ᠪᠠᠲᠤ ᠬᠠᠭᠠᠨ 8-04ᠳᠥᠷᠪᠡ ᠂ ᠲᠠᠰᠤᠯᠭᠠᠨ ᠤ ᠡᠭᠦᠳᠡᠨ ᠳ᠋ᠦ᠍-ᠰᠢᠭᠤᠷᠭ᠎ᠠ ᠲᠠᠯᠪᠢᠪᠠBat khaan Бат хаан-ᠷᠣᠮᠠᠨ
ᠳᠥᠷᠪᠡ ᠂ ᠲᠠᠰᠤᠯᠭᠠᠨ ᠤ ᠡᠭᠦᠳᠡᠨ ᠳ᠋ᠦ᠍
ᠠᠷᠠᠫᠱᠠ ᠮᠥᠰᠦ᠋ᠺ ᠢ᠋ ᠳᠠᠭᠤᠳᠠᠭᠠᠳ᠂ ᠡᠳᠡᠨᠡᠷ ᠪᠢᠲᠡᠭᠦᠦ ᠵᠠᠪᠰᠠᠷ ᠢ᠋ᠶ᠋ᠠᠷ ᠶᠠᠪᠤᠵᠤ ᠱᠠᠲᠤ ᠪᠠᠷ ᠥᠭᠰᠥᠪᠡ᠂ ᠳᠠᠬᠢᠨ ᠤᠷᠤᠭᠤᠳᠠᠵᠤ ᠬᠠᠷᠠᠩᠭᠤᠢ ᠵᠠᠪᠰᠠᠷ ᠢ᠋ᠶ᠋ᠠᠷ ᠶᠠᠪᠤᠭᠠᠳ ᠡᠴᠦᠰ ᠲᠦ᠍ ᠠᠷᠠᠫᠱᠠ ᠤᠷᠲᠤ ᠨᠠᠷᠢᠨ ᠬᠣᠩᠭᠢᠯ ᠳ᠋ᠤ᠌ ᠮᠥᠰᠦ᠋ᠺ ᠢ᠋ ᠣᠷᠬᠢᠪᠠ᠃ ᠨᠢᠭᠡᠨ ᠲᠠᠯ᠎ᠠ ᠠ᠋ᠴᠠ ᠵᠢᠭᠠᠰᠤᠨ ᠤ᠋ ᠠᠷᠠᠰᠤ ᠪᠠᠷ ᠪᠦᠷᠬᠦᠭᠰᠡᠨ ᠵᠢᠵᠢᠭᠬᠡᠨ ᠴᠣᠩᠬᠣ ᠪᠦᠳᠡᠭᠢ ᠭᠡᠷᠡᠯ ᠢ᠋ᠶ᠋ᠡᠷ ᠬᠡᠷᠡᠯᠳᠦᠬᠦ ᠪᠠ ᠨᠥᠭᠦᠭᠡ ᠲᠠᠯ᠎ᠠ ᠳ᠋ᠤ᠌ ᠬᠡᠳᠦᠨ ᠬᠠᠭᠠᠯᠲᠠ ᠲᠠᠢ ᠡᠭᠦᠳᠡ ᠪᠠᠢᠨ᠎ᠠ᠃ ᠠᠷᠠᠫᠱᠠ ᠡᠭᠦᠳᠡᠨ ᠦ᠌ ᠵᠦᠭ ᠵᠢᠭᠠᠵᠤ᠂
— ᠡᠨᠳᠡ ᠵᠠᠩᠵᠤᠨ ᠤ᠋ ᠣᠳᠬᠠᠨ ᠬᠠᠲᠤᠨ ᠠᠮᠠᠷᠠᠵᠤ ᠪᠣᠢ᠃ ᠬᠡᠨ ᠢ᠋ ᠴᠦ᠍ ᠣᠷᠣᠭᠤᠯᠵᠤ ᠦᠯᠦ ᠪᠣᠯᠤᠨ᠎ᠠ᠃ ᠪᠦᠬᠦᠢᠯᠡ ᠰᠥᠨᠢ ᠳ᠋ᠡᠭᠡᠨ ᠮᠠᠨᠠᠬᠤ ᠬᠡᠷᠡᠭᠲᠡᠢ᠃ ᠪᠢ ᠢᠷᠡᠵᠦ ᠴᠢᠮᠠᠶ᠋ᠢ ᠬᠠᠯᠠᠨ᠎ᠠ᠂ ᠡᠨᠡ ᠪᠠᠢᠷᠢ ᠠ᠋ᠴᠠ ᠬᠥᠳᠡᠯᠵᠦ ᠦᠯᠦ ᠪᠣᠯᠤᠨ᠎ᠠ ᠭᠡᠳ ᠶᠠᠪᠤᠪᠠ᠃ ᠮᠥᠰᠦ᠋ᠺ ᠤᠳᠠᠲᠠᠯ᠎ᠠ ᠵᠣᠭᠰᠣᠪᠠ᠂ ᠵᠠᠷᠢᠮ ᠳ᠋ᠠᠭᠠᠨ ᠲᠡᠭᠦᠨ ᠦ᠌ ᠳᠡᠷᠭᠡᠳᠡᠭᠦᠷ ᠬᠠᠷ᠎ᠠ ᠮᠠᠯᠠᠭᠠᠢ ᠲᠠᠢ ᠪᠤᠶᠤ ᠤᠷᠲᠤ ᠬᠠᠷ᠎ᠠ ᠳᠡᠪᠡᠯ ᠲᠡᠢ ᠯᠠᠮᠠ ᠶᠠᠪᠤᠵᠤ ᠥᠩᠭᠡᠷᠡᠨ᠎ᠡ᠃ ᠡᠳᠡᠨᠡᠷ ᠨᠣᠴᠣᠭᠰᠠᠨ ᠯᠠ ᠶ᠋ᠢᠨ ᠳᠥᠯᠥ ᠶ᠋ᠢ ᠠᠯᠠᠭ᠎ᠠ ᠪᠠᠷ ᠢ᠋ᠶ᠋ᠠᠨ ᠬᠠᠯᠬᠠᠯᠠᠵᠤ ᠶᠠᠮᠠᠷ ᠨᠢᠭᠡᠨ ᠦᠭᠡ ᠰᠢᠪᠡᠨᠡᠨ ᠶᠠᠪᠤᠨ᠎ᠠ᠃
ᠲᠦᠳᠡᠯ ᠦᠭᠡᠢ ᠬᠥᠮᠦᠰ ᠦ᠋ᠨ ᠳᠠᠭᠤ ᠰᠣᠨᠣᠰᠳᠠᠵᠤ ᠰᠥᠪᠡᠭᠡᠳᠡᠢ ᠪᠠᠭᠠᠲᠤᠷ ᠭᠠᠷᠴᠤ ᠢᠷᠡᠭᠰᠡᠨ ᠪᠠ ᠲᠡᠭᠦᠨ ᠦ᠌ ᠬᠣᠢᠨ᠎ᠠ ᠠ᠋ᠴᠠ ᠪᠠᠲᠤ ᠬᠠᠭᠠᠨ ᠢ᠋ ᠰᠤᠭᠤᠪᠴᠢᠯᠠᠵᠤ ᠶᠠᠪᠤᠪᠠ᠃ ᠪᠠᠲᠤ ᠬᠠᠭᠠᠨ ᠭᠠᠩᠬᠤᠨ᠂ ᠠᠭᠠᠷ ᠲᠸ᠋ ᠭᠠᠷ ᠢ᠋ᠶ᠋ᠠᠷ ᠢ᠋ᠶ᠋ᠠᠨ ᠶᠠᠭᠤᠮ᠎ᠠ ᠰᠢᠭᠦᠷᠳᠡᠵᠦ ᠪᠠᠢᠭ᠎ᠠ ᠮᠡᠲᠦ ᠪᠣᠯᠵᠤ ᠥᠭᠦᠯᠡᠬᠦ ᠨᠢ᠂
— ᠰᠠᠷ᠎ᠠ ᠳ᠋ᠤ᠌ ᠭᠤᠷᠪᠠᠨ ᠤᠳᠠᠭ᠎ᠠ ᠰᠣᠭᠲᠣᠲᠠᠯ᠎ᠠ ᠤᠤᠭᠤᠵᠤ ᠪᠣᠯᠬᠤ ᠶ᠋ᠢ ᠠᠷᠢᠭᠤᠨ ᠰᠠᠨᠸᠠᠷᠲᠠᠨ ᠠ᠋ᠴᠠ ᠵᠥᠪᠰᠢᠶᠡᠷᠡᠭᠰᠡᠨ ᠪᠣᠯᠪᠠᠴᠤ ᠨᠢᠭᠡ ᠤᠳᠠᠭ᠎ᠠ ᠤᠤᠭᠤᠭᠰᠠᠨ ᠨᠢ ᠳᠡᠭᠡᠷ᠎ᠡ ᠶᠤᠮ ᠪᠠᠢᠨ᠎ᠠ᠂ ᠮᠣᠩᠭᠣᠯ ᠤ᠋ᠨ ᠪᠥᠬᠡ ᠨᠠᠷ᠂ ᠠᠷᠠᠪ ᠤ᠋ᠨ ᠮᠦᠯᠡᠯ᠂ ᠣᠷᠣᠰ ᠤ᠋ᠳ ᠤ᠋ᠨ ᠬᠠᠷ᠎ᠠ ᠯᠠᠮᠠ ᠨᠠᠷ ᠴᠥᠮ ᠢ᠋ᠶ᠋ᠡᠷ ᠨᠠᠳᠠᠳᠤ ᠠᠰᠢᠭᠲᠠᠢ ᠪᠥᠭᠡᠳ ᠨᠠᠳᠠᠳᠤ ᠪᠡᠶ᠎ᠡ ᠰᠡᠳᠬᠢᠯ ᠢ᠋ᠶ᠋ᠡᠨ ᠥᠭᠭᠦᠭᠰᠡᠨ ᠬᠥᠮᠦᠰ ᠭᠡᠵᠦ ᠪᠢ ᠬᠡᠯᠡᠵᠦ ᠪᠠᠢᠨ᠎ᠠ᠃ ᠡᠳ᠋ᠨᠨᠡᠷ ᠠᠷᠠᠳ ᠢᠷᠭᠡᠳ ᠢ᠋ ᠪᠦᠦ ᠪᠤᠷᠤᠭᠤᠰᠢᠶᠠ᠂ ᠳᠠᠵᠢᠨ ᠰᠠᠮᠠᠭᠤᠨ ᠪᠦᠦ ᠬᠢᠭᠲᠦᠨ! ᠵᠣᠬᠢᠬᠤ ᠴᠠᠭ ᠲᠸ᠋ ᠨᠢ ᠠᠯᠪᠠᠨ ᠲᠠᠲᠠᠪᠤᠷᠢ ᠪᠠᠨ ᠲᠤᠰᠢᠶᠠᠵᠤ ᠪᠠᠢ ᠭᠡᠵᠦ ᠰᠤᠷᠭᠠᠳᠠᠭ ᠶᠤᠮ᠃ ᠪᠦᠬᠦ ᠪᠥᠬᠡ ᠨᠠᠷ ᠲᠤ᠌ ᠮᠥᠩᠭᠥ ᠴᠤᠭᠯᠠᠷᠠᠭᠤᠯᠬᠤ ᠪᠠᠷ ᠮᠢᠨᠦ ᠭᠠᠵᠠᠷ ᠳᠡᠭᠡᠭᠦᠷ ᠴᠢᠯᠥᠭᠡᠲᠡᠢ ᠶᠠᠪᠤᠵᠤ ᠪᠣᠯᠬᠤ ᠡᠷᠬᠡ ᠶ᠋ᠢᠨ ᠫᠠᠢᠵᠠ ᠶ᠋ᠢ ᠣᠯᠭᠣᠨ᠎ᠠ᠃ ᠪᠥᠬᠡ ᠨᠠᠷ᠂ ᠮᠦᠯᠠᠯ ᠦ᠋ᠳ᠂ ᠫᠠᠫᠠ ᠨᠠᠷ ᠶᠠᠮᠠᠷ ᠴᠤ᠌ ᠠᠯᠪᠠᠨ ᠲᠠᠲᠠᠪᠤᠷᠢ ᠲᠥᠯᠥᠬᠦ ᠦᠭᠡᠢ ᠭᠡᠵᠦ ᠲᠤᠰᠢᠶᠠᠯ ᠭᠠᠷᠭᠠᠨ᠎ᠠ᠁ ᠭᠡᠨ᠎ᠡ᠃
ᠬᠠᠮᠪᠤ ᠪᠠ ᠳᠥᠷᠪᠡᠨ ᠭᠡᠯᠦᠩ ᠦ᠋ᠳ ᠨᠣᠴᠣᠭᠠᠭᠰᠠᠨ ᠲᠣᠮᠣ ᠯᠠ ᠪᠠᠷᠢᠵᠤ᠂ ᠪᠠᠲᠤ ᠬᠠᠭᠠᠨ ᠢ᠋ ᠲᠠᠰᠤᠯᠭᠠᠨ ᠤ᠋ ᠬᠢᠨᠢ ᠡᠭᠦᠳᠡᠨ ᠳ᠋ᠦ᠍ ᠬᠦᠷᠭᠡᠵᠦ ᠢᠷᠡᠪᠡ᠃ ᠪᠠᠲᠤ ᠬᠠᠭᠠᠨ ᠭᠠᠩᠬᠤᠭᠰᠠᠭᠠᠷ ᠣᠷᠣᠪᠠ᠃
ᠬᠠᠮᠪᠤ ᠰᠦᠪᠡᠭᠡᠳᠡᠢ ᠳ᠋ᠦ᠍ ᠭᠦᠨ᠎ᠡ ᠮᠡᠬᠦᠢᠰᠬᠢᠭᠡᠳ ᠭᠡᠯᠦᠩ ᠦ᠋ᠳ ᠦ᠋ᠨ ᠬᠠᠮᠲᠤ ᠵᠠᠢᠯᠠᠨ ᠣᠳᠪᠠ᠃
ᠰᠦᠪᠡᠭᠡᠳᠡᠢ ᠪᠠᠭᠠᠲᠤᠷ᠂
— ᠣᠳᠣ ᠡᠨᠡ ᠪᠤᠷᠬᠠᠨ ᠤ᠋ ᠭᠡᠷ ᠲᠦ᠍ ᠳᠡᠭᠡᠷ᠎ᠡ ᠡᠴᠡ ᠪᠡᠨ ᠡᠬᠢᠯᠡᠨ ᠳᠣᠣᠷ᠎ᠠ ᠪᠠᠨ ᠬᠦᠷᠲᠡᠯ᠎ᠡ ᠴᠥᠮ ᠰᠣᠭᠲᠣᠵᠠᠢ᠃ ᠡᠢᠮᠦ ᠳ᠋ᠦ᠍ ᠭᠠᠯ ᠲᠦᠢᠮᠡᠷ ᠭᠠᠷᠴᠤ᠂ ᠮᠠᠨ ᠤ᠋ ᠴᠡᠷᠢᠭ ᠦ᠋ᠳ ᠯᠠᠮᠠ ᠨᠠᠷ ᠢ᠋ ᠳᠣᠷᠣᠮᠵᠢᠯᠠᠵᠤ ᠰᠠᠮᠠᠭᠤᠨ ᠡᠬᠢᠯᠡᠵᠦ ᠪᠣᠯᠵᠣᠰᠢ ᠦᠭᠡᠢ ᠭᠡᠵᠦ ᠠᠶᠤᠵᠤ ᠪᠠᠢᠨ᠎ᠠ᠃ ᠴᠡᠷᠢᠭ ᠴᠢ ᠠᠩᠬᠠᠷᠤᠯᠲᠠᠢ ᠪᠠᠷ ᠵᠣᠭᠰᠣᠵᠤ᠂ ᠴᠢᠩᠨᠠᠨ ᠰᠡᠷᠭᠡᠢᠯᠡᠵᠦ ᠪᠠᠢ!
— ᠪᠠᠢᠷᠢᠨ ᠠ᠋ᠴᠠ ᠪᠠᠨ ᠪᠤᠤ ᠵᠠᠢᠯᠠ᠂ ᠪᠢ ᠥᠪᠡᠷ ᠢ᠋ᠶ᠋ᠡᠨ ᠬᠡᠢᠳ ᠢ᠋ ᠡᠷᠭᠢᠨ ᠶᠠᠪᠤᠵᠤ ᠮᠠᠨᠠᠭ᠎ᠠ ᠨᠤᠭᠤᠳ ᠢ᠋ ᠰᠢᠯᠭᠠᠨ ᠦᠵᠡᠨ᠎ᠡ ᠭᠡᠪᠡ᠃
ᠮᠥ᠋ᠰᠥ᠋ᠺ ᠶᠡᠬᠡ ᠯᠡ ᠵᠢᠪᠡᠭᠦᠴᠡᠨ ᠵᠣᠭᠰᠣᠨ᠎ᠠ᠃《 ᠶᠦᠯᠳᠥ᠋ᠽ ᠤᠤ? ᠡᠰᠡᠪᠡᠯ ᠶᠦᠯᠳᠥ᠋ᠽ ᠪᠤᠰᠤ ᠤᠤ? ᠦᠭᠡᠢ᠂ ᠪᠢᠰᠢ᠂ ᠯᠠᠪ ᠡᠨᠳᠡᠭᠦᠷᠡᠵᠡᠢ! ᠡᠢᠮᠦ ᠬᠠᠴᠢᠨ ᠶᠠᠪᠤᠳᠠᠯ ᠡᠨᠡ ᠨᠠᠰᠤᠨ ᠳ᠋ᠤ᠌ ᠪᠠᠢᠬᠤ ᠶᠣᠰᠣ ᠦᠭᠡᠢ᠃ ᠡᠵᠡᠭᠦᠢ ᠬᠡᠭᠡᠷ᠎ᠡ ᠲᠡᠭᠦᠨ ᠢ᠋ ᠨᠡᠷ᠎ᠡ ᠪᠡᠷ ᠨᠢ ᠳᠠᠭᠤᠳᠠᠭᠰᠠᠨ ᠳᠠᠭᠤ ᠴᠢᠨᠢ ᠶᠠᠭᠤ ᠪᠢᠯᠡ? ᠨᠠᠷᠢᠨ ᠪᠣᠣᠪᠣ ᠪᠠ ᠠᠯᠲᠠᠨ ᠵᠣᠭᠣᠰ ᠲᠠᠢ ᠲᠣᠷᠭᠠᠨ ᠵᠠᠩᠭᠢᠯᠠᠭ᠎ᠠ ᠬᠠᠶᠠᠭᠰᠠᠨ ᠪᠢᠴᠢᠬᠠᠨ ᠭᠠᠷ ᠶᠠᠭᠤ ᠪᠣᠢ?》
ᠵᠢᠭᠠᠰᠤᠨ ᠤ᠋ ᠠᠷᠠᠰᠤ ᠨᠢ ᠤᠷᠠᠭᠳᠠᠭᠰᠠᠨ ᠴᠣᠩᠬᠣ ᠪᠠᠷ ᠬᠠᠷᠠᠬᠤ ᠳ᠋ᠤ᠌ ᠬᠡᠢᠳ ᠦ᠋ᠨ ᠴᠡᠴᠡᠷᠯᠢᠭ ᠦ᠋ᠨ ᠲᠣᠮᠣ ᠬᠠᠷ᠎ᠠ ᠮᠣᠳᠣ ᠨᠤᠭᠤᠳ ᠦᠵᠡᠭᠳᠡᠨ᠎ᠡ᠂ ᠴᠡᠩᠬᠡᠷ ᠥᠩᠭᠡᠲᠡᠢ ᠴᠠᠰᠤᠨ ᠬᠣᠩᠬᠣᠷ ᠤ᠋ᠳ ᠬᠡᠪᠲᠡᠨ᠎ᠡ᠃ ᠭᠢᠰᠬᠢᠯᠡᠭᠰᠡᠨ ᠪᠢᠴᠢᠬᠠᠨ ᠵᠠᠮ ᠴᠡᠴᠡᠷᠯᠢᠭ ᠢ᠋ ᠬᠥᠨᠳᠡᠯᠢᠰᠦᠨ ᠥᠩᠭᠡᠷᠡᠨ᠎ᠡ᠂ ᠲᠡᠭᠦᠨ ᠢ᠋ᠶ᠋ᠡᠷ ᠤᠷᠲᠤ ᠬᠣᠷᠮᠣᠢ ᠲᠠᠢ ᠦᠰᠦᠲᠡᠢ ᠳᠡᠪᠡᠯ ᠡᠮᠦᠰᠴᠦ ᠵᠢᠳᠠ ᠪᠠᠷ ᠵᠡᠪᠰᠡᠭᠯᠡᠭᠰᠡᠨ ᠴᠡᠷᠢᠭ ᠦ᠋ᠳ ᠠᠯᠬᠤᠯᠠᠨ᠎ᠠ᠂ ᠰᠠᠯᠬᠢ ᠴᠣᠩᠬᠣ ᠪᠠᠷ ᠦᠯᠢᠶᠡᠵᠦ ᠮᠦᠰᠥ᠋ᠺ ᠢ᠋ ᠨᠤᠨᠲᠠᠭ ᠴᠠᠰᠤ ᠪᠠᠷ ᠪᠤᠯᠠᠨ᠎ᠠ᠃
ᠬᠥᠯ ᠦ᠋ᠨ ᠴᠢᠮᠡᠭᠡ ᠰᠣᠨᠣᠰᠤᠭᠳᠠᠵᠤ ᠮᠦᠰᠥ᠋ᠺ ᠡᠷᠭᠢᠵᠦ ᠬᠠᠷᠠᠲᠠᠯ᠎ᠠ ᠨᠢᠮᠭᠡᠨ ᠡᠳ᠋ ᠢ᠋ᠶ᠋ᠡᠷ ᠪᠡᠶ᠎ᠡ ᠪᠡᠨ ᠣᠷᠢᠶᠠᠭᠰᠠᠨ ᠪᠢᠴᠢᠬᠠᠨ ᠭᠤᠸᠠᠯᠢᠭ ᠪᠦᠰᠡᠭᠦᠢ ᠵᠣᠭᠰᠣᠵᠤ ᠪᠠᠢᠪᠠ᠃ ᠲᠣᠯᠣᠭᠠᠢ ᠶ᠋ᠢ ᠡᠷᠢᠶᠡᠨ ᠣᠷᠢᠶᠠᠯᠲᠠ ᠪᠠᠷ ᠣᠷᠢᠶᠠᠵᠠᠢ᠃ ᠳᠦᠷᠯᠡᠭᠡᠷ ᠨᠢᠳᠦ ᠪᠡᠨ ᠰᠦᠷᠳᠡᠶ᠎ᠡ ᠰᠢᠷᠳᠡᠬᠦ ᠨᠢ ᠶᠠᠮᠠᠷ ᠨᠢᠭᠡᠨ ᠶᠠᠭᠤᠮ᠎ᠠ ᠶ᠋ᠢ ᠬᠦᠯᠢᠶᠡᠨ ᠠᠰᠠᠭᠤᠵᠤ ᠪᠠᠢᠭ᠎ᠠ ᠮᠡᠲᠦ ᠠᠵᠢ᠃ ᠪᠦᠰᠡᠭᠦᠢ ᠣᠷᠣᠭᠰᠢ ᠨᠢᠭᠡ ᠠᠯᠬᠤᠵᠤ᠂
— ᠮᠦᠰᠥ᠋ᠺ? ᠭᠡᠪᠡ ᠃
ᠮᠦᠰᠥ᠋ᠺ ᠡᠷᠭᠢᠬᠦ ᠳ᠋ᠦ᠍ ᠲᠡᠭᠦᠨ ᠦ᠌ ᠭᠠᠩ ᠬᠤᠶᠠᠭ ᠬᠠᠩᠭᠢᠨᠠᠨ᠎ᠠ᠃
— ᠮᠢᠨᠦ ᠲᠥᠯᠥᠭᠡ ᠠᠪᠤᠭᠰᠠᠨ ᠮᠥᠩᠭᠥᠨ ᠡᠴᠡ ᠴᠢ ᠪᠠᠰᠠ ᠠᠪᠤᠭᠰᠠᠨ ᠪᠢᠵᠡ ᠳ᠋ᠠ ᠭᠡᠳᠡᠭ ᠭᠠᠭᠴᠠᠬᠠᠨ ᠪᠣᠳᠣᠯᠭ᠎ᠠ ᠨᠠᠮᠠᠶ᠋ᠢ ᠶᠠᠭᠤᠨ ᠵᠣᠪᠠᠭᠠᠨᠠᠮ ᠭᠡᠵᠦ ᠲᠠᠨᠢᠬᠤ ᠳᠠᠭᠤ ᠭᠠᠷᠪᠠ᠃
ᠮᠦᠰᠥ᠋ᠺ᠂ ᠭᠢᠯᠠᠯᠵᠠᠬᠤ ᠨᠢᠳᠦ ᠶ᠋ᠢ ᠱᠣᠬᠣᠭᠣᠷᠠᠨ ᠰᠢᠳᠡᠵᠦ( ᠱᠣᠬᠤᠭᠤᠷᠬᠠᠨ ᠰᠢᠷᠲᠡᠵᠦ )᠂
— ᠮᠢᠨᠦ ᠪᠢᠴᠢᠬᠠᠨ ᠶᠦᠯᠳᠥ᠋ᠽ ᠢ᠋ ᠮᠢᠨᠦ ᠠᠬ᠎ᠠ ᠨᠠᠷ ᠠᠪᠴᠤ ᠶᠠᠪᠤᠬᠤ ᠳ᠋ᠤᠨᠢ ᠪᠢ ᠭᠡᠷ ᠲᠡᠭᠡᠨ ᠪᠠᠢᠭᠰᠠᠨ ᠦᠭᠡᠢ ᠨᠢ ᠮᠢᠨᠦ ᠪᠤᠷᠤᠭᠤ ᠪᠣᠯᠵᠠᠢ᠃ ᠬᠡᠷᠪᠡ ᠪᠢ ᠡᠭᠦᠨ ᠢ᠋ ᠦᠵᠡᠭᠰᠡᠨ ᠪᠣᠯ ᠲᠡᠳᠡᠨᠡᠷ ᠲᠡᠢ᠂ ᠵᠠᠨᠤᠯᠲᠤ ᠳᠠᠢᠰᠤᠨ ᠤ᠋ ᠠᠳᠠᠯᠢ ᠴᠠᠪᠴᠢᠯᠠᠬᠤ ᠪᠠᠢᠪᠠ᠃ ᠪᠢ ᠲᠡᠳᠡᠨᠡᠷ ᠦ᠋ᠨ ᠶᠠᠭᠤ ᠬᠢᠭᠰᠡᠨ ᠢ᠋ ᠮᠡᠳᠡᠭᠡᠳ ᠭᠡᠷ ᠣᠷᠣᠨ ᠡᠴᠢᠭᠡ ᠪᠠ ᠠᠬ᠎ᠠ ᠳᠡᠭᠦᠦ ᠨᠠᠷ ᠠ᠋ᠴᠠ ᠠᠩᠭᠢᠵᠢᠷᠠᠬᠤ ᠪᠠᠷ ᠲᠠᠩᠭᠠᠷᠢᠭᠯᠠᠵᠤ ᠵᠠᠢᠯᠠᠭᠰᠠᠨ ᠪᠢᠯᠡ᠃
— ᠣᠳᠣ ᠪᠢ ᠳᠠᠬᠢᠨ ᠰᠢᠨ᠎ᠡ ᠪᠡᠷ ᠠᠮᠢᠳᠤᠷᠠᠵᠤ ᠪᠣᠯᠬᠤ ᠪᠣᠯᠵᠠᠢ!
ᠶᠦᠯᠳᠦ᠋ᠽ ᠨᠢᠭᠡ ᠶᠠᠭᠤᠮ᠎ᠠ ᠬᠡᠯᠡᠬᠦ ᠭᠡᠰᠡᠨ ᠢ᠋ᠶ᠋ᠡᠨ ᠪᠣᠯᠢᠪᠠ᠃ ᠮᠥᠰᠥ᠋ᠺ ᠡᠷᠡᠰ ᠢ᠋ᠶ᠋ᠡᠷ ᠥᠭᠦᠯᠡᠷᠦᠨ᠂
— ᠣᠳᠣ ᠶᠦᠯᠳᠦ᠋ᠽ᠂ ᠮᠢᠨᠦ ᠡᠵᠡᠨ ᠦ᠌ ᠡᠬᠡᠨᠡᠷ᠂ ᠮᠢᠨᠦ ᠡᠵᠡᠨ ᠨᠠᠳᠠᠳᠤ ᠮᠣᠷᠢ ᠪᠠ ᠵᠢᠳᠠ ᠪᠣᠯᠤᠨ ᠬᠤᠶᠠᠭ ᠥᠭᠭᠦᠭᠰᠡᠨ᠂ ᠲᠡᠷᠡ ᠥᠪᠡᠷ ᠦ᠋ᠨ ᠨᠥᠬᠥᠷ ᠦ᠋ᠳ ᠲᠦ᠍ ᠬᠠᠢᠷᠠᠲᠠᠢ ᠠᠰᠠᠷᠠᠮᠵᠢ ᠲᠠᠢ ᠪᠥᠭᠡᠳ ᠲᠡᠳᠬᠦᠮᠵᠢ ᠲᠡᠢ᠂ ᠲᠡᠷᠡ ᠰᠢᠢᠳᠪᠦᠷᠢᠯᠡᠬᠦ ᠳ᠋ᠡᠭᠡᠨ ᠵᠣᠷᠢᠮᠠᠭ ᠪᠣᠯᠤᠭᠠᠳ ᠲᠡᠷᠡ ᠶᠡᠬᠡ ᠬᠡᠷᠡᠭ ᠢ᠋ ᠪᠦᠲᠦᠭᠡᠵᠦ ᠲᠡᠷᠡ᠂ ᠬᠥᠮᠦᠨ ᠲᠡᠢ ᠭᠠᠵᠠᠷ ᠪᠦᠬᠦᠨ ( ᠢ᠋ )ᠳᠠᠭᠠᠷᠢᠨ ᠥᠩᠭᠡᠷᠡᠭᠰᠡᠨ ᠪᠣᠯᠪᠠᠴᠤ ᠲᠡᠭᠦᠨ ᠢ᠋ ᠢᠯᠠᠬᠤ ᠨᠢᠭᠡ ᠴᠦ᠍ ᠴᠡᠷᠢᠭ ᠦ᠋ᠨ ᠵᠠᠩᠵᠤᠨ ᠪᠠᠢᠭᠰᠠᠨ ᠦᠭᠡᠢ᠂ ᠪᠢ ᠲᠡᠭᠦᠨ ᠳ᠋ᠦ᠍ ᠬᠠᠢᠷᠠᠲᠠᠢ ᠪᠠᠢᠭᠰᠠᠨ ᠶᠤᠮ ᠭᠡᠪᠡ᠃
— ᠠ᠋ ᠣᠳᠣ ᠶᠠᠮᠠᠷ ᠪᠣᠢ ? ᠭᠡᠵᠦ ᠶᠦᠯᠳᠦ᠋ᠽ ᠰᠠᠨᠠᠭ᠎ᠠ ᠠᠯᠲᠠᠨ ᠠᠰᠠᠭᠤᠪᠠᠯ᠂
— ᠪᠢ ᠣᠳᠣ ᠲᠡᠭᠦᠨ ᠢ᠋ ᠦᠵᠡᠨ ᠶᠠᠳᠠᠬᠤ ᠶᠣᠰᠣᠲᠠᠢ ᠭᠡᠪᠡ᠃
ᠶᠥᠯᠳᠥ᠋ᠽ᠂ ᠮᠤᠤᠷ ᠮᠡᠲᠦ ᠡᠶᠡᠯᠳᠡᠭ ᠢ᠋ᠶ᠋ᠡᠷ ᠲᠡᠭᠦᠨ ᠦ᠌ ᠬᠦᠵᠦᠭᠦᠦ ᠶ᠋ᠢ ᠲᠡᠪᠡᠷᠢᠭᠰᠡᠨ ᠳ᠋ᠦ᠍ ᠮᠥᠰᠥ ᠠᠳᠠᠯᠢ ᠬᠦᠢᠲᠡᠨ ᠬᠤᠶᠠᠭ ᠲᠡᠭᠦᠨ ᠢ᠋ ᠬᠠᠭᠠᠷᠢᠨ᠎ᠠ᠁ ᠮᠥᠰᠥ᠋ᠺ ᠦ᠋ᠨ ᠴᠢᠷᠠᠢ ᠴᠠᠭᠠᠷᠠᠵᠤ᠂ ᠬᠦᠢᠲᠡᠨ ᠬᠤᠶᠠᠭ ᠤ᠋ᠨ ᠠᠳᠠᠯᠢ ᠬᠥᠳᠡᠯᠦᠯ ᠦᠭᠡᠢ ᠵᠢᠪᠡᠭᠦᠨ ᠢ᠋ᠶ᠋ᠡᠷ ᠬᠣᠴᠣᠷᠪᠠ᠃
— ᠴᠢ ᠮᠢᠨᠦ ᠮᠦᠰᠥ᠋ᠺ ᠪᠢᠰᠢ ᠪᠣᠯᠤᠭᠰᠠᠨ ᠭᠡᠵᠢ ᠤᠤ? ᠭᠡᠵᠦ ᠶᠥᠯᠳᠥ᠋ᠽ ᠪᠢᠴᠢᠬᠠᠨ ᠭᠠᠷ ᠢ᠋ᠶ᠋ᠠᠷ ᠮᠥᠰᠥ᠋ᠺ ᠦ᠋ᠨ ᠬᠠᠴᠠᠷ ᠢ᠋ ᠢᠯᠢᠬᠦ ᠳ᠋ᠦ᠍ ᠦᠯᠦ ᠮᠡᠳᠡᠬᠦ ᠴᠡᠴᠡᠭ ᠦ᠋ᠨ ᠠᠷᠢᠭᠤᠨ ᠦᠨᠦᠷ ᠠᠩᠬᠢᠯᠵᠤ᠂ ᠮᠥᠰᠥ᠋ᠺ ᠨᠢᠳᠦ ᠪᠡᠨ ᠬᠠᠭᠠᠰ ᠠᠨᠢᠭᠠᠳ ᠬᠡᠷᠬᠢᠬᠦ ᠶ᠋ᠢ ᠮᠡᠳᠡᠬᠦ ᠦᠭᠡᠢ ᠭᠠᠢᠬᠠᠨ᠎ᠠ᠃
— ᠶᠦᠯᠳᠦ᠋ᠽ ᠠ᠋! ᠲᠡᠷᠡ ᠴᠢᠮᠠᠲᠤ ᠶᠡᠬᠡ ᠬᠠᠢᠷᠠᠲᠠᠢ ᠶᠤᠮ ᠤᠤ ᠬᠡᠯᠡᠭᠡᠴᠢ?
— ᠨᠠᠳᠠᠳᠤ ᠤᠤ? ᠮᠢᠨᠦ ᠳᠠᠭᠤᠨ ᠳ᠋ᠤ᠌ ᠮᠢᠨᠢ ᠳᠤᠷᠠᠯᠠᠳᠠᠭ ᠢ᠋ ᠮᠡᠳᠡᠬᠦ ᠦᠭᠡᠢ ᠶᠤᠮ᠃ ᠨᠠᠮᠠᠶ᠋ᠢ ᠳᠠᠢᠰᠤᠨ ᠠ᠋ᠴᠠ ᠪᠤᠷᠤᠭᠤᠯᠠᠵᠤ ᠭᠤᠢᠯᠢᠨᠴᠢᠨ ᠶᠠᠪᠤᠬᠤ ᠳ᠋ᠤ᠌ ᠴᠢ ᠨᠠᠳᠠᠳᠤ ᠭᠤᠷᠪᠠᠨ ᠰᠢᠷᠬᠡᠭ ᠬᠠᠯᠠᠭᠤᠨ ᠪᠢᠩ ᠥᠭᠭᠦᠭᠰᠡᠨ ᠭᠡᠵᠦ ᠪᠠᠲᠤ ᠬᠠᠭᠠᠨ ᠨᠠᠳᠠᠳᠤ ᠬᠡᠯᠡᠵᠦ ᠪᠢᠯᠡ᠂ ᠲᠡᠭᠡᠭᠡᠳ ᠡᠨᠡ ᠭᠤᠷᠪᠠᠨ ᠪᠢᠩ ᠦ᠋ᠨ ᠲᠥᠯᠥᠭᠡ ᠲᠡᠷᠡ ᠨᠠᠳᠠᠳᠤ ᠤᠮᠠᠷ᠎ᠠ ᠳᠣᠷᠣᠨ᠎ᠠ ᠥᠷᠥᠨ᠎ᠡ ᠵᠦᠭ ᠦ᠋ᠨ ᠭᠤᠷᠪᠠᠨ ᠭᠦᠷᠦᠨ ᠢ᠋ ᠪᠡᠯᠭᠡᠯᠡᠬᠦ ᠶ᠋ᠢ ᠠᠮᠠᠯᠠᠪᠠ᠃
— ᠣᠳᠣ ᠪᠢ ᠴᠢᠮ᠎ᠠ ᠶ᠋ᠢ ᠮᠢᠨᠦ ᠠᠬ᠎ᠠ ᠭᠡᠵᠦ ᠲᠡᠭᠦᠨ ᠳ᠋ᠦ᠍ ᠬᠡᠯᠡᠶ᠎ᠡ᠃ ᠲᠡᠭᠡᠪᠡᠯ ᠲᠡᠷᠡ ᠦᠯᠢᠭᠡᠷ ᠦ᠋ᠨ ᠳᠣᠲᠣᠷ᠎ᠠ ᠥᠭᠦᠯᠡᠳᠡᠭ ᠰᠢᠭ᠌ ᠴᠢᠮ᠎ᠠ ᠶ᠋ᠢ ᠪᠡᠯᠡᠭ ᠱᠠᠩ ᠢ᠋ᠶ᠋ᠠᠷ ᠪᠤᠯᠠᠵᠤ ᠴᠢᠮ᠎ᠠ ᠶ᠋ᠢ ᠬᠣᠷᠭᠣᠢ ᠳ᠋ᠤ᠌ ᠣᠷᠢᠶᠠᠵᠤ᠂ ᠡᠷᠳᠡᠨᠢ ᠶ᠋ᠢᠨ ᠪᠥᠭᠡᠵᠢ ᠪᠠ ᠰᠦᠷᠦᠭ ᠢ᠋ᠶ᠋ᠡᠷ ᠠᠳᠤᠭᠤ ᠥᠭᠭᠦᠨ᠎ᠡ ᠪᠢᠵᠡ ᠭᠡᠪᠡ᠃
— ᠴᠢ ᠨᠠᠮᠠᠶ᠋ᠢ ᠥᠪᠡᠷ ᠦ᠋ᠨ ᠠᠬ᠎ᠠ ᠭᠡᠵᠦ ᠬᠡᠯᠡᠬᠦ ᠭᠡᠨ᠎ᠡ ᠤᠤ? ᠲᠩᠷᠢ ᠨᠢ ᠶᠢᠷᠲᠢᠨᠴᠦ ᠡᠴᠡ ᠢᠯᠡᠭᠦᠦ ᠦᠨᠡᠨᠲᠡᠢ ᠬᠣᠩᠭᠣᠷ ᠢ᠋ ᠮᠢᠨᠦ ᠠᠬ᠎ᠠ ᠨᠠᠷ ᠬᠤᠳᠠᠯᠳᠤᠭᠰᠠᠨ ᠪᠥᠭᠡᠳ ᠨᠠᠳᠠᠳᠤ ᠬᠣᠴᠣᠷᠤᠭᠰᠠᠨ ᠭᠠᠭᠴᠠ ᠮᠣᠷᠢ ᠮᠢᠨᠢ ᠨᠠᠳᠠᠳᠤ ᠳ᠋ᠠᠭᠠᠨ ᠠᠬ᠎ᠠ ᠠ᠋ᠴᠠ ᠢᠯᠡᠭᠦᠦ ᠲᠤᠰᠠ ᠬᠦᠷᠭᠡᠭᠰᠡᠨ ᠪᠢᠯᠡ᠃ ᠪᠢ ᠪᠠᠲᠤ ᠬᠠᠭᠠᠨ ᠠ᠋ᠴᠠ ᠵᠠᠢᠯᠠᠵᠤ ᠣᠳᠤᠨ᠎ᠠ᠁
ᠶᠦᠯᠳᠥ᠋ᠽ ᠭᠡᠳᠡᠷᠭᠦ ᠪᠣᠯᠤᠭᠰᠠᠨ ᠢ᠋ᠶ᠋ᠠᠨ᠂ ᠳᠠᠬᠢᠨ ᠣᠢᠷᠠᠲᠤᠵᠤ ᠮᠦᠰᠥ᠋ᠺ ᠦ᠋ᠨ ᠬᠦᠳᠡᠷ ᠨᠢᠭᠤᠷ ᠢ᠋ ᠢᠯᠪᠢᠨ᠎ᠡ᠂ ᠡᠭᠦᠳᠡ ᠬᠠᠩᠭᠢᠨᠠᠵᠤ《 ᠬᠡ— ᠬᠡ 》ᠭᠡᠵᠦ ᠢᠨᠢᠶᠡᠬᠦ ᠰᠣᠨᠣᠰᠳᠠᠪᠠ᠃ ᠬᠣᠶᠠᠭᠤᠯᠠ ᠪᠠᠨ ᠡᠷᠭᠢᠵᠦ ᠬᠠᠷᠠᠪᠠᠯ ᠡᠭᠦᠳᠡᠨ ᠳᠡᠭᠡᠷ᠎ᠡ ᠪᠠᠲᠤ ᠬᠠᠭᠠᠨ ᠵᠣᠭᠰᠣᠨ᠎ᠠ᠂ ᠵᠡᠷᠭᠡᠯᠡᠳᠡᠭᠡ ᠲᠠᠰᠤᠯᠭᠠᠨ ᠤ᠋ ᠡᠭᠦᠳᠡᠨ ᠦ᠌ ᠵᠠᠪᠰᠠᠷ ᠢ᠋ᠶ᠋ᠠᠷ ᠰᠢᠳᠠᠷ ᠬᠠᠭᠠᠳ ᠬᠠᠷᠠᠵᠠᠭᠠᠨ᠎ᠠ᠃
ᠦᠰᠦᠭ ᠠᠮᠢᠯᠠᠭᠤᠯᠤᠭᠴᠢ᠄ ᠭᠡᠷᠡᠯ 2᠂ ᠠᠯᠲᠠᠨᠴᠢᠮᠡᠭ 1᠂ ᠬᠦᠦᠳᠠᠭᠠᠭᠤᠯ 1
ᠶᠡᠷᠦᠩᠬᠡᠢ ᠬᠢᠨᠠᠭᠴᠢ᠄ ᠠᠯᠲᠠᠨᠴᠢᠮᠡᠭ 4᠂ ᠠᠷᠢᠭᠤᠨ 4
