ᠪᠠᠲᠤ ᠬᠠᠭᠠᠨ 6-10ᠵᠡᠷᠯᠢᠭ ᠦ᠋ᠳ ᠨᠡᠢᠰᠯᠡᠯ ᠬᠣᠲᠠᠨ ᠳ᠋ᠤ᠌ ᠠᠶᠤᠯ ᠢ᠋ ᠤᠴᠠᠷᠠᠭᠤᠯᠪᠠ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 6-10ᠵᠡᠷᠯᠢᠭ ᠦ᠋ᠳ ᠨᠡᠢᠰᠯᠡᠯ ᠬᠣᠲᠠᠨ ᠳ᠋ᠤ᠌ ᠠᠶᠤᠯ ᠢ᠋ ᠤᠴᠠᠷᠠᠭᠤᠯᠪᠠ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ

ᠪᠠᠲᠤ ᠬᠠᠭᠠᠨ 6-10ᠵᠡᠷᠯᠢᠭ ᠦ᠋ᠳ ᠨᠡᠢᠰᠯᠡᠯ ᠬᠣᠲᠠᠨ ᠳ᠋ᠤ᠌ ᠠᠶᠤᠯ ᠢ᠋ ᠤᠴᠠᠷᠠᠭᠤᠯᠪᠠ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-13

203

ᠠᠷᠪᠠ ᠂ ᠵᠡᠷᠯᠢᠭ ᠦ᠋ᠳ ᠨᠡᠢᠰᠯᠡᠯ ᠬᠣᠲᠠᠨ ᠳ᠋ᠤ᠌ ᠠᠶᠤᠯ ᠢ᠋ ᠤᠴᠠᠷᠠᠭᠤᠯᠪᠠ


ᠶᠡᠬᠡ ᠸᠠᠩ ᠸᠯᠠᠳᠢᠮᠢᠷ ᠤ᠋ᠨ ᠬᠠᠲᠤᠨ ᠠᠭᠠᠹᠢᠶᠠ ᠲᠦᠭᠰᠢᠭᠦᠷᠢᠲᠡᠢ ᠡᠳᠦᠷ ᠦ᠋ᠳ ᠢ᠋ ᠦᠵᠡᠵᠦ ᠲᠡᠷᠡᠬᠦ ᠲᠤᠯᠭᠠᠷᠠᠨ ᠪᠦᠬᠦᠢ ᠠᠶᠤᠯ ᠢ᠋ ᠮᠠᠷᠲᠠᠬᠤ ᠶ᠋ᠢ ᠣᠷᠣᠯᠳᠣᠭᠰᠠᠭᠠᠷ ᠪᠠᠢᠪᠠ᠃ ᠭᠡᠷ ᠪᠦᠯᠢ ᠪᠠ ᠭᠡᠷ ᠦ᠋ᠨ ᠠᠵᠤ ᠠᠬᠤᠢ ᠳ᠋ᠤ᠌ ᠰᠠᠨᠠᠭ᠎ᠠ ᠲᠠᠯᠪᠢᠨ ᠴᠠᠭ ᠢ᠋ ᠥᠩᠭᠡᠷᠡᠭᠦᠯᠵᠦ ᠡᠷᠡᠯᠬᠡᠭ ᠵᠣᠷᠢᠭᠲᠠᠢ ᠪᠠᠢᠬᠤ ᠬᠡᠷᠡᠭᠲᠡᠢ ᠭᠡᠵᠦ ᠬᠥᠮᠦᠨ ᠪᠦᠬᠦᠨ ᠢ᠋ ᠢᠳᠬᠠᠨ ᠲᠠᠢᠳᠬᠤᠷᠠᠭᠤᠯᠵᠤ ᠪᠠᠢᠯ᠎ᠠ᠃ ᠲᠡᠭᠦᠨ ᠦ᠌ ᠵᠠᠯᠠᠭᠤ ᠪᠡᠷᠭᠡᠨ ᠬᠠᠲᠤᠨ ᠮᠠᠷᠢᠶᠠ᠂ ᠾᠧᠷᠢᠰᠲ᠋ᠢᠨᠠ ᠬᠣᠶᠠᠷ ᠪᠠ ᠪᠤᠰᠤᠳ ᠣᠯᠠᠨ ᠵᠠᠢᠰᠠᠩ ᠤ᠋ᠳ ᠤ᠋ᠨ ᠡᠬᠡᠨᠡᠷ ᠦ᠋ᠳ ᠨᠢ᠂
—ᠣᠳᠣ ᠠᠮᠤᠷ ᠲᠠᠢᠪᠤᠩ ᠰᠠᠭᠤᠬᠤ ᠴᠠᠭ ᠳᠠᠭᠤᠰᠪᠠ ᠭᠡᠵᠦ ᠤᠬᠢᠯᠠᠨ ᠪᠠᠷᠬᠢᠷᠠᠵᠠᠭᠠᠨ᠎ᠠ᠃ ᠬᠡᠦᠬᠡᠳ ᠦ᠋ᠳ ᠸᠠᠩ ᠤ᠋ᠨ ᠬᠠᠰᠢᠶᠠᠨ ᠠ᠋ᠴᠠ ᠭᠦᠶᠦᠯᠳᠦᠨ ᠭᠠᠷᠴᠤ ᠬᠡᠷᠡᠮ ᠦ᠋ᠨ ᠳᠡᠭᠡᠷ᠎ᠡ ᠭᠠᠷᠴᠠᠭᠠᠨ᠎ᠠ᠃
— ᠰᠤᠷᠭᠠᠭᠤᠯᠢ ᠳ᠋ᠤ᠌ ᠰᠤᠷᠤᠯᠴᠠᠬᠤ ᠳᠤᠷ᠎ᠠ ᠦᠭᠡᠢ ᠪᠠᠢᠨ᠎ᠠ᠃ ᠣᠳᠣ ᠪᠢᠳᠡ ᠥᠭᠡᠷ᠎ᠡ ᠵᠦᠢᠯ ᠢ᠋ ᠰᠤᠷᠤᠯᠴᠠᠬᠤ ᠬᠡᠷᠡᠭᠲᠡᠢ ᠪᠣᠯᠪᠠ᠃ ᠪᠢᠳᠡ ᠲᠠᠲ᠋ᠠᠷ ᠤ᠋ᠳ ᠢ᠋ ᠬᠠᠷᠪᠤᠬᠤ ᠴᠢᠯᠠᠭᠤᠳᠠᠬᠤ ᠵᠡᠷᠭᠡ ᠪᠡᠷ ᠰᠢᠳᠠᠷ ᠴᠡᠷᠢᠭ ᠦ᠋ᠳ ᠲᠡᠭᠡᠨ ᠲᠤᠰᠠᠯᠠᠯᠴᠠᠨ᠎ᠠ ᠭᠡᠵᠦ ᠬᠠᠰᠬᠢᠷᠤᠯᠳᠤᠨ᠎ᠠ᠃

ᠬᠠᠲᠤᠨ ᠠᠭᠠᠹᠢᠶᠠ ᠡᠳᠦᠷ ᠰᠥᠨᠢ ᠶ᠋ᠢᠨ ᠲᠤᠷᠰᠢ ᠮᠥᠷᠭᠥᠭᠰᠡᠭᠡᠷ ᠥᠷᠯᠥᠭᠡ ᠪᠦᠬᠦᠨ ᠡᠬᠡ ᠳ᠋ᠠᠷ᠎ᠠ ᠭᠡᠳᠡᠭ ᠰᠦᠮ᠎ᠡ ᠳ᠋ᠦ᠍ ᠭᠤᠨᠢᠭᠯᠠᠨ ᠣᠴᠢᠵᠤ ᠯᠠᠮᠠ ᠮᠢᠲ᠋ᠷᠣᠹᠠᠨ ᠲᠠᠢ ᠶᠠᠷᠢᠶ᠎ᠠ ᠬᠢᠨ᠎ᠡ᠃
— ᠲᠩᠷᠢ᠂ ᠲᠩᠷᠢ᠂ ᠣᠷᠣᠰ ᠴᠡᠷᠢᠭ ᠦ᠋ᠳ ᠲᠦ᠍ ᠲᠤᠰᠠᠯᠠᠵᠤ ᠨᠢᠭᠦᠯᠲᠦ ᠲᠠᠲ᠋ᠠᠷ ᠤ᠋ᠳ ᠢ᠋ ᠬᠥᠭᠡᠭᠡᠨ ᠵᠠᠢᠯᠠᠭᠤᠯᠬᠤ ᠶ᠋ᠢᠨ ᠲᠥᠯᠥᠭᠡ ᠮᠥᠷᠭᠥᠨ᠎ᠡ᠃ ᠴᠢᠨᠦ ᠨᠥᠬᠥᠷ ᠸᠠᠩ ᠭᠸᠤᠷᠬᠢ ᠪᠠ ᠬᠥᠪᠡᠭᠦᠳ ᠦ᠋ᠨ ( ᠢ᠋ ) ᠴᠢᠨᠢ ᠠᠶᠤᠯᠲᠤ ᠳᠠᠢᠰᠤᠨ ᠠ᠋ᠴᠠ ᠲᠩᠷᠢ ᠢᠪᠡᠭᠡᠬᠦ ᠪᠣᠯᠲᠤᠭᠠᠢ ᠭᠡᠵᠦ ᠮᠥᠷᠭᠥᠭᠲᠦᠨ! ᠭᠡᠵᠦ ᠯᠠᠮ᠎ᠠ ᠬᠠᠲᠤᠨ ᠳ᠋ᠤ᠌ ᠬᠡᠯᠡᠨᠡᠮ᠃

ᠬᠠᠲᠤᠨ ᠠᠭᠠᠹᠢᠶᠠ᠂ ᠣᠷᠣᠰ ᠤ᠋ᠨ ᠨᠤᠲᠤᠭ ᠢ᠋ ᠲᠠᠲ᠋ᠠᠷ ᠤ᠋ᠳ ᠠ᠋ᠴᠠ ᠴᠢᠯᠥᠭᠡᠯᠡᠭᠡᠳ ᠶᠡᠬᠡ ᠴᠡᠷᠢᠭ ᠦ᠋ᠨ ᠬᠠᠮᠲᠤ ᠤᠳᠠᠯ ᠦᠭᠡᠢ ᠡᠭᠡᠵᠦ ᠢᠷᠡᠨ᠎ᠡ ᠭᠡᠵᠦ ᠨᠥᠬᠥᠷ ᠦ᠋ᠨ ᠠᠮᠠᠯᠠᠭᠰᠠᠨ ᠦᠭᠡ ᠶ᠋ᠢ ᠭᠦᠨ ᠢᠲᠡᠭᠡᠵᠦ ᠪᠠᠢᠯ᠎ᠠ᠃ ᠬᠠᠲᠤᠨ ᠨᠢᠯᠪᠤᠰᠤ ᠪᠠᠨ ᠴᠤᠪᠤᠷᠠᠭᠤᠯᠤᠨ ᠲᠦᠷᠭᠡᠨ ᠲᠦᠷᠭᠡᠨ ᠮᠥᠷᠭᠥᠨ ᠨᠢᠳᠦ ᠪᠡᠨ ᠠᠨᠢᠬᠤ ᠳ᠋ᠠᠭᠠᠨ ᠥᠨᠥᠳᠥᠷ ᠶᠡᠬᠡ ᠬᠦᠴᠦᠲᠡᠢ᠂ ᠦᠭᠡ ᠬᠡᠯᠡ ᠨᠢ ᠨᠠᠢᠳᠠᠪᠤᠷᠢᠲᠠᠢ᠂ ᠬᠦᠴᠦᠷᠬᠡᠭ ᠭᠠᠷ ᠲᠠᠢ ᠨᠥᠬᠥᠷ ᠢ᠋ᠶ᠋ᠡᠨ ᠠᠮᠢᠳᠤ ᠪᠠᠢᠭ᠎ᠠ ᠶ᠋ᠢ ᠦᠵᠡᠬᠦ ᠮᠡᠲᠦ ᠪᠣᠯᠵᠤ ᠪᠠᠢᠪᠠ᠃

《ᠲᠡᠷᠡ ᠴᠡᠷᠢᠭ ᠦ᠋ᠨ ᠶᠠᠪᠤᠳᠠᠯ ᠢ᠋ ᠮᠡᠳᠡᠬᠦ ᠲᠤᠯᠠ ᠴᠡᠷᠢᠭ ᠢ᠋ ᠲᠦᠷᠭᠡᠨ᠎ᠡ ᠡᠯᠰᠡᠭᠦᠯᠦᠭᠡᠳ ᠲᠠᠲ᠋ᠠᠷ ᠤ᠋ᠳ ᠢ᠋ ᠬᠥᠭᠡᠭᠡᠨ᠎ᠡ᠃ ᠲᠡᠭᠦᠨ ᠢ᠋ ᠸᠯᠠᠳᠢᠮᠢᠷ ᠤ᠋ᠨ ᠠᠯᠲᠠᠨ ᠬᠠᠭᠠᠯᠭ᠎ᠠ ᠪᠠᠷ ᠥᠪᠡᠷ ᠦ᠋ᠨ ᠢᠲᠡᠭᠡᠯᠲᠦ ᠴᠠᠭᠠᠨ ᠮᠣᠷᠢ ᠪᠠᠨ ᠤᠨᠤᠭᠠᠳ ᠣᠷᠣᠵᠤ ᠢᠷᠡᠬᠦ ᠳ᠋ᠦ᠍ ᠬᠠᠲᠤᠨ ᠪᠡᠷᠭᠡᠳ ᠦ᠋ᠨ ᠢ᠋ᠶ᠋ᠡᠨ ᠬᠠᠮᠲᠤᠪᠠᠷ ᠣᠴᠢᠵᠤ ᠲᠡᠭᠦᠨ ᠢ᠋ ᠤᠭᠲᠤᠵᠤ ᠪᠣᠯᠤᠨ᠎ᠠ᠃ ᠬᠠᠲᠤᠨ ᠸᠠᠩ ᠤ᠋ᠨ ᠮᠣᠷᠢ ᠶ᠋ᠢ ᠴᠤᠯᠪᠤᠭᠤᠷ ᠠ᠋ᠴᠠ ᠨᠢ ᠬᠥᠲᠥᠯᠵᠦ ᠸᠠᠩ ᠤ᠋ᠨ ᠬᠠᠰᠢᠶᠠᠨ᠎ᠡ ᠣᠷᠣᠭᠤᠯᠤᠨ᠎ᠠ 》ᠭᠡᠵᠦ ᠪᠣᠳᠣᠪᠠ᠃

ᠸᠠᠩ ᠸᠰᠸᠸᠤᠯᠣᠳ᠋ ᠪᠠᠭ ᠴᠡᠷᠢᠭ ᠦ᠋ᠨ ᠬᠠᠮᠲᠤ ᠭᠡᠨᠡᠳᠲᠡ ᠺᠤᠯᠤᠮᠤᠨ ᠠ᠋ᠴᠠ ᠵᠢᠭᠤᠲᠠᠨ ᠭᠠᠷᠴᠤ ᠢᠷᠡᠪᠡ᠃ ᠬᠠᠲᠤᠨ ᠠᠭᠠᠹᠢᠶᠠ ᠲᠡᠷᠡ ᠳᠠᠷᠤᠢ ᠳ᠋ᠤ᠌ ᠰᠢᠳᠠᠷ ᠵᠠᠢᠰᠠᠩ ᠤ᠋ᠳ ᠤ᠋ᠨ ᠵᠥᠪᠯᠡᠯᠭᠡ ᠶ᠋ᠢ ᠵᠠᠷᠯᠠᠪᠠ᠃ ᠵᠠᠩᠵᠤᠨ ᠫᠸᠲ᠋ᠷ ᠤᠰᠯᠶᠡᠳᠥᠢ᠍ᠺᠥᠸᠢ᠍ᠴ ᠵᠠᠷᠢᠮ ᠮᠢᠩᠭᠠᠲᠤ ᠶ᠋ᠢᠨ ᠳᠠᠷᠤᠭ᠎ᠠ ᠨᠠᠷ ᠪᠠ ᠸᠠᠩ ᠤ᠋ᠨ ᠬᠣᠶᠠᠷ ᠪᠡᠷᠭᠡᠨ ᠣᠷᠣᠯᠴᠠᠪᠠ᠃
— ᠪᠢ ᠪᠤᠷᠬᠠᠨ ᠤ᠋ ᠰᠢᠳᠢ ᠪᠡᠷ ᠲᠠ ᠪᠦᠬᠦᠨ᠎ᠡ ᠬᠦᠷᠦᠯᠴᠡᠨ ᠢᠷᠡᠯ᠎ᠡ᠃ ᠨᠠᠮᠠᠶ᠋ᠢ ᠲᠩᠷᠢ ᠠᠪᠤᠷᠠᠯ᠎ᠠ᠃ ᠲᠠᠲ᠋ᠠᠷ ᠤ᠋ᠳ ᠺᠤᠯᠤᠮᠤᠨ ᠬᠣᠲᠠ ᠶ᠋ᠢᠨ ᠵᠦᠭ ᠪᠦᠬᠦᠨ ᠡᠴᠡ ᠨᠢ ᠪᠦᠰᠡᠯᠡᠯ᠎ᠡ᠃ ᠲᠡᠳᠡᠨ ᠦ᠌ ᠴᠡᠷᠢᠭ ᠮᠠᠰᠢ ᠣᠯᠠᠨ ᠶᠤᠮ᠃ ᠲᠡᠳᠡᠨ ᠦ᠌ ᠬᠠᠮᠤᠭ ᠤ᠋ᠨ ᠶᠡᠬᠡ ᠴᠢᠩᠭᠢᠰ ᠦ᠋ᠨ ᠬᠦᠦ (ᠲᠡᠳᠡᠨ ᠤ᠋ ᠴᠢᠩᠭᠢᠰ ᠤ᠋ᠨ ᠬᠠᠮᠤᠭ ᠤ᠋ᠨ ᠶᠡᠬᠡ ᠠᠴᠢ ᠬᠦᠦ ) ᠵᠠᠯᠠᠭᠤ ᠬᠠᠭᠠᠨ ᠲᠡᠭᠦᠨ ᠢ᠋ ᠵᠠᠬᠢᠷᠴᠤ ᠪᠠᠢᠨ᠎ᠠ᠃ ᠲᠡᠷᠡᠬᠦ ᠲᠠᠲ᠋ᠠᠷ ᠤ᠋ᠳ ᠤ᠋ᠨ ᠴᠡᠷᠢᠭ ᠦ᠋ᠨ ᠪᠠᠢᠷᠢᠯᠠᠭᠰᠠᠨ ᠭᠠᠵᠠᠷ ᠭᠤᠷᠪᠠᠨ ᠡᠳᠦᠷ ᠦ᠋ᠨ ᠲᠤᠷᠰᠢ ᠠᠷᠢᠶᠠᠲᠠᠨ ᠤ᠋ ᠣᠯᠢᠬᠤ ᠬᠡᠩᠭᠡᠷᠭᠡ ᠶ᠋ᠢᠨ ᠳᠠᠭᠤᠨ ᠭᠠᠷᠤᠭᠰᠠᠭᠠᠷ ᠪᠠᠢᠨᠠᠮ᠃ ᠲᠡᠳᠡᠨ ᠦ᠌ ᠤᠳᠤᠷᠢᠳᠤᠭᠴᠢ ᠺᠶᠦᠯᠺᠡᠨ (ᠬᠥᠯᠭᠡᠨ ) ᠬᠠᠭᠠᠨ ᠢ᠋ ᠣᠷᠣᠰ ᠬᠥᠮᠦᠨ ᠬᠠᠷᠪᠤᠵᠤ ᠠᠯᠠᠭᠰᠠᠨ ᠲᠤᠯᠠ ᠲᠡᠳᠡ ᠥᠪᠡᠷ ᠦ᠋ᠨ ᠲᠡᠭᠷᠢ ᠳ᠋ᠡᠭᠡᠨ ᠭᠣᠮᠣᠳᠠᠵᠤ ᠪᠠᠢᠭ᠎ᠠ ᠨᠢ ᠲᠡᠷᠡ ᠭᠡᠵᠦ ᠣᠯᠵᠠᠯᠠᠬᠳᠠᠬᠴᠢᠳ ᠬᠡᠯᠡᠵᠦ ᠪᠠᠢᠨ᠎ᠠ᠃ ᠲᠡᠷᠡ ᠰᠠᠮᠪᠠᠭᠠᠨ ᠳ᠋ᠤ᠌ ᠪᠢ ᠵᠢᠭᠤᠲᠠᠨ ᠢᠷᠡᠯ᠎ᠡ᠃ ᠲᠠᠲ᠋ᠠᠷ ᠤ᠋ᠨ ᠶᠡᠬᠡ ᠬᠦᠴᠦᠨ ᠨᠡᠰᠢ ᠢᠷᠡᠭᠡᠳ ᠬᠠᠪᠤᠷ ᠴᠠᠭ ᠤ᠋ᠨ ᠦᠶᠡᠷ ᠦ᠋ᠨ ᠤᠰᠤ ᠰᠢᠭ᠋ ᠴᠢᠳᠬᠤᠬᠤ ᠪᠣᠯᠤᠨ᠎ᠠ᠃
— ᠡᠮᠡᠭᠲᠡᠢᠴᠦᠳ ᠡᠴᠡ ᠬᠡᠨ ᠶᠠᠳᠠᠬᠤ ᠨᠢ ᠤᠮᠠᠷ᠎ᠠ ᠨᠤᠸᠤᠭᠤᠷᠤᠳ᠋᠂ ᠺᠤᠰᠲ᠋ᠢᠷᠤᠮ᠂ ᠭᠠᠯᠢᠴ ᠪᠤᠶᠤ ᠴᠠᠭᠠᠨ ᠨᠠᠭᠤᠷ ᠵᠡᠷᠭᠡ ᠭᠠᠵᠠᠷ ᠲᠸ᠋ ᠵᠢᠭᠤᠲᠠᠨ ᠣᠴᠢᠲᠤᠭᠠᠢ! ᠣᠢ ᠮᠣᠳᠣ ᠠᠭᠯᠠᠭ ᠵᠡᠯᠢᠭᠦᠳ ᠭᠠᠵᠠᠷ ᠨᠢᠭᠤᠭᠳᠠᠬᠤ ᠬᠡᠷᠡᠭᠲᠡᠢ ᠭᠡᠪᠡ᠃
— ᠲᠤᠰ ᠸᠯᠠᠳᠢᠮᠢᠷ ᠬᠣᠲᠠᠨ᠎ᠠ ᠠᠯᠠᠯᠳᠤᠭᠠᠨ ᠲᠡᠮᠡᠴᠡᠯ ᠪᠣᠯᠬᠤ ᠪᠥᠭᠡᠳ ᠸᠠᠩ ᠠᠪᠤ ᠶ᠋ᠢ ᠬᠦᠷᠴᠦ ᠢᠷᠡᠲᠡᠯ᠎ᠡ ᠪᠢᠳᠡ ᠲᠡᠰᠪᠦᠷᠢᠯᠡᠨ ᠪᠠᠢᠵᠤ ᠴᠢᠳᠠᠨ᠎ᠠ ᠤᠤ? ᠦᠭᠡᠢ ᠤᠤ? ᠭᠡᠪᠡ᠃
— ᠪᠢᠳᠡ ᠲᠠᠨᠠᠷ ᠢ᠋ ᠬᠠᠶᠠᠬᠤ ᠦᠭᠡᠢ᠃ ᠵᠣᠪᠠᠯᠠᠩ ᠤ᠋ᠨ ᠤᠰᠤ ᠶ᠋ᠢ ᠬᠠᠮᠲᠤ ᠤᠤᠭᠤᠵᠠᠭᠠᠶ᠎ᠠ ᠭᠡᠵᠦ ᠬᠠᠲᠤᠨ ᠠᠭᠠᠹᠢᠶᠠ ᠵᠣᠷᠢᠭᠲᠠᠢ ᠪᠠᠷ ᠬᠡᠯᠡᠪᠡ᠃

ᠬᠣᠶᠠᠷ ᠪᠡᠷᠭᠡᠨ ᠤᠬᠢᠯᠠᠨ᠂
— ᠪᠢᠳᠡ ᠲᠠᠨᠠᠷ ᠠ᠋ᠴᠠ ᠬᠠᠭᠠᠴᠠᠵᠤ ᠬᠠᠮᠢᠭᠠᠰᠢ ᠴᠤ᠌ ᠶᠠᠪᠤᠬᠤ ᠦᠭᠡᠢ᠂ ᠪᠢᠳᠡ ᠬᠦᠢᠲᠡᠨ ᠴᠦᠯ ᠭᠠᠵᠠᠷ ᠶᠠᠭᠤᠨ ᠳ᠋ᠤ᠌ ᠶᠠᠪᠤᠬᠤ ᠪᠢᠯᠡ᠃ ᠡᠨᠳᠡ ᠨᠢᠯᠬ᠎ᠠ ᠬᠡᠦᠬᠡᠳ ᠦ᠋ᠨ ᠬᠠᠮᠲᠤ ᠪᠦᠭᠦᠳᠡᠭᠡᠷ ᠦᠬᠦᠶ᠎ᠡ᠃ ᠪᠢᠳᠡ ᠡᠨᠳᠡ ᠪᠡᠨ ᠬᠡᠷᠡᠮ ᠦ᠋ᠨ ᠳᠡᠭᠡᠷ᠎ᠡ ᠭᠠᠷᠴᠤ ᠲᠠ ᠨᠠᠷ ᠤ᠋ᠨ ᠢ᠋ᠶ᠋ᠠᠨ ᠬᠠᠮᠲᠤ ᠲᠡᠮᠡᠴᠡᠯᠳᠦᠭᠰᠡᠨ ᠨᠢ ᠳᠡᠭᠡᠷ᠎ᠡ ᠪᠠᠢᠨ᠎ᠠ ᠭᠡᠯᠴᠡᠨ᠎ᠡ᠃
— ᠡᠨᠡ ᠪᠣᠯ ᠡᠮᠡᠭᠲᠡᠢᠴᠦᠳ ᠦ᠋ᠨ ᠶᠠᠪᠤᠳᠠᠯ ᠪᠢᠰᠢ᠁ ᠭᠡᠵᠦ ᠵᠠᠩᠵᠤᠨ ᠫᠸᠲ᠋ᠷ ᠤᠰᠯᠶᠡᠳᠥ᠋ᠺᠦᠸᠢᠴ ᠰᠠᠨᠠᠭᠤᠯᠪᠠ᠃

ᠪᠡᠷᠭᠡᠳ ᠦ᠋ᠨ ᠬᠣᠭᠣᠷᠣᠨᠳᠣ ᠰᠠᠭᠤᠵᠤ ᠪᠠᠢᠭᠰᠠᠨ ᠲᠡᠵᠢᠭᠡᠪᠦᠷᠢ ᠥᠬᠢᠨ᠂ ᠵᠠᠯᠠᠭᠤ ᠠᠪᠠᠬᠠᠢ ᠫᠷᠤᠺᠦᠢ᠍ᠳᠡ ᠬᠥᠨᠳᠡᠯᠡᠨ ᠡᠴᠡ ᠨᠢ ᠣᠷᠣᠯᠴᠠᠵᠤ᠂
— ᠲᠠᠲ᠋ᠠᠷ ᠤ᠋ᠨ ᠡᠮᠡᠭᠲᠡᠢᠴᠦᠳ ᠡᠷ᠎ᠡ ᠨᠥᠬᠥᠳ ᠠᠬ᠎ᠠ ᠳᠡᠭᠦᠦ ᠨᠠᠷ ᠲᠠᠢ ᠪᠠᠨ ᠮᠥᠷᠥ ᠵᠡᠷᠭᠡᠴᠡᠨ ᠮᠣᠷᠢ ᠤᠨᠤᠵᠤ ᠪᠠᠢᠯᠳᠤᠳᠠᠭ ᠭᠡᠵᠦ ᠪᠢ ᠰᠣᠨᠣᠰᠤᠭᠰᠠᠨ ᠰᠢᠦ᠁ ᠭᠡᠰᠡᠨ ᠳ᠋ᠦ᠍᠂
— ᠫᠷᠦᠺᠦ᠋ᠲᠡ ᠳᠤᠭᠤᠢ ᠪᠠᠢᠭᠲᠤᠨ! ᠴᠢ ᠶᠡᠷᠦ ᠨᠢ ᠬᠡᠲᠦᠷᠡᠵᠦ ᠪᠠᠢᠨ᠎ᠠ ᠰᠢᠦ᠃ ᠭᠡᠷ ᠲᠦ᠍ ᠰᠠᠭᠤᠵᠤ ᠪᠠᠢᠬᠤ ᠶ᠋ᠢᠨ ᠣᠷᠣᠨ ᠳ᠋ᠤ᠌ ᠬᠡᠷᠡᠮ ᠳᠡᠭᠡᠷ᠎ᠡ ᠭᠦᠶᠦᠨ ᠭᠠᠷᠴᠤ ᠲᠣᠮᠣ ᠬᠥᠮᠦᠰ ᠲᠡᠢ ᠦᠭᠡ ᠬᠡᠯᠡᠯᠴᠡᠬᠦ ᠪᠣᠯᠵᠠᠢ᠁ ᠭᠡᠵᠦ ᠬᠠᠲᠤᠨ ᠠᠭᠠᠹᠢᠶᠠ ᠰᠢᠷᠦᠭᠦᠨ ᠵᠠᠨᠤᠪᠠ᠃
— ᠴᠥᠮ ᠠᠳᠠᠯᠢ ᠪᠢ ᠲᠠᠨᠠᠷ ᠠ᠋ᠴᠠ  ᠵᠢᠭᠤᠲᠠᠭᠠᠳ ᠢᠵᠢᠯ ᠮᠥᠷᠡᠨ ᠦ᠌ ᠨᠠᠭᠠᠨ᠎ᠠ ᠣᠢ ᠳᠣᠲᠣᠷ᠎ᠠ ᠣᠷᠣᠵᠤ ᠠᠪᠤ ᠳᠡᠭᠡᠷ᠎ᠡ ᠪᠡᠨ ᠣᠴᠢᠨ᠎ᠠ ᠰᠢᠦ᠃ ᠳᠡᠮᠡᠢ ᠰᠠᠨᠠᠭ᠎ᠠ ᠠᠯᠲᠠᠨ ᠰᠠᠭᠤᠬᠤ ᠶ᠋ᠢᠨ ᠠᠰᠢᠭ ᠶᠠᠭᠤ ᠪᠢᠯᠡ᠃ ᠣᠢ ᠳᠣᠲᠣᠷ᠎ᠠ ᠶᠤᠮ ᠤᠤ᠂ ᠬᠡᠭᠡᠷ᠎ᠡ ᠲᠠᠯ᠎ᠠ ᠳ᠋ᠤ᠌ ᠪᠠᠢᠯᠳᠤᠵᠤ ᠪᠠᠢᠪᠠᠯ ᠳᠡᠭᠡᠷ᠎ᠡ ᠪᠢᠰᠢᠦ? ᠦᠬᠦᠬᠦ ᠴᠠᠭ ᠨᠢ ᠪᠣᠯᠤᠭᠰᠠᠨ ᠪᠣᠯ ᠬᠠᠮᠢᠭ᠎ᠠ ᠴᠤ᠌ ᠥᠭᠡᠷ᠎ᠡ ᠴᠦ᠍ ᠦᠭᠡᠢ ᠬᠡᠷᠡᠭ᠂ ᠠᠳᠠᠯᠢᠬᠠᠨ ᠯᠠ ᠦᠬᠦᠨ᠎ᠡ ᠭᠡᠰᠡᠨ ᠳ᠋ᠦ᠍᠂
— ᠴᠢᠮᠠᠶ᠋ᠢ ᠭᠡᠷ ᠲᠦ᠍ ᠴᠣᠣᠵᠢᠯᠠᠨ᠎ᠠ ᠭᠡᠵᠦ ᠬᠠᠲᠤᠨ ᠠᠭᠠᠹᠢᠶᠠ ᠵᠠᠩᠳᠤᠷᠪᠠ᠃
— ᠲᠠᠲ᠋ᠠᠷ ᠤ᠋ᠳ ᠡᠨᠳᠡ ᠢᠷᠡᠬᠦ ᠳ᠋ᠦ᠍ ᠭᠡᠷ ᠴᠦ᠍ ᠦᠭᠡᠢ ᠪᠣᠯᠤᠨ᠎ᠠ᠃ ᠲᠠ ᠪᠢᠳᠡᠨᠡᠷ ᠴᠥ᠍ ᠦᠭᠡᠢ ᠪᠣᠯᠤᠨ᠎ᠠ᠃
— ᠶᠠᠮᠠᠷ ᠡᠷᠬᠢᠮᠰᠡᠬᠦᠦ ᠡᠮ᠎ᠡ ᠪᠣᠢ? ᠬᠥᠶᠢ ᠵᠠᠷᠤᠴᠠ ᠬᠡᠦᠬᠡᠨ ᠡᠭᠦᠨ ᠢ᠋ ᠪᠠᠢᠰᠢᠩ ᠳ᠋ᠤᠨᠢ ᠠᠪᠠᠴᠢᠭᠲᠤᠨ ᠭᠡᠵᠦ ᠬᠠᠲᠤᠨ ᠲᠦᠪᠡᠭᠰᠢᠶᠡᠭᠰᠡᠨ ᠪᠠᠢᠳᠠᠯ ᠢ᠋ᠶ᠋ᠠᠷ ᠬᠡᠯᠡᠨ᠎ᠡ᠃
— ᠥᠨᠥᠳᠥᠷ ᠰᠤᠷᠭᠠᠭᠤᠯᠢ ᠳᠡᠭᠡᠷ᠎ᠡ ᠬᠢᠴᠢᠶᠡᠯ ᠲᠡᠢ ᠶᠤᠮᠰᠠᠨ᠃ ᠪᠠᠭᠰᠢ ᠲᠠᠢ  ᠪᠠᠨ ᠰᠠᠯᠬᠤ ᠶ᠋ᠢᠨ ᠶᠣᠰᠣ ᠶ᠋ᠢ  ᠭᠦᠢᠴᠡᠳᠬᠡᠬᠦ ᠶᠤᠮᠰᠠᠨ ᠭᠡᠳ ᠫᠷᠦᠺᠦ᠋ᠳᠠ ᠭᠦᠶᠦᠨ ᠣᠳᠤᠯ᠎ᠠ᠃

   ᠦᠰᠦᠭ ᠠᠮᠢᠯᠠᠭᠤᠯᠤᠭᠴᠢ᠄  ᠭᠡᠷᠡᠯ 1᠂ ᠬᠡᠷᠡᠶ᠋ᠢᠳ ᠂ ᠮᠥᠩᠬᠡᠨᠠᠰᠤᠨ 1᠂ ᠮᠡᠷᠭᠡᠨᠭᠤᠸ᠎ᠠ 1
   ᠬᠢᠨᠠᠭᠴᠢ᠄ ᠪᠠᠯ 1᠂ ᠵᠢᠩᠯᠢᠬᠤᠸᠠᠷ 1
   ᠶᠡᠷᠦᠩᠬᠡᠢ ᠬᠢᠨᠠᠭᠴᠢ᠄ ᠠᠷᠢᠭᠤᠨ 3᠂ ᠠᠯᠲᠠᠨᠴᠢᠮᠡᠭ 3