ᠪᠠᠲᠤ ᠬᠠᠭᠠᠨ 6-09ᠪᠠᠲᠤ ᠬᠠᠭᠠᠨ ᠤ᠋ ᠬᠢᠯᠢᠩᠨᠡᠯ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ
ᠶᠢᠰᠦ᠂ ᠪᠠᠲᠤ ᠬᠠᠭᠠᠨ ᠤ᠋ ᠬᠢᠯᠢᠩᠨᠡᠯ
ᠶᠡᠬᠡ ᠡᠵᠡᠨ ᠴᠢᠩᠭᠢᠰ ᠬᠠᠭᠠᠨ ᠤ᠋ ᠪᠠᠭ᠎ᠠ ᠬᠦᠦ ᠬᠥᠯᠭᠡᠨ ᠬᠠᠭᠠᠨ ᠤ᠋ ᠦᠬᠦᠭᠰᠡᠨ ᠲᠤᠬᠠᠢ ᠶ᠋ᠢᠨ ᠮᠡᠳᠡᠭᠡ ᠶ᠋ᠢ ᠠᠪᠴᠢᠷᠠᠭᠰᠠᠨ ᠡᠯᠴᠢ ᠨᠦ᠍ᠭᠦᠳ ᠤᠳᠠᠭ᠎ᠠ ᠳᠠᠷᠠᠭᠠᠯᠠᠨ ᠪᠠᠲᠤ ᠬᠠᠭᠠᠨ ᠳ᠋ᠤ᠌ ᠢᠷᠡᠵᠦ ᠪᠠᠷᠠᠭᠠᠯᠠᠭᠰᠠᠭᠠᠷ ᠪᠠᠢᠪᠠ᠃
ᠵᠠᠩᠵᠤᠨ ᠲᠡᠳᠡᠨ ᠲᠡᠢ ᠠᠭᠤᠯᠵᠠᠬᠤ ᠳᠤᠷ᠎ᠠ ᠦᠭᠡᠢ ᠪᠠᠢᠪᠠ᠃ ᠡᠯᠴᠢ ᠨᠦ᠍ᠭᠦᠳ᠂
—ᠮᠣᠷᠢᠳ ᠬᠣᠭᠣᠯᠠ ᠦᠭᠡᠢ ᠬᠦᠯᠢᠶᠡᠵᠦ ᠴᠢᠳᠠᠬᠤ ᠦᠭᠡᠢ᠂ ᠵᠠᠩᠵᠤᠨ ᠠ᠋ᠴᠠ ᠬᠠᠷᠢᠭᠤ ᠠᠪᠤᠮᠠᠭᠴᠠ ᠬᠣᠢᠰᠢ ᠪᠤᠴᠠᠬᠤ ᠬᠡᠷᠡᠭᠲᠡᠢ ᠭᠡᠯᠴᠡᠵᠦ ᠪᠠᠢᠪᠠ᠃
— ᠪᠢᠳᠡ ᠵᠠᠩᠵᠤᠨ ᠦᠭᠡᠢ ᠪᠣᠯᠤᠭᠰᠠᠨ ᠴᠡᠷᠢᠭ ᠦ᠋ᠳ ᠶᠠᠭᠠᠬᠢᠬᠤ ᠪᠠᠨ ᠴᠤ᠌ ᠮᠡᠳᠡᠬᠦ ᠦᠭᠡᠢ ᠪᠣᠯᠤᠭᠠᠳ ᠪᠠᠢᠨ᠎ᠠ ᠭᠡᠵᠦ ᠲᠡᠳᠡ ᠬᠠᠰᠬᠢᠷᠤᠯᠳᠤᠨ᠎ᠠ᠃
ᠮᠠᠨᠠᠭᠠᠴᠢᠳ ᠲᠡᠳᠡᠨ ᠢ᠋ ᠰᠢᠷᠦᠭᠦᠨ ᠢ᠋ᠶ᠋ᠡᠷ ᠭᠠᠳᠠᠭᠰᠢ ᠲᠦᠯᠬᠢᠵᠦ᠂
— ᠪᠣᠯᠬᠤ ᠦᠭᠡᠢ ᠬᠦᠯᠢᠶᠡᠭᠲᠦᠨ ᠭᠡᠨ᠎ᠡ᠃
ᠡᠯᠴᠢ ᠨᠠᠷ ᠳᠡᠷᠭᠡᠳᠡᠭᠡᠭᠦᠷ ᠭᠠᠷᠤᠭᠰᠠᠨ ᠬᠥᠮᠦᠨ ᠪᠦᠬᠦᠨ ᠡᠴᠡ᠂
— ᠵᠠᠩᠵᠤᠨ ᠶᠠᠭᠤ ᠭᠡᠵᠦ ᠪᠠᠢᠨ᠎ᠠ? ᠭᠡᠵᠦ ᠰᠢᠪᠡᠨᠡᠨ ᠠᠰᠠᠭᠤᠵᠠᠭᠠᠨᠠ᠃
— ᠣᠷᠣᠰ ᠪᠥᠬᠡ ᠨᠠᠷ ᠤ᠋ᠨ ᠬᠠᠮᠲᠤ ᠪᠥᠭᠡᠯᠡᠵᠦ ᠴᠢᠨᠠᠭᠰᠢᠳᠠ ᠶ᠋ᠢᠨ ᠢᠯᠠᠯᠲᠠ ᠶ᠋ᠢᠨ ᠵᠠᠮ ᠢ᠋ ᠮᠡᠳᠡᠬᠦ ᠴᠢᠬᠤᠯᠠ ᠠᠵᠢᠯ ᠲᠠᠢ ᠪᠠᠢᠨ᠎ᠠ ᠭᠡᠵᠦ ᠬᠠᠷᠢᠭᠤᠯᠵᠤ ᠪᠠᠢᠪᠠ᠃
ᠡᠯᠴᠢ ᠨᠤᠭᠦᠳ ᠮᠣᠷᠢᠳ ᠤ᠋ᠨ ᠴᠤᠯᠪᠤᠭᠤᠷ ᠢ᠋ ᠪᠥᠰᠡᠨ ᠳ᠋ᠡᠭᠡᠨ ᠬᠠᠪᠴᠢᠭᠤᠯᠤᠭᠠᠳ ᠭᠡᠷ ᠦ᠋ᠨ ᠣᠢᠷ᠎ᠠ ᠶᠠᠪᠠᠭᠠᠨ ᠰᠠᠭᠤᠵᠤ ᠬᠦᠯᠢᠶᠡᠨ᠎ᠡ᠃ ᠳᠠᠷᠠᠭᠠᠬᠢ ᠡᠯᠴᠢ ᠨᠤᠭᠦᠳ ᠮᠥᠨ ᠭᠦᠢᠴᠡᠨ ᠬᠦᠷᠴᠦ ᠢᠷᠡᠭᠡᠳ ᠮᠥᠨ ᠲᠡᠳᠡᠨ ᠦ᠌ ᠣᠢᠷᠠᠯᠴᠠᠭ᠎ᠠ ᠰᠠᠭᠤᠵᠠᠭᠠᠨ᠎ᠠ᠃
ᠬᠠᠮᠠᠭᠠᠯᠠᠬᠤ ᠵᠠᠭᠤᠲᠤ ᠶ᠋ᠢᠨ ᠳᠠᠷᠤᠭ᠎ᠠ ᠠᠷᠠᠫᠱᠠ ᠡᠯᠴᠢ ᠨᠠᠷ ᠤ᠋ᠨ ᠳᠡᠷᠭᠡᠳᠡᠭᠦᠷ ᠭᠠᠷᠬᠤ ᠳ᠋ᠠᠭᠠᠨ ᠲᠡᠳᠡᠨ ᠢ᠋ ᠠᠩᠬᠠᠷᠤᠨ ᠬᠠᠷᠠᠪᠠ᠃ ᠲᠡᠭᠦᠨ ᠦ᠌ ᠪᠡᠶ᠎ᠡ ᠥᠨᠳᠥᠷ ᠲᠤᠷᠠᠩᠬᠠᠢ᠂ ᠲᠣᠮᠣ ᠶᠡᠬᠡᠮᠰᠦᠭ ᠪᠠᠢᠳᠠᠯ ᠢ᠋ᠶ᠋ᠠᠷ ᠲᠡᠳᠡᠨ ᠦ᠌ ᠳᠡᠷᠭᠡᠳᠡ ᠵᠣᠭᠰᠣᠭᠠᠳ ᠪᠦᠬᠦᠨ ᠢ᠋ ᠠᠵᠢᠭᠯᠠᠨ ᠮᠡᠳᠡᠬᠦ ᠶ᠋ᠢ ᠬᠢᠴᠢᠶᠡᠨ᠎ᠡ᠃
— ᠭᠠᠷᠮᠠᠭᠠᠢ! ᠣᠳᠣ ᠲᠠᠨ ᠤ᠋ ᠶᠠᠪᠤᠳᠠᠯ ᠮᠠᠭᠤ ᠪᠣᠯᠤᠭᠰᠠᠨ ᠨᠢ ᠠᠨᠳᠠᠰᠢ ᠦᠭᠡᠢ ᠪᠣᠯᠵᠠᠢ᠃
— ᠶᠠᠭᠤᠨ ᠳ᠋ᠤ᠌ ᠪᠢᠳᠡᠨ ᠦ᠌ ᠪᠤᠷᠤᠭᠤ ᠪᠠᠢᠬᠤ ᠪᠢᠯᠡ? ᠪᠢᠳᠡ ᠲᠤᠰᠢᠶᠠᠯ ᠢ᠋ ᠴᠢᠨᠢ ᠦᠨᠡᠨ ᠢ᠋ᠶ᠋ᠡᠷ ᠭᠦᠢᠴᠡᠳᠬᠡᠳᠡᠭ ᠪᠥᠭᠡᠳ ᠪᠣᠷᠣᠨᠳᠠᠢ ᠠ᠋ᠴᠠ ᠵᠠᠩᠵᠤᠨ ᠳ᠋ᠤ᠌ ᠮᠡᠳᠡᠭᠡ ᠬᠦᠷᠭᠡᠵᠦ ᠢᠷᠡᠯ᠎ᠡ᠃
— ᠮᠠᠭᠤᠬᠠᠢ ᠮᠡᠳᠡᠭᠡ ᠠᠪᠴᠢᠷᠠᠭᠰᠠᠨ ᠴᠢᠨᠢ ᠲᠠᠨᠠᠷ ᠤ᠋ᠨ ᠪᠤᠷᠤᠭᠤ᠂ ᠲᠠᠨ ᠤ᠋ ᠪᠡᠶᠡᠰ ᠢ᠋ ᠶᠠᠭᠠᠬᠢᠬᠤ ᠭᠡᠵᠦ ᠪᠠᠢᠨ᠎ᠠ᠂ ᠲᠠᠨᠠᠷ ᠮᠡᠳᠡᠵᠦ ᠪᠠᠢᠨ᠎ᠠ ᠤᠤ?
ᠡᠯᠴᠢ ᠨᠤᠭᠦᠳ ᠪᠣᠰᠤᠨ ᠬᠠᠷᠠᠢᠭᠠᠳ ᠵᠠᠷᠢᠮ ᠨᠢ ᠮᠣᠷᠢᠨ ᠳᠡᠭᠡᠷ᠎ᠡ ᠪᠡᠨ ᠮᠣᠷᠳᠠᠬᠤ ᠶ᠋ᠢ ᠵᠠᠪᠳᠤᠪᠠ᠃
— ᠠᠩᠬᠠᠷᠤᠨ ᠰᠣᠨᠣᠰᠴᠤ ᠪᠠᠢᠭᠲᠤᠨ᠁ ᠪᠤᠷᠤᠭᠤ ᠪᠠᠨ ᠬᠦᠯᠢᠶᠡᠭᠲᠦᠨ᠁ ᠡᠨᠡ《ᠬᠠᠷ᠎ᠠ ᠬᠡᠯᠡᠲᠡᠨ ᠨᠤᠭᠦᠳ》 ᠢ᠋ ᠪᠤᠤ ᠶᠠᠪᠤᠭᠤᠯ᠂ ᠴᠡᠷᠢᠭ ᠦ᠋ᠳ ᠡᠳᠡᠨ ᠦ᠌ ᠮᠣᠷᠢᠳ ᠢ᠋ ᠪᠠᠷᠢᠵᠤ ᠪᠠᠢᠭᠲᠤᠨ᠂ ᠬᠠᠷᠢᠨ ᠲᠠᠨᠠᠷ ᠬᠦᠯᠢᠶᠡᠭᠲᠦᠨ᠂ ᠵᠠᠩᠵᠤᠨ ᠳᠠᠷᠤᠢ ᠲᠠᠨᠠᠷ ᠲᠠᠢ ᠶᠠᠷᠢᠯᠴᠠᠬᠤ ᠪᠣᠯᠤᠨ᠎ᠠ ᠭᠡᠪᠡ᠃
ᠠᠷᠠᠫᠱᠠ ᠭᠡᠷ ᠲᠦ᠍ ᠣᠷᠣᠪᠠ᠃ ᠪᠠᠲᠤ ᠬᠠᠭᠠᠨ ᠲᠣᠯᠣᠭᠠᠢ ᠪᠠᠨ ᠳᠣᠷᠣᠭᠰᠢ ᠲᠣᠩᠭᠣᠢᠵᠤ ᠬᠥᠯ ᠢ᠋ᠶ᠋ᠡᠨ ᠵᠠᠪᠢᠯᠠᠨ ᠰᠠᠭᠤᠭᠠᠳ ᠭᠠᠷ ᠤ᠋ᠨ ᠰᠠᠯᠠᠭᠠᠪᠴᠢᠯᠠᠭᠰᠠᠨ ᠬᠤᠷᠤᠭᠤ ᠶ᠋ᠢ ᠰᠢᠷᠳᠡᠨ᠎ᠡ᠃
ᠳᠡᠷᠭᠡᠳᠡ ᠨᠢ ᠰᠥᠪᠡᠭᠡᠳᠡᠢ ᠪᠠᠭᠠᠲᠤᠷ ᠶᠠᠪᠠᠭᠠᠨ ᠰᠠᠭᠤᠵᠤ ᠪᠠᠢᠭᠠᠳ ᠠᠷᠠᠫᠱᠠ ᠶ᠋ᠢ ᠣᠷᠣᠵᠤ ᠡᠭᠦᠳᠡᠨ ᠦ᠌ ᠲᠤᠰᠢᠶ᠎ᠠ ᠭᠠᠵᠠᠷ ᠵᠣᠭᠰᠣᠬᠤ ᠶ᠋ᠢ ᠬᠠᠷᠠᠪᠠ᠃ ᠲᠡᠷᠡ 《ᠡᠨᠳᠡ ᠪᠠᠢᠵᠤ ᠪᠣᠯᠬᠤ ᠤᠤ? 》ᠭᠡᠰᠡᠨ ᠬᠡᠴᠡᠭᠦᠦ ᠠᠰᠠᠭᠤᠯᠲᠠ ᠶ᠋ᠢᠨ ᠬᠠᠷᠢᠭᠤ ᠳ᠋ᠤ᠌ ᠲᠣᠯᠣᠭᠠᠢ ᠪᠠᠨ ᠳᠣᠬᠢᠪᠠ᠃
— ᠭᠦᠶᠦᠭ ᠬᠠᠭᠠᠨ ᠲᠡᠷᠡ ᠬᠣᠶᠠᠷ ᠮᠢᠨᠦ ᠵᠠᠨᠤᠯᠲᠠ ᠳᠠᠢᠰᠤᠨ ᠪᠠᠢᠭᠰᠠᠨ ᠶᠤᠮ᠃ ᠡᠭᠦᠨ ᠳ᠋ᠦ᠍ ᠨᠠᠳᠠᠳᠤ ᠪᠠᠶᠠᠷᠯᠠᠬᠤ ᠠ᠋ᠴᠠ ᠥᠭᠡᠷ᠎ᠡ ᠶᠠᠭᠤ ᠪᠠᠢᠬᠤ ᠪᠢᠯᠡ᠃ ᠶᠠᠮᠠᠷ ᠴᠥ᠍ ᠲᠠᠢᠳᠬᠤᠷᠠᠭᠤᠯᠬᠤ ᠶᠠᠭᠤᠮ᠎ᠠ ᠶ᠋ᠢ ᠪᠢ ᠥᠭᠴᠦ ᠴᠢᠳᠠᠬᠤ ᠦᠭᠡᠢ ᠭᠡᠵᠦ ᠪᠠᠲᠤ ᠬᠠᠭᠠᠨ ᠬᠡᠯᠡᠪᠡ᠃
— ᠪᠠᠲᠤ ᠬᠠᠭᠠᠨ ᠪᠠᠶᠠᠷᠯᠠᠵᠤ ᠪᠣᠯᠤᠨ᠎ᠠ᠂ ᠭᠡᠪᠡᠴᠦ ᠵᠠᠩᠵᠤᠨ ᠢ᠋ ᠭᠠᠰᠢᠭᠤᠳᠠᠬᠤ ᠶᠣᠰᠣᠲᠠᠢ᠁ ᠭᠡᠵᠦ ᠨᠠᠮᠤᠭᠤᠨ ᠪᠣᠯᠪᠠᠴᠤ ᠬᠠᠲᠠᠭᠤ ᠪᠠᠷ ᠲᠠᠲᠠᠭᠠᠯᠵᠠᠨ ᠬᠡᠯᠡᠪᠡ᠃
— ᠬᠥᠯᠭᠡᠨ ᠬᠠᠭᠠᠨ᠂ ᠨᠠᠮᠠᠶ᠋ᠢ ᠦᠭᠡᠢ ᠬᠢᠬᠦ ᠶ᠋ᠢ ᠤᠷᠤᠯᠳᠤᠵᠤ ᠶᠠᠪᠤᠭᠰᠠᠨ ᠬᠥᠮᠦᠨ᠂ ᠲᠡᠷᠡ ᠨᠠᠮᠠᠶ᠋ᠢ ᠰᠠᠬᠠᠯ ᠲᠠᠢ ᠴᠢᠪᠠᠭᠠᠨᠴᠠ ᠭᠡᠵᠦ ᠳᠠᠭᠠᠷᠢᠳᠠᠭ ᠪᠠᠢᠭᠰᠠᠨ ᠶᠤᠮ᠃ ᠲᠡᠭᠦᠨ ᠦ᠌ ᠡᠪᠴᠢᠭᠦᠦ ᠶ᠋ᠢ ᠬᠠᠲᠠᠵᠤ ᠬᠣᠣᠷᠲᠤ ᠵᠢᠷᠦᠬᠡ ᠶ᠋ᠢ ᠰᠤᠭᠤᠯᠬᠤ ᠭᠡᠵᠦ ᠪᠠᠢᠬᠤ ᠳ᠋ᠤ᠌ ᠨᠠᠳᠠᠳᠤ ᠭᠠᠭᠴᠠᠬᠠᠨ ᠴᠢ ᠰᠠᠭᠠᠳ ᠪᠣᠯᠤᠭᠰᠠᠨ ᠰᠢᠦ᠃ ᠮᠢᠨᠦ ᠳᠠᠢᠰᠤᠨ ᠨᠤᠭᠤᠳ ᠠ᠋ᠴᠠ ᠣᠳᠣ ᠪᠠᠰᠠ ᠠᠮᠢᠳᠤ ᠣᠯᠠᠨ ᠪᠠᠢᠨ᠎ᠠ᠃ ᠲᠡᠳᠡᠨ ᠦ᠌ ᠳᠣᠲᠣᠷ᠎ᠠ ᠠ᠋ᠴᠠ ᠬᠠᠮᠤᠭ ᠤ᠋ᠨ ᠭᠣᠣᠯ ᠨᠢ ᠬᠥᠶᠦᠭ ᠬᠠᠭᠠᠨ ᠪᠥᠭᠡᠳ ᠲᠡᠭᠦᠨ ᠲᠡᠢ ᠨᠢᠭᠡ ᠶ᠋ᠢ ᠪᠡᠨ ᠦᠵᠡᠯᠴᠡᠬᠦ ᠪᠣᠯᠤᠨ᠎ᠠ᠃
— ᠶᠠᠭᠤᠨ ᠳ᠋ᠤᠨᠢ ᠡᠨᠡ ᠲᠤᠬᠠᠢ ᠬᠡᠯᠡᠵᠦ ᠪᠠᠢᠭ᠎ᠠ ᠶᠤᠮ ᠪᠣᠢ? ᠴᠢᠨᠦ ᠦᠨᠡᠨᠴᠢ ᠠᠯᠪᠠᠲᠤ ᠪᠢ ᠡᠳᠦᠷ ᠰᠥᠨᠢ ᠶ᠋ᠢᠨ ᠴᠠᠭ ᠲᠸ᠋ ᠴᠢᠮᠠᠶ᠋ᠢ ᠰᠠᠬᠢᠨ ᠮᠠᠨᠠᠵᠤ ᠪᠠᠢᠳᠠᠭ ᠪᠢᠰᠢ ᠪᠢᠯᠢᠤ᠁ ᠭᠡᠬᠦ ᠳ᠋ᠦ᠍ ᠪᠠᠲᠤ ᠬᠠᠭᠠᠨ᠂
— ᠠᠷᠠᠫᠱᠠ ᠪᠣᠯ ᠬᠠᠷ᠎ᠠ ᠨᠣᠬᠠᠢ ᠨᠤᠭᠤᠳ ᠤ᠋ᠨ ᠶᠠᠪᠤᠭᠤᠯᠤᠭᠰᠠᠨ ᠬᠥᠯᠥᠰᠥᠨ ᠦ᠌ ᠶᠠᠷᠭᠠᠴᠢᠳ ᠠ᠋ᠴᠠ ᠨᠠᠮᠠᠶ᠋ᠢ ᠭᠤᠷᠪᠠᠨ ᠤᠳᠠᠭ᠎ᠠ ᠠᠪᠤᠷᠠᠭᠰᠠᠨ ᠭᠡᠪᠡ᠃
ᠰᠥᠪᠡᠭᠡᠳᠡᠢ ᠠᠭᠤᠷᠰᠠᠨ᠂
— ᠴᠢᠮᠡᠭᠡ ᠦᠭᠡᠢ᠂ ᠡᠭᠦᠨ ᠢ᠋ ᠴᠡᠷᠢᠭ ᠦ᠋ᠨ ᠳᠣᠲᠣᠷ᠎ᠠ ᠬᠡᠨ ᠴᠦ᠍ ᠮᠡᠳᠡᠬᠦ ᠶᠣᠰᠣ ᠦᠭᠡᠢ᠃ ᠵᠠᠩᠵᠤᠨ ᠪᠣᠯ ᠳᠠᠯᠳᠠ ᠪᠠᠢᠬᠤ ᠶᠣᠰᠣᠲᠠᠢ ᠭᠡᠵᠦ ᠴᠢ ᠥᠪᠡᠷ ᠢ᠋ᠶ᠋ᠡᠨ ᠬᠡᠯᠡᠳᠡᠭ ᠪᠢᠰᠢ ᠪᠢᠯᠢᠤ᠁ ᠬᠡᠷᠪᠡ ᠴᠢ ᠪᠠᠶᠠᠷᠯᠠᠬᠤ ᠪᠣᠯ ᠪᠠᠲᠤ ᠬᠠᠭᠠᠨ ᠪᠦᠭᠦᠳᠡ ᠶ᠋ᠢᠨ ᠠᠳᠠᠯᠢ ᠭᠡᠵᠦ ᠴᠥᠮ ᠬᠡᠯᠡᠬᠦ ᠪᠢᠵᠡ? ᠬᠠᠷᠢᠨ ᠴᠢ ᠲᠩᠷᠢ ᠡᠴᠡ ᠪᠠᠭᠤᠳᠠᠭ ᠭᠡᠨᠡᠳᠲᠡ ᠶ᠋ᠢᠨ ᠠᠶᠤᠩᠭ᠎ᠠ ᠰᠢᠭ᠋ ᠲᠡᠷᠡ ᠠᠮᠠ ᠪᠠᠨ ᠠᠩᠭᠠᠢᠭᠰᠠᠨ ᠮᠣᠨᠳᠢ ᠨᠤᠭᠤᠳ ᠪᠣᠯᠤᠨ ᠬᠥᠶᠦᠭ ᠦ᠋ᠨ ᠴᠢᠳᠬᠥᠷ ᠢ᠋ ᠤᠰᠠᠳᠬ᠎ᠠ᠂ ᠲᠡᠭᠡᠭᠡᠳ ᠬᠠᠮᠢᠭ᠎ᠠ ᠶᠠᠪᠤᠵᠤ ᠶᠠᠭᠤ ᠬᠢᠬᠦ ᠶ᠋ᠢ ᠵᠢᠭᠠᠵᠤ ᠥᠭ᠂ ᠶᠡᠷᠦᠳᠡ ᠶ᠋ᠢᠨ ᠪᠤᠰᠤ ᠲᠠᠨᠢᠭᠳᠠᠰᠢ ᠦᠭᠡᠢ ᠬᠡᠪ ᠢ᠋ᠶ᠋ᠡᠷ ᠬᠣᠴᠣᠷᠤᠭᠲᠤᠨ᠁ ᠭᠡᠰᠡᠨ ᠳ᠋ᠦ᠍ ᠪᠠᠲᠤ ᠬᠠᠭᠠᠨ ᠪᠣᠰᠤᠨ ᠬᠠᠷᠠᠢᠭᠠᠳ ᠲᠠᠬᠢᠷ ᠰᠡᠯᠡᠮ᠎ᠡ ᠪᠡᠨ ᠰᠤᠭᠤᠯᠵᠤ᠂
— ᠲᠡᠷᠡ《ᠬᠠᠷ᠎ᠠ ᠬᠡᠯᠡᠲᠡᠨ ᠨᠤᠭᠦᠳ 》 ᠬᠠᠮᠢᠭ᠎ᠠ ᠪᠠᠢᠨ᠎ᠠ? ᠶᠠᠭᠤ ᠬᠢᠬᠦ ᠪᠡᠨ ᠪᠢ ᠣᠳᠣ ᠮᠡᠳᠡᠵᠦ ᠪᠠᠢᠨ᠎ᠠ ᠭᠡᠪᠡ᠃
— ᠲᠡᠳᠡ ᠴᠢᠨᠦ ᠵᠠᠷᠯᠢᠭ ᠢ᠋ ᠬᠦᠯᠢᠶᠡᠭᠡᠳ ᠭᠡᠷ ᠦ᠋ᠨ ᠡᠨᠳᠡ ᠣᠢᠷᠠᠬᠠᠨ ᠪᠠᠢᠨ᠎ᠠ ᠭᠡᠵᠦ ᠠᠷᠠᠫᠱᠠ ᠬᠡᠯᠡᠪᠡ᠃
ᠪᠠᠲᠤ ᠬᠠᠭᠠᠨ ᠰᠡᠯᠡᠮ᠎ᠡ ᠰᠤᠭᠤᠯᠤᠨ ᠪᠠᠷᠢᠭᠠᠳ ᠲᠡᠷᠡ ᠡᠯᠴᠢ ᠨᠠᠷ ᠢ᠋ ᠰᠢᠷᠪᠢᠨ ᠬᠠᠷᠠᠮᠠᠭᠴᠠ ᠲᠡᠳᠡ ᠰᠥᠭᠥᠳᠦᠨ ᠮᠥᠷᠭᠥᠵᠡᠭᠡᠪᠡ᠃
ᠪᠠᠲᠤ ᠬᠠᠭᠠᠨ ᠠᠩᠬᠠᠨ ᠰᠢᠳᠦ ᠵᠠᠭᠤᠨ ᠨᠠᠮᠤᠭᠤᠨ ᠢ᠋ᠶ᠋ᠠᠷ ᠶᠠᠷᠢᠵᠤ ᠡᠬᠢᠯᠡᠪᠡ᠃ ᠲᠡᠭᠦᠨ ᠦ᠌ ᠳᠠᠭᠤᠨ ᠠᠭᠠᠵᠢᠮ ᠢ᠋ᠶ᠋ᠠᠷ ᠴᠢᠩᠭᠠᠳᠤᠭᠰᠠᠭᠠᠷ ᠰᠡᠭᠦᠯ ᠳ᠋ᠡᠭᠡᠨ ᠪᠦᠷ ᠴᠢᠩᠭᠠᠷᠠᠵᠤ᠂
— ᠶᠡᠬᠡ ᠡᠵᠡᠨ ᠦ᠌ ᠨᠠᠷᠠᠨ ᠮᠡᠲᠦ ᠬᠥᠪᠡᠭᠦᠨ ᠢ᠋ᠶ᠋ᠡᠷ ᠵᠠᠬᠢᠷᠤᠭᠤᠯᠬᠤ ᠠᠭᠤᠤ ᠶᠡᠬᠡ ᠵᠣᠯ ᠵᠠᠪᠰᠢᠶᠠᠨ ᠲᠠᠨᠠᠷ ᠲᠸ᠋ ᠤᠴᠠᠷᠠᠭᠰᠠᠨ ᠶᠤᠮ᠃ ᠬᠠᠷᠢᠨ ᠲᠡᠭᠦᠨ ᠢ᠋ ᠲᠠᠨᠠᠷ ᠠᠷᠠᠴᠢᠯᠠᠵᠤ ᠪᠠᠢᠭᠰᠠᠨ ᠴᠢᠨᠢ ᠠᠯᠢ ᠪᠣᠢ? (ᠭᠡᠬᠦ ᠳ᠋ᠦ᠍)
— ᠥᠪᠡᠷ ᠢ᠋ᠶ᠋ᠡᠨ ᠪᠠᠢᠯᠳᠤᠬᠤ ᠳᠤᠷᠠᠲᠠᠢ ᠭᠡᠵᠦ ᠲᠡᠷᠡ ᠬᠡᠯᠡᠭᠰᠡᠨ ᠶᠤᠮ᠁ ᠭᠡᠵᠦ ᠡᠯᠴᠢ ᠨᠤᠭᠦᠳ ᠦᠢᠮᠡᠯᠳᠦᠨ᠎ᠡ᠃
— ᠲᠡᠭᠡᠬᠦ ᠳ᠋ᠦ᠍ᠨᠢ ᠲᠠᠨᠠᠷ ᠪᠠᠶᠠᠷᠯᠠᠵᠠᠭᠠᠭᠰᠠᠨ ᠤᠤ? ᠲᠦᠷᠦᠭᠦᠨ ᠦ᠌ ᠣᠲ᠋ᠷᠢᠶᠠᠳ᠋ ᠲᠸ᠋ ᠶᠠᠪᠤᠵᠤ ᠰᠡᠯᠡᠮ᠎ᠡ ᠪᠡᠷ ᠴᠠᠪᠴᠢᠯᠳᠤᠬᠤ ᠨᠢ ᠵᠠᠩᠵᠤᠨ ᠬᠥᠮᠦᠨ ᠦ᠌ ᠡᠭᠦᠷᠭᠡ ᠤᠤ? ᠪᠦᠭᠦᠳᠡ ᠶ᠋ᠢᠨ ᠡᠵᠡᠨ ᠶᠡᠬᠡ ᠮᠡᠷᠭᠡᠨ ᠴᠢᠩᠭᠢᠰ ᠬᠠᠭᠠᠨ ᠲᠡᠭᠡᠵᠦ ᠪᠠᠢᠭᠰᠠᠨ ᠪᠢᠯᠢᠤ? ᠲᠡᠷᠡ ᠪᠣᠯ ᠵᠢᠩᠬᠢᠨᠢ ᠵᠠᠩᠵᠤᠨ ᠬᠥᠮᠦᠨ ᠪᠠᠢᠭᠰᠠᠨ ᠶᠤᠮ᠃ ᠲᠡᠷᠡ᠂ ᠴᠡᠷᠢᠭ ᠦ᠋ᠨ ᠬᠣᠢᠨ᠎ᠠ ᠨᠢ ᠪᠠᠢᠵᠤ ᠬᠡᠳᠦᠨ ᠵᠠᠭᠤᠨ ᠮᠢᠩᠭᠠᠨ ᠮᠣᠷᠢᠲᠤ ᠴᠡᠷᠢᠭ ᠢ᠋ ᠲᠦᠷᠢᠵᠦ ᠲᠠᠪᠰᠢᠭᠤᠯᠵᠤ ᠪᠠᠢᠭᠰᠠᠨ ᠲᠤᠯᠠ ᠲᠡᠷᠡ ᠳᠡᠯᠡᠬᠡᠢ ᠳ᠋ᠠᠬᠢᠨ ᠢ᠋ ᠳᠣᠩᠰᠣᠯᠭᠠᠵᠤ ᠪᠦᠭᠦᠳᠡ ᠶ᠋ᠢ ᠢᠯᠠᠭᠰᠠᠨ ᠪᠢᠯᠡ᠃
— ᠪᠢᠳᠡ ᠡᠭᠦᠨ ᠢ᠋ ᠮᠡᠳᠡᠨ᠎ᠡ᠁ ᠪᠢᠳᠡ ᠬᠥᠮᠦᠨ ᠢ᠋ ᠰᠠᠨᠠᠵᠤ ᠪᠠᠢᠨ᠎ᠠ᠃
— ᠲᠠᠨᠠᠷ ᠲᠡᠭᠡᠪᠡᠯ ᠺᠶᠦ᠋ᠯᠺᠠᠨ (ᠬᠥᠯᠭᠡᠨ) ᠬᠠᠭᠠᠨ ᠢ᠋ ᠶᠠᠭᠠᠬᠢᠭᠰᠠᠨ ᠪᠣᠢ? ᠺᠶᠦ᠋ᠯᠺᠠᠨ (ᠭᠦᠯᠭᠡᠨ) ᠬᠠᠭᠠᠨ ᠡᠩ ᠦ᠋ᠨ ᠬᠥᠮᠦᠨ ᠪᠣᠯᠣᠳ ᠣᠷᠣᠰ ᠤ᠋ᠳ ᠲᠠᠢ ᠲᠤᠯᠤᠯᠳᠤᠭᠰᠠᠨ ᠲᠡᠮᠡᠴᠡᠯ ᠦ᠋ᠨ ᠲᠦᠷᠦᠭᠦᠨ ᠳ᠋ᠦ᠍ ᠳᠠᠪᠬᠢᠵᠤ ᠶᠠᠪᠤᠬᠤ ᠳ᠋ᠤᠨᠢ ᠲᠠᠨᠠᠷ ᠪᠠᠶᠠᠰᠴᠠᠭᠠᠭᠠᠳ ᠬᠡᠨ ᠴᠦ᠍ ᠲᠡᠭᠦᠨ ᠢ᠋ ᠠᠷᠤ ᠲᠠᠯ᠎ᠠ ᠳ᠋ᠠᠭᠠᠨ ᠭᠠᠷᠭᠠᠵᠤ ᠥᠪᠡᠷᠰᠡᠳ ᠦ᠋ᠨ ᠪᠡᠶᠡᠰ ᠢ᠋ᠶ᠋ᠡᠷ ᠳᠠᠯᠳᠠᠯᠠᠭᠰᠠᠨ ᠦᠭᠡᠢ ᠪᠠᠢᠨ᠎ᠠ᠃ ᠲᠠᠨᠠᠷ ᠤᠷᠪᠠᠭᠴᠢᠳ᠂ ᠲᠠᠨᠠᠷ ᠲᠸ᠋ ᠡᠨᠡᠷᠢᠯ ᠠᠯᠭ᠎ᠠ ᠭᠡᠬᠦ ᠳ᠋ᠦ᠍ ᠡᠯᠴᠢ ᠨᠤᠭᠦᠳ ᠴᠠᠰᠤᠨ ᠳ᠋ᠤ᠌ ᠨᠢᠭᠤᠷ ᠢ᠋ᠶ᠋ᠠᠷ ᠰᠢᠭᠠᠵᠤ ᠰᠡᠭᠦᠷᠡᠰᠦᠨ ᠠᠯᠳᠠᠭᠠᠳ ᠬᠥᠰᠡᠷ ᠤᠨᠠᠪᠠ᠃
— ᠪᠤᠴᠠᠵᠤ ᠳᠣᠪᠲᠣᠯ᠂ ᠨᠠᠮᠠᠶ᠋ᠢ ᠣᠴᠢᠬᠤ ᠠ᠋ᠴᠠ ᠨᠠᠭᠠᠨ᠎ᠠ ᠺᠤᠯᠤᠮᠤᠨ ᠤ᠋ ᠴᠠᠢᠵᠠ ᠶ᠋ᠢ ᠡᠵᠡᠯᠡᠨ ᠠᠪᠴᠤ ᠪᠤᠷᠤᠭᠤ ᠪᠠᠨ ᠭᠡᠮᠰᠢ ᠭᠡᠵᠦ ᠵᠠᠩᠵᠤᠨ ᠲᠤᠰᠢᠶᠠᠵᠤ ᠪᠠᠢᠨ᠎ᠠ ᠭᠡᠵᠦ ᠴᠡᠷᠢᠭ ᠲᠡᠭᠡᠨ ᠣᠴᠢᠵᠤ ᠬᠡᠯᠡ᠁ ᠬᠡᠷᠪᠡ ᠨᠠᠮᠠᠶ᠋ᠢ ᠣᠴᠢᠬᠤ ᠳ᠋ᠤ᠌ ᠲᠠᠨᠠᠷ ᠮᠥᠨ ᠬᠣᠲᠠ ᠶ᠋ᠢ ᠲᠣᠭᠣᠷᠢᠨ ᠳᠠᠪᠬᠢᠯᠳᠤᠭᠰᠠᠭᠠᠷ ᠪᠠᠢᠪᠠᠯ ᠴᠢᠩᠭᠢᠰ ᠬᠠᠭᠠᠨ ᠤ᠋ ᠪᠠᠢᠭᠤᠯᠤᠭᠰᠠᠨ ᠶᠡᠬᠡ ᠴᠡᠷᠢᠭ ᠦ᠋ᠨ ᠬᠣᠭ ᠭᠡᠵᠦ ᠦᠵᠡᠵᠦ ᠴᠥᠮ ᠢ᠋ ᠴᠢᠨᠢ ᠴᠠᠭᠠᠵᠠᠯᠠᠬᠤ ᠲᠤᠰᠢᠶᠠᠯ ᠢ᠋ ᠭᠠᠷᠭᠠᠬᠤ ᠪᠣᠯᠤᠨ᠎ᠠ᠃ ᠥᠪᠡᠷ ᠦ᠋ᠨ ᠡᠴᠢᠭᠡ ᠶ᠋ᠢᠨ ᠬᠡᠭᠦᠷ ᠢ᠋ ᠢᠳᠡᠭᠰᠡᠨ ᠰᠢᠷ᠎ᠠ ᠴᠢᠬᠢᠲᠦ ᠨᠣᠬᠠᠳ ᠡᠨᠳᠡ ᠡᠴᠡ ᠵᠠᠢᠯᠠᠭᠲᠤᠨ! ᠲᠠᠨᠠᠷ ᠶᠠᠭᠤᠨ ᠳ᠋ᠤ᠌ ᠪᠠᠰᠠ ᠬᠡᠪᠲᠡᠨ᠎ᠡ ᠪᠣᠢ?
ᠡᠯᠴᠢ ᠨᠤᠭᠦᠳ ᠥᠪᠡᠷᠰᠡᠳ ᠦ᠋ᠨ ᠮᠣᠷᠢᠳ ᠤ᠋ᠨ ᠵᠦᠭ ᠭᠦᠶᠦᠯᠳᠦᠨ ᠦᠰᠦᠷᠴᠦ ᠮᠣᠷᠳᠠᠪᠠ᠃ ᠨᠢᠳᠦ ᠬᠡᠳᠦᠬᠡᠨ ᠢᠷᠮᠡᠬᠦ ᠶ᠋ᠢᠨ ᠵᠠᠭᠤᠷ᠎ᠠ ᠲᠡᠳᠡᠨ ᠦ᠌ ᠨᠢᠭᠡ ᠨᠢ ᠴᠦ᠍ ᠦᠯᠡᠳᠡᠭᠰᠡᠨ ᠦᠭᠡᠢ᠃
— ᠰᠥᠪᠡᠭᠡᠳᠡᠢ ᠪᠠᠭᠠᠲᠤᠷ ᠴᠢ ᠰᠣᠨᠣᠰᠪᠠᠤ?
— ᠴᠢᠨᠦ ᠬᠡᠯᠡᠭᠰᠡᠨ ᠦᠭᠡ ᠡᠴᠡ ᠴᠢᠨᠦ ᠶᠠᠪᠤᠳᠠᠯ ᠢ᠋ ᠪᠢ ᠮᠡᠳᠡᠯ᠎ᠡ᠃
— ᠠᠭᠤᠤ ᠶᠡᠬᠡ ᠴᠢᠩᠭᠢᠰ ᠬᠠᠭᠠᠨ ᠤ᠋ ᠬᠦᠦ ᠶ᠋ᠢ ᠠᠯᠠᠬᠤ ᠭᠡᠭᠴᠢ ᠶᠠᠭᠤ ᠪᠣᠯᠬᠤ ᠶ᠋ᠢ ᠪᠢ ᠣᠷᠣᠰ ᠳᠤ ᠦᠵᠡᠭᠦᠯᠦᠶ᠎ᠡ᠁ ᠪᠢ ᠪᠦᠬᠦ ᠣᠷᠣᠰ ᠤ᠋ᠨ ᠨᠤᠲᠤᠭ ᠢ᠋ ᠴᠢᠰᠤ ᠪᠠᠷ ᠪᠣᠳᠣᠶ᠎ᠠ᠁ ᠪᠢ ᠬᠠᠮᠤᠭ ᠤ᠋ᠨ ᠰᠡᠭᠦᠯᠴᠢ ᠶ᠋ᠢᠨ ᠨᠣᠬᠠᠢ᠂ ᠬᠡᠦᠬᠡᠳ ᠲᠤᠨᠢ ᠬᠦᠷᠲᠡᠯ᠎ᠡ ᠠᠮᠢ ᠲᠠᠢ ᠶᠠᠭᠤᠮ᠎ᠠ ᠪᠦᠬᠦᠨ ᠢ᠋ ᠬᠦᠢᠰᠦ ᠲᠠᠮᠲᠠᠷᠢᠶᠠ᠃ ᠮᠣᠩᠭᠣᠯ ᠤ᠋ᠨ ᠴᠡᠷᠢᠭ ᠠᠶᠤᠮᠰᠢᠭᠲᠤ ᠬᠦᠴᠦ ᠪᠡᠷ ᠣᠷᠣᠰ ᠤ᠋ᠨ ᠨᠤᠲᠤᠭ ᠢ᠋ ᠭᠠᠭᠴᠠ ᠬᠡᠷᠢᠶ᠎ᠡ ᠭᠤᠸᠠᠭᠯᠠᠬᠤ᠂ ᠴᠢᠨᠣ᠎ᠠ ᠣᠯᠢᠬᠤ ᠬᠣᠶᠠᠷ ᠠ᠋ᠴᠠ ᠥᠭᠡᠷ᠎ᠡ ᠴᠢᠮᠡᠭᠡ ᠦᠯᠦ ᠭᠠᠷᠭᠠᠬᠤ ᠦᠬᠦᠭᠴᠢᠳ ᠦ᠋ᠨ ᠬᠡᠭᠦᠷ ᠦ᠋ᠨ ᠭᠠᠵᠠᠷ ᠪᠣᠯᠭᠠᠨ᠎ᠠ᠃ ᠨᠠᠳᠠᠳᠤ ᠮᠣᠷᠢ ᠲᠦᠷᠭᠡᠨ ᠠᠪᠴᠢᠷᠠᠵᠤ ᠦᠭᠭᠦᠭᠳᠦᠨ᠁
ᠪᠠᠲᠤ ᠬᠠᠭᠠᠨ ( ᠤ᠋ ) ᠨᠢᠳᠦ ᠨᠢ ᠲᠣᠭᠣᠷᠢᠭ ᠪᠣᠯᠤᠭᠠᠳ ᠰᠢᠯᠦᠰᠦ ᠨᠢ ᠤᠷᠤᠭᠤᠯ ᠳᠡᠭᠡᠭᠦᠷ ᠨᠢ ᠦᠰᠦᠷᠦᠨ᠎ᠡ᠃ ᠲᠡᠷᠡ ᠬᠥᠯ ᠢ᠋ᠶ᠋ᠡᠷ ᠢ᠋ᠶ᠋ᠡᠨ ᠭᠠᠵᠠᠷ ᠳᠡᠪᠰᠡᠯᠡᠨ ᠭᠠᠯᠵᠠᠭᠤᠷᠠᠭᠰᠠᠨ ᠮᠡᠲᠦ ᠬᠠᠰᠬᠢᠷᠤᠨ᠎ᠠ᠃
— ᠨᠠᠳᠠᠳᠤ ᠮᠣᠷᠢ᠁ ᠮᠣᠷᠢ ᠲᠦᠷᠭᠡᠨ ᠭᠡᠵᠦ ᠨᠥᠬᠥᠳ ᠢ᠋ᠶ᠋ᠡᠨ ᠳᠠᠭᠤᠳᠠᠬᠤ ᠣᠷᠢᠶᠠᠨ ᠤ᠋ ᠭᠤᠯᠢᠩ ᠴᠢᠩᠭ᠎ᠠ ᠳᠤᠤᠭᠠᠷᠤᠭᠠᠳ ᠳᠠᠶ᠋ᠢᠨ ᠳ᠋ᠠᠭᠠᠨ ᠮᠣᠷᠳᠠᠬᠤ ᠳᠣᠬᠢᠶᠠᠨ ᠤ᠋ ᠡᠪᠡᠷ ᠪᠦᠷᠢᠶ᠎ᠡ ᠶ᠋ᠢ ᠦᠯᠢᠶᠡᠨ᠎ᠡ᠃ ᠰᠦᠪᠡᠭᠡᠳᠡᠢ ᠪᠠᠭᠠᠲᠤᠷ ᠠᠷᠠᠫᠱᠠ ᠬᠣᠶᠠᠷ ᠨᠣᠮᠣᠬᠠᠨ ᠲᠥᠯᠥᠪ ᠬᠡᠪ ᠢ᠋ᠶ᠋ᠡᠷ ᠪᠠᠢᠪᠠ᠃ ᠪᠠᠲᠤ ᠬᠠᠭᠠᠨ ᠳ᠋ᠤ᠌᠂
— ᠴᠢ ᠡᠯᠴᠢ ᠨᠦ᠍ᠭᠦᠳ ᠢ᠋ ᠬᠣᠢᠰᠢ ᠶᠠᠪᠤᠭᠤᠯᠤᠭᠰᠠᠨ ᠠᠲᠠᠯ᠎ᠠ ᠲᠡᠷᠡᠬᠦ ᠨᠠᠰᠤ ᠨᠥᠭᠴᠢᠭᠰᠡᠨ ᠬᠠᠭᠠᠨ ᠤ᠋ ᠣᠷᠣᠨ ᠢ᠋ ᠲᠣᠬᠣᠭᠠᠨ ᠲᠣᠮᠢᠯᠠᠭᠰᠠᠨ ᠦᠭᠡᠢ ᠪᠣᠯᠬᠤ ᠶ᠋ᠢ ᠰᠠᠨᠠᠭᠤᠯᠤᠶ᠎ᠠ᠁ ᠭᠡᠵᠦ ᠰᠥᠪᠡᠭᠡᠳᠡᠢ ᠨᠠᠮᠤᠬᠠᠨ ᠳᠠᠭᠤ ᠪᠠᠷ ᠬᠡᠯᠡᠪᠡ᠃
— ᠬᠠᠭᠤᠴᠢᠨ ᠵᠠᠩᠰᠢᠯ ᠢ᠋ᠶ᠋ᠠᠷ ᠲᠡᠷᠡ ᠴᠡᠷᠢᠭ ᠦ᠋ᠨ ᠠᠬᠠᠯᠠᠬᠤ ᠨᠣᠶᠠᠨ ᠪᠣᠷᠤᠨᠲᠠᠢ ᠳᠠᠷᠤᠭᠠᠯᠠᠬᠤ ᠪᠣᠯᠤᠨ᠎ᠠ᠃ ᠲᠡᠷᠡ ᠪᠣᠯ ᠲᠤᠷᠰᠢᠯᠭ᠎ᠠ ᠲᠠᠢ ᠵᠠᠩᠵᠤᠨ ᠮᠥᠨ᠃ ᠪᠢ ᠥᠪᠡᠷ ᠢ᠋ᠶ᠋ᠡᠨ ᠨᠢᠭᠡ ᠬᠣᠨᠣᠭᠠᠳ ᠲᠡᠨᠳᠡ ᠣᠴᠢᠵᠤ ᠴᠠᠢᠵᠠ ᠶ᠋ᠢ ᠬᠡᠷᠬᠢᠨ ᠠᠪᠬᠤ ᠶ᠋ᠢ ᠪᠡᠶ᠎ᠡ ᠪᠡᠷ ᠦᠵᠡᠭᠦᠯᠦᠨ᠎ᠡ (ᠭᠡᠪᠡ )᠃
ᠪᠠᠲᠤ ᠬᠠᠭᠠᠨ ᠰᠦᠪᠡᠭᠡᠳᠡᠢ ᠪᠠᠭᠠᠲᠤᠷ ᠬᠣᠶᠠᠷ ᠤ᠋ᠨ ᠲᠡᠷᠢᠭᠦᠨ ᠦ᠌ ᠣᠲᠷᠢᠶᠠᠳ᠋ ᠤ᠋ᠳ ᠨᠢᠭᠡ ᠬᠣᠨᠣᠭᠠᠳ ᠺᠤᠯᠤᠮᠤᠨ ᠤ᠋ ᠳᠡᠷᠭᠡᠳᠡ ᠬᠦᠷᠪᠡ᠃ ᠲᠡᠢᠨ ᠢᠳᠡ ᠳᠡᠭᠡᠷ᠎ᠡ ᠪᠡᠨ ᠶᠠᠪᠤᠵᠤ ᠪᠠᠢᠭᠰᠠᠨ ᠪᠥᠭᠡᠳ ᠮᠣᠩᠭᠣᠯᠴᠤᠳ ᠲᠡᠳᠡᠨ ᠦ᠌ ᠬᠣᠲᠠ ᠬᠠᠮᠠᠭᠠᠯᠠᠭᠴᠢᠳ ᠠ᠋ᠴᠠ ᠰᠣᠴᠢᠵᠤ ᠬᠡᠷᠡᠮ ᠳᠡᠭᠡᠷ᠎ᠡ ᠭᠠᠷᠬᠤ ᠶ᠋ᠢ ᠲᠠᠰᠤᠷᠠᠯᠲᠠ ᠦᠭᠡᠢ ᠣᠷᠣᠯᠳᠣᠭᠰᠠᠭᠠᠷ ᠪᠠᠢᠯ᠎ᠠ᠃ ᠬᠠᠮᠢᠭ᠎ᠠ ᠠ᠋ᠴᠠ ᠴᠤ᠌ ᠲᠤᠰᠠᠯᠠᠮᠵᠢ ᠢᠷᠡᠬᠦ ᠦᠭᠡᠢ ᠲᠤᠯᠠ ᠣᠷᠣᠰ ᠤ᠋ᠨ ᠴᠡᠷᠢᠭ ᠦ᠋ᠨ ᠬᠦᠴᠦᠨ ᠮᠠᠭᠤᠳᠠᠭᠰᠠᠭᠠᠷ ᠪᠠᠢᠬᠤ ᠲᠠᠢ ᠲᠠᠲ᠋ᠠᠷ ᠤ᠋ᠳ ᠲᠤᠰ ᠬᠣᠲᠠᠨ᠎ᠠ ᠳᠠᠭᠠᠷᠢᠨ ᠣᠷᠣᠵᠠᠢ᠃
ᠷᠶᠠᠽᠡᠨ ᠦ᠌ ᠴᠡᠷᠢᠭ ᠦ᠋ᠨ ᠳᠤᠮᠳᠠ ᠷᠶᠠᠽᠠᠨ ᠤ᠋ ᠸᠠᠩ ᠷᠣᠮᠠᠨ ᠡᠷᠡᠯᠬᠡᠭ ᠪᠠᠭᠠᠲᠤᠷ ᠢ᠋ ᠦᠵᠡᠭᠦᠯᠦᠨ ᠲᠡᠮᠡᠴᠡᠭᠰᠡᠭᠡᠷ ᠦᠬᠦᠵᠡᠢ᠃ ᠪᠠᠰᠠ ᠲᠡᠭᠦᠨ ᠦ᠌ ᠵᠡᠷᠭᠡᠯᠡᠳᠡᠭᠡ ᠳ᠋ᠦ᠍ ᠵᠠᠩᠵᠤᠨ ᠶᠸᠷᠸᠮᠸᠢ ᠪᠤᠭᠤᠷᠤᠯ ᠲᠣᠯᠣᠭᠠᠢ ᠪᠠᠨ ᠲᠠᠯᠪᠢᠭᠰᠠᠨ ᠪᠠᠢᠨ᠎ᠠ᠃
ᠲᠠᠲ᠋ᠠᠷ ᠤ᠋ᠳ ᠴᠥᠮ ᠢ᠋ ᠬᠠᠢᠷᠠᠯᠠᠬᠤ ᠦᠭᠡᠢ ᠠᠯᠠᠭᠰᠠᠨ ᠪᠥᠭᠡᠳ ᠠᠮᠢᠳᠤ ᠦᠯᠡᠳᠡᠭᠰᠡᠨ ᠵᠠᠷᠢᠮ ᠨᠢ ᠬᠦᠨᠳᠦ ᠪᠠᠢᠳᠠᠯ ᠳ᠋ᠤ᠌ ᠤᠨᠠᠪᠠ᠃ ᠲᠠᠲ᠋ᠠᠷ ᠤ᠋ᠳ ᠺᠣᠯᠤᠮᠤᠨ ᠤ᠋ ᠤᠲᠤᠭ᠎ᠠ ᠮᠠᠨᠠᠷᠠᠭᠰᠠᠨ ᠰᠠᠭᠤᠷᠢᠨ ᠳᠡᠭᠡᠷ᠎ᠡ ᠭᠤᠷᠪᠠᠨ ᠡᠳᠦᠷ ᠦ᠋ᠨ ᠲᠤᠷᠰᠢ ᠨᠠᠢᠷ ᠴᠡᠩᠭᠡᠯ ᠪᠣᠯᠤᠨ ᠵᠤᠭᠠᠴᠠᠯ᠎ᠠ᠃
ᠪᠠᠲᠤ ᠬᠠᠭᠠᠨ ᠲᠤᠰ ᠬᠣᠲᠠ ᠶ᠋ᠢᠨ ᠳᠤᠮᠳᠠᠬᠢ ᠰᠢᠲᠠᠭᠰᠠᠨ ᠰᠦᠮ᠎ᠡ ᠶ᠋ᠢᠨ ᠪᠠᠢᠭᠰᠠᠨ ᠴᠢᠯᠦᠭᠡᠨ᠎ᠡ᠂ ᠲᠣᠮᠣ ᠮᠣᠳᠣ ᠨᠤᠭᠤᠳ ᠢ᠋ ᠬᠤᠷᠢᠶᠠᠵᠤ ᠵᠠᠯᠠᠭᠤ ᠬᠠᠭᠠᠨ ᠺᠶᠦᠯᠺᠡᠨ (ᠭᠦᠯᠭᠡᠨ ) ᠤ ᠬᠡᠭᠦᠷ ᠢ᠋ ᠲᠡᠭᠦᠨ ᠳᠡᠭᠡᠷ᠎ᠡ ᠲᠠᠪᠢᠭᠤᠯᠪᠠ᠃
ᠮᠣᠩᠭᠣᠯᠴᠤᠳ ᠺᠣᠯᠤᠮᠤᠨ ᠤ᠋ ᠳᠥᠴᠢᠨ ᠭᠤᠸ᠎ᠠ ᠥᠬᠢᠳ ᠢ᠋ ᠲᠡᠭᠦᠨ ᠲᠡᠢ ᠬᠠᠮᠲᠤ ᠰᠢᠲᠠᠭᠠᠭᠰᠠᠨ ᠶᠤᠮ᠃ ᠭᠣᠶᠣᠮᠰᠣᠭ ᠰᠠᠢᠬᠠᠨ ᠠᠯᠲᠠᠨ ᠬᠠᠵᠠᠭᠠᠷ ᠲᠠᠢ ᠬᠠᠢᠷᠠᠲᠠᠢ ᠬᠣᠶᠠᠷ ᠮᠣᠷᠢ ᠶ᠋ᠢ ᠺᠶᠦᠯᠺᠡᠨ (ᠭᠦᠯᠭᠡᠨ ) ᠬᠠᠭᠠᠨ ᠤ᠋ ᠬᠥᠯ ᠦ᠋ᠨ ᠳᠡᠷᠭᠡᠳᠡ ᠠᠯᠠᠵᠠᠢ᠃ ᠲᠡᠷᠡᠬᠦ ᠮᠣᠷᠢᠳ ᠪᠠ ᠥᠬᠢᠳ ᠪᠣᠯ ᠲᠡᠭᠦᠨ ᠦ᠌ ᠬᠣᠢᠲᠤ ᠲᠥᠷᠥᠯ ᠳ᠋ᠦ᠍ ᠳᠠᠭᠠᠵᠤ ᠶᠠᠪᠤᠵᠤ ᠥᠪᠡᠷ ᠦ᠋ᠨ ᠡᠵᠡᠨ ᠳ᠋ᠦ᠍ ᠦᠨᠡᠨᠴᠢ ᠪᠡᠷ ᠵᠢᠳᠬᠦᠬᠦ ᠶᠣᠰᠣᠲᠠᠢ ᠭᠡᠵᠡᠢ᠃
ᠨᠠᠰᠤ ᠨᠥᠭᠴᠢᠭᠰᠡᠨ ᠮᠣᠩᠭᠣᠯ ᠴᠡᠷᠢᠭ ᠦ᠋ᠳ ᠢ᠋ ᠰᠢᠲᠠᠭᠠᠬᠤ ᠬᠣᠶᠠᠳᠤᠭᠠᠷ ᠭᠠᠯ ᠢ᠋ ᠮᠥᠨ ᠬᠦ᠌ ᠴᠢᠯᠥᠭᠡᠨ ᠳ᠋ᠦ᠍ ᠨᠣᠴᠣᠭᠠᠪᠠ᠃ ᠭᠠᠯ ᠨᠢ ᠨᠢᠭᠡ ᠵᠡᠷᠭᠡ ᠪᠡᠷ ᠰᠢᠲᠠᠮᠠᠭᠴᠠ ᠪᠠᠲᠤ ᠬᠠᠭᠠᠨ ᠬᠠᠷ᠎ᠠ ᠮᠣᠷᠢ ᠪᠠᠨ ᠤᠨᠤᠵᠤ ᠲᠡᠷᠡᠬᠦ ᠣᠷᠤᠰᠢᠭᠤᠯᠤᠯ ᠢ᠋ ᠠᠵᠢᠭᠯᠠᠨ ᠬᠠᠷᠠᠨ᠎ᠠ᠃ ᠪᠤᠰᠤᠳ ᠵᠠᠩᠵᠤᠨ ᠨᠤᠭᠤᠳ ᠤ᠋ᠨ ᠬᠠᠮᠲᠤ ᠵᠠᠷᠢᠮ ᠳ᠋ᠠᠭᠠᠨ
— ᠪᠠᠶᠠᠷᠲᠠᠢ᠂ ᠪᠠᠶᠠᠷᠲᠠᠢ ᠭᠡᠵᠦ ᠬᠠᠰᠬᠢᠷᠤᠯᠳᠤᠨ᠎ᠠ᠃
ᠦᠰᠦᠭ ᠠᠮᠢᠯᠠᠭᠤᠯᠤᠭᠴᠢ᠄ ᠠᠯᠲᠠᠨᠴᠢᠮᠡᠭ 2᠂ ᠬᠡᠷᠡᠶ᠋ᠢᠳ᠂ ᠮᠥᠩᠬᠡᠨᠠᠰᠤᠨ 1᠂ ᠵᠢᠩᠯᠢᠬᠤᠸᠠᠷ 1᠂ ᠮᠡᠷᠭᠡᠨᠭᠣᠸ᠎ᠠ 1᠂ ᠭᠡᠷᠡᠯ1᠂ ᠠᠷᠢᠭᠤᠨ 1
ᠬᠢᠨᠠᠭᠴᠢ᠄ ᠲ᠂ ᠬᠦᠮᠦᠵᠢᠯᠲᠦ 1᠂ ᠪᠠᠯ 3
ᠶᠡᠷᠦᠩᠬᠡᠢ ᠬᠢᠨᠠᠭᠴᠢ᠄ ᠠᠷᠢᠭᠤᠨ 7᠂ ᠠᠯᠲᠠᠨᠴᠢᠮᠡᠭ 7
