ᠪᠠᠲᠤ ᠬᠠᠭᠠᠨ 8-06 ᠬᠡᠢᠳ ᠦ᠋ᠨ ᠴᠡᠴᠡᠷᠯᠢᠭ ᠲᠦ᠍-ᠰᠢᠭᠤᠷᠭ᠎ᠠ ᠲᠠᠯᠪᠢᠪᠠBat khaan Бат хаан-ᠷᠣᠮᠠᠨ
ᠵᠢᠷᠭᠤᠭ᠎ᠠ᠂ ᠬᠡᠢᠳ ᠦ᠋ᠨ ᠴᠡᠴᠡᠷᠯᠢᠭ ᠲᠦ᠍
ᠲᠠᠯ᠎ᠠ ᠰᠠᠷᠠᠨ ᠤ᠋ ᠬᠥᠬᠡ ᠭᠡᠷᠡᠯ ᠳ᠋ᠦ᠍ ᠬᠡᠢᠳ ᠦ᠋ᠨ ᠮᠣᠳᠣᠨ ᠤ᠋ ᠮᠥᠴᠢᠷ ᠲᠦ᠍ ᠴᠠᠰᠤ ᠪᠠᠭᠰᠤᠷᠴᠤ ᠮᠠᠨᠠᠨ ᠳᠣᠲᠣᠷ᠎ᠠ ᠰᠡᠭᠦᠳᠡᠷᠯᠡᠨ ᠬᠠᠷᠠᠭᠳᠠᠨ᠎ᠠ᠃ ᠬᠥᠭᠰᠢᠨ ᠠᠯᠢᠮ᠎ᠠ ᠶ᠋ᠢᠨ ᠮᠣᠳᠣᠨ ᠤ᠋ ᠣᠯᠠᠨ ᠮᠥᠴᠢᠷ ᠦ᠋ᠨ ᠳᠣᠣᠷ᠎ᠠ ᠵᠢᠳᠠ ᠪᠠᠨ ᠲᠦᠰᠢᠭᠰᠡᠨ ᠮᠣᠩᠭᠣᠯ ᠨᠥᠬᠥᠷ ᠴᠡᠷᠢᠭ ᠢ᠋ᠶ᠋ᠡᠨ ᠬᠦᠷᠲᠡᠯ᠎ᠡ ᠴᠠᠰᠤᠨ ᠳᠣᠲᠣᠷ᠎ᠠ ᠵᠣᠭᠰᠣᠭᠠᠵᠤ ᠭᠠᠢᠬᠠᠭᠰᠠᠨ ᠪᠥᠭᠡᠳ ᠦᠯᠦ ᠣᠢᠯᠠᠭᠠᠬᠤ ᠬᠠᠷᠠᠴᠠ ᠪᠠᠷ ᠴᠠᠰᠤᠨ ᠬᠣᠩᠬᠣᠷ ᠢ᠋ ᠰᠢᠷᠳᠡᠨ᠎ᠡ᠃ ᠲᠡᠨᠳᠡ ᠬᠣᠶᠠᠷ ᠬᠥᠮᠦᠨ ᠬᠡᠪᠲᠡᠨ᠎ᠡ᠃ ᠬᠦ ᠬᠤᠶᠠᠭ ᠲᠠᠢ ᠪᠠᠢᠯᠳᠤᠭᠴᠢ ᠪᠠ ᠠᠯᠲᠠᠨ ᠬᠡ ᠲᠡᠢ ᠲᠣᠷᠭᠠᠨ ᠳᠡᠪᠡᠯ ᠲᠡᠢ ᠵᠠᠯᠠᠭᠤ ᠪᠦᠰᠡᠭᠦᠢ ᠬᠣᠶᠠᠷ ᠢ᠋ ᠲᠤᠰ ᠲᠤᠰ ᠪᠠᠭᠤᠤ ᠶ᠋ᠢ ᠨᠢᠷᠤᠭᠤᠨ ᠳ᠋ᠤᠨᠢ ᠬᠦᠯᠢᠵᠦ ᠬᠠᠶᠠᠵᠠᠢ᠃ ᠲᠣᠯᠣᠭᠠᠢ ᠨᠢᠴᠦᠭᠦᠨ ᠪᠠᠢᠯᠳᠤᠭᠴᠢ ᠶ᠋ᠢᠨ ᠤᠷᠲᠤ ᠬᠠᠷ᠎ᠠ ᠦᠰᠦ ᠨᠢ ᠺᠢᠫᠴᠠᠺ ᠤ᠋ᠨ ᠵᠠᠯᠠᠭᠤᠴᠤᠳ ᠤ᠋ᠨ ᠶᠡᠬᠡᠩᠬᠢ ᠶ᠋ᠢᠨ ᠠᠳᠠᠯᠢ ᠮᠥᠷᠦᠨ ᠳᠡᠭᠡᠷ᠎ᠡ ᠨᠢ ᠤᠨᠠᠵᠠᠢ᠃ ᠪᠠᠢᠯᠳᠤᠭᠴᠢ ᠶᠠᠮᠠᠷ ᠨᠢᠭᠡ ᠶᠠᠭᠤᠮ᠎ᠠ ᠬᠡᠯᠡᠬᠦ ᠳ᠋ᠦ᠍ ᠪᠦᠰᠡᠭᠦᠢ ᠬᠠᠶᠠ ᠶᠣᠢᠯᠠᠨ ᠬᠠᠷᠢᠭᠤᠯᠤᠨ᠎ᠠ᠃ ᠴᠡᠷᠢᠭ ᠦ᠋ᠳ ᠡᠳᠡᠨᠡᠷ ᠦ᠋ᠨ ᠰᠢᠪᠡᠨᠡᠯᠳᠦᠨ ᠶᠠᠷᠢᠬᠤ ᠶ᠋ᠢ ᠦᠯᠦ ᠣᠢᠯᠠᠭᠠᠨ᠎ᠠ᠂ ᠲᠡᠭᠡᠭᠡᠳ ᠵᠢᠳᠠ ᠪᠠᠨ ᠳᠥᠰᠢᠨ ᠰᠠᠭᠤᠨ᠎ᠠ᠃
— ᠪᠢ ᠴᠢᠮ᠎ᠠ ᠶ᠋ᠢ ᠮᠢᠨᠦ ᠠᠬ᠎ᠠ ᠭᠡᠵᠦ ᠬᠡᠯᠡᠨ᠎ᠡ᠂ ᠲᠡᠭᠡᠪᠡᠯ ᠴᠢᠮᠠᠶ᠋ᠢ ᠰᠤᠯᠠᠯᠠᠵᠤ ᠵᠠᠩᠵᠤᠨ ᠴᠢᠮ᠎ᠠ ᠳ᠋ᠤ᠌ ᠠᠯᠲᠠᠨ ᠮᠣᠷᠢ ᠥᠭᠴᠦ ᠲᠣᠷᠭ᠎ᠠ ᠪᠠᠷ ᠬᠤᠪᠴᠠᠰᠤᠯᠠᠭᠤᠯᠤᠨᠠ᠁
— ᠪᠢ ᠭᠠᠭᠴᠠᠬᠠᠨ ᠠᠬ᠎ᠠ ᠪᠣᠯᠬᠤ ᠳᠤᠷ᠎ᠠ ᠦᠭᠡᠢ ᠪᠠᠢᠨ᠎ᠠ᠃ ᠴᠢᠨᠦ ᠳᠡᠷᠭᠡᠳᠡ ᠦᠬᠦᠬᠦ ᠨᠢ ᠮᠢᠨᠦ ᠵᠢᠷᠭᠠᠯ᠃ ᠪᠢ ᠪᠠᠲᠤ ᠬᠠᠭᠠᠨ ᠳ᠋ᠤ᠌ ᠴᠢᠮᠠᠶ᠋ᠢ ᠮᠢᠨᠦ ᠢᠨᠠᠭ ᠭᠡᠵᠦ ᠬᠡᠯᠡᠨ᠎ᠡ᠃
— ᠴᠢ ᠡᠭᠦᠨ ᠢ᠋ ᠬᠡᠯᠡᠵᠦ ᠦᠯᠦ ᠪᠣᠯᠤᠨ᠎ᠠ᠃ ᠪᠢᠳᠡᠨᠡᠷ ᠡᠨᠡ ᠵᠣᠪᠠᠯᠠᠩ ᠠ᠋ᠴᠠ ᠠᠩᠭᠢᠵᠢᠷᠠᠬᠤ ᠬᠡᠷᠡᠭᠲᠡᠢ᠁ ᠴᠢ ᠨᠠᠮᠠᠶ᠋ᠢ ᠳᠡᠭᠦᠦ ᠪᠡᠨ ᠭᠡᠵᠦ ᠲᠩᠷᠢ ᠳ᠋ᠦ᠍ ᠲᠠᠩᠭᠠᠷᠢᠭᠯᠠᠭᠠᠷᠠᠢ ᠭᠡᠬᠦ ᠳ᠋ᠦ᠍᠂ ᠮᠣᠩᠭᠣᠯ ᠵᠢᠳᠠ ᠪᠠᠨ ᠡᠷᠭᠦᠵᠦ᠂
— ᠪᠠᠢᠵᠠ᠂ ᠳᠤᠭᠤᠢ ᠪᠠᠢᠵᠠᠭ᠎ᠠ᠂ ᠵᠠᠩᠵᠤᠨ ᠲᠠᠨᠠᠷ ᠤ᠋ᠨ ᠶᠠᠷᠢᠬᠤ ᠶ᠋ᠢ ᠴᠠᠭᠠᠵᠠᠯᠠᠭᠰᠠᠨ ᠭᠡᠵᠦ ᠬᠡᠯᠡᠪᠡ᠃
ᠡᠨᠡ ᠬᠠᠷᠠᠭᠤᠯ ᠤ᠋ᠨ ᠴᠡᠷᠢᠭ ᠬᠦᠯᠢᠭᠲᠡᠢ ᠪᠠᠢᠯᠳᠤᠭᠴᠢ ᠶ᠋ᠢ ᠰᠠᠢᠨ ᠮᠡᠳᠡᠨ᠎ᠡ᠂ ᠡᠨᠡ ᠲᠦᠷᠦᠭᠦᠴᠢ ᠶ᠋ᠢᠨ ᠵᠠᠭᠤᠲᠤ ᠶ᠋ᠢᠨ ᠵᠣᠷᠢᠭᠲᠠᠢ ᠭᠠᠪᠰᠢᠭᠠᠢ ᠵᠠᠯᠠᠭᠤ ᠪᠥᠭᠡᠳ ᠰᠠᠢᠨ ᠮᠣᠷᠢ ᠤᠨᠤᠨ᠎ᠠ᠂ ᠠᠷᠠᠫᠱᠠ ᠶ᠋ᠢᠨ ᠬᠠᠢᠷᠠᠲᠤ ᠬᠥᠮᠦᠨ ᠪᠢᠯᠡ᠃ ᠡᠭᠦᠨ ᠦ᠌ ᠪᠣᠳᠣᠯ ᠢ᠋ ᠶᠠᠭᠤ ᠲᠥᠭᠡᠷᠢᠭᠦᠯᠪᠡ? ᠵᠠᠩᠵᠤᠨ ᠤ᠋ ᠵᠠᠯᠠᠭᠤ ᠬᠠᠲᠤᠨ ᠥᠭᠡᠳᠡ ᠬᠡᠷᠬᠢᠨ ᠵᠣᠷᠢᠭᠯᠠᠵᠤ ᠨᠢᠳᠦ ᠪᠡᠨ ᠡᠷᠭᠦᠵᠦ ᠬᠠᠷᠠᠪᠠ? ᠣᠳᠣ ᠡᠭᠦᠨ ᠢ᠋ ᠬᠤᠷᠳᠤᠨ ᠠᠯᠠᠬᠤ ᠪᠢᠵᠡ ᠭᠡᠵᠦ ᠪᠣᠳᠣᠨ᠎ᠠ᠃
ᠬᠥᠭᠰᠢᠨ ᠮᠣᠳᠣ ᠨᠤᠭᠤᠳ ᠤ᠋ᠨ ᠳᠤᠮᠳᠠᠭᠤᠷ ᠬᠡᠢᠳ ᠦ᠋ᠨ ᠲᠣᠮᠣ ᠨᠣᠬᠠᠳ ᠰᠦᠷᠦᠭ ᠢ᠋ᠶ᠋ᠡᠷ ᠢᠷᠡᠵᠦ ᠶᠠᠪᠤᠨ᠎ᠠ᠃ ᠲᠦᠷᠦᠭᠦᠴᠢ ᠶ᠋ᠢᠨ ᠨᠣᠬᠠᠢ ᠣᠢᠷᠠᠬᠠᠨ ᠣᠴᠢᠵᠤ ᠬᠡᠪᠲᠡᠵᠦ ᠪᠠᠢᠭ᠎ᠠ ᠬᠥᠮᠦᠰ ᠢ᠋ ᠥᠪᠡᠷ ᠦ᠋ᠨ ᠬᠤᠷᠳᠤᠨ ᠣᠯᠤᠭᠰᠠᠨ ᠣᠯᠵᠠ ᠮᠡᠲᠦ ᠬᠠᠷᠠᠵᠤ ᠬᠦᠯᠢᠶᠡᠨ ᠰᠠᠭᠤᠨ᠎ᠠ᠂ ᠨᠣᠬᠠᠢ ᠨᠤᠭᠤᠳ ᠤ᠋ᠨ ᠨᠢᠭᠡ ᠨᠢ ᠠᠶᠤᠮᠰᠢᠭ ᠦᠭᠡᠢ ᠣᠢᠷᠠᠲᠤᠪᠠ᠂ ᠨᠥᠬᠥᠷ ᠵᠢᠳᠠ ᠪᠠᠨ ᠴᠢᠯᠠᠭᠤᠳᠠᠵᠤ ᠬᠥᠭᠡᠭᠡᠪᠡ᠂ ᠨᠣᠬᠠᠢ ᠭᠠᠰᠠᠯᠵᠤ ᠵᠠᠢᠯᠠᠨ ᠳᠠᠪᠬᠢᠪᠠ᠂ ᠪᠤᠰᠤᠳ ᠨᠢ ᠲᠡᠭᠦᠨ ᠦ᠌ ᠬᠣᠢᠨ᠎ᠠ ᠠ᠋ᠴᠠ ᠭᠦᠶᠦᠯᠳᠦᠪᠡ᠂ ᠮᠣᠩᠭᠣᠯ ᠭᠦᠨᠵᠡᠭᠡᠢ ᠴᠠᠰᠤᠨ ᠳᠤᠮᠳᠠᠭᠤᠷ ᠶᠠᠪᠤᠵᠤ ᠵᠢᠳᠠ ᠪᠠᠨ ᠠᠪᠤᠭᠠᠳ ᠡᠷᠭᠢᠵᠦ ᠪᠠᠢᠷᠢᠨ ᠳ᠋ᠠᠭᠠᠨ ᠢᠷᠡᠪᠡ ᠃
ᠱᠠᠲᠤ ᠳᠡᠭᠡᠷᠡᠬᠢ ᠡᠭᠦᠳᠡ ᠳᠤᠤᠭᠠᠷᠪᠠ᠂ ᠬᠠᠭᠠᠯᠭ᠎ᠠ ᠬᠢᠬᠤᠨᠠᠵᠤ ᠬᠡᠳᠦᠨ ᠬᠥᠮᠦᠰ ᠶᠠᠪᠤᠵᠤ ᠢᠷᠡᠪᠡ᠂ ᠨᠣᠬᠠᠳ ᠬᠤᠴᠠᠵᠤ ᠤᠭᠲᠤᠨ ᠭᠦᠶᠦᠯᠳᠦᠪᠡ᠃ ᠭᠡᠲᠡᠯ᠎ᠡ ᠰᠦᠪᠡᠭᠡᠳᠡᠢ ᠪᠠᠭᠠᠲᠤᠷ ᠠᠷᠠᠫᠱᠠ ᠬᠠᠳ᠋ᠵᠢ ᠷᠠᡁᠢ᠍ᠮ ᠪᠣᠯᠤᠨ ᠭᠤᠷᠪᠠᠨ ᠨᠥᠬᠥᠷ ᠦ᠋ᠳ ᠪᠠᠢᠨ᠎ᠠ᠃ ᠬᠠᠳ᠋ᠵᠢ ᠷᠠᡁᠢ᠍ᠮ ᠲᠣᠰᠣ ᠨᠡᠪᠲᠡᠷᠡᠭᠰᠡᠨ ᠲᠣᠷᠭᠠᠨ ᠳ᠋ᠧᠩᠯᠦ ᠨᠣᠴᠣᠭᠠᠵᠤ ᠶᠠᠪᠤᠬᠤ ᠪᠥᠭᠡᠳ ᠨᠢᠭᠡᠳᠦᠭᠡᠷ ᠲᠦ᠍ ᠲᠣᠮᠣ ᠠᠯᠬᠤᠯᠠᠨ ᠶᠦᠯᠳᠥ᠋ᠽ ᠳᠡᠭᠡᠷ᠎ᠡ ᠣᠴᠢᠵᠤ ᠪᠥᠬᠥᠢᠨ ᠳ᠋ᠧᠩᠯᠦ ᠶ᠋ᠢᠨ ᠶᠠᠳᠠᠮᠠᠭ ᠭᠡᠷᠡᠯ ᠳ᠋ᠦ᠍ ᠵᠣᠪᠠᠨᠢᠭᠰᠠᠨ ᠴᠢᠷᠠᠢ ᠶ᠋ᠢ ᠬᠠᠷᠠᠪᠠ᠃
一 ᠡᠷᠲᠡ ᠤᠷᠢᠳᠤ ᠴᠢ ᠨᠠᠮᠠᠶ᠋ᠢ ᠲᠡᠵᠢᠭᠡᠵᠦ ᠪᠠᠢᠭᠰᠠᠨ ᠪᠢᠰᠢ ᠪᠢᠯᠢᠤ᠂ ᠴᠢ ᠰᠦ᠋ ᠪᠠ ᠬᠠᠯᠠᠭᠤᠨ ᠪᠢᠩ ᠠᠪᠴᠢᠷᠠᠵᠤ ᠥᠭᠭᠦᠭᠡᠳ ᠬᠥᠭᠰᠢᠨ ᠮᠢᠨᠦ ᠵᠣᠪᠠᠯᠠᠩᠲᠤ ᠠᠮᠢᠳᠤᠷᠠᠯ ᠤ᠋ᠨ ᠡᠳᠦᠷ ᠢ᠋ ᠰᠤᠩᠭᠠᠵᠤ ᠥᠭᠭᠦᠭᠰᠡᠨ ᠪᠢᠯᠡ᠂ ᠣᠳᠣ ᠴᠢ ᠬᠡᠷᠬᠢᠭᠰᠡᠨ ᠪᠣᠢ᠂ ᠪᠢᠴᠢᠬᠠᠨ ᠶᠦᠯᠳᠥ᠋ᠽ ᠬᠠᠲᠤᠨ ᠣᠷᠣᠰ ᠤ᠋ᠨ ᠴᠠᠰᠤᠨ ᠳᠣᠲᠣᠷ᠎ᠠ ᠤᠮᠪᠠᠪᠠ? ᠴᠢ ᠡᠨᠡ ᠥᠯᠥᠰᠬᠦᠯᠡᠩ ᠠᠮᠢᠲᠠᠳ ᠤ᠋ᠨ ᠣᠯᠵᠠ ᠪᠣᠯᠵᠤ ᠪᠣᠯᠤᠨ᠎ᠠ ᠰᠢᠦ! ᠬᠤᠷᠳᠤᠨ ᠂ ᠬᠤᠷᠳᠤᠨ ᠰᠡᠷᠢᠭᠡᠭᠲᠦᠨ! ᠭᠡᠵᠦ ᠬᠠᠳ᠋ᠵᠢ ᠷᠠᡁᠢ᠍ᠮ ᠳ᠋ᠧᠩᠯᠦ ᠪᠡᠨ ᠴᠠᠰᠤᠨ ᠳᠡᠭᠡᠷ᠎ᠡ ᠲᠠᠯᠪᠢᠵᠤ ᠬᠥᠯᠳᠡᠭᠰᠡᠨ ᠬᠦᠯᠢᠭ ᠦ᠋ᠨ ᠣᠭᠣᠰᠣᠷ ᠢ᠋ ᠵᠣᠪᠠᠵᠤ ᠲᠠᠢᠯᠪᠠ᠂ ᠲᠡᠭᠡᠭᠡᠳ ᠮᠡᠳᠡᠷᠡᠯ ᠦᠭᠡᠢ ᠪᠣᠯᠵᠤ ᠤᠰᠤᠲᠤᠭᠰᠠᠨ ᠶᠦᠯᠳᠥ᠋ᠽ ᠲᠦ᠍ ᠲᠤᠰᠠᠯᠠᠵᠤ ᠡᠷᠭᠦᠨ ᠪᠣᠰᠬᠠᠪᠠ᠃ ᠠᠷᠠᠫᠱᠠ ᠲᠡᠭᠦᠨ ᠢ᠋ ᠪᠤᠯᠠᠭᠠᠨ ᠳᠡᠪᠡᠯ ᠳᠣᠲᠣᠷ᠎ᠠ ᠣᠷᠢᠶᠠᠪᠠ᠃ ᠬᠦᠯᠢᠭ ᠡᠴᠡ ᠪᠡᠨ ᠰᠤᠯᠠᠷᠠᠭᠰᠠᠨ ᠮᠦᠰᠥ᠋ᠺ ᠪᠣᠰᠤᠨ ᠬᠠᠷᠠᠢᠵᠤ ᠬᠥᠯ ᠢ᠋ᠶ᠋ᠡᠨ ᠠᠯᠴᠠᠢᠯᠭᠠᠨ ᠵᠣᠭᠰᠣᠵᠤ ᠡᠨᠡᠬᠦ ᠪᠣᠯᠵᠤ ᠪᠠᠢᠭ᠎ᠠ ᠶᠠᠪᠤᠳᠠᠯ ᠤ᠋ᠳ ᠲᠡᠭᠦᠨ ᠳ᠋ᠦ᠍ ᠶᠡᠷᠦ ᠦᠯᠦ ᠬᠠᠮᠢᠶᠠᠷᠬᠤ ᠮᠡᠲᠦ ᠰᠢᠨᠵᠢᠲᠡᠢ ᠬᠥᠳᠡᠯᠦᠯ ᠦᠭᠡᠢ ᠵᠣᠭᠰᠣᠬᠤ ᠰᠦᠪᠡᠭᠡᠳᠡᠢ ᠪᠠᠭᠠᠲᠤᠷ ᠳᠡᠭᠡᠷ᠎ᠡ ᠭᠠᠩᠬᠤᠭᠰᠠᠭᠠᠷ ᠬᠦᠷᠴᠦ ᠢᠷᠡᠪᠡ᠃
一 ᠴᠢ ᠬᠡᠨ ᠦ᠌ ᠬᠡᠦᠬᠡᠳ ᠪᠣᠢ? ᠲᠣᠳᠣᠷᠬᠠᠢ ᠬᠡᠯᠡ ᠭᠡᠵᠦ ᠬᠠᠳ᠋ᠵᠢ ᠷᠠᡁᠢ᠍ᠮ ᠠᠰᠠᠭᠤᠪᠠ᠃
一 ᠴᠢᠯᠥᠭᠡᠲᠦ ᠰᠠᠯᠬᠢᠨ ᠤ᠋ ᠭᠡᠵᠦ ᠮᠦᠰᠥ᠋ᠺ ᠬᠠᠷᠢᠭᠤᠯᠪᠠ᠃
一 ᠡᠨᠡ ᠪᠦᠰᠡᠭᠦᠢ ᠬᠡᠨ ᠪᠣᠢ? ᠭᠡᠵᠦ ᠬᠠᠳ᠋ᠵᠢ ᠷᠠᡁᠢ᠍ᠮ ᠦᠷᠭᠦᠯᠵᠢᠯᠡᠨ᠂
一 ᠴᠢ ᠡᠭᠦᠨ ᠢ᠋ ᠲᠠᠨᠢᠬᠤ ᠤᠤ? ᠮᠦᠰᠥ᠋ᠺ ᠳᠠᠭᠤ ᠦᠯᠦ ᠭᠠᠷᠤᠨ᠎ᠠ᠃ ᠭᠡᠲᠡᠯ᠎ᠡ ᠳᠡᠪᠡᠯ ᠦ᠋ᠨ ᠳᠣᠲᠣᠷ᠎ᠠ ᠠ᠋ᠴᠠ ᠳᠣᠷᠣᠢ ᠳᠠᠭᠤ ᠭᠠᠷᠴᠤ᠂
— ᠡᠨᠡ ᠮᠢᠨᠦ ᠠᠬ᠎ᠠ ᠮᠦᠰᠥ᠋ᠺ᠂ ᠪᠢᠳᠡ ᠬᠣᠶᠠᠭᠤᠯᠠ ᠪᠠᠨ ᠰᠢᠭ᠌ᠨᠠᠺ ᠤ᠋ᠨ ᠨᠠᠽᠠᠷ ᠺᠢᠶᠠᠷᠢᠽᠸᠺ ᠤ᠋ᠨ ᠬᠡᠦᠬᠡᠳ ᠶᠤᠮ ᠭᠡᠵᠦ( ᠭᠡᠬᠦ ᠳ᠋ᠦ᠍) ᠰᠦᠪᠡᠭᠡᠳᠡᠢ ᠪᠠᠭᠠᠲᠤᠷ ᠬᠣᠭᠣᠷᠣᠨᠳᠣ ᠨᠢ ᠣᠷᠣᠵᠤ᠂
— ᠬᠠᠲᠠᠵᠢ ᠷᠠᠾᠢᠮ ᠶᠠᠭᠤ ᠭᠡᠵᠦ ᠬᠡᠯᠡᠨ᠎ᠡ? ᠲᠡᠷᠡ ᠬᠡᠵᠢᠶᠡᠳᠡ ᠵᠥᠪ᠂ ᠡᠨᠡ ᠬᠠᠷ᠎ᠠ ᠪᠥᠬᠡ ᠨᠠᠷ ᠤ᠋ᠨ ᠪᠠᠢᠰᠢᠩ ᠳ᠋ᠤ᠌ ᠴᠥᠮ ᠢ᠋ᠶ᠋ᠡᠷ ᠤᠬᠠᠭᠠᠨ ᠠᠯᠳᠠᠵᠠᠢ᠂ ᠪᠠᠢᠯᠳᠤᠭᠴᠢ ᠮᠦᠰᠥ᠋ᠺ ᠴᠢ ᠨᠠᠳᠠᠳᠤ ᠰᠠᠯᠬᠢᠨ ᠤ᠋ ᠬᠦᠦ ᠭᠡᠭᠴᠢ ᠪᠡᠨ ᠦᠵᠡᠭᠦᠯᠵᠦ ᠥᠭᠬᠦ ᠬᠡᠷᠡᠭᠲᠡᠢ᠃ ᠴᠢ ᠲᠦᠷᠦᠭᠦᠯᠡᠵᠦ ᠬᠠᠮᠤᠭ ᠤ᠋ᠨ ᠬᠡᠴᠡᠭᠦᠦ ᠲᠠᠩᠨᠠᠭᠤᠯ ᠳ᠋ᠤ᠌ ᠶᠠᠪᠤᠨ᠎ᠠ᠂ ᠴᠡᠷᠢᠭ ᠦ᠋ᠳ ᠶᠦᠯᠳᠥ᠋ᠽ ᠬᠠᠲᠤᠨ ᠢ᠋ ᠡᠷᠭᠦᠵᠦ ᠠᠪᠤᠭᠠᠳ ᠠᠪᠠᠴᠢᠵᠤ ᠠᠮᠠᠷᠠᠭᠤᠯ ᠭᠡᠪᠡ᠃
ᠵᠠᠩᠵᠤᠨ ᠤ᠋ ᠣᠷᠣᠰᠢᠬᠤ ᠲᠠᠰᠤᠯᠭᠠᠨ ᠤ᠋ ᠡᠭᠦᠳᠡᠨ ᠡᠴᠡ ᠰᠦᠷᠡᠬᠡᠢ ᠪᠠᠷᠬᠢᠷᠠᠬᠤ ᠪᠠ ᠵᠡᠷᠯᠢᠭ ᠢ᠋ᠶ᠋ᠡᠷ ᠭᠠᠰᠠᠯᠬᠤ ᠳᠠᠭᠤ ᠰᠣᠨᠣᠰᠳᠠᠨ᠎ᠠ᠂ ᠴᠡᠷᠢᠭ ᠬᠠᠨ᠎ᠠ ᠨᠠᠯᠠᠵᠤ ᠵᠣᠭᠰᠣᠨ᠎ᠠ᠃
— ᠲᠡᠨᠳᠡ ᠶᠠᠭᠤ ᠪᠣᠯᠪᠠ ᠭᠡᠵᠦ ᠰᠦᠪᠡᠭᠡᠳᠡᠢ ᠪᠠᠭᠠᠲᠤᠷ ᠠᠰᠠᠭᠤᠪᠠ᠃
— ᠵᠠᠩᠵᠤᠨ ᠰᠣᠯᠢᠶᠠᠷᠠᠵᠠᠢ᠂ ᠰᠡᠯᠡᠮ᠎ᠡ ᠪᠡᠷ ᠣᠷᠣᠰ ᠤ᠋ᠨ ᠪᠤᠷᠬᠠᠨ ᠢ᠋ ᠴᠠᠪᠴᠢᠵᠤ ᠪᠠᠰᠠ ᠲᠠᠪᠠᠭ ᠳᠣᠯᠢᠶᠠᠵᠠᠢ᠂ ᠬᠣᠶᠠᠷ ᠨᠥᠬᠥᠷ ᠢ᠋ ᠣᠭᠲᠣᠯᠵᠤ ᠠᠯᠠᠭᠠᠳ ᠣᠳᠣ ᠥᠪᠡᠷ ᠢ᠋ᠶ᠋ᠡᠨ ᠤᠬᠢᠯᠠᠵᠤ ᠪᠠᠢᠨ᠎ᠠ᠃
— ᠤᠬᠢᠯᠠᠵᠤ ᠪᠠᠢᠨ᠎ᠠ ᠭᠡᠵᠢ ᠤᠤ?
— ᠲᠠ ᠰᠣᠨᠣᠰᠬᠤ ᠦᠭᠡᠢ ᠪᠠᠢᠨ᠎ᠠ ᠭᠡᠵᠢ ᠤᠤ?
ᠰᠦᠪᠡᠭᠡᠳᠡᠢ ᠡᠭᠦᠳᠡᠨ ᠦ᠌ ᠳᠡᠷᠭᠡᠳᠡ ᠣᠴᠢᠪᠠ᠂ ᠲᠡᠨᠳᠡ ᠡᠴᠡ ᠮᠠᠭᠤᠬᠠᠢ ᠣᠯᠢᠬᠤ ᠮᠡᠲᠦ ᠳᠠᠭᠤ ᠭᠠᠷᠤᠨ᠎ᠠ᠃
— ᠪᠤᠤ ᠣᠷᠣ᠂ ᠲᠠᠨ ᠢ᠋ ᠴᠠᠪᠴᠢᠨ᠎ᠠ ᠰᠢᠦ᠃
ᠠᠷᠠᠫᠱᠠ ᠶᠦᠯᠳᠥ᠋ᠽ ᠢ᠋ ᠠᠪᠴᠢᠷᠠᠵᠤ ᠵᠡᠷᠭᠡᠯᠡᠳᠡᠭᠡ ᠲᠠᠰᠤᠯᠭᠠᠨ ᠳ᠋ᠤ᠌ ᠣᠷᠣᠭᠤᠯᠤᠨ ᠣᠷᠣᠨ ᠳᠡᠭᠡᠷ᠎ᠡ ᠲᠠᠯᠪᠢᠪᠠ᠃ ᠬᠢᠲᠠᠳ ᠥᠬᠢᠨ ᠢ ᠯᠡ ᠾᠧ ᠤᠶᠠᠬᠠᠨ ᠢ᠋ᠶ᠋ᠠᠷ ᠲᠡᠭᠦᠨ ᠢ᠋ ᠠᠷᠴᠢᠵᠤ ᠡᠬᠢᠯᠡᠪᠡ᠃
ᠰᠦᠪᠡᠭᠡᠳᠠᠢ ᠬᠠᠭᠠᠯᠭᠠᠨ ᠤ᠋ ᠳᠡᠷᠭᠡᠳᠡ ᠬᠦᠯᠢᠶᠡᠨ ᠵᠣᠭᠰᠣᠪᠠ᠃
— ᠶᠠᠮᠠᠷ ᠴᠠᠭᠠᠵᠠ ᠪᠣᠢ? ᠣ— ᠣ᠂ ᠶᠠᠮᠠᠷ ᠲᠦᠷᠢᠮᠡᠬᠡᠢᠯᠡᠯ ᠪᠣᠢ? — ᠣ— ᠣ ! ᠬᠣᠣᠷᠲᠠᠨ ᠨᠤᠭᠤᠳ ᠪᠠᠰᠠ ᠳᠠᠬᠢᠨ ᠮᠢᠨᠦ ᠵᠠᠮ ᠳ᠋ᠤ᠌ ᠪᠣᠰᠴᠠᠢ! ᠣ— ᠣ! ᠲᠡᠳᠡᠨᠡᠷ ᠨᠠᠮᠠᠶ᠋ᠢ ᠴᠢᠩᠭᠢᠰ ᠬᠠᠭᠠᠨ ᠤ᠋ ᠠᠴᠢ ᠬᠦᠦ ᠭᠡᠵᠦ ᠦᠵᠡᠨ᠎ᠡ ᠳ᠋ᠠ! ᠲᠡᠳᠡᠨᠡᠷ ᠡᠭᠦᠨ ᠢ᠋ ᠦᠵᠡᠨ᠎ᠡ ᠳ᠋ᠠ!᠁ ᠭᠡᠵᠦ ᠪᠠᠷᠬᠢᠷᠠᠬᠤ ᠳᠠᠭᠤ ᠳᠠᠬᠢᠨ ᠰᠣᠨᠣᠰᠳᠠᠪᠠ᠃
ᠰᠦᠪᠡᠭᠡᠳᠡᠢ ᠪᠠᠭᠠᠲᠤᠷ ᠪᠥᠬᠥᠢᠭᠰᠡᠭᠡᠷ ᠪᠠᠢᠭᠠᠳ ᠲᠡᠭᠦᠨ ᠦ᠌ ᠥᠷᠭᠡᠨ ᠨᠢᠷᠤᠭᠤ ᠨᠢ ᠪᠠᠷᠤᠭ ᠪᠥᠭᠡᠷᠡᠩᠬᠡᠢ ᠪᠣᠯᠵᠠᠢ᠃ ᠲᠡᠭᠡᠭᠡᠳ ᠰᠢᠢᠳᠪᠦᠷᠢ ᠲᠡᠢ ᠪᠡᠷ ᠨᠢᠳᠦ ᠶ᠋ᠢ ᠨᠡᠭᠡᠭᠡᠵᠦ ᠲᠠᠰᠤᠯᠭᠠᠨ ᠳ᠋ᠤ᠌ ᠣᠷᠣᠪᠠ᠃
ᠰᠢᠷᠡᠭᠡᠨ ᠦ᠌ ᠳᠣᠣᠷ᠎ᠠ ᠠ᠋ᠴᠠ ᠴᠠᠪᠴᠢᠭᠳᠠᠭᠰᠠᠨ ᠬᠥᠮᠦᠰ ᠦ᠋ᠨ ᠬᠥᠯ ᠦᠵᠡᠭᠳᠡᠨ᠎ᠡ᠂ ᠱᠠᠯᠠ ᠳᠡᠭᠡᠷ᠎ᠡ ᠴᠢᠰᠤ ᠲᠤᠨᠤᠵᠠᠢ᠃ ᠪᠠᠲᠤ ᠬᠠᠭᠠᠨ ᠰᠢᠷᠡᠭᠡᠨ ᠳᠡᠭᠡᠷ᠎ᠡ ᠬᠥᠯ ᠢ᠋ᠶ᠋ᠡᠨ ᠠᠲᠤᠢᠯᠭᠠᠨ ᠰᠠᠭᠤᠵᠤ ᠡᠪᠦᠳᠦᠭ ᠳᠡᠭᠡᠷ᠎ᠡ ᠪᠡᠨ ᠲᠠᠬᠢᠷ ᠰᠡᠯᠡᠮ᠎ᠡ ᠪᠠᠷᠢᠵᠠᠢ᠃ ᠨᠢᠭᠤᠷ ᠨᠢ ᠬᠠᠪᠠᠭᠠᠨᠠᠵᠤ᠂ ᠨᠢᠳᠦ ᠨᠢ ᠤᠯᠠᠢᠵᠠᠢ᠃ ᠲᠡᠷᠡ ᠰᠦᠪᠡᠭᠡᠳᠠᠢ ᠲᠠᠰᠢ ᠲᠣᠭᠰᠢᠨ ᠢ᠋ᠶ᠋ᠠᠷ ᠰᠢᠷᠲᠡᠨ᠎ᠡ᠂ ᠲᠡᠷᠡ ᠡᠭᠴᠡᠯᠡᠨ ᠵᠣᠭᠰᠣᠵᠤ ᠲᠡᠭᠦᠨ ᠦ᠌ ᠨᠢᠭᠤᠷ ᠲᠡᠰᠢ ᠴᠢᠭ᠌ ᠰᠢᠷᠳᠡᠬᠦ ᠳ᠋ᠦ᠍ ᠰᠦᠪᠡᠭᠡᠳᠠᠢ ᠮᠠᠰᠢ ᠤᠶᠠᠬᠠᠨ ᠢ᠋ᠶ᠋ᠠᠷ᠂
— ᠵᠠᠩᠵᠤᠨ ᠮᠢᠨᠢ ᠶᠠᠭᠤᠨ ᠳ᠋ᠤ᠌ ᠤᠬᠢᠯᠠᠨ᠎ᠠ ᠪᠣᠢ? ᠭᠡᠵᠦ ᠠᠰᠠᠭᠤᠪᠠ᠃
ᠪᠠᠲᠤ ᠬᠠᠭᠠᠨ ᠶᠠᠮᠠᠷ ᠨᠢᠭᠡ ᠬᠥᠮᠦᠨ ᠢ᠋ ᠴᠠᠪᠴᠢᠬᠤ ᠶ᠋ᠢ ᠪᠣᠳᠣᠭᠰᠠᠨ ᠶᠤᠮ ᠰᠢᠭ᠋ ᠰᠡᠯᠡᠮ᠎ᠡ ᠪᠡᠨ ᠲᠣᠯᠣᠭᠠᠢ ᠳᠡᠭᠡᠷ᠎ᠡ ᠪᠡᠨ ᠡᠷᠭᠦᠨ᠂ ᠭᠡᠨᠡᠳᠲᠡ ᠡᠷᠭᠢᠵᠦ ᠬᠤᠪᠢᠯᠭᠠᠨ ᠸᠯᠠᠰᠠᠢ᠍ᠲ ᠭᠡᠳᠡᠭ ᠪᠤᠷᠬᠠᠨ ᠢ᠋ ᠴᠠᠪᠴᠢᠵᠤ ᠡᠬᠢᠯᠡᠪᠡ᠃ ᠰᠡᠯᠡᠮ᠎ᠡ ᠬᠠᠩᠭᠢᠨᠠᠵᠤ ᠪᠤᠷᠬᠠᠨ ᠠ᠋ᠴᠠ ᠵᠣᠮᠭᠣᠯ ᠦᠰᠦᠷᠦᠨ᠎ᠡ᠃
— ᠶᠠᠭᠤᠨ ᠳ᠋ᠤ᠌ ᠴᠢ ᠣᠷᠣᠰ ᠤ᠋ᠨ ᠪᠤᠷᠬᠠᠨ ᠢ᠋ ᠵᠢᠮᠡᠯᠡᠨ᠎ᠡ ᠪᠣᠢ? ᠭᠡᠵᠦ ᠰᠥᠪᠡᠭᠡᠳᠠᠢ ᠡᠩ ᠦ᠋ᠨ ᠪᠤᠰᠤ ᠵᠥᠭᠡᠯᠡᠨ ᠪᠥᠭᠡᠳ ᠡᠴᠢᠭᠡ ᠰᠢᠨᠵᠢ ᠶ᠋ᠢᠨ ᠳᠠᠭᠤ ᠪᠠᠷ ᠦᠷᠭᠦᠯᠵᠢᠯᠡᠨ᠂
— ᠨᠠᠳᠠᠳᠤ ᠡᠨᠡᠬᠦ ᠤᠷᠲᠤ ᠰᠠᠬᠠᠯᠲᠤ ᠪᠤᠷᠬᠠᠨ ᠪᠣᠯ ᠵᠣᠪᠠᠯᠠᠩᠲᠠᠨ ᠢ᠋ ᠠᠪᠤᠷᠠᠵᠤ ᠠᠯᠢᠪᠠ ᠨᠢᠭᠡᠨ ᠮᠠᠯ ᠠᠳᠤᠭᠤᠰᠤ ᠶ᠋ᠢ ᠬᠠᠮᠠᠭᠠᠯᠠᠳᠠᠭ ᠭᠡᠵᠦ ᠬᠡᠯᠡᠭᠰᠡᠨ ᠶᠤᠮ ᠭᠡᠲᠡᠯ᠎ᠡ᠂
一ᠬᠠᠷᠢᠨ ᠮᠢᠨᠦ ᠲᠥᠯᠥᠭᠡ ᠶᠠᠭᠤ ᠴᠥ᠍ ᠬᠢᠭᠰᠡᠨ ᠦᠭᠡᠢ! ᠬᠠᠨ᠎ᠠ ᠳ᠋ᠤ᠌ ᠡᠯᠭᠦᠭᠡᠰᠦᠲᠡᠢ ᠡᠨᠡ ᠴᠢᠨᠢ ᠨᠠᠮᠠᠶ᠋ᠢ ᠮᠠᠭᠤᠬᠠᠢ ᠬᠠᠷᠠᠵᠤ ᠪᠠᠢᠨ᠎ᠠ᠂ ᠣᠷᠣᠰ ᠤ᠋ᠳ ᠤ᠋ᠨ ᠪᠤᠷᠬᠠᠨ ( ᠣ ) ᠬᠡᠷᠡᠭ ᠠᠯᠠᠭ᠎ᠠ ᠭᠡᠨ᠎ᠡ᠃
— ᠶᠠᠭᠤ ᠪᠣᠯᠪᠠ? ᠬᠡᠨ ᠴᠦ᠍ ᠦᠬᠦᠭᠡ ᠦᠭᠡᠢ ᠰᠢᠦ ᠳ᠋ᠠ ᠭᠡᠬᠦ ᠳ᠋ᠦ᠍ ᠪᠠᠲᠤ ᠬᠠᠭᠠᠨ ᠰᠣᠭᠲᠣᠭᠤ ᠪᠤᠯᠠᠩᠭᠢᠷ ᠨᠢᠳᠦ ᠪᠡᠷ ᠰᠥᠪᠡᠭᠡᠳᠡᠢ ᠶ᠋ᠢ ᠭᠢᠯᠦᠢᠨᠡ᠃
— ᠦᠬᠦᠭᠡ ᠦᠭᠡᠢ ᠭᠡᠨ᠎ᠡ ᠤᠤ? ᠣ— ᠣ᠂ ᠣᠴᠢ ᠪᠠᠰᠠ ᠮᠢᠨᠦ ᠨᠥᠬᠥᠳ ᠦ᠋ᠨ ᠳᠤᠮᠳᠠ ᠪᠠᠢᠬᠤ ᠶ᠋ᠢ ᠪᠣᠳᠣᠵᠤ ᠪᠠᠢᠨ᠎ᠠ ᠤᠤ? ᠨᠠᠳᠠᠳᠤ ᠨᠥᠬᠥᠳ ᠦ᠋ᠨ ᠬᠡᠷᠡᠭ ᠦᠭᠡᠢ᠂ ᠨᠠᠳᠠᠳᠤ ᠭᠠᠭᠴᠠᠬᠦ ᠰᠢᠳᠤᠷᠭᠤ ᠪᠣᠭᠣᠯᠴᠤᠳ ᠬᠡᠷᠡᠭ ᠲᠡᠢ᠁ ᠵᠠᠯᠢᠬᠠᠢᠴᠤᠳ ᠢ᠋ ᠪᠢ ᠥᠷᠥᠰᠢᠶᠡᠬᠦ ᠦᠭᠡᠢ᠂ ᠬᠠᠭᠤᠴᠢᠨ ᠬᠣᠶᠠᠷ ᠨᠥᠬᠥᠷ ᠦ᠋ᠨ ᠮᠢᠨᠢ ᠬᠥᠯ ᠨᠢ ᠲᠡᠷᠡ ᠴᠤᠬᠤᠢᠵᠤ ᠪᠠᠢᠨ᠎ᠠ᠃ ᠪᠢ ᠲᠡᠳᠡᠨ ᠢ᠋ ᠪᠤᠯᠤᠩ ᠤᠷᠤᠭᠤ ᠲᠦᠯᠬᠢᠵᠦ ᠣᠷᠬᠢᠭᠰᠠᠨ ᠶᠤᠮ᠃ ᠡᠳᠡᠨᠡᠷ ᠪᠠᠰᠠ ᠮᠢᠨᠦ ᠦᠭᠡ ᠶ᠋ᠢ ᠪᠠᠷᠢᠬᠤ ᠰᠠᠨᠠᠭ᠎ᠠ ᠲᠠᠢ ᠪᠠᠢᠨ᠎ᠠ ᠭᠡᠨ᠎ᠡ᠃ ᠡᠳᠡᠨᠡᠷ ᠴᠢᠩᠭᠢᠰ ᠬᠠᠭᠠᠨ ᠤ᠋ ᠦᠶ᠎ᠡ ᠳ᠋ᠦ᠍ ᠲᠡᠭᠡᠵᠦ ᠦᠵᠡᠪᠡᠯ ᠬᠡᠷᠬᠢᠬᠦ ᠪᠠᠢᠭᠰᠠᠨ ᠪᠣᠯ! ᠣ— ᠣ᠂ ᠡᠨᠡ ᠪᠠᠢᠰᠢᠩ ᠤ᠋ᠨ ᠵᠠᠪᠰᠠᠷ ᠠ᠋ᠴᠠ ᠲᠣᠭᠰᠢᠨ ᠬᠠᠷ᠎ᠠ ᠣᠩᠭᠣᠨ ( ᠣᠩᠭᠣᠳ ) ᠭᠠᠷᠴᠤ ᠢᠷᠡᠭᠡᠳ ᠬᠥᠮᠦᠰ ᠢ᠋ ᠤᠬᠠᠭᠠᠨ ᠦᠭᠡᠢ ᠪᠣᠯᠭᠠᠵᠤ ᠪᠠᠢᠨ᠎ᠠ᠁ ᠭᠡᠪᠡ᠃ ᠰᠥᠪᠡᠭᠡᠳᠡᠢ ᠠᠮᠤᠭᠤᠯᠠᠩ ᠬᠡᠪ ᠢ᠋ᠶ᠋ᠡᠷ ᠯᠡ ᠪᠠᠢᠪᠠ᠃ ᠪᠠᠲᠤ ᠬᠠᠭᠠᠨ ᠱᠠᠯᠠᠨ ᠳᠡᠭᠡᠷ᠎ᠡ ᠳᠡᠪᠬᠡᠴᠡᠨ ᠪᠠᠭᠤᠵᠤ ᠰᠥᠪᠡᠭᠡᠳᠡᠢ ᠶ᠋ᠢ ᠬᠠᠨᠴᠤᠢ ᠠ᠋ᠴᠠ ᠨᠢ ᠲᠠᠲᠠᠵᠤ᠂
— ᠶᠠᠪᠤᠶ᠎ᠠ᠂ ᠪᠢ ᠴᠢᠮᠠᠲᠤ ᠲᠡᠳᠡᠨᠡᠷ ᠦ᠋ᠨ ᠶᠠᠭᠤ ᠬᠢᠭᠰᠡᠨ ᠢ᠋ ᠦᠵᠡᠭᠦᠯᠦᠶ᠎ᠡ᠂ ᠮᠢᠨᠦ ᠬᠣᠢᠨ᠎ᠠ ᠠ᠋ᠴᠠ᠁ ᠬᠠᠳ᠋ᠵᠢ ᠷᠠᠾᠢᠮ ᠴᠢ ᠴᠦ᠍ ᠪᠠᠰᠠ ᠪᠢᠳᠡᠨ ᠲᠡᠢ ᠶᠠᠪᠤ᠂ ᠴᠢᠨᠦ ᠳ᠋ᠧᠩᠯᠦ ᠬᠠᠮᠢᠭ᠎ᠠ ᠪᠠᠢᠨ᠎ᠠ? ᠲᠡᠭᠦᠨ ᠢ᠋ ᠪᠡᠨ ᠨᠣᠴᠣᠭ᠎ᠠ ᠭᠡᠪᠡ᠃
ᠪᠠᠲᠤ ᠬᠠᠭᠠᠨ ᠲᠦᠷᠭᠡᠨ ᠲᠦᠷᠭᠡᠯᠡᠵᠦ ᠪᠤᠰᠤᠳ ᠨᠢ ᠳᠠᠭᠠᠯᠳᠤᠨ ᠶᠠᠪᠤᠪᠠ᠃ ᠲᠡᠳᠡ ᠶᠠᠪᠤᠵᠤ ᠴᠡᠴᠡᠷᠯᠢᠭ ᠤᠷᠤᠭᠤ ᠣᠷᠣᠪᠠ᠃
— ᠲᠡᠨᠳᠡ ᠬᠡᠨ ᠴᠦ᠍ ᠪᠠᠢᠬᠤ ᠦᠭᠡᠢ ᠭᠡᠵᠦ ᠰᠥᠪᠡᠭᠡᠳᠡᠢ ᠥᠭᠦᠯᠡᠪᠡᠯ᠂
— ᠴᠢ ᠨᠠᠮᠠᠶ᠋ᠢ ᠬᠠᠭᠤᠷᠴᠤ ᠪᠠᠢᠨ᠎ᠠ?
ᠪᠠᠲᠤ ᠬᠠᠭᠠᠨ ᠠᠯᠢᠮ᠎ᠠ ᠶ᠋ᠢᠨ ᠰᠠᠭᠯᠠᠭᠠᠷ ᠮᠣᠳᠣᠨ ᠤ᠋ ᠳᠡᠷᠭᠡᠳᠡ ᠣᠴᠢᠵᠤ ᠵᠣᠭᠰᠣᠭᠠᠳ ᠡᠷᠭᠢᠨ ᠲᠣᠭᠣᠷᠢᠨ ᠢ᠋ ᠬᠠᠷᠠᠵᠤ《 ᠵᠠ᠂ ᠵᠠ》 ᠭᠡᠵᠦ ᠢᠰᠬᠡᠷᠦᠭᠡᠳ ᠴᠢᠨᠠᠭᠰᠢᠳᠠ ᠶᠠᠭᠠᠷᠠᠪᠴᠢᠯᠠᠨ ᠶᠠᠪᠤᠪᠠ᠃ ᠮᠣᠩᠭᠣᠯᠴᠤᠳ ᠬᠠᠭᠠᠯᠭ᠎ᠠ ᠪᠠᠷ ᠣᠷᠣᠵᠤ ᠮᠣᠷᠢᠨ ᠤ᠋ ᠬᠠᠰᠢᠶ᠎ᠠ ᠰᠠᠷᠠᠪᠴᠢ ᠪᠦᠬᠦᠢ ᠬᠡᠢᠳ ᠦ᠋ᠨ ᠴᠢᠮᠡᠭᠡ ᠠᠨᠢᠷ ᠦᠭᠡᠢ ᠬᠠᠰᠢᠶᠠᠨ ᠳ᠋ᠤ᠌ ᠢᠷᠡᠪᠡ᠃
— ᠬᠠᠳ᠋ᠵᠢ ᠷᠠᠾᠢᠮ ᠡᠭᠦᠨ ᠢ᠋ ᠭᠡᠷᠡᠯᠲᠦᠭᠦᠯ᠃
ᠴᠠᠰᠤᠨ ᠳᠡᠭᠡᠷ᠎ᠡ ᠬᠠᠷ᠎ᠠ ᠮᠣᠷᠢ ᠬᠥᠯ ᠢ᠋ᠶ᠋ᠡᠨ ᠵᠢᠭᠢᠨ ᠬᠡᠪᠲᠡᠨ᠎ᠡ᠃ ᠲᠡᠷᠡ ᠲᠣᠯᠣᠭᠠᠢ ᠪᠠᠨ ᠡᠷᠭᠦᠵᠦ ᠤᠬᠠᠭᠠᠯᠢᠭ ᠪᠦᠯᠲᠡᠭᠡᠷ ᠨᠢᠳᠦ ᠪᠡᠷ ᠪᠠᠲᠤ ᠬᠠᠭᠠᠨ ᠢ᠋ ᠬᠠᠷᠠᠨ᠎ᠠ᠂ ᠲᠡᠭᠡᠭᠡᠳ ᠲᠡᠭᠦᠨ ᠦ᠌ ᠲᠣᠯᠣᠭᠠᠢ ᠳᠠᠬᠢᠨ ᠪᠠᠭᠤᠪᠠ᠃ ᠡᠪᠦᠳᠦᠭ ᠢ᠋ᠶ᠋ᠡᠨ ᠬᠦᠷᠲᠡᠯ᠎ᠡ ᠴᠠᠭᠠᠨ ᠪᠣᠯᠲᠠᠯ᠎ᠠ ᠨᠢ ᠬᠥᠯ ᠢ᠋ᠶ᠋ᠡᠷ ᠢ᠋ᠶ᠋ᠡᠨ ᠴᠠᠰᠤ ᠴᠠᠪᠴᠢᠯᠠᠵᠠᠢ᠃
— ᠶᠠᠮᠠᠷ ᠨᠢᠭᠡᠨ ᠡᠲᠡᠭᠡᠳ ᠮᠣᠷᠢ ᠶ᠋ᠢ ᠮᠢᠨᠢ ᠬᠣᠣᠷᠯᠠᠬᠤ ᠲᠣᠭᠰᠢᠨ ᠮᠠᠩᠭᠤᠰ ᠤᠤ? ᠡᠰᠡᠬᠦᠯ᠎ᠡ ᠣᠷᠣᠰ ᠤ᠋ᠨ ᠬᠠᠷ᠎ᠠ ᠪᠥᠬᠡ ᠨᠠᠷ ᠤᠤ? ᠡᠰᠡᠬᠦᠯ᠎ᠡ ᠴᠡᠷᠢᠭ ᠦ᠋ᠳ ᠤᠤ? ᠲᠡᠳᠡᠨᠡᠷ ᠨᠠᠮᠠᠶ᠋ᠢ ᠡᠨᠡ ᠮᠣᠷᠢ ᠪᠠᠨ ᠤᠨᠤᠵᠤ ᠸᠠᠩ ᠭᠧᠦᠷᠬᠢ ᠶ᠋ᠢ ᠭᠦᠢᠴᠡᠵᠦ ᠴᠠᠪᠴᠢᠬᠤ ᠳ᠋ᠤ᠌ ᠠᠲᠠᠭᠠᠷᠬᠠᠨ ᠲᠠᠲᠠᠭᠠᠯᠵᠠᠭᠰᠠᠨ ᠶᠤᠮ᠁ ᠣ— ᠣ ᠬᠡᠭᠡᠷ ᠬᠠᠷ᠎ᠠ ᠮᠢᠨᠢ ᠬᠡᠯᠡᠭᠡᠴᠢ ! ᠬᠡᠨ ᠴᠢᠮᠠᠶ᠋ᠢ ᠬᠣᠣᠷᠯᠠᠪᠠ? ᠭᠡᠨ᠎ᠡ᠃
ᠮᠣᠷᠢ᠂ ᠬᠥᠮᠦᠨ ᠮᠡᠲᠦ ᠰᠠᠨᠠᠭ᠎ᠠ ᠠᠯᠳᠠᠵᠤ ᠬᠦᠵᠦᠭᠦᠦ ᠪᠡᠨ ᠨᠤᠭᠤᠯᠤᠨ ᠬᠠᠵᠠᠭᠤ ᠪᠠᠨ ᠳᠣᠯᠢᠶᠠᠨ᠎ᠠ᠃
— ᠬᠠᠳ᠋ᠵᠢ — ᠷᠠᠾᠢᠮ ᠴᠢ ᠭᠠᠷᠠᠭ ᠢ᠋ᠶ᠋ᠠᠷ ᠮᠡᠷᠭᠡᠯᠡᠵᠦ ᠴᠢᠳᠠᠳᠠᠭ ᠰᠢᠦ ᠳ᠋ᠠ᠂ ᠬᠡᠨ ᠮᠢᠨᠦ ᠮᠣᠷᠢ ᠶ᠋ᠢ ᠠᠯᠠᠭᠰᠠᠨ ᠢ᠋ ᠮᠣᠷᠢᠳ ᠠ᠋ᠴᠠ ᠰᠣᠨᠣᠰᠴᠤ ᠮᠡᠳᠡ ᠭᠡᠪᠡ᠃
ᠬᠠᠳ᠋ᠵᠢ— ᠷᠠᠾᠢᠮ ᠮᠣᠷᠢᠨ ᠤ᠋ ᠬᠡᠪᠲᠡᠵᠦ ᠪᠠᠢᠭᠰᠠᠨ ᠭᠠᠵᠠᠷ ᠢ᠋ ᠳ᠋ᠧᠩᠯᠦ ᠪᠡᠷ ᠭᠡᠷᠡᠯᠲᠦᠭᠦᠯᠵᠦ ᠮᠣᠷᠢᠨ ᠤ᠋ ᠡᠪᠡᠳᠴᠢᠯᠡᠭᠰᠡᠨ ᠬᠠᠵᠠᠭᠤ ᠶ᠋ᠢ ᠭᠠᠷ ᠢ᠋ᠶ᠋ᠠᠷ ᠪᠠᠷᠢᠵᠤ ᠲᠡᠮᠲᠡᠷᠢᠵᠦ ᠦᠵᠡᠭᠡᠳ᠂
— ᠡᠨᠳᠡ ᠬᠠᠪᠤᠳᠴᠠᠢ᠂ ᠴᠢᠰᠤ ᠢᠳᠡᠭᠡ ᠭᠠᠷᠴᠤ ᠪᠠᠢᠨ᠎ᠠ᠂ ᠮᠣᠷᠢ ᠡᠭᠦᠨ ᠡᠴᠡ ᠪᠣᠯᠵᠤ ᠦᠬᠦᠵᠡᠢ ᠭᠡᠵᠦ ᠰᠢᠷᠬ᠎ᠠ ᠠ᠋ᠴᠠ ᠨᠠᠷᠢᠨ ᠬᠤᠷᠴᠠ ᠲᠡᠮᠦᠷ ᠭᠠᠷᠭᠠᠪᠠ᠃
ᠪᠠᠲᠤ ᠬᠠᠭᠠᠨ ᠪᠦᠷᠦᠭ ᠳ᠋ᠧᠩᠯᠦ ᠲᠡᠰᠢ ᠪᠥᠬᠥᠢᠪᠡ᠃
— ᠡᠨᠡ ᠪᠦᠰᠡᠭᠦᠢ ᠬᠥᠮᠦᠨ ᠦ᠌ ᠦᠰᠦᠨ ᠦ᠌ ᠰᠦᠯᠪᠡᠭᠦᠷ ᠪᠠᠢᠨ᠎ᠠ ᠭᠡᠵᠦ ᠨᠢᠭᠡ ᠬᠥᠮᠦᠨ ᠦ᠌ ᠦᠭᠡ ᠰᠣᠨᠣᠰᠳᠠᠨ᠎ᠠ᠃
— ᠦᠭᠡᠢ᠂ ᠡᠨᠡ ᠪᠦᠰᠡᠭᠦᠢ ᠬᠥᠮᠦᠨ ᠦ᠌ ᠰᠦᠯᠪᠡᠭᠦᠷ ᠪᠢᠰᠢ ᠭᠡᠵᠦ ᠰᠦᠪᠡᠭᠡᠳᠡᠢ ᠪᠠᠭᠠᠲᠤᠷ ᠬᠤᠷᠴᠠ ᠦᠵᠦᠭᠦᠷᠲᠦ ᠶᠠᠭᠤᠮ᠎ᠠ ᠶ᠋ᠢ ᠦᠵᠡᠵᠦ᠂
一 ᠪᠦᠰᠡᠭᠦᠢᠴᠦᠳ ᠰᠦᠯᠪᠡᠭᠦᠷ ᠢ᠋ᠶ᠋ᠡᠷ ᠡᠵᠡᠨ ᠢ᠋ᠶ᠋ᠡᠨ ᠤᠨᠲᠠᠵᠤ ᠪᠠᠢᠬᠤ ᠳ᠋ᠤ᠌ ᠠᠯᠠᠳᠠᠭ ᠠ᠋ᠴᠠ ᠪᠢᠰᠢ ᠲᠡᠭᠦᠨ ᠦ᠌ ᠮᠣᠷᠢ ᠶ᠋ᠢ ᠶᠡᠷᠦ ᠴᠦ᠍ ᠠᠯᠠᠬᠤ ᠦᠭᠡᠢ᠂ ᠡᠭᠦᠨ ᠢ᠋ ᠰᠠᠢᠨ ᠰᠡᠳᠬᠢᠯᠲᠦ ᠨᠥᠬᠥᠳ ᠬᠢᠵᠡᠢ᠃ ᠪᠢ ᠴᠢᠮᠠᠲᠤ ᠳᠡᠮᠡᠢ ᠪᠢᠯᠳᠠᠤᠴᠢ ᠨᠠᠷ ᠢ᠋ ᠪᠤᠤ ᠤᠷᠮᠠᠰᠢᠭᠤᠯ᠂ ᠬᠠᠷᠢᠨ ᠥᠪᠡᠷ ᠦ᠋ᠨ ᠢ᠋ᠶ᠋ᠡᠨ ᠳᠡᠷᠭᠡᠳᠡ ᠭᠠᠭᠴᠠᠬᠦ ᠦᠨᠡᠨᠴᠢ ᠵᠠᠷᠤᠴᠠ ᠶ᠋ᠢ ᠪᠠᠢᠯᠭ᠎ᠠ ᠭᠡᠵᠦ ᠬᠡᠯᠡᠳᠡᠭ ᠪᠠᠢᠭᠰᠠᠨ ᠰᠢᠦ᠁ ᠡᠨᠡ ᠪᠣᠯ ᠬᠢᠲᠤᠭᠠᠨ ᠤ᠋ ᠡᠮᠲᠡᠷᠬᠡᠢ ᠪᠠᠢᠨ᠎ᠠ ( ᠭᠡᠪᠡ᠃ )
ᠮᠣᠷᠢ ᠰᠤᠨᠢᠶᠠᠵᠤ ᠬᠥᠯ ᠢ᠋ᠶ᠋ᠡᠷ ᠴᠣᠬᠢᠯᠠᠨ᠎ᠠ᠂ ᠪᠠᠲᠤ ᠬᠠᠭᠠᠨ ᠲᠡᠭᠦᠨ ᠦ᠌ ᠡᠮᠦᠨ᠎ᠡ ᠶᠠᠪᠠᠭᠠᠨ ᠰᠠᠭᠤᠪᠠ᠃
— ᠬᠠᠷ᠎ᠠ ᠮᠣᠷᠢ ᠮᠢᠨᠢ᠂ ᠡᠵᠡᠯᠡᠭᠰᠡᠨ ᠬᠣᠲᠠ ᠶ᠋ᠢᠨ ᠰᠢᠲᠠᠵᠤ ᠪᠠᠢᠭ᠎ᠠ ᠳᠥᠯᠥ ᠳᠤᠮᠳᠠᠭᠤᠷ ᠴᠢᠮᠠᠲᠠᠢ ᠪᠠᠨ ᠬᠠᠮᠲᠤ ᠣᠷᠣᠵᠤ ᠴᠢᠳᠠᠬᠤ ᠦᠭᠡᠢ ᠪᠣᠯᠵᠠᠢ᠁ ᠴᠢ ᠨᠠᠳᠠᠳᠤ ᠰᠢᠳᠤᠷᠭᠤ ᠪᠠᠷ ᠵᠢᠳᠬᠦᠭᠰᠡᠨ ᠶᠤᠮᠰᠠᠨ᠂ ᠨᠠᠰᠤ ᠴᠢᠨᠢ ᠪᠣᠭᠣᠨᠢ ᠪᠠᠢᠵᠠᠢ᠂ ᠣ— ᠣ ᠭᠡᠨ᠎ᠡ᠃
ᠪᠠᠲᠤ ᠬᠠᠭᠠᠨ ᠪᠣᠰᠤᠨ ᠬᠠᠷᠠᠢᠵᠤ᠂ ᠴᠡᠴᠡᠷᠯᠢᠭ ᠢ᠋ᠶ᠋ᠡᠷ ᠳᠠᠮᠵᠢᠨ ᠱᠠᠲᠤ ᠤᠷᠤᠭᠤ ᠭᠦᠶᠦᠨ ᠭᠠᠷᠪᠠ᠂ ᠪᠦᠭᠦᠳᠡᠭᠡᠷ ᠲᠡᠭᠦᠨ ᠦ᠌ ᠬᠣᠢᠨ᠎ᠠ ᠠ᠋ᠴᠠ ᠭᠦᠶᠦᠪᠡ᠃ ᠥᠪᠡᠷ ᠢ᠋ᠶ᠋ᠡᠨ ᠲᠠᠰᠤᠯᠭᠠᠨ ᠤ᠋ ᠡᠭᠦᠳᠡᠨ ᠳ᠋ᠦ᠍ ᠪᠠᠲᠤ ᠬᠠᠭᠠᠨ ᠬᠦᠷᠴᠦ ᠢᠷᠡᠭᠡᠳ ᠪᠤᠯᠠᠩᠭᠢᠷᠲᠤ ᠬᠠᠷᠠᠴᠠ ᠪᠠᠷ ᠶᠠᠮᠠᠷ ᠨᠢᠭᠡᠨ ᠶᠠᠭᠤᠮ᠎ᠠ ᠶ᠋ᠢ ᠡᠷᠢᠬᠦ ᠮᠡᠲᠦ ᠯᠠᠪᠯᠠᠨ ᠬᠠᠷᠠᠨ᠎ᠠ᠃ ᠲᠡᠭᠡᠭᠡᠳ ᠣᠷᠣᠵᠤ ᠰᠢᠪᠡᠷ ᠰᠠᠪᠠ ᠲᠠᠢ ᠠᠷᠢᠬᠢ ᠠᠪᠴᠤ ᠰᠦᠪᠡᠭᠡᠳᠡᠢ ᠳᠠᠰᠢ ᠭᠢᠯᠦᠢᠵᠦ᠂
— ᠠ᠋᠂ ᠡᠨᠡ ᠵᠡᠷᠭᠡᠯᠡᠳᠡᠭᠡ ᠲᠠᠰᠤᠯᠭᠠᠨ ᠳ᠋ᠤ᠌ ᠬᠡᠨ ᠪᠠᠢᠨ᠎ᠠ ᠪᠣᠢ?
— ᠣᠴᠢᠵᠤ ᠦᠵᠡ! ᠭᠡᠪᠡ᠃
ᠪᠠᠲᠤ ᠬᠠᠭᠠᠨ ᠭᠠᠷ ᠲᠠᠭᠠᠨ ᠰᠠᠪᠠ ᠪᠠᠷᠢᠵᠤ ᠵᠡᠷᠭᠡᠯᠡᠳᠡᠭᠡ ᠲᠠᠰᠤᠯᠭᠠᠨ ᠳ᠋ᠤ᠌ ᠣᠷᠣᠪᠠ᠃ ᠣᠷᠣᠨ ᠳᠡᠭᠡᠷ᠎ᠡ ᠳ᠋ᠧᠩ ᠦ᠋ᠨ ᠭᠡᠷᠡᠯ ᠳ᠋ᠦ᠍ ᠶᠦᠯᠳᠥ᠋ᠽ ᠬᠠᠲᠤᠨ ᠬᠡᠪᠲᠡᠵᠦ ᠪᠠᠢᠬᠤ ᠬᠠᠷᠠᠭᠳᠠᠨ᠎ᠠ᠂ ᠲᠡᠷᠡ ᠣᠢᠷᠠᠲᠤᠨ ᠢᠷᠡᠬᠦ ᠪᠠᠲᠤ ᠬᠠᠭᠠᠨ ᠢ᠋ ᠬᠠᠷᠠᠭᠠᠳ ᠲᠣᠯᠣᠭᠠᠢ ᠳᠡᠭᠡᠭᠦᠷ ᠢ᠋ᠶ᠋ᠡᠨ ᠪᠤᠯᠠᠭᠠᠨ ᠳᠡᠪᠡᠯ ᠢ᠋ ᠨᠥᠮᠥᠷᠪᠡ᠃
— ᠪᠡᠶ᠎ᠡ ᠨᠢ ᠵᠦᠭᠡᠷ ᠤᠤ? ᠭᠡᠵᠦ ᠪᠠᠲᠤ ᠬᠠᠭᠠᠨ ᠠᠰᠠᠭᠤᠪᠠ᠂
— ᠶᠦᠯᠳᠥ᠋ᠽ ᠬᠠᠲᠤᠨ ᠤ᠋ ᠪᠡᠶ᠎ᠡ ᠰᠠᠢᠨ ᠪᠠᠢᠨ᠎ᠠ! ᠭᠡᠵᠦ ᠬᠢᠲᠠᠳ ᠥᠬᠢᠨ ᠢ ᠯᠡ ᠾᠧ ᠬᠠᠷᠢᠭᠤᠯᠪᠠ᠃
ᠪᠠᠲᠤ ᠬᠠᠭᠠᠨ᠂ ᠰᠦᠪᠡᠭᠡᠳᠡᠢ ᠪᠠᠭᠠᠲᠤᠷ ᠳᠠᠰᠢ ᠡᠷᠭᠢᠵᠦ᠂
— ᠴᠢ ᠡᠭᠦᠨ ᠢ᠋ ᠢᠩᠭᠢᠵᠦ ᠠᠪᠤᠷᠠᠪᠠ ᠤᠤ?
— ᠲᠡᠢᠮᠦ ᠠ᠋ ᠪᠢ᠂
— ᠭᠠᠭᠴᠠᠬᠠᠨ ᠴᠢ ᠨᠠᠮᠠᠶ᠋ᠢ ᠣᠢᠯᠠᠭᠠᠳᠠᠭ ᠶᠤᠮ᠁ ᠴᠢ ᠮᠢᠨᠦ ᠦᠨᠡᠨᠴᠢ ᠵᠠᠷᠤᠴᠠ᠂ ᠪᠢ ᠡᠭᠦᠨ ᠢ᠋ ᠴᠠᠭᠠᠵᠠᠯᠠ ᠭᠡᠵᠦ ᠲᠤᠰᠢᠶᠠᠭ᠎ᠠ ᠦᠭᠡᠢ ᠶᠤᠮ᠂ ᠬᠠᠷᠢᠨ ᠮᠢᠨᠦ ᠨᠡᠷ᠎ᠡ ᠶ᠋ᠢ ᠪᠠᠷᠢᠵᠤ ᠮᠢᠨᠦ ᠴᠡᠷᠢᠭ ᠦ᠋ᠳ ᠲᠡᠭᠡᠭᠰᠡᠨ ᠪᠠᠢᠨ᠎ᠠ ᠰᠠᠨ᠁ ᠭᠡᠳ ᠰᠠᠪᠠ ᠲᠠᠢ ᠠᠷᠢᠬᠢ ᠤᠤᠭᠤᠵᠤ ᠴᠡᠭᠡᠵᠢ ᠪᠡᠨ ᠬᠠᠯᠠᠭᠠᠨ᠎ᠠ᠃ ᠲᠡᠭᠡᠭᠡᠳ ᠭᠤᠢᠪᠢᠵᠤ ᠱᠠᠯᠠ ᠳᠡᠭᠡᠷ᠎ᠡ ᠰᠤᠨᠤᠨ ᠣᠢᠴᠢᠪᠠ᠃
ᠰᠦᠪᠡᠭᠡᠳᠡᠢ ᠪᠠᠭᠠᠲᠤᠷ ᠪᠣᠯᠭᠣᠮᠵᠢᠲᠠᠢ ᠪᠠᠷ ᠰᠢᠪᠠᠷ ᠰᠠᠪᠠ ᠶ᠋ᠢ ᠠᠪᠴᠤ ᠰᠡᠮᠬᠡᠨ ᠭᠠᠷᠴᠤ ᠣᠳᠪᠠ᠃
ᠰᠦᠪᠡᠭᠡᠳᠡᠢ ᠪᠠᠭᠠᠲᠤᠷ᠂ ᠬᠦᠯᠢᠶᠡᠵᠦ ᠪᠠᠢᠭ᠎ᠠ ᠴᠡᠷᠢᠭ ᠲᠠᠰᠢ ᠬᠠᠨᠳᠤᠵᠤ᠄
— ᠦᠷ ᠴᠠᠢᠬᠤ ᠳ᠋ᠤ᠌ ᠪᠢᠳᠡᠨᠡᠷ ᠲᠠᠪᠰᠢᠨ᠎ᠠ᠃ ᠪᠢᠳᠡ ᠲᠦᠷᠭᠡᠨ ᠬᠣᠯᠠ ᠶᠠᠪᠤᠬᠤ ᠬᠡᠷᠡᠭᠲᠡᠢ ᠪᠣᠯᠪᠠ᠂ ᠴᠥᠮ ᠢ᠋ᠶ᠋ᠡᠷ ᠪᠡᠯᠡᠬᠡᠨ ᠪᠠᠢᠭᠲᠤᠨ᠂ ᠪᠢ᠂ ᠪᠢᠴᠢᠭᠡᠴᠢ ᠶ᠋ᠢ ᠳᠠᠭᠤᠳᠠ ᠭᠡᠵᠦ ᠲᠤᠰᠢᠶᠠᠭᠰᠠᠨ᠂ ᠲᠡᠳᠡᠨᠡᠷ ᠬᠠᠮᠢᠭ᠎ᠠ ᠪᠠᠢᠨ᠎ᠠ? ᠭᠡᠬᠦ ᠳ᠋ᠦ᠍
— ᠲᠡᠳᠡᠨᠡᠷ ᠲᠠᠨ ᠢ᠋ ᠬᠦᠯᠢᠶᠡᠵᠦ ᠪᠠᠢᠨ᠎ᠠ᠂ ᠦᠯᠦ ᠢᠯᠠᠭᠳᠠᠭᠴᠢ ᠠ᠋! ᠭᠡᠨ᠎ᠡ᠃
ᠦᠰᠦᠭ ᠠᠮᠢᠯᠠᠭᠤᠯᠤᠭᠴᠢ᠄ ᠠᠯᠲᠠᠨᠴᠢᠮᠡᠭ 3᠂ ᠭᠡᠷᠡᠯ 2᠂ ᠪᠠᠶᠠᠨᠴᠡᠴᠡᠭ 1᠂ ᠮᠡᠷᠭᠡᠨᠭᠣᠸ᠎ᠠ 1᠂ ᠬᠦᠦᠳᠠᠭᠠᠭᠤᠯ 1᠂ ᠬᠡᠷᠡᠶ᠋ᠢᠳ ᠂ ᠮᠥᠩᠬᠡᠨᠠᠰᠤᠨ 1
ᠬᠢᠨᠠᠭᠴᠢ᠄ ᠪᠠᠯ 2᠂ ᠪᠠᠶᠠᠨᠴᠡᠴᠡᠭ 3᠂ ᠠᠷᠢᠭᠤᠨ 3᠂ ᠲ᠂ ᠬᠦᠮᠦᠵᠢᠯᠲᠦ 1
ᠶᠡᠷᠦᠩᠬᠡᠢ ᠬᠢᠨᠠᠭᠴᠢ᠄ ᠠᠯᠲᠠᠨᠴᠢᠮᠡᠭ 9᠂ ᠠᠷᠢᠭᠤᠨ 9
