ᠪᠠᠲᠤ ᠬᠠᠭᠠᠨ 7-05 ᠪᠠᠲᠤ ᠶ᠋ᠢᠨ ᠬᠣᠢᠨ᠎ᠠ ᠠ᠋ᠴᠠ ᠨᠡᠬᠡᠭᠰᠡᠨ ᠨᠢ-ᠲᠣᠭᠰᠢᠨ ᠶᠸᠸᠫᠡᠲBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 7-05 ᠪᠠᠲᠤ ᠶ᠋ᠢᠨ ᠬᠣᠢᠨ᠎ᠠ ᠠ᠋ᠴᠠ ᠨᠡᠬᠡᠭᠰᠡᠨ ᠨᠢ-ᠲᠣᠭᠰᠢᠨ ᠶᠸᠸᠫᠡᠲBat khaan Бат хаан-ᠷᠣᠮᠠᠨ

ᠪᠠᠲᠤ ᠬᠠᠭᠠᠨ 7-05 ᠪᠠᠲᠤ ᠶ᠋ᠢᠨ ᠬᠣᠢᠨ᠎ᠠ ᠠ᠋ᠴᠠ ᠨᠡᠬᠡᠭᠰᠡᠨ ᠨᠢ-ᠲᠣᠭᠰᠢᠨ ᠶᠸᠸᠫᠡᠲBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-21

198

ᠲᠠᠪᠤ ᠂ ᠪᠠᠲᠤ ᠶ᠋ᠢᠨ ᠬᠣᠢᠨ᠎ᠠ ᠠ᠋ᠴᠠ ᠨᠡᠬᠡᠭᠰᠡᠨ ᠨᠢ


ᠷᠶᠠᠽᠠᠨ ᠤ᠋ ᠭᠠᠯᠳᠠᠭᠳᠠᠭᠰᠠᠨ ᠠᠮᠢᠲᠠᠨ ᠦᠭᠡᠢ ᠪᠠᠯᠭᠠᠰᠤᠨ ᠳᠡᠭᠡᠷ᠎ᠡ ᠰᠢᠲᠠᠭᠰᠠᠨ ᠰᠦᠮ᠎ᠡ ᠶ᠋ᠢᠨ ᠬᠤᠩᠬ᠎ᠠ ᠥᠪᠡᠷ ᠢ᠋ᠶ᠋ᠡᠨ ᠳᠤᠤᠭᠠᠷᠪᠠ ᠭᠡᠰᠡᠨ ᠴᠤᠤ ᠦᠭᠡ ᠣᠷᠣᠰ ᠤ᠋ᠨ ᠨᠤᠲᠤᠭ ᠢ᠋ᠶ᠋ᠠᠷ ᠲᠠᠷᠬᠠᠪᠠ᠃ ᠲᠡᠷᠡ ᠬᠤᠩᠬ᠎ᠠ ᠬᠡᠪ ᠭᠡᠨᠡᠳᠲᠡ ᠦᠨᠡᠰᠦᠨ ᠳᠣᠲᠣᠷ᠎ᠠ ᠠ᠋ᠴᠠ ᠥᠪᠡᠷ ᠢ᠋ᠶ᠋ᠡᠨ ᠪᠣᠰᠴᠤ ᠠᠭᠠᠷ ᠲᠤ᠌ ᠳᠡᠭᠦᠵᠢᠯᠡᠭᠳᠡᠭᠡᠳ《 ᠷᠶᠠᠽᠠᠨ ᠤ᠋ ᠠᠷᠠᠳ ᠲᠦᠮᠡᠨ ᠲᠠᠲ᠋ᠠᠷ ᠤ᠋ᠳ ᠲᠠᠢ ᠲᠡᠮᠡᠴᠡᠭᠲᠦᠨ 》ᠭᠡᠵᠦ ᠤᠷᠢᠶᠠᠯᠠᠨ ᠳᠤᠤᠭᠠᠷᠤᠭᠰᠠᠨ ᠭᠡᠨ᠎ᠡ ᠭᠡᠵᠦ ᠤᠯᠠᠮᠯᠠᠨ ᠶᠠᠷᠢᠭᠰᠠᠭᠠᠷ ᠪᠠᠢᠯ᠎ᠠ᠃

ᠪᠣᠲᠠᠨᠢᠷᠭᠡᠭᠳᠡᠭᠰᠡᠨ ᠣᠷᠣᠰ ᠨᠢ ᠨᠡᠯᠢᠶᠡᠳ ᠣᠯᠠᠨ ᠭᠠᠵᠠᠷ ᠬᠥᠳᠡᠯᠵᠦ ᠪᠣᠢ ᠭᠡᠨ᠎ᠡ᠃ ᠣᠢ ᠶ᠋ᠢᠨ ᠳᠣᠲᠣᠷ᠎ᠠ ᠨᠢᠭᠤᠭᠳᠠᠨ ᠪᠠᠢᠭᠰᠠᠨ ᠡᠷᠡᠴᠦᠳ ᠨᠠᠮ ᠨᠡᠢᠯᠡᠨ ᠪᠠᠭ ᠪᠣᠯᠵᠤ ᠴᠤᠭᠯᠠᠷᠠᠨ ᠪᠣᠢ ᠭᠡᠨ᠎ᠡ᠃ ᠲᠡᠳᠡᠨ ᠦ᠌ ᠲᠡᠷᠢᠭᠦᠯᠡᠭᠴᠢ ᠨᠢ ᠪᠦᠬᠦ ᠣᠢ ᠶ᠋ᠢᠨ ᠵᠠᠮ ᠬᠠᠷᠭᠤᠢ ᠣᠷᠣᠴᠠ ᠭᠠᠷᠴᠠ ᠶ᠋ᠢ ᠮᠡᠳᠡᠳᠡᠭ ᠰᠦᠷᠡᠬᠡᠢ ᠠᠩᠴᠢᠨ ᠵᠣᠷᠢᠭᠲᠠᠢ ᠪᠠᠭᠠᠲᠤᠷ ᠶᠸᠸᠫᠡᠲ ᠺᠤᠯᠤᠸᠷᠠᠲ ᠭᠡᠭᠴᠢ ᠬᠥᠮᠦᠨ ᠭᠡᠨ᠎ᠡ᠂ ᠲᠡᠭᠦᠨ ᠦ᠌ ᠪᠠᠭ ᠨᠢ ᠮᠣᠩᠭᠣᠯ ᠤ᠋ᠨ ᠴᠡᠷᠢᠭ ᠦ᠋ᠳ ᠲᠡᠢ ᠬᠡᠳᠦ ᠬᠡᠳᠦᠨ ᠤᠳᠠᠭ᠎ᠠ ᠲᠤᠯᠤᠯᠳᠤᠵᠤ ᠲᠡᠳᠡᠨ ᠦ᠌ ᠪᠦᠬᠦᠢᠯᠡ ᠪᠠᠭ ᠤ᠋ᠳ ᠢ᠋ ᠤᠰᠠᠳᠬᠠᠭᠰᠠᠨ ᠭᠡᠨ᠎ᠡ ᠭᠡᠵᠦ ᠶᠠᠷᠢᠯᠴᠠᠬᠤ ᠪᠣᠯᠪᠠ᠃

ᠣᠯᠠᠨ ᠵᠢᠯ ᠢ᠋ᠶ᠋ᠡᠷ ᠣᠢ ᠳᠣᠲᠣᠷ᠎ᠠ ᠣᠷᠣᠰᠢᠨ ᠠᠮᠢᠳᠤᠷᠠᠭᠴᠢ ᠪᠠᠢᠭᠰᠠᠨ ᠲᠠᠷᠢᠶᠠᠴᠢᠳ ᠠᠩᠴᠢᠳ ᠡᠢᠮᠦ ᠶᠠᠷᠢᠶ᠎ᠠ ᠨᠤᠭᠤᠳ ᠢ᠋ ᠰᠣᠨᠣᠰᠤᠭᠠᠳ᠂ ᠭᠠᠷ ᠨᠢ ᠰᠤᠯᠠᠷᠠᠵᠤ ᠨᠢᠳᠦ ᠨᠢ ᠮᠠᠭᠤᠳᠠᠭᠴᠢᠳ ᠠ᠋ᠴᠠ ᠪᠤᠰᠤᠳ ᠨᠢ ᠶᠠᠭᠠᠷᠠᠨ ᠬᠢᠲᠤᠭ᠎ᠠ ᠰᠢᠪᠦᠭᠡ ᠬᠠᠳᠤᠭᠤᠷ ᠵᠠᠷ ᠵᠡᠪᠰᠡᠭ ᠢ᠋ᠶ᠋ᠡᠨ᠂ ᠴᠢᠯᠠᠭᠤ ᠪᠠᠷ ᠬᠤᠷᠴᠠᠯᠠᠭᠰᠠᠨ ᠪᠣᠷᠣᠣᠬᠠᠢ ᠰᠢᠳᠡᠮ ᠪᠠᠷᠢᠵᠤ ᠬᠦᠯᠢᠭᠡᠳ ᠰᠦᠬᠡ ᠶᠦ᠍ᠭᠡᠨ ᠪᠥᠰᠡᠨ ᠳ᠋ᠡᠭᠡᠨ ᠬᠠᠪᠴᠢᠭᠤᠯᠤᠨ ᠶᠸᠸᠫᠡᠲ ᠦ᠋ᠨ ᠪᠠᠢᠯᠳᠤᠭᠠᠨ ᠤ᠋ ᠨᠥᠬᠥᠷᠯᠡᠯ ᠦ᠋ᠨ ᠴᠡᠷᠢᠭ ᠲᠡᠢ ᠨᠡᠢᠯᠡᠬᠦ ᠪᠡᠷ ᠵᠠᠮ ᠤ᠋ᠨ ᠠᠭᠤᠯᠵᠠᠷ ᠢ᠋ᠶ᠋ᠠᠷ ᠭᠠᠷᠴᠤ ᠶᠠᠪᠤᠬᠤ ᠪᠤᠯᠵᠠᠭᠠᠪᠠ᠃

ᠲᠡᠷᠡ ᠴᠠᠭ ᠶᠸᠸᠫᠡᠲ ᠺᠤᠯᠤᠸᠷᠡᠲ᠂ ᠪᠠᠲᠤ ᠶ᠋ᠢᠨ ᠴᠡᠷᠢᠭ ᠢ᠋ ᠮᠥᠷᠳᠡᠨ ᠤᠮᠠᠷ᠎ᠠ ᠵᠦᠭ ᠶᠠᠪᠤᠭᠰᠠᠨ ᠠᠵᠤᠭᠤ᠃ ᠶᠸᠸᠫᠡᠲ ᠥᠪᠡᠷᠰᠡᠳ ᠦ᠋ᠨ ᠳᠤᠷ᠎ᠠ ᠪᠠᠷ ᠶᠠᠪᠤᠬᠤ ᠬᠥᠮᠦᠰ ᠢ᠋ ᠡᠯᠰᠡᠭᠦᠯᠦᠨ ᠬᠡᠳᠦᠨ ᠠᠷᠪᠠᠨ ᠵᠠᠭᠤ ᠪᠠᠷ ᠲᠡᠭᠰᠢ ᠬᠤᠪᠢᠶᠠᠵᠤ ᠵᠠᠬᠢᠷᠬᠤ ᠠᠲ᠋ᠠᠮ ᠨᠤᠭᠤᠳ ᠢ᠋ ᠲᠣᠮᠢᠯᠠᠨ ᠤᠪ ᠮᠡᠬᠡᠲᠦ ᠳᠠᠶ᠋ᠢᠰᠤᠨ ᠨᠤᠭᠤᠳ ᠲᠠᠢ ᠬᠡᠷᠬᠢᠨ ᠲᠡᠮᠡᠴᠡᠯᠳᠦᠬᠦ᠂ ᠬᠡᠷᠬᠢᠨ ᠲᠡᠳᠡᠨ ᠢ᠋ ᠪᠠᠷᠢᠨ ᠠᠪᠬᠤ᠂ ᠲᠠᠲ᠋ᠠᠷ ᠤ᠋ᠨ ᠬᠠᠭᠤᠷᠬᠤ ᠠᠷᠭ᠎ᠠ ᠳ᠋ᠤ᠌ ᠬᠡᠷᠬᠢᠨ ᠦᠯᠦ ᠮᠡᠬᠡᠯᠡᠭᠳᠡᠬᠦ ᠵᠡᠷᠭᠡ ᠶ᠋ᠢ ᠪᠦᠭᠦᠳᠡ ᠳ᠋ᠦ᠍ ᠵᠢᠭᠠᠪᠤᠷᠢᠯᠠᠨ ᠥᠭᠴᠡᠢ᠃ ᠶᠸᠸᠫᠡᠲ ᠦ᠋ᠨ ᠴᠡᠷᠢᠭ ᠦ᠋ᠨ ᠳᠥᠩᠭᠡᠵᠢ ᠭᠤᠷᠪᠠᠨ ᠤ᠋ ᠨᠢᠭᠡ ᠨᠢ ᠮᠣᠷᠢ ᠲᠠᠢ ᠪᠠᠢᠭᠰᠠᠨ ᠪᠤᠶᠤ ᠭᠡᠪᠡᠴᠦ ᠶᠠᠪᠠᠭᠠᠨᠴᠤᠳ ᠨᠢ ᠮᠣᠷᠢ ᠲᠠᠢ ᠠ᠋ᠴᠠ ᠪᠠᠨ ᠦᠯᠦ ᠴᠤᠴᠠᠷᠠᠨ ᠬᠤᠷᠳᠤᠨ ᠠᠯᠬᠤᠵᠤ ᠭᠦᠶᠦᠯᠳᠦᠬᠦ ᠵᠡᠷᠭᠡ ᠪᠡᠷ ᠶᠡᠬᠡ ᠭᠠᠵᠠᠷ ᠢ᠋ ᠠᠪᠴᠤ ᠪᠠᠢᠯ᠎ᠠ᠃

ᠶᠸᠸᠫᠡᠲ ᠶᠡᠬᠡ ᠶᠠᠭᠠᠷᠠᠨ ᠴᠢᠰᠤᠲᠤ ᠪᠠᠲᠤ ᠶ᠋ᠢᠨ ᠶᠠᠪᠤᠭᠰᠠᠨ ᠵᠠᠮ ᠢ᠋ ᠳᠣᠬᠢᠶᠠᠯᠳᠤᠭᠴᠢᠳ ᠠ᠋ᠴᠠ ᠯᠠᠪᠯᠠᠨ ᠰᠤᠷᠪᠤᠯᠵᠢᠯᠠᠭᠰᠠᠭᠠᠷ ᠶᠠᠪᠤᠪᠠ᠃ ᠲᠡᠷᠡ ᠣᠢ ᠳᠣᠲᠣᠷ᠎ᠠ ᠪᠠᠭᠤᠳᠠᠯᠯᠠᠬᠤ ᠳ᠋ᠠᠭᠠᠨ ᠤᠳᠠᠭᠠᠰᠢᠷᠠᠯ ᠦᠭᠡᠢ ᠬᠥᠳᠡᠯᠵᠦ ᠪᠠᠢᠭᠰᠠᠨ ᠪᠥᠭᠡᠳ ᠤᠴᠢᠷ ᠨᠢ ᠣᠷᠣᠭᠰᠢ ᠪᠠᠨ ᠲᠦᠷᠭᠡᠯᠡᠨ ᠶᠠᠪᠤᠵᠤ ᠣᠨᠣᠯᠭ᠎ᠠ ᠮᠣᠷᠢᠳ ᠳᠠᠭᠠᠨ ᠲᠡᠵᠢᠭᠡᠯ᠂ ᠴᠡᠷᠢᠭ ᠣᠯᠠᠨ ᠳ᠋ᠠᠭᠠᠨ ᠲᠠᠯᠬ᠎ᠠ ᠣᠯᠤᠭᠠᠳ ᠭᠣᠣᠯ ᠳᠠᠢᠰᠤᠨ ᠪᠠᠲᠤ ᠬᠠᠭᠠᠨ ᠢ᠋ ᠬᠤᠷᠳᠤᠨ᠎ᠠ ᠬᠥᠭᠡᠭᠡᠨ ᠭᠦᠢᠴᠡᠭᠡᠳ ᠶᠠᠭᠠᠷᠠᠬᠤ ᠬᠡᠷᠡᠭᠲᠡᠢ ᠪᠠᠢᠭᠰᠠᠨ ᠠᠵᠢ᠃

ᠨᠢᠭᠡᠨ ᠪᠠᠭᠤᠳᠠᠯ ᠤ᠋ᠨ ᠭᠠᠵᠠᠷ ᠮᠠᠨᠠᠭᠠᠴᠢᠳ ᠬᠣᠶᠠᠷ ᠯᠠᠮ᠎ᠠ ᠶ᠋ᠢ ᠪᠠᠷᠢᠯ᠎ᠠ᠃ ᠲᠡᠷᠡ ᠬᠣᠶᠠᠷ ᠯᠠᠮ᠎ᠠ ᠤᠷᠲᠤ ᠬᠠᠷ᠎ᠠ ᠲᠡᠮᠦᠷ ᠰᠦᠬᠡ ᠶ᠋ᠢ ᠪᠥᠰᠡᠨ ᠳ᠋ᠡᠭᠡᠨ ᠬᠠᠪᠴᠢᠭᠤᠯᠤᠭᠠᠳ ᠰᠢᠭᠤᠳᠠᠢ ᠱᠤᠤᠮᠠᠰᠤ ᠶᠠᠭᠤᠮ᠎ᠠ ᠶ᠋ᠢ ᠡᠭᠦᠷᠭᠡᠯᠡᠨ ᠡᠮᠦᠨ᠎ᠡ ᠺᠢᠫᠴᠡᠺ ᠦ᠋ᠨ ᠲᠠᠯ᠎ᠠ ᠶ᠋ᠢᠨ ᠵᠦᠭ ᠶᠠᠪᠤᠵᠤ ᠪᠢᠯᠡ᠃ ᠨᠢᠭᠡᠨ ᠥᠨᠳᠥᠷ ᠲᠤᠷᠠᠩᠬᠠᠢ ᠯᠠᠮ᠎ᠠ ᠲᠦᠷᠦᠭᠦᠯᠡᠨ ᠶᠠᠪᠤᠨ᠎ᠠ᠃ ᠨᠥᠭᠦᠭᠡ ᠨᠠᠮᠬᠠᠨ ᠪᠥᠭᠡᠳ ᠥᠷᠭᠡᠨ ᠪᠡᠶ᠎ᠡ ᠲᠡᠢ᠂ ᠨᠢᠯᠪᠤᠰᠤ ᠭᠦᠢᠯᠭᠡᠨᠡᠭᠰᠡᠨ ᠨᠢᠳᠦ ᠲᠡᠢ ᠯᠠᠮ᠎ᠠ ᠨᠢ ᠤᠷᠲᠤ ᠮᠣᠳᠣᠨ ᠲᠠᠶᠠᠭ ᠢ᠋ ᠡᠮᠦᠨ᠎ᠡ ᠪᠡᠨ ᠬᠠᠪᠴᠢᠭᠤᠯᠤᠨ ᠨᠥᠬᠥᠷ ᠡᠴᠡ ᠬᠣᠴᠣᠷᠬᠤ ᠦᠭᠡᠢ ᠶ᠋ᠢ ᠬᠢᠴᠢᠶᠡᠨ ᠶᠠᠪᠤᠨ᠎ᠠ᠃
— ᠪᠤᠰᠤᠳ ᠤ᠋ᠨ ᠮᠥᠷᠥ ᠡᠴᠡ ᠮᠤᠯᠲᠤᠯᠵᠤ ᠠᠪᠤᠭᠰᠠᠨ ᠬᠤᠪᠴᠠᠰᠤ ᠶ᠋ᠢ ᠲᠠᠨᠠᠷ ᠶᠠᠭᠤᠨ ᠳ᠋ᠤ᠌ ᠡᠮᠦᠰᠪᠡ? ᠲᠠᠨᠠᠷ ᠬᠠᠮᠢᠭᠠᠰᠢ ᠣᠴᠢᠬᠤ ᠪᠠᠷ ᠶᠠᠪᠤᠭ᠎ᠠ ᠪᠢᠯᠡ? ᠭᠡᠵᠦ ᠸᠡᠥ᠋ᠯ ᠠᠰᠠᠭᠤᠨ᠎ᠠ᠃

ᠤᠯᠠᠭᠠᠨ ᠨᠢᠳᠦᠲᠦ ᠨᠢ ᠪᠣᠷᠣ ᠰᠠᠬᠠᠯ ᠢ᠋ᠶ᠋ᠠᠨ ᠢᠮᠡᠷᠴᠦ ᠲᠦᠷᠦᠭᠦᠨ ᠳ᠋ᠦ᠍ᠨᠢ ᠣᠷᠣᠭᠠᠳ ᠪᠦᠰᠡᠯᠡᠭᠦᠷ ᠢ᠋ᠶ᠋ᠡᠷ ᠨᠤᠭᠤᠷᠠᠵᠤ ᠭᠠᠵᠠᠷ ᠲᠤᠯᠲᠠᠯ᠎ᠠ ᠮᠥᠷᠭᠥᠨ ᠥᠭᠦᠯᠡᠬᠦ ᠨᠢ᠄
— ᠪᠢᠳᠡ ᠶᠢᠷᠲᠢᠨᠴᠦ ᠳᠠᠶᠠᠭᠠᠷ ᠢ᠋ ᠬᠠᠢᠷ᠎ᠠ ᠭᠠᠮ ᠦᠭᠡᠢ ᠪᠦᠷᠢᠯᠭᠡᠵᠦ ᠪᠠᠢᠭ᠎ᠠ ᠠᠶᠤᠯᠲᠤ ᠲᠠᠲ᠋ᠠᠷ ᠤ᠋ᠳ ᠠ᠋ᠴᠠ ᠵᠢᠭᠤᠲᠠᠨ ᠶᠠᠪᠤᠭ᠎ᠠ ᠲᠤᠯᠠ ᠶᠠᠭᠠᠬᠢᠬᠤ ᠶ᠋ᠢ ᠲᠠᠨᠠᠷ ᠮᠢᠨᠢ ᠮᠡᠳᠡ ᠭᠡᠪᠡ᠃
— ᠲᠡᠭᠡᠭᠡᠳ ᠲᠠᠨᠠᠷ ᠵᠠᠩᠴᠢ ᠨᠥᠮᠥᠷᠦᠭᠰᠡᠨ ᠶᠤᠮ ᠤᠤ ᠭᠡᠬᠦ ᠳ᠋ᠦ᠍᠂
— ᠡᠨᠡ ᠵᠠᠩᠴᠢ ᠪᠣᠯ ᠤᠤᠯ ᠠ᠋ᠴᠠ ᠪᠠᠨ ᠪᠢᠳᠡᠨ ᠦ᠌ ᠪᠥᠭᠡᠳ ᠪᠠᠭ᠎ᠠ ᠨᠠᠰᠤᠨ ᠠ᠋ᠴᠠ ᠪᠠᠨ ᠡᠮᠦᠰᠦᠭᠰᠡᠨ ᠶᠤᠮ ᠭᠡᠵᠦ ᠥᠨᠳᠥᠷ ᠯᠠᠮ᠎ᠠ ᠨᠢ ᠡᠬᠡᠨᠡᠷ ᠬᠥᠮᠦᠨ ᠦ᠌ ᠳᠠᠭᠤ ᠪᠠᠷ ᠬᠡᠯᠡᠪᠡ᠃
— ᠬᠥᠮᠦᠰ ᠶᠠᠳᠠᠭᠤ ᠪᠥᠭᠡᠳ ᠬᠠᠷᠠᠮᠴᠢ ᠨᠠᠷᠢᠨ ᠪᠣᠯᠤᠭᠰᠠᠨ ᠶᠤᠮ ᠪᠠᠢᠬ᠎ᠠ᠃ ᠯᠠᠮ᠎ᠠ ᠨᠠᠷ ᠢ᠋ ᠡᠷᠭᠦᠨ ᠬᠦᠨᠳᠦᠯᠡᠬᠦ ᠴᠦ᠍ ᠦᠭᠡᠢ ᠪᠣᠯᠤᠭᠰᠠᠨ ᠶᠤᠮ ᠪᠠᠢᠨ᠎ᠠ᠃ ᠪᠢᠳᠡᠨ ᠦ᠌ ᠨᠢᠳᠦ ᠪᠡᠷ ᠦᠵᠡᠭᠡ ᠦᠭᠡᠢ ᠶᠤᠮ ᠤᠤ ? ᠭᠡᠵᠦ ᠤᠯᠠᠭᠠᠨ ᠨᠢᠳᠦᠲᠦ ᠵᠠᠯᠭᠠᠵᠤ ᠬᠡᠯᠡᠪᠡ᠃
— ᠪᠤᠷᠬᠠᠨ ᠦᠭᠡᠢ ᠮᠠᠯ ᠤ᠋ᠳ᠂ ᠪᠤᠶᠠᠨ ᠦᠭᠡᠢ ᠴᠢᠯᠠᠭᠤ ᠨᠤᠭᠤᠳ᠂ ᠣᠳᠣ ᠶ᠋ᠢᠨ ᠡᠨᠡ ᠪᠣᠯᠵᠤ ᠪᠠᠢᠭ᠎ᠠ ᠶᠠᠪᠤᠳᠠᠯ ᠠ᠋ᠴᠠ ᠦᠬᠦᠬᠦ ᠤᠬᠢᠯᠠᠬᠤ ᠬᠣᠶᠠᠷ ᠢᠷᠡᠵᠦ ᠪᠣᠯᠤᠨ᠎ᠠ᠂ ᠠᠶ᠎ᠠ᠂ ᠬᠠᠯᠠᠭ ᠬᠣᠬᠣᠢ᠂
— ᠲᠠᠨᠠᠷ ᠴᠢᠨᠢ ᠠᠯᠢ ᠵᠠᠮ ᠢ᠋ ᠪᠠᠷᠢᠵᠤ ᠶᠠᠪᠤᠭ᠎ᠠ ᠪᠢᠯᠡ ᠭᠡᠵᠦ ᠸᠡᠥ᠋ᠯ ᠬᠠᠲᠠᠭᠤ ᠪᠠᠷ ᠠᠰᠠᠭᠤᠪᠠ᠃
— ᠮᠥᠬᠥᠯ ᠡᠴᠡ ᠵᠢᠭᠤᠲᠠᠨ ᠶᠠᠪᠤᠨ᠎ᠠ ᠤᠤ? ᠡᠰᠡᠪᠡᠯ ᠭᠠᠷᠭᠠᠭᠠᠳ ᠦᠬᠦᠯ ᠤᠷᠤᠭᠤ ᠪᠠᠨ ᠶᠠᠪᠤᠨ᠎ᠠ ᠤᠤ?
— ᠴᠢ ᠴᠢᠨᠢ ᠶᠠᠮᠠᠷ ᠮᠠᠭᠤᠬᠠᠢ ᠦᠭᠡ ᠬᠡᠯᠡᠳᠡᠭ ᠶᠤᠮ ᠪᠣᠢ? ᠪᠢᠳᠡ ᠺᠢᠶᠸᠸ ᠲᠦ᠍ ᠣᠴᠢᠬᠤ ᠪᠠᠷ ᠶᠠᠪᠤᠵᠤ ᠪᠠᠢᠨ᠎ᠠ᠃ ᠲᠡᠨᠳᠡ ᠪᠣᠯ ᠡᠨᠳᠡᠬᠢ ᠲᠡᠢ ᠠᠳᠠᠯᠢ ᠯᠠᠮ᠎ᠠ ᠨᠠᠷ ᠥᠯᠪᠡᠷᠴᠦ ᠵᠢᠭᠤᠲᠠᠳᠠᠭ ᠦᠭᠡᠢ ᠭᠡᠨ᠎ᠡ᠃ ᠬᠠᠷᠢᠨ ᠰᠦᠮ᠎ᠡ ᠶ᠋ᠢᠨ ᠭᠠᠵᠠᠷ ᠵᠣᠬᠢᠰᠲᠠᠢ ᠪᠠᠷ ᠰᠠᠭᠤᠵᠤ ᠪᠠᠢᠳᠠᠭ ᠭᠡᠨ᠎ᠡ᠁ ᠲᠡᠢᠮᠦ ᠶ᠋ᠢᠨ ᠲᠤᠯᠠᠳᠠ ᠲᠡᠨᠳᠡᠬᠢ ᠶ᠋ᠢᠨ ᠬᠥᠮᠦᠰ ᠪᠤᠷᠬᠠᠨ ᠳ᠋ᠤ᠌ ᠪᠦᠷᠢᠨ ᠦᠨᠡᠨᠴᠢ ᠪᠥᠭᠡᠳ ᠲᠡᠭᠦᠨ ᠡᠴᠡ ᠠᠶᠤᠳᠠᠭ ᠭᠠᠯᠵᠠᠭᠤ ᠲᠠᠲ᠋ᠠᠷ ᠤ᠋ᠳ ᠬᠣᠯᠠ ᠪᠠᠢᠳᠠᠭ ᠶᠤᠮ᠃ ᠲᠡᠳᠡᠨ ᠦ᠌ ᠲᠤᠬᠠᠢ ᠲᠡᠨᠳᠡ ᠴᠢᠮᠡᠭᠡ ᠴᠦ᠍ ᠰᠣᠨᠣᠰᠤᠭᠳᠠᠳᠠᠭ ᠦᠭᠡᠢ ᠭᠡᠨ᠎ᠡ᠃
— ᠲᠠᠨᠠᠷ ᠰᠦᠬᠡ ᠪᠠᠷᠢᠵᠤ ᠴᠢᠳᠠᠳᠠᠭ ᠤᠤ? ᠡᠰᠡᠪᠡᠯ ᠫᠢᠰᠢᠩ ᠦ᠋ᠨ ᠴᠠᠭᠠᠨ᠎ᠠ ᠨᠢᠭᠤᠭᠳᠠᠳᠠᠭ ᠤᠤ? ᠭᠡᠵᠦ ᠸᠡᠥ᠋ᠯ ᠠᠰᠠᠭᠤᠪᠠ᠃
— ᠡᠬᠡ ᠡᠴᠡ ᠲᠥᠷᠥᠭᠰᠡᠨ ᠡᠴᠡ ᠬᠣᠢᠰᠢ ᠭᠠᠷ ᠲᠠᠭᠠᠨ ᠰᠦᠬᠡ ᠪᠠᠷᠢᠭ᠎ᠠ ᠦᠭᠡᠢ ᠪᠢᠳᠡ ᠴᠢᠨᠢ ᠲᠡᠢᠮᠦ ᠬᠠᠷ᠎ᠠ ᠠᠵᠢᠯ ᠢ᠋ ᠬᠠᠮᠢᠭ᠎ᠠ ᠠ᠋ᠴᠠ ᠬᠢᠬᠦ ᠪᠢᠯᠡ ᠳ᠋ᠠ᠃ ᠪᠤᠷᠬᠠᠨ ᠤ᠋ ᠨᠣᠮ ᠢ᠋ ᠪᠢᠰᠢᠯᠭᠠᠨ ᠡᠰᠡᠪᠡᠯ ᠡᠷᠭᠦᠯ ᠮᠥᠷᠭᠥᠯ ᠦᠢᠯᠡᠳᠦᠨ ᠰᠠᠭᠤᠨᠠᠮ᠃
— ᠮᠣᠩᠭᠣᠯᠴᠤᠳ ᠬᠡᠦᠬᠡᠳ ᠨᠢᠯᠬᠠᠰ ᠢ᠋ ᠭᠠᠯ ᠳ᠋ᠤ᠌ ᠬᠠᠶᠠᠵᠤ ᠴᠢᠰᠤ ᠤᠷᠤᠰᠬᠠᠨ ᠪᠠᠢᠭ᠎ᠠ ᠴᠠᠭ ᠲᠸ᠋ ᠲᠠᠨᠠᠷ ᠲᠥᠷᠥᠭᠰᠡᠨ ᠨᠤᠲᠤᠭ ᠠ᠋ᠴᠠ ᠪᠠᠨ ᠵᠢᠭᠤᠲᠠᠨ ᠶᠠᠪᠤᠬᠤ ᠶ᠋ᠢ ᠴᠢᠨᠢ ᠪᠢᠳᠡ ᠦᠵᠡᠯ᠎ᠡ ᠭᠡᠵᠦ ᠼᠪᠶᠠᠭ᠎ᠠ ᠰᠢᠷᠦᠭᠦᠨ ᠢ᠋ᠶ᠋ᠡᠷ ᠬᠡᠯᠡᠪᠡ᠃ 
—ᠮᠠᠨ ᠤ᠋ ᠪᠠᠭ ᠣᠲ᠋ᠷᠢᠶᠠᠳ᠋ ᠤ᠋ᠳ ᠲᠤ᠌ ᠷᠠᠲ᠋ᠢᠪᠤᠷ ᠤ᠋ᠨ ᠡᠴᠢᠭᠡ ᠯᠠᠮ᠎ᠠ ᠪᠠᠰᠠ ᠪᠠᠢᠨ᠎ᠠ ᠰᠢᠦ᠃ ᠲᠡᠭᠡᠭᠡᠳ ᠪᠠᠰᠠ ᠬᠤᠪᠴᠠᠰᠤ ᠪᠠᠨ ᠬᠠᠶᠠᠭᠠᠳ ᠵᠡᠪᠰᠡᠭ ᠪᠠᠷᠢᠵᠤ ᠶᠠᠪᠤᠭ᠎ᠠ ᠬᠥᠮᠦᠨ ᠳᠥᠷᠪᠡ ᠪᠣᠢ᠃ ᠬᠠᠷᠢᠨ ᠲᠠ ᠬᠣᠶᠠᠷ ᠶᠠᠭᠠᠬᠢᠨ᠎ᠠ ᠪᠣᠢ?
— ᠲᠠᠨᠠᠷ ᠪᠣᠯ ᠬᠡᠷᠡᠭ ᠦᠭᠡᠢ ᠵᠦᠭᠡᠷ ᠰᠠᠭᠤᠵᠤ ᠢᠳᠡᠭᠴᠢᠳ ᠮᠥᠨ᠂ ᠲᠠᠨᠠᠷ ᠶᠠᠮᠠᠷ ᠴᠥ᠍ ᠠᠴᠢ ᠲᠤᠰᠠ ᠦᠭᠡᠢ ᠡᠲᠡᠭᠡᠳ ᠮᠥᠨ᠃ ᠲᠠᠨᠠᠷ ᠲᠠᠲ᠋ᠠᠷ ᠤ᠋ᠳ ᠢ᠋ ᠬᠠᠮᠢᠭ᠎ᠠ ᠦᠵᠡᠭᠰᠡᠨ ᠢ᠋ᠶ᠋ᠡᠨ ᠨᠢᠭᠤᠯ ᠦᠭᠡᠢ ᠬᠡᠯᠡᠭᠲᠦᠨ᠃
— ᠰᠦᠽᠳᠠᠯᠢ ᠶ᠋ᠢᠨ ᠨᠤᠲᠤᠭ ᠲᠤ᠌ ᠪᠠᠢᠨ᠎ᠠ᠃ ᠳᠡᠭᠦᠦ ᠨᠠᠷ ᠮᠢᠨᠢ᠂ ᠲᠠᠲ᠋ᠠᠷ ᠤ᠋ᠳ ᠪᠠ ᠮᠣᠩᠭᠣᠯᠴᠤᠳ ᠲᠡᠨᠳᠡᠬᠢ ᠶ᠋ᠢᠨ ᠪᠦᠬᠦ ᠲᠣᠰᠬᠣᠨ ᠢ᠋ᠶ᠋ᠠᠷ ᠰᠠᠷᠨᠢᠨ ᠲᠠᠷᠬᠠᠵᠤ ᠲᠠᠷᠢᠶᠠᠴᠢᠳ  ᠢ᠋ ᠰᠢᠲᠠᠭᠠᠨ ᠠᠯᠠᠵᠤ ᠬᠦᠴᠦᠷᠬᠡᠨ ᠵᠣᠪᠠᠭᠠᠵᠤ ᠪᠠᠢᠨᠠᠮ᠃
— ᠠᠶᠤᠬᠤ ᠴᠤ᠌ ᠦᠭᠡᠢ ᠶᠤᠮ ᠤᠤ?
— ᠲᠡᠳᠡ ᠴᠢᠨᠢ ᠬᠡᠨ ᠡᠴᠡ ᠠᠶᠤᠬᠤ ᠪᠢᠯᠡ᠃ ᠸᠠᠩ ᠭᠸᠤᠷᠭᠢ ᠸᠰᠸᠸᠤᠯᠤᠳᠤᠸᠢᠴ ᠰᠦᠽᠳᠠᠯᠢᠰᠺ ( ᠤ᠋ᠨ ) ᠠᠯᠤᠰ ᠬᠣᠯᠠ ᠴᠠᠭᠠᠨ ᠨᠢᠷᠤᠭᠤ ᠨᠤᠭᠤᠳ ᠤ᠋ᠨ ᠣᠢ ᠳᠣᠲᠣᠷ᠎ᠠ ᠶᠡᠬᠡ ᠬᠣᠷᠢᠶ᠎ᠠ ᠴᠡᠷᠢᠭ ᠢ᠋ ᠡᠯᠰᠡᠭᠦᠯᠬᠦ ᠪᠡᠷ ᠶᠠᠪᠤᠭᠰᠠᠨ ᠪᠥᠭᠡᠳ ᠲᠡᠭᠦᠨ ᠦ᠌ ᠴᠡᠷᠢᠭ ᠦ᠋ᠳ ᠬᠣᠲᠠ ᠨᠤᠭᠤᠳ ᠤ᠋ᠨ ᠪᠠᠲᠤ ᠬᠡᠷᠡᠮ ᠦ᠋ᠨ ᠳᠣᠲᠣᠷ᠎ᠠ ᠳᠠᠯᠳᠠᠯᠠᠨ ᠰᠠᠭᠤᠵᠠᠭᠠᠵᠤ ᠪᠣᠢ ᠭᠡᠵᠦ ᠬᠡᠯᠡᠯᠴᠡᠬᠦ ᠶᠤᠮ ᠃ ᠪᠢᠳᠡ ᠶᠠᠭᠤᠮ᠎ᠠ ᠢᠳᠡᠬᠦ ᠶᠤᠮᠰᠠᠨ ᠃
— ᠪᠣᠯᠤᠨ᠎ᠠ᠂ ᠭᠠᠯ ᠳ᠋ᠤ᠌ ᠣᠢᠷᠠᠲᠤᠵᠤ ᠰᠠᠭᠤᠭᠲᠤᠨ᠃ ᠲᠠᠨᠠᠷ ᠢ᠋ ᠬᠡᠨ ᠪᠣᠯᠪᠠᠴᠤ ᠬᠣᠭᠣᠯᠠᠯᠠᠭᠤᠯᠬᠤ ᠮᠠᠭᠠᠳ ᠦᠭᠡᠢ ᠪᠢᠵᠡ᠃ ᠬᠣᠶᠠᠷ ᠯᠠᠮ᠎ᠠ ᠡᠭᠦᠷᠭᠡ ᠪᠡᠨ ᠪᠠᠭᠤᠯᠭᠠᠯ ᠦᠭᠡᠢ ᠪᠡᠷ ᠭᠠᠯ  ᠤ᠋ᠨ ᠳᠡᠷᠭᠡᠳᠡ ᠣᠢᠷᠠᠲᠤᠨ ᠰᠠᠭᠤᠪᠠ᠃ᠲᠡᠨᠳᠡ ᠲᠡᠷᠡᠬᠦ ᠭᠠᠯ ᠳᠡᠭᠡᠷ᠎ᠡ ᠮᠠᠭᠤ ᠰᠢᠪᠡᠷ ᠲᠦᠩᠫᠸᠩ ᠳ᠋ᠦ᠍ ᠶᠠᠭᠤᠮ᠎ᠠ ᠪᠤᠴᠠᠯᠵᠤ ᠪᠠᠢᠪᠠ ᠃
— ᠶᠠᠭᠤ ᠴᠢᠨᠠᠵᠤ ᠪᠠᠢᠭ᠎ᠠ ᠶᠤᠮ ᠪᠣᠢ?
— ᠦᠵᠡᠬᠦ ᠦᠭᠡᠢ ᠪᠠᠢᠨ᠎ᠠ ᠤᠤ? ᠰᠢᠨ᠎ᠡ ᠵᠢᠭᠠᠰᠤ᠃
— ᠰᠢᠨ᠎ᠡ ᠭᠡᠨ᠎ᠡ ᠤᠤ? ᠶᠠᠮᠠᠷ ᠰᠠᠢᠬᠠᠨ ᠶᠤᠮ ᠪᠣᠢ? ᠣᠳᠣ ᠴᠤ᠌ ᠠᠸᠷᠠᠮᠢ ᠮᠢᠨᠢ ᠡᠨᠡ ᠪᠢᠲᠡᠭᠦᠦ ᠣᠢ ᠳ᠋ᠤ᠌ ᠪᠠᠰᠠ ᠲᠡᠢᠮᠦ ᠵᠢᠭᠠᠰᠤ ᠪᠠᠢᠳᠠᠭ ᠶᠤᠮ ᠠ᠋᠃
— ᠪᠠᠢᠯ ᠦᠭᠡᠢ ᠶᠠᠭᠠᠬᠢᠬᠤᠪ᠃ ᠮᠠᠨ ᠤ᠋ ᠡᠨᠳᠡ ᠱᠦᠺᠠ ᠪᠠ ᠪᠸᠯᠦᠭ᠎ᠠ ᠭᠡᠳᠡᠭ ᠬᠣᠶᠠᠷ ᠵᠢᠭᠠᠰᠤ ᠣᠢ ᠳᠣᠲᠣᠷ᠎ᠠ ᠶᠠᠪᠤᠵᠤ ᠪᠠᠢᠭᠰᠠᠨ ᠶᠤᠮ ᠃ ᠣᠢ ᠤᠨᠠᠵᠤ ᠠᠭᠤᠯᠠ ᠪᠣᠰᠬᠤ ᠶ᠋ᠢᠨ ᠬᠠᠮᠲᠤ ᠱᠦᠺᠠ ᠶ᠋ᠢᠨ ᠰᠡᠭᠦᠯ ᠭᠣᠳᠣᠭᠣᠨᠠᠭᠠᠳ ᠦᠯᠡᠳᠡᠪᠡ ᠭᠡᠵᠦ ᠸᠠᠥ᠋ᠯ ᠬᠠᠷᠢᠭᠤᠯᠪᠠ ᠃
— ᠴᠢ ᠶᠠᠮᠠᠷ ᠬᠠᠴᠢᠨ ᠶᠠᠭᠤᠮ᠎ᠠ ᠬᠡᠯᠡᠨ᠎ᠡ ᠪᠣᠢ?

ᠤᠷᠲᠤ ᠪᠡᠶᠡᠲᠦ ᠯᠠᠮ᠎ᠠ ᠲᠦᠩᠫᠧᠩ ᠳᠣᠲᠣᠷᠠᠬᠢ ᠶ᠋ᠢ ᠥᠨᠳᠡᠢᠨ ᠬᠠᠷᠠᠪᠠ᠃
— ᠵᠢᠭᠠᠰᠤ ᠴᠢᠨᠢ ᠦᠵᠡᠭᠳᠡᠬᠦ ᠦᠭᠡᠢ ᠪᠠᠢᠨ᠎ᠠ ᠰᠢᠦ ᠳ᠋ᠠ᠃
— ᠵᠠ ᠲᠡᠭᠡᠪᠡᠯ ᠶᠠᠭᠠᠬᠢᠬᠤ ᠪᠣᠢ ᠳ᠋ᠠ᠃ ᠴᠢᠨᠦ ᠡᠭᠦᠷᠭᠡ ᠡᠴᠡ ᠱᠦᠺᠡ ᠵᠢᠭᠠᠰᠤᠨ ᠤ᠋ ᠰᠡᠭᠦᠯ ᠭᠣᠵᠣᠯᠵᠠᠭᠠᠳ᠂ ᠲᠡᠭᠦᠨ ᠢ᠋ ᠲᠦᠩᠫᠧᠩ ᠬᠦᠯᠢᠶᠡᠭᠡᠳ ᠪᠠᠢᠨ᠎ᠠ᠃ ᠲᠡᠭᠦᠨ ᠢ᠋ ᠪᠡᠨ ᠨᠡᠰᠢ ᠥᠭᠭᠦᠭᠲᠦᠨ᠃

ᠯᠠᠮ᠎ᠠ ᠶᠡᠬᠡᠳᠡ ᠳᠤᠷ᠎ᠠ ᠦᠭᠡᠢ ᠪᠡᠷ ᠡᠭᠦᠷᠭᠡ ᠪᠡᠨ ᠪᠠᠭᠤᠯᠭᠠᠭᠠᠳ ᠠᠮᠠᠨ ᠳᠣᠲᠣᠷ᠎ᠠ ᠪᠠᠨ ᠥᠭᠦᠯᠡᠭᠰᠡᠭᠡᠷ ᠬᠥᠯᠳᠡᠭᠰᠡᠨ ᠱᠦᠺᠡ ᠵᠢᠭᠠᠰᠤ ᠶ᠋ᠢ ᠭᠠᠷᠭᠠᠪᠠ᠃
— ᠵᠠᠮ ᠳ᠋ᠤ᠌ ᠬᠦᠨᠡᠰᠦ ᠪᠣᠯᠭᠠᠵᠤ ᠰᠠᠢᠨ ᠬᠥᠮᠦᠨ ᠥᠭᠭᠦᠭᠰᠡᠨ ᠶᠤᠮ᠂ ᠺᠢᠶᠸᠧ ᠬᠦᠷᠲᠡᠯ᠎ᠡ ᠪᠢᠳᠡ ᠬᠣᠶᠠᠷ ᠤ᠋ᠨ ᠶᠠᠪᠤᠬᠤ ᠵᠠᠮ ᠤᠷᠲᠤ ᠪᠠᠢᠨ᠎ᠠ᠁ ᠳᠡᠭᠦᠦ ᠨᠠᠷ ᠮᠢᠨᠢ ᠢᠳᠡᠭᠲᠦᠨ᠂ ᠭᠠᠭᠴᠠᠬᠠᠨ ᠪᠢᠳᠡᠨ ᠢ᠋ ᠲᠠᠯᠪᠢᠵᠤ ᠶᠠᠪᠤᠭᠤᠯᠤᠭᠠᠷᠠᠢ᠃ 

ᠸᠡᠥ᠋ᠯ ᠲᠡᠷᠡ ᠵᠢᠭᠠᠰᠤ ᠶ᠋ᠢ ᠠᠪᠤᠭᠠᠳ ᠬᠢᠲᠤᠭ᠎ᠠ ᠪᠠᠷ ᠬᠡᠳᠦᠨ ᠬᠡᠰᠡᠭ ᠪᠣᠯᠭᠠᠭᠠᠳ ᠲᠦᠩᠫᠧᠩ ᠲᠣᠭᠣᠭᠠᠨ ᠳ᠋ᠠᠭᠠᠨ ᠬᠢᠪᠡ᠃
— ᠭᠤᠯᠢᠷ ᠰᠠᠴᠤᠭᠠᠳ ᠣᠷᠬᠢᠪᠠᠯ ᠠᠶᠠᠲᠠᠢᠬᠠᠨ ᠵᠢᠭᠠᠰᠤᠨ ᠤ᠋ ᠱᠥᠯᠥ ᠪᠣᠯᠤᠨ᠎ᠠ᠃ ᠴᠢᠮᠠᠲᠤ ᠳᠠᠪᠤᠰᠤ ᠪᠣᠢ ᠪᠢᠵᠡ ᠳ᠋ᠠ?
— ᠪᠢᠴᠢᠬᠠᠨ ᠪᠣᠢ᠁

ᠲᠡᠭᠡᠪᠡᠯ ᠳᠠᠪᠤᠰᠤ ᠪᠠᠨ ᠴᠥ᠍ ᠥᠭᠭᠦᠭᠲᠦᠨ! ᠪᠢᠳᠡ ᠳᠠᠪᠤᠰᠤ ᠦᠭᠡᠢ ᠬᠣᠭᠣᠯᠠᠯᠠᠭᠰᠠᠭᠠᠷ ᠤᠳᠠᠭᠰᠠᠨ ᠰᠢᠦ᠃

ᠥᠨᠥᠬᠢ ᠥᠨᠳᠥᠷ ᠯᠠᠮ᠎ᠠ ᠰᠠᠨᠠᠭ᠎ᠠ ᠠᠯᠲᠠᠨ ᠪᠠᠢᠵᠤ ᠡᠭᠦᠷᠭᠡᠨ ᠡᠴᠡ ᠪᠡᠨ ᠳᠠᠪᠤᠤ ᠳ᠋ᠤ᠌ ᠪᠣᠭᠣᠭᠰᠠᠨ ᠳᠠᠪᠤᠰᠤ ᠭᠠᠷᠭᠠᠵᠤ ᠲᠦᠩᠫᠧᠩ ᠳ᠋ᠦ᠍ ᠪᠢᠴᠢᠬᠠᠨ ᠰᠠᠴᠤᠭᠠᠳ ᠳᠠᠬᠢᠨ ᠬᠢᠮᠠᠭᠠᠳᠠᠨ ᠪᠣᠭᠣᠪᠠ᠃ ᠲᠡᠭᠡᠭᠡᠳ ᠲᠡᠷᠡ ᠬᠣᠶᠠᠷ ᠯᠠᠮ᠎ᠠ ᠮᠣᠳᠣᠨ ᠬᠠᠯᠪᠠᠭ᠎ᠠ ᠪᠠᠨ ᠪᠠᠷᠢᠭᠰᠠᠭᠠᠷ ᠲᠦᠩᠫᠧᠩ ᠳ᠋ᠦ᠍ ᠣᠢᠷᠠᠲᠤᠪᠠ᠃
— ᠣᠲᠣᠴᠢ ( ᠣᠲᠠᠴᠢ ) ᠴᠢ ᠶᠠᠭᠤᠨ ᠳ᠋ᠤ᠌ ᠦᠷᠭᠦᠯᠵᠢ ᠰᠠᠨᠠᠭ᠎ᠠ ᠠᠯᠳᠠᠭᠰᠠᠨ ᠶᠤᠮ ᠪᠣᠢ?
— ᠰᠡᠭᠦᠳᠡᠷ ᠫᠧᠲ᠋ᠷᠦᠸ ᠦ᠋ᠨ ᠡᠳᠦᠷ ᠨᠢᠰᠦᠨ ᠢᠷᠡᠭᠡᠳ ᠬᠣᠵᠤᠤᠯ᠎ᠠ ᠳᠡᠭᠡᠷ᠎ᠡ ᠰᠠᠭᠤᠵᠤ ᠤᠬᠢᠯᠠᠵᠤ ᠡᠬᠢᠯᠡᠭᠰᠡᠨ ᠳ᠋ᠦ᠍ ᠦᠰᠦ ᠪᠤᠭᠤᠷᠤᠯᠲᠤᠵᠤ ᠪᠠᠢᠨ᠎ᠠ᠃

ᠣᠢ ᠮᠣᠳᠣᠨ ᠱᠤᠤᠭᠢᠵᠤ ᠪᠠᠢᠨ᠎ᠠ᠃ ᠴᠢ ᠶᠠᠭᠤᠨ ᠳ᠋ᠤ᠌ ᠤᠬᠢᠯᠠᠨ᠎ᠠ ? ᠬᠣᠢᠲᠤ ᠶᠢᠷᠲᠢᠨᠴᠦ  ᠳ᠋ᠦ᠍ ᠳᠠᠪᠤᠰᠤ ᠲᠠᠢ ᠪᠠᠨ ᠣᠴᠢᠬᠤ ᠶ᠋ᠢ ᠬᠦᠰᠡᠵᠦ ᠪᠠᠢᠨ᠎ᠠ ᠤᠤ? ᠭᠡᠵᠦ ᠼᠪᠶᠠᠭ᠎ᠠ ᠠᠰᠠᠭᠤᠭᠰᠠᠨ ᠳ᠋ᠤ᠌ ᠯᠠᠮ᠎ᠠ ᠠᠶᠤᠵᠤ᠂
— ᠵᠠ ᠪᠢᠳᠡ ᠬᠠᠮᠢᠶ᠎ᠠ ᠦᠭᠡᠢ᠂ ᠪᠢᠳᠡ ᠳᠤᠷᠠᠲᠠᠢ ᠪᠠᠢᠨ᠎ᠠ᠃ ᠭᠠᠭᠴᠠᠬᠠᠨ ᠪᠢᠳᠡᠨ ᠢ᠋ ᠥᠷᠥᠰᠢᠶᠡᠵᠦ ᠶᠠᠪᠤᠭᠤᠯᠤᠭᠠᠷᠠᠢ ᠭᠡᠨ᠎ᠡ᠃
—  ᠪᠢᠳᠡ ᠲᠠᠨᠠᠷ ᠮᠡᠲᠦ ᠶ᠋ᠢᠨ ᠨᠣᠪᠰᠢ ᠶ᠋ᠢ ᠠᠪᠴᠤ ᠶᠠᠪᠤᠭᠠᠳ ᠶᠠᠭᠤ ᠪᠠᠨ ᠬᠢᠬᠦ ᠪᠢᠯᠡ ᠭᠡᠵᠦ ᠸᠡᠥ᠋ᠯ ᠬᠡᠯᠡᠪᠡ᠃

ᠬᠣᠶᠠᠷ ᠯᠠᠮ᠎ᠠ ᠮᠣᠩᠭᠢᠨᠡᠨ ᠱᠥᠯᠥ ᠶ᠋ᠢ ᠨᠢ ᠬᠡᠳᠦᠢᠨ ᠮᠠᠷᠲᠠᠭᠠᠳ ᠬᠠᠯᠪᠠᠭ᠎ᠠ ᠪᠠᠨ ᠡᠪᠦᠷᠯᠡᠵᠦ ᠴᠥᠮ ᠳ᠋ᠦ᠍ ᠮᠥᠷᠭᠥᠭᠰᠡᠭᠡᠷ ᠡᠮᠦᠨ᠎ᠡ ᠵᠦᠭ ᠢ᠋ ᠴᠢᠭᠯᠡᠨ ᠵᠠᠮ ᠢ᠋ᠶ᠋ᠠᠷ ᠲᠦᠷᠭᠡᠨ ᠠᠯᠬᠤᠨ ᠶᠠᠪᠤᠯ᠎ᠠ᠃

ᠨᠠᠮ ᠨᠡᠢᠯᠡᠭᠴᠢᠳ ᠬᠣᠭᠣᠯᠠ ᠪᠠᠨ ᠢᠳᠡᠵᠦ ᠰᠠᠭᠤᠲᠠᠯ᠎ᠠ ᠮᠣᠷᠢ ᠪᠠᠨ ᠬᠥᠲᠥᠯᠦᠭᠰᠡᠨ ᠬᠥᠮᠦᠨ ᠮᠣᠳᠣᠨ ᠤ᠋ ᠳᠤᠮᠳᠠᠭᠤᠷ ᠭᠠᠷᠴᠤ ᠢᠷᠡᠯ᠎ᠡ᠃
— ᠬᠡᠨ ᠶᠠᠭᠤᠨ ( ᠤ᠋ ) ᠬᠥᠮᠦᠨ ᠪᠣᠢ? ᠭᠡᠵᠦ ᠮᠠᠨᠠᠭᠠᠴᠢ ᠬᠠᠰᠬᠢᠷᠪᠠ᠃
— ᠺᠤᠯᠤᠮᠤᠨ ᠠ᠋ᠴᠠ ᠭᠠᠷᠤᠭᠰᠠᠨ ᠡᠯᠴᠢ ᠪᠠᠢᠨ᠎ᠠ᠃
— ᠴᠢ ᠪᠢᠳᠡᠨ ᠳ᠋ᠦ᠍ ᠬᠠᠮᠤᠭ ᠤ᠋ᠨ ᠬᠡᠷᠡᠭ ᠲᠡᠢ ᠬᠥᠮᠦᠨ ᠪᠠᠢᠨ᠎ᠠ ᠂ ᠳᠠᠷᠤᠭ᠎ᠠ ᠳᠡᠭᠡᠷ᠎ᠡ ᠣᠴᠢᠶ᠎ᠠ᠃ ᠰᠢᠷᠢᠩᠭᠢ ᠳᠡᠭᠡᠷ᠎ᠡ ᠭᠠᠯ ᠰᠢᠲᠠᠵᠤ ᠪᠠᠢᠪᠠ᠃ ᠲᠡᠭᠦᠨ ᠦ᠌ ᠳᠡᠷᠭᠡᠳᠡ ᠤᠶᠠᠭ᠎ᠠ ᠲᠠᠢ ᠮᠣᠷᠢᠳ ᠪᠠᠢᠪᠠ᠃ ᠭᠠᠯ ᠤ᠋ᠨ ᠳᠡᠷᠭᠡᠳᠡ ᠴᠡᠷᠢᠭ ᠦ᠋ᠳ ᠰᠠᠭᠤᠵᠠᠭᠠᠨ᠎ᠠ᠃ ᠲᠡᠳᠡᠨ ᠦ᠌ ᠳᠣᠲᠣᠷ᠎ᠠ ᠠ᠋ᠴᠠ ᠦᠰᠦᠲᠡᠢ ᠪᠣᠭᠣᠨᠢᠬᠠᠨ ᠳᠡᠪᠡᠯ ᠲᠡᠢ ( ᠨᠢ ) ᠤᠷᠠᠭᠳᠠᠭᠰᠠᠨ ᠭᠤᠲᠤᠯ ᠢ᠋ᠶ᠋ᠠᠨ ᠣᠶᠣᠵᠤ ᠰᠠᠭᠤᠪᠠ᠃ ᠨᠥᠭᠦᠭᠡ ᠨᠢ ᠴᠢᠯᠠᠭᠤ ᠪᠠᠷ ᠰᠦᠬᠡ ᠢᠷᠯᠡᠵᠦ ᠪᠠᠢᠪᠠ᠃ ᠭᠤᠷᠪᠠ ᠳ᠋ᠠᠬᠢ ᠨᠢ ᠦᠯᠢᠭᠡᠷ ᠶᠠᠷᠢᠨ᠎ᠠ᠃ ᠲᠡᠭᠦᠨ ᠦ᠌ ᠶᠠᠷᠢᠬᠤ ᠨᠢ᠄

ᠠᠯᠸᠱ ᠪᠠᠭᠠᠲᠤᠷ ᠭᠡᠳᠡᠭ  ᠢ᠋  ᠷᠸᠳ᠋ᠸᠳ᠋ᠶᠠ ᠭᠡᠭᠴᠢ ᠨᠢᠭᠡ ᠴᠢᠳᠠᠯᠲᠠᠢ ᠡᠷ᠎ᠡ ᠪᠠᠷᠢᠵᠤ ᠠᠪᠤᠭᠠᠳ ᠲᠡᠭᠦᠨ ᠦ᠌ ᠴᠡᠭᠡᠵᠢ ᠶ᠋ᠢ ᠴᠣᠬᠢᠬᠤ ᠶ᠋ᠢ ᠵᠠᠪᠳᠤᠲᠠᠯ᠎ᠠ ᠵᠣᠷᠢᠭᠲᠤ ᠠᠯᠸᠱ ᠫᠤᠫᠤᠸᠢᠴ ᠷᠸᠳ᠋ᠸᠳ᠋ᠶᠠ ᠶ᠋ᠢ ᠲᠣᠯᠣᠭᠠᠢ ᠠ᠋ᠴᠠ ᠨᠢ ᠰᠢᠭᠦᠷᠡᠨ ᠡᠷᠭᠦᠨ ᠭᠠᠵᠠᠷ ᠲᠸ᠋ ᠰᠢᠭᠢᠳᠲᠡᠯ᠎ᠡ ᠰᠢᠳᠡᠭᠰᠡᠨ ᠳ᠋ᠦ᠍  ᠷᠸᠳ᠋ᠸᠳ᠋ᠶᠠ ᠤᠬᠠᠭᠠᠨ ᠠᠯᠳᠠᠵᠤ ᠮᠠᠭᠤᠵᠢᠷᠠᠨ ᠤᠨᠠᠪᠠ ᠭᠡᠨ᠎ᠡ᠁

ᠲᠡᠷᠡᠬᠦ ᠦᠯᠢᠭᠡᠷ ᠬᠡᠯᠡᠭᠴᠢ ᠲᠣᠪ ᠳᠤᠭᠤᠢ ᠪᠣᠯᠤᠭᠠᠳ ᠪᠦᠭᠦᠳᠡᠭᠡᠷ ᠲᠡᠷᠡ ᠬᠦ᠌ ᠢᠷᠡᠵᠦ ᠶᠠᠪᠤᠭᠴᠢ ᠬᠥᠮᠦᠨ ᠢ᠋ ᠬᠠᠷᠠᠵᠠᠭᠠᠨ᠎ᠠ᠃ ᠲᠡᠷᠡ ᠲᠤᠩ ᠵᠠᠯᠠᠭᠤ᠂ ᠰᠠᠬᠠᠯ ᠦᠭᠡᠢ᠂ ᠵᠡᠪᠰᠡᠭ ᠵᠡᠭᠦᠭᠰᠡᠨ᠂ ᠥᠨᠳᠥᠷ ᠪᠤᠯᠢᠭᠠᠷᠢ ᠶ᠋ᠢᠨ ᠰᠠᠪᠢᠬᠢᠨ ᠭᠤᠲᠤᠯ ᠲᠠᠢ ᠬᠥᠮᠦᠨ ᠲᠡᠭᠦᠨ ᠦ᠌ ᠤᠨᠤᠭᠰᠠᠨ ᠮᠣᠷᠢ ᠨᠢ ᠰᠠᠢᠬᠠᠨ ᠪᠡᠶ᠎ᠡ ᠲᠡᠢ ᠪᠣᠯᠪᠠᠴᠤ ᠨᠡᠩ ᠶᠡᠬᠡ ᠡᠴᠡᠵᠦ ᠲᠤᠷᠠᠭᠰᠠᠨ ᠠᠵᠤᠭᠤ᠃
— ᠴᠢᠨᠦ ᠮᠣᠷᠢ ᠡᠢᠨ ᠬᠦ᠌ ᠶᠡᠬᠡ ᠶᠠᠳᠠᠷᠠᠭᠰᠠᠨ ᠢ᠋ ᠦᠵᠡᠪᠡᠯ ᠴᠢ ᠠᠯᠤᠰ ᠠ᠋ᠴᠠ ᠭᠠᠷᠤᠭᠰᠠᠨ ᠬᠥᠮᠦᠨ ᠮᠥᠨ ᠤᠤ? ᠭᠡᠵᠦ ᠭᠠᠯ ᠤ᠋ᠨ ᠳᠡᠷᠭᠡᠳᠡ ᠰᠠᠭᠤᠭᠴᠢᠳ ᠤ᠋ᠨ ᠨᠢᠭᠡ ᠨᠢ ᠠᠰᠠᠭᠤᠪᠠ᠃
— ᠶᠡᠬᠡ ᠸᠠᠩ ᠭᠸᠤᠷᠬᠢ ᠳ᠋ᠤ᠌ ᠣᠴᠢᠬᠤ ᠪᠠᠷ ᠺᠤᠯᠤᠮᠤᠨ ᠠ᠋ᠴᠠ ᠵᠠᠷᠯᠢᠭ ᠢ᠋ᠶ᠋ᠠᠷ ᠶᠠᠪᠤᠨ᠎ᠠ᠃
— ᠴᠢ ᠶᠠᠭᠤᠨ ᠳ᠋ᠤ᠌ ᠡᠢᠨ ‍ᠬᠦ᠌ ᠮᠤᠷᠤᠢ ᠵᠠᠮ ᠢ᠋ᠶ᠋ᠠᠷ ᠶᠠᠪᠤᠭ᠎ᠠ ᠪᠢᠯᠡ ᠭᠡᠵᠦ ᠥᠨᠥᠬᠢ ᠭᠤᠲᠤᠯ ᠰᠡᠯᠪᠢᠨ ᠰᠠᠭᠤᠭ᠎ᠠ ᠴᠡᠷᠢᠭ ᠠᠰᠠᠭᠤᠪᠠ ᠃
— ᠲᠠᠲ᠋ᠠᠷ ᠤ᠋ᠨ ᠴᠡᠷᠢᠭ ᠦ᠋ᠳ ᠭᠠᠵᠠᠷ ᠪᠦᠬᠦᠨ᠎ᠡ ᠶᠠᠪᠤᠵᠤ ᠪᠠᠢᠨ᠎ᠠ᠃ ᠡᠢᠨᠬᠦ ᠶᠠᠪᠤᠬᠤ ᠠ᠋ᠴᠠ ᠥᠭᠡᠷ᠎ᠡ ᠠᠷᠭ᠎ᠠ ᠦᠭᠡᠢ ᠁
— ᠬᠦᠦ ᠴᠢᠨᠦ ᠨᠢᠭᠤᠷ ᠢ᠋ ᠦᠵᠡᠪᠡᠯ ᠲᠠᠨᠢᠬᠤ ᠶᠤᠮ ᠰᠢᠭ᠋ ᠪᠠᠢᠨ᠎ᠠ᠂ ᠶᠠᠭᠤ ᠪᠢᠯᠡ ?
— ᠬᠠᠷᠢᠨ ᠪᠢ ᠲᠠᠨ ᠢ᠋ ᠮᠡᠳᠡᠵᠦ ᠪᠠᠢᠨ᠎ᠠ ᠭᠡᠵᠦ ᠢᠷᠡᠭᠴᠢ ᠬᠥᠮᠦᠨ ᠬᠠᠷᠢᠭᠤᠯᠪᠠ᠃

ᠫᠸᠷᠤᠢ᠍ᠨᠤᠸ—ᠪᠣᠷ ᠲᠸ᠋ ᠪᠠᠭᠠᠪᠠᠭᠠᠢ ᠠᠪᠠᠯᠠᠬᠤ ᠪᠠᠷ ᠲᠠᠨ ᠲᠠᠢ ᠤᠴᠠᠷᠠᠵᠤ ᠶᠠᠪᠤᠭᠰᠠᠨ ᠪᠤᠰᠤ ᠤᠤ? ᠮᠢᠨᠦ ᠡᠴᠢᠭᠡ ᠰᠡᠸᠸᠯᠢ ᠳ᠋ᠢᠺᠤᠷᠤᠰ ᠲᠠᠨ ᠢ᠋ ᠣᠢ ᠳᠤᠮᠳᠠᠭᠤᠷ ᠵᠠᠮᠴᠢᠯᠠᠨ ᠶᠠᠪᠤᠭᠰᠠᠨ ᠰᠢᠦ ᠳ᠋ᠠ᠃ ᠶᠸᠸᠫᠠᠲ ᠺᠣᠯᠤᠸᠷᠠᠲ ᠮᠡᠨᠳᠦ ᠰᠠᠢᠨ ᠤᠤ?
— ᠲᠤᠷᠤᠫᠺᠠ ᠮᠥᠨ ᠤᠤ? ᠴᠢ ᠴᠢᠨᠢ ᠶᠠᠮᠠᠷ ᠰᠦᠷᠡᠬᠡᠢ ᠪᠠᠭᠠᠲᠤᠷ ᠪᠣᠯᠤᠭᠰᠠᠨ ᠪᠢᠯᠡ᠂ ᠵᠠ᠂ ᠲᠡᠭᠡᠭᠡᠳ ᠶᠠᠭᠤᠨ ᠳ᠋ᠤ᠌ ᠵᠣᠭᠰᠣᠨ᠎ᠠ᠂ ᠪᠢᠳᠡᠨ ᠦ᠌ ᠳᠡᠷᠭᠡᠳᠡ ᠰᠠᠭᠤᠭᠲᠤᠨ᠃

ᠲᠣᠷᠣᠫᠺᠠ ᠮᠣᠷᠢ ᠪᠠᠨ ᠮᠣᠳᠣᠨ ᠠ᠋ᠴᠠ ᠤᠶᠠᠭᠠᠳ ᠭᠠᠯ ᠤ᠋ᠨ ᠳᠡᠷᠭᠡᠳᠡ ᠢᠷᠡᠵᠦ ᠰᠠᠭᠤᠪᠠ᠃

ᠲᠡᠷᠡ ᠪᠡᠷ ᠺᠤᠯᠤᠮᠤᠨ᠂ ᠸᠯᠠᠳᠢᠮᠢᠷ ᠵᠡᠷᠭᠡ ᠶ᠋ᠢᠨ ᠬᠣᠲᠠ ᠶ᠋ᠢ ᠬᠡᠷᠬᠢᠨ ᠡᠵᠡᠯᠡᠭᠰᠡᠨ᠂ ᠥᠪᠡᠷ ᠢ᠋ᠶ᠋ᠡᠨ ᠬᠡᠷᠬᠢᠨ ᠤᠷᠭᠤᠨ ᠵᠢᠭᠤᠲᠠᠭᠰᠠᠨ᠂ ᠮᠣᠩᠭᠣᠯᠴᠤᠳ ᠲᠠᠢ ᠬᠡᠷᠬᠢᠨ ᠲᠣᠬᠢᠶᠠᠯᠳᠤᠭᠰᠠᠨ ᠲᠤᠬᠠᠢ ᠶ᠋ᠢ ᠳᠡᠯᠭᠡᠷᠡᠩᠭᠦᠢ ᠪᠡᠷ ᠶᠠᠷᠢᠯ᠎ᠠ᠃ ᠡᠭᠦᠨ ᠢ᠋ ᠶᠸᠸᠫᠠᠲ ᠲᠠᠲ᠋ᠠᠷ ᠤ᠋ᠨ ᠪᠠᠭ ᠤ᠋ᠳ ᠣᠳᠣ ᠴᠣᠬᠣᠮ ᠬᠠᠮᠢᠭ᠎ᠠ ᠪᠣᠢ᠂ ᠪᠠᠲᠤ ᠬᠠᠭᠠᠨ ᠬᠠᠮᠢᠭ᠎ᠠ ᠶᠠᠪᠤᠭ᠎ᠠ ᠵᠡᠷᠭᠡ ᠶ᠋ᠢ ᠲᠡᠭᠦᠨ ᠡᠴᠡ ᠰᠤᠷᠪᠤᠯᠵᠢᠯᠠᠨ ᠠᠰᠠᠭᠤᠪᠠ᠃

ᠲᠤᠷᠤᠫᠺᠠ ᠥᠪᠡᠷ ᠦ᠋ᠨ ᠦᠵᠡᠵᠦ ᠮᠡᠳᠡᠭᠰᠡᠨ ᠢ᠋ᠶ᠋ᠡᠨ ᠰᠠᠢᠲᠤᠷ ᠲᠠᠢᠯᠪᠤᠷᠢᠯᠠᠨ ᠬᠡᠯᠡᠪᠡ᠃

ᠲᠡᠭᠡᠭᠡᠳ ᠶᠸᠸᠫᠠᠲ ᠨᠠᠮ ᠨᠡᠢᠯᠡᠭᠴᠢᠳ ᠦ᠋ᠨ ᠵᠦᠭ ᠡᠷᠭᠢᠨ᠂
— ᠪᠠᠭᠤᠳᠠᠯ ᠠ᠋ᠴᠠ ᠪᠠᠨ ᠬᠥᠳᠡᠯᠦᠭᠲᠦᠨ᠂ ᠤᠮᠠᠷ᠎ᠠ ᠲᠡᠰᠢ ᠶᠠᠪᠤᠵᠠᠭᠠᠶ᠎ᠠ ᠭᠡᠪᠡ᠃

ᠦᠰᠦᠭ ᠠᠮᠢᠯᠠᠭᠤᠯᠤᠭᠴᠢ᠄ ᠬᠡᠷᠡᠢᠳ· ᠮᠥᠩᠬᠡᠨᠠᠰᠤᠨ 1᠂ ᠠᠯᠲᠠᠨᠴᠢᠮᠡᠭ 1᠂ ᠪᠠᠶᠠᠨᠴᠡᠴᠡᠭ 2᠂ ᠮᠡᠷᠭᠡᠨᠭᠣᠸ᠎ᠠ 2᠂ ᠬᠦᠦᠳᠠᠭᠠᠭᠤᠯ 1
ᠬᠢᠨᠠᠭᠴᠢ᠄ ᠲ᠂ ᠬᠦᠮᠦᠵᠢᠯᠲᠦ 1᠂ᠪᠠᠶᠠᠨᠴᠠᠡᠴᠡᠭ 1᠂ ᠬᠡᠷᠡᠢᠳ ᠂ ᠮᠥᠩᠬᠡᠨᠠᠰᠤᠨ 1
ᠶᠡᠷᠦᠩᠬᠡᠢ ᠬᠢᠨᠠᠭᠴᠢ᠄ ᠠᠯᠲᠠᠨᠴᠢᠮᠡᠭ 7᠂ ᠠᠷᠢᠭᠤᠨ 7