ᠪᠠᠲᠤ ᠬᠠᠭᠠᠨ 6-13ᠠᠮᠢᠳᠤ ᠭᠠᠯ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ
ᠠᠷᠪᠠᠨ ᠭᠤᠷᠪᠠ ᠂ ᠠᠮᠢᠳᠤ ᠭᠠᠯ
ᠪᠠᠲᠤ ᠬᠠᠭᠠᠨ ᠺᠯᠶᠡᠽᠢᠮ ᠦ᠋ᠨ ᠭᠣᠣᠯ ᠤ᠋ᠨ ᠥᠨᠳᠥᠷ ᠡᠷᠭᠢ ᠡᠴᠡ ᠸᠯᠡᠳᠢᠮᠢᠷ ᠬᠣᠲᠠ ᠶ᠋ᠢ ᠬᠡᠷᠬᠢᠨ ᠳᠠᠭᠠᠷᠢᠨ ᠣᠷᠣᠵᠤ ᠪᠠᠢᠭ᠎ᠠ ᠶ᠋ᠢ ᠠᠩᠬᠠᠷᠤᠯᠲᠠᠢ ᠪᠠᠷ ᠰᠢᠷᠳᠡᠨ᠎ᠡ᠃ ᠪᠠᠳᠠᠷᠠᠭᠰᠠᠨ ᠲᠦᠢᠮᠡᠷ ᠦ᠋ᠨ ᠭᠠᠯ ᠤ᠋ᠨ ᠳᠣᠣᠷ᠎ᠠ ᠲᠡᠭᠦᠨ ᠦ᠌ ᠮᠣᠷᠢᠨ ᠤ᠋ ᠠᠯᠲᠠᠨ ᠬᠠᠵᠠᠭᠠᠷ ᠳᠡᠭᠡᠷ᠎ᠡ ᠲᠤᠰᠬᠤ ᠪᠠ ᠭᠠᠩ ᠳᠤᠭᠤᠯᠠᠭ᠎ᠠ ᠶ᠋ᠢᠨ ᠠᠯᠲᠠᠨ ᠤᠲᠤᠭ᠎ᠠ ᠨᠢ ᠤᠯᠠᠭᠠᠨ ᠴᠣᠬᠣᠷ ᠭᠡᠷᠡᠯᠲᠦᠨ᠎ᠡ᠃
ᠲᠠᠲ᠋ᠠᠷ ᠤ᠋ᠳ ᠤ᠋ᠨ ᠮᠣᠷᠢᠲᠤ ᠴᠡᠷᠢᠭ ᠦ᠋ᠳ ᠬᠣᠢᠨ᠎ᠠ ᠬᠣᠢᠨ᠎ᠠ ᠠ᠋ᠴᠠ ᠪᠠᠨ ᠪᠥᠭᠡᠮ ᠪᠥᠭᠡᠮ ᠢ᠋ᠶ᠋ᠡᠷ ᠭᠠᠷᠴᠤ ᠭᠣᠣᠯ ᠬᠠᠭᠠᠯᠭᠠᠨ ᠤ᠋ ᠵᠦᠭ ᠶᠠᠪᠤᠵᠤ ᠬᠦᠷᠦᠨ᠎ᠡ᠃ ᠳᠠᠯᠳᠠ ᠮᠣᠷᠢ ᠪᠠᠨ ᠣᠷᠬᠢᠭᠠᠳ ᠳᠥᠷᠥᠭᠡ ᠱᠠᠲᠤ ᠶ᠋ᠢ ᠳᠠᠪᠠᠨ ᠳᠡᠭᠡᠭᠰᠢ ᠬᠠᠷᠠᠵᠠᠭᠠᠨ᠎ᠠ᠃
ᠲᠡᠷᠡᠬᠦ ᠴᠢᠯᠠᠭᠤᠨ ᠬᠡᠷᠡᠮ ᠦ᠋ᠨ ᠳᠡᠭᠡᠷ᠎ᠡ ᠠᠶᠤᠮᠰᠢᠭᠲᠠᠢ ᠲᠡᠮᠡᠴᠡᠯ ᠪᠣᠯᠵᠤ ᠪᠠᠢᠪᠠ᠃ ᠸᠯᠡᠳᠢᠮᠢᠷ ᠤ᠋ᠨ ᠬᠢᠨ ᠰᠢᠷᠭᠠᠭᠤ ᠲᠡᠮᠡᠴᠡᠯ ᠢ᠋ ᠥᠭᠴᠦ ᠪᠠᠢᠪᠠ᠃ ᠲᠠᠲ᠋ᠠᠷ ᠤ᠋ᠳ ᠲᠡᠳᠡᠨ ᠲᠡᠢ ᠪᠠᠷᠢᠯᠴᠠᠨ ᠠᠪᠴᠤ ᠬᠡᠷᠡᠮ ᠳᠡᠭᠡᠷ᠎ᠡ ᠡᠴᠡ ᠬᠣᠲᠠ ᠶ᠋ᠢᠨ ᠳᠣᠲᠣᠷ᠎ᠠ ᠲᠦᠯᠬᠢᠨ ᠤᠨᠠᠭᠠᠬᠤ ᠶ᠋ᠢ ᠣᠷᠣᠯᠳᠣᠭᠰᠠᠭᠠᠷ ᠪᠠᠢᠪᠠ᠃
ᠣᠷᠣᠰ ᠤ᠋ᠨ ᠴᠡᠷᠢᠭ ᠦ᠋ᠳ ᠦᠭᠦᠭᠴᠢᠳ ᠦ᠋ᠨ ᠣᠷᠣᠨ ᠢ᠋ ᠬᠠᠯᠠᠬᠤ ᠪᠠᠷ ᠶᠠᠭᠠᠷᠠᠨ ᠳᠠᠪᠬᠢᠵᠤ ᠪᠠᠢᠭᠰᠠᠨ ᠪᠣᠯᠪᠠᠴᠤ ᠪᠠᠢᠯᠳᠤᠭᠴᠢᠳ ᠨᠢ ᠤᠯᠠᠮ ᠴᠥᠭᠡᠨ ᠪᠣᠯᠵᠤ ᠪᠠᠢᠪᠠ᠃ ᠭᠡᠲᠡᠯ᠎ᠡ ᠲᠠᠲ᠋ᠠᠷ ᠤ᠋ᠳ ᠲᠠᠰᠤᠷᠠᠯᠲᠠ ᠦᠭᠡᠢ ᠴᠠᠭᠠᠨ᠎ᠠ ᠴᠠᠭᠠᠨ᠎ᠠ ᠠ᠋ᠴᠠ ᠪᠠᠨ ᠴᠤᠪᠤᠨ ᠬᠠᠰᠬᠢᠷᠤᠯᠳᠤᠵᠤ ᠬᠡᠷᠡᠮ ᠳᠡᠭᠡᠷ᠎ᠡ ᠭᠠᠷᠴᠠᠭᠠᠨᠠ᠃
ᠪᠠᠲᠤ ᠬᠠᠭᠠᠨ ᠤ᠋ ᠵᠡᠭᠦᠨ ᠡᠲᠡᠭᠡᠳ ᠲᠦ᠍ ᠨᠠᠪᠲᠠᠭᠠᠷ ᠬᠣᠯᠠ ᠮᠣᠷᠢ ᠲᠠᠢ᠂ ᠥᠷᠭᠡᠨ ᠴᠡᠭᠡᠵᠢ ᠲᠡᠢ ᠰᠦᠪᠡᠭᠡᠳᠡᠢ ᠪᠠᠭᠠᠲᠤᠷ ᠦᠯᠦ ᠬᠥᠳᠡᠯᠬᠦ ᠬᠥᠰᠢᠶ᠎ᠡ ᠮᠡᠲᠦ ᠰᠠᠭᠤᠨ᠎ᠠ᠃ ᠲᠡᠷᠡ ᠬᠣᠲᠠ ᠶ᠋ᠢᠨ ᠵᠦᠭ ᠲᠦ᠍ ᠰᠢᠷᠲᠡᠨ ᠲᠣᠪ ᠳᠤᠭᠤᠢ ᠬᠠᠷᠠᠨ᠎ᠠ᠃ ᠲᠡᠨᠳᠡ ᠡᠴᠡ ᠬᠥᠮᠦᠰ ᠦ᠋ᠨ ᠬᠠᠰᠬᠢᠷᠤᠯᠳᠤᠬᠤ ᠳᠠᠭᠤᠨ ᠠᠪᠢᠶ᠎ᠠ ᠰᠣᠨᠣᠰᠳᠠᠨ᠎ᠠ᠃ ᠪᠠᠲᠤ ᠬᠠᠭᠠᠨ ᠤ᠋ ᠪᠠᠷᠠᠭᠤᠨ᠎ᠠ᠂ ᠪᠦᠳᠦᠭᠦᠨ ᠬᠥᠯ ᠲᠡᠢ ᠵᠢᠷᠣᠭ᠎ᠠ ᠮᠣᠷᠢ ᠤᠨᠤᠭᠰᠠᠨ ᠪᠣᠷᠤᠨᠲᠠᠢ ᠪᠠᠭᠠᠲᠤᠷ ᠪᠠᠢᠪᠠ᠃
— ᠵᠠᠩᠵᠤᠨ ᠠ᠋᠂ ᠬᠠᠷᠠᠭᠲᠤᠨ ᠭᠡᠵᠦ ᠪᠣᠷᠤᠨᠲᠠᠢ ᠪᠠᠭᠠᠲᠤᠷ ᠪᠠᠲᠤ ᠬᠠᠭᠠᠨ ᠤ᠋ ᠦᠰᠦ ᠦᠭᠡᠢ ᠰᠢᠷ᠎ᠠ ᠨᠢᠭᠤᠷ ᠤ᠋ᠨ ᠵᠦᠭ ᠬᠠᠷᠠᠵᠤ᠄
— ᠁ ᠭᠦᠶᠦᠭ ᠬᠠᠭᠠᠨ ᠤ᠋ ᠴᠡᠷᠢᠭ ᠦ᠋ᠳ ᠬᠣᠲᠠ ᠶ᠋ᠢ ᠬᠣᠶᠠᠷ ᠲᠠᠯ᠎ᠠ ᠠ᠋ᠴᠠ ᠨᠢ ᠰᠢᠲᠠᠭᠠᠪᠠ ᠭᠡᠬᠦ ᠳ᠋ᠦ᠍ ᠰᠦᠪᠡᠭᠡᠳᠡᠢ ᠶ᠋ᠢᠨ ᠴᠢᠷᠠᠢ ᠬᠤᠪᠢᠯᠵᠤ᠄
— ᠬᠥᠶᠦᠭ ᠬᠠᠭᠠᠨ ᠤ᠋ ᠴᠡᠷᠢᠭ ᠢᠮᠠᠭᠲᠠ ᠬᠣᠵᠢᠮᠳᠠᠵᠤ ᠪᠠᠢᠳᠠᠭ ᠶᠤᠮ᠃ ᠡᠨᠡ ᠲᠡᠳᠡ ᠪᠢᠰᠢ᠂ ᠬᠠᠷᠢᠨ ᠣᠷᠣᠰ ᠤ᠋ᠳ ᠥᠪᠡᠷᠰᠡᠳ ᠢ᠋ᠶ᠋ᠡᠨ ᠥᠪᠡᠷ ᠦ᠋ᠨ ᠢ᠋ᠶ᠋ᠡᠨ ᠡᠭᠦᠳᠡ ᠶ᠋ᠢ ᠰᠢᠲᠠᠭᠠᠵᠤ ᠪᠠᠢᠨ᠎ᠠ ᠭᠡᠪᠡ᠃
— 《 ᠢᠯᠠᠭᠳᠠᠰᠢ ᠦᠭᠡᠢ ᠲᠦᠮᠡᠨ 》 ᠵᠠᠭᠤᠲᠤ ᠶᠠᠭᠠᠬᠢᠭᠰᠠᠨ ᠤᠳᠠᠭᠠᠨ ᠪᠠᠢᠨ᠎ᠠ ᠪᠣᠢ? ᠭᠡᠵᠦ ᠪᠣᠷᠤᠨᠳᠠᠢ ᠬᠠᠰᠬᠢᠷᠪᠠ᠃
— ᠪᠣᠷᠤᠨᠲᠠᠢ ᠶ᠋ᠢᠨ ᠦᠭᠡᠨ ᠳ᠋ᠦ᠍ ᠪᠢᠲᠡᠭᠡᠢ ᠣᠷᠣ! ᠪᠦᠰᠡᠯᠡᠭᠳᠡᠭᠡᠳ ᠵᠥᠪᠬᠡᠨ ᠥᠷᠯᠥᠭᠡᠭᠦᠷ ᠰᠦᠷᠡᠬᠡᠢ ᠪᠠᠢᠳᠠᠭ ᠶᠤᠮ ᠃ ᠵᠢᠭᠠᠬᠠᠨ ᠬᠦᠯᠢᠶᠡᠬᠦ ᠬᠡᠷᠡᠭᠲᠡᠢ᠃ ᠦᠳᠡ ᠬᠦᠷᠬᠦ ᠶ᠋ᠢᠨ ᠬᠠᠮᠲᠤ ᠬᠣᠷᠭᠣᠢ ᠳᠡᠪᠡᠯ ᠲᠡᠢ᠂ ᠠᠶᠤᠨ ᠰᠠᠨᠳᠤᠷᠤᠭᠰᠠᠨ ᠡᠪᠦᠭᠡᠳ ᠬᠣᠲᠠ ᠶ᠋ᠢᠨ ᠲᠦᠯᠬᠢᠭᠦᠷ ᠢ᠋ ᠠᠯᠲᠠᠨ ᠭᠠᠳᠤᠷ᠎ᠠ ᠳᠡᠭᠡᠷ᠎ᠡ ᠲᠠᠯᠪᠢᠭᠠᠳ ᠴᠢᠮᠠᠲᠤ ᠠᠪᠴᠢᠷᠠᠵᠤ ᠥᠭᠭᠦᠨ᠎ᠡ ᠃
— ᠲᠡᠭᠡᠨ᠎ᠡ ᠳ᠋ᠠ᠃ ᠬᠢᠲᠠᠳ ᠂ᠲᠠᠩᠭᠤᠳ᠂ ᠪᠤᠬᠠᠷ᠂ ᠰᠠᠮᠠᠷᠺᠠᠨᠳ᠋ ᠵᠡᠷᠭᠡ ᠭᠠᠵᠠᠷ ᠤ᠋ᠳ ᠲᠤ᠌ ᠴᠥᠮ ᠲᠡᠭᠡᠵᠦ ᠪᠠᠢᠭᠰᠠᠨ ᠶᠤᠮ ᠃
— ᠥᠨᠥᠳᠥᠷ ᠪᠠᠰᠠ ᠡᠨᠳᠡ ᠳᠠᠬᠢᠨ ᠲᠡᠭᠡᠬᠦ ᠪᠣᠯᠤᠨ᠎ᠠ ᠭᠡᠵᠦ ᠰᠦᠪᠡᠭᠡᠳᠡᠢ ᠵᠠᠩᠳᠤᠷᠤᠨ ᠬᠡᠯᠡᠪᠡ ᠃
ᠭᠡᠪᠡᠴᠦ ᠪᠠᠲᠤ ᠬᠠᠭᠠᠨ ᠬᠦᠯᠢᠶᠡᠬᠦ ᠳᠤᠷ᠎ᠠ ᠦᠭᠡᠢ ᠪᠠᠢᠭᠰᠠᠨ ᠲᠤᠯᠠ ᠲᠡᠰᠴᠦ ᠶᠠᠳᠠᠨ ᠴᠢᠬᠤᠯᠳᠠᠨ᠎ᠠ᠃ ᠲᠡᠭᠦᠨ ᠦ᠌ ᠬᠠᠷ᠎ᠠ ᠮᠣᠷᠢ ᠬᠥᠯ ᠢ᠋ᠶ᠋ᠡᠷ ᠢ᠋ᠶ᠋ᠡᠨ ᠭᠠᠵᠠᠷ ᠴᠠᠪᠴᠢᠯᠠᠨ ᠣᠷᠣᠭᠰᠢ ᠠᠪᠤᠨ ᠬᠠᠷᠠᠢᠬᠤ ᠶ᠋ᠢ ᠵᠠᠪᠳᠤᠨ ᠪᠠᠢᠪᠠ᠃
— ᠲᠦᠮᠡᠲᠦ ᠶ᠋ᠢᠨ ᠳᠠᠷᠤᠭ᠎ᠠ ᠪᠣᠷᠤᠨᠳᠠᠢ! ᠴᠢ ᠬᠠᠭᠠᠯᠭ᠎ᠠ ᠤᠷᠤᠭᠤ ᠳᠠᠪᠬᠢᠵᠤ ᠣᠴᠢᠭᠠᠳ ᠬᠢᠲᠠᠳ ᠳᠠᠷᠬᠠᠨ ᠯᠢ ᠲᠦᠩ ᠫᠤᠤ ᠲᠡᠨᠳᠡ ᠣᠳᠤᠭᠰᠠᠨ ᠡᠰᠡᠬᠦ ᠶ᠋ᠢ ᠦᠵᠡᠭᠡᠳ ᠢᠷ᠎ᠡ ᠭᠡᠪᠡ ᠃
ᠪᠣᠷᠤᠨᠳᠠᠢ ᠲᠠᠰᠢᠭᠤᠷ ᠢ᠋ᠶ᠋ᠠᠷ ᠭᠤᠶᠠᠳᠠᠬᠤ ᠶ᠋ᠢᠨ ᠬᠠᠮᠲᠤ ᠵᠢᠷᠣᠭ᠎ᠠ ᠮᠣᠷᠢ ᠨᠢ ᠬᠠᠷᠪᠤᠭᠰᠠᠨ ᠰᠤᠮᠤ ᠮᠡᠲᠦ ᠣᠷᠣᠭᠰᠢ ᠦᠰᠦᠷᠪᠡ᠃ ᠬᠠᠭᠠᠯᠭᠠᠨ ᠤ᠋ ᠳᠡᠷᠭᠡᠳᠡ ᠲᠡᠮᠦᠷ ᠪᠥᠭᠡᠵᠢ ᠲᠡᠢ ᠤᠷᠲᠤ ᠬᠦᠨᠳᠦ ᠴᠢᠪᠬ᠎ᠠ ᠬᠠᠷ᠎ᠠ ᠮᠣᠳᠣᠨ ᠪᠦᠬᠡᠭᠡᠭ ᠦ᠋ᠨ ᠳᠣᠲᠣᠷ᠎ᠠ ᠬᠠᠭᠠᠯᠭ᠎ᠠ ᠶ᠋ᠢ ᠪᠠᠯᠪᠠᠨ ᠪᠠᠢᠪᠠ ᠃ ᠣᠯᠵᠠᠯᠠᠭᠳᠠᠨ ᠪᠠᠷᠢᠭᠳᠠᠭᠴᠢᠳ ᠪᠠᠷᠤᠭ ᠨᠢᠴᠦᠭᠦᠨ ᠢ᠋ᠶ᠋ᠡᠷ᠂ ᠲᠡᠷᠡ ᠴᠢᠪᠬ᠎ᠠ ᠶ᠋ᠢ ᠬᠥᠳᠡᠯᠭᠡᠵᠦ ᠠᠵᠢᠯᠯᠠᠭᠤᠯᠤᠨ᠎ᠠ᠃
— ᠴᠢᠩᠭ᠎ᠠ ᠴᠣᠬᠢᠭᠲᠤᠨ! ᠳᠠᠬᠢᠨ ᠴᠣᠬᠢᠭᠲᠤᠨ! ᠮᠣᠩᠭᠣᠯᠴᠤᠳ ᠴᠢᠩᠭ᠎ᠠ ᠴᠣᠬᠢᠭᠤᠯᠬᠤ ᠶ᠋ᠢᠨ ᠲᠤᠯᠠᠳᠠ ᠲᠡᠳᠡᠭᠡᠷ ᠣᠯᠵᠠᠯᠠᠭᠳᠠᠭᠴᠢᠳ ᠢ᠋ ᠲᠠᠰᠢᠭᠤᠷ ᠢ᠋ᠶ᠋ᠠᠷ ᠳᠡᠰ ᠨᠢᠰ ᠬᠢᠲᠡᠯ᠎ᠡ ᠰᠢᠪᠬᠠᠷᠳᠠᠨᠡ᠃ ᠣᠯᠵᠠᠯᠠᠭᠳᠠᠭᠴᠢᠳ ᠤ᠋ᠨ ᠵᠠᠷᠢᠮ ᠨᠢ ᠳᠠᠢᠰᠤᠨ ᠳ᠋ᠤ᠌ ᠲᠤᠰᠠᠯᠠᠬᠤ ᠠ᠋ᠴᠠ ᠤᠬᠤᠷᠢᠭᠰᠠᠨ ᠲᠤᠯᠠ ᠲᠡᠳᠡᠨ ᠢ᠋ ᠮᠣᠩᠭᠣᠯᠴᠤᠳ ᠳᠣᠣᠷ᠎ᠠ ᠨᠢ ᠠᠯᠠᠵᠤ ᠪᠠᠢᠯ᠎ᠠ᠃
ᠳᠡᠭᠡᠷ᠎ᠡ ᠪᠠᠢᠭᠰᠠᠨ ᠰᠦᠮ᠎ᠡ ᠶ᠋ᠢᠨ ᠣᠷᠣᠢ ᠪᠠ ᠴᠣᠩᠬᠣᠨ ᠠ᠋ᠴᠠ ᠠᠯᠲᠠᠨ ᠬᠠᠭᠠᠯᠭᠠᠨ ᠳᠡᠭᠡᠷ᠎ᠡ ᠪᠠᠢᠭᠰᠠᠨ ᠮᠣᠩᠭᠣᠯᠴᠤᠳ ᠳᠡᠭᠡᠷ᠎ᠡ ᠲᠣᠢᠪᠤᠤ ᠪᠠ ᠰᠢᠲᠠᠵᠤ ᠪᠠᠢᠭ᠎ᠠ ᠴᠣᠭ ᠲᠣᠰᠳᠠᠭ ᠰᠤᠮᠤ ᠤᠨᠠᠵᠤ ᠪᠠᠢᠪᠠ᠃ ᠴᠣᠬᠢᠭᠰᠠᠭᠠᠷ ᠪᠠᠢᠲᠠᠯ᠎ᠠ ᠬᠠᠭᠠᠯᠭᠠᠨ ᠤ᠋ ᠮᠣᠳᠣᠨ ᠬᠥᠰᠢᠭᠦᠷ ᠨᠢ ᠬᠤᠭᠤᠷᠠᠵᠤ ᠤᠨᠠᠪᠠ᠃ ᠲᠠᠲ᠋ᠠᠷ ᠤ᠋ᠳ ᠲᠡᠷᠡᠬᠦ ᠤᠭᠲᠤᠨ ᠬᠠᠮᠠᠭᠠᠯᠠᠭᠴᠢᠳ ᠢ᠋ ᠮᠣᠷᠢᠳ ᠢ᠋ᠶ᠋ᠠᠷ ᠢ᠋ᠶ᠋ᠠᠨ ᠲᠠᠭᠠᠷᠢᠭᠤᠯᠵᠤ ᠪᠠᠷᠬᠢᠷᠠᠯᠳᠤᠭᠤᠯᠤᠭᠰᠠᠭᠠᠷ ᠤᠷᠤᠭᠰᠢ ᠳᠠᠪᠰᠢᠨ ᠣᠷᠣᠪᠠ᠃
ᠨᠠᠷᠢᠬᠠᠨ ᠭᠤᠳᠤᠮᠵᠢᠨ ᠨᠤᠭᠤᠳ ᠮᠣᠳᠣ ᠲᠦᠯᠡᠭᠡ᠂ ᠲᠡᠷᠭᠡ ᠴᠢᠷᠭ᠎ᠠ ᠪᠣᠯᠤᠨ ᠬᠤᠷᠢᠶᠠᠭᠰᠠᠨ ᠪᠡᠬᠢᠯᠡᠯᠲᠡ ᠪᠡᠷ ᠬᠠᠭᠠᠭᠳᠠᠭᠰᠠᠨ ᠪᠠᠢᠪᠠ᠃ ᠸᠯᠠᠳᠢᠮᠢᠷ ᠤ᠋ᠨ ᠬᠢᠨ ᠲᠠᠲ᠋ᠠᠷ ᠤ᠋ᠳ ᠢ᠋ ᠮᠤᠨᠠ ᠰᠦᠬᠡ ᠪᠡᠷ ᠴᠣᠬᠢᠨ ᠬᠢᠳᠤᠨ᠎ᠠ ᠃ᠬᠠᠮᠠᠭᠠᠯᠠᠭᠴᠢᠳ ᠪᠠᠢᠰᠢᠩ ᠤ᠋ᠳ ᠤ᠋ᠨ ᠣᠷᠣᠢ ᠳᠡᠭᠡᠷ᠎ᠡ ᠰᠠᠭᠤᠵᠤ ᠬᠠᠷᠪᠤᠵᠤ ᠴᠢᠯᠠᠭᠤᠳᠠᠨᠠ᠁ ᠭᠤᠳᠤᠮᠵᠢ ᠪᠠᠷ ᠦᠬᠦᠭᠴᠢᠳ ( ᠦ᠋ᠨ ) ᠬᠡᠭᠦᠷ ᠤᠯᠠᠮ ᠪᠦᠷ ᠣᠯᠠᠰᠢᠷᠠᠨ ᠪᠠᠢᠭᠰᠠᠨ ᠪᠣᠯᠪᠠᠴᠤ ᠲᠡᠷᠡᠬᠦ ᠴᠥᠮᠥᠷᠡᠨ ᠣᠷᠣᠭᠰᠠᠨ ᠨᠡᠭᠦᠳᠡᠯᠴᠢᠳ ᠢ᠋ ᠶᠠᠭᠤ ᠴᠤ᠌ ᠵᠣᠭᠰᠣᠭᠠᠵᠤ ᠴᠢᠳᠠᠭᠰᠠᠨ ᠦᠭᠡᠢ᠃ ᠲᠡᠳᠡ ᠮᠣᠷᠢᠨ ᠠ᠋ᠴᠠ ᠪᠠᠨ ᠪᠠᠭᠤᠨ ᠬᠠᠷᠠᠢᠵᠤ ᠦᠬᠦᠭᠴᠢᠳ ᠦ᠋ᠨ ᠬᠤᠪᠴᠠᠰᠤ ᠶ᠋ᠢ ᠨᠢᠴᠦᠭᠦᠯᠡᠨ ᠭᠡᠷ ᠪᠠᠢᠰᠢᠩ ᠤ᠋ᠨ ᠳᠡᠯᠭᠡᠭᠦᠷ ᠦ᠋ᠳ ᠢ᠋ ᠳᠡᠭᠡᠷᠡᠮᠳᠡᠭᠡᠳ ᠳᠠᠬᠢᠨ ᠮᠣᠷᠳᠠᠨ ᠴᠠᠰᠢ ᠶᠠᠪᠤᠵᠤ ᠪᠢᠯᠡ᠃ ᠲᠡᠳᠡᠨ ᠦ᠌ ᠴᠢᠭᠢᠷᠠᠭ ᠴᠢᠳᠠᠯᠲᠠᠢ ᠪᠢᠴᠢᠬᠠᠨ ᠮᠣᠷᠢᠳ ᠨᠢ ᠬᠥᠯᠥᠰᠥ ᠠᠰᠬᠠᠷᠠᠭᠤᠯᠤᠨ ᠮᠣᠳᠣ ᠴᠢᠯᠠᠭᠤ ᠳᠡᠭᠡᠭᠦᠷ ᠬᠠᠷᠠᠢᠨ ᠶᠠᠪᠤᠬᠤ ᠪᠠ ᠵᠠᠷᠢᠮ ᠨᠢ ᠡᠵᠡᠨ ᠦ᠌ ᠬᠠᠮᠲᠤ ᠤᠨᠠᠵᠤ ᠪᠠᠢᠪᠠ᠃
ᠴᠡᠷᠢᠭ ᠦ᠋ᠳ ᠪᠠᠲᠤ ᠬᠠᠭᠠᠨ ᠪᠠ ᠲᠡᠭᠦᠨ ᠦ᠌ ᠪᠠᠷ᠎ᠠ ᠪᠣᠯᠤᠭᠴᠢᠳ ᠤ᠋ᠨ ᠶᠠᠪᠤᠬᠤ ᠵᠠᠮ ᠢ᠋ ᠴᠢᠷᠮᠠᠢᠨ ᠴᠡᠪᠡᠷᠯᠡᠨ ᠵᠠᠰᠠᠨ᠎ᠠ᠃ ᠵᠠᠩᠵᠤᠨ ᠶᠠᠭᠠᠷᠠᠯ ᠦᠭᠡᠢ ᠶᠠᠪᠤᠨ᠎ᠠ᠃ ᠬᠠᠷ᠎ᠠ ᠮᠣᠷᠢ ᠨᠢ ᠴᠢᠬᠢ ᠪᠡᠨ ᠰᠡᠷᠲᠡᠢᠯᠭᠡᠨ ᠲᠡᠷᠡᠬᠦ ᠰᠢᠷᠬᠠᠲᠤᠭᠴᠢᠳ ᠢ᠋ ᠭᠢᠰᠬᠢᠯᠡᠨ ᠬᠠᠷᠠᠢᠨ ᠥᠩᠭᠡᠷᠡᠨ᠎ᠡ᠃ ᠪᠠᠷᠬᠢᠷᠠᠯᠳᠤᠬᠤ ᠴᠢᠷᠠᠯᠠᠬᠤ ᠳᠠᠭᠤᠨ ᠳ᠋ᠤ᠌ ᠪᠠᠶᠠᠷᠯᠠᠯᠳᠤᠨ ᠬᠠᠰᠬᠢᠷᠤᠯᠳᠤᠬᠤ ᠴᠢᠮᠡᠭᠡ ᠵᠦᠭ ᠪᠦᠬᠦᠨ ᠡᠴᠡ ᠭᠠᠷᠤᠨ᠎ᠠ᠃
ᠪᠠᠲᠤ ᠬᠠᠭᠠᠨ《 ᠢᠯᠠᠭᠳᠠᠰᠢ ᠦᠭᠡᠢ 》 ᠴᠡᠷᠢᠭ ᠦ᠋ᠨ ᠪᠥᠭᠡᠨᠡᠷᠡᠨ ᠪᠠᠢᠭᠰᠠᠨ ᠭᠣᠣᠯ ᠴᠢᠯᠥᠭᠡᠨ ᠳ᠋ᠡᠬᠢ ᠴᠢᠯᠠᠭᠤᠨ ᠪᠠᠢᠰᠢᠩ ᠤ᠋ᠨ ᠡᠮᠦᠨ᠎ᠡ ᠬᠦᠷᠴᠦ ᠵᠣᠭᠰᠣᠯ᠎ᠠ᠃ ᠲᠡᠭᠦᠨ ᠢ᠋ ᠣᠢᠷᠠᠳᠬᠤ ᠶ᠋ᠢᠨ ᠦᠶᠡᠰ ᠢ᠋ᠶ᠋ᠠᠷ ᠴᠡᠷᠢᠭ ᠦ᠋ᠳ ᠳᠡᠭᠡᠷᠡᠮᠳᠡᠬᠦ ᠪᠡᠨ ᠵᠣᠭᠰᠣᠭᠠᠳ ᠳᠣᠷᠣᠭᠰᠢ ᠰᠥᠭᠥᠳᠦᠨ ᠮᠥᠷᠭᠥᠪᠡ᠃ ᠪᠠᠲᠤ ᠬᠠᠭᠠᠨ ᠲᠡᠳᠡᠨ ᠢ᠋ ᠦᠯᠦ ᠬᠠᠷᠠᠨ ᠶᠡᠬᠡᠮᠰᠦᠭ ᠪᠠᠢᠳᠠᠯ ᠦᠵᠡᠭᠦᠯᠦᠨ ᠶᠠᠪᠤᠨ᠎ᠠ᠃ ᠲᠡᠭᠦᠨ ᠦ᠌ ᠬᠦᠢᠲᠡᠨ ᠢᠨᠢᠶᠡᠳᠦ ᠨᠢ ᠲᠡᠭᠦᠨ ᠦ᠌ ᠴᠢᠷᠠᠢ ᠶ᠋ᠢ ᠠᠲᠤᠷᠢᠭᠤᠯᠤᠨᠠ᠃ ᠪᠠᠲᠤ ᠬᠠᠭᠠᠨ ᠰᠦᠪᠡᠭᠡᠲᠠᠢ ᠪᠠᠭᠠᠲᠤᠷ ᠲᠸ᠋᠂
— ᠪᠣᠯᠭᠠᠷᠢ ᠷᠶᠠᠽᠠᠨ ᠤ᠋ ᠳᠠᠷᠠᠭ᠎ᠠ ᠭᠤᠷᠪᠠᠳᠠᠬᠢ ᠨᠡᠢᠰᠯᠡᠯ ᠢ᠋ ᠪᠢ ᠠᠪᠴᠤ ᠪᠠᠶ᠋ᠢᠨ᠎ᠠ ᠭᠡᠬᠦ ᠳ᠋ᠦ᠍ ᠰᠦᠪᠡᠭᠡᠳᠠᠢ ᠬᠠᠨᠢᠶᠠᠨ᠄
— ᠲᠡᠭᠡᠪᠡ᠂ ᠮᠣᠩᠭᠣᠯᠴᠤᠳ ᠤ᠋ᠨ ᠡᠨᠡ ᠶᠡᠬᠡ ᠳᠠᠶ᠋ᠢᠨ ᠤ᠋ ᠲᠡᠭᠦᠰᠬᠡᠯ ᠳ᠋ᠦ᠍ ᠴᠢᠮᠠᠶ᠋ᠢ ᠶᠡᠷᠡᠨ ᠶᠢᠰᠦᠨ ᠨᠡᠢᠰᠯᠡᠯ ᠳ᠋ᠦ᠍ ᠴᠢᠮᠡᠬᠦ ᠪᠣᠯᠤᠨ᠎ᠠ ᠭᠡᠪᠡ᠃
— ᠴᠢᠨᠦ ᠠᠮᠠᠯᠠᠨ ᠬᠡᠯᠡᠭᠰᠡᠨ ᠡᠪᠦᠭᠡᠨ᠂ ᠲᠦᠯᠬᠢᠭᠦᠷ ᠲᠡᠢ ᠪᠡᠨ ᠬᠠᠮᠢᠭ᠎ᠠ ᠪᠠᠢᠨ᠎ᠠ? ᠪᠤᠷᠣᠨᠳᠠᠢ ᠬᠦᠷᠴᠦ ᠢᠷᠡᠬᠦ ᠶ᠋ᠢᠨ ᠬᠠᠮᠲᠤ ᠨᠠᠷᠢᠬᠠᠨ ᠳᠠᠭᠤ ᠪᠠᠷ ᠨᠠᠭᠠᠳᠤᠮ ᠪᠣᠯᠭᠠᠨ ᠠᠰᠠᠭᠤᠪᠠ᠃
— ᠬᠡᠷᠪᠡ ᠲᠡᠳᠡ᠂ ᠲᠡᠢᠨᠬᠥ ᠡᠰᠡ ᠢᠷᠡᠪᠡᠯ ᠲᠡᠳᠡᠨ ᠳ᠋ᠦ᠍ ᠮᠠᠭᠤ ᠪᠣᠯᠤᠨ᠎ᠠ ᠭᠡᠵᠦ ᠰᠦᠪᠡᠭᠡᠳᠠᠢ ᠡᠷᠭᠢᠵᠦ ᠬᠡᠯᠡᠨ᠎ᠡ᠃
— ᠲᠡᠳᠡᠨ ᠳ᠋ᠦ᠍ ᠦᠨᠡᠬᠡᠷ ᠮᠠᠭᠤ ᠪᠣᠯᠤᠨ᠎ᠠ᠃ ᠪᠢ ᠲᠡᠳᠡᠨ ᠦ᠌ ᠬᠦᠰᠡᠯᠲᠡ ᠶ᠋ᠢ ᠰᠣᠨᠣᠰᠬᠤ ᠴᠥ᠍ ᠦᠭᠡᠢ᠁ ᠪᠦᠬᠦ ᠬᠣᠲᠠ ᠪᠠᠷ ᠨᠢ ᠬᠢᠳᠤᠨ᠎ᠠ᠃ ᠺᠶᠣᠢ᠍ᠯᠺᠡᠨ ( ᠭᠦᠯᠭᠡᠨ ) ᠬᠠᠭᠠᠨ ᠢ᠋ ᠠᠯᠠᠭᠰᠠᠨ ᠤ᠋ ᠬᠠᠷᠢᠭᠤ ᠶ᠋ᠢ ᠣᠷᠣᠰ ᠤ᠋ᠳ ᠤ᠋ᠨ ᠴᠢᠰᠤ ᠪᠠᠷ ᠥᠰᠢᠨᠡ ᠭᠡᠵᠦ ᠪᠠᠲᠤ ᠬᠠᠭᠠᠨ ᠬᠡᠯᠡᠪᠡ᠃
ᠴᠠᠭᠠᠨ ᠴᠢᠯᠠᠭᠤ ᠪᠠᠷ ᠪᠠᠷᠢᠭᠰᠠᠨ ᠰᠤᠪᠤᠷᠭ᠎ᠠ ᠡᠪᠳᠡᠷᠡᠰᠢ ᠦᠭᠡᠢ ᠪᠥᠬᠡ ᠰᠢᠭ᠌ ᠪᠠᠢᠪᠠ᠃ ᠲᠠᠲ᠋ᠠᠷ ᠤ᠋ᠳ ᠨᠠᠷᠢᠨ ᠰᠡᠢᠯᠪᠦᠷᠢ ᠤᠷᠠᠯᠠᠭᠰᠠᠨ ᠬᠠᠷ᠎ᠠ ᠮᠣᠳᠣᠨ ᠬᠠᠭᠠᠯᠭ᠎ᠠ ᠶ᠋ᠢ ᠰᠦᠬᠡ ᠪᠡᠷ ᠡᠪᠳᠡᠬᠦ ᠶ᠋ᠢ ᠤᠷᠤᠯᠳᠤᠨ ᠲᠡᠷᠡᠬᠦ ᠪᠠᠢᠰᠢᠩ ᠤ᠋ᠳ ᠤ᠋ᠨ ᠣᠷᠣᠬᠤ ᠬᠠᠭᠠᠯᠭᠠᠨ ᠤ᠋ ᠣᠢᠷ᠎ᠠ ᠪᠤᠵᠢᠭᠢᠨᠠᠵᠤ ᠪᠠᠢᠪᠠ᠃ ᠰᠤᠪᠤᠷᠭᠠᠨ ᠤ᠋ ᠳᠣᠲᠣᠷ᠎ᠠ ᠠ᠋ᠴᠠ ᠣᠯᠠᠨ ᠬᠥᠮᠦᠨ ᠦ᠌ ᠦᠷᠭᠦᠯᠵᠢᠯᠡᠭᠰᠡᠨ ᠳᠠᠭᠤᠨ ᠰᠣᠨᠣᠰᠳᠠᠨ᠎ᠠ᠃
— ᠡᠨᠡ ᠳᠣᠲᠣᠷ᠎ᠠ ᠶᠠᠮᠠᠷ ᠬᠥᠮᠦᠰ ᠳᠠᠭᠤᠯᠠᠵᠤ ᠪᠠᠢᠨ᠎ᠠ? ᠬᠡᠯᠡᠮᠦᠷᠴᠢ ᠬᠠᠮᠢᠭ᠎ᠠ ᠪᠠᠢᠨ᠎ᠠ ? ᠭᠡᠵᠦ ᠵᠠᠩᠵᠤᠨ ᠠᠰᠠᠭᠤᠪᠠᠰᠤ ᠭᠯᠸᠪ ᠸᠠᠩ ᠥᠭᠦᠯᠡᠷᠦᠨ᠂
— ᠪᠢ ᠡᠨᠳᠡ ᠪᠠᠢᠨ᠎ᠠ᠃ ᠡᠨᠡ ᠰᠤᠪᠤᠷᠭᠠᠨ ᠤ᠋ ᠳᠣᠲᠣᠷ᠎ᠠ ᠪᠠᠢᠭ᠎ᠠ ᠬᠥᠮᠦᠰ ᠬᠢᠯᠪᠠᠷ ᠦᠬᠦᠬᠦ ᠶ᠋ᠢᠨ ᠲᠤᠯᠠᠳᠠ ᠡᠴᠦᠰ ᠦ᠋ᠨ ᠵᠠᠯᠪᠠᠷᠢᠯ ᠢ᠋ᠶ᠋ᠠᠨ ᠤᠩᠰᠢᠵᠤ ᠪᠠᠢᠨ᠎ᠠ ᠭᠡᠪᠡ᠃ ᠬᠡᠳᠦᠨ ᠴᠡᠷᠢᠭ ᠪᠦᠳᠦᠭᠦᠨ ᠮᠣᠳᠣ ᠠᠪᠴᠢᠷᠠᠭᠠᠳ ᠬᠠᠭᠠᠯᠭ᠎ᠠ ᠶ᠋ᠢ ᠪᠠᠯᠪᠠᠭᠰᠠᠭᠠᠷ ᠤᠳᠠᠯ ᠦᠭᠡᠢ ᠡᠪᠳᠡᠪᠡ᠃
ᠤᠩᠰᠢᠯᠭ᠎ᠠ ᠶ᠋ᠢᠨ ᠳᠠᠭᠤᠨ ᠤᠯᠠᠮ ᠴᠢᠩᠭ᠎ᠠ ᠪᠣᠯᠤᠨ ᠰᠣᠨᠣᠰᠳᠠᠨᠠᠮ᠃ ᠬᠠᠭᠠᠯᠭᠠᠨ ᠤ᠋ ᠬᠠᠷᠠᠩᠭᠤᠢ ᠪᠣᠱᠣᠭᠠᠨ ᠳᠣᠣᠷ᠎ᠠ ᠠ᠋ᠴᠠ ᠠᠶᠤᠭᠰᠠᠨ ᠪᠠᠢᠳᠠᠯ ᠲᠠᠢ ᠪᠦᠰᠡᠭᠦᠢ ᠬᠥᠮᠦᠨ ᠦ᠌ ᠴᠢᠷᠠᠢ ᠦᠵᠡᠭᠳᠡᠪᠡ᠃ ᠮᠠᠩᠨᠠᠢ ᠳᠡᠭᠡᠷ᠎ᠡ ᠪᠡᠨ ᠴᠠᠭᠠᠨ ᠵᠠᠭᠠᠯᠮᠠᠢ ᠣᠶᠣᠭᠰᠠᠨ ᠬᠠᠷ᠎ᠠ ᠮᠠᠯᠠᠭᠠᠢ ᠲᠠᠢ᠂ ᠬᠠᠷ᠎ᠠ ᠬᠤᠪᠴᠠᠰᠤ ᠲᠠᠢ ᠡᠬᠡᠨᠡᠷ ᠭᠠᠷ ᠲᠠᠭᠠᠨ ᠵᠤᠯᠠ ᠪᠠᠷᠢᠭᠠᠳ᠂ ᠠᠷᠢᠯᠤᠭᠰᠠᠨ ᠨᠢᠷᠸᠠᠨ ᠳ᠋ᠤ᠌ ᠲᠥᠷᠥᠭᠦᠯᠦᠭᠴᠢ ᠭᠡᠬᠦ ᠵᠡᠷᠭᠡᠪᠡᠷ ᠨᠣᠮ ᠤᠩᠰᠢᠨ᠎ᠠ᠃ ᠰᠤᠪᠤᠷᠭᠠᠨ ᠤ᠋ ᠭᠣᠣᠯ ᠳᠤᠮᠳᠠ ᠨᠢ ᠲᠡᠷᠢᠭᠦᠨ ᠳ᠋ᠡᠭᠡᠨ ᠠᠯᠲᠠᠨ ᠴᠢᠮᠡᠭ ᠲᠡᠢ ᠬᠠᠮᠪᠤ ᠯᠠᠮᠠ ᠮᠢᠲ᠋ᠷᠤᠹᠠᠨ ᠵᠣᠭᠰᠣᠨᠠᠮ᠃ ᠲᠡᠷᠡ ᠲᠩᠷᠢ ᠶ᠋ᠢᠨ ᠠᠯᠲᠠᠨ ᠵᠠᠭᠠᠯᠮᠠᠢ ᠶ᠋ᠢ ᠬᠣᠶᠠᠷ ᠭᠠᠷ ᠲᠠᠭᠠᠨ ᠡᠷᠭᠦᠵᠦ ᠪᠠᠢᠭᠠᠳ ᠳᠥᠷᠪᠡᠨ ᠵᠦᠭ ᠲᠦ᠍ ᠳᠣᠬᠢᠨ᠂ ᠤᠮᠵᠠᠳ ᠳᠠᠭᠤ ᠪᠠᠷ᠄
— ᠠᠬ᠎ᠠ᠂ ᠡᠭᠡᠴᠢ᠂ ᠳᠡᠭᠦᠦ ᠨᠠᠷ ᠠ᠋! ᠨᠠᠮᠠᠨᠴᠢᠯᠠᠭᠲᠤᠨ! ᠰᠢᠢᠳᠪᠦᠷᠢᠯᠡᠬᠦ ᠡᠳᠦᠷ ᠢᠷᠡᠨ᠎ᠡ ᠰᠢᠦ᠃ ᠪᠤᠤ ᠠᠶᠤᠭᠲᠤᠨ᠃ ᠦᠨᠡᠨᠴᠢ ᠪᠡᠷ ᠶᠠᠪᠤᠭᠰᠠᠨ ᠬᠥᠮᠦᠨ ᠦ᠌ ᠰᠦᠨᠡᠰᠦ ᠲᠩᠷᠢ ᠶ᠋ᠢᠨ ᠣᠷᠣᠨ ᠳ᠋ᠤ᠌ ᠣᠴᠢᠨ᠎ᠠ ᠭᠡᠵᠦ ᠤᠩᠰᠢᠬᠤ ᠳ᠋ᠤ᠌ ᠠᠶᠤᠨ ᠰᠣᠴᠢᠭᠰᠠᠨ ᠪᠦᠰᠡᠭᠦᠢᠴᠦᠳ ᠵᠡᠷᠭᠡᠴᠡᠨ ᠪᠠᠢᠵᠤ ᠠᠮᠠ ᠪᠠᠨ ᠠᠩᠭᠠᠢᠨ ᠬᠠᠰᠬᠢᠷᠤᠯᠳᠤᠬᠤ ᠨᠢ᠄
— ᠪᠤᠷᠬᠠᠨ ᠮᠢᠨᠢ ᠠ᠋! ᠪᠢᠳᠡᠨ ᠢ᠋ ᠠᠪᠤᠷᠠᠭᠲᠤᠨ ᠭᠡᠵᠦ ᠨᠠᠮᠠᠨᠴᠢᠯᠠᠶ᠎ᠠ ᠭᠡᠬᠦ ᠪᠠ ᠪᠤᠰᠤᠳ ᠨᠢ᠂
— ᠠᠷᠢᠯᠤᠭᠰᠠᠨ ᠨᠢᠷᠸᠠᠨ ᠭᠡᠵᠦ ᠦᠷᠭᠦᠯᠵᠢ ᠤᠩᠰᠢᠨ᠎ᠠ᠃ ᠪᠠᠲᠤ ᠬᠠᠭᠠᠨ ᠴᠢᠯᠠᠭᠤᠨ ᠱᠠᠲᠤ ᠪᠠᠷ ᠳᠠᠮᠵᠢᠨ ᠰᠤᠪᠤᠷᠭᠠᠨ ᠤ᠋ ᠳᠣᠲᠣᠷ᠎ᠠ ᠱᠠᠭᠠᠢᠬᠤ ᠶ᠋ᠢᠨ ᠬᠠᠮᠲᠤ ᠪᠥᠭᠡᠨᠡᠷᠡᠨ ᠪᠠᠢᠭᠰᠠᠨ ᠴᠡᠷᠢᠭ ᠦ᠋ᠳ ( ᠲᠦ᠍ ) ᠬᠡᠯᠡᠷᠦᠨ᠄
— ᠵᠣᠷᠢᠭᠲᠤ ᠪᠠᠭᠠᠲᠤᠷ ᠤ᠋ᠳ᠂ ᠡᠷᠬᠢᠮ ᠬᠠᠷᠴᠠᠭᠠᠢ ᠨᠠᠷ ᠮᠢᠨᠢ ᠲᠠᠷᠭᠤᠨ ᠭᠠᠯᠠᠭᠤ ᠨᠤᠭᠤᠳ ᠢ᠋ ᠬᠠᠷᠠᠪᠠ ᠤᠤ? ᠴᠠᠰᠤ ᠰᠢᠭ᠋ ᠴᠠᠭᠠᠨ ᠠᠩᠭᠠᠬᠠᠢ ᠨᠤᠭᠤᠳ ᠲᠠᠨᠠᠷ ᠤ᠋ᠨ ᠡᠮᠦᠨ᠎ᠡ ᠪᠠᠢᠨ᠎ᠠ᠂ ᠲᠡᠳᠡᠨ ᠢ᠋ ᠪᠠᠷᠢᠵᠤ ᠠᠪᠤᠭᠲᠤᠨ᠂ ᠲᠠᠨᠠᠷ ᠤ᠋ᠨ ᠣᠯᠵᠠ ᠪᠣᠯᠤᠭ ᠭᠡᠬᠦ ᠳ᠋ᠦ᠍᠄
— ᠤᠷᠠᠢ! ᠬᠥᠬᠡ ᠮᠣᠩᠭᠣᠯ ᠭᠡᠵᠦ ᠮᠣᠩᠭᠣᠯᠴᠤᠳ ᠪᠠᠶᠠᠷᠯᠠᠯᠳᠤᠨ ᠬᠠᠰᠬᠢᠷᠤᠯᠳᠤᠨ᠎ᠠ᠃ ᠰᠤᠪᠤᠷᠭᠠᠨ ᠳ᠋ᠤ᠌ ᠣᠷᠣᠬᠤ ᠶ᠋ᠢ ᠬᠦᠰᠡᠵᠦ ᠴᠢᠬᠢᠯᠳᠦᠭᠰᠡᠨ ᠮᠣᠩᠭᠣᠯᠴᠤᠳ ᠣᠯᠠᠨ ᠪᠥᠭᠡᠳ ᠬᠠᠭᠠᠯᠭ᠎ᠠ ᠨᠢ ᠮᠠᠰᠢ ᠨᠠᠷᠢᠬᠠᠨ ᠪᠠᠢᠪᠠ᠃ ᠤᠷᠲᠤ ᠬᠠᠷ᠎ᠠ ᠬᠤᠪᠴᠠᠰᠤ ᠲᠠᠢ ᠯᠠᠮᠠ ᠨᠠᠷ ᠲᠡᠳᠡᠭᠡᠷ ᠰᠢᠷᠭᠤᠯᠠᠨ ᠣᠷᠣᠵᠤ ᠢᠷᠡᠭᠰᠡᠨ ᠴᠡᠷᠢᠭ ᠦ᠋ᠳ ᠢ᠋ ᠰᠦᠬᠡ ᠪᠡᠷ ᠪᠠᠯᠪᠠᠵᠤ ᠪᠠᠢᠪᠠ᠃ ᠤᠳᠠᠯ ᠦᠭᠡᠢ ᠴᠠᠪᠴᠢᠨ ᠠᠯᠠᠭᠰᠠᠨ ᠬᠥᠮᠦᠨ ᠦ᠌ ᠬᠡᠭᠦᠷ ᠬᠠᠭᠠᠯᠭᠠᠨ ᠤ᠋ ᠳᠡᠷᠭᠡᠳᠡ ᠣᠪᠣᠭ᠎ᠠ ᠰᠢᠭ᠋ ᠪᠣᠯᠤᠭᠠᠳ ᠳᠣᠲᠣᠭᠰᠢ ᠵᠠᠮ ᠨᠢ ᠪᠢᠲᠡᠭᠦᠷᠡᠪᠡ᠃
— ᠭᠠᠯ ᠳᠡᠯᠪᠢ ᠭᠡᠵᠦ ᠰᠦᠪᠡᠭᠡᠳᠡᠢ ᠪᠠᠭᠠᠲᠤᠷ ᠪᠠᠲᠤ ᠬᠠᠭᠠᠨ ᠳ᠋ᠤ᠌ ᠬᠡᠯᠡᠪᠡ᠃
— ᠭᠠᠯ ᠢ᠋ᠶ᠋ᠠᠨ ᠨᠣᠴᠣᠭᠠᠭᠲᠤᠨ ᠭᠡᠵᠦ ᠪᠠᠲᠤ ᠬᠠᠭᠠᠨ ᠬᠠᠰᠬᠢᠷᠪᠠ᠃
ᠴᠡᠷᠢᠭ ᠦ᠋ᠳ ᠠᠢᠯ ᠤ᠋ᠳ ᠤ᠋ᠨ ᠮᠣᠳᠣᠨ ᠬᠠᠰᠢᠶ᠎ᠠ ᠶ᠋ᠢ ᠪᠠᠭᠤᠯᠭᠠᠵᠤ ᠠᠪᠴᠢᠷᠠᠭᠠᠳ ᠳᠣᠲᠣᠷ᠎ᠠ ᠨᠢ ᠶᠡᠬᠡ ᠭᠠᠯ ᠰᠢᠲᠠᠭᠠᠮᠠᠭᠴᠠ ᠭᠠᠯ ᠤ᠋ᠨ ᠥᠨᠳᠥᠷ ᠶᠡᠬᠡ ᠳᠥᠯᠥ ᠨᠢ ᠬᠠᠷᠠᠩᠭᠤᠢ ᠡᠭᠦᠳᠡ ᠶ᠋ᠢ ᠬᠠᠭᠠᠪᠠ᠃ ᠲᠡᠷᠡᠬᠦ ᠭᠠᠯ ᠤ᠋ᠨ ᠳᠥᠯᠥ ᠨᠢ ᠰᠤᠪᠤᠷᠭᠠᠨ ᠠ᠋ᠴᠠ ᠪᠠᠳᠠᠷᠠᠭᠠᠳ ᠬᠥᠬᠡ ᠴᠢᠯᠠᠭᠤᠨ ᠬᠡᠷᠡᠮ ᠳ᠋ᠦ᠍ ᠲᠤᠰᠤᠨ᠎ᠠ᠃ ᠰᠤᠪᠤᠷᠭᠠᠨ ᠤ᠋ ᠳᠡᠭᠡᠳᠦ ᠴᠣᠩᠬᠣ ᠪᠠᠷ ᠨᠡᠭᠦᠭᠡᠯᠲᠦᠭᠰᠡᠨ ᠬᠠᠷ᠎ᠠ ᠤᠲᠤᠭ᠎ᠠ ᠮᠠᠨᠠᠷᠠᠨ᠎ᠠ᠃ ᠭᠠᠯ ᠤᠲᠤᠭ᠎ᠠ ᠬᠣᠶᠠᠷ ᠤ᠋ᠨ ᠴᠢᠨᠠᠳᠤ ᠲᠠᠯ᠎ᠠ ᠳ᠋ᠤ᠌ ᠤᠶᠠᠩᠭᠠᠯᠠᠨ ᠳᠠᠭᠤᠳᠠᠬᠤ ᠤᠩᠰᠢᠯᠭ᠎ᠠ᠂ ᠪᠦᠰᠡᠭᠦᠢᠴᠦᠳ ᠦ᠋ᠨ ᠪᠠᠷᠬᠢᠷᠠᠨ ᠬᠠᠰᠬᠢᠷᠤᠯᠳᠤᠬᠤ ᠴᠢᠮᠡᠭᠡ ᠰᠤᠪᠤᠷᠭᠠᠨ ᠤ᠋ ᠳᠣᠲᠣᠷ᠎ᠠ ᠠ᠋ᠴᠠ ᠰᠣᠨᠣᠰᠳᠠᠨ᠎ᠠ᠃ ᠭᠠᠯ ᠤᠯᠠᠮ ᠥᠷᠪᠥᠯᠵᠡᠭᠡᠳ᠂ ᠤᠩᠰᠢᠯᠭ᠎ᠠ ᠶ᠋ᠢᠨ ᠳᠠᠭᠤᠨ ᠤᠯᠠᠮ ᠨᠠᠮᠳᠠᠭᠰᠠᠭᠠᠷ ᠪᠠᠢᠪᠠ᠃
ᠮᠣᠩᠭᠣᠯᠴᠤᠳ᠂ ᠸᠯᠠᠳᠢᠮᠢᠷ ᠬᠣᠲᠠ ᠶ᠋ᠢᠨ ᠪᠦᠰᠡᠭᠦᠢᠴᠦᠳ ᠦ᠋ᠨ ᠰᠢᠷᠭᠠᠭᠤ ᠪᠥᠭᠡᠳ ᠡᠪᠯᠡᠷᠡᠰᠢ ᠦᠭᠡᠢ ᠵᠣᠷᠢᠭ ᠢ᠋ ᠭᠠᠢᠬᠠᠨ ᠬᠦᠯᠢᠶᠡᠨ᠎ᠡ᠃ ᠬᠠᠰᠬᠢᠷᠬᠤ ᠠᠪᠢᠶ᠎ᠠ ᠴᠢᠮᠡᠭᠡ ᠦᠭᠡᠢ ᠪᠣᠯᠤᠨ ᠭᠠᠭᠴᠠ ᠨᠢᠭᠡ ᠪᠡᠷ ᠤᠬᠢᠯᠠᠬᠤ ᠳᠠᠭᠤᠨ ᠭᠠᠷᠴᠤ ᠲᠠᠰᠤᠯᠳᠠᠭᠠᠳ ᠭᠠᠭᠴᠠ ᠪᠠᠩᠵᠠᠨ ᠮᠣᠳᠣᠨ ᠤ᠋ ᠰᠢᠲᠠᠬᠤ ᠨᠢ ᠰᠣᠨᠣᠰᠳᠠᠨ᠎ᠠ᠃
ᠮᠣᠩᠭᠣᠯᠴᠤᠳ ᠭᠠᠯ ᠢ᠋ ᠵᠠᠢᠯᠠᠭᠤᠯᠤᠨ ᠰᠤᠪᠤᠷᠭᠠᠨ ᠳᠣᠲᠣᠷ᠎ᠠ ᠣᠷᠣᠭᠠᠳ ᠲᠡᠨᠳᠡ ᠬᠠᠭᠠᠰ ᠤᠬᠠᠭᠠᠲᠠᠢ ᠪᠠᠢᠭᠰᠠᠨ ᠪᠦᠰᠡᠭᠦᠢᠴᠦᠳ ᠢ᠋ ᠴᠢᠯᠥᠭᠡᠨᠠ ᠭᠠᠷᠭᠠᠵᠤ᠂ ᠲᠡᠳᠡᠨ ᠦ᠌ ᠭᠠᠷ ᠠ᠋ᠴᠠ ᠦᠷ᠎ᠡ ᠬᠡᠦᠬᠡᠳ ᠢ᠋ ᠨᠢ ᠰᠠᠯᠭᠠᠨ᠂ ᠡᠷᠭᠢᠨ ᠲᠣᠭᠣᠷᠢᠨ ᠰᠢᠳᠡᠵᠦ ᠪᠠᠢᠭᠰᠠᠨ ᠪᠠᠢᠰᠢᠩ ᠤ᠋ᠳ ᠤ᠋ᠨ ᠵᠦᠭ ᠬᠠᠶᠠᠨ᠎ᠠ᠃ ᠲᠡᠳᠦᠢ ᠲᠡᠳᠡ ᠪᠦᠰᠡᠭᠦᠢᠴᠦᠳ ᠦ᠋ᠨ ᠬᠤᠪᠴᠠᠰᠤ ᠶ᠋ᠢ ᠲᠠᠢᠯᠵᠤ᠂ ᠬᠥᠬᠡ ᠶ᠋ᠢ ᠣᠭᠲᠣᠴᠢᠨ᠂ ᠭᠡᠳᠡᠰᠦ ᠶ᠋ᠢ ᠬᠠᠭᠠᠴᠠᠭᠠᠳ᠂ ᠶᠠᠭᠠᠷᠠᠨ ᠮᠣᠷᠢ ᠪᠠᠨ ᠤᠨᠤᠵᠤ ᠣᠯᠵᠠ ᠪᠠᠨ ᠬᠠᠵᠠᠭᠠᠷ ᠢ᠋ᠶ᠋ᠠᠷ ᠢ᠋ᠶ᠋ᠠᠨ ᠳᠠᠷᠤᠭᠤᠯᠤᠨ ᠭᠠᠨᠵᠤᠭᠠᠯᠠᠭᠠᠳ᠂ ᠪᠠᠰᠠ ᠬᠦ᠌ ᠰᠢᠨ᠎ᠡ ᠣᠯᠵᠠ ᠠᠰᠢᠭ ᠢ᠋ ᠡᠷᠢᠬᠦ ᠪᠡᠷ ᠳᠠᠷᠬᠠᠨ ᠶᠠᠪᠤᠪᠠ᠃
ᠪᠠᠲᠤ ᠬᠠᠭᠠᠨ ᠶᠡᠬᠡᠮᠰᠦᠭ ᠳᠦᠷᠢ ᠶ᠋ᠢ ᠬᠡᠪ ᠢ᠋ᠶ᠋ᠡᠷ ᠦᠵᠡᠭᠦᠯᠦᠨ᠂ ᠥᠪᠡᠷ ᠦ᠋ᠨ ᠬᠤᠪᠢ ᠶ᠋ᠢᠨ ᠴᠡᠪᠡᠷ ᠣᠯᠵᠠ ᠶ᠋ᠢ ᠬᠦᠯᠢᠶᠡᠵᠦ ᠪᠠᠢᠯ᠎ᠠ᠃ ᠴᠢᠩᠭᠢᠰ ᠦ᠋ᠨ ᠵᠠᠰᠠᠭ ᠭᠡᠳᠡᠭ ᠬᠠᠤᠯᠢ ᠶ᠋ᠢᠨ ᠶᠣᠰᠣᠭᠠᠷ ᠴᠡᠷᠢᠭ ᠦ᠋ᠳ᠂ ᠣᠯᠤᠭᠰᠠᠨ ᠣᠯᠵᠠᠨ ᠤ᠋ ᠲᠠᠪᠤᠨ ᠤ᠋ ᠨᠢᠭᠡᠨ ᠬᠤᠪᠢ ᠶ᠋ᠢ ᠵᠠᠩᠵᠤᠨ ᠳ᠋ᠠᠭᠠᠨ ᠥᠭᠳᠡᠭ ᠪᠠᠢᠪᠠ᠃ ᠲᠡᠷᠡᠬᠦ ᠳᠡᠯᠭᠡᠨ ᠲᠠᠯᠪᠢᠭᠰᠠᠨ ᠪᠦᠰᠡᠭᠦᠢᠴᠦᠳ ᠦ᠋ᠨ ᠳᠡᠪᠡᠯ ᠬᠤᠪᠴᠠᠰᠤᠨ ᠳᠡᠭᠡᠷ᠎ᠡ ᠥᠩᠭᠡ ᠪᠦᠷᠢ ᠶ᠋ᠢᠨ ᠲᠡᠮᠳᠡᠭ ᠦ᠋ᠳ᠂ ᠠᠯᠲᠠ ᠮᠥᠩᠭᠥᠨ ᠵᠠᠭᠠᠯᠮᠠᠢ ᠨᠤᠭᠤᠳ᠂ ᠪᠦᠯᠡᠵᠡᠭ ᠪᠠ ᠪᠤᠰᠤᠳ ᠦᠨ᠎ᠡ ᠪᠦᠬᠦᠢ ᠭᠣᠶᠣᠮᠰᠣᠭ ᠵᠦᠢᠯ ᠢ᠋ ᠣᠪᠣᠭᠠᠯᠠᠵᠠᠢ᠃ ᠪᠠᠰᠠ ᠯᠠᠮᠠ ᠨᠠᠷ ᠤ᠋ᠨ ᠲᠣᠷᠭᠠᠨ ᠡᠮᠦᠰᠬᠡᠯ᠂ ᠵᠠᠢᠰᠠᠩ ᠤ᠋ᠳ ᠤ᠋ᠨ ᠳᠡᠪᠡᠯ᠂ ᠠᠯᠲᠠᠨ ᠴᠣᠭᠴᠠ ᠲᠡᠷᠢᠭᠦᠲᠡᠨ ᠢ᠋ ᠡᠭᠦᠳᠡ ᠪᠡᠷ ᠬᠠᠶᠠᠯᠠᠭᠰᠠᠭᠠᠷ ᠪᠠᠢᠭᠰᠠᠨ ᠪᠥᠭᠡᠳ ᠡᠳ᠋ ᠪᠦᠬᠦᠨ ᠦ᠌ ᠳᠡᠭᠡᠷ᠎ᠡ ᠬᠠᠮᠪᠤ ᠯᠠᠮᠠ ᠮᠢᠲ᠋ᠷᠦᠹᠡᠨ ᠦ᠌ ᠠᠯᠲᠠᠨ ᠴᠢᠮᠡᠭ ᠭᠢᠯᠠᠯᠵᠠᠨ ᠪᠠᠢᠪᠠ᠃
ᠮᠣᠩᠭᠣᠯᠴᠤᠳ ᠤᠬᠠᠭᠠᠨ ᠠᠯᠳᠠᠭᠰᠠᠨ ᠶᠡᠬᠡ ᠬᠠᠲᠤᠨ ᠠᠭᠠᠹᠢᠶᠠ ᠶ᠋ᠢ ᠴᠢᠷᠴᠦ ᠭᠤᠯᠳᠤᠷᠤᠭᠰᠠᠭᠠᠷ ᠠᠪᠴᠢᠷᠠᠭᠠᠳ ᠬᠠᠷ᠎ᠠ ᠮᠣᠷᠢᠨ ᠤ᠋ ᠬᠥᠯ ᠦ᠋ᠨ ᠲᠤᠭᠤᠷᠠᠢ ᠶ᠋ᠢᠨ ᠳᠡᠷᠭᠡᠳᠡ ᠲᠠᠯᠪᠢᠪᠠ᠃ ᠡᠭᠦᠨ᠎ᠡ ᠴᠡᠷᠢᠭ ᠦ᠋ᠳ ᠲᠡᠭᠦᠨ ᠡᠴᠡ ᠡᠮᠦᠰᠦᠭᠰᠡᠨ ᠲᠣᠷᠭᠠᠨ ᠬᠤᠪᠴᠠᠰᠤ᠂ ᠲᠣᠯᠣᠭᠠᠢ ᠶ᠋ᠢᠨ ᠰᠤᠪᠤᠳ ᠳᠠᠷᠤᠭᠤᠯᠭ᠎ᠠ᠂ ᠮᠥᠩᠭᠥᠨ ᠰᠢᠭᠢᠳᠭᠡ ᠲᠡᠢ ᠤᠯᠠᠭᠠᠨ ᠭᠤᠲᠤᠯ ᠵᠡᠷᠭᠡ ᠶ᠋ᠢ ᠲᠠᠢᠴᠢᠵᠤ ᠠᠪᠤᠭᠠᠳ ᠡᠯ᠎ᠡ ᠪᠦᠭᠦᠳᠡ ᠶ᠋ᠢ ᠲᠡᠷᠡ ᠣᠪᠣᠭᠠᠯᠠᠭᠰᠠᠨ ᠶᠠᠭᠤᠮ᠎ᠠ ᠳᠡᠭᠡᠷ᠎ᠡ ᠬᠤᠷᠢᠶᠠᠵᠤ ᠪᠠᠢᠬᠤ ᠶ᠋ᠢ ᠪᠠᠲᠤ ᠬᠠᠭᠠᠨ ᠠᠵᠢᠭ ᠦᠭᠡᠢ ᠬᠠᠷᠠᠨᠠᠮ᠃
— ᠬᠢ— ᠬᠢ᠂ ᠣᠷᠣᠰ ᠤ᠋ᠨ ᠬᠥᠭᠡᠷᠦᠬᠦᠨ ᠬᠡᠦᠬᠡᠨ ᠳ᠋ᠦ᠍ ᠬᠡᠨ ᠳᠤᠷᠠᠲᠠᠢ ᠪᠣᠢ? ᠪᠢ ᠲᠡᠭᠦᠨ ᠳ᠋ᠦ᠍ ᠥᠭᠭᠦᠨ᠎ᠡ ᠭᠡᠵᠦ ᠪᠠᠲᠤ ᠬᠠᠭᠠᠨ ᠠᠰᠠᠭᠤᠪᠠ᠃
— ᠲᠦᠮᠡᠲᠦ ᠶ᠋ᠢᠨ ᠨᠣᠶᠠᠨ ᠪᠣᠷᠣᠨᠳᠠᠢ ᠪᠢᠵᠡ ᠳ᠋ᠠ᠃ ᠪᠣᠷᠣᠨᠳᠠᠢ ᠬᠡᠦᠬᠡᠨ ᠳ᠋ᠦ᠍ ᠶᠡᠬᠡ ᠳᠤᠷᠠᠲᠠᠢ ᠰᠢᠦ ᠳ᠋ᠠ᠃ ᠪᠣᠷᠣᠨᠳᠠᠢ! ᠰᠠᠢᠨ ᠤᠭᠰᠠᠭᠠᠨ ( ᠤ᠋ ) ᠦᠨᠢᠶ᠎ᠡ ᠰᠢᠭ᠌ ᠶᠠᠭᠠᠨ ᠬᠥᠬᠥ ᠶ᠋ᠢ ᠨᠢ ᠬᠠᠷᠠᠭᠲᠤᠨ ᠭᠡᠵᠦ ᠮᠣᠩᠭᠣᠯᠴᠤᠳ ᠢᠨᠢᠶᠡᠯᠳᠦᠨ ᠬᠠᠰᠬᠢᠷᠤᠯᠳᠤᠪᠠ᠃
ᠪᠣᠷᠣᠨᠳᠠᠢ ᠲᠡᠭᠦᠨ ᠦ᠌ ᠪᠡᠶ᠎ᠡ ᠶ᠋ᠢᠨ ᠳᠡᠷᠭᠡᠳᠡ ᠣᠴᠢᠭᠠᠳ ᠤᠳᠠᠭᠠᠨ ᠢ᠋ᠶ᠋ᠠᠷ ᠦᠵᠡᠨ᠎ᠡ᠃ ᠰᠢᠷᠭ᠎ᠠ ᠮᠣᠷᠢ ᠨᠢ ᠲᠣᠯᠣᠭᠠᠢ ᠪᠠᠨ ᠪᠥᠬᠥᠢᠯᠭᠡᠨ ᠦᠷᠭᠦᠵᠦ ᠪᠣᠷᠣᠨᠳᠠᠢ ᠢᠨᠴᠠᠭᠯᠠᠨ ᠮᠣᠷᠢᠨ ᠠ᠋ᠴᠠ ᠪᠠᠨ ᠪᠠᠭᠤᠪᠠ᠃ ᠬᠡᠳᠦᠨ ᠮᠢᠩᠭᠠᠲᠤ ᠶ᠋ᠢᠨ ᠨᠣᠶᠠᠨ ᠪᠣᠷᠣᠨᠲᠠᠢ ᠶ᠋ᠢᠨ ᠳᠠᠷᠠᠭ᠎ᠠ ᠪᠠᠷ ᠲᠡᠷᠡᠬᠦ ᠬᠦᠨᠳᠦᠲᠦ ᠣᠯᠵᠠ ᠶ᠋ᠢ ᠠᠮᠲᠠᠯᠠᠨ ᠦᠵᠡᠬᠦ ᠶ᠋ᠢ ᠬᠦᠰᠡᠵᠦ ᠲᠡᠪᠴᠢᠨ ᠶᠠᠳᠠᠨ ᠬᠦᠯᠢᠶᠡᠵᠦ ᠪᠠᠢᠨ᠎ᠠ᠃
ᠬᠠᠲᠤᠨ ᠠᠭᠠᠹᠢᠶᠠ ᠤᠬᠠᠭᠠᠨ ᠣᠷᠣᠵᠤ ᠨᠢᠳᠦ ᠪᠡᠨ ᠬᠠᠷᠠᠪᠠ᠃ ᠲᠡᠷᠡ ᠤᠬᠢᠯᠠᠭᠰᠠᠨ ᠴᠥ᠍ ᠦᠭᠡᠢ᠂ ᠪᠠᠷᠬᠢᠷᠠᠭᠰᠠᠨ ᠴᠥ᠍ ᠦᠭᠡᠢ᠂ ᠠᠶᠤᠬᠤ ᠢᠴᠢᠬᠦ ᠬᠣᠶᠠᠷ ᠵᠡᠷᠭᠡᠴᠡᠭᠰᠡᠨ ᠡᠴᠡ ᠥᠪᠡᠷ ᠦ᠋ᠨ ᠨᠢᠴᠦᠭᠦᠨ ᠪᠡᠶ᠎ᠡ ᠶ᠋ᠢ ᠭᠠᠷ ᠢ᠋ᠶ᠋ᠠᠷ ᠢ᠋ᠶ᠋ᠠᠨ ᠬᠠᠯᠬᠠᠯᠠᠬᠤ ᠶ᠋ᠢ ᠤᠷᠤᠯᠳᠤᠨ ᠲᠡᠭᠦᠨ᠎ᠡ ᠣᠢᠷᠠᠲᠤᠨ ᠶᠠᠪᠤᠭ᠎ᠠ ᠬᠥᠮᠦᠨ ᠊ᠢ ᠬᠡᠷᠴᠡᠭᠡᠢ ᠨᠢᠳᠦ ᠪᠡᠷ ᠢ᠋ᠶ᠋ᠡᠨ ᠬᠠᠷᠠᠵᠤ ᠵᠣᠭᠰᠣᠪᠠ᠃
ᠮᠣᠩᠭᠣᠯᠴᠤᠳ ᠨᠢᠭᠡ ᠡᠪᠦᠭᠡᠨ ᠢ᠋ ᠬᠦᠴᠦ ᠪᠡᠷ ᠴᠢᠷᠴᠦ ᠠᠪᠴᠢᠷᠠᠪᠠ᠃
ᠲᠡᠷᠡ ᠡᠪᠦᠭᠡᠨ ᠢ᠋ ᠠᠷᠭᠠᠮᠵᠢ ᠪᠠᠷ ᠮᠤᠰᠬᠢᠬᠰᠠᠨ ᠪᠣᠯᠪᠠᠴᠤ ᠮᠤᠯᠲᠤᠷᠠᠨ ᠭᠠᠷᠬᠤ ᠶ᠋ᠢ ᠰᠢᠮᠳᠠᠨ ᠣᠷᠣᠯᠳᠣᠭᠰᠠᠭᠠᠷ ᠶᠠᠪᠤᠪᠠ᠃
— ᠵᠠᠩᠵᠤᠨ ᠠ᠋! ᠳᠠᠢᠰᠤᠨ ᠤ᠋ ᠵᠣᠷᠢᠭᠲᠤ ᠪᠠᠭᠠᠲᠤᠷ ᠢ᠋ ᠠᠪᠴᠢᠷᠠᠵᠤ ᠦᠵᠡᠭᠦᠯ! ᠭᠡᠵᠦ ᠴᠢ ᠲᠤᠰᠢᠶᠠᠭᠰᠠᠨ ᠰᠢᠦ ᠭᠡᠵᠦ ᠵᠠᠭᠤᠲᠤ ᠶ᠋ᠢᠨ ᠨᠣᠶᠠᠨ ᠠᠷᠠᠫᠱᠠ ᠬᠦᠷᠴᠦ ᠢᠷᠡᠭᠡᠳ ᠬᠡᠯᠡᠪᠡ᠃
— ᠡᠨᠡ ᠡᠪᠦᠭᠡᠨ ᠪᠣᠯ ᠣᠷᠣᠰ ᠤ᠋ᠳ ᠤ᠋ᠨ ᠰᠦᠮ᠎ᠡ ᠳ᠋ᠦ᠍ ᠬᠠᠮᠤᠭ ᠤ᠋ᠨ ᠰᠡᠭᠦᠯ ᠳ᠋ᠦ᠍ ᠭᠠᠭᠴᠠᠭᠠᠷ ᠢ᠋ᠶ᠋ᠠᠨ ᠦᠯᠡᠳᠡᠵᠦ ᠪᠢᠳᠡ ᠪᠦᠭᠦᠳᠡ ᠶ᠋ᠢ ᠡᠰᠡᠷᠭᠦᠴᠡᠨ ᠲᠡᠮᠡᠴᠡᠭᠰᠡᠨ ᠬᠥᠮᠦᠨ ᠮᠥᠨ᠃ ᠡᠭᠦᠨ ᠢ᠋ ᠭᠠᠯ ᠴᠥ᠍᠂ ᠤᠲᠤᠭ᠎ᠠ ᠴᠥ᠍᠂ ᠬᠠᠵᠠᠭᠤ ᠪᠠᠷ ᠨᠢ ᠲᠤᠰᠤᠭᠰᠠᠨ ᠰᠤᠮᠤ ᠴᠥ᠍ ᠤᠨᠠᠭᠠᠵᠤ ᠴᠢᠳᠠᠭᠰᠠᠨ ᠦᠭᠡᠢ᠁ ᠭᠡᠬᠦ ᠳ᠋ᠦ᠍ ᠬ᠌ᠯᠸᠪ ᠸᠠᠩ᠂
— ᠡᠪᠦᠭᠡᠨ ᠢ᠋ ᠪᠠᠢᠴᠠᠭᠠᠰᠤᠭᠠᠢ ᠭᠡᠵᠦ ᠪᠠᠲᠤ ᠬᠠᠭᠠᠨ ᠳ᠋ᠤ᠌ ᠬᠡᠯᠡᠨ᠎ᠡ ᠤᠤ? (ᠭᠡᠯᠡ᠃ )
ᠸᠠᠩ ᠬ᠌ᠯᠸᠪ ᠲᠡᠷᠡᠬᠦ ᠪᠠᠷᠢᠭᠳᠠᠵᠤ ᠢᠷᠡᠭᠰᠡᠨ ᠬᠥᠮᠦᠨ ᠦ᠌ ᠨᠡᠷ᠎ᠡ ᠪᠠ ᠴᠡᠷᠢᠭ ᠦ᠋ᠨ ᠠᠯᠪᠠᠨ᠎ᠠ ᠤᠳᠠᠭᠰᠠᠨ ᠡᠰᠡᠬᠦ ᠶ᠋ᠢ ᠠᠰᠠᠭᠤᠪᠠ᠃
— ᠮᠢᠨᠦ ᠨᠡᠷ᠎ᠡ ᠰᠢᠪᠠᠯᠺᠠ ᠭᠡᠳᠡᠭ᠂ ᠪᠢ ᠲᠤᠰ ᠬᠣᠲᠠ ᠶ᠋ᠢᠨ ᠬᠡᠷᠡᠮ ᠦ᠋ᠨ ᠠᠯᠲᠠᠨ ᠬᠠᠭᠠᠯᠭ᠎ᠠ ᠶ᠋ᠢ ᠰᠠᠬᠢᠬᠤ ᠮᠠᠨᠠᠭᠠᠨ ᠤ᠋ ᠠᠯᠪᠠᠨ ᠢ᠋ ᠭᠤᠴᠢᠨ ᠵᠢᠯ ᠬᠠᠭᠠᠵᠤ ᠪᠠᠢᠨ᠎ᠠ ᠭᠡᠪᠡ᠃
ᠪᠠᠲᠤ ᠬᠠᠭᠠᠨ ᠶᠡᠬᠡᠮᠰᠦᠭ ᠢ᠋ᠶ᠋ᠡᠷ
— ᠪᠢ ᠴᠢᠨᠦ ᠭᠡᠮ ᠢ᠋ ᠠᠭᠤᠴᠢᠯᠠᠶ᠎ᠠ᠂ ᠪᠢ ᠴᠢᠮᠠᠶ᠋ᠢ ᠥᠪᠡᠷ ᠦ᠋ᠨ ᠠᠯᠪᠠᠲᠤ ᠴᠡᠷᠢᠭ ᠪᠣᠯᠭᠠᠨ ᠠᠪᠤᠨ᠎ᠠ ᠭᠡᠰᠡᠨ ᠢ᠋ ᠸᠠᠩ ᠭᠯᠸᠪ ᠣᠷᠴᠢᠭᠤᠯᠤᠨ ᠬᠡᠯᠡᠪᠡ᠃
— ᠱᠢᠪᠡᠯᠺᠡ᠂ ᠲᠠᠲ᠋ᠠᠷ ᠤ᠋ᠨ ᠶᠡᠬᠡ ᠬᠠᠭᠠᠨ ᠠ᠋ᠴᠠ ᠴᠢᠮᠠᠲᠤ ᠶᠡᠬᠡ ᠥᠷᠥᠰᠢᠶᠡᠯ ᠢ᠋ ᠦᠵᠡᠭᠦᠯᠵᠦ ᠪᠠᠢᠨ᠎ᠠ᠃ ᠶᠡᠬᠡ ᠬᠠᠭᠠᠨ ᠤ᠋ ᠡᠮᠦᠨ᠎ᠡ ᠡᠴᠡ ᠡᠰᠡᠷᠭᠦᠴᠡᠨ ᠲᠡᠮᠡᠴᠡᠭᠰᠡᠨ ᠴᠢᠨᠢ ᠴᠢᠨᠦ ᠮᠤᠩᠬᠠᠭ ᠤ᠋ᠨ ᠬᠠᠷᠠᠭ᠎ᠠ ᠭᠡᠵᠦ ᠬᠠᠭᠠᠨ ᠴᠢᠮᠠᠶ᠋ᠢ ᠠᠭᠤᠴᠢᠯᠠᠵᠤ ᠪᠠᠢᠨ᠎ᠠ᠃ ᠴᠢᠨᠦ ᠪᠡᠶ᠎ᠡ ᠶ᠋ᠢ ᠲᠡᠷᠡ ᠥᠪᠡᠷ ᠦ᠋ᠨ ᠠᠯᠪᠠᠨ᠎ᠠ ᠣᠷᠣᠭᠤᠯᠤᠨ ᠠᠪᠴᠤ ᠪᠠᠢᠨ᠎ᠠ᠃ ᠰᠥᠭᠥᠳᠦᠨ ᠬᠡᠰᠢᠭ ᠲᠦ᠍ ᠮᠥᠷᠭᠥ ᠭᠡᠪᠡ᠃
ᠱᠢᠪᠡᠯᠺᠡ ᠴᠢᠰᠤ ᠨᠠᠭᠠᠯᠳᠤᠭᠰᠠᠨ ᠨᠢᠳᠦ ᠪᠡᠷ ᠢ᠋ᠶ᠋ᠡᠨ ᠮᠠᠭᠤᠬᠠᠢ ᠬᠠᠷᠠᠵᠤ ᠠᠮᠠ ᠪᠠᠨ ᠠᠩᠭᠠᠢᠨ ᠰᠠᠨᠠᠭ᠎ᠠ ᠠᠯᠳᠠᠮᠠᠭᠴᠠ ᠲᠡᠭᠦᠨ ᠦ᠌ ᠬᠠᠵᠠᠭᠤ ᠬᠠᠪᠢᠷᠭᠠᠨᠠ ᠭᠤᠷᠪᠠᠨ ᠰᠤᠮᠤ ᠭᠣᠵᠣᠯᠵᠠᠵᠤ ᠪᠠᠢᠪᠠ᠃
— ᠲᠡᠭᠡᠶ᠎ᠡ᠂ ᠪᠢ ᠴᠢᠩ ᠦᠨᠡᠨ ᠢ᠋ᠶ᠋ᠡᠷ ᠵᠢᠳᠬᠦᠶ᠎ᠡ᠃ ᠮᠢᠨᠦ ᠬᠢᠲᠤᠭ᠎ᠠ ᠶ᠋ᠢ ᠨᠠᠳᠠᠳᠤ ᠥᠭᠭᠦᠨᠡᠦ? ᠪᠢ ᠲᠡᠭᠦᠨ ᠢ᠋ ᠲᠠᠲ᠋ᠠᠷ ᠤ᠋ᠨ ᠶᠡᠬᠡ ᠬᠠᠭᠠᠨ ᠤ᠋ ᠭᠡᠳᠡᠰᠦᠨᠡ ᠰᠢᠭᠠᠶᠠ᠃ ᠪᠠᠰᠠ ᠴᠢᠨᠦ ᠲᠣᠯᠣᠭᠠᠢ ᠶ᠋ᠢ ᠴᠠᠪᠴᠢᠶᠠ ᠭᠡᠳ ᠥᠨᠥᠬᠢ ᠡᠪᠦᠭᠡᠨ ᠬᠦᠴᠦ ᠪᠡᠨ ᠭᠠᠷᠭᠠᠵᠤ ᠴᠢᠰᠤ ᠲᠠᠢ ᠰᠢᠯᠦᠰᠦ ᠪᠡᠨ ᠸᠠᠩ ᠭᠯᠧᠪ ᠦ᠋ᠨ ᠨᠢᠭᠤᠷ ᠤᠷᠤᠭᠤ ᠨᠢᠯᠪᠤᠪᠠ᠃
— ᠰᠢᠷ᠎ᠠ ᠴᠢᠬᠢ ᠲᠡᠢ ᠨᠣᠬᠠᠢ ᠭᠡᠳ ᠪᠠᠲᠤ ᠬᠠᠭᠠᠨ ᠪᠠᠷᠢᠭᠰᠠᠨ ᠲᠠᠰᠢᠭᠤᠷ ᠢ᠋ᠶ᠋ᠠᠷ ᠢ᠋ᠶ᠋ᠠᠨ ᠱᠢᠪᠡᠯᠺᠡ ᠶ᠋ᠢᠨ ᠨᠢᠳᠦᠨ ᠳᠤᠮᠳᠠᠭᠤᠷ ᠲᠠᠰᠤ ᠣᠷᠢᠶᠠᠯᠭᠠᠪᠠ᠃ ᠲᠡᠷᠡ ᠶᠡᠷᠦ ᠬᠥᠳᠡᠯᠦᠭᠰᠡᠨ ᠦᠭᠡᠢ ᠵᠣᠭᠰᠣᠭᠰᠠᠨ ᠬᠡᠪ ᠢ᠋ᠶ᠋ᠡᠷ ᠢ᠋ᠶ᠋ᠡᠨ ᠪᠠᠢᠬᠤ ᠳ᠋ᠤ᠌ ᠳᠥᠷᠪᠡᠨ ᠮᠣᠩᠭᠣᠯ ᠬᠥᠮᠦᠨ ᠲᠡᠭᠦᠨ ᠦ᠌ ᠭᠠᠷ ᠠ᠋ᠴᠠ ᠴᠢᠩᠭ᠎ᠠ ᠪᠠᠷ ᠪᠠᠷᠢᠵᠤ ᠠᠪᠤᠯ᠎ᠠ᠃
— ᠬᠦᠢ᠂ ᠴᠡᠷᠢᠭ ᠦ᠋ᠳ ᠠ᠋᠁ ᠭᠡᠵᠦ ᠰᠥᠪᠡᠭᠡᠳᠡᠢ ᠪᠠᠭᠠᠲᠤᠷ ᠳᠠᠭᠤᠳᠠᠨ᠎ᠠ᠃ ᠳᠡᠷᠭᠡᠳᠡ ᠨᠢ ᠪᠠᠢᠭᠰᠠᠨ ᠴᠡᠷᠢᠭ ᠦ᠋ᠳ ᠮᠣᠷᠢᠳ ᠠ᠋ᠴᠠ ᠪᠠᠨ ᠪᠠᠭᠤᠨ ᠬᠠᠷᠠᠢᠭᠠᠳ ᠲᠠᠬᠢᠷ ᠰᠡᠯᠡᠮ᠎ᠡ ᠪᠡᠨ ᠰᠤᠭᠤ ᠲᠡᠳᠡᠨ ᠱᠢᠪᠡᠯᠺᠡ ᠶ᠋ᠢᠨ ᠭᠡᠳᠡᠰᠦᠨᠡ ᠲᠥᠷᠥᠵᠦ ᠲᠠᠯᠪᠢᠪᠠ᠃ ᠡᠪᠦᠭᠡᠨ ᠦ᠌ ᠠᠮᠠᠨ ᠠ᠋ᠴᠠ ᠴᠢᠰᠤ ᠠᠰᠬᠠᠨ ᠲᠡᠭᠦᠨ ᠦ᠌ ᠪᠤᠭᠤᠷᠤᠯ ᠰᠠᠬᠠᠯ ᠳᠡᠭᠡᠭᠦᠷ ᠪᠤᠯᠠᠭ ᠤ᠋ᠨ ᠤᠰᠤ ᠮᠡᠲᠦ ᠤᠷᠤᠰᠪᠠ᠃
— ᠮᠠᠨ ᠤ᠋ ᠨᠤᠲᠤᠭ ᠴᠢᠯᠥᠭᠡᠲᠡᠢ ᠪᠣᠯᠬᠤ ᠨᠢᠭᠡ ᠡᠳᠦᠷ ᠬᠦᠷᠴᠦ ᠢᠷᠡᠨ᠎ᠡ ᠭᠡᠵᠦ ᠱᠢᠪᠡᠯᠺᠡ ᠬᠠᠰᠬᠢᠷᠤᠨ ᠬᠡᠯᠡᠭᠡᠳ ᠠᠶᠠᠷᠬᠠᠨ ᠰᠠᠭᠤᠵᠤ ᠨᠢᠭᠤᠷ ᠢ᠋ᠶ᠋ᠠᠷ ᠢ᠋ᠶ᠋ᠠᠨ ᠴᠠᠰᠤᠨ᠎ᠠ ᠰᠢᠭᠠᠵᠤ ᠦᠬᠦᠪᠡ᠃
ᠦᠰᠦᠭ ᠠᠮᠢᠯᠠᠭᠤᠯᠤᠭᠴᠢ᠄ᠠᠯᠲᠠᠨᠴᠢᠮᠡᠭ 2᠂ ᠬᠦᠦᠳᠠᠭᠠᠭᠤᠯᠠ 1᠂ ᠾᠧ ᠢᠦᠢ 1᠂ ᠬᠡᠷᠡᠶ᠋ᠢᠳ ᠂ ᠮᠥᠩᠬᠡᠨᠠᠰᠤᠨ 1᠂ ᠵᠢᠩᠯᠢᠬᠤᠸᠠᠷ 1᠂ ᠪᠠᠶᠠᠨᠰᠡᠷᠡᠩ 1᠂ ᠮᠡᠷᠭᠡᠨᠭᠣᠸ᠎ᠠ1᠂ ᠭᠡᠷᠡᠯ 1
ᠬᠢᠨᠠᠭᠴᠢ᠄ ᠵᠢᠩᠯᠢᠬᠤᠸᠠᠷ 4᠂ ᠲ᠂ ᠬᠦᠮᠦᠵᠢᠯᠲᠦ1
ᠶᠡᠷᠦᠩᠬᠡᠢ ᠬᠢᠨᠠᠭᠴᠢ᠄ ᠠᠯᠲᠠᠨᠴᠢᠮᠡᠭ 9᠂ ᠠᠷᠢᠭᠤᠨ 9
