ᠭᠠᠯᠳᠠᠨ ᠪᠣᠱᠣᠭᠲᠤ ᠬᠠᠭᠠᠨ08ᠨᠠᠢ᠍ᠮᠠᠳᠤᠭᠠᠷ ᠳᠡᠪᠲᠡᠷ᠂ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯᠳᠠᠨ ᠪᠣᠱᠣᠭᠲᠤ ᠬᠠᠭᠠᠨ08ᠨᠠᠢ᠍ᠮᠠᠳᠤᠭᠠᠷ ᠳᠡᠪᠲᠡᠷ᠂ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ

ᠭᠠᠯᠳᠠᠨ ᠪᠣᠱᠣᠭᠲᠤ ᠬᠠᠭᠠᠨ08ᠨᠠᠢ᠍ᠮᠠᠳᠤᠭᠠᠷ ᠳᠡᠪᠲᠡᠷ᠂ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ

ᠠᠩᠭᠢᠯᠠᠯ:ᠲᠤᠭᠤᠵᠢ ᠷᠣᠮᠠᠨ
2025-12-16

298

ᠨᠠᠢ᠍ᠮᠠᠳᠤᠭᠠᠷ ᠳᠡᠪᠲᠡᠷ

ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ

                      ᠨᠢᠭᠡ

 ᠳᠥᠷᠪᠡᠨ ᠣᠢᠷᠠᠳ ᠤ᠋ᠨ ᠭᠤᠴᠢᠨ ᠮᠢᠩᠭᠠᠨ ᠮᠣᠷᠢᠲᠤ ᠴᠡᠷᠢᠭ ᠦ᠋ᠨ ᠲᠣᠭᠣᠰᠣᠨ ᠳ᠋ᠤ᠌ ᠬᠠᠨ ᠠᠯᠲᠠᠢ ᠪᠤᠳᠠᠩᠲᠤᠵᠤ᠂ ᠠᠶᠠᠨ ᠲᠡᠢᠨ ᠦ᠌ ᠨᠦᠰᠡᠷ ᠴᠤᠪᠤᠭ᠎ᠠ ᠠᠷᠤ ᠮᠣᠩᠭᠣᠯ ᠬᠢᠭᠡᠳ ᠮᠠᠨᠵᠤ ᠴᠢᠩ ᠤᠯᠤᠰ ᠲᠤ᠌ ᠳᠠᠢᠯᠠᠷ᠎ᠠ ᠮᠣᠷᠳᠠᠪᠠ᠃ ᠣᠢᠷᠠᠳ ᠤ᠋ᠨ ᠬᠦᠷᠢᠶ᠎ᠡ ᠬᠡᠢᠳ ᠡᠴᠡ ᠪᠦᠷᠢᠶ᠎ᠡ ᠪᠢᠰᠬᠢᠭᠦᠷ ᠣᠯᠢᠨ᠎ᠠ᠃ ᠴᠣᠷᠣᠰ ᠤ᠋ᠨ ᠶᠡᠬᠡ ᠬᠦᠷᠢᠶᠡᠨ ᠦ᠌ ᠴᠠᠭᠠᠨ ᠢᠷᠪᠢᠰ ᠠᠭᠤᠯᠠ ᠶ᠋ᠢᠨ ᠶᠠᠩ ᠲᠠᠭᠲᠤ ᠳ᠋ᠤ᠌ ᠳᠡᠭᠦᠯᠢᠵᠦ ᠣᠲᠣᠭᠠᠳ ᠪᠤᠴᠠᠵᠤ ᠠᠨᠤ ᠬᠠᠲᠤᠨ ᠤ᠋ ᠦᠷᠭᠦᠭᠡᠨ ᠳ᠋ᠦ᠍ ᠢᠷᠡᠪᠡ᠃ ᠵᠡᠭᠦᠨᠭᠠᠷ ᠤ᠋ᠨ ᠬᠠᠭᠠᠨᠲᠤ ᠤᠯᠤᠰ ᠤ᠋ᠨ ᠴᠡᠷᠢᠭ ᠦ᠋ᠨ ᠬᠦᠷᠢᠶ᠎ᠡ ᠪᠡᠬᠢᠯᠡᠯᠲᠡ᠂ ᠴᠠᠢᠵᠠ ᠨᠥᠬᠥᠴᠡ ᠢᠷᠭᠡᠳ ᠴᠡᠷᠢᠭ ᠢ᠋ᠶ᠋ᠡᠷ ᠰᠡᠯᠪᠢᠭᠳᠡᠪᠡ᠃
ᠮᠢᠨᠦ ᠨᠢᠳᠦᠨ ᠳ᠋ᠦ᠍ ᠮᠠᠨᠠᠨ ᠪᠤᠳᠠᠩ ᠲᠠᠲᠠᠵᠠᠢ᠃ ᠭᠠᠯᠳᠠᠨ ᠬᠠᠭᠠᠨ ᠮᠠᠨᠠᠨᠲᠤ ᠠᠭᠤᠯᠠᠰ ᠢ᠋ᠶ᠋ᠠᠨ ᠰᠠᠷᠠᠪᠴᠢᠯᠠᠨ᠎ᠠ᠃ ᠠᠭᠤᠯᠠᠰ ᠬᠣᠯᠠᠳᠤᠭᠰᠠᠭᠠᠷ ᠪᠠᠢᠯ᠎ᠠ᠃

                      ᠬᠣᠶᠠᠷ

 ᠨᠠᠮᠤᠷ ᠤ᠋ᠨ ᠳᠤᠮᠳᠠ ᠰᠠᠷ᠎ᠠ ᠶ᠋ᠢᠨ ᠠᠷᠪᠠᠨ ᠳᠣᠯᠣᠭᠠᠨ ᠤ᠋ ᠲᠡᠷᠭᠡᠯ ᠰᠠᠷᠠ ᠲᠠᠢ ᠦᠳᠡᠰᠢ ᠨᠠᠯᠠᠢᠪᠠ᠃ ᠲᠩᠷᠢ ᠶ᠋ᠢᠨ ᠬᠠᠶᠠᠭ᠎ᠠ ᠬᠡᠯᠡᠬᠦ ᠠᠭᠤᠯᠠᠰ ᠤ᠋ᠨ ᠮᠠᠩᠨᠠᠢ ᠳᠡᠭᠡᠷ᠎ᠡ ᠣᠳᠣᠳ ᠵᠢᠭᠰᠠᠵᠤ ᠡᠬᠢᠯᠡᠪᠡ᠃ ᠭᠠᠯᠳᠠᠨ ᠬᠠᠭᠠᠨ ᠤ᠋ ᠶᠡᠬᠡ ᠦᠷᠭᠦᠭᠡᠨ ᠦ᠌ ᠳᠣᠲᠣᠷ᠎ᠠ ᠬᠠᠭᠠᠨ ᠪᠢᠷ ᠶᠠᠨᠲᠠᠢ ᠨᠡᠢᠯᠡᠭᠦᠯᠦᠨ ᠲᠡᠮᠳᠡᠭᠯᠡᠯ ᠬᠥᠲᠥᠯᠵᠦ ᠠᠪᠠᠢ᠃ ᠦᠷᠭᠦᠭᠡᠨ ᠳ᠋ᠦ᠍ ᠮᠢᠭᠮᠠᠨᠰᠠᠩᠵᠠᠢ ᠣᠷᠣᠭᠠᠳ᠂
—  ᠠᠨᠤ ᠬᠠᠲᠤᠨ ᠴᠠᠸᠠᠩᠷᠠᠪᠳᠠᠨ ᠲᠠᠢᠰᠢ ᠣᠳᠤᠭᠰᠠᠨ ᠭᠡᠨ᠎ᠡ᠃ ᠬᠠᠭᠠᠨ ᠲᠠᠨ ᠤ᠋ ᠪᠡᠶ᠎ᠡ ᠯᠠᠭᠱᠠᠨ ᠲᠤᠩᠭᠠᠯᠠᠭ ᠪᠣᠢ ᠵ᠋᠎ᠡ ᠭᠡᠮᠡᠨ ᠠᠮᠤᠷ ᠠᠮᠤᠭᠤᠯᠠᠩ ᠢ᠋ ᠡᠷᠢᠪᠡ᠃
 ᠬᠠᠭᠠᠨ ᠤ᠋ ᠳᠤᠬᠤᠨ ᠳ᠋ᠤ᠌ ᠣᠨ ᠵᠢᠯ ᠦ᠋ᠨ ᠨᠠᠷᠠ ᠰᠠᠯᠬᠢᠨ ᠤ᠋ ᠬᠡ ᠲᠣᠭᠲᠠᠵᠠᠢ᠃ ᠬᠠᠭᠠᠨ ᠮᠢᠭᠮᠠᠨᠰᠠᠩᠵᠠᠢ ᠠ᠋ᠴᠠ ᠬᠠᠲᠤᠨ ᠡᠬᠡ ᠶ᠋ᠢᠨ ᠪᠡᠶ᠎ᠡ ᠢᠯᠠᠷᠢᠰᠢᠵᠤ ᠰᠠᠢᠨ ᠰᠠᠭᠤᠭ᠎ᠠ ᠶ᠋ᠢ ᠳᠤᠭᠤᠯᠤᠭᠠᠳ ᠪᠠᠶᠠᠰᠬᠤᠯᠠᠩ ᠲᠡᠭᠦᠯᠳᠡᠷ᠂
—  ᠪᠢ ᠮᠠᠷᠭᠠᠰᠢ ᠬᠠᠲᠤᠨ ᠡᠬᠡ ᠳ᠋ᠡᠭᠡᠨ ᠣᠴᠢᠨ᠎ᠠ ᠭᠡᠯ᠎ᠡ᠃
—  ᠨᠠᠮᠠᠶ᠋ᠢ ᠲᠠ ᠰᠣᠨᠣᠰᠤᠭᠠᠴᠢ᠃ ᠳᠡᠮᠪᠡᠷᠢᠯ ᠬᠥᠪᠡᠭᠦᠨ ᠴᠡᠷᠢᠭ ᠦ᠋ᠨ ᠪᠡᠬᠢᠯᠡᠯᠲᠡ ᠳ᠋ᠦ᠍ ᠰᠠᠭᠤᠭ᠎ᠠ᠃ ᠬᠥᠪᠡᠭᠦᠨ ᠬᠠᠭᠠᠨ ᠲᠠᠨ ᠢ᠋ ᠥᠪᠴᠢᠵᠦ ᠲᠥᠷᠥᠭᠰᠡᠨ ᠪᠤᠰᠤ ᠤᠤ? ᠰᠠᠪᠳᠠᠨᠪᠠᠯᠵᠢᠷ ᠠ᠋ᠴᠠ ᠭᠤᠷᠪᠠᠬᠠᠨ ᠰᠠᠷ᠎ᠠ ᠶ᠋ᠢᠨ ᠠᠬ᠎ᠠ ᠪᠤᠰᠤ ᠤᠤ? ᠬᠥᠪᠡᠭᠦᠳ ᠨᠢᠭᠡᠨ ᠢ᠋ᠶ᠋ᠡᠨ ᠦᠯᠦ ᠮᠡᠳᠡᠨ᠎ᠡ᠃ ᠪᠢ ᠪᠠᠷᠯᠤᠭ ᠪᠣᠯᠪᠠᠴᠤ᠁ ᠬᠥᠪᠡᠭᠦᠨ ᠳ᠋ᠡᠭᠡᠨ ᠮᠠᠰᠢ ᠶᠡᠬᠡ ᠵᠣᠪᠠᠨ᠎ᠠ᠃ ᠲᠠᠨ ᠤ᠋ ᠬᠥᠪᠡᠭᠦᠨ ᠳᠠᠢᠴᠢᠨ ᠡᠷ᠎ᠡ ᠪᠣᠯᠤᠯ᠎ᠠ ᠰᠢᠦ ᠳᠡ᠁
 ᠮᠢᠭᠮᠠᠨᠰᠠᠩᠵᠠᠢ ᠶ᠋ᠢᠨ ᠦᠷᠭᠦᠭᠰᠡᠨ ᠵᠡᠭᠡᠷ᠎ᠡ ᠶ᠋ᠢᠨ ᠬᠢ ᠰᠢᠭ ᠲᠣᠷᠮᠣᠯᠵᠠᠭᠰᠠᠨ ᠨᠢᠳᠦᠨ ᠳ᠋ᠦ᠍ ᠨᠢᠯᠪᠤᠰᠤ  ᠮᠡᠯᠲᠡᠷᠡᠪᠡ᠃ ᠮᠢᠭᠮᠠᠨᠰᠠᠩᠵᠠᠢ ᠶᠡᠬᠡᠳᠡ ᠤᠬᠢᠯᠠᠪᠠ᠃ ᠭᠠᠯᠳᠠᠨ ᠬᠠᠭᠠᠨ ᠪᠣᠳᠣᠯᠭᠠᠰᠢᠷᠠᠨ᠎ᠠ᠃ ᠬᠠᠭᠠᠨ ᠪᠢᠷ ᠢ᠋ᠶ᠋ᠡᠨ ᠶᠠᠨᠲᠠᠢ ᠳ᠋ᠦ᠍ ᠲᠥᠷᠥᠪᠡ᠃
— ᠳᠡᠮᠪᠡᠷᠢᠯ ᠦ᠋ᠨ ᠨᠠᠰᠤ ᠬᠡᠳᠦ ᠪᠢᠯᠡ?
    — ᠬᠣᠷᠢᠨ ᠵᠢᠷᠭᠤᠭ᠎ᠠ᠁
— ᠬᠠᠭᠠᠨ ᠣᠷᠣ ᠰᠠᠭᠤᠬᠤ ᠳ᠋ᠠᠭᠠᠨ ᠪᠢ ᠬᠣᠷᠢᠨ ᠵᠢᠷᠭᠤᠭ᠎ᠠ ᠲᠠᠢ ᠪᠠᠢᠪᠠ᠃ ᠳᠡᠮᠪᠡᠷᠢᠯ ᠬᠥᠪᠡᠭᠦᠨ ᠵᠠᠭᠤᠲᠤ ᠶ᠋ᠢᠨ ᠳᠠᠷᠤᠭ᠎ᠠ ᠪᠤᠰᠤ ᠤᠤ? ᠴᠠᠭᠠᠨ ᠠᠭᠤᠯᠠᠨ ᠳ᠋ᠤ᠌ ᠰᠠᠢᠨ ᠪᠠᠢᠯᠳᠤᠭᠰᠠᠨ᠃ ᠲᠡᠷᠡ ᠬᠥᠪᠡᠭᠦᠨ ᠮᠢᠨᠦ ᠭᠡᠭᠡᠨ ᠳ᠋ᠦ᠍ ᠥᠰᠴᠦ ᠥᠨᠳᠡᠢᠯ᠎ᠡ᠃ ᠬᠥᠪᠡᠭᠦᠨ ᠢ᠋ ᠨᠢᠳᠦᠨ ᠳ᠋ᠡᠭᠡᠨ ᠪᠠᠭᠲᠠᠭᠠᠵᠤ ᠪᠣᠢ᠃
   — ᠵᠠᠭᠤᠲᠤ ᠶ᠋ᠢᠨ ᠳᠠᠷᠤᠭ᠎ᠠ ᠮᠥᠨ᠃ ᠰᠢᠯᠢᠳᠡᠭ ᠵᠠᠭᠤᠲᠤ ᠶ᠋ᠢᠨ ᠳᠠᠷᠤᠭ᠎ᠠ᠁ 
   — ᠬᠠᠭᠠᠨ ᠤ᠋ ᠲᠣᠷᠭᠠᠨ ᠴᠡᠷᠢᠭ ᠲᠦ᠍ ᠲᠠᠲᠠᠵᠤ ᠠᠪᠤᠶ᠎ᠠ᠃
— ᠬᠠᠭᠠᠨ ᠲᠠ ᠬᠥᠪᠡᠭᠦᠨ ᠳ᠋ᠡᠭᠡᠨ ᠢᠲᠡᠭᠡᠵᠦ ᠰᠢᠯᠭᠠᠬᠤ ᠴᠠᠭ ᠢᠷᠡᠵᠡᠢ᠃  ᠲᠡᠷᠡ ᠬᠥᠪᠡᠭᠦᠨ ᠱᠠᠯᠠᠮᠠᠭᠠᠢ᠂ ᠪᠠᠭᠠᠲᠤᠷ ᠵᠣᠷᠢᠭ ᠲᠠᠢ᠃
   — ᠨᠠᠮᠠᠶ᠋ᠢ ᠮᠡᠳᠡᠳᠡᠭ ᠭᠡᠮᠡᠨ ᠬᠥᠪᠡᠭᠦᠨ ᠳ᠋ᠦ᠍ ᠬᠡᠯᠡᠭᠡᠷᠡᠢ᠃
   ᠮᠢᠭᠮᠠᠨᠰᠠᠩᠵᠠᠢ ᠬᠠᠭᠠᠨ ᠤ᠋ ᠬᠠᠷᠠᠴᠠᠨ ᠠ᠋ᠴᠠ ᠵᠠᠢᠯᠠᠰᠬᠢᠪᠡ᠃
— ᠲᠤᠯᠤᠯᠳᠤᠭᠠᠨ ᠠ᠋ᠴᠠ ᠡᠷᠭᠢᠵᠦ ᠢᠷᠡᠲᠡᠯ᠎ᠡ ᠬᠠᠲᠤᠨ ᠡᠬᠡ ᠶ᠋ᠢ ᠬᠢᠴᠢᠶᠡᠵᠦ ᠠᠰᠠᠷᠠᠭᠠᠷᠠᠢ᠃ ᠬᠠᠲᠤᠨ ᠡᠬᠡ ᠶ᠋ᠢᠨ ᠪᠡᠶ᠎ᠡ ᠶ᠋ᠢᠨ ᠲᠡᠩᠬᠡᠯ ᠳᠣᠷᠣᠢᠲᠠᠭᠰᠠᠨ᠃ ᠪᠠᠢᠩᠭᠤ ᠶ᠋ᠢᠨ ᠰᠤᠪᠢᠯᠠᠭ᠎ᠠ ᠬᠡᠷᠡᠭᠲᠡᠢ᠃ ᠴᠢᠨᠦ ᠭᠠᠷ ᠤ᠋ᠨ ᠬᠣᠭᠣᠯᠠ ᠴᠠᠢ ᠳ᠋ᠤ᠌ ᠢᠳᠡᠭᠡᠰᠢᠭᠰᠡᠨ ᠲᠤᠯᠠ ᠴᠢᠮ᠎ᠠ ᠠ᠋ᠴᠠ ᠬᠣᠯᠠᠳᠤᠭᠤᠯᠬᠤ ᠠᠷᠭ᠎ᠠ ᠦᠭᠡᠢ᠃ ᠴᠢ ᠪᠣᠯ ᠥᠬᠢᠨ ᠨᠢ ᠮᠥᠨ᠃
— ᠲᠡᠭᠡᠶ᠎ᠡ᠃ ᠲᠠ ᠶᠠᠭᠤ ᠵᠠᠬᠢᠨ᠎ᠠ᠃ ᠪᠢ ᠪᠦᠭᠦᠳᠡ ᠶ᠋ᠢ ᠭᠦᠢᠴᠡᠭᠡᠵᠦ ᠬᠢᠨ᠎ᠡ᠃ ᠬᠥᠪᠡᠭᠦᠨ ᠢ᠋ ᠲᠠᠨ ᠳ᠋ᠤ᠌ ᠳᠠᠭᠠᠳᠬᠠᠵᠤ ᠰᠡᠳᠬᠢᠯ ᠠᠮᠠᠷᠠᠯ᠎ᠠ᠃ ᠬᠥᠪᠡᠭᠦᠨ ᠭᠠᠭᠴᠠ ᠲᠤᠯᠠ ᠦᠷᠭᠦᠯᠵᠢ ᠵᠣᠪᠠᠨ᠎ᠠ᠃
   — ᠰᠠᠷᠠ ᠪᠦᠲᠦᠨ ᠪᠠᠢᠭ᠎ᠠ ᠶ᠋ᠢ ᠠᠵᠢᠭᠯᠠᠪᠠ ᠤᠤ?
   ᠬᠠᠭᠠᠨ ᠤ᠋ ᠰᠠᠨᠠᠭ᠎ᠠ ᠶ᠋ᠢ ᠣᠢᠯᠠᠭᠠᠭᠰᠠᠨ ᠮᠢᠭᠮᠠᠨᠰᠠᠩᠵᠠᠢ ᠶ᠋ᠢᠨ ᠴᠢᠷᠠᠢ ᠤᠯᠠᠭ᠎ᠠ ᠪᠤᠲᠠᠷᠠᠵᠠᠢ᠃ ᠬᠠᠭᠠᠨ ᠶᠡᠬᠡᠳᠡ ᠳᠣᠭᠳᠣᠯᠤᠭᠰᠠᠨ ᠪᠠᠢᠯ᠎ᠠ᠃ ᠬᠣᠯᠠ ᠣᠢᠷ᠎ᠠ ᠶ᠋ᠢᠨ ᠠᠶᠠᠨ ᠲᠡᠢᠨ ᠳ᠋ᠦ᠍ ᠮᠣᠷᠳᠠᠬᠤ ᠳ᠋ᠠᠭᠠᠨ ᠡᠢᠨ ᠬᠦ᠌ ᠰᠡᠳᠬᠢᠯ ᠦ᠋ᠨ ᠤᠲᠠᠰᠤ ᠶ᠋ᠢ ᠬᠦᠪᠦᠵᠦ ᠪᠠᠢᠬᠤ ᠶ᠋ᠢ ᠨᠢ ᠮᠢᠭᠮᠠᠨᠰᠠᠩᠵᠠᠢ ᠦᠵᠡᠭᠡ ᠦᠭᠡᠢ ᠤᠴᠢᠷ ᠭᠠᠯᠳᠠᠨ ᠬᠠᠭᠠᠨ ᠢ᠋ ᠰᠠᠢᠲᠤᠷ ᠰᠣᠨᠵᠢᠪᠠ᠃ ᠬᠠᠭᠠᠨ ᠲᠦᠷᠡᠢ ᠲᠡᠢ ᠭᠤᠲᠤᠯ ᠲᠠᠢ᠂ ᠪᠣᠰᠤᠭ᠎ᠠ ᠵᠠᠬ᠎ᠠ ᠲᠠᠢ ᠴᠠᠮᠴᠠ ᠲᠠᠢ ᠶᠡᠷᠦᠳᠡ ᠶ᠋ᠢᠨ ᠬᠢ ᠪᠡᠷ ᠢ᠋ᠶ᠋ᠡᠨ ᠠᠵᠢ᠃
 — ᠭᠤᠸᠠᠯᠢᠭ ᠬᠠᠲᠤᠳ᠂ ᠡᠮᠡᠰ ᠥᠬᠢᠳ ᠦᠴᠢᠨᠡᠬᠡᠨ ᠪᠠᠢᠬᠤ ᠳ᠋ᠤ᠌ ᠭᠡᠮᠡᠨ ᠮᠢᠭᠮᠠᠨᠰᠠᠩᠵᠠᠢ ᠳᠤᠷ᠎ᠠ ᠦᠭᠡᠢᠴᠡᠵᠦ ᠴᠠᠭᠠᠷᠭᠤᠯᠠᠯ ᠦᠭᠡᠢ ᠬᠦᠨᠳᠦᠳᠬᠡᠯ ᠦ᠋ᠨ ᠡᠭᠦᠳᠡᠨ ᠡᠴᠡ ᠥᠴᠢᠪᠡ᠃ 
ᠭᠠᠯᠳᠠᠨ ᠪᠣᠱᠣᠭᠲᠤ ᠬᠠᠭᠠᠨ ᠮᠢᠭᠮᠠᠨᠰᠠᠩᠵᠠᠢ ᠳ᠋ᠤ᠌ ᠡᠷᠲᠡ ᠮᠠᠷᠲᠠᠭᠳᠠᠭᠰᠠᠨ ᠨᠢᠭᠡᠨ ᠳᠤᠷᠠᠰᠤᠮᠵᠢ ᠶ᠋ᠢ ᠰᠠᠨᠠᠭᠤᠯᠬᠤ ᠯᠤᠭ᠎ᠠ᠂
—  ᠴᠡᠴᠡᠭ ᠦ᠋ᠨ ᠪᠤᠳᠠᠩ ᠳᠤᠮᠳᠠ ᠣᠴᠢᠳᠠᠭ ᠤᠤ? ᠭᠡᠵᠦ ᠠᠰᠠᠭᠤᠪᠠ᠃
— ᠬᠡᠨ ᠲᠡᠢ ᠪᠡᠨ ᠰᠠᠭᠤᠬᠤ ᠪᠢᠯᠡ ᠭᠡᠮᠡᠨ ᠮᠢᠭᠮᠠᠨᠰᠠᠩᠵᠠᠢ ᠵᠢᠷᠦᠬᠡ ᠪᠡᠨ ᠬᠠᠢᠯᠲᠠᠯ᠎ᠠ ᠰᠠᠨᠠᠭᠠᠰᠢᠷᠠᠨ ᠥᠭᠦᠯᠡᠪᠡ᠃
— ᠨᠠᠳᠠ ᠲᠠᠢ᠂᠂᠂᠂ ᠬᠡᠮᠡᠭᠡᠳ ᠬᠠᠭᠠᠨ ᠬᠥᠬᠥᠷᠡᠪᠡ᠃
—  ᠶᠡᠬᠡ ᠬᠠᠭᠠᠨ ᠮᠢᠨᠢ ᠥᠷᠥᠰᠢᠶᠡ᠃ ᠲᠠ ᠨᠠᠮᠠᠶ᠋ᠢ ᠲᠡᠭᠡᠬᠦ ᠳ᠋ᠦ᠍ ᠴᠡᠴᠡᠭ ᠮᠡᠲᠦ ᠵᠤᠯᠭᠠᠭᠠᠭᠰᠠᠨ᠃ ᠪᠢ ᠲᠠᠨ ᠠ᠋ᠴᠠ ᠵᠢᠷᠦᠬᠡ ᠪᠡᠨ ᠬᠠᠷᠠᠮᠯᠠᠭ᠎ᠠ ᠦᠭᠡᠢ᠃ ᠲᠠᠨ ᠤ᠋ ᠦᠷ᠎ᠡ ᠶ᠋ᠢ ᠲᠡᠭᠡᠭᠡᠵᠦ ᠲᠥᠷᠥᠭᠦᠯᠦᠨ᠎ᠡ ᠴᠢᠨᠡᠭᠡ ᠰᠠᠨᠠᠭ᠎ᠠ ᠦᠭᠡᠢ᠃ ᠪᠤᠷᠬᠠᠨ ᠬᠢᠰᠠᠭ᠎ᠠ ᠦᠭᠡᠢ᠃ ᠲᠥᠪᠡᠳ ᠡᠴᠡ ᠢᠷᠡᠬᠦ ᠳ᠋ᠡᠭᠡᠨ ᠲᠠ ᠪᠤᠷᠬᠠᠨ ᠪᠠᠢᠭᠰᠠᠨ᠃ ᠣᠳᠣ ᠬᠠᠭᠠᠨ ᠪᠣᠯᠤᠭᠰᠠᠨ᠃ ᠪᠢ ᠪᠤᠷᠬᠠᠨ ᠤ᠋ ᠬᠡᠰᠢᠭ ᠢ᠋ ᠬᠦᠷᠲᠡᠭᠰᠡᠨ ᠬᠥᠮᠦᠨ᠃
—  ᠪᠤᠷᠬᠠᠨ᠂ ᠬᠠᠭᠠᠨ ᠬᠣᠶᠠᠷ ᠢᠯᠭᠠᠭ᠎ᠠ ᠲᠠᠢ ᠤᠤ?
—  ᠶᠡᠬᠡ ᠢᠯᠭᠠᠭ᠎ᠠ ᠪᠣᠢ᠃ ᠪᠤᠷᠬᠠᠨ ᠪᠣᠯ ᠨᠣᠮᠣᠬᠠᠨ᠃ ᠪᠤᠷᠬᠠᠨ ᠪᠥᠭᠡᠰᠦ ᠰᠡᠳᠬᠢᠯ ᠦ᠋ᠨ ᠣᠷᠣᠨ ᠵᠠᠢ ᠳ᠋ᠤ᠌ ᠠᠮᠤᠷᠯᠢᠩᠭᠤᠢ ᠣᠷᠣᠰᠢᠨ᠎ᠠ᠃ ᠬᠠᠭᠠᠨ ᠪᠣᠯ ᠢᠯᠡᠳᠲᠡ᠃ ᠬᠠᠭᠠᠨ ᠤ᠋ ᠵᠠᠷᠯᠢᠭ ᠢ᠋ ᠵᠥᠷᠢᠴᠡᠪᠡᠯ ᠲᠣᠯᠣᠭᠠᠢ ᠦᠭᠡᠢ ᠪᠣᠯᠤᠨ᠎ᠠ᠃ ᠬᠠᠭᠠᠨ ᠳᠠᠢᠰᠤᠨ ᠲᠠᠢ᠂ ᠬᠠᠷᠢᠨ ᠪᠤᠷᠬᠠᠨ ᠬᠥᠮᠦᠨ ᠢ᠋ ᠠᠪᠤᠷᠠᠳᠠᠭ᠃
—  ᠪᠤᠷᠬᠠᠨ ᠠ᠋ᠴᠠ ᠠᠶᠤᠬᠤ ᠦᠭᠡᠢ ᠮᠥᠷᠲᠡᠯ᠎ᠡ ᠪᠡᠨ ᠬᠠᠭᠠᠨ ᠠ᠋ᠴᠠ ᠠᠶᠤᠬᠤ ᠨᠢ ᠶᠠᠭᠤᠨ?
—  ᠬᠠᠭᠠᠨ ᠠᠮᠢᠳᠤ ᠬᠥᠮᠦᠨ ᠪᠤᠰᠤ ᠤᠤ?
—  ᠪᠤᠷᠬᠠᠨ ᠠᠮᠢᠳᠤ ᠪᠤᠰᠤ ᠭᠡᠵᠦ ᠤᠤ?
—  ᠪᠢ ᠪᠤᠷᠬᠠᠨ ᠢ᠋ ᠬᠠᠷᠠᠭ᠎ᠠ ᠦᠭᠡᠢ᠂ ᠮᠡᠳᠡᠬᠦ ᠦᠭᠡᠢ᠃
— ᠨᠠᠳᠠ ᠲᠠᠢ ᠤᠨᠲᠠᠬᠤ ᠤᠤ?
—  ᠲᠡᠭᠡᠶ᠎ᠡ᠂ ᠪᠢ ᠲᠡᠪᠴᠢᠶᠡᠷᠢ ᠪᠡᠨ ᠪᠠᠷᠠᠭᠰᠠᠨ ᠡᠮᠡᠭᠴᠢᠨ᠃
 ᠲᠡᠷᠭᠡᠯ ᠰᠠᠷᠠᠨ ᠤ᠋ ᠳᠣᠣᠷ᠎ᠠ ᠮᠢᠭᠮᠠᠨᠰᠠᠩᠵᠠᠢ ᠨᠢᠴᠦᠭᠦᠨ ᠪᠡᠶ᠎ᠡ ᠪᠡᠨ ᠬᠠᠷᠠᠪᠠ᠃ ᠰᠠᠷᠠ ᠲᠡᠭᠦᠨ ᠢ᠋ ᠮᠥᠩᠭᠥᠯᠢᠭ ᠪᠣᠯᠭᠠᠵᠠᠢ᠃ ᠬᠠᠭᠠᠨ ᠬᠡᠦᠬᠡᠨ ᠦ᠌ ᠬᠥᠬᠥ ᠶ᠋ᠢ ᠠᠳᠬᠤᠵᠤ《ᠣᠩᠭᠣᠨ ᠶᠤᠮ ᠰᠢᠭ᠋ ᠬᠠᠲᠠᠭᠤ ᠶᠤᠮ᠃ ᠴᠢᠮ᠎ᠠ ᠠ᠋ᠴᠠ ᠴᠡᠴᠡᠭ  ᠦᠨᠦᠷᠲᠦᠭᠰᠡᠨ ᠬᠡᠪ ᠢ᠋ᠶ᠋ᠡᠷ ᠢ᠋ᠶ᠋ᠡᠨ ᠰᠢᠪ᠃ ᠰᠠᠷ᠎ᠠ ᠵᠢᠯ ᠦ᠋ᠨ ᠤᠷᠲᠤ ᠳ᠋ᠤ᠌ ᠥᠴᠢᠨᠡᠭᠡᠨ ᠪᠦᠰᠡᠭᠦᠢ ᠲᠡᠢ ᠵᠢᠷᠭᠠᠪᠠᠴᠤ ᠬᠣᠩᠭᠣᠷ ᠨᠠᠰᠤᠨ ᠤ᠋ ᠮᠢᠭᠮᠠᠨᠰᠠᠩᠵᠠᠢ ᠴᠢᠮᠠᠶ᠋ᠢ ᠶᠠᠭᠠᠬᠢᠬᠤ ᠭᠦᠢᠴᠡᠨ᠎ᠡ》ᠭᠡᠵᠦ ᠬᠡᠯᠡᠬᠦ ᠳ᠋ᠦ᠍ ᠬᠠᠩᠬᠠᠢᠲᠠᠯ᠎ᠠ ᠰᠠᠨᠠᠭ᠎ᠠ ᠠᠯᠳᠠᠵᠤ᠂《ᠪᠡᠶ᠎ᠡ ᠮᠢᠨᠢ ᠠᠯᠤᠰ ᠪᠠᠢᠪᠠᠴᠤ ᠰᠡᠳᠬᠢᠯ ᠮᠢᠨᠢ ᠲᠠᠨ ᠤ᠋ ᠬᠢ ᠰᠢᠦ 》 ᠭᠡᠮᠡᠨ ᠬᠡᠦᠬᠡᠨ ᠰᠢᠪᠡᠨᠡᠪᠡ᠃
    ᠦᠦᠷ ᠴᠠᠢᠭᠰᠠᠨ ᠬᠣᠢᠨ᠎ᠠ ᠰᠡᠷᠡᠭᠰᠡᠨ ᠮᠢᠭᠮᠠᠨᠰᠠᠩᠵᠠᠢ ᠬᠠᠭᠠᠨ ᠤ᠋ ᠶᠡᠬᠡ ᠦᠷᠭᠦᠭᠡᠨ ᠡᠴᠡ ᠶᠠᠭᠠᠷᠠᠨ ᠭᠠᠷᠴᠤ ᠡᠪᠡᠰᠦᠨ ᠳᠤᠮᠳᠠ ᠠ᠋ᠴᠠ ᠲᠤᠱᠠ ᠲᠠᠢ ᠮᠣᠷᠢ ᠪᠠᠨ ᠤᠨᠤᠵᠤ ᠴᠡᠷᠢᠭ ᠦ᠋ᠨ ᠬᠦᠷᠢᠶᠡᠨ ᠦ᠌ ᠬᠠᠵᠠᠭᠤ ᠶ᠋ᠢᠨ ᠠᠭᠤᠯᠠ ᠥᠭᠰᠥᠭᠰᠡᠨ ᠵᠠᠮ ᠢ᠋ᠶ᠋ᠠᠷ ᠣᠳᠤᠯ᠎ᠠ᠃ ᠬᠠᠭᠠᠨ ᠤ᠋ ᠦᠷᠭᠦᠭᠡᠨ ᠳ᠋ᠦ᠍ ᠮᠢᠭᠮᠠᠨᠰᠠᠩᠵᠠᠢ ᠬᠡᠦᠬᠡᠨ ᠰᠦᠨᠡᠰᠦ ᠪᠡᠨ ᠭᠡᠭᠡᠪᠡ᠃ ᠬᠠᠭᠠᠨ ᠤ᠋ ᠦᠷᠭᠦᠭᠡᠨ ᠳ᠋ᠦ᠍ ᠲᠡᠭᠦᠨ ᠦ᠌ ᠰᠦᠨᠡᠰᠦ ᠦᠯᠡᠳᠡᠵᠦ ᠬᠡᠭᠡᠷ᠎ᠡ ᠬᠤᠨᠣᠬᠰᠡ ᠰᠠᠷᠠ ᠶ᠋ᠢ ᠲᠡᠪᠡᠷᠢᠨ᠎ᠡ᠃  

                      ᠭᠤᠷᠪᠠ  

    ᠴᠠᠸᠠᠩᠷᠠᠪᠳᠠᠨ ᠠᠭᠤᠷ ᠲᠠᠢ ᠪᠠᠷ᠂
—  ᠬᠠᠲᠤᠨ ᠡᠬᠡ ᠲᠠ ᠶᠠᠭᠤᠨ ᠳ᠋ᠤ᠌ ᠨᠠᠮᠠᠶ᠋ᠢ ᠢᠳᠬᠠᠨ᠎ᠠ᠃ ᠣᠢᠷᠠᠳ ᠤ᠋ᠨ ᠶᠡᠬᠡ ᠴᠡᠷᠢᠭ ᠠᠰᠠᠭᠰᠠᠨ ᠭᠠᠯ ᠰᠢᠭ᠋ ᠳᠦᠷᠡᠯᠵᠡᠨ ᠬᠥᠳᠡᠯᠬᠦ ᠳ᠋ᠡᠭᠡᠨ ᠭᠠᠭᠴᠠ ᠨᠠᠳᠠ ᠪᠠᠷ ᠳᠤᠲᠠᠨ᠎ᠠ ᠭᠡᠵᠦ ᠤᠤ? ᠬᠠᠯᠬ᠎ᠠ ᠮᠣᠩᠭᠣᠯ ᠤ᠋ᠨ ᠨᠣᠶᠠᠳ ᠵᠡᠭᠦᠨᠭᠠᠷ ᠢ᠋ ᠳᠠᠭᠠᠬᠤ ᠦᠭᠡᠢ ᠪᠢᠵᠡ᠃ ᠲᠡᠳᠡ ᠬᠦᠴᠦᠷᠬᠡᠭ ᠮᠠᠨᠵᠤ ᠭᠦᠷᠦᠨ ᠢ᠋ ᠴᠢᠷᠠᠢᠴᠢᠯᠠᠬᠤ ᠪᠢᠵᠡ᠃ ᠮᠠᠨᠵᠤ ᠨᠤᠭᠤᠳ ᠤᠭ ᠠ᠋ᠴᠠ ᠪᠠᠨ ᠬᠠᠯᠬ᠎ᠠ ᠮᠣᠩᠭᠣᠯ  ᠢ᠋ ᠡᠷᠲᠡ ᠢᠳᠡᠵᠦ ᠡᠬᠢᠯᠡᠭᠰᠡᠨ᠃ ᠭᠠᠯᠳᠠᠨ ᠪᠣᠱᠣᠭᠲᠤ ᠬᠠᠭᠠᠨ ᠮᠠᠨᠵᠤ ᠲᠠᠢ ᠪᠠᠢᠯᠳᠤᠨ᠎ᠠ᠃ ᠣᠢᠷᠠᠳ ᠠ᠋ᠴᠠ ᠲᠠᠪᠤ ᠳᠠᠬᠢᠨ ᠢᠯᠡᠭᠦᠦ ᠴᠡᠷᠢᠭ ᠲᠡᠢ ᠮᠠᠨᠵᠤ ᠶ᠋ᠢᠨ ᠬᠠᠭᠠᠨ ᠢ᠋ ᠮᠥᠬᠥᠭᠡᠬᠦ ᠭᠡᠪᠡᠯ ᠠᠷᠭ᠎ᠠ ᠤᠬᠠᠭᠠᠨ ᠠ᠋ᠴᠠ ᠭᠠᠳᠠᠨ᠎ᠠ ᠴᠡᠷᠢᠭ ᠦ᠋ᠨ ᠬᠦᠴᠦ ᠬᠡᠷᠡᠭ ᠲᠡᠢ᠃ ᠠᠷᠤ ᠬᠠᠯᠬ᠎ᠠ ᠡᠰᠡᠷᠭᠦᠴᠡᠯ ᠦᠵᠡᠭᠦᠯᠬᠦ ᠦᠭᠡᠢ᠃ ᠴᠡᠷᠢᠭ ᠦ᠋ᠨ ᠬᠦᠴᠦ ᠪᠡᠨ ᠬᠠᠯᠬ᠎ᠠ ᠮᠣᠩᠭᠣᠯ ᠠ᠋ᠴᠠ ᠵᠤᠵᠠᠭᠠᠳᠬᠠᠨ ᠪᠠᠵᠠᠭᠠᠵᠤ ᠪᠣᠯᠬᠤ ᠶᠤᠮ᠃ ᠪᠢ ᠵᠡᠭᠦᠨᠭᠠᠷ ᠲᠠᠭᠠᠨ ᠦᠯᠡᠳᠡᠨ᠎ᠡ ᠭᠡᠯ᠎ᠡ᠃
  ᠴᠠᠸᠠᠩᠷᠠᠪᠳᠠᠨ ᠬᠡᠮᠡᠬᠦ ᠨᠡᠯᠢᠶᠡᠳ ᠰᠢᠵᠠᠷᠠᠭᠤᠨ ᠬᠠᠨ ᠬᠦᠦ ᠠᠨᠤ ᠬᠠᠲᠤᠨ ᠳ᠋ᠤ᠌ ᠡᠢᠨ ᠬᠦ᠌ ᠬᠡᠯᠡᠬᠦ ᠳ᠋ᠡᠭᠡᠨ ᠡᠪᠦᠭᠡ ᠡᠴᠢᠭᠡ ᠸᠴᠢᠷᠲᠤ ᠰᠡᠴᠡᠨ ᠬᠠᠭᠠᠨ ᠤ᠋ ᠠᠮᠢᠰᠬᠤᠯ ᠬᠤᠷᠢᠶᠠᠬᠤ ᠶ᠋ᠢᠨ ᠡᠮᠦᠨ᠎ᠡ《ᠭᠠᠯᠳᠠᠨ ᠨᠠᠮᠠᠶ᠋ᠢ ᠲᠡᠭᠦᠰᠬᠡᠪᠡ᠃ ᠭᠠᠯᠳᠠᠨ ᠤ᠋ ᠡᠨᠡ ᠶᠠᠪᠤᠳᠠᠯ ᠢ᠋ ᠪᠦᠦ ᠮᠠᠷᠲᠠ᠃ ᠭᠠᠯᠳᠠᠨ ᠲᠠᠢ ᠡᠴᠦᠰ ᠦ᠋ᠨ ᠡᠴᠦᠰ ᠬᠡᠷᠬᠢᠨ ᠲᠡᠮᠡᠴᠡᠬᠦ  ᠪᠡᠨ ᠮᠡᠳᠡᠭᠲᠦᠨ》 ᠭᠡᠰᠡᠨ ᠨᠢ ᠰᠠᠨᠠᠭᠳᠠᠪᠠ᠃
  ᠸᠴᠢᠷᠲᠤ ᠰᠡᠴᠡᠨ ᠬᠠᠭᠠᠨ ᠬᠣᠱᠤᠳ ᠣᠪᠣᠭᠲᠠᠨ ᠢ᠋ᠶ᠋ᠠᠨ ᠲᠡᠷᠢᠭᠦᠯᠡᠨ ᠢᠵᠢᠯ ᠮᠥᠷᠡᠨ ᠲᠠᠢᠰᠢ ᠨᠡᠭᠦᠵᠦ ᠪᠤᠴᠠᠬᠤ ᠳ᠋ᠠᠭᠠᠨ ᠺᠢᠷᠭᠢᠽ ᠬᠠᠰᠠᠭ ᠤ᠋ᠨ ᠳᠡᠭᠡᠷᠡᠮᠴᠢᠳ ᠲᠦ᠍ ᠪᠤᠲᠠ ᠴᠣᠬᠢᠭᠤᠯᠵᠤ ᠦᠢᠯᠡ ᠪᠡᠨ ᠦᠵᠡᠭᠰᠡᠭᠡᠷ ᠨᠤᠲᠤᠭ ᠤ᠋ᠨ ᠪᠠᠷ᠎ᠠ ᠬᠠᠷᠠᠵᠤ ᠨᠢᠳᠦᠨ ᠳ᠋ᠡᠭᠡᠨ ᠨᠢᠯᠪᠤᠰᠤ ᠲᠠᠢ《ᠭᠠᠯᠳᠠᠨ ᠪᠢᠳᠡᠨ ᠢ᠋ ᠰᠦᠢᠳᠬᠡᠪᠡ᠃ ᠭᠠᠯᠳᠠᠨ ᠮᠢᠨᠦ ᠥᠬᠢᠳ ᠲᠡᠢ ᠭᠡᠷᠯᠡᠭᠰᠡᠨ ᠭᠢᠷᠢᠨ᠎ᠡ ᠡᠪᠦᠭᠡᠨ ᠨᠠᠮᠠᠶ᠋ᠢ ᠳᠠᠷᠤᠩᠭᠤᠢᠯᠠᠨ ᠬᠣᠭᠣᠰᠣᠯᠠᠪᠠ 》ᠭᠡᠵᠦ ᠭᠣᠮᠣᠳᠠᠯᠯᠠᠵᠤ ᠪᠠᠢᠵᠠᠢ᠃ ᠴᠣᠬᠣᠮ ᠳ᠋ᠠᠭᠠᠨ ᠰᠠᠪᠳᠠᠨᠵᠠᠯ ᠤ᠋ᠨ ᠮᠠᠨᠵᠤ ᠶ᠋ᠢᠨ ᠲᠤᠷᠰᠢᠭᠤᠯ᠂ ᠲᠥᠯᠥᠭᠡᠨ ᠦ᠌ ᠬᠥᠮᠦᠰ ᠦ᠋ᠨ ᠵᠢᠭᠠᠪᠤᠷᠢ ᠪᠠᠷ ᠳᠣᠲᠣᠷ᠎ᠠ ᠠ᠋ᠴᠠ ᠨᠢ ᠬᠠᠭᠠᠯᠤᠭᠰᠠᠨ ᠬᠣᠣᠷᠲᠤ ᠰᠠᠨᠠᠭ᠎ᠠ ᠪᠠᠢᠵᠠᠢ᠃
 ᠠᠨᠤ ᠬᠠᠲᠤᠨ ᠴᠢᠬᠡ ᠰᠠᠭᠤᠵᠤ᠂
—  ᠬᠥᠪᠡᠭᠦᠨ ᠮᠢᠨᠢ ᠲᠥᠷᠥᠭᠰᠡᠨ ᠡᠬᠡ ᠪᠡᠨ ᠰᠣᠨᠣᠰ᠃ ᠴᠢ ᠭᠠᠯᠳᠠᠨ ᠬᠠᠭᠠᠨ ᠢ᠋ ᠳᠡᠮᠵᠢᠬᠦ ᠤᠤ? ᠭᠡᠮᠡᠨ ᠴᠠᠸᠠᠩᠷᠠᠪᠳᠠᠨ ᠠ᠋ᠴᠠ ᠠᠰᠠᠭᠤᠵᠠᠢ᠃
—  ᠭᠠᠯᠳᠠᠨ ᠨᠠᠮᠠᠶ᠋ᠢ ᠠᠯᠠᠬᠤ ᠪᠠᠢᠭᠰᠠᠨ᠃ ᠪᠢ ᠵᠢᠭᠤᠲᠠᠭᠰᠠᠭᠠᠷ ᠡᠳᠦᠢ ᠬᠦᠷᠪᠡ᠃ ᠲᠥᠪᠡᠳ ᠡᠴᠡ ᠠᠯᠠᠬᠤ ᠳᠠᠭᠠᠭᠠᠯᠭᠠᠪᠤᠷᠢ ᠠᠪᠤᠭᠰᠠᠨ᠃ ᠨᠠᠰᠤᠨ ᠤ᠋ ᠪᠤᠷᠬᠠᠨ ᠤ᠋ ᠨᠡᠷ᠎ᠡ ᠲᠡᠢ ᠬᠥᠮᠦᠨ ᠢ᠋ ᠠᠯᠠᠬᠤ ᠶᠣᠰᠣᠲᠠᠢ᠃ ᠭᠠᠯᠳᠠᠨ ᠬᠠᠭᠠᠨ ᠯᠠᠮᠠ ᠬᠤᠸᠠᠷᠠᠭ ᠬᠥᠮᠦᠨ ᠪᠣᠯᠬᠣᠷ ᠴᠡᠭᠡᠵᠢ ᠰᠠᠢᠲᠠᠢ᠃ ᠯᠠᠪ ᠮᠠᠷᠲᠠᠭ᠎ᠠ ᠦᠭᠡᠢ ᠶᠠᠪᠤᠨ᠎ᠠ᠃ ᠡᠨᠡ ᠶᠠᠪᠤᠳᠠᠯ ᠢ᠋ ᠴᠢᠬᠢ ᠪᠡᠷ ᠰᠣᠨᠣᠰᠤᠭᠰᠠᠨ ᠯᠠᠮᠠ ᠬᠥᠮᠦᠨ ᠡᠴᠡ ᠪᠢ ᠴᠢᠬᠢ ᠪᠡᠷ ᠢ᠋ᠶ᠋ᠡᠨ ᠰᠣᠨᠣᠰᠤᠭᠰᠠᠨ᠃ ᠬᠠᠲᠤᠨ ᠡᠬᠡ ᠲᠠ ᠬᠣᠯᠠ ᠵᠠᠮ ᠲᠤᠭᠤᠯᠵᠤ ᠨᠠᠳᠠ ᠤᠷᠤᠭᠤ ᠳᠡᠮᠡᠢ ᠢᠷᠡᠵᠡᠢ᠃ ᠮᠢᠨᠦ ᠬᠡᠯᠡᠭᠰᠡᠨ  ᠢ᠋ ᠭᠠᠯᠳᠠᠨ ᠬᠠᠭᠠᠨ ᠳ᠋ᠤ᠌ ᠬᠡᠯᠡᠭᠡᠷᠡᠢ᠃ ᠬᠠᠯᠬ᠎ᠠ ᠮᠣᠩᠭᠣᠯ ᠳ᠋ᠤ᠌ ᠢᠲᠡᠭᠡᠬᠦ ᠶᠠᠭᠤᠮ᠎ᠠ ᠪᠠᠢᠬᠤ ᠦᠭᠡᠢ ᠭᠡᠳᠡᠭ ᠢ᠋ ᠪᠠᠰᠠ ᠳᠣᠭᠣᠯᠭᠠᠭᠠᠷᠠᠢ ᠭᠡᠮᠡᠨ ᠲᠦᠷᠦᠭᠦᠴᠢ ᠶ᠋ᠢᠨ ᠬᠢ ᠡᠴᠡ ᠪᠡᠨ ᠠᠷᠠᠢ ᠠᠶᠠᠳᠠᠭᠤᠬᠠᠨ ᠥᠭᠦᠯᠡᠭᠡᠳ ᠴᠠᠸᠠᠩᠷᠠᠪᠳᠠᠨ ᠵᠢᠷᠳᠡᠭᠡᠷ ᠨᠢᠳᠦ ᠪᠡᠷ ᠢ᠋ᠶ᠋ᠡᠨ ᠡᠬᠡ ᠪᠡᠨ ᠬᠠᠷᠠᠪᠠ᠃
 ᠠᠨᠤ ᠬᠠᠲᠤᠨ ᠤ᠋ ᠲᠣᠭᠲᠠᠭᠤᠨ ᠭᠡᠢᠩᠭᠡ ᠴᠢᠷᠠᠢ ᠳ᠋ᠤ᠌ ᠡᠷᠡᠭᠡᠯᠵᠡᠭᠡ ᠡᠭᠦᠰᠴᠦ《ᠴᠠᠸᠠᠩᠷᠠᠪᠳᠠᠨ ᠢ᠋ ᠠᠯᠠᠬᠤ ᠶᠣᠰᠣᠲᠠᠢ ᠪᠠᠢᠵᠠᠢ》ᠭᠡᠮᠡᠨ ᠥᠪᠡᠷ ᠲᠡᠭᠡᠨ ᠰᠢᠪᠡᠨᠡᠭᠡᠳ《ᠰᠠᠪᠳᠠᠨᠪᠠᠯᠵᠢᠷ ᠲᠠᠢ ᠬᠠᠮᠲᠤ ᠥᠰᠬᠡᠬᠦ ᠨᠢ ᠥᠩᠭᠡ ᠶ᠋ᠢᠨ ᠦᠭᠡ ᠪᠠᠢᠭᠰᠠᠨ ᠭᠡᠵᠦ ᠤᠤ? 》 ᠭᠡᠮᠡᠨ ᠥᠪᠡᠷ ᠲᠡᠢ ᠪᠡᠨ ᠭᠡᠷᠡᠯᠲᠦᠪᠡ᠃ ᠬᠠᠨ ᠬᠦᠦ ᠴᠠᠸᠠᠩᠷᠠᠪᠳᠠᠨ ᠡᠬᠡ ᠶ᠋ᠢᠨ ᠢ᠋ᠶ᠋ᠡᠨ ᠰᠡᠳᠬᠢᠯ ᠳ᠋ᠦ᠍ ᠬᠣᠣᠷ ᠲᠤᠰᠤᠭᠠᠪᠠ᠃

                      ᠳᠥᠷᠪᠡ

 ᠠᠭᠠᠯᠵᠢ ᠶ᠋ᠢᠨ ᠰᠢᠯᠦᠰᠦ ᠮᠡᠲᠦ ᠲᠣᠣᠷᠯᠠᠵᠤ ᠬᠡᠷᠦᠭᠰᠡᠨ ᠣᠯᠠᠨ ᠰᠠᠨᠠᠭᠠᠲᠠᠨ ᠳᠤᠮᠳᠠ ᠠᠨᠤ ᠬᠠᠲᠤᠨ ᠠᠩᠬ᠎ᠠ ᠤᠳᠠᠭ᠎ᠠ ᠰᠠᠮᠠᠭᠠᠷᠳᠠᠨ᠂ ᠲᠥᠷᠥᠭᠰᠡᠨ ᠬᠥᠪᠡᠭᠦᠨ ᠴᠠᠸᠠᠩᠷᠠᠪᠳᠠᠨ ᠢ᠋ᠶ᠋ᠠᠨ ᠣᠭᠲᠣ ᠲᠠᠨᠢᠬᠤ ᠦᠭᠡᠢ ᠪᠣᠯᠤᠭᠰᠠᠨ ᠢ᠋ᠶ᠋ᠠᠨ ᠣᠢᠯᠠᠭᠠᠵᠠᠢ᠃ ᠬᠠᠲᠤᠨ ᠡᠬᠡ ᠶ᠋ᠢᠨ ᠰᠡᠳᠬᠢᠯ ᠦ᠋ᠨ ᠴᠡᠭᠡᠯ ᠳ᠋ᠦ᠍ ᠰᠡᠪ ᠰᠠᠭᠤᠯᠭᠠᠬᠤ ᠦᠭᠡᠢ ᠭᠡᠵᠦ ᠴᠠᠸᠠᠩᠷᠠᠪᠳᠠᠨ ᠬᠢᠴᠢᠶᠡᠭᠰᠡᠨ ᠴᠦ᠍ ᠤᠭ ᠤ᠋ᠨ ᠭᠦᠵᠢᠷᠮᠡᠭ᠂ ᠣᠮᠣᠭᠯᠠᠩ ᠵᠠᠩ ᠲᠠᠢ ᠲᠤᠯᠠ ᠲᠡᠪᠴᠢᠶᠡᠷᠢ ᠠᠯᠳᠠᠵᠤ᠂ ᠲᠥᠪᠡᠳ ᠯᠠᠮᠠ ᠶ᠋ᠢᠨ ᠦᠭᠡ ᠶ᠋ᠢ ᠬᠡᠯᠡᠵᠦ ᠣᠷᠬᠢᠵᠠᠢ᠃
 ᠠᠨᠤ ᠬᠠᠲᠤᠨ ᠶᠡᠬᠡ ᠡᠪᠡᠰᠦᠲᠦ ᠲᠠᠯ᠎ᠠ᠂ ᠬᠡᠭᠡᠷ᠎ᠡ ᠨᠤᠲᠤᠭ ᠢ᠋ ᠲᠤᠭᠤᠯᠵᠤ ᠶᠠᠪᠤᠬᠤ ᠳ᠋ᠠᠭᠠᠨ《ᠭᠠᠯᠳᠠᠨ ᠬᠠᠭᠠᠨ ᠴᠠᠸᠠᠩᠷᠠᠪᠳᠠᠨ  ᠢ᠋ ᠠᠯᠠᠬᠤ ᠰᠠᠨᠠᠭ᠎ᠠ ᠪᠠᠨ ᠬᠤᠷᠢᠶᠠᠭᠰᠠᠨ ᠶᠤᠮ ᠪᠣᠯᠪᠠ ᠤᠤ? ᠭᠠᠯᠳᠠᠨ ᠨᠢᠭᠤᠴᠠᠯᠢᠭ ᠬᠥᠮᠦᠨ ᠪᠢᠯᠡ᠃ ᠳᠡᠷᠭᠡᠳᠡ ᠪᠠᠢᠭ᠎ᠠ ᠳᠡᠮᠪᠡᠷᠢᠯ ᠬᠥᠪᠡᠭᠦᠨ ᠭᠠᠯᠳᠠᠨ ᠢ᠋ ᠥᠪᠴᠢᠵᠦ ᠲᠥᠷᠥᠭᠰᠡᠨ ᠠᠲᠠᠯ᠎ᠠ ᠨᠠᠳᠠᠳᠤ ᠡᠨᠡ ᠲᠤᠬᠠᠢ ᠬᠡᠯᠡᠭᠰᠡᠨ ᠪᠢᠯᠢᠤ? ᠬᠠᠭᠠᠨ ᠢ᠋ ᠬᠠᠷᠠᠮᠯᠠᠬᠤ ᠡᠷᠬᠡ ᠨᠠᠳᠠᠳᠤ ᠪᠠᠢᠬᠤ ᠦᠭᠡᠢ᠃ ᠬᠠᠭᠠᠨ ᠤ᠋ ᠦᠷ᠎ᠡ ᠰᠠᠲᠤ ᠥᠨᠢᠷ ᠥᠳᠬᠡᠨ ᠪᠠᠢᠬᠤ ᠲᠣᠰᠤᠮ ᠤᠳᠤᠮ ᠤᠭᠰᠠᠭ᠎ᠠ ᠨᠢ ᠪᠡᠬᠢᠵᠢᠨ᠎ᠡ᠃ ᠬᠡᠷᠪᠡ ᠴᠠᠸᠠᠩᠷᠠᠪᠳᠠᠨ ᠢ᠋ ᠠᠪᠴᠢᠷᠠᠭᠰᠠᠨ ᠪᠣᠯ ᠭᠠᠯᠳᠠᠨ ᠬᠠᠭᠠᠨ ᠠᠯᠠᠬᠤ ᠪᠠᠢᠭᠰᠠᠨ ᠤᠤ? ᠴᠠᠸᠠᠩᠷᠠᠪᠳᠠᠨ ᠳ᠋ᠤ᠌ ᠣᠢᠷᠠᠳ ᠡᠷ᠎ᠡ ᠶ᠋ᠢᠨ ᠣᠮᠣᠭᠯᠠᠩ ᠵᠢᠷᠦᠬᠡ᠂ ᠬᠠᠯᠠᠭᠤᠨ ᠴᠢᠰᠤ ᠪᠤᠴᠠᠯᠬᠤ ᠬᠢᠷᠢ ᠨᠢ ᠭᠠᠯᠳᠠᠨ ᠢ᠋ ᠳᠠᠭᠠᠬᠤ ᠳᠤᠷ᠎ᠠ ᠦᠭᠡᠢ ᠶᠤᠮ᠃ ᠬᠠᠭᠠᠨ ᠡᠴᠢᠭᠡ᠂ ᠬᠥᠪᠡᠭᠦᠨ ᠢ᠋ ᠥᠪᠡᠷ ᠦ᠋ᠨ ᠬᠢ ᠪᠡᠷ ᠢ᠋ᠶ᠋ᠡᠨ ᠬᠥᠮᠦᠨ ᠪᠣᠯᠭᠠᠵᠠᠢ᠃ ᠶᠡᠬᠡ ᠲᠡᠢᠨ ᠪᠠᠢᠯᠳᠤᠭᠠᠨ ᠤ᠋ ᠪᠤᠳᠠᠩ ᠳ᠋ᠤ᠌ ᠲᠥᠭᠡᠷᠢᠯᠳᠦᠵᠦ ᠰᠡᠳᠬᠢᠯ ᠰᠠᠨᠠᠭ᠎ᠠ ᠲᠠᠢᠪᠤᠩ ᠦᠭᠡᠢ ᠪᠠᠢᠨ᠎ᠠ》ᠭᠡᠮᠡᠨ ᠡᠷᠭᠢᠴᠡᠭᠦᠯᠦᠨ᠎ᠡ᠃ ᠠᠨᠤ ᠬᠠᠲᠤᠨ ᠤ᠋ ᠰᠠᠭᠤᠵᠤ ᠶᠠᠪᠤᠭ᠎ᠠ ᠰᠡᠦᠬᠡ ᠲᠡᠷᠭᠡ ᠵᠣᠭᠰᠣᠪᠠ᠃
—  ᠬᠠᠲᠤᠨ ᠲᠠ ᠠᠮᠠᠷᠠᠬᠤ ᠤᠤ? ᠨᠡᠯᠢᠶᠡᠳ ᠤᠳᠠᠭᠠᠨ ᠶᠠᠪᠤᠴᠢᠬᠠᠯ᠎ᠠ ᠭᠡᠮᠡᠨ ᠬᠥᠬᠡ ᠪᠤᠭᠤᠷᠤᠯ ᠰᠠᠬᠠᠯ ᠲᠠᠢ ᠭᠦᠵᠢᠷᠮᠡᠭ ᠡᠷ᠎ᠡ ᠶ᠋ᠢ ᠥᠭᠦᠯᠡᠬᠦ ᠳ᠋ᠦ᠍ ᠠᠨᠤ ᠬᠠᠲᠤᠨ᠂
—  ᠪᠢ ᠡᠨᠳᠡ ᠥᠰᠦᠭᠰᠡᠨ ᠶᠤᠮ ᠳᠡ ᠭᠡᠳ ᠰᠡᠦᠬᠡ ᠡᠴᠡ ᠪᠠᠭᠤᠯ᠎ᠠ᠃
 ᠬᠢᠵᠠᠭᠠᠷ ᠦᠭᠡᠢ ᠲᠠᠯ᠎ᠠ ᠶ᠋ᠢᠨ ᠬᠠᠶᠠᠭ᠎ᠠ ᠬᠣᠯᠠᠬᠢ ᠴᠡᠩᠬᠡᠷ ᠠᠭᠤᠯᠠᠰ ᠲᠠᠢ ᠨᠡᠢᠯᠡᠵᠡᠢ᠃ ᠲᠠᠯ᠎ᠠ ᠬᠡᠭᠡᠷ᠎ᠡ ᠨᠤᠲᠤᠭ ᠢ᠋ᠶ᠋ᠠᠷ ᠬᠣᠲᠠ ᠬᠣᠲᠠ ᠲᠡᠮᠡᠭᠡ ᠪᠡᠯᠴᠢᠨ᠎ᠡ᠃ ᠬᠥᠲᠥᠴᠢ ᠬᠠᠲᠤᠨ ᠠ᠋ᠴᠠ ᠬᠣᠯᠠᠳᠪᠠ᠃ ᠳᠠᠭᠠᠭᠤᠯᠢ ᠴᠡᠷᠢᠭ ᠦ᠋ᠳ ᠬᠠᠲᠤᠨ ᠤ᠋ ᠰᠡᠦᠬᠡ ᠲᠡᠷᠭᠡᠨ ᠡᠴᠡ ᠵᠠᠢᠳᠠᠭᠤᠬᠠᠨ ᠵᠣᠭᠰᠣᠵᠤ᠂ ᠮᠣᠷᠢᠳ ᠰᠢᠭᠡᠰᠦ ᠠᠯᠳᠠᠬᠤ ᠠᠵᠢ᠃ ᠠᠭᠢ᠂ ᠭᠠᠩᠭ᠎ᠠ ᠶ᠋ᠢᠨ ᠦᠨᠦᠷ ᠠᠮᠠ ᠬᠠᠮᠠᠷ ᠢ᠋ᠶ᠋ᠠᠷ ᠰᠡᠩᠭᠢᠨᠡᠨ ᠬᠠᠩᠬᠤᠯᠬᠤ ᠳ᠋ᠤ᠌ ᠠᠨᠤ ᠬᠠᠲᠤᠨ ᠭᠦᠨᠵᠡᠭᠡᠢ ᠠᠮᠢᠰᠬᠤᠯᠯᠠᠵᠤ᠂
— ᠬᠥᠲᠥᠴᠢ ᠲᠠ ᠠᠯᠢ ᠨᠤᠲᠤᠭ ᠤ᠋ᠨ ᠪᠣᠢ? ᠭᠡᠵᠦ ᠠᠰᠠᠭᠤᠪᠠ᠃
—  ᠬᠥᠬᠡᠨᠠᠭᠤᠷ ᠤ᠋ᠨ ᠬᠣᠱᠤᠳ ᠁ 
—  ᠳᠠᠩᠴᠤ ᠥᠨᠳᠡᠭᠡᠲᠦ ᠴᠥᠭᠥᠷᠥᠮ ᠢ᠋ ᠮᠡᠳᠡᠭᠡᠳ ᠪᠠᠢᠭᠰᠠᠨ ᠶᠤᠮ ᠠ᠋᠃ ᠥᠨᠳᠡᠭᠡᠲᠦ ᠴᠥᠭᠥᠷᠥᠮ ᠡᠵᠡᠭᠦᠢᠷᠡᠵᠡᠢ᠃ ᠵᠤᠨ ᠤ᠋ ᠡᠬᠢ ᠪᠡᠷ ᠠᠩᠭᠠᠬᠠᠢ ᠳᠡᠭᠳᠡᠭᠡᠬᠡᠢ ᠱᠤᠯᠤᠭᠠᠨᠠᠵᠤ ᠪᠠᠢᠳᠠᠭ ᠰᠠᠨ᠃ ᠰᠢᠪᠠᠭᠤᠨ ᠤ᠋ ᠵᠢᠭᠦᠷ ᠤᠷᠭᠤᠬᠤ ᠪᠠᠷ ᠡᠭᠦᠷ ᠢ᠋ᠶ᠋ᠡᠨ ᠣᠷᠬᠢᠭᠠᠳ ᠨᠢᠰᠴᠢᠬᠡᠨ᠎ᠡ᠃ ᠪᠢ ᠴᠦ᠍ ᠢᠯᠭᠠᠭ᠎ᠠ ᠦᠭᠡᠢ ᠰᠦᠢᠲᠦ ᠬᠠᠨ ᠬᠦᠦ ᠳ᠋ᠡᠭᠡᠨ ᠣᠴᠢᠭᠰᠠᠨ᠃ ᠡᠮᠡᠰ ᠥᠬᠢᠳ ᠪᠣᠯᠬᠣᠷ ᠲᠡᠭᠡᠷᠮ᠎ᠡ ᠳ᠋ᠦ᠍ ᠣᠷᠣᠵᠤ ᠪᠠᠢᠭ᠎ᠠ ᠲᠠᠷᠢᠶ᠎ᠠ ᠰᠢᠭ᠋ ᠪᠡᠶ᠎ᠡ ᠰᠡᠳᠬᠢᠯ ᠢ᠋ᠶ᠋ᠡᠷ ᠢ᠋ᠶ᠋ᠡᠨ ᠨᠢᠴᠠᠯᠠᠭᠳᠠᠵᠦ ᠣᠷᠬᠢᠨ᠎ᠠ᠃
—  ᠬᠠᠲᠤᠨ ᠲᠠ ᠰᠠᠢᠬᠠᠨ ᠬᠡᠯᠡᠯ᠎ᠡ᠃ ᠥᠬᠢᠨ ᠦᠷ᠎ᠡ ᠶ᠋ᠢᠨ ᠵᠠᠶᠠᠭ᠎ᠠ ᠬᠥᠮᠦᠨ ᠦ᠌ ᠠᠳᠬᠤᠨ ᠳ᠋ᠤ᠌ ᠪᠤᠰᠤ ᠤᠤ?
—  ᠡᠮᠡᠰ ᠪᠢᠳᠡ ᠦᠢᠯᠡ ᠯᠠᠢ ᠶᠡᠬᠡᠲᠡᠢ ᠳᠡ᠃ ᠦᠢᠯᠡ ᠶ᠋ᠢᠨ ᠦᠷ᠎ᠡ ᠡᠴᠡ ᠶᠠᠮᠠᠷ ᠵᠠᠢᠯᠠᠬᠤ ᠪᠢᠰᠢ᠃ ᠦᠢᠯᠡ ᠪᠡᠨ ᠳᠠᠭᠠᠭᠠᠳ ᠠᠮᠢᠳᠤᠷᠠᠭᠠᠳ ᠶᠠᠪᠤᠨ᠎ᠠ ᠰᠢᠦ ᠳᠡ᠃
—  ᠬᠠᠲᠤᠨ ᠲᠠ ᠭᠤᠨᠢᠭ ᠲᠠᠢ ᠦᠭᠡ ᠶᠠᠭᠤᠨ ᠳ᠋ᠤ᠌ ᠤᠷᠤᠰᠬᠠᠨ᠎ᠠ᠃ ᠲᠠᠨ ᠤ᠋ ᠰᠡᠳᠬᠢᠯ ᠲᠠᠪᠠ ᠦᠭᠡᠢ ᠪᠠᠢᠨ᠎ᠠ ᠤᠤ?
—  ᠡᠴᠢᠭᠡ ᠡᠬᠡ ᠶ᠋ᠢᠨ ᠨᠤᠲᠤᠭ ᠵᠡᠭᠦᠳᠦ ᠰᠢᠭ ᠰᠠᠨᠠᠭᠳᠠᠨ᠎ᠠ᠃ ᠬᠠᠭᠠᠨ ᠣᠷᠳᠣᠨ ᠳ᠋ᠤ᠌ ᠣᠴᠢᠭᠰᠠᠨ ᠴᠠᠭ ᠠ᠋ᠴᠠ ᠡᠨᠳᠡ ᠴᠥᠭᠡᠨ ᠢᠷᠡᠵᠡᠢ᠃ ᠬᠣᠱᠤᠳ ᠤ᠋ᠨ ᠪᠤᠢᠷ ᠡᠵᠡᠭᠦᠢ ᠬᠠᠷᠠᠭᠳᠠᠨ᠎ᠠ᠃
—  ᠠᠯᠪᠠ ᠶᠡᠬᠡᠲᠡᠢ ᠪᠣᠯᠬᠣᠷ ᠠᠷᠭ᠎ᠠ ᠦᠭᠡᠢ ᠪᠢᠵᠡ᠃
— ᠮᠢᠨᠦ ᠵᠢᠷᠦᠬᠡ ᠳᠤᠲᠠᠭᠰᠠᠨ ᠠ᠋ᠴᠠ ᠪᠣᠯᠵᠠᠢ᠃ ᠨᠠᠳᠠ ᠠ᠋ᠴᠠ ᠥᠭᠡᠷ᠎ᠡ ᠵᠣᠷᠢᠮᠠᠭ ᠬᠠᠲᠤᠨ ᠪᠠᠢᠭᠰᠠᠨ ᠪᠣᠯ ᠦᠴᠢᠨᠡᠬᠡᠨ ᠢᠷᠡᠬᠦ ᠰᠠᠨ᠃ ᠬᠥᠭᠡᠷᠦᠬᠦᠢ ᠠᠬᠠᠳᠠᠷ᠎ᠠ ᠮᠢᠨᠢ ᠬᠠᠮᠢᠭ᠎ᠠ ᠶᠠᠪᠤᠳᠠᠭ ᠪᠣᠯ ᠳᠠ? ᠵᠠᠭᠠᠷ ᠤ᠋ᠨ ᠣᠷᠣᠨ ᠳ᠋ᠤ᠌ ᠪᠡᠶ᠎ᠡ ᠪᠡᠨ ᠵᠣᠯᠢᠭᠰᠠᠨ᠃
—  ᠠᠬᠠᠢᠲᠠᠨ ᠴᠡᠯ ᠵᠠᠯᠠᠭᠤ ᠪᠠᠷ ᠢ᠋ᠶ᠋ᠠᠨ ᠬᠠᠨᠳᠠᠮ᠎ᠠ ᠳ᠋ᠤ᠌ ᠬᠤᠪᠢᠯᠤᠭᠰᠠᠨ ᠭᠡᠳᠡᠭ᠃ ᠶᠠᠭᠠᠬᠢᠭᠰᠠᠨ ᠭᠡᠵᠦ ᠲᠡᠷᠡ ᠶᠤᠮ ᠪᠣᠯ ᠳᠠ?
—  ᠪᠤᠷᠬᠠᠨ ᠤ᠋ ᠱᠠᠰᠢᠨ ᠤ᠋ ᠰᠤᠳᠤᠷ ᠪᠢᠴᠢᠭ ᠦ᠋ᠨ ᠳᠠᠭᠤᠨ ᠬᠥᠷᠪᠡᠭᠦᠯᠭᠡ ᠶ᠋ᠢ ᠲᠤᠯᠭᠠᠵᠤ ᠤᠩᠰᠢᠭᠰᠠᠭᠠᠷ ᠡᠴᠦᠰ ᠲᠡᠭᠡᠨ ᠢᠲᠡᠭᠡᠵᠦ ᠲᠡᠢᠮᠦ ᠬᠠᠴᠢᠨ ᠰᠢᠢᠳᠪᠦᠷᠢ ᠳ᠋ᠦ᠍ ᠠᠬᠠᠳᠠᠷ᠎ᠠ ᠮᠢᠨᠢ ᠬᠦᠷᠦᠭᠰᠡᠨ ᠰᠠᠨ᠃ ᠥᠭᠡᠷ᠎ᠡ ᠵᠣᠪᠠᠯᠠᠩ ᠲᠡᠭᠦᠨ ᠳ᠋ᠦ᠍ ᠪᠣᠢ᠃ ᠶᠡᠬᠡ ᠵᠣᠪᠠᠯᠠᠩ ᠳ᠋ᠤ᠌ ᠤᠨᠠᠭᠰᠠᠨ ᠬᠡᠦᠬᠡᠨ᠃
 ᠬᠡᠭᠡᠷ᠎ᠡ ᠲᠠᠯ᠎ᠠ ᠳ᠋ᠤ᠌ ᠬᠡ ᠲᠡᠢ ᠰᠢᠷᠢᠮᠡᠯ ᠣᠯᠪᠣᠭ ᠳᠡᠪᠢᠰᠴᠦ ᠬᠠᠲᠤᠨ ᠪᠣᠬᠢᠷᠤᠨ ᠰᠠᠭᠤᠭᠠᠳ ᠠᠶᠠᠨ ᠤ᠋ ᠴᠠᠢ ᠵᠣᠭᠣᠭᠯᠠᠪᠠ᠃ ᠥᠷᠥᠮ᠎ᠡ᠂ ᠪᠢᠰᠢᠯᠠᠭ᠂ ᠬᠤᠷᠤᠳ ᠲᠡᠷᠢᠭᠦᠲᠡᠨ ᠢᠳᠡᠭᠡ ᠶ᠋ᠢ ᠣᠯᠪᠣᠭ ᠳᠡᠭᠡᠷ᠎ᠡ ᠥᠷᠥᠵᠡᠢ᠃ ᠳᠠᠭᠠᠭᠤᠯᠢ ᠴᠡᠷᠢᠭ ᠡᠷᠡᠰ ᠪᠣᠭᠴᠣᠨ ᠠ᠋ᠴᠠ ᠪᠠᠨ ᠮᠢᠬ᠎ᠠ ᠭᠠᠷᠭᠠᠵᠤ ᠵᠤᠯᠭᠠᠭᠠᠵᠤ ᠢᠳᠡᠵᠡᠭᠡᠪᠡ᠃ ᠡᠪᠡᠰᠦ ᠨᠣᠭᠣᠭᠠᠨ ᠤ᠋ ᠬᠦᠷᠡᠩ  ᠪᠢᠳᠤᠷᠲᠤ ᠲᠣᠯᠣᠭᠠᠢ ᠬᠡᠭᠡᠷ᠎ᠡ ᠶ᠋ᠢᠨ ᠰᠠᠯᠬᠢᠨ ᠤ᠋ ᠠᠶᠠᠰ ᠢ᠋ᠶ᠋ᠠᠷ ᠬᠠᠯᠢᠭᠤᠷᠠᠵᠤ ᠳᠣᠯᠭᠢᠶᠠᠯᠠᠨ᠎ᠠ᠃ ᠡᠪᠡᠰᠦ ᠨᠣᠭᠣᠭ᠎ᠠ ᠶᠠᠮᠠᠷ ᠶᠡᠬᠡ ᠤᠢᠳᠬᠠᠷᠲᠠᠢ ᠳᠣᠯᠭᠢᠶᠠᠯᠠᠨ ᠨᠠᠢᠭᠤᠳᠠᠭ ᠢ᠋ ᠠᠨᠤ ᠬᠠᠲᠤᠨ ᠬᠠᠷᠠᠭᠰᠠᠭᠠᠷ ᠪᠠᠢᠯ᠎ᠠ᠃ ᠬᠣᠱᠤᠳ ᠨᠤᠲᠤᠭ ᠤ᠋ᠨ ᠡᠪᠡᠰᠦ ᠬᠦᠷᠲᠡᠯ᠎ᠡ ᠬᠥᠪᠰᠥᠯᠵᠡᠨ ᠨᠠᠢᠭᠤᠳᠠᠭ ᠪᠠᠢᠯ᠎ᠠ᠃ ᠶᠡᠬᠡ ᠡᠪᠡᠰᠦᠨ ᠳᠠᠯᠠᠢ ᠳ᠋ᠤ᠌ ᠵᠡᠭᠡᠷ᠎ᠡ ᠶ᠋ᠢᠨ ᠢᠨᠵᠠᠭ᠎ᠠ ᠲᠥᠷᠥᠳᠡᠭ ᠪᠤᠰᠤ ᠤᠤ?

ᠦᠰᠦᠭ ᠠᠮᠢᠯᠠᠭᠤᠯᠤᠭᠴᠢ᠄ ᠣᠶᠤᠨᠴᠢᠮᠡᠭ᠂ ᠨᠠᠷᠠᠨᠲᠣᠭᠣᠰ᠂ ᠡᠷᠳᠡᠨᠢᠪᠢᠯᠢᠭ᠂ ᠤᠳᠤᠨᠭᠡᠷᠡᠯ᠂ ᠠᠮᠤᠷᠪᠠᠶᠠᠷ᠂ ᠪᠦᠷᠢᠨᠴᠡᠴᠡᠭ
ᠬᠢᠨᠠᠭᠴᠢ ᠪᠠᠭᠰᠢ᠄ ᠤᠤᠭᠠᠨᠵᠢᠳ᠂ ᠨᠠᠷᠠᠨᠲᠣᠭᠣᠰ

                      ᠲᠠᠪᠤ

      ᠬᠠᠲᠤᠨ ᠡᠬᠡ ᠨᠢ ᠭᠡᠨᠡᠳᠲᠡ ᠬᠦᠷᠴᠦ ᠢᠷᠡᠭᠰᠡᠨ ᠳ᠋ᠦ᠍ ᠴᠠᠸᠠᠩᠷᠠᠪᠳᠠᠨ ᠤᠭ ᠠ᠋ᠴᠠ ᠳᠤᠷᠠᠮᠵᠢᠬᠠᠨ ᠪᠠᠢᠪᠠ᠃ ᠬᠣᠱᠤᠳ ᠴᠡᠷᠢᠭ ᠦ᠋ᠨ ᠬᠦᠷᠢᠶ᠎ᠡ ᠨᠢᠭᠡ ᠲᠠᠯ᠎ᠠ ᠳ᠋ᠠᠭᠠᠨ ᠵᠢᠯᠠᠭ᠎ᠠ ᠲᠠᠢ ᠥᠨᠳᠥᠷ ᠮᠥᠷᠭᠥᠴᠡᠭ ᠳᠡᠭᠡᠷ᠎ᠡ ᠪᠠᠢᠷᠢᠯᠠᠵᠠᠢ᠃ ᠴᠠᠸᠠᠩᠷᠠᠪᠳᠠᠨ ᠬᠠᠨ ᠬᠦᠦ ᠶ᠋ᠢᠨ ᠮᠣᠷᠢᠲᠤ ᠴᠡᠷᠢᠭ ᠦ᠋ᠳ ᠪᠡᠯᠡᠳᠬᠡᠯ ᠰᠤᠷᠭᠠᠭᠤᠯᠢ ᠰᠠᠢᠲᠠᠢ ᠠᠵᠢ᠃ ᠴᠠᠰᠤ ᠵᠤᠳ᠂ ᠭᠠᠩ ᠭᠠᠴᠢᠭ᠂ ᠦᠬᠦᠯ ᠬᠠᠭᠠᠴᠠᠯ ᠲᠤᠭᠤᠯᠵᠤ ᠪᠡᠷᠬᠡ ᠶ᠋ᠢ ᠠᠮᠰᠠᠭᠰᠠᠨ ᠴᠠᠸᠠᠩᠷᠠᠪᠳᠠᠨ ᠬᠠᠨ ᠬᠦᠦ ᠬᠠᠲᠤᠨ ᠡᠬᠡ ᠪᠡᠨ ᠲᠡᠷᠡ ᠪᠦᠷᠢ ᠳ᠋ᠦ᠍ ᠪᠤᠷᠤᠭᠤᠳᠬᠠᠵᠤ ᠪᠠᠢᠭ᠎ᠠ ᠦᠭᠡᠢ ᠪᠣᠯᠪᠠᠴᠤ ᠠᠪᠠᠭ᠎ᠠ ᠬᠠᠭᠠᠨ ᠭᠠᠯᠳᠠᠨ ᠢ᠋ ᠡᠪᠦᠭᠡ ᠡᠴᠢᠭᠡ ᠶ᠋ᠢᠨ ᠠᠳᠠᠯᠢ ᠪᠤᠷᠤᠭᠤᠳᠬᠠᠳᠠᠭ ᠪᠠᠢᠯ᠎ᠠ᠃
ᠬᠠᠲᠤᠨ ᠡᠬᠡ ᠠᠨᠤ ᠨᠢ ᠶᠡᠷᠦᠳᠡ ᠶ᠋ᠢᠨ ᠲᠣᠷᠭᠠᠨ ᠬᠤᠪᠴᠠᠰᠤ ᠲᠠᠢ ᠪᠠᠢᠪᠠ᠃ ᠠᠨᠤ ᠨᠢᠳᠦᠨ ᠳ᠋ᠡᠭᠡᠨ ᠨᠢᠯᠪᠤᠰᠤ ᠮᠡᠯᠲᠡᠯᠵᠡᠭᠦᠯᠦᠨ ᠬᠥᠪᠡᠭᠦᠨ ᠲᠡᠢ ᠪᠡᠨ ᠵᠣᠯᠭᠠᠪᠠ᠃ ᠬᠠᠨ ᠬᠥᠪᠡᠭᠦᠨ ᠴᠠᠸᠠᠩᠷᠠᠪᠳᠠᠨ ᠨᠠᠷᠠ ᠰᠠᠯᠬᠢᠨ ᠳ᠋ᠤ᠌ ᠣᠩᠭᠣᠭᠰᠠᠨ ᠬᠥᠷᠥᠰᠥᠯᠢᠭ ᠴᠢᠷᠠᠢ ᠲᠠᠢ᠂ ᠴᠡᠭᠡᠵᠢ ᠲᠡᠨᠢᠭᠦᠨ᠂ ᠨᠢᠳᠦ ᠡᠴᠢᠭᠡ ᠬᠠᠭᠠᠨ ᠯᠤᠬ᠎ᠠ ᠵᠢᠷᠳᠡᠭᠡᠷ ᠵᠢᠬᠡᠭᠦᠨ ᠠᠵᠢ᠃
     — ᠡᠬᠡ ᠲᠠᠨ ᠢ᠋ ᠬᠡᠨ ᠵᠠᠷᠤᠪᠠ? ᠲᠠ ᠵᠡᠭᠦᠨᠭᠠᠷ ᠤ᠋ᠨ ᠬᠠᠭᠠᠨ ᠤ᠋ ᠶᠡᠬᠡ ᠬᠠᠲᠤᠨ ᠪᠤᠰᠤ ᠤᠤ? ᠶᠠᠭᠤᠨ ᠳ᠋ᠤ᠌ ᠥᠴᠦᠬᠡᠨ ᠬᠥᠪᠡᠭᠦᠨ ᠢ᠋ ᠵᠣᠷᠢᠪᠠ᠃
     — ᠢᠷᠡᠶ᠎ᠡ ᠭᠡᠵᠦ ᠢᠷᠡᠯ᠎ᠡ᠂ ᠬᠥᠪᠡᠭᠦᠨ!
     — ᠨᠠᠳᠠᠳᠤ ᠳᠠᠢᠰᠤᠨ ᠨᠥᠬᠥᠷ ᠬᠣᠶᠠᠭᠤᠯᠠ ᠪᠠᠨ ᠪᠣᠢ᠃ ᠠᠪᠠᠭ᠎ᠠ ᠬᠠᠭᠠᠨ ᠨᠠᠳᠠᠳᠤ ᠠᠲᠠᠭᠠᠲᠤ ᠳᠠᠢᠰᠤᠨ ᠮᠡᠲᠦ ᠰᠠᠨᠠᠭᠳᠠᠳᠠᠭ᠃ ᠨᠠᠮᠠᠶ᠋ᠢ ᠠᠯᠠᠬᠤ ᠰᠠᠨᠠᠭ᠎ᠠ ᠪᠠᠨ ᠲᠡᠷᠡ ᠪᠡᠷ ᠬᠤᠷᠢᠶᠠᠭᠰᠠᠨ ᠭᠡᠵᠦ ᠤᠤ? ᠪᠤᠷᠬᠠᠨ ᠲᠡᠭᠦᠨ ᠢ᠋ ᠢᠳᠬᠠᠭᠰᠠᠨ ᠪᠤᠰᠤ ᠤᠤ?
     — ᠬᠠᠭᠠᠨ ᠤ᠋ ᠶᠠᠪᠤᠳᠠᠯ ᠢ᠋ ᠪᠢ ᠶᠠᠭᠠᠬᠢᠵᠤ ᠮᠡᠳᠡᠨ᠎ᠡ᠃ ᠴᠢᠮᠠᠶ᠋ᠢ ᠬᠥᠪᠡᠭᠦᠨ ᠲᠡᠢ ᠪᠡᠨ ᠬᠠᠮᠲᠤ ᠥᠰᠬᠡᠬᠦ ᠶᠤᠮᠰᠠᠨ᠃ ᠲᠡᠷᠡ ᠪᠢᠳᠡᠨ ᠡᠴᠡ ᠬᠣᠯᠠᠳᠤᠯ᠎ᠠ ᠰᠢᠦ ᠳᠡ ᠭᠡᠳᠡᠭ ᠪᠠᠢᠭᠰᠠᠨ᠃
     — ᠬᠥᠬᠡ ᠲᠩᠷᠢ ᠶ᠋ᠢᠨ ᠳᠠᠭᠤᠳᠠᠯᠭ᠎ᠠ ᠢᠷᠡᠪᠡᠯ ᠰᠠᠪᠳᠠᠨᠪᠠᠯᠵᠢᠷ ᠪᠢᠳᠡ ᠨᠢᠭᠡᠳᠦᠨ᠎ᠡ᠃ ᠴᠣᠷᠣᠰ ᠠᠢᠮᠠᠭ ᠤ᠋ᠨ ᠬᠦᠷᠢᠶᠡᠨ ᠳ᠋ᠦ᠍ ᠨᠠᠮᠠᠶ᠋ᠢ ᠠᠪᠠᠴᠢᠨ᠎ᠠ ᠭᠡᠪᠡᠯ ᠪᠢ ᠲᠠᠲᠠᠭᠠᠯᠵᠠᠨ᠎ᠠ᠃ ᠳᠠᠢᠯᠠᠷ᠎ᠠ ᠮᠠᠨᠵᠤ ᠳ᠋ᠤ᠌ ᠮᠣᠷᠳᠠᠬᠤ ᠰᠠᠨᠠᠯ ᠲᠠᠯᠪᠢᠪᠠᠯ ᠪᠢ ᠪᠠᠰᠠ ᠲᠠᠲᠠᠭᠠᠯᠵᠠᠨ᠎ᠠ᠃ ᠠᠪᠠᠭ᠎ᠠ ᠬᠠᠭᠠᠨ ᠠ᠋ᠴᠠ ᠬᠣᠯᠠ ᠪᠠᠢᠬᠤ ᠶ᠋ᠢ ᠬᠦᠰᠡᠨ᠎ᠡ᠃ ᠰᠢᠯᠲᠠᠭᠠᠨ ᠪᠣᠢ᠃
     — ᠬᠥᠪᠡᠭᠦᠨ ᠴᠢ! ᠨᠠᠮᠠᠶ᠋ᠢ ᠡᠬᠡ ᠪᠣᠯᠭᠠᠭᠰᠠᠨ᠃ ᠪᠢ ᠴᠢᠮᠠᠶ᠋ᠢ ᠠᠷᠪᠠᠨ ᠰᠠᠷ᠎ᠠ ᠲᠡᠭᠡᠭᠡᠵᠦ ᠲᠥᠷᠥᠭᠦᠯᠦᠭᠰᠡᠨ᠃ ᠠᠴᠢ ᠨᠡᠬᠡᠵᠦ ᠪᠠᠢᠭ᠎ᠠ ᠪᠤᠰᠤ ᠰᠢᠦ᠃ ᠵᠠᠷᠤᠯ ᠢ᠋ᠶ᠋ᠠᠷ ᠶᠠᠪᠤᠭ᠎ᠠ ᠭᠡᠪᠡᠯ ᠡᠨᠳᠡᠭᠦᠷᠡᠯ ᠪᠣᠯᠤᠨ᠎ᠠ᠃ ᠵᠢᠷᠦᠬᠡ ᠪᠡᠷ ᠢ᠋ᠶ᠋ᠡᠨ ᠢᠷᠡᠭᠰᠡᠨ᠃ ᠪᠢ ᠲᠠᠢᠪᠤᠩ ᠬᠣᠨᠣᠭᠠᠳ ᠪᠤᠴᠠᠶ᠎ᠠ᠃
      — ᠶᠠᠭᠠᠷᠠᠬᠤ ᠶᠠᠭᠤ ᠰᠠᠨ ᠪᠢᠯᠡ᠂ ᠡᠬᠡ ᠮᠢᠨᠢ᠃ ᠨᠠᠮᠠᠶ᠋ᠢ ᠢᠳᠬᠠᠵᠤ ᠳᠥᠩᠭᠡᠬᠦ ᠦᠭᠡᠢ ᠡᠴᠡ ᠠᠶᠠᠨ ᠵᠠᠮ ᠤ᠋ᠨ ᠴᠢᠯᠡᠭᠡ ᠪᠡᠨ ᠭᠠᠷᠭᠠᠭᠠᠳ ᠲᠠᠪᠠ ᠪᠠᠷ ᠢ᠋ᠶ᠋ᠠᠨ ᠪᠤᠴᠠᠭᠲᠤᠨ᠃
     ᠴᠡᠸᠠᠩᠷᠠᠪᠳᠡᠨ ᠤᠭ ᠠ᠋ᠴᠠ ᠪᠠᠨ ᠵᠥᠷᠢᠭᠦᠳ ᠦᠭᠡᠢ ᠠᠲᠠᠯ᠎ᠠ ᠡᠬᠡ ᠲᠡᠢ ᠪᠡᠨ ᠴᠥᠭᠡᠨ ᠠᠭᠤᠯᠵᠠᠵᠤ ᠨᠢᠯᠬ᠎ᠠ ᠪᠠᠭ᠎ᠠ ᠶ᠋ᠢᠨ ᠢ᠋ᠶ᠋ᠡᠨ ᠭᠡᠭᠡᠨ ᠳᠤᠷᠠᠰᠤᠮᠵᠢ ᠶ᠋ᠢ ᠠᠷᠢᠭᠤᠨ ᠬᠠᠳᠠᠭᠠᠯᠠᠬᠤ ᠪᠣᠳᠣᠯ ᠲᠠᠢ ᠪᠠᠢᠵᠠᠢ᠃ ᠠᠭᠤᠯᠠ ᠶ᠋ᠢᠨ ᠬᠢᠨ ᠦ᠌ ᠠᠷᠠᠨᠰᠢᠨ᠂ ᠲᠠᠯ᠎ᠠ ᠨᠤᠲᠤᠭ ᠤ᠋ᠨ ᠬᠢᠨ ᠦ᠌ ᠠᠭᠠᠰᠢ ᠠᠪᠤᠷᠢ ᠬᠣᠭᠣᠷᠣᠨᠳᠣ ᠪᠠᠨ ᠵᠥᠷᠢᠶ᠎ᠡ ᠲᠡᠢ ᠪᠢᠯᠡ᠃ ᠤᠳᠠᠭᠠᠨ ᠪᠣᠳᠣᠵᠤ ᠤᠷᠲᠤ ᠰᠠᠨᠠᠳᠠᠭ ᠠᠪᠤᠷᠢ ᠠᠷᠠᠨᠰᠢᠨ ᠲᠠᠢ ᠬᠠᠨ ᠬᠦᠦ ᠠᠨᠤ ᠬᠠᠲᠤᠨ ᠲᠠᠢ ᠪᠣᠭᠣᠨᠢᠬᠠᠨ ᠬᠤᠭᠤᠴᠠᠭᠠᠨ ᠳ᠋ᠤ᠌ ᠬᠥᠨᠳᠡᠢᠪᠲᠦᠷ ᠠᠭᠤᠯᠵᠠᠵᠠᠢ᠃ ᠭᠠᠯᠳᠠᠨ ᠬᠠᠭᠠᠨ ᠳ᠋ᠤ᠌ ᠭᠣᠮᠣᠳᠠᠭᠰᠠᠨ ᠸᠴᠢᠷᠲᠤ ᠰᠡᠴᠡᠨ ᠬᠠᠭᠠᠨ ᠤ᠋ ᠭᠣᠮᠣᠳᠠᠯ ᠴᠡᠸᠠᠩᠷᠠᠪᠳᠡᠨ ᠦ᠌ ᠵᠢᠷᠦᠬᠡᠨ ᠳ᠋ᠦ᠍ ᠭᠦᠨ ᠰᠣᠷᠪᠢ ᠮᠡᠲᠦ ᠬᠣᠴᠣᠷᠴᠠᠢ᠃

                  ᠵᠢᠷᠭᠤᠭ᠎ᠠ

      ᠠᠨᠤ ᠬᠠᠲᠤᠨ ᠤ᠋ ᠴᠡᠭᠡᠵᠢᠨ ᠳ᠋ᠦ᠍ ᠭᠠᠯᠳᠠᠨ᠂ ᠴᠡᠸᠠᠩᠷᠠᠪᠳᠡᠨ ᠬᠣᠶᠠᠷ ᠰᠦᠷᠭᠦᠯᠳᠦᠨ᠎ᠡ᠃ ᠭᠠᠯᠳᠠᠨ ᠬᠠᠭᠠᠨ ᠢ᠋ ᠣᠢᠷᠠᠬᠠᠨ ᠪᠠᠢᠯᠭᠠᠬᠤ ᠶᠤᠮᠰᠠᠨ ᠭᠡᠵᠦ ᠬᠠᠲᠤᠨ ᠳ᠋ᠤᠷ ᠥᠭᠦᠯᠡᠵᠦ ᠪᠠᠢᠵᠠᠢ᠃ ᠬᠠᠭᠠᠨ ᠰᠡᠩᠭᠡ ᠶ᠋ᠢ ᠬᠣᠣᠷᠯᠠᠭᠳᠠᠭᠰᠠᠨ ᠤ᠋ ᠳᠠᠷᠠᠭ᠎ᠠ ᠴᠡᠸᠠᠩᠷᠠᠪᠳᠠᠨ ᠬᠥᠪᠡᠭᠦᠨ ᠢ᠋ ᠸᠴᠢᠷᠲᠦ ᠰᠡᠴᠡᠨ ᠬᠠᠭᠠᠨ ᠭᠠᠷ ᠳᠡᠭᠡᠷ᠎ᠡ ᠪᠡᠨ ᠠᠪᠤᠭᠰᠠᠨ ᠨᠢ ᠵᠢᠭᠡ ᠬᠦᠦ ᠪᠡᠨ ᠬᠠᠤᠯᠢ ᠴᠠᠭᠠᠵᠠ᠂ ᠭᠦᠨ ᠤᠬᠠᠭᠠᠨ᠂ ᠲᠡᠦᠬᠡ ᠮᠡᠳᠡᠳᠡᠭ᠂ ᠶᠣᠰᠣ ᠵᠢᠷᠤᠮ ᠲᠠᠢ ᠡᠷᠬᠢᠮ ᠨᠢᠭᠡᠨ ᠪᠣᠯᠭᠠᠬᠤ ᠭᠡᠰᠡᠨ ᠬᠣᠯᠠᠴᠢ ᠪᠣᠳᠣᠯ ᠪᠠᠢᠵᠠᠢ᠃
      ᠸᠴᠢᠷᠲᠥ ᠰᠡᠴᠡᠨ ᠬᠠᠭᠠᠨ ᠤᠳᠤᠮ ᠵᠠᠯᠭᠠᠭᠰᠠᠨ ᠤᠭᠰᠠᠭ᠎ᠠ ᠭᠠᠷᠪᠠᠯᠢ ᠥᠨᠳᠥᠷ ᠴᠡᠸᠠᠩᠷᠠᠪᠲᠡᠨ ᠢ᠋ ᠬᠠᠭᠠᠨ ᠰᠠᠭᠤᠳᠠᠯ ᠳ᠋ᠤ᠌ ᠪᠡᠯᠡᠳᠬᠡᠬᠦ ᠲᠠᠯ᠎ᠠ ᠳ᠋ᠤ᠌ ᠰᠠᠨᠠᠭ᠎ᠠ ᠪᠠᠰᠠ ᠡᠪᠦᠷᠯᠡᠵᠡᠢ᠃
    ᠮᠠᠨᠵᠤ ᠶ᠋ᠢᠨ ᠵᠦᠭ ᠡᠴᠡ ᠶᠠᠪᠤᠭᠤᠯᠤᠭᠰᠠᠨ ᠬᠠᠭᠠᠯᠤᠨ ᠪᠤᠲᠠᠷᠠᠭᠠᠬᠤ᠂ ᠬᠠᠷᠭᠤᠯᠳᠤᠭᠤᠯᠤᠨ ᠦᠢᠮᠡᠭᠦᠯᠬᠦ᠂ ᠥᠪᠡᠷ ᠬᠣᠭᠣᠷᠣᠨᠳᠣ ᠶ᠋ᠢᠨ ᠢᠲᠡᠭᠡᠯ ᠢ᠋ ᠠᠯᠳᠠᠭᠤᠯᠬᠤ ᠪᠣᠳᠣᠯ ᠤ᠋ᠨ ᠵᠣᠯᠢᠶᠠᠰᠤ ᠳ᠋ᠤ᠌ ᠰᠡᠴᠡᠨ ᠬᠠᠭᠠᠨ ᠥᠷᠲᠥᠨ ᠬᠣᠱᠤᠳ ᠲᠦᠮᠡᠨ ᠦ᠌ ᠬᠢᠨ ᠬᠠᠮᠲᠤ ᠣᠯᠠᠨ ᠢ᠋ᠶ᠋ᠠᠷ ᠬᠣᠯᠠ ᠵᠠᠮ ᠲᠤᠭᠤᠯᠵᠤ ᠪᠡᠷᠬᠡ ᠬᠠᠲᠠᠭᠤ ᠶ᠋ᠢ ᠦᠵᠡᠭᠰᠡᠨ ᠨᠢ ᠴᠡᠸᠠᠩᠷᠠᠪᠲᠡᠨ ᠬᠠᠨ ᠬᠦᠦ ᠶ᠋ᠢ ᠲᠡᠰᠪᠦᠷᠢ᠂ ᠲᠡᠪᠴᠢᠶᠡᠷᠢ ᠲᠡᠢ᠂ ᠭᠦᠵᠢᠷᠮᠡᠭ ᠬᠠᠲᠠᠭᠤ ᠠᠷᠠᠨᠰᠢᠨ ᠲᠠᠢ᠂ ᠤᠴᠢᠷ ᠢ᠋ ᠡᠷᠭᠢᠴᠡᠭᠦᠯᠬᠦ ᠤᠪᠠᠳᠢᠰ ᠲᠠᠢ ᠪᠣᠯᠬᠤ ᠳ᠋ᠤ᠌ ᠰᠤᠷᠭᠠᠵᠠᠢ᠃
      ᠸᠴᠢᠷᠲᠥ ᠰᠡᠴᠡᠨ ᠬᠠᠭᠠᠨ ᠨᠢᠭᠡ ᠤᠳᠠᠭ᠎ᠠ ᠬᠥᠪᠡᠭᠦᠨ ᠡᠴᠡ᠂
   — ᠬᠠᠲᠤᠨ ᠡᠬᠡ ᠳ᠋ᠡᠭᠡᠨ ᠵᠣᠯᠭᠠᠵᠤ᠂ ᠬᠠᠭᠠᠨ ᠠᠪᠠᠭ᠎ᠠ ᠠ᠋ᠴᠠ ᠪᠠᠨ ᠠᠳᠢᠰ ᠭᠥᠷᠳᠡᠪᠡᠯ ᠶᠠᠮᠠᠷ ᠪᠣᠢ? ᠭᠡᠮᠡᠨ ᠰᠣᠨᠵᠢᠬᠤ ᠮᠡᠲᠦ ᠠᠰᠠᠭᠤᠵᠠᠢ᠃ ᠡᠪᠦᠭᠡ ᠬᠠᠭᠠᠨ ᠤ᠋ ᠠᠰᠠᠭᠤᠯᠲᠠ ᠳ᠋ᠤ᠌ ᠴᠡᠸᠠᠩᠷᠠᠪᠲᠡᠨ᠂
   — ᠮᠢᠨᠦ ᠵᠠᠮ ᠨᠢᠭᠡᠨ ᠴᠠᠭ ᠲᠤ᠌ ᠭᠠᠯᠳᠠᠨ ᠬᠠᠭᠠᠨ ᠲᠠᠢ ᠬᠠᠷᠭᠤᠯᠳᠤᠬᠤ ᠪᠣᠢ ᠵ᠋᠎ᠠ᠃ ᠲᠡᠷᠡ ᠪᠣᠯᠲᠠᠯ᠎ᠠ ᠬᠦᠯᠢᠶᠡᠨ᠎ᠡ᠃ ᠪᠤᠷᠬᠠᠨ ᠪᠤᠭ ᠬᠣᠶᠠᠷ ᠢ᠋ ᠵᠡᠷᠭᠡ ᠳᠠᠬᠢᠳᠠᠭ ᠬᠠᠭᠠᠨ ᠠᠪᠠᠭ᠎ᠠ ᠳ᠋ᠤ᠌ ᠪᠠᠷᠠᠭᠠᠯᠠᠬᠠᠬᠣ ᠠᠪᠠᠰᠤ ᠬᠠᠷ᠎ᠠ ᠲᠣᠯᠣᠭᠠᠢ ᠪᠠᠨ ᠴᠢᠰᠤᠳᠠᠬᠤ ᠪᠤᠯᠤᠭᠤᠵᠢᠨ᠃ ᠬᠠᠲᠤᠨ ᠡᠬᠡ ᠨᠠᠮᠠᠶ᠋ᠢ ᠮᠠᠷᠲᠠᠭᠰᠠᠨ᠂ ᠮᠠᠷᠲᠠᠭᠳᠠᠭᠰᠠᠨ ᠴᠢᠭ ᠲᠡᠭᠡᠨ ᠶᠠᠪᠤᠶ᠎ᠠ ᠭᠡᠵᠡᠢ᠃ ᠸᠴᠢᠷᠲᠤ ᠰᠡᠴᠡᠨ ᠬᠠᠭᠠᠨ ᠪᠣᠳᠣᠯᠭᠠᠰᠢᠷᠠᠨ᠂
    — ᠯᠠᠮᠠ ᠨᠠᠷ ᠤ᠋ᠨ ᠢᠳᠬᠠᠯ ᠢ᠋ ᠮᠠᠷᠲᠠᠪᠠᠯ ᠶᠠᠭᠠᠬᠢᠭᠰᠠᠨ ᠶᠤᠮ? ᠭᠡᠪᠡᠰᠦ ᠴᠡᠸᠠᠩᠷᠠᠪᠲᠡᠨ᠂
    — ᠭᠠᠯᠳᠠᠨ ᠬᠠᠭᠠᠨ ᠪᠠᠭᠰᠢ ᠯᠠᠮᠠ ᠳ᠋ᠠᠭᠠᠨ ᠢᠲᠡᠭᠡᠳᠡᠭ᠃ ᠯᠠᠮᠠ ᠶ᠋ᠢᠨ ᠱᠣ ᠶ᠋ᠢᠨ ᠨᠦᠬᠡ ᠨᠠᠮᠠᠶ᠋ᠢ ᠠᠯᠠᠬᠤ ᠶ᠋ᠢ ᠲᠡᠭᠦᠨ ᠳ᠋ᠦ᠍ ᠬᠡᠯᠡᠭᠰᠡᠨ᠃ ᠭᠠᠯᠳᠠᠨ ᠬᠠᠭᠠᠨ ᠮᠢᠨᠦ ᠡᠴᠢᠭᠡ ᠶ᠋ᠢᠨ ᠥᠰᠢᠶ᠎ᠡ ᠶ᠋ᠢ ᠬᠣᠣᠷᠯᠠᠭᠴᠢᠨ ᠰᠠᠨᠠᠭᠠᠲᠠᠨ ᠠ᠋ᠴᠠ ᠰᠠᠢᠨ ᠠᠪᠤᠭᠰᠠᠨ᠃ ᠠᠪᠠᠭ᠎ᠠ ᠠᠬ᠎ᠠ ᠴᠦᠬᠦᠢ ᠤᠪᠠᠰᠢ ᠪᠠᠨ ᠬᠦᠷᠲᠡᠯ᠎ᠡ ᠪᠢᠴᠠᠯᠤᠭᠰᠠᠨ᠃ ᠵᠡᠭᠦᠨᠭᠠᠷ ᠤ᠋ᠨ ᠬᠠᠭᠠᠨ ᠲᠡᠨᠦᠭᠦᠯᠴᠢ ᠵᠣᠯᠪᠢᠩ ᠰᠠᠨᠠᠭᠠᠲᠠᠨ ᠪᠢᠰᠢ᠃ ᠤᠬᠠᠭᠠᠨ ᠤ᠋ ᠪᠠᠨ ᠰᠦᠪᠡ ᠶ᠋ᠢ ᠨᠡᠭᠡᠭᠡᠵᠦ ᠬᠡᠬᠡᠷᠡᠭᠰᠡᠨ ᠬᠤᠪᠢᠯᠭᠠᠨ᠃ ᠬᠠᠤᠯᠢ ᠴᠠᠭᠠᠵᠠ ᠲᠣᠭᠲᠠᠭᠠᠬᠤ ᠳ᠋ᠠᠭᠠᠨ ᠭᠠᠷᠮᠠᠭᠠᠢ ᠬᠠᠭᠠᠨ᠃ ᠣᠳᠣᠬᠠᠨ ᠳ᠋ᠠᠭᠠᠨ ᠬᠠᠭᠠᠨ ᠲᠠᠢ ᠲᠡᠷᠰᠯᠡᠮ᠎ᠡ ᠦᠭᠡᠢ ᠪᠠᠢᠪᠠ᠃ ᠰᠢᠲᠦᠯᠭᠡ ᠲᠡᠢ ᠲᠠᠷᠢᠬᠢᠨ ᠳ᠋ᠤ᠌ ᠲᠣᠭᠲᠠᠭᠰᠠᠨ ᠨᠠᠭᠠᠯᠳᠤᠰᠤ ᠠᠷᠢᠯᠳᠠᠭ ᠦᠭᠡᠢ ᠪᠢᠯᠡ ᠭᠡᠪᠡ᠃
    ᠡᠪᠦᠭᠡᠨ ᠬᠠᠭᠠᠨ ᠤ᠋ ᠵᠦᠩ ᠰᠤᠪᠢᠨ ᠰᠡᠷᠡᠵᠦ《ᠴᠡᠸᠠᠩᠷᠠᠪᠳᠡᠨ ᠬᠠᠨ ᠬᠦᠦ ᠨᠢᠭᠦᠯ ᠢ᠋ ᠨᠢᠭᠦᠯ ᠢ᠋ᠶ᠋ᠡᠷ᠂ ᠠᠴᠢ ᠶ᠋ᠢ ᠠᠴᠢ ᠪᠠᠷ ᠬᠠᠷᠢᠭᠤᠯᠬᠤ ᠶᠤᠮ ᠪᠠᠢᠨ᠎ᠠ᠃ ᠮᠢᠨᠦ ᠭᠠᠯ ᠭᠣᠯᠣᠮᠲᠠ ᠳ᠋ᠤ᠌ ᠠᠰᠬᠠᠭᠰᠠᠨ ᠤᠰᠤ ᠰᠢᠷᠭᠢᠬᠦ ᠶ᠋ᠢᠨ ᠴᠠᠭ ᠲᠤ᠌ ᠴᠠᠸᠠᠩᠷᠠᠪᠳᠠᠨ ᠪᠣᠰᠤᠨ᠎ᠠ᠃ ᠸᠴᠢᠷᠲᠤ ᠰᠡᠴᠡᠨ ᠬᠠᠭᠠᠨ ᠤ᠋ ᠭᠣᠯᠣᠮᠲᠠ ᠰᠡᠷᠭᠦᠨ᠎ᠡ᠃ ᠥᠬᠢᠨ ᠦᠷ᠎ᠡ ᠣᠷᠴᠢᠯᠠᠩ ᠤ᠋ᠨ ᠪᠤᠳᠠᠩ ᠳ᠋ᠤ᠌ ᠲᠥᠭᠡᠷᠢᠳᠡᠭ ᠠᠵᠢ᠃ ᠠᠨᠤ ᠥᠬᠢᠨ ᠮᠢᠨᠢ ᠭᠠᠯᠳᠠᠨ ᠢ᠋ ᠳᠠᠭᠠᠵᠤ ᠭᠠᠯᠳᠠᠨ ᠢ᠋ ᠲᠥᠷᠥᠭᠦᠯᠵᠦ ᠣᠢᠷᠠᠳ ᠳᠠᠶᠠᠭᠠᠷ ᠲᠠᠷᠬᠠᠯᠠᠭᠠᠵᠢᠪᠠ᠃ ᠮᠢᠨᠦ ᠥᠬᠢᠨ ᠨᠠᠳᠠᠳᠤ ᠬᠦᠷᠲᠡᠭᠡᠯ ᠦᠭᠡᠢ ᠪᠣᠯᠪᠠ》 ᠭᠡᠮᠡᠨ ᠰᠡᠳᠬᠢᠬᠦ ᠵᠠᠭᠤᠷ᠎ᠠ᠂
     — ᠡᠬᠡ ᠡᠴᠡ ᠪᠡᠨ ᠤᠷᠪᠠᠭᠰᠠᠨ ᠬᠥᠮᠦᠨ ᠪᠠᠢᠳᠠᠭ ᠦᠭᠡᠢ ᠶᠤᠮ ᠭᠡᠵᠦ ᠴᠠᠸᠠᠩᠷᠠᠪᠳᠠᠨ ᠬᠠᠨ ᠬᠦᠦ ᠳ᠋ᠦ᠍ ᠬᠡᠯᠡᠵᠡᠢ᠃ 
     — ᠡᠬᠡ ᠪᠣᠯ ᠵᠥᠪᠬᠡᠨ ᠪᠡᠶ᠎ᠡ ᠶ᠋ᠢ ᠲᠥᠷᠥᠭᠦᠯᠳᠡᠭ ᠭᠡᠵᠦ ᠬᠠᠨ ᠬᠦᠦ ᠮᠡᠳᠬᠡᠪᠡ᠃
     —  ᠴᠡᠸᠠᠩᠷᠠᠪᠳᠡᠨ ᠢ᠋ ᠬᠡᠨ ᠲᠥᠷᠥᠭᠦᠯᠦᠭᠰᠡᠨ ᠪᠢᠯᠡ ᠭᠡᠮᠡᠨ ᠡᠪᠦᠭᠡ ᠬᠠᠭᠠᠨ ᠬᠥᠪᠡᠭᠦᠨ ᠢ᠋ ᠮᠣᠬᠣᠭᠠᠬᠤ ᠭᠡᠲᠡᠯ᠎ᠡ᠂
     — ᠴᠡᠸᠠᠩᠷᠠᠪᠳᠡᠨ ᠡᠬᠡ ᠡᠴᠡ ᠲᠥᠷᠥᠭᠰᠡᠨ ᠨᠢ ᠦᠨᠡᠨ ᠪᠣᠯᠪᠠᠴᠤ ᠴᠠᠸᠠᠩᠷᠠᠪᠳᠠᠨ ᠢ᠋ ᠲᠠ ᠬᠥᠮᠦᠨ ᠪᠣᠯᠭᠠᠭᠰᠠᠨ᠃ ᠢᠳᠡᠬᠦ ᠡᠮᠦᠰᠬᠦ ᠨᠢ ᠮᠠᠬᠠᠪᠣᠳ ᠤ᠋ᠨ ᠬᠡᠷᠡᠭ ᠪᠥᠭᠡᠳ ᠣᠶᠤᠨ ᠰᠠᠨᠠᠭ᠎ᠠ ᠲᠠᠢ ᠪᠠᠨ ᠨᠡᠢᠯᠡᠬᠦ ᠪᠡᠷ ᠬᠥᠮᠦᠨ ᠪᠣᠯᠳᠠᠭ᠃ ᠴᠠᠸᠠᠩᠷᠠᠪᠳᠠᠨ ᠪᠣᠯ ᠲᠠᠨ ᠤ᠋ ᠪᠦᠲᠦᠭᠡᠯ᠃ ᠴᠠᠸᠠᠩᠷᠠᠪᠳᠠᠨ ᠤ᠋ ᠵᠠᠮ ᠪᠤᠰᠤᠳ ᠠ᠋ᠴᠠ ᠥᠭᠡᠷ᠎ᠡ ᠪᠣᠯᠪᠠᠴᠤ ᠳᠥᠷᠪᠡᠨ ᠣᠢᠷᠠᠳ ᠤ᠋ᠨ ᠬᠤᠪᠢ ᠵᠠᠶᠠᠭᠠᠨ ᠳ᠋ᠤ᠌ ᠤᠶᠠᠭᠠᠲᠠᠢ᠃
     ᠲᠠᠨ ᠤ᠋ ᠣᠶᠤᠨ ᠰᠠᠨᠠᠭᠠᠨ ᠤ᠋ ᠤᠷᠭᠤᠮᠠᠯ ᠬᠡᠷᠬᠢᠨ ᠤᠷᠭᠤᠵᠤ ᠰᠣᠶᠣᠭᠠᠯᠠᠭᠰᠠᠨ ᠢ᠋ ᠬᠠᠷᠠᠵᠤ ᠪᠠᠢᠨ᠎ᠠ ᠤᠤ? ᠡᠪᠦᠭᠡ ᠡᠴᠢᠭᠡ ᠮᠢᠨᠢ᠁ ᠭᠡᠳ ᠢᠨᠢᠶᠡᠪᠡ᠃
    ᠲᠠᠯ᠎ᠠ ᠬᠡᠭᠡᠷ᠎ᠡ ᠨᠤᠲᠤᠭ ᠤ᠋ᠨ ᠲᠩᠷᠢ ᠳ᠋ᠦ᠍ ᠲᠣᠭᠣᠷᠤᠤ ᠵᠡᠯᠡᠯᠡᠵᠦ ᠪᠠᠢᠪᠠ᠃ ᠪᠤᠭᠤᠷᠤᠯ ᠪᠣᠯᠲᠠᠯ᠎ᠠ ᠪᠠᠨ ᠤᠳᠬ᠎ᠠ ᠲᠡᠭᠦᠯᠳᠡᠷ ᠠᠮᠢᠳᠤᠷᠠᠭᠰᠠᠨ ᠡᠪᠦᠭᠡᠨ ᠬᠠᠭᠠᠨ ᠸᠴᠢᠷᠲᠤ ᠰᠡᠴᠡᠨ ᠴᠠᠸᠠᠩᠷᠠᠪᠳᠠᠨ ᠠ᠋ᠴᠠ ᠬᠦᠰᠡᠯ ᠦ᠋ᠨ ᠢ᠋ᠶ᠋ᠡᠨ ᠣᠷᠭᠢᠯ ᠲᠤᠢᠯ ᠢ᠋ ᠬᠠᠷᠠᠵᠠᠢ᠃

                 ᠳᠣᠯᠣᠭ᠎ᠠ

     ᠠᠨᠤ ᠬᠠᠲᠤᠨ ᠢ᠋ ᠪᠢ ᠰᠠᠢᠲᠤᠷ ᠮᠡᠳᠡᠳᠡᠭ ᠪᠠᠢᠯ᠎ᠠ᠃ ᠠᠨᠤ ᠶ᠋ᠢᠨ ᠭᠡᠷᠡᠯ ᠰᠠᠴᠤᠷᠠᠭᠰᠠᠨ ᠨᠢᠳᠦᠨ ᠳ᠋ᠦ᠍ ᠤᠢᠳᠬᠠᠷ ᠰᠦᠮᠡᠯᠵᠡᠬᠦ ᠪᠣᠯᠤᠯ᠎ᠠ᠃ ᠨᠠᠮᠠᠶ᠋ᠢ ᠮᠢᠭᠮᠠᠨᠰᠠᠩᠵᠠᠢ ᠲᠠᠢ ᠴᠡᠴᠡᠭ ᠦ᠋ᠨ ᠪᠤᠳᠠᠩ ᠳᠤᠮᠳᠠ ᠠ᠋ᠴᠠ ᠪᠤᠴᠠᠵᠤ ᠢᠷᠡᠭᠰᠡᠨ ᠲᠡᠷᠡ ᠵᠢᠯ ᠦ᠋ᠨ ᠨᠢᠭᠡᠨ ᠰᠥᠨᠢ ᠠᠨᠤ ᠶ᠋ᠢᠨ ᠨᠢᠳᠦ ᠶᠡᠷᠦ ᠪᠤᠰᠤ ᠶ᠋ᠢᠨ ᠭᠤᠨᠢᠭ ᠲᠤ᠌ ᠠᠪᠲᠠᠭᠳᠠᠭᠰᠠᠨ ᠢ᠋ ᠮᠠᠷᠲᠠᠳᠠᠭ ᠦᠭᠡᠢ ᠰᠠᠨ᠃ ᠠᠨᠤ ᠶ᠋ᠢᠨ ᠤᠬᠠᠭᠠᠨ ᠬᠤᠷᠴᠠ ᠰᠡᠷᠭᠦᠯᠡᠩ᠂ ᠣᠪᠰᠣᠭ᠎ᠠ ᠲᠠᠢ᠂ ᠰᠡᠯᠡᠮᠡᠳᠡᠬᠦ ᠡᠷᠳᠡᠮ ᠳ᠋ᠦ᠍ ᠪᠠᠭ᠎ᠠ ᠠ᠋ᠴᠠ ᠰᠤᠷᠤᠯᠴᠠᠭᠰᠠᠨ ᠳᠠᠢᠴᠢᠨ ᠪᠦᠰᠡᠭᠦᠢ᠃ ᠬᠠᠰᠠᠭ ᠤ᠋ᠨ ᠬᠠᠷᠪᠸᠺ ᠤ᠋ᠨ ᠭᠠᠭᠴᠠ ᠠᠮᠢᠳᠤ ᠭᠠᠷ ᠢ᠋ ᠲᠠᠰᠤ ᠴᠠᠪᠴᠢᠵᠤ ᠣᠷᠬᠢᠭᠠᠳ ᠰᠥᠨᠢᠵᠢᠨ ᠢ᠋ᠶ᠋ᠡᠨ ᠳᠡᠷ᠎ᠡ ᠨᠣᠷᠭᠠᠨ ᠤᠬᠢᠯᠠᠵᠤ《ᠲᠡᠷᠡ ᠡᠷ᠎ᠡ ᠪᠤᠷᠤᠭᠤ ᠨᠣᠮ ᠲᠠᠢ ᠴᠤ᠌ ᠬᠣᠶᠠᠷ ᠵᠢᠭᠦᠷ ᠢ᠋ᠶ᠋ᠡᠨ ᠲᠠᠰᠤᠯᠤᠭᠤᠯᠪᠠ᠃ ᠳᠠᠯᠠᠪᠴᠢ ᠦᠭᠡᠢ ᠵᠢᠭᠦᠷᠲᠡᠨ ᠨᠢᠰᠦᠨ᠎ᠡ ᠭᠡᠵᠦ ᠤᠤ? ᠬᠠᠷᠪᠸᠺ    ᠢ᠋ ᠪᠢ ᠥᠷᠦᠪᠳᠦᠵᠦ ᠪᠠᠢᠨ᠎ᠠ 》ᠭᠡᠵᠡᠢ᠃
      ᠭᠠᠯᠳᠠᠨ ᠡᠷᠢᠭᠡ ᠪᠡᠨ ᠱᠣᠳᠠᠵᠤ ᠦᠵᠡᠭᠡᠳ《ᠡᠴᠢᠭᠡ ᠶ᠋ᠢᠨ ᠥᠰᠢᠶ᠎ᠡ ᠶ᠋ᠢ ᠬᠦᠦ ᠡᠴᠡ ᠨᠢ᠂ ᠬᠦᠦ ᠶ᠋ᠢᠨ ᠥᠰᠢᠶ᠎ᠡ ᠶ᠋ᠢ ᠠᠴᠢ ᠠ᠋ᠴᠠ ᠨᠢ ᠠᠪᠴᠤ ᠪᠣᠯᠳᠠᠭ᠃ ᠪᠤᠷᠬᠠᠨ ᠴᠢᠮ᠎ᠠ ᠳ᠋ᠤ᠌ ᠬᠢᠯᠢᠩᠨᠡᠭᠡ ᠦᠭᠡᠢ ᠪᠠᠢᠨ᠎ᠠ᠃ ᠬᠠᠲᠤᠨ ᠲᠠ ᠲᠠᠢᠪᠤᠩ ᠨᠣᠢᠷᠰᠤ》 ᠭᠡᠮᠡᠨ ᠥᠭᠦᠯᠡᠵᠡᠢ᠃
      ᠠᠨᠤ ᠶ᠋ᠢᠨ ᠵᠤᠯᠠᠢ ᠳᠡᠭᠡᠷ᠎ᠡ ᠨᠠᠮᠠᠶ᠋ᠢ ᠡᠷᠢᠭᠡ ᠪᠡᠨ ᠰᠢᠪᠰᠢᠨ ᠲᠠᠯᠪᠢᠬᠤ ᠳ᠋ᠤ᠌᠂
     — ᠨᠠᠳᠠᠳᠤ ᠡᠨᠳᠡ ᠨᠥᠬᠥᠴᠡᠵᠡᠢ ᠭᠡᠯ᠎ᠡ᠃
    — ᠴᠢᠮᠠᠶ᠋ᠢ ᠳᠤᠸᠠ ᠰᠣᠬᠣᠷ ᠳᠠᠭᠤᠳᠠᠵᠤ᠁
    —ᠦᠬᠦᠯ ᠳ᠋ᠦ᠍ ᠳᠠᠭᠤᠳᠠᠭᠰᠠᠨ ᠪᠠᠢᠨ᠎ᠠ ᠤᠤ?
   —ᠲᠩᠷᠢ ᠡᠴᠢᠭᠡ ᠬᠠᠷᠠᠵᠠᠢ᠃ ᠦᠷᠭᠦᠯᠵᠢ ᠨᠠᠮᠠᠶ᠋ᠢ᠂ ᠴᠢᠮᠠᠶ᠋ᠢ ᠳᠤᠸᠠ ᠰᠣᠬᠣᠷ ᠳᠠᠭᠤᠳᠠᠵᠤ ᠪᠠᠢᠳᠠᠭ᠃ ᠲᠡᠷᠡ ᠳᠠᠭᠤᠳᠠᠯᠭ᠎ᠠ ᠮᠣᠷᠢᠲᠤ ᠴᠡᠷᠢᠭ ᠦ᠋ᠨ ᠳᠤᠮᠳᠠ ᠠ᠋ᠴᠠ ᠬᠠᠲᠤᠨ ᠴᠢᠮᠠᠶ᠋ᠢ ᠴᠣᠢᠯᠤᠨ ᠭᠠᠷᠬᠤ ᠳ᠋ᠤ᠌ ᠬᠦᠷᠭᠡᠭᠰᠡᠨ ᠪᠢᠯᠡ᠃
     —ᠣᠢᠷᠠᠳ ᠤ᠋ᠳ ᠳᠤᠸᠠ ᠰᠣᠬᠣᠷ ᠤ᠋ᠨ ᠳᠠᠭᠤᠳᠠᠯᠭ᠎ᠠ ᠲᠠᠢ ᠶᠤᠮ ᠤᠤ?
    —ᠳᠠᠭᠤᠳᠠᠯᠭ᠎ᠠ ᠲᠠᠢ ᠪᠠᠷ ᠪᠠᠷᠠᠬᠤ ᠤᠤ? ᠳᠤᠸᠠ ᠰᠣᠬᠣᠷ ᠪᠢᠳᠡᠨ ᠦ᠌ ᠲᠩᠷᠢ᠂ ᠳᠡᠭᠡᠷ᠎ᠡ ᠪᠠᠢᠭ᠎ᠠ ᠲᠩᠷᠢ ᠪᠣᠯ ᠳᠤᠸᠠ ᠰᠣᠬᠣᠷ᠃ ᠲᠡᠷᠡ ᠲᠩᠷᠢ ᠳ᠋ᠦ᠍ ᠪᠢᠳᠡ ᠢᠪᠡᠭᠡᠭᠳᠡᠵᠦ ᠪᠠᠢᠳᠠᠭ᠃
   — ᠬᠠᠭᠠᠨᠲᠠᠨ ᠮᠢᠨᠢ ᠨᠠᠮᠠᠶ᠋ᠢ ᠥᠷᠥᠰᠢᠶᠡᠭᠡᠷᠡᠢ! ᠪᠢ ᠲᠤᠯᠭᠤᠷ ᠪᠡᠶᠡᠲᠡᠨ ᠦ᠌ ᠬᠠᠷ᠎ᠠ ᠭᠠᠢ ᠪᠠᠷ ᠲᠡᠷᠡ ᠳᠠᠢᠴᠢᠨ ᠡᠷ᠎ᠡ ᠶ᠋ᠢ ᠥᠷᠥᠪᠳᠦᠭᠰᠡᠨ ᠪᠢᠯᠡ᠃ ᠬᠡᠪᠡᠯᠢ ᠪᠡᠨ ᠳᠠᠭᠠᠭᠠᠳ ᠰᠡᠳᠬᠢᠯ ᠨᠢᠯᠬᠠᠷᠠᠳᠠᠭ ᠪᠤᠰᠤ ᠤᠤ?
     — ᠲᠡᠢᠨ ᠦ᠌ ᠬᠥᠯ ᠡᠴᠡ ᠵᠠᠢᠳᠠᠭᠤ ᠶᠠᠪᠤᠪᠠᠯ ᠶᠠᠭᠠᠬᠢᠭᠰᠠᠨ ᠶᠤᠮ ᠪᠣᠢ? ᠠᠨᠤ ᠮᠢᠨᠢ᠃
    —ᠨᠠᠮᠠᠶ᠋ᠢ ᠲᠡᠭᠡᠵᠦ ᠡᠮ᠎ᠡ ᠬᠥᠮᠦᠨ ᠦ᠌ ᠬᠦᠷᠳᠦᠨ ᠳ᠋ᠦ᠍ ᠵᠠᠶᠠᠭᠠᠭᠰᠠᠨ ᠦᠭᠡᠢ᠂ ᠬᠦᠢᠲᠡᠨ ᠬᠥᠨᠵᠢᠯᠡ ᠳ᠋ᠦ᠍ ᠰᠢᠨᠠᠯᠵᠤ ᠬᠡᠪᠲᠡᠭᠰᠡᠨ ᠡᠴᠡ ᠬᠡᠭᠡᠷ᠎ᠡ ᠶ᠋ᠢᠨ ᠰᠠᠯᠬᠢᠨ ᠳ᠋ᠤ᠌ ᠠᠯᠠᠭᠠᠳᠠᠭᠤᠯᠵᠤ ᠶᠠᠪᠤᠬᠤ ᠮᠢᠨᠢ ᠬᠠᠪᠢ ᠦᠭᠡᠢ ᠢᠯᠡᠭᠦᠦ᠂ ᠲᠠ ᠪᠣᠯ ᠨᠠᠷᠠ ᠵᠥᠪ ᠡᠷᠭᠢᠳᠡᠭ ᠬᠦᠷᠳᠦ᠂ ᠬᠠᠲᠤᠨ ᠪᠢ ᠪᠥᠭᠡᠰᠦ ᠰᠠᠷᠠ ᠪᠤᠷᠤᠭᠤ ᠡᠷᠭᠢᠳᠡᠭ ᠬᠦᠷᠳᠦ᠂ ᠪᠢᠳᠡ ᠬᠣᠶᠠᠷ ᠨᠡᠢᠯᠡᠵᠦ ᠬᠠᠰ ᠪᠣᠯᠳᠠᠭ᠃
     — ᠪᠡᠶ᠎ᠡ ᠪᠡᠨ ᠢᠯᠠᠷᠢᠰᠢᠬᠤ ᠪᠠᠷ ᠬᠦᠯᠦᠭ ᠮᠣᠷᠢᠨ ᠳ᠋ᠠᠭᠠᠨ ᠮᠣᠷᠳᠠᠵᠤ ᠰᠡᠯᠡᠮ᠎ᠡ ᠪᠡᠨ ᠠᠳᠬᠤᠭᠲᠤᠨ!
     — ᠬᠤᠶᠠᠭ ᠳᠤᠭᠤᠯᠠᠭ᠎ᠠ ᠲᠠᠢ ᠪᠠᠨ ᠠᠮᠠᠷᠠᠵᠤ ᠰᠤᠷᠤᠶ᠎ᠠ᠃ ᠪᠡᠶ᠎ᠡ ᠰᠡᠳᠬᠢᠯ ᠢ᠋ᠶ᠋ᠡᠨ ᠬᠠᠲᠠᠭᠤ ᠪᠠᠢᠯᠭᠠᠶ᠎ᠠ᠃
    — ᠲᠩᠷᠢ ᠡᠴᠢᠭᠡ ᠶ᠋ᠢᠨ ᠢᠪᠡᠭᠡᠯ ᠳ᠋ᠦ᠍ ᠪᠠᠭᠲᠠᠭᠰᠠᠨ ᠲᠤᠯᠠ ᠬᠠᠲᠤᠨ ᠲᠠ ᠤᠢᠳᠬᠠᠷ ᠰᠢᠨᠠᠯᠤᠯ ᠢ᠋ᠶ᠋ᠠᠨ ᠵᠢᠷᠦᠬᠡᠨ ᠡᠴᠡ ᠪᠡᠨ ᠠᠪᠴᠤ ᠴᠢᠯᠠᠭᠤᠳᠠ᠃ ᠤᠳᠠᠭᠠᠨ ᠬᠠᠳᠠᠭᠠᠯᠠᠭᠰᠠᠨ ᠰᠢᠨᠠᠯᠤᠯ ᠮᠣᠳᠣᠨ ᠤ᠋ ᠦᠮᠡᠬᠡᠢ ᠮᠡᠲᠦ ᠪᠡᠶ᠎ᠡ ᠰᠡᠳᠬᠢᠯ ᠢ᠋ ᠢᠳᠡᠵᠦ᠂ ᠵᠠᠮ ᠮᠥᠷ   ᠢ᠋ ᠬᠠᠷᠠᠯᠠᠭᠤᠯᠳᠠᠭ ᠶᠤᠮ᠃ ᠪᠤᠷᠬᠠᠨ ᠤ᠋ ᠨᠣᠮ ᠢ᠋ᠶ᠋ᠠᠷ ᠰᠡᠳᠬᠢᠯ ᠢ᠋ ᠲᠠᠨᠢ ᠪᠢ ᠵᠠᠰᠠᠶ᠎ᠠ᠃
    — ᠲᠠ ᠴᠠᠸᠠᠩᠷᠠᠪᠳᠠᠨ ᠢ᠋ ᠬᠡᠷᠬᠢᠬᠦ ᠪᠣᠢ?
   — ᠬᠠᠨ ᠬᠦᠦ ᠨᠠᠳᠠ ᠠ᠋ᠴᠠ ᠵᠦᠭ ᠪᠤᠷᠤᠭᠤᠯᠠᠭᠰᠠᠨ᠃ ᠬᠡᠵᠢᠶ᠎ᠡ ᠨᠢᠭᠡᠨ ᠴᠠᠭ ᠲᠤ᠌ ᠬᠠᠷᠭᠤᠯᠳᠤᠨ᠎ᠠ᠃ ᠡᠬᠡ ᠨᠤᠲᠤᠭ ᠢ᠋ᠶ᠋ᠠᠨ ᠮᠠᠨᠠᠵᠤ ᠦᠯᠡᠳᠡᠭ᠃ ᠲᠡᠷᠡ ᠪᠤᠷᠬᠠᠨ ᠠ᠋ᠴᠠ ᠢᠯᠡᠭᠦᠦ ᠨᠤᠲᠤᠭ ᠤᠰᠤᠨ ᠳ᠋ᠠᠭᠠᠨ ᠦᠨᠡᠨᠴᠢ ᠪᠢᠯᠡ᠃
     — ᠴᠡᠸᠠᠩᠷᠠᠪᠳᠡᠨ ᠲᠡᠢᠮᠦ ᠦᠨᠡᠨᠴᠢ ᠭᠡᠵᠦ ᠤᠤ?
    — ᠲᠡᠢᠮᠦ ᠪᠥᠯᠥᠭᠡ᠃ ᠪᠦᠷᠢᠯᠳᠦᠭᠰᠡᠨ ᠰᠠᠪᠠ ᠨᠢ ᠡᠬᠡ ᠶ᠋ᠢᠨ ᠬᠢ ᠪᠢᠯᠡ᠃ ᠦᠷ᠎ᠡ ᠨᠢ ᠡᠬᠡ ᠲᠡᠢ ᠪᠡᠨ ᠮᠥᠩᠬᠡ ᠶ᠋ᠢᠨ ᠬᠣᠯᠪᠣᠭ᠎ᠠ ᠲᠠᠢ ᠶᠠᠪᠤᠳᠠᠭ᠃ ᠲᠠᠰᠤᠷᠠᠳᠠᠭ ᠦᠭᠡᠢ ᠭᠦᠨ ᠬᠣᠯᠪᠣᠭ᠎ᠠ ᠡᠬᠡ ᠦᠷ᠎ᠡ ᠶ᠋ᠢᠨ ᠬᠣᠭᠣᠷᠣᠨᠳᠣ ᠡᠭᠦᠰᠳᠡᠭ᠃ ᠪᠤᠷᠬᠠᠨ ᠮᠡᠳᠡᠨ᠎ᠡ᠃
    — ᠬᠥᠪᠡᠭᠦᠨ ᠮᠢᠨᠢ ᠳᠠᠩᠴᠤ ᠪᠣᠳᠣᠭᠳᠠᠭᠠᠳ᠂ ᠲᠠᠷᠴᠢᠯᠠᠭᠠᠭᠠᠳ ᠪᠠᠢᠬᠤ ᠪᠣᠯᠤᠯ᠎ᠠ᠃ ᠴᠠᠸᠠᠩᠷᠠᠪᠳᠠᠨ ᠢ᠋ ᠪᠢ ᠶᠡᠷᠦ ᠲᠣᠭᠣᠳᠠᠭ ᠦᠭᠡᠢ ᠪᠠᠢᠭᠰᠠᠨ ᠶᠤᠮ᠃ ᠭᠡᠲᠡᠯ᠎ᠡ ᠵᠣᠷᠢᠵᠤ ᠣᠴᠢᠯ᠎ᠠ᠃ ᠪᠤᠴᠠᠵᠤ ᠢᠷᠡᠯ᠎ᠡ᠃ ᠵᠥᠷᠢᠵᠦ ᠥᠩᠭᠡᠷᠡᠳᠡᠭ ᠬᠠᠷᠭᠤᠢ ᠵᠠᠮ ᠪᠠᠢᠳᠠᠭ ᠠᠵᠢ᠃
    — ᠲᠩᠷᠢ ᠪᠤᠷᠬᠠᠨ ᠠᠭᠤᠯᠵᠠᠭᠤᠯᠵᠤ ᠪᠠᠢᠨ᠎ᠠ᠃ ᠲᠡᠷᠡ ᠴᠢᠨᠡᠭᠡ ᠪᠡᠷ ᠢ᠋ᠶ᠋ᠡᠨ ᠰᠠᠯᠭᠠᠵᠤ ᠪᠠᠢᠨ᠎ᠠ᠃ ᠬᠠᠮᠢᠭᠠᠰᠢ ᠪᠠᠨ ᠣᠳᠬᠤ ᠶ᠋ᠢ ᠪᠦᠷᠢᠮᠦᠰᠦᠨ ᠵᠢᠭᠠᠭᠰᠠᠨ ᠪᠤᠷᠬᠠᠨ ᠳ᠋ᠠᠭᠠᠨ ᠲᠠᠯᠠᠷᠬᠠᠬᠤ ᠬᠡᠷᠡᠭᠲᠡᠢ᠃
     ᠪᠢ ᠠᠨᠤ ᠬᠠᠲᠤᠨ ᠲᠠᠢ ᠤᠷᠤᠭ ᠪᠠᠷᠢᠯᠳᠤᠭᠰᠠᠨ ᠠ᠋ᠴᠠ ᠬᠣᠢᠰᠢ ᠤᠢᠮᠤᠷᠠᠭᠰᠠᠨ᠂ ᠲᠡᠪᠴᠢᠶᠡᠷᠢ ᠠᠯᠳᠠᠵᠤ ᠪᠠᠢᠭᠰᠠᠨ ᠢ᠋ ᠨᠢ ᠶᠡᠷᠦ ᠦᠵᠡᠭᠡ ᠦᠭᠡᠢ ᠪᠢᠯᠡ᠃ ᠠᠨᠤ ᠬᠠᠲᠤᠨ ᠪᠤᠷᠬᠠᠨ ᠤ᠋ ᠰᠠᠳᠤᠨ ᠶᠤᠮ᠃ ᠰᠡᠪᠲᠡᠨᠪᠠᠯᠵᠢᠷ ᠬᠥᠪᠡᠭᠦᠨ ᠢ᠋ ᠮᠢᠨᠢ ᠮᠠᠨᠵᠤ ᠶ᠋ᠢᠨ ᠬᠠᠭᠠᠨ ᠪᠠᠷᠢᠴᠠᠭᠠᠨ ᠳ᠋ᠤ᠌ ᠠᠪᠤᠭᠰᠠᠨ ᠨᠢ ᠨᠠᠮᠠᠶ᠋ᠢ ᠳᠠᠢᠳᠤᠬᠤ ᠳ᠋ᠤ᠌ ᠬᠦᠷᠭᠡᠭᠰᠡᠨ ᠦᠭᠡᠢ᠃ ᠣᠢᠷᠠᠳ ᠮᠣᠩᠭᠣᠯ ᠤ᠋ᠨ ᠶᠡᠬᠡ ᠴᠠᠭᠠᠵᠠ ᠬᠠᠤᠯᠢ ᠶ᠋ᠢ ᠮᠠᠨᠵᠤ ᠨᠤᠭᠤᠳ ᠥᠪᠡᠷ ᠦ᠋ᠨ ᠬᠠᠤᠯᠢ ᠪᠠᠷ ᠡᠷᠬᠡᠰᠢᠶᠡᠵᠦ᠂ ᠭᠦᠷᠦᠨ ᠶᠡᠬᠡ ᠤᠯᠤᠰ ᠢ᠋ ᠮᠢᠨᠢ ᠳᠣᠷᠣᠮᠵᠢᠯᠠᠭᠰᠠᠨ ᠲᠤᠯᠠ ᠬᠠᠭᠠᠨ ᠪᠢ ᠴᠡᠷᠢᠭᠯᠡᠨ ᠳᠠᠭᠠᠷᠢᠬᠤ ᠪᠠᠷ ᠰᠢᠢᠳᠪᠡ᠃ ᠭᠠᠯᠳᠠᠨ ᠬᠠᠭᠠᠨ ᠤ᠋ ᠳᠠᠢᠳᠤᠬᠤ ᠶ᠋ᠢ ᠠᠽᠢᠶ᠎ᠠ ᠶ᠋ᠢᠨ ᠤᠯᠤᠰ ᠤ᠋ᠳ ᠠᠵᠢᠭᠯᠠᠪᠠ᠃ ᠢᠯᠠᠩᠭᠤᠶ᠎ᠠ ᠠᠷᠤ ᠬᠠᠯᠬ᠎ᠠ ᠶ᠋ᠢᠨ ᠨᠣᠶᠠᠳ᠂ ᠣᠷᠣᠰ᠂ ᠲᠥᠪᠡᠳ ᠦ᠋ᠨ ᠬᠠᠭᠠᠳ ᠬᠦᠷᠲᠡᠯ᠎ᠡ ᠵᠡᠭᠦᠨᠭᠠᠷ ᠤ᠋ᠨ ᠤᠯᠤᠰ ᠢ᠋ ᠬᠠᠷᠠᠵᠠᠭᠠᠪᠠ᠃ ᠬᠦᠴᠦᠷᠬᠡᠭ ᠵᠡᠭᠦᠨᠭᠠᠷ ᠮᠠᠨᠵᠤ ᠶ᠋ᠢᠨ ᠡᠵᠡᠮᠰᠢᠯ᠂ ᠲᠦᠷᠢᠮᠡᠬᠡᠢᠯᠡᠯ ᠢ᠋ ᠰᠥᠷᠴᠦ ᠵᠣᠭᠰᠣᠬᠤ ᠭᠠᠭᠴᠠ ᠨᠠᠢᠳᠠᠪᠤᠷᠢ ᠪᠣᠯᠤᠭᠰᠠᠨ ᠶᠤᠮ᠃
     ᠤᠳᠠᠭᠠᠨ ᠵᠢᠯ ᠠᠶᠠᠨ ᠲᠡᠢᠨ ᠦ᠌ ᠵᠠᠮ ᠬᠠᠷᠭᠤᠢ ᠶ᠋ᠢ ᠨᠡᠭᠡᠭᠡᠵᠦ ᠶᠠᠪᠤᠬᠤ ᠳ᠋ᠠᠭᠠᠨ ᠠᠷᠤ ᠥᠪᠥᠷ ᠡᠴᠡ ᠡᠭᠡᠯᠵᠢᠯᠡᠨ ᠢᠷᠡᠬᠦ ᠡᠯᠴᠢ ᠪᠡᠷ ᠲᠥᠷᠥ ᠶ᠋ᠢᠨ ᠬᠡᠷᠡᠭ ᠢ᠋ ᠵᠠᠯᠭᠠᠵᠤ ᠰᠤᠷᠴᠠᠢ᠃ ᠬᠠᠯᠬ᠎ᠠ ᠮᠣᠩᠭᠣᠯ ᠤ᠋ᠨ ᠬᠣᠩ ᠲᠠᠢᠵᠢ ᠴᠠᠬᠤᠨᠳᠤᠷᠵᠢ᠂ ᠥᠨᠳᠥᠷ ᠭᠡᠭᠡᠨ ᠵᠠᠨᠠᠪᠠᠽᠠᠷ ᠬᠣᠶᠠᠷ ᠮᠠᠨᠵᠤ ᠶ᠋ᠢᠨ ᠬᠠᠭᠠᠨ ᠡᠩᠬᠡ ᠠᠮᠤᠭᠤᠯᠠᠩ ᠳ᠋ᠤ᠌ ᠣᠴᠢᠭᠰᠠᠨ ᠢ᠋ ᠭᠠᠢᠬᠠᠭᠠᠳ ᠪᠠᠷᠠᠰᠢ ᠦᠭᠡᠢ ᠪᠢᠯᠡ᠃ ᠲᠡᠢᠨ ᠦ᠌ ᠨᠡᠭᠦᠳᠡᠯ ᠪᠣᠯ ᠲᠡᠷᠡ ᠴᠢᠭ ᠢ᠋ᠶ᠋ᠡᠷ ᠢ᠋ᠶ᠋ᠡᠨ ᠠᠮᠢᠳᠤᠷᠠᠯ ᠶᠤᠮ᠃ ᠲᠡᠮᠡᠭᠡ ᠮᠠᠯ ᠡᠴᠡᠵᠦ᠂ ᠬᠡᠦᠬᠡᠳ ᠲᠥᠷᠥᠵᠦ᠂ ᠠᠪᠠ ᠬᠣᠮᠣᠷᠭ᠎ᠠ ᠬᠢᠵᠦ᠂ ᠵᠡᠪᠰᠡᠭ ᠬᠦᠨᠡᠰᠦ ᠨᠥᠭᠡᠴᠡᠯᠡᠵᠦ ᠶᠠᠪᠤᠯ᠎ᠠ᠃
   《ᠪᠤᠷᠬᠠᠨ ᠨᠠᠮᠠᠶ᠋ᠢ ᠭᠠᠯᠳᠠᠨ ᠬᠠᠭᠠᠨ ᠲᠠ ᠶᠠᠪᠤᠭᠠᠳ ᠪᠣᠢ᠃ ᠬᠠᠯᠬ᠎ᠠ ᠮᠣᠩᠭᠣᠯ ᠢ᠋ ᠢᠳᠡᠵᠦ ᠡᠷᠬᠡᠰᠢᠶᠡᠯ ᠳ᠋ᠡᠭᠡᠨ ᠣᠷᠣᠭᠤᠯᠬᠤ ᠲᠦᠪᠡᠭ ᠦᠭᠡᠢ᠃ ᠢᠯᠠᠭᠤᠭᠰᠠᠨ ᠬᠤᠲᠤᠭᠲᠤ ᠶ᠋ᠢᠨ ᠮᠢᠩᠭᠠᠨ ᠯᠠᠮᠠ ᠠᠷᠤ ᠬᠠᠯᠬ᠎ᠠ ᠶ᠋ᠢᠨ ᠨᠤᠲᠤᠭ ᠢ᠋ᠶ᠋ᠠᠷ ᠲᠠᠷᠬᠠᠵᠤ ᠰᠠᠭᠤᠷᠢᠰᠢᠭᠠᠳ ᠪᠤᠷᠬᠠᠨ ᠤ᠋ ᠬᠤᠪᠢᠯᠭᠠᠨ ᠭᠠᠯᠳᠠᠨ ᠪᠣᠱᠣᠭᠲᠤ ᠳ᠋ᠤ᠌ ᠢᠳᠡᠭᠡ᠃ ᠭᠠᠯᠳᠠᠨ ᠪᠣᠱᠣᠭᠲᠤ ᠠᠪᠤᠷᠠᠨ᠎ᠠ᠂ ᠥᠭᠡᠷ᠎ᠡ ᠠᠪᠤᠷᠠᠯ ᠪᠠᠢᠬᠤ ᠦᠭᠡᠢ ᠭᠡᠵᠦ ᠤᠬᠠᠭᠤᠯᠭ᠎ᠠ᠂ ᠢᠳᠬᠠᠯ ᠢ᠋ᠶ᠋ᠠᠨ ᠬᠢᠵᠦ ᠪᠠᠢᠨ᠎ᠠ᠃ ᠭᠠᠯᠳᠠᠨ ᠬᠠᠭᠠᠨ ᠶᠡᠬᠡ ᠬᠦᠯᠢᠶᠡᠭᠰᠡᠨ᠃ ᠲᠡᠭᠦᠨ ᠦ᠌ ᠲᠡᠪᠴᠢᠶᠡᠷᠢ ᠪᠠᠷᠠᠭᠳᠠᠪᠠ᠃ ᠭᠠᠯᠳᠠᠨ ᠤ᠋ ᠴᠡᠷᠢᠭ ᠦ᠋ᠳ ᠮᠣᠩᠭᠣᠯ ᠢ᠋ ᠠᠮᠤᠷ ᠠᠮᠤᠭᠤᠯᠠᠩ ᠪᠣᠯᠭᠠᠨ᠎ᠠ᠃ ᠣᠢᠷᠠᠳ ᠤ᠋ᠳ ᠣᠮᠣᠭ ᠲᠠᠢ᠂ ᠵᠣᠪᠠᠯᠠᠩ ᠲᠤᠭᠤᠯᠤᠭᠰᠠᠨ ᠬᠥᠮᠦᠰ ᠰᠢᠦ᠃ ᠳᠥᠷᠪᠡᠨ ᠣᠢᠷᠠᠳ ᠲᠤ᠌ ᠮᠣᠩᠭᠣᠯ ᠢ᠋ᠶ᠋ᠠᠨ ᠳᠠᠭᠠᠳᠬᠠᠵᠤ ᠰᠡᠳᠬᠢᠯ ᠲᠦᠪᠰᠢᠨ ᠰᠠᠭᠤᠶ᠎ᠠ᠃ ᠡᠢᠮᠦ ᠶ᠋ᠢᠨ ᠲᠤᠯᠠᠳᠠ ᠪᠤᠷᠬᠠᠨ ᠭᠠᠯᠳᠠᠨ ᠪᠣᠱᠣᠭᠲᠤ ᠶ᠋ᠢ ᠢᠯᠡᠭᠡᠪᠡ》 ᠭᠡᠮᠡᠨ ᠲᠣᠯᠣᠭᠠᠢ ᠲᠠᠢ ᠪᠣᠯᠭᠠᠨ ᠳ᠋ᠤ᠌ ᠠᠢᠯᠠᠳᠴᠤ ᠪᠠᠢᠭ᠎ᠠ ᠶ᠋ᠢ ᠢᠯᠠᠭᠤᠭᠰᠠᠨ ᠬᠤᠲᠤᠭᠲᠤ ᠶ᠋ᠢᠨ ᠡᠯᠴᠢ ᠥᠭᠦᠯᠡᠪᠡ᠃
     ᠢᠯᠠᠭᠤᠭᠰᠠᠨ ᠬᠤᠲᠤᠭᠲᠤ ᠶ᠋ᠢᠨ ᠲᠡᠨᠳᠡ ᠡᠴᠡ ᠮᠠᠨᠵᠤ ᠶ᠋ᠢᠨ ᠬᠠᠭᠠᠨ ᠤ᠋ ᠴᠡᠷᠢᠭ᠂ ᠵᠡᠪᠰᠡᠭ᠂ ᠬᠥᠮᠦᠨ ᠬᠦᠴᠦ ᠶ᠋ᠢᠨ ᠲᠠᠯ᠎ᠠ ᠪᠠᠷ ᠭᠠᠯᠳᠠᠨ ᠬᠠᠭᠠᠨ ᠳ᠋ᠤ᠌ ᠡᠯᠴᠢ ᠮᠡᠳᠡᠭᠡᠯᠡᠭᠰᠡᠭᠡᠷ ᠥᠷᠲᠡᠭᠡ ᠤᠯᠠᠭ᠎ᠠ ᠦᠯᠦ ᠲᠠᠰᠤᠷᠠᠨ᠎ᠠ᠃《ᠭᠠᠯᠳᠠᠨ ᠨᠠᠮᠠᠶ᠋ᠢ ᠲᠩᠷᠢ ᠲᠡᠳᠬᠦᠵᠦ ᠠᠷᠤ ᠬᠠᠯᠬ᠎ᠠ ᠳ᠋ᠤ᠌ ᠣᠷᠣᠭᠤᠯᠪᠠ᠃ ᠭᠠᠯᠳᠠᠨ ᠨᠠᠮᠠᠶ᠋ᠢ ᠪᠤᠷᠬᠠᠨ ᠬᠦᠯᠢᠶᠡᠬᠦ ᠶ᠋ᠢ ᠭᠤᠶᠤᠵᠤ ᠪᠠᠢᠯ᠎ᠠ᠃》
    ᠭᠠᠯᠳᠠᠨ ᠬᠠᠭᠠᠨ᠂ ᠯᠠᠮᠠ ᠭᠠᠯᠳᠠᠨ ᠤ᠋ ᠲᠠᠢᠳᠬᠤᠷᠠᠯ᠂ ᠬᠦᠯᠢᠴᠡᠨ ᠬᠦᠯᠢᠶᠡᠬᠦ ᠶ᠋ᠢᠨ ᠤᠬᠠᠭᠠᠷᠠᠯ ᠳᠤᠮᠳᠠ ᠶᠠᠪᠤᠭᠰᠠᠭᠠᠷ ᠪᠠᠢᠯ᠎ᠠ᠃ ᠭᠠᠯᠳᠠᠨ ᠪᠣᠯ ᠬᠠᠭᠠᠨ ᠴᠤ᠌ ᠮᠥᠨ᠂ ᠯᠠᠮᠠ ᠴᠤ᠌ ᠮᠥᠨ᠃ ᠭᠠᠯᠳᠠᠨ ᠬᠦᠯᠢᠶᠡᠵᠦ ᠰᠤᠷᠤᠭᠰᠠᠨ᠂ ᠳᠠᠢᠳᠤᠵᠤ ᠰᠤᠷᠤᠭᠰᠠᠨ᠃ ᠭᠠᠯᠳᠠᠨ ᠤᠴᠠᠷᠠᠯ᠂ ᠬᠠᠭᠠᠴᠠᠯ ᠤ᠋ᠨ ᠳᠤᠮᠳᠠᠭᠤᠷ ᠶᠠᠪᠤᠭ᠎ᠠ᠃

                     ᠨᠠᠢ᠍ᠮᠠ

      ᠴᠡᠸᠠᠩᠷᠠᠪᠳᠡᠨ ᠪᠣᠯ ᠬᠠᠭᠠᠨ ᠤᠳᠤᠮ ᠲᠠᠢ᠂ ᠬᠠᠷᠰᠢ ᠰᠠᠨᠠᠭ᠎ᠠ ᠲᠠᠢ᠂ ᠢᠵᠠᠭᠤᠷ ᠨᠢᠭᠡ ᠲᠡᠢ᠂ ᠬᠠᠤᠯᠢ ᠴᠠᠭᠠᠵᠠ ᠶ᠋ᠢᠨ ᠡᠷᠳᠡᠮ ᠳ᠋ᠦ᠍ ᠪᠣᠯᠪᠠᠰᠤᠷᠠᠭᠰᠠᠨ᠂ ᠬᠠᠲᠠᠭᠤᠵᠢᠯᠲᠠᠢ᠂ ᠲᠡᠢᠨ ᠦ᠌ ᠬᠥᠯ ᠳ᠋ᠦ᠍ ᠦᠭᠡᠢᠷᠡᠵᠦ ᠲᠤᠢᠯᠳᠠᠬᠤ ᠶ᠋ᠢ ᠦᠵᠡᠭᠰᠡᠨ᠂ ᠬᠠᠲᠠᠭᠤ ᠴᠢᠩᠭ᠎ᠠ ᠬᠥᠮᠦᠨ ᠪᠢᠯᠡ᠃ ᠮᠠᠨᠵᠤ ᠶ᠋ᠢᠨ ᠬᠠᠭᠠᠨ ᠤ᠋ ᠬᠥᠯ ᠭᠠᠷ ᠬᠡᠳᠦᠢᠨ᠎ᠡ ᠵᠡᠭᠥᠨᠭᠠᠷ  ᠲᠤ᠌ ᠪᠣᠢ ᠪᠣᠯᠵᠤ ᠮᠣᠩᠭᠣᠯ ᠠᠢᠮᠠᠭ ᠤᠭᠰᠠᠭᠠᠲᠠᠨ ᠳ᠋ᠤ᠌ ᠨᠥᠯᠥᠭᠡᠯᠡᠵᠦ ᠪᠤᠰᠠᠨᠢᠭᠤᠯᠤᠭᠰᠠᠨ ᠪᠢᠯᠡ᠃ ᠰᠡᠪᠲᠡᠨᠵᠡᠯ ᠦ᠋ᠨ ᠪᠠᠯᠠᠭ ᠢ᠋ᠶ᠋ᠠᠷ ᠬᠣᠱᠤᠳ ᠣᠪᠣᠭᠲᠠᠨ ᠬᠠᠷᠢ ᠳ᠋ᠤ᠌ ᠣᠳᠴᠤ᠂ ᠨᠤᠲᠤᠭ ᠬᠣᠰᠢᠭᠤ ᠡᠵᠡᠭᠦᠢᠷᠡᠵᠡᠢ᠃ ᠰᠡᠪᠡᠲᠡᠨᠵᠡᠯ ᠰᠤᠷᠠᠭ ᠦᠭᠡᠢ ᠪᠣᠯᠪᠠ᠃ ᠸᠴᠢᠷᠲᠥ ᠰᠡᠴᠡᠨ ᠬᠠᠭᠠᠨ ᠤ᠋ ᠵᠢᠭᠡ ᠬᠥᠪᠡᠭᠦᠨ ᠴᠡᠸᠡᠩᠷᠠᠪᠲᠠᠨ ᠨᠤᠲᠤᠭ ᠲᠠᠢ ᠪᠠᠨ ᠬᠣᠴᠣᠷᠤᠭᠰᠠᠨ ᠨᠢ ᠭᠠᠯᠳᠠᠨ ᠬᠠᠭᠠᠨ ᠳ᠋ᠤ᠌ ᠬᠠᠷᠠᠳᠠᠬᠤ ᠰᠡᠳᠬᠢᠯ ᠲᠥᠷᠥᠭᠦᠯᠪᠡ᠃
    ᠮᠠᠨᠵᠤ ᠶ᠋ᠢᠨ ᠡᠩᠬᠡ ᠠᠮᠤᠭᠤᠯᠠᠩ ᠬᠠᠭᠠᠨ᠂ ᠭᠠᠯᠳᠠᠨ ᠪᠣᠱᠣᠭᠲᠤ ᠶ᠋ᠢ ᠴᠡᠷᠢᠭᠯᠡᠨ ᠬᠥᠳᠡᠯᠦᠭᠰᠡᠨ ᠢ᠋ ᠮᠡᠳᠡᠭᠡᠳ《ᠰᠠᠯᠬᠢᠨ ᠤ᠋ ᠵᠦᠭ ᠡᠴᠡ ᠲᠣᠭᠣᠰᠣ ᠦᠨᠦᠷᠲᠦᠯ᠎ᠡ᠃ ᠲᠣᠭᠣᠰᠣ ᠰᠢᠷᠣᠢ ᠳ᠋ᠤ᠌ ᠳᠠᠷᠤᠭᠤᠯᠬᠤ ᠦᠭᠡᠢ ᠶ᠋ᠢᠨ ᠲᠤᠯᠠᠳᠠ ᠴᠡᠷᠢᠭ ᠢ᠋ ᠴᠢᠩᠭᠠᠯᠠᠵᠤ᠂ ᠰᠡᠷᠡᠮᠵᠢ ᠲᠡᠢ ᠪᠠᠢᠭᠲᠤᠨ᠃
     ᠭᠡᠢᠮᠡᠯ ᠭᠦᠩᠵᠦ ᠶ᠋ᠢ ᠭᠠᠯᠳᠠᠨ ᠬᠠᠭᠠᠨ ᠲᠠᠲᠠᠪᠤᠷᠢ ᠡᠮᠡᠰ ᠦ᠋ᠨ ᠬᠦᠷᠢᠶᠡᠨ ᠳ᠋ᠦ᠍ ᠬᠠᠶᠠᠭᠰᠠᠨ ᠪᠠᠢᠭ᠎ᠠ ᠶᠤᠮ᠃ ᠭᠦᠩᠵᠦ ᠭᠠᠯᠳᠠᠨ ᠬᠠᠭᠠᠨ ᠢ᠋ ᠰᠡᠷᠡᠭᠡᠵᠦ ᠴᠢᠳᠠᠭᠰᠠᠨ ᠦᠭᠡᠢ᠃ ᠭᠠᠯᠳᠠᠨ ᠢ᠋ ᠡᠪᠦᠷ ᠡᠴᠡ ᠨᠢ ᠳᠤᠨᠳᠠᠭᠤᠯᠵᠤ ᠭᠡᠢᠮᠡᠯ ᠭᠦᠩᠵᠦ ᠰᠠᠷᠬᠤᠳ ᠤ᠋ᠨ ᠳᠡᠭᠡᠵᠢ ᠪᠠᠷᠢᠵᠤ ᠪᠥᠬᠥᠢᠬᠦ ᠪᠡᠨ ᠤᠮᠠᠷᠲᠠᠵᠠᠢ᠃
    ᠣᠢᠷᠠᠳ ᠤ᠋ᠨ ᠬᠠᠭᠠᠨ ᠤ᠋ ᠢᠷᠡᠬᠦ ᠵᠠᠮ ᠢ᠋ ᠬᠠᠭᠠᠵᠤ ᠬᠠᠯᠬ᠎ᠠ ᠶ᠋ᠢᠨ ᠨᠤᠲᠤᠭ ᠢ᠋ᠶ᠋ᠠᠷ ᠰᠠᠭᠠᠳ ᠲᠠᠢ ᠣᠷᠣᠭᠤᠯᠬᠤ ᠬᠡᠷᠡᠭᠲᠡᠢ》 ᠭᠡᠵᠦ ᠰᠢᠳᠠᠷ ᠨᠣᠶᠠᠳ᠂ ᠴᠡᠷᠢᠭ ᠦ᠋ᠨ ᠵᠠᠩᠵᠤᠨ ᠪᠠᠭᠠᠲᠤᠷ ᠤ᠋ᠳ ᠤ᠋ᠨ ᠨᠢᠭᠤᠴᠠ ᠠᠭᠤᠯᠵᠠᠯᠲᠠ ᠳ᠋ᠤ᠌ ᠥᠭᠦᠯᠡᠭᠰᠡᠨ ᠢ᠋ ᠢᠯᠠᠭᠤᠭᠰᠠᠨ ᠬᠤᠲᠤᠭᠲᠤ ᠶ᠋ᠢᠨ ᠲᠤᠷᠰᠢᠭᠤᠯ ᠯᠠᠮᠠ ᠭᠠᠯᠳᠠᠨ ᠪᠣᠱᠣᠭᠲᠤ ᠳ᠋ᠤ᠌ ᠮᠡᠳᠡᠭᠡᠯᠡᠵᠡᠢ᠃
    ᠣᠢᠷᠠᠳ ᠤ᠋ᠨ ᠪᠦᠷᠭᠦᠳ ᠦ᠋ᠨ ᠲᠠᠪᠢᠯᠲᠠᠲᠤ ᠬᠥᠬᠡ ᠰᠦᠯᠳᠡ ᠲᠥᠪ ᠬᠠᠯᠬ᠎ᠠ ᠶ᠋ᠢᠨ ᠨᠤᠲᠤᠭ ᠲᠤ᠌ ᠲᠡᠭᠷᠢ ᠳ᠋ᠦ᠍ ᠳᠡᠷᠪᠡᠯᠵᠡᠨ ᠬᠡᠢᠰᠴᠦ ᠴᠡᠷᠢᠭ ᠦ᠋ᠨ ᠯᠠᠮᠠ ᠨᠠᠷ ᠳᠠᠢᠰᠤᠨ ᠢ᠋ ᠮᠣᠬᠣᠭᠠᠬᠤ ᠲᠠᠷᠨᠢ ᠤᠩᠰᠢᠵᠤ᠂ ᠲᠣᠮ ᠰᠢᠪᠰᠢᠯᠭᠡ ᠰᠠᠴᠤᠭᠰᠠᠭᠠᠷ ᠪᠠᠢᠪᠠ᠃

                                ᠶᠢᠰᠦ

    ᠵᠠᠭᠥᠨᠭᠠᠷ ᠤ᠋ᠨ ᠭᠠᠯᠳᠠᠨ ᠪᠣᠱᠣᠭᠲᠤ ᠬᠠᠭᠠᠨ᠂ ᠵᠣᠷᠢᠭᠲᠤ ᠠᠨᠤ ᠬᠠᠲᠤᠨ ᠤ᠋ ᠪᠠᠨ ᠬᠠᠮᠲᠤ ᠴᠡᠷᠢᠭ ᠦ᠋ᠨ ᠬᠡᠭᠡᠷ᠎ᠡ ᠶ᠋ᠢᠨ ᠠᠰᠠᠷ ᠲᠤ᠌ ᠵᠣᠭᠣᠭ ᠪᠠᠷᠢᠵᠤ ᠪᠠᠢᠬᠤ ᠳ᠋ᠤ᠌ ᠲᠡᠷᠲᠡᠭᠡᠬᠢ ᠣᠷᠭᠢᠯ ᠤ᠋ᠨ ᠲᠡᠨᠳᠡ ᠡᠴᠡ ᠲᠤᠤᠯᠢ ᠬᠠᠢᠯᠠᠵᠤ ᠲᠣᠪᠰᠢᠭᠤᠷ ᠤ᠋ᠨ ᠲᠣᠬᠢᠷᠠᠯᠲᠠ ᠰᠣᠨᠣᠰᠳᠠᠪᠠ᠃ ᠠᠨᠤ ᠨᠢᠳᠦ ᠪᠡᠷ ᠢ᠋ᠶ᠋ᠡᠨ ᠢᠨᠢᠶᠡᠮᠰᠦᠭᠯᠡᠨ ᠬᠠᠭᠠᠨ ᠤ᠋ ᠨᠠᠷᠠ ᠰᠠᠷᠠ ᠨᠠᠭᠠᠳᠤᠭᠰᠠᠨ ᠵᠣᠪᠬᠢ ᠶ᠋ᠢ ᠰᠢᠷᠳᠡᠨ᠎ᠡ᠃
    — ᠬᠠᠭᠠᠨ! ᠡᠨᠡ ᠡᠭᠡᠰᠢᠭᠯᠡᠩᠲᠦ ᠳᠠᠭᠤᠳᠠᠯᠭ᠎ᠠ ᠶᠠᠭᠤ ᠥᠭᠦᠯᠡᠨ᠎ᠡ᠃ ᠲᠠᠨ ᠤ᠋ ᠰᠦᠷ ᠬᠦᠴᠦ ᠶ᠋ᠢ ᠬᠠᠯᠬ᠎ᠠ ᠮᠣᠩᠭᠣᠯ ᠳ᠋ᠤ᠌ ᠰᠣᠨᠣᠰᠬᠠᠵᠤ ᠪᠠᠢᠨ᠎ᠠ᠃ ᠬᠠᠭᠠᠨ ᠤ᠋ ᠬᠡᠭᠡᠷ᠎ᠡ ᠶ᠋ᠢᠨ ᠴᠢᠭᠤᠯᠭᠠᠨ ᠥᠴᠥᠭᠡᠳᠦᠷᠬᠡᠨ ᠬᠤᠷᠠᠯᠳᠤᠭᠰᠠᠨ ᠪᠤᠰᠤ ᠤᠤ? ᠲᠠᠨ ᠢ᠋ ᠶᠡᠬᠡ ᠮᠣᠩᠭᠣᠯ ᠤᠯᠤᠰ ᠤ᠋ᠨ ᠬᠠᠭᠠᠨ ᠭᠡᠵᠦ ᠡᠷᠭᠦᠮᠵᠢᠯᠡᠬᠦ ᠪᠡᠷ ᠪᠣᠯᠤᠭᠰᠠᠨ᠃ ᠨᠢᠭᠡᠨᠲᠡ ᠬᠠᠯᠬ᠎ᠠ ᠮᠣᠩᠭᠣᠯ᠂ ᠣᠢᠷᠠᠳ ᠮᠣᠩᠭᠣᠯ ᠨᠢᠭᠡᠳᠦᠯ᠎ᠡ ᠰᠢᠦ ᠳᠡ᠃
    — ᠨᠠᠮᠠᠶ᠋ᠢ ᠬᠠᠭᠠᠨ ᠭᠠᠯᠳᠠᠨ ᠢᠮᠠᠭᠲᠠ ᠳᠠᠷᠤᠩᠭᠤᠢᠯᠠᠭᠰᠠᠭᠠᠷ ᠢᠷᠡᠭᠰᠡᠨ᠃ ᠯᠠᠮᠠ ᠭᠠᠯᠳᠠᠨ ᠥᠭᠡᠷ᠎ᠡ ᠪᠣᠳᠣᠯ ᠲᠠᠢ᠃ ᠠᠮᠢᠳᠤᠷᠠᠯ ᠤᠳᠬ᠎ᠠ ᠬᠣᠭᠣᠰᠣᠨ ᠪᠢᠯᠡ᠃ ᠬᠣᠭᠣᠰᠣᠨ ᠠᠮᠢᠳᠤᠷᠠᠯ  ᠢ᠋ ᠤᠳᠬ᠎ᠠ ᠤᠴᠢᠷ ᠲᠠᠢ ᠪᠣᠯᠭᠠᠬᠤ ᠶ᠋ᠢᠨ ᠲᠥᠯᠥᠭᠡ ᠬᠠᠭᠠᠨ ᠯᠠᠮᠠ ᠬᠣᠶᠠᠭᠤᠯᠠ ᠵᠡᠷᠭᠡ ᠵᠢᠳᠬᠦᠪᠡ᠃ ᠬᠠᠭᠠᠨ ᠭᠦᠷᠦᠨ ᠤᠯᠤᠰ ᠢ᠋ᠶ᠋ᠠᠨ ᠡᠮᠬᠢᠯᠡᠵᠦ ᠳᠠᠢᠳᠤᠪᠠ᠃ ᠯᠠᠮᠠ ᠬᠡᠢᠳ ᠪᠣᠰᠬᠠᠵᠤ ᠭᠦᠷᠢᠮ ᠬᠢᠪᠡ᠃ ᠬᠣᠭᠣᠰᠣᠨ ᠢ᠋ ᠶᠠᠭᠤ ᠪᠠᠷ ᠳᠦᠭᠦᠷᠭᠡᠬᠦ ᠪᠢᠯᠡ᠃ ᠬᠠᠲᠤᠨ ᠲᠠ ᠶᠠᠭᠤ ᠰᠡᠳᠬᠢᠪᠡ᠂᠂᠂᠂
     ᠲᠤᠤᠯᠠ ᠶ᠋ᠢᠨ ᠪᠤᠷᠭᠠᠰᠤ ᠨᠠᠢᠭᠤᠭᠰᠠᠨ ᠤᠷᠲᠤ ᠬᠥᠨᠳᠡᠢ ᠪᠡᠷ ᠣᠢᠷᠠᠳ ᠤ᠋ᠨ ᠴᠡᠷᠢᠭ ᠦ᠋ᠳ ᠳᠦᠭᠦᠷᠡᠩ ᠪᠠᠭᠤᠳᠠᠯᠯᠠᠵᠤ᠂ ᠴᠡᠷᠢᠭ ᠦ᠋ᠨ ᠮᠢᠩᠭᠠᠲᠤ᠂ ᠵᠠᠭᠤᠲᠤ᠂ ᠠᠷᠪᠠᠲᠤ ᠶ᠋ᠢᠨ ᠮᠠᠢᠬᠠᠨ᠂ ᠵᠣᠳᠬᠡ᠋ᠷ ᠳᠤᠭᠤᠢᠷᠠᠨ ᠪᠠᠭᠤᠵᠠᠢ᠃ ᠥᠷᠯᠥᠭᠡᠨ ᠦ᠌ ᠴᠠᠢ ᠪᠣᠯᠵᠤ ᠤᠲᠤᠭ᠎ᠠ ᠰᠠᠪᠰᠠᠨ᠎ᠠ᠃ ᠴᠡᠷᠢᠭ ᠦ᠋ᠨ ᠠᠭᠲᠠ ᠡᠪᠡᠰᠦ ᠲᠡᠢ ᠨᠤᠭᠤ ᠲᠣᠬᠣᠢ ᠳ᠋ᠤ᠌ ᠪᠦᠴᠢᠵᠦ᠂ ᠲᠡᠮᠡᠭᠡᠨ ᠲᠡᠷᠭᠡ᠂ ᠦᠬᠡᠷ ᠲᠡᠷᠭᠡ ᠨᠢᠭᠡᠨ ᠬᠣᠲᠣᠭᠣᠷ  ᠢ᠋ ᠪᠦᠷᠬᠦᠵᠦ ᠪᠠᠢᠯ᠎ᠠ᠃
     ᠰᠣᠨᠣᠰᠬᠤᠯᠠᠩᠲᠤ ᠲᠤᠤᠯᠢ ᠶ᠋ᠢᠨ ᠠᠶᠠᠯᠭᠤ ᠶ᠋ᠢ ᠴᠢᠮᠡᠭᠯᠡᠭᠰᠡᠨ ᠴᠡᠷᠢᠭ ᠦ᠋ᠨ ᠬᠣᠲᠠ ᠶ᠋ᠢᠨ ᠬᠢᠨ ᠪᠦᠬᠦᠯᠢ ᠳ᠋ᠡᠭᠡᠨ ᠶᠠᠮᠠᠷ ᠨᠢᠭᠡᠨ ᠰᠣᠪᠢᠩ ᠳ᠋ᠤ᠌ ᠠᠪᠲᠠᠭᠰᠠᠨ ᠮᠡᠲᠦ᠃ ᠲᠤᠤᠯᠠ ᠶ᠋ᠢᠨ ᠬᠥᠨᠳᠡᠢ ᠪᠡᠷ ᠣᠢᠷᠠᠳ ᠤ᠋ᠨ ᠬᠠᠷ᠎ᠠ ᠰᠦᠯᠳᠡ ᠶ᠋ᠢ ᠵᠠᠯᠠᠭᠰᠠᠨ ᠮᠣᠷᠢᠲᠠᠨ ᠴᠡᠷᠢᠭ ᠦ᠋ᠳ ᠳᠠᠪᠬᠢᠨ ᠭᠠᠷᠴᠤ ᠢᠷᠡᠯ᠎ᠡ᠃ ᠰᠦᠯᠳᠡ ᠶ᠋ᠢᠨ ᠠᠷᠤ ᠠ᠋ᠴᠠ ᠬᠥᠬᠡ ᠲᠤᠭ ᠨᠠᠮᠢᠷᠠᠨ᠎ᠠ᠃ ᠬᠥᠬᠡ ᠲᠤᠭ᠂ ᠬᠥᠬᠡ ᠬᠢᠭᠢᠷᠢ ᠪᠦᠷᠭᠦᠳ ᠰᠦᠯᠳᠡ ᠲᠡᠢ ᠠᠵᠢ᠃ ᠲᠤᠤᠯᠠ ᠶ᠋ᠢᠨ ᠬᠥᠪᠡᠭᠡᠨ ᠡᠴᠡ ᠨᠢᠭᠡᠨ ᠵᠠᠭᠤᠲᠤ ᠴᠡᠷᠢᠭ ᠪᠠᠷᠠᠭᠤᠨ ᠠᠭᠤᠯᠠ ᠶ᠋ᠢᠨ ᠰᠤᠭᠤ ᠶ᠋ᠢ ᠳᠡᠷᠡᠯᠡᠵᠦ ᠪᠠᠭᠤᠪᠠ᠃ ᠴᠡᠷᠢᠭ ᠦ᠋ᠳ ᠠᠭᠤᠯᠠ ᠥᠭᠡᠳᠡ ᠭᠦᠶᠦᠯᠳᠦᠨ᠎ᠡ᠃ ᠡᠨᠡ ᠠᠭᠤᠯᠠ ᠶ᠋ᠢᠨ ᠪᠠᠯ ᠠᠭᠤᠵᠢᠮ᠂ ᠣᠷᠣᠢ ᠨᠢ ᠳᠤᠭᠤᠢ᠂ ᠡᠷᠭᠢᠨ ᠲᠣᠭᠣᠷᠢᠨ ᠳ᠋ᠠᠭᠠᠨ ᠭᠣᠣ ᠰᠠᠷᠬᠢᠶᠠᠭ ᠪᠠᠭ᠎ᠠ ᠲᠠᠢ ᠠᠵᠢ᠃ ᠴᠡᠷᠢᠭ ᠦ᠋ᠳ ᠠᠭᠤᠯᠠ ᠶ᠋ᠢᠨ ᠣᠷᠣᠢ ᠳ᠋ᠤ᠌ ᠭᠦᠶᠦᠭᠰᠡᠭᠡᠷ ᠭᠠᠷᠬᠤ ᠳ᠋ᠤ᠌ ᠲᠤᠤᠯᠠ ᠶ᠋ᠢᠨ ᠬᠥᠨᠳᠡᠢ ᠳᠦᠭᠦᠷᠡᠩ ᠪᠥᠮᠪᠥᠷ ᠴᠠᠩ ᠬᠡᠩᠭᠡᠷᠭᠡ ᠳᠡᠯᠡᠳᠪᠡ᠃ ᠶᠡᠬᠡ ᠴᠡᠷᠢᠭ ᠦ᠋ᠳ ᠠᠷᠪᠠᠲᠤ᠂ ᠵᠠᠭᠤᠲᠤ᠂ ᠮᠢᠩᠭᠠᠲᠤ ᠶ᠋ᠢᠨ ᠪᠠᠭᠴᠠᠨ ᠳ᠋ᠤ᠌ ᠨᠢᠭᠡᠳᠴᠦ ᠵᠢᠭᠰᠠᠪᠠ᠃ ᠬᠠᠭᠠᠨ ᠬᠠᠲᠤᠨ ᠬᠣᠶᠠᠷ ᠢ᠋ ᠬᠡᠭᠡᠷ᠎ᠡ ᠶ᠋ᠢᠨ ᠠᠰᠠᠷ ᠠ᠋ᠴᠠ ᠭᠠᠷᠬᠤ ᠳ᠋ᠤ᠌ ᠰᠢᠳᠠᠷ ᠪᠠᠭᠠᠲᠤᠷ ᠤ᠋ᠳ᠂ ᠪᠢᠴᠢᠭ ᠦ᠋ᠨ ᠲᠦᠰᠢᠮᠡᠳ᠂ ᠮᠢᠩᠭᠠᠲᠤ ᠶ᠋ᠢᠨ ᠨᠣᠶᠠᠳ ᠡᠭᠦᠳᠡᠨ ᠦ᠌ ᠬᠣᠶᠠᠷ ᠬᠠᠵᠠᠭᠤ ᠪᠠᠷ ᠱᠤᠭᠤᠮᠳᠠᠨ ᠵᠢᠭᠰᠠᠭᠰᠠᠨ ᠪᠥᠭᠡᠳ ᠳᠠᠨᠵᠢᠯᠠ ᠵᠠᠩᠵᠤᠨ᠂ ᠠᠷᠴᠠ ᠪᠠᠭᠠᠲᠤᠷ᠂ ᠬᠠᠴᠠᠷ ᠳᠠᠭᠠᠨ ᠭᠦᠨ ᠰᠣᠷᠪᠢ ᠲᠠᠢ ᠭᠠᠢᠲᠠᠪ ᠪᠠᠭᠠᠲᠤᠷ ᠲᠡᠷᠢᠭᠦᠯᠡᠵᠡᠢ᠃ ᠠᠨᠤ ᠬᠠᠲᠤᠨ ᠴᠡᠷᠢᠭ ᠦ᠋ᠳ ᠪᠦᠷᠬᠦᠭᠰᠡᠨ ᠠᠭᠤᠯᠠ ᠶ᠋ᠢᠨ ᠵᠦᠭ ᠭᠠᠷ ᠢ᠋ᠶ᠋ᠠᠷ ᠵᠢᠭᠠᠵᠤ᠂
     — ᠲᠡᠷᠡ ᠪᠣᠯ ᠲᠣᠭᠣᠨᠣ ᠠᠭᠤᠯᠠ᠂ ᠲᠣᠭᠣᠨᠣ ᠠᠭᠤᠯᠠ ᠶ᠋ᠢᠨ ᠣᠷᠣᠢ ᠳ᠋ᠤ᠌ ᠶᠣᠰᠣᠯᠠᠯ ᠦᠢᠯᠡᠳᠦᠨ᠎ᠡ᠃ ᠡᠨᠡ ᠶᠣᠰᠣᠯᠠᠯ ᠭᠠᠯᠳᠠᠨ ᠪᠣᠱᠣᠭᠲᠤ ᠬᠠᠭᠠᠨ ᠢ᠋ ᠪᠦᠬᠦ ᠮᠣᠩᠭᠣᠯ ᠤᠯᠤᠰ ᠤ᠋ᠨ ᠬᠠᠭᠠᠨ ᠳ᠋ᠤ᠌ ᠡᠷᠭᠦᠮᠵᠢᠯᠡᠨ ᠲᠤᠩᠬᠠᠭᠯᠠᠬᠤ ᠶᠤᠮ᠃ ᠬᠠᠲᠤᠨ ᠮᠢᠨᠦ ᠪᠡᠶ᠎ᠡ ᠶᠣᠰᠣᠯᠠᠯ  ᠢ᠋ ᠦᠢᠯᠡᠳᠬᠦ ᠪᠣᠯᠤᠨ᠎ᠠ ᠭᠡᠯ᠎ᠡ᠃
    — ᠣᠢᠷᠠᠳ ᠤ᠋ᠨ ᠴᠢᠭᠤᠯᠭᠠᠨ ᠭᠠᠯᠳᠠᠨ ᠪᠣᠱᠣᠭᠲᠤ ᠬᠠᠭᠠᠨ ᠢ᠋ ᠶᠡᠬᠡ ᠮᠣᠩᠭᠣᠯ ᠤᠯᠤᠰ ᠤ᠋ᠨ ᠬᠠᠭᠠᠨ ᠳ᠋ᠤ᠌ ᠡᠷᠭᠦᠮᠵᠢᠯᠡᠭᠰᠡᠨ ᠰᠢᠦ ᠳᠡ ᠭᠡᠮᠡᠨ ᠪᠢᠴᠢᠭ ᠦ᠋ᠨ ᠲᠦᠰᠢᠮᠡᠯ ᠢ᠋ ᠦᠭᠡ ᠨᠡᠮᠡᠬᠦ ᠳ᠋ᠦ᠍ ᠬᠠᠭᠠᠨ ᠤ᠋ ᠰᠢᠳᠠᠷ ᠵᠥᠪᠯᠡᠬᠦ ᠨᠦ᠍ᠭᠦᠳ《ᠦᠨᠡᠨ ᠳ᠋ᠡᠭᠡᠨ ᠮᠠᠨᠵᠤ ᠶ᠋ᠢᠨ ᠬᠠᠭᠠᠨ᠂ ᠳᠠᠯᠠᠢ ᠯᠠᠮᠠ ᠬᠣᠶᠠᠭᠤᠯᠠ ᠪᠠᠨ ᠴᠣᠯᠠ ᠡᠷᠭᠦᠮᠵᠢᠯᠡᠯ ᠢ᠋ᠶ᠋ᠡᠨ ᠬᠦᠷᠲᠡᠭᠡᠭᠰᠡᠨ᠃ ᠮᠣᠩᠭᠣᠯᠴᠤᠳ ᠡᠳᠦᠢ ᠬᠦᠷᠲᠡᠯ᠎ᠡ ᠳᠠᠭᠤ ᠪᠠᠨ ᠬᠤᠷᠢᠶᠠᠭᠰᠠᠨ᠃ ᠥᠨᠥᠳᠥᠷ ᠲᠩᠷᠢ ᠲᠡᠳᠬᠦᠭᠰᠡᠨ ᠡᠳᠦᠷ᠃ ᠠᠨᠤ ᠬᠠᠲᠤᠨ ᠲᠤᠩ ᠶᠡᠬᠡ ᠪᠡᠷ ᠪᠡᠯᠭᠡᠰᠢᠶᠡᠵᠦ ᠶᠣᠰᠣᠯᠠᠯ ᠦᠢᠯᠡᠳᠬᠦ ᠶ᠋ᠢ ᠵᠠᠷᠯᠢᠭᠯᠠᠭᠰᠠᠨ ᠪᠢᠯᠡ》 ᠭᠡᠮᠡᠨ ᠵᠡᠷᠭᠡ ᠰᠢᠬᠠᠮ ᠥᠴᠢᠯ᠎ᠡ᠃
     ᠭᠠᠯᠳᠠᠨ ᠬᠠᠭᠠᠨ ᠠᠨᠤ ᠬᠠᠲᠤᠨ ᠲᠠᠢᠰᠢ ᠲᠣᠯᠣᠭᠠᠢ ᠪᠠᠨ ᠡᠷᠭᠢᠭᠦᠯᠦᠨ ᠬᠠᠷᠠᠬᠤ ᠳ᠋ᠤ᠌ ᠪᠡᠶ᠎ᠡ ᠶ᠋ᠢᠨ ᠭᠠᠯᠪᠢᠷ ᠨᠢ ᠥᠭᠡᠷᠡᠴᠢᠯᠡᠭᠳᠡᠭᠡ ᠦᠭᠡᠢ ᠵᠢᠪᠬᠤᠯᠠᠩ ᠬᠠᠲᠤᠨ ᠬᠠᠢᠷ᠎ᠠ ᠶ᠋ᠢᠨ ᠬᠠᠷᠠᠴᠠ ᠪᠠᠷ ᠬᠠᠷᠢᠭᠤ ᠪᠠᠷᠢᠯ᠎ᠠ᠃ ᠲᠣᠭᠣᠨᠣ ᠠᠭᠤᠯᠠ ᠶ᠋ᠢᠨ ᠣᠷᠣᠢ ᠠ᠋ᠴᠠ ᠪᠤᠷᠬᠠᠨ ᠬᠠᠯᠳᠤᠨ ᠠᠭᠤᠯᠠ ᠶ᠋ᠢᠨ ᠮᠠᠩᠨᠠᠢ ᠲᠦᠩᠬᠦᠢᠵᠦ ᠬᠠᠷᠠᠭᠳᠠᠳᠠᠭ ᠪᠥᠯᠥᠭᠡ᠃ ᠨᠤᠲᠤᠭ ᠤᠰᠤᠨ ᠤ᠋ ᠠᠭᠤᠯᠠᠰ ᠪᠡᠶ᠎ᠡ  ᠪᠡᠶ᠎ᠡ ᠪᠡᠨ ᠣᠷᠭᠢᠯ ᠲᠡᠷᠢᠭᠦᠨ ᠢ᠋ᠶ᠋ᠡᠷ ᠢ᠋ᠶ᠋ᠡᠨ ᠬᠠᠷᠢᠯᠴᠠᠨ ᠨᠠᠷᠠ ᠰᠠᠷᠠ ᠶ᠋ᠢᠨ ᠳᠣᠣᠷ᠎ᠠ ᠬᠡᠳᠦᠨ ᠵᠠᠭᠤᠨ ᠵᠢᠯ ᠢ᠋ ᠦᠳᠡᠭᠰᠡᠨ ᠪᠢᠯᠡ᠃
      — ᠪᠤᠷᠬᠠᠨ ᠬᠠᠯᠳᠤᠨ ᠠᠭᠤᠯᠠ᠁ ᠭᠡᠮᠡᠨ ᠭᠠᠯᠳᠠᠨ ᠬᠠᠭᠠᠨ ᠪᠡᠯᠭᠡᠰᠢᠶᠡᠨ ᠥᠭᠦᠯᠡᠭᠡᠳ ᠵᠠᠯᠪᠠᠷᠢᠪᠠ᠃
     ᠭᠠᠯᠳᠠᠨ ᠤ᠋ ᠭᠠᠢᠬᠠᠰᠢᠷᠠᠭᠰᠠᠨ ᠶᠠᠭᠤᠮ᠎ᠠ ᠪᠣᠯ ᠲᠣᠭᠣᠨᠣ ᠠᠭᠤᠯᠠ ᠶ᠋ᠢᠨ ᠲᠩᠷᠢ ᠣᠷᠣᠢ ᠳ᠋ᠤ᠌ ᠨᠢᠭᠡ ᠵᠠᠭᠤᠨ ᠨᠠᠢ᠍ᠮᠠᠨ ᠶᠠᠰᠤᠲᠤ ᠮᠡᠯᠡᠬᠡᠢ ᠥᠷᠥᠵᠦ ᠬᠠᠭᠠᠨ ᠤ᠋ ᠥᠯᠮᠡᠢ᠂ ᠬᠠᠭᠠᠨ ᠤ᠋ ᠮᠡᠯᠮᠡᠢ ᠶ᠋ᠢ ᠮᠢᠯᠢᠶᠠᠭᠰᠠᠨ ᠶᠠᠪᠤᠳᠠᠯ ᠪᠠᠢᠯ᠎ᠠ᠃ ᠵᠠᠭᠤᠨ ᠨᠠᠢ᠍ᠮᠠᠨ ᠶᠠᠰᠤᠲᠤ ᠮᠡᠯᠡᠬᠡᠢ ᠪᠤᠷᠬᠠᠨ ᠬᠠᠯᠳᠤᠨ ᠠᠭᠤᠯᠠ ᠠ᠋ᠴᠠ ᠡᠬᠢ ᠠᠪᠤᠭᠰᠠᠨ ᠤᠨᠤᠨ᠂ ᠬᠡᠷᠦᠯᠦᠨ᠂ ᠲᠤᠤᠯᠠ ᠭᠣᠣᠯ ᠤ᠋ᠨ ᠰᠠᠪᠠ ᠳᠠᠭᠠᠤ ᠯᠤᠤᠰ ᠤ᠋ᠨ ᠤᠷᠲᠤ ᠬᠠᠷᠰᠢ ᠳ᠋ᠤ᠌ ᠪᠠᠢᠷᠢᠯᠠᠵᠤ ᠪᠠᠢᠵᠠᠢ᠃ ᠯᠤᠤᠰ ᠤ᠋ᠨ ᠠᠮᠢᠲᠠᠨ ᠢ᠋ ᠱᠠᠭ᠎ᠠ ᠪᠠᠷ ᠥᠷᠥᠵᠦ ᠲᠣᠭᠯᠠᠳᠠᠭ ᠣᠢᠷᠠᠳ ᠮᠣᠩᠭᠣᠯ ᠤ᠋ᠨ ᠵᠠᠩᠰᠢᠯ ᠪᠣᠢ᠃ ᠭᠠᠯᠳᠠᠨ ᠬᠠᠭᠠᠨ ᠳ᠋ᠤ᠌ ᠦᠷᠦᠭᠰᠡᠨ ᠵᠠᠭᠤᠨ ᠨᠠᠢ᠍ᠮᠠᠨ ᠮᠡᠯᠡᠬᠡᠢ ᠨᠢᠭᠡ ᠲᠣᠮᠣ ᠮᠡᠯᠡᠬᠡᠢ ᠪᠣᠯᠵᠠᠢ᠃ ᠲᠡᠭᠦᠨ ᠦ᠌ ᠬᠡᠯᠪᠡᠷᠢ ᠨᠢ ᠵᠡᠭᠥᠨᠭᠠᠷ ᠤ᠋ᠨ ᠬᠠᠭᠠᠨᠲᠤ ᠤᠯᠤᠰ ᠤ᠋ᠨ ᠨᠤᠲᠤᠭ ᠮᠡᠲᠦ᠃ ᠵᠠᠭᠤᠨ ᠨᠠᠢ᠍ᠮᠠᠨ ᠲᠣᠭ᠎ᠠ ᠭᠠᠯᠳᠠᠨ ᠪᠣᠱᠣᠭᠲᠤ ᠬᠠᠭᠠᠨ ᠤ᠋ ᠴᠡᠭᠡᠵᠢᠨ᠎ᠡ ᠵᠡᠭᠦᠯᠲᠡ ᠲᠡᠢ ᠡᠷᠢᠭᠡ ᠮᠡᠲᠦ᠃ ᠭᠠᠯᠳᠠᠨ ᠬᠠᠭᠠᠨ ᠡᠷᠢᠭᠡ ᠪᠡᠷ ᠢ᠋ᠶ᠋ᠡᠨ ᠰᠢᠪᠰᠢᠯᠭᠡ ᠦᠢᠯᠡᠳᠴᠦ ᠣᠢᠷᠠᠳ ᠴᠡᠷᠢᠭ ᠦ᠋ᠨ ᠬᠡᠢᠮᠣᠷᠢ ᠶ᠋ᠢ ᠰᠡᠷᠭᠦᠭᠡᠨ ᠬᠤᠷᠤᠢᠯᠠᠪᠠ᠃
       ᠭᠠᠯᠳᠠᠨ ᠮᠡᠯᠡᠬᠡᠢ ᠶ᠋ᠢᠨ ᠨᠢᠷᠤᠭᠤᠨ ᠳᠡᠭᠡᠷ᠎ᠡ ᠵᠠᠪᠢᠯᠠᠨ ᠰᠠᠭᠤᠵᠤ ᠡᠷᠢᠭᠡ ᠪᠡᠨ ᠱᠣᠳᠠᠵᠤ ᠦᠵᠡᠭᠡᠳ᠂
      — ᠬᠦᠯᠢᠶᠡᠭᠰᠡᠨ ᠴᠠᠭ ᠢᠷᠡᠵᠡᠢ ᠭᠡᠪᠡ᠃
      — ᠢᠯᠠᠯᠲᠠ ᠬᠡᠨ ᠦ᠌ ᠲᠠᠯ᠎ᠠ ᠳ᠋ᠤ᠌ ᠪᠠᠢᠨ᠎ᠠ᠂ ᠬᠠᠭᠠᠨᠲᠠᠨ! ᠭᠡᠵᠦ ᠭᠠᠢᠳᠠᠪ ᠪᠠᠭᠠᠲᠤᠷ ᠵᠠᠪᠢᠯᠠᠭ᠎ᠠ ᠲᠠᠢ ᠬᠠᠭᠠᠨ ᠠ᠋ᠴᠠ ᠵᠣᠷᠢᠮᠠᠭᠬᠠᠨ ᠠᠰᠠᠭᠤᠪᠠ᠃
     — ᠢᠯᠠᠨ᠎ᠠ ᠭᠡᠵᠦ ᠪᠣᠳᠣᠵᠠᠭ᠎ᠠ᠂ ᠪᠣᠳᠣᠭᠰᠠᠨ ᠢ᠋ᠶ᠋ᠠᠷ ᠪᠣᠯᠤᠨ᠎ᠠ ᠰᠢᠦ᠃ ᠶᠠᠭ ᠮᠢᠨᠦ ᠰᠠᠭᠤᠭ᠎ᠠ ᠡᠨᠡ ᠭᠠᠵᠠᠷ ᠲᠤ᠌ ᠨᠢᠭᠡ ᠰᠦᠨᠡᠰᠦ ᠣᠷᠣᠰᠢᠨ᠎ᠠ᠃ ᠲᠡᠷᠡ ᠰᠦᠨᠡᠰᠦ ᠨᠠᠳᠠ ᠲᠠᠢ ᠴᠣᠭ ᠬᠥᠳᠡᠯᠭᠡᠭᠡᠨ ᠳ᠋ᠦ᠍ ᠣᠷᠣᠵᠠᠢ᠃ ᠲᠣᠭᠣᠨᠣ ᠠᠭᠤᠯᠠ ᠶ᠋ᠢᠨ ᠣᠷᠣᠢ ᠠ᠋ᠴᠠ ᠭᠠᠯᠲᠤ ᠰᠤᠮᠤ ᠲᠠᠯᠪᠢᠵᠠᠭ᠎ᠠ᠂ ᠭᠠᠯ ᠠᠰᠠᠭ᠎ᠠ ᠭᠡᠵᠦ ᠭᠠᠯᠳᠠᠨ ᠪᠣᠱᠣᠭᠲᠤ ᠬᠠᠭᠠᠨ ᠥᠭᠦᠯᠡᠪᠡ᠃ ᠬᠠᠭᠠᠨ ᠶᠠᠰᠤᠲᠤ ᠮᠡᠯᠡᠬᠡᠢ ᠶ᠋ᠢᠨ ᠨᠢᠷᠤᠭᠤᠨ ᠳᠡᠭᠡᠷ᠎ᠡ ᠵᠠᠪᠢᠯᠠᠭ᠎ᠠ ᠲᠠᠢ ᠪᠠᠨ ᠤᠳᠠᠭᠠᠨ ᠰᠠᠭᠤᠵᠤ ᠣᠢᠷᠠᠳ᠂ ᠬᠠᠯᠬ᠎ᠠ ᠴᠡᠷᠢᠭ ᠦ᠋ᠳ ᠬᠥᠨᠳᠡᠢ ᠳᠦᠭᠦᠷᠡᠩ ᠤᠤᠬᠠᠢᠯᠠᠵᠤ᠂ ᠶᠡᠬᠡ ᠦᠳᠡ ᠪᠣᠯᠬᠤ ᠳ᠋ᠤ᠌ ᠰᠠᠮᠠᠭᠤᠨ ᠢ᠋ ᠠᠷᠢᠯᠭᠠᠬᠤ ᠪᠠᠷ ᠬᠣᠰᠢᠭᠤᠷᠠᠨ ᠪᠠᠭᠤᠪᠠ᠃
       ᠮᠣᠩᠭᠣᠯᠴᠤᠳ ᠶᠡᠬᠡ ᠤᠯᠤᠰ ᠢ᠋ᠶ᠋ᠠᠨ ᠬᠠᠮᠠᠭᠠᠯᠠᠬᠤ ᠪᠠᠷ ᠨᠢᠭᠡᠳᠴᠡᠢ᠃

                          ᠠᠷᠪᠠ

     ᠢᠯᠠᠭᠤᠭᠰᠠᠨ ᠬᠤᠲᠤᠭᠲᠤ ᠶ᠋ᠢᠨ ᠡᠯᠴᠢ ᠮᠠᠨᠵᠤ ᠠ᠋ᠴᠠ ᠢᠷᠡᠭᠡᠳ ᠵᠢᠤᠵᠠ ᠲᠡᠷᠭᠡᠨ ᠳ᠋ᠦ᠍ ᠶᠠᠪᠤᠭᠰᠠᠨ ᠭᠠᠯᠳᠠᠨ ᠬᠠᠭᠠᠨ ᠳ᠋ᠤ᠌ ᠪᠢᠴᠢᠭ ᠵᠠᠬᠢᠶ᠎ᠠ ᠥᠭᠴᠡᠢ᠃ ᠵᠢᠤᠵᠠ ᠲᠡᠷᠭᠡ ᠡᠴᠡ ᠳᠤᠭᠤᠢ ᠤᠨᠢᠶᠠᠷᠲᠤᠭᠰᠠᠨ ᠲᠠᠯ᠎ᠠ ᠶ᠋ᠢᠨ ᠡᠪᠡᠰᠦ ᠨᠣᠭᠣᠭ᠎ᠠ ᠶ᠋ᠢ ᠰᠢᠭᠦᠰᠦ ᠲᠡᠢ ᠨᠢ ᠬᠤᠳᠬᠤᠨ᠂ ᠭᠠᠵᠠᠷ ᠤ᠋ᠨ ᠬᠥᠷᠥᠰᠥᠨ ᠳ᠋ᠦ᠍ ᠮᠥᠷ ᠢ᠋ᠶ᠋ᠡᠨ ᠦᠯᠡᠳᠡᠭᠡᠵᠦ ᠤᠷᠤᠭᠰᠢᠯᠠᠨ᠎ᠠ᠃ ᠲᠣᠷᠭᠠᠨ ᠴᠡᠷᠢᠭ ᠦ᠋ᠨ ᠪᠠᠭ ᠬᠠᠭᠠᠨ ᠤ᠋ ᠵᠢᠤᠵᠠ ᠲᠠᠢ ᠴᠣᠭ ᠵᠣᠭᠰᠣᠪᠠ᠃
   《ᠲᠣᠰᠣ ᠳᠣᠲᠣᠷ᠎ᠠ ᠠ᠋ᠴᠠ ᠪᠠᠨ ᠥᠲᠥᠵᠡᠢ᠃ ᠯᠠᠮᠠ ᠨᠠᠷ ᠤ᠋ᠨ ᠨᠢᠭᠤᠴᠠ ᠪᠦᠯᠬᠦᠮ ᠢᠯᠡᠴᠢᠯᠩᠳᠠᠵᠤ ᠵᠠᠭᠤᠨ ᠯᠠᠮᠠ ᠮᠠᠨᠵᠤ ᠶ᠋ᠢᠨ ᠬᠠᠭᠠᠨ ᠤ᠋ ᠵᠠᠷᠯᠢᠭ ᠢ᠋ᠶ᠋ᠠᠷ ᠴᠠᠭᠠᠵᠠᠯᠠᠭᠳᠠᠪᠠ᠃ ᠡᠩᠬᠡ ᠠᠮᠤᠭᠤᠯᠠᠩ ᠬᠠᠭᠠᠨ ᠲᠣᠭᠲᠠᠪᠤᠷᠢ ᠦᠭᠡᠢ ᠪᠣᠯᠵᠤ ᠴᠡᠷᠢᠭ ᠬᠠᠷᠠᠭᠤᠯ ᠢ᠋ᠶ᠋ᠠᠨ ᠴᠢᠩᠭᠠᠳᠬᠠᠪᠠ᠃ ᠬᠠᠭᠠᠨ ᠲᠠ ᠰᠠᠢᠲᠤᠷ ᠪᠣᠯᠭᠣᠭᠠᠵᠤ ᠡᠪᠦᠷ ᠲᠡᠭᠡᠨ ᠬᠣᠣᠷ ᠣᠷᠣᠭᠤᠯᠪᠠ ᠊ᠢ᠎ᠠ᠃ ᠬᠥᠬᠡᠬᠣᠲᠠ ᠶ᠋ᠢᠨ ᠪᠠᠢᠳᠠᠯ ᠳᠠᠭ᠎ᠠ ᠦᠭᠡᠢ ᠪᠠᠢᠨ᠎ᠠ᠃
    ᠥᠪᠥᠷᠯᠡᠭᠴᠢ ᠶ᠋ᠢᠨ ᠳᠥᠴᠢᠨ ᠶᠢᠰᠦᠨ ᠬᠣᠰᠢᠭᠤ ᠮᠠᠨᠵᠤ ᠶ᠋ᠢᠨ ᠲᠠᠯᠬᠢᠨ ᠳ᠋ᠤ᠌ ᠬᠢᠷᠢ ᠤᠳᠠᠭᠠᠨ ᠵᠣᠪᠠᠬᠤ ᠶ᠋ᠢ ᠳᠠᠭᠠᠬᠤ ᠳ᠋ᠤ᠌ ᠪᠡᠷᠬᠡ᠃ ᠲᠥᠪᠡᠳ ᠦ᠋ᠨ ᠳ᠋ᠶ᠋ᠸ᠎ᠠ ᠰᠠᠩᠵᠠᠢᠵᠠᠮᠰᠤ ᠶ᠋ᠢᠨ ᠨᠢᠭᠤᠴᠠ ᠵᠠᠳᠠᠷᠠᠵᠤ ᠳᠠᠯᠠᠢ ᠯᠠᠮᠠ ᠶ᠋ᠢᠨ ᠲᠠᠭᠠᠯᠠᠯ ᠲᠡᠭᠦᠰᠦᠭᠰᠡᠨ ᠢ᠋ ᠠᠷᠪᠠᠨ ᠲᠠᠪᠤᠨ ᠵᠢᠯ ᠨᠢᠭᠤᠵᠠᠢ᠃ ᠠᠷᠪᠠᠨ ᠲᠠᠪᠤᠨ ᠵᠢᠯ ᠦ᠋ᠨ ᠲᠤᠷᠰᠢ ᠳ᠋ᠶ᠋ᠸ᠎ᠠ ᠰᠠᠩᠵᠠᠢᠵᠠᠮᠰᠤ᠂ ᠳᠠᠯᠠᠢ ᠯᠠᠮᠠ ᠶ᠋ᠢᠨ ᠨᠡᠷ᠎ᠡ ᠶ᠋ᠢ ᠪᠠᠷᠢᠵᠤ ᠶᠠᠪᠤᠵᠠᠢ᠃ ᠡᠨᠡ ᠪᠦᠬᠦᠨ ᠡᠴᠡ ᠦᠵᠡᠪᠡᠯ ᠮᠠᠨᠵᠤ ᠶ᠋ᠢᠨ ᠬᠠᠭᠠᠨ ᠢ᠋ ᠰᠥᠷᠬᠦ ᠭᠠᠭᠴᠠ ᠨᠠᠢᠳᠠᠯᠭ᠎ᠠ ᠬᠠᠭᠠᠨ ᠲᠠ ᠪᠢᠯᠡ᠃
      ᠬᠠᠭᠠᠨ ᠲᠠᠨ ᠤ᠋ ᠰᠠᠬᠢᠭᠤᠰᠤᠨ ᠳ᠋ᠤ᠌ ᠵᠠᠯᠪᠠᠷᠢᠶ᠎ᠠ᠃ ᠲᠠᠨ ᠤ᠋ ᠥᠯᠮᠡᠢ ᠪᠠᠲᠤ ᠣᠷᠣᠰᠢᠬᠤ ᠪᠣᠯᠲᠤᠭᠠᠢ᠃ ᠢᠯᠠᠭᠤᠭᠰᠠᠨ ᠬᠤᠲᠤᠭᠲᠤ ᠢᠯᠡᠭᠡᠪᠡ᠃》
     ᠭᠠᠯᠳᠠᠨ ᠤ᠋ ᠴᠢᠷᠠᠢ ᠳ᠋ᠤ᠌ ᠵᠠᠨᠤᠯᠬᠢᠯᠡᠯ ᠨᠡᠪᠲᠡ ᠬᠡᠷᠡᠯᠳᠦᠵᠦ ᠵᠠᠬᠢᠳᠠᠯ ᠤ᠋ᠨ ᠮᠠᠯᠠᠭᠠᠢ ᠶ᠋ᠢ ᠲᠣᠭᠲᠠᠭᠠᠨ ᠤᠩᠰᠢᠵᠤ《ᠭᠠᠯᠳᠠᠨ ᠱᠠᠰᠢᠨ ᠢ᠋ ᠳᠡᠯᠭᠡᠷᠡᠭᠦᠯᠦᠭᠴᠢ ᠪᠣᠱᠣᠭᠲᠤ ᠬᠠᠭᠠᠨ ᠲᠠᠨ᠎ᠠ 》ᠭᠡᠵᠡᠢ᠃ ᠬᠤᠪᠢᠯᠭᠠᠨ ᠭᠠᠯᠳᠠᠨ ᠳ᠋ᠤ᠌ ᠣᠯᠭᠣᠭᠰᠠᠨ ᠲᠥᠪᠡᠳ ᠦᠰᠦᠭ ᠦ᠋ᠨ ᠲᠠᠮᠠᠭ᠎ᠠ ᠶ᠋ᠢᠨ ᠦᠭᠡ ᠦᠰᠦᠭ᠂ ᠤᠳᠬ᠎ᠠ ᠠᠭᠤᠯᠭ᠎ᠠ ᠢᠯᠠᠭᠤᠭᠰᠠᠨ ᠬᠤᠲᠤᠭᠲᠤ ᠶ᠋ᠢᠨ ᠵᠠᠬᠢᠶ᠎ᠠ ᠶ᠋ᠢᠨ ᠮᠠᠯᠠᠭᠠᠢ ᠮᠥᠨ ᠤᠴᠢᠷ ᠢᠲᠡᠭᠡᠬᠦ ᠡᠴᠡ ᠥᠭᠡᠷ᠎ᠡ ᠶᠠᠭᠠᠬᠢᠬᠤ ᠪᠢᠯᠡ᠃ ᠡᠩᠬᠡ ᠠᠮᠤᠭᠤᠯᠠᠩ ᠬᠠᠭᠠᠨ ᠤ᠋ ᠤᠷᠠᠬ᠎ᠠ ᠤᠯᠠᠮ ᠬᠤᠮᠢᠭᠳᠠᠨ ᠤᠯᠠᠮ ᠢ᠋ᠶ᠋ᠠᠷ ᠲᠥᠯᠥᠭᠡᠨ ᠦ᠌ ᠡᠲᠡᠭᠡᠳ ᠢ᠋ᠶ᠋ᠡᠨ ᠳᠤᠮᠳᠠᠳᠤ ᠠᠽᠢᠶ᠎ᠠ ᠶ᠋ᠢᠨ ᠲᠠᠯ᠎ᠠ ᠨᠤᠲᠤᠭ᠂ ᠥᠨᠳᠥᠷᠯᠢᠭ ᠠᠭᠤᠯᠠᠰ ᠤ᠋ᠨ ᠣᠷᠣᠨ ᠳ᠋ᠤ᠌ ᠰᠢᠪᠡᠭᠡᠯᠡᠭᠦᠯᠦᠨ ᠰᠠᠭᠤᠯᠭᠠᠵᠠᠢ᠃
      ᠲᠣᠰᠣ ᠦᠲᠦᠭᠰᠡᠨ ᠨᠢ ᠳᠣᠲᠣᠷ᠎ᠠ ᠠ᠋ᠴᠠ ᠪᠠᠨ ᠢᠯᠡᠴᠢᠯᠡᠭᠰᠡᠨ ᠭᠡᠰᠡᠨ ᠦᠭᠡ᠃ ᠬᠡᠨ ᠨᠢᠭᠡᠨ ᠢ᠋ ᠥᠩᠭᠡ ᠮᠥᠩᠭᠥ ᠪᠡᠷ ᠬᠤᠳᠠᠯᠳᠤᠭᠠᠳ ᠠᠪᠴᠢᠬᠠᠵᠠᠢ᠃ ᠮᠠᠨᠵᠤ ᠨᠤᠭᠤᠳ ᠳᠣᠲᠣᠷ᠎ᠠ ᠠ᠋ᠴᠠ ᠨᠢ ᠬᠠᠭᠠᠯᠵᠤ᠂ ᠳᠤᠮᠳᠠ ᠨᠢ ᠬᠣᠣᠷ ᠠᠰᠬᠠᠬᠤ ᠳ᠋ᠠᠭᠠᠨ ᠭᠠᠷᠭᠠᠭᠤᠨ᠃ ᠡᠪᠦᠷ ᠲᠡᠭᠡᠨ ᠬᠣᠣᠷ ᠣᠷᠣᠭᠤᠯᠤᠭᠤᠵᠠᠢ ᠭᠡᠰᠡᠨ ᠨᠢ ᠤᠷᠪᠠᠭᠴᠢ ᠶ᠋ᠢ ᠬᠡᠯᠡᠪᠡ ᠤᠤ? ᠡᠰᠡᠬᠦᠯ᠎ᠡ ᠡᠮᠡᠰ ᠢ᠋ ᠬᠡᠯᠡᠪᠡ ᠤᠤ? ᠠᠯᠢ ᠠᠯᠢ ᠨᠢ ᠬᠣᠣᠷ ᠮᠥᠨ᠃
     ᠲᠥᠪᠡᠳ ᠦ᠋ᠨ ᠪᠠᠢᠳᠠᠯ ᠮᠠᠭᠤᠳᠠᠭᠰᠠᠨ ᠨᠢ ᠬᠠᠭᠠᠨ ᠮᠢᠨᠦ ᠨᠢᠭᠡ ᠭᠢᠰᠬᠢᠭᠦᠷ ᠬᠤᠭᠤᠷᠠᠬᠤ ᠳ᠋ᠤ᠌ ᠬᠦᠷᠭᠡᠪᠡ᠃ ᠪᠤᠷᠬᠠᠨ ᠤ᠋ ᠱᠠᠰᠢᠨ ᠤ᠋ ᠰᠤᠳᠤᠷ ᠨᠣᠮ ᠢ᠋ ᠪᠢᠰᠢᠯᠭᠠᠵᠤ᠂ ᠲᠥᠪᠡᠳ ᠦ᠋ᠨ ᠳᠠᠮ ᠲᠤᠰᠠ ᠶ᠋ᠢ ᠬᠦᠷᠲᠡᠭᠡ ᠦᠭᠡᠢ ᠰᠠᠨ ᠪᠣᠯ ᠭᠠᠯᠳᠠᠨ ᠪᠢ ᠲᠥᠪ ᠠᠽᠢᠶ᠎ᠠ ᠳ᠋ᠤ᠌ ᠨᠥᠯᠥᠭᠡ ᠪᠦᠬᠦᠢ ᠤᠯᠤᠰ ᠭᠦᠷᠦᠨ ᠢ᠋ ᠲᠥᠪᠬᠢᠨᠡᠭᠦᠯᠵᠦ ᠶᠠᠭᠠᠬᠢᠨ ᠴᠢᠳᠠᠬᠤ ᠪᠢᠯᠡ᠃ ᠮᠠᠨᠵᠤ ᠨᠤᠭᠤᠳ ᠳᠣᠣᠭᠤᠷ ᠮᠢᠨᠢ ᠨᠦᠬᠡ ᠤᠬᠤᠵᠤ᠂ ᠬᠠᠯᠬ᠎ᠠ ᠶ᠋ᠢᠨ ᠨᠣᠶᠠᠳ ᠲᠤ᠌ ᠴᠣᠯᠠ ᠭᠤᠩᠰᠢᠨ ᠬᠠᠢᠷᠠᠯᠠᠵᠤ ᠮᠣᠩᠭᠣᠯᠴᠤᠳ ᠤ᠋ᠨ ᠬᠣᠭᠣᠷᠣᠨᠳᠣ ᠲᠦᠢᠮᠡᠷ ᠲᠠᠯᠪᠢᠵᠤ ᠤᠳᠠᠭᠠᠨ ᠵᠢᠯ ᠪᠣᠯᠪᠠ᠃ ᠬᠠᠯᠬ᠎ᠠ ᠨᠢ ᠣᠢᠷᠠᠳ ᠢ᠋ᠶ᠋ᠠᠨ ᠭᠢᠯᠦᠢᠵᠦ᠂ ᠣᠢᠷᠠᠳ ᠨᠢ ᠬᠠᠯᠬ᠎ᠠ ᠪᠠᠨ ᠵᠥᠭᠡᠵᠦ ᠶᠠᠭᠠᠬᠢᠨᠠᠮ᠃
      ᠶᠡᠬᠡ ᠮᠣᠩᠭᠣᠯ ᠤᠯᠤᠰ ᠢ᠋ ᠠᠩᠬᠠᠨ ᠳ᠋ᠠᠭᠠᠨ ᠳᠥᠷᠪᠡ ᠬᠤᠪᠢᠶᠠᠵᠤ᠂ ᠳᠠᠷᠠᠭ᠎ᠠ ᠨᠢ ᠬᠡᠷᠴᠢᠮ ᠬᠡᠷᠴᠢᠮ ᠢ᠋ᠶ᠋ᠡᠷ ᠵᠢᠵᠢᠭᠯᠡᠵᠦ ᠠᠯᠳᠠᠭᠰᠠᠭᠠᠷ ᠡᠴᠦᠰ ᠲᠦ᠋ᠨᠢ ᠮᠠᠨᠵᠤ ᠴᠢᠩ ᠤᠯᠤᠰ ᠥᠪᠥᠷᠯᠡᠭᠴᠢ ᠮᠣᠩᠭᠣᠯ ᠢ᠋ ᠡᠮᠬᠦᠪᠡ᠃ ᠮᠠᠨᠵᠤ ᠨᠤᠭᠤᠳ ᠬᠠᠯᠬ᠎ᠠ ᠮᠣᠩᠭᠣᠯ  ᠢ᠋ ᠡᠪᠦᠷᠲᠦᠯᠡᠪᠡ᠃ ᠣᠳᠣ ᠵᠡᠭᠦᠨᠭᠠᠷ ᠤ᠋ᠨ ᠣᠢᠷᠠᠳ ᠮᠣᠩᠭᠣᠯᠴᠤᠳ ᠢ᠋ ᠥᠯᠥᠨ ᠨᠢᠳᠦ ᠪᠡᠷ ᠬᠠᠷᠠᠵᠤ ᠪᠠᠢᠨ᠎ᠠ᠃ ᠢᠯᠠᠭᠤᠭᠰᠠᠨ ᠭᠡᠭᠡᠨ ᠮᠠᠨᠵᠤ ᠤᠷᠤᠭᠤ ᠴᠥᠮᠥᠷᠡᠬᠦ ᠡᠴᠡ ᠡᠮᠦᠨ᠎ᠡ ᠠᠮᠵᠢᠵᠤ ᠬᠡᠯᠡ ᠳᠣᠭᠣᠯᠭᠠᠪᠠ᠃  
      ᠥᠨᠳᠥᠷ ᠠᠭᠤᠯᠠ ᠶ᠋ᠢᠨ ᠲᠥᠪᠡᠳ᠂ ᠥᠷᠭᠡᠨ ᠲᠠᠯ᠎ᠠ ᠨᠤᠲᠤᠭ ᠤ᠋ᠨ ᠨᠡᠭᠦᠳᠡᠯᠴᠢᠳ᠂ ᠣᠷᠣᠰ ᠲᠠᠲ᠋ᠠᠷ ᠤ᠋ᠳ ᠬᠦᠷᠲᠡᠯ᠎ᠡ  ᠨᠠᠮᠠᠶ᠋ᠢ ᠶᠠᠭᠤᠨ ᠳ᠋ᠤ᠌ ᠠᠵᠢᠨ᠎ᠠ᠃ ᠨᠠᠮᠠᠶ᠋ᠢ ᠶᠠᠭᠤᠨ ᠳ᠋ᠤ᠌ ᠬᠦᠯᠢᠶᠡᠨ᠎ᠡ᠃ ᠢᠷᠡᠭᠡ ᠦᠭᠡᠢ ᠴᠠᠭ ᠬᠤᠭᠤᠴᠠᠭ᠎ᠠ ᠬᠦᠯᠢᠶᠡᠯᠲᠡ ᠪᠤᠰᠤ ᠤᠤ? ᠳᠥᠷᠥᠭᠡ ᠦᠭᠡᠢ ᠡᠮᠡᠰ ᠬᠡᠪᠡᠯᠢ ᠪᠡᠨ ᠴᠢᠩᠨᠠᠵᠤ ᠦᠷ᠎ᠡ ᠪᠡᠨ ᠬᠦᠯᠢᠶᠡᠵᠦ᠂ ᠲᠥᠷᠥᠭᠰᠡᠨ ᠬᠣᠢᠨ᠎ᠠ ᠨᠢ ᠥᠰᠬᠦ ᠶ᠋ᠢ ᠨᠢ ᠬᠦᠯᠢᠶᠡᠵᠦ᠂ ᠭᠡᠷᠯᠡᠬᠦ ᠶ᠋ᠢ ᠨᠢ ᠬᠦᠯᠢᠶᠡᠵᠦ᠂ ᠠᠴᠢ ᠵᠢᠴᠢ ᠪᠡᠨ ᠦᠵᠡᠬᠦ ᠶ᠋ᠢ ᠬᠦᠯᠢᠶᠡᠵᠦ᠂ ᠥᠪᠡᠷᠰᠡᠳ ᠢ᠋ᠶ᠋ᠡᠨ ᠥᠲᠡᠯᠬᠦ ᠶ᠋ᠢ ᠬᠦᠯᠢᠶᠡᠵᠦ ᠠᠮᠢᠳᠤᠷᠠᠳᠠᠭ ᠪᠢᠯᠡ᠃ ᠬᠣᠷᠸ᠎ᠠ ᠶ᠋ᠢᠨ ᠵᠢᠮ᠎ᠡ ᠳ᠋ᠦ᠍ ᠶᠡᠷᠦ ᠶᠠᠭᠠᠬᠢᠯᠲᠠᠢ ᠪᠣᠢ?

                                   ᠠᠷᠪᠠᠨ ᠨᠢᠭᠡ 

      ᠭᠠᠯᠳᠠᠨ ᠤ᠋ ᠶᠡᠬᠡ ᠴᠡᠷᠢᠭ ᠭᠤᠷᠪᠠᠨ ᠵᠠᠮ ᠢ᠋ᠶ᠋ᠠᠷ ᠴᠤᠪᠤᠷᠠᠨ᠎ᠠ᠃ ᠴᠠᠭᠠᠨ ᠢᠷᠪᠢᠰ᠂ ᠴᠣᠬᠣᠷ ᠪᠠᠷᠰ ᠴᠠᠰᠤᠲᠤ ᠠᠯᠲᠠᠢ ᠳ᠋ᠠᠭᠠᠨ ᠦᠯᠡᠳᠡᠵᠦ᠂ ᠬᠣᠩᠭᠣᠷᠬᠠᠨ ᠦᠷᠡᠰ ᠡᠪᠦᠭᠡᠳ ᠡᠮᠡᠭᠡᠳ ᠭᠠᠯ ᠰᠠᠬᠢᠵᠤ ᠬᠣᠴᠣᠷᠪᠠ᠃ ᠵᠢᠤᠵᠠ ᠲᠡᠷᠭᠡ ᠬᠥᠳᠡᠯᠬᠦ ᠳ᠋ᠦ᠍ ᠠᠨᠤ ᠬᠠᠲᠤᠨ ᠵᠡᠷᠭᠡᠴᠡᠨ ᠢᠷᠡᠵᠦ ᠮᠣᠷᠢᠨ ᠠ᠋ᠴᠠ ᠪᠠᠨ ᠱᠠᠯᠠᠮᠠᠭ ᠪᠠᠭᠤᠭᠠᠳ ᠬᠠᠭᠠᠨ ᠲᠠᠢ ᠪᠥᠭᠡᠷ᠎ᠡ ᠨᠡᠢᠯᠡᠭᠦᠯᠦᠨ ᠰᠠᠭᠤᠵᠤ ᠪᠤᠲᠠᠷᠭᠠᠨ᠎ᠠ ᠪᠠᠭᠰᠠᠢᠭᠰᠠᠨ ᠲᠠᠯ᠎ᠠ ᠳᠤᠮᠳᠠᠭᠤᠷ ᠣᠳᠤᠯ᠎ᠠ᠃ ᠬᠥᠲᠥᠴᠢ ᠬᠠᠷ᠎ᠠ ᠬᠦᠦ ᠶ᠋ᠢᠨ ᠲᠠᠰᠢᠭᠤᠷ ᠠᠭᠠᠷ ᠢᠰᠬᠡᠷᠦᠭᠦᠯᠦᠨ ᠭᠤᠶᠠᠳᠠᠬᠤ ᠳ᠋ᠤ᠌ ᠲᠩᠷᠢ ᠶ᠋ᠢᠨ ᠬᠠᠶᠠᠭᠠᠨ ᠳ᠋ᠤ᠌ ᠠᠶᠤᠩᠭ᠎ᠠ ᠶ᠋ᠢᠨ ᠭᠢᠯᠪᠠᠭ᠎ᠠ ᠮᠥᠰᠥ ᠬᠠᠨᠵᠠᠷᠠᠬᠤ ᠯᠤᠭ᠎ᠠ ᠲᠠᠰᠬᠢᠪᠡ᠃
      — ᠬᠠᠲᠤᠨ ᠲᠠ ᠶᠠᠳᠠᠷᠠᠨ᠎ᠠ ᠤᠤ?
      — ᠪᠢ ᠦᠯᠦ ᠵᠦᠳᠡᠷᠡᠨ᠎ᠡ᠃ ᠰᠡᠳᠬᠢᠯ ᠪᠢᠴᠢᠬᠠᠨ ᠬᠥᠨᠳᠡᠭᠦᠷ᠃ ᠨᠢᠭᠡᠨ ᠪᠡᠶ᠎ᠡ ᠶ᠋ᠢᠨ ᠵᠣᠪᠠᠯᠠᠩ ᠥᠴᠦᠬᠡᠨ ᠪᠢᠯᠡ᠃ ᠭᠦᠷᠦᠨ ᠤᠯᠤᠰ ᠤ᠋ᠨ ᠡᠵᠡᠨ ᠬᠠᠭᠠᠨ ᠲᠠᠨ ᠳ᠋ᠤ᠌ ᠢᠯᠡᠭᠦᠦ ᠶᠡᠬᠡ ᠵᠣᠪᠠᠨᠢᠯ ᠣᠷᠣᠰᠢᠨᠠᠮ ᠪᠤᠰᠤ ᠤᠤ?
     — ᠭᠠᠯᠳᠠᠨ ᠬᠠᠭᠠᠨ ᠬᠠᠭ ᠬᠥᠪᠳᠥ ᠳ᠋ᠦ᠍ ᠳᠠᠷᠤᠭᠳᠠᠭᠰᠠᠨ ᠬᠠᠳᠠ ᠪᠣᠯᠵᠠᠢ᠃ ᠨᠠᠳᠠ ᠳᠡᠭᠡᠷ᠎ᠡ ᠡᠪᠡᠰᠦ ᠨᠣᠭᠣᠭ᠎ᠠ ᠤᠷᠭᠤᠵᠤ ᠪᠠᠢᠨ᠎ᠠ᠃ ᠮᠢᠨᠦ ᠠᠴᠢᠶ᠎ᠠ ᠵᠠᠷᠢᠮ ᠳ᠋ᠠᠭᠠᠨ ᠬᠥᠩᠭᠡᠨ ᠴᠦ᠍ ᠶᠤᠮ ᠰᠢᠭ᠂ ᠵᠠᠷᠢᠮ ᠳ᠋ᠠᠭᠠᠨ ᠳᠠᠭᠠᠭᠠᠭᠳᠠᠰᠢ ᠦᠭᠡᠢ ᠮᠡᠲᠦ ᠰᠠᠨᠠᠭᠳᠠᠨ᠎ᠠ᠃ ᠬᠠᠲᠤᠨ ᠲᠠ ᠨᠠᠮᠠᠶ᠋ᠢ ᠠᠮᠤᠷᠵᠢᠭᠤᠯᠵᠤ ᠠᠰᠠᠷᠠᠨ᠎ᠠ᠃
      — ᠬᠠᠭᠠᠨ ᠲᠠᠨ ᠢ᠋ ᠪᠤᠷᠬᠠᠨ ᠠᠮᠤᠷᠵᠢᠭᠤᠯᠳᠠᠭ ᠪᠤᠰᠤ ᠤᠤ? ᠮᠢᠨᠦ ᠠᠰᠠᠷᠠᠮᠵᠢ ᠥᠴᠦᠬᠡᠨ ᠪᠢᠯᠡ᠃
    — ᠪᠤᠷᠬᠠᠨ ᠲᠠᠢ ᠪᠠᠨ ᠬᠣᠶᠠᠭᠤᠯᠠᠬᠠᠨ ᠦᠯᠡᠳᠡᠬᠦ ᠴᠠᠭ ᠲᠤ᠌ ᠪᠤᠷᠬᠠᠨ ᠠ᠋ᠴᠠ ᠭᠣᠶᠣᠯᠭ᠎ᠠ ᠭᠤᠶᠤᠨ᠎ᠠ᠃ ᠪᠤᠷᠬᠠᠨ ᠥᠭᠯᠢᠭᠡ ᠶ᠋ᠢᠨ ᠰᠠᠪᠠ ᠲᠠᠢ᠃ ᠨᠠᠳᠠᠳᠤ ᠪᠤᠷᠬᠠᠨ ᠶᠡᠬᠡ ᠶᠠᠭᠤᠮ᠎ᠠ ᠥᠭᠭᠦᠭᠰᠡᠨ᠃ ᠪᠤᠷᠬᠠᠨ ᠨᠠᠳᠠ ᠠ᠋ᠴᠠ ᠶᠠᠭᠤ ᠴᠤ᠌ ᠭᠤᠶᠤᠬᠤ ᠦᠭᠡᠢ᠃ ᠥᠭᠭᠦᠭᠰᠡᠨ ᠢ᠋ᠶ᠋ᠡᠨ ᠡᠷᠭᠢᠭᠦᠯᠵᠦ ᠨᠡᠬᠡᠬᠦ ᠦᠭᠡᠢ᠃ ᠰᠠᠬᠢᠯ ᠰᠠᠨᠸᠠᠷ ᠢ᠋ᠶ᠋ᠠᠨ ᠡᠷᠭᠦᠬᠦ ᠳ᠋ᠡᠭᠡᠨ ᠪᠢ ᠪᠤᠷᠬᠠᠨ ᠳ᠋ᠤ᠌ ᠥᠷᠢ ᠦᠭᠡᠢ ᠭᠡᠳᠡᠭ ᠢ᠋ᠶ᠋ᠡᠨ ᠥᠴᠢᠭᠰᠡᠨ᠃ ᠪᠤᠷᠬᠠᠨ ᠲᠡᠭᠡᠬᠦ ᠳ᠋ᠦ᠍ ᠵᠥᠪᠰᠢᠶᠡᠷᠡᠭᠰᠡᠨ᠃ ᠪᠢ ᠬᠠᠲᠤᠨ ᠡᠬᠡ ᠳ᠋ᠡᠭᠡᠨ ᠥᠷᠢ ᠲᠡᠢ᠃
    — ᠬᠠᠲᠤᠨ ᠡᠬᠡ ᠥᠩᠭᠡᠷᠡᠭᠰᠡᠨ ᠡᠪᠦᠯ ᠮᠡᠨᠳᠦ ᠠᠮᠤᠷ ᠣᠷᠣᠭᠰᠠᠨ ᠭᠡᠨ᠎ᠡ ᠯᠠᠢ᠃ ᠮᠢᠭᠮᠠᠨᠰᠠᠩᠵᠠᠢ ᠬᠠᠲᠤᠨ ᠡᠬᠡ ᠶ᠋ᠢ ᠥᠬᠢᠨ ᠦᠷ᠎ᠡ ᠡᠴᠡ ᠳᠤᠲᠠᠭᠤ ᠦᠭᠡᠢ ᠠᠰᠠᠷᠠᠵᠤ ᠲᠡᠳᠬᠦᠳᠡᠭ ᠪᠤᠰᠤ ᠤᠤ?
     — ᠬᠥᠭᠡᠷᠦᠬᠦᠢ ᠪᠦᠰᠡᠭᠦᠢ ᠥᠨᠥᠴᠢᠨ ᠪᠣᠲᠣᠭᠣ ᠮᠡᠲᠦ᠁ ᠲᠡᠷᠡ ᠬᠣᠶᠠᠷ ᠬᠣᠶᠠᠭᠤᠯᠠ ᠪᠠᠨ ᠭᠠᠭᠴᠠ ᠪᠤᠰᠤ ᠤᠤ?
    — ᠮᠢᠭᠮᠠᠨᠰᠠᠩᠵᠠᠢ ᠦᠷ᠎ᠡ ᠲᠡᠢ ᠬᠥᠮᠦᠨ᠃ ᠦᠷ᠎ᠡ ᠳ᠋ᠡᠭᠡᠨ ᠬᠠᠷᠠᠮ ᠶᠤᠮ ᠪᠢᠯᠡ᠃ ᠳᠡᠮᠪᠡᠷᠢᠯ ᠬᠥᠪᠡᠭᠦᠨ ᠡᠪᠦᠭᠡ ᠡᠴᠢᠭᠡ ᠶ᠋ᠢᠨ ᠠᠳᠠᠯᠢ ᠳᠠᠢᠴᠢᠨ ᠡᠷ᠎ᠡ ᠪᠣᠯᠵᠠᠢ᠃ ᠬᠠᠭᠠᠨ ᠲᠠᠨ ᠤ᠋ ᠬᠠᠷᠠᠭᠠᠨ ᠳ᠋ᠤ᠌ ᠪᠠᠭᠲᠠᠵᠤ ᠶᠠᠪᠤᠭ᠎ᠠ ᠪᠤᠰᠤ ᠤᠤ?
    — ᠬᠠᠲᠤᠨᠲᠠᠨ ᠮᠢᠨᠦ ᠪᠣᠳᠣᠯ ᠢ᠋ ᠳᠠᠭᠠᠪᠠ᠃ ᠰᠠᠶᠢᠬᠠᠨ ᠳᠡᠮᠪᠡᠷᠢᠯ ᠦ᠋ᠨ ᠬᠤᠪᠢ ᠵᠠᠶᠠᠭ᠎ᠠ ᠶ᠋ᠢ ᠪᠣᠳᠣᠵᠤ ᠶᠠᠪᠤᠭᠰᠠᠨ ᠶᠤᠮ᠃ ᠬᠠᠭᠠᠨ ᠤ᠋ ᠬᠥᠪᠡᠭᠦᠨ ᠠᠲᠠᠯ᠎ᠠ ᠬᠠᠷᠠᠴᠤ ᠪᠠᠷᠯᠤᠭ ᠤ᠋ᠨ ᠠᠳᠠᠯᠢ ᠨᠠᠰᠤ ᠶ᠋ᠢ ᠡᠯᠡᠭᠡᠬᠦ ᠡᠮᠭᠡᠨᠢᠯᠲᠦ ᠲᠠᠪᠢᠯᠠᠩ ᠳ᠋ᠤ᠌ ᠲᠡᠷᠡ ᠬᠥᠪᠡᠭᠦᠨ ᠲᠥᠷᠥᠵᠡᠢ᠃ ᠬᠥᠮᠦᠨ ᠦ᠌ ᠲᠥᠭᠡᠷᠭᠡ ᠲᠠᠪᠢᠯᠠᠩ ᠢ᠋ ᠪᠤᠷᠬᠠᠨ ᠴᠠᠭᠠᠨ᠎ᠠ ᠠ᠋ᠴᠠ ᠨᠢ ᠵᠢᠷᠤᠳᠠᠭ᠃ ᠪᠤᠷᠬᠠᠨ ᠤ᠋ ᠵᠢᠷᠤᠭ  ᠢ᠋ ᠬᠠᠭᠠᠨ ᠪᠢ ᠥᠭᠡᠷᠡᠴᠢᠯᠡᠵᠦ ᠦᠯᠦ ᠴᠢᠳᠠᠨ᠎ᠠ᠃
     — ᠬᠠᠶᠠ ᠠᠬᠠᠳᠠᠷ᠎ᠠ ᠳᠡᠭᠦᠦ ᠪᠡᠨ ᠪᠣᠳᠣᠨ᠎ᠠ᠃
   — ᠠᠬᠠᠳᠠᠷ᠎ᠠ ᠰᠣᠩᠭᠣᠭᠰᠠᠨ ᠵᠠᠮ ᠢ᠋ᠶ᠋ᠠᠷ ᠢ᠋ᠶ᠋ᠠᠨ ᠶᠠᠪᠤᠭᠰᠠᠨ᠃ ᠵᠡᠭᠦᠳᠦ ᠵᠡᠷᠭᠡᠯᠭᠡ ᠮᠡᠲᠦ ᠠᠮᠢᠳᠤᠷᠠᠯ ᠳᠤᠮᠳᠠ ᠣᠴᠢᠭᠰᠠᠨ᠃ ᠠᠬᠠᠳᠠᠷ᠎ᠠ ᠭᠦᠩᠵᠦ ᠣᠶᠤᠨ ᠰᠠᠨᠠᠭᠠᠨ ᠤ᠋ ᠲᠥᠭᠡᠷᠢᠭᠳᠡᠯ ᠢ᠋ᠶ᠋ᠡᠷ ᠬᠠᠭᠠᠨ ᠤ᠋ ᠬᠣᠲᠠ ᠬᠦᠷᠢᠶ᠎ᠡ ᠶ᠋ᠢ ᠣᠷᠬᠢᠭᠰᠠᠨ᠁ ᠪᠤᠷᠬᠠᠨ ᠲᠡᠭᠦᠨ  ᠢ᠋ ᠥᠷᠥᠰᠢᠶᠡᠨ᠎ᠡ᠃
     —  ᠵᠣᠣᠪᠠ ᠲᠠᠢᠭᠠᠨ ᠢ᠋ ᠠᠬᠠᠳᠠᠷ᠎ᠠ ᠶ᠋ᠢᠨ ᠬᠣᠢᠨ᠎ᠠ ᠠ᠋ᠴᠠ ᠬᠡᠨ ᠶᠠᠪᠤᠭᠤᠯᠤᠭᠰᠠᠨ ᠪᠣᠢ? ᠨᠠᠳᠠᠳᠤ ᠣᠳᠣ ᠬᠢᠷᠢ ᠨᠢ ᠣᠨᠢᠰᠣᠭ᠎ᠠ ᠰᠢᠭ᠋ ᠰᠠᠨᠠᠭᠳᠠᠨ᠎ᠠ᠃ ᠲᠡᠷᠡ ᠲᠠᠢᠭᠠᠨ ᠴᠥᠯᠡᠯᠭᠡ ᠡᠴᠡ ᠭᠠᠭᠴᠠᠭᠠᠷ ᠢ᠋ᠶ᠋ᠠᠨ ᠢᠷᠡᠭᠰᠡᠨ᠃ ᠵᠣᠣᠪᠠ ᠢᠷᠡᠬᠦ ᠳ᠋ᠡᠭᠡᠨ ᠠᠯᠲᠠ ᠲᠠᠢ ᠤᠭᠤᠲᠠ ᠡᠭᠦᠷᠵᠦ ᠢᠷᠡᠭᠰᠡᠨ᠃
ᠠᠯᠲᠠ ᠪᠠᠨ ᠬᠠᠭᠠᠨ ᠤ᠋ ᠰᠠᠩ ᠳ᠋ᠤ᠌ ᠬᠣᠷᠢᠶᠠᠯᠭᠠᠵᠤ ᠮᠠᠯ ᠠᠬᠤᠢ ᠠᠪᠤᠭᠰᠠᠨ ᠭᠢᠷᠢᠨ᠎ᠡ ᠲᠣᠭᠲᠠᠵᠤ ᠴᠢᠳᠠᠯ ᠦᠭᠡᠢ ᠠᠬᠠᠳᠠᠷ᠎ᠠ ᠶ᠋ᠢ ᠣᠯᠵᠤ ᠢᠷᠡᠬᠦ ᠪᠡᠷ ᠪᠡᠳᠡᠷᠢᠭᠰᠡᠨ ᠪᠤᠰᠤ ᠤᠤ?
     — ᠬᠠᠭᠠᠨ ᠲᠠ ᠵᠥᠷᠢᠭᠦᠦ ᠪᠣᠳᠣᠵᠤ ᠪᠠᠢᠨ᠎ᠠ᠃ ᠵᠣᠣᠪᠠ ᠪᠢᠳᠡᠨ ᠢ᠋ ᠬᠠᠭᠤᠷᠴᠤ ᠰᠢᠨᠤᠯ ᠳ᠋ᠠᠭᠠᠨ ᠬᠥᠲᠥᠯᠦᠭᠳᠡᠭᠰᠡᠨ᠃ ᠠᠯᠲᠠ ᠦᠵᠡᠭᠰᠡᠨ ᠬᠥᠮᠦᠨ ᠦ᠌ ᠨᠣᠢᠷ ᠬᠦᠷᠳᠡᠭ ᠦᠭᠡᠢ ᠶᠤᠮ ᠭᠡᠨ᠎ᠡ ᠯᠠᠢ᠃ ᠵᠣᠣᠪᠠ ᠶ᠋ᠢᠨ ᠠᠮᠢ ᠶ᠋ᠢ ᠡᠯᠡᠰᠦᠨ ᠴᠦᠩᠬᠦᠯ ᠳ᠋ᠦ᠍ ᠪᠣᠢ ᠠᠯᠲᠠ ᠳᠠᠭᠤᠳᠠᠵᠠᠢ᠃ ᠵᠣᠣᠪᠠ ᠡᠷᠭᠢᠵᠦ ᠢᠷᠡᠬᠦ ᠦᠭᠡᠢ᠃
     — ᠬᠠᠭᠠᠨ ᠲᠠ ᠲᠡᠢᠨ ᠡᠴᠡ ᠡᠷᠭᠢᠵᠦ ᠣᠴᠢᠭᠠᠳ ᠨᠠᠳᠠᠳᠤ ᠲᠤᠰᠬᠠᠢ ᠥᠷᠭᠥᠭᠡ ᠪᠠᠷᠢᠵᠤ ᠥᠭᠭᠦᠭᠡᠷᠡᠢ!
     — ᠠᠨᠤ ᠬᠠᠲᠤᠨ ᠪᠢᠲᠡᠭᠡᠢ ᠵᠣᠪᠠ᠃ ᠶᠡᠬᠡ ᠬᠠᠲᠤᠨ ᠲᠠᠨ ᠤ᠋ ᠡᠷᠬᠡ ᠶᠠᠩᠪᠠ ᠬᠡᠪ ᠢ᠋ᠶ᠋ᠡᠷ ᠪᠠᠢᠬᠤ ᠪᠣᠯᠤᠨ᠎ᠠ᠃ ᠮᠢᠨᠦ ᠭᠤᠴᠢᠨ ᠮᠢᠩᠭᠠᠨ ᠴᠡᠷᠢᠭ ᠦ᠋ᠨ ᠬᠡᠳᠦ ᠨᠢ ᠪᠤᠴᠠᠬᠤ ᠪᠣᠯ᠁ ᠣᠢᠷᠠᠳ ᠲᠤ᠌ ᠬᠡᠴᠢᠨᠡᠭᠡᠨ ᠡᠮᠡᠰ ᠪᠡᠯᠪᠡᠰᠦᠷᠡᠬᠦ ᠪᠣᠯ᠁ ᠬᠠᠭᠠᠨ ᠮᠢᠨᠦ ᠲᠣᠯᠣᠭᠠᠢ ᠳᠡᠭᠡᠷ᠎ᠡ ᠨᠢᠭᠦᠯ ᠦ᠋ᠨ ᠬᠠᠷ᠎ᠠ ᠡᠭᠦᠯᠡ ᠬᠤᠷᠠᠯᠳᠤᠨ᠎ᠠ᠃
       — ᠶᠡᠬᠡ ᠡᠭᠦᠯᠡ ᠶ᠋ᠢ ᠠᠶᠤᠩᠭ᠎ᠠ ᠵᠠᠳᠠᠯᠳᠠᠭ ᠰᠢᠦ ᠳᠡ᠃ ᠬᠠᠭᠠᠨᠲᠠᠨ ᠮᠢᠨᠢ! ᠠᠶᠤᠩᠭ᠎ᠠ ᠶ᠋ᠢᠨ ᠭᠢᠯᠪᠠᠭ᠎ᠠ ᠬᠠᠷᠠᠭᠳᠠᠵᠤ ᠪᠠᠢᠨ᠎ᠠ᠃
      ᠭᠠᠯᠳᠠᠨ ᠬᠠᠭᠠᠨ ᠤ᠋ ᠰᠡᠳᠬᠢᠯ ᠨᠢᠭᠡᠨᠲᠡ ᠳᠣᠯᠭᠢᠯᠠᠵᠤ᠂ ᠨᠢᠭᠡᠨᠲᠡ ᠡᠷᠴᠢᠯᠡᠵᠦ ᠪᠠᠢᠬᠤ ᠳ᠋ᠤ᠌ ᠴᠡᠷᠢᠭ ᠦ᠋ᠨ ᠨᠡᠭᠦᠳᠡᠯ ᠳᠤᠮᠳᠠ ᠠᠷᠴᠠ ᠪᠠᠭᠠᠲᠤᠷ ᠤ᠋ᠨ ᠡᠬᠡᠨᠡᠷ ᠰᠡᠷᠢᠭᠦᠯ ᠲᠥᠷᠥᠯ᠎ᠡ᠃ ᠰᠡᠷᠢᠭᠦᠯ ᠪᠦᠰᠡᠭᠦᠢ ᠶ᠋ᠢ ᠬᠥᠪᠡᠭᠦᠨ ᠦ᠌ ᠬᠠᠮᠲᠤ ᠪᠤᠮᠪᠠᠲᠤ ᠶ᠋ᠢᠨ ᠲᠠᠯ᠎ᠠ ᠶ᠋ᠢᠨ ᠬᠠᠶᠠᠭᠠᠨ ᠳ᠋ᠤ᠌ ᠨᠢᠭᠡᠨ ᠡᠪᠦᠭᠡᠨ ᠦ᠌ ᠳ᠋ᠦ᠍ ᠦᠯᠡᠳᠡᠭᠡᠪᠡ᠃ ᠠᠷᠴᠠ ᠪᠠᠭᠠᠲᠤᠷ ᠬᠥᠪᠡᠭᠦᠨ ᠢ᠋ᠶ᠋ᠡᠨ ᠮᠣᠷᠢᠨ ᠳᠡᠭᠡᠷ᠎ᠡ ᠲᠡᠪᠡᠷᠢᠵᠦ ᠢᠷᠡᠭᠡᠳ ᠭᠠᠯᠳᠠᠨ ᠬᠠᠭᠠᠨ ᠢ᠋ᠶ᠋ᠠᠷ ᠠᠳᠢᠰᠯᠠᠭᠤᠯᠤᠭᠰᠠᠨ ᠪᠢᠯᠡ᠃

                     ᠠᠷᠪᠠᠨ ᠬᠣᠶᠠᠷ

ᠬᠠᠭᠠᠨ ᠪᠢ ᠪᠡᠷ ᠠᠬᠠᠳᠠᠷ᠎ᠠ ᠭᠦᠩᠵᠦ ᠲᠡᠢ ᠠᠮᠠᠷᠠᠭᠯᠠᠭᠰᠠᠨ ᠪᠦᠯᠢᠶᠡᠨ ᠰᠥᠨᠢ ᠶ᠋ᠢ ᠵᠡᠭᠦᠳᠦᠯᠡᠵᠦ᠂ ᠳᠣᠷᠣᠨ᠎ᠠ ᠶ᠋ᠢᠨ ᠰᠠᠷᠠᠨ ᠤ᠋ ᠴᠠᠭᠠᠨ ᠲᠤᠶᠠᠭᠠᠲᠤ ᠦᠦᠷ ᠢ᠋ ᠤᠭᠲᠤᠪᠠ᠃ ᠠᠬᠠᠳᠠᠷ᠎ᠠ ᠡᠬᠡ ᠡᠴᠡ ᠲᠥᠷᠥᠭᠰᠡᠨ ᠪᠡᠶ᠎ᠡ ᠪᠡᠷ ᠲᠣᠷᠭᠠᠮᠰᠤᠭ ᠬᠥᠨᠵᠢᠯᠡ ᠳ᠋ᠦ᠍ ᠰᠢᠷᠭᠤᠨ ᠣᠷᠣᠬᠤ ᠳ᠋ᠤ᠌ ᠲᠡᠭᠦᠨ ᠢ᠋ ᠲᠡᠪᠡᠷᠢᠵᠦ ᠳᠤᠯᠠᠭᠠᠴᠠᠭᠤᠯᠪᠠ᠃ ᠭᠠᠷ ᠤ᠋ᠨ ᠠᠯᠠᠭ᠎ᠠ ᠪᠠᠷ ᠭᠦᠩᠵᠦ ᠶ᠋ᠢᠨ ᠬᠥᠬᠥᠨ ᠲᠣᠪᠴᠢ ᠶ᠋ᠢ ᠲᠥᠭᠡᠨᠡᠨ ᠢᠯᠪᠢᠬᠦ ᠳ᠋ᠦ᠍ ᠠᠬᠠᠳᠠᠷ᠎ᠠ ᠶᠡᠬᠡᠳᠡ ᠴᠣᠴᠢᠷᠳᠠᠨ ᠵᠥᠭᠡᠯᠡᠨ ᠬᠡᠪᠡᠯᠢ ᠪᠡᠨ ᠰᠢᠬᠠᠵᠤ ᠨᠠᠭᠠᠯᠳᠤᠭᠤᠯᠪᠠ᠃ ᠠᠬᠠᠳᠠᠷ᠎ᠠ ᠶ᠋ᠢᠨ ᠪᠡᠶ᠎ᠡ ᠪᠦᠬᠦᠯᠢ ᠳ᠋ᠡᠭᠡᠨ ᠬᠠᠭᠤᠷᠠᠢ ᠪᠠᠢᠪᠠ᠃ ᠬᠠᠭᠤᠷᠠᠢ ᠬᠠᠯᠠᠭᠤᠨ ᠪᠡᠶ᠎ᠡ ᠶ᠋ᠢᠨ ᠢᠯᠴᠢ ᠲᠥᠭᠡᠨᠡᠨ᠎ᠡ᠃ ᠰᠢᠲᠠᠵᠤ ᠪᠠᠢᠭ᠎ᠠ ᠭᠠᠯ ᠰᠢᠭ᠋ ᠬᠠᠯᠠᠭᠤᠨ ᠪᠡᠶ᠎ᠡ ᠡᠴᠡ ᠲᠥᠭᠡᠨᠡᠬᠦ ᠰᠢᠷ᠎ᠠ ᠲᠤᠶᠠᠭ᠎ᠠ᠂ ᠬᠥᠬᠥ ᠶ᠋ᠢᠨ ᠪᠢᠴᠠᠷᠠᠭ᠎ᠠ ᠦᠭᠡᠢ ᠲᠣᠪᠴᠢ᠂ ᠵᠠᠳᠠᠷᠠᠭ᠎ᠠ ᠦᠭᠡᠢ ᠠᠮᠢᠰᠬᠤᠯ᠂ ᠵᠠᠩᠭᠢᠯᠠᠭ᠎ᠠ ᠨᠢ ᠲᠡᠨᠢᠢᠭᠡ ᠦᠭᠡᠢ ᠪᠤᠯᠴᠢᠩ ᠮᠡᠲᠦᠰ ᠨᠢ ᠨᠠᠳᠠᠳᠤ ᠲᠠᠭᠠᠯᠠᠮᠵᠢᠲᠠᠢ ᠪᠠᠢᠯ᠎ᠠ᠃
       ᠠᠬᠠᠳᠠᠷ᠎ᠠ ᠶ᠋ᠢᠨ ᠬᠥᠬᠥ ᠶ᠋ᠢᠨ ᠲᠣᠪᠴᠢ ᠠᠭᠠᠵᠢᠮ ᠢ᠋ᠶ᠋ᠠᠷ ᠴᠢᠬᠢᠭᠳᠡᠵᠦ ᠬᠠᠯᠠᠭᠤᠨ ᠳ᠋ᠠᠭᠠᠨ ᠰᠢᠲᠠᠭᠰᠠᠨ ᠪᠡᠶ᠎ᠡ ᠨᠢ ᠵᠥᠭᠡᠯᠡᠨ ᠪᠤᠯᠴᠢᠩ ᠢ᠋ᠶ᠋ᠠᠨ ᠰᠤᠯᠠᠯᠠᠵᠤ ᠦᠢᠯᠡ ᠶ᠋ᠢᠨ ᠦᠷ᠎ᠡ ᠶ᠋ᠢ ᠠᠮᠲᠠᠯᠠᠬᠤ ᠳ᠋ᠤ᠌ ᠪᠡᠯᠡᠨ ᠪᠣᠯᠬᠤ ᠳ᠋ᠤ᠌ ᠬᠠᠷ᠎ᠠ ᠡᠷᠴᠢᠰ ᠮᠥᠷᠡᠨ ᠦ᠌ ᠤᠷᠤᠰᠬᠠᠯ ᠣᠷᠣ ᠬᠥᠨᠵᠢᠯᠡ ᠶ᠋ᠢᠨ ᠳᠣᠣᠭᠤᠷ ᠬᠥᠪᠦᠯᠵᠡᠵᠦ ᠴᠢᠬᠢᠨ᠎ᠡ ᠨᠢᠭᠡᠨ ᠭᠡᠮ ᠦ᠋ᠨ ᠠᠮᠢᠰᠬᠤᠭ᠎ᠠ ᠰᠣᠨᠣᠰᠤᠭᠳᠠᠪᠠ᠃ ᠤᠷᠤᠰᠬᠠᠯ ᠤᠰᠤᠨ ᠤ᠋ ᠠᠶᠠᠯᠭᠤ ᠶᠠᠮᠠᠷᠬᠠᠨ ᠠᠶᠠᠳᠠᠭᠤ ᠪᠣᠢ? ᠠᠭᠤᠯᠠ ᠶ᠋ᠢᠨ ᠣᠷᠣᠢ ᠪᠠᠷ ᠪᠤᠳᠠᠩ ᠰᠠᠭᠤᠵᠤ᠂ ᠴᠢᠭᠢᠭ ᠦ᠋ᠨ ᠰᠢᠮ᠎ᠡ ᠰᠢᠭᠦᠳᠡᠷᠢᠯᠡᠵᠦ ᠪᠥᠩᠵᠢᠬᠢ ᠨᠠᠪᠴᠢ ᠴᠡᠴᠡᠭᠡᠨ᠎ᠠ ᠲᠣᠭᠲᠠᠬᠤ ᠳ᠋ᠤ᠌ ᠤᠷᠭᠤᠮᠠᠯ ᠤ᠋ᠨ ᠦᠨᠳᠦᠰᠦ ᠳᠣᠷᠣᠭᠰᠢ ᠪᠠᠨ ᠤᠷᠭᠤᠵᠤ ᠪᠠᠢᠯ᠎ᠠ᠃
       ᠠᠬᠠᠳᠠᠷ᠎ᠠ《ᠦ᠂᠂᠂᠂ ᠦ᠂᠂᠂᠂ ᠦ!》 ᠭᠡᠳ ᠬᠥᠯᠥᠷᠡᠭᠰᠡᠨ ᠪᠡᠶ᠎ᠡ ᠪᠡᠨ ᠴᠢᠨᠠᠳᠤ ᠨᠢ ᠣᠷᠬᠢᠵᠤ᠂ ᠭᠠᠷ ᠢ᠋ᠶ᠋ᠠᠨ ᠠᠯᠳᠠᠯᠠᠨ ᠠᠭᠤᠵᠢᠮ ᠲᠡᠨᠢᠭᠦᠨ ᠠᠮᠢᠰᠬᠤᠯᠯᠠᠵᠤ ᠪᠣᠷᠣᠭᠠᠨ ᠤ᠋ ᠳᠠᠷᠠᠭ᠎ᠠ ᠳᠡᠪᠲᠦᠵᠦ ᠨᠣᠵᠣᠭᠣᠷᠠᠭᠰᠠᠨ ᠭᠠᠵᠠᠷ ᠰᠢᠭ᠋ ᠲᠠᠢᠪᠤᠰᠢᠷᠠᠯ᠎ᠠ᠃
      ᠠᠭᠠᠵᠢᠮ ᠢ᠋ᠶ᠋ᠠᠷ ᠲᠠᠢᠪᠤᠰᠢᠷᠠᠭᠰᠠᠭᠠᠷ ᠠᠬᠠᠳᠠᠷ᠎ᠠ ᠭᠦᠩᠵᠦ᠂
      — ᠬᠠᠭᠠᠨ ᠲᠠ ᠨᠠᠮᠠᠶ᠋ᠢ ᠲᠠᠮᠤ ᠶ᠋ᠢᠨ ᠢᠷᠣᠭᠠᠯ ᠳ᠋ᠤ᠌ ᠤᠨᠠᠭᠠᠯ᠎ᠠ ᠭᠡᠮᠡᠨ ᠰᠢᠨᠠᠯᠤᠭᠰᠠᠨ ᠪᠤᠰᠤ ᠵᠢᠷᠭᠠᠵᠤ ᠬᠠᠨᠤᠭᠰᠠᠨ ᠪᠦᠰᠡᠭᠦᠢ ᠶ᠋ᠢᠨ ᠰᠥᠭᠡᠩᠭᠢ ᠲᠤᠨᠢᠷᠠᠬᠤ ᠳᠠᠭᠤ ᠪᠠᠷ ᠥᠭᠦᠯᠡᠪᠡ᠃
       — ᠭᠦᠩᠵᠦ ᠲᠠᠨ  ᠢ᠋  ᠪᠢ ᠬᠡᠦᠬᠡᠨ ᠪᠣᠯᠭᠠᠯ᠎ᠠ ᠭᠡᠵᠦ ᠬᠠᠭᠠᠨ  ᠢ᠋ ᠥᠭᠦᠯᠡᠪᠡᠯ᠂
       —ᠲᠠᠮᠤ ᠶ᠋ᠢᠨ ᠢᠷᠣᠭᠠᠷ ᠲᠤ᠌ ᠵᠢᠪᠴᠢᠬᠡᠯ᠎ᠡ ᠭᠡᠮᠡᠨ ᠠᠬᠠᠳᠠᠷ᠎ᠠ ᠰᠡᠭᠦᠷᠡᠰᠦ ᠠᠯᠳᠠᠵᠤ ᠢᠨᠢᠶᠡᠮᠰᠦᠭᠯᠡᠪᠡ᠃
      ᠴᠠᠭ ᠬᠤᠭᠤᠴᠠᠭ᠎ᠠ ᠥᠩᠭᠡᠷᠡᠬᠦ ᠳᠣᠳᠣᠮ ᠠᠬᠠᠳᠠᠷ᠎ᠠ ᠬᠠᠭᠠᠨ ᠳ᠋ᠤ᠌ ᠲᠡᠰᠴᠦ ᠪᠠᠢᠯ᠎ᠠ᠃ ᠪᠠᠭ᠎ᠠ ᠬᠠᠲᠤᠨ ᠤ᠋ ᠦᠷᠭᠦᠭᠡᠨ ᠳ᠋ᠦ᠍ ᠤᠳᠠᠭᠠᠨ ᠬᠤᠭᠤᠴᠠᠭ᠎ᠠ ᠪᠠᠷ ᠬᠠᠭᠠᠨ ᠰᠠᠭᠠᠳᠠᠨ ᠮᠣᠷᠢᠯᠠᠵᠤ ᠴᠠᠰᠤ ᠪᠣᠷᠣᠭᠠᠨ ᠤ᠋ ᠪᠤᠳᠠᠩ ᠲᠠᠲᠠᠬᠤ ᠳ᠋ᠤ᠌ ᠪᠠᠶᠠᠨ ᠢ᠋ᠶ᠋ᠠᠨ ᠦᠭᠡᠢᠯᠡᠨ ᠰᠠᠨᠠᠭᠠᠯᠵᠠᠵᠤ᠂ ᠮᠥᠷᠡᠨ ᠭᠣᠣᠯ ᠰᠥᠩ ᠲᠥᠷᠥᠬᠦ ᠳ᠋ᠦ᠍ ᠦᠶᠡᠷᠯᠡᠨ ᠣᠢᠷᠠᠳᠴᠤ ᠠᠮᠠᠷᠠᠭ ᠤ᠋ᠨ ᠴᠡᠩᠭᠡᠯ ᠮᠠᠩᠰᠢᠭᠤᠷᠠᠯ ᠳ᠋ᠤ᠌ ᠠᠪᠲᠠᠵᠤ᠂ ᠠᠶᠠᠨ ᠲᠡᠢᠨ ᠡᠴᠡ ᠢᠷᠡᠬᠦ ᠴᠠᠭ ᠮᠥᠴᠡ ᠶ᠋ᠢ ᠲᠡᠳᠡ ᠲᠡᠰᠴᠦ ᠶᠠᠳᠠᠨ ᠬᠦᠯᠢᠶᠡᠨ᠎ᠡ᠃
      ᠠᠬᠠᠳᠠᠷ᠎ᠠ ᠶ᠋ᠢᠨ ᠬᠡᠪᠡᠯᠢ ᠶ᠋ᠢᠨ ᠬᠠᠯᠠᠭᠤᠨ ᠰᠢᠲᠠᠴᠢᠬᠠᠭᠰᠠᠨ ᠪᠠᠢᠨ᠎ᠠ᠃ ᠬᠠᠭᠠᠨ ᠨᠠᠳᠠ ᠲᠠᠢ ᠡᠭᠦᠯᠡ ᠮᠡᠲᠦ ᠬᠥᠪᠰᠥᠯᠵᠡᠨ᠂ ᠤᠰᠤ ᠮᠡᠲᠦ ᠬᠠᠷᠭᠢᠶᠠᠯᠠᠨ᠂ ᠪᠣᠷᠣᠭ᠎ᠠ ᠮᠡᠲᠦ ᠵᠦᠰᠡᠷᠡᠵᠦ ᠬᠣᠨᠣᠭᠰᠠᠨ ᠤ᠋ ᠪᠠᠨ ᠳᠠᠷᠠᠭ᠎ᠠ ᠠᠬᠠᠳᠠᠷ᠎ᠠ ᠬᠠᠲᠤᠨ ᠬᠤᠷᠤᠭᠤᠨ ᠤ᠋ ᠪᠠᠨ ᠥᠨᠳᠡᠭᠡ ᠡᠴᠡ ᠡᠬᠢᠯᠡᠵᠦ ᠪᠡᠶ᠎ᠡ ᠶ᠋ᠢᠨ ᠢ᠋ᠶ᠋ᠡᠨ ᠬᠠᠯᠠᠭᠤᠨ  ᠢ᠋ ᠬᠡᠪᠡᠯᠢ ᠳ᠋ᠡᠭᠡᠨ ᠰᠢᠩᠭᠡᠭᠡᠵᠦ᠂ ᠴᠠᠰᠤᠨ ᠤ᠋ ᠳᠣᠣᠷ᠎ᠠ ᠬᠠᠪᠤᠷ   ᠢ᠋  ᠬᠦᠯᠢᠶᠡᠬᠦ ᠴᠡᠴᠡᠭ ᠮᠡᠲᠦ ᠨᠠᠮ ᠬᠦᠮᠬᠡᠨ ᠪᠣᠯᠤᠨ᠎ᠠ᠃
     ᠬᠠᠯᠠᠭᠤᠨ ᠠᠮᠠᠷᠠᠭ ᠤ᠋ᠨ ᠶᠠᠪᠤᠳᠠᠯ ᠭᠡᠨᠡᠳᠲᠡ ᠨᠢᠭᠡᠨ ᠡᠳᠦᠷ ᠲᠠᠰᠤᠷᠠᠪᠠ᠃ ᠠᠬᠠᠳᠠᠷ᠎ᠠ ᠬᠠᠲᠤᠨ ᠡᠳᠦᠷ ᠡᠳᠦᠷ ᠢ᠋ᠶ᠋ᠡᠷ ᠬᠦᠢᠲᠡᠷᠡᠭᠰᠡᠭᠡᠷ᠂ ᠬᠠᠭᠠᠨ ᠤ᠋ ᠦᠷ᠎ᠡ ᠬᠡᠦᠬᠡᠳ ᠥᠰᠴᠦ ᠲᠣᠮᠣᠷᠠᠬᠤ ᠶ᠋ᠢ ᠬᠠᠷᠠᠵᠤ ᠲᠡᠰᠬᠦ ᠪᠡᠨ ᠪᠣᠯᠢᠵᠠᠢ᠃ ᠠᠬᠠᠳᠠᠷ᠎ᠠ ᠳ᠋ᠤ᠌ ᠬᠠᠭᠠᠨ ᠤ᠋ ᠦᠷ᠎ᠡ ᠵᠠᠶᠠᠭᠠᠭᠰᠠᠨ ᠦᠭᠡᠢ ᠶᠠᠪᠤᠳᠠᠯ ᠠ᠋ᠴᠠ ᠪᠠᠨ ᠪᠦᠷᠢᠮᠦᠰᠦᠨ ᠲᠠᠲᠠᠭᠠᠯᠵᠠᠨ᠂ ᠳᠡᠯᠪᠢ ᠪᠡᠨ ᠬᠤᠮᠢᠵᠤ ᠭᠥᠷᠥᠰᠢ ᠦᠭᠡᠢ ᠬᠣᠯᠠ ᠮᠡᠲᠦ ᠣᠷᠣᠰᠢᠬᠤ ᠰᠦᠮ᠎ᠡ ᠬᠡᠢᠳ ᠦ᠋ᠨ ᠲᠠᠷᠴᠢᠯᠠᠭᠠᠩᠳᠤ ᠬᠣᠩᠭᠢᠯ  ᠢ᠋  ᠵᠣᠷᠢᠨ ᠣᠳᠤᠬᠰᠡ ᠶᠤᠮ᠃

                    ᠠᠷᠪᠠᠨ ᠭᠤᠷᠪᠠ

      ᠮᠠᠨᠵᠤ ᠶ᠋ᠢᠨ ᠴᠡᠷᠢᠭ ᠦ᠋ᠳ ᠠᠮᠠ ᠠ᠋ᠴᠠ ᠨᠢ ᠭᠠᠯ ᠲᠤᠷᠭᠢᠭᠰᠠᠨ᠂ ᠴᠠᠭᠠᠨ ᠳᠡᠯᠲᠦ ᠯᠤᠤ ᠪᠦᠬᠦᠢ ᠤᠯᠠᠭᠠᠨ ᠲᠤᠭ ᠢ᠋ᠶ᠋ᠠᠨ ᠡᠷᠭᠦᠭᠰᠡᠭᠡᠷ ᠥᠨᠳᠥᠷᠯᠢᠭ ᠳᠡᠭᠡᠷ᠎ᠡ ᠵᠣᠭᠰᠣᠨ᠎ᠠ᠃
      ᠨᠥᠭᠦᠭᠡ ᠲᠠᠯ᠎ᠠ ᠳ᠋ᠤ᠌ ᠭᠠᠯᠳᠠᠨ ᠪᠣᠱᠣᠭᠲᠤ ᠬᠠᠭᠠᠨ ᠤ᠋ ᠵᠡᠭᠦᠨᠭᠠᠷ ᠤ᠋ᠨ ᠴᠡᠷᠢᠭ ᠦ᠋ᠳ ᠳᠣᠭᠰᠢᠨ ᠬᠠᠷ᠎ᠠ ᠰᠦᠯᠳᠡ ᠪᠡᠨ ᠨᠠᠮᠢᠷᠠᠭᠤᠯᠤᠨ ᠪᠣᠰᠤᠭ᠎ᠠ ᠣᠷᠣᠯᠠᠩ ᠮᠡᠲᠦ ᠰᠡᠬᠦᠢᠨ᠎ᠡ᠃
      ᠭᠠᠯᠳᠠᠨ ᠪᠣᠱᠣᠭᠲᠤ ᠬᠠᠭᠠᠨ ᠡᠷᠢᠭᠡ ᠪᠡᠨ ᠠᠪᠴᠤ ᠱᠣᠳᠠᠵᠤ ᠦᠵᠡᠭᠡᠳ ᠪᠤᠴᠠᠭᠠᠵᠤ ᠣᠷᠢᠶᠠᠬᠤ ᠵᠠᠭᠤᠷ᠎ᠠ᠂
       — ᠪᠢᠴᠢᠭ ᠦ᠋ᠨ ᠲᠦᠰᠢᠮᠡᠯ  ᠢ᠋  ᠳᠠᠭᠤᠳᠠ! ᠭᠡᠪᠡ᠃
      ᠭᠠᠯᠳᠠᠨ ᠪᠣᠱᠣᠭᠲᠤ ᠬᠠᠭᠠᠨ ᠥᠭᠦᠯᠡᠷᠦᠨ᠂
    《ᠭᠠᠯᠳᠠᠨ ᠪᠣᠱᠣᠭᠲᠤ ᠬᠠᠭᠠᠨ ᠤ᠋ ᠪᠢᠴᠢᠭ᠃ ᠮᠣᠩᠭᠣᠯ ᠤ᠋ᠨ ᠪᠤᠷᠬᠠᠨ ᠤ᠋ ᠱᠠᠰᠢᠨ ᠤ᠋ ᠬᠤᠪᠢᠯᠭᠠᠨ ᠪᠠᠭᠰᠢ᠂ ᠠᠩᠬᠠᠳᠤᠭᠠᠷ ᠪᠣᠭᠳᠠ ᠵᠢᠪᠽᠤᠨᠳᠠᠮᠪᠠ  ᠥᠨᠳᠥᠷ ᠭᠡᠭᠡᠨ ᠵᠠᠨᠠᠪᠠᠽᠠᠷ᠂ ᠬᠠᠯᠬ᠎ᠠ ᠶ᠋ᠢᠨ ᠲᠦᠰᠢᠶᠡᠲᠦ ᠬᠠᠭᠠᠨ ᠬᠣᠩ ᠲᠠᠢᠵᠢ ᠴᠠᠬᠤᠨᠳᠣᠷᠵᠢ ᠨᠠᠷ  ᠢ᠋  ᠨᠠᠳᠠᠳᠤ ᠲᠤᠰᠢᠶᠠᠪᠠᠯ ᠪᠢ ᠶᠡᠬᠡ ᠴᠡᠷᠢᠭ ᠢ᠋ᠶ᠋ᠡᠨ ᠬᠤᠷᠢᠶᠠᠵᠤ ᠳᠠᠷᠤᠢᠬᠠᠨ ᠪᠤᠴᠠᠬᠤ ᠪᠣᠯᠤᠨ᠎ᠠ᠃ ᠡᠰᠡ ᠲᠤᠰᠢᠶᠠᠬᠤ ᠠᠪᠠᠰᠤ ᠬᠦᠴᠦ ᠬᠡᠷᠡᠭᠯᠡᠨ ᠪᠠᠢᠯᠳᠤᠵᠤ ᠴᠢᠩᠭᠢᠰ ᠬᠠᠭᠠᠨ ᠤ᠋ ᠪᠠᠢᠭᠤᠯᠤᠭᠰᠠᠨ ᠶᠡᠬᠡ ᠮᠣᠩᠭᠣᠯ ᠤᠯᠤᠰ ᠤ᠋ᠨ ᠭᠠᠵᠠᠷ ᠨᠤᠲᠤᠭ ᠲᠤ᠌ ᠠᠮᠢᠳᠤᠷᠠᠭᠴᠢ ᠬᠠᠭᠠᠨ ᠲᠠᠨ  ᠢ᠋ ᠤᠯᠤᠰ ᠴᠡᠷᠢᠭ ᠦ᠋ᠳ ᠦ᠋ᠨ ᠬᠠᠮᠲᠤ ᠬᠤᠷᠢᠶᠠᠨ᠎ᠠ᠃ ᠬᠠᠭᠠᠨ ᠲᠠ ᠳᠠᠷᠤᠢ ᠰᠣᠶᠣᠷᠬᠠᠨ ᠪᠣᠯᠭᠣᠭᠠᠨ᠎ᠠ ᠤᠤ?》 ᠭᠡᠵᠦ ᠪᠢᠴᠢᠭᠦᠯᠪᠡ᠃
       ᠪᠦᠷᠭᠦᠳ ᠳᠡᠪᠢᠭᠰᠡᠨ ᠬᠥᠬᠡ ᠲᠤᠭ ᠪᠠᠷᠢᠭᠰᠠᠨ ᠡᠯᠴᠢ ᠶ᠋ᠢ ᠡᠩᠬᠡ ᠠᠮᠤᠭᠤᠯᠠᠩ ᠬᠠᠭᠠᠨ ᠤ᠋ ᠴᠡᠷᠢᠭ ᠦ᠋ᠳ ᠤᠷᠤᠭᠤ ᠢᠯᠡᠭᠡᠪᠡ᠃
       ᠣᠳᠤᠯᠲᠠ ᠳ᠋ᠤ᠌ ᠵᠡᠬᠡᠭᠰᠡᠨ ᠮᠣᠩᠭᠣᠯ᠂ ᠮᠠᠨᠵᠤ ᠴᠡᠷᠢᠭ ᠦ᠋ᠳ ᠬᠥᠪᠡᠭᠡᠨ ᠦ᠌ ᠣᠷᠣᠢ ᠳᠡᠭᠡᠷ᠎ᠡ ᠡᠴᠡ ᠪᠡᠶᠡᠰ  ᠢ᠋  ᠬᠠᠷᠠᠵᠠᠭᠠᠨ᠎ᠠ᠃ ᠡᠯᠴᠢ ᠪᠢᠴᠢᠭ  ᠢ᠋ ᠵᠠᠳᠠᠯᠵᠤ ᠭᠠᠯᠳᠠᠨ ᠬᠠᠭᠠᠨ ᠳ᠋ᠤ᠌ ᠡᠷᠭᠦᠨ ᠪᠠᠷᠢᠬᠤ ᠳ᠋ᠤ᠌ ᠳᠡᠷᠭᠡᠳᠡ ᠪᠡᠨ ᠵᠣᠭᠰᠣᠬᠤ ᠳᠠᠨᠵᠢᠯᠠ ᠵᠠᠩᠵᠤᠨ ᠲᠠᠢᠰᠢ ᠪᠠᠨ ᠳᠣᠬᠢᠪᠠ᠃ ᠳᠠᠨᠵᠢᠯᠠ ᠤᠩᠰᠢᠨ᠎ᠠ᠃
     《ᠡᠩᠬᠡ ᠠᠮᠤᠭᠤᠯᠠᠩ ᠬᠠᠭᠠᠨ ᠤ᠋ ᠪᠢᠴᠢᠭ᠃ ᠮᠠᠨᠵᠤ ᠶ᠋ᠢᠨ ᠬᠠᠭᠠᠨ ᠮᠢᠨᠦ ᠠᠰᠠᠷᠠᠮᠵᠢ ᠳ᠋ᠤ᠌ ᠪᠠᠭᠲᠠᠭᠰᠠᠨ ᠥᠨᠳᠥᠷ ᠭᠡᠭᠡᠨ ᠵᠠᠨᠠᠪᠠᠽᠠᠷ᠂ ᠲᠡᠭᠦᠨ ᠦ᠌ ᠳᠡᠭᠦᠦ ᠬᠣᠩ ᠲᠠᠢᠵᠢ ᠴᠠᠬᠤᠨᠳᠣᠷᠵᠢ ᠨᠠᠷ  ᠢ᠋  ᠭᠠᠯᠳᠠᠨ ᠪᠣᠱᠣᠭᠲᠤ ᠬᠠᠭᠠᠨ ᠲᠠ ᠥᠪᠡᠷ ᠦ᠋ᠨ ᠪᠡᠶ᠎ᠡ ᠪᠡᠷ ᠢᠷᠡᠵᠦ ᠬᠦᠯᠢᠶᠡᠨ ᠠᠪᠤᠭᠲᠤᠨ᠃ ᠡᠷᠬᠢᠮ ᠳᠡᠭᠡᠳᠦᠰ ᠦ᠋ᠨ ᠠᠮᠢ ᠪᠡᠶ᠎ᠡ ᠨᠢ ᠦᠨᠡᠲᠦ ᠡᠷᠳᠡᠨᠢ ᠲᠤᠯᠠ ᠬᠦᠷᠭᠡᠵᠦ ᠥᠭᠬᠦ ᠡᠴᠡ ᠲᠦᠳᠡᠭᠡᠯᠵᠡᠨ᠎ᠡ》 ᠭᠡᠰᠡᠨ ᠪᠠᠢᠪᠠ᠃ ᠪᠣᠱᠣᠭᠲᠤ ᠬᠠᠭᠠᠨ᠂
      — ᠨᠠᠮᠠᠶ᠋ᠢ ᠯᠤᠤ ᠶ᠋ᠢᠨ ᠠᠮᠠᠨ ᠳ᠋ᠤ᠌ ᠲᠣᠯᠣᠭᠠᠢ ᠪᠠᠨ ᠲᠥᠷᠥᠨ᠎ᠡ ᠭᠡᠵᠦ ᠡᠩᠬᠡ ᠠᠮᠤᠭᠤᠯᠠᠩ ᠬᠠᠭᠠᠨ ᠰᠡᠷᠡᠭᠦᠨ ᠵᠡᠭᠦᠳᠦᠯᠡᠵᠡᠢ᠃ ᠥᠨᠳᠥᠷ ᠭᠡᠭᠡᠨ᠂  ᠴᠠᠬᠤᠨᠳᠣᠷᠵᠢ ᠬᠣᠶᠠᠷ  ᠢ᠋ ᠶᠠᠭᠠᠬᠢᠵᠤ ᠠᠪᠤᠷᠠᠬᠤ ᠪᠢᠯᠡ ᠭᠡᠮᠡᠨ ᠥᠨᠳᠥᠷᠯᠢᠭ ᠳᠡᠭᠡᠷ᠎ᠡ ᠪᠠᠷᠢᠭᠰᠠᠨ ᠬᠡᠭᠡᠷ᠎ᠡ ᠶ᠋ᠢᠨ ᠠᠰᠠᠷ ᠴᠤᠭᠯᠠᠷᠠᠭᠰᠠᠨ ᠰᠠᠢᠳ ᠵᠠᠩᠵᠤᠳ ᠠ᠋ᠴᠠ ᠪᠠᠨ ᠠᠰᠠᠭᠤᠯ᠎ᠠ᠃
     ᠳᠣᠷᠣᠨᠠᠲᠤ ᠶ᠋ᠢᠨ ᠠᠭᠤᠳᠠᠮ ᠲᠠᠯ᠎ᠠ ᠳᠤᠨᠢᠶᠠᠷᠲᠤᠵᠤ᠂ ᠤᠯᠠᠭᠠᠨᠴᠠᠪ ᠤ᠋ᠨ ᠠᠭᠤᠯᠠᠰ ᠵᠡᠷᠭᠡᠯᠭᠡᠨ ᠳ᠋ᠦ᠍ ᠥᠨᠳᠡᠯᠵᠡᠨ ᠪᠠᠢᠬᠤ ᠳ᠋ᠤ᠌ ᠭᠠᠯᠳᠠᠨ ᠪᠣᠱᠣᠭᠲᠤ ᠶ᠋ᠢᠨ ᠴᠡᠷᠢᠭ ᠦ᠋ᠳ ᠮᠤᠭᠠᠢᠪᠴᠢᠯᠠᠨ ᠶᠠᠪᠤᠭᠰᠠᠭᠠᠷ ᠥᠨᠳᠥᠷ  ᠥᠨᠳᠥᠷ ᠬᠢᠷ᠎ᠠ ᠳᠡᠭᠡᠭᠦᠷ ᠴᠤᠬᠤᠯᠵᠠᠬᠤ ᠮᠠᠨᠵᠤ ᠴᠡᠷᠢᠭ ᠦ᠋ᠨ ᠬᠠᠷᠠᠭᠠᠨ ᠠ᠋ᠴᠠ ᠬᠣᠯᠠᠳᠪᠠ᠃ ᠭᠠᠯᠳᠠᠨ  ᠢ᠋  ᠶᠡᠬᠡ ᠴᠡᠷᠢᠭ ᠢ᠋ᠶ᠋ᠡᠨ ᠠᠪᠴᠤ ᠣᠳᠪᠠ ᠭᠡᠮᠡᠨ ᠮᠠᠨᠵᠤ ᠨᠤᠭᠤᠳ ᠢᠲᠡᠭᠡᠵᠦ ᠬᠠᠭᠠᠨ ᠳ᠋ᠤ᠌ ᠡᠯᠴᠢ ᠵᠠᠷᠤᠪᠠ᠃ ᠡᠩᠬᠡ ᠠᠮᠤᠭᠤᠯᠠᠩ ᠬᠠᠭᠠᠨ ᠬᠡᠳᠦᠨ ᠡᠳᠦᠷ ᠦ᠋ᠨ ᠲᠤᠷᠰᠢ ᠭᠠᠯᠳᠠᠨ ᠠ᠋ᠴᠠ ᠬᠠᠷᠢᠭᠤ ᠬᠦᠯᠢᠶᠡᠪᠡ᠃ ᠣᠢᠷᠠᠳ ᠤ᠋ᠨ ᠴᠡᠷᠢᠭ ᠦ᠋ᠳ ᠭᠠᠵᠠᠷ ᠤ᠋ᠨ ᠭᠠᠪᠠ ᠤᠷᠤᠭᠤ ᠣᠷᠣᠭᠰᠠᠨ ᠮᠡᠲᠦ ᠪᠣᠯᠵᠠᠢ᠃
       ᠭᠠᠯᠳᠠᠨ ᠬᠠᠭᠠᠨ ᠬᠣᠶᠠᠷ ᠵᠢᠯ ᠰᠢᠬᠠᠮ ᠨᠡᠭᠦᠳᠡᠯᠯᠡᠨ ᠶᠠᠪᠤᠭᠰᠠᠭᠠᠷ ᠵᠣᠷᠢᠭᠰᠠᠨ ᠭᠠᠵᠠᠷ ᠢ᠋ᠶ᠋ᠠᠨ ᠢᠷᠡᠭᠡᠳ ᠲᠡᠨᠳᠡ ᠡᠴᠡ ᠪᠡᠨ ᠤᠬᠤᠷᠢᠨ《ᠮᠠᠨᠵᠤ ᠶ᠋ᠢᠨ ᠬᠦᠴᠦ ᠵᠤᠵᠠᠭᠠᠷᠠᠭᠰᠠᠨ ᠲᠤᠯᠠ ᠲᠥᠭᠡᠷᠢᠭᠳᠡᠭᠦᠯᠬᠦ ᠠᠷᠭ᠎ᠠ ᠬᠡᠷᠡᠭᠯᠡᠶ᠎ᠡ᠃ ᠴᠡᠷᠢᠭ ᠢ᠋ᠶ᠋ᠡᠨ ᠠᠷᠤ ᠬᠠᠯᠬ᠎ᠠ ᠤᠷᠤᠭᠤ ᠢᠯᠡᠭᠡᠪᠡᠯ ᠠᠷᠤ ᠬᠤᠳᠠᠷᠭ᠎ᠠ ᠪᠠᠷ ᠳᠠᠭᠠᠷᠢᠨ ᠪᠠᠢᠯᠳᠤᠵᠤ ᠪᠤᠲᠠ ᠴᠣᠬᠢᠬᠤ ᠨᠢ ᠨᠠᠳᠠᠳᠤ ᠠᠰᠢᠭᠲᠠᠢ᠃ ᠮᠠᠨᠵᠤ ᠶ᠋ᠢᠨ ᠬᠦᠴᠦ ᠶ᠋ᠢ ᠳᠠᠷᠤᠮᠳᠠᠭᠤᠯᠬᠤ ᠬᠡᠷᠡᠭᠲᠡᠢ》ᠭᠡᠵᠦ ᠲᠥᠯᠥᠪᠯᠡᠵᠡᠢ᠃ ᠡᠨᠡ ᠬᠣᠭᠣᠷᠣᠨᠳᠣ ᠮᠠᠨᠵᠤ ᠶ᠋ᠢᠨ ᠴᠡᠷᠢᠭ ᠦ᠋ᠳ ᠭᠤᠷᠪᠠ ᠬᠤᠪᠢᠶᠠᠭᠳᠠᠵᠠᠢ᠃

                        ᠠᠷᠪᠠᠨ ᠳᠥᠷᠪᠡ

      ᠭᠠᠯᠳᠠᠨ  ᠢ᠋  ᠲᠤᠯᠭᠠᠬᠤ ᠪᠢᠴᠢᠭ ᠦ᠋ᠨ ᠬᠠᠷᠢᠭᠤ ᠶ᠋ᠢ ᠪᠠᠲᠤᠯᠠᠭ᠎ᠠ ᠲᠠᠢ ᠠᠪᠤᠨ᠎ᠠ ᠭᠡᠳᠡᠭ ᠲᠦ᠍ ᠡᠩᠬᠡ ᠠᠮᠤᠭᠤᠯᠠᠩ ᠬᠠᠭᠠᠨ ᠪᠣᠳᠣᠯ ᠵᠠᠷᠤᠵᠤ ᠪᠠᠢᠯ᠎ᠠ᠃ ᠡᠩᠬᠡ ᠠᠮᠤᠭᠤᠯᠠᠩ ᠬᠠᠭᠠᠨ ᠭᠠᠯᠳᠠᠨ ᠲᠠᠢ ᠮᠠᠢᠮᠠᠢ ᠬᠢᠬᠦ᠂ ᠡᠰᠡᠬᠦᠯ᠎ᠡ ᠬᠡᠳᠦᠨ ᠲᠦᠮᠡᠨ ᠴᠡᠷᠢᠭ ᠦ᠋ᠨ ᠢᠯᠡᠭᠦᠦ ᠬᠦᠴᠦ ᠪᠡᠷ ᠣᠢᠷᠠᠳ ᠴᠡᠷᠢᠭ  ᠢ᠋  ᠪᠤᠲᠠ ᠴᠣᠬᠢᠬᠤ ᠡᠷᠡᠮᠡᠯᠵᠡᠯ ᠲᠡᠢ ᠠᠵᠢ᠃ ᠮᠠᠨᠵᠤ ᠶ᠋ᠢᠨ ᠬᠠᠭᠠᠨ ᠴᠠᠬᠤᠨᠳᠣᠷᠵᠢ ᠶ᠋ᠢᠨ ᠴᠡᠷᠢᠭ ᠢ᠋ᠶ᠋ᠡᠷ ᠬᠦᠴᠦ ᠰᠡᠯᠪᠢᠵᠡᠢ᠃
    ᠭᠡᠨᠡᠳᠲᠡ ᠣᠢᠷᠠᠳ ᠤ᠋ᠨ ᠴᠡᠷᠢᠭ ᠦ᠋ᠳ ᠭᠠᠷᠴᠤ ᠢᠷᠡᠭᠰᠡᠨ ᠲᠤᠯᠠ ᠮᠠᠨᠵᠤ ᠨᠤᠭᠤᠳ ᠤ᠋ᠨ ᠡᠭᠳᠡᠭᠦᠦ ᠬᠥᠳᠡᠯᠵᠦ《ᠲᠤᠯᠤᠯᠳᠤᠬᠤ ᠠ᠋ᠴᠠ ᠠᠶᠤᠵᠤ ᠤᠬᠤᠷᠢᠯ᠎ᠠ》 ᠭᠡᠮᠡᠨ ᠬᠠᠭᠠᠨ ᠤ᠋ ᠴᠡᠷᠢᠭ ᠦ᠋ᠨ ᠵᠠᠩᠵᠤᠨ ᠢᠲᠡᠭᠡᠪᠡ᠃ ᠵᠠᠩᠵᠤᠨ ᠬᠠᠭᠠᠨ ᠳ᠋ᠠᠭᠠᠨ ᠳᠠᠮᠵᠢᠭᠤᠯᠪᠠ᠃
      ᠡᠩᠬᠡ ᠠᠮᠤᠭᠤᠯᠠᠩ ᠬᠠᠭᠠᠨ ᠭᠠᠯᠳᠠᠨ ᠬᠠᠭᠠᠨ ᠲᠠᠢ ᠪᠣᠢᠳᠠ ᠬᠡᠭᠡᠷ᠎ᠡ ᠭᠠᠵᠠᠷ ᠲᠣᠪᠯᠠᠵᠤ ᠶᠠᠷᠢᠯᠴᠠᠬᠤ ᠶ᠋ᠢ ᠬᠦᠰᠡᠵᠡᠢ᠃ ᠲᠡᠷᠡ ᠲᠡᠮᠳᠡᠭᠲᠦ ᠭᠠᠵᠠᠷ ᠴᠡᠷᠢᠭ ᠦ᠋ᠨ ᠰᠢᠷ᠎ᠠ ᠠᠰᠠᠷ ᠪᠤᠰᠬᠠᠵᠠᠢ᠃ ᠰᠢᠷ᠎ᠠ ᠠᠰᠠᠷ ᠬᠣᠯᠠ ᠶ᠋ᠢᠨ ᠬᠣᠯᠠ ᠠ᠋ᠴᠠ ᠪᠠᠷ᠎ᠠ ᠲᠠᠢ ᠪᠥᠯᠥᠭᠡ᠃ ᠥᠭᠡᠷ᠎ᠡ ᠪᠡᠷ ᠬᠡᠯᠡᠪᠡᠯ ᠰᠢᠷ᠎ᠠ ᠠᠰᠠᠷ  ᠢ᠋  ᠵᠡᠭᠦᠨᠭᠠᠷ ᠤ᠋ᠨ ᠬᠠᠭᠠᠨ ᠤ᠋ ᠴᠡᠷᠢᠭ ᠦ᠋ᠳ ᠠᠯᠤᠰ ᠠ᠋ᠴᠠ ᠬᠠᠷᠠᠬᠤ ᠪᠠᠷ᠎ᠠ ᠶ᠋ᠢᠨ ᠭᠠᠵᠠᠷ ᠪᠣᠰᠬᠠᠭᠰᠠᠨ ᠶᠤᠮ᠃
      ᠡᠨᠡ ᠪᠣᠯ ᠬᠣᠶᠠᠷ ᠶᠡᠬᠡ ᠬᠠᠭᠠᠨ ᠤ᠋ ᠣᠷᠣᠨ ᠵᠠᠢ᠂ ᠴᠠᠭ ᠬᠤᠭᠤᠴᠠᠭ᠎ᠠ ᠶ᠋ᠢ ᠪᠤᠯᠢᠶᠠᠴᠠᠯᠳᠤᠭᠰᠠᠨ ᠠᠭᠤᠯᠵᠠᠯᠲᠠ ᠶᠤᠮ᠃ ᠭᠠᠯᠳᠠᠨ ᠪᠣᠱᠣᠭᠲᠤ ᠬᠣᠯᠠ ᠭᠠᠵᠠᠷ ᠠ᠋ᠴᠠ ᠢᠷᠡᠵᠡᠢ᠃ ᠡᠩᠬᠡ ᠠᠮᠤᠭᠤᠯᠠᠩ ᠨᠤᠲᠤᠭ ᠣᠢᠷ᠎ᠠ ᠪᠣᠯᠪᠠᠴᠤ ᠬᠡᠭᠡᠷ᠎ᠡ ᠶ᠋ᠢᠨ ᠠᠰᠠᠷ ᠲᠤ᠌ ᠬᠣᠨᠣᠨ ᠥᠨᠵᠢᠨ᠂ ᠨᠠᠷᠠ ᠰᠠᠯᠬᠢᠨ ᠤ᠋ ᠰᠠᠭᠠᠲᠠᠯ ᠳ᠋ᠤ᠌ ᠠᠯᠵᠢᠶᠠᠭᠰᠠᠨ ᠪᠠᠢᠪᠠ᠃
     ᠮᠠᠨᠵᠤ ᠶ᠋ᠢᠨ ᠬᠠᠭᠠᠨ ᠤ᠋ ᠶᠠᠩᠪᠠ ᠶᠡᠬᠡ ᠲᠤᠯᠠ ᠲᠡᠢᠨ ᠪᠠᠢᠯᠳᠤᠭᠠᠨ ᠤ᠋ ᠢᠯᠠᠯᠲᠠ ᠳ᠋ᠤ᠌ ᠣᠨᠴᠠᠭᠠᠢ ᠠᠩᠬᠠᠷᠴᠤ ᠬᠡᠯᠡ ᠮᠡᠳᠡᠭᠡᠴᠢ ᠶ᠋ᠢᠨ ᠢᠷᠡᠬᠦ ᠴᠠᠭ ᠨᠠᠷᠠ ᠶ᠋ᠢ ᠬᠦᠯᠢᠶᠡᠵᠦ ᠶᠠᠳᠠᠷᠠᠳᠠᠭ ᠪᠠᠢᠪᠠ᠃ ᠭᠠᠯᠳᠠᠨ ᠪᠣᠱᠣᠭᠲᠤ ᠬᠠᠭᠠᠨ ᠵᠦᠭ ᠪᠤᠷᠤᠭᠤᠯᠠᠨ ᠣᠳᠬᠤ ᠭᠠᠵᠠᠷ ᠤ᠋ᠨ ᠬᠠᠵᠠᠭᠠᠢ᠂ ᠠᠭᠤᠯᠠ ᠶ᠋ᠢᠨ ᠨᠤᠷᠠᠩᠭᠢ ᠰᠣᠩᠭᠣᠬᠤ ᠳ᠋ᠠᠭᠠᠨ ᠭᠣᠢᠳᠠ ᠪᠥᠭᠡᠳ ᠯᠠᠮᠠ ᠳᠡᠪᠡᠯ ᠢ᠋ᠶ᠋ᠡᠨ ᠲᠣᠷᠭᠠᠨ ᠴᠡᠷᠢᠭ ᠦ᠋ᠨ ᠠᠴᠢᠶ᠎ᠠ ᠪᠠᠷᠠᠭᠠᠨ ᠳ᠋ᠤ᠌ ᠠᠪᠴᠤ ᠶᠠᠪᠤᠨ᠎ᠠ᠃ ᠪᠣᠱᠣᠭᠲᠤ ᠬᠠᠭᠠᠨ  ᠢ᠋ ᠬᠤᠪᠢᠯᠭᠠᠨ ᠴᠢᠨᠠᠷ ᠲᠠᠢ ᠤᠴᠢᠷ ᠠ᠋ᠴᠠ ᠡᠩᠬᠡ ᠠᠮᠤᠭᠤᠯᠠᠩ ᠬᠠᠭᠠᠨ ᠮᠠᠨᠵᠤ ᠨᠤᠭᠤᠳ ᠤ᠋ᠨ ᠵᠠᠢᠷᠠᠩ ᠤ᠋ᠳ  ᠢ᠋ ᠴᠤᠭᠯᠠᠭᠤᠯᠵᠤ ᠨᠢᠭᠡᠨ ᠪᠠᠭ ᠪᠣᠯᠭᠠᠭᠠᠳ《ᠭᠠᠯᠳᠠᠨ ᠤ᠋ ᠡᠷᠴᠢ ᠶ᠋ᠢ ᠰᠠᠭᠠᠷᠠᠭᠤᠯ》 ᠭᠡᠵᠦ ᠲᠤᠰᠢᠶᠠᠵᠠᠢ᠃
      ᠮᠠᠨᠵᠤ ᠶ᠋ᠢᠨ ᠬᠠᠭᠠᠨ ᠡᠩᠬᠡ ᠠᠮᠤᠭᠤᠯᠠᠩ ᠵᠡᠭᠦᠨᠭᠠᠷ ᠤ᠋ᠨ ᠬᠠᠭᠠᠨ ᠭᠠᠯᠳᠠᠨ ᠲᠠᠢ ᠨᠢᠭᠤᠷ ᠢ᠋ᠶ᠋ᠠᠨ ᠬᠠᠷᠠᠵᠤ ᠶᠠᠷᠢᠯᠴᠠᠬᠤ ᠵᠠᠭᠤᠷ᠎ᠠ ᠭᠡᠨᠡᠳᠲᠡ ᠳᠠᠭᠤᠨ ᠠᠯᠳᠠᠵᠤ《ᠲᠠ ᠬᠥᠮᠦᠨ ᠮᠥᠨ ᠤᠤ?》 ᠭᠡᠵᠦ ᠠᠰᠠᠭᠤᠬᠤ ᠳ᠋ᠤ᠌ ᠭᠠᠯᠳᠠᠨ ᠬᠠᠭᠠᠨ《ᠢᠷᠪᠢᠰ》 ᠭᠡᠵᠦ ᠬᠠᠷᠢᠭᠤᠯᠵᠠᠢ᠃ ᠨᠡᠭᠡᠷᠡᠨ ᠢᠷᠪᠢᠰ ᠰᠢᠭ ᠲᠡᠭᠦᠨ ᠳ᠋ᠦ᠍ ᠰᠠᠨᠠᠭᠳᠠᠵᠠᠢ᠃
      ᠬᠡᠳᠦᠨ ᠵᠢᠯ ᠦ᠋ᠨ ᠡᠮᠦᠨ᠎ᠡ ᠮᠠᠨᠵᠤ ᠶ᠋ᠢᠨ ᠡᠯᠴᠢ ᠴᠠᠳᠠᠳ ᠣᠢᠷᠠᠳ ᠤ᠋ᠨ ᠬᠠᠭᠠᠨ ᠤ᠋ ᠦᠷᠭᠦᠭᠡᠨ ᠳ᠋ᠦ᠍ ᠪᠠᠷᠠᠭᠠᠯᠠᠵᠤ  ᠲᠡᠭᠦᠨ ᠳ᠋ᠦ᠍ ᠭᠡᠢᠮᠡᠯ ᠬᠡᠮᠡᠬᠦ ᠶᠠᠭᠠᠨ ᠭᠦᠩᠵᠦ ᠶ᠋ᠢ ᠪᠡᠯᠡᠭᠯᠡᠵᠦ ᠪᠤᠴᠠᠭᠰᠠᠨ ᠪᠢᠯᠡ᠃ ᠴᠠᠳᠠᠳ ᠬᠠᠭᠠᠨ ᠳ᠋ᠠᠭᠠᠨ ᠣᠢᠷᠠᠳ ᠲᠤ᠌ ᠦᠵᠡᠭᠰᠡᠨ ᠬᠠᠷᠠᠭᠰᠠᠨ ᠢ᠋ᠶ᠋ᠠᠨ ᠨᠢᠭᠡᠳ ᠨᠢᠭᠡ ᠦᠭᠡᠢ ᠥᠭᠦᠯᠡᠵᠡᠢ᠃ ᠠᠨᠤ ᠬᠠᠲᠤᠨ ᠲᠠᠩᠳᠠ ᠪᠠᠨ ᠴᠠᠭᠠᠨ ᠢᠷᠪᠢᠰ ᠲᠡᠢ ᠴᠣᠭ ᠶᠠᠪᠤᠨ᠎ᠠ᠃ ᠴᠠᠭᠠᠨ ᠢᠷᠪᠢᠰ ᠭᠠᠯᠳᠠᠨ ᠬᠠᠭᠠᠨ ᠲᠠᠢ ᠳᠣᠲᠣᠨᠣ ᠶᠤᠮ᠃ ᠢᠷᠪᠢᠰ ᠦ᠋ᠨ ᠰᠢᠷ᠎ᠠ ᠴᠠᠭᠠᠨ ᠬᠣᠣᠰᠯᠠᠭᠰᠠᠨ ᠨᠢᠳᠦᠨ ᠳ᠋ᠦ᠍ ᠬᠠᠷᠢ ᠶ᠋ᠢᠨ ᠬᠥᠮᠦᠰ ᠪᠠᠭᠲᠠᠭᠠᠳ ᠪᠠᠢᠬᠤ ᠶᠤᠮ᠃ ᠵᠠᠷᠢᠮ ᠳ᠋ᠠᠭᠠᠨ ᠭᠠᠯᠳᠠᠨ ᠬᠠᠭᠠᠨ ᠨᠠᠳᠠᠳᠤ ᠢᠷᠪᠢᠰ ᠪᠣᠯᠵᠤ ᠬᠠᠷᠠᠭᠳᠠᠨ᠎ᠠ᠃ ᠭᠠᠯᠳᠠᠨ ᠪᠣᠱᠣᠭᠲᠤ ᠬᠠᠭᠠᠨ ᠴᠠᠭᠠᠨ ᠢᠷᠪᠢᠰ ᠲᠦ᠍ ᠬᠤᠪᠢᠯᠳᠠᠭ ᠪᠤᠰᠤ ᠤᠤ? ᠲᠡᠮᠡᠭᠡᠨ ᠳ᠋ᠦ᠍ ᠲᠡᠩᠨᠡᠵᠦ ᠠᠴᠢᠳᠠᠭ ᠭᠤᠨᠠᠨ ᠫᠤᠤ ᠲᠠᠢ ᠶᠤᠮ᠃ ᠫᠤᠤ ᠶ᠋ᠢᠨ ᠳᠠᠭᠤᠨ ᠳ᠋ᠤ᠌ ᠠᠭᠤᠯᠠ ᠶ᠋ᠢᠨ ᠴᠢᠯᠠᠭᠤ ᠨᠤᠷᠠᠵᠤ ᠪᠠᠢᠯ᠎ᠠ᠃ ᠭᠠᠯᠳᠠᠨ ᠤ᠋ ᠴᠡᠷᠢᠭ ᠦ᠋ᠳ ᠳᠣᠲᠣᠷ᠎ᠠ ᠴᠠᠭᠠᠨ ᠬᠠᠷ᠎ᠠ ᠠᠷᠠᠰᠤᠲᠠᠨ ᠪᠠᠢᠬᠤ ᠠ᠋ᠴᠠ ᠭᠠᠳᠠᠨ᠎ᠠ ᠴᠡᠷᠢᠭ ᠦ᠋ᠨ ᠯᠠᠮᠠ ᠨᠠᠷ ᠵᠥᠩᠳᠡᠭᠡᠨ᠃ ᠴᠡᠷᠢᠭ ᠦ᠋ᠨ ᠪᠡᠬᠢᠯᠡᠯᠲᠡ ᠳᠡᠭᠡᠷ᠎ᠡ ᠪᠡᠨ ᠵᠠᠭᠠᠯᠮᠠᠢ᠂ ᠬᠦᠷᠳᠦ ᠪᠣᠰᠬᠠᠵᠠᠢ᠃ ᠱᠠᠰᠢᠨ  ᠢ᠋  ᠳᠡᠭᠡᠳᠦᠯᠡᠳᠡᠭ ᠶᠤᠮ ᠪᠠᠢᠨ᠎ᠠ᠃
       ᠬᠥᠮᠦᠨ ᠰᠦᠭ ᠦ᠋ᠳ ᠬᠢᠵᠦ ᠵᠢᠳᠠᠯᠠᠵᠤ ᠴᠠᠪᠴᠢᠳᠠᠭ ᠴᠡᠷᠢᠭ ᠦ᠋ᠨ ᠬᠡᠭᠡᠷ᠎ᠡ ᠶ᠋ᠢᠨ ᠲᠠᠯᠠᠪᠠᠢ ᠪᠠᠢᠨ᠎ᠠ᠃ ᠲᠡᠷᠡ ᠢᠷᠪᠢᠰ ᠶᠡᠷᠦ ᠪᠤᠰᠤ ᠶ᠋ᠢᠨ ᠬᠢᠯᠢᠨᠴᠡ ᠠᠭᠤᠯᠤᠭᠰᠠᠨ ᠨᠢᠳᠦ ᠲᠡᠢ ᠶᠤᠮ ᠭᠡᠮᠡᠨ ᠴᠠᠳᠠᠳ ᠰᠠᠢᠳ ᠳᠠᠭᠤᠨ ᠠᠯᠳᠠᠵᠤ ᠪᠠᠢᠵᠠᠢ᠃

                         ᠠᠷᠪᠠᠨ ᠲᠠᠪᠤ

      ᠵᠣᠭᠣᠭ ᠰᠢᠭᠦᠰᠦ ᠨᠠᠷ ᠬᠠᠩᠪᠤ᠂ ᠨᠠᠨᠳᠢᠨ ᠴᠢᠪᠠᠭ᠎ᠠ᠂ ᠪᠤᠳᠠᠭ᠎ᠠ᠂  ᠮᠠᠨᠲ᠋ᠸᠤ᠂ ᠸᠠᠭᠠᠷ ᠰᠠᠪᠠ ᠲᠠᠢ ᠤᠮᠳᠠᠭ᠎ᠠ ᠦᠷᠦᠭᠰᠡᠨ ᠰᠢᠷᠡᠭᠡᠨ ᠣ ᠬᠣᠶᠠᠷ ᠲᠠᠯ᠎ᠠ ᠳ᠋ᠤ᠌ ᠵᠡᠭᠥᠨᠭᠠᠷ ᠤ᠋ᠨ ᠬᠠᠭᠠᠨ ᠭᠠᠯᠳᠠᠨ᠂ ᠮᠠᠨᠵᠤ ᠶ᠋ᠢᠨ ᠬᠠᠭᠠᠨ ᠡᠩᠬᠡ ᠠᠮᠤᠭᠤᠯᠠᠩ ᠨᠠᠷ ᠳᠠᠭᠤᠳᠠᠯᠭ᠎ᠠ ᠬᠤᠷᠠᠯᠳᠤᠭᠠᠨ ᠳ᠋ᠤ᠌ ᠰᠠᠭᠤᠪᠠ᠃
      ᠮᠠᠨᠵᠤ ᠶ᠋ᠢᠨ ᠬᠠᠭᠠᠨ ᠡᠩᠬᠡ ᠠᠮᠤᠭᠤᠯᠠᠩ ᠲᠠᠷᠭᠤᠨ ᠴᠠᠳᠬᠤᠯᠠᠩ᠂ ᠵᠠᠯᠢᠲᠠᠢ ᠬᠥᠮᠦᠨ ᠪᠠᠢᠯ᠎ᠠ᠃ ᠪᠣᠱᠣᠭᠲᠤ ᠬᠠᠭᠠᠨ᠂
      — ᠬᠠᠯᠬ᠎ᠠ ᠶ᠋ᠢᠨ ᠨᠣᠶᠠᠳ ᠤᠷᠪᠠᠭᠰᠠᠨ ᠤᠤ? ᠭᠡᠵᠦ ᠮᠠᠨᠵᠤ ᠶ᠋ᠢᠨ ᠬᠠᠭᠠᠨ ᠠ᠋ᠴᠠ ᠲᠤᠯᠭᠠᠨ ᠠᠰᠠᠭᠤᠪᠠ᠃ ᠡᠩᠬᠡ ᠠᠮᠤᠭᠤᠯᠠᠩ ᠬᠠᠭᠠᠨ᠂
      — ᠳᠠᠭᠠᠷ᠎ᠠ ᠣᠷᠣᠭᠰᠠᠨ ᠭᠡᠵᠦ ᠬᠠᠷᠢᠭᠤᠯᠪᠠ᠃ ᠭᠠᠯᠳᠠᠨ ᠬᠠᠭᠠᠨ᠂
      — ᠲᠦᠮᠡᠨ ᠠᠭᠲᠠ ᠪᠠᠷ ᠥᠨᠳᠥᠷ ᠭᠡᠭᠡᠨ᠂  ᠴᠠᠬᠤᠨᠳᠣᠷᠵᠢ ᠬᠣᠩ ᠲᠠᠢᠵᠢ ᠬᠣᠶᠠᠷ  ᠢ᠋  ᠰᠣᠯᠢᠵᠤ ᠠᠪᠤᠶ᠎ᠠ ᠭᠡᠬᠦ ᠳ᠋ᠦ᠍ ᠮᠠᠨᠵᠤ ᠶ᠋ᠢᠨ ᠬᠠᠭᠠᠨ ᠶᠠᠯᠢᠭᠦᠢ ᠮᠤᠰᠢᠢᠭᠠᠳ ᠬᠠᠷᠢᠭᠤ ᠬᠡᠯᠡᠪᠡ᠃
     — ᠥᠨᠳᠥᠷ ᠭᠡᠭᠡᠨ᠂  ᠴᠠᠬᠤᠨᠳᠣᠷᠵᠢ ᠬᠣᠩ ᠲᠠᠢᠵᠢ ᠬᠣᠶᠠᠷ ᠤ᠋ᠨ ᠲᠣᠯᠣᠭᠠᠢ ᠶ᠋ᠢ ᠪᠢ ᠦᠨᠡᠯᠡᠨ᠎ᠡ᠃ ᠬᠠᠷᠢᠨ ᠲᠠ ᠪᠣᠯ ᠴᠠᠪᠴᠢᠵᠤ ᠣᠷᠬᠢᠨ᠎ᠠ ᠭᠡᠵᠦ ᠢᠨᠢᠶᠡᠮᠰᠦᠭᠯᠡᠪᠡ᠃
       ᠭᠠᠯᠳᠠᠨ ᠪᠣᠱᠣᠭᠲᠤ ᠬᠠᠭᠠᠨ ᠪᠣᠳᠣᠯ ᠪᠣᠯᠵᠤ᠂
      — ᠪᠢ ᠯᠠᠮᠠ ᠬᠥᠮᠦᠨ᠃ ᠥᠨᠳᠥᠷ ᠭᠡᠭᠡᠨ ᠪᠣᠯ ᠮᠣᠩᠭᠣᠯ ᠤ᠋ᠨ ᠠᠩᠬᠠᠳᠤᠭᠠᠷ ᠪᠣᠭᠳᠠ᠃ ᠬᠣᠩ ᠲᠠᠢᠵᠢ ᠴᠠᠬᠤᠨᠳᠤᠷᠵᠢ ᠪᠣᠯ ᠴᠢᠩᠭᠢᠰ ᠬᠠᠭᠠᠨ ᠤ᠋ ᠠᠯᠲᠠᠨ ᠤᠷᠤᠭ ᠤ᠋ᠨ ᠡᠷᠬᠢᠮ ᠬᠥᠮᠦᠨ᠃ ᠡᠨᠡ ᠬᠣᠶᠠᠷ ᠡᠷᠬᠢᠮ ᠳᠡᠭᠡᠳᠦ ᠬᠥᠮᠦᠨ ᠦ᠌ ᠲᠣᠯᠣᠭᠠᠢ ᠳ᠋ᠤ᠌ ᠮᠡᠰᠡ ᠬᠦᠷᠭᠡᠪᠡᠯ ᠠᠯᠳᠠᠰ ᠪᠣᠯᠤᠨ᠎ᠠ᠃ ᠲᠠ ᠰᠠᠢᠨ ᠪᠣᠯᠭᠣᠭᠠᠨ᠎ᠠ ᠤᠤ? ᠭᠡᠯ᠎ᠡ᠃
      ᠮᠠᠨᠵᠤ ᠶ᠋ᠢᠨ ᠬᠠᠭᠠᠨ ᠡᠷᠡᠳᠡᠭᠦᠦ ᠪᠠᠷᠳᠠᠮ ᠵᠠᠩ ᠢ᠋ᠶ᠋ᠠᠷ᠂
     — ᠬᠠᠭᠠᠨ ᠲᠠ ᠨᠠᠳᠠ ᠲᠠᠢ ᠮᠠᠢᠮᠠᠢ ᠬᠢᠬᠦ ᠭᠡᠳ ᠪᠠᠢᠨ᠎ᠠ ᠤᠤ? ᠠᠷᠠᠢ ᠥᠭᠡᠷ᠎ᠡ ᠮᠠᠢᠮᠠᠢ ᠶᠠᠷᠢᠬᠤ ᠶᠤᠮ ᠪᠢᠰᠢᠦ ᠭᠡᠬᠦ ᠳ᠋ᠦ᠍᠂ ᠭᠠᠯᠳᠠᠨ ᠤ᠋ ᠲᠣᠯᠣᠭᠠᠢ ᠳ᠋ᠤ᠌ ᠬᠥᠪᠡᠭᠦᠨ ᠰᠡᠪᠳᠡᠨᠪᠠᠯᠵᠢᠷ ᠨᠢ ᠬᠠᠳᠠᠭᠠᠰᠤᠲᠠᠢ ᠪᠠᠢᠪᠠ᠃ ᠪᠣᠱᠣᠭᠲᠤ ᠬᠠᠭᠠᠨ ᠤ᠋ ᠦᠷᠦ ᠨᠢ ᠡᠪᠡᠳᠪᠡ᠃ ᠬᠥᠪᠡᠭᠦᠨ  ᠢ᠋  ᠮᠠᠨᠵᠤ ᠨᠤᠭᠤᠳ ᠪᠠᠷᠢᠴᠠᠭᠠᠨ ᠳ᠋ᠤ᠌ ᠠᠪᠤᠭᠰᠠᠨ ᠪᠢᠯᠡ᠃ ᠰᠡᠪᠳᠡᠨᠪᠠᠯᠵᠢᠷ  ᠢ᠋  ᠬᠣᠰᠢᠭᠤ ᠵᠠᠬᠢᠷᠤᠭᠤᠯᠵᠤ ᠪᠠᠢᠭ᠎ᠠ ᠪᠣᠯᠪᠠᠴᠤ ᠦᠨᠡᠨ ᠬᠡᠷᠡᠭ ᠳᠡᠭᠡᠷ᠎ᠡ ᠪᠡᠨ ᠲᠡᠭᠦᠨ ᠦ᠌ ᠲᠣᠯᠣᠭᠠᠢ ᠮᠠᠨᠵᠤ ᠶ᠋ᠢᠨ ᠬᠠᠭᠠᠨ ᠤ᠋ ᠮᠠᠲᠠᠯ ᠳ᠋ᠤ᠌ ᠪᠠᠢᠯ᠎ᠠ᠃ ᠮᠠᠨᠵᠤ ᠶ᠋ᠢᠨ ᠬᠠᠭᠠᠨ ᠬᠠᠨ ᠬᠦᠦ ᠶ᠋ᠢᠨ ᠲᠣᠯᠣᠭᠠᠢ ᠶ᠋ᠢ ᠥᠨᠳᠥᠷ ᠦᠨᠡᠯᠡᠬᠦ ᠪᠣᠯᠤᠯᠲᠠᠢ ᠨᠢ ᠭᠠᠯᠳᠠᠨ ᠪᠣᠱᠣᠭᠲᠤ ᠳ᠋ᠤ᠌ ᠮᠡᠳᠡᠷᠡᠭᠳᠡᠪᠡ᠃ ᠭᠠᠯᠳᠠᠨ ᠬᠠᠭᠠᠨ ᠡᠨᠡ ᠬᠦ᠌ ᠬᠠᠮᠤᠭ ᠤ᠋ᠨ ᠡᠮᠵᠡᠭ ᠶᠠᠷᠢᠶ᠎ᠠ ᠶ᠋ᠢ ᠬᠠᠲᠤᠨ ᠲᠠᠢ ᠪᠠᠨ ᠬᠦᠷᠲᠡᠯ᠎ᠡ ᠬᠥᠨᠳᠡᠯ ᠦᠭᠡᠢ ᠲᠠᠩᠳᠠ ᠲᠣᠭᠣᠷᠢᠵᠤ ᠪᠠᠢᠵᠠᠢ᠃ ᠰᠡᠪᠳᠡᠨᠪᠠᠯᠵᠢᠷ ᠪᠣᠯ ᠮᠠᠨᠵᠤ ᠶ᠋ᠢᠨ ᠬᠠᠭᠠᠨ ᠤ᠋ ᠪᠤᠷᠬᠠᠨ ᠲᠠᠢ ᠲᠣᠢᠴᠡᠭᠰᠡᠨ ᠭᠠᠭᠴᠠ ᠪᠣᠯᠤᠮᠵᠢ ᠶᠤᠮ᠃
      ᠪᠤᠷᠬᠠᠨ ᠤ᠋ ᠬᠤᠲᠤᠭᠲᠤ ᠭᠠᠯᠳᠠᠨ ᠬᠠᠨ ᠬᠦᠦ ᠪᠡᠨ ᠮᠠᠨᠵᠤ ᠶ᠋ᠢᠨ ᠬᠠᠭᠠᠨ ᠤ᠋ ᠢᠷᠲᠦ ᠮᠡᠰᠡ  ᠪᠡᠨ ᠦᠵᠦᠭᠦᠷ ᠲᠦ᠍ ᠦᠯᠡᠳᠡᠭᠡᠬᠦ ᠦᠭᠡᠢ ᠨᠢ ᠯᠠᠪᠲᠠᠢ᠃ ᠭᠠᠯᠳᠠᠨ ᠶᠡᠬᠡ ᠬᠠᠲᠤᠨ ᠠ᠋ᠴᠠ ᠪᠠᠨ ᠭᠠᠭᠴᠠ ᠬᠥᠪᠡᠭᠦᠨ ᠲᠡᠢ᠃ ᠣᠢᠷᠠᠳ ᠤ᠋ᠨ ᠤᠷᠪᠠᠭᠴᠢᠳ ᠤ᠋ᠨ ᠪᠠᠯᠠᠭ ᠢ᠋ᠶ᠋ᠠᠷ ᠬᠠᠨ ᠬᠦᠦ ᠰᠡᠪᠳᠡᠨᠪᠠᠯᠵᠢᠷ ᠮᠠᠨᠵᠤ ᠶ᠋ᠢᠨ ᠬᠠᠭᠠᠨ ᠤ᠋ ᠠᠮᠠᠨ ᠳ᠋ᠤ᠌ ᠣᠷᠣᠵᠠᠢ᠃ ᠡᠩᠬᠡ ᠠᠮᠤᠭᠤᠯᠠᠩ ᠬᠠᠭᠠᠨ ᠠᠮᠠᠨ ᠳ᠋ᠠᠭᠠᠨ ᠡᠮᠬᠦᠭᠰᠡᠨ ᠰᠢᠷ᠎ᠠ ᠲᠣᠰᠣ ᠶ᠋ᠢ ᠪᠤᠴᠠᠭᠠᠬᠤ ᠬᠥᠮᠦᠨ ᠪᠢᠰᠢ᠃ ᠡᠩᠬᠡ ᠠᠮᠤᠭᠤᠯᠠᠩ ᠬᠠᠭᠠᠨ ᠪᠣᠯᠤᠮᠵᠢ ᠶ᠋ᠢ ᠠᠰᠢᠭᠯᠠᠨ ᠭᠠᠯᠳᠠᠨ  ᠢ᠋  ᠵᠠᠯᠭᠢᠬᠤ ᠰᠠᠨᠠᠭ᠎ᠠ ᠲᠠᠢ ᠪᠠᠢᠪᠠ᠃
      ᠬᠠᠭᠠᠨ ᠭᠠᠯᠳᠠᠨ ᠳ᠋ᠤ᠌ ᠯᠠᠮᠠ ᠭᠠᠯᠳᠠᠨ ᠥᠭᠦᠯᠡᠷᠦᠨ《ᠲᠡᠦᠬᠡ ᠶ᠋ᠢᠨ ᠬᠦᠷᠳᠦ ᠶ᠋ᠢ ᠤᠬᠤᠷᠢᠭᠤᠯᠬᠤ ᠵᠠᠮ ᠦᠭᠡᠢ᠃ ᠬᠠᠭᠠᠨ ᠲᠠ ᠲᠡᠦᠬᠡ ᠶ᠋ᠢᠨ ᠬᠦᠷᠳᠦᠨ ᠳ᠋ᠦ᠍ ᠭᠡᠷᠦᠭᠡᠰᠦᠯᠡᠬᠳᠡᠪᠡ᠃ ᠪᠤᠷᠬᠠᠨ ᠲᠠᠨ ᠢ᠋ ᠬᠠᠷᠠᠵᠤ ᠪᠠᠢᠨ᠎ᠠ᠃ ᠪᠤᠷᠤᠭᠤ ᠵᠥᠷᠢᠭᠦᠦ ᠶ᠋ᠢ ᠪᠤᠷᠬᠠᠨ ᠲᠤᠩᠭᠠᠬᠤ ᠦᠭᠡᠢ᠃ ᠲᠡᠦᠬᠡ ᠶ᠋ᠢᠨ ᠪᠤᠭᠤᠷᠤᠯ ᠬᠠᠭᠤᠳᠠᠰᠤ ᠭᠡᠷᠡᠴᠢᠯᠡᠨ᠎ᠡ᠃ ᠡᠭᠡᠵᠢᠭᠲᠡᠢ ᠮᠥᠴᠡ ᠳ᠋ᠦ᠍ ᠪᠤᠷᠬᠠᠨ ᠠ᠋ᠴᠠ ᠪᠤᠰᠤ ᠬᠠᠭᠠᠨ ᠭᠠᠯᠳᠠᠨ ᠤ᠋ ᠰᠢᠢᠳᠪᠦᠷᠢ ᠶ᠋ᠢ ᠰᠣᠨᠣᠰᠤᠭᠲᠤᠨ》 ᠭᠡᠵᠡᠢ᠃ ᠬᠠᠭᠠᠨ ᠭᠠᠯᠳᠠᠨ ᠳ᠋ᠤ᠌ ᠭᠠᠰᠢᠭᠤᠨ ᠪᠠᠢᠯ᠎ᠠ᠃

                            ᠠᠷᠪᠠᠨ ᠵᠢᠷᠭᠤᠭ᠎ᠠ

       ᠬᠡᠷᠪᠡ ᠲᠡᠢᠨ ᠳ᠋ᠦ᠍ ᠭᠠᠯᠳᠠᠨ ᠪᠣᠱᠣᠭᠲᠤ ᠬᠠᠭᠠᠨ ᠢᠯᠠᠪᠠᠯ ᠣᠢᠷᠠᠳ ᠴᠡᠷᠢᠭ ᠦ᠋ᠨ ᠬᠦᠷᠢᠶ᠎ᠡ ᠶ᠋ᠢ ᠰᠡᠪᠳᠡᠨᠪᠠᠯᠵᠢᠷ ᠤ᠋ᠨ ᠬᠤᠰᠢᠭᠤᠨ ᠳ᠋ᠤ᠌ ᠪᠠᠢᠭᠤᠯᠵᠤ ᠮᠠᠨᠵᠤ ᠶ᠋ᠢᠨ ᠨᠤᠲᠤᠭ ᠨᠥᠭᠡᠯᠡᠭᠳᠡᠨ᠎ᠡ᠃ ᠢᠯᠠᠭᠳᠠᠬᠤ ᠠᠪᠠᠰᠤ ᠰᠡᠪᠳᠡᠨᠪᠠᠯᠵᠢᠷ ᠮᠠᠨᠵᠤ ᠳᠤᠮᠳᠠ ᠱᠠᠯᠵᠠ ᠮᠡᠲᠦ ᠦᠯᠡᠳᠡᠨ᠎ᠡ᠃ ᠭᠠᠯᠳᠠᠨ ᠬᠠᠭᠠᠨ ᠤ᠋ ᠮᠠᠨᠵᠤ ᠶ᠋ᠢ ᠨᠦᠬᠡᠯᠡᠬᠦ ᠲᠣᠭᠠᠴᠠᠭ᠎ᠠ ᠠᠩᠬᠠᠨ ᠠ᠋ᠴᠠ ᠪᠠᠨ ᠪᠦᠲᠦᠯ ᠦᠭᠡᠢᠳᠡᠵᠦ ᠡᠬᠢᠯᠡᠭᠰᠡᠨ ᠶᠤᠮ᠃ ᠡᠵᠡᠭᠦᠢ ᠬᠣᠴᠣᠷᠤᠭᠰᠠᠨ ᠬᠠᠯᠬ᠎ᠠ ᠮᠣᠩᠭᠣᠯ ᠲᠦᠮᠡᠨ  ᠢ᠋ ᠭᠠᠯᠳᠠᠨ ᠪᠣᠱᠣᠭᠲᠤ ᠥᠪᠡᠷ ᠦ᠋ᠨ ᠢ᠋ᠶ᠋ᠡᠨ ᠵᠡᠭᠦᠨᠭᠠᠷ ᠤ᠋ᠨ ᠬᠠᠭᠠᠨᠲᠤ ᠤᠯᠤᠰ ᠲᠤ᠌ ᠨᠢᠭᠡᠳᠬᠡᠵᠦ ᠥᠪᠡᠷ ᠢ᠋  ᠪᠡᠨ《ᠶᠡᠬᠡ ᠮᠣᠩᠭᠣᠯ ᠤᠯᠤᠰ ᠤ᠋ᠨ ᠬᠠᠭᠠᠨ 》 ᠭᠡᠮᠡᠨ ᠲᠤᠩᠬᠠᠭᠯᠠᠨ ᠵᠠᠷᠯᠠᠭᠰᠠᠨ ᠪᠢᠯᠡ᠃ ᠭᠠᠯᠳᠠᠨ ᠬᠠᠭᠠᠨ᠂
      — ᠲᠠ ᠮᠢᠨᠦ ᠬᠦᠦ ᠶ᠋ᠢ ᠶᠠᠭᠠᠬᠢᠵᠤ ᠦᠯᠡᠳᠡᠭᠡᠨ᠎ᠡ ᠭᠡᠵᠦ ᠰᠤᠨᠵᠢᠨ ᠠᠰᠠᠭᠤᠪᠠ᠃
      — ᠠᠯᠠᠱᠠ ᠬᠣᠰᠢᠭᠤ ᠪᠠᠷ ᠰᠣᠯᠢᠵᠤ ᠪᠣᠯᠬᠤ ᠶᠤᠮ ᠭᠡᠵᠦ ᠡᠩᠬᠡ ᠠᠮᠤᠭᠤᠯᠠᠩ ᠬᠠᠭᠠᠨ ᠰᠢᠭᠤᠳᠬᠠᠨ ᠥᠭᠦᠯᠡᠪᠡ᠃ ᠭᠠᠯᠳᠠᠨ ᠪᠣᠱᠣᠭᠲᠤ ᠶ᠋ᠢᠨ ᠨᠢᠳᠦ ᠳᠦᠷᠯᠡᠢᠵᠦ ᠢᠷᠪᠢᠰ ᠦ᠋ᠨ ᠰᠢᠨᠵᠢ ᠲᠥᠷᠬᠦ ᠶ᠋ᠢ ᠣᠯᠤᠭᠠᠳ᠂
     — ᠡᠭᠦᠯᠡᠨ ᠴᠢᠯᠥᠭᠡᠨ ᠦ᠌ ᠨᠠᠷᠠ ᠰᠢᠭ ᠦᠵᠡᠭᠳᠡᠭᠡᠳ ᠥᠩᠭᠡᠷᠡᠬᠦ ᠮᠢᠬᠠᠨ ᠪᠡᠶ᠎ᠡ ᠶ᠋ᠢ ᠥᠨᠢ ᠡᠭᠦᠷᠢᠳᠡ ᠶ᠋ᠢᠨ ᠭᠠᠵᠠᠷ ᠨᠤᠲᠤᠭ ᠢ᠋ᠶ᠋ᠠᠷ ᠢ᠋ᠶ᠋ᠠᠨ ᠰᠣᠯᠢᠵᠤ ᠶᠠᠭᠠᠬᠢᠨ ᠪᠣᠯᠬᠤ ᠪᠢᠯᠡ ᠭᠡᠪᠡᠯ ᠡᠩᠬᠡ ᠠᠮᠤᠭᠤᠯᠠᠩ ᠬᠠᠭᠠᠨ ᠥᠨᠳᠡᠰᠬᠢᠨ ᠪᠣᠰᠤᠭᠠᠳ ᠳᠠᠬᠢᠨ ᠠᠭᠤᠯᠵᠠᠬᠤ ᠦᠭᠡᠢ ᠭᠡᠰᠡᠨ ᠰᠢᠭ ᠪᠤᠷᠤᠭᠤ ᠬᠠᠷᠠᠵᠤ ᠠᠰᠠᠷ ᠤ᠋ᠨ ᠡᠭᠦᠳᠡ ᠪᠡᠷ ᠭᠠᠷᠪᠠ᠃
     ᠮᠣᠩᠭᠣᠯᠴᠤᠳ ᠡᠷᠲᠡᠨ ᠡᠴᠡ ᠡᠷᠭᠢᠵᠦ ᠠᠭᠤᠯᠵᠠᠬᠤ ᠨᠢᠭᠤᠷ ᠲᠠᠢ ᠪᠠᠢᠬᠤ ᠶ᠋ᠢ ᠬᠢᠴᠢᠶᠡᠵᠦ ᠢᠷᠡᠵᠡᠢ᠃ ᠭᠡᠲᠡᠯ᠎ᠡ ᠮᠠᠨᠵᠤ ᠶ᠋ᠢᠨ ᠬᠠᠭᠠᠨ ᠪᠤᠷᠤᠭᠤ ᠬᠠᠷᠠᠪᠠ᠃ ᠭᠠᠯᠳᠠᠨ ᠪᠣᠱᠣᠭᠲᠤ ᠬᠠᠭᠠᠨ ᠮᠥᠨ ᠬᠦ ᠵᠥᠷᠢᠭᠦᠦ ᠬᠠᠷᠠᠯ᠎ᠠ᠃ ᠬᠠᠭᠠᠳ ᠤ᠋ᠨ ᠠᠭᠤᠯᠵᠠᠯᠲᠠ ᠶ᠋ᠢᠨ ᠠᠰᠠᠷ ᠳᠡᠷᠪᠡᠯᠵᠡᠬᠦ ᠥᠨᠳᠥᠷᠯᠢᠭ ᠬᠡᠳᠦᠨ ᠵᠠᠭᠤᠨ ᠤ᠋ ᠡᠮᠦᠨ᠎ᠡ ᠴᠢᠩᠭᠢᠰ ᠬᠠᠭᠠᠨ ᠤ᠋ ᠨᠤᠲᠤᠭ ᠪᠠᠢᠵᠠᠢ᠃ ᠭᠠᠯᠳᠠᠨ ᠪᠣᠱᠣᠭᠲᠤ ᠬᠠᠭᠠᠨ ᠤ᠋ ᠡᠯᠢᠭᠡ ᠵᠢᠷᠦᠬᠡ ᠥᠮᠥᠷᠡᠬᠦ ᠶ᠋ᠢᠨ ᠣᠷᠣᠨ ᠳ᠋ᠤ᠌ ᠵᠣᠷᠢᠭ ᠨᠢ ᠤᠯᠠᠮ ᠪᠠᠳᠠᠷᠠᠵᠠᠢ᠃
       ᠵᠠᠷ ᠵᠡᠪᠰᠡᠭ ᠦᠭᠡᠢ ᠬᠣᠶᠠᠷ ᠬᠠᠭᠠᠨ ᠬᠥᠲᠥᠴᠢ ᠶ᠋ᠢᠨ ᠭᠠᠷ ᠠ᠋ᠴᠠ ᠮᠣᠷᠢᠳ ᠢ᠋ᠶ᠋ᠠᠨ ᠠᠪᠴᠤ ᠬᠣᠶᠠᠷ ᠲᠠᠢᠰᠢ ᠰᠠᠯᠵᠤ ᠳᠠᠪᠬᠢᠪᠠ᠃ ᠭᠠᠯᠳᠠᠨ ᠳᠣᠭᠰᠢᠷᠠᠵᠠᠢ᠃ ᠭᠠᠯᠳᠠᠨ ᠬᠠᠭᠠᠨ ᠦᠶᠡᠷᠯᠡᠬᠦ ᠪᠡᠷ ᠪᠣᠯᠵᠠᠢ᠃
      ᠲᠡᠷᠲᠡᠭᠡ ᠥᠨᠳᠥᠷᠯᠢᠭ ᠳᠡᠭᠡᠷ᠎ᠡ ᠲᠡᠢᠨ ᠦ᠌ ᠲᠣᠭᠰᠢᠨ ᠬᠠᠷ᠎ᠠ ᠰᠦᠯᠳᠡ ᠨᠢ ᠬᠠᠭᠠᠨ  ᠢ᠋  ᠬᠦᠯᠢᠶᠡᠵᠦ ᠪᠠᠢᠪᠠ᠃ ᠨᠥᠭᠦᠭᠡ ᠥᠨᠳᠥᠷᠯᠢᠭ ᠳᠡᠭᠡᠷ᠎ᠡ ᠴᠠᠭᠠᠨ ᠲᠠᠯᠲᠤ ᠯᠤᠤ ᠤᠷᠠᠯᠠᠭᠰᠠᠨ ᠤᠯᠠᠭᠠᠨ ᠰᠦᠯᠳᠡ ᠪᠠᠢᠨ᠎ᠠ᠃ ᠮᠠᠨᠵᠤ ᠨᠤᠭᠤᠳ ᠡᠩᠬᠡ ᠠᠮᠤᠭᠤᠯᠠᠩ ᠬᠠᠭᠠᠨ  ᠢ᠋  ᠲᠣᠰᠴᠤ ᠠᠪᠤᠭᠠᠳ ᠭᠣᠶᠣᠮᠰᠣᠭ ᠰᠡᠳᠬᠡᠨ ᠳ᠋ᠦ᠍ ᠡᠷᠭᠦᠵᠦ ᠣᠷᠣᠭᠤᠯᠪᠠ᠃
       ᠡᠩᠬᠡ ᠠᠮᠤᠭᠤᠯᠠᠩ ᠬᠠᠭᠠᠨ ᠣᠢᠷᠠᠳ ᠤ᠋ᠨ ᠭᠠᠯᠳᠠᠨ ᠪᠣᠱᠣᠭᠲᠤ ᠶ᠋ᠢ《ᠡᠨᠡ ᠶᠡᠷᠦ ᠨᠢ ᠬᠥᠮᠦᠨ ᠮᠥᠨ ᠤᠤ?》 ᠭᠡᠮᠡᠨ ᠡᠷᠡᠭᠡᠯᠵᠡᠵᠦ ᠲᠡᠭᠡᠨᠡᠭᠡᠯᠵᠡᠨ ᠪᠣᠳᠣᠭᠰᠠᠭᠠᠷ ᠶᠠᠪᠤᠯ᠎ᠠ᠃ ᠭᠠᠯᠳᠠᠨ ᠬᠠᠭᠠᠨ《ᠡᠩᠬᠡ ᠠᠮᠤᠭᠤᠯᠠᠩ ᠤ᠋ᠨ ᠴᠡᠷᠢᠭ  ᠢ᠋  ᠬᠠᠯᠬ᠎ᠠ ᠮᠣᠩᠭᠣᠯ ᠤ᠋ᠨ ᠨᠤᠲᠤᠭ ᠲᠤ᠌ ᠪᠤᠲᠠ ᠴᠣᠬᠢᠶ᠎ᠠ᠃ ᠬᠠᠷᠢ ᠶ᠋ᠢᠨ ᠨᠤᠲᠤᠭ ᠲᠤ᠌ ᠳᠠᠢᠳᠤᠬᠤ ᠠᠪᠠᠰᠤ ᠮᠥᠭᠥ ᠨᠢ ᠬᠦᠷᠲᠡᠯ᠎ᠡ ᠯᠤᠤᠰ ᠤ᠋ᠨ ᠬᠣᠣᠷᠯᠠᠯ ᠲᠠᠢ᠃ ᠮᠠᠨᠵᠤ ᠨᠤᠭᠤᠳ  ᠢ᠋  ᠭᠠᠵᠠᠷ ᠤ᠋ᠨ ᠴᠠᠭᠠᠨ ᠮᠥᠭᠥ ᠰᠢᠭ ᠨᠢᠳᠬᠡᠷᠡᠵᠦ ᠬᠠᠶᠠᠬᠤ ᠶᠤᠮᠰᠠᠨ》 ᠭᠡᠵᠦ ᠰᠢᠷᠠᠯᠠᠬᠠᠨ ᠪᠠᠢᠯ᠎ᠠ᠃
       ᠲᠡᠷᠡ ᠰᠥᠨᠢ ᠶ᠋ᠢᠨ ᠲᠤᠯᠤᠯᠳᠤᠭᠠᠨ ᠳ᠋ᠤ᠌ ᠮᠠᠨᠵᠤ ᠶ᠋ᠢᠨ ᠴᠡᠷᠢᠭ ᠦ᠋ᠳ ᠬᠢᠶᠠᠷ ᠴᠣᠬᠢᠭᠤᠯᠵᠤ ᠠᠷᠤ ᠬᠠᠯᠬ᠎ᠠ ᠶ᠋ᠢᠨ ᠨᠤᠲᠤᠭ ᠤᠷᠤᠭᠤ ᠣᠳᠤᠭᠰᠠᠨ ᠨᠡᠮᠡᠭᠳᠡᠯ ᠬᠦᠴᠦ ᠪᠡᠨ ᠡᠷᠭᠢᠵᠦ ᠢᠷᠡᠬᠦ ᠶ᠋ᠢ ᠬᠠᠭᠠᠨ ᠤ᠋ ᠵᠠᠩᠵᠤᠨ ᠲᠤᠰᠢᠶᠠᠪᠠ᠃ ᠭᠣᠣᠯ ᠵᠠᠮ ᠤ᠋ᠨ ᠴᠡᠷᠢᠭ  ᠢ᠋  ᠡᠷᠭᠢᠵᠦ ᠢᠷᠡᠬᠦ ᠶ᠋ᠢᠨ ᠬᠣᠭᠣᠷᠣᠨᠳᠣ ᠣᠢᠷᠠᠳ ᠤ᠋ᠨ ᠴᠡᠷᠢᠭ ᠦ᠋ᠳ ᠨᠤᠲᠤᠭ ᠤ᠋ᠨ ᠭᠦᠨ ᠳ᠋ᠦ᠍ ᠣᠷᠣᠵᠤ ᠰᠢᠪᠡᠭᠡᠯᠡᠨ ᠪᠡᠬᠢᠯᠡᠪᠡ᠃ ᠠᠷᠤ ᠠ᠋ᠴᠠ ᠨᠢ ᠨᠡᠬᠡᠵᠦ ᠶᠠᠪᠤᠭ᠎ᠠ ᠴᠡᠷᠢᠭ ᠦ᠋ᠨ ᠬᠦᠴᠦ ᠶ᠋ᠢ ᠢᠷᠡᠲᠡᠯ᠎ᠡ ᠭᠠᠯᠳᠠᠨ ᠬᠠᠭᠠᠨ ᠠᠷᠤ ᠮᠣᠩᠭᠣᠯ ᠳ᠋ᠤ᠌ ᠳᠠᠢᠴᠢᠯᠠᠭ᠎ᠠ ᠶᠠᠪᠤᠭᠤᠯᠵᠤ᠂ᠵᠠᠷᠢᠮ ᠬᠦᠷᠢᠶ᠎ᠡ ᠬᠡᠢᠳ ᠦ᠋ᠨ ᠯᠠᠮᠠ ᠨᠠᠷ  ᠢ᠋  ᠴᠡᠷᠢᠭ ᠲᠦ᠍ ᠬᠠᠤ ᠬᠠᠮᠤᠵᠠᠢ᠃
       ᠬᠠᠭᠠᠨ ᠭᠠᠯᠳᠠᠨ ᠤ᠋ ᠴᠢᠰᠤ ᠪᠤᠴᠠᠯᠵᠤ 《ᠮᠢᠨᠦ ᠬᠥᠪᠡᠭᠦᠨ ᠢ᠋ ᠮᠢᠨᠦ ᠵᠢᠷᠦᠬᠡᠨ ᠡᠴᠡ ᠰᠤᠭᠤᠯᠵᠤ ᠴᠢᠳᠠᠬᠤ ᠦᠭᠡᠢ ᠶᠦ᠍ᠮ ᠴᠢᠨᠢ ᠁ 》 ᠭᠡᠮᠡᠨ ᠪᠣᠳᠣᠵᠤ ᠪᠠᠢᠪᠠ᠃

                      ᠠᠷᠪᠠᠨ ᠳᠣᠯᠣᠭ᠎ᠠ

      ᠲᠤᠤᠯᠠ ᠭᠣᠣᠯ ᠤ᠋ᠨ ᠬᠥᠪᠡᠭᠡᠨ ᠦ᠌ ᠡᠯᠡᠰᠦᠨ ᠮᠠᠩᠬ᠎ᠠ ᠪᠦᠬᠦᠢ ᠬᠥᠪᠡᠭᠡ ᠳᠣᠪᠣᠴᠠᠭ  ᠢ᠋  ᠳᠠᠮᠨᠠᠨ ᠭᠠᠯᠳᠠᠨ ᠬᠠᠭᠠᠨ ᠤ᠋ ᠴᠡᠷᠢᠭ ᠦ᠋ᠳ ᠳᠤᠭᠤᠢᠷᠠᠨ ᠪᠠᠭᠤᠵᠠᠢ᠃ ᠭᠣᠣᠯ ᠤ᠋ᠨ ᠨᠥᠭᠦᠭᠡ ᠬᠥᠪᠡᠭᠡᠨ ᠦ᠌ ᠬᠠᠷ᠎ᠠ ᠠᠰᠬᠠᠲᠤ ᠡᠩᠭᠡᠷ  ᠢ᠋  ᠳᠠᠭᠠᠵᠤ ᠠᠷᠤ ᠬᠠᠯᠬ᠎ᠠ ᠶ᠋ᠢᠨ ᠨᠣᠶᠠᠳ ᠭᠠᠯᠳᠠᠨ  ᠢ᠋  ᠳᠡᠮᠵᠢᠬᠦ ᠪᠡᠷ ᠴᠡᠷᠢᠭᠯᠡᠨ ᠠᠢᠯᠰᠠᠵᠠᠢ᠃ ᠤᠴᠢᠷ ᠨᠢ ᠭᠠᠯᠳᠠᠨ ᠪᠣᠱᠣᠭᠲᠤ ᠬᠠᠭᠠᠨ ᠳᠥᠴᠢᠨ ᠶᠢᠰᠦᠨ ᠬᠣᠨᠣᠭ ᠤ᠋ᠨ ᠡᠮᠦᠨ᠎ᠡ ᠶᠡᠬᠡ ᠮᠣᠩᠭᠣᠯ ᠤᠯᠤᠰ ᠤ᠋ᠨ ᠬᠠᠭᠠᠨ ᠪᠣᠯᠵᠤ ᠳᠥᠷᠪᠡᠨ ᠵᠠᠭᠤᠨ ᠤ᠋ ᠡᠮᠦᠨᠡᠬᠢ ᠡᠷᠭᠦᠮᠵᠢᠯᠡᠯ  ᠢ᠋  ᠲᠣᠭᠣᠨᠣ ᠠᠭᠤᠯᠠ ᠳ᠋ᠤ᠌ ᠳᠠᠪᠲᠠᠵᠠᠢ᠃
     ᠬᠠᠭᠠᠨ ᠠᠰᠠᠷ ᠲᠤ᠌ ᠵᠠᠭᠤᠨ ᠨᠠᠢ᠍ᠮᠠᠨ ᠮᠡᠯᠡᠬᠡᠢ ᠲᠣᠭᠣᠨᠣ ᠠᠭᠤᠯᠠᠨ ᠠ᠋ᠴᠠ ᠠᠪᠴᠢᠷᠠᠵᠤ ᠥᠷᠥᠪᠡ᠃ ᠠᠯᠠᠭ ᠮᠡᠯᠡᠬᠡᠢ ᠬᠡᠮᠡᠬᠦ ᠬᠦᠨᠳᠦᠳᠬᠡᠯ ᠦ᠋ᠨ ᠲᠣᠭᠯᠠᠭᠠᠮ  ᠢ᠋ ᠱᠠᠭ᠎ᠠ ᠪᠠᠷ ᠪᠤᠰᠤ ᠠᠮᠢᠳᠤ ᠮᠡᠯᠡᠬᠡᠢ ᠪᠡᠷ ᠥᠷᠥᠵᠦ ᠭᠤᠷᠪᠠᠨ ᠵᠠᠭᠤ ᠨᠠᠰᠤᠯᠠᠳᠠᠭ ᠶᠠᠰᠤᠲᠤ ᠮᠡᠯᠡᠬᠡᠢ ᠶ᠋ᠢᠨ ᠶᠠᠰᠤᠨ ᠬᠤᠶᠠᠭ ᠦᠯᠦ ᠮᠡᠳᠡᠭ ᠬᠥᠳᠡᠯᠬᠦ ᠪᠥᠯᠥᠭᠡ᠃ ᠭᠠᠯᠳᠠᠨ ᠬᠠᠭᠠᠨ ᠮᠡᠯᠡᠬᠡᠢ ᠶ᠋ᠢᠨ ᠬᠤᠶᠠᠭ ᠳᠡᠭᠡᠷ᠎ᠡ ᠵᠠᠪᠢᠯᠠᠨ ᠰᠠᠭᠤᠵᠠᠢ᠃
    ᠬᠠᠭᠠᠨ ᠤ᠋ ᠶᠡᠬᠡ ᠠᠰᠠᠷ ᠲᠤ᠌ ᠭᠠᠯᠳᠠᠨ ᠣᠷᠣᠭᠰᠠᠨ ᠬᠣᠢᠨ᠎ᠠ ᠪᠠᠨ᠂
    — ᠨᠠᠮᠠᠶ᠋ᠢ ᠭᠤᠷᠪᠠᠨ ᠵᠠᠭᠤᠨ ᠵᠢᠯ ᠨᠠᠰᠤᠯᠠᠬᠤ ᠶ᠋ᠢ ᠢᠷᠥᠭᠡᠵᠦ ᠪᠠᠢᠭ᠎ᠠ ᠶᠤᠮ ᠤᠤ? ᠡᠰᠡᠬᠦᠯ᠎ᠡ ᠵᠠᠭᠤᠨ ᠵᠢᠯ ᠳᠤᠷᠠᠰᠤᠭᠳᠠᠬᠤ ᠶ᠋ᠢ ᠪᠡᠯᠭᠡᠰᠢᠶᠡᠵᠦ ᠪᠠᠢᠨ᠎ᠠ ᠤᠤ? ᠭᠡᠮᠡᠨ ᠠᠰᠠᠭᠤᠪᠠ᠃ ᠣᠢᠷᠠᠳ ᠤ᠋ᠨ ᠭᠠᠢᠲᠠᠪ ᠪᠠᠭᠠᠲᠤᠷ ᠳᠥᠷᠪᠡᠯᠵᠢᠨ ᠬᠠᠩᠬᠠᠭᠠᠷ ᠴᠡᠭᠡᠵᠢ ᠪᠡᠨ ᠲᠡᠭᠰᠢᠯᠡᠭᠡᠳ᠂
    — ᠬᠠᠭᠠᠨᠲᠠᠨ ᠲᠠ ᠮᠡᠯᠡᠬᠡᠢ ᠶ᠋ᠢᠨ ᠨᠡᠭᠦᠳᠡᠯ ᠳᠡᠭᠡᠷ᠎ᠡ ᠠᠮᠠᠷᠠᠵᠤ ᠬᠠᠢᠷᠠᠯᠠ ᠭᠡᠮᠡᠨ ᠥᠭᠦᠯᠡᠪᠡ᠃ ᠬᠠᠭᠠᠨ ᠡᠷᠢᠭᠡ ᠪᠡᠨ ᠱᠣᠳᠠᠵᠤ ᠦᠵᠡᠭᠡᠳ᠂
    — ᠥᠭᠡᠷ᠎ᠡ ᠵᠠᠮ ᠠᠯᠠᠭ᠎ᠠ ᠭᠡᠮᠡᠨ ᠬᠦᠩᠭᠢᠨᠡᠨ ᠳᠤᠤᠭᠠᠷᠬᠤ ᠳ᠋ᠤ᠌ ᠲᠡᠭᠦᠨ ᠦ᠌ ᠳᠡᠷᠭᠡᠳᠡ ᠶ᠋ᠢᠨ ᠵᠠᠩᠵᠤᠨ ᠪᠠᠭᠠᠲᠤᠷ ᠤ᠋ᠳ ᠭᠠᠢᠬᠠᠵᠠᠭᠠᠨ ᠬᠠᠷᠠᠪᠠᠯ᠂
    — ᠡᠨᠡ ᠦᠷᠦᠭᠰᠡᠨ ᠮᠡᠯᠡᠬᠡᠢ ᠵᠡᠭᠦᠨᠭᠠᠷ ᠤ᠋ᠨ ᠬᠠᠭᠠᠨᠲᠤ ᠤᠯᠤᠰ ᠤ᠋ᠨ ᠨᠤᠲᠤᠭ ᠳᠡᠪᠢᠰᠬᠡᠷ ᠦ᠋ᠨ ᠵᠢᠷᠤᠭ ᠢ᠋ ᠤᠷᠢᠳ ᠡᠮᠦᠨᠡᠬᠢ ᠰᠢᠭ ᠰᠠᠨᠠᠭᠳᠠᠭᠤᠯᠵᠤ ᠪᠠᠢᠨ᠎ᠠ᠃ ᠬᠠᠭᠠᠨ ᠪᠢ ᠪᠦᠬᠦ ᠨᠤᠲᠤᠭ ᠳᠡᠭᠡᠷ᠎ᠡ ᠪᠡᠨ ᠠᠮᠠᠷᠠᠵᠤ᠂ ᠡᠬᠡ ᠨᠤᠲᠤᠭ ᠲᠠᠭᠠᠨ ᠢᠯᠴᠢ ᠪᠡᠨ ᠰᠢᠩᠭᠡᠭᠡᠬᠦ ᠪᠣᠯᠵᠠᠢ ᠭᠡᠵᠦ ᠪᠠᠬᠠᠳᠤᠯᠲᠠᠢ ᠥᠭᠦᠯᠡᠨ ᠠᠨᠤ ᠬᠠᠲᠤᠨ ᠢ᠋ᠶ᠋ᠠᠨ ᠬᠠᠢᠷ᠎ᠠ ᠶ᠋ᠢᠨ ᠬᠠᠷᠠᠴᠠ ᠪᠠᠷ ᠬᠠᠷᠠᠪᠠ᠃ ᠠᠨᠤ ᠬᠠᠲᠤᠨ ᠤ᠋ ᠴᠣᠭ ᠵᠢᠪᠬᠤᠭ᠎ᠠ ᠬᠠᠭᠤᠴᠢᠨ ᠶᠠᠩᠵᠤ ᠪᠠᠷ ᠪᠥᠭᠡᠳ ᠥᠨᠳᠡᠭᠡᠲᠦ ᠴᠥᠭᠥᠷᠥᠮ ᠦ᠋ᠨ ᠬᠥᠪᠡᠭᠦᠨ ᠳ᠋ᠦ᠍᠂
    — ᠭᠠᠯᠳᠠᠨ ᠳᠡᠭᠦᠦ ᠴᠠᠭᠠᠰᠢ ᠨᠠᠭᠠᠰᠢ ᠶᠠᠪᠤᠬᠤ ᠳ᠋ᠠᠭᠠᠨ ᠡᠨᠡᠭᠦᠷ ᠢᠷᠡᠵᠦ ᠪᠠᠢᠭᠠᠷᠠᠢ ᠭᠡᠮᠡᠨ ᠲᠣᠳᠣ ᠴᠠᠩᠭᠢᠨᠠᠨ ᠬᠡᠯᠡᠭᠰᠡᠨ ᠨᠢ ᠭᠠᠯᠳᠠᠨ ᠳ᠋ᠤ᠌ ᠪᠣᠳᠣᠭᠳᠠᠪᠠ᠃ ᠠᠨᠤ ᠬᠠᠲᠤᠨ ᠠᠩᠬ᠎ᠠ ᠤᠳᠠᠭ᠎ᠠ《ᠭᠠᠯᠳᠠᠨ ᠬᠠᠭᠠᠨ ᠨᠢᠭᠤᠴᠠᠯᠢᠭ ᠬᠥᠮᠦᠨ ᠰᠢᠦ》 ᠭᠡᠵᠦ ᠪᠣᠳᠣᠯ᠎ᠠ᠃ ᠭᠠᠯᠳᠠᠨ ᠢᠯᠡ ᠦᠭᠡ ᠲᠡᠢ᠂ ᠵᠥᠭᠡᠯᠡᠨ ᠡᠶᠡᠪᠡᠷᠭᠦᠦ ᠵᠠᠩ ᠲᠠᠢ ᠠᠲᠠᠯ᠎ᠠ ᠵᠠᠷᠢᠮ ᠳ᠋ᠠᠭᠠᠨ ᠳᠣᠭᠰᠢᠷᠠᠵᠤ ᠪᠡᠶ᠎ᠡ ᠪᠡᠨ ᠪᠠᠷᠢᠵᠤ ᠶᠠᠳᠠᠨ ᠰᠢᠵᠠᠭᠤᠷ ᠵᠠᠭᠤᠳᠠᠭ ᠵᠠᠩ ᠲᠠᠢ ᠶᠤᠮ᠃ ᠭᠠᠯᠳᠠᠨ ᠬᠠᠭᠠᠨ  ᠢ᠋ ᠯᠤᠤᠰ ᠤ᠋ᠨ ᠠᠮᠢᠲᠠᠨ ᠲᠠᠢ ᠳᠦᠢᠴᠡᠭᠦᠯᠦᠨ᠂ ᠮᠡᠯᠡᠬᠡᠢ ᠶ᠋ᠢᠨ ᠨᠠᠪᠴᠢᠨ ᠬᠡᠯᠪᠡᠷᠢᠲᠦ ᠬᠤᠶᠠᠭ ᠳᠡᠭᠡᠷ᠎ᠡ ᠵᠠᠯᠠᠵᠤ ᠪᠠᠢᠯ᠎ᠠ᠃ ᠡᠨᠡ ᠦᠶ᠎ᠡ ᠳ᠋ᠦ᠍ ᠭᠠᠯᠳᠠᠨ ᠴᠡᠷᠢᠭ ᠦ᠋ᠨ ᠢ᠋ᠶ᠋ᠡᠨ ᠬᠦᠴᠦ ᠶ᠋ᠢ ᠬᠠᠮᠢᠭ᠎ᠠ ᠲᠥᠪᠯᠡᠷᠡᠭᠦᠯᠵᠦ ᠴᠣᠬᠢᠯᠲᠠ ᠶ᠋ᠢ ᠬᠡᠷᠬᠢᠨ ᠬᠢᠬᠦ ᠪᠡᠨ ᠪᠣᠳᠣᠯᠬᠢᠯᠠᠨ ᠰᠢᠲᠠᠷ᠎ᠠ ᠶ᠋ᠢᠨ ᠨᠡᠭᠦᠳᠡᠯ ᠰᠢᠭ ᠥᠷᠥᠵᠦ ᠪᠠᠢᠪᠠ᠃ ᠭᠠᠯᠳᠠᠨ ᠪᠣᠱᠣᠭᠲᠤ ᠬᠠᠭᠠᠨ ᠰᠢᠳᠡᠷ᠎ᠡ ᠨᠡᠭᠦᠬᠦ ᠳ᠋ᠡᠭᠡᠨ ᠭᠠᠷᠭᠠᠭᠠᠳ ᠪᠢᠯᠡ᠃ ᠰᠢᠳᠡᠷ᠎ᠡ ᠶ᠋ᠢᠨ ᠬᠥᠯᠭᠡ ᠳᠡᠭᠡᠷ᠎ᠡ ᠬᠠᠮᠤᠭ ᠤ᠋ᠨ ᠣᠩᠭᠢᠶ᠎ᠠ ᠦᠭᠡᠢ ᠨᠡᠭᠦᠳᠡᠯ ᠲᠡᠢ ᠨᠢ ᠨᠣᠶᠠᠨ ᠪᠠᠢᠳᠠᠭ᠃ ᠨᠣᠶᠠᠨ ᠵᠥᠪᠬᠡᠨ ᠬᠠᠮᠠᠭᠠᠯᠠᠯᠲᠠ ᠳ᠋ᠤ᠌ ᠣᠷᠣᠰᠢᠨ᠎ᠠ᠃ ᠤᠷᠤᠭᠰᠢ ᠦᠭᠡᠢ ᠨᠣᠶᠠᠨ ᠬᠠᠮᠢᠭᠠᠰᠢ ᠪᠠᠨ ᠨᠡᠭᠦᠭᠰᠡᠨ ᠴᠦ᠍ ᠮᠠᠳ ᠲᠠᠯᠪᠢᠬᠤ ᠠᠶᠤᠯ ᠳ᠋ᠤ᠌ ᠣᠷᠣᠳᠠᠭ᠃ ᠭᠠᠯᠳᠠᠨ ᠬᠠᠭᠠᠨ ᠮᠣᠷᠢᠨ ᠤ᠋ ᠠᠴᠠᠨ ᠰᠠᠯᠠᠭ᠎ᠠ ᠪᠠᠷ ᠲᠣᠭᠯᠠᠬᠤ ᠳᠤᠷᠠᠲᠠᠢ᠃ ᠲᠡᠭᠡᠪᠡᠯ ᠮᠠᠨᠵᠤ ᠶ᠋ᠢᠨ ᠴᠡᠷᠢᠭ ᠦ᠋ᠳ ᠢ᠋ ᠠᠴᠠᠨ ᠰᠠᠯᠠᠭᠠᠨ ᠳ᠋ᠤ᠌ ᠣᠷᠣᠭᠤᠯᠬᠤ ᠲᠡᠭᠡᠭᠰᠡᠨ ᠢ᠋ᠶ᠋ᠡᠷ ᠢ᠋ᠶ᠋ᠡᠨ ᠮᠤᠬᠤᠷᠳᠠᠭᠤᠯᠤᠨ ᠪᠤᠲᠠ ᠴᠣᠬᠢᠬᠤ ᠶ᠋ᠢ ᠲᠥᠯᠥᠪᠯᠡᠵᠦ ᠪᠣᠳᠣᠨ᠎ᠠ᠃ ᠳᠠᠨᠵᠢᠯᠠ ᠵᠠᠩᠵᠤᠨ ᠮᠡᠷᠭᠡᠨ ᠰᠠᠢᠳ᠂ ᠮᠢᠩᠭᠠᠲᠤ ᠶ᠋ᠢᠨ ᠨᠣᠶᠠᠳ ᠬᠠᠭᠠᠨ ᠤ᠋ ᠪᠠᠨ ᠨᠡᠭᠦᠳᠡᠯ   ᠢ᠋ ᠵᠥᠪ ᠭᠡᠳᠡᠭ ᠲᠦ᠍ ᠡᠷᠡᠭᠡᠯᠵᠡᠬᠦ ᠦᠭᠡᠢ ᠪᠠᠢᠪᠠ᠃
      ᠮᠠᠨᠵᠤ ᠶ᠋ᠢᠨ ᠴᠡᠷᠢᠭ ᠦ᠋ᠳ ᠦ᠋ᠨ ᠠᠷᠤ ᠲᠠᠯ᠎ᠠ ᠠ᠋ᠴᠠ ᠡᠩᠬᠡ ᠠᠮᠤᠭᠤᠯᠠᠩ ᠬᠠᠭᠠᠨ ᠥᠪᠡᠷ ᠢ᠋ᠶ᠋ᠡᠨ ᠵᠠᠯᠠᠷᠠᠵᠤ ᠶᠠᠪᠤᠭ᠎ᠠ ᠨᠢ ᠰᠢᠷ᠎ᠠ ᠶᠡᠬᠡᠲᠡᠢ ᠶ᠋ᠢᠨ ᠰᠢᠨᠵᠢ᠃
     ᠡᠩᠬᠡ ᠠᠮᠤᠭᠤᠯᠠᠩ ᠬᠠᠭᠠᠨ ᠳ᠋ᠤ᠌ ᠭᠠᠭᠴᠠᠬᠠᠨ ᠪᠣᠳᠣᠯ ᠪᠣᠢ᠃ ᠲᠡᠷᠡ ᠪᠣᠳᠣᠯ ᠭᠠᠯᠳᠠᠨ ᠪᠣᠱᠣᠭᠲᠤ ᠶ᠋ᠢ ᠪᠤᠲᠠ ᠴᠣᠬᠢᠵᠤ ᠢᠯᠠᠯᠲᠠ ᠶ᠋ᠢᠨ ᠲᠤᠭ ᠬᠢᠭᠢᠷᠢ ᠪᠡᠨ ᠡᠷᠭᠦᠬᠦ ᠪᠥᠯᠥᠭᠡ᠃ ᠮᠠᠨᠵᠤ ᠶ᠋ᠢᠨ ᠬᠠᠭᠠᠨ ᠤ᠋ ᠭᠠᠯ ᠳᠥᠯᠥ ᠶ᠋ᠢᠨ ᠳᠡᠯ ᠲᠡᠢ ᠯᠤᠤ ᠰᠦᠯᠳᠡ ᠶᠠᠭᠠᠬᠢᠵᠤ ᠳᠣᠭᠰᠢᠷᠠᠪᠠᠴᠤ ᠭᠠᠯᠳᠠᠨ ᠤ᠋ ᠴᠠᠭᠠᠨ᠎ᠠ ᠭᠠᠷᠬᠤ ᠳ᠋ᠤ᠌ ᠮᠠᠰᠢ ᠪᠡᠷᠬᠡ ᠪᠢᠯᠡ᠃ ᠭᠠᠯᠳᠠᠨ ᠬᠠᠭᠠᠨ ᠤ᠋ ᠲᠣᠭᠰᠢᠨ ᠣᠮᠣᠭ᠂ ᠬᠤᠪᠢᠯᠭᠠᠨ ᠲᠥᠷᠬᠦ ᠮᠠᠨᠵᠤ ᠶ᠋ᠢᠨ ᠬᠠᠭᠠᠨ ᠡᠩᠬᠡ ᠠᠮᠤᠭᠤᠯᠠᠩ  ᠢ᠋ ᠮᠤᠬᠤᠷᠳᠠᠭᠤᠯᠤᠨ᠎ᠠ᠃
  《ᠭᠠᠯᠳᠠᠨ ᠪᠣᠱᠣᠭᠲᠤ ᠭᠠᠭᠴᠠ ᠬᠥᠪᠡᠭᠦᠨ ᠢ᠋ᠶ᠋ᠡᠨ ᠬᠦᠰᠡᠷ᠎ᠡ ᠬᠠᠶᠠᠪᠠ᠃ ᠡᠴᠢᠭᠡ ᠬᠠᠭᠠᠨ ᠳ᠋ᠤ᠌ ᠰᠡᠪᠳᠡᠨᠪᠠᠯᠵᠢᠷ ᠠ᠋ᠴᠠ ᠥᠭᠡᠷ᠎ᠡ ᠦᠨᠡᠲᠦ ᠵᠦᠢᠯ ᠪᠠᠢᠵᠠᠢ᠃ ᠨᠤᠲᠤᠭ ᠤᠰᠤ ᠨᠢ ᠬᠥᠪᠡᠭᠦᠨ ᠦ᠌ ᠠᠮᠢᠨ ᠠ᠋ᠴᠠ ᠢᠯᠡᠭᠦᠦ ᠶᠤᠮ᠃ ᠭᠠᠯᠳᠠᠨ   ᠢ᠋ ᠮᠥᠬᠥᠭᠡᠬᠦ ᠬᠡᠷᠡᠭᠲᠡᠢ᠃ ᠰᠡᠪᠳᠡᠨᠪᠠᠯᠵᠢᠷ   ᠢ᠋ ᠬᠣᠷᠣᠭᠠᠵᠤ ᠭᠠᠯᠳᠠᠨ ᠤ᠋ ᠦᠨᠳᠦᠰᠦ ᠶ᠋ᠢ ᠲᠠᠰᠤᠯᠤᠨ᠎ᠠ ᠭᠡᠪᠡᠯ ᠬᠥᠩᠭᠡᠨ ᠭᠣᠣᠮᠠᠢ ᠬᠡᠷᠡᠭ ᠪᠣᠯᠤᠨ᠎ᠠ᠃ ᠭᠠᠯᠳᠠᠨ ᠭᠦᠨ ᠪᠠᠲᠤ ᠦᠨᠳᠦᠰᠦᠯᠡᠭᠰᠡᠨ ᠶᠤᠮ᠃ ᠮᠠᠷᠭᠠᠰᠢ ᠶ᠋ᠢᠨ ᠥᠭᠡᠬᠦ ᠡᠴᠡ ᠥᠨᠥᠳᠥᠷ ᠦ᠋ᠨ ᠠᠭᠤᠰᠬᠢ ᠭᠡᠮᠡᠨ ᠮᠣᠩᠭᠣᠯᠴᠤᠳ ᠤ᠋ᠨ ᠶᠠᠷᠢᠳᠠᠭ ᠢ᠋ᠶ᠋ᠠᠷ ᠭᠠᠯᠳᠠᠨ ᠠ᠋ᠴᠠ ᠰᠠᠯᠵᠤ ᠴᠢᠳᠠᠪᠠᠯ ᠮᠠᠨᠵᠤ ᠶ᠋ᠢᠨ ᠬᠠᠭᠠᠨ ᠮᠢᠨᠦ ᠡᠷᠬᠡᠰᠢᠶᠡᠯ ᠳ᠋ᠦ᠍ ᠵᠡᠭᠦᠨᠭᠠᠷ ᠤ᠋ᠨ ᠤᠯᠤᠰ ᠠᠳᠬᠤᠭᠳᠠᠨ᠎ᠠ᠃ ᠵᠡᠭᠦᠨᠭᠠᠷ ᠤ᠋ᠨ ᠮᠥᠷᠭᠥᠯᠴᠢᠳ ᠥᠨᠳᠥᠷ ᠭᠡᠭᠡᠨ ᠡᠴᠡ ᠰᠠᠬᠢᠯ ᠬᠦᠷᠲᠡᠵᠦ ᠠᠳᠢᠰ ᠠᠪᠬᠤ ᠪᠠᠷ ᠣᠯᠠᠨ ᠴᠥᠭᠡᠨ ᠢ᠋ᠶ᠋ᠡᠷ ᠴᠤᠪᠤᠷᠠᠨ᠎ᠠ᠃ ᠳᠠᠯᠠᠢ ᠯᠠᠮᠠ ᠤᠷᠤᠭᠤ ᠣᠳᠬᠤ ᠨᠢ ᠣᠳᠤᠨ᠎ᠠ ᠪᠢᠵᠡ᠃ ᠲᠥᠪᠡᠳ   ᠢ᠋ ᠪᠢ ᠪᠠᠰᠠ ᠡᠷᠬᠡᠰᠢᠶᠡᠨ᠎ᠡ᠃
     ᠭᠠᠯᠳᠠᠨ ᠤ᠋ ᠲᠣᠯᠣᠭᠠᠢ ᠶ᠋ᠢ ᠠᠪᠴᠤ ᠬᠠᠶᠠᠭᠰᠠᠨ ᠤ᠋ ᠳᠠᠷᠠᠭ᠎ᠠ ᠪᠢ ᠲᠩᠷᠢ ᠪᠣᠯᠤᠨ᠎ᠠ᠃ ᠡᠩᠬᠡ ᠠᠮᠤᠭᠤᠯᠠᠩ ᠨᠠᠮᠠᠶ᠋ᠢ ᠭᠠᠯᠳᠠᠨ ᠵᠣᠪᠠᠭᠠᠵᠤ ᠪᠠᠢᠨ᠎ᠠ᠃ ᠭᠠᠯᠳᠠᠨ ᠤ᠋ ᠲᠣᠭᠰᠢᠨ ᠰᠠᠬᠢᠭᠤᠰᠤ᠂ ᠡᠷᠴᠢ ᠬᠦᠴᠦ ᠶ᠋ᠢ ᠰᠠᠭᠠᠷᠠᠭᠤᠯᠵᠤ ᠨᠣᠮᠣᠬᠠᠳᠬᠠᠵᠤ᠂ ᠤᠯᠠ ᠳ᠋ᠠᠭᠠᠨ ᠭᠢᠰᠬᠢᠵᠦ ᠴᠢᠳᠠᠪᠠᠯ ᠠᠽᠢᠶ᠎ᠠ ᠶ᠋ᠢᠨ ᠲᠠᠯ᠎ᠠ ᠨᠤᠲᠤᠭ ᠮᠠᠨᠵᠤ ᠴᠢᠩ ᠤᠯᠤᠰ ᠤ᠋ᠨ ᠬᠠᠷᠢᠶᠠᠲᠤ ᠪᠣᠯᠬᠤ ᠪᠤᠰᠤ ᠤᠤ? ᠮᠢᠨᠦ ᠡᠮᠦᠨ᠎ᠡ ᠭᠠᠯᠳᠠᠨ ᠠᠭᠤᠯᠠ ᠮᠡᠲᠦ ᠬᠥᠨᠳᠡᠯᠢᠰᠦᠨ᠎ᠡ᠃ ᠭᠠᠯᠳᠠᠨ   ᠢ᠋ ᠳᠠᠪᠠᠭ᠎ᠠ ᠦᠭᠡᠢ ᠴᠠᠭ ᠲᠤ᠌ ᠢᠯᠠᠯᠲᠠ ᠪᠣᠯ ᠢᠯᠠᠯᠲᠠ ᠪᠢᠰᠢ᠂ ᠦᠬᠦᠯ ᠪᠣᠯ ᠦᠬᠦᠯ ᠪᠢᠰᠢ ᠪᠢᠯᠡ᠃ 》
      ᠡᠩᠬᠡ ᠠᠮᠤᠭᠤᠯᠠᠩ ᠬᠠᠭᠠᠨ ᠤ᠋ ᠰᠡᠳᠬᠢᠯ ᠦ᠋ᠨ ᠵᠤᠯᠠ ᠰᠠᠯᠬᠢᠨ ᠳ᠋ᠤ᠌ ᠳᠠᠯᠳᠠᠴᠢᠨ᠂ ᠭᠠᠯᠳᠠᠨ ᠬᠠᠭᠠᠨ   ᠢ᠋ ᠬᠣᠷᠣᠭᠠᠬᠤ ᠶ᠋ᠢᠨ ᠲᠥᠯᠥᠭᠡ ᠰᠢᠨᠠᠯᠵᠤ ᠶᠠᠪᠤᠯ᠎ᠠ᠃
ᠲᠤᠤᠯᠠ ᠶ᠋ᠢᠨ ᠬᠥᠪᠡᠭᠡᠨ᠎ᠡ ᠪᠠᠭᠤᠳᠠᠯᠯᠠᠭᠰᠠᠨ ᠴᠡᠷᠢᠭ ᠦ᠋ᠳ ᠮᠠᠨᠵᠤ ᠨᠤᠭᠤᠳ   ᠢ᠋ ᠴᠠᠭᠠᠷᠢᠭᠯᠠᠨ ᠤᠰᠠᠳᠬᠠᠬᠤ ᠪᠠᠷ ᠪᠡᠯᠡᠳᠬᠡᠵᠦ ᠲᠡᠷᠡ ᠵᠦᠭ ᠡᠴᠡ ᠢᠷᠡᠬᠦ ᠴᠡᠷᠢᠭ ᠦ᠋ᠳ ᠢ᠋  ᠨᠢᠭᠡ ᠠᠮᠠ ᠪᠠᠷ ᠣᠷᠣᠭᠤᠯᠵᠤ ᠪᠢᠲᠡᠭᠦᠦ ᠲᠣᠭᠣᠷᠢᠭ ᠲᠤ᠌ ᠪᠤᠲᠠ ᠴᠣᠬᠢᠬᠤ ᠪᠡᠯᠡᠳᠬᠡᠯ ᠢ᠋ᠶ᠋ᠡᠨ ᠬᠠᠩᠭᠠᠪᠠ᠃ ᠲᠤᠯᠤᠯᠳᠤᠭᠠᠨ ᠤ᠋ ᠲᠠᠯᠠᠪᠠᠢ ᠶ᠋ᠢ ᠰᠣᠩᠭᠣᠭᠰᠠᠨ ᠪᠠᠢᠪᠠ᠃ ᠴᠠᠰᠤ ᠮᠡᠲᠦ ᠴᠠᠭᠠᠨ ᠡᠯᠡᠰᠦ ᠲᠡᠢ᠂ᠰᠡᠢᠷᠡᠭ ᠬᠠᠷ᠎ᠠ ᠮᠣᠳᠣ ᠲᠠᠢ ᠥᠷᠭᠡᠨ ᠬᠥᠨᠳᠡᠢ ᠮᠠᠨᠵᠤ ᠶ᠋ᠢᠨ ᠰᠦᠷᠦᠭᠯᠡᠨ ᠶᠠᠪᠤᠭ᠎ᠠ ᠴᠡᠷᠢᠭ ᠦ᠋ᠳ  ᠢ᠋ ᠡᠮᠬᠦᠵᠦ᠂ ᠪᠤᠴᠠᠬᠤ ᠵᠠᠮ   ᠢ᠋ ᠬᠠᠭᠠᠵᠤ ᠴᠠᠭᠠᠷᠢᠭ ᠢ᠋ᠶ᠋ᠠᠨ ᠬᠤᠮᠢᠵᠤ ᠪᠠᠭᠠᠯᠵᠠᠭᠤᠷᠳᠠᠬᠤ ᠲᠥᠯᠥᠪᠯᠡᠭᠡ ᠶ᠋ᠢ ᠭᠠᠯᠳᠠᠨ ᠬᠠᠭᠠᠨ ᠵᠠᠩᠵᠤᠨ ᠪᠠᠭᠠᠲᠤᠷ ᠤ᠋ᠳ ᠲᠠᠢ ᠪᠠᠨ ᠵᠥᠪᠰᠢᠵᠦ ᠡᠯᠴᠢ᠂ ᠬᠡᠯᠡ ᠮᠡᠳᠡᠭᠴᠢ ᠶ᠋ᠢᠨ ᠪᠤᠤᠬᠢᠶ᠎ᠠ ᠶ᠋ᠢ ᠬᠦᠯᠢᠶᠡᠪᠡ᠃
     ᠨᠠᠮᠤᠷ ᠴᠠᠭ ᠤ᠋ᠨ ᠰᠢᠷ᠎ᠠ ᠨᠠᠷᠠᠨ ᠳᠣᠣᠷ᠎ᠠ ᠡᠪᠡᠰᠦ ᠨᠣᠭᠣᠭ᠎ᠠ ᠶ᠋ᠢᠨ ᠰᠢᠮ᠎ᠡ ᠳ᠋ᠦ᠍ ᠲᠠᠷᠭᠤᠯᠠᠭᠰᠠᠨ ᠮᠠᠯ ᠪᠡᠯᠴᠢᠭᠡᠷ ᠲᠡᠭᠡᠨ ᠬᠣᠨᠣᠵᠤ᠂ ᠲᠤᠤᠯᠠ ᠶ᠋ᠢᠨ ᠭᠣᠣᠯ ᠴᠡᠩᠬᠡᠷ ᠮᠣᠭᠠᠢ ᠮᠡᠲᠦ ᠮᠢᠷᠠᠯᠵᠠᠨ᠎ᠠ᠃

                        ᠠᠷᠪᠠᠨ ᠨᠠᠢ᠍ᠮᠠ

     ᠬᠡᠭᠡᠷ᠎ᠡ ᠶ᠋ᠢᠨ ᠠᠰᠠᠷ ᠤ᠋ᠨ ᠬᠣᠢᠮᠣᠷ ᠲᠤ᠌ ᠭᠠᠯᠳᠠᠨ ᠬᠠᠭᠠᠨ᠂ ᠠᠨᠤ ᠬᠠᠲᠤᠨ ᠬᠣᠶᠠᠷ ᠵᠠᠯᠠᠷᠠᠵᠤ ᠨᠠᠢᠷ ᠬᠠᠪᠲᠠᠭᠠᠢᠷᠠᠪᠠ᠃
    ᠮᠥᠩᠭᠥᠨ ᠭᠦᠴᠡ ᠲᠡᠢ ᠰᠠᠷᠬᠤᠳ ᠠ᠋ᠴᠠ ᠮᠥᠩᠭᠥᠨ ᠬᠤᠨᠳᠠᠭᠠᠨ ᠳ᠋ᠤ᠌ ᠠᠶᠠᠭᠠᠯᠠᠵᠤ ᠬᠠᠭᠠᠨ ᠳ᠋ᠤ᠌ ᠪᠠᠷᠢᠬᠤ ᠳ᠋ᠤ᠌ ᠬᠣᠶᠠᠷ ᠭᠠᠷᠳᠠᠨ ᠠᠪᠤᠪᠠ᠃ ᠭᠠᠯᠳᠠᠨ ᠪᠣᠱᠣᠭᠲᠤ ᠬᠠᠭᠠᠨ《ᠪᠢ ᠰᠢᠯᠦᠭ ᠬᠡᠯᠡᠶ᠎ᠡ》 ᠭᠡᠪᠡ᠃
             ᠢᠯᠠᠬᠤ ᠭᠡᠵᠦ ᠦᠭᠡᠢ
             ᠢᠯᠠᠭᠳᠠᠬᠤ ᠭᠡᠵᠦ ᠦᠭᠡᠢ
              ᠶᠠᠭᠠᠬᠢᠭᠰᠠᠨ ᠬᠠᠲᠠᠭᠤ ᠬᠣᠷᠸ᠎ᠠ ᠪᠢᠯᠡ
              ᠶᠠᠮᠠᠷ ᠭᠠᠰᠢᠭᠤᠨ ᠦᠨᠡᠨ ᠪᠢᠯᠡ
              ᠬᠣᠵᠢᠬᠤ ᠭᠡᠵᠦ ᠦᠭᠡᠢ
              ᠬᠣᠵᠢᠭᠳᠠᠬᠤ ᠭᠡᠵᠦ ᠦᠭᠡᠢ
              ᠬᠣᠵᠢᠮ ᠠᠮᠢᠳᠤᠷᠠᠬᠤ ᠨᠢ ᠬᠣᠭᠣᠰᠣᠨ ᠪᠢᠯᠡ
              ᠬᠣᠢᠲᠤ ᠲᠥᠷᠥᠯ ᠢ᠋ᠶ᠋ᠡᠨ ᠣᠯᠬᠤ ᠨᠢ ᠬᠢᠰᠠᠯᠠᠩ ᠪᠢᠯᠡ
      ᠬᠠᠭᠠᠨ ᠤ᠋ ᠰᠢᠯᠦᠭ   ᠢ᠋ ᠤᠤᠬᠠᠢᠯᠠᠨ ᠲᠦᠷᠢᠵᠦ ᠲᠤᠩᠭᠠᠯᠠᠭ ᠦᠳᠡᠰᠢ ᠣᠳᠣᠳ ᠵᠢᠭᠰᠠᠬᠤ ᠶ᠋ᠢ ᠲᠠᠭᠠᠯᠠᠨ ᠪᠣᠯᠭᠣᠭᠠᠵᠤ ᠲᠦᠳᠡᠭ ᠠᠰᠠᠭᠠᠵᠤ ᠲᠤᠤᠯᠠ ᠶ᠋ᠢᠨ ᠤᠰᠤᠨ ᠳ᠋ᠤ᠌ ᠰᠢᠷ᠎ᠠ ᠭᠡᠷᠡᠯ ᠪᠠᠭᠤᠵᠠᠢ᠃ ᠮᠠᠨᠵᠤ ᠶ᠋ᠢᠨ ᠴᠡᠷᠢᠭ ᠨᠡᠬᠡᠨ ᠠᠢᠰᠤᠢ ᠮᠡᠳᠡᠭᠡ ᠪᠠᠢᠯ᠎ᠠ᠃ ᠣᠢᠷᠠᠳ ᠴᠡᠷᠢᠭ ᠦ᠋ᠳ ᠪᠠᠢᠯᠳᠤᠭᠠᠨ ᠳ᠋ᠤ᠌ ᠪᠡᠯᠡᠳᠬᠡᠵᠦ ᠥᠨᠳᠥᠷᠯᠢᠭ ᠭᠠᠵᠠᠷ ᠢ᠋ ᠰᠣᠩᠭᠣᠵᠠᠢ᠃ ᠴᠡᠷᠢᠭ ᠦ᠋ᠳ ᠰᠥᠨᠢ ᠶ᠋ᠢᠨ ᠭᠡᠭᠡᠨ ᠳ᠋ᠦ᠍ ᠠᠶ᠎ᠠ ᠳᠠᠭᠤᠤ ᠶ᠋ᠢᠨ ᠡᠭᠡᠰᠢᠭ  ᠢ᠋ ᠰᠣᠨᠣᠰᠴᠤ᠂ ᠪᠦᠦᠳᠡᠭᠡᠷ ᠮᠠᠨᠠᠨ ᠲᠠᠲᠠᠬᠤ ᠳ᠋ᠤ᠌ ᠨᠤᠲᠤᠭ ᠢ᠋ᠶ᠋ᠠᠨ ᠦᠭᠡᠢᠯᠡᠨ᠎ᠡ᠃
      ᠬᠠᠭᠠᠨ ᠤ᠋ ᠠᠰᠠᠷ ᠲᠤ᠌ ᠬᠣᠣᠰ ᠬᠣᠣᠰ ᠢ᠋ᠶ᠋ᠠᠷ ᠵᠤᠯᠠ ᠠᠰᠠᠭᠠᠵᠠᠢ᠃ ᠵᠤᠯᠠ ᠶ᠋ᠢᠨ ᠰᠢᠷ᠎ᠠ ᠲᠤᠶᠠᠭ᠎ᠠ ᠡᠷᠭᠢᠨ ᠲᠣᠭᠣᠷᠢᠨ   ᠢ᠋ ᠰᠡᠭᠦᠳᠡᠷ ᠦᠭᠡᠢ ᠭᠡᠷᠡᠯᠲᠦᠭᠦᠯᠬᠦ ᠨᠢ ᠭᠠᠯᠳᠠᠨ ᠬᠠᠭᠠᠨ ᠳ᠋ᠤ᠌ ᠥᠨᠳᠥᠷ ᠭᠡᠭᠡᠨ ᠦ᠌ ᠯᠤᠤᠰ ᠤ᠋ᠨ ᠬᠠᠷᠰᠢ ᠶ᠋ᠢ ᠰᠠᠨᠠᠭᠳᠠᠭᠤᠯᠤᠨ᠎ᠠ᠃ ᠮᠥᠨ ᠲᠥᠪᠡᠳ ᠦ᠋ᠨ ᠲᠠᠰᠢᠯᠠᡁᠠᠮᠤ ᠬᠡᠢᠳ ᠦ᠋ᠨ ᠶᠡᠬᠡ ᠳᠤᠭᠠᠩ  ᠢ᠋ ᠪᠣᠳᠣᠭᠳᠠᠭᠤᠯᠤᠨ᠎ᠠ᠃ ᠠᠰᠠᠷ ᠲᠤ᠌ ᠨᠠᠢᠷᠯᠠᠨ ᠪᠦᠬᠦᠢ ᠶᠡᠬᠡᠰ ᠳᠡᠭᠡᠳᠦᠰ ᠮᠣᠩᠭᠣᠯᠴᠤᠳ ᠨᠢᠭᠡᠨ ᠳᠡᠭᠡᠪᠦᠷ ᠳᠣᠣᠷ᠎ᠠ ᠮᠥᠩᠬᠡᠲᠡ ᠣᠷᠣᠰᠢᠬᠤ ᠶ᠋ᠢᠨ ᠪᠡᠯᠭᠡᠳᠡᠯ  ᠢ᠋ ᠰᠠᠨᠠᠨ ᠮᠥᠷᠥᠭᠡᠳᠦᠭᠰᠡᠨ ᠦ᠌ ᠬᠢ ᠪᠠᠢᠯ᠎ᠠ᠃ ᠲᠡᠳᠡᠨ ᠦ᠌ ᠤᠷᠲᠤ ᠶ᠋ᠢᠨ ᠳᠠᠭᠤᠤ᠂ ᠲᠣᠪᠰᠢᠭᠤᠷ ᠬᠤᠭᠤᠷ ᠤ᠋ᠨ ᠤᠶᠠᠩᠭ᠎ᠠ᠂ ᠲᠤᠤᠯᠢ ᠬᠠᠢᠯᠠᠬᠤ ᠬᠠᠬᠢᠷᠤᠭᠰᠠᠨ ᠴᠢᠮᠡᠭᠡ ᠨᠢ ᠰᠡᠷᠡᠵᠦ ᠪᠣᠢ ᠭᠤᠨᠢᠭ ᠤ᠋ᠨ ᠠᠶᠠᠯᠭᠤ ᠪᠢᠯᠡ᠃
      ᠲᠣᠭᠣᠨᠣ ᠠᠭᠤᠯᠠ ᠶ᠋ᠢᠨ ᠣᠷᠣᠢ ᠳᠡᠭᠡᠭᠦᠷ ᠠᠯᠤᠰᠯᠠᠨ ᠣᠳᠬᠤ ᠠᠶᠠᠯᠭᠤ ᠠᠭᠤᠵᠢᠷᠠᠨ ᠴᠡᠭᠡᠯᠰᠢᠵᠦ ᠬᠣᠯᠠᠳᠤᠨ᠎ᠠ᠃ ᠲᠡᠷᠡ ᠠᠶᠠᠯᠭᠤ ᠪᠤᠷᠬᠠᠨ ᠬᠠᠯᠳᠤᠨ ᠠᠭᠤᠯᠠ ᠶ᠋ᠢᠨ ᠵᠦᠭ ᠡᠴᠡ ᠡᠷᠭᠢᠵᠦ ᠬᠣᠷᠭᠣᠨ᠎ᠠ᠃ ᠴᠡᠷᠢᠭ ᠦ᠋ᠳ ᠢ᠋ᠶ᠋ᠡᠨ ᠡᠷᠭᠢᠵᠦ ᠶᠠᠪᠤᠭᠰᠠᠨ ᠳᠠᠨᠵᠢᠯᠠ ᠪᠠᠭᠠᠲᠤᠷ ᠳᠠᠭᠠᠭᠤᠯᠢ ᠤ᠋ᠳ ᠲᠠᠭᠠᠨ᠂
       — ᠬᠠᠭᠠᠨ ᠰᠠᠢᠬᠠᠨ ᠳᠠᠭᠤᠯᠠᠳᠠᠭ ᠠᠵᠢ᠃ ᠲᠡᠭᠦᠨ ᠦ᠌ ᠳᠠᠭᠤᠯᠠᠬᠤ ᠶ᠋ᠢ ᠰᠣᠨᠣᠰᠴᠤ ᠪᠠᠢᠭᠰᠠᠨ ᠦᠭᠡᠢ ᠭᠡᠬᠦ ᠳ᠋ᠦ᠍ ᠮᠣᠷᠢ ᠪᠠᠨ ᠤᠰᠤᠯᠠᠵᠤ ᠵᠣᠭᠰᠣᠭᠰᠠᠨ ᠨᠢᠭᠡᠨ ᠡᠷ᠎ᠡ᠂
      — ᠭᠤᠨᠢᠭ ᠲᠠᠢ ᠬᠥᠮᠦᠨ ᠯᠡ ᠳᠠᠭᠤᠯᠠᠳᠠᠭ ᠰᠢᠦ ᠳᠡ ᠭᠡᠬᠦ ᠮᠥᠷᠲᠡᠭᠡᠨ ᠠᠭᠤᠯᠠ ᠶ᠋ᠢᠨ ᠬᠠᠷᠭᠢᠶ᠎ᠠ ᠶᠡᠬᠡᠲᠡᠢ ᠤᠰᠤ ᠰᠢᠮᠡᠳᠡᠭ ᠠᠳᠤᠭᠤ ᠲᠣᠭᠲᠠᠭᠤᠨ ᠤᠰᠤᠨ ᠠ᠋ᠴᠠ ᠣᠯᠢᠭ ᠲᠠᠢ ᠤᠤᠭᠤᠬᠤ ᠦᠭᠡᠢ ᠶᠤᠮ ᠭᠡᠵᠦ ᠨᠡᠮᠡᠵᠦ ᠬᠡᠯᠡᠪᠡ᠃ ᠬᠡᠭᠡᠷ᠎ᠡ ᠶ᠋ᠢᠨ ᠠᠰᠠᠷ ᠲᠤ᠌ ᠳᠠᠭᠤᠯᠠᠯᠳᠤᠬᠤ ᠪᠥᠯᠥᠭᠡ᠃

                       ᠠᠷᠪᠠ ᠶᠢᠰᠦ

         ᠲᠣᠭᠣᠨᠣ ᠠᠭᠤᠯᠠ ᠶ᠋ᠢᠨ ᠳᠡᠭᠡᠷ᠎ᠡ ᠡᠴᠡ ᠲᠤᠯᠤᠯᠳᠤᠭᠠᠨ ᠤ᠋ ᠲᠠᠯᠠᠪᠠᠢ ᠠᠯᠠᠭᠠᠨ ᠳᠡᠭᠡᠷ᠎ᠡ ᠮᠡᠲᠦ ᠬᠠᠷᠠᠭᠳᠠᠬᠤ ᠪᠥᠯᠥᠭᠡ᠃
      ᠵᠡᠭᠦᠨᠭᠠᠷ ᠤ᠋ᠨ ᠭᠠᠯᠳᠠᠨ ᠬᠠᠭᠠᠨ ᠤ᠋ ᠴᠡᠷᠢᠭ ᠦ᠋ᠳ ᠲᠡᠷᠡᠯᠵᠢ ᠶ᠋ᠢᠨ ᠵᠠᠭᠤᠨ ᠮᠣᠳᠣ ᠮᠡᠲᠦ ᠳᠡᠷᠡᠰᠦᠨ ᠲᠦᠩ᠂ ᠤᠰᠤ ᠮᠣᠳᠣ ᠲᠠᠢ ᠵᠠᠳᠠᠭᠠᠢ ᠭᠠᠵᠠᠷ ᠲᠤ᠌ ᠮᠠᠨᠵᠤ ᠶ᠋ᠢᠨ ᠬᠠᠭᠠᠨ ᠤ᠋ ᠴᠡᠷᠢᠭ ᠦ᠋ᠳ ᠲᠡᠢ ᠤᠤᠬᠠᠢᠯᠠᠨ ᠲᠤᠯᠤᠯᠳᠤᠪᠠ᠃ ᠰᠢᠬᠠᠭ᠎ᠠ ᠳ᠋ᠤ᠌ ᠣᠷᠣᠭᠰᠠᠨ ᠮᠠᠨᠵᠤ ᠴᠡᠷᠢᠭ ᠦ᠋ᠳ ᠳᠠᠪᠬᠤᠷᠯᠠᠨ ᠤᠨᠠᠪᠠᠴᠤ ᠨᠡᠮᠡᠭᠳᠡᠭᠰᠡᠭᠡᠷ ᠠᠵᠢ᠃ ᠰᠢᠷᠭᠤᠯᠵᠢ ᠮᠡᠲᠦ ᠣᠯᠠᠨ ᠴᠡᠷᠢᠭ ᠲᠡᠢ ᠪᠠᠢᠪᠠ᠃
        ᠭᠠᠯᠳᠠᠨ ᠬᠠᠭᠠᠨ ᠠᠨᠤ ᠬᠠᠲᠤᠨ ᠬᠣᠶᠠᠭᠤᠯᠠ ᠪᠠᠨ ᠰᠣᠷᠢᠨᠵᠢᠨ ᠮᠡᠲᠦ ᠲᠤᠯᠤᠯᠳᠤᠭᠠᠨ ᠤ᠋ ᠭᠠᠯ ᠳ᠋ᠤ᠌ ᠲᠠᠲᠠᠭᠳᠠᠨ ᠣᠷᠣᠵᠤ ᠴᠠᠪᠴᠢᠯᠳᠤᠨ ᠬᠠᠳᠬᠤᠯᠳᠤᠪᠠ᠃
       ᠲᠤᠯᠤᠯᠳᠤᠭᠠᠨ ᠳ᠋ᠤ᠌ ᠭᠠᠯᠳᠠᠨ ᠪᠣᠱᠣᠭᠲᠤ ᠬᠠᠭᠠᠨ ᠤ᠋ ᠴᠡᠷᠢᠭ ᠦ᠋ᠳ ᠢᠯᠡᠭᠦᠦ ᠬᠣᠬᠢᠷᠠᠯ ᠠᠮᠰᠠᠵᠤ ᠨᠢᠭᠡᠨ ᠳᠣᠪᠣᠴᠠᠭ ᠥᠭᠡᠳᠡ ᠤᠬᠤᠷᠢᠵᠤ ᠭᠠᠷᠲᠠᠯ᠎ᠠ ᠰᠠᠪᠳᠠᠨᠵᠠᠯ ᠡᠮᠡᠭᠲᠡᠢ ᠪᠠᠭᠠᠲᠤᠷ ᠤ᠋ᠨ ᠬᠤᠪᠴᠠᠰᠤ ᠪᠠᠷ ᠨᠢ ᠠᠨᠤ ᠬᠠᠲᠤᠨ   ᠢ᠋ ᠬᠠᠢᠭᠰᠠᠭᠠᠷ ᠣᠯᠵᠤ ᠠᠪᠤᠭᠠᠳ ᠦᠬᠦᠯ ᠦ᠋ᠨ ᠰᠤᠮᠤ ᠲᠠᠯᠪᠢᠵᠠᠢ᠃
      ᠲᠡᠷᠡ ᠰᠤᠮᠤ ᠠᠨᠤ ᠬᠠᠲᠤᠨ ᠤ᠋ ᠵᠢᠷᠦᠬᠡᠨ ᠳ᠋ᠦ᠍ ᠵᠣᠭᠣᠭᠳᠠᠪᠠ᠃ ᠡᠨᠡ ᠶᠠᠪᠤᠳᠠᠯ ᠳᠠᠨᠵᠢᠯᠠ ᠶ᠋ᠢᠨ ᠨᠢᠳᠦᠨ ᠡᠴᠡ ᠭᠠᠷᠤᠭᠰᠠᠨ ᠦᠭᠡᠢ᠃ ᠳᠠᠨᠵᠢᠯᠠ ᠠᠵᠢᠭᠯᠠᠨ ᠬᠠᠷᠠᠵᠤ ᠪᠠᠢᠵᠠᠢ᠃
       ᠠᠨᠤ ᠬᠠᠲᠤᠨ ᠤ᠋ ᠲᠤᠩᠭᠠᠯᠠᠭ ᠰᠠᠢᠬᠠᠨ ᠨᠢᠳᠦ ᠬᠠᠷᠠᠭ᠎ᠠ ᠲᠠᠢ ᠬᠡᠪ ᠢ᠋ᠶ᠋ᠡᠷ ᠭᠠᠯᠳᠠᠨ ᠪᠣᠱᠣᠭᠲᠤ ᠬᠠᠭᠠᠨ ᠤ᠋ ᠴᠡᠭᠡᠵᠢ ᠶ᠋ᠢ ᠳᠡᠷᠡᠯᠡᠨ ᠠᠮᠢᠰᠬᠤᠯ ᠬᠤᠷᠢᠶᠠᠪᠠ᠃ ᠬᠠᠭᠠᠨ ᠨᠢᠳᠦ ᠶ᠋ᠢ ᠨᠢ ᠳᠠᠷᠤᠯ᠎ᠠ᠃ ᠰᠡᠪᠳᠡᠨᠵᠡᠯ   ᠢ᠋ ᠳᠠᠨᠵᠢᠯᠠ ᠪᠠᠭᠠᠲᠤᠷ ᠪᠤᠭᠤᠢᠯᠢᠳᠠᠵᠤ ᠬᠠᠷ᠎ᠠ ᠮᠣᠳᠣᠨ ᠳ᠋ᠤ᠌ ᠬᠦᠯᠢᠭᠡᠳ ᠲᠣᠯᠣᠭᠠᠢ ᠶ᠋ᠢ ᠨᠢ ᠴᠠᠪᠴᠢᠪᠠ᠃
      ᠭᠠᠯᠳᠠᠨ ᠪᠣᠱᠣᠭᠲᠤ ᠬᠠᠭᠠᠨ ᠬᠡᠭᠡᠷ᠎ᠡ ᠶ᠋ᠢᠨ ᠮᠠᠢᠬᠠᠨ ᠳ᠋ᠠᠭᠠᠨ ᠭᠤᠷᠪᠠᠨ ᠬᠣᠨᠣᠭ ᠭᠠᠰᠢᠭᠤᠳᠠᠨ ᠳᠠᠭᠤ ᠪᠠᠨ ᠬᠤᠷᠢᠶᠠᠪᠠ᠃ ᠠᠨᠤ ᠬᠠᠲᠤᠨ   ᠢ᠋ ᠲᠣᠭᠣᠨᠣ ᠠᠭᠤᠯᠠ ᠶ᠋ᠢᠨ ᠣᠷᠣᠢ ᠳ᠋ᠤ᠌ ᠣᠷᠣᠰᠢᠭᠤᠯᠪᠠ᠃ ᠠᠨᠤ ᠬᠠᠲᠤᠨ ᠲᠣᠭᠣᠨᠣ ᠠᠭᠤᠯᠠ ᠳ᠋ᠤ᠌ ᠮᠥᠩᠬᠡᠳᠡ ᠠᠮᠤᠭᠤᠯᠠᠩ ᠦᠯᠡᠳᠡᠵᠡᠢ᠃ ᠭᠠᠯᠳᠠᠨ ᠬᠠᠭᠠᠨ ᠪᠤᠲᠠ ᠴᠣᠬᠢᠭᠳᠠᠵᠤ ᠰᠠᠷᠨᠢᠭᠰᠠᠨ ᠴᠡᠷᠢᠭ ᠢ᠋ᠶ᠋ᠡᠨ ᠡᠮᠬᠢᠯᠡᠵᠦ ᠨᠤᠲᠤᠭ ᠤ᠋ᠨ ᠵᠦᠭ ᠬᠥᠳᠡᠯᠪᠡ᠃
       ᠭᠠᠯᠳᠠᠨ ᠬᠠᠭᠠᠨ   ᠢ᠋ ᠰᠦᠯᠳᠡ ᠬᠢᠭᠢᠷᠢ ᠪᠡᠨ ᠮᠠᠨᠳᠤᠭᠤᠯᠤᠨ ᠣᠳᠬᠤ ᠳ᠋ᠤ᠌ ᠦᠯᠳᠡ ᠬᠥᠭᠡᠭᠡᠵᠦ᠂ ᠬᠡᠰᠡᠭ ᠪᠤᠰᠠᠭ ᠲᠤᠯᠤᠯᠳᠤᠭᠠᠨ ᠪᠣᠯᠤᠭᠰᠠᠭᠠᠷ ᠪᠠᠢᠯ᠎ᠠ᠃ ᠭᠠᠯᠳᠠᠨ ᠬᠠᠭᠠᠨ《ᠮᠠᠨᠵᠤ ᠳ᠋ᠤ᠌ ᠳᠠᠭᠠᠷ᠎ᠠ ᠣᠷᠣᠬᠤ ᠦᠭᠡᠢ᠂ ᠮᠠᠨᠵᠤ ᠶ᠋ᠢᠨ ᠬᠠᠭᠠᠨ ᠤ᠋ ᠡᠮᠦᠨ᠎ᠡ ᠬᠡᠵᠢᠶ᠎ᠡ ᠴᠦ᠍ ᠪᠥᠬᠥᠢᠬᠦ ᠦᠭᠡᠢ》 ᠭᠡᠰᠡᠨ ᠬᠠᠲᠠᠭᠤ ᠪᠣᠳᠣᠯ ᠢ᠋ᠶ᠋ᠠᠨ ᠭᠦᠢᠴᠡᠭᠡᠬᠦ ᠭᠡᠰᠡᠨ ᠰᠢᠭ ᠳᠣᠪᠲᠣᠯᠭᠠᠨ᠎ᠠ᠃
        ᠲᠣᠭᠣᠨᠣ ᠠᠭᠤᠯᠠᠨ ᠳ᠋ᠤ᠌ ᠬᠠᠭᠠᠨ ᠡᠷᠭᠦᠮᠵᠢᠯᠡᠬᠦ ᠶᠣᠰᠣᠯᠠᠯ ᠦᠢᠯᠡᠳᠴᠦ᠂ ᠶᠠᠰᠤᠲᠤ ᠮᠡᠯᠡᠬᠡᠢ ᠭᠢᠰᠬᠢᠭᠦᠯᠵᠦ ᠵᠠᠯᠪᠠᠷᠢᠯ ᠬᠢᠭᠰᠡᠨ ᠥᠨᠳᠥᠷᠯᠢᠭ ᠨᠢ ᠠᠨᠤ ᠬᠠᠲᠤᠨ ᠤ᠋ ᠮᠥᠩᠬᠡ ᠶ᠋ᠢᠨ ᠠᠮᠢ ᠣᠷᠣᠰᠢᠬᠤ ᠨᠤᠲᠤᠭ ᠪᠠᠢᠪᠠ᠃ ᠭᠠᠯᠳᠠᠨ ᠬᠠᠭᠠᠨ ᠤ᠋ ᠵᠦᠩ ᠰᠤᠪᠢᠨ ᠶᠠᠰᠤᠲᠤ ᠮᠡᠯᠡᠬᠡᠢ ᠶ᠋ᠢᠨ ᠨᠢᠷᠤᠭᠤᠨ ᠳᠡᠭᠡᠷ᠎ᠡ ᠪᠠᠶᠠᠵᠢᠵᠤ《ᠠᠳᠠ ᠯᠤᠤᠰ ᠬᠥᠳᠡᠯᠦᠨ᠎ᠡ》 ᠭᠡᠮᠡᠨ ᠥᠭᠦᠯᠡᠵᠦ ᠪᠠᠢᠵᠠᠢ᠃ ᠮᠣᠩᠭᠣᠯ ᠤ᠋ᠨ ᠭᠠᠵᠠᠷ ᠨᠤᠲᠤᠭ ᠠᠨᠤ ᠬᠠᠲᠤᠨ   ᠢ᠋ ᠰᠢᠩᠭᠡᠭᠡᠵᠦ ᠯᠤᠤᠰ ᠤ᠋ᠨ ᠢᠪᠡᠭᠡᠯ ᠳ᠋ᠦ᠍ ᠪᠠᠭᠲᠠᠭᠠᠭᠰᠠᠨ ᠶᠤᠮ᠃ ᠲᠣᠭᠣᠨᠣ ᠠᠭᠤᠯᠠ ᠶ᠋ᠢᠨ ᠰᠠᠯᠬᠢ ᠪᠤᠷᠬᠠᠨ ᠬᠠᠯᠳᠤᠨ ᠲᠡᠢᠰᠢ ᠰᠠᠯᠬᠢᠯᠠᠨ᠎ᠠ᠃ ᠣᠢᠷᠠᠳ ᠨᠤᠲᠤᠭ ᠤ᠋ᠨ ᠡᠭᠦᠯᠡᠰ ᠲᠣᠭᠣᠨᠣ ᠠᠭᠤᠯᠠ ᠶ᠋ᠢᠨ ᠳᠡᠭᠡᠷ᠎ᠡ ᠬᠤᠷ᠎ᠠ ᠪᠠᠨ ᠠᠰᠬᠠᠵᠤ ᠨᠡᠭᠦᠳᠡᠯᠯᠡᠨ ᠶᠠᠪᠤᠭ᠎ᠠ ᠶᠠᠰᠤᠲᠤ ᠮᠡᠯᠡᠬᠡᠢ ᠯᠦ᠍ᠭᠡ ᠠᠭᠠᠵᠢᠮᠬᠠᠨ ᠬᠤᠢᠯᠠᠷᠠᠵᠤ᠂ ᠵᠦᠰᠡᠷᠡᠭᠡ ᠪᠣᠷᠣᠭ᠎ᠠ ᠪᠠᠷ ᠢ᠋ᠶ᠋ᠠᠨ ᠡᠷᠭᠢᠵᠦ ᠱᠠᠪᠰᠢᠨ᠎ᠠ᠃ ᠲᠣᠭᠣᠨᠣ ᠠᠭᠤᠯᠠ ᠶ᠋ᠢᠨ ᠤᠷᠭᠤᠮᠠᠯ ᠨᠣᠭᠣᠭ᠎ᠠ ᠶ᠋ᠢᠨ ᠦᠨᠳᠦᠰᠦ ᠲᠤᠤᠯᠠ ᠶ᠋ᠢᠨ ᠴᠡᠩᠬᠡᠷ ᠤᠰᠤ ᠪᠠᠷ ᠲᠥᠯᠵᠢᠵᠦ᠂ ᠨᠠᠮᠤᠷ ᠴᠠᠭ ᠤ᠋ᠨ ᠤᠷᠲᠤ ᠳ᠋ᠤ᠌ ᠪᠢᠲᠡᠭᠦᠦ ᠠᠭᠢ ᠰᠢᠪᠠᠭ  ᠲᠤ᠌ ᠣᠷᠢᠶᠠᠴᠠᠯᠳᠤᠨ ᠪᠥᠮᠪᠥᠢᠲᠡᠯ᠎ᠡ ᠬᠤᠴᠢᠨ᠎ᠠ᠃ ᠨᠣᠭᠣᠭ᠎ᠠ ᠳ᠋ᠤ᠌ ᠬᠤᠴᠢᠭᠠᠰᠤᠲᠠᠢ ᠲᠣᠭᠣᠨᠣ ᠠᠭᠤᠯᠠ ᠲᠥᠪ ᠬᠠᠯᠬ᠎ᠠ ᠶ᠋ᠢᠨ ᠶᠡᠬᠡ ᠬᠡᠭᠡᠷ᠎ᠡ ᠲᠠᠯ᠎ᠠ ᠨᠤᠲᠤᠭ᠂ ᠬᠠᠩᠭᠠᠢ ᠶ᠋ᠢᠨ ᠲᠦᠩᠬᠦᠢᠭᠰᠡᠨ ᠨᠢᠷᠤᠭᠤᠳ ᠳᠤᠮᠳᠠ ᠰᠦᠮᠡᠢᠭᠰᠡᠭᠡᠷ ᠬᠣᠴᠣᠷᠤᠯ᠎ᠠ᠃ ᠭᠠᠯᠳᠠᠨ ᠬᠠᠭᠠᠨ《ᠪᠢ ᠵᠢᠷᠦᠬᠡ ᠪᠡᠨ ᠣᠷᠣᠰᠢᠭᠤᠯᠪᠠ᠃ ᠵᠢᠯ ᠪᠦᠷᠢ ᠶ᠋ᠢᠨ ᠨᠠᠮᠤᠷ ᠤ᠋ᠨ ᠬᠡᠨᠵᠡ ᠨᠣᠭᠣᠭ᠎ᠠ ᠪᠠᠷ ᠲᠣᠭᠣᠨᠣ ᠠᠭᠤᠯᠠ ᠶ᠋ᠢ ᠲᠠᠬᠢᠬᠤ ᠶᠣᠰᠣᠲᠠᠢ》 ᠭᠡᠵᠦ ᠯᠠᠮᠠ ᠭᠠᠯᠳᠠᠨ ᠳ᠋ᠠᠭᠠᠨ ᠥᠭᠦᠯᠡᠪᠡ᠃

                         ᠬᠣᠷᠢ

      ᠠᠯᠲᠠᠢ ᠬᠠᠨ ᠤ᠋ ᠰᠦᠷᠯᠢᠭ ᠣᠷᠭᠢᠯ  ᠤ᠋ᠨ ᠨᠢᠭᠡᠨ ᠲᠣᠮᠣ ᠠᠭᠤᠢ ᠶ᠋ᠢᠨ ᠠᠮᠠᠨ ᠳ᠋ᠤ᠌ ᠢᠷᠡᠭᠡᠳ ᠭᠠᠯᠳᠠᠨ ᠬᠠᠭᠠᠨ ᠮᠣᠷᠢᠨ ᠠ᠋ᠴᠠ ᠪᠠᠨ ᠪᠠᠭᠤᠯ᠎ᠠ᠃ ᠳᠠᠨᠵᠢᠯᠠ ᠵᠠᠩᠵᠤᠨ ᠳᠥᠷᠥᠭᠡ ᠮᠤᠯᠲᠦᠯᠡᠪᠡ᠃ ᠪᠠᠭ ᠴᠡᠷᠢᠭ ᠦ᠋ᠳ ᠥᠨᠳᠥᠷᠯᠢᠭ ᠳᠡᠭᠡᠷ᠎ᠡ ᠮᠣᠷᠢ ᠲᠠᠢ ᠪᠠᠨ ᠰᠡᠬᠦᠢᠨ ᠵᠣᠭᠰᠣᠨ᠎ᠠ᠃ ᠭᠠᠯᠳᠠᠨ ᠪᠣᠱᠣᠭᠲᠤ ᠬᠠᠭᠠᠨ᠂
      — ᠳᠠᠨᠵᠢᠯᠠ! ᠮᠢᠨᠦ ᠯᠠᠮᠠ ᠬᠤᠪᠴᠠᠰᠤ ᠶ᠋ᠢ ᠠᠪᠤᠭᠠᠳ ᠢᠷ᠎ᠡ ᠭᠡᠪᠡ᠃ ᠭᠠᠯᠳᠠᠨ ᠯᠠᠮᠠ ᠬᠤᠪᠴᠠᠰᠤ ᠪᠠᠨ ᠡᠮᠦᠰᠦᠯ᠎ᠡ᠃ ᠲᠡᠷᠡ ᠪᠡᠷ ᠮᠠᠷᠲᠠᠭᠰᠠᠨ ᠶᠠᠭᠤᠮ᠎ᠠ ᠶᠠᠭᠤ ᠪᠢᠯᠡ ᠭᠡᠰᠡᠨ ᠰᠢᠭ ᠡᠢᠰᠢ ᠲᠡᠢᠰᠢ ᠬᠠᠷᠠᠭᠠᠴᠢᠯᠠᠪᠠ᠃
      — ᠭᠠᠯ ᠠᠰᠠᠭ᠎ᠠ! ᠭᠡᠵᠦ ᠳᠠᠨᠵᠢᠯᠠ ᠬᠠᠰᠬᠢᠷᠤᠯ᠎ᠠ᠃
    ᠠᠭᠤᠯᠠ ᠶ᠋ᠢᠨ ᠣᠷᠭᠢᠯ ᠨᠢ ᠪᠠᠯ ᠬᠣᠷᠮᠣᠢ ᠲᠠᠢ ᠪᠠᠨ ᠵᠠᠯᠭᠠᠳᠠᠭ ᠴᠠᠰᠤᠨ ᠤ᠋ ᠬᠥᠯ ᠳ᠋ᠦ᠍ ᠠᠰᠤᠷᠤ ᠲᠣᠮᠣ ᠭᠠᠯ ᠲᠦᠷᠳᠦᠵᠦ᠂ ᠲᠡᠷᠡ ᠬᠦ᠌ ᠭᠠᠯ ᠤ᠋ᠨ ᠪᠠᠳᠮᠠᠯᠠᠬᠤ ᠳᠥᠯᠥ ᠳ᠋ᠦ᠍ ᠲᠡᠭᠦᠨ ᠦ᠌ ᠴᠠᠭᠠᠨ᠎ᠠ ᠣᠷᠣᠰᠢᠬᠤ ᠴᠠᠰᠤ ᠮᠥᠰᠥ ᠬᠥᠯᠲᠡᠨ ᠨᠠᠮᠢᠯᠵᠠᠵᠤ᠂ ᠦᠶᠡᠯᠵᠡᠨ ᠳᠣᠯᠭᠢᠶᠠᠯᠠᠵᠤ ᠡᠬᠢᠯᠡᠪᠡ᠃ ᠭᠠᠯ   ᠢ᠋ ᠲᠣᠭᠣᠷᠢᠵᠤ ᠬᠦᠷᠡᠩ ᠴᠢᠷᠠᠢ ᠲᠠᠢ᠂ ᠤᠯᠠᠭᠠᠨ ᠨᠢᠳᠦ ᠲᠡᠢ᠂ ᠵᠡᠪᠰᠡᠭ ᠠᠭᠰᠠᠭᠰᠠᠨ ᠣᠢᠷᠠᠳ ᠤ᠋ᠨ ᠪᠠᠭᠠᠲᠤᠷ ᠡᠷᠡᠰ ᠳᠤᠭᠤᠢᠷᠠᠵᠤ ᠵᠣᠭᠰᠣᠨ᠎ᠠ᠃
    — ᠡᠯᠴᠢ ᠢᠷᠡᠯ᠎ᠡ᠁ ᠭᠡᠵᠦ ᠬᠣᠯᠠ ᠠ᠋ᠴᠠ ᠬᠠᠰᠬᠢᠷᠪᠠ᠃ ᠭᠠᠯᠳᠠᠨ ᠬᠠᠭᠠᠨ ᠡᠯᠴᠢ ᠶ᠋ᠢ ᠬᠦᠯᠢᠶᠡᠵᠦ ᠪᠠᠢᠵᠠᠢ᠃ ᠯᠠᠮᠠ ᠬᠤᠪᠴᠠᠰᠤ ᠡᠮᠦᠰᠦᠭᠰᠡᠨ ᠬᠠᠭᠠᠨ ᠤ᠋ ᠡᠮᠦᠨ᠎ᠡ ᠡᠯᠴᠢ ᠮᠥᠷᠭᠥᠨ ᠰᠥᠬᠥᠷᠡᠪᠡ᠃ ᠡᠯᠴᠢ ᠲᠣᠯᠣᠭᠠᠢ ᠥᠨᠳᠡᠢᠯᠭᠡᠵᠦ ᠲᠣᠷᠵᠢᠭᠢᠨᠠᠭᠤᠯᠤᠨ᠂
    — ᠣᠢᠷᠠᠳ   ᠢ᠋ ᠴᠠᠸᠠᠩᠷᠠᠪᠳᠠᠨ ᠵᠠᠬᠢᠷᠬᠤ ᠪᠣᠯᠤᠭᠰᠠᠨ᠃ ᠲᠠᠨ   ᠢ᠋ ᠨᠤᠲᠤᠭ ᠠ᠋ᠴᠠ ᠪᠠᠨ ᠭᠠᠷᠤᠭᠰᠠᠨ ᠠ᠋ᠴᠠ ᠬᠣᠢᠰᠢ ᠴᠠᠸᠠᠩᠷᠠᠪᠳᠠᠨ ᠬᠠᠭᠠᠨ ᠰᠠᠭᠤᠵᠠᠢ᠃ ᠣᠳᠣ ᠲᠠᠨ   ᠢ᠋ ᠲᠣᠰᠴᠤ ᠴᠣᠬᠢᠨ᠎ᠠ ᠭᠡᠮᠡᠨ ᠬᠦᠯᠢᠶᠡᠵᠦ ᠪᠠᠢᠨ᠎ᠠ ᠭᠡᠪᠡ᠃ ᠭᠠᠯᠳᠠᠨ ᠪᠣᠱᠣᠭᠲᠤ ᠢᠨᠢᠶᠡᠮᠰᠦᠭᠯᠡᠵᠦ᠂
    — ᠮᠢᠨᠦ ᠵᠡᠭᠦᠨᠭᠠᠷ ᠤ᠋ᠨ ᠬᠠᠭᠠᠨᠲᠤ ᠤᠯᠤᠰ ᠡᠵᠡᠨ ᠲᠡᠢ ᠪᠣᠯᠵᠠᠢ᠃ ᠴᠠᠸᠠᠩᠷᠠᠪᠳᠠᠨ ᠬᠠᠭᠠᠨ ᠰᠠᠭᠤᠳᠠᠭ ᠨᠢ ᠵᠥᠪ᠃ ᠮᠢᠨᠦ ᠣᠢᠷᠠᠳ ᠨᠤᠲᠤᠭ ᠡᠵᠡᠨ ᠲᠡᠢ ᠬᠣᠢᠨ᠎ᠠ ᠪᠢ ᠲᠠᠢᠪᠤᠰᠢᠷᠠᠯ᠎ᠠ᠃ ᠴᠡᠸᠠᠩᠷᠠᠪᠳᠠᠨ ᠮᠠᠨᠵᠤ ᠳ᠋ᠤ᠌ ᠪᠥᠬᠥᠢᠬᠦ ᠬᠥᠮᠦᠨ ᠪᠢᠰᠢ ᠭᠡᠮᠡᠨ ᠭᠠᠯᠳᠠᠨ ᠳᠥᠯᠥ ᠮᠡᠲᠦ ᠳᠦᠷᠡᠯᠵᠡᠨ ᠪᠣᠢ ᠠᠭᠤᠯᠠ ᠳ᠋ᠠᠭᠠᠨ ᠵᠠᠯᠪᠠᠷᠢᠪᠠ᠃
    ᠭᠠᠯᠳᠠᠨ ᠬᠠᠭᠠᠨ ᠴᠡᠷᠢᠭ ᠦ᠋ᠨ ᠲᠣᠭᠰᠢᠨ ᠬᠠᠷ᠎ᠠ ᠰᠦᠯᠳᠡ ᠶ᠋ᠢ ᠠᠪᠴᠢᠷᠠᠭᠤᠯᠪᠠ᠃ ᠲᠣᠭᠰᠢᠨ ᠬᠠᠷ᠎ᠠ ᠰᠦᠯᠳᠡ ᠶ᠋ᠢ ᠳᠡᠮᠪᠡᠷᠢᠯ ᠬᠥᠪᠡᠭᠦᠨ ᠰᠢᠨᠳᠠᠰᠤᠲᠤ ᠬᠦᠯᠦᠭ ᠦ᠋ᠨ ᠵᠣ ᠳ᠋ᠤ᠌ ᠡᠷᠭᠦᠵᠦ ᠪᠠᠢᠯ᠎ᠠ᠃ ᠳᠡᠮᠪᠡᠷᠢᠯ ᠬᠥᠪᠡᠭᠦᠨ ᠦ᠌ ᠬᠠᠷᠠᠴᠠ ᠨᠢ ᠰᠢᠢᠳᠮᠡᠭ᠂ ᠬᠦᠯᠦᠭ ᠨᠢ ᠰᠢᠨᠳᠠᠰᠤ ᠲᠠᠢ᠂ ᠰᠡᠯᠡᠮ᠎ᠡ ᠨᠢ ᠢᠷ ᠲᠡᠢ ᠪᠢᠯᠡ᠃ ᠬᠠᠭᠠᠨ ᠳᠥᠷᠦᠭᠡᠨ ᠳᠡᠭᠡᠷ᠎ᠡ ᠪᠡᠨ ᠪᠣᠰᠴᠤ ᠳᠣᠭᠰᠢᠨ ᠬᠠᠷ᠎ᠠ ᠰᠦᠯᠳᠡ ᠶ᠋ᠢᠨ ᠢ᠋ᠶ᠋ᠡᠨ ᠪᠣᠮᠠᠨ ᠰᠢᠷᠬᠡᠭ ᠲᠦ᠍ ᠨᠠᠮᠢᠷᠠᠭᠰᠠᠨ ᠤᠷᠲᠤ ᠰᠠᠭᠠᠭ ᠠ᠋ᠴᠠ ᠠᠳᠬᠤᠵᠤ ᠮᠠᠩᠨᠠᠢ ᠳ᠋ᠠᠭᠠᠨ ᠬᠦᠷᠭᠡᠭᠡᠳ ᠥᠭᠦᠯᠡᠷᠦᠨ᠂
      — ᠳᠣᠭᠰᠢᠨ ᠬᠠᠷ᠎ᠠ ᠰᠦᠯᠳᠡ ᠲᠤᠭ   ᠢ᠋ ᠴᠡᠸᠡᠩᠷᠠᠪᠳᠠᠨ ᠬᠠᠭᠠᠨ ᠳ᠋ᠤ᠌ ᠠᠪᠠᠴᠢᠵᠤ ᠲᠤᠰᠢᠶᠠᠭᠲᠤᠨ!
     ᠬᠠᠷ᠎ᠠ ᠰᠦᠯᠳᠡ ᠳ᠋ᠦ᠍ ᠣᠢᠷᠠᠳ ᠤ᠋ᠨ ᠭᠤᠴᠢᠨ ᠮᠢᠩᠭᠠᠨ ᠪᠠᠭᠠᠲᠤᠷ ᠡᠷ᠎ᠡ ᠶ᠋ᠢᠨ ᠰᠦᠨᠡᠰᠦ ᠰᠢᠩᠭᠡᠭᠰᠡᠨ ᠶᠤᠮ᠃ ᠬᠠᠷ᠎ᠠ ᠰᠦᠯᠳᠡ ᠶᠢᠷᠲᠢᠨᠴᠦ ᠶ᠋ᠢᠨ ᠨᠠᠷᠠ ᠰᠠᠷᠠᠨ ᠤ᠋ ᠲᠣᠬᠢᠶᠠᠯ ᠳ᠋ᠤ᠌ ᠪᠥᠬᠥᠢᠬᠦ ᠶᠣᠰᠣ ᠦᠭᠡᠢ ᠰᠢᠦ᠃ ᠳᠡᠮᠪᠡᠷᠢᠯ ᠬᠥᠪᠡᠭᠦᠨ᠂ ᠵᠠᠭᠤᠲᠤ ᠴᠡᠷᠢᠭ  ᠦ᠋ᠨ ᠢ᠋ᠶ᠋ᠡᠨ ᠬᠠᠮᠲᠤ ᠴᠡᠸᠡᠩᠷᠠᠪᠳᠠᠨ ᠬᠠᠭᠠᠨ ᠳ᠋ᠤ᠌ ᠵᠢᠳᠬᠦ᠃ ᠴᠡᠷᠢᠭ ᠡᠷ᠎ᠡ ᠶ᠋ᠢᠨ ᠨᠡᠷ᠎ᠡ ᠲᠥᠷᠥ ᠪᠡᠨ ᠡᠷᠬᠢᠮᠯᠡᠵᠦ ᠶᠠᠪᠤᠭᠲᠤᠨ! ᠭᠡᠯ᠎ᠡ᠃ ᠳᠥᠷᠪᠡᠯᠵᠢᠨ ᠴᠡᠭᠡᠵᠢ ᠲᠡᠢ᠂ ᠭᠦᠳᠦᠰ ᠦᠭᠡ ᠲᠡᠢ ᠳᠡᠮᠪᠡᠷᠢᠯ ᠬᠥᠪᠡᠭᠦᠨ᠂
     —ᠬᠠᠭᠠᠨ ᠲᠠᠨ ᠤ᠋ ᠵᠠᠷᠯᠢᠭ   ᠢ᠋ ᠶᠣᠰᠣᠴᠢᠯᠠᠨ ᠭᠦᠢᠴᠡᠳᠬᠡᠶ᠎ᠡ ᠭᠡᠵᠡᠢ᠃
    ᠦᠰᠬᠦᠯᠡᠬᠦᠨ ᠪᠡᠶ᠎ᠡ ᠲᠡᠢ᠂ ᠦᠷᠦ ᠵᠥᠭᠡᠯᠡᠨ ᠲᠡᠢ ᠳᠡᠮᠪᠡᠷᠢᠯ ᠬᠥᠪᠡᠭᠦᠨ ᠦ᠌ ᠵᠠᠭᠤᠲᠤ ᠪᠣᠱᠣᠭᠲᠤ ᠬᠠᠭᠠᠨ ᠤ᠋ ᠳᠡᠷᠭᠡᠳᠡ ᠡᠴᠡ ᠬᠠᠷ᠎ᠠ ᠰᠦᠯᠳᠡ ᠪᠡᠨ ᠰᠠᠯᠬᠢᠨ ᠳ᠋ᠤ᠌ ᠬᠡᠢᠰᠬᠡᠨ ᠬᠡᠢᠰᠬᠡᠭᠰᠡᠭᠡᠷ ᠳᠥᠷᠪᠡᠨ ᠣᠢᠷᠠᠳ ᠤ᠋ᠨ ᠵᠦᠭ ᠬᠦᠯᠦᠭ ᠦ᠋ᠨ ᠵᠢᠯᠣᠭᠣ ᠶ᠋ᠢ ᠵᠠᠯᠠᠵᠤ ᠬᠣᠯᠠᠳᠬᠤ  ᠳ᠋ᠤ᠌ ᠬᠠᠭᠠᠨ ᠪᠡᠶ᠎ᠡ ᠲᠠᠯᠪᠢᠭᠤᠷᠠᠨ᠂ ᠰᠡᠳᠬᠢᠯ ᠠᠭᠤᠵᠢᠷᠠᠨ ᠪᠠᠢᠯ᠎ᠠ᠃ ᠲᠤᠭ ᠰᠦᠯᠳᠡ ᠨᠢ ᠡᠵᠡᠨ ᠳ᠋ᠡᠭᠡᠨ ᠣᠴᠢᠬᠤ ᠪᠠᠷ ᠣᠳᠪᠠ᠃
     — ᠡᠯᠴᠢ ᠢᠷᠡᠯ᠎ᠡ ᠭᠡᠮᠡᠨ ᠬᠣᠯᠠ ᠠ᠋ᠴᠠ ᠳᠠᠬᠢᠨ ᠴᠤᠤᠷᠢᠶᠠᠲᠤᠪᠠ᠃
    — ᠮᠠᠨᠵᠤ ᠶ᠋ᠢᠨ ᠬᠠᠭᠠᠨ ᠤ᠋ ᠵᠠᠷᠯᠢᠭ ᠢ᠋ᠶ᠋ᠠᠷ ᠲᠠᠨ ᠤ᠋ ᠬᠦᠦ ᠰᠡᠪᠳᠡᠨᠪᠠᠯᠵᠢᠷ   ᠢ᠋ ᠬᠣᠷᠣᠭᠠᠪᠠ᠃ ᠬᠠᠨ ᠬᠦᠦ ᠶ᠋ᠢ ᠠᠯᠲᠠᠢ ᠶ᠋ᠢᠨ ᠠᠭᠤᠯᠠᠨ ᠳ᠋ᠤ᠌ ᠨᠤᠲᠤᠭᠯᠠᠭᠤᠯᠪᠠ ᠭᠡᠮᠡᠨ ᠠᠷᠠᠢᠬᠠᠨ ᠬᠡᠯᠡᠭᠡᠳ ᠡᠯᠴᠢ ᠮᠠᠭᠤᠵᠢᠷᠠᠨ ᠤᠨᠠᠯ᠎ᠠ᠃ ᠭᠠᠯᠳᠠᠨ ᠪᠣᠱᠣᠭᠲᠤ ᠬᠠᠭᠠᠨ᠂
    — ᠠᠨᠤ ᠬᠠᠲᠤᠨ ᠮᠢᠨᠢ ᠦᠨᠡᠨ ᠬᠡᠯᠡᠵᠡᠢ᠃ ᠭᠠᠭᠴᠠ ᠶ᠋ᠢ ᠦᠭᠡᠢ ᠳ᠋ᠦ᠍ ᠪᠣᠳᠣ ᠭᠡᠵᠦ ᠶᠠᠭᠤᠲᠠᠢ ᠭᠠᠰᠢᠭᠤᠨ ᠦᠨᠡᠨ ᠪᠣᠢ? ᠣᠳᠣ ᠨᠠᠳᠠᠳᠤ ᠪᠦᠲᠦᠨ ᠣᠢᠷᠠᠳ ᠨᠤᠲᠤᠭ ᠮᠢᠨᠢ ᠦᠯᠡᠲᠡᠯ᠎ᠡ᠃ ᠪᠤᠷᠬᠠᠨ ᠭᠤᠶᠤᠭᠰᠠᠨ ᠴᠤ᠌ ᠮᠢᠨᠦ ᠨᠤᠲᠤᠭ ᠤ᠋ᠨ ᠭᠠᠵᠠᠷ ᠠ᠋ᠴᠠ ᠪᠤᠤ ᠥᠭ! ᠭᠡᠵᠦ ᠬᠣᠢᠲᠤ ᠶ᠋ᠢᠨ ᠤᠳᠤᠮ ᠰᠤᠳᠤᠷ ᠲᠠᠭᠠᠨ ᠲᠡᠮᠳᠡᠭᠯᠡᠵᠦ ᠦᠯᠡᠳᠡᠭᠡᠭᠰᠡᠨ ᠰᠢᠦ ᠭᠡᠳ ᠭᠠᠯᠳᠠᠨ ᠬᠥᠬᠡ ᠲᠩᠷᠢ ᠥᠭᠡᠳᠡ ᠰᠢᠷᠲᠡᠪᠡ᠃
     ᠭᠠᠯᠳᠠᠨ ᠬᠠᠭᠠᠨ ᠳᠠᠨᠵᠢᠯᠠ ᠳ᠋ᠤ᠌᠂
    — ᠪᠢ ᠣᠳᠣ ᠪᠢᠰᠢᠯᠭᠠᠯ ᠭᠡᠨ᠎ᠡ᠃ ᠨᠠᠮᠠᠶ᠋ᠢ ᠯᠠᠮᠠ ᠪᠣᠯᠭᠠᠭᠰᠠᠨ ᠨᠢ ᠤᠴᠢᠷᠲᠠᠢ ᠪᠠᠢᠵᠠᠢ᠃ ᠣᠢᠷᠠᠳ ᠤ᠋ᠨ ᠳᠠᠪᠠᠯᠭ᠎ᠠ ᠤᠯᠠᠮ ᠬᠦᠴᠦᠲᠡᠢ ᠪᠣᠯᠵᠤ ᠴᠣᠷᠣᠰ ᠴᠢᠰᠤᠨ ᠠ᠋ᠴᠠ ᠣᠢᠷᠠᠳ ᠪᠦᠲᠦᠨ᠎ᠡ᠃ ᠲᠡᠷᠡ ᠰᠠᠢᠬᠠᠨ ᠴᠠᠭ ᠤ᠋ᠨ ᠲᠤᠯᠠᠳᠠ ᠪᠢᠰᠢᠯᠭᠠᠯ ᠬᠢᠬᠦ ᠪᠣᠯᠤᠨ᠎ᠠ ᠭᠡᠵᠦ ᠬᠡᠯᠡᠭᠡᠳ ᠲᠡᠭᠦᠨ ᠦ᠌ ᠠᠴᠢ ᠶ᠋ᠢ ᠰᠠᠨᠠᠵᠤ ᠶᠠᠪᠤᠳᠠᠭ ᠢ᠋ᠶ᠋ᠠᠨ ᠭᠠᠯ ᠨᠢ ᠬᠠᠷᠢᠭ᠎ᠠ ᠦᠭᠡᠢ ᠬᠦᠷᠡᠩ ᠨᠢᠳᠦ ᠪᠠᠷ ᠢ᠋ᠶ᠋ᠠᠨ ᠢᠯᠡᠷᠬᠡᠢᠯᠡᠪᠡ᠃
      ᠭᠠᠯᠳᠠᠨ ᠯᠠᠮᠠ ᠵᠠᠬᠢᠶᠠᠰᠤ ᠪᠣᠯᠭᠠᠵᠤ᠂
      — ᠰᠠᠷ᠎ᠠ ᠶ᠋ᠢᠨ ᠳᠠᠷᠠᠭ᠎ᠠ ᠢᠷᠦᠭᠡᠯᠲᠦ ᠡᠳᠦᠷ ᠮᠢᠨᠦ ᠭᠠᠷ ᠠ᠋ᠴᠠ ᠨᠢᠭᠡᠨ ᠵᠦᠢᠯ  ᠢ᠋  ᠠᠪ᠃ ᠮᠢᠨᠦ ᠪᠠᠶᠠᠨ ᠠ᠋ᠴᠠ ᠨᠢᠭᠡᠨ ᠵᠦᠢᠯ  ᠢ᠋  ᠪᠠᠰᠠ ᠠᠪ ᠭᠡᠵᠦ ᠵᠠᠬᠢᠯ᠎ᠠ᠃
      ᠳᠠᠨᠵᠢᠯᠠ ᠵᠠᠩᠵᠤᠨ《ᠵᠠ᠂ ᠬᠠᠭᠠᠨᠲᠠᠨ》 ᠭᠡᠪᠡ᠃
    ᠡᠳᠦᠷ ᠬᠣᠨᠣᠭ ᠤᠯᠠᠭᠠᠯᠠᠨ ᠣᠳᠴᠤ ᠰᠠᠷ᠎ᠠ ᠪᠣᠯᠤᠯ᠎ᠠ᠃ ᠣᠢᠷᠠᠳ ᠤ᠋ᠨ ᠳᠠᠨᠵᠢᠯᠠ ᠲᠡᠷᠢᠭᠦᠲᠡᠢ ᠪᠠᠭᠠᠲᠤᠷ ᠡᠷᠡᠰ ᠠᠯᠲᠠᠢ ᠶ᠋ᠢᠨ ᠬᠢᠵᠠᠭᠠᠷ ᠲᠤ᠌ ᠬᠠᠭᠠᠨ ᠤ᠋ ᠪᠠᠨ ᠲᠣᠪᠯᠠᠭᠰᠠᠨ ᠡᠳᠦᠷ  ᠢ᠋  ᠬᠦᠯᠢᠶᠡᠵᠡᠢ᠃
      ᠬᠤᠭᠤᠴᠠᠭᠠᠨ ᠤ᠋ ᠤᠷᠲᠤ ᠳ᠋ᠤ᠌ ᠬᠠᠭᠠᠨ ᠤ᠋ ᠴᠡᠩᠬᠡᠷ ᠮᠣᠷᠢ ᠶ᠋ᠢ ᠰᠣᠢᠵᠠᠢ᠃ ᠶᠦᠮ ᠠᠭ᠎ᠠ ᠬᠠᠲᠤᠨ ᠡᠬᠡ ᠨᠢ ᠨᠤᠲᠤᠭ ᠤ᠋ᠨ ᠣᠭᠣᠷᠴᠣᠭ ᠲᠤᠯᠤᠭᠠᠳ ᠤ᠋ᠨ ᠨᠠᠷᠠᠨ ᠤ᠋ ᠡᠭᠡᠪᠦᠷ ᠡᠩᠭᠡᠷ ᠲᠦ᠍ ᠬᠥᠪᠡᠭᠦᠳ᠂ ᠠᠴᠢ᠂ ᠵᠢᠴᠢ ᠪᠡᠨ ᠬᠠᠷᠠᠭᠤᠯᠳᠠᠨ ᠮᠥᠩᠬᠡ ᠶ᠋ᠢᠨ ᠠᠮᠤᠭᠤᠯᠠᠩ  ᠢ᠋  ᠣᠯᠪᠠ᠃ ᠮᠢᠭᠮᠠᠨᠰᠠᠩᠵᠠᠢ ᠴᠠᠢ ᠶ᠋ᠢᠨ ᠢ᠋ᠶ᠋ᠡᠨ ᠳᠡᠭᠡᠵᠢ ᠶ᠋ᠢ ᠨᠠᠷᠠᠨ ᠳ᠋ᠤ᠌ ᠡᠷᠭᠦᠨ᠎ᠡ᠃ ᠲᠡᠭᠦᠨ ᠦ᠌ ᠬᠠᠢᠷ᠎ᠠ ᠡᠨᠡᠷᠢᠯ᠂ ᠲᠦᠢᠳᠬᠡᠷ ᠬᠢᠰᠠᠯ᠂ ᠬᠦᠯᠢᠶᠡᠭᠰᠡᠨ ᠡᠳᠦᠷ ᠦ᠋ᠳ ᠨᠢ ᠳᠡᠮᠪᠡᠷᠢᠯ ᠬᠥᠪᠡᠭᠦᠨ ᠲᠡᠢ ᠴᠣᠭ ᠣᠴᠢᠯ᠎ᠠ᠃ ᠵᠠᠭᠤᠲᠤ ᠶ᠋ᠢᠨ ᠳᠠᠷᠤᠭ᠎ᠠ ᠳᠡᠮᠪᠡᠷᠢᠯ ᠡᠬᠡ ᠶ᠋ᠢᠨ ᠥᠯᠮᠡᠢ ᠳ᠋ᠦ᠍ ᠰᠥᠬᠥᠷᠡᠨ᠂
     — ᠡᠵᠢ ᠠ᠋᠂ ᠪᠢ ᠴᠡᠸᠡᠩᠷᠠᠪᠲᠠᠨ ᠬᠠᠭᠠᠨ ᠤ᠋ ᠴᠡᠷᠢᠭ ᠦ᠋ᠨ ᠵᠠᠩᠵᠤᠨ ᠪᠣᠯᠤᠭᠰᠠᠨ᠃ ᠪᠣᠱᠣᠭᠲᠤ ᠬᠠᠭᠠᠨ ᠨᠠᠮᠠᠶ᠋ᠢ ᠰᠦᠯᠳᠡ ᠳ᠋ᠡᠭᠡᠨ ᠪᠠᠭᠲᠠᠭᠠᠭᠰᠠᠨ ᠭᠡᠵᠦ ᠥᠴᠢᠵᠡᠢ᠃《ᠬᠠᠭᠠᠨ ᠤ᠋ ᠰᠦᠯᠳᠡ ᠳ᠋ᠦ᠍ ᠪᠠᠭᠲᠠᠭᠰᠠᠨ ᠪᠣᠯ ᠮᠢᠨᠦ ᠬᠥᠪᠡᠭᠦᠨ ᠠᠯᠵᠢᠶᠠᠬᠤ ᠦᠭᠡᠢ ᠪᠢᠵᠡ᠃ ᠴᠡᠸᠡᠩᠷᠠᠪᠲᠠᠨ ᠪᠣᠯ ᠭᠠᠯᠳᠠᠨ ᠬᠠᠭᠠᠨ ᠤ᠋ ᠤᠳᠤᠮ᠃ ᠬᠠᠭᠠᠨ ᠤ᠋ ᠤᠳᠤᠮ ᠦᠷᠭᠦᠯᠵᠢᠯᠡᠭᠰᠡᠭᠡᠷ ᠪᠠᠢᠨ᠎ᠠ》 ᠭᠡᠵᠦ ᠮᠢᠭᠮᠠᠨᠰᠠᠩᠵᠠᠢ ᠪᠣᠳᠣᠭᠠᠳ《ᠬᠥᠮᠦᠨ ᠦ᠌ ᠨᠠᠰᠤ ᠶᠠᠮᠠᠷ ᠣᠬᠣᠷᠬᠠᠨ ᠶᠤᠮ ᠪᠣᠢ? ᠳᠥᠷᠪᠡᠨ ᠤᠯᠠᠷᠢᠯ ᠡᠷᠭᠢᠬᠦ ᠬᠣᠭᠣᠷᠣᠨᠳᠣ ᠥᠲᠡᠯᠴᠢᠬᠡᠨ᠎ᠡ᠃ ᠣᠢᠷᠠᠳ ᠤ᠋ᠳ ᠣᠳᠣ ᠴᠡᠯ ᠵᠠᠯᠠᠭᠤᠬᠠᠨ ᠪᠣᠯᠴᠢᠬᠠᠯ᠎ᠠ᠃
     ᠬᠠᠷᠠᠭᠰᠠᠨ ᠵᠦᠭ ᠪᠦᠷᠢ ᠳ᠋ᠦ᠍ ᠳᠥᠷᠪᠡᠨ ᠣᠢᠷᠠᠳ ᠤ᠋ᠨ ᠬᠥᠪᠡᠭᠦᠳ ᠳᠠᠪᠬᠢᠯᠳᠤᠨ᠎ᠠ᠃ ᠠᠭᠤᠯᠠ ᠠᠯᠲᠠᠢ ᠤᠯᠠᠮ ᠰᠦᠷᠯᠢᠭ ᠪᠣᠯᠵᠠᠢ᠃ ᠭᠠᠩᠳᠠᠰᠢ ᠦᠭᠡᠢ ᠥᠩᠭᠡ ᠠᠭᠤᠯᠠᠨ ᠳ᠋ᠤ᠌ ᠪᠠᠢᠳᠠᠭ ᠠᠵᠢ᠃ ᠭᠠᠯᠳᠠᠨ ᠬᠠᠭᠠᠨ ᠤᠭ ᠠ᠋ᠴᠠ ᠪᠠᠨ ᠪᠤᠷᠬᠠᠨ ᠤ᠋ ᠢᠷᠦᠭᠡᠯ ᠲᠡᠢ ᠲᠤᠯᠠ ᠪᠤᠷᠬᠠᠨ ᠳ᠋ᠠᠭᠠᠨ ᠢᠷᠥᠭᠡᠭᠳᠡᠪᠡ᠃ ᠶᠡᠬᠡ ᠬᠠᠭᠠᠨ ᠤ᠋ ᠳᠦᠷᠢ ᠵᠢᠷᠤᠭ ᠬᠥᠬᠡ ᠲᠩᠷᠢ ᠳ᠋ᠦ᠍ ᠣᠷᠣᠰᠢᠳᠠᠭ》 ᠭᠡᠵᠦ ᠰᠦᠰᠦᠭᠯᠡᠪᠡ᠃

                      ᠬᠣᠷᠢᠨ ᠨᠢᠭᠡ

        ᠠᠯᠲᠠᠢ ᠶ᠋ᠢᠨ ᠰᠦᠷᠯᠢᠭ ᠨᠢᠭᠡᠨ ᠣᠷᠭᠢᠯ ᠤ᠋ᠨ ᠣᠷᠣᠢ ᠳ᠋ᠤ᠌ ᠪᠣᠮᠠᠨ ᠴᠡᠩᠬᠡᠷ ᠨᠠᠪᠴᠢᠲᠤ ᠬᠠᠢᠯᠠᠰᠤ ᠤᠷᠭᠤᠭᠰᠠᠨ ᠨᠢ ᠨᠠᠷᠠ ᠰᠠᠯᠬᠢᠨ ᠳ᠋ᠤ᠌ ᠭᠠᠩᠳᠠᠵᠤ ᠴᠠᠭᠠᠨ ᠰᠢᠷ᠎ᠠ ᠨᠠᠪᠴᠢ ᠲᠠᠢ ᠪᠣᠯᠵᠠᠢ᠃ ᠬᠠᠭᠠᠨ ᠤ᠋ ᠪᠢᠰᠢᠯᠭᠠᠯ ᠤ᠋ᠨ ᠠᠭᠤᠢ ᠶ᠋ᠢᠨ ᠴᠢᠩᠬ᠎ᠠ ᠳᠡᠭᠡᠷ᠎ᠡ ᠬᠠᠢᠯᠠᠰᠤ ᠬᠡᠳᠦᠢ ᠳ᠋ᠡᠭᠡᠨ ᠤᠷᠭᠤᠭᠰᠠᠨ  ᠢ᠋  ᠳᠠᠨᠵᠢᠯᠠ ᠵᠠᠩᠵᠤᠨ ᠮᠡᠳᠡᠭᠰᠡᠨ ᠦᠭᠡᠢ᠃ ᠳᠠᠨᠵᠢᠯᠠ ᠪᠣᠯ ᠭᠠᠯᠳᠠᠨ ᠤ᠋ ᠦᠶᠡᠯᠢ ᠪᠥᠭᠡᠳ ᠭᠠᠯᠳᠠᠨ ᠳ᠋ᠤ᠌ ᠦᠨᠡᠨᠴᠢ ᠵᠢᠳᠬᠦᠭᠰᠡᠭᠡᠷ ᠣᠢᠷᠠᠳ ᠳᠠᠶᠠᠭᠠᠷ ᠴᠤᠤᠲᠠᠢ ᠴᠤ᠌ ᠡᠴᠦᠰ ᠲᠡᠭᠡᠨ ᠬᠠᠷ᠎ᠠ ᠰᠦᠯᠳᠡ ᠶ᠋ᠢᠨ ᠲᠠᠬᠢᠯᠴᠢ ᠪᠣᠯᠵᠠᠢ᠃
        ᠡᠨᠡ ᠦᠶ᠎ᠡ ᠳ᠋ᠦ᠍ ᠪᠦᠷᠭᠦᠳ ᠲᠡᠭᠷᠢ ᠳ᠋ᠦ᠍ ᠰᠤᠮᠤ ᠮᠡᠲᠦ ᠴᠣᠢᠯᠤᠨ ᠬᠦᠴᠦᠷᠬᠡᠭ ᠳᠠᠯᠠᠪᠴᠢ ᠪᠠᠨ ᠲᠠᠪᠢᠨ ᠳᠡᠪᠢᠭᠰᠡᠭᠡᠷ ᠴᠠᠭ ᠲᠡᠳᠦᠢ ᠠᠯᠤᠰᠷᠠᠬᠤ  ᠠᠭᠱᠠᠨ ᠳ᠋ᠤ᠌ ᠲᠣᠪᠰᠢᠭᠤᠷ ᠤ᠋ᠨ ᠭᠤᠨᠢᠭᠲᠤ ᠠᠶᠠᠯᠭᠤ ᠨᠢᠯᠪᠤᠰᠤ ᠮᠡᠲᠦ ᠲᠠᠷᠢᠬᠢᠨ ᠳ᠋ᠤ᠌ ᠨᠠᠪᠴᠢᠨ᠂ ᠴᠤᠭᠤᠷ ᠤ᠋ᠨ ᠡᠭᠡᠰᠢᠭ ᠢᠷᠠᠭᠤᠬᠠᠨ ᠢ᠋ᠶ᠋ᠠᠷ ᠤᠷᠤᠰᠴᠤ᠂ ᠠᠮᠢᠳᠤᠷᠠᠯ ᠤ᠋ᠨ ᠥᠷᠥᠰᠢᠶᠡᠯ ᠦᠭᠡᠢ ᠬᠠᠲᠠᠭᠤ ᠵᠢᠮ᠎ᠡ ᠶᠣᠰᠣ᠂ ᠲᠡᠦᠬᠡ ᠴᠠᠳᠢᠭ ᠤ᠋ᠨ ᠭᠡᠷᠡᠴᠢ ᠪᠣᠯᠵᠤ ᠪᠣᠮᠠᠨ ᠨᠠᠪᠴᠢᠲᠤ ᠬᠠᠢᠯᠠᠰᠤᠨ ᠤ᠋ ᠳᠡᠭᠡᠷ᠎ᠡ ᠡᠷᠭᠢᠨ᠎ᠡ᠃ ᠡᠨᠡ ᠦᠶ᠎ᠡ ᠪᠣᠯ1697 ᠣᠨ ᠪᠣᠯᠠᠢ᠃ ᠤᠯᠠᠭᠴᠢᠨ ᠦᠬᠡᠷ ᠵᠢᠯ ᠪᠢᠯᠡ᠃
             ᠂᠂᠂᠂ ᠬᠥᠬᠡ ᠲᠩᠷᠢ ᠶ᠋ᠢ ᠡᠵᠡᠩᠨᠡᠨ ᠳᠠᠷᠤᠩᠭᠤᠢᠯᠠᠭᠴᠢ
              ᠬᠦᠴᠦᠲᠦ ᠪᠦᠷᠭᠦᠳ ᠰᠦᠯᠳᠡ ᠮᠢᠨᠢ ᠰᠣᠨᠣᠰᠤᠭᠲᠤᠨ!
              ᠴᠢᠰᠤ ᠨᠡᠪᠴᠢᠭᠰᠡᠨ ᠭᠠᠵᠠᠷ ᠳᠡᠭᠡᠭᠦᠷ
              ᠴᠠᠭᠠᠨ ᠲᠡᠭᠷᠢ ᠶ᠋ᠢᠨ ᠰᠦ  ᠲᠤᠰᠤᠭᠠᠵᠤ ᠠᠷᠢᠭᠤᠰᠬᠠᠭᠲᠤᠨ!
              ᠬᠠᠷᠢᠶᠠᠯ ᠰᠢᠩᠭᠡᠭᠰᠡᠨ ᠬᠥᠮᠦᠨ ᠦ᠌ ᠵᠢᠷᠦᠬᠡ ᠶ᠋ᠢ
              ᠬᠠᠷ᠎ᠠ ᠲᠡᠭᠷᠢ ᠶ᠋ᠢᠨ ᠬᠢᠯᠢᠩ ᠢ᠋ᠶ᠋ᠡᠷ ᠨᠣᠮᠣᠬᠠᠳᠬᠠᠭᠲᠤᠨ!
              ᠶᠡᠷᠡᠨ ᠶᠢᠰᠦᠨ ᠲᠡᠭᠷᠢ ᠥᠭᠡᠳᠡ ᠪᠦᠷᠭᠦᠳ ᠮᠢᠨᠢ ᠨᠢᠰᠦᠭᠡᠷᠡᠢ
              ᠢᠷᠦᠭᠡᠯ ᠲᠡᠭᠡᠭᠡᠵᠦ᠂ ᠢᠷᠣ᠎ᠠ ᠵᠥᠩᠨᠡᠵᠦ ᠪᠦᠷᠭᠦᠳ ᠮᠢᠨᠢ ᠣᠢᠷᠠᠳ ᠲᠠᠭᠠᠨ ᠣᠴᠢᠭᠠᠷᠠᠢ᠂᠂᠂᠂
      ᠪᠦᠷᠭᠦᠳ ᠱᠤᠩᠪᠠᠬᠤ ᠬᠥᠬᠡ ᠲᠩᠷᠢ ᠶ᠋ᠢᠨ ᠵᠠᠬ᠎ᠠ ᠬᠢᠵᠠᠭᠠᠷ ᠦᠭᠡᠢ ᠴᠦᠯ ᠥᠭᠡᠳᠡ ᠳᠠᠨᠵᠢᠯᠠ ᠬᠠᠷᠠᠨ᠎ᠠ᠃ ᠭᠠᠢᠲᠠᠪ ᠪᠠᠭᠠᠲᠤᠷ ᠤ᠋ᠨ ᠭᠤᠷᠪᠠᠨ ᠬᠥᠪᠡᠭᠦᠨ ᠳᠠᠨᠵᠢᠯᠠ ᠶ᠋ᠢᠨ ᠳᠡᠷᠭᠡᠳᠡ ᠶᠠᠪᠤᠭ᠎ᠠ ᠪᠢᠯᠡ᠃ ᠬᠠᠷᠢᠨ ᠠᠷᠴᠠ ᠪᠠᠭᠠᠲᠤᠷ ᠴᠣᠷᠣᠰ ᠬᠦᠷᠢᠶᠡᠨ ᠦ᠌ ᠪᠡᠨ ᠲᠠᠢᠰᠢ ᠨᠢᠭᠡᠨ ᠳᠡᠰ ᠬᠠᠷ᠎ᠠ ᠨᠢᠳᠦ ᠲᠡᠢ᠂ ᠪᠣᠷᠣ ᠠᠷᠠᠰᠤ ᠲᠠᠢ ᠬᠥᠪᠡᠭᠦᠨ  ᠢ᠋  ᠲᠡᠪᠡᠷᠢᠵᠦ ᠰᠡᠷᠢᠭᠦᠯ ᠪᠦᠰᠡᠭᠦᠢ ᠶ᠋ᠢ ᠲᠡᠮᠡᠭᠡ ᠲᠡᠢ ᠠᠴᠢᠶᠠᠨ ᠳ᠋ᠤ᠌ ᠰᠠᠭᠤᠯᠭᠠᠵᠤ ᠣᠳᠤᠭᠰᠠᠨ ᠪᠢᠯᠡ᠃ ᠲᠡᠭᠦᠨ  ᠢ᠋  ᠳᠠᠭᠠᠵᠤ ᠢᠰᠢᠭᠡ ᠲᠡᠢ ᠢᠮᠠᠭ᠎ᠠ᠂ ᠬᠤᠷᠠᠭ᠎ᠠ ᠲᠠᠢ ᠬᠣᠨᠢ ᠲᠠᠭᠤᠭᠰᠠᠨ ᠴᠡᠷᠢᠭ ᠦ᠋ᠨ ᠠᠷᠤ ᠲᠠᠯ᠎ᠠ ᠶ᠋ᠢᠨ ᠬᠢᠨ ᠲᠡᠮᠡᠭᠡᠨ ᠲᠡᠷᠭᠡ ᠪᠡᠷ ᠬᠥᠰᠬᠡ ᠨᠡᠭᠦᠳᠡᠯ ᠦ᠋ᠨ ᠵᠠᠮ ᠢ᠋ᠶ᠋ᠠᠨ ᠨᠡᠭᠡᠭᠡᠵᠡᠢ᠃ ᠬᠣᠨᠢ ᠢᠮᠠᠭ᠎ᠠ ᠮᠠᠢᠯᠠᠯᠳᠤᠨ᠂ ᠢᠩᠭᠡ ᠪᠣᠢᠯᠠᠵᠤ ᠵᠡᠷᠭᠡᠯᠭᠡᠨ ᠳᠤᠮᠳᠠ ᠰᠦᠮᠡᠯᠵᠡᠨ ᠥᠨᠳᠡᠢᠬᠦ ᠠᠯᠲᠠᠢ ᠶ᠋ᠢᠨ ᠨᠢᠷᠤᠭᠤ ᠪᠠᠨ ᠵᠣᠷᠢᠭᠰᠠᠨ ᠶᠤᠮ᠃ ᠣᠢᠷᠠᠳ ᠤ᠋ᠨ ᠮᠠᠯ ᠬᠦᠷᠲᠡᠯ᠎ᠡ ᠣᠯᠠᠨ ᠢ᠋ᠶ᠋ᠠᠷ ᠲᠥᠯᠯᠡᠵᠡᠢ᠃
       ᠬᠣᠪᠲᠣ ᠭᠣᠣᠯ ᠤ᠋ᠨ ᠬᠥᠨᠳᠡᠢ ᠳ᠋ᠦ᠍ ᠤᠰᠤᠯᠠᠭ᠎ᠠ ᠲᠠᠢ ᠲᠠᠷᠢᠶᠠᠯᠠᠩ ᠰᠢᠷᠭᠠᠯᠲᠤᠵᠤ ᠲᠠᠷᠢᠶ᠎ᠠ ᠪᠠᠨ ᠶᠡᠬᠡ ᠬᠤᠷᠢᠶᠠᠵᠤ ᠪᠠᠢᠬᠤ ᠪᠥᠭᠡᠳ ᠼᠡᠮᠪᠤᠭᠠᠷᠪᠤ ᠬᠠᠢᠷᠬᠠᠨ ᠤ᠋ ᠮᠥᠩᠭᠥᠨ ᠴᠠᠭᠠᠨ ᠵᠤᠯᠠᠢ ᠨᠠᠷᠠᠨ ᠳ᠋ᠤ᠌ ᠭᠢᠯᠠᠯᠵᠠᠨ᠎ᠠ᠃
       ᠬᠠᠢᠯᠠᠰᠤᠨ ᠤ᠋ ᠪᠤᠮ ᠨᠠᠪᠴᠢᠰ ᠳᠡᠭᠡᠷ᠎ᠡ ᠲᠣᠳᠣ ᠮᠣᠩᠭᠣᠯ ᠦᠰᠦᠭ ᠭᠠᠷᠴᠠᠢ᠃ ᠲᠡᠷᠡ ᠬᠦ᠌ ᠲᠣᠳᠣ ᠦᠰᠦᠭ ᠢ᠋ᠶ᠋ᠡᠷ ᠭᠠᠯᠳᠠᠨ ᠪᠣᠱᠣᠭᠲᠤ ᠢᠢᠨ ᠬᠦ᠌ ᠰᠢᠯᠦᠭᠯᠡᠭᠰᠡᠨ ᠪᠠᠢᠯ᠎ᠠ᠃ ᠳᠠᠨᠵᠢᠯᠠ ᠰᠡᠯᠡᠮ᠎ᠡ ᠪᠡᠨ ᠰᠤᠯᠠ ᠤᠨᠵᠢᠭᠤᠯᠤᠨ ᠣᠷᠣᠬᠤ ᠳ᠋ᠤ᠌ ᠭᠠᠯᠳᠠᠨ ᠬᠠᠭᠠᠨ ᠮᠣᠳᠣᠨ ᠤ᠋ ᠬᠦᠴᠦᠷᠬᠡᠭ ᠴᠤᠯᠤ ᠦᠨᠳᠦᠰᠦ ᠮᠡᠲᠦ ᠬᠠᠷᠠᠭᠳᠠᠨ᠎ᠠ᠃ ᠵᠠᠪᠢᠯᠠᠨ ᠪᠣᠢ ᠭᠠᠯᠳᠠᠨ ᠬᠠᠭᠠᠨ ᠤ᠋ ᠵᠥᠷᠢᠭᠦᠯᠵᠦ ᠡᠷᠭᠦᠭᠰᠡᠨ ᠠᠯᠠᠭᠠᠨ ᠳᠡᠭᠡᠷ᠎ᠡ ᠪᠤᠷᠬᠠᠨ ᠤ᠋ ᠨᠢᠳᠦ ᠬᠡᠮᠡᠬᠦ ᠵᠢᠮᠢᠰ ᠦ᠋ᠨ ᠶᠠᠰᠤ ᠪᠠᠷ ᠬᠢᠭᠰᠡᠨ ᠡᠷᠢᠭᠡ ᠶ᠋ᠢᠨ ᠨᠢᠭᠡ ᠦᠷᠢᠯ ᠪᠣᠱᠣᠭᠲᠤ ᠬᠠᠭᠠᠨ ᠤ᠋ ᠭᠠᠷ ᠤ᠋ᠨ ᠠᠯᠠᠭᠠᠨ ᠳᠡᠭᠡᠷ᠎ᠡ ᠢᠳᠤᠭᠠᠨ ᠡᠮ᠎ᠡ ᠶ᠋ᠢᠨ ᠭᠠᠪᠠᠯᠠ ᠶ᠋ᠢᠨ ᠴᠣᠢᠵᠢᠯ ᠳᠣᠲᠣᠷ᠎ᠠ ᠷᠠᠰᠢᠶᠠᠨ ᠳ᠋ᠤ᠌ ᠲᠥᠷᠥᠭᠡᠰᠦᠲᠡᠢ ᠪᠠᠢᠪᠠ᠃ ᠷᠠᠰᠢᠶᠠᠨ ᠳᠣᠲᠣᠷ᠎ᠠ ᠪᠤᠷᠬᠠᠨ ᠤ᠋ ᠦᠷᠢᠯ ᠵᠢᠮᠢᠰ ᠦ᠋ᠨ ᠶᠠᠰᠤ ᠲᠣᠳᠣᠷᠠᠵᠤ ᠬᠠᠷᠠᠭᠳᠠᠨ᠎ᠠ᠃ ᠵᠢᠮᠢᠰ ᠦ᠋ᠨ ᠶᠠᠰᠤᠨ ᠳᠣᠲᠣᠷ᠎ᠠ ᠭᠠᠯᠳᠠᠨ ᠬᠠᠭᠠᠨ  ᠢ᠋  ᠰᠡᠢᠯᠵᠡᠢ᠃ ᠪᠢᠰᠢᠯᠭᠠᠯ ᠬᠢᠵᠦ ᠪᠣᠢ ᠯᠠᠮᠠ ᠭᠠᠯᠳᠠᠨ ᠥᠪᠡᠷ ᠦ᠋ᠨ ᠢ᠋ᠶ᠋ᠡᠨ ᠰᠡᠢᠯᠪᠦᠷᠢ ᠶ᠋ᠢ ᠬᠠᠷᠠᠭᠰᠠᠭᠠᠷ ᠪᠠᠢᠪᠠ᠃ ᠡᠨᠡ ᠬᠦ᠌ ᠡᠷᠢᠭᠡ ᠶ᠋ᠢ ᠥᠨᠳᠥᠷ ᠭᠡᠭᠡᠨ ᠵᠠᠨᠠᠪᠠᠽᠠᠷ ᠱᠦᠩᠰᠢᠭᠯᠡᠭᠰᠡᠨ ᠶᠤᠮ᠃
      ᠭᠠᠯᠳᠠᠨ ᠪᠤᠷᠬᠠᠨ ᠤ᠋ ᠨᠢᠳᠦ ᠬᠡᠮᠡᠬᠦ ᠵᠢᠮᠢᠰ ᠦ᠋ᠨ ᠶᠠᠰᠤᠨ ᠳᠡᠭᠡᠷᠡᠬᠢ ᠥᠪᠡᠷ ᠦ᠋ᠨ ᠢ᠋ᠶ᠋ᠡᠨ ᠳᠦᠷᠢ ᠶ᠋ᠢ ᠵᠢᠮᠢᠰ ᠦ᠋ᠨ ᠶᠠᠰᠤᠨ ᠤ᠋ ᠪᠥᠭᠡᠷ᠎ᠡ ᠶ᠋ᠢᠨ ᠳᠡᠭᠡᠷ᠎ᠡ ᠰᠡᠢᠯᠵᠡᠢ᠃ ᠴᠣᠬᠣᠮ ᠶᠠᠭᠤ ᠲᠤᠩᠭᠠᠵᠤ ᠰᠡᠢᠯᠦᠭᠰᠡᠨ  ᠢ᠋  ᠪᠤᠷᠬᠠᠨ ᠮᠡᠳᠡᠬᠦ ᠪᠣᠢ ᠊ᠢ᠎ᠠ᠃
     ᠥᠨᠳᠥᠷ ᠭᠡᠭᠡᠨ ᠵᠠᠨᠠᠪᠠᠽᠠᠷ ᠤ᠋ᠨ ᠰᠡᠢᠯᠪᠦᠷᠢ ᠶ᠋ᠢᠨ ᠨᠢᠭᠤᠴᠠ ᠦᠯᠦ ᠲᠠᠢᠯᠤᠭᠳᠠᠨ᠎ᠠ᠃ ᠡᠨᠡ ᠨᠢᠭᠤᠴᠠ ᠨᠢ ᠭᠠᠯᠳᠠᠨ ᠤ᠋ ᠳᠦᠷᠢ ᠮᠥᠩᠬᠡ ᠶᠤᠮ ᠭᠡᠰᠡᠨ ᠰᠡᠳᠬᠢᠯ ᠢ᠋ᠶ᠋ᠡᠨ ᠵᠢᠮᠢᠰ ᠦ᠋ᠨ ᠶᠠᠰᠤᠨ ᠡᠷᠢᠭᠡ ᠶ᠋ᠢᠨ ᠦᠷᠢᠯ ᠳ᠋ᠦ᠍ ᠰᠢᠩᠭᠡᠭᠡᠭᠰᠡᠨ ᠪᠢᠵᠡ ᠠ᠋᠃
       ᠳᠠᠨᠵᠢᠯᠠ ᠬᠠᠭᠠᠨ ᠤ᠋ ᠪᠠᠨ ᠵᠠᠬᠢᠶᠠᠰᠤ ᠶᠣᠰᠣᠭᠠᠷ ᠲᠡᠭᠦᠨ ᠦ᠌ ᠬᠤᠷᠤᠭᠤᠨ ᠤ᠋ ᠨᠢᠭᠡᠨ ᠦᠶ᠎ᠡ ᠶ᠋ᠢ ᠠᠪᠤᠪᠠ᠃ ᠳᠠᠨᠵᠢᠯᠠ ᠥᠭᠡᠳᠡ ᠪᠡᠨ ᠬᠠᠷᠠᠪᠠ᠃ ᠮᠣᠳᠣᠨ ᠤ᠋ ᠦᠨᠳᠦᠰᠦ ᠮᠥᠴᠢᠷ ᠰᠢᠷᠢᠯᠳᠦᠵᠦ ᠲᠡᠭᠦᠨ ᠦ᠌ ᠬᠤᠷᠤᠭᠤᠨ ᠤ᠋ ᠦᠶ᠎ᠡ ᠮᠡᠲᠦ ᠰᠠᠷᠪᠠᠢᠨ᠎ᠠ᠃ ᠬᠠᠭᠠᠨ ᠢ᠋ᠶ᠋ᠠᠷ ᠯᠠᠮᠠ ᠶ᠋ᠢᠨ ᠢ᠋ᠶ᠋ᠡᠨ ᠷᠢᠳᠢ ᠰᠢᠳᠢ ᠪᠡᠷ ᠬᠠᠳᠠ ᠮᠣᠳᠣ ᠮᠡᠲᠦ ᠪᠣᠯᠵᠤ ᠬᠣᠯᠲᠣᠰᠣ ᠪᠦᠷᠬᠦᠭᠦᠯ ᠨᠢ ᠬᠤᠶᠠᠭ ᠳᠤᠭᠤᠯᠠᠭ᠎ᠠ ᠯᠤᠭ᠎ᠠ ᠨᠥᠮᠥᠷᠦᠨ᠎ᠡ᠃ ᠡᠨᠡ ᠦᠶ᠎ᠡ ᠳ᠋ᠦ᠍ ᠳᠠᠨᠵᠢᠯᠠ ᠪᠢᠲᠡᠭᠦᠦ ᠰᠢᠷ᠎ᠠ ᠭᠡᠷᠡᠯ ᠳ᠋ᠦ᠍ ᠣᠷᠣᠪᠠ᠃ ᠲᠠᠰᠢᠯᠠᡁᠠᠮᠤ ᠬᠡᠢᠳ ᠦ᠋ᠨ ᠲᠣᠮᠣ ᠳᠤᠭᠠᠩ᠂ ᠲᠥᠪᠬᠡᠨ ᠬᠡᠢᠳ ᠦ᠋ᠨ ᠯᠤᠤᠰ ᠤ᠋ᠨ ᠣᠷᠳᠣᠨ ᠳ᠋ᠤ᠌ ᠡᠢᠮᠦᠷᠬᠦᠦ ᠰᠢᠷ᠎ᠠ ᠭᠡᠷᠡᠯ ᠲᠠᠲᠠᠳᠠᠭ ᠪᠢᠯᠡ᠃ ᠳᠠᠨᠵᠢᠯᠠ ᠵᠠᠩᠵᠤᠨ ᠰᠥᠬᠥᠷᠡᠵᠦ ᠰᠠᠭᠤᠭᠠᠳ ᠥᠪᠡᠷ ᠦ᠋ᠨ ᠠᠪᠠᠭ᠎ᠠ ᠠᠬ᠎ᠠ ᠭᠠᠯᠳᠠᠨ ᠬᠤᠪᠢᠯᠭᠠᠨ ᠤ᠋ ᠠᠯᠠᠭᠠᠨ ᠳᠡᠭᠡᠷᠡᠬᠢ ᠴᠣᠢᠵᠢᠯ ᠲᠠᠢ ᠷᠠᠰᠢᠶᠠᠨ  ᠢ᠋  ᠬᠦᠷᠲᠡᠭᠡᠳ ᠮᠥᠨᠥᠬᠢ ᠵᠢᠮᠢᠰ ᠦ᠋ᠨ ᠪᠥᠭᠡᠷᠡᠩᠬᠡᠢ ᠦᠷᠢᠯ  ᠢ᠋ ᠠᠪᠤᠯ᠎ᠠ᠃ ᠳᠠᠨᠵᠢᠯᠠ ᠪᠣᠱᠣᠭᠲᠤ ᠬᠠᠭᠠᠨ ᠤ᠋ ᠵᠠᠬᠢᠶᠠᠰᠤ ᠶ᠋ᠢ ᠭᠦᠢᠴᠡᠭᠡᠭᠰᠡᠨ ᠬᠣᠢᠨ᠎ᠠ ᠨᠠᠷᠠ ᠰᠠᠷᠠ᠂ ᠰᠠᠯᠬᠢᠨ ᠤ᠋ ᠳᠣᠣᠷ᠎ᠠ ᠬᠤᠪᠢᠯᠭᠠᠨ ᠭᠠᠯᠳᠠᠨ ᠬᠡᠴᠢᠨᠡᠭᠡᠨ ᠣᠨ ᠵᠢᠯ ᠪᠢᠰᠢᠯᠭᠠᠯ ᠬᠢᠬᠦ ᠪᠣᠯ ᠭᠡᠮᠡᠨ ᠪᠣᠳᠣᠪᠠ᠃ ᠣᠢᠷᠠᠳ ᠤ᠋ᠨ ᠮᠣᠷᠢᠲᠤ ᠴᠡᠷᠢᠭ ᠦ᠋ᠳ ᠳᠠᠨᠵᠢᠯᠠ ᠶ᠋ᠢ ᠳᠠᠭᠠᠨ ᠠᠯᠲᠠᠢ ᠶ᠋ᠢᠨ ᠶᠡᠬᠡ ᠠᠭᠤᠯᠠ ᠶ᠋ᠢ ᠲᠣᠭᠣᠷᠢᠨ ᠭᠣᠷᠢᠶ᠎ᠠ ᠬᠢᠵᠦ ᠶᠠᠪᠤᠬᠤ ᠦᠶ᠎ᠡ ᠳ᠋ᠦ᠍ ᠳᠠᠨᠵᠢᠯᠠ ᠶ᠋ᠢᠨ ᠵᠢᠷᠦᠬᠡᠨ ᠳ᠋ᠦ᠍《ᠬᠠᠭᠠᠨ ᠠᠭᠤᠯᠠ ᠪᠣᠯᠵᠠᠢ᠃ ᠪᠢ ᠡᠨᠡ ᠠᠭᠤᠯᠠ ᠶ᠋ᠢᠨ ᠲᠠᠬᠢᠯᠴᠢ ᠨᠢ ᠶᠤᠮ 》 ᠭᠡᠰᠡᠨ ᠦᠭᠡᠰ ᠴᠢᠳᠬᠤᠨ᠎ᠠ᠃
     ᠭᠠᠯᠳᠠᠨ ᠬᠠᠭᠠᠨ ᠳᠡᠭᠡᠭᠰᠢ ᠪᠡᠨ ᠬᠠᠢᠯᠠᠰᠤ ᠪᠣᠯᠤᠨ ᠨᠠᠪᠴᠢᠯᠠᠵᠤ ᠲᠡᠭᠦᠨ ᠦ᠌ ᠵᠢᠷᠦᠬᠡᠨ ᠦ᠌ ᠪᠢᠴᠢᠯᠭᠡ ᠰᠢᠯᠦᠭ ᠪᠣᠯᠵᠤ ᠨᠡᠪᠴᠢᠨ᠎ᠡ ᠰᠡᠢᠯᠦᠭᠳᠡᠨ᠎ᠡ᠃ ᠬᠠᠭᠠᠨ ᠣᠢᠷᠠᠳ ᠨᠤᠲᠤᠭ ᠤ᠋ᠨ ᠢ᠋ᠶ᠋ᠠᠨ ᠭᠠᠵᠠᠷ ᠰᠢᠷᠣᠢ ᠳ᠋ᠤ᠌ ᠦᠨᠳᠦᠰᠦᠯᠡᠵᠡᠢ᠃ ᠲᠡᠷᠡ ᠦᠨᠳᠦᠰᠦ ᠨᠢ ᠠᠯᠲᠠᠢ ᠶ᠋ᠢᠨ ᠴᠠᠰᠤᠲᠤ ᠠᠭᠤᠯᠠ᠂ ᠥᠷᠭᠡᠨ ᠭᠣᠪᠢ᠂ ᠠᠭᠤᠳᠠᠮ ᠬᠡᠭᠡᠷ᠎ᠡ ᠲᠠᠯ᠎ᠠ ᠨᠤᠲᠤᠭ  ᠢ᠋  ᠬᠣᠯᠪᠣᠵᠤ ᠤᠰᠤ ᠬᠥᠬᠥᠵᠦ ᠪᠣᠷᠣᠭ᠎ᠠ ᠣᠷᠣᠭᠤᠯᠳᠠᠭ ᠬᠠᠷ᠎ᠠ ᠡᠷᠴᠢᠰ ᠮᠥᠷᠡᠨ ᠦ᠌ ᠰᠤᠳᠠᠰᠤ ᠪᠢᠯᠡ᠃
      ᠡᠨᠡ ᠠᠭᠱᠠᠨ᠎ᠠ ᠲᠣᠪᠰᠢᠭᠤᠷ ᠤ᠋ᠨ ᠠᠶᠠᠯᠭᠤ ᠬᠤᠷ᠎ᠠ ᠪᠣᠷᠣᠭ᠎ᠠ ᠮᠡᠲᠦ ᠱᠠᠭᠢᠨ᠎ᠠ᠃ ᠴᠤᠭᠤᠷ ᠤ᠋ᠨ ᠭᠡᠭᠡᠯᠭᠡᠨ ᠠᠶᠠᠰ ᠢ᠋ᠶ᠋ᠠᠷ ᠡᠪᠡᠰᠦ ᠨᠣᠭᠣᠭ᠎ᠠ ᠠᠮᠢᠯᠠᠨ ᠤᠷᠭᠤᠵᠤ ᠵᠡᠭᠦᠨᠭᠠᠷ ᠤ᠋ᠨ ᠠᠭᠤᠯᠠ᠂ ᠲᠠᠯ᠎ᠠ ᠶ᠋ᠢᠨ ᠣᠷᠣᠨ ᠳᠤᠨᠢᠶᠠᠷᠲᠤᠨ ᠴᠠᠯᠠᠢᠨ᠎ᠠ᠃ ᠳᠡᠭᠡᠭᠦᠷ ᠨᠢ ᠳᠣᠮᠣᠭᠲᠤ ᠬᠦᠷᠡᠩ ᠪᠦᠷᠭᠦᠳ ᠡᠷᠭᠢᠯᠳᠦᠨ ᠪᠠᠢᠬᠤ ᠠᠵᠢ᠃
     ᠪᠠᠭᠠᠲᠤᠷᠯᠢᠭ ᠬᠦᠷᠡᠩ ᠪᠦᠷᠭᠦᠳ ᠦ᠋ᠨ ᠳᠡᠪᠢᠬᠦ ᠳᠠᠯᠠᠪᠴᠢ ᠠᠭᠠᠷ ᠬᠥᠭᠯᠡᠪᠡ᠃ ᠭᠠᠯᠳᠠᠨ ᠪᠣᠱᠣᠭᠲᠤ ᠬᠠᠭᠠᠨ ᠤ᠋ ᠰᠡᠳᠬᠢᠯ ᠵᠢᠷᠦᠬᠡ ᠨᠢᠯᠬ᠎ᠠ ᠪᠠᠭ᠎ᠠ ᠳ᠋ᠠᠭᠠᠨ ᠡᠬᠡᠰᠢᠭ ᠲᠡᠢ ᠪᠣᠯᠵᠠᠢ᠃ᠲᠡᠷᠡ ᠡᠬᠡᠰᠢᠭ ᠳᠠᠭᠤᠷᠢᠰᠤᠭᠰᠠᠭᠠᠷ ᠠᠪᠠᠢ᠃
    《᠁ ᠴᠣᠷᠣᠰ ᠤᠭᠰᠠᠭᠠᠲᠠᠨ ᠵᠡᠭᠦᠨᠭᠠᠷ ᠤ᠋ᠨ ᠬᠠᠭᠠᠨᠲᠤ ᠤᠯᠤᠰ  ᠢ᠋  ᠪᠠᠢᠭᠤᠯᠤᠨ ᠴᠢᠩᠭᠢᠰ ᠬᠠᠭᠠᠨ ᠤ᠋ ᠳᠡᠭᠡᠳᠦ ᠢᠵᠠᠭᠤᠷ ᠳᠤᠸᠠ ᠰᠣᠬᠣᠷ ᠤ᠋ᠨ ᠤᠳᠤᠮ ᠤ᠋ᠨ ᠲᠡᠦᠬᠡ ᠶ᠋ᠢ ᠳᠠᠷᠬᠠᠯᠠᠪᠠ᠃ ᠴᠣᠷᠣᠰ ᠬᠡᠮᠡᠬᠦ ᠲᠣᠮᠣ ᠰᠤᠳᠤᠷ ᠪᠦᠲᠦᠭᠡᠪᠡ᠃ ᠳᠤᠸᠠ ᠰᠣᠬᠣᠷ᠂ ᠭᠠᠯᠳᠠᠨ ᠪᠣᠱᠣᠭᠲᠤ ᠬᠠᠭᠠᠨ ᠤ᠋ ᠬᠣᠭᠣᠷᠣᠨᠳᠣ ᠴᠣᠷᠣᠰ ᠴᠢᠰᠤ ᠪᠤᠯᠠᠩᠭᠢᠷᠲᠤᠭᠰᠠᠨ ᠦᠭᠡᠢ᠃ ᠴᠣᠷᠣᠰ ᠣᠪᠣᠭ ᠤ᠋ᠨ ᠪᠠᠭᠠᠲᠤᠷ ᠤ᠋ᠳ ᠡᠮᠡᠭᠡᠯ ᠳᠡᠭᠡᠷ᠎ᠡ ᠡᠴᠡ ᠪᠠᠭᠤᠭᠰᠠᠨ ᠦᠭᠡᠢ᠃
       ᠁ ᠮᠢᠨᠦ ᠨᠤᠲᠤᠭ ᠤ᠋ᠨ ᠭᠠᠵᠠᠷ ᠠ᠋ᠴᠠ ᠪᠤᠷᠬᠠᠨ ᠭᠤᠶᠤᠭᠰᠠᠨ ᠴᠤ᠌ ᠪᠤᠤ ᠥᠭ!
ᠰᠡᠳᠬᠢᠯ ᠳ᠋ᠦ᠍ ᠪᠠᠭᠲᠠᠭᠰᠠᠨ ᠪᠥᠭᠡᠰᠦ ᠶᠡᠬᠡ ᠪᠠᠭ᠎ᠠ ᠢᠯᠭᠠᠯ ᠦᠭᠡᠢ ᠁ ᠭᠡᠮᠡᠨ ᠣᠢᠷᠠᠳ ᠤ᠋ᠨ ᠭᠠᠯᠳᠠᠨ ᠪᠣᠱᠣᠭᠲᠤ ᠬᠠᠭᠠᠨ ᠰᠢᠯᠦᠭᠯᠡᠨ ᠭᠡᠷᠢᠶᠡᠰᠦᠯᠡᠪᠡ ᠁》ᠲᠣᠪᠰᠢᠭᠤᠷ ᠤ᠋ᠨ ᠠᠶᠠᠯᠭᠤ ᠳᠣᠯᠭᠢᠶᠠᠯᠠᠨ᠎ᠠ᠃
     ᠡᠯᠴᠢ ᠠᠢᠰᠤᠢ᠃ ᠣᠢᠷᠠᠳ ᠮᠣᠩᠭᠣᠯ ᠤ᠋ᠨ ᠡᠯᠴᠢ ᠴᠣᠷᠣᠰ ᠬᠠᠷ᠎ᠠ ᠬᠦᠦ ᠳᠠᠨᠵᠢᠯᠠ ᠵᠠᠩᠵᠤᠨ ᠳ᠋ᠤ᠌《ᠬᠣᠪᠲᠣ ᠶ᠋ᠢᠨ ᠬᠢᠵᠠᠭᠠᠷ  ᠢ᠋ ᠲᠣᠬᠣᠨᠢᠭᠤᠯᠵᠤ ᠴᠡᠷᠢᠭ ᠢ᠋ᠶ᠋ᠡᠨ ᠵᠠᠰᠠᠬᠤ ᠶ᠋ᠢ ᠴᠠᠸᠡᠩᠷᠠᠪᠳᠠᠨ ᠬᠠᠭᠠᠨ ᠵᠠᠷᠯᠢᠭ ᠪᠣᠯᠪᠠ》᠃ ᠭᠡᠮᠡᠨ ᠨᠠᠷᠠᠨ ᠰᠠᠷᠠᠨ ᠭᠠᠯ ᠪᠦᠬᠦᠢ ᠬᠡᠷᠡᠭᠡ ᠪᠡᠨ ᠥᠨᠳᠥᠷ ᠲᠦ᠍ ᠡᠷᠭᠦᠪᠡ ᠠ᠋᠃

      ᠣᠢᠷᠠᠳ ᠤ᠋ᠨ ᠪᠤᠷᠬᠠᠨ ᠤ᠋ ᠱᠠᠰᠢᠨ ᠤ᠋ ᠬᠤᠪᠢᠯᠭᠠᠨ ᠯᠠᠮᠠ᠂ ᠵᠡᠭᠦᠨᠭᠠᠷ ᠤ᠋ᠨ ᠬᠠᠭᠠᠨᠲᠤ ᠤᠯᠤᠰ ᠤ᠋ᠨ ᠬᠠᠭᠠᠨ ᠭᠠᠯᠳᠠᠨ ᠪᠣᠱᠣᠭᠲᠤ ᠶ᠋ᠢᠨ ᠨᠡᠷᠡᠲᠦ ᠳ᠋ᠦ᠍ ᠵᠠᠯᠠᠷᠠᠭᠰᠠᠨ370 ᠵᠢᠯ ᠦ᠋ᠨ ᠣᠢ 2014 ᠣᠨ ᠳ᠋ᠤ᠌ ᠲᠣᠬᠢᠶᠠᠬᠤ ᠲᠤᠯᠠ ᠡᠨᠡ ᠷᠣᠮᠠᠨ ᠢ᠋ᠶ᠋ᠠᠷ ᠢᠷᠦᠭᠡᠯ ᠡᠷᠭᠦᠪᠡ᠃ ᠬᠠᠭᠠᠨ ᠤ᠋ ᠲᠡᠮᠳᠡᠭᠯᠡᠯ ᠣᠷᠣᠰᠢᠪᠠᠢ᠃

                                 ᠵᠣᠬᠢᠶᠠᠯᠴᠢ ᠳ᠂ ᠵᠠᠮᠢᠶᠠᠨ ᠢ᠋ᠶ᠋ᠠᠷ ᠰᠥᠭᠥᠳᠦᠨ ᠮᠥᠷᠭᠥᠮᠦᠢ᠃
                                          2009 ᠣᠨ ᠤ᠋ ᠨᠠᠮᠤᠷ ᠤ᠋ᠨ ᠠᠳᠠᠭ ᠰᠠᠷ᠎ᠠ ᠶ᠋ᠢᠨ ᠳᠠᠰᠢᠨᠢᠮ᠎ᠠ᠂
                                          ᠪᠠᠯᠵᠢᠨᠢᠮ᠎ᠠ ᠬᠣᠣᠰᠯᠠᠭᠰᠠᠨ ᠪᠢᠯᠢᠭᠲᠦ ᠰᠠᠢᠨ ᠡᠳᠦᠷ ᠪᠦᠲᠦᠭᠡᠪᠡ᠃

  ᠦᠰᠦᠭ ᠠᠮᠢᠯᠠᠭᠤᠯᠤᠭᠴᠢ ᠄ ᠡᠷᠳᠡᠨᠢᠪᠢᠯᠢᠭ᠂ ᠠᠮᠤᠷᠪᠠᠶᠠᠷ᠂ ᠣᠶᠤᠨᠴᠢᠮᠡᠭ᠂ ᠤᠤᠭᠠᠨᠵᠢᠳ᠂ ᠨᠠᠷᠠᠨᠲᠣᠭᠣᠰ᠂ ᠪᠦᠷᠢᠨᠴᠡᠴᠡᠭ᠂ ᠤᠳᠤᠨᠭᠡᠷᠡᠯ᠂ ᠨᠠ᠊᠂ ᠴᠠᠭᠠᠨ᠂ ᠣᠳᠬᠠᠨᠴᠡᠴᠡᠭ᠂
  ᠬᠢᠨᠠᠭᠴᠢ ᠪᠠᠭᠰᠢ᠄ ᠲᠣᠳᠤᠭᠡᠷᠡᠯ᠂ ᠤᠤᠭᠠᠨᠵᠢᠳ᠂ ᠨᠠᠷᠠᠨᠲᠣᠭᠣᠰ᠂ ᠠᠨᠢᠷ