ᠪᠠᠲᠤ ᠬᠠᠭᠠᠨ 8-05ᠪᠠᠢᠯᠳᠤᠭᠠᠨ ᠤ᠋ ᠪᠠᠢᠷᠢ-ᠰᠢᠭᠤᠷᠭ᠎ᠠ ᠲᠠᠯᠪᠢᠪᠠBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 8-05ᠪᠠᠢᠯᠳᠤᠭᠠᠨ ᠤ᠋ ᠪᠠᠢᠷᠢ-ᠰᠢᠭᠤᠷᠭ᠎ᠠ ᠲᠠᠯᠪᠢᠪᠠBat khaan Бат хаан-ᠷᠣᠮᠠᠨ

ᠪᠠᠲᠤ ᠬᠠᠭᠠᠨ 8-05ᠪᠠᠢᠯᠳᠤᠭᠠᠨ ᠤ᠋ ᠪᠠᠢᠷᠢ-ᠰᠢᠭᠤᠷᠭ᠎ᠠ ᠲᠠᠯᠪᠢᠪᠠBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-29

276

ᠳᠥᠷᠪᠡ ᠂ ᠲᠠᠰᠤᠯᠭᠠᠨ ‍ᠤ ᠡᠭᠦᠳᠡᠨ ᠳ᠋ᠦ᠍


ᠥᠷᠭᠡᠨ ᠬᠠᠩᠬᠠᠭᠠᠷ ᠰᠦᠪᠡᠭᠡᠳᠡᠢ ᠪᠠᠭᠠᠲᠤᠷ ᠲᠦᠯᠬᠢᠭᠦᠷᠴᠢ ᠯᠠᠮ᠎ᠠ ᠶ᠋ᠢᠨ ᠬᠠᠪᠴᠢᠭ ᠲᠠᠰᠤᠯᠭᠠᠨ ᠤ᠋ ᠣᠷᠣᠨ ᠳᠡᠭᠡᠷ᠎ᠡ ᠬᠣᠨᠢᠨ ᠬᠥᠨᠵᠢᠯᠡ ᠨᠥᠮᠥᠷᠴᠦ᠂ ᠵᠠᠪᠢᠯᠠᠨ ᠰᠠᠭᠤᠨ᠎ᠠ᠃ ᠶᠡᠬᠡ ᠴᠡᠷᠢᠭ ᠦ᠋ᠨ ᠡᠪᠦᠭᠡᠨ ᠵᠠᠩᠵᠤᠨ ᠨᠢᠳᠦ ᠴᠠᠪᠴᠢᠯ ᠦᠭᠡᠢ ᠮᠣᠳᠣᠨ ᠰᠠᠮᠪᠠᠷ᠎ᠠ ᠳᠡᠭᠡᠷ᠎ᠡ ᠰᠡᠢᠯᠦᠭᠰᠡᠨ ᠪᠤᠷᠬᠠᠨ ᠲᠡᠰᠢ ᠠᠵᠢᠭᠯᠠᠨ ᠬᠠᠷᠠᠨ᠎ᠠ᠃ ᠲᠡᠭᠦᠨ ᠳᠡᠭᠡᠷ᠎ᠡ ᠭᠡᠷ ᠦ᠋ᠨ ᠮᠠᠯ ᠤ᠋ᠳ ᠪᠣᠯᠤᠨ ᠪᠤᠰᠤᠳ ᠠᠮᠢᠲᠠᠨ ᠨᠤᠭᠤᠳ ᠤ᠋ᠨ ᠡᠵᠡᠨ ᠬᠤᠪᠢᠯᠭᠠᠨ ᠸᠯᠠᠰ ᠢ᠋ ᠳᠦᠷᠰᠦᠯᠡᠵᠡᠢ᠃ ᠡᠨᠡ ᠪᠣᠯ ᠶᠣᠰᠣᠲᠠᠢ ᠮᠠᠨ ᠤ᠋ ᠮᠣᠩᠭᠣᠯ ᠤᠯᠤᠰ ᠲᠤ᠌ ᠵᠣᠬᠢᠬᠤ ᠪᠤᠷᠬᠠᠨ ᠭᠡᠵᠦ ᠰᠦᠪᠡᠭᠡᠳᠡᠢ ᠪᠠᠭᠠᠲᠤᠷ ᠥᠪᠡᠷ ᠲᠡᠭᠡᠨ ᠴᠢᠩᠭ᠎ᠠ ᠪᠠᠷ ᠬᠡᠯᠡᠵᠦ ᠠᠩᠬᠠᠷᠤᠮᠵᠢ ᠲᠠᠢ ᠪᠠᠷ ᠸᠯᠠᠰ ᠤ᠋ᠨ ᠬᠠᠷ᠎ᠠ ᠬᠦᠷᠡᠩ ᠴᠢᠷᠠᠢ ᠪᠠ ᠦᠵᠦᠭᠦᠷ ᠲᠡᠭᠡᠨ ᠪᠤᠷᠵᠢᠢᠭᠰᠠᠨ ᠪᠤᠭᠤᠷᠤᠯ ᠰᠠᠬᠠᠯ ᠢ᠋ ᠨᠢ ᠬᠠᠷᠠᠨ᠎ᠠ᠃
— ᠡᠨᠡ ᠪᠣᠯ ᠶᠣᠰᠣᠲᠠᠢ ᠮᠣᠩᠭᠣᠯ ᠤ᠋ᠨ ᠪᠤᠷᠬᠠᠨ᠂ ᠡᠨᠡ ᠪᠣᠯ ᠮᠠᠯ ᠳ᠋ᠤ᠌ ᠬᠠᠢᠷᠠᠲᠠᠢ ᠪᠥᠭᠡᠳ ᠦᠬᠡᠷ᠂ ᠬᠣᠨᠢ᠂ ᠠᠳᠤᠭᠤ ᠵᠡᠷᠭᠡ ᠶ᠋ᠢ ᠬᠠᠮᠠᠭᠠᠯᠠᠨ᠎ᠠ᠂ ᠮᠠᠨ ᠤ᠋ ᠮᠣᠷᠢᠲᠤ ᠴᠡᠷᠢᠭ ᠲᠸ᠋ ᠬᠠᠮᠠᠭᠠᠯᠠᠭᠴᠢ ᠬᠡᠷᠡᠭ ᠲᠡᠢ᠂ ᠲᠡᠭᠡᠬᠦ ᠦᠭᠡᠢ ᠪᠣᠯ ᠵᠠᠮ ᠨᠢ ᠨᠠᠮᠤᠭ ᠢ᠋ᠶ᠋ᠠᠷ ᠲᠦᠭᠵᠢᠭᠳᠡᠭᠰᠡᠨ᠂ ᠨᠠᠷᠠᠰᠤ ᠬᠤᠰᠤ ᠨᠢ ᠠᠭᠤᠯᠠ ᠮᠡᠲᠦ ᠥᠨᠳᠥᠷ ᠡᠨᠡ ᠣᠷᠣᠰ ᠤ᠋ᠨ ᠭᠠᠵᠠᠷ ᠮᠣᠷᠢᠳ ᠮᠢᠨᠢ ᠦᠬᠦᠴᠢᠬᠡᠬᠦ ᠪᠣᠯᠤᠨ᠎ᠠ᠃ ᠠ᠋᠂ ᠡᠩ ᠦ᠋ᠨ ᠬᠠᠷ᠎ᠠ ᠬᠥᠮᠦᠰ ᠶᠡᠬᠡᠳᠡ ᠠᠭᠤᠷᠰᠠᠭᠰᠠᠨ ᠳ᠋ᠠᠭᠠᠨ ᠪᠤᠶᠤ ᠤᠬᠠᠭᠠᠨ ᠮᠡᠳᠡᠷᠡᠯ ᠦᠭᠡᠢ ᠳ᠋ᠡᠭᠡᠨ ᠲᠠᠯᠬᠠᠨ ᠤ᠋ ᠰᠦᠷᠡᠯ ᠪᠠ ᠣᠪᠣᠭᠠᠯᠠᠭᠠᠲᠠᠢ ᠡᠪᠡᠰᠦ ᠶ᠋ᠢ ᠰᠢᠲᠠᠭᠠᠨ᠎ᠠ᠃ ᠰᠠᠺᠯᠠᠪ᠂ ᠴᠢ ᠥᠪᠡᠷ ᠢ᠋ᠶ᠋ᠡᠨ ᠣᠷᠣᠰ ᠰᠢᠦ᠂ ᠲᠡᠳᠡᠨᠡᠷ ᠶᠠᠭᠤᠨ ᠳ᠋ᠤ᠌ ᠢᠩᠭᠢᠵᠦ ᠪᠠᠢᠭ᠎ᠠ ᠶᠤᠮ ᠪᠣᠢ? ᠮᠣᠩᠭᠣᠯ ᠤ᠋ᠨ ᠡᠵᠡᠨ ᠪᠠᠲᠤ ᠬᠠᠭᠠᠨ ᠳ᠋ᠤ᠌ ᠳᠠᠭᠠᠵᠤ ᠣᠷᠣᠪᠠᠯ ᠳᠡᠭᠡᠷ᠎ᠡ ᠭᠡᠵᠦ ᠪᠣᠳᠣᠪᠠ ᠤᠤ? ᠪᠤᠰᠤ ᠪᠤᠶᠤ?

ᠡᠭᠦᠳᠡᠨ ᠦ᠌ ᠬᠠᠵᠠᠭᠤ ᠶ᠋ᠢᠨ ᠪᠠᠨᠲᠠᠩ ᠳᠡᠭᠡᠷ᠎ᠡ ᠰᠠᠭᠤᠵᠤ ᠡᠨᠳᠡ ᠲᠤᠷᠠᠩᠬᠠᠢ ᠪᠣᠭᠣᠯ ᠵᠡᠭᠦᠷᠮᠡᠭ ᠲᠠᠢᠪᠤᠩ ᠳᠠᠭᠤ ᠪᠠᠷ᠂
— ᠪᠢ ᠣᠳᠣ ᠳᠠᠷᠤᠢ ᠳᠥᠴᠢᠨ ᠵᠢᠯ ᠡᠨᠳᠡ ᠪᠠᠢᠭᠰᠠᠨ ᠦᠭᠡᠢ᠂ ᠮᠠᠨ ᠤ᠋ ᠰᠦᠽᠳᠠᠯᠢ ᠶ᠋ᠢᠨ ᠡᠷᠡᠴᠦᠳ ᠶᠠᠭᠤ ᠪᠣᠳᠣᠵᠤ ᠪᠠᠢᠭ᠎ᠠ ᠶ᠋ᠢ ᠣᠳᠣ ᠪᠢ ᠶᠡᠷᠦ ᠦᠯᠦ ᠮᠡᠳᠡᠨ᠎ᠡ᠃ ᠴᠠᠭᠠᠨ ᠭᠡᠭᠡ ᠣᠷᠣᠮᠠᠭᠴᠠ ᠦᠷᠭᠦᠯᠵᠢ ᠲᠠᠨ ᠲᠠᠢ ᠭᠠᠩᠬᠤᠵᠤ ᠪᠠᠢᠬᠤ ᠶᠤᠮ᠃ ᠬᠥᠮᠦᠨ ᠲᠡᠢ ᠶᠠᠷᠢᠳᠠᠭ ᠦᠭᠡᠢ᠂ ᠲᠣᠭᠣᠭᠠᠴᠢ ᠨᠠᠷ ᠪᠣᠯᠣᠳ ᠲᠣᠭᠣᠭᠠᠨ ᠠ᠋ᠴᠠ ᠥᠭᠡᠷ᠎ᠡ ᠶᠠᠭᠤ ᠴᠤ᠌ ᠦᠯᠦ ᠦᠵᠡᠨ᠎ᠡ ᠭᠡᠬᠦ ᠳ᠋ᠦ᠍ ᠰᠦᠪᠡᠭᠡᠳᠡᠢ ᠥᠪᠡᠷ ᠦ᠋ᠨ ᠪᠣᠭᠣᠯ ᠢ᠋ ᠰᠤᠷᠭᠠᠬᠤ ᠪᠠᠷ ᠦᠷᠭᠦᠯᠵᠢᠯᠡᠪᠡ᠃
— ᠰᠠᠺᠯᠠᠪ ᠴᠢ ᠴᠥᠮ ᠢ᠋ ᠮᠠᠷᠲᠠᠵᠠᠢ! ᠲᠡᠭᠡᠵᠦ ᠪᠣᠯᠬᠤ ᠦᠭᠡᠢ᠂ ᠪᠦᠭᠦᠳᠡ ᠶ᠋ᠢ ᠲᠣᠭᠲᠠᠭᠠᠵᠤ ᠪᠦᠭᠦᠳᠡ ᠶ᠋ᠢ ᠥᠪᠡᠷ ᠦ᠋ᠨ ᠡᠵᠡᠨ ᠳ᠋ᠡᠭᠡᠨ ᠲᠠᠢᠯᠪᠤᠷᠢᠯᠠᠵᠤ ᠪᠠᠢᠬᠤ ᠬᠡᠷᠡᠭᠲᠡᠢ ᠭᠡᠳ ᠰᠦᠪᠡᠭᠡᠳᠠᠢ ᠪᠡᠶ᠎ᠡ ᠪᠡᠨ ᠡᠭᠴᠡᠯᠡᠨ ᠣᠭᠵᠣᠮ ᠪᠥᠭᠡᠳ ᠵᠠᠬᠢᠷᠬᠤ ᠳᠠᠭᠤ ᠪᠠᠷ᠂
— ᠴᠡᠷᠢᠭ ᠦ᠋ᠳ ᠪᠠᠢᠷᠢᠨ ᠳ᠋ᠠᠭᠠᠨ ᠪᠠᠢᠬᠤ ᠦᠭᠡᠢ ᠤᠤ? ᠵᠡᠭᠦᠷᠮᠡᠭᠯᠡᠵᠦ ᠪᠠᠢᠭ᠎ᠠ ᠤᠤ ᠦᠭᠡᠢ ᠤᠤ? ᠶᠠᠪᠤᠵᠤ ᠦᠵᠡᠭᠡᠳ ᠣᠳᠣᠬᠠᠨ ᠡᠷᠭᠢᠵᠦ ᠢᠷ᠎ᠡ! ᠭᠡᠪᠡ᠃
— ᠢᠩᠭᠢᠨ᠎ᠡ ᠭᠡᠵᠦ ᠮᠡᠳᠡᠭᠰᠡᠨ ᠶᠤᠮ! ᠶᠠᠳᠠᠬᠤ ᠳ᠋ᠠᠭᠠᠨ ᠰᠥᠨᠢ ᠴᠦ᠍ ᠠᠮᠠᠷᠠᠬᠤ ᠦᠭᠡᠢ ᠶᠤᠮ ! ᠭᠡᠵᠦ ᠥᠭᠦᠯᠡᠭᠰᠡᠭᠡᠷ ᠰᠡᠺᠯᠡᠪ ᠭᠠᠷᠴᠤ ᠣᠳᠪᠠ᠃

ᠰᠥᠪᠡᠭᠡᠲᠡᠢ ᠨᠢᠳᠦ ᠪᠡᠨ ᠠᠨᠢᠵᠤ ᠲᠣᠯᠣᠭᠠᠢ ᠪᠠᠨ ᠤᠨᠵᠢᠢᠯᠭᠠᠨ ᠠᠮᠠ ᠪᠠᠨ ᠠᠩᠭᠠᠢᠨ ᠤᠨᠲᠠᠪᠠ᠃ ᠲᠡᠷᠡ᠂ ᠨᠣᠢᠷ ᠲᠠᠭᠠᠨ ᠠᠪᠲᠠᠭᠳᠠᠵᠤ ᠵᠡᠭᠦᠳᠦᠯᠡᠪᠡ᠁ ᠵᠠᠬ᠎ᠠ ᠬᠢᠵᠠᠭᠠᠷ ᠦᠭᠡᠢ ᠴᠡᠩᠬᠡᠷᠯᠡᠭᠰᠡᠨ ᠲᠠᠯ᠎ᠠ ᠪᠠ ᠰᠠᠯᠬᠢᠨ ᠳ᠋ᠤ᠌ ᠭᠠᠩᠬᠤᠵᠤ ᠪᠠᠢᠭ᠎ᠠ ᠥᠨᠳᠥᠷ ᠰᠢᠷ᠎ᠠ ᠴᠡᠴᠡᠭ ᠢ᠋ ᠦᠵᠡᠪᠡ᠃ ᠲᠣᠮᠣ ᠤᠯᠠᠭᠠᠨ ᠨᠠᠷᠠ ᠳᠣᠪᠣᠴᠠᠭ ᠤ᠋ᠨ ᠴᠠᠭᠠᠨ᠎ᠠ ᠲᠠᠯᠲᠠᠷᠢᠨ ᠰᠢᠩᠭᠡᠵᠦ ᠪᠠᠢᠨ᠎ᠠ᠃ ᠰᠦᠷᠦᠭ ᠵᠡᠭᠡᠷ᠎ᠡ ᠲᠠᠯ᠎ᠠ ᠳᠣᠲᠣᠷ᠎ᠠ ᠳᠠᠪᠬᠢᠯᠳᠤᠨ᠎ᠠ᠂ ᠨᠠᠷᠠ ᠣᠷᠣᠬᠤ ᠠ᠋ᠴᠠ ᠤᠷᠢᠳ ᠥᠷᠲᠡᠭᠡ ᠬᠦᠷᠲᠡᠯ᠎ᠡ ᠲᠦᠷᠭᠡᠯᠡᠨ ᠳᠠᠪᠬᠢ ᠭᠡᠵᠦ ᠨᠢᠭᠡᠨ ᠬᠥᠮᠦᠨ ᠦ᠌ ᠰᠢᠪᠡᠨᠡᠬᠦ ᠰᠣᠨᠣᠰᠲᠠᠯ᠎ᠠ᠂ ᠨᠠᠷᠠ ᠶ᠋ᠢ ᠪᠠᠷᠢᠵᠤ ᠪᠠᠢᠬᠤ ᠶ᠋ᠢᠨ ᠲᠤᠯᠠᠳᠠ ᠲᠡᠷᠡ ᠭᠠᠷ ᠢ᠋ᠶ᠋ᠠᠨ ᠰᠤᠩᠭᠠᠨ᠎ᠠ᠂ ᠭᠠᠷ ᠨᠢ ᠪᠦᠬᠦ ᠲᠠᠯ᠎ᠠ ᠶ᠋ᠢ ᠥᠩᠭᠡᠷᠡᠲᠡᠯ᠎ᠡ ᠰᠤᠨᠤᠨ᠎ᠠ᠃ ᠭᠠᠷ ᠲᠤᠨᠢ ᠵᠢᠳᠠ ᠪᠠᠢᠨ᠎ᠠ᠂ ᠬᠤᠷᠴᠠ ᠮᠡᠰᠡ ᠨᠠᠷᠠ ᠶ᠋ᠢ ᠨᠤᠭᠤᠯᠪᠠ᠃ ᠡᠨᠡ ᠨᠠᠷᠠ ᠪᠢᠰᠢ᠂ ᠬᠠᠷᠢᠨ ᠷᠶᠠᠽᠠᠨ ᠤ᠋ ᠴᠡᠷᠢᠭ ᠦ᠋ᠨ ᠤᠳᠤᠷᠢᠳᠤᠭᠴᠢ ᠺᠡᠹᠢ ( ᠶ᠋ᠢᠨ ) ᠴᠢᠰᠤ ᠤᠷᠤᠰᠤᠭᠰᠠᠨ ᠲᠣᠯᠣᠭᠠᠢ᠂ ᠡᠭᠦᠨ ᠢ᠋ ᠰᠢᠷᠬᠠᠲᠤᠭᠰᠠᠨ ᠬᠥᠮᠦᠰ ᠦ᠋ᠨ ᠬᠠᠮᠲᠤ ᠴᠡᠷᠢᠭ ᠦ᠋ᠳ ᠪᠠᠷᠢᠵᠤ ᠢᠷᠡᠬᠦ ᠳ᠋ᠦ᠍ ᠬᠠᠷᠢᠨ ᠬᠥᠳᠡᠯᠦᠭᠰᠡᠭᠡᠷ ᠪᠠᠢᠭᠰᠠᠨ ᠪᠥᠭᠡᠳ ᠬᠦᠴᠦᠲᠦ ᠲᠣᠬ᠌ᠷᠦᠢ᠍ᠯ ᠲᠡᠷᠡ ᠡᠪᠦᠭᠡᠨ ᠳᠠᠷᠤᠭ᠎ᠠ ᠶ᠋ᠢᠨ ᠲᠣᠯᠣᠭᠠᠢ ᠶ᠋ᠢ ᠲᠠᠰᠤ ᠴᠠᠪᠴᠢᠬᠤ ᠳ᠋ᠤ᠌᠂ ᠲᠣᠯᠣᠭᠠᠢ ᠨᠢᠳᠦ ᠪᠡᠨ ᠨᠡᠭᠡᠭᠡᠵᠦ
— ᠲᠦᠷᠭᠡᠯᠡᠭᠲᠦᠨ! ᠲᠡᠭᠡᠬᠦ ᠦᠭᠡᠢ ᠪᠣᠯ ᠴᠢᠨᠦ ᠵᠣᠯ ᠵᠠᠶᠠᠭ᠎ᠠ ᠦᠭᠡᠢ ᠴᠡᠷᠢᠭ ᠦ᠋ᠳ ᠴᠠᠰᠤᠨ ᠳᠣᠲᠣᠷ᠎ᠠ ᠰᠢᠭᠢᠳᠬᠦ ᠪᠣᠯᠤᠨ᠎ᠠ ᠭᠡᠵᠦ ᠰᠢᠪᠡᠨᠡᠪᠡ! ᠭᠡᠵᠦ ᠵᠡᠭᠦᠳᠦᠯᠡᠪᠡ᠃

ᠡᠭᠦᠳᠡ ᠶ᠋ᠢ ᠰᠢᠷᠦᠭᠦᠨ ᠢ᠋ᠶ᠋ᠡᠷ ᠴᠣᠬᠢᠪᠠ᠃ ᠳ᠋ᠧᠩ ᠦ᠋ᠨ ᠳᠥᠯᠥ ᠴᠦ᠍ ᠳᠡᠭᠡᠪᠦᠷ ᠲᠦ᠍ ᠰᠡᠭᠦᠳᠡᠷ ᠪᠥᠷᠲᠥᠯᠵᠡᠨ᠎ᠡ᠃ ᠴᠠᠰᠤᠨ ᠳ᠋ᠤ᠌ ᠪᠤᠯᠠᠭᠳᠠᠭᠰᠠᠨ ᠲᠣᠮᠣ ᠭᠡᠭᠴᠢ ᠮᠣᠩᠭᠣᠯ ᠴᠡᠷᠢᠭ ᠣᠷᠣᠵᠤ ᠢᠷᠡᠭᠡᠳ ᠪᠠᠨᠲᠠᠩ ᠳ᠋ᠤ᠌ ᠪᠦᠳᠦᠷᠢᠪᠡ᠃ ᠦᠰᠦᠲᠡᠢ ᠮᠠᠯᠠᠭᠠᠢ ᠶ᠋ᠢ ᠪᠠᠭᠤᠯᠭᠠᠭᠰᠠᠨ ᠨᠢ ᠴᠢᠬᠢ ᠨᠢᠭᠤᠷ ᠢ᠋  ᠳᠠᠯᠳᠠᠯᠠᠵᠠᠢ᠃ ᠭᠠᠭᠴᠠᠬᠦ ᠬᠥᠯᠳᠡᠵᠦ ᠬᠠᠷ᠎ᠠ ᠲᠣᠯᠪᠣ ᠰᠠᠭᠤᠭᠰᠠᠨ ᠬᠠᠮᠠᠷ ᠪᠠ ᠠᠷᠠᠢ ᠶᠠᠳᠠᠨ ᠬᠥᠳᠡᠯᠬᠦ ᠤᠷᠤᠭᠤᠯ ᠨᠢ ᠦᠵᠡᠭᠳᠡᠨ᠎ᠡ᠃
— ᠠᠶᠤᠭᠲᠤᠨ᠂ ᠪᠢᠰᠢᠷᠡᠭᠲᠦᠨ! ᠭᠡᠬᠦ ᠳ᠋ᠦ᠍᠂
— ᠵᠠ ᠶᠠᠭᠤ ᠭᠡᠪᠡ? ᠭᠡᠵᠦ ᠶᠡᠬᠡ ᠴᠡᠷᠢᠭ ᠦ᠋ᠨ ᠡᠪᠦᠭᠡᠨ ᠵᠠᠩᠵᠤᠨ ᠲᠣᠭᠣᠮᠰᠠᠷ ᠦᠭᠡᠢ ᠠᠰᠠᠭᠤᠪᠠ᠃— ᠣᠷᠣᠰ ᠤ᠋ᠨ ᠬᠠᠷ᠎ᠠ ᠪᠥᠬᠡ!
— 《 ᠪᠠᠢᠵᠠ 》᠂ ᠰᠥᠪᠡᠭᠡᠲᠡᠢ᠂ 
—《 ᠪᠠᠢᠵᠠ 》 ᠭᠡᠵᠦ ᠬᠣᠶᠠᠷ ᠬᠡᠯᠡᠭᠡᠳ ᠨᠠᠰᠢ ᠲᠦᠯᠬᠢᠯᠴᠡᠭᠡᠳ ᠪᠣᠯᠬᠤ ᠦᠭᠡᠢ ᠲᠤᠯᠠ᠂
— ᠵᠠᠭᠤᠲᠤ ᠶ᠋ᠢᠨ ᠳᠠᠷᠤᠭ᠎ᠠ ᠠᠷᠠᠫᠠᠱᠠ ᠠ᠋ᠴᠠ ᠲᠠᠨ ᠳ᠋ᠤ᠌ ᠬᠦᠷᠭᠡᠵᠦ ᠥᠭ ᠭᠡᠵᠦ ᠲᠤᠰᠢᠶᠠᠪᠠ ᠭᠡᠪᠡ᠃
— ᠬᠠᠷ᠎ᠠ ᠪᠥᠬᠡ ᠬᠠᠮᠢᠭ᠎ᠠ ᠪᠠᠨ ᠪᠠᠢᠨ᠎ᠠ?
— ᠡᠨᠳᠡ ᠪᠠᠢᠨ᠎ᠠ ᠭᠡᠵᠦ ᠮᠣᠩᠭᠣᠯ ᠬᠠᠵᠠᠭᠤ ᠲᠡᠰᠢ ᠵᠠᠢᠯᠠᠪᠠᠯ᠂ ᠲᠡᠭᠦᠨ ᠦ᠌ ᠠᠷᠤ ᠳ᠋ᠤ᠌ ᠮᠥᠨ ᠴᠠᠰᠤᠨ ᠳ᠋ᠤ᠌ ᠳᠠᠷᠤᠭᠳᠠᠭᠰᠠᠨ ᠤᠷᠲᠤ ᠳᠡᠪᠡᠯ ᠲᠡᠢ ᠬᠠᠷ᠎ᠠ ᠯᠠᠮ᠎ᠠ᠂ ᠬᠠᠷ᠎ᠠ ᠮᠠᠯᠠᠭᠠᠢ ᠪᠠᠨ ᠬᠥᠮᠥᠰᠬᠡ ᠪᠡᠨ ᠬᠦᠷᠲᠡᠯ᠎ᠡ ᠪᠠᠭᠤᠯᠭᠠᠭᠰᠠᠨ ᠵᠣᠭᠰᠣᠨ᠎ᠠ᠃ ᠰᠥᠪᠡᠭᠡᠲᠡᠢ ᠨᠢᠳᠦ ᠪᠡᠨ ᠠᠨᠢᠰᠬᠢᠵᠤ ᠯᠠᠮ᠎ᠠ ᠥᠭᠡᠳᠡ ᠬᠠᠷᠠᠪᠠ᠂ ᠲᠡᠷᠡ ᠮᠠᠯᠠᠭᠠᠢ ᠪᠠᠨ ᠠᠪᠤᠪᠠ᠂ ᠪᠤᠭᠤᠷᠤᠯ ᠰᠠᠭᠤᠭᠰᠠᠨ ᠦᠰᠦ ᠪᠠ ᠤᠷᠲᠤ ᠬᠠᠷ᠎ᠠ ᠰᠠᠬᠠᠯ ᠨᠢ ᠮᠠᠰᠢ ᠲᠠᠨᠢᠯ ᠪᠣᠯᠤᠯᠲᠠᠢ ᠦᠵᠡᠭᠳᠡᠪᠡ᠃ ᠲᠡᠭᠡᠭᠡᠳ ᠲᠡᠷᠡ ᠲᠠᠲ᠋ᠠᠷ ᠬᠡᠯᠡ ᠪᠡᠷ ᠥᠭᠦᠯᠡᠷᠦᠨ᠂
— ᠰᠥᠪᠡᠭᠡᠲᠡᠢ ᠪᠠᠭᠠᠲᠤᠷ ᠴᠢᠬᠤᠯᠠ ᠮᠡᠳᠡᠭᠡ ᠪᠠᠢᠨ᠎ᠠ ᠭᠡᠬᠦ ᠳ᠋ᠦ᠍ ᠵᠠᠩᠵᠤᠨ ᠴᠡᠷᠢᠭ ᠲᠡᠰᠢ ᠬᠠᠨᠳᠤᠵᠤ᠂
— ᠴᠢ ᠭᠠᠷᠤᠭᠠᠳ ᠡᠭᠦᠳᠡᠨ ᠳ᠋ᠦ᠍ ᠪᠠᠢᠵᠤ ᠪᠠᠢᠭᠠᠷᠠᠢ᠂ ᠪᠢ ᠴᠢᠮᠠᠶ᠋ᠢ ᠳᠠᠭᠤᠳᠠᠨ᠎ᠠ ᠭᠡᠵᠦ ᠲᠤᠰᠢᠶᠠᠪᠠ᠃

ᠮᠣᠩᠭᠣᠯ ᠲᠣᠮᠣ ᠭᠤᠲᠤᠯ ᠢ᠋ᠶ᠋ᠠᠷ ᠢ᠋ᠶ᠋ᠠᠨ ᠭᠢᠰᠬᠢᠯᠡᠨ ᠭᠠᠷᠪᠠ᠃

ᠡᠭᠦᠳᠡᠨ ᠴᠦ᠍ ᠬᠠᠭᠠᠭᠳᠠᠪᠠ᠂ ᠯᠠᠮ᠎ᠠ ᠭᠡᠳᠡᠷᠭᠦ ᠨᠢᠭᠡ ᠬᠠᠷᠠᠭᠠᠳ ᠭᠠᠳᠠᠭᠤᠷ ᠡᠮᠦᠰᠦᠭᠰᠡᠨ ᠬᠤᠪᠴᠠᠰᠤ ᠪᠠᠨ ᠲᠠᠢᠯᠵᠤ ᠰᠥᠪᠡᠭᠡᠲᠡᠢ ᠪᠠᠭᠠᠲᠤᠷ ᠤ᠋ᠨ ᠳᠡᠷᠭᠡᠳᠡ ᠣᠷᠣᠨ ᠳᠡᠭᠡᠷ᠎ᠡ ᠵᠡᠷᠭᠡᠯᠡᠨ ᠰᠠᠭᠤᠪᠠ᠃
— ᠪᠢ ᠯᠠᠮ᠎ᠠ ᠬᠤᠪᠴᠠᠰᠤ ᠡᠮᠦᠰᠦᠭᠡᠳ᠂ ᠬᠠᠷ᠎ᠠ ᠬᠥᠮᠦᠰ ᠲᠦ᠍ ᠮᠥᠷᠭᠥᠯ ᠲᠠᠯᠪᠢᠪᠠ᠂ ᠴᠥᠮ ᠮᠢᠨᠦ ᠭᠠᠷ ᠢ᠋ ᠦᠨᠦᠰᠴᠢᠬᠡᠭᠰᠡᠨ ᠭᠡᠬᠦ ᠳ᠋ᠦ᠍᠂
— ᠲᠡᠭᠡᠭᠡᠳ ᠸᠠᠩ ᠭᠯᠸᠪ ᠴᠢ ᠶᠠᠭᠤ ᠪᠣᠯᠤᠭᠰᠠᠨ ᠢ᠋ᠶ᠋ᠠᠨ ᠶᠠᠷᠢ!
— ᠪᠢ ᠶᠡᠬᠡ ᠸᠠᠩ ᠭᠸᠤᠷᠬᠢ ᠸᠰᠸᠸᠯᠤᠳᠤᠸᠢᠴ ᠤ᠋ᠨ ᠬᠠᠮᠢᠭ᠎ᠠ ᠪᠠᠨ ᠪᠠᠢᠭ᠎ᠠ ᠶ᠋ᠢ ᠬᠥᠮᠦᠨ ᠪᠦᠬᠦᠨ ᠡᠴᠡ ᠠᠰᠠᠭᠤᠪᠠ᠃《 ᠸᠠᠩ ᠬ᠌ᠸᠣᠷᠭᠢ ᠬᠠᠮᠢᠭ᠎ᠠ ᠪᠠᠢᠨ᠎ᠠ? ᠬᠠᠮᠢᠭ᠎ᠠ ᠴᠡᠷᠢᠭ ᠴᠤᠭᠯᠠᠷᠠᠵᠤ ᠪᠠᠢᠨ᠎ᠠ? 》 ᠭᠡᠳᠡᠭ ᠠᠰᠠᠭᠤᠯᠲᠠ ᠮᠢᠨᠦ ᠡᠷᠭᠢᠨ ᠲᠣᠭᠣᠷᠢᠨ ᠰᠣᠨᠣᠰᠳᠠᠵᠤ ᠪᠠᠢᠪᠠ ᠃ ᠴᠢᠳᠠᠯᠲᠠᠢ ᠪᠦᠬᠦᠨ ᠬᠢᠲᠤᠭ᠎ᠠ ᠰᠦᠬᠡ ᠪᠡᠨ ᠬᠤᠷᠴᠠᠯᠠᠵᠤ ᠪᠠᠢᠨ᠎ᠠ᠂ ᠴᠥᠮ ᠬᠣᠢᠲᠤ ᠵᠦᠭ ᠶᠠᠪᠤᠭ᠎ᠠ᠂ ᠪᠢ ᠪᠠᠰᠠ ᠲᠦᠷᠭᠡᠯᠡᠵᠦ ᠪᠣᠯᠬᠤ ᠭᠠᠵᠠᠷ ᠲᠤ᠌ ᠴᠢᠷᠭᠠᠨ ᠳ᠋ᠤ᠌ ᠰᠠᠭᠤᠵᠤ᠂ ᠦᠯᠦ ᠪᠣᠯᠬᠤ ᠭᠠᠵᠠᠷ ᠢ᠋ᠶ᠋ᠠᠷ ᠶᠠᠪᠠᠭᠠᠨ ᠶᠠᠪᠤᠪᠠ᠃
— ᠠ᠂ ᠲᠡᠭᠡᠭᠡᠳ ᠸᠠᠩ ᠭᠯᠸᠪ᠂ ᠴᠢᠨᠠᠭᠰᠢ ᠶᠠᠷᠢ!
— ᠤᠯᠠᠭᠠᠴᠢ ᠨᠠᠮᠠᠶ᠋ᠢ ᠴᠢᠷᠭ᠎ᠠ ᠪᠠᠷ ᠲᠡᠭᠡᠭᠡᠵᠦ ᠶᠠᠪᠤᠭᠠᠳ ᠪᠢᠳᠡᠨ ᠦ᠌ ᠲᠥᠯᠥᠭᠡ ᠮᠥᠷᠭᠥᠯ ᠬᠢᠵᠦ ᠳᠠᠢᠰᠤᠨ ᠢ᠋ ᠢᠯᠠᠬᠤ ᠴᠢᠳᠠᠯ ᠢ᠋ ᠣᠯᠭᠣᠨ᠎ᠠ ᠤᠤ ᠭᠡᠪᠡ᠃
— ᠡᠨᠡ ᠲᠤᠬᠠᠢ ᠪᠣᠯᠢᠶ᠎ᠠ᠂ ᠬᠠᠷᠢᠨ ᠸᠠᠩ ᠭᠸᠤᠷᠭᠢ ᠬᠠᠮᠢᠭ᠎ᠠ ᠪᠠᠢᠨ᠎ᠠ ᠪᠣᠢ?
— ᠪᠢ ᠡᠷᠲᠡ ᠴᠠᠭ ᠤ᠋ᠨ ᠨᠡᠪᠲᠡᠷᠡᠰᠢ ᠦᠭᠡᠢ ᠣᠢ ᠶ᠋ᠢᠨ ᠨᠠᠮᠤᠭ ᠳᠤᠮᠳᠠᠭᠤᠷ ᠶᠠᠪᠤᠵᠤ ᠢᠷᠡᠯ᠎ᠡ᠃
— ᠬᠠᠮᠢᠭᠠᠰᠢ ᠪᠠᠨ?
— ᠮᠣᠯᠤᠭ᠎ᠠ ᠭᠣᠣᠯ ᠢ᠋ᠶ᠋ᠠᠷ᠃
— ᠮᠣᠯᠤᠭ᠎ᠠ? ᠮᠣᠯᠤᠭ᠎ᠠ ᠬᠠᠮᠢᠭ᠎ᠠ ᠪᠠᠢᠨ᠎ᠠ?
— ᠬᠣᠢᠲᠤ ᠵᠦᠭ ᠲᠦ᠍᠂ ᠴᠢᠬᠤᠯᠠ ᠮᠡᠳᠡᠭᠡ ᠠᠪᠴᠢᠷᠠᠪᠠᠯ ᠨᠠᠳᠠᠳᠤ ᠬᠡᠦᠳᠡᠢ ᠲᠡᠢ ᠠᠯᠲᠠ ᠥᠭᠭᠦᠨ᠎ᠡ ᠭᠡᠵᠦ ᠴᠢ ᠠᠮᠠᠯᠠᠭᠰᠠᠨ ᠰᠢᠦ ᠳ᠋ᠠ᠃
— ᠪᠢ ᠶᠡᠷᠦ ᠬᠤᠳᠠᠯ ᠮᠡᠳᠡᠭᠡ ᠰᠣᠨᠣᠰᠬᠤ ᠦᠭᠡᠢ ᠪᠠᠢᠨ᠎ᠠ᠂ ᠴᠢ ᠶᠠᠪᠤᠭᠠᠳ ᠯᠠ ᠪᠠᠢᠨ᠎ᠠ᠂ ᠶᠠᠪᠤᠭᠠᠳ ᠯᠠ ᠪᠠᠢᠨ᠎ᠠ᠂ ᠶᠠᠮᠠᠷ ᠴᠤ᠌ ᠲᠦᠯᠬᠢᠴᠡ ᠠᠯᠠᠭ᠎ᠠ ᠭᠡᠨ᠎ᠡ᠃

ᠸᠠᠩ ᠭᠯᠸᠪ᠂ ᠵᠠᠩᠵᠤᠨ  ᠤ᠋ ᠴᠢᠯᠠᠭᠤ ᠮᠡᠲᠦ ᠴᠢᠷᠠᠢ ᠶ᠋ᠢ ᠦᠨᠡᠮᠰᠢᠬᠦ ᠦᠭᠡᠢ ᠮᠠᠶᠢᠭ ᠢ᠋ᠶ᠋ᠠᠷ ᠰᠢᠷᠳᠡᠨ᠎ᠡ᠃ ᠲᠡᠭᠦᠨ ᠦ᠌ ᠮᠣᠢᠨᠣᠭ ᠬᠤᠷᠤᠭᠤ ᠨᠤᠭᠤᠳ ᠠᠯᠲᠠ ᠶ᠋ᠢ ᠭᠣᠷᠢᠳᠠᠬᠤ ᠮᠡᠲᠦ ᠣᠷᠣᠭᠰᠢ ᠰᠠᠷᠪᠠᠢᠨ᠎ᠠ᠃
— ᠪᠢ ᠴᠦ᠍ ᠶᠡᠬᠡ ᠬᠢᠯᠢᠨᠴᠡ ᠲᠡᠢ ᠦᠢᠯᠡᠳᠦᠯ᠎ᠡ! ᠲᠥᠷᠥᠭᠰᠡᠨ ᠤᠯᠤᠰ ᠢ᠋ᠶ᠋ᠠᠨ ᠳᠠᠢᠰᠤᠩᠨᠠᠵᠤ ᠪᠠᠢᠨ᠎ᠠ᠂ ᠦᠬᠦᠯ ᠦ᠋ᠨ ᠣᠷᠣᠨ ᠳ᠋ᠤ᠌ ᠡᠷᠯᠢᠭ ᠦ᠋ᠳ ᠨᠠᠮᠠᠶ᠋ᠢ ᠭᠠᠯ ᠳ᠋ᠤ᠌ ᠰᠢᠲᠠᠭᠠᠬᠤ ᠪᠢᠵᠡ ᠠ᠋᠃
— ᠬᠠᠷᠢᠨ ᠰᠠᠢᠨ ᠪᠠᠢᠨ᠎ᠠ᠂ ᠡᠨᠡ ᠴᠢᠨᠢ ᠴᠢᠮ᠎ᠠ ᠳ᠋ᠤ᠌ ᠭᠠᠪᠢᠶ᠎ᠠ ᠪᠣᠯᠤᠨ᠎ᠠ!
— ᠪᠢ ᠠᠯᠲᠠ ᠭᠣᠷᠢᠳᠠᠵᠤ ᠪᠠᠢᠨ᠎ᠠ᠃
— ᠪᠢ ᠲᠡᠭᠦᠨ ᠢ᠋ ᠦᠭᠭᠦᠨ᠎ᠡ᠂ ᠶᠡᠬᠡ ᠪᠡᠷ ᠦᠭᠭᠦᠨ᠎ᠡ᠂ ᠮᠡᠳᠡᠭᠰᠡᠨ ᠢ᠋ᠶ᠋ᠡᠨ ᠬᠡᠯᠡ᠃
— ᠮᠣᠯᠤᠭ᠎ᠠ᠂ ᠢᠵᠢᠯ ᠮᠥᠷᠡᠨ ᠳ᠋ᠦ᠍ ᠴᠢᠳᠬᠤᠬᠤ ᠪᠠ ᠮᠣᠯᠤᠭ᠎ᠠ ᠳ᠋ᠤ᠌ ᠰᠢᠲ ᠭᠡᠳᠡᠭ ᠭᠣᠣᠯ ᠴᠢᠳᠬᠤᠨ᠎ᠠ᠃ ᠡᠨᠡ ᠭᠣᠣᠯ ᠤ᠋ᠨ ᠡᠷᠭᠢ ᠳ᠋ᠦ᠍ ᠪᠤᠵᠸᠨ᠋ᠷᠢ ᠭᠡᠭᠴᠢ ᠰᠠᠭᠤᠷᠢᠨ ᠪᠣᠢ᠂ ᠡᠭᠦᠨ ᠳ᠋ᠦ᠍ ᠬᠠᠭᠤᠴᠢᠨ ᠤ᠋ ᠰᠦᠮ᠎ᠡ ᠪᠣᠢ! ᠰᠦᠮ᠎ᠡ ᠶ᠋ᠢᠨ ᠳᠡᠷᠭᠡᠳᠡ ᠯᠠᠮ᠎ᠠ ᠶ᠋ᠢᠨ ᠪᠠᠢᠰᠢᠩ ᠳ᠋ᠤ᠌ ᠸᠠᠩ ᠭᠸᠤᠷᠬᠢ ᠸᠰᠸᠸᠤᠯᠤᠳᠤᠸᠢᠴ ᠰᠠᠭᠤᠵᠤ ᠲᠡᠨᠳᠡ ᠶᠡᠬᠡ ᠴᠡᠷᠢᠭ ᠬᠤᠷᠠᠯᠳᠤᠭᠤᠯᠵᠤ ᠪᠠᠢᠨ᠎ᠠ᠃

ᠰᠦᠪᠡᠭᠡᠳᠡᠢ ᠭᠡᠳᠡᠷᠭᠦ ᠤᠬᠤᠷᠢᠵᠤ ᠨᠢᠳᠦ ᠨᠢ ᠳᠡᠭᠡᠭᠰᠢ ᠬᠠᠷᠠᠵᠤ᠂ ᠬᠠᠭᠤᠴᠢᠨ ᠮᠣᠳᠣᠨ ᠳᠡᠭᠡᠪᠦᠷ ᠢ᠋ ᠶᠠᠭ ᠰᠢᠷᠳᠡᠨ᠎ᠡ᠃ ᠲᠡᠭᠡᠭᠰᠡᠨ᠎ᠡ ᠵᠡᠭᠦᠨ ᠭᠠᠷ ᠢ᠋ᠶ᠋ᠠᠷ ᠡᠷᠢᠶᠡᠨ ᠣᠭᠣᠰᠣᠷ ᠲᠠᠢ ᠤᠭᠤᠲᠠ ᠶ᠋ᠢ ᠡᠪᠦᠷ ᠡᠴᠡ ᠭᠠᠷᠭᠠᠵᠤ᠂
— ᠡᠨᠳᠡ ᠭᠤᠷᠪᠠᠨ ᠵᠠᠭᠤᠨ ᠠᠯᠲᠠᠨ ᠵᠣᠭᠣᠰ ᠪᠣᠢ᠂ ᠬᠠᠭᠠᠰ ᠢ᠋ ᠨᠢ ᠴᠢ ᠣᠳᠣ ᠠᠪᠤᠨ᠎ᠠ᠂ ᠦᠯᠡᠳᠡᠭᠰᠡᠨ ᠢ᠋ ᠨᠢ ᠰᠢᠲ ᠭᠣᠣᠯ ᠳᠡᠭᠡᠷ᠎ᠡ ᠣᠴᠢᠭᠰᠠᠨ ᠤ᠋ ᠬᠣᠢᠨ᠎ᠠ ᠴᠢ ᠠᠪᠤᠨ᠎ᠠ᠃ ᠴᠢ ᠵᠠᠮ ᠵᠢᠭᠠᠵᠤ ᠦᠭᠭᠦᠨ᠎ᠡ᠃ ᠬᠡᠷᠪᠡ ᠴᠢ ᠮᠡᠬᠡᠯᠡᠭᠰᠡᠨ ᠪᠣᠯ ᠰᠢᠲ ᠭᠣᠣᠯ ᠳᠡᠭᠡᠷ᠎ᠡ ᠴᠢᠮᠠᠶ᠋ᠢ ᠱᠣᠷᠯᠠᠨ ᠵᠠᠳᠠᠭᠠᠢ ᠭᠠᠯ ᠳ᠋ᠤ᠌ ᠰᠢᠲᠠᠭᠠᠨ᠎ᠠ᠂ ᠮᠠᠨ ᠤ᠋ ᠴᠡᠷᠢᠭ ᠦ᠋ᠳ ᠴᠢᠮᠠᠶ᠋ᠢ ᠦᠬᠦᠲᠡᠯ᠎ᠡ ᠴᠢᠨᠢ ᠰᠢᠲᠠᠭᠠᠨ᠎ᠠ ᠪᠢᠵᠡ ᠭᠡᠬᠦ ᠳ᠋ᠦ᠍᠂ ᠸᠠᠩ ᠭᠯᠸᠪ ᠭᠡᠮᠰᠢᠨ
— ᠡᠨᠡ ᠴᠦ᠍ ᠮᠠᠰᠢ ᠪᠠᠭ᠎ᠠ ᠪᠠᠢᠨ᠎ᠠ ᠭᠡᠵᠦ ᠰᠢᠪᠡᠨᠡᠨ᠎ᠡ᠃
— ᠳᠤᠷ᠎ᠠ ᠦᠭᠡᠢ ᠪᠣᠯ ᠪᠤᠤ ᠠᠪ!

ᠰᠦᠪᠡᠭᠡᠳᠡᠢ ᠱᠠᠯᠠᠮᠠᠭᠠᠢ ᠪᠠᠷ ᠨᠢᠭᠡᠨ ᠭᠠᠷ ᠢ᠋ᠶ᠋ᠠᠷ ᠪᠠᠷᠢᠵᠤ ᠰᠢᠳᠦ ᠪᠡᠷ ᠬᠠᠵᠠᠵᠤ ᠤᠭᠤᠲᠠ ᠶ᠋ᠢᠨ ᠠᠮᠠᠰᠠᠷ ᠢ᠋ ᠲᠠᠢᠯᠵᠤ ᠡᠪᠦᠷ ᠳᠡᠭᠡᠷ᠎ᠡ ᠪᠡᠨ ᠠᠰᠬᠠᠭᠠᠳ ᠠᠯᠲᠠᠨ ᠵᠣᠭᠣᠰ ᠠ᠋ᠴᠠ ᠬᠡᠰᠡᠭ ᠢ᠋ ᠠᠳᠬᠤᠵᠤ ᠸᠠᠩ ᠳᠠᠰᠢ ᠭᠠᠷ ᠰᠤᠩᠭᠠᠪᠠᠯ᠂ ᠲᠡᠷᠡ ᠬᠣᠶᠠᠷ ᠠᠯᠠᠭ᠎ᠠ ᠪᠠᠨ ᠲᠣᠰᠴᠤ᠄
— ᠡᠨᠡ ᠠᠯᠲᠠ ᠶ᠋ᠢ ᠪᠢ ᠠᠪᠬᠤ ᠳ᠋ᠠᠭᠠᠨ ᠵᠥᠪᠬᠡᠨ ᠥᠪᠡᠷ ᠦ᠋ᠨ ᠠᠵᠢᠯ ᠶᠠᠪᠤᠳᠠᠯ ᠤ᠋ᠨ ᠲᠤᠯᠠᠳᠠ ᠠᠪᠤᠨ᠎ᠠ᠃ ᠬᠠᠷᠢᠨ ᠰᠥᠪᠡᠭᠡᠲᠡᠢ ᠪᠠᠭᠠᠲᠤᠷ ᠴᠢ ᠪᠠᠢᠯᠳᠤᠭᠠᠨ ᠳᠠᠭᠤᠰᠤᠭᠰᠠᠨ ᠤ᠋ ᠳᠠᠷᠠᠭ᠎ᠠ ᠨᠠᠳᠠᠳᠤ ᠷᠶᠠᠽᠠᠨ᠂ ᠰᠦᠽᠳ᠋ᠠᠯᠢ ᠵᠡᠷᠭᠡ ᠪᠠᠰᠠ ᠪᠤᠰᠤ ᠭᠠᠵᠠᠷ ᠤ᠋ᠨ ᠶᠡᠬᠡ ᠡᠵᠡᠨ ᠸᠠᠩ ᠪᠣᠯᠭᠠᠬᠤ ᠶᠠᠪᠤᠳᠠᠯ ᠳ᠋ᠤ᠌ ᠲᠤᠰᠠᠯᠠᠬᠤ ᠤᠤ? ᠭᠠᠭᠴᠠᠬᠦ ᠡᠭᠦᠨ ᠦ᠌ ᠲᠥᠯᠥᠭᠡ ᠥᠪᠡᠷ ᠦ᠋ᠨ ᠳᠠᠢᠰᠤᠨ ᠸᠠᠩ ᠭᠸᠤᠷᠬᠢ ᠸᠯᠡᠳᠢᠮᠢᠷᠰᠺᠢ ᠶ᠋ᠢ ᠪᠤᠲᠠ ᠨᠢᠷᠭᠡᠬᠦ ᠶ᠋ᠢᠨ ᠲᠤᠯᠠ ᠪᠢ ᠲᠠᠨᠠᠷ ᠲᠸ᠋ ᠡᠢᠨ ᠬᠦ᠌ ᠲᠤᠰᠠᠯᠠᠵᠤ ᠪᠠᠢᠨ᠎ᠠ ᠭᠡᠪᠡ᠃
— ᠮᠠᠷᠭᠠᠰᠢ ᠶ᠋ᠢᠨ ᠶᠠᠭᠤᠮ᠎ᠠ᠂ ᠮᠠᠷᠭᠠᠰᠢ ᠳ᠋ᠠᠭᠠᠨ ᠪᠣᠯᠳᠠᠭ ᠲᠤᠯᠠ ᠲᠡᠭᠡᠭᠰᠡᠨ ᠬᠣᠢᠨ᠎ᠠ ᠶᠠᠭᠤ ᠬᠢᠬᠦ ᠶ᠋ᠢ ᠰᠢᠢᠳᠪᠦᠷᠢᠯᠡᠨ᠎ᠡ᠃ ᠭᠡᠲᠡᠯ᠎ᠡ ᠡᠭᠦᠳᠡ ᠶ᠋ᠢ ᠴᠢᠩᠭ᠎ᠠ ᠲᠣᠭᠰᠢᠵᠤ ᠶᠠᠷᠢᠶ᠎ᠠ ᠶ᠋ᠢ ᠲᠠᠰᠤᠯᠪᠠ᠃ ᠨᠢᠭᠡᠨ ᠬᠥᠮᠦᠨ ᠡᠭᠦᠳᠡ ᠪᠠᠯᠪᠠᠵᠤ᠄
— ᠪᠠᠢᠵᠠ! ᠪᠠᠢᠵᠠ! ᠰᠥᠪᠡᠭᠡᠲᠡᠢ ᠪᠠᠭᠠᠲᠤᠷ ᠭᠡᠵᠦ ᠬᠠᠰᠬᠢᠷᠪᠠ᠃ ᠯᠠᠮ᠎ᠠ ᠲᠦᠷᠭᠡᠨ ᠢ᠋ᠶ᠋ᠡᠷ ᠮᠥᠩᠭᠥ ᠪᠡᠨ ᠨᠢᠭᠤᠪᠠ᠃

ᠰᠥᠪᠡᠭᠡᠲᠡᠢ ᠪᠠᠭᠠᠲᠤᠷ ᠪᠣᠰᠴᠤ ᠮᠣᠳᠣᠨ ᠡᠭᠦᠳᠡ ᠶ᠋ᠢ ᠲᠦᠯᠬᠢᠵᠦ ᠨᠡᠭᠡᠭᠡᠪᠡᠯ ᠲᠠᠰᠤᠯᠭᠠᠨ ᠳ᠋ᠤ᠌ ᠬᠠᠷ᠎ᠠ ᠲᠣᠷᠭᠠᠨ ᠨᠥᠮᠥᠷᠭᠡ ᠨᠥᠮᠥᠷᠦᠭᠰᠡᠨ ᠬᠢᠲᠠᠳ ᠥᠬᠢᠨ ᠢ ᠯᠡ ᠾᠧ ᠭᠦᠶᠦᠨ ᠣᠷᠣᠵᠤ ᠡᠪᠦᠳᠦᠭ ᠰᠥᠭᠥᠳᠦᠨ ᠠᠮᠢᠰᠬᠤᠭᠠᠳᠠᠵᠤ ᠵᠠᠩᠵᠤᠨ ᠤ᠋ ᠬᠤᠪᠴᠠᠰᠤᠨ ᠠ᠋ᠴᠠ ᠰᠢᠭᠦᠷᠡᠨ ᠠᠪᠤᠪᠠ᠃ ᠵᠠᠩᠵᠤᠨ ᠲᠡᠭᠦᠨ ᠢ᠋ ᠭᠡᠳᠡᠷᠭᠦ ᠲᠦᠯᠬᠢᠵᠦ᠂ ᠯᠠᠮ᠎ᠠ ᠶ᠋ᠢ ᠲᠠᠰᠤᠯᠭᠠᠨ ᠠ᠋ᠴᠠ ᠪᠠᠨ ᠭᠠᠷᠭᠠᠵᠤ ᠲᠠᠢᠪᠤᠩ ᠢ᠋ᠶ᠋ᠠᠷ ᠡᠭᠦᠳᠡ ᠪᠡᠨ ᠬᠠᠭᠠᠪᠠ᠃
— ᠠᠶᠤᠯ᠂ ᠮᠠᠭᠤᠬᠠᠢ ᠪᠣᠯᠤᠯ᠎ᠠ ᠭᠡᠵᠦ ᠬᠢᠲᠠᠳ ᠥᠬᠢᠨ ᠨᠢᠯᠪᠤᠰᠤ ᠴᠤᠪᠤᠷᠠᠭᠤᠯᠤᠨ᠂
— ᠡᠨᠡ ᠣᠷᠣᠰ ᠤ᠋ᠨ ᠬᠠᠷᠢᠶᠠᠯ ᠢ᠋ᠶ᠋ᠠᠷ ᠪᠦᠲᠦᠭᠰᠡᠨ ᠪᠥᠬᠡ ᠨᠠᠷ ᠵᠠᠩᠵᠤᠨ ᠳ᠋ᠤ᠌ ᠬᠣᠣᠷ ᠤᠤᠭᠤᠯᠭᠠᠴᠢᠬᠠᠵᠠᠢ᠃ ᠲᠡᠷᠡ ᠤᠬᠠᠭᠠᠨ ᠠᠯᠲᠠᠨ ᠭᠠᠯᠵᠠᠭᠤᠷᠠᠭᠠᠳ ᠰᠡᠯᠡᠮ᠎ᠡ ᠪᠠᠷᠢᠵᠤ ᠬᠡᠪᠲᠡᠭᠰᠡᠨ ᠪᠦᠭᠦᠳᠡ ᠶ᠋ᠢ ᠴᠠᠪᠴᠢᠯᠠᠵᠤ ᠣᠷᠣᠰ ᠤ᠋ᠨ ᠪᠤᠷᠬᠠᠨ ᠨᠤᠭᠤᠳ ᠢ᠋ ᠴᠣᠬᠢᠯᠠᠨ ᠰᠠᠨᠳᠠᠯᠢ ᠰᠢᠷᠡᠭᠡ ᠶ᠋ᠢ ᠬᠠᠨ᠎ᠠ ᠤᠷᠤᠭᠤ ᠴᠢᠯᠠᠭᠤᠳᠠᠭᠠᠳ ᠪᠠᠢᠨ᠎ᠠ ᠭᠡᠪᠡ᠃
— ᠲᠡᠷᠡ ᠨᠠᠳᠠᠳᠤ ᠬᠠᠮᠢᠶ᠎ᠠ ᠦᠭᠡᠢ ᠭᠡᠵᠦ ᠰᠥᠪᠡᠭᠡᠲᠡᠢ ᠬᠦᠢᠲᠡᠨ ᠰᠢᠨᠵᠢ ᠪᠡᠷ ᠬᠠᠷᠢᠭᠤᠯᠪᠠ᠃
— ᠪᠢ ᠪᠣᠯ ᠵᠥᠪᠬᠡᠨ ᠪᠠᠢᠯᠳᠤᠭᠠᠨ ᠤ᠋ ᠵᠥᠪᠯᠡᠬᠦ᠂ ᠬᠠᠷᠢᠨ ᠵᠠᠩᠵᠤᠨ ᠭᠡᠷ ᠲᠡᠭᠡᠨ ᠶᠠᠭᠤ ᠰᠠᠨᠠᠭᠰᠠᠨ ᠢ᠋ᠶ᠋ᠠᠷ ᠢ᠋ᠶ᠋ᠠᠨ ᠲᠡᠭᠡᠵᠦ ᠪᠠᠢᠭ ᠭᠡᠪᠡ᠃ ᠢ ᠯᠡ ᠾᠧ᠂ ᠦᠷᠭᠦᠯᠵᠢᠯᠡᠨ ᠤᠬᠢᠯᠠᠵᠤ ᠰᠥᠪᠡᠭᠡᠲᠡᠢ ᠪᠠᠭᠠᠲᠤᠷ ᠤ᠋ᠨ ᠳᠡᠪᠡᠯ ᠢ᠋ ᠦᠯᠦ ᠲᠠᠯᠪᠢᠨ᠎ᠠ᠃ ᠲᠡᠷᠡ ᠡᠨᠡᠬᠦ ᠥᠬᠢᠨ ᠦ᠌ ᠨᠠᠷᠢᠨ ᠴᠣᠩᠬᠢᠭᠠᠷ ᠨᠢᠭᠤᠷ᠂ ᠪᠢᠴᠢᠬᠠᠨ ᠠᠮᠠ᠂ ᠲᠠᠤᠯᠠᠢ ᠶ᠋ᠢᠨ ᠰᠢᠲᠦ ᠠᠳᠠᠯᠢ ᠣᠷᠣᠭᠰᠢ ᠪᠠᠨ ᠭᠠᠷᠤᠭᠰᠠᠨ ᠬᠣᠶᠠᠷ ᠡᠭᠦᠳᠡᠨ ᠰᠢᠲᠦ ᠵᠡᠷᠭᠡ ᠶ᠋ᠢ ᠨᠢ ᠰᠣᠨᠢᠷᠬᠠᠨ ᠬᠠᠷᠠᠨ᠎ᠠ᠃
— ᠴᠢ ᠶᠠᠭᠤᠨ ᠳ᠋ᠤ᠌ ᠤᠬᠢᠯᠠᠨ᠎ᠠ ᠪᠣᠢ? ᠣᠷᠣᠰ ᠤ᠋ᠳ ᠤ᠋ᠨ ᠪᠤᠷᠬᠠᠨ ᠴᠢᠮᠠᠲᠤ ᠬᠠᠢᠷᠠᠨ ᠰᠠᠨᠠᠭᠳᠠᠨ᠎ᠠ ᠤᠤ?
— ᠵᠠᠩᠵᠤᠨ ᠶᠠᠭᠠᠬᠢᠵᠤ ᠪᠠᠢᠭ᠎ᠠ ᠨᠢ ᠲᠡᠷᠡ ᠪᠣᠢ᠂ ᠵᠠᠩᠵᠤᠨ ᠤᠬᠠᠭᠠᠨ ᠠᠯᠳᠠᠵᠤ ᠪᠢᠴᠢᠬᠠᠨ ᠶᠥᠯᠳᠦ᠋ᠽ ᠬᠠᠲᠤᠨ ᠤ᠋ ᠭᠠᠷ ᠬᠥᠯ ᠢ᠋ ᠬᠦᠯᠢ ᠭᠡᠵᠦ ᠲᠤᠰᠢᠶᠠᠪᠠ ᠭᠡᠨ᠎ᠡ᠃
— ᠡᠨᠡ ᠲᠡᠭᠦᠨ ᠦ᠌ ᠡᠷᠬᠡ᠂ ᠡᠷ᠎ᠡ ᠨᠢ ᠥᠪᠡᠷ ᠦ᠋ᠨ ᠡᠬᠡᠨᠡᠷ ᠢ᠋ ᠬᠡᠷᠬᠢᠭᠰᠡᠨ ᠴᠦ᠍ ᠳᠤᠷ᠎ᠠ᠃
— ᠮᠢᠨᠦ ᠡᠵᠡᠨ ᠬᠠᠲᠤᠨ ᠢ᠋ ᠡᠭᠦᠳᠡᠨ ᠳ᠋ᠦ᠍ ᠪᠠᠢᠭᠰᠠᠨ ᠮᠠᠨᠠᠭᠠᠨ ᠴᠡᠷᠢᠭ ᠲᠡᠢ ᠬᠣᠯᠪᠣᠨ ᠬᠥᠭᠡᠭᠡᠭᠡᠳ ᠴᠡᠴᠡᠷᠯᠢᠭ ᠳᠣᠲᠣᠷ᠎ᠠ ᠴᠠᠰᠤᠨ ᠳᠣᠲᠣᠷ᠎ᠠ ᠬᠠᠶᠠᠭᠰᠠᠨ ᠪᠥᠭᠡᠳ ᠲᠡᠨᠳᠡ ᠬᠥᠮᠦᠨ ᠢᠳᠡᠭᠴᠢ ᠭᠦᠶᠦᠯᠳᠦᠵᠦ ᠪᠠᠢᠨ᠎ᠠ᠃ ᠣᠳᠣ ᠪᠥᠬᠡ ᠪᠧᠾᠢ ᠪᠣᠯᠤᠨ ᠲᠡᠭᠦᠨ ᠦ᠌ ᠲᠤᠰᠠᠯᠠᠭᠴᠢᠳ ᠢᠷᠡᠵᠦ ᠬᠠᠲᠤᠨ ᠶᠥᠯᠳᠦ᠋ᠽ ᠪᠣᠯᠤᠨ ᠵᠠᠯᠠᠭᠤ ᠴᠡᠷᠢᠭ ᠲᠦ᠍ ᠬᠠᠷᠢᠶᠠᠯ ᠬᠢᠵᠦ ᠠᠯᠠᠨ᠎ᠠ ᠪᠠᠢᠬ᠎ᠠ᠃
— ᠲᠡᠷᠡ ᠨᠠᠳᠠᠳᠤ ᠬᠠᠮᠢᠶ᠎ᠠ ᠦᠭᠡᠢ᠂ ᠪᠢ ᠪᠠᠢᠯᠳᠤᠭᠠᠨ ᠳ᠋ᠤ᠌ ᠶᠠᠪᠤᠬᠤ ᠶ᠋ᠢ ᠮᠡᠳᠡᠨ᠎ᠡ᠂ ᠬᠠᠷᠢᠨ ᠵᠠᠩᠵᠤᠨ ᠤ᠋ ᠡᠬᠡᠨᠡᠷ ᠦ᠋ᠨ ᠭᠡᠷ ᠲᠦ᠍ ᠪᠣᠯᠬᠤ ᠶᠠᠪᠤᠳᠠᠯ ᠢ᠋ ᠲᠡᠭᠦᠨ ᠦ᠌ ᠪᠥᠬᠡ ᠨᠠᠷ ᠪᠣᠯᠤᠨ ᠬᠢᠲᠠᠳ ᠰᠢᠪᠡᠭᠡᠴᠢᠨ ᠨᠠᠷ ᠮᠡᠳᠡᠨ᠎ᠡ᠃
— ᠵᠠᠩᠵᠤᠨ ᠲᠠᠨ ᠠ᠋ᠴᠠ ᠥᠭᠡᠷ᠎ᠡ ᠬᠡᠨ ᠦ᠌ ᠴᠦ᠍ ᠦᠭᠡ ᠶ᠋ᠢ ᠰᠣᠨᠣᠰᠬᠤ ᠦᠭᠡᠢ᠂ ᠦᠯᠦ ᠢᠯᠠᠭᠳᠠᠭᠴᠢ ᠮᠢᠨᠢ! ᠶᠥᠯᠳᠦ᠋ᠽ ᠬᠠᠲᠤᠨ ᠢ᠋ ᠠᠪᠤᠷᠠᠭᠠᠴᠢ! ᠲᠠᠩᠭᠠᠷᠢᠭᠯᠠᠶ᠎ᠠ! ᠶᠠᠮᠠᠷ ᠴᠥ᠍ ᠭᠡᠮ ᠦᠭᠡᠢ᠂ ᠲᠡᠷᠡ ᠴᠡᠷᠢᠭ ᠪᠣᠯ ᠲᠡᠭᠦᠨ ᠦ᠌ ᠠᠬ᠎ᠠ ᠶᠤᠮ!
— ᠬᠢᠲᠠᠳ ᠥᠬᠢᠨ ᠴᠢ ᠱᠠᠯ ᠳᠡᠮᠡᠢ ᠨᠠᠳᠠᠳᠤ ᠢᠷᠡᠵᠡᠢ! ᠪᠠᠲᠤ ᠬᠠᠭᠠᠨ ᠤ᠋ ᠪᠠᠢᠯᠳᠤᠭᠠᠨ ᠤ᠋ ᠲᠠᠪᠰᠢᠯᠲᠠ ᠶ᠋ᠢᠨ ᠨᠣᠮ ᠪᠢᠴᠢᠵᠦ ᠪᠠᠢᠭ᠎ᠠ ᠬᠠᠳ᠋ᠵᠢ ᠷᠠᠾᠢᠮ ᠢ᠋ ᠡᠷᠢᠵᠦ ᠣᠯ᠃ ᠲᠡᠷᠡ ᠲᠡᠭᠦᠨ ᠦ᠌ ᠪᠠᠭᠰᠢ ᠲᠤᠯᠠ ᠵᠠᠩᠵᠤᠨ ᠲᠡᠭᠦᠨ ᠦ᠌ ᠦᠭᠡᠨ ᠳ᠋ᠦ᠍ ᠣᠷᠣᠨ᠎ᠠ᠃ ᠲᠡᠷᠡ ᠪᠠᠲᠤ ᠬᠠᠭᠠᠨ ᠳ᠋ᠤ᠌ ᠡᠳᠡᠭᠡᠷᠡᠬᠦ ᠡᠮ ᠥᠭᠪᠡᠯ ᠪᠢᠴᠢᠬᠠᠨ ᠡᠬᠡᠨᠡᠷ ᠢ᠋ ᠪᠡᠨ ᠥᠷᠥᠰᠢᠶᠡᠬᠦ ᠪᠢᠵᠡ ᠭᠡᠬᠦ ᠳ᠋ᠦ᠍᠂
— ᠪᠢ ᠬᠠᠷᠠᠩᠭᠤᠢ ᠰᠥᠨᠢ ᠬᠠ ᠶᠠ ᠦᠭᠡᠢ ᠮᠠᠨᠠᠭ᠎ᠠ ᠬᠠᠷᠠᠭᠤᠯ ᠲᠠᠢ ᠪᠠᠢᠬᠤ ᠳ᠋ᠤ᠌ ᠬᠠᠮᠢᠭᠠᠰᠢ ᠪᠠᠨ ᠭᠦᠶᠦᠬᠦ ᠪᠣᠢ? ᠬᠠᠮᠢᠭ᠎ᠠ ᠠ᠋ᠴᠠ ᠣᠳᠣ ᠬᠠᠳ᠋ᠵᠢ ᠷᠠᠾᠢᠮ ᠢ᠋ ᠣᠯᠬᠤ ᠪᠣᠢ? ᠥᠨᠥᠳᠥᠷ ᠪᠥᠬᠡ ᠨᠠᠷ ᠨᠢ ᠪᠢᠴᠢᠬᠠᠨ ᠡᠵᠡᠨ ᠢ᠋ ᠪᠣᠭᠣᠵᠤ ᠠᠯᠠᠨ᠎ᠠ᠂ ᠮᠠᠷᠭᠠᠰᠢ ᠶᠠᠮᠠᠷ ᠡᠮᠴᠢ ᠴᠦ᠍ ᠠᠪᠤᠷᠠᠬᠤ ᠦᠭᠡᠢ ᠪᠣᠯᠤᠨ᠎ᠠ ᠭᠡᠳ ᠬᠢᠲᠠᠳ ᠥᠬᠢᠨ ᠱᠠᠯᠠ ᠳᠡᠭᠡᠷ᠎ᠡ ᠤᠨᠠᠵᠤ ᠲᠣᠯᠣᠭᠠᠢ ᠪᠠᠨ ᠴᠣᠬᠢᠵᠤ ᠡᠬᠡᠷ ᠲᠡᠳᠡᠨ ᠤᠬᠢᠯᠠᠨ᠎ᠠ᠃ ᠰᠥᠪᠡᠭᠡᠳᠡᠢ ᠲᠡᠭᠦᠨ ᠢ᠋ ᠪᠣᠯᠭᠣᠮᠵᠢᠲᠠᠢ ᠲᠣᠭᠣᠷᠢᠨ ᠶᠠᠪᠤᠵᠤ ᠡᠭᠦᠳᠡ ᠨᠡᠭᠡᠭᠡᠵᠦ ᠮᠠᠨᠠᠭᠠᠨ ᠤ᠋ ᠴᠡᠷᠢᠭ ᠢ᠋ ᠳᠠᠭᠤᠳᠠᠪᠠ᠃

ᠶᠦᠷᠲ᠋ᠳ᠋ᠵᠢ ᠳ᠋ᠦ᠍ ᠭᠦᠶᠦᠵᠦ ᠣᠴᠢᠭᠠᠳ᠂
— ᠨᠠᠳᠠ ᠳᠡᠭᠡᠷ᠎ᠡ ᠲᠦᠷᠭᠡᠨ ᠢᠷ᠎ᠡ ᠭᠡᠵᠦ ᠬᠡᠯᠡ!
— ᠮᠡᠳᠡᠪᠡ ᠭᠡᠵᠦ ᠨᠥᠬᠥᠷ ᠬᠠᠷᠠᠭᠤᠯᠴᠢ ᠵᠡᠪᠰᠡᠭ ᠢ᠋ᠶ᠋ᠡᠨ ᠬᠠᠷᠴᠢᠭᠢᠨᠠᠭᠤᠯᠤᠨ ᠭᠦᠶᠦᠨ ᠣᠳᠪᠠ᠃

    ᠦᠰᠦᠭ ᠠᠮᠢᠯᠠᠭᠤᠯᠤᠭᠴᠢ᠄  ᠮᠡᠷᠭᠡᠨᠭᠣᠸ᠎ᠠ 3᠂  ᠠᠯᠲᠠᠨᠴᠢᠮᠡᠭ 2᠂ ᠬᠦᠦᠳᠠᠭᠠᠭᠤᠯ 1᠂ ᠬᠡᠷᠡᠶ᠋ᠢᠳ ᠂ ᠮᠥᠩᠬᠡᠨᠠᠰᠤᠨ 1᠂ ᠭᠡᠷᠡᠯ 1        
    ᠬᠢᠨᠠᠭᠴᠢ᠄ ᠲ᠂ ᠬᠦᠮᠦᠵᠢᠯᠲᠦ 1
 ᠶᠡᠷᠦᠩᠬᠡᠢ ᠬᠢᠨᠠᠭᠴᠢ᠄ ᠠᠯᠲᠠᠨᠴᠢᠮᠡᠭ 8᠂ ᠠᠷᠢᠭᠤᠨ 8