠦ᠌ ᠵᠣ ᠳ᠋ᠤ᠌ ᠴᠢᠴᠢᠯᠡᠭᠦᠷ ᠬᠢᠲᠤᠭ᠎ᠠ ᠵᠣᠭᠣᠯᠲᠠ ᠲᠠᠢ ᠦᠯᠡᠳᠡᠪᠡ᠃
ᠰᠡᠷᠢᠭᠦᠯ ᠪᠦᠰᠡᠭᠦᠢ ᠶ᠋ᠢᠨ ᠬᠣᠣᠷ ᠠᠷᠢᠯᠵᠤ ᠬᠡᠪᠡᠯᠢ ᠪᠡᠨ ᠳᠠᠷᠤᠬᠤ ᠳ᠋ᠤ᠌ ᠨᠢᠭᠡᠨ ᠪᠤᠯᠪᠠᠷᠠᠢ ᠠᠮᠢᠲᠠᠨ ᠤ᠋ ᠲᠡᠢᠴᠢᠭᠢᠨᠡᠨ ᠬᠥᠳᠡᠯᠬᠦ ᠨᠢ ᠮᠡᠳᠡᠷᠡᠭᠳᠡᠨ᠎ᠡ᠃ ᠬᠣᠷᠵᠢᠯᠤ ᠪᠥᠬᠡ ᠶ᠋ᠢ ᠣᠷᠣᠨ ᠭᠡᠷ ᠲᠡᠭᠡᠨ ᠬᠣᠣᠷᠯᠠᠭᠳᠠᠵᠤ ᠦᠬᠦᠭᠰᠡᠨ ᠢ᠋ ᠰᠣᠨᠣᠰᠤᠭᠠᠳ ᠠᠷᠴᠠ ᠪᠠᠭᠠᠲᠤᠷ《ᠤᠳᠠᠭᠠᠨ ᠵᠢᠯ ᠲᠡᠨᠦᠭᠰᠡᠨ ᠪᠥᠬᠡ ᠶ᠋ᠢᠨ ᠬᠥᠯ ᠨᠢ ᠴᠤᠴᠠᠵᠤ᠂ ᠬᠤᠪᠴᠠᠰᠤ ᠨᠢ ᠬᠦᠨᠳᠦᠳᠡᠵᠡᠢ᠃ ᠬᠤᠪᠴᠠᠰᠤ ᠪᠠᠨ ᠳᠠᠭᠠᠭᠠᠬᠤ ᠪᠠᠨ ᠪᠣᠯᠢᠭᠰᠠᠨ ᠬᠣᠷᠵᠢᠯᠤ ᠪᠥᠬᠡ ᠶ᠋ᠢ ᠬᠠᠷ᠎ᠠ ᠲᠩᠷᠢ ᠨᠢ ᠠᠪᠤᠨ᠎ᠠ ᠪᠢᠵᠡ᠃
ᠬᠣᠷᠵᠢᠯᠤ  ᠳ᠋ᠤ᠌ ᠣᠷᠣᠬᠤ ᠣᠷᠣᠨ᠂ ᠦᠷ᠎ᠡ ᠬᠡᠦᠬᠡᠳ ᠪᠠᠢᠬᠤ ᠦᠭᠡᠢ ᠪᠣᠯᠬᠣᠷ ᠪᠡᠬᠢᠯᠡᠯᠲᠡ ᠳ᠋ᠦ᠍ ᠰᠠᠭᠤᠭ᠎ᠠ ᠴᠡᠷᠢᠭ ᠢ᠋ᠶ᠋ᠡᠷ ᠬᠡᠭᠦᠷ ᠦ᠋ᠨ ᠭᠠᠵᠠᠷ ᠲᠤ᠌  ᠬᠦᠷᠬᠡᠯᠭᠡᠢ᠎ᠡ᠃ ᠭᠤᠷᠪᠠ ᠬᠣᠨᠣᠯ ᠦᠭᠡᠢ ᠬᠡᠷᠢᠶ᠎ᠡ ᠰᠢᠪᠠᠭᠤᠨ ᠤ᠋ ᠬᠡᠯᠡ ᠶ᠋ᠢᠨ ᠵᠠᠭᠠᠲᠤᠨᠠᠭ᠎ᠠ ᠭᠠᠷᠭᠠᠨ᠎ᠠ ᠪᠠᠢᠬᠤ᠃ ᠲᠡᠢᠨ ᠳᠠᠵᠢᠨ ᠠ᠋ᠴᠠ ᠤᠢᠳᠤᠭ᠎ᠠ ᠦᠭᠡᠢ ᠭᠠᠭᠴᠠ ᠬᠥᠮᠦᠨ ᠪᠣᠯ ᠬᠣᠷᠵᠢᠯᠤ ᠪᠥᠬᠡ ᠶᠦᠮ᠃ ᠲᠡᠢᠨ ᠦ᠌ ᠣᠯᠵᠠ ᠲᠡᠭᠦᠨ  ᠢ᠋ ᠴᠠᠳᠬᠠᠳᠠᠭ ᠪᠠᠢᠭᠰᠠᠨ ᠳᠠ》ᠭᠡᠵᠦ ᠪᠣᠳᠣᠭᠠᠳ᠂
—  ᠰᠡᠷᠢᠭᠦᠯ ᠮᠢᠨᠢ ᠬᠣᠷᠵᠢᠯᠤ ᠪᠥᠬᠡ ᠡᠴᠡ ᠠᠶᠤᠬᠤ ᠬᠡᠷᠡᠭ ᠦᠭᠡᠢ᠃ ᠤᠭ ᠠ᠋ᠴᠠ ᠪᠠᠨ ᠰᠦᠨᠡᠰᠦ ᠨᠢ ᠲᠠᠯᠢᠢᠴᠢᠬᠠᠭᠰᠠᠨ ᠬᠥᠮᠦᠨ᠃ ᠬᠠᠷᠢᠨ ᠴᠤ᠌ ᠬᠣᠷᠵᠢᠯᠤ ᠪᠥᠬᠡ ᠤᠳᠠᠭᠠᠨ ᠠᠮᠢᠳᠤᠷᠠᠵᠤ ᠵᠣᠪᠠᠭᠰᠠᠨ ᠦᠭᠡᠢ ᠭᠡᠯ᠎ᠡ᠃ ᠰᠡᠷᠢᠭᠦᠯ ᠡᠪᠦᠷᠲᠦᠯᠡᠵᠦ ᠶᠠᠪᠤᠳᠠᠭ ᠴᠢᠴᠢᠯᠡᠭᠦᠷ ᠬᠢᠲᠤᠭ᠎ᠠ ᠪᠠᠨ ᠪᠥᠬᠡ ᠶ᠋ᠢᠨ ᠨᠤᠭᠤᠰᠤᠨ ᠳ᠋ᠤ᠌ ᠵᠤᠭᠤᠵᠤ ᠣᠷᠬᠢᠭᠰᠠᠨ ᠨᠢ《ᠠᠯᠯᠠᠾ ᠲᠩᠷᠢ ᠴᠢᠮᠠᠶ᠋ᠢ
ᠳᠠᠭᠠᠯᠠᠭᠰᠠᠨ ᠦᠭᠡᠢ᠃ ᠠᠯᠯᠠᠾ ᠤ᠋ᠨ ᠰᠠᠳᠤᠨ ᠢ᠋ ᠠᠯᠠᠭᠰᠠᠨ ᠪᠣᠯᠬᠣᠷ ᠲᠡᠳᠡᠨ ᠦ᠌ ᠥᠰᠢᠶᠡᠨ ᠳ᠋ᠦ᠍ ᠳᠠᠭᠠᠷᠢᠭᠳᠠᠪᠠ᠃ ᠰᠦᠨᠡᠰᠦ ᠴᠢᠨᠢ ᠡᠷᠭᠢᠵᠦ ᠲᠥᠷᠥᠬᠦ ᠦᠭᠡᠢ》ᠭᠡᠰᠡᠨ ᠰᠠᠨᠠᠭ᠎ᠠ ᠪᠠᠢᠵᠠᠢ᠃
 — ᠣᠯᠠᠨ ᠵᠢᠯ ᠦ᠋ᠨ ᠡᠮᠦᠨ᠎ᠡ ᠬᠣᠷᠵᠢᠯᠤ ᠪᠥᠬᠡ᠂ ᠠᠷᠴᠠ ᠶ᠋ᠢᠨ ᠵᠢᠷᠦᠬᠡ ᠪᠡᠷ ᠣᠷᠣᠯᠳᠣᠬᠤ ᠶ᠋ᠢ ᠶᠣᠷᠣᠯᠠᠵᠤ ᠪᠠᠢᠭᠰᠠᠨ ᠪᠣᠯ ᠬᠥᠭᠡᠷᠦᠬᠦᠢ ᠲᠡᠭᠦᠨ ᠢ᠋ ᠠᠷᠴᠠ ᠪᠠᠭᠠᠲᠤᠷ ᠣᠷᠣᠰᠢᠭᠤᠯᠵᠠᠢ᠃

ᠦᠰᠦᠭ ᠠᠮᠢᠯᠠᠭᠤᠯᠤᠭᠴᠢ᠄ ᠡᠷᠳᠡᠨᠢᠪᠢᠯᠢᠭ᠂ ᠣᠳᠬᠠᠨᠴᠡᠴᠡᠭ᠂ ᠨᠠ᠊᠂ ᠴᠠᠭᠠᠨ᠂ ᠤᠳᠤᠡᠭᠡᠷᠡᠯ᠂ ᠠ᠊• ᠮᠢᠬᠤᠸᠠᠷ᠂ ᠨᠠᠷᠠᠨᠲᠣᠭᠣᠰ᠂ ᠪᠦᠷᠢᠨᠴᠡᠴᠡᠭ᠂ ᠠᠮᠤᠷ᠂ ᠠᠮᠤᠷᠪᠠᠶᠠᠷ᠂ ᠣᠳᠬᠠᠨᠴᠡᠴᠡᠭ 
ᠬᠢᠨᠠᠭᠴᠢ ᠪᠠᠭᠰᠢ᠄ ᠲᠣᠳᠣᠭᠡᠷᠡᠯ᠂ ᠨᠠᠷᠠᠨᠲᠣᠭᠣᠰ᠂ ᠤᠤᠭᠠᠨᠵᠢᠳ᠂ ᠠᠨᠢᠷ