ᠪᠠᠲᠤ ᠬᠠᠭᠠᠨ 6-12 ᠸᠯᠠᠳ᠋ᠢᠮᠢᠷ ᠬᠣᠲᠠ ᠶ᠋ᠢᠨ ᠭᠤᠨᠢᠭᠲᠤ ᠡᠳᠦᠷ ᠦ᠋ᠳ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ
ᠠᠷᠪᠠᠨ ᠬᠣᠶᠠᠷ᠂ ᠸᠯᠠᠳ᠋ᠢᠮᠢᠷ ᠬᠣᠲᠠ ᠶ᠋ᠢᠨ ᠭᠤᠨᠢᠭᠲᠤ ᠡᠳᠦᠷ ᠦ᠋ᠳ
ᠲᠠᠲ᠋ᠠᠷ ᠤ᠋ᠳ ᠬᠣᠲᠠ ᠶ᠋ᠢᠨ ᠳᠡᠷᠭᠡᠳᠡ ᠭᠡᠨᠡᠳᠲᠡ ᠬᠦᠷᠴᠦ ᠢᠷᠡᠯ᠎ᠡ᠃ ᠦᠷ ᠴᠠᠢᠬᠤ ᠶ᠋ᠢᠨ ᠦᠶᠡᠰ ᠲᠦ᠍᠂ ᠲᠠᠷᠢᠶᠠᠴᠢᠨ ᠤ᠋ ᠬᠡᠳᠦᠨ ᠠᠷᠪᠠᠨ ᠴᠢᠷᠭ᠎ᠠ ᠬᠣᠲᠠ ᠶ᠋ᠢᠨ ᠬᠠᠭᠠᠯᠭ᠎ᠠ ᠠ᠋ᠴᠠ ᠭᠠᠷᠴᠤ ᠣᠳᠤᠯ᠎ᠠ᠃
ᠣᠢ ᠳ᠋ᠤ᠌ ᠣᠳᠴᠤ ᠠᠮᠢ ᠪᠠᠨ ᠠᠪᠤᠷᠠᠬᠤ ᠶ᠋ᠢ ᠡᠷᠡᠮᠡᠯᠵᠡᠯᠡᠭᠰᠡᠨ ᠬᠥᠮᠦᠰ ᠲᠡᠷᠡ ᠴᠢᠷᠭᠠᠨ ᠳ᠋ᠤ᠌ ᠰᠠᠭᠤᠵᠤ ᠶᠠᠪᠤᠭᠰᠠᠨ ᠪᠢᠯᠡ᠃ ᠭᠡᠲᠡᠯ᠎ᠡ ᠦᠳᠡ ᠶ᠋ᠢᠨ ᠬᠢᠷᠢ ᠳ᠋ᠦ᠍ ᠸᠯᠡᠳᠢᠮᠢᠷ ᠬᠣᠲᠠ ᠡᠷᠭᠢᠨ ᠲᠣᠭᠣᠷᠢᠨ ᠠ᠋ᠴᠠ ᠲᠠᠰᠤᠷᠠᠯᠲᠠ ᠦᠭᠡᠢ ᠪᠦᠰᠡᠯᠡᠭᠳᠡᠪᠡ᠃
ᠲᠠᠲ᠋ᠠᠷ ᠤ᠋ᠳ ᠠᠩᠬᠠᠨ ᠳ᠋ᠠᠭᠠᠨ ᠶᠠᠭᠠᠷᠠᠮᠠᠭ ᠤ᠋ᠨ ᠭᠠᠵᠠᠷ ᠰᠠᠢᠨ ᠡᠳᠦᠷ ᠦ᠋ᠳ ᠲᠦ᠍ ᠢᠷᠡᠵᠦ ᠶᠠᠪᠤᠭ᠎ᠠ ᠬᠥᠮᠦᠰ ᠰᠢᠭ᠌ ᠨᠣᠮᠣᠬᠠᠨ ᠠᠭᠠᠵᠢᠮ ᠢ᠋ᠶ᠋ᠠᠷ ᠲᠤᠰ ᠬᠣᠲᠠᠨ᠎ᠠ ᠣᠢᠷᠠᠲᠤᠯ᠎ᠠ᠃
ᠲᠡᠳᠦᠢ ᠤᠳᠠᠯ ᠦᠭᠡᠢ ᠲᠡᠳᠡ ᠤᠯᠠᠮ ᠣᠯᠠᠨ ᠪᠣᠯᠤᠭᠠᠳ ᠣᠢᠷ᠎ᠠ ᠬᠠᠪᠢ ᠶ᠋ᠢᠨ ᠪᠦᠬᠦ ᠭᠠᠵᠠᠷ ᠢ᠋ ᠪᠢᠲᠡᠭᠦᠦ ᠡᠵᠡᠯᠡᠭᠡᠳ ᠭᠠᠯ ᠤ᠋ᠨ ᠤᠲᠤᠭ᠎ᠠ ᠡᠨᠳᠡ ᠲᠡᠨᠳᠡ ᠦᠭᠡᠢ ᠮᠠᠨᠠᠷᠠᠨ ᠠᠴᠢᠶ᠎ᠠ ᠬᠥᠰᠬᠡ ᠦᠷᠭᠦᠯᠵᠢᠯᠡᠪᠡ᠃ ᠲᠠᠲ᠋ᠠᠷ ᠤ᠋ᠳ ᠮᠣᠷᠢᠳ ᠢ᠋ᠶ᠋ᠠᠨ ᠴᠢᠳᠥᠷᠯᠡᠭᠡᠳ ᠶᠠᠮᠠᠷ ᠴᠤ᠌ ᠵᠠᠨᠤᠯ ᠲᠠᠢ ᠲᠤᠯᠭᠠᠷᠠᠭ᠎ᠠ ᠦᠭᠡᠢ ᠶᠤᠮ ᠰᠢᠭ᠌ ᠣᠷᠣᠰ ᠤ᠋ᠨ ᠴᠡᠷᠢᠭ ᠡᠴᠡ ᠣᠭᠲᠣ ᠠᠶᠤᠬᠤ ᠰᠢᠨᠵᠢ ᠦᠭᠡᠢ ᠪᠠᠢᠪᠠ᠃ ᠲᠡᠭᠡᠭᠡᠳ ᠲᠡᠳᠡᠨ ᠦ᠌ ᠴᠢᠭᠢᠷᠠᠭ ᠮᠣᠷᠢᠳ ᠲᠠᠢ ᠴᠡᠷᠢᠭ ᠦ᠋ᠳ ᠸᠯᠡᠳᠢᠮᠢᠷ ᠤ᠋ᠨ ᠬᠡᠷᠡᠮ ᠦ᠋ᠨ ᠳᠣᠣᠷ᠎ᠠ ᠪᠦᠬᠦᠨ ᠢ᠋ᠶ᠋ᠡᠷ ᠬᠤᠷᠳᠤᠨ ᠳᠠᠭᠠᠷᠢᠨ ᠣᠷᠣᠪᠠ᠃ ᠲᠡᠳᠡ ᠭᠠᠵᠠᠷ ᠤ᠋ᠨ ᠥᠩᠭᠡᠲᠡᠢ ᠪᠣᠷᠣ ᠰᠠᠷᠠᠯ ᠳᠡᠪᠡᠯ᠂ ᠨᠢᠭᠤᠷ ᠬᠦᠵᠦᠭᠦᠦ ᠪᠡᠨ ᠪᠦᠷᠬᠦᠭᠰᠡᠨ ᠦᠰᠦᠲᠡᠢ ᠲᠣᠮᠣ ᠮᠠᠯᠠᠭᠠᠢ ᠡᠮᠦᠰᠦᠭᠰᠡᠨ ᠨᠢ ( ᠡᠴᠡ ) ᠵᠥᠪᠬᠡᠨ ᠵᠢᠷᠪᠡᠭᠡᠷ ᠨᠢᠳᠦ ᠨᠢ ᠴᠤᠬᠤᠢᠬᠤ ᠠᠵᠢ᠃ ᠲᠠᠲ᠋ᠠᠷ ᠤ᠋ᠳ ᠴᠢᠩᠭ᠎ᠠ ᠳᠠᠭᠤ ᠪᠠᠷ ᠬᠠᠰᠬᠢᠷᠤᠯᠳᠤᠬᠤ ᠪᠥᠭᠡᠳ ᠲᠡᠳᠡᠨ ᠦ᠌ ᠦᠯᠦ ᠣᠢᠯᠠᠭᠠᠭᠳᠠᠬᠤ ᠦᠭᠡᠰ ᠪᠠ ᠱᠤᠤᠭᠢᠯᠳᠤᠭᠠᠨ ᠨᠢ ᠴᠢᠮᠡᠭᠡ ᠠᠨᠢᠷ ᠦᠭᠡᠢ ᠬᠦᠢᠲᠡᠨ ᠠᠭᠠᠷ ᠲᠤ᠌ ᠲᠣᠪ ᠲᠣᠳᠣᠷᠬᠠᠢ ᠰᠣᠨᠣᠰᠳᠠᠨ᠎ᠠ᠃
ᠸᠯᠠᠳᠢᠮᠢᠷ ᠤ᠋ᠨ ᠪᠦᠬᠦ ᠬᠥᠮᠦᠰ ᠳᠠᠮ ᠶᠠᠷᠢᠶ᠎ᠠ ᠰᠣᠨᠣᠰᠬᠠᠯ ᠢ᠋ᠶ᠋ᠠᠷ ᠤᠯᠠᠮᠵᠢᠯᠠᠨ ᠰᠣᠨᠣᠰᠤᠭᠰᠠᠨ ᠲᠡᠷᠡᠬᠦ ᠤᠷᠢᠳᠤ ᠦᠵᠡᠭᠳᠡᠭᠡ ᠦᠭᠡᠢ ᠤᠯᠤᠰ ᠤ᠋ᠨ ᠴᠡᠷᠢᠭ ᠦ᠋ᠳ᠂ ᠲᠡᠳᠡᠨ ᠦ᠌ ᠵᠢᠭᠲᠡᠢᠬᠡᠨ ᠵᠠᠩᠰᠢᠯ ᠪᠠ ᠬᠠᠲᠠᠭᠤ ᠰᠢᠷᠦᠭᠦᠨ ᠪᠠᠢᠳᠠᠯ ᠢ᠋ ᠬᠠᠷᠠᠵᠤ ᠦᠵᠡᠬᠦ ᠪᠡᠷ ᠬᠣᠲᠠ ᠶ᠋ᠢᠨ ᠬᠡᠷᠡᠮ ᠳᠡᠭᠡᠷ᠎ᠡ ᠶᠠᠭᠠᠷᠠᠨ ᠭᠠᠷᠴᠠᠭᠠᠪᠠ᠃
ᠬᠠᠲᠤᠨ ᠠᠭᠠᠹᠢᠶᠠ ᠲᠡᠭᠦᠨ ᠦ᠌ ᠳᠡᠷᠭᠡᠳᠡ ᠬᠠᠲᠤᠨ ᠮᠠᠷᠢᠶ᠎ᠠ ᠾᠸᠷᠢᠰᠲ᠋ᠢᠨᠠ ᠨᠠᠷ ᠰᠢᠳᠠᠷ ᠵᠠᠢᠰᠠᠩ ᠤ᠋ᠳ ᠪᠠ ᠠᠶᠠᠭᠠᠴᠢ ᠡᠬᠡᠨᠡᠷ ᠦ᠋ᠳ ᠢ᠋ ᠳᠠᠭᠠᠯᠳᠤᠭᠤᠯᠤᠨ ᠠᠯᠲᠠᠨ ᠬᠠᠭᠠᠯᠭ᠎ᠠ ᠶ᠋ᠢᠨ ᠤᠷᠢᠳᠤᠬᠢ ᠴᠠᠢᠵᠠ ᠳᠡᠭᠡᠷ᠎ᠡ ᠭᠠᠷᠴᠠᠭᠠᠯ᠎ᠠ᠃ ᠵᠠᠩᠵᠤᠨ ᠪᠠ ᠵᠠᠯᠠᠭᠤ ᠸᠠᠩ ᠸᠰᠸᠸᠣᠯᠣᠳ᠋ ᠮᠰᠲ᠋ᠢᠰᠯᠡᠸ ᠨᠠᠷ ᠲᠡᠨᠳᠡ ᠪᠠᠢᠪᠠ᠃ ᠲᠡᠳᠦᠢ ᠨᠢᠭᠡ ᠪᠠᠭ ᠴᠡᠷᠢᠭ ᠠᠯᠲᠠᠨ ᠬᠠᠭᠠᠯᠭ᠎ᠠ ᠶ᠋ᠢ ᠴᠢᠭᠯᠡᠨ ᠢᠷᠡᠭᠰᠡᠨ ᠦ᠌ ᠳᠣᠲᠣᠷ᠎ᠠ ᠤᠯᠠᠭᠠᠨ ᠰᠤᠳᠠᠯ ᠲᠠᠢ ᠭᠣᠶᠣᠮᠰᠣᠭ ᠡᠷᠢᠶᠡᠨ ᠬᠤᠪᠴᠠᠰᠤ ᠡᠮᠦᠰᠦᠭᠰᠡᠨ ᠬᠠᠭᠠᠳ ᠢᠯᠭᠠᠷᠠᠨ ᠦᠵᠡᠭᠳᠡᠬᠦ ᠪᠥᠭᠡᠳ ᠲᠡᠳᠡ ᠠᠯᠲᠠᠨ ᠬᠠᠵᠠᠭᠠᠷ ᠲᠠᠢ ᠥᠨᠳᠥᠷ ᠰᠠᠢᠬᠠᠨ ᠮᠣᠷᠢᠳ ᠢ᠋ ᠤᠨᠤᠵᠠᠢ᠃ ᠴᠡᠷᠢᠭ ᠦ᠋ᠳ ᠦ᠋ᠨ ᠵᠠᠷᠢᠮ ᠨᠢ ᠰᠠᠭᠠᠳᠠᠭ ᠲᠠᠢ᠂ ᠪᠤᠰᠤᠳ ᠨᠢ ᠰᠠᠢᠬᠠᠨ ᠬᠤᠶᠠᠭ ᠲᠠᠢ ᠠᠵᠢ᠃ ᠲᠡᠳᠡᠭᠡᠷ ᠬᠠᠭᠠᠳ ᠢ᠋ ᠤᠷᠲᠤ ᠨᠠᠷᠢᠬᠠᠨ ᠵᠢᠳᠠ ᠲᠠᠢ ᠬᠡᠳᠦᠨ ᠵᠠᠭᠤᠨ ᠮᠣᠷᠢᠲᠤ ᠴᠡᠷᠢᠭ ᠦ᠋ᠳ ᠳᠠᠭᠠᠯᠳᠤᠨ ᠶᠠᠪᠤᠨ᠎ᠠ᠃
ᠺᠢᠫᠴᠠᠺ ᠤᠭᠰᠠᠭᠠᠨ ᠤ᠋ ᠪᠣᠯᠤᠯᠲᠠᠢ᠂ ᠴᠣᠬᠣᠷ ᠮᠣᠷᠢ ᠤᠨᠤᠭᠰᠠᠨ ᠬᠡᠯᠡᠮᠦᠷᠴᠢ ᠬᠥᠮᠦᠨ ᠬᠠᠭᠠᠯᠭᠠᠨ ᠳ᠋ᠤ᠌ ᠣᠢᠷᠠᠲᠤᠨ ᠢᠷᠡᠭᠡᠳ ᠬᠡᠷᠡᠮ ᠳᠡᠭᠡᠷ᠎ᠡ ᠵᠣᠭᠰᠣᠭᠴᠢᠳ ᠤ᠋ᠨ ᠵᠦᠭ ᠬᠠᠨᠳᠤᠵᠤ᠂
— ᠪᠤᠤ ᠬᠠᠷᠪᠤᠭᠲᠤᠨ᠂ ᠰᠣᠨᠣᠰᠤᠭᠲᠤᠨ! ᠶᠡᠬᠡ ᠵᠠᠩᠵᠤᠨ ᠪᠠᠲᠤ ᠬᠠᠭᠠᠨ ᠥᠪᠡᠷ ᠦ᠋ᠨ ᠢᠯᠠᠭᠳᠠᠰᠢ ᠦᠭᠡᠢ ᠬᠦᠴᠦᠷᠬᠡᠭ ᠴᠡᠷᠢᠭ ᠦ᠋ᠨ ᠬᠠᠮᠲᠤ ᠡᠨᠳᠡ ᠢᠷᠡᠯ᠎ᠡ᠃ ᠶᠡᠬᠡ ᠸᠠᠩ ᠨᠣᠶᠠᠨ ᠭᠸᠣᠷᠬᠢ ᠨᠠᠷ ᠲᠡᠭᠦᠨ ᠦ᠌ ᠨᠤᠲᠤᠭ ᠲᠤ᠌ ᠶᠡᠬᠡ ᠬᠠᠭᠠᠨ ᠤ᠋ ᠬᠦᠷᠦᠯᠴᠡᠨ ᠢᠷᠡᠭᠰᠡᠨ ᠢ᠋ ᠮᠡᠳᠡᠭᠰᠡᠨ ᠤᠤ? ᠶᠡᠬᠡ ᠬᠠᠭᠠᠨ ᠳ᠋ᠤ᠌ ᠮᠥᠷᠭᠥᠬᠦ ᠪᠡᠷ ᠲᠠᠨ ᠤ᠋ ᠸᠠᠩ ᠣᠳᠣ ᠪᠣᠯᠲᠠᠯ᠎ᠠ ᠢᠷᠡᠭᠰᠡᠨ ᠦᠭᠡᠢ ᠤᠴᠢᠷ ᠶᠠᠭᠤ ᠪᠣᠢ? ᠲᠡᠷᠡ ᠪᠡᠯᠡᠭ ᠡᠰᠡ ᠥᠭᠭᠦᠨ ᠦᠨᠡᠨᠴᠢ ᠲᠠᠩᠭᠠᠷᠢᠭ ᠢ᠋ᠶ᠋ᠠᠨ ᠡᠰᠡ ᠥᠭᠭᠦᠨ ᠬᠣᠲᠠ ᠶ᠋ᠢᠨ ᠬᠠᠭᠠᠯᠭ᠎ᠠ ᠨᠡᠭᠡᠭᠡᠬᠦ ᠦᠭᠡᠢ ᠪᠠᠢᠳᠠᠭ ᠤᠴᠢᠷ ᠶᠠᠭᠤ ᠪᠣᠢ?ᠲᠠᠨ ᠤ᠋ ᠸᠠᠩ ᠬᠠᠮᠢᠭ᠎ᠠ ᠨᠢᠭᠤᠭᠳᠠᠨ ᠪᠣᠢ? ᠲᠡᠭᠦᠨ ᠢ᠋ ᠨᠠᠰᠢ ᠪᠠᠨ ᠠᠪᠴᠢᠷᠠᠭᠲᠤᠨ᠂ ᠪᠢᠳᠡ ᠲᠡᠭᠦᠨ ᠲᠡᠢ ᠶᠠᠷᠢᠯᠴᠠᠨ᠎ᠠ ᠭᠡᠪᠡ᠃ ᠬᠡᠷᠡᠮ ᠳᠡᠭᠡᠷ᠎ᠡ ᠵᠣᠭᠰᠣᠵᠤ ᠪᠠᠢᠭᠰᠠᠨ ᠵᠠᠢᠰᠠᠩ ᠤ᠋ᠳ ᠬᠣᠭᠣᠷᠣᠨᠳᠣ ᠪᠠᠨ ᠴᠢᠮᠡᠭᠡ ᠦᠭᠡᠢ ᠶᠠᠷᠢᠯᠴᠠᠨ᠎ᠠ᠃
ᠶᠡᠬᠡ ᠵᠠᠩᠵᠤᠨ ᠪᠡᠷᠬᠡ ᠴᠠᠭ ᠪᠣᠯᠵᠤ ᠳ᠋ᠠ ᠭᠡᠵᠦ ᠬᠡᠯᠡᠬᠦ ᠲᠡᠢ ᠬᠠᠮᠲᠤ ᠸᠯᠠᠳᠢᠮᠢᠷ ᠤ᠋ᠨ ᠬᠢᠨ ᠬᠥᠮᠦᠨ ᠲᠣᠰᠪᠣᠷᠢ ᠨᠢᠭᠡ ᠬᠠᠷᠪᠤᠴᠢᠬᠠᠪᠠ᠃ ᠲᠠᠲ᠋ᠠᠷ ᠤ᠋ᠨ ᠰᠢᠷᠬᠠᠲᠤᠭᠰᠠᠨ ᠮᠣᠷᠢ ᠳᠣᠣᠷ᠎ᠠ ᠪᠠᠨ ᠡᠷᠭᠢᠬᠦ ᠨᠢ ᠦᠵᠡᠭᠳᠡᠨ᠎ᠡ᠃ ᠲᠠᠲ᠋ᠠᠷ ᠤ᠋ᠳ ᠬᠡᠷᠡᠮ ᠤᠷᠤᠭᠤ ᠬᠡᠳᠦᠨ ᠠᠷᠪᠠᠨ ᠰᠤᠮᠤ ᠲᠠᠯᠪᠢᠵᠤ ᠬᠠᠷᠢᠭᠤᠯᠪᠠ᠃ ᠬᠡᠷᠡᠮ ᠳᠡᠭᠡᠷ᠎ᠡ ᠡᠴᠡ ᠨᠢᠭᠡ ᠬᠥᠮᠦᠨ ᠣᠷᠢᠯᠠᠬᠤ ᠨᠢ ᠰᠣᠨᠣᠰᠳᠠᠵᠤ ᠪᠠᠢᠪᠠ᠃
ᠲᠠᠲ᠋ᠠᠷ ᠤ᠋ᠳ ᠤ᠋ᠨ ᠬᠡᠯᠡᠮᠦᠷᠴᠢ ᠦᠷᠭᠦᠯᠵᠢᠯᠡᠨ᠂
— ᠪᠣᠢ ᠬᠠᠷᠪᠤᠭᠲᠤᠨ᠂ ᠨᠠᠰᠢ ᠪᠠᠨ ᠬᠠᠷᠠᠵᠠᠭᠠᠭᠲᠤᠨ᠃ ᠲᠠᠨ ᠤ᠋ ᠡᠮᠦᠨ᠎ᠡ ᠬᠡᠨ ᠢᠷᠡᠭᠡᠳ ᠪᠠᠢᠭ᠎ᠠ ᠶ᠋ᠢ ᠮᠡᠳᠡᠵᠦ ᠪᠠᠢᠨ᠎ᠠ ᠤᠤ? ᠬᠣᠶᠠᠷ ᠮᠣᠷᠢᠲᠠᠢ ᠴᠡᠷᠢᠭ᠂ ᠥᠨᠳᠥᠷ ᠪᠡᠶ᠎ᠡ ᠲᠡᠢ ᠲᠤᠷᠠᠩᠬᠠᠢ ᠵᠠᠯᠠᠭᠤ ᠶ᠋ᠢ ᠤᠷᠭᠠᠯᠠᠨ ᠴᠢᠷᠴᠦ ᠶᠠᠪᠤᠪᠠ᠃ ᠲᠡᠷᠡ ᠬᠣᠢᠰᠢ ᠦᠯᠦ ᠤᠯᠠᠯᠠᠬᠤ ᠮᠥᠷᠲᠡᠭᠡᠨ ᠪᠡᠶ᠎ᠡ ᠨᠢ ᠰᠤᠯᠠᠷᠠᠵᠤ ᠮᠣᠳᠣᠨ ᠬᠥᠯ ᠲᠡᠢ ᠶᠤᠮ ᠰᠢᠭ᠌ ᠬᠥᠯ ᠨᠢ ᠰᠠᠯᠭᠠᠨᠠᠨ ᠶᠠᠪᠤᠨ᠎ᠠ᠃ ᠲᠡᠭᠦᠨ ᠦ᠌ ᠬᠦᠵᠦᠭᠦᠦ ᠪᠡᠷ ᠨᠢ ᠣᠯᠣᠰᠣ ᠪᠠᠷ ᠣᠭᠣᠰᠣᠷᠯᠠᠨ ᠴᠡᠷᠢᠭ ᠦ᠋ᠳ ᠬᠥᠲᠥᠯᠵᠦ ᠶᠠᠪᠤᠪᠠ᠃ ᠠᠮᠢᠲᠠᠨ ᠬᠥᠮᠦᠰ ᠵᠠᠷᠢᠮ ᠳ᠋ᠠᠭᠠᠨ ᠠᠶᠤᠯᠲᠠᠢ ᠵᠡᠷᠯᠢᠭ ᠠᠷᠢᠶᠠᠲᠠᠨ ᠢ᠋ ᠪᠠᠷᠢᠭᠠᠳ ᠥᠪᠡᠷᠰᠡᠳ ᠲᠡᠭᠡᠨ ᠬᠠᠯᠳᠠᠭᠠᠬᠤ ᠦᠭᠡᠢ ᠶ᠋ᠢᠨ ᠲᠤᠯᠠᠳᠠ ᠲᠡᠢᠨᠬᠦ ᠣᠯᠣᠰᠣ ᠪᠠᠷ ᠵᠦᠭ ᠪᠦᠬᠦᠨ ᠡᠴᠡ ᠨᠢ ᠲᠡᠳᠡᠨ ᠬᠥᠲᠥᠯᠵᠦ ᠶᠠᠪᠤᠳᠠᠭ ᠪᠢᠯᠡ᠃ ᠬᠡᠷᠡᠮ ᠦ᠋ᠨ ᠵᠦᠭ ᠡᠴᠡ ᠪᠠᠴᠢᠮᠳᠠᠭᠰᠠᠨ ᠳᠠᠭᠤᠨ ᠭᠠᠷᠪᠠ᠃ ᠡᠨᠡ ᠨᠢ ᠮᠣᠰᠺᠸᠠ ᠶ᠋ᠢ ᠬᠠᠮᠠᠭᠠᠯᠠᠬᠤ ᠪᠠᠷ ᠮᠣᠷᠳᠠᠭᠰᠠᠨ ᠥᠪᠡᠷ ᠦ᠋ᠨ ᠬᠥᠪᠡᠭᠦᠨ ᠸᠠᠩ ᠸᠯᠠᠳᠢᠮᠢᠷ ᠣᠯᠵᠠᠯᠠᠭᠳᠠᠭᠰᠠᠨ ᠢ᠋ ᠲᠠᠨᠢᠭᠠᠳ ᠬᠠᠲᠤᠨ ᠠᠭᠠᠹᠢᠶᠠ ᠲᠡᠢᠨᠬᠦ ᠬᠠᠰᠬᠢᠷᠴᠠᠢ᠃ ᠲᠡᠷᠡ ᠬᠦᠦ ᠶ᠋ᠢ ᠡᠪᠦᠯ ᠦ᠋ᠨ ᠬᠦᠢᠲᠡᠨ ᠴᠠᠭ ᠲᠸ᠋ ᠵᠥᠪᠬᠡᠨ ᠳᠠᠩ ᠥᠮᠥᠳᠥ ᠴᠠᠮᠴᠠ ᠲᠠᠢ᠂ ᠭᠤᠲᠤᠯ ᠤ᠋ᠨ ᠣᠷᠣᠨ ᠳ᠋ᠤ᠌ ᠬᠥᠯ ᠢ᠋ᠶ᠋ᠡᠨ ᠳᠠᠪᠤᠤ ᠪᠠᠷ ᠣᠷᠢᠶᠠᠭᠠᠳ ᠬᠥᠲᠥᠯᠦᠭᠳᠡᠨ ᠶᠠᠪᠤᠬᠤ ᠶ᠋ᠢ ᠬᠠᠲᠤᠨ ᠤ᠋( ᠲᠠᠢ) ᠵᠡᠷᠭᠡᠴᠡᠨ ᠵᠣᠭᠰᠣᠵᠤ ᠪᠠᠢᠭᠰᠠᠨ ᠪᠦᠰᠡᠭᠦᠢᠴᠦᠳ ᠦᠵᠡᠭᠡᠳ ᠤᠬᠢᠯᠠᠨ ᠪᠠᠷᠬᠢᠷᠠᠯᠳᠤᠨᠠ᠃
— ᠮᠢᠨᠦ ᠬᠦᠦ ᠸᠯᠡᠳᠢᠮᠢᠷ ᠠ᠋ ᠭᠡᠵᠦ ᠬᠠᠲᠤᠨ ᠨᠢᠯᠪᠤᠰᠤ ᠪᠠᠨ ᠴᠤᠪᠤᠷᠠᠭᠤᠯᠤᠨ ᠴᠢᠷᠠᠯᠠᠨᠠ᠃
— ᠲᠡᠳᠡ ᠴᠢᠮᠠᠶ᠋ᠢ ᠶᠠᠭᠠᠬᠢᠪᠠ?
— ᠡᠵᠢ ᠮᠢᠨᠢ ᠪᠤᠤ ᠤᠬᠢᠯᠠᠭᠲᠤᠨ᠂ ᠲᠥᠷᠥᠯᠬᠢ ᠬᠣᠲᠠ ᠶ᠋ᠢᠨ ᠢ᠋ᠶ᠋ᠡᠨ ᠲᠥᠯᠥᠭᠡ ᠬᠠᠲᠠᠭᠤ ᠲᠡᠮᠡᠴᠡᠭᠲᠦᠨ᠂ ᠶᠠᠭᠤᠨ ( ᠠ᠋ᠴᠠ ) ᠴᠤ᠌ ᠪᠤᠤ ᠠᠶᠤᠭᠲᠤᠨ᠂ ᠡᠳᠡᠨ ᠢ᠋ ᠴᠣᠬᠢᠭᠲᠤᠨ᠃ ᠡᠳᠡ ᠮᠠᠨ ᠤ᠋ ᠨᠤᠲᠤᠭ ᠳᠡᠭᠡᠷ᠎ᠡ ᠤᠳᠠᠭᠠᠨ ᠪᠠᠢᠬᠤ ᠦᠭᠡᠢ ᠵᠡᠷᠯᠢᠭ ᠲᠠᠯ᠎ᠠ ᠳ᠋ᠠᠭᠠᠨ ᠳᠠᠷᠤᠢ ᠪᠤᠴᠠᠨ᠎ᠠ ᠰᠢᠦ᠃ ᠡᠳᠡ ᠨᠠᠮᠠᠶ᠋ᠢ ᠲᠡᠮᠦᠯᠡᠨ ᠵᠣᠪᠠᠭᠠᠭᠰᠠᠨ ᠪᠣᠯᠪᠠᠴᠤ ᠮᠣᠬᠣᠭᠠᠵᠤ ᠴᠢᠳᠠᠬᠤ ᠦᠭᠡᠢ᠃ ᠡᠳᠡ ᠪᠢᠳᠡᠨ ᠳᠡᠭᠡᠷ᠎ᠡ ᠭᠠᠷᠴᠤ ᠴᠢᠳᠠᠬᠤ ᠦᠭᠡᠢ᠃ ᠰᠠᠢᠨ ᠲᠡᠮᠡᠴᠡᠭᠲᠦᠨ᠃ ᠳᠠᠢᠰᠤᠨ ᠢ᠋ ᠴᠣᠬᠢᠭᠲᠤᠨ ᠭᠡᠵᠦ ᠬᠦᠦ ᠸᠯᠡᠳᠢᠮᠢᠷ ᠬᠡᠷᠡᠮ ᠦ᠋ᠨ ᠳᠣᠣᠷ᠎ᠠ ᠠ᠋ᠴᠠ ᠬᠠᠰᠬᠢᠷᠤᠨ᠎ᠠ᠃
ᠸᠯᠠᠳᠢᠮᠢᠷ ᠢ᠋ ᠠᠪᠴᠤ ᠶᠠᠪᠤᠭ᠎ᠠ ᠬᠥᠮᠦᠰ ᠲᠡᠭᠦᠨ ᠢ᠋ ᠲᠠᠰᠢᠭᠤᠷᠳᠠᠨ᠂ ᠵᠠᠪᠰᠠᠷ ᠠ᠋ᠴᠠ ᠬᠡᠯᠡᠮᠦᠷᠴᠢ᠄
— ᠳᠤᠭᠤᠢ ᠪᠠᠢᠭᠲᠤᠨ᠂ ᠲᠡᠷᠰᠯᠡᠭᠦᠦ ᠵᠠᠩᠲᠤ ᠸᠯᠠᠳ᠋ᠢᠮᠢᠷ ᠤ᠋ᠨ ᠬᠢᠨ ᠰᠣᠨᠣᠰᠤᠭᠲᠤᠨ᠂ ᠲᠠᠨᠠᠷ ᠤ᠋ᠨ ᠨᠢᠳᠦᠨ ᠤ᠋ ᠡᠮᠦᠨ᠎ᠡ ᠪᠠᠷᠳᠠᠮ ᠲᠡᠨᠡᠭ ᠵᠠᠯᠠᠭᠤ ᠸᠠᠩ ᠸᠯᠡᠳᠢᠮᠢᠷ ᠪᠠᠢᠨ᠎ᠠ᠃ ᠡᠨᠡ ᠵᠣᠪᠠᠯᠠᠩ ᠢ᠋ ᠥᠪᠡᠷ ᠢ᠋ᠶ᠋ᠡᠨ ᠥᠪᠡᠷᠲᠡᠭᠡᠨ ᠪᠡᠯᠡᠳᠬᠡᠵᠡᠢ᠃ ᠡᠨᠡ ᠪᠣᠯ ᠶᠡᠬᠡ ᠵᠠᠩᠵᠤᠨ ᠳ᠋ᠤ᠌ ᠳᠠᠭᠠᠵᠤ ᠣᠷᠣᠬᠤ ᠳᠤᠷ᠎ᠠ ᠦᠭᠡᠢ ᠡᠴᠡ ᠡᠢᠮᠦ ᠵᠣᠪᠠᠯᠠᠩ ᠢ᠋ ᠠᠮᠰᠠᠪᠠ᠃ ᠬᠠᠭᠠᠨ ᠪᠠᠲᠤ ᠶ᠋ᠢᠨ ᠲᠤᠰᠢᠶᠠᠯ ᠢ᠋ ᠠᠶᠤᠮᠰᠢᠭ ᠦᠭᠡᠢ ᠵᠥᠷᠢᠴᠡᠴᠢᠬᠡᠪᠡᠯ ᠡᠢᠮᠦ ᠪᠣᠯᠤᠨ᠎ᠠ᠃ ᠷᠶᠠᠽᠠᠨ ᠫᠷᠤᠡᠰᠺ ᠢᠵᠸᠰᠯᠡᠸᠯᠢ ᠮᠦᠱᠺᠡᠷ ᠪᠣᠯᠤᠨ ᠪᠠᠰᠠ ᠪᠤᠰᠤ ᠶᠡᠷᠡᠨ ᠶᠢᠰᠦᠨ ᠬᠣᠲᠠ ᠶ᠋ᠢ ᠡᠵᠡᠯᠡᠨ ᠠᠪᠴᠤ ᠦᠨᠡᠰᠦ ᠪᠣᠯᠭᠠᠪᠠ᠃ ᠵᠠᠬᠢᠷᠤᠭᠳᠠᠬᠤ ᠦᠭᠡᠢ ᠭᠡᠬᠦ ᠪᠣᠯᠭᠠᠨ ᠢ᠋ ᠬᠦᠢᠰᠦ ᠲᠡᠮᠲᠡᠷᠢᠨ ᠤᠰᠠᠳᠬᠠᠬᠤ ᠪᠤᠶᠤ ᠣᠯᠵᠠᠯᠠᠨ ᠠᠪᠤᠪᠠ᠃ ᠸᠠᠩ ᠸᠯᠠᠳᠢᠮᠢᠷ ᠲᠠᠨᠠᠷ ᠤ᠋ᠨ ᠡᠮᠦᠨ᠎ᠡ ᠡᠨᠳᠡ ᠪᠠᠢᠨ᠎ᠠ᠃ ᠲᠡᠭᠦᠨ ᠢ᠋ ᠪᠢᠳᠡ ᠬᠥᠮᠦᠨ ᠳ᠋ᠦ᠍ ᠦᠵᠡᠭᠦᠯᠬᠦ ᠪᠡᠷ ᠣᠯᠣᠰᠣ ᠪᠠᠷ ᠣᠭᠣᠰᠣᠷᠯᠠᠨ ᠪᠠᠭᠠᠪᠠᠭᠠᠢ ᠰᠢᠭ᠋ ᠬᠥᠲᠥᠯᠵᠦ ᠶᠠᠪᠤᠨ᠎ᠠ᠃ ᠲᠠᠨᠠᠷ ᠪᠠᠰᠠ ᠡᠢᠮᠦ ᠪᠣᠯᠬᠤ ᠶ᠋ᠢ ᠬᠦᠰᠡᠵᠦ ᠪᠠᠢᠨ᠎ᠠ ᠤᠤ? ᠬᠣᠲᠠ ᠶ᠋ᠢᠨ ᠬᠠᠭᠠᠯᠭ᠎ᠠ ᠶ᠋ᠢᠨ ᠲᠦᠯᠬᠢᠭᠦᠷ ᠢ᠋ ᠥᠭᠭᠦᠭᠲᠦᠨ᠃ ᠮᠠᠨ ᠤ᠋ ᠶᠡᠬᠡ ᠪᠠᠲᠤ ᠬᠠᠭᠠᠨ ᠤ᠋ ᠵᠠᠬᠢᠷᠭᠠᠨ ᠳ᠋ᠤ᠌ ᠲᠠᠨᠠᠷ ᠠᠮᠤᠷ ᠰᠠᠢᠬᠠᠨ ᠢ᠋ᠶ᠋ᠠᠷ ᠰᠠᠭᠤᠵᠠᠭᠠᠬᠤ ᠪᠣᠯᠤᠨ᠎ᠠ᠁ ᠭᠡᠪᠡ᠃
— ᠡᠭᠦᠨ ᠤ᠋ ᠦᠭᠡ ᠶ᠋ᠢ ᠪᠤᠤ ᠰᠣᠨᠣᠰᠤᠭᠲᠤᠨ᠂ ᠡᠳᠡᠨ ᠢ᠋ ᠪᠤᠲᠠ ᠴᠣᠬᠢᠨ ᠡᠭᠡᠭᠦᠯᠦᠭᠲᠦᠨ᠃ ᠲᠠᠲ᠋ᠠᠷ ᠤ᠋ᠳ ᠶᠡᠷᠦ ᠦᠷᠦ ᠡᠪᠡᠳᠬᠦ ᠦᠭᠡᠢ᠂ ᠲᠠ ᠨᠠᠷ ᠪᠠᠭᠤᠵᠤ ᠥᠭᠭᠦᠭᠰᠡᠨ ᠴᠦ᠍ ᠠᠳᠠᠯᠢ ᠠᠯᠠᠨ᠎ᠠ᠃ ᠴᠢᠰᠤ ᠨᠤᠭᠤᠳ ᠴᠢᠨᠢ ᠬᠤᠳᠠᠯ ᠬᠡᠯᠡᠵᠦ ᠪᠠᠢᠭ᠎ᠠ ᠶᠤᠮ ᠭᠡᠵᠦ ᠸᠯᠠᠳᠢᠮᠢᠷ ᠬᠠᠰᠬᠢᠷᠤᠨ᠎ᠠ᠃
— ᠦᠬᠦᠭᠰᠡᠨ ᠴᠦ᠍ ᠦᠯᠦ ᠪᠠᠭᠤᠨ᠎ᠠ ᠭᠡᠵᠦ ᠬᠡᠷᠡᠮ ᠳᠡᠭᠡᠷ᠎ᠡ ᠡᠴᠡ ᠬᠠᠷᠢᠭᠤᠯᠵᠤ ᠪᠠᠢᠪᠠ᠃
ᠸᠠᠩ ᠸᠰᠸᠸᠤᠯᠤᠳ᠋ ᠮᠰᠲ᠋ᠢᠰᠯᠠᠸ ᠬᠣᠶᠠᠷ ᠪᠠ ᠬᠡᠷᠡᠮ ᠦ᠋ᠨ ᠳᠡᠭᠡᠷ᠎ᠡ ᠪᠠᠢᠭᠰᠠᠨ ᠬᠡᠰᠡᠭ ᠬᠥᠮᠦᠰ ᠲᠡᠭᠦᠨ ᠢ᠋ ᠵᠠᠯᠭᠠᠵᠤ᠂
— ᠥᠭᠭᠦᠭᠰᠡᠨ ᠴᠦ᠍ ᠪᠠᠭᠤᠵᠤ ᠦᠯᠦ ᠥᠭᠭᠦᠨ᠎ᠡ᠂ ᠥᠪᠡᠷᠰᠡᠳ ᠢ᠋ᠶ᠋ᠡᠨ ᠲᠠᠯ᠎ᠠ ᠭᠠᠵᠠᠷ ᠲᠠᠭᠠᠨ ᠲᠣᠨᠢᠯᠤᠭᠲᠤᠨ᠃ ᠣᠷᠣᠰ ᠤ᠋ᠨ ᠨᠤᠲᠤᠭ ᠳᠡᠭᠡᠷ᠎ᠡ ᠲᠠᠨᠠᠷ ᠤ᠋ᠨ ᠭᠡᠬᠦ ᠶᠠᠭᠤ ᠴᠤ᠌ ᠪᠠᠢᠬᠤ ᠦᠭᠡᠢ ᠭᠡᠵᠦ ᠪᠠᠷᠬᠢᠷᠠᠪᠠ᠃
ᠲᠠᠲ᠋ᠠᠷ ᠤ᠋ᠳ ᠴᠥᠮ ᠭᠡᠳᠡᠷᠭᠦ ᠡᠷᠭᠢᠨ ᠶᠠᠪᠤᠪᠠ᠃ ᠸᠯᠡᠳᠢᠮᠢᠷ ᠢ᠋ ᠬᠠᠷᠠᠭᠠᠯᠵᠠᠨ ᠶᠠᠪᠤᠭᠰᠠᠨ ᠬᠣᠶᠠᠷ ᠴᠡᠷᠢᠭ ᠲᠡᠭᠦᠨ ᠢ᠋ ᠬᠥᠯ ᠡᠴᠡ ᠨᠢ ᠲᠠᠲᠠᠵᠤ ᠤᠨᠠᠭᠠᠭᠠᠳ ᠦᠬᠦᠭᠰᠡᠨ ᠬᠥᠮᠦᠨ ᠰᠢᠭ ᠴᠠᠰᠤᠨ ᠳᠡᠭᠡᠭᠦᠷ ᠴᠢᠷᠴᠦ ᠶᠠᠪᠤᠪᠠ᠃
ᠮᠥᠨ ᠡᠳᠦᠷ ᠲᠠᠲ᠋ᠠᠷ ᠤ᠋ᠳ ᠠᠯᠲᠠᠨ ᠬᠠᠭᠠᠯᠭᠠᠨ ᠤ᠋ ᠡᠮᠦᠨᠡᠬᠢ ᠲᠣᠯᠣᠭᠠᠢ ᠳᠡᠭᠡᠷ᠎ᠡ ᠰᠢᠷ᠎ᠠ ᠠᠰᠠᠷ ᠰᠢᠭᠠᠵᠤ ᠲᠡᠭᠦᠨ ᠦ᠌ ᠬᠣᠶᠠᠷ ᠲᠠᠯ᠎ᠠ ᠪᠠᠷ ᠮᠠᠯᠠᠭᠠᠢ ᠰᠢᠭ᠋ ᠲᠣᠭᠣᠷᠢᠭ ᠬᠠᠷ᠎ᠠ ᠴᠠᠭᠠᠨ ᠢᠰᠡᠭᠡᠢ ᠭᠡᠷ ᠠᠷᠪᠠᠭᠠᠳ ᠢ᠋ ᠪᠠᠷᠢᠵᠤ ᠲᠡᠭᠦᠨ ᠦ᠌ ᠡᠷᠭᠢᠨ ᠲᠣᠭᠣᠷᠢᠨ ᠳ᠋ᠤ᠌ ᠣᠯᠠᠨ ᠲᠣᠭᠠᠨ ᠤ᠋ ᠭᠠᠯ ᠤ᠋ᠨ ᠤᠲᠤᠭ᠎ᠠ ᠮᠠᠨᠠᠷᠠᠵᠤ ᠪᠠᠢᠪᠠ᠃
ᠸᠯᠡᠳᠢᠮᠢᠷ ᠬᠣᠲᠠᠨ᠎ᠠ ᠰᠠᠭᠤᠭᠴᠢᠳ ᠲᠠᠲ᠋ᠠᠷ ᠤ᠋ᠳ ᠤ᠋ᠨ ᠬᠥᠳᠡᠯᠵᠦ ᠶᠠᠪᠤᠬᠤ ᠶ᠋ᠢ ᠴᠠᠢᠵᠠᠨ ᠤ᠋ ᠬᠡᠷᠡᠮ ᠦ᠋ᠨ ᠳᠡᠭᠡᠷ᠎ᠡ ᠡᠴᠡ ᠠᠵᠢᠭᠯᠠᠨ ᠬᠠᠷᠠᠭᠰᠠᠭᠠᠷ ᠪᠠᠢᠨ᠎ᠠ᠃ ᠲᠠᠲ᠋ᠠᠷ ᠤ᠋ᠳ ᠲᠤ᠌ ᠪᠠᠭᠤᠵᠤ ᠥᠭᠬᠦ ᠳᠠᠭᠠᠷ᠎ᠠ ᠣᠷᠣᠬᠤ ᠲᠤᠬᠠᠢ ᠬᠡᠨ ᠴᠦ᠍ ᠶᠠᠭᠤ ᠴᠤ᠌ ᠣᠭᠲᠣ ᠶᠠᠷᠢᠯᠴᠠᠬᠤ ᠦᠭᠡᠢ ᠪᠠᠢᠪᠠ᠃ ᠲᠠᠲ᠋ᠠᠷ ᠤ᠋ᠳ ᠲᠤ᠌ ᠪᠠᠷᠢᠬᠳᠠᠭᠴᠢᠳ ᠬᠡᠷᠬᠢᠨ ᠲᠠᠷᠴᠢᠯᠠᠳᠠᠭ ᠢ᠋ ᠴᠥᠮ ᠮᠡᠳᠡᠪᠡ᠃ ᠲᠠᠲ᠋ᠠᠷ ᠤ᠋ᠳ ᠢ᠋ ᠬᠣᠲᠠ ᠳ᠋ᠤ᠌ ᠣᠷᠣᠭᠤᠯᠪᠠᠯ ᠬᠥᠮᠦᠨ ᠢ᠋ ᠥᠷᠥᠰᠢᠶᠡᠯ ᠦᠭᠡᠢ ᠠᠯᠠᠳᠠᠭ ᠢ᠋ ᠮᠡᠳᠡᠨ᠎ᠡ᠃ ᠪᠠᠰᠠ ᠤᠪ ᠮᠡᠬᠡ ᠪᠡᠷ ᠬᠣᠲᠠᠨ᠎ᠠ ᠨᠡᠪᠲᠡᠷᠡᠨ ᠣᠷᠣᠳᠠᠭ ᠢ᠋ ᠴᠥᠮ ᠰᠣᠨᠣᠰᠤᠭᠰᠠᠨ ᠠᠵᠢ᠃
ᠸᠠᠩ ᠸᠰᠸᠸᠤᠯᠤᠳ᠋᠂ ᠮᠰᠲ᠋ᠶ᠋ᠰᠯᠡᠸ ᠬᠣᠶᠠᠷ ᠲᠠᠲ᠋ᠠᠷ ᠤ᠋ᠳ ᠲᠠᠢ ᠪᠠᠢᠯᠳᠤᠬᠤ ᠪᠠᠷ ᠥᠪᠡᠷᠰᠡᠳ ᠦ᠋ᠨ ᠴᠡᠷᠢᠭ ᠢ᠋ ᠠᠪᠴᠤ ᠬᠣᠲᠠ ᠶ᠋ᠢᠨ ᠬᠠᠭᠠᠯᠭᠠᠨ ᠠ᠋ᠴᠠ ᠭᠠᠳᠠᠭᠰᠢ ᠭᠠᠷᠬᠤ ᠶ᠋ᠢ ᠬᠦᠰᠡᠨ᠎ᠡ᠃
— ᠦᠬᠦᠵᠡᠭᠡᠶᠡ᠂ ᠲᠠᠯ᠎ᠠ ᠭᠠᠵᠠᠷ ᠭᠠᠷᠴᠤ ᠨᠡᠷ᠎ᠡ ᠲᠡᠢ ᠲᠥᠷᠥ ᠲᠡᠢ ᠪᠡᠷ ᠦᠬᠦᠵᠡᠭᠡᠶᠡ! ᠭᠡᠨ᠎ᠡ᠃
ᠡᠪᠦᠭᠡᠨ ᠵᠠᠩᠵᠤᠨ ᠫᠸᠲ᠋ᠷ ᠤᠰᠯᠶᠡᠳᠥ᠋ᠺᠦᠸᠢᠴ ᠲᠡᠳᠡᠨ ᠳ᠋ᠦ᠍ ᠵᠥᠪᠰᠢᠶᠡᠷᠡᠯ ᠢ᠋ ᠡᠰᠡ ᠥᠭᠭᠦᠯ᠎ᠡ᠃
— ᠪᠢᠳᠡ ᠦᠬᠦᠵᠡᠭᠡᠵᠦ ᠪᠣᠯᠬᠤ ᠪᠥᠭᠡᠳ ᠬᠠᠷᠢᠨ ᠲᠡᠭᠦᠨ ᠦ᠌ ᠪᠡᠨ ᠡᠮᠦᠨ᠎ᠡ ᠨᠡᠯᠢᠶᠡᠳ ᠣᠯᠠᠨ ᠲᠠᠲ᠋ᠠᠷ ᠤ᠋ᠳ ᠢ᠋ ᠠᠷᠢᠯᠭᠠᠵᠤ ᠴᠢᠳᠠᠨ᠎ᠠ ᠰᠢᠦ᠂ ᠭᠡᠪᠡᠴᠦ ᠬᠦᠯᠢᠶᠡᠬᠦ ᠨᠢ ᠵᠥᠪ᠃ ᠮᠠᠨ ᠤ᠋ ᠨᠣᠶᠠᠨ ᠶᠡᠬᠡ ᠸᠠᠩ ᠭᠸᠤᠷᠬᠢ ᠸᠰᠸᠸᠤᠯᠤᠳ᠋ ᠵᠦᠭᠡᠷ ᠰᠠᠭᠤᠭ᠎ᠠ ᠦᠭᠡᠢ᠃ ᠲᠡᠷᠡ ᠶᠡᠬᠡ ᠴᠡᠷᠢᠭ ᠢ᠋ ᠬᠤᠷᠠᠯᠳᠤᠭᠤᠯᠤᠭᠠᠳ ᠪᠢᠳᠡᠨ ᠳ᠋ᠦ᠍ ᠲᠤᠰᠠᠯᠠᠬᠤ ᠪᠠᠷ ᠨᠡᠰᠢ ᠢᠷᠡᠵᠦ᠂ ᠮᠠᠨ ᠤ᠋ ᠨᠤᠲᠤᠭ ᠪᠠ ᠨᠡᠢᠰᠯᠡᠯ ᠬᠣᠲᠠ ᠶ᠋ᠢ ᠠᠪᠤᠷᠠᠨ᠎ᠠ᠃
ᠲᠠᠲ᠋ᠠᠷ ᠤ᠋ᠳ ᠢ᠋ ᠳᠣᠪᠲᠣᠯᠭᠠᠨ ᠳ᠋ᠤ᠌ ᠪᠡᠯᠡᠳᠬᠡᠵᠦ ᠪᠠᠢᠬᠤ ᠶ᠋ᠢᠨ ᠦᠶᠡᠰ ᠲᠡᠳᠡᠨ ᠦ᠌ ᠲᠣᠮᠣᠬᠠᠨ ᠤᠲ᠋ᠷᠢᠶᠠᠳ᠋ ᠲᠤᠰᠠᠭᠠᠷᠯᠠᠨ ᠰᠦᠽᠳᠠᠯᠢ ᠶ᠋ᠢᠨ ᠵᠦᠭ ᠴᠢᠭᠯᠡᠨ ᠣᠳᠴᠠᠢ᠃
ᠬᠣᠲᠠ ᠶ᠋ᠢ ᠬᠣᠶᠠᠷ ᠡᠳᠦᠷ ᠬᠠᠮᠠᠭᠠᠯᠠᠵᠤ ᠴᠢᠳᠠᠭᠠᠳ ᠭᠤᠷᠪᠠᠳᠠᠬᠢ ᠡᠳᠦᠷ ᠲᠠᠲ᠋ᠠᠷ ᠤ᠋ᠳ ᠰᠦᠽᠳᠠᠯᠢ ᠶ᠋ᠢ ᠰᠦᠢᠳᠬᠡᠨ ᠣᠷᠣᠵᠤ ᠲᠡᠭᠦᠨ ᠢ᠋ ᠳᠡᠭᠡᠷᠡᠮᠯᠡᠨ᠂ ᠸᠠᠩ ᠤ᠋ᠨ ᠣᠷᠳᠣᠨ ᠪᠠ ᠳ᠋ᠮᠢᠲ᠋ᠷᠢᠸᠰᠺᠢ ᠶ᠋ᠢᠨ ᠰᠦᠮ᠎ᠡ ᠶ᠋ᠢ ᠰᠢᠲᠠᠭᠠᠭᠠᠳ ᠰᠠᠭᠤᠬᠴᠢᠳ ᠢ᠋ ᠬᠦᠢᠰᠦ ᠲᠡᠮᠲᠡᠷᠢᠨ ᠬᠢᠳᠤᠪᠠ᠃
ᠰᠦᠽᠳᠠᠯᠢ ᠶ᠋ᠢᠨ ᠬᠢᠨ ᠡᠴᠡ ᠤᠷᠢᠳᠤ ᠣᠢ ᠮᠤᠳᠤᠨ᠎ᠠ ᠵᠢᠭᠤᠲᠠᠨ ᠭᠠᠷᠣᠬᠴᠢᠳ ᠠᠮᠢᠳᠤ ᠭᠠᠷᠤᠯ᠎ᠠ᠃ ᠲᠠᠲ᠋ᠠᠷ ᠤ᠋ᠳ ᠡᠪᠦᠭᠡᠳ ᠡᠮᠡᠭᠡᠳ ᠪᠣᠯᠤᠨ ᠰᠣᠬᠣᠷ ᠳᠣᠭᠣᠯᠠᠩ ᠨᠤᠭᠤᠳ ᠢ᠋ ᠬᠦᠷᠲᠡᠯ᠎ᠡ ᠬᠠᠢᠷᠠᠯᠠᠬᠤ ᠦᠭᠡᠢ ᠬᠢᠳᠤᠭᠰᠠᠨ ᠲᠡᠳᠦᠢ ᠪᠡᠷ ᠦᠯᠦ ᠪᠠᠷᠠᠮ ᠱᠠᠰᠢᠨ ᠰᠢᠲᠦᠭᠡᠨ ᠦ᠌ ᠡᠲᠡᠭᠡᠳ ᠢ᠋ ᠬᠠᠢᠷᠠᠯᠠᠬᠤ ᠭᠡᠰᠡᠨ ᠥᠪᠡᠷ ᠦ᠋ᠨ ᠶᠣᠰᠣ ᠶ᠋ᠢ ᠵᠥᠷᠢᠴᠡᠨ᠂ ᠲᠤᠰ ᠰᠦᠽᠳᠠᠯᠢ ᠶ᠋ᠢᠨ ᠭᠡᠯᠦᠩ ᠨᠠᠷ ᠪᠠ ᠴᠢᠪᠠᠭᠠᠨᠴᠠ ᠤ᠋ᠳ ᠢ᠋ ᠬᠦᠢᠰᠦ ᠲᠡᠮᠲᠡᠷᠢᠵᠡᠢ᠃ ᠭᠠᠭᠴᠠᠬᠠᠨ ᠲᠠᠲ᠋ᠠᠷ ᠤ᠋ᠳ ᠲᠸ᠋ ᠣᠯᠵᠠᠯᠠᠭᠳᠠᠭᠰᠠᠨ ᠵᠠᠯᠠᠭᠤ ᠰᠢᠪᠡᠭᠴᠢᠳ ᠠᠮᠢᠳᠤ ᠦᠯᠡᠳᠡᠵᠡᠢ᠃
ᠬᠠᠵᠠᠭᠤ ᠲᠠᠯ᠎ᠠ ᠶ᠋ᠢᠨ ᠥᠳᠬᠡᠨ ᠣᠢ ᠶ᠋ᠢᠨ ᠳᠤᠮᠳᠠ ᠪᠠᠢᠭᠰᠠᠨ ᠲᠡᠭᠷᠢ ᠶ᠋ᠢᠨ ᠳ᠋ᠠᠷ᠎ᠠ ᠡᠬᠡ ᠶ᠋ᠢᠨ ᠰᠦᠮ᠎ᠡ ᠨᠢᠷᠭᠡᠯᠲᠡ ᠡᠴᠡ ᠠᠪᠤᠷᠠᠭᠳᠠᠵᠠᠢ᠃ ᠲᠠᠲ᠋ᠠᠷ ᠤ᠋ᠳ ᠸᠯᠡᠳᠢᠮᠢᠷ ᠤ᠋ᠨ ᠳᠡᠷᠭᠡᠳᠡᠬᠢ ᠯᠠᠭ᠌ᠸᠷ ᠤᠷᠤᠭᠤ ᠪᠠᠨ ᠪᠤᠴᠠᠬᠤ ᠶ᠋ᠢ ᠶᠠᠭᠠᠷᠠᠨ ᠲᠡᠷᠡ ᠰᠦᠮ᠎ᠡ ᠶ᠋ᠢ ᠣᠯᠤᠭᠰᠠᠨ ᠦᠭᠡᠢ ᠪᠢᠯᠡ᠃
ᠨᠢᠭᠡ ᠮᠢᠩᠭ᠎ᠠ ᠬᠣᠶᠠᠷ ᠵᠠᠭᠤᠨ ᠭᠤᠴᠢᠨ ᠨᠠᠢ᠍ᠮᠠᠳᠤᠭᠠᠷ ᠣᠨ ᠤ᠋ ᠬᠣᠶᠠᠳᠤᠭᠠᠷ ᠰᠠᠷ᠎ᠠ ᠶ᠋ᠢᠨ ᠵᠢᠷᠭᠤᠭᠠᠨ ᠳ᠋ᠤ᠌ ᠬᠡᠳᠦᠨ ᠮᠢᠩᠭᠠᠨ ᠲᠠᠲ᠋ᠠᠷ ᠤ᠋ᠳ ᠸᠯᠠᠳ᠋ᠢᠮᠢᠷ ᠤ᠋ᠨ ᠬᠢᠨ ᠦ᠌ ᠤᠷᠢᠳᠤ ᠦᠵᠡᠭᠡ ᠦᠭᠡᠢ ᠠᠭᠠᠳ ᠳ᠋ᠦ᠋ᠨᠵᠡᠨ ᠮᠣᠳᠣ ᠪᠠᠷ ᠬᠢᠭᠰᠡᠨ ᠰᠦᠷᠡᠬᠡᠢ ᠲᠣᠮᠣ ᠶᠠᠭᠤᠮ᠎ᠠ ᠶ᠋ᠢ ᠲᠤᠰ ᠬᠣᠲᠠ ᠶ᠋ᠢᠨ ᠬᠡᠷᠡᠮ ᠦ᠋ᠨ ᠳᠡᠷᠭᠡᠳᠡ ᠠᠪᠴᠢᠷᠠᠪᠠ ᠃ ᠲᠡᠷᠡ ᠨᠢ ᠬᠡᠷᠡᠮ ᠡᠪᠳᠡᠳᠡᠭ ᠪᠠ ᠴᠢᠯᠠᠭᠤ ᠰᠢᠳᠡᠳᠡᠭ ᠮᠠᠰᠢᠨ ᠨᠤᠭᠤᠳ ᠠᠵᠢ᠃ ᠲᠠᠲ᠋ᠠᠷ ᠤ᠋ᠳ ᠶᠡᠬᠡ ᠲᠣᠮᠣ ᠴᠢᠯᠠᠭᠤᠳ᠂ ᠬᠥᠯᠳᠡᠭᠦᠦ ᠬᠦᠢᠳᠡᠰᠦ ᠪᠣᠯᠤᠨ ᠮᠣᠳᠣᠨ ᠤ᠋ ᠮᠥᠴᠢᠷ ᠦ᠋ᠨ ᠬᠤᠭᠤᠷᠬᠠᠢ ᠡᠳ᠋ ᠪᠦᠭᠦᠳᠡ ᠶ᠋ᠢ ᠴᠢᠷᠭᠠᠨ ᠳᠡᠭᠡᠷ᠎ᠡ ᠲᠠᠯᠪᠢᠵᠤ ᠠᠪᠴᠢᠷᠠᠵᠤ ᠂ ᠴᠠᠢᠵᠠ ᠶ᠋ᠢᠨ ᠬᠡᠷᠡᠮ ᠳᠡᠭᠡᠷ᠎ᠡ ᠳᠠᠮᠵᠢᠨ ᠭᠠᠷᠬᠤ ᠶ᠋ᠢᠨ ᠲᠤᠯᠠᠳᠠ ᠳᠠᠪᠬᠤᠷᠯᠠᠨ ᠥᠷᠥᠵᠦ ᠡᠬᠢᠯᠡᠪᠡ ᠃
ᠲᠡᠳᠡ ᠭᠠᠳᠠᠭᠰᠢ ᠵᠢᠭᠤᠳᠠᠭᠴᠢᠳ ᠢ᠋ ᠪᠠᠷᠢᠵᠤ ᠠᠪᠬᠤ ᠶ᠋ᠢᠨ ᠲᠤᠯᠠᠳᠠ ᠬᠣᠲᠠ ᠶ᠋ᠢ ᠶᠠᠭᠠᠷᠠᠪᠴᠢᠯᠠᠨ ᠪᠦᠰᠡᠯᠡᠪᠡ᠃ ᠸᠯᠠᠲᠢᠮᠢᠷ ᠤ᠋ᠨ ᠬᠢᠨ ᠶᠠᠮᠠᠷ ᠴᠤ᠌ ᠨᠠᠢᠳᠠᠪᠤᠷᠢ ᠦᠭᠡᠢ ᠪᠣᠯᠪᠠ ᠃ ᠲᠠᠲ᠋ᠠᠷ ᠤ᠋ᠳ ᠣᠯᠠᠨ ᠪᠥᠭᠡᠳ ᠲᠤᠰ ᠬᠣᠲᠠ ᠶ᠋ᠢᠨ ᠨᠢᠭᠡ ᠬᠥᠮᠦᠨ ᠳᠣᠳᠣᠮ ᠳ᠋ᠤ᠌ ᠬᠣᠷᠢᠨ ᠳᠠᠢᠰᠤᠨ ᠣᠨᠣᠭᠳᠠᠵᠤ ᠪᠠᠢᠯ᠎ᠠ᠃ ᠸᠯᠠᠳᠢᠮᠢᠷ ᠤ᠋ᠨ ᠬᠢᠨ ᠨᠢᠯᠪᠤᠰᠤ ᠪᠠᠨ ᠴᠤᠪᠤᠷᠠᠭᠤᠯᠤᠨ ᠪᠡᠶ᠎ᠡ ᠡᠴᠡ ᠪᠡᠨ ᠰᠠᠯᠬᠤ ᠶ᠋ᠢᠨ ᠶᠣᠰᠣ ᠶ᠋ᠢ ᠭᠦᠢᠴᠡᠳᠬᠡᠵᠦ᠂ ᠮᠠᠷᠭᠠᠰᠢ ᠬᠤᠪᠢᠯᠭᠠᠨ ᠹᠸᠤᠳᠤᠷ ᠰᠲ᠋ᠷᠠᠲ᠋ᠶ᠋ᠯᠠᠲ ᠤ᠋ᠨ ᠳᠤᠷᠠᠰᠬᠠᠯ ᠤ᠋ᠨ ᠡᠳᠦᠷ ᠪᠢᠳᠡ ᠪᠦᠬᠦᠨ ᠳ᠋ᠦ᠍ ᠮᠥᠩᠬᠡ ᠶ᠋ᠢᠨ ᠳᠤᠷᠠᠰᠬᠠᠯ ᠢ᠋ ᠭᠠᠭᠴᠠᠬᠦ ᠰᠢᠭᠤᠷᠭ᠎ᠠ ᠳᠠᠭᠤᠯᠠᠵᠤ ᠥᠭᠬᠦ ᠪᠢᠵᠡ ᠭᠡᠯᠴᠡᠨ᠎ᠡ᠃
ᠲᠠᠲ᠋ᠠᠷ ᠤ᠋ᠳ ᠬᠣᠶᠠᠷ ᠰᠠᠷ᠎ᠠ ᠶ᠋ᠢᠨ ᠳᠣᠯᠣᠭᠠᠨ ᠤ᠋ ᠦᠷ ᠴᠠᠢᠬᠤ ᠶ᠋ᠢᠨ ᠰᠠᠴᠠᠭᠤ ᠬᠣᠲᠠ ᠶ᠋ᠢᠨ ᠲᠠᠯ᠎ᠠ ᠪᠦᠷᠢ ᠡᠴᠡ ᠳᠠᠭᠠᠷᠢᠨ ᠣᠷᠣᠪᠠ ᠃
ᠬᠠᠲᠤᠨ ᠠᠭᠠᠹᠢᠶᠠ ᠲᠡᠭᠦᠨ ᠦ᠌ ᠬᠣᠶᠠᠷ ᠪᠡᠷᠭᠡᠨ᠂ ᠰᠢᠳᠠᠷ ᠵᠠᠢᠰᠠᠩ ᠤ᠋ᠳ᠂ᠬᠥᠭᠰᠢᠨ ᠯᠠᠮᠠ ᠴᠢᠪᠠᠭᠠᠨᠴᠠ ᠨᠠᠷ ᠮᠥᠷᠭᠥᠯ ᠦ᠋ᠨ ᠴᠢᠯᠠᠭᠤᠨ ᠰᠦᠮ᠎ᠡ ᠳ᠋ᠦ᠍ ᠨᠢᠭᠤᠭᠳᠠᠯ᠎ᠠ᠃ ᠲᠡᠨᠳᠡ ᠡᠴᠡ ᠥᠨᠳᠥᠷ ᠲᠤᠷᠠᠩᠬᠠᠢ ᠪᠥᠭᠡᠳ ᠬᠠᠷ᠎ᠠ ᠰᠠᠬᠠᠯ ᠲᠠᠢ ᠬᠠᠷ᠎ᠠ ᠨᠢᠳᠦᠲᠦ ᠬᠠᠮᠪᠤ ᠯᠠᠮᠠ ᠮᠸᠲ᠋ᠷᠤᠹᠡᠨ ᠲᠡᠳᠡᠨ ᠢ᠋ ᠬᠦᠯᠢᠶᠡᠵᠦ ᠪᠠᠢᠪᠠ ᠃
ᠲᠡᠭᠦᠨ ᠦ᠌ ᠳᠡᠷᠭᠡᠳᠡ ᠪᠤᠷᠬᠠᠨ ᠤ᠋ ᠰᠢᠷᠡᠭᠡᠨ ᠦ᠌ ᠡᠮᠦᠨ᠎ᠡ ᠪᠤᠰᠤᠳ ᠯᠠᠮᠠ ᠨᠠᠷ ᠨᠢ ᠵᠣᠭᠰᠣᠨ᠎ᠠ᠃ ᠲᠡᠳᠡ ᠨᠢᠭᠡ ᠵᠡᠷᠭᠡ ᠪᠡᠷ ᠮᠥᠷᠭᠥᠯ ᠦ᠋ᠨ ᠨᠣᠮ ᠤᠩᠰᠢᠨ᠎ᠠ᠃ ᠬᠠᠮᠪᠤ ᠯᠠᠮᠠ ᠦᠬᠦᠯ ᠢ᠋ ᠡᠮᠢᠶᠡᠯ ᠦᠭᠡᠢ ᠰᠡᠳᠬᠢᠯ ᠲᠠᠢᠪᠤᠩ ᠢ᠋ᠶ᠋ᠠᠷ ᠤᠭᠲᠤᠬᠤ ᠶ᠋ᠢ ᠨᠣᠮᠯᠠᠨ᠎ᠠ᠃ ᠲᠣᠳᠣ ᠳᠠᠭᠤ ᠪᠠᠷ ᠪᠦᠬᠦᠨ ᠢ᠋ ᠤᠷᠢᠶᠠᠯᠠᠨ᠎ᠠ᠃
— ᠳᠠᠢᠰᠤᠨ ᠢ᠋ ᠡᠰᠡᠷᠭᠦᠴᠡᠬᠦ ᠶ᠋ᠢᠨ ᠣᠷᠣᠨ ᠳ᠋ᠤ᠌ ᠪᠤᠷᠬᠠᠨ ᠤ᠋ ᠵᠠᠷᠯᠢᠭ ᠢ᠋ ᠳᠠᠭᠠᠵᠤ ᠥᠪᠡᠷ ᠦ᠋ᠨ ᠰᠦᠨᠡᠰᠦ ᠶ᠋ᠢ ᠠᠪᠤᠷᠠᠬᠤ ᠶ᠋ᠢ ᠪᠤᠳᠤᠭᠲᠤᠨ᠃ ᠪᠢ ᠲᠠ ᠪᠦᠬᠦᠨ ᠢ᠋ ᠶᠡᠬᠡ ᠬᠠᠢᠴᠢ ᠪᠠᠷ ᠬᠠᠢᠴᠢᠯᠠᠨᠠ᠃ ᠪᠤᠷᠬᠠᠨ ᠦᠭᠡᠢ ᠲᠠᠲ᠋ᠠᠷ ᠤ᠋ᠳ ᠲᠤ᠌ ᠠᠯᠠᠭᠳᠠᠭᠰᠠᠨ ᠲᠠᠨᠠᠷ ᠠᠷᠠᠢᠩᠭ᠌ᠸᠯᠢᠰ ᠤ᠋ᠨ ᠶᠡᠬᠡ ᠳᠦᠷᠢ ᠶ᠋ᠢᠨ ᠠᠪᠤᠷᠠᠯ ᠢ᠋ᠶ᠋ᠠᠷ ᠰᠢᠭᠤᠳ ᠪᠤᠷᠬᠠᠨ ᠤ᠋ ᠣᠷᠣᠨ᠎ᠠ ᠨᠢᠰᠴᠦ ᠣᠴᠢᠭᠠᠳ ᠲᠡᠨᠳᠡ ᠵᠢᠷᠭᠠᠬᠤ ᠪᠣᠯᠤᠨ᠎ᠠ᠃ ᠪᠤᠷᠬᠠᠨ ᠮᠢᠨᠢ ᠪᠢᠳᠡᠨ ᠳ᠋ᠡᠭᠡᠨ ᠠᠪᠤᠷᠠᠯ ᠤ᠋ᠨ ᠭᠠᠷ ᠶ᠋ᠢᠠᠨ ᠰᠤᠩᠭᠠᠭᠠᠴᠢ! ᠪᠣᠭᠣᠯᠴᠤᠳ ᠤ᠋ᠨ ᠢ᠋ᠶ᠋ᠠᠨ ᠰᠦᠨᠡᠰᠦ ᠶ᠋ᠢ ᠣᠷᠴᠢᠯᠠᠩᠲᠤ ᠶᠢᠷᠲᠢᠨᠴᠦ ᠡᠴᠡ ᠬᠦᠯᠢᠶᠡᠨ ᠠᠪᠤᠭᠲᠤᠨ! ᠭᠡᠨ᠎ᠡ᠃
ᠬᠠᠭᠤᠴᠢᠨ ᠳ᠋ᠠᠴᠠᠩ ᠳᠣᠲᠣᠷ᠎ᠠ ᠯᠠᠮᠠ ᠮᠢᠲ᠋ᠷᠤᠹᠡᠨ ᠳ᠋ᠦ᠍ ᠣᠪᠣᠩ ᠴᠤᠪᠤᠩ ᠢᠷᠡᠭᠰᠡᠭᠡᠷ ᠪᠠᠢᠪᠠ᠃ ᠲᠡᠷᠡ ᠢᠷᠡᠭᠰᠡᠨ ᠬᠥᠮᠦᠨ ᠪᠦᠬᠦᠨ ᠡᠴᠡ ᠨᠢᠭᠡ ᠲᠤᠭ ᠦᠰᠦ ᠶ᠋ᠢ ᠣᠭᠲᠣᠯᠤᠨ ᠠᠪᠤᠭᠠᠳ ᠵᠤᠯᠠ ᠶ᠋ᠢᠨ ᠲᠣᠰᠣ ᠪᠠᠷ ᠳᠤᠬᠤᠨ ᠳᠡᠭᠡᠷ᠎ᠡ ᠨᠢ ᠵᠠᠭᠠᠯᠮᠠᠢ ᠵᠢᠷᠤᠵᠤ ᠶᠠᠪᠤᠭᠤᠯᠤᠨ᠎ᠠ᠃ ᠪᠤᠷᠬᠠᠨ ᠤ᠋ ᠣᠷᠣᠨ᠎ᠠ ᠵᠣᠷᠢᠬᠴᠢᠳ ᠲᠣᠯᠣᠭᠠᠢ ᠳ᠋ᠠᠭᠠᠨ ᠬᠠᠷ᠎ᠠ ᠮᠠᠯᠠᠭᠠᠢ ᠡᠮᠦᠰᠴᠦ ᠪᠡᠶ᠎ᠡ ᠪᠡᠶᠡᠰ ᠦ᠋ᠨ ᠭᠠᠷ ᠢ᠋ ᠪᠠᠷᠢᠯᠴᠠᠨᠠ᠃ ᠪᠦᠭᠦᠳᠡᠭᠡᠷ ᠣᠢᠷᠠᠬᠠᠨ ᠵᠣᠭᠰᠣᠵᠠᠭᠠᠵᠤ ᠪᠤᠷᠬᠠᠨ ᠤ᠋ ᠨᠣᠮ ᠢ᠋ ᠤᠩᠰᠢᠵᠤ ᠪᠠᠢᠪᠠ᠃ ᠭᠡᠲᠡᠯ᠎ᠡ ᠭᠠᠳᠠᠨ᠎ᠠ ᠠᠭᠤᠷᠯᠠᠭᠰᠠᠨ ᠲᠠᠲ᠋ᠠᠷ ᠤ᠋ᠳ ᠤ᠋ᠨ ᠳᠠᠭᠤᠨ ᠭᠠᠷᠴᠤ ᠠᠯᠠᠭᠳᠠᠵᠤ ᠪᠠᠢᠭ᠎ᠠ ᠡᠮᠡᠭᠲᠡᠢ ᠬᠥᠮᠦᠨ ᠦ᠌ ᠪᠠᠷᠬᠢᠷᠠᠬᠤ ᠳᠠᠭᠤ ᠰᠣᠨᠣᠰᠳᠠᠨ᠎ᠠ᠃
ᠰᠦᠮ᠎ᠡ ᠶ᠋ᠢᠨ ᠬᠠᠭᠠᠯᠭ᠎ᠠ ᠶ᠋ᠢ ᠲᠠᠰᠤ ᠨᠢᠰ ᠴᠣᠬᠢᠭᠠᠳ ᠪᠠᠩᠵᠠ᠂ ᠮᠣᠳᠣ ᠬᠤᠭᠤᠷᠠᠬᠤ ᠴᠢᠮᠡᠭᠡ ᠭᠠᠷᠤᠮᠠᠭᠴᠠ ᠬᠠᠲᠤᠨ ᠠᠭᠠᠹᠢᠶᠠ᠂ ᠲᠡᠵᠢᠭᠡᠪᠦᠷᠢ ᠶ᠋ᠢᠨ ᠥᠬᠢᠨ ᠫᠷᠦᠺᠦ᠋ᠲᠡ ᠬᠠᠮᠢᠭ᠎ᠠ ᠴᠤ᠌ ᠠᠯᠠᠭ᠎ᠠ ᠪᠠᠢᠭ᠎ᠠ ᠶ᠋ᠢ ᠰᠠᠶᠢ ᠮᠡᠳᠡᠵᠦ ᠰᠠᠨᠳᠤᠷᠪᠠ᠃ ᠲᠣᠭᠣᠭᠠᠴᠢ ᠡᠮᠡᠭᠡᠨ ᠰᠦᠮ᠎ᠡ ᠶ᠋ᠢᠨ ᠳᠡᠭᠡᠷ᠎ᠡ ᠠᠪᠠᠷᠢᠵᠤ ᠫᠷᠦᠺᠦ᠋ᠲᠡ ᠭᠡᠵᠦ ᠳᠠᠭᠤᠳᠠᠵᠤ ᠲᠡᠭᠦᠨ ᠢ᠋ ᠬᠠᠮᠢᠭ᠎ᠠ ᠠ᠋ᠴᠠ ᠴᠤ᠌ ᠡᠰᠡ ᠣᠯᠪᠠ᠃
— ᠥᠬᠢᠨ ᠮᠢᠨᠢ ᠪᠤᠶᠠᠨ ᠨᠣᠮ ᠦᠭᠡᠢ ᠦᠬᠦᠪᠡ ᠤᠤ? ᠭᠡᠵᠦ ᠬᠠᠲᠤᠨ ᠠᠭᠠᠹᠢᠶᠠ ᠬᠠᠰᠬᠢᠷᠤᠨ ᠴᠢᠷᠠᠯᠠᠨᠠ᠃
— ᠥᠬᠢᠨ ᠮᠢᠨᠢ ᠨᠠᠳᠠ ᠲᠠᠢ ᠬᠠᠮᠲᠤ ᠪᠤᠷᠬᠠᠨ ᠤ᠋ ᠣᠷᠣᠨ ᠳ᠋ᠤ᠌ ᠣᠴᠢᠵᠤ ᠴᠢᠳᠠᠬᠤ ᠦᠭᠡᠢ ᠪᠣᠯᠪᠠ᠃ ᠪᠢ ᠴᠦ᠍ ᠬᠥᠭᠡᠷᠦᠬᠦᠢ ᠪᠣᠯᠪᠠ! ᠬᠥᠭᠡᠷᠦᠬᠦᠢ ᠪᠣᠯᠪᠠ! ᠪᠦᠬᠦ ᠲᠥᠷᠥᠯ ᠰᠠᠳᠤᠨ ᠢ᠋ ᠪᠡᠨ ᠭᠡᠨᠡᠳᠲᠡ ᠠᠯᠳᠠᠳᠠᠭ ᠪᠠᠢᠨ᠎ᠠ ᠰᠢᠦ᠁ ᠭᠡᠨ᠎ᠡ᠃
ᠦᠰᠦᠭ ᠠᠮᠢᠯᠠᠭᠤᠯᠤᠭᠴᠢ᠄ ᠠᠯᠲᠠᠨᠴᠢᠮᠡᠭ 2᠂ ᠵᠢᠩᠯᠢᠬᠤᠸᠠᠷ 1. ᠭᠡᠷᠡᠯ 1᠂ ᠮᠡᠷᠭᠡᠨᠭᠤᠸᠠ 2᠂ ᠬᠡᠷᠡᠶ᠋ᠢᠳ᠂ ᠮᠥᠩᠬᠡᠨᠠᠰᠤᠨ 1᠂ ᠬᠦᠳᠠᠭᠠᠭᠤᠯᠠ1
ᠬᠢᠨᠠᠭᠴᠢ᠄ ᠪᠠᠯ 1᠂ ᠵᠢᠩᠯᠢᠬᠤᠸᠠᠷ 1᠂ ᠲ᠂ ᠬᠦᠮᠦᠵᠢᠯᠲᠦ 1
ᠶᠡᠷᠦᠩᠬᠡᠢ ᠬᠢᠨᠠᠭᠴᠢ᠄ ᠠᠯᠲᠠᠨᠴᠢᠮᠡᠭ 8᠂ ᠠᠷᠢᠭᠤᠨ 8
