ᠪᠠᠲᠤ ᠬᠠᠭᠠᠨ 7-01ᠠᠮᠢᠳᠤ ᠭᠠᠯ-ᠲᠣᠭᠰᠢᠨ ᠶᠸᠸᠫᠡᠲBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 7-01ᠠᠮᠢᠳᠤ ᠭᠠᠯ-ᠲᠣᠭᠰᠢᠨ ᠶᠸᠸᠫᠡᠲBat khaan Бат хаан-ᠷᠣᠮᠠᠨ

ᠪᠠᠲᠤ ᠬᠠᠭᠠᠨ 7-01ᠠᠮᠢᠳᠤ ᠭᠠᠯ-ᠲᠣᠭᠰᠢᠨ ᠶᠸᠸᠫᠡᠲBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-17

173

ᠳᠣᠯᠣᠳᠤᠭᠠᠷ ᠪᠦᠯᠦᠭ᠂ ᠲᠣᠭᠰᠢᠨ ᠶᠸᠸᠫᠡᠲ


ᠡᠷᠯᠢᠭ ᠦ᠋ᠨ ᠠᠪᠰᠠ ᠰᠢᠭ᠋ ᠴᠢᠪ ᠴᠢᠮᠡᠭᠡ ᠦᠭᠡᠢ 
ᠡᠷᠭᠢᠨ ᠲᠣᠭᠣᠷᠢᠨ ᠬᠣᠪ ᠬᠣᠭᠣᠰᠣᠨ 
ᠡᠷᠲᠡᠨ ᠦ᠌ ᠵᠠᠶᠠᠭ᠎ᠠ ᠲᠠᠢ ᠪᠠᠨ ᠬᠠᠭᠠᠴᠠᠨ ᠲᠣᠨᠢᠯᠵᠤ 
ᠡᠨᠳᠡ ᠪᠠᠢᠭᠰᠠᠨ ᠴᠥᠮ ᠪᠦᠬᠦᠨ 
ᠡᠯᠢᠭᠡᠨ ᠴᠢᠯᠠᠭᠤᠨ ᠳᠡᠭᠡᠭᠦᠷ ᠭᠤᠯᠳᠤᠢᠯᠴᠠᠨ 
ᠡᠷᠭᠢᠯᠲᠡ ᠦᠭᠡᠢ ᠨᠣᠢᠷ ᠢ᠋ᠶ᠋ᠠᠷ ᠤᠨᠲᠠᠵᠠᠭᠠᠨ᠎ᠠ᠃
            
(ᠸ ᠭᠶᠥ᠋ᠭᠤ ᠳᠣᠷᠣᠨ᠎ᠠ ᠳ᠋ᠠᠬᠢᠨ ᠤ᠋ ᠳᠠᠭᠤᠤ ᠠ᠋ᠴᠠ)

ᠨᠢᠭᠡ   ᠷᠶᠠᠽᠠᠨ ᠬᠣᠲᠠ ᠶ᠋ᠢᠨ ᠦᠨᠳᠦᠰᠦ 

ᠴᠥᠮ ᠲᠡᠮᠦᠷ ᠪᠠᠮᠪᠠᠢ ᠬᠤᠶᠠᠭ ᠳᠤᠭᠤᠯᠠᠭ᠎ᠠ ᠪᠦᠬᠦᠢ ᠮᠣᠷᠢᠨ ᠴᠡᠷᠢᠭ ᠦ᠋ᠨ ᠪᠠᠭ ᠴᠸᠷᠨᠢᠭᠤᠸ ᠠ᠋ᠴᠠ ᠷᠶᠠᠽᠠᠨ ᠣᠷᠣᠬᠤ ᠪᠠᠷ ᠡᠵᠡᠭᠦᠢ ᠲᠠᠯ᠎ᠠ ᠶ᠋ᠢᠨ ᠵᠠᠮ ᠢ᠋ᠶ᠋ᠠᠷ ᠶᠠᠪᠤᠪᠠ᠃ ᠲᠤᠰ ᠪᠠᠭ ᠴᠡᠷᠢᠭ ᠨᠢ ᠤᠷᠲᠤ ᠴᠤᠪᠤᠭ᠎ᠠ ᠪᠣᠯᠤᠨ ᠶᠠᠪᠤᠭ᠎ᠠ ᠨᠢ ᠨᠠᠷᠠᠨ ᠳ᠋ᠤ᠌ ᠭᠢᠯᠠᠯᠵᠠᠨ᠎ᠠ᠃ ᠶᠡᠷᠦᠳᠡ ᠶ᠋ᠢᠨ ᠤᠷᠠᠨ ᠬᠣᠱᠣᠩ ᠶᠠᠷᠢᠶ᠎ᠠ ᠪᠠ ᠮᠠᠷᠭᠤᠭᠠᠨ ᠤ᠋ ᠴᠢᠮᠡᠭᠡ ᠴᠦ᠍ ᠦᠯᠦ ᠰᠣᠨᠣᠰᠳᠠᠨ᠎ᠠ᠃ ᠷᠶᠠᠽᠠᠨ ᠳ᠋ᠤ᠌ ᠣᠢᠷᠠᠳᠬᠤ ᠳᠣᠳᠣᠮ  ᠡᠪᠳᠡᠷᠡᠵᠦ ᠰᠦᠢᠳᠬᠡᠭᠳᠡᠭᠰᠡᠨ ᠲᠠᠷᠢᠶᠠᠨ ᠤ᠋ ᠭᠠᠵᠠᠷ ᠪᠠ ᠣᠭᠲᠣ ᠬᠥᠮᠦᠨ ᠦᠭᠡᠢ ᠣᠷᠣᠨ ᠰᠠᠪᠠ ᠨᠤᠭᠤᠳ ᠦᠷᠭᠦᠯᠵᠢᠯᠡᠨ ᠲᠣᠬᠢᠶᠠᠯᠳᠤᠨ᠎ᠠ᠃ ᠲᠡᠨᠳᠡ ᠲᠠᠲ᠋ᠠᠷ ᠤ᠋ᠳ ᠡᠵᠡᠮᠰᠢᠵᠦ ᠠᠮᠵᠢᠭᠰᠠᠨ ᠪᠣᠯᠤᠯᠲᠠᠢ ᠪᠠᠢᠪᠠ᠃

ᠪᠠᠭ ᠤ᠋ᠨ ᠲᠦᠷᠦᠭᠦᠨ ᠳ᠋ᠦ᠍ ᠺᠢᠫᠴᠠᠺ ᠮᠣᠷᠢᠲᠠᠢ ᠵᠠᠯᠠᠭᠤ ᠪᠠᠭᠠᠲᠤᠷ ᠶᠠᠪᠤᠯ᠎ᠠ᠃ ᠲᠡᠷᠡ ᠢᠮᠠᠭᠲᠠ ᠳᠥᠷᠦᠭᠡᠨ ᠳᠡᠭᠡᠷ᠎ᠡ ᠪᠡᠨ ᠥᠨᠳᠡᠢᠨ ᠪᠣᠰᠴᠤ ᠮᠠᠨᠠᠨ ᠲᠠᠲᠠᠭᠰᠠᠨ ᠠᠯᠤᠰ ᠤ᠋ᠨ ᠪᠠᠷ᠎ᠠ ᠶ᠋ᠢ ᠰᠠᠷᠠᠪᠴᠢᠯᠠᠨ ᠬᠠᠷᠠᠨ᠎ᠠ᠃ ᠲᠡᠭᠦᠨ ᠢ᠋ ᠲᠥᠷᠥᠭᠰᠡᠨ  ᠷᠶᠠᠽᠠᠨ ᠳ᠋ᠤᠨᠢ ᠶᠠᠭᠤ ᠬᠦᠯᠢᠶᠡᠵᠦ ᠪᠠᠢᠭ᠎ᠠ ᠪᠣᠯ? ᠪᠠᠭ ᠮᠠᠨᠢ ᠬᠣᠵᠢᠮᠳᠠᠵᠤ ᠢᠷᠡᠪᠡ ᠤᠤ? ᠣᠳᠣ ᠲᠤᠰᠠᠯᠠᠭᠰᠠᠨ ᠤ᠋ ᠠᠰᠢᠭ ᠦᠭᠡᠢ ᠪᠣᠯᠤᠭᠰᠠᠨ ᠪᠣᠯ ᠤᠤ? ᠭᠡᠵᠦ ᠤᠯᠠᠮ ᠪᠦᠷ ᠰᠠᠨᠠᠭ᠎ᠠ ᠵᠣᠪᠠᠨᠢᠨ᠎ᠠ᠃

ᠸᠠᠩ ᠮᠢᠬᠠᠢᠯ ᠴᠸᠷᠨᠢᠭᠤᠸᠰᠺᠢ᠂ ᠷᠶᠠᠽᠠᠨ ᠠ᠋ᠴᠠ ᠲᠥᠯᠥᠭᠡᠯᠡᠭᠴᠢ ᠪᠡᠷ ᠢᠷᠡᠭᠰᠡᠨ ᠶᠸᠸᠫᠡᠲ ᠺᠣᠯᠤᠸᠷᠠᠲ ᠢ᠋ ᠬᠦᠢᠲᠡᠨ ᠢ᠋ᠶ᠋ᠡᠷ ᠤᠭᠲᠤᠵᠠᠢ᠃ ᠶᠸᠸᠫᠡᠲ᠂ ᠸᠠᠩ ᠨᠣᠶᠠᠨ ᠢ᠋ ᠶᠡᠬᠡᠳᠡ ᠬᠦᠨᠳᠦᠳᠬᠡᠨ ᠬᠡᠰᠢᠭ ᠲᠦ᠍ ᠮᠥᠷᠭᠥᠪᠡ᠃

— ᠸᠠᠩ ᠲᠠᠨ ᠳ᠋ᠤ᠌ ᠮᠥᠷᠭᠥᠶ᠎ᠡ᠂ ᠲᠤᠰᠠᠯᠠᠭᠲᠤᠨ᠃ ᠵᠣᠪᠠᠵᠤ ᠶᠠᠳᠠᠷᠠᠭᠰᠠᠨ ᠴᠠᠭ ᠲᠸ᠋ ᠪᠢᠳᠡᠨ ᠢ᠋ ᠲᠤᠰᠠᠯᠠᠮᠵᠢ ᠦᠭᠡᠢ ᠪᠤᠤ ᠣᠷᠬᠢᠭᠲᠤᠨ ᠭᠡᠵᠦ ᠲᠠᠨ ᠳ᠋ᠤ᠌ ᠮᠥᠷᠭᠥᠭᠡᠳ ᠠᠷᠠᠢᠬᠢᠵᠤ᠂
—ᠶᠡᠬᠡ ᠸᠠᠩ ᠶᠦᠷᠢ ᠢᠩᠬ᠌ᠸᠨᠷᠸᠸᠢᠴ ᠨᠠᠳᠠ ᠶ᠋ᠢ ᠢᠯᠡᠭᠡᠪᠡ ᠭᠡᠪᠡ᠃ ᠲᠡᠭᠡᠭᠡᠳ ᠶᠸᠸᠫᠡᠲ ᠠᠭᠯᠠᠭ ᠲᠠᠯ᠎ᠠ ᠪᠠᠷ ᠳᠠᠮᠵᠢᠨ ᠤᠮᠠᠷᠠᠲᠤ ᠣᠷᠣᠰ ᠤ᠋ᠨ ᠵᠦᠭ ᠴᠢᠭᠯᠡᠨ ᠬᠣᠷᠣᠬᠠᠢ ᠰᠢᠪᠡᠵᠢ ᠮᠡᠲᠦ ᠶᠠᠪᠤᠭ᠎ᠠ ᠮᠣᠩᠭᠣᠯ ᠤ᠋ᠨ ᠠᠶᠤᠮᠰᠢᠭᠲᠤ ᠴᠡᠷᠢᠭ ᠦ᠋ᠳ ᠦ᠋ᠨ ᠲᠤᠬᠠᠢ ᠴᠸᠷᠨᠢᠭᠤᠸ ᠤ᠋ᠨ ᠸᠠᠩ ᠪᠠ ᠵᠠᠢᠰᠠᠩ ᠤ᠋ᠳ ᠲᠤ᠌ ᠳᠡᠯᠭᠡᠷᠡᠩᠭᠦᠢ ᠪᠡᠷ ᠶᠠᠷᠢᠪᠠ᠃ 
—ᠷᠶᠠᠽᠠᠨ ᠤ᠋ ᠬᠢᠨ ᠬᠥᠭᠰᠢᠨ ᠵᠠᠯᠠᠭᠤ ᠪᠦᠭᠦᠳᠡᠭᠡᠷ ᠲᠥᠷᠥᠭᠰᠡᠨ ᠨᠤᠲᠤᠭ ᠢ᠋ᠶ᠋ᠠᠨ ᠬᠠᠮᠠᠭᠠᠯᠠᠬᠤ ᠪᠠᠷ ᠪᠣᠰᠴᠠᠭᠠᠭᠰᠠᠨ᠂ ᠭᠡᠪᠡᠴᠦ ᠲᠠᠲ᠋ᠠᠷ ᠤ᠋ᠳ ᠲᠣᠭ᠎ᠠ ᠲᠣᠮᠰᠢ ᠦᠭᠡᠢ ᠣᠯᠠᠨ ᠲᠤᠯᠠ ᠭᠠᠭᠴᠠᠬᠠᠨ ᠳᠠᠩ ᠷᠶᠠᠽᠠᠨ ᠤ᠋ ᠬᠢᠨ ᠲᠡᠳᠡᠨ ᠢ᠋ ᠳᠠᠪᠠᠬᠤ ᠦᠭᠡᠢ ᠪᠢᠵᠡ᠃
— ᠶᠸᠸᠫᠡᠲ ᠴᠢ ᠵᠥᠪ ᠬᠡᠯᠡᠨᠡᠮ᠃ ᠴᠢᠨᠦ ᠬᠦᠰᠡᠯᠲᠡ ᠶ᠋ᠢ ᠰᠠᠢᠨ ᠪᠣᠳᠣᠬᠤ ᠬᠡᠷᠡᠭᠲᠡᠢ᠃ ᠪᠢᠳᠡ ᠥᠪᠡᠷ ᠦ᠋ᠨ ᠴᠡᠷᠢᠭ ᠢ᠋ ᠥᠭᠴᠦ ᠴᠢᠳᠠᠬᠤ ᠦᠭᠡᠢ ᠭᠡᠵᠦ ᠮᠢᠬᠠᠢᠯ ᠴᠸᠷᠨᠢᠭᠤᠸᠰᠺᠢ ᠬᠠᠷᠢᠭᠤᠯᠪᠠ᠃
— ᠮᠠᠨ ᠤ᠋ ᠶᠡᠬᠡ ᠬᠣᠷᠢᠶ᠎ᠠ ᠶ᠋ᠢ ᠮᠣᠩᠭᠣᠯᠴᠤᠳ ᠤ᠋ᠨ ᠵᠦᠭ ᠶᠠᠪᠤᠭᠤᠯᠵᠤ ᠪᠣᠯᠬᠤ ᠦᠭᠡᠢ ᠭᠡᠵᠦ ᠵᠠᠢᠰᠠᠩ ᠤ᠋ᠳ ᠱᠤᠤᠭᠢᠯᠳᠤᠪᠠ᠃
— ᠲᠡᠭᠡᠪᠡᠯ ᠴᠸᠷᠨᠢᠭᠤᠸ ᠶᠠᠭᠤ ᠲᠠᠢ ᠪᠠᠨ ᠬᠣᠴᠣᠷᠬᠤ ᠪᠢᠯᠡ?
—ᠲᠡᠭᠦᠨ ᠢ᠋ ᠬᠡᠨ ᠬᠠᠮᠠᠭᠠᠯᠠᠬᠤ ᠪᠣᠯᠬᠤ ᠪᠣᠢ? ᠭᠡᠵᠦ ᠵᠠᠢᠰᠠᠩ ᠤ᠋ᠳ ᠤᠳᠠᠭᠠᠨ ᠮᠠᠷᠭᠤᠯᠳᠤᠪᠠ᠃ ᠶᠸᠸᠫᠡᠲ ᠴᠦ᠍ ᠲᠡᠳᠡᠨ ᠢ᠋ ᠦᠨᠡᠮᠰᠢᠭᠦᠯᠬᠦ ᠪᠡᠷ ᠤᠳᠠᠭᠠᠨ ᠶᠠᠷᠢᠯ᠎ᠠ᠃ ᠲᠡᠭᠦᠰᠬᠡᠯ ᠳ᠋ᠦ᠍ ᠶᠠᠪᠤᠬᠤ ᠳᠤᠷ᠎ᠠ ᠬᠦᠰᠡᠯ ᠲᠡᠢ ᠬᠥᠮᠦᠰ ᠢ᠋ ᠴᠤᠭᠯᠠᠭᠤᠯᠬᠤ ᠪᠠᠷ ᠰᠢᠢᠳᠪᠦᠷᠢᠯᠡᠪᠡ᠃

ᠪᠢᠷᠶᠤᠢ᠍ᠴᠢ ᠭᠡᠳᠡᠭ ᠨᠡᠷ᠎ᠡ ᠪᠡᠷ ᠴᠸᠷᠨᠢᠭᠤᠸ ᠤ᠋ᠨ ᠤᠯᠤᠰ ᠤ᠋ᠳ ᠢ᠋ ᠬᠤᠷᠠᠯᠳᠤᠭᠤᠯᠤᠨ ᠶᠸᠸᠫᠡᠲ᠂ ᠵᠠᠬ᠎ᠠ ᠶ᠋ᠢᠨ ᠭᠦᠦᠷ ᠳᠡᠭᠡᠷ᠎ᠡ ᠭᠠᠷᠤᠭᠠᠳ ᠷᠶᠡᠽᠡᠨ ᠪᠠ ᠪᠦᠬᠦ ᠣᠷᠣᠰ ᠤ᠋ᠨ ᠨᠤᠲᠤᠭ ᠲᠸ᠋ ᠲᠤᠯᠭᠠᠷᠠᠭᠰᠠᠨ ᠠᠶᠤᠯ ᠵᠠᠨᠤᠯ ᠤ᠋ᠨ ᠲᠤᠬᠠᠢ ᠥᠪᠡᠷ ᠦ᠋ᠨ ᠲᠥᠷᠥᠭᠰᠡᠨ ᠷᠶᠡᠽᠡᠨ ᠬᠣᠲᠠ ᠶ᠋ᠢᠨ ᠱᠤᠤᠭᠢᠶᠠᠨᠲᠤ ᠵᠠᠬ᠎ᠠ ᠳᠡᠭᠡᠷ᠎ᠡ ᠶᠠᠷᠢᠯᠴᠠᠵᠤ ᠰᠤᠷᠤᠭᠰᠠᠨ ᠢ᠋ᠶ᠋ᠠᠷ ᠢ᠋ᠶ᠋ᠠᠨ ᠳᠡᠯᠭᠡᠷᠡᠩᠭᠦᠢ ᠪᠡᠷ ᠶᠠᠷᠢᠪᠠ᠃

ᠴᠸᠷᠨᠢᠭᠤᠸ ᠤ᠋ᠨ ᠬᠢᠨ ᠨᠢᠭᠡᠨ ᠳᠠᠭᠤᠨ ᠢ᠋ᠶ᠋ᠠᠷ ᠤᠭᠲᠤᠨ ᠬᠦᠯᠢᠶᠡᠨ ᠠᠪᠤᠯ᠎ᠠ᠃ ᠲᠡᠨᠳᠡ ᠡᠴᠡ ᠣᠯᠠᠨ ᠬᠥᠮᠦᠨ ᠡᠯᠰᠡᠭᠰᠡᠨ ᠪᠣᠯᠪᠠᠴᠤ ᠵᠠᠷ ᠵᠡᠪᠰᠡᠭ ᠪᠠ ᠳᠤᠯᠠᠭᠠᠨ ᠬᠤᠪᠴᠠᠰᠤ ᠬᠤᠨᠠᠷ ᠦᠭᠡᠢ ᠶᠠᠪᠠᠭᠠᠨ ᠬᠥᠮᠦᠰ ᠲᠡᠢ ᠲᠡᠢᠮᠦ ᠴᠡᠷᠢᠭ ᠦ᠋ᠨ ᠲᠤᠰᠠ ᠶᠠᠭᠤ ᠪᠢᠯᠡ?

ᠶᠸᠸᠫᠡᠲ ᠠᠭᠤᠷᠰᠠᠵᠤ᠂
—ᠪᠢᠳᠡᠨ ᠢ᠋ ᠡᠨᠳᠡ ᠶᠠᠪᠤᠭᠰᠠᠭᠠᠷ ᠪᠠᠢᠲᠠᠯ᠎ᠠ ᠷᠶᠠᠽᠠᠨ ᠮᠠᠨ ᠤ᠋ ᠲᠤᠰᠠᠯᠠᠮᠵᠢ ᠶ᠋ᠢ ᠬᠦᠯᠢᠶᠡᠵᠦ ᠲᠡᠰᠬᠦ ᠶ᠋ᠢ ᠪᠠᠢᠯ᠎ᠠ ᠭᠡᠪᠡ᠃
— ᠶᠸᠸᠫᠡᠲ ᠰᠣᠨᠣᠰ᠂ ᠪᠢ ᠡᠢᠨ ᠰᠢᠢᠳᠪᠦᠷᠢᠯᠡᠪᠡ᠃ ᠭᠤᠷᠪᠠᠨ ᠵᠠᠭᠤᠨ ᠬᠥᠮᠦᠨ ᠰᠣᠩᠭᠣᠨ ᠠᠪ! ᠪᠢ ᠰᠢᠯᠢᠳᠡᠭ ᠮᠣᠷᠢᠳ᠂ ᠴᠡᠷᠢᠭ ᠦ᠋ᠨ ᠬᠡᠷᠡᠭᠯᠡᠯ᠂ ᠵᠠᠮ ᠤ᠋ᠨ ᠰᠡᠯᠪᠢᠭᠡ ᠵᠡᠷᠭᠡ ᠶ᠋ᠢ ᠲᠠᠯᠪᠢᠨ ᠣᠯᠭᠣᠶ᠎ᠠ᠂ ᠬᠠᠷᠢᠨ ᠡᠭᠦᠨ ᠡᠴᠡ ᠢᠯᠡᠭᠦᠦ ᠶᠠᠭᠤᠮ᠎ᠠ ᠪᠤᠤ ᠶᠠᠷᠢᠭᠠᠷᠠᠢ᠂ ᠲᠤᠰᠠᠯᠠᠵᠤ ᠴᠢᠳᠠᠬᠤ ᠦᠭᠡᠢ ᠰᠢᠦ ᠭᠡᠵᠦ ᠸᠠᠩ ᠮᠢᠬᠠᠢᠯ ᠴᠸᠷᠨᠢᠭᠤᠸᠰᠺᠢ ᠬᠡᠯᠡᠪᠡ᠃ ᠶᠸᠸᠫᠡᠲ ᠴᠸᠷᠨᠢᠭᠤᠸ ᠤ᠋ᠨ ᠬᠥᠮᠦᠰ ᠲᠸ᠋ ᠢᠷᠦᠭᠡᠯ ᠲᠠᠯᠪᠢᠭᠠᠳ ᠵᠣᠷᠢᠭᠲᠠᠢ ᠵᠠᠯᠠᠭᠤᠴᠤᠳ ᠭᠤᠷᠪᠠᠨ ᠵᠠᠭᠤ ᠶ᠋ᠢ ᠰᠢᠯᠢᠨ ᠠᠪᠴᠤ᠂ ᠸᠠᠩ ᠮᠢᠬᠠᠢᠯ ᠲᠡᠳᠡᠨ ᠢ᠋ ᠪᠦᠷᠢᠨ ᠵᠡᠪᠰᠡᠭᠯᠡᠪᠡ᠃

ᠪᠠᠭ ᠴᠡᠷᠢᠭ ᠳᠠᠢᠰᠤᠨ ᠳ᠋ᠤ᠌ ᠠᠪᠲᠠᠭᠳᠠᠨ ᠶᠠᠳᠠᠷᠠᠭᠰᠠᠨ ᠷᠶᠡᠽᠡᠨ ᠦ᠌ ᠵᠦᠭ ᠶᠠᠭᠠᠷᠠᠨ ᠮᠣᠷᠳᠠᠪᠠ᠁ ᠤᠤᠯ ᠪᠠᠭ᠂ ᠬᠥᠮᠦᠨ ᠪᠠᠭ᠎ᠠ ᠶᠠᠪᠤᠳᠠᠭ ᠬᠡᠭᠡᠷ᠎ᠡ ᠲᠠᠯ᠎ᠠ ᠶ᠋ᠢᠨ ᠬᠡᠴᠡᠭᠦᠦ ᠵᠠᠮ ᠢ᠋ᠶ᠋ᠠᠷ ᠶᠠᠪᠤᠭᠰᠠᠭᠠᠷ ᠷᠶᠡᠽᠡᠨ ᠳ᠋ᠦ᠍ ᠣᠢᠷᠠᠲᠤᠯ᠎ᠠ᠃ ᠴᠡᠷᠢᠭ ᠦ᠋ᠳ ᠮᠣᠷᠢᠳ ᠤ᠋ᠨ ᠢ᠋ᠶ᠋ᠠᠨ ᠭᠦᠶᠦᠳᠡᠯ ᠢ᠋ ᠬᠤᠷᠳᠤᠳᠬᠠᠨ ᠶᠠᠪᠤᠵᠤ ᠦᠵᠡᠪᠡᠰᠦ ᠤᠺᠠ ᠭᠣᠣᠯ ᠤ᠋ᠨ ᠥᠨᠳᠥᠷ ᠡᠷᠭᠢ ᠳᠡᠭᠡᠷ᠎ᠡ ᠭᠠᠷᠪᠠᠯ ᠰᠠᠶᠢᠬᠠᠨ ᠭᠢᠯᠠᠯᠵᠠᠵᠤ ᠪᠠᠢᠭᠰᠠᠨ ᠰᠠᠢᠬᠠᠨ ᠬᠣᠲᠠ ᠨᠢ ᠴᠠᠰᠤᠨ᠎ᠠ ᠳᠠᠷᠤᠭᠳᠠᠭᠰᠠᠨ ᠡᠪᠳᠡᠷᠬᠡᠢ ᠬᠣᠭᠣᠰᠣᠨ ᠪᠠᠯᠭᠠᠰᠤ ᠦᠵᠡᠭᠳᠡᠪᠡ᠃

ᠴᠡᠷᠢᠭ ᠦ᠋ᠨ ᠭᠣᠣᠯ ᠤ᠋ᠨ ᠮᠥᠰᠥᠨ ᠳᠡᠭᠡᠭᠦᠷ ᠭᠠᠷᠴᠤ ᠶᠠᠪᠤᠬᠤ ᠳ᠋ᠤ᠌ ᠮᠥᠰᠦᠨ᠎ᠠ ᠨᠠᠭᠠᠯᠳᠤᠭᠰᠠᠨ ᠬᠡᠭᠦᠷ ᠦ᠋ᠳ ᠦᠵᠡᠭᠳᠡᠨ᠎ᠡ᠃ ᠮᠥᠨ ᠡᠷᠭᠢ ᠶ᠋ᠢᠨ ᠪᠤᠯᠤᠩ ᠲᠣᠬᠣᠢ᠂ ᠬᠣᠲᠠ ᠶ᠋ᠢᠨ ᠵᠠᠬ᠎ᠠ ᠶ᠋ᠢᠨ ᠵᠠᠮ ᠳᠠᠭᠠᠤ ᠬᠥᠯᠳᠡᠭᠰᠡᠨ ᠬᠡᠭᠦᠷ ᠡᠴᠡ ( ᠤ᠋ᠳ )ᠡᠨᠳᠡ ᠲᠡᠨᠳᠡ ᠡᠮᠬᠢ ᠵᠠᠮᠬ᠎ᠠ ᠦᠭᠡᠢ ᠬᠡᠪᠲᠡᠨ᠎ᠡ᠃ ᠬᠣᠲᠠ ᠶ᠋ᠢᠨ ᠡᠷᠭᠢᠨ ᠲᠣᠭᠣᠷᠢᠨ ( ᠢ᠋ ) ᠪᠦᠰᠡᠯᠡᠭᠰᠡᠨ ᠮᠣᠳᠣᠨ ᠬᠡᠷᠡᠮ ᠢ᠋ ᠡᠪᠳᠡᠨ ᠪᠤᠰᠠᠨᠢᠭᠤᠯᠤᠭᠰᠠᠨ ᠪᠠᠢᠬᠤ ᠪᠥᠭᠡᠳ ᠲᠤᠰ ᠬᠡᠷᠡᠮ ᠦ᠋ᠨ ᠭᠣᠣᠯ ᠬᠠᠭᠠᠯᠭ᠎ᠠ ᠪᠠᠢᠭᠰᠠᠨ ᠭᠠᠵᠠᠷ ᠤ᠋ᠨ ᠥᠷᠭᠡᠨ ᠰᠠᠷᠠᠪᠴᠢᠨ ᠤ᠋ ᠲᠡᠨᠳᠡ ᠡᠴᠡ ᠵᠡᠷᠯᠢᠭᠰᠢᠭᠰᠡᠨ ᠣᠯᠠᠨ ᠨᠣᠬᠠᠳ ᠪᠣᠰᠤᠨ ᠬᠠᠷᠠᠢᠵᠤ ᠵᠦᠭ ᠪᠦᠬᠦᠨ᠎ᠡ ᠵᠢᠭᠤᠲᠠᠨ ᠳᠠᠯᠳᠠ ᠣᠷᠣᠨ᠎ᠠ᠃

ᠴᠡᠷᠢᠭ ᠦ᠋ᠳ ᠨᠤᠷᠠᠭᠰᠠᠨ ᠲᠣᠢᠪᠤᠤ ᠬᠣᠭ ᠰᠢᠷᠣᠢ ᠶ᠋ᠢᠨ ᠳᠤᠮᠳᠠᠭᠤᠷ ᠬᠢᠴᠢᠶᠡᠨ ᠶᠠᠪᠤᠭᠰᠠᠭᠠᠷ ᠭᠣᠣᠯ ᠴᠢᠯᠦᠭᠡᠨ᠎ᠡ ᠭᠠᠷᠪᠠ᠃ ᠶᠸᠸᠫᠲ ᠰᠠᠶᠢᠪᠲᠤᠷᠬᠠᠨ ᠡᠨᠳᠡ ᠤᠯᠤᠰ ᠣᠷᠣᠨ ᠤ᠋ ᠱᠤᠤᠭᠢᠶᠠᠨ ᠲᠠᠢ ᠵᠠᠬ᠎ᠠ ᠪᠠᠢᠭᠰᠠᠨ ᠣᠯᠠᠨ ᠤ᠋ ᠬᠤᠷᠠᠯᠳᠤᠬᠤ ᠰᠦᠮ᠎ᠡ ᠶ᠋ᠢᠨ ᠭᠣᠶᠣᠮᠰᠣᠭ ᠣᠷᠣᠢ ᠭᠢᠯᠠᠯᠵᠠᠨ ᠶᠡᠬᠡ ᠸᠠᠩ ᠨᠣᠶᠠᠨ ᠤ᠋ ᠭᠠᠷᠴᠤ ᠤᠯᠤᠰ ᠤ᠋ᠳ ᠲᠠᠢ ᠶᠠᠷᠢᠯᠴᠠᠳᠠᠭ ᠰᠠᠢᠬᠠᠨ ᠣᠷᠳᠣᠨ ᠪᠠᠢᠭᠰᠠᠨ ᠭᠠᠵᠠᠷ ᠢ᠋ ᠠᠷᠠᠢᠬᠢᠵᠤ ᠲᠠᠨᠢᠪᠠ᠃ ᠡᠨᠡ ᠪᠦᠭᠦᠳᠡ ᠶ᠋ᠢ ᠲᠠᠲ᠋ᠠᠷ ᠤ᠋ᠨ ᠨᠢᠷᠭᠡᠯᠲᠡ ᠶ᠋ᠢᠨ ᠥᠷᠪᠥᠯᠵᠡᠭᠰᠡᠨ ᠭᠠᠯ ᠲᠦᠢᠮᠡᠷᠳᠡᠵᠡᠢ᠃ ᠬᠣᠲᠠ ᠶ᠋ᠢᠨ ᠴᠢᠯᠥᠭᠡᠨ ᠦ᠌ ᠭᠣᠣᠯ ᠳᠤᠮᠳᠠ ᠠᠰᠤᠷᠤ ᠶᠡᠬᠡ ᠭᠠᠯ ᠲᠦᠯᠡᠭᠰᠡᠨ ᠦ᠌ ᠪᠠᠭᠤᠷᠢ ᠪᠠᠢᠪᠠ᠃ ᠰᠢᠲᠠᠭᠰᠠᠨ ᠬᠥᠮᠦᠨ ᠦ᠌ ᠶᠠᠰᠤ ᠭᠠᠪᠠᠯᠠ᠂ ᠦᠬᠦᠭᠰᠡᠨ ᠲᠠᠲ᠋ᠠᠷ ᠤ᠋ᠳ ᠤ᠋ᠨ ᠬᠤᠶᠠᠭ ᠳᠤᠭᠤᠯᠠᠭ᠎ᠠ ᠡᠨᠳᠡ ᠲᠡᠨᠳᠡ ᠦᠭᠡᠢ ᠪᠠᠢᠪᠠ᠃ ᠡᠨᠳᠡ ᠪᠠᠰᠠ ᠲᠠᠲ᠋ᠠᠷ ᠤ᠋ᠳ ᠴᠥᠭᠡᠨ ᠦᠭᠡᠢ ᠦᠬᠦᠭᠰᠡᠨ ᠪᠣᠯᠤᠯᠲᠠᠢ ᠭᠡᠵᠦ ᠴᠡᠷᠢᠭ ᠦ᠋ᠳ ᠶᠠᠷᠢᠯᠴᠠᠨ᠎ᠠ᠃ ᠲᠡᠨᠳᠡ ᠡᠴᠡᠵᠦ ᠶᠠᠳᠠᠷᠠᠭᠰᠠᠨ ᠮᠣᠷᠢᠳ ᠠ᠋ᠴᠠ ᠪᠠᠨ ᠪᠠᠭᠤᠵᠠᠭᠠᠵᠤ ᠬᠣᠭᠣᠰᠣᠷᠠᠨ ᠪᠠᠯᠠᠷᠠᠵᠤ ᠬᠠᠶᠠᠭᠳᠠᠭᠰᠠᠨ ᠬᠡᠭᠦᠷ ᠦ᠋ᠨ ᠭᠠᠵᠠᠷ ᠮᠡᠲᠦ ᠪᠣᠯᠤᠭᠰᠠᠨ ᠬᠣᠲᠠ ᠪᠠᠨ ᠭᠠᠰᠢᠭᠤᠳᠠᠯᠲᠠᠢ ᠪᠠᠷ ᠬᠠᠷᠠᠵᠠᠭᠠᠵᠤ ᠪᠠᠢᠪᠠ᠃ ᠪᠤᠲᠠ ᠨᠢᠷᠭᠡᠭᠳᠡᠭᠰᠡᠨ ᠲᠦᠢᠮᠡᠷ ᠳᠡᠭᠳᠡᠭᠰᠡᠨ ᠵᠠᠬ᠎ᠠ ᠶ᠋ᠢᠨ ᠴᠢᠯᠥᠭᠡᠨ ᠦ᠌ ᠥᠨᠳᠥᠷ ᠳᠡᠭᠡᠷ᠎ᠡ ( ᠡᠴᠡ ) ᠬᠠᠷᠠᠬᠤ ᠳ᠋ᠤ᠌ ᠷᠶᠡᠽᠡᠨ ᠭᠠᠷ ᠤ᠋ᠨ ᠠᠯᠠᠭ᠎ᠠ ᠮᠡᠲᠦ ᠦᠵᠡᠭᠳᠡᠵᠦ ᠪᠠᠢᠯ᠎ᠠ᠃

ᠬᠠ ᠶᠠ ᠦᠭᠡᠢ ᠬᠠᠷᠠᠭᠰᠠᠨ ᠵᠦᠭ ᠪᠦᠬᠦᠨ᠎ᠡ ᠦᠬᠦᠭᠰᠡᠨ ᠬᠡᠭᠦᠷ ᠂ ᠡᠨᠳᠡ ᠴᠦ᠍ ᠡᠪᠳᠡᠷᠡᠯ ᠂ ᠲᠡᠨᠳᠡ ᠴᠦ᠍ ᠬᠡᠮᠬᠡᠷᠡᠯ ᠦᠵᠡᠭᠳᠡᠨ᠎ᠡ᠃ ᠵᠠᠬ᠎ᠠ ᠶ᠋ᠢᠨ ᠴᠢᠯᠠᠭᠤᠨ ᠭᠦᠦᠷ ᠦ᠋ᠨ ᠳᠡᠷᠭᠡᠳᠡ ᠡᠭᠦᠨ ᠦ᠌ ᠤᠷᠢᠳᠤ ᠲᠤᠰ ᠬᠣᠲᠠ ᠶ᠋ᠢᠨ ᠬᠥᠮᠦᠰ ᠢ᠋  ᠣᠯᠠᠨ ᠤ᠋ ᠬᠤᠷᠠᠯᠳᠤᠭᠠᠨ ᠳ᠋ᠤ᠌ ᠳᠠᠭᠤᠳᠠᠨ ᠴᠤᠭᠯᠠᠭᠤᠯᠳᠠᠭ ᠭᠠᠵᠠᠷ᠂ ᠪᠢᠴᠠ ᠴᠣᠬᠢᠭᠰᠠᠨ ᠵᠡᠰ ᠬᠤᠩᠬ᠎ᠠ ᠬᠠᠵᠠᠭᠤ ᠪᠠᠷ ᠢ᠋ᠶ᠋ᠠᠨ ᠬᠠᠷᠠᠨ ᠬᠡᠪᠲᠡᠵᠦ ᠪᠠᠢᠪᠠ᠃ ᠶᠸᠸᠫᠡᠲ ᠶᠠᠭᠠᠷᠠᠯ ᠦᠭᠡᠢ ᠬᠠᠵᠠᠭᠤ ᠲᠡᠰᠢ ᠬᠠᠷᠠᠵᠤ ᠶᠠᠪᠤᠬᠤ ᠳ᠋ᠤ᠌ ᠴᠡᠷᠢᠭ ᠦ᠋ᠳ ᠲᠡᠭᠦᠨ᠎ᠡ ᠵᠠᠮ ᠲᠠᠯᠪᠢᠨ ᠥᠭᠴᠡᠢ ᠃

ᠲᠡᠷᠡ ᠥᠪᠡᠷ ᠦ᠋ᠨ ᠭᠡᠷ ᠪᠠᠢᠭᠰᠠᠨ ᠭᠠᠵᠠᠷ ᠢ᠋ ᠠᠷᠠᠢᠬᠢᠵᠤ ᠣᠯᠪᠠ ᠃ ᠭᠤᠳᠤᠮᠵᠢᠨ ᠤ᠋ ᠥᠨᠴᠥᠭ ᠲᠦ᠍ ᠰᠦᠮ᠎ᠡ ᠶ᠋ᠢᠨ ᠴᠢᠯᠠᠭᠤᠨ ᠱᠠᠲᠤᠨ ᠤ᠋ ᠲᠡᠨᠳᠡ ᠲᠡᠭᠦᠨ ᠦ᠌ ᠬᠠᠭᠤᠴᠢᠨ ᠪᠠᠢᠰᠢᠩ ᠪᠠᠢᠵᠠᠢ᠃ ᠲᠡᠢᠨᠬᠦ ᠨᠤᠷᠠᠵᠤ ᠰᠢᠲᠠᠭᠰᠠᠨ ᠮᠣᠳᠣ ᠨᠤᠭᠤᠳ ᠤ᠋ᠨ ᠳᠤᠮᠳᠠ ᠵᠥᠪᠬᠡᠨ ᠡᠪᠳᠡᠷᠡᠭᠰᠡᠨ ᠲᠣᠮᠣ ᠰᠢᠪᠡᠷ ᠵᠤᠤᠬ᠎ᠠ ᠨᠢ ᠭᠠᠭᠴᠠᠭᠠᠷ ᠢ᠋ᠶ᠋ᠠᠨ ᠱᠣᠪᠬᠣᠢᠵᠤ ᠦᠵᠡᠭᠳᠡᠨ᠎ᠡ᠃ ᠶᠸᠸᠫᠡᠲ ᠲᠡᠷᠡᠬᠦ ᠮᠣᠳᠣ ᠴᠢᠯᠠᠭᠤ ᠲᠡᠮᠦᠷ ᠪᠤᠷᠭᠠᠰᠤ ᠳᠤᠮᠳᠠᠭᠤᠷ ᠠᠷᠠᠢ ᠴᠢᠷᠮᠠᠢᠨ ᠭᠠᠷᠴᠤ ᠶᠠᠪᠤᠲᠠᠯ᠎ᠠ ᠲᠡᠨᠳᠡ ᠲᠣᠯᠣᠭᠠᠢ ᠪᠠᠨ ᠭᠠᠷ ᠳᠡᠭᠡᠷ᠎ᠡ ᠪᠡᠨ ᠲᠠᠯᠪᠢᠭᠰᠠᠨ ᠬᠥᠮᠦᠨ ᠬᠥᠳᠡᠯᠦᠯ ᠦᠭᠡᠢ ᠰᠠᠭᠤᠨ᠎ᠠ᠃ ᠲᠡᠭᠦᠨ ᠤ᠋ ᠴᠢᠭᠢᠷᠠᠭ ᠴᠡᠭᠡᠵᠢ ᠤᠷᠲᠤ ᠪᠤᠭᠤᠷᠤᠯ ᠲᠣᠯᠣᠭᠠᠢ ᠶ᠋ᠢ ᠬᠠᠷᠠᠪᠠᠯ ᠲᠠᠨᠢᠬᠤ ᠬᠥᠮᠦᠨ ᠰᠢᠭ᠌ ᠁ ᠶᠸᠸᠫᠡᠲ ᠦ᠋ᠨ ᠬᠥᠯ ᠴᠢᠯᠠᠭᠤᠨ᠎ᠡ ᠬᠠᠯᠲᠤᠷᠢᠮᠠᠭᠴᠠ ᠲᠡᠷᠡ ᠰᠠᠭᠤᠭ᠎ᠠ ᠬᠥᠮᠦᠨ ᠡᠷᠭᠢᠨ ᠬᠠᠷᠠᠪᠠ ᠃
— ᠶᠸᠸᠫᠡᠲ!
— ᠷᠠᠲ᠋ᠢᠪᠤᠷ!᠁
— ᠨᠥᠬᠥᠷ ᠮᠢᠨᠢ ᠪᠢ ᠴᠢᠮᠠᠶ᠋ᠢ ᠬᠦᠯᠢᠶᠡᠵᠦ ᠪᠠᠢᠭᠰᠠᠨ ᠶᠤᠮ᠃
— ᠴᠢᠮᠠᠶ᠋ᠢ ᠢᠷᠡᠨ᠎ᠡ ᠭᠡᠭᠴᠢ ᠶ᠋ᠢ ᠪᠢ ᠮᠡᠳᠡᠵᠦ ᠪᠠᠢᠭᠰᠠᠨ ᠶᠤᠮ᠃ ᠴᠢᠨᠦ ᠦᠭᠡ ᠪᠠᠲᠤ ᠶᠤᠮ ᠳ᠋ᠠ ᠭᠡᠳ ᠷᠠᠲ᠋ᠢᠪᠤᠷ ᠵᠠᠯᠠᠭᠤ ᠳᠠᠢᠴᠢᠨ ᠢ᠋ ᠲᠡᠪᠡᠷᠢᠪᠡ᠃
— ᠬᠣᠵᠢᠮᠳᠠᠵᠤ ᠢᠷᠡᠭᠰᠡᠨ ᠪᠠᠢᠨ᠎ᠠ ᠳ᠋ᠠ ᠭᠡᠳ ᠶᠸᠸᠫᠡᠲ ᠨᠡᠭᠦᠷᠡᠰᠦ ᠪᠣᠯᠤᠭᠰᠠᠨ ᠡᠪᠳᠡᠷᠬᠡᠢ ᠰᠠᠭᠤᠷᠢᠨ  ᠢ᠋ ᠵᠢᠭᠠᠵᠤ᠂
— ᠮᠠᠨ ᠤ᠋ ᠬᠢᠨ ᠬᠠᠮᠢᠭ᠎ᠠ ᠪᠣᠢ?
— ᠮᠡᠳᠡᠬᠦ ᠤᠤ?
— ᠴᠥᠮ ᠪᠤᠷᠬᠠᠨ ᠪᠣᠯᠤᠭᠰᠠᠨ᠂ ᠶᠸᠸᠫᠡᠲ ᠵᠣᠷᠢᠭ ᠢ᠋ᠶ᠋ᠠᠨ ᠪᠠᠷᠢᠭᠲᠤᠨ! ᠨᠠᠮᠠᠶ᠋ᠢ ᠨᠠᠰᠢ ᠪᠠᠨ ᠮᠠᠢᠵᠢᠭᠢᠨᠠᠨ ᠶᠠᠪᠤᠬᠤ ᠳ᠋ᠤ᠌ ᠬᠥᠭᠰᠢᠨ ᠡᠬᠡ ᠴᠢᠨᠢ ᠠᠮᠢᠰᠬᠤᠯ ᠲᠠᠢ ᠪᠠᠢᠭᠰᠠᠨ᠃ ᠲᠠᠲ᠋ᠠᠷ ᠤ᠋ᠳ ᠴᠢᠨᠦ ᠡᠬᠡᠨᠡᠷ ᠢ᠋ ᠣᠯᠵᠠᠯᠠᠨ ᠠᠪᠴᠤ ᠶᠠᠪᠤᠬᠤ ᠭᠡᠲᠡᠯ᠎ᠡ ᠲᠡᠷᠡ᠂ ᠰᠦᠬᠡ ᠪᠡᠷ ᠢ᠋ᠶ᠋ᠡᠨ ᠵᠣᠳᠣᠯᠳᠤᠵᠤ ᠪᠠᠢᠭᠰᠠᠨ᠂ ᠲᠡᠭᠡᠬᠦ ᠳ᠋ᠦ᠍ ᠪᠦᠭᠦᠳᠡ ᠶ᠋ᠢ ᠠᠯᠠᠭᠰᠠᠨ ᠰᠢᠦ᠃
— ᠬᠡᠦᠬᠡᠳ ᠦ᠋ᠳ ᠶᠠᠭᠠᠬᠢᠪᠠ?
— ᠲᠡᠳᠡᠨ ᠢ᠋ ᠣᠯᠵᠠᠯᠠᠨ ᠠᠪᠤᠭᠰᠠᠨ᠂ ᠪᠤᠰᠤᠳ ᠤ᠋ᠨ ᠬᠠᠮᠲᠤ ᠭᠡᠬᠦ ᠳ᠋ᠦ᠍ ᠶᠸᠸᠫᠡᠲ ᠳᠤᠭᠤᠢ ᠪᠣᠯᠪᠠ᠃
— ᠶᠸᠸᠫᠡᠲ ᠳᠠᠢᠰᠤᠨ ᠨᠤᠭᠤᠳ ᠢ᠋ ᠬᠥᠭᠡᠭᠡᠵᠦ ᠣᠴᠢᠶ᠎ᠠ᠃ ᠲᠡᠳᠡᠨ ᠡᠴᠡ ᠬᠠᠷᠢᠭᠤ ᠪᠠᠨ ᠠᠪᠤᠶ᠎ᠠ᠂ ᠴᠢ ᠴᠸᠷᠨᠢᠭᠤᠸ ᠤ᠋ᠨ ᠬᠢᠨ ᠡᠴᠡ ᠠᠪᠴᠢᠷᠠᠭᠰᠠᠨ ᠤᠤ? ᠭᠡᠵᠦ ᠷᠠᠲ᠋ᠢᠪᠤᠷ ᠦᠷᠭᠦᠯᠵᠢᠯᠡᠨ ᠬᠡᠯᠡᠪᠡ᠃
— ᠴᠥᠭᠡᠨ ᠢ᠋ ᠠᠪᠴᠢᠷᠠᠭᠰᠠᠨ᠂ ᠪᠦᠭᠦᠳᠡ ᠭᠤᠷᠪᠠᠨ ᠵᠠᠭᠤᠨ ᠬᠥᠮᠦᠨ᠃
— ᠪᠠᠰᠠ ᠬᠥᠮᠦᠨ ᠣᠯᠠᠨ! ᠣᠢ ᠳᠣᠲᠣᠷ᠎ᠠ ᠳᠦᠷᠪᠡᠭᠰᠡᠨ ᠬᠥᠮᠦᠰ ᠣᠯᠠᠨ ᠪᠣᠢ᠃ ᠪᠢ ᠮᠠᠨ ᠤ᠋ ᠲᠠᠯ᠎ᠠ ᠶ᠋ᠢᠨ ᠬᠢᠨ ᠲᠡᠢ ᠠᠭᠤᠯᠵᠠᠭᠰᠠᠨ᠂ ᠲᠡᠳᠡ ᠡᠳᠦᠷ ᠳᠣᠳᠣᠮ ᠣᠯᠠᠨ ᠪᠣᠯᠤᠭᠰᠠᠭᠠᠷ ᠪᠠᠢᠨ᠎ᠠ᠃ ᠲᠡᠳᠡᠨ ᠲᠡᠢ ᠨᠡᠢᠯᠡᠭᠡᠳ ᠲᠠᠲ᠋ᠠᠷ ᠤ᠋ᠳ ᠢ᠋ ᠬᠥᠭᠡᠭᠡᠨ ᠣᠴᠢᠶ᠎ᠠ᠂ ᠨᠥᠬᠥᠷ ᠮᠢᠨᠢ ᠶᠠᠪᠤᠶ᠎ᠠ ᠭᠡᠪᠡ᠃

ᠶᠸᠸᠫᠡᠲ᠂ ᠥᠪᠡᠷ ᠦ᠋ᠨ ᠪᠠᠢᠰᠢᠩ ᠤ᠋ᠨ ᠡᠪᠳᠡᠷᠬᠡᠢ ᠰᠠᠭᠤᠷᠢ ᠶ᠋ᠢ ᠡᠴᠦᠰ ᠦ᠋ᠨ ᠤᠳᠠᠭ᠎ᠠ ᠬᠠᠷᠠᠭᠠᠳ᠂
— ᠶᠠᠪᠤᠶ᠎ᠠ ᠭᠡᠪᠡ᠃

ᠲᠡᠨᠳᠡ ᠡᠴᠡ ᠲᠡᠷᠡ ᠬᠣᠶᠠᠷ ᠨᠥᠬᠥᠷ ᠵᠠᠬ᠎ᠠ ᠶ᠋ᠢᠨ ᠴᠢᠯᠥᠭᠡᠨ ᠦ᠌ ᠵᠦᠭ ᠴᠢᠭᠯᠡᠨ ᠶᠠᠪᠤᠪᠠ᠃

ᠲᠡᠢᠨᠬᠦ ᠶᠠᠪᠤᠬᠤ ᠵᠠᠮ ᠳ᠋ᠠᠭᠠᠨ᠂
— ᠷᠶᠠᠽᠠᠨ ᠤ᠋ ᠴᠡᠷᠢᠭ ᠳᠡᠭᠡᠷ᠎ᠡ ᠲᠠᠯ᠎ᠠ ᠳ᠋ᠤ᠌ ᠬᠡᠷᠬᠢᠨ ᠰᠥᠨᠥᠭᠰᠡᠨ᠂ ᠲᠡᠭᠦᠨ ᠦ᠌ ᠵᠠᠯᠠᠭᠤ ᠸᠠᠩ ᠷᠣᠮᠠᠨ ᠬᠡᠷᠬᠢᠨ ᠵᠣᠬᠢᠶᠠᠨ ᠪᠠᠢᠭᠤᠯᠤᠭᠰᠠᠨ᠂ ᠲᠡᠳᠡ ᠡᠷᠭᠢᠵᠦ ᠷᠶᠠᠽᠠᠨ ᠳ᠋ᠤ᠌ ᠬᠡᠷᠬᠢᠨ ᠬᠠᠮᠲᠤᠪᠠᠷ ᠬᠦᠷᠴᠦ ᠢᠷᠡᠭᠰᠡᠨ᠂ ᠲᠡᠭᠦᠨ ᠦ᠌ ᠪᠡᠶ᠎ᠡ ᠬᠥᠯ ᠦ᠋ᠨ ᠰᠢᠷᠬᠠᠨ ᠤ᠋ ᠤᠯᠠᠮ ᠠ᠋ᠴᠠ ᠵᠠᠮ ᠳ᠋ᠠᠭᠠᠨ ᠬᠡᠷᠬᠢᠨ ᠰᠠᠭᠠᠲᠠᠭᠰᠠᠨ ᠵᠡᠷᠭᠡ ᠶ᠋ᠢ ᠷᠠᠲ᠋ᠢᠪᠤᠷ ᠶᠸᠸᠫᠡᠲ ᠲᠦ᠍ ᠳᠡᠯᠭᠡᠷᠡᠩᠭᠦᠢ ᠶᠠᠷᠢᠯ᠎ᠠ᠃ 

ᠸᠠᠩ ᠷᠣᠮᠠᠨ ᠷᠶᠡᠽᠡᠨ ᠳ᠋ᠦ᠍ ᠭᠠᠷᠴᠤ ᠢᠷᠡᠬᠦ ᠶ᠋ᠢ ᠶᠠᠭᠠᠷᠠᠨ ᠲᠡᠭᠦᠨ ᠢ᠋ ᠬᠠᠶᠠᠵᠤ ᠣᠷᠬᠢᠭᠰᠠᠨ ᠪᠥᠭᠡᠳ ᠠᠷᠠᠢ ᠴᠢᠮᠠᠢ( ᠴᠢᠷᠠᠢ) ᠵᠠᠰᠠᠷᠠᠬᠤ ᠲᠥᠯᠥᠪ ᠢ᠋ ᠣᠯᠤᠭᠠᠳ ᠭᠡᠷ ᠲᠡᠭᠡᠨ ᠶᠠᠭᠠᠷᠠᠨ ᠢᠷᠡᠲᠡᠯ᠎ᠡ ᠭᠡᠷ ᠢ᠋ ᠨᠢ ᠳᠡᠭᠡᠷᠡᠮᠳᠡᠨ ᠪᠤᠲᠠ ᠨᠢᠷᠭᠡᠵᠦ ᠪᠠᠢᠪᠠ᠃ ᠣᠳᠣ ᠲᠠᠲ᠋ᠠᠷ ᠤ᠋ᠳ ᠸᠯᠠᠳᠢᠮᠢᠷ ᠤ᠋ᠨ ᠵᠦᠭ ᠣᠳᠤᠭᠰᠠᠨ ᠲᠤᠯᠠ ᠡᠨᠳᠡ ᠦᠵᠡᠭᠳᠡᠬᠦ ᠦᠭᠡᠢ ᠪᠣᠯᠵᠠᠢ᠁

ᠴᠧᠷᠨᠢᠭᠤᠸ ᠤ᠋ᠨ ᠴᠡᠷᠢᠭ ᠦ᠋ᠳ ᠲᠡᠷᠡᠬᠦ ᠨᠡᠭᠦᠷᠡᠰᠦ ᠪᠣᠯᠤᠭᠰᠠᠨ ᠬᠣᠭ ᠳᠡᠭᠡᠷ᠎ᠡ ᠠᠮᠠᠷᠠᠵᠠᠭᠠᠵᠤ ᠪᠠᠢᠭᠰᠠᠨ ᠨᠢ (  ᠢ᠋ᠶ᠋ᠠᠨ ) ᠶᠸᠸᠫᠡᠲ ᠷᠠᠲ᠋ᠢᠪᠣᠷ ᠬᠣᠶᠠᠷ ᠤ᠋ᠨ ᠵᠦᠭ ᠤᠭᠲᠤᠨ ᠪᠣᠰᠴᠠᠭᠠᠪᠠ᠃

ᠴᠧᠷᠨᠢᠭᠣᠸ ᠤ᠋ᠨ ᠠᠬᠠᠮᠠᠳ᠂ ᠥᠷᠭᠡᠨ ᠪᠡᠶ᠎ᠡ ᠲᠡᠢ ᠴᠡᠷᠢᠭ ᠤᠷᠤᠭᠰᠢ ᠠᠯᠬᠤᠵᠤ᠂
— ᠶᠸᠸᠫᠡᠲ ᠮᠢᠨᠢ ᠶᠠᠭᠠᠬᠢᠬᠤ ᠪᠠᠷ ᠪᠣᠳᠣᠪᠠ? ᠣᠳᠣ ᠶᠠᠭᠤ ᠬᠢᠬᠦ ᠪᠣᠢ?

ᠶᠸᠸᠫᠡᠲ ᠪᠣᠯᠣᠳ ᠬᠤᠶᠠᠭ ᠳᠤᠭᠤᠯᠠᠭ᠎ᠠ ᠪᠠᠨ ᠠᠪᠴᠤ ᠨᠣᠮᠣᠬᠠᠨ ᠢ᠋ᠶ᠋ᠠᠷ ᠪᠥᠬᠥᠢᠨ ᠳᠣᠬᠢᠭᠠᠳ᠂
— ᠬᠠᠷᠢᠨ ᠴᠧᠷᠨᠢᠭᠤᠸ ᠤ᠋ᠨ ᠬᠢᠨ ᠦ᠌ ᠨᠥᠬᠥᠳ ᠲᠠᠨᠠᠷ ᠶᠠᠭᠤ ᠪᠣᠳᠣᠵᠤ ᠪᠠᠢᠭ᠎ᠠ ᠪᠣᠯ?
— ᠷᠶᠠᠽᠠᠨ ᠤ᠋ ᠬᠢᠨ ᠳ᠋ᠦ᠍ ᠲᠤᠰᠠᠯᠠᠬᠤ ᠪᠠᠷ ᠴᠢ ᠪᠢᠳᠡᠨ ᠢ᠋ ᠠᠪᠴᠤ ᠢᠷᠡᠭᠰᠡᠨ ᠰᠢᠦ!
— ᠷᠶᠠᠽᠠᠨ ᠪᠠᠢᠬᠤ ᠦᠭᠡᠢ ᠪᠣᠯᠤᠭᠰᠠᠨ ᠪᠠᠢᠨ᠎ᠠ᠃ ᠲᠠᠲ᠋ᠠᠷ ᠤ᠋ᠳ ᠲᠡᠭᠦᠨ ᠢ᠋ ᠬᠡᠭᠦᠷ ᠦ᠋ᠨ ᠭᠠᠵᠠᠷ ᠪᠣᠯᠭᠠᠵᠠᠢ᠃

ᠶᠸᠸᠫᠡᠲ ᠳᠤᠭᠤᠢ ᠪᠣᠯᠪᠠ᠃
— ᠪᠢᠳᠡ ᠬᠡᠷᠬᠢᠪᠡᠴᠦ ᠡᠭᠦᠨ ᠢ᠋ ᠲᠡᠰᠪᠦᠷᠢᠯᠡᠨ ᠣᠷᠬᠢᠬᠤ ᠦᠭᠡᠢ᠃ ᠮᠠᠨ ᠤ᠋ ᠰᠠᠨᠠᠯ ᠢ᠋ ᠴᠢᠮᠠᠲᠤ ᠬᠡᠯᠡᠶ᠎ᠡ᠃ ᠴᠸᠷᠨᠢᠭᠣᠸ ᠤ᠋ᠨ ᠬᠢᠨ ᠪᠢᠳᠡ᠂ ᠲᠠᠲ᠋ᠠᠷ ᠤ᠋ᠳ ᠤ᠋ᠨ ᠬᠣᠢᠨ᠎ᠠ ᠠ᠋ᠴᠠ ᠶᠠᠪᠤᠵᠤ ᠣᠷᠣᠰ ᠤ᠋ᠨ ᠬᠥᠮᠦᠰ ᠦ᠋ᠨ ᠲᠥᠯᠥᠭᠡᠨ᠎ᠡ ᠥᠰᠢᠶ᠎ᠡ ᠪᠡᠨ ᠠᠪᠰᠤᠭᠠᠢ ᠭᠡᠵᠦ ᠰᠢᠢᠳᠪᠦᠷᠢᠯᠡᠪᠡ ᠭᠡᠵᠦ ᠡᠪᠦᠭᠡᠨ ᠵᠠᠯᠠᠭᠤ ᠴᠥᠮ ᠬᠡᠯᠡᠪᠡ᠃

ᠶᠸᠸᠫᠡᠲ ᠲᠣᠯᠣᠭᠠᠢ ᠪᠠᠨ ᠳᠣᠷᠣᠭᠰᠢ ᠳᠣᠬᠢᠨ᠂
— ᠠᠬ᠎ᠠ ᠨᠠᠷ ᠮᠢᠨᠢ ᠪᠠᠶᠠᠷᠯᠠᠯ᠎ᠠ᠁ ᠣᠳᠣ ᠴᠤ᠌ ᠷᠠᠲ᠋ᠢᠪᠣᠷ ᠪᠢᠳᠡ ᠬᠣᠶᠠᠷ ᠪᠠᠰᠠ ᠲᠡᠭᠡᠵᠦ ᠰᠠᠨᠠᠵᠤ ᠪᠠᠢᠨ᠎ᠠ᠃

ᠤᠳᠠᠭᠠᠰᠢᠷᠠᠯ ᠦᠭᠡᠢ ᠲᠠᠲ᠋ᠠᠷ ᠤ᠋ᠳ ᠤ᠋ᠨ ᠬᠣᠢᠨ᠎ᠠ ᠠ᠋ᠴᠠ ᠬᠥᠭᠡᠭᠡᠨ ᠣᠴᠢᠶ᠎ᠠ! ᠣᠯᠵᠠᠯᠠᠭᠳᠠᠭᠰᠠᠳ ᠠ᠋ᠴᠠ ᠪᠠᠨ ᠬᠡᠨ ᠨᠢᠭᠡᠨ ᠦ᠌ ᠠᠮᠢ ᠶ᠋ᠢ ᠠᠪᠤᠷᠠᠵᠤ ᠮᠠᠭᠠᠳ ᠦᠭᠡᠢ᠃
— ᠶᠠᠪᠤᠵᠠᠭᠠᠶ᠎ᠠ! ᠶᠠᠪᠤᠵᠠᠭᠠᠶ᠎ᠠ! ᠭᠡᠵᠦ ᠴᠡᠷᠢᠭ ᠦ᠋ᠳ ᠨᠢᠭᠡᠨ ᠳᠠᠭᠤ ᠪᠠᠷ ᠬᠠᠰᠬᠢᠷᠤᠯᠳᠤᠪᠠ᠃
— ᠬᠡᠨ ᠵᠠᠩᠵᠤᠨ ᠪᠣᠯᠬᠤ ᠶ᠋ᠢ ᠶᠠᠭᠤᠨ ᠤ᠋ ᠤᠷᠢᠳ ᠰᠢᠢᠳᠪᠦᠷᠢᠯᠡᠭᠲᠦᠨ ᠭᠡᠬᠦ ᠳ᠋ᠦ᠍᠂
— ᠶᠸᠸᠫᠡᠲ! ᠪᠢᠳᠡᠨ ᠢ᠋ ᠶᠸᠸᠫᠡᠲ ᠠᠪᠴᠤ ᠶᠠᠪᠤᠭᠠᠷᠠᠢ ᠭᠡᠯᠴᠡᠨ᠎ᠡ᠃
— ᠶᠸᠸᠫᠡᠲ ᠴᠢᠮ᠎ᠠ ᠠ᠋ᠴᠠ ᠥᠭᠡᠷ᠎ᠡ ᠬᠡᠨ ᠪᠢᠳᠡᠨ ᠢ᠋ ᠳᠠᠭᠠᠭᠤᠯᠵᠤ᠂  ᠲᠠᠲ᠋ᠠᠷ ᠤ᠋ᠳ  ᠤ᠋ᠨ ᠬᠣᠢᠨ᠎ᠠ ᠠ᠋ᠴᠠ ᠶᠠᠪᠤᠬᠤ ᠪᠢᠯᠡ᠃ ᠴᠢ ᠪᠣᠯ ᠡᠨᠳᠡᠬᠢ ᠶ᠋ᠢᠨ ᠵᠠᠮ ᠪᠦᠬᠦᠨ ᠢ᠋ ᠮᠡᠳᠡᠬᠦ ᠶ᠋ᠢᠨ ᠳᠡᠭᠡᠷ᠎ᠡ ᠴᠢ ᠤᠭ ᠠ᠋ᠴᠠ ᠪᠠᠨ ᠴᠡᠷᠢᠭ ᠦ᠋ᠨ ᠬᠥᠮᠦᠨ ᠶᠤᠮ᠃ ᠬᠠᠷᠢᠨ ᠪᠢᠳᠡ ᠪᠣᠯ ᠲᠠᠷᠢᠶᠠᠴᠢᠨ ᠬᠥᠮᠦᠨ ᠶᠤᠮ᠃ ᠲᠠᠷᠢᠶᠠᠴᠢᠨ ᠤ᠋ ᠭᠠᠵᠠᠷ ᠠ᠋ᠴᠠ ᠪᠠᠢᠯᠳᠤᠬᠤ ᠪᠠᠷ ᠶᠠᠪᠤᠵᠠᠭᠠᠵᠤ ᠪᠠᠢᠨ᠎ᠠ!᠁ ᠪᠠᠰᠠ ᠠᠶᠤᠬᠤ ᠴᠤ᠌ ᠦᠭᠡᠢ ᠰᠢᠦ! ᠪᠢᠳᠡ ᠣᠷᠣᠰ ᠤ᠋ᠨ ᠲᠥᠯᠥᠭᠡ ᠲᠡᠮᠡᠴᠡᠵᠦ ᠴᠢᠳᠠᠨ᠎ᠠ᠃ ᠲᠣᠯᠣᠭᠠᠢ ᠪᠠᠨ ᠦᠯᠦ ᠬᠠᠢᠷᠠᠯᠠᠨ᠎ᠠ᠃ ᠮᠣᠳᠣ ᠴᠠᠪᠴᠢᠵᠤ ᠪᠠᠢᠭ᠎ᠠ ᠮᠡᠲᠦ ᠲᠠᠲ᠋ᠠᠷ ᠤ᠋ᠳ ᠢ᠋ ᠴᠠᠪᠴᠢᠵᠤ᠂ ᠡᠷᠡᠴᠦᠳ ᠦ᠋ᠨ ᠰᠦᠬᠡ ᠶ᠋ᠢ ᠲᠡᠳᠡᠨ ᠳ᠋ᠦ᠍ ᠮᠡᠳᠡᠭᠦᠯᠦᠶ᠎ᠡ ᠭᠡᠵᠦ ᠡᠪᠦᠭᠡᠨ ᠳᠠᠬᠢᠨ ᠬᠡᠯᠡᠪᠡ ᠃
— ᠵᠦᠢᠲᠡᠢ᠂ ᠵᠦᠢᠲᠡᠢ᠃
— ᠴᠸᠷᠨᠢᠭᠤᠸ ᠤ᠋ᠨ ᠬᠢᠨ ᠦ᠌ ᠨᠥᠬᠥᠳ ᠠ᠋᠂ ᠪᠠᠶᠠᠷᠯᠠᠯ᠎ᠠ ᠭᠡᠵᠦ ᠶᠸᠸᠫᠡᠲ ᠬᠡᠯᠡᠪᠡ ᠃

ᠭᠣᠮᠣᠳᠠᠯ ᠤ᠋ᠨ ᠠᠪᠢᠶ᠎ᠠ ᠰᠢᠭ᠋ ᠤᠶᠠᠩᠭᠠᠯᠠᠭᠰᠠᠨ ᠴᠢᠮᠡᠭᠡ ᠲᠠᠯᠠᠪᠠᠢ ᠳᠡᠭᠡᠷ᠎ᠡ ᠭᠠᠷᠬᠤ ᠶ᠋ᠢᠨ ᠬᠠᠮᠲᠤ ᠶᠸᠸᠫᠡᠲ ᠡᠷᠭᠢᠵᠦ ᠬᠠᠷᠠᠪᠠ᠃ ᠬᠡᠳᠦᠨ ᠬᠥᠮᠦᠰ ᠬᠤᠩᠬ᠎ᠠ ᠶ᠋ᠢ ᠪᠣᠰᠬᠠᠵᠤ ᠪᠠᠢᠬᠤ ᠪᠥᠭᠡᠳ ᠭᠤᠷᠪᠠᠨ ᠤᠷᠲᠤ ᠮᠣᠳᠣ ᠶ᠋ᠢ ᠳᠡᠭᠡᠳᠦ ᠦᠵᠦᠭᠦᠷ ᠲᠤᠨᠢ ᠬᠦᠯᠢᠭᠡᠳ ᠨᠢᠭᠡ ᠬᠡᠰᠡᠭ ᠨᠢ ᠲᠡᠷᠡ ᠬᠤᠩᠬ᠎ᠠ ᠶ᠋ᠢ ᠣᠯᠣᠰᠣ ᠪᠠᠷ ᠲᠠᠲᠠᠨ᠎ᠠ᠃ ᠵᠠᠷᠢᠮ ᠨᠢ ᠵᠠᠬ᠎ᠠ ᠠ᠋ᠴᠠ ᠨᠢ ᠪᠠᠷᠢᠭᠠᠳ ᠴᠢᠩᠭᠠᠭᠠᠵᠤ ᠪᠠᠢᠯ᠎ᠠ᠃ ᠲᠡᠭᠡᠭᠰᠡᠭᠡᠷ ᠪᠠᠢᠭᠠᠳ ᠬᠤᠩᠬ᠎ᠠ ᠶ᠋ᠢ ᠪᠣᠰᠬᠠᠪᠠ᠃ ᠬᠦᠨᠳᠦ ᠶ᠋ᠢᠨ ᠤᠯᠠᠮ ᠠ᠋ᠴᠠ ᠴᠡᠷᠢᠭ  ᠦ᠋ᠳ ᠦ᠋ᠨ ᠬᠢᠮᠤᠰᠤᠨ ᠤ᠋ ᠵᠠᠪᠰᠠᠷ ᠠ᠋ᠴᠠ ᠴᠢᠰᠤ ᠭᠠᠷᠤᠭᠰᠠᠨ ᠲᠤᠯᠠ ᠬᠤᠷᠤᠭᠤ ᠪᠠᠨ ᠬᠦᠬᠦᠵᠡᠭᠡᠨ᠎ᠡ᠃
— ᠡᠨᠡ ᠡᠨᠳᠡ ᠬᠡᠪᠲᠡᠵᠦ ᠪᠠᠢᠭ᠎ᠠ ᠬᠡᠷᠡᠭ ᠦᠭᠡᠢ᠃ ᠠᠷᠠᠳ ᠤ᠋ᠨ ᠮᠥᠩᠬᠡ ᠳᠠᠭᠤ ᠡᠨᠡ ᠬᠤᠩᠬ᠎ᠠ ᠶᠤᠮ ᠭᠡᠵᠦ ᠡᠪᠦᠭᠡᠨ ᠲᠠᠢᠯᠪᠤᠷᠢᠯᠠᠪᠠ᠃

ᠴᠡᠷᠢᠭ ᠦ᠋ᠳ ᠬᠣᠩᠬᠠᠨ ᠤ᠋ ᠲᠡᠨᠳᠡ ᠣᠴᠢᠵᠠᠭᠠᠪᠠ᠃
— ᠠᠮᠢᠳᠤ ᠪᠠᠢᠭ᠎ᠠ ᠬᠥᠮᠦᠨ ᠪᠠᠢᠪᠠᠰᠤ ᠰᠣᠨᠣᠰᠤᠭᠲᠤᠨ ᠭᠡᠵᠦ ᠶᠸᠸᠫᠡᠲ ᠬᠡᠯᠡᠪᠡ᠃
— ᠵᠠ ᠵᠠᠯᠠᠭᠤᠴᠤᠳ ᠡᠨᠡ ᠬᠤᠩᠬ᠎ᠠ ᠶ᠋ᠢ ᠴᠣᠬᠢᠭᠲᠤᠨ᠃

ᠲᠠᠲ᠋ᠠᠷ ᠤ᠋ᠳ ᠷᠶᠠᠽᠠᠨ ᠤ᠋ ᠬᠢᠨ ᠢ᠋ ᠴᠥᠮ ᠢ᠋ ᠬᠦᠢᠰᠦ ᠲᠡᠮᠲᠡᠷᠢᠭᠡ ᠦᠭᠡᠢ ᠪᠢᠵᠡ᠃ ᠵᠠᠯᠠᠭᠤ ᠴᠡᠷᠢᠭ ᠦ᠋ᠳ ᠲᠡᠷᠡᠬᠦ ᠬᠣᠩᠬᠠᠨ ᠤ᠋ ᠬᠡᠯᠡ ᠶ᠋ᠢ ᠲᠠᠲᠠᠵᠤ ᠴᠣᠬᠢᠬᠤ ᠲᠠᠢ ᠬᠠᠮᠲᠤ ᠤᠶᠠᠩᠭᠠᠯᠠᠭᠰᠠᠨ ᠴᠢᠩᠭ᠎ᠠ ᠴᠢᠮᠡᠭᠡ ᠭᠠᠷᠪᠠ᠃
— ᠦᠬᠦᠭᠰᠡᠨ ᠬᠥᠮᠦᠨ ᠢ᠋ ᠠᠮᠢᠳᠤᠷᠠᠭᠤᠯᠬᠤ ᠠᠷᠭ᠎ᠠ ᠦᠭᠡᠢ᠁ ᠭᠡᠵᠦ ᠴᠡᠷᠢᠭ ᠦ᠋ᠳ ᠦ᠋ᠨ ᠳᠣᠲᠣᠷ᠎ᠠ ᠠ᠋ᠴᠠ ᠨᠢᠭᠡ ᠨᠢ ᠬᠡᠯᠡᠪᠡ᠃

ᠴᠡᠷᠢᠭ ᠦ᠋ᠳ ᠬᠤᠩᠬ᠎ᠠ ᠶ᠋ᠢ ᠦᠷᠭᠦᠯᠵᠢᠯᠡᠨ ᠴᠣᠬᠢᠭᠰᠠᠭᠠᠷ ᠪᠠᠢᠲᠠᠯ᠎ᠠ ᠬᠣᠩᠬᠠᠨ ᠤ᠋ ᠴᠤᠤᠷᠢᠶ᠎ᠠ᠂ ᠬᠣᠭᠣᠰᠣᠷᠠᠵᠤ ᠪᠠᠯᠠᠷᠠᠭᠰᠠᠨ ᠬᠣᠲᠠ ᠪᠠ ᠣᠢᠷ᠎ᠠ ᠬᠠᠪᠢ ᠶ᠋ᠢᠨ ᠲᠣᠰᠬᠣᠨ ᠤ᠋ ᠳᠡᠭᠡᠭᠦᠷ ᠬᠠᠩᠭᠢᠨᠠᠨ ᠵᠢᠩᠭᠢᠨᠡᠬᠦ ᠪᠡᠷ ᠦᠯᠦ ᠪᠠᠷᠠᠮ ᠲᠡᠢᠨᠬᠦ ᠨᠢᠷᠭᠡᠭᠳᠡᠭᠰᠡᠨ ᠤᠯᠤᠰ ᠤ᠋ᠨ ᠲᠣᠰᠬᠣᠨ ᠰᠠᠭᠤᠷᠢᠨ ᠢ᠋ ( ᠳ᠋ᠦ᠍ ) ᠴᠦ᠍ ᠬᠦᠷᠴᠡᠢ᠃

ᠶᠸᠸᠫᠡᠲ ᠵᠠᠬ᠎ᠠ ᠶ᠋ᠢᠨ ᠭᠦᠦᠷ ᠳᠡᠭᠡᠷ᠎ᠡ ᠵᠣᠭᠰᠣᠵᠤ ᠡᠰᠢ ᠳᠠᠰᠢ ᠪᠠᠨ ᠰᠢᠷᠳᠡᠨ ᠬᠠᠷᠠᠨ᠎ᠠ᠃ ᠬᠡᠨ ᠴᠦ᠍ ᠪᠣᠰᠴᠤ ᠢᠷᠡᠬᠦ ᠦᠭᠡᠢ ᠶᠤᠮ ᠤᠤ?

ᠲᠡᠷᠡ ᠶᠠᠭᠤ ᠪᠣᠢ? ᠰᠢᠲᠠᠵᠤ ᠳᠠᠭᠤᠰᠤᠭᠰᠠᠨ ᠨᠡᠭᠦᠷᠡᠰᠦᠨ ᠦ᠌ ᠳᠣᠣᠷ᠎ᠠ ᠠ᠋ᠴᠠ ᠬᠥᠮᠦᠨ ᠭᠠᠷᠪᠠ᠃ ᠲᠡᠷᠡ ᠪᠣᠰᠴᠤ ᠨᠢᠳᠦ ᠨᠢ ᠨᠡᠷᠡᠨ᠎ᠡ ᠭᠢᠯᠪᠠᠭᠰᠠᠨ ᠠ᠋ᠴᠠ ᠠᠨᠢᠵᠤ᠂ ᠵᠠᠬ᠎ᠠ ᠶ᠋ᠢᠨ ᠬᠤᠩᠬ᠎ᠠ ᠳᠤᠤᠭᠠᠷᠴᠤ ᠪᠠᠢᠭ᠎ᠠ ᠵᠦᠭ ᠲᠦ᠍ ᠬᠠᠷᠠᠯ᠎ᠠ᠃ ᠲᠡᠭᠦᠨ ᠦ᠌ ᠴᠠᠭᠠᠨ᠎ᠠ ᠪᠠᠰᠠ ᠬᠡᠳᠦ ᠬᠡᠳᠦᠨ ᠬᠥᠮᠦᠨ ᠪᠣᠢ ᠪᠣᠯᠤᠯ᠎ᠠ᠁ ᠬᠥᠮᠦᠨ ᠳ᠋ᠦ᠍ ᠣᠭᠲᠣ ᠮᠡᠳᠡᠭᠳᠡᠬᠦ ᠦᠭᠡᠢ ᠬᠠᠷᠠᠩᠭᠤᠢ ᠨᠦᠬᠡ᠂ ᠵᠠᠪᠰᠠᠷ ᠰᠢᠭᠤᠢ ᠨᠤᠭᠤᠳ ᠠ᠋ᠴᠠ ᠶᠠᠳᠠᠷᠠᠵᠤ ᠵᠣᠪᠠᠭᠰᠠᠨ᠂ ᠰᠢᠷᠣᠢ ᠲᠣᠭᠣᠰᠣᠨ ᠳ᠋ᠤ᠌ ᠳᠠᠷᠤᠭᠳᠠᠭᠰᠠᠨ ᠴᠡᠷᠢᠭ ᠦ᠋ᠳ᠂ ᠡᠪᠦᠭᠡᠳ ᠪᠦᠰᠡᠭᠦᠢᠴᠦᠳ᠂ ᠬᠡᠦᠬᠡᠳ ᠪᠠᠭᠠᠴᠤᠳ ᠭᠠᠷᠤᠭᠠᠳ ᠡᠷᠭᠢᠯᠳᠦᠨ ᠰᠠᠯᠭᠠᠨᠠᠵᠤ ᠲᠡᠷᠡᠬᠦ ᠴᠢᠯᠥᠭᠡᠨ ᠦ᠌ ᠵᠦᠭ ᠶᠠᠭᠠᠷᠠᠨ ᠶᠠᠪᠤᠵᠠᠭᠠᠨ᠎ᠠ᠃

ᠠᠮᠢ ᠦᠭᠡᠢ ᠬᠣᠲᠠ ᠠᠮᠢᠳᠤᠷᠠᠪᠠ᠃ ᠡᠨᠳᠡ ᠲᠡᠨᠳᠡ ᠡᠴᠡ ᠬᠥᠮᠦᠰ ᠤᠨᠠᠨ ᠲᠣᠰᠣᠨ ᠪᠣᠰᠤᠨ ᠭᠦᠶᠦᠯᠳᠦᠨ᠎ᠡ᠃ ᠲᠡᠳᠡ ᠴᠥᠭᠡᠨ ᠪᠣᠯᠪᠠᠴᠤ ᠷᠶᠠᠽᠠᠨ ᠤ᠋ ᠬᠢᠨ ᠪᠠᠢᠭᠰᠠᠨ ᠪᠣᠯᠠᠢ᠃ ᠬᠣᠲᠠ ᠶ᠋ᠢ ᠲᠣᠭᠣᠷᠢᠭᠰᠠᠨ ᠴᠠᠰᠤᠲᠠᠢ ᠲᠠᠯ᠎ᠠ ᠶ᠋ᠢᠨ ᠲᠡᠷᠲᠡᠭᠡ ᠬᠠᠷ᠎ᠠ ᠬᠠᠷ᠎ᠠ ᠶᠠᠭᠤᠮᠠᠰ ᠪᠣᠢ ᠪᠣᠯᠤᠭᠰᠠᠨ ᠨᠢ ᠤᠳᠠᠲᠠᠯ᠎ᠠ ᠪᠥᠬᠥᠢᠵᠦ ᠨᠢᠭᠤᠭᠳᠠᠭᠰᠠᠨ ᠬᠥᠮᠦᠰ ᠲᠡᠷᠡᠬᠦ ᠬᠣᠩᠬᠠᠨ ᠤ᠋ ᠳᠠᠭᠤ ᠶ᠋ᠢ ᠲᠠᠨᠢᠭᠠᠳ ᠬᠠᠭᠤᠴᠢᠨ ᠷᠶᠠᠽᠠᠨ ᠤ᠋ ᠪᠠᠯᠠᠷᠠᠭᠰᠠᠨ ᠰᠠᠭᠤᠷᠢᠨ ᠤ᠋ ᠵᠦᠭ ᠶᠠᠭᠠᠷᠠᠨ ᠶᠠᠪᠤᠵᠠᠭᠠᠪᠠ᠃

ᠷᠠᠲ᠋ᠢᠪᠤᠷ᠂ ᠲᠡᠳᠡᠨ ᠢ᠋ ᠤᠭᠲᠤᠬᠤ ᠪᠠᠷ ᠭᠦᠶᠦᠨ᠎ᠡ᠃
— ᠣᠷᠣᠰ ᠣᠷᠣᠨ ᠠᠮᠢᠳᠤ ᠯᠠ ᠪᠠᠢᠨ᠎ᠠ᠃ ᠷᠶᠠᠽᠠᠨ ᠤ᠋ ᠦᠨᠳᠦᠰᠦ ᠠᠮᠢᠳᠤ ᠯᠠ ᠪᠠᠢᠨ᠎ᠠ ᠳ᠋ᠠ᠃

  ᠦᠰᠦᠭ ᠠᠮᠢᠯᠠᠭᠤᠯᠤᠭᠴᠢ᠄ ᠠᠯᠲᠠᠨᠴᠢᠮᠡᠭ 2᠂ ᠬᠦᠦᠳᠠᠭᠠᠭᠤᠯᠠ 1᠂ ᠭᠡᠷᠡᠯ 1᠂ ᠮᠡᠷᠭᠡᠨᠭᠣᠸ᠎ᠠ 1
  ᠶᠡᠷᠦᠩᠬᠡᠢ ᠬᠢᠨᠠᠭᠴᠢ᠄ ᠠᠯᠲᠠᠨᠴᠢᠮᠡᠭ᠂ ᠠᠷᠢᠭᠤᠨ