ᠪᠠᠲᠤ ᠬᠠᠭᠠᠨ 7-02 ᠣᠢ ᠶ᠋ᠢᠨ ᠰᠢᠷᠢᠩᠭᠢ ᠳᠡᠭᠡᠷ᠎ᠡ-ᠲᠣᠭᠰᠢᠨ ᠶᠸᠸᠫᠡᠲBat khaan Бат хаан-ᠷᠣᠮᠠᠨ
ᠬᠣᠶᠠᠷ ᠂ ᠣᠢ ᠶ᠋ᠢᠨ ᠰᠢᠷᠢᠩᠭᠢ ᠳᠡᠭᠡᠷ᠎ᠡ
ᠰᠡᠢᠷᠡᠭ ᠶᠡᠬᠡ ᠣᠢ ᠳᠣᠲᠣᠷ᠎ᠠ ᠴᠢᠪ ᠴᠢᠮᠡᠭᠡ ᠦᠭᠡᠢ ᠠᠵᠢ᠃ ᠮᠣᠳᠣᠨ ᠤ᠋ ᠮᠥᠴᠢᠷ ᠡᠴᠡ ᠪᠥᠭᠡᠮ ᠪᠥᠭᠡᠮ ᠴᠠᠰᠤ ᠤᠨᠠᠬᠤ᠂ ᠬᠡᠷᠡᠮ ᠬᠠᠷᠠᠢᠯᠠᠯᠳᠤᠬᠤ ᠪᠠ ᠡᠪᠦᠯ ᠴᠠᠭ ᠭᠠᠭᠴᠠᠭᠠᠷ ᠣᠷᠣᠰᠢᠬᠤ ᠰᠢᠪᠠᠭᠤᠳ ᠤ᠋ᠨ ᠨᠢᠰᠬᠦ ᠨᠢ ᠲᠣᠪ ᠲᠣᠳᠣᠷᠬᠠᠢ ᠰᠣᠨᠣᠰᠳᠠᠨ᠎ᠠ᠃
ᠵᠠᠷᠢᠮ ᠳ᠋ᠠᠭᠠᠨ ᠬᠦᠢᠲᠡᠨ ᠡᠴᠡ ᠮᠣᠳᠣ ᠨᠤᠭᠤᠳ ᠳᠡᠰ ᠳᠡᠰ ᠬᠢᠨ ᠬᠠᠭᠠᠷᠠᠬᠤ ᠨᠢ ᠠᠯᠤᠰ ᠤ᠋ᠨ ᠣᠢ ᠳ᠋ᠤ᠌ ᠴᠤᠤᠷᠢᠶᠠᠲᠤᠨ᠎ᠠ᠃ ᠥᠨᠳᠥᠷ ᠨᠠᠷᠠᠰᠤᠨ ᠤ᠋ ᠣᠷᠣᠢ ᠰᠠᠯᠬᠢᠨ᠎ᠠ ᠭᠠᠩᠬᠤᠨ ᠬᠥᠳᠡᠯᠬᠦ ᠵᠥᠭᠡᠯᠡᠨ ᠴᠢᠮᠡᠭᠡ ᠬᠠᠶᠠ ᠭᠠᠷᠤᠨ᠎ᠠ᠃ ᠲᠡᠭᠡᠭᠡᠳ ᠪᠠᠰᠠ ᠬᠥᠭᠰᠢᠨ ᠣᠢ ᠪᠣᠯᠭᠣᠮᠵᠢᠯᠠᠬᠤ ᠮᠡᠲᠦ ᠴᠢᠪ ᠴᠢᠮᠡᠭᠡ ᠦᠭᠡᠢ ᠪᠣᠯᠤᠨ᠎ᠠ᠃
ᠵᠢᠵᠢᠭ ᠣᠢ ᠪᠠ ᠡᠪᠡᠰᠦ ᠤᠷᠭᠤᠮᠠᠯ ᠤ᠋ᠨ ᠵᠦᠢᠯ ᠢ᠋ ᠵᠤᠵᠠᠭᠠᠨ ᠴᠠᠰᠤᠨ ᠬᠣᠩᠭᠣᠷ ᠳᠠᠷᠤᠭᠰᠠᠨ ᠲᠤᠯᠠ ᠶᠠᠪᠠᠭᠠᠨ ᠴᠤ᠌᠂ ᠣᠨᠣᠯᠭ᠎ᠠ ᠲᠠᠢ ᠴᠤ᠌ ᠭᠠᠲᠤᠯᠬᠤ ᠠᠷᠭ᠎ᠠ ᠦᠭᠡᠢ ᠭᠠᠭᠴᠠᠬᠠᠨ ᠠᠳᠤᠭᠤᠰᠤ ᠶ᠋ᠢᠨ ᠰᠢᠷᠢ ᠪᠡᠷ ᠰᠢᠷᠢᠯᠡᠭᠰᠡᠨ ᠪᠣᠭᠣᠨᠢᠬᠠᠨ ᠴᠠᠨ᠎ᠠ ᠪᠠᠷ ᠭᠦᠨ ᠣᠢ ᠶ᠋ᠢ ᠨᠡᠪᠲᠡᠷᠡᠵᠦ ᠪᠣᠯᠬᠤ ᠠᠵᠢ᠃ ᠡᠨᠡ ᠣᠢ ᠶ᠋ᠢᠨ ᠭᠦᠨ ᠳ᠋ᠦ᠍ ᠳᠥᠩᠭᠡᠵᠢ ᠮᠡᠳᠡᠭᠳᠡᠬᠦ ᠶ᠋ᠢᠨ ᠲᠡᠳᠦᠢ ᠬᠠᠷᠠᠭᠳᠠᠬᠤ ᠪᠠᠯᠠᠷᠬᠠᠢ ᠬᠠᠷᠭᠤᠢ ᠶᠠᠪᠤᠭᠰᠠᠭᠠᠷ ᠪᠢᠴᠢᠬᠠᠨ ᠨᠠᠮᠤᠭ ᠰᠢᠷᠢᠩᠭᠢ ᠳ᠋ᠦ᠍ ᠬᠦᠷᠦᠨ᠎ᠡ᠃ ᠲᠡᠨᠳᠡ ᠮᠠᠨ ᠤ᠋ ᠲᠠᠯ᠎ᠠ ᠶ᠋ᠢᠨ ᠬᠢᠨ ᠴᠤᠭᠯᠠᠷᠠᠵᠤ ᠪᠢᠯᠡ᠃ ᠲᠡᠨᠳᠡ ᠪᠣᠯ ᠲᠠᠲ᠋ᠠᠷ ᠤ᠋ᠨ ᠬᠤᠷᠴᠠ ᠰᠡᠯᠡᠮ᠎ᠡ ᠪᠤᠶᠤ ᠤᠷᠭ᠎ᠠ ᠠ᠋ᠴᠠ ᠵᠣᠯ ᠵᠠᠪᠰᠢᠶᠠᠨ ᠢ᠋ᠶ᠋ᠠᠷ ᠠᠮᠢ ᠵᠢᠭᠤᠲᠠᠨ ᠭᠠᠷᠤᠭᠴᠢᠳ᠂ ᠰᠢᠲᠠᠭᠠᠭᠰᠠᠨ ᠲᠣᠰᠬᠣᠨ ᠤ᠋ ᠬᠥᠮᠦᠰ᠂ ᠷᠶᠠᠽᠠᠨ ᠢ᠋ ᠬᠠᠮᠠᠭᠠᠯᠠᠭᠴᠢᠳ ᠠ᠋ᠴᠠ ᠠᠮᠢᠳᠤ ᠦᠯᠡᠳᠡᠭᠡᠳ ᠤᠰᠠᠳᠬᠠᠭᠳᠠᠭᠰᠠᠨ ᠪᠠᠭ ᠠ᠋ᠴᠠ ᠦᠯᠡᠳᠡᠭᠰᠡᠨ ᠴᠡᠷᠢᠭ ᠦ᠋ᠳ ᠪᠠᠢᠵᠠᠢ᠃ ᠣᠢ ᠶ᠋ᠢᠨ ᠴᠠᠭᠠᠳᠤᠬᠢ ᠲᠥᠷᠥᠭᠰᠡᠨ ᠨᠤᠲᠤᠭ ᠤ᠋ᠨ ᠴᠠᠰᠤᠲᠤ ᠲᠠᠯᠠᠪᠤᠷ ᠲᠸ᠋ ᠢᠯᠳᠦ ᠰᠡᠯᠡᠮ᠎ᠡ ᠭᠢᠯᠠᠯᠵᠠᠵᠤ ᠭᠠᠰᠢᠭᠤᠨ ᠨᠢᠯᠪᠤᠰᠤ ᠠᠰᠬᠠᠷᠠᠵᠤ ᠣᠷᠣᠰ ᠤ᠋ᠨ ᠴᠢᠰᠤ ᠤᠷᠤᠰᠤᠨ᠎ᠠ᠃ ᠣᠷᠣᠨ ᠭᠡᠷ ᠦ᠋ᠳ ᠰᠢᠲᠠᠵᠤ ᠪᠠᠢᠪᠠ᠃
ᠴᠡᠷᠢᠭ ᠦ᠋ᠳ ᠭᠠᠯ ᠤ᠋ᠨ ᠳᠡᠷᠭᠡᠳᠡ ᠳᠤᠯᠠᠭᠠᠴᠠᠨ ᠨᠠᠷᠠᠰᠤᠨ ᠤ᠋ ᠮᠥᠴᠢᠷ ᠳᠡᠭᠡᠷ᠎ᠡ ᠬᠡᠪᠲᠡᠵᠦ ᠠᠮᠠᠷᠠᠵᠠᠭᠠᠨᠠ᠃
ᠲᠡᠳᠡ ᠨᠠᠮᠬᠠᠨ ᠳᠠᠭᠤ ᠪᠠᠷ᠄
— ᠠᠬ᠎ᠠ ᠳᠡᠭᠦᠦ ᠨᠠᠷ ᠮᠢᠨᠢ ᠶᠠᠭᠤ ᠪᠠᠨ ᠪᠣᠳᠣᠪᠠ?
ᠠᠩᠭᠢᠷ ᠬᠥᠪᠡᠭᠦᠳ ᠮᠢᠨᠢ ᠶᠠᠭᠤ ᠪᠠᠨ ᠰᠠᠨᠠᠭᠠᠰᠢᠷᠠᠪᠠ?
ᠵᠣᠷᠢᠭᠲᠤ ᠲᠣᠯᠣᠭᠠᠢ ᠪᠠᠨ ᠤᠨᠵᠢᠢᠭᠤᠯᠤᠨ ᠰᠠᠭᠤᠳᠠᠭ ᠴᠢᠨᠢ ᠶᠠᠭᠤ ᠪᠣᠢ?
ᠵᠣᠯᠪᠣᠭᠠᠲᠤ ᠨᠢᠳᠦ ᠪᠡᠷ ᠢ᠋ᠶ᠋ᠡᠨ ᠭᠠᠵᠠᠷ ᠰᠢᠷᠳᠡᠳᠡᠭ ᠴᠢᠨᠢ ᠶᠠᠭᠤ ᠪᠣᠢ? ᠭᠡᠵᠦ ᠳᠠᠭᠤᠯᠠᠭᠰᠠᠨ ᠳ᠋ᠤ᠌ ᠬᠡᠳᠦᠨ ᠬᠥᠮᠦᠰ ᠨᠢᠭᠡᠨ ᠵᠡᠷᠭᠡ᠂
— ᠬᠣᠪᠳᠣᠭ ᠮᠤᠤᠰᠠᠢᠨ ᠲᠠᠲ᠋ᠠᠷ ᠤ᠋ᠳ᠂
ᠬᠣᠣᠷᠯᠠᠬᠤ ᠪᠠᠷ ᠨᠠᠰᠢ ᠪᠠᠨ ᠠᠢᠰᠤᠢ ᠭᠡᠵᠦ ᠲᠦᠷᠢᠪᠡ᠃
ᠲᠡᠳᠡᠨ ᠦ᠌ ᠳᠤᠮᠳᠠ ᠠ᠋ᠴᠠ ᠨᠢᠭᠡ ᠵᠠᠯᠠᠭᠤ ᠬᠥᠮᠦᠨ ᠠᠭᠤᠷᠰᠠᠨ᠄
— ᠳᠠᠭᠤᠯᠠᠬᠤ ᠴᠢᠨᠢ ᠰᠠᠢᠨ ᠪᠢᠰᠢ ᠳ᠋ᠠ?᠁ ᠭᠡᠳ ᠲᠡᠷᠡ ᠳᠤᠷ᠎ᠠ ᠦᠭᠡᠢ ᠪᠠᠢᠳᠠᠯ ᠢ᠋ ᠦᠵᠡᠭᠦᠯᠦᠨ ᠴᠠᠰᠢ ᠡᠷᠭᠢᠲᠡᠯ᠎ᠡ ᠨᠢᠭᠡᠨ ᠬᠦᠨᠳᠦ ᠭᠠᠷ ᠲᠡᠭᠦᠨ ᠦ᠌ ᠮᠥᠷᠦᠨ ᠦ᠌ ᠲᠤᠰᠢᠶ᠎ᠠ ᠭᠠᠵᠠᠷ ᠴᠢᠩᠭ᠎ᠠ ᠴᠣᠬᠢᠪᠠ᠃ ᠲᠡᠷᠡ ᠡᠷᠭᠢᠵᠦ ᠬᠠᠷᠠᠪᠠᠯ ᠲᠡᠭᠦᠨ ᠦ᠌ ᠳᠡᠷᠭᠡᠳᠡ ᠦᠰᠦᠲᠡᠢ ᠳᠡᠪᠡᠯ᠂ ᠨᠣᠬᠠᠢ ᠶ᠋ᠢᠨ ᠠᠷᠠᠰᠤᠨ ᠮᠠᠯᠠᠭᠠᠢ ᠡᠮᠦᠰᠴᠦ ᠪᠥᠰᠡᠨ ᠳ᠋ᠡᠭᠡᠨ ᠰᠦᠬᠡ ᠬᠠᠪᠴᠢᠭᠤᠯᠤᠭᠰᠠᠨ ᠥᠨᠳᠥᠷ ᠡᠪᠦᠭᠡᠨ ᠵᠣᠭᠰᠣᠵᠤ ᠪᠠᠢᠪᠠ᠃
— ᠶᠠᠭᠤ ᠪᠠᠨ ᠳᠣᠩᠭᠣᠳᠴᠠᠭᠠᠵᠤ ᠪᠠᠢᠭ᠎ᠠ ᠶᠤᠮ ᠪᠣᠢ? ᠭᠡᠵᠦ ᠲᠡᠷᠡ ᠠᠰᠠᠭᠤᠨ᠎ᠠ᠃
ᠲᠡᠷᠡ ᠵᠠᠯᠠᠭᠤ ᠮᠥᠷᠥ ᠪᠡᠨ ᠢᠯᠪᠢᠵᠦ
— ᠲᠦᠢ᠂ ᠼᠪᠶᠠᠭ᠎ᠠ ᠴᠢᠨᠦ ᠡᠨᠡ ᠴᠢᠨᠢ ᠶᠠᠮᠠᠷ ᠭᠡᠭᠴᠢ ᠶ᠋ᠢᠨ ᠭᠠᠷ ᠪᠣᠢ? ᠭᠡᠨ᠎ᠡ᠃
— ᠳᠠᠭᠤᠤ ᠴᠢᠮᠠᠲᠤ ᠮᠠᠭᠤ ᠪᠣᠯᠬᠤ ᠳ᠋ᠠᠭᠠᠨ ᠶᠠᠭᠠᠬᠢᠬᠤ ᠶᠤᠮ ᠪᠣᠢ?
— ᠲᠠᠲ᠋ᠠᠷ ᠤ᠋ᠳ ᠰᠣᠨᠣᠰᠬᠤ ᠪᠢᠰᠢ ᠤᠤ?
— ᠲᠡᠳᠡ ᠭᠠᠵᠠᠷ ᠤ᠋ᠨ ᠬᠠᠮᠢᠭ᠎ᠠ ᠠ᠋ᠴᠠ ᠡᠨᠳᠡ ᠢᠷᠡᠵᠦ ᠴᠢᠳᠠᠬᠤ ᠪᠢᠯᠡ᠁ ᠴᠠᠰᠤᠨ ᠳ᠋ᠤ᠌ ᠰᠢᠷᠭᠤᠵᠤ ᠤᠨᠠᠵᠠᠭᠠᠬᠤ ᠪᠢᠵᠡ᠃
— ᠣᠳᠣ ᠳᠠᠭᠤᠯᠠᠭᠠᠳ ᠴᠤ᠌ ᠶᠠᠭᠠᠬᠢᠬᠤ ᠶᠤᠮ ᠪᠢᠯᠡ᠃
— ᠶᠠᠭᠤᠨ ᠳ᠋ᠤ᠌ ᠡᠰᠡ ᠳᠠᠭᠤᠯᠠᠬᠤ ᠪᠢᠯᠡ ?
— ᠣᠷᠣᠨ ᠭᠡᠷ ᠢ᠋ ᠮᠢᠨᠢ ᠰᠢᠲᠠᠭᠠᠭᠰᠠᠨ᠂ ᠡᠪᠦᠭᠡᠳ ᠬᠥᠭᠰᠢᠳ ᠢ᠋ ᠮᠢᠨᠢ ᠠᠯᠠᠭᠰᠠᠨ᠁ ᠡᠬᠡᠨᠡᠷ ᠬᠡᠦᠬᠡᠳ ᠢ᠋ ᠮᠢᠨᠢ ᠠᠪᠤᠭᠠᠳ ᠶᠠᠪᠤᠴᠢᠬᠠᠭᠰᠠᠨ ᠭᠡᠵᠦ ᠲᠡᠷᠡ ᠵᠠᠯᠠᠭᠤ ᠨᠢᠯᠪᠤᠰᠤ ᠪᠠᠨ ᠴᠤᠪᠤᠷᠠᠭᠤᠯᠤᠨ ᠪᠠᠢᠪᠠ᠃
— ᠵᠠ ᠪᠠᠰᠠ ᠲᠡᠭᠡᠭᠡᠳ ᠡᠨᠡ ᠴᠢᠨᠢ ᠭᠠᠭᠴᠠᠬᠠᠨ ᠴᠢᠮᠠᠲᠤ ᠲᠣᠬᠢᠶᠠᠯᠳᠤᠭᠰᠠᠨ ᠶᠤᠮ ᠤᠤ? ᠴᠢ ᠶᠠᠭᠤ ᠪᠠᠨ ᠴᠠᠯᠴᠢᠵᠤ ᠪᠠᠢᠨ᠎ᠠ ᠪᠣᠢ? ᠡᠨᠡ ᠭᠠᠰᠢᠭᠤᠨ ᠵᠣᠪᠠᠯᠠᠩ ᠢ᠋ ᠪᠢᠳᠡ ᠴᠥᠮ ᠦᠵᠡᠵᠦ ᠠᠮᠰᠠᠵᠠᠭᠠᠭᠰᠠᠨ ᠰᠢᠦ᠃ ᠬᠠᠷᠢᠨ ᠮᠠᠷᠭᠠᠰᠢ ᠲᠡᠳᠡᠭᠡᠷ ᠵᠢᠷᠲᠠᠭᠠᠢ ᠨᠢᠳᠦᠲᠦ ᠨᠤᠭᠦᠳ ᠦ᠋ᠨ ᠰᠡᠭᠦᠯ ᠢ᠋ ᠨᠢ ᠲᠠᠰᠤ ᠴᠠᠪᠴᠢᠨ᠎ᠠ᠃ ᠲᠡᠳᠡᠨ ᠢ᠋ ᠵᠠᠪᠠᠯ ᠴᠤ᠌ ᠬᠥᠭᠡᠭᠡᠵᠦ ᠵᠠᠢᠯᠠᠭᠤᠯᠤᠨ᠎ᠠ ᠭᠡᠬᠦ ᠳ᠋ᠦ᠍ ᠥᠨᠥᠬᠢ ᠵᠠᠯᠠᠭᠤ ᠦᠯᠦ ᠢᠲᠡᠭᠡᠬᠦ ᠪᠠᠢᠳᠠᠯ ᠢ᠋ᠶ᠋ᠠᠷ ᠲᠣᠯᠣᠭᠠᠢ ᠰᠡᠭᠰᠦᠷᠦᠨ᠎ᠡ᠃
— ᠦᠭᠡᠢ᠂ ᠳᠠᠭᠤᠤ ᠳᠠᠭᠤᠯᠠᠬᠤ ᠦᠭᠡᠢ ᠪᠠᠢᠵᠤ ᠪᠣᠯᠬᠤ ᠦᠭᠡᠢ᠁ ᠭᠡᠵᠦ ᠼᠪᠶᠠᠭ᠎ᠠ ᠨᠠᠷᠠᠰᠤᠨ ᠤ᠋ ᠣᠢᠴᠢᠭᠰᠠᠨ ᠨᠠᠪᠴᠢᠨ ᠳᠡᠭᠡᠷ᠎ᠡ ᠰᠠᠭᠤᠵᠤ ᠥᠭᠦᠯᠡᠷᠦᠨ᠄
— ᠮᠠᠨ ᠤ᠋ ᠬᠡᠷᠡᠭ ᠵᠥᠪ᠂ ᠶᠠᠭᠠᠬᠢᠭᠠᠳ ᠲᠠᠲ᠋ᠠᠷ ᠤ᠋ᠳ ᠪᠠᠶᠠᠰᠬᠤᠯᠠᠩᠲᠠᠢ ᠪᠠᠷ ᠳᠠᠭᠤᠯᠠᠬᠤ ᠦᠭᠡᠢ ᠬᠠᠷᠢᠨ ᠴᠢᠨᠣ᠎ᠠ ᠰᠢᠭ᠋ ᠤᠯᠢᠳᠠᠭ ᠪᠢᠯᠡ ᠃ ᠲᠡᠳᠡᠨ ᠦ᠌ ᠬᠡᠷᠡᠭ ᠪᠤᠷᠤᠭᠤ᠂ ᠶᠡᠷᠦ ᠡᠴᠡ ᠦᠨᠡᠨ ᠬᠡᠷᠡᠭ ᠲᠦ᠍ ᠬᠥᠮᠦᠨ ᠦᠷᠭᠦᠯᠵᠢ ᠳᠠᠭᠤᠯᠠᠳᠠᠭ ᠶᠤᠮ ᠃ ᠲᠡᠷᠡ᠁ ᠲᠡᠷᠡ᠁
— ᠮᠢᠨᠦ ᠭᠡᠳᠡᠰᠦ ᠬᠦᠷᠲᠡᠯ᠎ᠡ ᠥᠯᠥᠰᠦᠭᠡᠳ ᠳᠠᠭᠤᠯᠠᠬᠤ ᠪᠠᠷᠬᠢᠷᠠᠬᠤ ᠶ᠋ᠢ ᠰᠣᠨᠣᠰᠪᠠ ᠤᠤ ᠭᠡᠬᠦ ᠳ᠋ᠦ᠍᠂
— ᠵᠠ ᠴᠢ ᠴᠢᠨᠢ ᠭᠡᠵᠦ ᠭᠤᠷᠪᠠᠳᠤᠭᠠᠷ ᠬᠥᠮᠦᠨ ᠳᠡᠷᠭᠡᠳᠡ ᠨᠢ ᠣᠢᠷᠠᠬᠠᠨ ᠣᠴᠢᠭᠠᠳ ᠴᠢᠩᠭ᠎ᠠ ᠳᠠᠭᠤ ᠪᠠᠷ ᠢᠨᠢᠶᠡᠨ᠂
— ᠴᠢᠨᠦ ᠱᠥᠯᠥ ᠴᠢᠨᠢ ᠠᠷᠠᠢᠬᠢᠨ ᠪᠣᠯᠤᠭ᠎ᠠ ᠦᠭᠡᠢ ᠪᠠᠢᠨ᠎ᠠ ᠰᠢᠦ ᠭᠡᠨ᠎ᠡ᠃
— ᠵᠦᠭᠡᠷ ᠲᠣᠭᠣᠭ᠎ᠠ ᠲᠠᠢ ᠬᠠᠷ᠎ᠠ ᠤᠰᠤ ᠶ᠋ᠢ ᠪᠤᠴᠠᠯᠤᠮᠠᠭᠴᠠ ᠭᠤᠯᠢᠷ ᠢ᠋ᠶ᠋ᠠᠷ ᠵᠤᠲᠠᠩ ᠪᠣᠯᠭᠠᠨ ᠢᠳᠡᠵᠡᠭᠡᠨ᠎ᠡ᠃ ᠬᠠᠷᠢᠨ ᠳᠠᠪᠤᠰᠤ ᠪᠠᠢᠬᠤ ᠦᠭᠡᠢ ᠭᠡᠵᠦ ᠪᠢᠲᠡᠭᠡᠢ ᠦᠭᠡ ᠥᠭᠦᠯᠡᠨ ᠭᠠᠷᠭᠠᠭᠠᠷᠠᠢ ᠭᠡᠵᠦ ᠼᠪᠶᠠᠭ᠎ᠠ ᠬᠡᠯᠡᠪᠡ᠃
— ᠵᠣᠪᠠᠬᠤ ᠴᠤ᠌ ᠡᠴᠦᠰ ᠦ᠋ᠨ ᠬᠡᠷᠡᠭ ᠪᠣᠯᠤᠭᠠᠳ ᠪᠠᠢᠨ᠎ᠠ᠃ ᠡᠨᠡ ᠴᠢᠨᠢ ᠪᠢᠳᠡᠨ ᠳ᠋ᠦ᠍ ᠶᠠᠭᠤ ᠴᠤ᠌ ᠪᠢᠰᠢ᠃ ᠰᠠᠢᠨ ᠨᠣᠢᠷᠰᠤᠵᠠᠭᠠᠪᠠᠯ ᠵᠡᠭᠦᠳᠦᠨ᠎ᠡ ᠪᠣᠣᠪᠣ ᠲᠠᠯᠬ᠎ᠠ ᠦᠵᠡᠭᠳᠡᠨ᠎ᠡ ᠪᠢᠵᠡ ? ᠭᠡᠲᠡᠯ᠎ᠡ᠂
— ᠵᠣᠭᠰᠣ᠂ ᠬᠡᠨ ᠶᠠᠪᠤᠵᠤ ᠪᠠᠢᠨ᠎ᠠ ᠪᠣᠢ? ᠭᠡᠬᠦ ᠴᠢᠮᠡᠭᠡ ᠰᠣᠨᠣᠰᠳᠠᠪᠠ᠃
ᠪᠦᠳᠦᠭᠦᠨ ᠪᠥᠭᠡᠳ ᠪᠣᠭᠣᠨᠢᠬᠠᠨ ᠬᠥᠯ ᠲᠡᠢ ᠨᠢᠭᠡ ᠲᠠᠷᠢᠶᠠᠴᠢᠨ ᠣᠢ ᠳᠤᠮᠳᠠᠭᠤᠷ ᠴᠠᠨ᠎ᠠ ᠪᠠᠷ ᠮᠠᠢᠵᠢᠭᠢᠨᠠᠨ ᠶᠠᠪᠤᠨ᠎ᠠ᠃ ᠨᠠᠮ ᠨᠡᠢᠯᠡᠭᠴᠢᠳ ᠢ᠋ ᠬᠠᠷᠠᠬᠤ ᠶ᠋ᠢᠨ ᠬᠠᠮᠲᠤ ᠲᠣᠯᠣᠭᠠᠢ ᠪᠠᠨ ᠳᠡᠭᠡᠭᠰᠢ ᠲᠠᠲᠠᠬᠤ ᠳ᠋ᠤ᠌ ᠲᠡᠭᠦᠨ ᠦ᠌ ᠬᠠᠷ᠎ᠠ ᠰᠠᠬᠠᠯ ᠨᠢ ᠰᠡᠷᠪᠡᠯᠵᠡᠨ ᠶᠣᠷᠳᠣᠢᠨᠠ᠃ ᠲᠡᠷᠡ ᠨᠢᠷᠤᠭᠤᠨ ᠳ᠋ᠠᠭᠠᠨ ᠰᠢᠭᠤᠳᠠᠢ ᠲᠠᠢ ᠭᠤᠯᠢᠷ ᠡᠭᠦᠷᠭᠡᠯᠡᠨ ᠶᠠᠪᠤᠪᠠ ᠃ ᠡᠭᠦᠨ᠎ᠡ ᠨᠠᠮ ᠨᠡᠢᠯᠡᠭᠴᠢᠳ ᠡᠴᠡ ᠬᠡᠳᠦᠨ ᠬᠥᠮᠦᠰ ᠲᠡᠭᠦᠨ᠎ᠡ ᠣᠢᠷᠠᠲᠤᠵᠤ ᠣᠴᠢᠬᠤ ᠳ᠋ᠤ᠌ ᠪᠤᠰᠤᠳ ᠨᠢ ᠭᠠᠯ ᠤ᠋ᠨ ᠳᠤᠯᠠᠭᠠᠨ ᠢᠯᠴᠢ ᠶ᠋ᠢᠨ ᠳᠡᠷᠭᠡᠳᠡ ᠬᠠᠵᠠᠭᠤᠯᠠᠳᠠᠨ ᠬᠡᠪᠲᠡᠵᠡᠭᠡᠵᠦ ᠯᠡ ᠪᠠᠢᠯ᠎ᠠ ᠃
— ᠵᠠ ᠴᠡᠷᠢᠭ ᠦ᠋ᠳ᠂ ᠵᠠᠯᠠᠭᠤ ᠬᠤᠷᠴᠠ ᠵᠣᠷᠢᠭᠲᠠᠨ ᠠ᠋᠂ ᠲᠣᠰᠬᠣᠨ ᠠ᠋ᠴᠠ ᠰᠢᠭᠤᠳ ᠵᠠᠭᠤᠨ ᠮᠣᠳᠣ ᠶᠠᠪᠤᠵᠤ ᠬᠠᠳᠠᠮ ᠡᠬᠡ ᠡᠴᠡ ᠪᠡᠯᠡᠭ ᠠᠪᠴᠢᠷᠠᠭᠰᠠᠨ ᠪᠠᠢᠨ᠎ᠠ᠃ ᠲᠣᠮᠣ ᠰᠢᠭᠤᠳᠠᠢ ᠲᠠᠢ ᠭᠤᠯᠢᠷ ᠠᠪᠴᠢᠷᠠᠪᠠ᠃ ᠬᠣᠢᠷᠭᠣᠰᠢᠵᠤ ᠵᠠᠯᠬᠠᠭᠤᠷᠠᠬᠤ ᠦᠭᠡᠢ ᠪᠣᠯ ᠢᠷᠡᠵᠦ ᠠᠶᠠᠭ᠎ᠠ ᠪᠤᠶᠤ ᠮᠠᠯᠠᠭᠠᠢ ᠪᠠᠨ ᠲᠤᠰ᠂ ᠪᠣᠰᠢᠭᠣ ᠲᠠᠯᠬ᠎ᠠ ᠬᠣᠭᠣᠯᠠ ᠶ᠋ᠢ ᠬᠢᠭᠲᠦᠨ! ᠲᠡᠭᠡᠬᠦ ᠦᠭᠡᠢ ᠪᠣᠯ ᠠᠮᠠᠨ ᠳ᠋ᠤ᠌ ᠴᠤ᠌ ᠦᠭᠡᠢ ᠂ ᠬᠠᠮᠠᠷ ᠲᠤ᠌ ᠴᠤ᠌ ᠦᠭᠡᠢ ᠪᠣᠯᠤᠨ᠎ᠠ ᠰᠢᠦ ᠭᠡᠵᠦ ᠢᠨᠢᠶᠡᠯᠳᠦᠨ᠎ᠡ᠃
— ᠭᠤᠯᠢᠷ ᠬᠠᠮᠢᠭ᠎ᠠ ᠠ᠋ᠴᠠ ᠠᠪᠴᠢᠷᠠᠪᠠ᠂ ᠬᠡᠨ ᠠᠪᠴᠢᠷᠠᠪᠠ? ᠭᠡᠵᠦ ᠪᠦᠭᠦᠳᠡᠭᠡᠷ ᠢ᠋ᠶ᠋ᠡᠨ ᠬᠠᠰᠬᠢᠷᠤᠯᠳᠤᠨ᠎ᠠ᠃
— ᠡᠨᠡ ᠶᠡᠬᠡ ᠰᠠᠬᠠᠯ ᠲᠠᠢ ᠥᠭᠯᠢᠭᠡᠴᠢ ᠡᠪᠦᠭᠡᠨ ᠥᠭᠪᠡ᠂ ᠲᠠᠲ᠋ᠠᠷ ᠤ᠋ᠳ ᠲᠡᠭᠦᠨ ᠢ᠋ ᠵᠤᠤᠬᠠᠨ ᠠ᠋ᠴᠠ ᠤᠨᠠᠭᠠᠳ ᠬᠡᠯᠡᠭᠡᠢ ᠪᠣᠯᠤᠭᠰᠠᠨ ᠠ᠋ᠴᠠ ᠬᠣᠢᠰᠢ ᠫᠣᠷ ᠭᠡᠵᠦ ᠨᠡᠷᠡᠯᠡᠬᠦ ᠪᠣᠯᠤᠭᠰᠠᠨ ᠶᠤᠮ ᠭᠡᠨ᠎ᠡ᠃
ᠼᠪᠶᠠᠭ᠎ᠠ ᠪᠣᠰᠤᠨ ᠬᠠᠷᠠᠢᠵᠤ᠂
— ᠸᠠᠤᠢ᠍ᠯ— ᠰᠸᠨᠲ ᠭᠡᠵᠦ ᠲᠠᠨᠢᠯ ᠨᠥᠬᠥᠷ ᠢ᠋ᠶ᠋ᠠᠨ ᠲᠡᠪᠡᠷᠢᠪᠡ᠃
— ᠲᠠᠨᠠᠷ ᠢ᠋ ᠡᠨᠳᠡ ᠥᠯᠪᠡᠷᠦᠨ ᠪᠠᠢᠭ᠎ᠠ ᠶ᠋ᠢ ᠮᠡᠳᠡᠭᠡᠳ ᠭᠤᠯᠢᠷ ᠠᠪᠴᠢᠷᠠᠪᠠ ᠭᠡᠵᠦ ᠸᠠᠤᠢ᠍ᠯ ᠲᠠᠢᠯᠪᠤᠷᠢᠯᠠᠨ ᠬᠡᠯᠡᠨᠡᠮ᠃
— ᠵᠣᠷᠢᠭᠲᠤ ᠡᠷ᠎ᠡ ᠮᠢᠨᠢ ᠪᠢᠳᠡᠨ ᠦ᠌ ᠭᠡᠳᠡᠰᠦ ᠬᠣᠭᠣᠰᠣᠨ ᠪᠣᠯᠤᠭᠠᠳ ᠪᠠᠢᠬᠤ ᠳ᠋ᠤ᠌ ᠴᠠᠳᠲᠠᠯ᠎ᠠ ᠬᠣᠭᠣᠯᠠᠯᠠᠭᠤᠯᠪᠠ ᠭᠡᠵᠦ ᠪᠦᠭᠦᠳᠡᠭᠡᠷ ᠬᠡᠯᠡᠪᠡ᠃
— ᠸᠠᠤᠢ᠍ᠯ ᠮᠠᠨ ᠤ᠋ ᠭᠠᠯ ᠤ᠋ᠨ ᠳᠡᠷᠭᠡᠳᠡ ᠢᠷᠡᠵᠦ ᠰᠠᠭᠤᠭᠲᠤᠨ᠃
— ᠦᠭᠡᠢ ᠨᠡᠰᠢ ᠪᠠᠨ ᠮᠠᠨ ᠤ᠋ ᠡᠨᠳᠡ ᠢᠷᠡᠭᠲᠦᠨ ᠭᠡᠯᠴᠡᠨᠡᠮ᠃
— ᠴᠢ ᠶᠠᠭᠠᠬᠢᠵᠤ ᠶᠠᠪᠤᠭᠰᠠᠨ ᠢ᠋ᠶ᠋ᠠᠨ ᠶᠠᠷᠢᠭᠲᠤᠨ ᠭᠡᠵᠦ ᠼᠪᠶᠠᠭ᠎ᠠ ᠠ᠋ᠴᠠ ᠠᠰᠠᠭᠤᠨ᠎ᠠ᠃
— ᠴᠢᠮᠠᠶ᠋ᠢ ᠷᠶᠡᠽᠡᠨ ᠦ᠌ ᠬᠡᠷᠡᠮ ᠡᠴᠡ ᠭᠣᠣᠯ ᠤ᠋ᠨ ᠵᠦᠭ ᠭᠦᠶᠦᠬᠦ ᠶ᠋ᠢ ᠴᠢᠨᠢ ᠪᠢ ᠦᠵᠡᠭᠡᠳ ᠴᠢᠮᠠᠶ᠋ᠢ ᠲᠡᠨᠳᠡ ᠤᠨᠠᠵᠤ ᠦᠬᠦᠭᠰᠡᠨ ᠭᠡᠵᠦ ᠪᠣᠳᠣᠭᠰᠠᠨ᠃
— ᠮᠢᠨᠦ ᠦᠬᠦᠯ ᠦ᠋ᠨ ᠡᠳᠦᠷ ᠬᠦᠷᠴᠦ ᠢᠷᠡᠬᠦ ᠪᠠᠰᠠ ᠪᠣᠯᠤᠭ᠎ᠠ ᠦᠭᠡᠢ ᠪᠠᠢᠨ᠎ᠠ᠃
— ᠵᠢᠳᠬᠦᠭᠰᠡᠭᠡᠷ ᠢᠷᠡᠯ᠎ᠡ᠃ ᠣᠰᠤᠭᠤᠵᠤ ᠬᠠᠳᠠᠲᠠᠯ᠎ᠠ ᠬᠣᠶᠠᠷ ᠬᠣᠨᠣᠭ ᠣᠢ ᠳᠤᠮᠳᠠᠭᠤᠷ ᠶᠠᠪᠤᠪᠠ᠃
— ᠬᠣ᠋᠂ ᠬᠣ᠋᠂ ᠬᠣ᠋ ᠭᠡᠵᠦ ᠢᠨᠢᠶᠡᠯᠳᠦᠨ
— ᠥᠪᠡᠷ ᠦ᠋ᠨ ᠬᠣᠶᠠᠷ ᠢ᠋ᠶ᠋ᠠᠷ ᠢ᠋ᠶ᠋ᠠᠨ ᠬᠠᠲᠠᠷᠢᠭᠰᠠᠨ ᠤᠤ?
— ᠦᠭᠡᠢ᠂ ᠬᠡᠨ ᠦ᠌ ᠪᠠᠢᠬᠤ ᠶᠤᠮ ᠪᠣᠢ? ᠪᠠᠢᠳᠠᠭ ᠴᠢᠳᠠᠯ ᠢ᠋ᠶ᠋ᠠᠷ ᠢ᠋ᠶ᠋ᠠᠨ ᠵᠢᠭᠤᠲᠠᠨ ᠨᠠᠮ ᠨᠡᠢᠯᠡᠭᠴᠢᠳ ᠢ᠋ ᠡᠷᠢᠭᠰᠡᠭᠡᠷ ᠨᠢᠭᠡ ᠶᠠᠭᠤᠮ᠎ᠠ ᠲᠣᠬᠢᠶᠠᠯᠳᠤᠪᠠ᠃ ᠬᠣᠶᠠᠷ ᠡᠪᠦᠭᠡᠨ ᠨᠠᠮᠠᠶ᠋ᠢ ᠳᠤᠯᠠᠭᠠᠴᠠᠭᠤᠯᠵᠤ ᠴᠠᠨ᠎ᠠ ᠳᠡᠭᠡᠷ᠎ᠡ ᠮᠢᠨᠢ ᠭᠠᠷᠭᠠᠭᠠᠳ ᠲᠠᠯᠬ᠎ᠠ ᠭᠤᠯᠢᠷ ᠢ᠋ ᠥᠭᠭᠦᠯ᠎ᠡ᠃ ᠲᠡᠭᠡᠭᠡᠳ ᠤᠮᠠᠷ᠎ᠠ ᠳᠠᠰᠢ ᠶᠠᠪᠤᠪᠠᠯ ᠨᠠᠮ ᠨᠡᠢᠯᠡᠭᠴᠢᠳ ᠲᠡᠢ ᠲᠣᠬᠢᠶᠠᠯᠳᠤᠨ᠎ᠠ᠃ ᠲᠡᠳᠡᠨᠡᠷ ᠡᠬᠡ ᠣᠷᠣᠨ ᠢ᠋ᠶ᠋ᠠᠨ ᠬᠠᠢᠷᠠᠯᠠᠨ ᠪᠠᠢᠭ᠎ᠠ ᠳ᠋ᠤᠨᠢ ᠪᠠᠶᠠᠷᠯᠠᠪᠠ᠃ ᠲᠡᠳᠡᠨ ᠦ᠌ ᠬᠡᠰᠢᠭ ᠲᠦ᠍ ᠮᠥᠷᠭᠥᠶ᠎ᠡ ᠭᠡᠵᠦ ᠪᠠᠢᠨ᠎ᠠ ᠭᠡᠵᠦ ᠬᠡᠯᠡᠭᠲᠦᠨ᠂ ᠪᠠᠰᠠ ᠪᠢᠳᠡᠨ ᠦ᠌ ᠡᠪᠦᠭᠡᠳ ᠵᠠᠷ ᠵᠡᠪᠰᠡᠭ ᠢ᠋ᠶ᠋ᠡᠨ ᠬᠤᠷᠴᠠᠯᠠᠵᠤ ᠪᠣᠢ ᠪᠥᠭᠡᠳ ᠳᠠᠷᠤᠢ ᠲᠡᠳᠡᠨ ᠳᠡᠭᠡᠷ᠎ᠡ ᠬᠦᠷᠴᠦ ᠣᠴᠢᠨ᠎ᠠ ᠭᠡᠵᠦ ᠪᠠᠢᠨ᠎ᠠ ᠭᠡᠪᠡ᠃
— ᠮᠠᠨ ᠤ᠋ ᠬᠢᠨ ᠡᠴᠡ ᠶᠠᠭᠤ ᠰᠣᠨᠣᠰᠳᠠᠵᠤ ᠪᠠᠢᠨ᠎ᠠ?
— ᠥᠪᠡᠷ ᠢ᠋ᠶ᠋ᠡᠨ ᠮᠡᠳᠡᠬᠦ ᠦᠭᠡᠢ ᠭᠡᠵᠢ ᠤᠤ? ᠬᠡᠴᠡᠭᠦᠦ ᠴᠠᠭ ᠪᠣᠯᠤᠯ᠎ᠠ᠂ ᠲᠠᠲ᠋ᠠᠷ ᠤ᠋ᠳ ᠡᠨᠳᠡ ᠲᠡᠨᠳᠡ ᠦᠭᠡᠢ ᠳᠠᠪᠬᠢᠯᠳᠤᠨ ᠬᠡᠨ ᠢ᠋ ᠴᠦ᠍ ᠦᠯᠦ ᠬᠠᠢᠷᠠᠯᠠᠨ ᠴᠥᠮ ᠢ᠋ ᠵᠠᠨᠴᠢᠨ ᠴᠠᠪᠴᠢᠵᠤ ᠠᠯᠠᠵᠤ ᠪᠠᠢᠨ᠎ᠠ᠃
— ᠬᠦᠢ᠂ ᠵᠣᠭᠰᠣ! ᠲᠡᠷᠡ ᠲᠠᠲ᠋ᠠᠷ ᠤ᠋ᠨ ᠮᠣᠷᠢ ᠤᠨᠤᠭᠰᠠᠨ ᠬᠡᠨ ᠪᠣᠢ? ᠭᠡᠵᠦ ᠮᠠᠨᠠᠭᠠᠴᠢᠨ (ᠤ᠋)ᠢᠰᠬᠡᠷᠦᠨ ᠬᠠᠰᠬᠢᠷᠬᠤ ᠳᠠᠭᠤᠨ ᠠᠯᠤᠰ ᠬᠣᠯᠠ ᠠ᠋ᠴᠠ ᠰᠣᠨᠣᠰᠳᠠᠨ᠎ᠠ᠃
— ᠮᠣᠷᠢ ᠨᠢ ᠲᠠᠲ᠋ᠠᠷ ᠤ᠋ᠨ ᠬᠢᠨ ᠦ᠌ ᠪᠣᠯᠪᠠᠴᠤ ᠳᠡᠭᠡᠷ᠎ᠡ ᠨᠢ ᠶᠠᠪᠤᠭ᠎ᠠ ᠬᠥᠮᠦᠨ ᠨᠢ ᠲᠠᠨᠠᠷ ᠰᠢᠭ᠋ ᠬᠥᠮᠦᠨ ᠪᠠᠢᠨ᠎ᠠ ᠭᠡᠵᠦ ᠵᠠᠯᠠᠭᠤ ᠬᠥᠮᠦᠨ ᠦ᠌ ᠬᠤᠩᠬ᠎ᠠ ᠮᠡᠲᠦ ᠳᠠᠭᠤ ᠪᠠᠷ ᠬᠠᠷᠢᠭᠤᠯᠪᠠ᠃
ᠤᠳᠠᠯ ᠦᠭᠡᠢ ᠮᠣᠷᠢᠲᠠᠢ ᠬᠥᠮᠦᠨ ᠬᠦᠷᠴᠦ ᠢᠷᠡᠯ᠎ᠡ᠃ ᠲᠡᠷᠡ ᠮᠣᠷᠢ ᠪᠣᠯ ᠲᠣᠮᠣ ᠬᠠᠮᠠᠷ ᠲᠠᠢ᠂ ᠴᠦᠷᠳᠡᠭᠡᠷ ᠭᠡᠳᠡᠰᠦ ᠲᠡᠢ ᠪᠥᠭᠡᠳ ᠲᠡᠭᠦᠨ ᠳ᠋ᠦ᠍ ᠮᠥᠩᠭᠥᠨ ᠬᠡᠷᠡᠭᠯᠡᠯ ᠲᠡᠢ ᠲᠠᠲ᠋ᠠᠷ ᠬᠠᠵᠠᠭᠠᠷ ᠪᠠ ᠭᠠᠨᠵᠤᠭᠠᠯᠠᠭ᠎ᠠ ᠪᠣᠭᠴᠣ ᠪᠠᠢᠪᠠ᠃ ᠲᠡᠭᠦᠨ ᠳ᠋ᠦ᠍ ᠤᠨᠤᠭᠰᠠᠨ ᠬᠥᠮᠦᠨ ᠨᠢ ᠲᠣᠮᠣ ᠮᠠᠯᠠᠭᠠᠢ᠂ ᠨᠥᠬᠦᠭᠡᠰᠦᠲᠡᠢ ᠳᠡᠪᠡᠯ ᠡᠮᠦᠰᠦᠭᠰᠡᠨ ᠪᠢᠴᠢᠬᠠᠨ ᠬᠡᠦᠬᠡᠳ ᠪᠠᠢᠭᠰᠠᠨ ᠪᠥᠭᠡᠳ ᠲᠡᠭᠦᠨ ᠦ᠌ ᠪᠤᠯᠢᠭᠠᠷᠢ ᠭᠤᠲᠤᠯ ᠲᠠᠢ ᠪᠣᠭᠣᠨᠢᠬᠠᠨ ᠬᠥᠯ ᠳ᠋ᠦ᠍ᠨᠢ ᠲᠠᠲ᠋ᠠᠷ ᠳᠥᠷᠥᠭᠡ ᠬᠠᠷᠠᠭᠳᠠᠨ᠎ᠠ᠃ ᠲᠡᠭᠦᠨ ᠦ᠌ ᠮᠣᠷᠢᠨ ᠤ᠋ ᠬᠣᠢᠨ᠎ᠠ ᠠ᠋ᠴᠠ ᠪᠠᠰᠠ ᠨᠢᠭᠡ ᠬᠡᠦᠬᠡᠳ ᠶᠠᠪᠤᠨ᠎ᠠ᠃
— ᠬᠣ᠋᠂ ᠬᠣ᠋᠂ ᠬᠣ᠋ ᠶᠣᠰᠣᠲᠠᠢ ᠴᠡᠷᠢᠭ ᠦ᠋ᠳ ᠪᠠᠢᠨ᠎ᠠ ᠳ᠋ᠠ ᠭᠡᠵᠦ ᠲᠡᠷᠡᠬᠦ ᠨᠠᠮ ᠨᠡᠢᠯᠡᠭᠴᠢᠳ ᠬᠥᠭᠡᠷᠦᠯᠳᠦᠨ᠎ᠡ᠃
— ᠲᠡᠢᠮᠦ ᠪᠠᠢᠨ᠎ᠠ᠂ ᠲᠡᠭᠦᠨ ᠲᠡᠢ ᠪᠠᠰᠠ ᠵᠠᠮ ᠤ᠋ᠨ ᠬᠠᠨᠢ ᠮᠣᠷᠢᠨ ᠤ᠋ ᠬᠣᠢᠨ᠎ᠠ ᠠ᠋ᠴᠠ ᠲᠠᠲᠠᠭᠠᠳ ᠶᠠᠪᠤᠨ᠎ᠠ ᠰᠢᠦ᠃
— ᠸᠠᠩᠲᠠᠨ ᠳᠣᠭᠤᠤᠷ ᠪᠠᠭᠠᠪᠠᠭᠠᠢ ᠰᠢᠭ᠋ ᠮᠥᠯᠬᠥᠭᠡᠳ ᠣᠳᠪᠠ ᠤᠤ?
— ᠡᠮᠡᠭᠡᠳ ᠶᠠᠮᠠᠷ ᠰᠦᠷᠡᠬᠡᠢ ᠪᠠᠭᠠᠲᠤᠷ ᠴᠡᠷᠢᠭ ᠦ᠋ᠳ ᠢ᠋ ᠪᠢᠳᠡᠨᠡᠷ ᠤᠷᠤᠭᠤ ᠶᠠᠪᠤᠭᠤᠯᠪᠠ᠃
ᠲᠡᠨᠳᠡ ᠡᠴᠡ ᠲᠡᠷᠡ ᠮᠣᠷᠢᠲᠠᠢ ᠪᠠᠭᠠᠴᠤᠳ ᠨᠠᠮ ᠨᠡᠢᠯᠡᠭᠴᠢᠳ ᠳᠡᠭᠡᠷ᠎ᠡ ᠬᠦᠷᠴᠦ ᠣᠴᠢᠭᠠᠳ᠂
— ᠰᠠᠢᠨ ᠨᠥᠬᠥᠳ ᠠ᠋᠂ ᠪᠢᠳᠡᠨ ᠢ᠋ ᠪᠠᠭᠲᠠᠭᠠᠨ ᠠᠪᠤᠨ᠎ᠠ ᠤᠤ? ᠪᠢᠳᠡ ᠲᠠᠲ᠋ᠠᠷ ᠤ᠋ᠨ ᠭᠠᠷ ᠠ᠋ᠴᠠ ᠵᠢᠭᠤᠲᠠᠨ ᠢᠷᠡᠯ᠎ᠡ ᠭᠡᠪᠡ᠃
— ᠵᠢᠷᠦᠬᠡᠲᠦ ᠡᠷᠡᠰ ᠦ᠋ᠳ ᠪᠠᠢᠨ᠎ᠠ᠃
— ᠶᠠᠪᠤ᠂ ᠶᠠᠪᠤ᠂ ᠪᠢᠳᠡᠨ ᠳᠡᠭᠡᠷ᠎ᠡ ᠣᠴᠢ! ᠡᠨᠡ ᠴᠢᠨᠦ ᠬᠣᠢᠨ᠎ᠠ ᠠ᠋ᠴᠠ ᠶᠠᠪᠤᠭ᠎ᠠ ᠢᠳᠡᠷ ᠴᠢᠨᠢ ᠶᠠᠭᠤ ᠪᠢᠯᠡ?
— ᠫᠤᠰᠫᠸᠯᠺᠡ ᠤᠤ? ᠡᠨᠡ ᠴᠢᠨᠢ ᠠᠷᠠᠢ ᠴᠢᠷᠮᠠᠢᠨ ᠭᠠᠷᠤᠭᠰᠠᠨ ᠶᠤᠮ᠃ ᠪᠢᠳᠡ ᠬᠣᠶᠠᠭᠤᠯᠠ ᠮᠣᠷᠢ ᠪᠠᠨ ᠤᠨᠤᠵᠤ ᠶᠠᠪᠤᠭᠰᠠᠨ᠂ ᠣᠳᠣ ᠬᠠᠷᠢᠨ ᠡᠭᠡᠯᠵᠢ ᠪᠡᠷ ᠶᠠᠪᠠᠭᠠᠨ ᠶᠠᠪᠤᠬᠤ ᠪᠣᠯᠤᠭᠰᠠᠨ ᠶᠤᠮ᠃
— ᠬᠡᠦᠬᠡᠳ ᠮᠢᠨᠢ ᠨᠡᠰᠢ ᠢᠷᠡᠵᠦ ᠰᠠᠭᠤᠵᠠᠭ᠎ᠠ᠃
ᠪᠠᠭ᠎ᠠ ᠬᠡᠦᠬᠡᠳ ᠮᠣᠷᠢᠨ ᠠ᠋ᠴᠠ ᠪᠠᠨ ᠪᠠᠭᠤᠵᠤ ᠮᠣᠷᠢ ᠪᠠᠨ ᠮᠣᠳᠣᠨ ᠠ᠋ᠴᠠ ᠤᠶᠠᠭᠠᠳ ᠭᠠᠯ ᠤ᠋ᠨ ᠳᠡᠷᠭᠡᠳᠡ ᠣᠴᠢᠪᠠ᠃ ᠲᠡᠭᠦᠨ ᠦ᠌ ᠵᠢᠵᠢᠭᠬᠡᠨ ᠬᠠᠷ᠎ᠠ ᠨᠢᠳᠦ ᠨᠢ ᠶᠠᠳᠠᠷᠠᠭᠰᠠᠨ ᠴᠠᠭᠠᠨ ᠴᠢᠷᠠᠢ ᠳᠡᠭᠡᠷ᠎ᠡ ᠮᠠᠰᠢ ᠶᠡᠬᠡ ᠪᠣᠯᠤᠨ ᠦᠵᠡᠭᠳᠡᠨ᠎ᠡ᠃ ᠲᠡᠷᠡ ᠪᠠᠭ᠎ᠠ ᠬᠡᠦᠬᠡᠳ ᠨᠥᠭᠦᠭᠡ ᠪᠡᠨ ᠬᠠᠷᠠᠭᠠᠳ ᠢᠨᠢᠶᠡᠵᠦ᠂
— ᠫᠣᠰᠫᠸᠯᠺᠡ ᠴᠢ ᠳᠠᠢᠰᠤᠨ ᠤ᠋ ᠭᠠᠷ ᠠ᠋ᠴᠠ ᠭᠠᠷᠤᠭᠰᠠᠨ ᠨᠢ ᠶᠠᠭᠤᠨ ᠶᠡᠬᠡ ᠨᠢᠯᠬᠠᠷᠤᠤ ᠶᠤᠮ ᠪᠣᠢ? ᠪᠢᠳᠡ ᠪᠣᠯᠤᠯ᠎ᠠ ᠰᠢᠦ ᠳ᠋ᠠ ᠭᠡᠨ᠎ᠡ᠃
— ᠲᠡᠷᠡ ᠪᠦᠯᠡᠲ᠋ᠺᠡ ᠶ᠋ᠢ ᠶᠠᠭᠠᠬᠢᠬᠤ ᠪᠣᠯ?
— ᠪᠢᠳᠡ ᠲᠡᠭᠦᠨ ᠢ᠋ ᠵᠠᠪᠠᠯ ᠠᠪᠤᠷᠠᠨ᠎ᠠ᠃
— ᠬᠡᠦᠬᠡᠳ ᠮᠢᠨᠢ ᠲᠠᠨᠠᠷ ᠴᠢᠨᠢ ᠲᠡᠳᠡᠨ ᠦ᠌ ᠭᠠᠷ ᠠ᠋ᠴᠠ ᠬᠡᠷᠬᠢᠨ ᠮᠤᠯᠲᠤᠷᠠᠪᠠ?
— ᠣᠳᠣ ᠶᠠᠷᠢᠵᠤ ᠥᠭᠭᠦᠶ᠎ᠡ᠃ ᠭᠠᠭᠴᠠᠬᠠᠨ ᠮᠣᠷᠢᠨ ᠳ᠋ᠤ᠌ ᠢᠳᠡᠭᠦᠯᠬᠦ ᠠᠳᠬᠤ ᠴᠥ᠍ ᠬᠠᠮᠢᠶ᠎ᠠ ᠦᠭᠡᠢ ᠡᠪᠡᠰᠦ ᠪᠠᠢᠨ᠎ᠠ ᠤᠤ? ᠡᠨᠡ ᠮᠣᠷᠢ ᠦᠭᠡᠢ ᠪᠣᠯ ᠪᠢᠳᠡ ᠦᠬᠦᠭᠰᠡᠨ ᠰᠢᠦ᠃
— ᠴᠢ ᠶᠠᠭᠤ ᠪᠠᠨ ᠪᠣᠳᠣᠪᠠ? ᠪᠢᠳᠡ ᠴᠢᠮᠠᠲᠤ ᠡᠪᠡᠰᠦ ᠬᠠᠮᠢᠭ᠎ᠠ ᠠ᠋ᠴᠠ ᠣᠯᠵᠤ ᠥᠭᠬᠦ ᠪᠢᠯᠡ᠃ ᠬᠠᠷᠢᠨ ᠴᠢᠨᠦ ᠡᠮᠡᠭᠡᠯ ᠦ᠋ᠨ ᠬᠣᠢᠨ᠎ᠠ ᠪᠠᠢᠭ᠎ᠠ ᠪᠣᠭᠴᠣ ᠳᠣᠲᠣᠷ᠎ᠠ ᠪᠣᠣᠪᠣ ᠳᠦᠭᠦᠷᠡᠩ ᠪᠠᠢᠭ᠎ᠠ ᠶᠤᠮ ᠪᠢᠰᠢ ᠪᠢᠵᠡ᠃
— ᠲᠡᠭᠦᠨ ᠳ᠋ᠦ᠍ ᠶᠠᠭᠤ ᠪᠠᠢᠭ᠎ᠠ ᠶ᠋ᠢ ᠮᠡᠳᠡᠬᠦ ᠦᠭᠡᠢ᠂ ᠲᠡᠷᠡ ᠴᠢᠨᠢ ᠮᠢᠨᠦ ᠶᠠᠭᠤᠮ᠎ᠠ ᠪᠤᠰᠤ ᠪᠣᠯᠠᠢ᠃
— ᠲᠠᠲ᠋ᠠᠷ ᠤ᠋ᠳ ᠴᠢᠮᠠᠲᠤ ᠶᠠᠭᠤ ᠪᠡᠯᠡᠭᠯᠡᠭᠰᠡᠨ ᠢ᠋ ᠣᠳᠣ ᠦᠵᠡᠵᠡᠭᠡᠶ᠎ᠡ᠃
ᠲᠡᠳᠡ ᠮᠣᠷᠢᠨ ᠳᠡᠭᠡᠷ᠎ᠡ ᠣᠴᠢᠵᠤ ᠭᠠᠨᠵᠤᠭᠠᠨ ᠳ᠋ᠤ᠌ ᠪᠠᠢᠭᠰᠠᠨ ᠪᠣᠭᠴᠣ ᠶ᠋ᠢ ᠵᠠᠳᠠᠯᠲᠠᠯᠠ ᠲᠡᠭᠦᠨ ᠡᠴᠡ ᠡᠬᠡᠨᠡᠷ ᠬᠥᠮᠦᠨ ᠦ᠌ ᠭᠣᠶᠣᠯᠠᠯ ᠤ᠋ᠨ ᠬᠡᠷᠡᠭᠯᠡᠯ᠂ ᠤᠭᠠᠯᠵᠠ ᠣᠷᠢᠶᠠᠭᠰᠠᠨ ᠴᠠᠮᠴᠠ ᠨᠤᠭᠤᠳ᠂ ᠮᠥᠩᠭᠥᠨ ᠰᠠᠪᠠ ᠨᠤᠭᠤᠳ᠂ ᠪᠤᠷᠬᠠᠨ ᠵᠡᠷᠭᠡ ᠨᠤᠭᠦᠳ ᠤᠨᠠᠪᠠ᠃ ᠨᠢᠭᠡ ᠲᠠᠯ᠎ᠠ ᠳ᠋ᠤ᠌ ᠨᠢ ᠠᠯᠲᠠᠨ ᠡᠭᠡᠮᠦᠭ᠂ ᠨᠥᠭᠦᠭᠡ ᠲᠠᠯ᠎ᠠ ᠳ᠋ᠤ᠌ ᠨᠢ ᠬᠠᠷ᠎ᠠ ᠪᠠ ᠮᠥᠩᠭᠥᠨ ᠵᠣᠭᠣᠰ᠂ ᠭᠤᠷᠪᠠᠳᠠᠬᠢ ᠳ᠋ᠤᠨᠢ ᠲᠠᠯᠬ᠎ᠠ ᠪᠣᠣᠪᠣ ᠶ᠋ᠢᠨ ᠵᠦᠢᠯ ᠪᠠᠢᠪᠠ᠃
— ᠡᠨᠡ ᠴᠢᠨᠢ ᠴᠢᠮᠠᠲᠤ ᠲᠤᠰᠠᠲᠠᠢ ᠶᠠᠭᠤᠮ᠎ᠠ ᠪᠠᠢᠨ᠎ᠠ ᠳ᠋ᠠ ᠭᠡᠯᠴᠡᠨ᠎ᠡ᠃
— ᠬᠠᠲᠠᠭᠠᠭᠰᠠᠨ ᠲᠠᠯᠬ᠎ᠠ ᠨᠢ ᠪᠠᠭ᠎ᠠ ᠪᠣᠯᠪᠠᠴᠤ ᠮᠣᠷᠢ ᠶ᠋ᠢ ᠴᠢᠨᠢ ᠠᠪᠤᠷᠠᠬᠤ ᠪᠢᠵᠡ᠃
— ᠨᠥᠬᠥᠳ ᠠ᠋᠂ ᠲᠠ ᠮᠢᠨᠢ ᠡᠨᠡ ᠴᠢᠨᠢ ᠶᠠᠭᠤ ᠪᠣᠢ? ᠬᠡᠦᠬᠡᠨ ᠨᠤᠭᠦᠳ ᠦ᠋ᠨ ᠡᠭᠡᠮᠦᠭ ᠢ᠋ ᠴᠢᠬᠢ ᠲᠡᠢ ᠨᠢ ᠣᠭᠲᠣᠯᠤᠨ ᠠᠪᠤᠭᠰᠠᠨ ᠪᠠᠢᠨ᠎ᠠ ᠰᠢᠦ᠃
ᠲᠡᠳᠡ ᠪᠦᠭᠦᠳᠡᠭᠡᠷ ᠪᠣᠰᠤᠨ ᠬᠠᠷᠠᠢᠨ ᠡᠭᠡᠮᠦᠭ ᠢ᠋ ᠪᠡᠶ᠎ᠡ ᠪᠡᠶᠡᠰ ᠲᠡᠭᠡᠨ ᠳᠠᠮᠵᠢᠭᠤᠯᠤᠨ ᠦᠵᠡᠵᠡᠭᠡᠪᠡ᠃
— ᠪᠢᠳᠡ ᠲᠡᠳᠡᠨ ᠳ᠋ᠦ᠍ ᠡᠭᠦᠨ ᠢ᠋ ᠰᠠᠨᠠᠭᠤᠯᠬᠤ ᠴᠠᠭ ᠢᠷᠡᠨ᠎ᠡ ᠪᠢᠵᠡ᠂ ᠲᠡᠳᠡᠭᠡᠷ ᠳᠡᠭᠡᠷᠡᠮᠴᠢᠨ ᠴᠢᠨᠣ᠎ᠠ ᠨᠤᠭᠤᠳ ᠬᠠᠮᠢᠭ᠎ᠠ ᠪᠠᠢᠨ᠎ᠠ? ᠬᠡᠦᠬᠡᠳ ᠮᠢᠨᠢ ᠬᠠᠮᠢᠭ᠎ᠠ ᠠ᠋ᠴᠠ ᠵᠢᠭᠤᠲᠠᠵᠤ ᠢᠷᠡᠪᠡ᠃
ᠪᠠᠭᠠᠴᠤᠳ ᠭᠠᠯ ᠳ᠋ᠤ᠌ ᠣᠢᠷᠠᠲᠤᠨ ᠳᠤᠯᠠᠭᠠᠴᠠᠬᠤ ᠶ᠋ᠢᠨ ᠬᠠᠮᠲᠤ ᠪᠡᠶ᠎ᠡ ᠪᠡᠶᠡᠰ ᠦ᠋ᠨ ᠶᠠᠷᠢᠶ᠎ᠠ ᠶ᠋ᠢ ᠲᠠᠰᠤᠯᠤᠨ ᠲᠦᠷᠭᠡᠨ ᠢ᠋ᠶ᠋ᠡᠷ ᠶᠠᠷᠢᠵᠤ ᠡᠬᠢᠯᠡᠪᠡ᠃
— ᠪᠢᠳᠡ ᠸᠯᠠᠳᠢᠮᠢᠷ ᠤ᠋ᠨ ᠬᠥᠮᠦᠰ᠂ ᠬᠣᠲᠠ ᠶ᠋ᠢ ᠲᠠᠲ᠋ᠠᠷ ᠤ᠋ᠳ ᠰᠢᠲᠠᠭᠠᠭᠰᠠᠨ᠂ ᠪᠢᠳᠡ ᠭᠤᠷᠪᠠᠭᠤᠯᠠ ᠪᠠᠨ ᠣᠢ ᠳ᠋ᠤ᠌ ᠵᠢᠭᠤᠲᠠᠨ ᠭᠠᠷᠴᠤ ᠨᠠᠮ ᠨᠡᠢᠯᠡᠭᠴᠢᠳ ᠲᠡᠢ ᠤᠴᠠᠷᠠᠬᠤ ᠶ᠋ᠢ ᠬᠦᠰᠡᠵᠦ ᠪᠢᠳᠡᠨ ᠢ᠋ ᠲᠠᠲ᠋ᠠᠷ ᠤ᠋ᠨ ᠪᠠᠢ— ᠮᠥᠷᠡᠲ ᠦ᠋ᠨ ᠪᠠᠭ ᠪᠠᠷᠢᠵᠤ ᠠᠪᠤᠪᠠ᠃ ᠲᠡᠳᠡ ᠴᠢᠨᠢ ᠠᠷᠢᠶᠠᠲᠠᠨ ᠰᠢᠭ᠋ ᠳᠣᠭᠰᠢᠨ᠂ ᠲᠡᠳᠡ ᠪᠢᠳᠡᠨ ᠢ᠋ ᠠᠷᠭᠠᠮᠵᠢᠪᠠ᠃ ᠲᠡᠳᠡᠨ ᠳ᠋ᠦ᠍ ᠣᠯᠵᠠᠯᠠᠭᠳᠠᠨ ᠪᠠᠷᠢᠭᠳᠠᠭᠴᠢᠳ ᠣᠯᠠᠨ ᠪᠠᠢᠪᠠ᠃ ᠢᠳᠡᠬᠦ ᠶᠠᠭᠤᠮ᠎ᠠ ᠶᠡᠷᠦ ᠥᠭᠳᠡᠭ ᠦᠭᠡᠢ ᠪᠠ ᠲᠡᠳᠡᠨ ᠦ᠌ ᠭᠠᠷ ᠢ᠋ ᠨᠢ ᠬᠦᠯᠢᠭᠡᠳ ᠬᠥᠲᠥᠯᠵᠦ ᠶᠠᠪᠤᠳᠠᠭ᠃ ᠶᠡᠷᠥ᠋ᠰᠲ᠋ᠤᠸ ᠲᠤ᠌ ᠣᠴᠢᠵᠤ ᠲᠠᠲ᠋ᠠᠷ ᠤ᠋ᠳ ᠭᠠᠩ ᠰᠠᠪᠠ ᠠᠷᠢᠬᠢ ᠶ᠋ᠢ ᠣᠯᠵᠠᠯᠠᠨ ᠪᠦᠭᠦᠳᠡᠭᠡᠷ ᠤᠤᠭᠤᠵᠠᠭᠠᠭᠠᠳ ᠤᠨᠲᠠᠪᠠ᠃ ᠲᠡᠳᠡ (ᠲᠡᠷᠡ) ᠴᠢᠯᠥᠭᠡᠨ ᠳ᠋ᠦ᠍ ᠨᠢ ᠫᠣᠰᠫᠸᠯᠺᠡ ᠪᠢᠳᠡ ᠬᠣᠶᠠᠷ ᠬᠦᠯᠢᠶᠡᠰᠦ ᠪᠡᠨ ᠲᠠᠢᠯᠤᠭᠠᠳ ᠪᠠᠢ— ᠮᠦᠷᠡᠲ ᠦ᠋ᠨ ᠮᠣᠷᠢ ᠶ᠋ᠢ ᠬᠤᠯᠠᠭᠠᠢᠯᠠᠨ ᠤᠨᠤᠭᠠᠳ ᠵᠢᠭᠤᠲᠠᠪᠠ᠃ ᠭᠠᠭᠴᠠᠬᠠᠨ ᠪᠦᠯᠡᠲ᠋ᠺᠡ ᠶ᠋ᠢ ᠠᠪᠴᠤ ᠭᠠᠷᠴᠤ ᠴᠢᠳᠠᠭᠰᠠᠨ ᠦᠭᠡᠢ ᠨᠢ ᠬᠠᠷᠠᠮᠰᠠᠯᠲᠠᠢ᠃ ᠸᠠᠥ᠋ᠯ ᠪᠤᠰᠤ(ᠪᠣᠰᠴᠤ)᠂
— ᠨᠥᠬᠥᠳ ᠠ᠋! ᠶᠡᠷᠥ᠋ᠰᠲ᠋ᠤᠸ ᠬᠣᠯᠠ ᠪᠤᠰᠤ ᠪᠠᠢᠨ᠎ᠠ᠃ ᠪᠢ ᠵᠠᠮ ᠢ᠋ ᠮᠡᠳᠡᠨ᠎ᠡ᠂ ᠶᠠᠪᠤᠵᠠᠭᠠᠶ᠎ᠠ!
ᠨᠠᠮ ᠨᠡᠢᠯᠡᠭᠴᠢᠳ ᠪᠦᠭᠦᠳᠡ ᠨᠢᠭᠡᠨ ᠵᠡᠷᠭᠡ ᠱᠤᠤᠭᠢᠯᠳᠤᠨ
— ᠵᠦᠢᠲᠡᠢ᠂ ᠳᠡᠭᠡᠷᠡᠮᠴᠢᠳ ᠮᠠᠨᠠᠭᠠᠷᠯᠠᠬᠤ ᠮᠠᠭᠠᠳ ᠦᠭᠡᠢ (ᠭᠡᠪᠡᠯ)
— ᠼᠪᠶᠠᠭ᠎ᠠ ᠪᠢᠳᠡ ᠬᠣᠶᠠᠷ ᠲᠡᠨᠳᠡᠬᠢ ᠵᠥᠷᠢᠭ ᠪᠦᠬᠦᠨ ᠢ᠋ ᠮᠡᠳᠡᠨ᠎ᠡ ᠭᠡᠰᠡᠨ ᠳ᠋ᠦ᠍
— ᠪᠢᠳᠡ ᠲᠠᠨᠠᠷ ᠢ᠋ ᠳᠠᠭᠠᠭᠤᠯᠤᠨ ᠶᠠᠪᠤᠶ᠎ᠠ ᠭᠡᠵᠦ ᠸᠡᠥ᠋ᠯ ᠬᠡᠯᠡᠪᠡ᠃
— ᠫᠤᠰᠫᠸᠯᠺᠡ ᠠ᠋! ᠪᠦᠯᠡᠲ᠋ᠺᠡ ᠶ᠋ᠢ ᠠᠪᠤᠷᠠᠨ ᠠᠪᠬᠤ ᠪᠠᠷ ᠶᠠᠪᠤᠶ᠎ᠠ ᠭᠡᠵᠦ ᠵᠢᠵᠢᠭ ᠬᠡᠦᠬᠡᠳ ᠦᠰᠦᠷᠦᠨ ᠪᠣᠰᠪᠠ᠃
— ᠵᠢᠷᠦᠬᠡ ᠲᠡᠢ ᠡᠷ᠎ᠡ ᠴᠢᠨᠦ ᠨᠡᠷ᠎ᠡ ᠬᠡᠨ ᠭᠡᠳᠡᠭ ᠪᠣᠢ?
— ᠮᠢᠨᠦ ᠤᠤ? ᠫᠷᠤᠺᠦᠢ᠍ᠳᠠ ᠭᠡᠳᠡᠭ᠃
— ᠶᠠᠭᠤ ᠭᠡᠨ᠎ᠡ᠂ ᠫᠷᠣᠺᠦᠢ᠍ᠳᠠ ᠭᠡᠪᠡ ᠤᠤ? ᠴᠢ ᠴᠢᠨᠢ ᠥᠬᠢᠨ ᠶᠤᠮ ᠤᠤ?
— ᠲᠡᠢᠮᠦ ᠪᠠᠢᠬᠤ ᠦᠭᠡᠢ ᠶᠠᠭᠠᠬᠢᠬᠤᠪ? ᠭᠡᠳ ᠲᠡᠷᠡ ᠬᠥᠭᠡᠷᠦᠬᠦᠨ ᠬᠡᠦᠬᠡᠳ ᠮᠠᠯᠠᠭᠠᠢ ᠪᠠᠨ ᠠᠪᠴᠤ ᠰᠡᠭᠰᠦᠷᠬᠦ ᠳ᠋ᠦ᠍ᠨᠢ ᠬᠣᠩᠭᠣᠷᠬᠠᠨ ᠬᠣᠶᠠᠷ ᠭᠡᠵᠢᠭᠡ ᠤᠨᠵᠢᠢᠵᠤ ᠪᠠᠢᠪᠠ᠃
ᠲᠦᠳᠡᠯ ᠦᠭᠡᠢ ᠨᠠᠮ ᠨᠡᠢᠯᠡᠭᠴᠢᠳ ᠪᠠᠭ᠎ᠠ ᠶᠡᠷᠥ᠋ᠰᠲ᠋ᠣᠸ ᠤ᠋ᠨ ᠵᠦᠭ ᠴᠢᠭᠯᠡᠨ ᠴᠤᠪᠤᠷᠠᠨ ᠶᠠᠪᠤᠯ᠎ᠠ᠃ ᠲᠦᠷᠦᠭᠦᠨ ᠳ᠋ᠦ᠍ᠨᠢ ᠸᠠᠥ᠋ᠯ᠂ ᠬᠣᠢᠨ᠎ᠠ ᠠ᠋ᠴᠠ ᠨᠢ ᠫᠷᠤᠺᠦᠢ᠍ᠳᠠ᠂ ᠫᠤᠰᠫᠸᠯᠺᠡ ᠬᠣᠶᠠᠷ ᠶᠠᠪᠤᠯ᠎ᠠ᠃ ᠭᠤᠯᠢᠷ ᠪᠠ ᠪᠤᠰᠤᠳ ᠪᠠᠭ᠎ᠠ ᠰᠠᠭ᠎ᠠ ᠬᠦᠨᠡᠰᠦ ᠶ᠋ᠢ ᠲᠠᠲ᠋ᠠᠷ ᠤ᠋ᠨ ᠮᠣᠷᠢᠨ ᠳ᠋ᠤ᠌ ᠠᠴᠢᠭᠠᠳ ᠼᠪᠶᠠᠭ᠎ᠠ ᠬᠥᠲᠥᠯᠦᠨ ᠶᠠᠪᠤᠯ᠎ᠠ᠃
ᠦᠰᠦᠭ ᠠᠮᠢᠯᠠᠭᠤᠯᠤᠭᠴᠢ᠄ ᠠᠯᠲᠠᠨᠴᠢᠮᠡᠭ 3᠂ ᠮᠡᠷᠭᠡᠨᠭᠣᠸ᠎ᠠ 2 ᠭᠡᠷᠡᠯ 2᠂ ᠬᠦᠳᠠᠭᠠᠭᠤᠯ 1᠂ ᠬᠡᠷᠡᠶ᠋ᠢᠳ ᠂ ᠮᠥᠩᠬᠡᠨᠠᠰᠤᠨ 1᠂
ᠬᠢᠨᠠᠭᠴᠢ᠄ ᠲ᠂ ᠬᠦᠮᠦᠵᠢᠯᠲᠦ 1
ᠶᠡᠷᠦᠩᠬᠡᠢ ᠬᠢᠨᠠᠭᠴᠢ᠄ ᠠᠯᠲᠠᠨᠴᠢᠮᠡᠭ 9᠂ ᠠᠷᠢᠭᠤᠨ 9
