ᠪᠠᠲᠤ ᠬᠠᠭᠠᠨ 7-04 ᠴᠢ ᠰᠣᠨᠣᠰ-ᠲᠣᠭᠰᠢᠨ ᠶᠸᠸᠫᠡᠲBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 7-04 ᠴᠢ ᠰᠣᠨᠣᠰ-ᠲᠣᠭᠰᠢᠨ ᠶᠸᠸᠫᠡᠲBat khaan Бат хаан-ᠷᠣᠮᠠᠨ

ᠪᠠᠲᠤ ᠬᠠᠭᠠᠨ 7-04 ᠴᠢ ᠰᠣᠨᠣᠰ-ᠲᠣᠭᠰᠢᠨ ᠶᠸᠸᠫᠡᠲBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-20

239

ᠳᠥᠷᠪᠡ ᠂ ᠴᠢ ᠰᠣᠨᠣᠰ


ᠰᠥᠪᠡᠭᠡᠳᠡᠢ ᠪᠠᠭᠠᠲᠤᠷ ᠡᠮᠦᠨ᠎ᠡ ᠪᠡᠨ ᠰᠠᠭᠤᠭᠰᠠᠨ ᠭᠤᠷᠪᠠᠨ ᠪᠢᠴᠢᠭᠡᠴᠢᠳ ᠲᠦ᠍ ᠡᠴᠦᠰ ᠦ᠋ᠨ ᠲᠤᠰᠢᠶᠠᠯ ᠢ᠋ ᠥᠭᠪᠡ᠃ ᠲᠡᠳᠡ ᠲᠡᠭᠦᠨ ᠦ᠌ ᠦᠭᠡ ᠶ᠋ᠢ ᠨᠢᠭᠡ ᠶ᠋ᠢ ᠴᠦ᠍ ᠮᠠᠷᠲᠠᠬᠤ ᠠ᠋ᠴᠠ ᠠᠶᠤᠨ ᠶᠡᠬᠡ ᠵᠠᠩᠵᠤᠨ ᠤ᠋ ᠰᠣᠷᠪᠢ᠂ ᠦᠷᠴᠢᠯᠡᠭᠡᠨ ᠳ᠋ᠦ᠍ ᠬᠤᠴᠢᠭᠳᠠᠭᠰᠠᠨ ᠨᠢᠭᠤᠷ ᠢ᠋ ᠠᠩᠬᠠᠷᠤᠯᠲᠠᠢ ᠪᠠᠷ ᠰᠢᠷᠳᠡᠨ᠎ᠡ᠃
— ᠤᠷᠲᠤ ᠰᠠᠬᠠᠯᠲᠤ ᠨᠤᠭᠤᠳ᠁ ᠰᠢᠨ᠎ᠡ ᠪᠠᠭ ᠤ᠋ᠳ᠁ ᠬᠠᠮᠢᠭ᠎ᠠ ᠴᠤᠭᠯᠠᠷᠠᠨ᠎ᠠ ᠪᠣᠢ᠁ ᠮᠡᠳᠡᠬᠦ ᠶᠠᠪᠤᠳᠠᠯ ᠬᠠᠮᠤᠭ ᠤ᠋ᠨ ᠴᠢᠬᠤᠯᠠ ᠭᠡᠬᠦ ᠳ᠋ᠦ᠍᠂
— ᠣᠢᠯᠠᠭᠠᠯ᠎ᠠ᠁ ᠭᠡᠵᠦ ᠪᠢᠴᠢᠭᠡᠴᠤᠳ ᠬᠡᠯᠡᠨ᠎ᠡ᠃
— ᠣᠯᠵᠠᠯᠠᠭᠳᠠᠭᠴᠢᠳ ᠮᠡᠳᠡᠵᠡᠭᠡᠬᠦ ᠲᠤᠯᠠ᠁ ᠵᠠᠪᠠᠯ ᠲᠡᠳᠡᠨᠡᠷ ᠢ᠋ᠶ᠋ᠡᠷ ᠬᠡᠯᠡᠭᠦᠯᠦᠭᠲᠦᠨ᠃ ᠵᠠᠪᠠᠯ ᠬᠡᠯᠡᠭᠦᠯ !

ᠰᠥᠪᠡᠭᠡᠳᠡᠢ ᠭᠠᠷ ᠢ᠋ᠶ᠋ᠠᠨ ᠵᠠᠩᠭᠢᠳᠤᠨ ᠡᠪᠦᠳᠦᠭ ᠢ᠋ᠶ᠋ᠡᠨ ᠴᠣᠬᠢᠯᠠᠨ᠎ᠠ᠃
— ᠶᠠᠭᠤ ᠪᠠᠨ ᠬᠦᠯᠢᠶᠡᠭᠰᠡᠨ ᠶᠤᠮ ᠪᠣᠢ? ᠶᠠᠭᠤ ᠬᠡᠷᠡᠭ ᠲᠡᠢ ᠶᠤᠮ ᠪᠣᠢ? ᠶᠠᠪᠤᠵᠠᠭ᠎ᠠ᠁
— ᠬᠢᠴᠢᠶᠡᠩᠭᠦᠢᠯᠡᠨ ᠳᠠᠭᠠᠰᠤᠭᠠᠢ ᠭᠡᠵᠦ ᠪᠢᠴᠢᠭᠡᠴᠢ ᠨᠠᠷ ᠥᠭᠦᠯᠡᠯᠳᠦᠭᠡᠳ ᠬᠠᠭᠠᠯᠭᠠᠨ ᠤ᠋ ᠵᠦᠭ ᠭᠦᠶᠦᠯᠳᠦᠪᠡ᠃

ᠰᠥᠪᠡᠭᠡᠳᠡᠢ ᠭᠠᠭᠴᠠᠭᠠᠷ ᠢ᠋ᠶ᠋ᠠᠨ ᠦᠯᠡᠳᠡᠭᠡᠳ᠂ ᠬᠠᠭᠤᠴᠢᠨ ᠬᠠᠭᠠᠷᠬᠠᠢ ᠰᠠᠨᠳᠠᠯᠢ ᠳᠡᠭᠡᠷ᠎ᠡ ᠬᠥᠯ ᠢ᠋ᠶ᠋ᠡᠨ ᠲᠠᠯᠪᠢᠵᠤ ᠰᠠᠭᠤᠨ᠎ᠠ᠃ ᠭᠡᠲᠡᠯ᠎ᠡ ᠬᠠᠭᠠᠯᠭ᠎ᠠ ᠨᠡᠭᠡᠭᠡᠭᠳᠡᠭᠡᠳ ᠤᠫᠠᠯᠸᠨᠢᠬ᠎ᠠ ᠸᠸᠱᠨ᠋ᠶᠠᠩᠺᠡ ᠬᠣᠶᠠᠷ ᠣᠷᠣᠵᠤ ᠢᠷᠡᠪᠡ᠃ ᠰᠥᠪᠡᠭᠡᠳᠡᠢ ᠪᠠᠭᠠᠲᠤᠷ ᠤ᠋ᠨ ᠬᠥᠯᠳᠡᠭᠰᠡᠨ ᠬᠥᠪᠡᠭᠦᠨ ᠢ᠋ ᠤᠫᠠᠯᠸᠨᠢᠬ᠎ᠠ ᠠᠪᠤᠷᠠᠭᠰᠠᠨ ᠠ᠋ᠴᠠ ᠬᠣᠢᠰᠢ ᠲᠡᠷᠡ ᠲᠡᠳᠡᠨ ᠢ᠋ ᠢᠮᠠᠭᠲᠠ ᠠᠪᠴᠤ ᠶᠠᠪᠤᠬᠤ ᠪᠣᠯᠤᠭᠰᠠᠨ ᠠᠵᠢ᠃

ᠣᠫᠠᠯᠧᠨᠢᠬ᠎ᠠ᠂ ᠲᠠᠤᠯᠠᠢ ᠶ᠋ᠢᠨ ᠠᠷᠠᠰᠤᠨ ᠳᠡᠪᠡᠯ ᠢ᠋ᠶ᠋ᠡᠨ ᠲᠠᠢᠯᠵᠤ ᠲᠠᠯᠪᠢᠭᠠᠳ ᠴᠠᠮᠴᠠᠨ ᠤ᠋ ᠬᠠᠨᠴᠤᠢ ᠶ᠋ᠢ ᠲᠣᠬᠣᠢ ᠠ᠋ᠴᠠ ᠥᠩᠭᠡᠷᠡᠲᠡᠯ᠎ᠡ ᠡᠷᠭᠢᠭᠦᠯᠵᠦ ᠭᠠᠷ ᠶᠤᠭᠠᠨ ᠵᠠᠢᠯᠵᠤ ᠬᠠᠯᠠᠭᠤᠨ ᠫᠢᠰᠢᠩ ᠦ᠋ᠨ ᠳᠡᠷᠭᠡᠳᠡ ᠪᠠᠢᠭᠰᠠᠨ ᠭᠤᠯᠢᠷ ᠤ᠋ᠨ ᠪᠦᠷᠬᠦᠭᠦᠯ ᠢ᠋ ᠠᠪᠤᠭᠠᠳ ᠂
— ᠵᠢᠭᠤᠷᠠᠭᠰᠠᠨ ᠭᠤᠯᠢᠷ ᠢᠰᠴᠦ ᠪᠠᠢᠨ᠎ᠠ᠃ ᠨᠤᠬᠤᠬᠤ ᠬᠡᠷᠡᠭᠲᠡᠢ ᠭᠡᠵᠦ ᠸᠸᠱᠨ᠋ᠶᠠᠩᠺᠡ ᠳ᠋ᠦ᠍ ᠬᠡᠯᠡᠪᠡ᠃

ᠰᠦᠪᠡᠭᠡᠳᠡᠢ᠂ ᠣᠫᠡᠯᠧᠨᠢᠬ᠎ᠠ ᠶ᠋ᠢ ᠠᠵᠢᠭᠯᠠᠨ ᠲᠡᠭᠦᠨ ᠦ᠌ ᠪᠦᠳᠦᠭᠦᠨ ᠴᠠᠭᠠᠨ ᠭᠠᠷ᠁ ᠴᠡᠭᠡᠵᠢ ᠶ᠋ᠢ ᠬᠠᠷᠠᠭᠠᠳ ᠤᠷᠤᠭᠤᠯ ᠢ᠋ᠶ᠋ᠠᠨ ᠵᠢᠮᠢᠢᠨ ᠵᠡᠰ ᠠᠶᠠᠭ᠎ᠠ ᠶ᠋ᠢ ᠡᠪᠦᠷ ᠡᠴᠡ ᠪᠡᠨ ᠠᠪᠴᠤ ᠲᠡᠭᠦᠨ ᠢ᠋ ᠬᠢᠲᠤᠭ᠎ᠠ ᠪᠠᠷ ᠴᠣᠬᠢᠪᠠ᠃

ᠴᠢᠰᠤᠨ ᠳ᠋ᠤ᠌ ᠬᠤᠳᠬᠤᠯᠳᠤᠭᠰᠠᠨ ᠨᠡᠬᠡᠢ ᠳᠡᠪᠡᠯ ᠲᠡᠢ ᠰᠠᠬᠠᠯ ᠦᠭᠡᠢ ᠡᠪᠦᠭᠡᠨ ᠴᠡᠷᠢᠭ ᠣᠷᠣᠵᠤ ᠢᠷᠡᠪᠡ᠃
— ᠵᠠᠷᠯᠢᠭ ᠢ᠋ ᠬᠢᠴᠢᠶᠡᠩᠭᠦᠢᠯᠡᠨ ᠳᠠᠭᠠᠶ᠎ᠠ᠁ ᠭᠡᠵᠦ ᠲᠡᠷᠡ ᠥᠭᠦᠯᠡᠨ᠎ᠡ᠃
— ᠤᠯᠠᠭᠠᠨ ᠵᠡᠭᠡᠷᠳᠡ ᠮᠣᠷᠢᠨ ᠤ᠋ ᠭᠠᠨᠵᠤᠭ᠎ᠠ ᠠ᠋ᠴᠠ ᠠᠶᠠᠨ ᠤ᠋ ᠪᠣᠭᠴᠣ ᠶ᠋ᠢ ᠠᠪᠴᠢᠷᠠᠭᠲᠤᠨ! ᠭᠡᠵᠦ ᠰᠦᠪᠡᠭᠡᠳᠡᠢ ᠲᠤᠰᠢᠶᠠᠪᠠ᠃ ᠲᠡᠷᠡ ᠭᠦᠶᠦᠨ ᠭᠠᠷᠴᠤ ᠣᠳᠪᠠ᠃

ᠣᠫᠡᠯᠧᠨᠢᠬ᠎ᠠ ᠵᠢᠭᠤᠷᠠᠭᠰᠠᠨ ᠭᠤᠯᠢᠷ ᠢ᠋ᠶ᠋ᠠᠨ ᠣᠷᠬᠢᠵᠤ ᠠᠭᠤᠷᠰᠠᠨ ᠲᠡᠷᠡ ᠣᠩᠭᠣᠷᠬᠠᠢ ᠣᠷᠬᠢᠭᠰᠠᠨ ᠬᠠᠭᠠᠯᠭ᠎ᠠ ᠶ᠋ᠢ ᠲᠣᠬᠣᠢ ᠪᠠᠷ ᠢ᠋ᠶ᠋ᠠᠨ ᠬᠠᠭᠠᠪᠠ᠃
— ᠰᠠᠬᠠᠯ ᠦᠭᠡᠢ ᠲᠡᠨᠡᠭ᠁ ᠳᠤᠯᠠᠭᠠᠨ ᠢ᠋ ᠬᠠᠢᠷᠠᠯᠠᠬᠤ ᠦᠭᠡᠢ ᠭᠡᠵᠦ ᠬᠡᠯᠡᠨᠡᠮ᠃

ᠸᠸᠱᠨ᠋ᠶᠠᠩᠺᠡ᠂ ᠣᠫᠡᠯᠧᠨᠢᠬ᠎ᠠ ᠳ᠋ᠤ᠌ ᠰᠢᠪᠡᠨᠡᠨ ᠬᠡᠯᠡᠬᠦ ᠨᠢ᠄
— ᠳᠣᠯᠢᠷ ᠨᠢᠳᠦᠲᠦ ᠴᠢᠮᠠᠶ᠋ᠢ ᠵᠠᠯᠭᠢᠴᠢᠬᠠᠬᠤ ᠭᠡᠵᠦ ᠪᠠᠢᠭ᠎ᠠ ᠶᠤᠮ ᠰᠢᠭ᠋᠁ ᠰᠦᠷᠡᠬᠡᠢ ᠬᠠᠷᠠᠵᠤ ᠪᠠᠢᠭ᠎ᠠ ᠶ᠋ᠢ ᠠᠵᠢᠭᠯᠠᠭᠠᠴᠢ !
— ᠲᠡᠭᠦᠨ ᠢ᠋ ᠬᠠᠷᠠᠬᠤ ᠠ᠋ᠴᠠ ᠮᠢᠨᠦ ᠳᠣᠲᠣᠷ᠎ᠠ ᠮᠠᠭᠤᠬᠠᠢ ᠪᠣᠯᠤᠨ᠎ᠠ ᠭᠡᠵᠦ ᠣᠫᠡᠯᠸᠨᠢᠬ᠎ᠠ ᠠᠭᠤᠷᠰᠠᠨ ᠬᠠᠷᠢᠭᠤᠯᠪᠠ᠃

ᠴᠡᠷᠢᠭ ᠥᠨᠥᠬᠢ ᠪᠤᠯᠢᠭᠠᠷᠢᠨ ᠪᠣᠭᠴᠣ ᠶ᠋ᠢ ᠠᠪᠴᠤ ᠢᠷᠡᠭᠡᠳ ᠰᠢᠷ ᠦ᠋ᠨ ᠱᠠᠯᠠ ᠳᠡᠭᠡᠷ᠎ᠡ ᠲᠠᠯᠪᠢᠪᠠ᠃
— ᠵᠠᠳᠠᠯᠤᠭᠲᠤᠨ᠃

ᠴᠡᠷᠢᠭ ᠪᠣᠭᠴᠣᠨ ᠤ᠋ ᠥᠭᠡᠳᠡᠰᠦ ᠶ᠋ᠢ ᠵᠠᠳᠠᠯᠤᠭᠠᠳ ᠭᠠᠷ ᠢ᠋ᠶ᠋ᠠᠨ ᠳᠣᠲᠣᠷ᠎ᠠ ᠨᠢ ᠰᠢᠷᠭᠤᠭᠤᠯᠪᠠ᠃
— ᠶᠠᠭᠤᠨ ᠳ᠋ᠤ᠌ ᠭᠡᠵᠦ ᠰᠥᠪᠡᠭᠡᠳᠡᠢ ᠰᠢᠷᠦᠭᠦᠨ ᠳᠤᠤᠭᠠᠷᠤᠭᠠᠳ᠂
— ᠴᠢ ᠲᠡᠨᠳᠡ ᠶᠠᠭᠤ ᠪᠠᠨ ᠣᠷᠬᠢᠪᠠ? ᠭᠠᠷᠤᠭᠲᠤᠨ᠃

ᠴᠡᠷᠢᠭ ᠰᠠᠨᠳᠤᠷᠤᠨ ᠭᠦᠶᠦᠵᠦ ᠭᠠᠷᠪᠠ᠃

ᠰᠥᠪᠡᠭᠡᠳᠡᠢ ᠶᠡᠬᠡᠮᠰᠦᠭ ᠢ᠋ᠶ᠋ᠡᠷ ᠬᠡᠯᠡᠬᠦ ᠨᠢ᠂
— ᠴᠢ ᠰᠣᠨᠣᠰᠴᠤ ᠪᠠᠢ᠂ ᠴᠢ ᠰᠣᠨᠣᠰᠴᠤ ᠪᠠᠢᠨ᠎ᠠ ᠤᠤ? ( ᠭᠡᠬᠦ ᠳ᠋ᠦ᠍ )
— ᠡᠨᠡ ᠴᠢᠨᠢ ᠴᠢᠮᠠᠶ᠋ᠢ ᠳᠠᠭᠤᠳᠠᠵᠤ ᠪᠠᠢᠨ᠎ᠠ᠁ ᠭᠡᠵᠦ ᠸᠸᠱᠨ᠋ᠶᠠᠩᠺᠡ ᠬᠡᠯᠡᠪᠡ᠃

ᠣᠫᠠᠯᠧᠨᠢᠬ᠎ᠠ᠂ ᠶᠠᠭᠠᠷᠠᠯ ᠦᠭᠡᠢ ᠪᠡᠷ ᠭᠠᠷ ᠢ᠋ᠶ᠋ᠠᠨ ᠠᠷᠴᠢᠭᠠᠳ ᠣᠴᠢᠮᠠᠭᠴᠠ ᠰᠥᠪᠡᠭᠡᠳᠡᠢ ᠳᠠᠬᠢᠨ ᠬᠡᠯᠡᠬᠦ ᠨᠢ᠂
— ᠴᠢ ᠰᠣᠨᠣᠰᠴᠤ ᠪᠠᠢᠨ᠎ᠠ ᠤᠤ? ᠴᠢ ᠰᠣᠨᠣᠰᠴᠤ ᠪᠠᠢᠨ᠎ᠠ ᠤᠤ? ᠸᠸᠱᠨ᠋ᠶᠠᠩᠺᠡ ᠭᠡᠪᠡ᠃

ᠸᠸᠱᠨ᠋ᠶᠠᠩᠺᠡ ᠤᠯᠠᠮ ᠣᠢᠷᠠᠲᠤᠨ ᠣᠴᠢᠪᠠ᠃ ᠰᠥᠪᠡᠭᠡᠳᠡᠢ ᠪᠠᠭᠠᠲᠤᠷ ᠮᠥᠨᠥᠬᠡᠨ ᠨᠡᠭᠡᠭᠡᠭᠰᠡᠨ ᠪᠣᠭᠴᠣ ᠶ᠋ᠢ ᠵᠢᠭᠠᠵᠤ ᠲᠠᠢᠯᠪᠤᠷᠢᠯᠠᠬᠤ ᠶ᠋ᠢ ᠶᠠᠳᠠᠨ᠎ᠠ᠃
— ᠠᠪᠴᠤ ᠠᠯᠢ— ᠨᠠᠳᠠ— ᠠᠯᠢ— ᠭᠡᠨ᠎ᠡ᠃

ᠬᠣᠶᠠᠷ ᠪᠦᠰᠡᠭᠦᠢ ᠪᠡᠶ᠎ᠡ ᠪᠡᠶᠡᠰ ᠡᠴᠡ ᠪᠡᠨ ᠬᠠᠷᠠᠨ ᠪᠠᠢᠭᠰᠠᠨ ᠢ᠋ᠶ᠋ᠠᠨ ᠸᠸᠱᠨ᠋ᠶᠠᠩᠺᠡ ᠡᠪᠦᠳᠦᠭ ᠳᠡᠭᠡᠷ᠎ᠡ ᠪᠡᠨ ᠰᠠᠭᠤᠭᠠᠳ ᠪᠣᠭᠴᠣ ᠳᠣᠲᠣᠷ᠎ᠠ ᠠ᠋ᠴᠠ ᠪᠣᠭᠣᠳᠠᠯᠲᠠᠢ ᠶᠠᠭᠤᠮᠠᠰ ᠢ᠋ ᠠᠪᠴᠤ ᠥᠭᠪᠡ᠃ ᠣᠫᠠᠯᠧᠨᠢᠬ᠎ᠠ ᠲᠡᠳᠡᠭᠡᠷ ᠢ᠋ ᠵᠠᠳᠠᠯᠵᠤ ᠲᠣᠷᠭᠠᠨ ᠳᠡᠪᠡᠯ᠂ ᠡᠮᠡᠭᠲᠡᠢ ᠬᠥᠮᠦᠨ ᠦ᠌ ᠴᠠᠮᠴᠠ᠂ ᠱᠥᠪᠥᠭᠡᠷ ᠬᠣᠰᠢᠭᠤ ᠲᠠᠢ ᠤᠯᠠᠭᠠᠨ ᠱᠠᠬᠠᠢ ᠵᠡᠷᠭᠡ ᠶ᠋ᠢ ᠭᠠᠷᠭᠠᠪᠠ᠃ ᠰᠥᠪᠡᠭᠡᠳᠡᠢ ᠣᠫᠠᠯᠧᠨᠢᠬ᠎ᠠ ᠶ᠋ᠢ ᠵᠢᠭᠠᠵᠤ᠂
— ᠲᠡᠷᠡ ᠳᠡᠪᠡᠯ ᠢ᠋ ᠡᠮᠦᠰᠲᠦᠭᠡᠢ ᠭᠡᠨ᠎ᠡ᠃
— ᠲᠦᠷᠭᠡᠨ ᠭᠡᠬᠦ ᠶ᠋ᠢ ᠰᠣᠨᠣᠰᠴᠤ ᠪᠠᠢᠨ᠎ᠠ ᠤᠤ? ᠭᠡᠵᠦ ᠶᠠᠭᠠᠷᠠᠪᠴᠢᠯᠠᠨ ᠬᠡᠯᠡᠨ᠎ᠡ᠃

ᠣᠫᠠᠯᠧᠨᠢᠬ᠎ᠠ ᠭᠠᠢᠬᠠᠨ ᠵᠣᠭᠰᠣᠪᠠ᠃
— ᠬᠠᠭᠠᠨ ᠮᠢᠨᠢ ᠨᠠᠳᠠᠳᠤ ᠡᠮᠦᠰᠬᠡᠬᠦ ᠶ᠋ᠢᠨ ᠣᠷᠣᠨ ᠳ᠋ᠤ᠌ ᠬᠠᠷᠢᠨ  ᠸᠸᠱᠨ᠋ᠶᠠᠩᠺᠡ ᠳ᠋ᠤ᠌ ᠡᠮᠦᠰᠬᠡᠪᠡᠯ ᠳᠡᠭᠡᠷ᠎ᠡ ᠪᠣᠯᠤᠨ᠎ᠠ᠃ ᠡᠢᠮᠦ ᠸᠠᠩ ᠤ᠋ᠳ ᠤ᠋ᠨ ᠭᠣᠶᠣᠮᠰᠣᠭ ᠰᠠᠢᠬᠠᠨ ᠡᠳ᠋ᠯᠡᠯ ᠨᠠᠳᠠᠳᠤ ᠬᠠᠮᠢᠭ᠎ᠠ ᠠ᠋ᠴᠠ ᠲᠣᠬᠢᠷᠠᠬᠤ ᠪᠢᠯᠡ!
— ᠦᠭᠡᠢ ᠪᠠᠭ᠎ᠠ ᠪᠡᠶ᠎ᠡ ᠲᠡᠢ ᠬᠥᠮᠦᠨ ᠳ᠋ᠦ᠍ ᠳᠤᠷ᠎ᠠ ᠦᠭᠡᠢ ᠭᠡᠵᠦ ᠰᠥᠪᠡᠭᠡᠳᠡᠢ ᠠᠭᠤᠷᠰᠠᠨ ᠲᠣᠯᠣᠭᠠᠢ ᠪᠠᠨ ᠰᠡᠭᠰᠦᠷᠦᠨ᠎ᠡ᠃
— ᠶᠠᠮᠠᠷ ᠮᠡᠬᠡ ᠲᠡᠢ ᠶᠤᠮ ᠪᠣᠢ? ᠮᠠᠨ ᠤ᠋ ᠬᠡᠯᠡ ᠪᠡᠷ ᠬᠡᠯᠡᠵᠦ ᠪᠠᠢᠨ᠎ᠠ ᠰᠢᠦ ᠭᠡᠵᠦ ᠣᠫᠠᠯᠧᠨᠢᠬ᠎ᠠ ᠬᠡᠯᠡᠪᠡ᠃

ᠲᠡᠷᠡ ᠪᠦᠰᠡᠭᠦᠢ ᠫᠢᠰᠢᠩ ᠦ᠋ᠨ ᠳᠡᠷᠭᠡᠳᠡ ᠣᠴᠢᠭᠠᠳ ᠮᠥᠨᠥᠬᠢ ᠭᠣᠶᠣ ᠳᠡᠪᠡᠯ ᠢ᠋ ᠨᠥᠮᠥᠷᠴᠦ ᠤᠯᠠᠭᠠᠨ ᠭᠤᠲᠤᠯ ᠢ᠋ ᠬᠥᠯ ᠳ᠋ᠡᠭᠡᠨ ᠡᠮᠦᠰᠪᠡ᠃
— ᠨᠠᠰᠢ ᠪᠠᠨ ᠁ ᠴᠢ ᠰᠣᠨᠣᠰ! ᠨᠠᠰᠢ ᠪᠠᠨ ᠭᠡᠵᠦ ᠰᠥᠪᠡᠭᠡᠳᠡᠢ ᠬᠡᠯᠡᠨ᠎ᠡ᠃

ᠣᠫᠠᠯᠧᠨᠢᠬ᠎ᠠ ᠣᠴᠢᠯ᠎ᠠ᠃ ᠭᠢᠯᠠᠯᠵᠠᠭᠰᠠᠨ ᠠᠯᠮᠠᠰ ᠴᠢᠯᠠᠭᠤ ᠨᠤᠭᠤᠳ᠂ ᠰᠢᠷ᠎ᠠ ᠨᠣᠭᠣᠭᠠᠨ ᠪᠠ ᠴᠢᠰᠤ ᠰᠢᠭ᠋ ᠤᠯᠠᠭᠠᠨ ᠥᠩᠭᠡ ᠶ᠋ᠢᠨ ᠰᠠᠢᠬᠠᠨ ᠴᠢᠯᠠᠭᠤ᠂ ᠭᠣᠶᠣᠮᠰᠣᠭ ᠡᠳ᠋ᠯᠡᠯ ᠪᠠᠳᠠᠩ ᠤ᠋ᠨ ᠳᠡᠭᠡᠷ᠎ᠡ ᠪᠠᠢᠪᠠ᠃

ᠰᠥᠪᠡᠭᠡᠳᠡᠢ ᠲᠡᠭᠦᠨ ᠳᠣᠲᠣᠷ᠎ᠠ ᠠ᠋ᠴᠠ ᠰᠢᠯᠢᠵᠦ ᠪᠠᠢᠭᠠᠳ ᠲᠣᠮᠣ ᠠᠯᠲᠠᠨ ᠵᠣᠭᠣᠰᠤᠨ ᠵᠦᠢᠯᠲᠦ᠂ ᠲᠣᠯᠣᠭᠠᠢ ᠶ᠋ᠢᠨ ᠰᠤᠪᠤᠳ᠂ ᠤᠲᠠᠰᠤᠨ ᠳᠠᠷᠤᠭᠤᠯᠭ᠎ᠠ᠂ ᠬᠡᠳᠦᠨ ᠠᠯᠲᠠᠨ ᠪᠠᠭᠤᠪᠴᠢ ᠠᠪᠴᠤ ᠣᠫᠠᠯᠧᠨᠢᠬ᠎ᠠ ᠳ᠋ᠤ᠌ ᠥᠭᠬᠦ ᠪᠡᠷ ᠭᠠᠷ ᠢ᠋ᠶ᠋ᠠᠨ ᠰᠤᠩᠭᠠᠵᠤ᠂
— ᠲᠦᠷᠭᠡᠨ᠂ ᠲᠦᠷᠭᠡᠨ ᠭᠡᠵᠦ ᠳᠠᠪᠲᠠᠨ ᠬᠡᠯᠡᠨ᠎ᠡ᠃

ᠣᠫᠠᠯᠧᠨᠢᠬ᠎ᠠ ᠲᠡᠭᠦᠨ ᠢ᠋ ᠬᠦᠯᠢᠶᠡᠨ ᠠᠪᠤᠭᠠᠳ ᠰᠠᠢᠬᠠᠨ ᠴᠢᠮᠡᠭ ᠢ᠋ ᠬᠦᠵᠦᠭᠦᠨ᠎ᠡ ᠡᠯᠭᠦᠪᠡ᠃ ᠤᠷᠲᠤ ᠣᠭᠣᠰᠣᠷ ᠲᠠᠢ ᠰᠤᠪᠤᠳ ᠳᠠᠷᠤᠭᠤᠯᠭ᠎ᠠ ᠶ᠋ᠢ ᠮᠠᠩᠨᠠᠢ ᠳ᠋ᠠᠭᠠᠨ ᠵᠡᠭᠦᠵᠦ ᠲᠡᠭᠦᠨ ᠦ᠌ ᠬᠣᠶᠠᠷ ᠰᠠᠢᠬᠠᠨ ᠨᠢᠳᠦ ᠨᠢ ᠬᠠᠷ᠎ᠠ ᠬᠥᠮᠥᠰᠬᠡ ᠶ᠋ᠢᠨ ᠳᠣᠣᠷ᠎ᠠ ᠠ᠋ᠴᠠ ᠵᠠᠩᠵᠤᠨ ᠢ᠋ ᠬᠠᠷᠠᠨ᠎ᠠ᠃ ᠣᠫᠠᠯᠧᠨᠢᠬ᠎ᠠ ᠪᠤᠯᠤᠩ ᠤ᠋ᠨ ᠵᠦᠭ ᠣᠴᠢᠵᠤ ᠶᠡᠬᠡᠮᠰᠦᠭ ᠢ᠋ᠶ᠋ᠡᠷ ᠬᠠᠷᠠᠵᠤ ᠪᠠᠢᠭ᠎ᠠ ( ᠪᠠᠢᠭᠠᠳ ) ᠳᠠᠭᠤᠯᠠᠨ ᠪᠥᠵᠢᠭᠯᠡᠬᠦ ᠳ᠋ᠡᠭᠡᠨ ᠠᠯᠬᠤᠵᠤ ᠪᠠᠢᠳᠠᠭ ᠮᠠᠶᠢᠭ ᠢ᠋ᠶ᠋ᠠᠷ ᠲᠠᠰᠢᠶ᠎ᠠ ᠪᠠᠨ ᠲᠤᠯᠤᠨ ᠶᠠᠪᠤᠵᠤ ᠵᠣᠴᠢᠳ ᠤ᠋ᠨ ᠥᠷᠥᠭᠡᠨ ᠳ᠋ᠦ᠍ ᠣᠷᠣᠪᠠ᠃ ᠸᠸᠱᠨ᠋ᠶᠠᠩᠺᠡ ᠢᠨᠢᠶᠡᠳᠦ ᠠᠯᠲᠠᠨ ᠭᠠᠷ ᠢ᠋ᠶ᠋ᠠᠷ ᠢ᠋ᠶ᠋ᠠᠨ ᠠᠮᠠ ᠶᠤᠭᠠᠨ ᠪᠠᠷᠢᠵᠤ ᠲᠡᠰᠴᠦ ᠶᠠᠳᠠᠨ ᠶᠠᠪᠤᠨ᠎ᠠ᠃
— ᠡᠨᠡ ᠬᠥᠭᠰᠢᠨ ᠲᠣᠯᠣᠭᠠᠢ ᠴᠢᠨᠢ ᠶᠠᠭᠠᠬᠢᠬᠤ ᠶ᠋ᠢ ᠪᠣᠳᠣᠭᠰᠠᠨ ᠪᠢᠯᠡ ?

ᠰᠦᠪᠡᠭᠡᠳᠡᠢ ᠭᠠᠷ ᠢ᠋ᠶ᠋ᠠᠷ ᠢ᠋ᠶ᠋ᠠᠨ ᠡᠪᠦᠳᠦᠭ ᠢ᠋ᠶ᠋ᠡᠨ ᠲᠡᠰᠢᠨ᠂ ᠨᠢᠳᠦ ᠪᠡᠨ ᠬᠥᠳᠡᠯᠭᠡᠨ ᠤᠫᠠᠯᠸᠨᠢᠬ᠎ᠡ ᠶ᠋ᠢ ᠬᠠᠷᠠᠵᠤ ᠵᠥᠭᠡᠯᠡᠨ ᠳᠠᠭᠤ ᠪᠠᠷ ᠬᠡᠯᠡᠬᠦ ᠨᠢ᠄
— ᠬᠥᠭᠡᠷᠦᠬᠦᠨ ᠪᠠᠢᠨ᠎ᠠ᠂ ᠰᠠᠢᠬᠠᠨ ᠪᠠᠢᠨ᠎ᠠ ᠭᠡᠪᠡ᠃

ᠤᠫᠠᠯᠸᠨᠢᠬ᠎ᠠ ᠲᠠᠰᠤᠯᠭᠠᠨ ᠤ᠋ ᠭᠣᠣᠯ ᠳᠤᠮᠳᠠ ᠵᠣᠭᠰᠣᠨᠠᠮ᠃
— ᠭᠦᠢᠴᠡᠪᠡ᠂ ᠲᠣᠭᠯᠠᠭᠠᠮ ᠢ᠋ᠶ᠋ᠠᠨ ᠵᠣᠭᠰᠣᠶ᠎ᠠ᠂ ᠪᠣᠣᠪᠣ ᠪᠠᠷᠢᠬᠤ ᠴᠠᠭ ᠪᠣᠯᠪᠠ ᠭᠡᠵᠦ ᠰᠢᠷᠦᠭᠦᠨ ᠢ᠋ᠶ᠋ᠡᠷ ᠬᠡᠯᠡᠭᠡᠳ ᠳᠡᠪᠡᠯ ᠢ᠋ᠶ᠋ᠡᠨ ᠲᠠᠢᠯᠬᠤ ᠶ᠋ᠢ ᠵᠠᠪᠳᠤᠨᠠᠮ᠃ ᠰᠦᠪᠡᠭᠡᠳᠡᠢ ᠭᠠᠷ ᠢ᠋ᠶ᠋ᠠᠨ ᠳᠣᠬᠢᠨ᠂
— ᠦᠭᠡᠢ᠁ ᠦᠭᠡᠢ᠁ ᠴᠢᠮᠠᠲᠤ᠁ ᠴᠢ ᠰᠣᠨᠣᠰ! ᠴᠢᠮᠠᠲᠤ ᠭᠡᠨ᠎ᠡ᠃

ᠲᠡᠭᠡᠭᠡᠳ ᠲᠡᠷᠡ ᠭᠡᠨᠡᠳᠲᠡ ᠴᠣᠩᠬᠣᠨ ᠤ᠋ ᠵᠦᠭ ᠡᠷᠭᠢᠵᠦ ᠴᠢᠩᠨᠠᠨ᠎ᠠ᠃ ᠭᠡᠲᠡᠯ᠎ᠡ ᠭᠤᠳᠤᠮᠵᠢᠨ᠎ᠠ ᠣᠷᠣᠰ ᠤ᠋ᠳ ᠭᠡᠬᠦ ᠴᠢᠩᠭ᠎ᠠ ᠳᠠᠭᠤ ᠪᠠ ᠪᠠᠮᠪᠠᠢ ᠨᠤᠭᠤᠳ ᠤ᠋ᠨ ᠴᠣᠬᠢᠯᠠᠬᠤ ᠴᠢᠮᠡᠭᠡ ᠭᠠᠷᠤᠨ᠎ᠠ᠃

ᠰᠦᠪᠡᠭᠡᠳᠡᠢ ᠶ᠋ᠢᠨ ᠴᠢᠷᠠᠢ ᠬᠤᠪᠢᠯᠤᠨ ᠬᠢᠲᠤᠭ᠎ᠠ ᠪᠠᠷ ᠢ᠋ᠶ᠋ᠠᠨ ᠵᠡᠰ ᠠᠶᠠᠭ᠎ᠠ ᠶ᠋ᠢ ᠴᠢᠩᠭ᠎ᠠ ᠴᠢᠩᠭ᠎ᠠ ᠴᠣᠬᠢᠵᠤ ᠮᠥᠨᠥᠬᠡᠨ ᠭᠣᠶᠣᠮᠰᠣᠭ ᠵᠦᠢᠯᠡᠰ ᠢ᠋ ᠪᠣᠭᠴᠣᠨ ᠳ᠋ᠠᠭᠠᠨ ᠰᠢᠷᠭᠤᠭᠤᠯᠤᠭᠠᠳ ᠪᠦᠰᠡᠭᠦᠢᠴᠦᠳ ᠢ᠋ ᠬᠠᠷᠠᠯ ᠦᠭᠡᠢ ᠪᠡᠷ ᠶᠠᠭᠠᠷᠠᠨ ᠭᠠᠷᠤᠯ᠎ᠠ᠃

ᠤᠫᠠᠯᠸᠨᠢᠬ᠎ᠠ ᠠᠶᠤᠭᠰᠠᠨ ᠰᠣᠴᠢᠭᠰᠠᠨ ᠸᠸᠱᠨ᠋ᠶᠠᠩᠺᠠ ᠶ᠋ᠢ ᠲᠡᠪᠡᠷᠢᠨ ᠴᠢᠩᠨᠠᠨ᠎ᠠ᠃ ᠭᠤᠳᠤᠮᠵᠢᠨ᠎ᠠ ᠮᠣᠷᠢᠳ ᠤ᠋ᠨ ᠬᠥᠯ ᠪᠠ ᠮᠣᠩᠭᠣᠯᠴᠤᠳ ᠤ᠋ᠨ ᠬᠠᠰᠬᠢᠷᠤᠯᠳᠤᠬᠤ ᠴᠢᠮᠡᠭᠡ ᠲᠦᠷᠭᠡᠨ᠎ᠡ ᠬᠣᠯᠠᠳᠠᠭᠠᠳ ᠨᠠᠮ ᠵᠢᠮ ᠪᠣᠯᠤᠯ᠎ᠠ᠃ ᠤᠫᠠᠯᠸᠨᠢᠬ᠎ᠠ ᠬᠠᠭᠠᠯᠭ᠎ᠠ ᠪᠠᠷ ᠱᠠᠭᠠᠢᠨ ᠬᠠᠷᠠᠨᠠᠮ᠃
— ᠴᠥᠮ ᠡᠰᠢ ᠳᠠᠰᠢ ᠳᠠᠪᠬᠢᠯᠳᠤᠨᠠᠮ᠃ᠸᠸᠱᠨ᠋ᠶᠠᠩᠺᠠ ᠪᠥᠰᠢᠭᠤᠯᠠᠭᠠᠷᠠᠢ᠂ ᠣᠳᠣ ᠡᠨᠡᠬᠡᠨ ᠰᠠᠮᠪᠠᠭᠠᠨ ᠳ᠋ᠤ᠌ ᠵᠠᠪᠳᠤᠬᠤ ᠦᠭᠡᠢ ᠪᠣᠯ ᠬᠡᠵᠢᠶ᠎ᠡ ᠴᠦ᠍ ᠦᠭᠡᠢ ᠰᠢᠦ᠃

ᠲᠡᠷᠡ ᠲᠣᠷᠭᠠᠨ ᠬᠤᠪᠴᠠᠰᠤ ᠪᠠᠨ ᠬᠤᠷᠳᠤᠨ ᠲᠠᠢᠯᠵᠤ ᠡᠪᠬᠡᠭᠡᠳ ᠪᠤᠰᠤᠳ ᠦᠨ᠎ᠡ ᠪᠦᠬᠦᠢ ᠭᠣᠶᠣᠯᠠᠯ ᠤ᠋ᠨ ᠬᠡᠷᠡᠭᠯᠡᠯ ᠪᠠ ᠤᠯᠠᠭᠠᠨ ᠭᠤᠲᠤᠯ ᠤ᠋ᠨ ᠬᠠᠮᠲᠤᠪᠠᠷ ᠤᠷᠲᠤ ᠰᠠᠨᠳᠠᠯᠢ ᠳᠡᠭᠡᠷ᠎ᠡ ᠬᠢᠮᠠᠭᠠᠳᠠᠨ ᠲᠠᠯᠪᠢᠪᠠ᠃
— ᠠᠢᠰ ᠬᠦᠷᠦᠭᠡᠳ ᠪᠠᠢᠨ᠎ᠠ᠃ ᠬᠡᠷᠪᠡ ᠪᠢᠳᠡᠨ ᠢ᠋ ᠪᠠᠷᠢᠵᠤ ᠠᠪᠤᠪᠠᠯ ᠮᠠᠭᠤ ᠪᠣᠯᠤᠨ᠎ᠠ ᠰᠢᠦ᠃ ᠵᠢᠷᠲᠠᠭᠠᠢ ᠨᠢᠳᠦᠲᠦ ᠪᠢᠳᠡᠨ ᠢ᠋ ᠭᠣᠮᠣᠳᠠᠭᠤᠯᠤᠭ᠎ᠠ ᠦᠭᠡᠢ ᠭᠡᠵᠦ ᠸᠸᠱᠨ᠋ᠶᠠᠩᠺᠡ ᠶᠠᠭᠠᠷᠠᠨ ᠬᠤᠪᠴᠠᠰᠤᠯᠠᠬᠤ ᠳ᠋ᠠᠭᠠᠨ ᠬᠡᠯᠡᠪᠡ᠃
— ᠲᠡᠭᠦᠨ ᠦ᠌ ᠭᠣᠶᠣ ᠰᠠᠢᠬᠠᠨ ᠶᠠᠭᠤᠮ᠎ᠠ ᠪᠢᠳᠡᠨ ᠳ᠋ᠦ᠍ ᠬᠡᠷᠡᠭ ᠦᠭᠡᠢ᠃

ᠣᠫᠠᠯᠸᠨᠢᠬ᠎ᠠ ᠥᠪᠡᠷ ᠦ᠋ᠨ ᠴᠠᠮᠴᠠ ᠲᠠᠤᠯᠠᠢ ᠶ᠋ᠢᠨ ᠠᠷᠠᠰᠤᠨ ᠳᠡᠪᠡᠯ ᠢ᠋ᠶ᠋ᠡᠨ᠂ ᠭᠤᠲᠤᠯ ᠢ᠋ᠶ᠋ᠠᠨ ᠡᠮᠦᠰᠦᠭᠡᠳ ᠬᠠᠭᠤᠴᠢᠨ ᠨᠣᠣᠰᠣᠨ ᠳᠠᠪᠤᠤ ᠠᠯᠴᠢᠭᠤᠷ ᠢ᠋ᠶ᠋ᠠᠨ ᠵᠠᠩᠭᠢᠳᠪᠠ᠃ ᠸᠸᠱᠨ᠋ᠶᠠᠩᠺᠡ ᠬᠡᠳᠦᠢᠨᠡᠢ ᠪᠡᠯᠡᠬᠡᠨ ᠪᠣᠯᠤᠭᠰᠠᠨ ᠪᠠᠢᠯ᠎ᠠ᠃
— ᠭᠦᠶᠦᠨ ᠣᠳᠤᠶ᠎ᠠ᠁ ᠥᠪᠡᠷᠰᠡᠳ ᠦ᠋ᠨ ᠭᠡᠷ ᠲᠦ᠍ ᠬᠦᠷᠭᠡᠬᠦ ᠶ᠋ᠢ ᠪᠤᠷᠬᠠᠨ ᠮᠡᠳᠡᠲᠦᠭᠡᠢ᠃

ᠲᠡᠷᠡ ᠬᠣᠶᠠᠷ ᠪᠦᠰᠡᠭᠦᠢ ᠭᠡᠷ ᠪᠠᠢᠰᠢᠩ ᠠ᠋ᠴᠠ ᠪᠣᠯᠭᠣᠮᠵᠢᠲᠠᠢ ᠪᠠᠷ ᠭᠠᠷᠤᠭᠠᠳ ᠬᠠᠭᠠᠯᠭ᠎ᠠ ᠪᠠᠨ ᠨᠢᠭᠲᠠ ᠪᠠᠷ ᠬᠠᠭᠠᠵᠤ ᠣᠳᠤᠯ᠎ᠠ᠃ ᠬᠠᠯᠠᠭᠤᠨ ᠵᠤᠤᠬᠠᠨ ᠤ᠋ ᠳᠡᠷᠭᠡᠳᠡ ᠢᠰᠬᠡᠭᠰᠡᠨ ᠭᠤᠯᠢᠷ ᠪᠠᠢᠵᠤ ᠶᠠᠳᠠᠲᠠᠯ᠎ᠠ ᠬᠥᠭᠡᠭᠡᠵᠦ ᠪᠠᠢᠪᠠ᠃

ᠦᠰᠦᠭ ᠠᠮᠢᠯᠠᠭᠤᠯᠤᠭᠴᠢ᠄ ᠠᠯᠲᠠᠨᠴᠢᠮᠡᠭ 1᠂ ᠮᠡᠷᠭᠡᠨᠭᠣᠸ᠎ᠠ 1᠂ ᠪᠠᠶᠠᠨᠴᠡᠴᠡᠭ 1᠂ ᠭᠡᠷᠡᠯ 2᠂ ᠬᠦᠦᠳᠠᠭᠠᠭᠤᠯ 1
ᠬᠢᠨᠠᠭᠴᠢ᠄ ᠪᠠᠶᠠᠨᠴᠡᠴᠡᠭ 2
 ᠶᠡᠷᠦᠩᠬᠡᠢ ᠬᠢᠨᠠᠭᠴᠢ᠄ ᠠᠯᠲᠠᠨᠴᠢᠮᠡᠭ 6᠂ ᠠᠷᠢᠭᠤᠨ 6