ᠪᠠᠲᠤ ᠬᠠᠭᠠᠨ 6-11ᠭᠷᠧᠭ ᠣᠷᠣᠰ ᠤ᠋ᠨ ᠰᠤᠷᠭᠠᠭᠤᠯᠢ ᠳ᠋ᠤ᠌-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 6-11ᠭᠷᠧᠭ ᠣᠷᠣᠰ ᠤ᠋ᠨ ᠰᠤᠷᠭᠠᠭᠤᠯᠢ ᠳ᠋ᠤ᠌-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ

ᠪᠠᠲᠤ ᠬᠠᠭᠠᠨ 6-11ᠭᠷᠧᠭ ᠣᠷᠣᠰ ᠤ᠋ᠨ ᠰᠤᠷᠭᠠᠭᠤᠯᠢ ᠳ᠋ᠤ᠌-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-14

179

ᠠᠷᠪᠠᠨ ᠨᠢᠭᠡ᠂ ᠭᠷᠧᠭ ᠣᠷᠣᠰ ᠤ᠋ᠨ ᠰᠤᠷᠭᠠᠭᠤᠯᠢ ᠳ᠋ᠤ᠌


ᠮᠥᠷᠭᠥᠯ ᠦ᠋ᠨ ᠰᠦᠮ᠎ᠡ ᠶ᠋ᠢᠨ ᠳᠡᠷᠭᠡᠳᠡᠬᠢ ᠪᠢᠴᠢᠬᠠᠨ ᠪᠠᠢᠰᠢᠩ ᠳ᠋ᠤ᠌ ᠬᠡᠦᠬᠡᠳ ᠦ᠋ᠳ ᠴᠤᠭᠯᠠᠷᠠᠵᠠᠭᠠᠨ᠎ᠠ᠃ ᠲᠡᠳᠡ ᠡᠭᠦᠳᠡᠨ ᠦ᠌ ᠥᠷᠥᠭᠡᠨ ᠳ᠋ᠦ᠍ ᠱᠠᠬᠠᠢ ᠪᠠᠨ ᠱᠦᠭᠦᠷᠳᠡᠵᠦ ᠴᠡᠪᠡᠷᠯᠡᠭᠡᠳ ᠣᠷᠣᠬᠤ ᠶ᠋ᠢᠨ ᠬᠠᠮᠲᠤ ᠳᠡᠪᠡᠯ ᠬᠤᠪᠴᠠᠰᠤ ᠪᠠᠨ ᠲᠠᠢᠯᠵᠤ ᠨᠢᠭᠡ ᠪᠤᠯᠤᠩ ᠳ᠋ᠤ᠌ ᠣᠪᠣᠭᠠᠯᠠᠭᠠᠳ ᠲᠠᠯᠪᠢᠭᠤᠷ ᠳᠡᠭᠡᠷ᠎ᠡ ( ᠡᠴᠡ ) ᠮᠣᠳᠣᠨ ᠰᠠᠮ ᠠᠪᠴᠤ ᠲᠣᠭᠣᠷᠢᠭᠤᠯᠤᠨ ᠳᠠᠭᠠᠷᠢᠭᠰᠠᠨ ᠦᠰᠦ ᠪᠡᠨ ᠰᠠᠮᠨᠠᠨ᠎ᠠ᠃ ᠰᠦᠮ᠎ᠡ ᠶ᠋ᠢᠨ ᠲᠥᠪ ᠳᠤᠮᠳᠠ ᠣᠴᠢᠵᠤ ᠮᠠᠨᠳᠤᠮᠠᠯ ᠵᠤᠯᠠ ᠲᠠᠢ ᠪᠤᠷᠬᠠᠨ ᠤ᠋ ᠡᠮᠦᠨ᠎ᠡ ᠬᠢᠴᠢᠶᠡᠩᠭᠦᠢᠯᠡᠨ ᠮᠥᠷᠭᠥᠭᠡᠳ ᠰᠡᠢᠯᠪᠦᠷᠢᠲᠡᠢ ᠮᠣᠳᠣᠨ ᠰᠠᠨᠳᠠᠯᠢ ᠳᠡᠭᠡᠷ᠎ᠡ ᠰᠠᠭᠤᠭ᠎ᠠ ᠪᠠᠭᠰᠢ ᠶ᠋ᠢᠨ ᠲᠡᠰᠢ ᠣᠴᠢᠵᠤ ᠴᠥᠮ ᠨᠢᠭᠡ ᠵᠡᠷᠭᠡᠪᠡᠷ ᠴᠢᠩᠭ᠎ᠠ ᠳᠠᠭᠤ ᠪᠠᠷ
— ᠮᠠᠺᠰᠢᠮ ᠳ᠋ᠣᠯᠠᠮᠲ᠋ᠣᠸᠢᠴ ᠤᠷᠲᠤ ᠨᠠᠰᠤᠯᠠᠵᠤ ᠤᠳᠠᠭᠠᠨ ᠵᠢᠷᠭᠠᠲᠤᠭᠠᠢ᠁ ᠭᠡᠨ᠎ᠡ᠃

ᠲᠣᠮᠣ ᠱᠣᠪᠣᠭᠣᠷ ᠬᠠᠮᠠᠷ᠂ ᠥᠷᠭᠡᠨ ᠬᠠᠷ᠎ᠠ ᠰᠠᠬᠠᠯ ᠲᠠᠢ ᠪᠠᠭᠰᠢ ᠬᠡᠦᠬᠡᠳ ᠦ᠋ᠳ ᠦ᠋ᠨ ᠵᠦᠭ ᠰᠢᠷᠦᠭᠦᠨ ᠢ᠋ᠶ᠋ᠡᠷ ᠬᠠᠷᠠᠵᠤ ᠴᠢᠩᠭ᠎ᠠ ᠪᠠᠷ᠂
— ᠰᠢᠷᠡᠭᠡᠨ ᠳ᠋ᠡᠭᠡᠨ ᠰᠠᠭᠤᠵᠠᠭ᠎ᠠ᠂ ᠨᠣᠮ ᠢ᠋ᠶ᠋ᠠᠨ ᠨᠡᠭᠡᠭᠡᠭᠲᠦᠨ ᠭᠡᠵᠦ ᠬᠠᠷᠢᠭᠤᠯᠪᠠ᠃

ᠠᠷᠪᠠᠨ ᠬᠣᠶᠠᠷ ᠪᠠᠭᠠᠴᠤᠳ ᠪᠠᠢᠪᠠ᠃ ᠲᠡᠳᠡᠨᠡᠷ ᠤᠷᠲᠤ ᠨᠠᠷᠢᠬᠠᠨ ᠬᠤᠰᠤ ᠮᠣᠳᠣᠨ ᠰᠢᠷᠡᠭᠡᠨ ᠦ᠌ ᠬᠣᠶᠠᠷ ᠲᠠᠯ᠎ᠠ ᠶ᠋ᠢᠨ ᠰᠠᠨᠳᠠᠯᠢ ᠳᠡᠭᠡᠷ᠎ᠡ ᠴᠢᠬᠢᠯᠳᠦᠨ ᠰᠠᠭᠤᠭᠠᠳ ᠤᠷᠭᠤᠮᠠᠯ ᠤ᠋ᠨ ᠨᠠᠪᠴᠢ ᠶ᠋ᠢ ᠦᠳᠡᠵᠦ ᠬᠢᠭᠰᠡᠨ ᠪᠥᠭᠡᠳ ᠤᠷᠢᠳᠤ ᠣᠯᠠᠨ ᠬᠡᠦᠬᠡᠳ ᠢ᠋ ( ᠤ᠋ᠨ) ᠭᠠᠷ ᠳᠠᠮᠵᠢᠨ ᠤᠷᠠᠭᠳᠠᠵᠤ ᠡᠯᠡᠭᠳᠡᠭᠰᠡᠨ ᠪᠢᠴᠢᠮᠡᠯ ᠨᠣᠮ ᠤ᠋ᠳ ᠢ᠋ᠶ᠋ᠠᠨ ᠥᠪᠡᠷᠰᠡᠳ ᠦ᠋ᠨ ᠡᠮᠦᠨ᠎ᠡ ᠳᠡᠯᠭᠡᠨ ᠲᠠᠯᠪᠢᠵᠠᠭᠠᠪᠠ᠃
— ᠪᠣᠰᠴᠠᠭ᠎ᠠ ᠭᠡᠳ ᠪᠠᠭᠰᠢ ᠨᠢ ᠦᠰᠦ ᠲᠡᠢ ᠮᠠᠯᠠᠭᠠᠢ ᠪᠠᠨ ᠠᠪᠴᠤ ᠬᠠᠨ᠎ᠠ ᠳ᠋ᠠᠬᠢ ᠨᠣᠮ ᠲᠠᠢ ᠱᠦᠭᠦᠢ ᠶ᠋ᠢᠨ ᠳᠡᠷᠭᠡᠳᠡᠬᠢ ᠮᠣᠳᠣᠨ ᠬᠠᠳᠠᠭᠠᠰᠤᠨ ᠠ᠋ᠴᠠ ᠡᠯᠭᠦᠪᠡ᠃ ᠪᠠᠭᠠᠴᠤᠳ ᠪᠣᠰᠴᠠᠭᠠᠵᠤ ᠨᠢᠭᠡᠨ ᠮᠥᠷᠭᠥᠯ ᠦ᠋ᠨ ᠨᠣᠮ ᠤᠩᠰᠢᠪᠠ᠃
— ᠰᠠᠭᠤᠵᠠᠭ᠎ᠠ᠂

ᠬᠡᠦᠬᠡᠳ ᠦ᠋ᠳ ᠰᠠᠭᠤᠵᠠᠭᠠᠯ᠎ᠠ᠃ ᠲᠡᠷᠡ ᠦᠶᠡᠰ ᠲᠦ᠍ ᠬᠠᠭᠠᠯᠭ᠎ᠠ ᠨᠡᠭᠡᠭᠡᠭᠳᠡᠭᠡᠳ ᠫᠷᠦᠺᠦᠢ᠍ᠳ᠋ᠠ ᠲᠠᠰᠤᠯᠭᠠᠨ ᠳ᠋ᠤ᠌ ᠭᠦᠶᠦᠨ ᠣᠷᠣᠵᠤ ᠢᠷᠡᠪᠡ᠂ ᠲᠡᠭᠦᠨ ᠦ᠌ ᠬᠣᠢᠨ᠎ᠠ ᠠ᠋ᠴᠠ ᠬᠡᠦᠬᠡᠳ ᠬᠠᠷᠠᠭᠴᠢ ᠬᠥᠭᠰᠢᠨ ᠬᠡᠦᠬᠡᠨ ᠣᠷᠣᠵᠤ ᠢᠷᠡᠭᠡᠳ ᠫᠷᠤᠺᠦᠢ᠍ᠳ᠋ᠠ ᠶ᠋ᠢᠨ ᠳᠡᠪᠡᠯ ᠢ᠋ ᠲᠠᠢᠯᠵᠤ ᠴᠠᠮᠴᠠ ᠶ᠋ᠢ ᠨᠢ ᠵᠠᠰᠠᠭᠠᠳ ᠰᠦᠮ᠎ᠡ ᠶ᠋ᠢᠨ ᠪᠤᠯᠤᠩ ᠳ᠋ᠤ᠌ ᠣᠴᠢᠵᠤ ᠰᠠᠭᠤᠨᠠᠮ᠃

ᠫᠷᠤᠺᠦᠢ᠍ᠳ᠋ᠠ ᠪᠠᠭᠰᠢ ᠳ᠋ᠠᠭᠠᠨ ᠭᠦᠨ᠎ᠡ ᠮᠡᠬᠦᠢᠰᠬᠢᠵᠦ ᠠᠮᠤᠷ ᠰᠠᠢᠨ ᠢ᠋ ᠢᠷᠦᠭᠡᠭᠡᠳ ᠵᠠᠬ᠎ᠠ ᠶ᠋ᠢᠨ ᠬᠡᠦᠬᠡᠳ ᠢ᠋  ᠲᠣᠬᠣᠢ ᠪᠠᠷ ᠢ᠋ᠶ᠋ᠠᠨ ᠲᠦᠯᠬᠢᠵᠦ ᠵᠠᠢᠴᠢᠯᠠᠵᠤ ᠪᠤᠰᠤᠳ ᠰᠤᠷᠤᠭᠴᠢᠳ ᠲᠠᠢ ᠵᠡᠷᠭᠡᠯᠡᠳᠡᠨ ᠰᠠᠭᠤᠪᠠ᠃

ᠪᠠᠭᠰᠢ ᠭᠬᠢᠷᠲᠦᠭᠰᠡᠨ ᠬᠠᠷ᠎ᠠ ᠭᠠᠷ ᠢ᠋ᠶ᠋ᠠᠷ ᠢ᠋ᠶ᠋ᠠᠨ ᠰᠠᠬᠠᠯ ᠢ᠋ᠶ᠋ᠠᠨ ᠢᠯᠪᠢᠵᠦ ᠬᠠᠨᠢᠶᠠᠨ ᠡᠬᠢᠯᠡᠵᠦ ᠬᠡᠯᠡᠬᠦ ᠨᠢ᠄
— ᠪᠢ ᠥᠨᠥᠳᠥᠷ ᠲᠠᠨᠠᠷ ᠲᠸ᠋ ᠰᠤᠷᠭᠠᠯ ᠪᠣᠯᠬᠤ ᠣᠨᠴᠠ ᠦᠭᠡᠰ ᠢ᠋ ᠬᠡᠯᠡᠬᠦ ᠪᠣᠯᠤᠨ᠎ᠠ᠃ ᠪᠦᠯᠡᠲᠺᠦ ᠨᠠᠳᠠ ᠤᠷᠤᠭᠤ ᠬᠠᠷᠠᠭᠲᠤᠨ᠃ ᠸᠸᠷᠸᠱᠭ᠎ᠠ ᠲᠣᠮᠣᠭᠠᠲᠠᠢ ᠰᠠᠭᠤᠭᠲᠤᠨ᠃ ᠨᠠᠳᠠ ᠤᠷᠤᠭᠤ ᠬᠠᠷᠠᠵᠠᠭ᠎ᠠ (ᠭᠡᠪᠡ᠃ )

ᠪᠠᠭᠰᠢ ᠤᠯᠠᠮ ᠬᠦᠴᠦᠲᠡᠢ ᠬᠠᠨᠢᠶᠠᠯᠭᠠᠵᠤ᠂
— ᠭᠡᠯᠦᠩ ᠮᠡᠺᠰᠢᠮ ᠮᠢᠨᠦ ᠡᠭᠦᠷᠭᠡ ᠪᠣᠯ ᠨᠣᠮ ᠪᠢᠴᠢᠬᠦ᠂ ᠲᠠᠨᠠᠷ ᠰᠢᠭ᠋ ᠪᠠᠭ᠎ᠠ ᠬᠡᠦᠬᠡᠳ ᠲᠦ᠍ ᠪᠢᠴᠢᠭ ᠰᠤᠷᠭᠠᠬᠤ ᠶᠠᠪᠤᠳᠠᠯ ᠪᠣᠯᠤᠨ᠎ᠠ᠃ ᠲᠠᠨᠠᠷ ᠪᠦᠷ ᠦᠰᠦᠭ ᠢ᠋ ᠰᠤᠷᠤᠭᠰᠠᠨ ᠲᠤᠯᠠ ᠲᠠᠨᠠᠷ ᠢ᠋ ᠱᠠᠲᠤ ᠳᠡᠭᠡᠭᠰᠢᠯᠡᠭᠦᠯᠦᠨ ᠤᠩᠰᠢᠯᠭ᠎ᠠ ᠨᠣᠮ ᠤ᠋ᠨ ᠵᠡᠷᠭᠡ ᠱᠠᠰᠢᠨ ᠤ᠋ ᠮᠡᠷᠭᠡᠨ ᠰᠤᠷᠭᠠᠯ ᠤ᠋ᠳ ᠲᠤ᠌ ᠰᠤᠷᠭᠠᠬᠤ ᠶ᠋ᠢ ᠪᠣᠳᠣᠵᠤ ᠪᠠᠢᠭᠰᠠᠨ ᠶᠤᠮ ᠭᠡᠨ᠎ᠡ᠃

ᠬᠡᠦᠬᠡᠳ ᠦ᠋ᠳ ᠠᠮᠠ ᠪᠠᠨ ᠠᠩᠭᠠᠢᠨ ᠱᠣᠬᠣᠭᠣᠷᠬᠠᠨ ᠰᠣᠨᠣᠰᠴᠠᠭᠠᠨ᠎ᠠ᠃ ᠫᠷᠤᠺᠦᠢ᠍ᠳ᠋ᠠ ᠵᠠᠩᠭᠢᠳᠤᠭᠰᠠᠨ ᠭᠠᠷ ᠢ᠋ᠶ᠋ᠠᠷ ᠢ᠋ᠶ᠋ᠠᠨ ᠰᠢᠨᠠ ᠪᠠᠨ ᠲᠤᠯᠵᠤ ᠪᠠᠭᠰᠢ ᠶ᠋ᠢᠨ ᠬᠡᠯᠡᠵᠦ ᠪᠠᠢᠭ᠎ᠠ ᠦᠯᠦ ᠤᠬᠠᠭᠠᠭᠳᠠᠬᠤ ᠵᠦᠢᠯ ᠢ᠋  ᠣᠢᠯᠠᠭᠠᠬᠤ ᠶ᠋ᠢ ᠣᠷᠣᠯᠳᠣᠨ᠎ᠠ᠃

ᠡᠨᠡᠬᠦ《ᠭᠷᠧᠭ— ᠣᠷᠣᠰ 》 ᠤ᠋ᠨ ᠰᠤᠷᠭᠠᠭᠤᠯᠢ ᠶ᠋ᠢ ᠸᠯᠡᠳᠢᠮᠢᠷ ᠰᠦᠽᠳ᠋ᠠᠯᠢ ᠶ᠋ᠢᠨ ᠶᠡᠬᠡ ᠪᠠᠭᠠᠲᠤᠷ ᠮᠡᠷᠭᠡᠨ ᠸᠠᠩ ᠺᠤᠨᠰᠲ᠋ᠠᠨᠲ᠋ᠢᠨ ᠸᠰᠸᠸᠤᠯᠤᠳᠤᠸᠢᠴ ᠪᠠᠢᠭᠤᠯᠵᠠᠢ ᠃ ᠲᠡᠷᠡ ᠣᠯᠠᠨ ᠡᠷᠳᠡᠮᠲᠡᠨ ᠬᠥᠮᠦᠰ ᠢ᠋ ᠳᠡᠷᠭᠡᠳᠡ ᠪᠡᠨ ᠠᠪᠴᠤ ᠪᠠᠢᠭᠰᠠᠨ ᠪᠥᠭᠡᠳ ᠨᠣᠮ ᠳ᠋ᠤ᠌ ᠬᠠᠢᠷᠠᠲᠠᠢ ᠤᠴᠢᠷ ᠥᠪᠡᠷ ᠢ᠋ᠶ᠋ᠡᠨ ᠴᠦ᠍ ᠨᠣᠮ ᠪᠢᠴᠢᠳᠡᠭ ᠪᠠᠢᠭᠰᠠᠨ ᠶᠤᠮ ᠃ ᠭᠠᠭᠴᠠᠬᠠᠨ ᠬ᠌ᠷᠸᠭ ᠨᠣᠮ ᠲᠡᠭᠦᠨ ᠳ᠋ᠦ᠍ ᠮᠢᠩᠭ᠎ᠠ ᠢᠯᠡᠭᠦᠦ ᠪᠠᠢᠭᠰᠠᠨ ᠨᠢ ᠲᠡᠳᠡᠭᠡᠷ ᠢ᠋ ᠲᠥᠯᠥᠪ ᠥᠪᠡᠷ ᠢ᠋ᠶ᠋ᠡᠨ ᠬᠤᠳᠠᠯᠳᠤᠨ ᠠᠪᠳᠠᠭ ᠤ᠋ᠨ ᠳᠡᠭᠡᠷ᠎ᠡ ᠭᠠᠵᠠᠷ ᠪᠦᠷᠢ ᠶ᠋ᠢᠨ ᠶᠡᠬᠡ ᠯᠠᠮ᠎ᠠ ᠨᠠᠷ ᠠ᠋ᠴᠠ ᠪᠡᠯᠡᠭ ᠲᠦ᠍ ᠠᠪᠳᠠᠭ ᠪᠠᠢᠵᠠᠢ ᠃

ᠪᠠᠭᠰᠢ ᠭᠠᠷ ᠢ᠋ᠶ᠋ᠠᠷ ᠢ᠋ᠶ᠋ᠠᠨ ᠨᠢᠭᠤᠷ ᠢ᠋ᠶ᠋ᠠᠨ ᠲᠠᠭᠯᠠᠨ ᠳᠣᠷᠣᠭᠰᠢ ᠰᠢᠷᠡᠭᠡᠨ᠎ᠡ ᠲᠣᠩᠭᠣᠢᠵᠤ ᠲᠣᠪ ᠳᠤᠭᠤᠢ ᠪᠣᠯᠪᠠ ᠃

ᠬᠡᠦᠬᠡᠳ ᠦ᠋ᠳ ᠪᠡᠶ᠎ᠡ ᠪᠡᠶᠡᠰ ᠢ᠋ ᠲᠣᠬᠣᠢ ᠪᠠᠷ ᠲᠦᠯᠬᠢᠯᠴᠡᠨ᠂
—ᠡᠭᠦᠨ ᠢ᠋ ᠶᠠᠭᠤᠨ ᠳ᠋ᠤ᠌ ᠬᠡᠯᠡᠵᠦ ᠪᠠᠢᠭ᠎ᠠ ᠶᠤᠮ ᠂ ᠡᠨᠡ ᠴᠢᠨᠢ ᠶᠠᠭᠠᠬᠢᠵᠤ ᠪᠠᠢᠨ᠎ᠠ? ᠭᠡᠵᠦ ᠰᠢᠪᠡᠨᠡᠯᠳᠦᠨ᠎ᠡ᠃

ᠪᠠᠭᠰᠢ ᠭᠠᠷ ᠢ᠋ᠶ᠋ᠠᠨ ᠠᠪᠤᠭᠠᠳ ᠲᠣᠯᠣᠭᠠᠢ ᠪᠠᠨ ᠳᠡᠭᠡᠭᠰᠢ ᠲᠠᠲᠠᠯ᠎ᠠ᠃
— ᠳᠠᠪᠠᠵᠤ ᠭᠠᠷᠬᠤ ᠳ᠋ᠤ᠌ ᠬᠡᠴᠡᠭᠦᠦ ᠪᠡᠷᠬᠡ ᠴᠠᠭ ᠢᠷᠡᠯ᠎ᠡ᠃ ᠰᠤᠷᠭᠠᠭᠤᠯᠢ ᠵᠤᠯᠠ ᠮᠡᠲᠦ ᠬᠡᠷᠡᠯᠳᠦᠵᠦ ᠪᠠᠢᠳᠠᠭ ᠮᠠᠨ ᠤ᠋ ᠠᠯᠳᠠᠷᠲᠤ ᠸᠯᠠᠲᠢᠮᠢᠷ ᠬᠣᠲᠠᠨ ᠳᠡᠭᠡᠷ᠎ᠡ ᠪᠣᠷᠣᠭᠠᠨ ᠤ᠋ ᠬᠠᠷ᠎ᠠ ᠡᠭᠦᠯᠡ ᠨᠡᠭᠦᠭᠡᠳ ᠴᠥᠮ ᠢ᠋ ᠦᠨᠡᠰᠦᠨ ᠴᠢᠨᠳᠠᠷᠤᠤ ᠨᠤᠭᠤᠳ ᠪᠣᠯᠭᠠᠬᠤ ᠭᠡᠵᠦ ᠪᠠᠢᠨ᠎ᠠ ᠃ ᠠᠷᠢᠶᠠᠲᠠᠨ ᠰᠢᠭ᠋ ᠵᠡᠷᠯᠢᠭ ᠤᠯᠤᠰ ᠤ᠋ᠳ ᠡᠨᠡ ᠰᠤᠷᠭᠠᠭᠤᠯᠢ ᠡᠨᠡ ᠶᠡᠬᠡ ᠦᠨᠡᠲᠡᠢ ᠵᠦᠢᠯᠡᠰ ᠢ᠋ ᠴᠢᠨᠢ ᠶᠠᠭᠤ ᠭᠡᠵᠦ ᠦᠵᠡᠬᠦ ᠪᠣᠯ ? ᠲᠠᠲ᠋ᠠᠷ ᠤ᠋ᠳ ᠡᠨᠡᠬᠦ ᠥᠩᠭᠡᠷᠡᠭᠰᠡᠨ ᠵᠠᠭᠤᠨ ᠤ᠋ ᠦᠶ᠎ᠡ ᠶ᠋ᠢᠨ ᠳᠤᠷᠠᠰᠬᠠᠯ  ᠤ᠋ᠳ ᠲᠠᠢ ᠦᠨ᠎ᠡ ᠶᠡᠬᠡᠲᠦ ᠨᠣᠮ ᠤ᠋ᠳ ᠢ᠋ ᠬᠣᠷᠢᠶᠠᠨ ᠠᠪᠤᠭᠠᠳ ᠮᠣᠷᠢᠨ ᠤ᠋ ᠬᠥᠯ ᠰᠢᠷᠠᠵᠤ ᠢᠳᠡᠬᠦ ᠶ᠋ᠢᠨ ᠲᠤᠯᠠᠳᠠ ᠭᠠᠯ ᠳ᠋ᠤ᠌ ᠬᠠᠶᠠᠬᠤ ᠪᠣᠯᠤᠨ᠎ᠠ᠃

ᠪᠠᠭᠰᠢ ᠨᠢᠳᠦ ᠪᠡᠨ ᠭᠠᠷ ᠢ᠋ᠶ᠋ᠠᠷ ᠠᠷᠴᠢᠵᠤ ᠬᠡᠦᠬᠡᠳ ᠢ᠋ ᠶᠡᠬᠡᠳᠡ ᠠᠩᠬᠠᠷᠤᠯ ᠲᠠᠢ ᠪᠥᠭᠡᠳ ᠬᠠᠭᠠᠴᠠᠵᠤ ᠪᠣᠢ ᠰᠢᠨᠵᠢᠲᠡᠢ ᠪᠡᠷ ᠰᠢᠷᠳᠡᠨ᠎ᠡ᠃
— ᠥᠨᠥᠳᠥᠷ ᠮᠠᠨ ᠤ᠋ ᠡᠴᠦᠰ ᠦ᠋ᠨ ᠬᠢᠴᠢᠶᠡᠯ᠂ ᠡᠭᠦᠨ ᠡᠴᠡ ᠬᠣᠢᠰᠢ ᠲᠠᠨᠠᠷ  ᠤ᠋ᠨ ᠪᠠᠢᠷᠢ᠂ ᠪᠤᠰᠤ ᠲᠤᠰ ᠬᠣᠲᠠ ᠶ᠋ᠢᠨ ᠬᠡᠷᠡᠮ ᠳᠡᠭᠡᠷ᠎ᠡ ᠪᠣᠯᠬᠤ ᠪᠢᠵᠡ᠃ ᠪᠢᠳᠡᠨ ᠦ᠌ ᠡᠪᠦᠭᠡᠳ ᠬᠦᠷᠲᠡᠯ᠎ᠡ ᠰᠡᠯᠡᠮ᠎ᠡ ᠵᠢᠳᠠ ᠬᠣᠶᠠᠷ ᠢ᠋ ᠪᠠᠷᠢᠨ᠎ᠠ᠃ ᠬᠠᠷᠢᠨ ᠲᠠᠨᠠᠷ ᠡᠴᠢᠭᠡ ᠠᠬ᠎ᠠ ᠨᠠᠷ ᠲᠠᠭᠠᠨ ᠰᠤᠮᠤ ᠶ᠋ᠢ ᠲᠡᠭᠦᠵᠦ ᠥᠭᠬᠦ᠂ ᠤᠰᠤ ᠲᠠᠯᠬ᠎ᠠ ᠵᠥᠭᠡᠭᠡᠵᠦ ᠠᠪᠴᠢᠷᠠᠬᠤ ᠪᠣᠯᠤᠨ᠎ᠠ᠁
— ᠪᠢᠳᠡ ᠭᠠᠭᠴᠠᠬᠠᠨ ᠡᠭᠦᠨ ᠢ᠋ ᠬᠦᠰᠡᠨ᠎ᠡ᠁ ᠭᠡᠵᠦ ᠪᠠᠭᠠᠴᠤᠳ ᠬᠠᠰᠬᠢᠷᠤᠯᠳᠤᠨ᠎ᠠ᠃
— ᠣᠳᠣ ᠪᠠᠰᠠ ᠲᠠᠨᠠᠷ ᠲᠤ᠌ ᠭᠤᠶᠤᠬᠤ ᠡᠴᠦᠰ ᠦ᠋ᠨ ᠨᠢᠭᠡ ᠵᠦᠢᠯ ᠪᠣᠢ᠃ ᠲᠠᠲ᠋ᠠᠷ ᠤ᠋ᠳ ᠲᠤᠰ ᠰᠤᠷᠭᠠᠭᠤᠯᠢ ᠳ᠋ᠤ᠌ ᠣᠷᠣᠵᠤ ᠢᠷᠡᠭᠡᠳ ᠰᠢᠲᠠᠭᠠᠬᠤ ᠮᠠᠭᠠᠳ ᠦᠭᠡᠢ᠃ ᠡᠨᠡ ᠦᠨᠡᠲᠦ ᠨᠣᠮ ᠤ᠋ᠳ ᠢ᠋ ᠨᠢᠭᠤᠵᠤ ᠴᠢᠯᠠᠭᠤ ᠪᠠᠷ ᠪᠤᠯᠠᠶ᠎ᠠ᠃ ᠲᠠᠨᠠᠷ ᠤ᠋ᠨ ᠠᠮᠢᠳᠤ ᠦᠯᠡᠳᠡᠭᠰᠡᠨ ᠠᠯᠢ ᠠᠯᠢ ᠨᠢ ᠲᠠᠲ᠋ᠠᠷ ᠤ᠋ᠳ ᠢ᠋ ᠶᠠᠪᠤᠭᠰᠠᠨ ᠤ᠋ ᠬᠣᠢᠨ᠎ᠠ ᠡᠳᠡᠭᠡᠷ ᠪᠤᠷᠬᠠᠨ ᠤ᠋ ᠨᠣᠮ ᠢ᠋ ᠭᠡᠷᠡᠯ ᠳ᠋ᠦ᠍ ᠭᠠᠷᠭᠠᠪᠠᠯ ᠲᠠᠨᠠᠷ ᠤ᠋ᠨ ᠦᠷ᠎ᠡ ᠬᠡᠦᠬᠡᠳ ᠪᠠ ᠠᠴᠢ ᠵᠢᠭᠡ ᠨᠠᠷ ᠴᠥᠮ ᠡᠭᠦᠨ ᠢ᠋ᠶ᠋ᠡᠷ ᠰᠤᠷᠤᠯᠴᠠᠬᠤ ᠪᠣᠯᠤᠨ᠎ᠠ᠃ ᠪᠢᠳᠡᠨ ᠦ᠌ ᠭᠡᠭᠡᠨ ᠦᠢᠯᠡᠰ ᠪᠣᠯ ᠡᠨᠡ ᠦᠨᠡᠲᠦ ᠡᠷᠳᠡᠨᠢᠰ ᠦ᠋ᠨ ᠰᠠᠩ ᠢ᠋ ᠨᠢᠭᠤᠬᠤ ᠶᠠᠪᠤᠳᠠᠯ᠂ ᠬᠠᠷᠢᠨ ᠲᠠᠨᠠᠷ ᠬᠤᠪᠴᠠᠰᠤ ᠪᠠᠨ ᠡᠮᠦᠰᠦᠭᠲᠦᠨ ᠭᠡᠯ᠎ᠡ᠃

ᠬᠡᠦᠬᠡᠳ ᠦ᠋ᠳ ᠪᠣᠰᠤᠨ ᠬᠠᠷᠠᠢᠵᠠᠭᠠᠵᠤ᠂ ᠲᠡᠷᠡᠬᠦ ᠵᠤᠭᠠᠲᠠᠢ ᠠᠵᠢᠯ ᠳ᠋ᠤ᠌ ᠪᠠᠶᠠᠷᠯᠠᠨ ᠬᠤᠪᠴᠠᠰᠤ ᠪᠠᠨ ᠡᠮᠦᠰᠴᠡᠭᠡᠪᠡ᠃ ᠫᠷᠤᠺᠥ᠋ᠳᠠ᠂ ᠡᠨᠡ ᠪᠠᠭ᠎ᠠ ᠬᠡᠦᠬᠡᠳ ᠦ᠋ᠳ ᠦ᠋ᠨ ᠳᠡᠷᠭᠡᠳᠡ ᠣᠴᠢᠭᠠᠳ ᠲᠡᠭᠦᠨ ᠢ᠋ ᠬᠠᠵᠠᠭᠤ ᠲᠡᠰᠢ ᠪᠡᠨ ᠠᠪᠠᠴᠢᠵᠤ᠂
— ᠪᠦᠯᠡᠲ᠋ᠺᠤ ᠠ᠋᠂ ᠮᠢᠨᠦ ᠬᠡᠯᠡᠬᠦ ᠦᠭᠡ ᠶ᠋ᠢ ᠬᠡᠨ ᠳ᠋ᠦ᠍ ᠴᠦ᠍ ᠬᠡᠯᠡᠵᠦ ᠪᠣᠯᠬᠤ ᠦᠭᠡᠢ ᠰᠢᠦ᠃ ᠶᠠᠮᠠᠷ ᠴᠤ᠌ ᠬᠠᠮᠢᠶ᠎ᠠ ᠦᠭᠡᠢ ᠮᠠᠯᠠᠭᠠᠢ᠂ ᠭᠤᠲᠤᠯ᠂ ᠴᠠᠮᠴᠠ᠂ ᠥᠮᠥᠳᠥ ᠶ᠋ᠢ ᠣᠯᠵᠤ ᠨᠠᠳᠠᠳᠤ ᠠᠪᠴᠢᠷᠠᠵᠤ ᠥᠭ (ᠭᠡᠯ᠎ᠡ᠃ )
— ᠨᠠᠳᠠᠳᠤ ᠰᠢᠨ᠎ᠡ ᠶᠠᠭᠤ ᠴᠤ᠌ ᠪᠠᠢᠬᠤ ᠦᠭᠡᠢ᠂ ᠴᠥᠮ ᠤᠷᠠᠩᠬᠠᠢ᠃
— ᠬᠠᠷᠢᠨ ᠤᠷᠠᠩᠬᠠᠢ ᠴᠢᠨᠢ ᠨᠠᠳᠠᠳᠤ ᠬᠡᠷᠡᠭ ᠲᠡᠢ᠃ ᠬᠡᠷᠪᠡ ᠲᠠᠲ᠋ᠠᠷ ᠤ᠋ᠳ ᠢ᠋ ᠢᠷᠡᠪᠡᠯ ᠭᠡᠷ ᠲᠡᠭᠡᠨ ᠴᠣᠣᠵᠢ ᠲᠠᠢ ᠰᠢᠲᠠᠭᠠᠯᠭᠠᠬᠤ ᠳ᠋ᠤ᠌ ᠪᠢ ᠬᠦᠷᠬᠦ ᠨᠢ ᠪᠠᠢᠨ᠎ᠠ᠁ ᠬᠠᠷᠢᠨ ᠪᠢ ᠡᠷᠡᠭᠲᠡᠢ ᠬᠡᠦᠬᠡᠳ ᠦ᠋ᠨ ᠬᠤᠪᠴᠠᠰᠤ ᠶ᠋ᠢ ᠡᠮᠦᠰᠦᠭᠡᠳ ᠣᠢ ᠳ᠋ᠤ᠌ ᠵᠢᠭᠤᠲᠠᠨ ᠭᠠᠷᠴᠤ ᠲᠠᠲ᠋ᠠᠷ ᠤ᠋ᠳ ᠢ᠋ ᠬᠥᠭᠡᠭᠡᠨ ᠵᠠᠢᠯᠠᠭᠤᠯᠬᠤ ᠪᠣᠯᠲᠠᠯ᠎ᠠ ᠲᠡᠳᠡᠨ ᠲᠡᠢ ᠲᠡᠮᠡᠴᠡᠨ᠎ᠡ᠃
— ᠲᠡᠭᠡᠪᠡᠯ ᠫᠷᠤᠺᠥ᠋ᠳᠠ ᠪᠢ ᠴᠢᠮᠠᠲᠠᠢ ᠬᠠᠮᠲᠤ ᠶᠠᠪᠤᠨ᠎ᠠ᠃ ᠴᠢᠮᠠᠲᠤ ᠴᠥᠮ ᠢ᠋ ᠣᠯᠵᠤ ᠦᠭᠭᠦᠨ᠎ᠡ ᠭᠡᠳ ᠪᠦᠯᠡᠲ᠋ᠺᠦ ᠶᠡᠬᠡᠳᠡ ᠪᠠᠶᠠᠷᠯᠠᠨ᠂
— ᠪᠤᠰᠤᠳ ᠬᠡᠦᠬᠡᠳ ᠦ᠋ᠳ ᠪᠠᠰᠠ ᠴᠢᠮᠠᠲᠠᠢ ᠬᠠᠮᠲᠤ ᠶᠠᠪᠤᠵᠠᠭᠠᠨ᠎ᠠ ᠭᠡᠪᠡ᠃


   ᠦᠰᠦᠭ ᠠᠮᠢᠯᠠᠭᠤᠯᠤᠭᠴᠢ᠄  ᠵᠢᠩᠯᠢᠬᠤᠸᠠᠷ 1᠂ ᠮᠡᠷᠭᠡᠨᠭᠣᠸ᠎ᠠ 1᠂ ᠬᠦᠦᠳᠠᠭᠠᠭᠤᠯᠠ 1᠂ ᠠᠯᠲᠠᠨᠴᠢᠮᠡᠭ 1
   ᠬᠢᠨᠠᠭᠴᠢ᠄ ᠵᠢᠩᠯᠢᠬᠤᠸᠠᠷ 1
   ᠶᠡᠷᠦᠩᠬᠡᠢ ᠬᠢᠨᠠᠭᠴᠢ᠄ ᠠᠷᠢᠭᠤᠨ 4᠂ ᠠᠯᠲᠠᠨᠴᠢᠮᠡᠭ 4