ᠪᠠᠲᠤ ᠬᠠᠭᠠᠨ 7-03ᠠᠮᠠᠨ-ᠲᠣᠭᠰᠢᠨ ᠶᠸᠸᠫᠡᠲBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 7-03ᠠᠮᠠᠨ-ᠲᠣᠭᠰᠢᠨ ᠶᠸᠸᠫᠡᠲBat khaan Бат хаан-ᠷᠣᠮᠠᠨ

ᠪᠠᠲᠤ ᠬᠠᠭᠠᠨ 7-03ᠠᠮᠠᠨ-ᠲᠣᠭᠰᠢᠨ ᠶᠸᠸᠫᠡᠲBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-19

226

ᠭᠤᠷᠪᠠ ᠂ ᠠᠮᠠᠨ


ᠣᠳᠣᠨ ᠦᠭᠡᠢ ᠲᠩᠷᠢ ᠳ᠋ᠦ᠍ ᠪᠦᠲᠦᠨ ᠰᠠᠷᠠᠨ ᠲᠤᠶᠠᠭᠠᠷᠠᠨ ᠬᠡᠷᠡᠯᠳᠦᠭᠡᠳ ᠵᠢᠵᠢᠭ ᠡᠭᠦᠯᠡ ᠨᠤᠭᠦᠳ ᠲᠦᠷᠭᠡᠨ᠎ᠡ ᠭᠦᠶᠦᠯᠳᠦᠨ᠃ ᠲᠡᠳᠡ ᠰᠠᠷᠠ  ᠲᠠᠢ ᠵᠢᠭᠤᠷᠠᠯᠳᠤᠭᠰᠠᠨ ᠶᠤᠮ ᠰᠢᠭ᠋ ᠭᠱᠠᠨ ᠵᠠᠭᠤᠷ᠎ᠠ ᠲᠡᠭᠦᠨ ᠢ᠋ ᠪᠦᠷᠬᠦᠨ ᠬᠠᠭᠠᠭᠠᠳ ᠴᠠᠰᠢ ᠨᠡᠭᠦᠵᠦ ᠶᠠᠪᠤᠨ᠎ᠠ ᠃

ᠸᠡᠥ᠋ᠯ ᠰᠠᠨᠳᠤᠷᠤᠨ ᠲᠣᠯᠣᠭᠠᠢ ᠶᠤᠭᠠᠨ ᠰᠡᠭᠰᠦᠷᠦᠨ᠂
— ᠣᠳᠣ ᠰᠢᠭᠤᠷᠭ᠎ᠠ ᠲᠠᠯᠪᠢᠬᠤ ᠪᠠᠢᠬ᠎ᠠ ᠭᠡᠵᠦ ᠵᠡᠷᠭᠡᠴᠡᠨ ᠠᠯᠬᠤᠯᠠᠵᠤ ᠶᠠᠪᠤᠭ᠎ᠠ ᠲᠣᠮᠣ ᠰᠠᠬᠠᠯ ᠲᠠᠢ ᠨᠥᠬᠥᠷ ᠲᠡᠭᠡᠨ ᠬᠡᠯᠡᠪᠡ᠃
— ᠰᠢᠭᠤᠷᠭ᠎ᠠ ᠬᠥᠳᠡᠯᠵᠦ ᠪᠠᠢᠬᠤ ᠰᠢᠦ ᠭᠡᠵᠦ ᠲᠡᠷᠡ ᠬᠠᠷᠢᠭᠤᠯᠪᠠ᠃
— ᠰᠢᠭᠤᠷᠭ᠎ᠠ ᠪᠢᠳᠡᠨ ᠳ᠋ᠦ᠍ ᠲᠤᠰᠠᠲᠠᠢ᠂ ᠲᠠᠲ᠋ᠠᠷ ᠤ᠋ᠳ ᠣᠳᠣ ᠪᠠᠢᠰᠢᠩ ᠰᠠᠪᠠ ᠨᠤᠭᠤᠳ ᠢ᠋ᠶ᠋ᠠᠷ ᠪᠠᠭᠲᠠᠵᠤ ᠶᠠᠳᠠᠲᠠᠯ᠎ᠠ ᠪᠠᠨ ᠳᠦᠭᠦᠷᠦᠭᠡᠳ ᠪᠣᠢ ᠲᠤᠯᠠ ᠪᠢᠳᠡᠨ ᠢ᠋ ᠮᠡᠳᠡᠬᠦ ᠦᠭᠡᠢ ᠭᠡᠵᠦ ᠼᠪᠶᠠᠭ᠎ᠠ ᠬᠡᠯᠡᠪᠡ᠃

ᠰᠠᠷᠠ ᠶ᠋ᠢ ᠡᠭᠦᠯᠡ ᠳᠠᠯᠳᠠᠯᠠᠬᠤ ᠶ᠋ᠢᠨ ᠬᠠᠮᠲᠤ ᠣᠢ ᠮᠣᠳᠣ  ᠨᠤᠭᠤᠳ ᠪᠦᠷᠬᠦᠭᠰᠡᠨ ᠬᠠᠷ᠎ᠠ ᠰᠡᠭᠦᠳᠡᠷ ᠢ᠋ᠶ᠋ᠡᠷ ᠭᠡᠨᠡᠳᠲᠡ ᠬᠤᠴᠢᠭᠳᠠᠵᠤ ᠪᠢᠯᠡ᠃

ᠨᠠᠮ ᠨᠡᠢᠯᠡᠭᠴᠢᠳ ᠪᠡᠶ᠎ᠡ ᠪᠡᠶᠡᠰ ᠲᠡᠭᠡᠨ ᠣᠢᠷᠠᠬᠠᠨ ᠢ᠋ᠶ᠋ᠠᠷ ᠴᠤᠪᠤᠷᠠᠯᠳᠤᠨ ᠣᠷᠣᠭᠰᠢ ᠶᠠᠭᠠᠷᠠᠯ ᠦᠭᠡᠢ ᠲᠠᠪᠰᠢᠨ᠎ᠠ᠃ ᠲᠦᠷᠦᠭᠦᠨ ᠳ᠋ᠦ᠍ ᠶᠠᠪᠤᠭᠴᠢᠳ ᠨᠢ ᠴᠠᠨ᠎ᠠ ᠪᠠᠷ ᠶᠠᠪᠤᠵᠤ ᠲᠡᠭᠦᠨ ᠦ᠌ ᠬᠣᠢᠨ᠎ᠠ ᠠ᠋ᠴᠠ ᠶᠠᠪᠤᠭᠴᠢᠳ ᠭᠦᠨ ᠵᠤᠵᠠᠭᠠᠨ ᠴᠠᠰᠤᠨ᠎ᠠ ᠡᠪᠦᠳᠦᠭ ᠢ᠋ᠶ᠋ᠡᠷ ᠰᠥᠬᠥᠷᠡᠨ ᠤᠨᠠᠭᠰᠠᠭᠠᠷ ᠲᠦᠷᠭᠡᠨ ᠠᠯᠬᠤᠯᠠᠨ᠎ᠠ᠃
— ᠣᠢᠷᠠᠬᠠᠨ᠂ ᠬᠠᠮᠲᠤ ᠠᠯᠬᠤᠭᠲᠤᠨ!᠁

ᠭᠡᠨᠡᠳᠲᠡ ᠰᠢᠭᠤᠷᠭ᠎ᠠ ᠪᠤᠷᠭᠢᠵᠤ ᠣᠢ ᠶ᠋ᠢᠨ ᠨᠠᠷᠠᠰᠤ ᠪᠠ ᠬᠠᠷ᠎ᠠ ᠮᠣᠳᠣᠳ ᠤ᠋ᠨ ᠦᠵᠦᠭᠦᠷ ᠢᠰᠬᠡᠷᠦᠯᠳᠦᠨ ᠭᠠᠩᠬᠤᠨ᠎ᠠ᠃ ᠰᠠᠯᠬᠢ ᠰᠢᠷᠦᠭᠦᠰᠴᠦ ᠰᠡᠮᠪᠡᠭᠡᠷ (ᠰᠡᠪᠰᠡᠭᠡᠷ) ᠴᠠᠰᠤ ᠪᠠᠷ ᠨᠠᠮ ᠨᠡᠢᠯᠡᠭᠴᠢᠳ ᠢ᠋ ᠪᠤᠯᠠᠨ᠎ᠠ᠃ ᠲᠡᠳᠦᠢ ᠡᠨᠳᠡ ᠲᠡᠨᠳᠡ ᠦᠭᠡᠢ ᠮᠣᠳᠣᠳ ᠤ᠋ᠨ ᠮᠥᠴᠢᠷ ᠬᠤᠭᠤᠷᠠᠵᠤ ᠮᠣᠳᠣᠳ ᠤᠨᠠᠬᠤ ᠴᠢᠮᠡᠭᠡ ᠰᠣᠨᠣᠰᠳᠠᠨ᠎ᠠ᠃
— ᠪᠤᠤ ᠬᠣᠴᠣᠷᠤᠭᠲᠤᠨ! ᠭᠡᠵᠦ ᠼᠪᠶᠠᠭ᠎ᠠ ᠬᠠᠰᠬᠢᠷᠤᠨ᠎ᠠ᠃

ᠬᠦᠢᠲᠡᠨ ᠴᠠᠰᠤ ᠴᠥ᠍ ᠨᠢᠭᠤᠷ ᠢ᠋ ᠬᠠᠭᠠᠷᠢᠵᠤ᠂ ᠰᠠᠯᠬᠢ ᠬᠥᠯ ᠲᠤᠢᠪᠠᠭᠤᠯᠵᠤ ᠠᠮᠢᠰᠬᠤᠯ ᠳᠠᠪᠬᠤᠴᠠᠭᠤᠯᠤᠨ᠎ᠠ᠃ ᠪᠡᠷᠬᠡ ᠪᠣᠯᠪᠠ᠃
— ᠱᠣᠩᠬᠣᠷ ᠤ᠋ᠳ ᠮᠢᠨᠢ ᠪᠢᠲᠡᠭᠡᠢ ᠬᠣᠴᠣᠷᠤᠭᠠᠷᠠᠢ! ᠭᠡᠬᠦ ᠳᠠᠭᠤᠨ ᠰᠣᠨᠣᠰᠳᠠᠨ᠎ᠠ᠃

ᠨᠠᠮ ᠨᠡᠢᠯᠡᠭᠴᠢᠳ ᠬᠣᠴᠣᠷᠬᠤ ᠠ᠋ᠴᠠ ᠠᠶᠤᠨ ᠲᠡᠷᠢᠭᠦᠨ ᠰᠢᠭᠤᠷᠭᠠᠨ ᠳᠤᠮᠳᠠᠭᠤᠷ ᠤᠳᠠᠲᠠᠯ᠎ᠠ ᠶᠠᠪᠤᠵᠠᠭᠠᠪᠠ᠃

ᠣᠢ ᠳᠣᠲᠣᠷ᠎ᠠ ᠲᠥᠭᠡᠷᠢᠯᠳᠦᠨ ᠬᠣᠴᠣᠷᠪᠠᠯ ᠦᠬᠦᠨ᠎ᠡ ᠭᠡᠳᠡᠭ ᠢ᠋ ᠴᠥᠮ ᠮᠡᠳᠡᠵᠡᠭᠡᠵᠦ ᠶᠠᠪᠤᠵᠠᠢ᠃ ᠲᠡᠢᠨᠬᠦ ᠶᠠᠪᠤᠲᠠᠯ᠎ᠠ ᠲᠦᠷᠦᠭᠦᠯᠡᠨ ᠶᠠᠪᠤᠭᠰᠠᠨ ᠸᠠᠤᠢ᠍ᠯ ᠬᠡᠯᠡᠷᠦᠨ᠂
—  ᠶᠡᠷᠤᠢ᠍ᠰᠲ᠋ᠣᠸ ᠲᠤ᠌ ᠣᠢᠷᠠᠬᠠᠨ ᠪᠣᠯᠤᠯ᠎ᠠ᠃ ᠴᠢᠮᠡᠭᠡ ᠦᠭᠡᠢ ᠶᠠᠪᠤᠵᠠᠭ᠎ᠠ ᠭᠡᠪᠡ᠃

ᠱᠤᠤᠭᠢᠭᠰᠠᠨ ᠶᠡᠬᠡ ᠰᠠᠯᠬᠢᠨ ᠳᠣᠲᠣᠷ᠎ᠠ ᠨᠣᠬᠠᠢ ᠶ᠋ᠢᠨ ᠬᠤᠴᠠᠬᠤ ᠳᠠᠭᠤᠨ ᠭᠠᠷᠤᠨ᠎ᠠ᠃ ᠲᠡᠳᠡᠭᠡᠷ ᠨᠣᠬᠠᠢ ᠶᠡᠷᠦ ᠶ᠋ᠢᠨ ᠰᠥᠨᠢ ᠬᠤᠴᠠᠳᠠᠭ ᠤ᠋ᠨ ᠠᠳᠠᠯᠢ ᠪᠠᠷ ᠪᠢᠰᠢ᠂ ᠯᠠᠪᠲᠠᠢ ᠳᠠᠢᠰᠤᠨ ᠢᠷᠡᠬᠦ ᠶ᠋ᠢ ᠮᠡᠳᠡᠭᠰᠡᠨ ᠶᠤᠮ ᠰᠢᠭ᠌ ᠵᠣᠭᠰᠣᠭ᠎ᠠ ᠵᠢᠯᠣᠭᠣ ᠦᠭᠡᠢ ᠪᠡᠷ ᠬᠣᠷᠭᠣᠭᠣᠨ ᠪᠣᠷᠭᠤᠵᠠᠭᠠᠨ᠎ᠠ᠃

ᠨᠠᠮ ᠨᠡᠢᠯᠡᠭᠴᠢᠳ ᠪᠢᠴᠢᠬᠠᠨ ᠵᠣᠭᠰᠣᠵᠤ ᠴᠢᠩᠨᠠᠭᠠᠳ᠂ ᠲᠠᠲ᠋ᠠᠷ ᠤ᠋ᠳ ᠲᠣᠰᠬᠣᠨ ᠳᠡᠭᠡᠷ᠎ᠡ ᠪᠠᠢᠨ᠎ᠠ ᠭᠡᠵᠦ ᠰᠢᠢᠳᠪᠦᠷᠢᠯᠡᠪᠡ ᠃
— ᠣᠢᠷᠠᠬᠠᠨ ᠣᠢᠷᠠᠬᠠᠨ ᠭᠡᠵᠦ ᠲᠡᠳᠡᠨ ᠦ᠌ ᠨᠢᠭᠡ ᠂ ᠨᠥᠭᠦᠭᠡ ᠳ᠋ᠡᠭᠡᠨ ᠳᠠᠮᠵᠢᠭᠤᠯᠤᠨ ᠬᠡᠯᠡᠪᠡ ᠃

ᠨᠠᠮ ᠨᠡᠢᠯᠡᠭᠴᠢᠳ ᠣᠢ ᠶ᠋ᠢᠨ ᠵᠠᠬ᠎ᠠ ᠳ᠋ᠤ᠌ ᠴᠤᠭᠯᠠᠷᠠᠪᠠ᠃ ᠲᠡᠳᠡ ᠨᠢᠰᠦᠨ ᠦᠰᠴᠢᠬᠦ ᠴᠠᠰᠤᠨ ᠰᠢᠭᠤᠷᠭᠠᠨ ᠤ᠋ ᠳᠤᠮᠳᠠᠭᠤᠷ ᠶᠡᠬᠡᠳᠡ ᠪᠣᠯᠭᠣᠮᠵᠢᠲᠠᠢ ᠪᠠᠷ ᠰᠢᠷᠲᠡᠨ ᠬᠠᠷᠠᠨ᠎ᠠ᠃ ᠡᠭᠦᠯᠡᠨ ᠳ᠋ᠦ᠍ ᠳᠠᠯᠳᠠᠯᠠᠭᠳᠠᠬᠤ ᠰᠠᠷᠠᠨ ᠤ᠋ ᠪᠦᠳᠡᠭᠢ ᠭᠡᠷᠡᠯ ᠳ᠋ᠦ᠍ ᠪᠠᠢᠰᠢᠩ ᠬᠠᠰᠢᠶ᠎ᠠ ᠨᠤᠭᠤᠳ ᠬᠠᠷᠠᠯᠠᠨ ᠦᠵᠡᠭᠳᠡᠨ᠎ᠡ᠃ ᠵᠠᠷᠢᠮ ᠤ᠋ᠳ ᠠ᠋ᠴᠠ ᠨᠢ ᠤᠲᠤᠭ᠎ᠠ ᠪᠠᠭᠠᠭᠢᠨ᠎ᠠ᠃ ᠰᠢᠲᠠᠭᠰᠠᠨ ᠥᠭᠡᠬᠦ ᠲᠣᠰᠣ ᠪᠠ ᠲᠠᠷᠢᠶᠠᠨ ᠤ᠋ ᠬᠢᠷᠪᠤᠰᠤ ᠴᠤ᠌ ᠦᠨᠦᠷᠲᠦᠨ᠎ᠡ᠃ ᠬᠠᠶᠠ ᠨᠠᠷᠢᠬᠠᠨ ᠴᠣᠩᠬᠣ ᠨᠤᠭᠤᠳ ᠢ᠋ᠶ᠋ᠠᠷ ᠭᠠᠯ ᠤ᠋ᠨ ᠪᠦᠳᠡᠭᠢ ᠪᠡᠲᠡᠭᠢ ᠭᠡᠷᠡᠯ ᠬᠠᠷᠠᠭᠳᠠᠵᠤ ᠪᠠᠢᠨ᠎ᠠ ᠃

ᠫᠷᠤᠺᠦᠢ᠍ᠳᠡ ᠼᠪᠶᠠᠭ᠎ᠠ ᠶ᠋ᠢᠨ ᠭᠠᠷ ᠢ᠋ ᠪᠠᠷᠢᠵᠤ᠂
— ᠲᠡᠷᠡ ᠵᠠᠬ᠎ᠠ ᠶ᠋ᠢᠨ ᠪᠠᠢᠰᠢᠩ ᠳ᠋ᠤ᠌ ᠲᠡᠳᠡᠨ ᠦ᠌ ᠬᠢᠨ ᠦ᠌ ᠶᠡᠬᠡ ᠳᠡᠭᠡᠷᠡᠮᠴᠢᠨ ᠪᠠᠢ— ᠮᠦᠷᠡᠲ ᠪᠠᠢᠵᠤ ᠪᠠᠢᠨ᠎ᠠ ᠰᠢᠦ ᠭᠡᠬᠦ ᠳ᠋ᠦ᠍ ᠼᠪᠶᠠᠭ᠎ᠠ ᠲᠡᠭᠦᠨ ᠢ᠋ ᠰᠣᠨᠣᠰᠤᠨ᠎ᠠ᠃
— ᠲᠡᠷᠡ ᠴᠢᠨᠢ ᠣᠳᠣ ᠲᠡᠨᠳᠡ ᠪᠡᠨ ᠱᠤᠤᠭᠢᠯᠳᠤᠭᠰᠠᠭᠠᠷ ᠪᠠᠢᠭ᠎ᠠ ᠳ᠋ᠠ ᠭᠡᠪᠡ᠃ ᠰᠠᠯᠬᠢᠨ ᠤ᠋ ᠲᠠᠰᠤᠯᠤᠯ ᠢ᠋ᠶ᠋ᠠᠷ ᠪᠦᠰᠡᠭᠦᠢ ᠬᠥᠮᠦᠨ ᠦ᠌ ᠤᠬᠢᠯᠠᠬᠤ ᠳᠠᠭᠤᠨ᠂ ᠭᠠᠰᠢᠭᠤᠳᠠᠨ ᠭᠣᠮᠣᠳᠠᠵᠤ ᠴᠢᠷᠠᠯᠠᠬᠤ ᠠᠪᠢᠶ᠎ᠠ᠂ ᠰᠣᠭᠲᠣᠭᠤ ᠬᠥᠮᠦᠨ ᠦ᠌ ᠪᠠᠷᠬᠢᠷᠠᠨ ᠬᠠᠰᠬᠢᠷᠬᠤ ᠴᠢᠮᠡᠭᠡ ᠰᠣᠨᠣᠰᠳᠠᠪᠠ ᠃

ᠼᠪᠶᠠᠭ᠎ᠠ ᠲᠤᠰᠢᠶᠠᠯ  ᠢ᠋ ᠥᠭᠬᠦ ᠳ᠋ᠦ᠍ ᠨᠠᠮ ᠨᠡᠢᠯᠡᠭᠴᠢᠳ ᠲᠡᠭᠦᠨ ᠢ᠋ ᠶᠡᠬᠡᠳᠡ ᠠᠩᠬᠠᠷᠤᠯᠲᠠᠢ ᠪᠠᠷ ᠰᠣᠨᠣᠰᠤᠨ᠎ᠠ᠃ ᠲᠡᠭᠡᠭᠡᠳ ᠲᠠᠰᠤᠷᠠᠨ ᠬᠠᠰᠢᠶᠠᠨ ᠤ᠋ ᠵᠦᠭ ᠮᠠᠴᠤᠯᠬᠢᠯᠠᠨ ᠶᠠᠪᠤᠵᠠᠭᠠᠪᠠ᠃

ᠨᠢᠭᠡᠨ ᠪᠠᠭ᠎ᠠ ᠪᠦᠯᠦᠭ ᠼᠪᠶᠠᠭ᠎ᠠ ᠶ᠋ᠢᠨ ᠬᠣᠢᠨ᠎ᠠ ᠠ᠋ᠴᠠ ᠶᠠᠪᠤᠭᠰᠠᠨ ᠪᠥᠭᠡᠳ ᠫᠷᠤᠺᠦᠢ᠍ᠳᠡ ᠲᠡᠭᠦᠨ ᠡᠴᠡ ᠬᠣᠴᠣᠷᠬᠤ ᠦᠭᠡᠢ ᠶᠠᠪᠤᠯ᠎ᠠ᠃ ᠪᠤᠰᠤᠳ ᠢ᠋ ᠸᠠᠥ᠋ᠯ ᠠᠪᠴᠤ ᠶᠠᠪᠤᠯ᠎ᠠ᠃ ᠫᠣᠰᠫᠸᠯᠺᠡ ᠡᠴᠡᠴᠦ ᠶᠠᠳᠠᠷᠠᠭᠰᠠᠨ ᠲᠤᠯᠠ ᠮᠣᠷᠢ ᠪᠠᠨ ᠨᠢᠭᠤᠬᠤ ᠪᠠᠷ ᠣᠢ ᠳᠣᠲᠣᠷ᠎ᠠ ᠬᠣᠴᠣᠷᠴᠠᠢ ᠃

ᠰᠢᠭᠤᠷᠭ᠎ᠠ ᠠᠩᠬ᠎ᠠ ᠡᠬᠢᠯᠡᠭᠰᠡᠨ ᠦ᠌ ᠠᠳᠠᠯᠢ ᠭᠡᠨᠡᠳᠲᠡ ᠨᠠᠮᠵᠢᠪᠠ᠃ ᠲᠡᠢᠨᠬᠦ ᠨᠠᠮ ᠨᠡᠢᠯᠡᠭᠴᠢᠳ ᠴᠢᠮᠡᠭᠡ ᠠᠪᠢᠶ᠎ᠠ ᠦᠭᠡᠢ ᠶᠠᠪᠤᠵᠤ ᠬᠦᠷᠪᠡ ᠃

ᠲᠡᠳᠡᠨ ᠦ᠌ ᠡᠭᠦᠷᠭᠡᠯᠡᠭᠰᠡᠨ ᠮᠠᠨᠠᠭ᠎ᠠ ᠨᠢ ᠲᠣᠮᠣ ᠪᠠᠭᠠᠨ᠎ᠠ ᠶ᠋ᠢ ᠲᠦᠰᠢᠵᠦ ᠵᠣᠭᠰᠣᠨ᠎ᠠ᠃ ᠼᠪᠶᠠᠭ᠎ᠠ ᠣᠢᠷᠠᠲᠤᠮᠠᠭᠴᠠ ᠭᠠᠷ ᠢ᠋ᠶ᠋ᠠᠷ ᠰᠢᠭᠠᠵᠤ ᠤᠨᠠᠭᠠᠪᠠ᠃ ᠲᠠᠲ᠋ᠠᠷ ᠤ᠋ᠳ ᠤ᠋ᠨ ᠮᠣᠷᠢᠳ ᠬᠠᠰᠢᠶᠠᠨ ᠳ᠋ᠤ᠌ ᠤᠶᠠᠭᠠᠲᠠᠢ ᠪᠠᠢᠬᠤ ᠪᠥᠭᠡᠳ ᠲᠡᠭᠦᠨ ᠦ᠌ ᠳᠡᠷᠭᠡᠳᠡ ᠦᠬᠦᠭᠰᠡᠨ ᠬᠥᠮᠦᠨ ᠦ᠌ ᠨᠢᠴᠦᠭᠦᠨ ᠪᠡᠶ᠎ᠡ ᠴᠠᠰᠤᠨ ᠳᠡᠭᠡᠷ᠎ᠡ ᠬᠡᠪᠲᠡᠨ᠎ᠡ᠃
— ᠪᠤᠷᠬᠠᠨ ᠮᠢᠨᠢ᠂ ᠡᠨᠡ ᠴᠢᠨᠢ ᠶᠠᠭᠤ ᠪᠢᠯᠡ ᠭᠡᠵᠦ ᠨᠠᠮ ᠨᠡᠢᠯᠡᠭᠴᠢᠳ ᠭᠠᠰᠠᠯᠤᠯᠳᠤᠨ᠎ᠠ᠃
— ᠶᠠᠪᠤᠵᠠᠭᠠᠶ᠎ᠠ ᠭᠡᠵᠦ ᠼᠪᠶᠠᠭ᠎ᠠ ᠶᠠᠭᠠᠷᠠᠨ᠂
— ᠪᠠᠰᠠ ᠬᠡᠨ ᠢ᠋ ᠴᠦ᠍ ᠪᠣᠯᠲᠤᠭᠠᠢ᠂ ᠠᠪᠤᠷᠠᠵᠤ ᠠᠮᠵᠢᠬᠤ ᠮᠠᠭᠠᠳ ᠦᠭᠡᠢ ᠭᠡᠪᠡ᠃

ᠨᠠᠮ ᠨᠡᠢᠯᠡᠭᠴᠳ ᠲᠡᠳᠡᠭᠡᠷ ᠦ᠋ᠨ ᠮᠣᠷᠢᠳ ᠢ᠋ ᠤᠶᠠᠭᠠᠨ ᠠ᠋ᠴᠠ ᠨᠢ ᠲᠠᠢᠯᠤᠨ ᠮᠣᠷᠳᠠᠭᠠᠳ ᠪᠣᠯᠭᠣᠮᠵᠢᠲᠠᠢ ᠪᠠᠷ ᠵᠠᠢᠯᠠᠨ ᠶᠠᠪᠤᠪᠠ᠃ ᠲᠡᠳᠡᠨ ᠦ᠌ ᠵᠠᠮ ᠳ᠋ᠤ᠌ ᠮᠣᠩᠭᠣᠯ ᠤ᠋ᠨ ᠣᠷᠣᠰ ᠠ᠋ᠴᠠ ᠬᠤᠯᠠᠭᠠᠢᠯᠠᠭᠰᠠᠨ ᠡᠮᠨᠢᠭ ᠰᠢᠬᠠᠮ ᠮᠣᠷᠢᠳ ᠳᠠᠭᠠᠷᠢᠯᠳᠤᠪᠠ᠃ ᠲᠡᠳᠡᠨᠡᠷ ᠲᠡᠭᠦᠨ ᠢ᠋ ᠪᠠᠷᠢᠨ ᠠᠪᠴᠤ ᠰᠦᠬᠡ ᠪᠡᠨ ᠭᠠᠷ ᠲᠠᠭᠠᠨ ᠪᠥᠬᠡ ᠪᠠᠲᠤ ᠪᠠᠷᠢᠵᠤ ᠴᠢᠨᠠᠭᠰᠢᠯᠠᠨ ᠳᠠᠪᠬᠢᠪᠠ᠃

ᠲᠡᠳᠡ ᠪᠠᠢᠰᠢᠩ ᠳ᠋ᠤ᠌ ᠣᠢᠷ᠎ᠠ ᠣᠴᠢᠭᠠᠳ ᠭᠤᠷᠪᠠ ᠨᠢ ᠶᠠᠭᠠᠷᠠᠨ ᠬᠠᠭᠤᠴᠢᠨ ᠮᠠᠭᠤ ᠫᠧᠩ ᠦ᠋ᠨ ᠰᠡᠭᠦᠳᠡᠷ ᠲᠠᠯ᠎ᠠ ᠠ᠋ᠴᠠ ᠨᠢ ᠮᠥᠯᠬᠥᠨ ᠣᠴᠢᠵᠤ ᠰᠢᠲᠠᠭᠠᠪᠠ᠃ ᠲᠡᠭᠦᠨ ᠦ᠌ ᠰᠦᠷᠡᠯ ᠬᠥᠭᠵᠢᠯᠲᠡᠶ᠎ᠡ ᠨᠣᠴᠣᠵᠤ ᠤᠯᠠᠭᠠᠨ ᠳᠥᠯᠥ ᠣᠷᠣᠢ ᠪᠠᠷ ᠨᠢ ᠨᠣᠴᠣᠵᠤ ᠪᠠᠢᠭᠠᠳ ᠤᠨᠲᠠᠷᠠᠪᠠ᠃ ᠲᠡᠭᠡᠭᠡᠳ ᠬᠡᠰᠡᠭ ᠪᠠᠢᠭᠰᠠᠨ ᠢ᠋ᠶ᠋ᠠᠨ ᠳᠠᠬᠢᠨ ᠰᠢᠳᠡᠵᠦ ᠬᠠᠷᠠᠩᠭᠤᠢ ᠤᠲᠤᠭ᠎ᠠ ᠪᠤᠷᠭᠢᠭᠤᠯᠤᠨ ᠬᠤᠸᠠ ᠶᠠᠭᠠᠨ ᠲᠤᠶᠠᠭ᠎ᠠ ᠰᠠᠴᠤᠷᠠᠭᠤᠯᠤᠨ ᠰᠢᠳᠡᠨ᠎ᠡ᠃
— ᠷᠶᠠᠽᠠᠨ ᠤ᠋ ᠬᠢᠨ ᠣᠷᠣᠭᠰᠢ ᠪᠠᠨ ᠲᠠᠪᠰᠢᠭᠲᠤᠨ ᠭᠡᠵᠦ ᠲᠡᠳᠡ ᠠᠮᠠ ᠠᠮᠠᠨ ᠳ᠋ᠠᠭᠠᠨ ᠬᠠᠰᠬᠢᠷᠤᠯᠳᠤᠨ ᠪᠠᠢᠰᠢᠩ ᠤᠷᠤᠭᠤ ᠣᠷᠣᠪᠠ᠃ ᠲᠡᠳᠡᠨ ᠦ᠌ ᠥᠭᠡᠳᠡ ᠡᠴᠡ ᠲᠠᠲ᠋ᠠᠷ ᠤ᠋ᠳ ᠣᠷᠢᠯᠠᠯᠳᠤᠨ ᠭᠠᠷᠴᠤ ᠢᠷᠡᠪᠡ᠃ ᠲᠡᠳᠡ ᠳᠤᠯᠠᠭᠠᠨ ᠪᠠᠢᠰᠢᠩ ᠠ᠋ᠴᠠ ᠬᠦᠢᠲᠡᠨ ᠵᠢᠪᠠᠷ ᠲᠸ᠋ ᠭᠦᠶᠦᠯᠳᠦᠨ ᠭᠠᠷᠤᠭᠰᠠᠨ ᠪᠠ ᠰᠠᠶᠢᠬᠠᠨ ᠤᠤᠭᠤᠭᠰᠠᠨ ᠠᠷᠢᠬᠢ ᠨᠢ ᠰᠢᠩᠭᠡᠭᠡ ᠦᠭᠡᠢ ᠪᠠᠢᠭᠰᠠᠨ ᠲᠤᠯᠠ ᠭᠠᠢᠬᠠᠭᠰᠠᠭᠠᠷ ᠡᠰᠢ ᠳᠠᠰᠢ ᠪᠡᠨ ᠬᠠᠷᠠᠢᠯᠠᠯᠳᠤᠵᠤ ᠮᠣᠷᠢ ᠪᠠᠨ ᠡᠷᠢᠨ᠎ᠡ᠃ ᠭᠡᠲᠡᠯ᠎ᠡ ᠮᠣᠷᠢᠳ ᠨᠢ ᠠᠯᠠᠭ᠎ᠠ ᠪᠠᠢᠪᠠ᠃

ᠰᠥᠨᠢ ᠲᠤᠷᠰᠢ ᠶ᠋ᠢᠨ ᠬᠠᠷᠠᠩᠭᠤᠢ ᠳ᠋ᠤ᠌ ᠦᠯᠦ ᠲᠠᠨᠢᠭᠳᠠᠬᠤ ᠬᠥᠮᠦᠰ ᠲᠣᠬᠢᠶᠠᠯᠳᠤᠨ ᠲᠠᠯ᠎ᠠ ᠲᠠᠯ᠎ᠠ ᠠ᠋ᠴᠠ ᠨᠢ ᠨᠥᠮᠥᠷᠦᠨ ᠢᠷᠡᠵᠦ ᠲᠡᠳᠡᠨ ᠢ᠋ ᠰᠦᠬᠡ ᠪᠠᠷ ᠴᠠᠪᠴᠢᠯᠠᠵᠤ ᠭᠠᠷᠪᠠ᠃

ᠲᠠᠲ᠋ᠠᠷ ᠤ᠋ᠳ ᠡᠰᠢ ᠲᠡᠰᠢ ᠵᠢᠭᠤᠲᠠᠨ ᠭᠦᠶᠦᠪᠡᠴᠦ ᠨᠠᠮ ᠨᠡᠢᠯᠡᠭᠴᠢᠳ ᠲᠡᠳᠡᠨ ᠢ᠋ ᠬᠥᠭᠡᠭᠡᠨ ᠭᠦᠢᠴᠡᠵᠦ ᠲᠤᠢᠪᠠᠷᠭᠠᠭᠰᠠᠭᠠᠷ ᠪᠠᠢᠪᠠ᠃ ᠨᠠᠮ ᠨᠡᠢᠯᠡᠭᠴᠢᠳ ᠣᠯᠵᠠᠯᠠᠨ (ᠣᠯᠵᠠᠯᠠᠭᠳᠠᠨ) ᠪᠠᠷᠢᠭᠳᠠᠭᠰᠠᠨ ᠬᠦᠯᠢᠶᠡᠰᠦᠲᠡᠢ ᠣᠷᠣᠰ ᠬᠥᠮᠦᠰ ᠢ᠋ ᠬᠣᠷᠣᠭᠠᠨ ᠤ᠋ ᠳᠣᠲᠣᠷ᠎ᠠ ᠠ᠋ᠴᠠ ᠣᠯᠵᠤ ᠰᠤᠯᠠᠯᠠᠪᠠ᠃ ᠲᠡᠳᠡ ᠬᠦᠷᠢᠶ᠎ᠡ ᠬᠠᠰᠢᠶᠠᠨ ᠠ᠋ᠴᠠ ᠭᠠᠷᠴᠤ ᠲᠡᠢᠨᠬᠦ ᠥᠪᠡᠷᠰᠡᠳ ᠢ᠋ ᠲᠠᠮᠤᠯᠠᠭᠴᠢᠳ ᠢ᠋ ᠬᠥᠭᠡᠭᠡᠨ ᠣᠳᠤᠯ᠎ᠠ᠃

ᠸᠡᠥ᠋ᠯ ᠬᠠᠷ᠎ᠠ ᠯᠠᠮ᠎ᠠ ᠨᠠᠷ ᠤ᠋ᠨ ᠪᠠᠢᠰᠢᠩ ᠤ᠋ᠨ ᠱᠠᠲᠤᠨ ᠳᠡᠭᠡᠷ᠎ᠡ ᠰᠠᠭᠤᠵᠤ ᠪᠠᠢᠭᠰᠠᠨ ᠨᠣᠢᠷᠮᠤᠭ ᠮᠠᠨᠠᠭᠠᠴᠢ ᠶ᠋ᠢ ᠭᠠᠭᠴᠠᠬᠠᠨ ᠴᠣᠬᠢᠯᠲᠠ ᠪᠠᠷ ᠳᠠᠭᠤᠰᠬᠠᠵᠤ᠂ ᠪᠣᠯᠭᠣᠮᠵᠢᠲᠠᠢ ᠪᠠᠷ ᠳᠣᠲᠣᠷ᠎ᠠ ᠨᠢ ᠣᠷᠣᠪᠠ᠃ ᠨᠠᠢᠷᠯᠠᠵᠤ ᠪᠠᠢᠭᠰᠠᠨ ᠪᠣᠯᠤᠯᠲᠠᠢ ᠰᠢᠷᠡᠭᠡᠨ ᠳᠡᠭᠡᠷ᠎ᠡ ᠨᠢ ᠤᠤᠭᠤᠭᠰᠠᠨ ᠶᠠᠭᠤᠮᠠᠨ ᠤ᠋ ᠦᠯᠡᠳᠡᠭᠳᠡᠯ᠂ ᠶᠠᠰᠤ᠂ ᠬᠠᠯᠢᠰᠤ ᠪᠣᠯᠤᠨ ᠬᠥᠮᠥᠷᠢᠭᠰᠡᠨ ᠠᠶᠠᠭ᠎ᠠ ᠨᠤᠭᠤᠳ ᠬᠠᠷᠠᠭᠳᠠᠨ᠎ᠠ᠃ ᠰᠣᠭᠲᠣᠭᠤ ᠬᠡᠳᠦᠨ ᠲᠠᠲ᠋ᠠᠷ ᠤ᠋ᠳ ᠱᠠᠯᠠ ᠳᠡᠭᠡᠷ᠎ᠡ ᠳᠠᠢᠴᠢᠯᠠᠨ ᠬᠡᠪᠲᠡᠨ᠎ᠡ᠃ ᠬᠤᠪᠴᠠᠰᠤ ᠶ᠋ᠢ ᠳᠤᠲᠠᠭᠤ ᠬᠠᠭᠠᠰ ᠲᠠᠢᠴᠢᠭᠰᠠᠨ ᠡᠪᠦᠭᠡᠨ ᠫᠣᠫ ᠲᠡᠷᠡ ᠪᠤᠯᠤᠩ ᠳ᠋ᠤ᠌ ᠰᠠᠭᠤᠵᠤ ᠭᠠᠷ ᠢ᠋ᠶ᠋ᠠᠷ ᠡᠪᠦᠳᠦᠭ ᠢ᠋ᠶ᠋ᠡᠨ ᠲᠡᠪᠡᠷᠢᠨ᠂
— ᠪᠤᠷᠬᠠᠨ ᠮᠢᠨᠢ ᠥᠷᠥᠰᠢᠶᠡ᠂ ᠪᠤᠷᠬᠠᠨ ᠮᠢᠨᠢ ᠭᠡᠵᠦ ᠳᠠᠬᠢᠨ ᠳᠠᠪᠲᠠᠨ ᠤᠩᠰᠢᠨ᠎ᠠ᠃

ᠪᠠᠢ— ᠮᠦᠷᠡᠲ᠂ ᠫᠤᠫ ᠯᠠᠮ᠎ᠠ ᠶ᠋ᠢᠨ ᠳᠡᠪᠡᠯ ᠢ᠋ᠶ᠋ᠡᠷ ᠬᠤᠴᠢᠭᠠᠳ ᠬᠠᠯᠠᠭᠤᠨ ᠵᠤᠤᠬᠠᠨ ᠳᠡᠭᠡᠷ᠎ᠡ ᠬᠤᠷᠬᠢᠷᠠᠵᠤ ᠪᠠᠢᠪᠠ᠃ ᠲᠡᠭᠦᠨ ᠦ᠌ ᠳᠡᠷᠭᠡᠳᠡ ᠡᠪᠦᠭᠡᠨ ᠫᠤᠫ ᠤ᠋ᠨ ᠪᠢᠴᠢᠬᠠᠨ ᠠᠴᠢ ᠡᠴᠡᠩᠭᠢ ᠪᠡᠶ᠎ᠡ ᠶ᠋ᠢ ᠢᠯᠡ ᠭᠠᠷᠭᠠᠨ ᠴᠡᠴᠡᠷᠡᠨ ᠵᠣᠭᠰᠣᠨ᠎ᠠ᠃

ᠨᠠᠮ ᠨᠡᠢᠯᠡᠭᠴᠢᠳ ᠪᠠᠢ— ᠮᠦᠷᠡᠲ ᠢ᠋ ᠬᠦᠯᠢᠵᠦ ᠥᠨᠳᠥᠷ ᠲᠠᠲᠠᠭᠤᠷᠭ᠎ᠠ ᠲᠠᠢ ᠬᠥᠯᠳᠡᠭᠦᠦ ᠬᠤᠳᠳᠤᠭ ᠳᠡᠭᠡᠷ᠎ᠡ ᠠᠪᠴᠢᠷᠠᠯ᠎ᠠ᠃ ᠲᠡᠷᠡ ᠴᠣᠬᠣᠮ ᠶᠠᠭᠤ ᠪᠣᠯᠤᠭᠰᠠᠨ ᠢ᠋ ᠦᠯᠦ ᠣᠢᠯᠠᠭᠠᠨ ᠭᠠᠢᠬᠠᠵᠤ ᠵᠣᠭᠰᠣᠨ᠎ᠠ᠃ ᠲᠡᠭᠡᠭᠡᠳ ᠲᠡᠷᠡ ᠪᠥᠭᠡᠨᠡᠷᠡᠭᠰᠡᠨ(ᠪᠥᠭᠡᠮᠨᠡᠷᠡᠭᠰᠡᠨ) ᠣᠯᠠᠨ ᠡᠷᠡᠴᠦᠳ ᠢ᠋ ᠤᠯᠠᠢᠭᠰᠠᠨ ᠨᠢᠳᠦ ᠪᠡᠷ ᠰᠠᠢᠲᠤᠷ ᠠᠵᠢᠭᠯᠠᠨ ᠬᠠᠷᠠᠭᠠᠳ ᠡᠴᠦᠰ ᠲᠦ᠍᠂
— ᠠᠮᠠ᠂ ᠠᠮᠠᠨ (ᠠᠮᠠᠨ ᠭᠡᠵᠦ ᠲᠦᠷᠺ ᠬᠡᠯᠡ ᠪᠡᠷ ᠠᠭᠤᠴᠢᠯᠠ᠂ ᠥᠷᠥᠰᠢᠶᠡ ᠭᠡᠰᠡᠨ ᠦᠭᠡ ᠪᠣᠯᠤᠨ᠎ᠠ) ᠭᠡᠪᠡ᠃
— ᠶᠠᠭᠤᠨ ᠤ᠋ ᠴᠢᠨᠢ ᠠᠮᠠᠨ᠁ ᠭᠡᠵᠦ ᠸᠡᠣᠢ᠍ᠯ ᠥᠨᠥᠬᠢ ᠴᠢᠬᠢ ᠲᠡᠢ ᠨᠢ ᠣᠭᠲᠣᠯᠤᠭᠰᠠᠨ ᠡᠭᠡᠮᠦᠭ ᠢ᠋ ᠪᠠᠢ— ᠮᠦᠷᠠᠲ ᠤ᠋ᠨ ᠨᠢᠭᠤᠷ ᠤ᠋ᠨ ᠡᠮᠦᠨ᠎ᠡ ᠪᠠᠷᠢᠵᠤ᠂
— ᠡᠨᠡ ᠡᠭᠡᠮᠦᠭ ᠢ᠋ ᠬᠠᠮᠢᠭ᠎ᠠ ᠠ᠋ᠴᠠ ᠠᠪᠤᠭᠰᠠᠨ ᠪᠣᠢ? ᠴᠢᠨᠦ ᠪᠣᠭᠴᠣᠨ ᠠ᠋ᠴᠠ ᠴᠢᠨᠢ ᠣᠯᠤᠯ᠎ᠠ᠃ ᠥᠬᠢᠳ ᠦ᠋ᠨ ᠴᠢᠬᠢ ᠶ᠋ᠢ ᠬᠡᠨ ᠣᠭᠲᠣᠯᠤᠭᠰᠠᠨ ᠪᠣᠢ? ᠬᠡᠨ ᠬᠦᠴᠦᠷᠬᠡᠭᠰᠡᠨ ᠪᠣᠢ? ᠣᠯᠵᠠᠯᠠᠨ (ᠣᠯᠵᠠᠯᠠᠭᠳᠠᠨ) ᠪᠠᠷᠢᠬᠴᠢᠳ (ᠪᠠᠷᠢᠭᠳᠠᠭᠴᠢᠳ) ᠢ᠋ ᠨᠢᠴᠦᠭᠦᠯᠡᠨ ᠬᠦᠢᠲᠡᠨ ᠵᠢᠪᠠᠷ ᠲᠸ᠋ ᠬᠡᠨ ᠬᠠᠶᠠᠵᠤ ᠪᠠᠢᠭᠰᠠᠨ ᠪᠣᠢ? ᠴᠢᠮ᠎ᠠ ᠰᠢᠬ ᠯᠡ ᠨᠣᠬᠠᠢ ᠲᠡᠭᠡᠭᠰᠡᠨ ᠪᠢᠵᠡ᠂ ᠡᠭᠦᠨ ᠦ᠌ ᠲᠥᠯᠥᠭᠡ ᠬᠡᠨ ᠢ᠋ ᠴᠠᠭᠠᠵᠠᠯᠠᠪᠠᠯ ᠵᠣᠬᠢᠬᠤ ᠪᠣᠢ? ᠴᠢᠮᠠᠶ᠋ᠢ (ᠴᠢ) ᠪᠠᠢᠯ ᠦᠭᠡᠢ ᠶᠠᠭᠠᠬᠢᠬᠤ ᠪᠣᠢ ᠭᠡᠪᠡ᠃

ᠫᠷᠤᠺᠥᠢ᠍ᠳᠡ ᠭᠠᠷ ᠢ᠋ᠶ᠋ᠠᠨ ᠵᠠᠩᠭᠢᠳᠤᠨ ᠭᠦᠶᠦᠵᠦ ᠢᠷᠡᠭᠡᠳ᠂
— ᠡᠳᠡ ᠨᠠᠷ ᠪᠥᠯᠡᠲ᠋ᠺᠠ ᠶ᠋ᠢ ᠶᠠᠭᠤ ᠪᠣᠯᠭᠠᠭᠰᠠᠨ ᠪᠣᠢ? ᠬᠤᠳᠳᠤᠭ ᠳᠡᠭᠡᠷᠡᠬᠢ ᠲᠠᠲᠠᠭᠤᠷᠭ᠎ᠠ ᠳ᠋ᠤ᠌ ᠪᠠᠷᠢᠵᠤ ᠬᠦᠯᠢᠭᠡᠳ ᠬᠦᠢᠲᠡᠨ ᠤᠰᠤ ᠠᠰᠬᠠᠭᠰᠠᠨ ᠪᠠᠢᠨ᠎ᠠ᠁ ᠬᠠᠷᠠᠬᠤ ᠦᠭᠡᠢ ᠤᠤ᠂ ᠲᠡᠷᠡ ᠳᠥᠩᠭᠡᠵᠢ ᠠᠮᠢᠳᠤ ᠶ᠋ᠢᠨ ᠲᠡᠳᠦᠢ ᠪᠠᠢᠨ᠎ᠠ ᠭᠡᠪᠡ᠃
— ᠡᠨᠡ ᠳᠡᠭᠡᠷᠡᠮᠴᠢᠨ ᠢ᠋ ᠲᠡᠷᠡ ᠲᠠᠲᠠᠭᠤᠷᠭ᠎ᠠ ᠳ᠋ᠤ᠌ ᠬᠦᠯᠢᠰᠦᠭᠡᠢ᠃ᠲᠡᠭᠡᠭᠡᠳ ᠪᠠᠰᠠ ᠴᠢᠬᠢ ᠶ᠋ᠢ ᠨᠢ ᠪᠠᠭᠠᠨ᠎ᠠ ᠳ᠋ᠤ᠌ ᠬᠠᠳᠠᠭᠠᠰᠤ ᠪᠠᠷ ᠬᠠᠲᠠᠬᠤ ᠬᠡᠷᠡᠭᠲᠡᠢ᠃ ᠡᠨᠡ ᠮᠠᠨ ᠤ᠋ ᠥᠬᠢᠳ ᠦ᠋ᠨ ᠴᠢᠬᠢ ᠶ᠋ᠢ ᠣᠭᠲᠣᠯᠬᠤ ᠳ᠋ᠤ᠌ ᠲᠡᠳᠡᠨ ᠳ᠋ᠦ᠍ ᠶᠠᠮᠠᠷ ᠪᠠᠢᠭᠰᠠᠨ ᠢ᠋ ᠮᠡᠳᠡᠭ ᠭᠡᠵᠦ ᠸᠠᠤᠢ᠍ᠯ ᠰᠢᠢᠳᠪᠦᠷᠢᠯᠡᠪᠡ᠃

ᠼᠪᠶᠠᠭ᠎ᠠ ᠲᠠᠲ᠋ᠠᠷ ᠤ᠋ᠨ ᠮᠣᠷᠢ ᠶ᠋ᠢ ᠤᠨᠤᠵᠤ ᠢᠷᠡᠭᠡᠳ᠂
— ᠲᠠ ᠨᠠᠷ ᠡᠨᠡ ᠮᠤᠤᠰᠠᠢᠨ ᠲᠠᠢ ᠶᠠᠭᠤ ᠢᠩᠭᠢᠭᠡᠳ ᠪᠠᠢᠭᠰᠠᠨ ᠶᠤᠮ ᠪᠣᠢ? ᠡᠭᠦᠨ ᠢ᠋ ᠳᠠᠭᠤᠰᠬᠠᠭᠠᠳ ᠮᠣᠷᠳᠠᠭᠲᠤᠨ᠂ ᠲᠠᠲ᠋ᠠᠷ ᠤ᠋ᠳ ᠲᠣᠰᠬᠣᠨ ᠳ᠋ᠤ᠌ ᠦᠯᠡᠳᠡᠭᠰᠡᠨ ᠦᠭᠡᠢ᠁(ᠭᠡᠯ᠎ᠡ᠃)

ᠲᠠᠲ᠋ᠠᠷ ᠤ᠋ᠨ ᠭᠠᠷ ᠠ᠋ᠴᠠ ᠠᠪᠤᠷᠠᠭᠳᠠᠭᠰᠠᠨ ᠨᠠᠮ ᠨᠡᠢᠯᠡᠭᠴᠢᠳ ᠢ᠋ ᠪᠦᠰᠡᠯᠡᠨ ᠪᠦᠰᠡᠭᠦᠢᠴᠦᠳ ᠪᠠ ᠬᠡᠦᠬᠡᠳ ᠦ᠋ᠳ ᠪᠠᠶᠠᠷᠯᠠᠭᠰᠠᠨ ᠳ᠋ᠠᠭᠠᠨ ᠤᠬᠢᠯᠠᠯᠳᠤᠨ ᠲᠠᠯᠬ᠎ᠠ ᠭᠤᠶᠤᠨ᠎ᠠ᠃ ᠨᠠᠮ ᠨᠡᠢᠯᠡᠭᠴᠢᠳ ᠲᠠᠲ᠋ᠠᠷ ᠤ᠋ᠳ ᠤ᠋ᠨ ᠳᠡᠭᠡᠷᠡᠮᠳᠡᠭᠰᠡᠨ ᠵᠦᠢᠯ ᠦ᠋ᠳ ᠢ᠋ ᠲᠡᠳᠡᠨ ᠳ᠋ᠦ᠍ ᠥᠭᠭᠦᠭᠡᠳ ᠵᠥᠪᠬᠡᠨ ᠮᠣᠷᠢ ᠪᠠ ᠵᠠᠷ ᠵᠡᠪᠰᠡᠭ ᠦ᠋ᠳ ᠢ᠋ ᠥᠪᠡᠷᠰᠡᠳ ᠲᠡᠭᠡᠨ ᠠᠪᠴᠠᠭᠠᠪᠠ᠃ ᠲᠡᠨᠳᠡ ᠡᠴᠡ ᠪᠦᠰᠡᠭᠦᠢᠴᠦᠳ ᠨᠢ ᠨᠠᠮ ᠨᠡᠢᠯᠡᠭᠴᠢᠳ ᠲᠡᠢ ᠨᠡᠢᠯᠡᠭᠡᠳ ᠪᠦᠰᠡᠭᠦᠢᠴᠦᠳ ᠨᠢ ᠬᠡᠦᠬᠡᠳ ᠦ᠋ᠳ ᠦ᠋ᠨ ᠬᠠᠮᠲᠤᠪᠠᠷ ᠬᠥᠮᠦᠨ ᠠᠮᠢᠲᠠᠨ ᠴᠥᠭᠡᠨ ᠦᠵᠡᠭᠳᠡᠬᠦ ᠵᠠᠮ ᠪᠠ ᠣᠢ ᠳᠤᠮᠳᠠᠭᠤᠷ ᠶᠠᠪᠤᠵᠤ ᠲᠤᠰ ᠲᠤᠰ ᠤ᠋ᠨ ᠲᠣᠰᠬᠣᠨ ᠳ᠋ᠠᠭᠠᠨ ᠬᠦᠷᠬᠦ ᠪᠡᠷ ᠰᠢᠢᠳᠪᠦᠷᠢᠯᠡᠯ᠎ᠡ᠃
— ᠠᠮᠠᠷᠠᠬᠤ ᠭᠡᠬᠦ ᠶᠠᠪᠤᠳᠠᠯ ᠦᠭᠡᠢ ᠭᠡᠵᠦ ᠼᠪᠶᠠᠭ᠎ᠠ ᠬᠠᠰᠬᠢᠷᠤᠨ᠎ᠠ᠃ 
—ᠪᠢᠳᠡ ᠴᠥᠭᠡᠨ ᠲᠤᠯᠠ ᠡᠨᠡ ᠬᠢᠷᠢ (ᠲᠠᠲ᠋ᠠᠷ ᠤ᠋ᠳ ᠢ᠋) ᠬᠦᠷᠦᠯᠴᠡᠨ ᠢᠷᠡᠭᠡ ᠦᠭᠡᠢ ᠪᠠᠢᠬᠤ ᠳ᠋ᠤ᠌ ᠮᠥᠷ ᠢ᠋ᠶ᠋ᠡᠨ ᠪᠤᠷᠤᠭᠤᠯᠠᠬᠤ ᠬᠡᠷᠡᠭᠲᠡᠢ᠁ ᠷᠶᠡᠽᠡᠨᠴᠤᠳ ᠲᠦᠷᠭᠡᠨ᠎ᠡ ᠤᠷᠤᠭᠰᠢᠯᠠᠵᠠᠭ᠎ᠠ!
— ᠪᠢ ᠬᠡᠦᠬᠡᠨ ᠨᠤᠭᠦᠳ ᠢ᠋ᠶ᠋ᠡᠷ ᠶᠠᠪᠤᠬᠤ ᠦᠭᠡᠢ᠂ ᠲᠠᠨᠠᠷ ᠤ᠋ᠨ ᠬᠠᠮᠲᠤ ᠶᠠᠪᠤᠨ᠎ᠠ ᠭᠡᠵᠦ ᠫᠷᠤᠺᠦᠢ᠍ᠳᠠ ᠬᠡᠯᠡᠪᠡ᠃ ᠲᠡᠷᠡ ᠥᠬᠢᠨ᠂ ᠪᠦᠯᠡᠲ᠋ᠺᠡ ᠶ᠋ᠢ ᠡᠮᠡᠭᠡᠯ ᠳᠡᠭᠡᠷ᠎ᠡ ᠨᠢ ᠮᠣᠷᠳᠠᠭᠤᠯᠪᠠ᠃ ᠲᠡᠭᠦᠨ ᠦ᠌ ᠠᠷᠤ ᠳ᠋ᠤᠨᠢ ᠫᠤᠰᠫᠸᠯᠺᠡ ᠰᠤᠨᠳᠠᠯᠠᠭᠰᠠᠨ ᠪᠢᠯᠡ᠃
— ᠪᠦᠯᠡᠲ᠋ᠺᠡ ᠡᠴᠡ ᠴᠢᠩᠭ᠎ᠠ ᠪᠠᠷᠢᠵᠤ ᠶᠠᠪᠤᠭᠠᠷᠠᠢ ᠭᠡᠵᠦ ᠫᠷᠤᠺᠦᠢ᠍ᠳᠠ ᠲᠡᠭᠦᠨ ᠳ᠋ᠦ᠍ ᠵᠠᠬᠢᠨ ᠬᠡᠯᠡᠪᠡ᠃ ᠲᠡᠷᠡ ᠥᠬᠢᠨ ᠥᠪᠡᠷ ᠢ᠋ᠶ᠋ᠡᠨ ᠲᠠᠲ᠋ᠠᠷ ᠤ᠋ᠨ ᠮᠣᠷᠢᠨ ᠳ᠋ᠠᠭᠠᠨ ᠦᠰᠦᠷᠦᠨ ᠮᠣᠷᠳᠠᠭᠠᠳ ᠵᠡᠷᠭᠡᠴᠡᠨ ᠶᠠᠪᠤᠯ᠎ᠠ᠃   

ᠮᠠᠨᠠᠨ ᠠᠷᠢᠯᠤᠭᠠᠳ ᠭᠡᠭᠡ ᠭᠠᠷᠴᠤ ᠪᠠᠢᠪᠠ᠃ ᠰᠢᠭᠤᠷᠭ᠎ᠠ ᠣᠭᠲᠣ ᠰᠢᠭᠤᠷᠤᠭ᠎ᠠ ᠦᠭᠡᠢ ᠶᠤᠮ ᠰᠢᠭ᠌ ᠨᠠᠮᠳᠠᠪᠠ᠃ ᠶᠡᠷᠥ᠋ᠰᠲ᠋ᠤᠸ ᠬᠣᠪ ᠬᠣᠭᠣᠰᠣᠨ ᠪᠣᠯᠤᠭᠠᠳ ᠠᠯᠠᠭᠳᠠᠭᠰᠠᠨ ᠲᠠᠲ᠋ᠠᠷ ᠤ᠋ᠳ ᠤ᠋ᠨ ᠬᠡᠭᠦᠷ ᠡᠨᠳᠡ ᠲᠡᠨᠳᠡ ᠦᠭᠡᠢ ᠬᠡᠪᠲᠡᠨᠡᠮ᠃ ᠲᠤᠰ ᠬᠣᠲᠠᠨ ᠳ᠋ᠤ᠌ ᠠᠮᠢᠳᠤ ᠠᠮᠢᠲᠠᠨ ᠨᠢᠭᠡ ᠴᠦ᠍ ᠦᠯᠡᠳᠡᠭᠰᠡᠨ ᠦᠭᠡᠢ᠃ ᠭᠠᠭᠴᠠᠬᠦ ᠰᠢᠨ᠎ᠡ ᠢᠳᠡᠰᠢ ᠭᠠᠷᠤᠭᠰᠠᠨ ᠢ᠋ ᠰᠢᠩᠰᠢᠯᠡᠨ ᠮᠡᠳᠡᠭᠰᠡᠨ ᠨᠣᠬᠠᠳ᠂ ᠡᠵᠡᠨ ᠦᠭᠡᠢ ᠪᠣᠯᠤᠭᠰᠠᠨ ᠭᠡᠷ ᠦ᠋ᠳ ᠦ᠋ᠨ ᠬᠣᠭᠣᠷᠣᠨᠳᠣ ᠳ᠋ᠠᠬᠢ ᠰᠡᠭᠦᠳᠡᠷ ᠲᠦ᠍ ᠲᠡᠨᠦᠭᠦᠴᠢᠯᠡᠨ ᠶᠠᠪᠤᠨᠠᠮ᠃ ᠤᠳᠠᠯ ᠦᠭᠡᠢ ᠣᠯᠠᠨ ᠬᠡᠷᠢᠶ᠎ᠡ ᠰᠢᠪᠠᠭᠤ ᠭᠤᠸᠠᠭᠯᠠᠭᠰᠠᠭᠠᠷ ᠢᠷᠡᠯ᠎ᠡ᠃

ᠲᠠᠲᠠᠭᠤᠷᠭ᠎ᠠ ᠲᠠᠢ ᠬᠤᠳᠳᠤᠭ ᠤ᠋ᠨ ᠳᠡᠷᠭᠡᠳᠡ ᠬᠡᠳᠦᠨ ᠨᠣᠬᠠᠳ ᠣᠴᠣᠢᠨ ᠰᠠᠭᠤᠵᠤ ᠬᠡᠯᠡ ᠪᠡᠨ ᠳᠣᠯᠢᠶᠠᠨ᠂ ᠪᠠᠭᠠᠨ᠎ᠠ ᠳ᠋ᠤ᠌ ᠪᠠᠷᠢᠵᠤ ᠬᠦᠯᠢᠭᠰᠡᠨ ᠪᠠᠢ— ᠮᠦᠷᠡᠲ ᠦ᠋ᠨ ᠵᠦᠭ ᠬᠠᠷᠠᠨᠠᠮ᠃ ᠲᠡᠷᠡ᠂ ᠬᠣᠶᠠᠷ ᠮᠠᠭᠤᠬᠠᠢ ᠨᠢᠳᠦ ᠪᠡᠨ ᠪᠦᠯᠲᠡᠢᠯᠭᠡᠨ᠂
— ᠠᠮᠠᠨ᠂ ᠠᠮᠠᠨ᠁ ᠭᠡᠨ᠎ᠡ᠃

    ᠦᠰᠦᠭ ᠠᠮᠢᠯᠠᠭᠤᠯᠤᠭᠴᠢ᠄ ᠠᠯᠲᠠᠨᠴᠢᠮᠡᠭ 1᠂ ᠮᠡᠷᠭᠡᠨᠭᠣᠸ᠎ᠠ 1᠂ ᠬᠡᠷᠡᠢᠳ ᠂ ᠮᠥᠩᠬᠡᠨᠠᠰᠤᠨ 2᠂ᠬᠦᠦᠳᠠᠭᠠᠭᠤᠯ 1᠂ ᠭᠡᠷᠡᠯ 1᠂ ᠪᠠᠶᠠᠨᠴᠡᠴᠡᠭ 1᠂
    ᠬᠢᠨᠠᠭᠴᠢ᠄ ᠲ᠂ ᠬᠦᠮᠦᠵᠢᠯᠲᠦ 2
    ᠶᠡᠷᠦᠩᠬᠡᠢ ᠬᠢᠨᠠᠭᠴᠢ᠄ ᠠᠯᠲᠠᠨᠴᠢᠮᠡᠭ 7᠂ ᠠᠷᠢᠭᠤᠨ 7