ᠪᠠᠲᠤ ᠬᠠᠭᠠᠨ 6-08ᠠᠪᠠᠯᠠᠷ᠎ᠠ ᠮᠣᠷᠳᠠᠭᠰᠠᠨ ᠨᠢ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ
ᠨᠠᠢ᠍ᠮᠠ ᠂ ᠠᠪᠠᠯᠠᠷ᠎ᠠ ᠮᠣᠷᠳᠠᠭᠰᠠᠨ ᠨᠢ
᠁ ᠲᠡᠷᠡ ᠳᠠᠭᠠᠪᠤᠷᠢᠴᠢ ᠪᠠᠢᠪᠠ᠃ ᠲᠠᠬᠢᠷ ᠨᠤᠮᠤ ᠶ᠋ᠢ ᠰᠠᠪᠠ ᠠ᠋ᠴᠠ ᠪᠠᠨ ᠭᠠᠷᠭᠠᠭᠠᠳ ᠱᠣᠪᠬᠣ ᠰᠤᠮᠤ ᠪᠠᠨ ᠰᠠᠭᠠᠳᠠᠭ ᠠ᠋ᠴᠠ ᠰᠤᠭᠤᠯᠤᠭᠠᠳ ᠬᠥᠪᠴᠢᠲᠦ ᠨᠤᠮᠤ ᠶ᠋ᠢ ᠴᠢᠬᠢ ᠡᠴᠡ ᠪᠡᠨ ᠥᠩᠭᠡᠷᠡᠲᠡᠯ᠎ᠡ ᠲᠠᠲᠠᠵᠤ ᠬᠥᠭᠵᠢᠮ ᠦ᠋ᠨ ᠳᠠᠭᠤ ᠮᠡᠲᠦ ᠱᠤᠤᠭᠢᠭᠤᠯᠤᠨ ᠲᠠᠯᠪᠢᠭᠰᠠᠨ ᠨᠢ ᠬᠦᠴᠦᠲᠦ ᠡᠷ᠎ᠡ ᠶ᠋ᠢᠨ ᠵᠢᠷᠦᠬᠡᠨ᠎ᠡ ᠲᠤᠰᠪᠠ᠃
(ᠡᠷᠲᠡᠨ ᠦ᠌ ᠣᠷᠣᠰ ᠤ᠋ᠨ ᠳᠠᠭᠤᠤ ᠠ᠋ᠴᠠ)
ᠺᠤᠯᠤᠮᠤᠨ ᠳ᠋ᠠᠬᠢ ᠸᠠᠩ ᠷᠣᠮᠠᠨ ᠤ᠋ ᠷᠶᠠᠽᠠᠨ ᠤ᠋ ᠣᠲ᠋ᠷᠢᠶᠠᠳ᠋ ᠲᠤ᠌ ᠲᠣᠷᠣᠫᠺᠡ ᠬᠦᠷᠦᠯᠴᠡᠨ ᠢᠷᠡᠪᠡ᠃
ᠸᠠᠩ᠂ ᠵᠠᠯᠠᠭᠤ ᠡᠷ᠎ᠡ ᠲᠡᠭᠦᠨ ᠦ᠌ ᠲᠦᠷᠭᠡᠨ ᠭᠠᠪᠰᠢᠭᠠᠢ ᠶ᠋ᠢ ᠦᠨᠡᠯᠡᠳᠡᠭ ᠤᠴᠢᠷ ᠲᠡᠷᠡ ᠸᠠᠩ ᠤ᠋ᠨ ᠵᠠᠷᠯᠢᠭ ᠪᠣᠯᠪᠠ᠃ ᠲᠣᠷᠣᠫᠺᠠ ᠳ᠋ᠤ᠌ ᠳᠠᠭᠠᠭᠠᠯᠭᠠᠬᠤ ᠦᠭᠡᠢ ᠶᠠᠭᠠᠬᠢᠬᠤᠪ᠃
— ᠲᠡᠷᠡ ᠴᠢᠨᠢ ᠶᠠᠭᠤ ᠶ᠋ᠢ (ᠴᠦ᠍ ) ᠭᠦᠢᠴᠡᠳᠬᠡᠵᠦ ᠴᠢᠳᠠᠨ᠎ᠠ᠂ ᠤᠯᠠᠯᠵᠠᠨ ᠪᠠᠢᠭ᠎ᠠ ᠭᠠᠯ ᠳ᠋ᠤ᠌ ᠴᠤ᠌ ᠣᠷᠣᠭᠠᠳ ᠠᠮᠠ ᠪᠠᠨ ᠠᠩᠭᠠᠢᠭᠰᠠᠨ ᠰᠢᠮᠨᠤᠰ ᠢ᠋ ᠴᠦ᠍ ᠠᠪᠴᠤ ᠴᠢᠳᠠᠨ᠎ᠠ ᠭᠡᠵᠦ ᠸᠠᠩ ᠷᠣᠮᠠᠨ ᠬᠡᠯᠡᠨ᠎ᠡ᠃ ᠲᠣᠷᠤᠫᠺᠠ ᠶ᠋ᠢᠨ ᠬᠠᠢᠷᠠᠲᠤ ᠨᠥᠬᠥᠷ ᠨᠢ ᠲᠡᠭᠦᠨ ᠢ᠋ ᠲᠠᠲ᠋ᠠᠷ ᠤ᠋ᠳ ᠤ᠋ᠨ ᠭᠠᠷ ᠠ᠋ᠴᠠ ᠠᠪᠤᠷᠠᠨ ᠭᠠᠷᠭᠠᠭᠰᠠᠨ ᠬᠣᠩᠭᠣᠷ ᠠᠵᠢᠷᠭ᠎ᠠ ᠪᠠᠢᠵᠠᠢ᠃ ᠲᠤᠷᠤᠫᠺᠠ ᠦᠷᠭᠦᠯᠵᠢ ᠲᠡᠭᠦᠨ ᠢ᠋ ᠢᠯᠪᠢᠵᠦ ᠠᠷᠴᠢᠵᠤ᠂ ᠭᠠᠷ ᠢ᠋ᠶ᠋ᠠᠷ ᠢ᠋ᠶ᠋ᠠᠨ ᠲᠠᠯᠬ᠎ᠠ ᠥᠭᠴᠦ ᠥᠪᠡᠷ ᠢ᠋ᠶ᠋ᠡᠨ ᠥᠯᠥᠰᠦᠭᠰᠡᠨ ᠴᠦ᠍ ᠬᠠᠮᠢᠶ᠎ᠠ ᠦᠭᠡᠢ᠂ ᠪᠠᠢᠭ᠎ᠠ ᠲᠠᠯᠬ᠎ᠠ ᠪᠠᠨ ᠮᠣᠷᠢᠨ ᠳ᠋ᠠᠭᠠᠨ ᠥᠭᠳᠡᠭ ᠪᠠᠢᠪᠠ᠃ ᠺᠤᠯᠤᠮᠤᠨ ᠲᠠᠯᠬ᠎ᠠ ᠡᠪᠡᠰᠦ ᠶ᠋ᠢ ᠣᠯᠵᠤ ᠠᠪᠬᠤ ᠨᠢ ᠤᠯᠠᠮ ᠬᠡᠴᠡᠭᠦᠦ ᠪᠣᠯᠤᠭᠰᠠᠭᠠᠷ ᠪᠠᠢᠭᠰᠠᠨ ᠲᠤᠯᠠ ᠮᠣᠷᠢ ᠨᠢ ᠲᠤᠷᠠᠵᠤ ᠡᠬᠢᠯᠡᠪᠡ᠃ ᠬᠣᠲᠠᠨ᠎ᠠ ᠰᠠᠭᠤᠭᠴᠢᠳ ᠬᠡᠳᠦᠢ ᠪᠣᠯᠲᠠᠯ᠎ᠠ ᠪᠦᠰᠡᠯᠡᠭᠳᠡᠬᠦ ᠪᠡᠨ ᠮᠡᠳᠡᠬᠦ ᠦᠭᠡᠢ ᠪᠡᠷ ᠲᠠᠯᠬ᠎ᠠ ᠲᠠᠷᠢᠶ᠎ᠠ ᠶ᠋ᠢ ᠬᠠᠮᠤᠭᠤᠷᠳᠠᠨ ᠨᠢᠴᠠᠯᠵᠤ ᠪᠠᠢᠪᠠ᠃
ᠣᠢᠷ᠎ᠠ ᠬᠠᠪᠢ ᠶ᠋ᠢᠨ ᠭᠠᠵᠠᠷ ᠤ᠋ᠳ ᠠ᠋ᠴᠠ (ᠬᠥᠮᠦᠰ ) ᠤᠷᠭᠤᠨ ᠵᠢᠭᠤᠲᠠᠵᠤ ᠢᠷᠡᠭᠰᠡᠭᠡᠷ ᠪᠠᠢᠭᠰᠠᠨ ᠲᠤᠯᠠ ᠬᠣᠲᠠ ᠶ᠋ᠢᠨ ᠬᠥᠮᠦᠰ ᠠᠳᠤᠭᠤᠨ ᠤ᠋ ᠮᠢᠬ᠎ᠠ ᠶ᠋ᠢ ᠢᠳᠡᠬᠦ ᠪᠣᠯᠵᠤ ᠡᠬᠢᠯᠡᠪᠡ᠃ ᠲᠤᠷᠥᠫᠺᠠ ᠥᠪᠡᠷ ᠦ᠋ᠨ ᠬᠠᠢᠷᠠᠲᠠᠢ ᠮᠣᠷᠢ ᠪᠠᠨ ᠠᠪᠤᠷᠠᠬᠤ ᠶ᠋ᠢᠨ ᠲᠥᠯᠥᠭᠡ᠂ ᠭᠠᠭᠴᠠ ᠡᠭᠦᠳᠡᠨ ᠡᠴᠡ ᠭᠠᠷᠬᠤ ᠶ᠋ᠢᠨ ᠲᠤᠯᠠᠳᠠ ᠬᠠᠮᠤᠭ ᠤ᠋ᠨ ᠪᠡᠷᠬᠡ ᠠᠶᠤᠯᠲᠠᠢ ᠳᠠᠭᠠᠭᠠᠯᠭᠠᠪᠤᠷᠢ ᠶ᠋ᠢ ᠭᠦᠢᠴᠡᠳᠬᠡᠬᠦ ᠪᠡᠷ ᠰᠢᠢᠳᠪᠦᠷᠢᠯᠡᠪᠡ᠃ ᠲᠡᠭᠦᠨ ᠦ᠌ ᠮᠣᠷᠢᠨ ᠤ᠋ ᠡᠮᠡᠭᠡᠯ ᠬᠠᠵᠠᠭᠠᠷ ᠨᠢ ᠪᠦᠷᠢᠨ ᠪᠦᠲᠦᠨ ᠪᠠᠢᠳᠠᠭ ᠪᠠ ᠵᠠᠮ ᠳ᠋ᠤ᠌ ᠬᠡᠷᠡᠭᠯᠡᠬᠦ ᠠᠷᠪᠠᠢ ᠪᠤᠳᠠᠭ᠎ᠠ ᠶ᠋ᠢ ᠪᠤᠯᠢᠭᠠᠷᠢ ᠪᠣᠭᠴᠣᠨ ᠳ᠋ᠤ᠌ ᠳᠦᠭᠦᠷᠭᠡᠵᠦ ᠳᠣᠪᠲᠣᠯᠭᠠᠨ ᠳ᠋ᠤ᠌ ᠭᠡᠭᠡᠭᠳᠡᠬᠦ ᠦᠭᠡᠢ ᠲᠤᠯᠠᠳᠠ ᠨᠠᠷᠢᠨ ᠰᠤᠷ ᠢ᠋ᠶ᠋ᠠᠷ ᠰᠠᠢᠲᠤᠷ ᠳᠠᠷᠤᠭᠤᠯᠤᠨ ᠭᠠᠨᠵᠤᠭᠠᠯᠠᠵᠠᠢ᠃
ᠲᠤᠷᠤᠫᠺᠠ ᠠᠯᠠᠭᠳᠠᠭᠰᠠᠨ ᠮᠣᠩᠭᠣᠯ ᠬᠥᠮᠦᠨ ᠦ᠌ ᠳᠡᠷᠭᠡᠳᠡ ᠡᠴᠡ ᠣᠯᠤᠭᠰᠠᠨ ᠨᠤᠮᠤ ᠰᠤᠮᠤ ᠪᠠᠷ ᠬᠠᠷᠪᠤᠬᠤ ᠳᠠᠳᠤᠯᠭ᠎ᠠ ᠬᠢᠬᠦ ᠪᠣᠯᠪᠠ᠃ ᠲᠤᠰ ᠴᠠᠢᠵᠠ ᠶ᠋ᠢᠨ ᠬᠡᠷᠡᠮ ᠳᠡᠭᠡᠷ᠎ᠡ ᠪᠠᠢᠭᠰᠠᠨ ᠴᠡᠷᠢᠭ ᠦ᠋ᠳ ᠢ᠋ ᠮᠣᠩᠭᠣᠯ ᠤ᠋ᠨ ᠯᠠᠺᠸᠷ ᠤ᠋ᠨ ᠵᠦᠭ ᠡᠴᠡ ᠡᠳᠦᠷ ᠪᠦᠬᠦᠨ ᠬᠠᠷᠪᠤᠵᠤ ᠪᠠᠢᠭᠰᠠᠨ ᠲᠤᠯᠠ ᠰᠤᠮᠤ ᠶ᠋ᠢ ᠣᠯᠵᠤ ᠠᠪᠬᠤ ᠳ᠋ᠤ᠌ ᠬᠢᠯᠪᠠᠷ ᠪᠠᠢᠵᠠᠢ᠃
ᠲᠤᠷᠥᠫᠺᠠ ᠮᠣᠳᠣᠨ ᠤ᠋ ᠦᠷᠦᠳᠡᠰᠦ ᠲᠡᠢ ᠰᠢᠭᠤᠳᠠᠢ ᠶ᠋ᠢ ᠬᠡᠷᠡᠮ ᠦ᠋ᠨ ᠬᠠᠵᠠᠭᠤ ᠳ᠋ᠤ᠌ ᠪᠣᠰᠬᠠᠭᠠᠳ ᠮᠣᠷᠢᠨ ᠳᠡᠭᠡᠷ᠎ᠡ ᠡᠴᠡ ᠲᠡᠭᠦᠨ ᠢ᠋ ᠬᠠᠷᠪᠤᠵᠤ ᠰᠤᠷᠪᠠ᠃ ᠶᠠᠩᠭᠢᠷ ᠢᠮᠠᠭᠠᠨ ᠤ᠋ ᠬᠠᠷ᠎ᠠ ᠡᠪᠡᠷ ᠢ᠋ᠶ᠋ᠡᠷ ᠬᠢᠭᠰᠡᠨ ᠮᠣᠩᠭᠣᠯ ᠨᠤᠮᠤ ᠲᠠᠲᠠᠬᠤ ᠳ᠋ᠤ᠌ ᠮᠠᠰᠢ ᠬᠠᠲᠠᠭᠤ ᠲᠤᠯᠠ ᠠᠩᠬᠠᠨ ᠳ᠋ᠠᠭᠠᠨ ᠬᠠᠷᠪᠤᠵᠤ ᠪᠣᠯᠤᠮ᠎ᠠ ᠦᠭᠡᠢ ᠮᠡᠲᠦ ᠪᠠᠢᠯ᠎ᠠ᠃ ᠲᠤᠷᠤᠫᠺᠠ ᠲᠡᠭᠦᠨ ᠢ᠋ ᠳᠥᠩᠭᠡᠵᠢ ᠳᠤᠮᠳᠠ ᠨᠢ ᠬᠦᠷᠲᠡᠯ᠎ᠡ ᠲᠠᠲᠠᠭᠠᠳ ᠲᠠᠯᠪᠢᠵᠤ ᠪᠠᠢᠭᠰᠠᠨ ᠲᠤᠯᠠ ᠰᠤᠮᠤ ᠨᠢ ᠤᠳᠠᠭᠠᠨ ᠶᠠᠪᠤᠵᠤ ᠭᠠᠵᠠᠷ ᠲᠤ᠌ ᠲᠦᠷᠭᠡᠨ ᠤᠨᠠᠵᠤ ᠪᠢᠯᠡ ᠃ ᠮᠣᠩᠭᠣᠯᠴᠤᠳ ᠪᠣᠯ ᠨᠤᠮᠤ ᠪᠠᠨ ᠲᠠᠲᠠᠵᠤ ᠬᠥᠪᠴᠢ ᠶ᠋ᠢ ᠡᠷᠡᠦ ᠶ᠋ᠢᠨ ᠳᠣᠣᠷ᠎ᠠ ᠪᠠᠷᠢᠮᠠᠭᠴᠠ ᠵᠡᠭᠦᠨ ᠭᠠᠷ ᠢ᠋ᠶ᠋ᠠᠨ ᠰᠢᠯᠤᠭᠤᠨ ᠪᠣᠯᠭᠠᠨ ᠬᠥᠪᠴᠢ ᠶ᠋ᠢ ᠪᠠᠷᠠᠭᠤᠨ ᠲᠠᠯ᠎ᠠ ᠶ᠋ᠢᠨ ᠴᠢᠬᠢᠨ ᠦ᠌ ᠲᠤᠰᠢᠶ᠎ᠠ ᠭᠠᠵᠠᠷ ᠬᠦᠷᠭᠡᠭᠡᠳ ᠰᠤᠮᠤ ᠪᠠᠨ ᠲᠠᠯᠪᠢᠬᠤ ᠳ᠋ᠤ᠌ ᠰᠤᠮᠤ ᠨᠢ ᠡᠭᠴᠡ ᠪᠡᠷ ᠶᠠᠪᠤᠵᠤ ᠶᠠᠮᠠᠷ ᠨᠢᠭᠡ ᠶᠠᠭᠤᠮ᠎ᠠ ᠶ᠋ᠢ ᠨᠡᠪᠲᠡ ᠴᠣᠬᠢᠨ ᠣᠷᠣᠬᠤ ᠳ᠋ᠤ᠌ ᠪᠡᠯᠡᠬᠡᠨ ᠪᠠᠢᠳᠠᠭ ᠪᠢᠯᠡ᠃ ᠲᠣᠷᠤᠫᠺᠠ ᠠᠭᠠᠵᠢᠮ ᠳ᠋ᠠᠭᠠᠨ ᠲᠡᠢᠨᠬᠥ ᠬᠠᠷᠪᠤᠵᠤ ᠴᠢᠳᠠᠬᠤ ᠪᠣᠯᠵᠠᠢ ᠃
ᠨᠢᠭᠡ ᠡᠳᠦᠷ ᠸᠠᠩ ᠷᠣᠮᠠᠨ ᠲᠣᠷᠤᠫᠺᠠ ᠶ᠋ᠢ ᠳᠡᠷᠭᠡᠳᠡ ᠪᠡᠨ ᠳᠠᠭᠤᠳᠠᠨ ᠠᠪᠠᠴᠢᠭᠠᠳ ᠤᠯᠠᠭᠠᠨ ᠳᠠᠪᠤᠤ ᠳ᠋ᠤ᠌ ᠪᠣᠭᠣᠭᠰᠠᠨ ᠪᠢᠴᠢᠭ ᠲᠡᠢ ᠴᠠᠭᠠᠰᠤ ᠶ᠋ᠢ ᠲᠡᠭᠦᠨ ᠳ᠋ᠦ᠍ ᠥᠭᠭᠦᠭᠡᠳ ᠂
— ᠴᠢᠮᠠᠶ᠋ᠢ ᠲᠣᠷᠤᠫᠺᠠ! ᠶᠠᠭᠠᠷᠠᠤ ᠭᠡᠵᠦ ᠳᠡᠮᠡᠢ ᠨᠡᠷᠡᠯᠡᠭᠰᠡᠨ ᠬᠡᠷᠡᠭ ᠪᠤᠰᠤ᠂ ᠸᠠᠩ ᠸᠰᠸᠸᠤᠯᠤᠳ᠋ ᠴᠢᠮ᠎ᠠ ᠳ᠋ᠤ᠌ ᠴᠢᠬᠤᠯᠠ ᠬᠡᠷᠡᠭ ᠲᠠᠭᠠᠬᠠᠯᠭᠠᠵᠤ ᠪᠠᠢᠨ᠎ᠠ᠃ ᠪᠢᠳᠡ ᠮᠠᠷᠠᠭᠠᠰᠢ ᠭᠡᠨᠡᠳᠲᠡ ᠲᠠᠲ᠋ᠠᠷ ᠤ᠋ᠳ ᠢ᠋ ᠴᠣᠬᠢᠬᠤ ᠲᠤᠯᠠ ᠰᠢᠷᠦᠭᠦᠨ ᠲᠡᠮᠡᠴᠡᠯ ᠪᠣᠯᠤᠨ᠎ᠠ᠃ ᠡᠭᠦᠨ ᠳ᠋ᠦ᠍ ᠲᠡᠷᠡ ᠲᠤᠯᠤᠯᠳᠤᠭᠠᠨ ᠪᠣᠯᠵᠤ ᠪᠠᠢᠬᠤ ᠲᠡᠷᠡ ᠵᠠᠭᠤᠷ᠎ᠠ ᠴᠢ ᠭᠣᠣᠯ ᠢ᠋ᠶ᠋ᠠᠷ ᠭᠠᠷᠤᠭᠠᠳ ᠣᠢ ᠳᠣᠲᠣᠷ᠎ᠠ ᠵᠠᠢᠯᠠᠨ ᠣᠳᠪᠠᠯ ᠲᠠᠲ᠋ᠠᠷ ᠤ᠋ᠳ ᠠᠵᠢᠭᠯᠠᠬᠤ ᠦᠭᠡᠢ᠃ ᠲᠡᠨᠳᠡ ᠡᠴᠡ ᠪᠡᠨ ᠠᠶᠠᠨᠴᠢᠨ ᠤ᠋ ᠵᠠᠮ ᠢ᠋ᠶ᠋ᠠᠷ ᠣᠷᠣᠵᠤ ᠤᠮᠠᠷ᠎ᠠ ᠲᠡᠰᠢ ᠭᠠᠷᠬᠤ ᠶ᠋ᠢ ᠣᠷᠣᠯᠳᠣ᠃ ᠡᠨᠡ ᠪᠣᠯ ᠸᠠᠩ ᠸᠰᠸᠸᠤᠯᠤᠳ᠋ ᠬᠣᠲᠠ ᠬᠠᠮᠠᠭᠠᠯᠠᠬᠤ ᠶᠠᠪᠤᠳᠠᠯ ᠬᠡᠷᠬᠢᠨ ᠬᠦᠨᠳᠦ ᠪᠣᠯᠵᠤ ᠪᠣᠢ ᠶ᠋ᠢ ᠥᠪᠡᠷ ᠦ᠋ᠨ ᠡᠴᠢᠭᠡ ᠶᠡᠬᠡ ᠸᠠᠩ ᠸᠰᠸᠸᠯᠤᠳᠤᠸᠢᠴ ᠲᠤ᠌ ᠮᠡᠳᠡᠭᠳᠡᠵᠦ ᠲᠡᠭᠦᠨ ᠡᠴᠡ ᠲᠤᠰᠠᠯᠠᠮᠵᠢ ᠭᠤᠶᠤᠭᠰᠠᠨ ᠲᠤᠬᠠᠢ ᠶ᠋ᠢᠨ ᠪᠢᠴᠢᠭ ᠪᠣᠯᠤᠨ᠎ᠠ᠃ ᠲᠠᠲ᠋ᠠᠷ ᠤ᠋ᠳ ᠺᠤᠯᠤᠮᠤᠨ ᠢ᠋ ᠬᠥᠯ ᠳᠣᠣᠷ᠎ᠠ ᠪᠠᠨ ᠭᠢᠰᠬᠢᠯᠡᠵᠦ ᠪᠣᠢ ᠪᠥᠭᠡᠳ ᠳᠠᠷᠤᠢ ᠪᠢᠳᠡᠨ ᠢ᠋ ᠨᠢᠴᠠ ᠳᠠᠷᠤᠨ᠎ᠠ᠃ ᠴᠢ ᠺᠷᠢᠵᠠᠴ᠂ ᠷᠤᠰᠲ᠋ᠤᠸ᠂ ᠦᠭᠯᠢᠴᠡ ᠪᠡᠷ ᠵᠠᠮᠨᠠᠨ ᠶᠠᠪᠤ ᠃ ᠳᠠᠰᠢ ᠪᠠᠨ ᠲᠠᠲ᠋ᠠᠷ ᠤ᠋ᠳ ᠬᠦᠷᠴᠦ ᠣᠴᠢᠭ᠎ᠠ ᠦᠭᠡᠢ᠂ ᠶᠠᠪᠤᠬᠤ ᠳ᠋ᠤ᠌ ᠴᠢᠯᠥᠭᠡ ᠲᠡᠢ ᠪᠢᠯᠡ ᠃ ᠪᠢᠳᠡ ᠬᠣᠶᠠᠷ ᠰᠠᠷ᠎ᠠ ᠲᠡᠰᠪᠦᠷᠢᠯᠡᠵᠦ ᠴᠢᠳᠠᠨ᠎ᠠ᠃ ᠬᠡᠷᠪᠡ ᠲᠡᠷᠡ ᠪᠣᠯᠲᠠᠯ᠎ᠠ ᠶᠡᠬᠡ ᠸᠠᠩ ᠠᠮᠵᠢᠭᠤᠯᠬᠤ ᠦᠭᠡᠢ ᠪᠣᠯ ᠪᠢᠳᠡ ᠡᠨᠳᠡ ᠲᠣᠯᠣᠭᠠᠢ ᠳᠠᠷᠠᠭᠠᠯᠠᠨ ᠳᠠᠭᠤᠰᠬᠤ ᠪᠣᠯᠤᠨ᠎ᠠ ᠃ ᠮᠠᠨ ᠳ᠋ᠤ᠌ ᠠᠪᠤᠷᠠᠯ ᠠᠯᠠᠭ᠎ᠠ᠃ ᠴᠢᠨᠦ ᠪᠡᠶ᠎ᠡ ᠵᠠᠪᠳᠤᠨ ᠶᠡᠬᠡ ᠸᠠᠩ ᠢ᠋ ᠣᠯᠵᠤ ᠠᠭᠤᠯᠵᠠᠭᠠᠳ ᠲᠡᠭᠦᠨ ᠦ᠌ ᠰᠢᠳᠠᠷ ᠴᠡᠷᠢᠭ ᠦ᠋ᠨ ᠬᠠᠮᠲᠤ ᠪᠠᠷ ᠡᠭᠡᠵᠦ ᠪᠢᠳᠡᠨ ᠢ᠋ ᠦᠬᠦᠯ ᠡᠴᠡ ᠠᠩᠭᠢᠵᠢᠷᠠᠭᠤᠯᠬᠤ ᠶ᠋ᠢ ᠴᠢᠮ᠎ᠠ ᠳ᠋ᠠᠭᠠᠨ ᠢᠲᠡᠭᠡᠨ᠎ᠡ ᠭᠡᠪᠡ ᠃
ᠪᠣᠯᠵᠣᠭᠰᠠᠨ ᠡᠳᠦᠷ ᠦ᠋ᠨ ᠦᠷ ᠦ᠋ᠨ ᠬᠠᠷᠠᠩᠭᠤᠢ ᠪᠠᠷ ᠵᠡᠪᠰᠡᠭ ᠪᠦᠬᠦᠢ ᠮᠣᠷᠢᠲᠤ ᠴᠡᠷᠢᠭ ᠦ᠋ᠳ᠂ ᠬᠣᠲᠠ ᠶ᠋ᠢᠨ ᠬᠠᠭᠠᠯᠭ᠎ᠠ ᠤᠷᠤᠭᠤ ᠣᠷᠣᠭᠰᠠᠨ ᠨᠠᠷᠢᠬᠠᠨ ᠭᠤᠳᠤᠮᠵᠢ ᠪᠠᠷ ᠳᠦᠭᠦᠷᠴᠡᠢ᠃ ᠲᠣᠷᠣᠫᠺᠠ ᠲᠡᠳᠡ ᠨᠠᠷ ᠪᠠ ᠪᠠᠰᠠ ᠸᠠᠩ ᠤ᠋ᠨ ᠭᠤᠷᠪᠠᠨ ᠵᠠᠷᠯᠢᠭ ᠤ᠋ᠨ ᠬᠠᠮᠲᠤ ᠡᠭᠦᠳᠡᠨ ᠦ᠌ ᠳᠡᠷᠭᠡᠳᠡ ᠣᠴᠢᠭᠠᠳ ᠪᠠᠢᠪᠠ᠃ ᠡᠨᠡ ᠭᠤᠷᠪᠠᠨ ᠵᠠᠷᠯᠢᠭ ᠪᠣᠯ ᠲᠠᠲ᠋ᠠᠷ ᠤ᠋ᠨ ᠴᠡᠷᠢᠭ ᠦ᠋ᠨ ᠮᠠᠨᠠᠭ᠎ᠠ ᠶ᠋ᠢ ᠬᠠᠷᠠᠩᠭᠤᠢ ᠪᠠᠷ ᠨᠡᠪᠲᠡᠷᠡᠵᠦ ᠪᠠᠰᠠ ᠥᠭᠡᠷ᠎ᠡ ᠭᠤᠷᠪᠠᠨ ᠬᠣᠲᠠᠨ᠎ᠠ ᠪᠢᠴᠢᠭ ᠬᠦᠷᠭᠡᠬᠦ ᠲᠤᠰᠢᠶᠠᠯ ᠢ᠋ ᠬᠦᠯᠢᠶᠡᠨ ᠠᠪᠤᠭᠠᠳ ᠪᠠᠢᠵᠠᠢ᠃ ᠲᠡᠷᠡ ᠰᠥᠨᠢ ᠰᠢᠭᠤᠷᠭ᠎ᠠ ᠰᠢᠭᠤᠷᠴᠤ ᠰᠢᠷᠦᠭᠦᠨ ᠰᠠᠯᠬᠢ ᠪᠠᠢᠰᠢᠩ ᠤ᠋ᠨ ᠳᠡᠭᠡᠪᠦᠷ ᠦ᠋ᠨ ᠴᠠᠰᠤ ᠶ᠋ᠢ ᠴᠡᠷᠢᠭ ᠦ᠋ᠳ ᠦ᠋ᠨ ᠳᠡᠭᠡᠷ᠎ᠡ ᠡᠴᠡ ᠰᠢᠳᠡᠯᠡᠵᠦ ᠪᠠᠢᠪᠠ᠃ ᠲᠡᠳᠡᠨ ᠦ᠌ ᠴᠥᠭᠡᠩᠬᠢ ᠨᠢ ᠬᠦ ᠬᠤᠶᠠᠭ ᠲᠠᠢ᠂ ᠣᠯᠠᠩᠬᠢ ᠨᠢ ᠵᠥᠪᠬᠡᠨ ᠡᠩᠭᠡᠷ ᠪᠠ ᠮᠥᠷᠦᠨ ᠳᠡᠭᠡᠷ᠎ᠡ ᠪᠡᠨ ᠲᠡᠮᠦᠷ ᠪᠤᠶᠤ ᠶᠠᠰᠤᠨ ᠪᠠᠮᠪᠠᠢ ᠬᠠᠲᠠᠭᠰᠠᠨ ᠬᠠᠯᠴᠠᠭᠠᠢ ᠳᠡᠪᠡᠯ ᠲᠡᠢ ᠠᠵᠢ᠃
— ᠵᠠ ᠪᠠᠰᠠ ᠶᠠᠭᠤ ᠪᠠᠨ ᠬᠦᠯᠢᠶᠡᠭᠰᠡᠨ ᠶᠤᠮ ᠪᠣᠢ?᠁ ᠮᠠᠨᠠᠭᠠᠴᠢ ᠠ᠋᠂ ᠡᠭᠦᠳᠡ ᠪᠡᠨ ᠨᠡᠭᠡᠭᠡᠭᠲᠦᠨ᠁ ᠭᠡᠵᠦ ᠰᠥᠭᠡᠩᠭᠢ ᠳᠠᠭᠤ ᠪᠠᠷ ᠬᠠᠰᠬᠢᠷᠤᠯᠳᠤᠨ᠎ᠠ᠃ ᠡᠭᠦᠳᠡᠨ ᠦ᠌ ᠵᠢᠪᠡᠷᠡᠭᠰᠡᠨ ᠲᠡᠮᠦᠷ ᠳᠡᠭᠡᠭᠡ ᠴᠠᠭᠤᠷᠭ᠎ᠠ ᠬᠠᠩᠭᠢᠨᠠᠨ ᠨᠢᠵᠢᠭᠢᠨᠡᠵᠦ ᠮᠤᠯᠲᠤᠷᠠᠬᠤ ᠶ᠋ᠢᠨ ᠬᠠᠮᠲᠤ ᠬᠣᠶᠠᠷ ᠲᠣᠮᠣ ᠮᠣᠳᠣᠨ ᠬᠠᠭᠠᠯᠭ᠎ᠠ ᠨᠡᠭᠡᠭᠡᠭᠳᠡᠭᠡᠳ ᠬᠠᠪ ᠬᠠᠷᠠᠩᠭᠤᠢ ᠠᠶᠤᠮᠰᠢᠭᠲᠤ ᠵᠠᠮ ᠲᠠᠯᠪᠢᠭᠳᠠᠪᠠ᠃ ᠲᠡᠨᠳᠡ ᠦᠬᠦᠯ ᠦ᠋ᠨ ᠰᠡᠭᠦᠳᠡᠷ ᠲᠠᠲᠠᠭᠠᠳ ᠬᠡᠳᠦᠨ ᠮᠢᠩᠭᠠᠨ ᠨᠢᠳᠦ᠂ ᠬᠤᠷᠴᠠᠯᠠᠭᠰᠠᠨ ᠮᠤᠷᠤᠢ ᠰᠡᠯᠡᠮ᠎ᠡ ᠬᠦᠯᠢᠶᠡᠵᠦ ᠪᠠᠢᠪᠠ᠃
ᠲᠣᠷᠣᠫᠺᠠ ᠶ᠋ᠢᠨ ᠬᠠᠷ᠎ᠠ ᠮᠣᠷᠢ ᠪᠤᠰᠤᠳ ᠴᠡᠷᠢᠭ ᠦ᠋ᠳ ᠦ᠋ᠨ ᠬᠣᠢᠨ᠎ᠠ ᠠ᠋ᠴᠠ ᠥᠪᠡᠷ ᠢ᠋ᠶ᠋ᠡᠨ ᠬᠥᠳᠡᠯᠪᠡ᠃ ᠣᠲ᠋ᠷᠢᠶᠡᠳ᠋ ᠦ᠋ᠨ ᠲᠡᠷᠢᠭᠦᠨ ᠳ᠋ᠦ᠍ ᠸᠠᠩ ᠷᠣᠮᠠᠨ ᠬᠠᠮᠠᠭᠠᠯᠠᠭᠴᠢᠳ ᠢ᠋ᠶ᠋ᠠᠷ ᠢ᠋ᠶ᠋ᠠᠨ ᠬᠦᠷᠢᠶᠡᠯᠡᠭᠦᠯᠦᠭᠡᠳ ᠶᠠᠪᠤᠯ᠎ᠠ᠃ ᠭᠣᠣᠯ ᠤ᠋ᠨ ᠨᠥᠭᠦᠭᠡ ᠲᠠᠯ᠎ᠠ ᠶ᠋ᠢᠨ ᠣᠢ ᠶ᠋ᠢᠨ ᠳᠤᠮᠳᠠ ᠤᠨᠲᠠᠵᠤ ᠪᠠᠢᠭ᠎ᠠ ᠲᠠᠲ᠋ᠠᠷ ᠤ᠋ᠨ ᠯᠠᠭᠧᠷ ᠢ᠋ ᠳᠠᠭᠠᠷᠢᠨ ᠣᠷᠣᠬᠤ ᠭᠡᠵᠦ ᠪᠣᠢ ᠵᠣᠷᠢᠯᠭ᠎ᠠ ᠪᠠᠨ ᠣᠲ᠋ᠷᠢᠶᠠᠳ᠋ ᠰᠠᠢᠨ ᠮᠡᠳᠡᠵᠦ ᠪᠠᠢᠪᠠ᠃ ᠣᠲᠷᠢᠶᠠᠲ ᠸᠷᠠᠢ᠍ᠰ ᠤᠷᠤᠭᠤ ᠬᠠᠲᠠᠷᠢᠵᠤ ᠴᠡᠷᠢᠭ ᠦ᠋ᠳ ᠪᠡᠶ᠎ᠡ ᠪᠡᠶᠡᠰ ᠲᠡᠭᠡᠨ ᠰᠢᠬᠠᠨ ᠴᠤᠪᠤᠷᠠᠯᠳᠤᠭᠰᠠᠨ ᠨᠢ ᠴᠠᠪ ᠴᠠᠭᠠᠨ ᠴᠠᠰᠤᠨ ᠳᠡᠭᠡᠷ᠎ᠡ ᠬᠠᠷᠠᠯᠠᠨ ᠬᠠᠷᠠᠭᠳᠠᠨ᠎ᠠ᠃ ᠪᠥᠭᠡᠮ ᠪᠥᠭᠡᠮ ᠬᠠᠷ᠎ᠠ ᠡᠭᠦᠯᠡ ᠪᠡᠷ ᠬᠤᠴᠢᠭᠳᠠᠭᠰᠠᠨ ᠲᠩᠷᠢ ᠵᠡᠭᠦᠨ ᠵᠦᠭ ᠡᠴᠡ ᠭᠡᠭᠡ ᠭᠠᠷᠴᠤ ᠡᠬᠢᠯᠡᠪᠡ᠃
ᠭᠣᠣᠯ ᠤ᠋ᠨ ᠳᠤᠮᠳᠠ ᠬᠦᠷᠦᠭᠡᠳ ᠲᠣᠷᠣᠫᠺᠠ ᠨᠥᠭᠦᠭᠡ ᠳᠠᠰᠢ ᠡᠷᠭᠢᠵᠦ ᠮᠣᠷᠢ ᠪᠠᠨ ᠭᠤᠶᠠᠳᠠᠨ ᠠᠷᠢᠯᠪᠠ᠃ ᠭᠡᠨᠡᠳᠲᠡ ᠣᠢᠷᠠᠬᠠᠨ ᠭᠡᠭᠴᠢ ᠨᠠᠷᠢᠬᠠᠨ ᠪᠣᠯᠵᠣᠭᠰᠠᠨ ᠡᠳᠦᠷ ᠦ᠋ᠨ ᠦᠷ ᠦ᠋ᠨ ᠬᠠᠷᠠᠩᠭᠤᠢ ᠪᠠᠷ ᠵᠡᠪᠰᠡᠭ ᠪᠦᠬᠦᠢ ᠮᠣᠷᠢᠲᠤ ᠴᠡᠷᠢᠭ ᠦ᠋ᠳ᠂ ᠬᠣᠲᠠ ᠶ᠋ᠢᠨ ᠬᠠᠭᠠᠯᠭ᠎ᠠ ᠤᠷᠤᠭᠤ ᠣᠷᠣᠭᠰᠠᠨ ᠨᠠᠷᠢᠬᠠᠨ ᠭᠤᠳᠤᠮᠵᠢ ᠪᠠᠷ ᠳᠦᠭᠦᠷᠴᠡᠢ᠃ ᠲᠣᠷᠣᠫᠺᠠ ᠲᠡᠳᠡ ᠨᠠᠷ ᠪᠠ ᠪᠠᠰᠠ ᠸᠠᠩ ᠤ᠋ᠨ ᠭᠤᠷᠪᠠᠨ ᠵᠠᠷᠯᠢᠭ ᠤ᠋ᠨ ᠬᠠᠮᠲᠤ ᠡᠭᠦᠳᠡᠨ ᠦ᠌ ᠳᠡᠷᠭᠡᠳᠡ ᠣᠴᠢᠭᠠᠳ ᠪᠠᠢᠪᠠ᠃ ᠡᠨᠡ ᠭᠤᠷᠪᠠᠨ ᠵᠠᠷᠯᠢᠭ ᠪᠣᠯ ᠲᠠᠲ᠋ᠠᠷ ᠤ᠋ᠨ ᠴᠡᠷᠢᠭ ᠦ᠋ᠨ ᠮᠠᠨᠠᠭ᠎ᠠ ᠶ᠋ᠢ ᠬᠠᠷᠠᠩᠭᠤᠢ ᠪᠠᠷ ᠨᠡᠪᠲᠡᠷᠡᠵᠦ ᠪᠠᠰᠠ ᠥᠭᠡᠷ᠎ᠡ ᠭᠤᠷᠪᠠᠨ ᠬᠣᠲᠠᠨ᠎ᠠ ᠪᠢᠴᠢᠭ ᠬᠦᠷᠭᠡᠬᠦ ᠲᠤᠰᠢᠶᠠᠯ ᠢ᠋ ᠬᠦᠯᠢᠶᠡᠨ ᠠᠪᠤᠭᠠᠳ ᠪᠠᠢᠵᠠᠢ᠃ ᠲᠡᠷᠡ ᠰᠥᠨᠢ ᠰᠢᠭᠤᠷᠭ᠎ᠠ ᠰᠢᠭᠤᠷᠴᠤ ᠰᠢᠷᠦᠭᠦᠨ ᠰᠠᠯᠬᠢ ᠪᠠᠢᠰᠢᠩ ᠤ᠋ᠨ ᠳᠡᠭᠡᠪᠦᠷ ᠦ᠋ᠨ ᠴᠠᠰᠤ ᠶ᠋ᠢ ᠴᠡᠷᠢᠭ ᠦ᠋ᠳ ᠦ᠋ᠨ ᠳᠡᠭᠡᠷ᠎ᠡ ᠡᠴᠡ ᠰᠢᠳᠡᠯᠡᠵᠦ ᠪᠠᠢᠪᠠ᠃ ᠲᠡᠳᠡᠨ ᠦ᠌ ᠴᠥᠭᠡᠩᠬᠢ ᠨᠢ ᠬᠦ ᠬᠤᠶᠠᠭ ᠲᠠᠢ᠂ ᠣᠯᠠᠩᠬᠢ ᠨᠢ ᠵᠥᠪᠬᠡᠨ ᠡᠩᠭᠡᠷ ᠪᠠ ᠮᠥᠷᠦᠨ ᠳᠡᠭᠡᠷ᠎ᠡ ᠪᠡᠨ ᠲᠡᠮᠦᠷ ᠪᠤᠶᠤ ᠶᠠᠰᠤᠨ ᠪᠠᠮᠪᠠᠢ ᠬᠠᠲᠠᠭᠰᠠᠨ ᠬᠠᠯᠴᠠᠭᠠᠢ ᠳᠡᠪᠡᠯ ᠲᠡᠢ ᠠᠵᠢ᠃
— ᠵᠠ ᠪᠠᠰᠠ ᠶᠠᠭᠤ ᠪᠠᠨ ᠬᠦᠯᠢᠶᠡᠭᠰᠡᠨ ᠶᠤᠮ ᠪᠣᠢ?᠁ ᠮᠠᠨᠠᠭᠠᠴᠢ ᠠ᠋᠂ ᠡᠭᠦᠳᠡ ᠪᠡᠨ ᠨᠡᠭᠡᠭᠡᠭᠲᠦᠨ᠁ ᠭᠡᠵᠦ ᠰᠥᠭᠡᠩᠭᠢ ᠳᠠᠭᠤ ᠪᠠᠷ ᠬᠠᠰᠬᠢᠷᠤᠯᠳᠤᠨ᠎ᠠ᠃ ᠡᠭᠦᠳᠡᠨ ᠦ᠌ ᠵᠢᠪᠡᠷᠡᠭᠰᠡᠨ ᠲᠡᠮᠦᠷ ᠳᠡᠭᠡᠭᠡ ᠴᠠᠭᠤᠷᠭ᠎ᠠ ᠬᠠᠩᠭᠢᠨᠠᠨ ᠨᠢᠵᠢᠭᠢᠨᠡᠵᠦ ᠮᠤᠯᠲᠤᠷᠠᠬᠤ ᠶ᠋ᠢᠨ ᠬᠠᠮᠲᠤ ᠬᠣᠶᠠᠷ ᠲᠣᠮᠣ ᠮᠣᠳᠣᠨ ᠬᠠᠭᠠᠯᠭ᠎ᠠ ᠨᠡᠭᠡᠭᠡᠭᠳᠡᠭᠡᠳ ᠬᠠᠪ ᠬᠠᠷᠠᠩᠭᠤᠢ ᠠᠶᠤᠮᠰᠢᠭᠲᠤ ᠵᠠᠮ ᠲᠠᠯᠪᠢᠭᠳᠠᠪᠠ᠃ ᠲᠡᠨᠳᠡ ᠦᠬᠦᠯ ᠦ᠋ᠨ ᠰᠡᠭᠦᠳᠡᠷ ᠲᠠᠲᠠᠭᠠᠳ ᠬᠡᠳᠦᠨ ᠮᠢᠩᠭᠠᠨ ᠨᠢᠳᠦ᠂ ᠬᠤᠷᠴᠠᠯᠠᠭᠰᠠᠨ ᠮᠤᠷᠤᠢ ᠰᠡᠯᠡᠮ᠎ᠡ ᠬᠦᠯᠢᠶᠡᠵᠦ ᠪᠠᠢᠪᠠ᠃
ᠲᠣᠷᠣᠫᠺᠠ ᠶ᠋ᠢᠨ ᠬᠠᠷ᠎ᠠ ᠮᠣᠷᠢ ᠪᠤᠰᠤᠳ ᠴᠡᠷᠢᠭ ᠦ᠋ᠳ ᠦ᠋ᠨ ᠬᠣᠢᠨ᠎ᠠ ᠠ᠋ᠴᠠ ᠥᠪᠡᠷ ᠢ᠋ᠶ᠋ᠡᠨ ᠬᠥᠳᠡᠯᠪᠡ᠃ ᠣᠲ᠋ᠷᠢᠶᠡᠳ᠋ ᠦ᠋ᠨ ᠲᠡᠷᠢᠭᠦᠨ ᠳ᠋ᠦ᠍ ᠸᠠᠩ ᠷᠣᠮᠠᠨ ᠬᠠᠮᠠᠭᠠᠯᠠᠭᠴᠢᠳ ᠢ᠋ᠶ᠋ᠠᠷ ᠢ᠋ᠶ᠋ᠠᠨ ᠬᠦᠷᠢᠶᠡᠯᠡᠭᠦᠯᠦᠭᠡᠳ ᠶᠠᠪᠤᠯ᠎ᠠ᠃ ᠭᠣᠣᠯ ᠤ᠋ᠨ ᠨᠥᠭᠦᠭᠡ ᠲᠠᠯ᠎ᠠ ᠶ᠋ᠢᠨ ᠣᠢ ᠶ᠋ᠢᠨ ᠳᠤᠮᠳᠠ ᠤᠨᠲᠠᠵᠤ ᠪᠠᠢᠭ᠎ᠠ ᠲᠠᠲ᠋ᠠᠷ ᠤ᠋ᠨ ᠯᠠᠭᠧᠷ ᠢ᠋ ᠳᠠᠭᠠᠷᠢᠨ ᠣᠷᠣᠬᠤ ᠭᠡᠵᠦ ᠪᠣᠢ ᠵᠣᠷᠢᠯᠭ᠎ᠠ ᠪᠠᠨ ᠣᠲ᠋ᠷᠢᠶᠠᠳ᠋ ᠰᠠᠢᠨ ᠮᠡᠳᠡᠵᠦ ᠪᠠᠢᠪᠠ᠃ ᠣᠲᠷᠢᠶᠠᠲ ᠸᠷᠠᠢ᠍ᠰ ᠤᠷᠤᠭᠤ ᠬᠠᠲᠠᠷᠢᠵᠤ ᠴᠡᠷᠢᠭ ᠦ᠋ᠳ ᠪᠡᠶ᠎ᠡ ᠪᠡᠶᠡᠰ ᠲᠡᠭᠡᠨ ᠰᠢᠬᠠᠨ ᠴᠤᠪᠤᠷᠠᠯᠳᠤᠭᠰᠠᠨ ᠨᠢ ᠴᠠᠪ ᠴᠠᠭᠠᠨ ᠴᠠᠰᠤᠨ ᠳᠡᠭᠡᠷ᠎ᠡ ᠬᠠᠷᠠᠯᠠᠨ ᠬᠠᠷᠠᠭᠳᠠᠨ᠎ᠠ᠃ ᠪᠥᠭᠡᠮ ᠪᠥᠭᠡᠮ ᠬᠠᠷ᠎ᠠ ᠡᠭᠦᠯᠡ ᠪᠡᠷ ᠬᠤᠴᠢᠭᠳᠠᠭᠰᠠᠨ ᠲᠩᠷᠢ ᠵᠡᠭᠦᠨ ᠵᠦᠭ ᠡᠴᠡ ᠭᠡᠭᠡ ᠭᠠᠷᠴᠤ ᠡᠬᠢᠯᠡᠪᠡ᠃
ᠭᠣᠣᠯ ᠤ᠋ᠨ ᠳᠤᠮᠳᠠ ᠬᠦᠷᠦᠭᠡᠳ ᠲᠣᠷᠣᠫᠺᠠ ᠨᠥᠭᠦᠭᠡ ᠳᠠᠰᠢ ᠡᠷᠭᠢᠵᠦ ᠮᠣᠷᠢ ᠪᠠᠨ ᠭᠤᠶᠠᠳᠠᠨ ᠠᠷᠢᠯᠪᠠ᠃ ᠭᠡᠨᠡᠳᠲᠡ ᠣᠢᠷᠠᠬᠠᠨ ᠭᠡᠭᠴᠢ ᠨᠠᠷᠢᠬᠠᠨ ᠴᠢᠩᠭ᠎ᠠ ᠳᠠᠭᠤᠨ ᠬᠠᠰᠬᠢᠷᠪᠠ᠃
— ᠬᠥᠬᠡ ᠮᠣᠩᠭᠣᠯᠴᠤᠳ! ᠬᠥᠬᠡ ᠮᠣᠩᠭᠣᠯᠴᠤᠳ!
ᠮᠥᠰᠥᠨ ᠳᠡᠭᠡᠭᠦᠷ ᠮᠣᠷᠢᠨ ᠲᠤᠭᠤᠷᠠᠢ ᠲᠠᠴᠢᠭᠢᠨᠠᠭᠠᠳ᠂ ᠲᠡᠭᠦᠨ ᠦ᠌ ᠡᠮᠦᠨ᠎ᠡ ᠮᠣᠷᠢᠲᠠᠢ ᠬᠥᠮᠦᠰ ᠳᠠᠪᠬᠢᠯᠳᠤᠨ᠂ ᠬᠣᠭᠣᠷᠣᠨᠳᠣ ᠪᠠᠨ ᠦᠯᠦ ᠮᠡᠳᠡᠭᠳᠡᠬᠦ ᠬᠡᠯᠡ ᠪᠡᠷ ᠶᠠᠷᠢᠯᠴᠠᠨ᠎ᠠ᠃
ᠲᠤᠷᠤᠫᠺᠠ ᠬᠠᠵᠠᠭᠤ ᠳᠠᠰᠢ ᠡᠷᠭᠢᠵᠦ ᠳᠠᠪᠬᠢᠬᠤ ᠳ᠋ᠤ᠌ ᠪᠠᠰᠠ ᠲᠡᠭᠦᠨ ᠦ᠌ ᠡᠮᠦᠨ᠎ᠡ ᠮᠣᠷᠢᠲᠠᠢ ᠬᠥᠮᠦᠰ ᠦ᠋ᠨ ᠰᠡᠭᠦᠳᠡᠷ ᠬᠠᠷᠠᠭᠳᠠᠨ᠎ᠠ᠃ ᠲᠤᠷᠤᠫᠺᠠ ᠲᠡᠨᠳᠡ ᠪᠡᠨ ᠪᠤᠴᠠᠵᠤ ᠬᠠᠯᠲᠤᠷᠢᠭ᠎ᠠ ᠲᠠᠢ ᠮᠥᠰᠥᠨ ᠳᠡᠭᠡᠷ᠎ᠡ ᠬᠡᠭᠡᠷ ᠮᠣᠷᠢ ᠪᠠᠨ ᠤᠨᠠᠬᠤ ᠠ᠋ᠴᠠ ᠪᠣᠯᠭᠣᠮᠵᠢᠯᠠᠨ ᠬᠠᠭᠤᠴᠢᠨ ᠪᠠᠯᠠᠷᠬᠠᠢ ᠵᠠᠮ ᠢ᠋ᠶ᠋ᠠᠷ ᠳᠠᠪᠬᠢᠪᠠ᠃
ᠲᠡᠭᠡᠲᠡᠯ᠎ᠡ ᠬᠠᠵᠠᠭᠤ ᠠ᠋ᠴᠠ ᠭᠤᠷᠪᠠᠨ ᠮᠣᠩᠭᠣᠯ ᠬᠥᠮᠦᠨ ᠦᠰᠦᠷᠦᠨ ᠭᠠᠷᠴᠤ ᠢᠷᠡᠬᠦ ᠶ᠋ᠢᠨ ᠬᠠᠮᠲᠤ ᠲᠡᠳᠡᠨ ᠦ᠌ ᠬᠠᠷᠪᠤᠭᠰᠠᠨ ᠰᠤᠮᠤ ᠨᠢ ᠴᠢᠬᠢᠨ ᠦ᠌ ᠳᠡᠭᠡᠭᠦᠷ ᠵᠢᠩᠭᠢᠨᠡᠨ ᠭᠠᠷᠪᠠ᠃ ᠬᠡᠭᠡᠷ ᠮᠣᠷᠢ ᠮᠥᠰᠥ ᠴᠠᠰᠤᠨ ᠳᠡᠭᠡᠭᠦᠷ ᠦᠰᠦᠷᠦᠨ ᠬᠠᠷᠠᠢᠯᠭᠠᠬᠤ ᠳ᠋ᠤ᠌ ᠲᠠᠲ᠋ᠠᠷ ᠤ᠋ᠳ ᠲᠡᠭᠦᠨ ᠦ᠌ ᠬᠣᠢᠨ᠎ᠠ ᠠ᠋ᠴᠠ ᠨᠢᠭᠡ ᠦᠶᠡᠰ ᠰᠦᠷᠡᠬᠡᠢ ᠰᠦᠷᠡᠬᠡᠢ ᠬᠠᠰᠬᠢᠷᠤᠯᠳᠤᠨ ᠬᠥᠭᠡᠭᠡᠴᠡᠯᠳᠦᠵᠦ ᠶᠠᠪᠤᠭᠠᠳ ᠳᠠᠷᠠᠭ᠎ᠠ ᠨᠢ ᠪᠣᠯᠢᠪᠠ᠃ ᠲᠤᠷᠤᠫᠺᠠ ᠮᠣᠷᠢᠨ ᠤ᠋ ᠠᠮᠠ ᠶ᠋ᠢ ᠲᠠᠲᠠᠵᠤ ᠵᠣᠭᠰᠣᠭᠠᠳ ᠴᠢᠩᠨᠠᠪᠠᠯ ᠤᠷᠢᠲᠠᠢ ᠨᠢ ᠬᠥᠮᠦᠨ ᠦ᠌ ᠳᠠᠭᠤ ᠪᠠ ᠮᠣᠷᠢᠨ ᠤ᠋ ᠲᠤᠭᠤᠷᠠᠢ ᠶ᠋ᠢᠨ ᠴᠢᠮᠡᠭᠡ ᠰᠣᠨᠣᠰᠲᠠᠯ᠎ᠠ᠃
ᠲᠤᠷᠤᠫᠺᠠ ᠪᠠᠰᠠ ᠬᠠᠵᠠᠭᠤ ᠲᠡᠰᠢ ᠪᠡᠨ ᠡᠷᠭᠢᠵᠦ ᠳᠠᠪᠬᠢᠲᠠᠯ᠎ᠠ ᠮᠣᠷᠢ ᠪᠠᠨ ᠪᠠᠷᠢᠭᠰᠠᠨ ᠬᠡᠳᠦᠨ ᠮᠣᠩᠭᠣᠯᠴᠤᠳ ᠳᠡᠭᠡᠷ᠎ᠡ ᠣᠷᠣᠴᠢᠬᠠᠪᠠ᠃
— ᠲᠶᠥ᠋ᠯᠶᠡᠪ— ᠪᠢᠷᠬ᠌ᠸᠨ ᠠ᠋᠂ ᠴᠢᠨᠦ ᠬᠣᠩᠭᠣᠷ ᠮᠣᠷᠢ ᠴᠢᠮ᠎ᠠ ᠳ᠋ᠠᠭᠠᠨ ᠥᠪᠡᠷ ᠢ᠋ᠶ᠋ᠡᠨ ᠢᠷᠡᠯ᠎ᠡ᠃ ᠲᠡᠭᠦᠨ ᠢ᠋ ᠪᠠᠷᠢᠭᠲᠤᠨ ᠭᠡᠵᠦ ᠪᠠᠶᠠᠷᠯᠠᠯᠳᠤᠨ ᠬᠠᠰᠬᠢᠷᠤᠯᠳᠤᠬᠤ ᠴᠢᠮᠡᠭᠡ ᠰᠣᠨᠣᠰᠳᠠᠪᠠ᠃
ᠮᠣᠩᠭᠣᠯᠴᠤᠳ ᠮᠣᠷᠢᠳ ᠢ᠋ᠶ᠋ᠠᠨ ᠤᠨᠤᠭᠠᠳ ᠲᠤᠷᠤᠫᠺᠠ ᠶ᠋ᠢᠨ ᠬᠣᠢᠨ᠎ᠠ ᠠ᠋ᠴᠠ ᠳᠣᠪᠲᠣᠯᠤᠨ ᠬᠥᠭᠡᠭᠡᠪᠡ᠃ ᠲᠡᠳᠡᠨ ᠦ᠌ ᠮᠣᠷᠢᠳ ᠨᠢ ᠴᠥᠮ ᠰᠠᠢᠨ ᠲᠤᠯᠠ ᠬᠣᠩᠭᠣᠷ ᠮᠣᠷᠢ ᠶ᠋ᠢ ᠬᠢᠯᠪᠠᠷᠬᠠᠨ ᠭᠦᠢᠴᠡᠭᠰᠡᠨ ᠪᠥᠭᠡᠳ ᠤᠳᠠᠯ ᠦᠭᠡᠢ ᠨᠢᠭᠡᠨ ᠨᠢ ᠲᠤᠯᠵᠤ ᠢᠷᠡᠪᠡ᠃ ᠬᠣᠩᠭᠣᠷ ᠮᠣᠷᠢ ᠨᠢᠭᠡᠨᠲᠡ ᠴᠤᠴᠠᠬᠤ ᠳ᠋ᠤ᠌ ᠲᠤᠷᠤᠫᠺᠠ ᠲᠡᠭᠦᠨ ᠦ᠌ ᠠᠮᠠ ᠶ᠋ᠢ ᠰᠤᠯᠠ ᠲᠠᠯᠪᠢᠭᠠᠳ ᠭᠡᠳᠡᠷᠭᠦ ᠡᠷᠭᠢᠵᠦ ᠬᠥᠭᠡᠭᠡᠨ ᠶᠠᠪᠤᠭ᠎ᠠ ᠬᠥᠮᠦᠨ ᠦ᠌ ᠲᠣᠯᠣᠭᠠᠢ ᠶ᠋ᠢ ᠴᠢᠭᠯᠡᠭᠦᠯᠦᠨ ᠨᠤᠮᠤ ᠶ᠋ᠢ ᠲᠠᠲᠠᠵᠤ ᠰᠤᠮᠤ ᠶ᠋ᠢ ᠬᠠᠷᠪᠤᠮᠠᠭᠴᠠ ᠲᠡᠷᠡᠬᠦ ᠮᠣᠷᠢᠲᠠᠢ ᠬᠥᠮᠦᠨ ᠭᠠᠷ ᠢ᠋ᠶ᠋ᠠᠨ ᠰᠤᠯᠠ ᠬᠠᠶᠠᠭᠠᠳ ᠮᠣᠷᠢᠨ ᠠ᠋ᠴᠠ ᠪᠠᠨ ᠤᠨᠠᠪᠠ᠃ ᠲᠡᠭᠦᠨ ᠦ᠌ ᠬᠣᠢᠨ᠎ᠠ ᠠ᠋ᠴᠠ ᠳᠠᠪᠬᠢᠯᠳᠤᠨ ᠶᠠᠪᠤᠭᠰᠠᠨ ᠮᠣᠩᠭᠣᠯᠴᠤᠳ ᠵᠡᠷᠯᠢᠭ ᠠᠪᠢᠶ᠎ᠠ ᠪᠠᠷ᠂
— ᠢᠯᠡᠢ ᠬᠠᠯᠠᠭ᠂ ᠺᠷᠥ᠋ᠯᠺᠡᠨ (ᠭᠦᠯᠭᠡᠨ) ᠬᠠᠭᠠᠨ ᠮᠢᠨᠢ᠂ ᠺᠶᠥ᠋ᠯᠺᠡᠨ (ᠭᠦᠯᠭᠡᠨ) ᠬᠠᠭᠠᠨ ᠮᠢᠨᠢ ᠠᠯᠠᠭᠳᠠᠯ᠎ᠠ ᠭᠡᠵᠦ ᠣᠷᠢᠯᠠᠯᠳᠤᠪᠠ᠃ ᠬᠡᠭᠡᠷ ᠮᠣᠷᠢ ᠴᠤ᠌ ᠬᠣᠯᠠ ᠭᠠᠵᠠᠷ ᠵᠢᠭᠤᠲᠠᠨ ᠣᠳᠤᠭᠰᠠᠨ ᠳ᠋ᠤ᠌ ᠬᠣᠢᠨ᠎ᠠ ᠠ᠋ᠴᠠ ᠨᠢ ᠬᠥᠭᠡᠭᠡᠭᠰᠡᠨ ᠮᠣᠩᠭᠣᠯᠴᠤᠳ ᠦᠯᠡᠳᠡᠨ ᠬᠣᠴᠣᠷᠪᠠ᠃
ᠲᠡᠨᠳᠡ ᠡᠴᠡ ᠲᠣᠷᠣᠫᠺᠡ ᠬᠥᠯᠳᠡᠭᠰᠡᠨ ᠭᠣᠣᠯ ᠤ᠋ᠨ ᠬᠠᠵᠠᠭᠤ ᠡᠷᠭᠢ ᠶ᠋ᠢᠨ ᠨᠢᠭᠲᠠ ᠮᠣᠳᠣᠨ ᠳᠣᠲᠣᠷᠠᠬᠢ ᠲᠡᠭᠰᠢ ᠵᠠᠮ ᠢ᠋ᠶ᠋ᠠᠷ ᠡᠷᠭᠢᠨ ᠶᠠᠪᠤᠪᠠ᠃ ᠡᠨᠡ ᠨᠢ ᠤᠷᠢᠳᠤ ᠲᠠᠨᠢᠬᠤ ᠭᠠᠵᠠᠷ ᠪᠥᠭᠡᠳ ᠲᠡᠷᠡ ᠭᠣᠣᠯ ᠪᠣᠯ ᠲᠡᠭᠦᠨ ᠦ᠌ ᠲᠥᠷᠥᠭᠰᠡᠨ ᠫᠸᠷᠥ᠋ᠨᠤᠸ— ᠪᠣᠷ ᠭᠡᠳᠡᠭ ᠲᠣᠰᠬᠣᠨ ᠪᠠᠢᠭ᠎ᠠ ᠳᠠᠷᠠᠰᠤᠲᠤ ᠨᠠᠮᠤᠭ ᠠ᠋ᠴᠠ ᠡᠬᠢ ᠠᠪᠴᠤ ᠤᠷᠤᠰᠤᠭᠰᠠᠨ ᠠᠵᠢ᠃ ᠮᠣᠷᠢ ᠨᠢ ᠶᠡᠬᠡᠳᠡ ᠠᠮᠢᠰᠬᠤᠭᠠᠳᠠᠵᠤ ᠠᠯᠬᠤᠯᠠᠭᠰᠠᠭᠠᠷ ᠵᠣᠭᠰᠣᠯ᠎ᠠ᠃ ᠡᠷᠭᠢᠨ ᠲᠣᠭᠣᠷᠢᠨ ᠴᠠᠰᠤ ᠪᠠᠷ ᠬᠤᠴᠢᠭᠳᠠᠭᠰᠠᠨ ᠬᠥᠭᠰᠢᠨ ᠬᠠᠷ᠎ᠠ ᠮᠣᠳᠣ ᠴᠢᠪ ᠴᠢᠮᠡᠭᠡ ᠦᠭᠡᠢ ᠨᠣᠢᠷᠰᠤᠬᠤ ᠪᠠ ᠲᠡᠭᠷᠢ ᠭᠡᠭᠡᠷᠡᠵᠦ ᠡᠬᠢᠯᠡᠪᠡ᠃ ᠭᠠᠭᠴᠠ ᠵᠠᠷᠢᠮ ᠴᠠᠷᠠᠰᠤᠨ ᠮᠣᠳᠣᠨ ᠤ᠋ ᠬᠠᠭᠤᠷᠠᠢ ᠨᠠᠪᠴᠢ ᠨᠤᠭᠤᠳ ᠰᠠᠯᠬᠢᠨ ᠳ᠋ᠤ᠌ ᠰᠡᠷᠴᠢᠭᠢᠨᠡᠨᠡ᠃
ᠲᠣᠷᠣᠫᠺᠡ ᠮᠣᠷᠢᠨ ᠤ᠋ ᠠᠮᠠ ᠶ᠋ᠢ ᠲᠠᠲᠠᠵᠤ᠂ ᠮᠣᠳᠣᠨ ᠤ᠋ ᠬᠠᠪᠢᠷᠤᠨ ᠬᠥᠳᠡᠯᠬᠦ ᠴᠢᠮᠡᠭᠡ ᠶ᠋ᠢ ᠬᠢᠴᠢᠶᠡᠨ ᠴᠢᠩᠨᠠᠭᠰᠠᠭᠠᠷ ᠠᠩᠴᠢᠨ ᠤ᠋ ᠵᠠᠮ ᠢ᠋ ᠪᠠᠷᠢᠵᠤ ᠶᠠᠪᠤᠪᠠ᠃
— ᠪᠢ ᠶᠠᠭᠤᠨ ᠳ᠋ᠤ᠌ ᠫᠸᠷᠥ᠋ᠨᠤᠸ— ᠪᠣᠷ ᠣᠷᠣᠬᠤ ᠪᠠᠷ ᠶᠠᠪᠤᠭ᠎ᠠ ᠪᠢᠯᠡ? ᠤᠮᠠᠷ᠎ᠠ ᠶᠠᠪᠤᠬᠤ ᠵᠠᠮ ᠢ᠋ᠶ᠋ᠠᠨ ᠣᠷᠬᠢᠭᠠᠳ ᠨᠠᠮᠠᠶ᠋ᠢ ᠨᠠᠰᠢ ᠶᠠᠭᠤ ᠲᠠᠲᠠᠪᠠ? ᠸᠸᠱᠨ᠋ᠶᠠᠩᠺᠡ ᠶ᠋ᠢᠨ ᠰᠠᠷᠠᠯ ᠨᠢᠳᠦ ᠨᠤᠭᠦᠳ ᠤᠤ? ᠦᠭᠡᠢ ᠮᠣᠩᠭᠣᠯᠴᠤᠳ ᠨᠠᠮᠠᠶ᠋ᠢ ᠵᠠᠮ ᠠ᠋ᠴᠠ ᠬᠥᠭᠡᠭᠡᠵᠦ ᠭᠠᠷᠭᠠᠪᠠ᠃ ᠬᠠᠷᠢᠨ ᠮᠢᠨᠦ ᠥᠪᠡᠷ ᠦ᠋ᠨ ᠲᠣᠰᠬᠣᠨ ᠬᠣᠯᠠ ᠪᠤᠰᠤ ᠪᠠᠢᠨ᠎ᠠ᠃ ᠪᠢ ᠶᠠᠭᠠᠬᠢᠨ ᠣᠷᠤᠯ ᠦᠭᠡᠢ ᠶᠠᠪᠤᠴᠢᠬᠠᠬᠤ ᠪᠢᠯᠡ? ᠠᠮᠢᠳᠤ ᠦᠯᠡᠳᠡᠭᠰᠡᠨ ᠬᠥᠮᠦᠨ ᠪᠠᠢᠪᠠᠯ ᠮᠠᠨ ᠤ᠋ ᠨᠤᠲᠤᠭ ᠢ᠋ᠶ᠋ᠠᠷ ᠶᠠᠭᠤ ᠪᠣᠯᠵᠤ ᠪᠠᠢᠭ᠎ᠠ ᠶ᠋ᠢ ᠬᠡᠯᠡᠵᠦ ᠥᠭᠬᠦ ᠮᠠᠭᠠᠳ ᠦᠭᠡᠢ ᠪᠣᠯ ᠤᠤ? ᠭᠡᠵᠦ ᠪᠣᠳᠣᠨ᠎ᠠ᠃
ᠡᠳᠦᠷ ᠳᠤᠮᠳᠠ ᠶ᠋ᠢᠨ ᠬᠢᠷᠢ ᠳ᠋ᠦ᠍ ᠬᠥᠮᠦᠨ ᠠᠮᠢᠲᠠᠨ ᠦᠭᠡᠢ ᠠᠶᠤᠯᠲᠠᠢ ᠭᠠᠵᠠᠷ ᠣᠴᠢᠪᠠ᠃ ᠰᠢᠪᠡᠷ ᠨᠠᠮᠤᠭ ᠮᠥᠰᠦᠨᠡ ᠪᠦᠷᠬᠦᠭᠳᠡᠵᠡᠢ᠃
ᠮᠥᠰᠥᠨ ᠦ᠌ ᠬᠠᠭᠠᠷᠬᠠᠢ ᠴᠣᠭᠣᠷᠬᠠᠢ ᠨᠤᠭᠤᠳ ᠢ᠋ᠶ᠋ᠠᠷ ᠤᠳᠠᠭᠠᠷᠠᠨ ᠪᠠᠢᠪᠠ᠃
ᠲᠣᠷᠣᠫ᠊ᠺᠡ ᠬᠠᠵᠠᠭᠠᠢ ᠬᠡᠯᠲᠡᠭᠡᠢ ᠭᠢᠰᠬᠢᠵᠦ ᠮᠣᠷᠢ ᠪᠠᠨ ᠢᠷᠣᠭᠠᠯ ᠦᠭᠡᠢ ᠴᠣᠭᠣᠷᠬᠠᠢ ᠳ᠋ᠤ᠌ ᠤᠨᠠᠭᠠᠪᠠᠰᠤ ᠲᠡᠨᠳᠡ ᠡᠴᠡ ᠠᠪᠴᠢᠷᠠᠵᠤ ᠪᠣᠯᠬᠤ ᠦᠭᠡᠢ ᠶ᠋ᠢ ᠮᠡᠳᠡᠭᠡᠳ ᠭᠥᠷᠦᠭᠡᠰᠦᠨ ᠦ᠌ ᠵᠠᠮ ᠢ᠋ᠶ᠋ᠠᠷ ᠪᠣᠯᠭᠣᠮᠵᠢᠯᠠᠨ ᠶᠠᠪᠤᠪᠠ᠃ ᠲᠡᠢᠨ ᠶᠠᠪᠤᠭᠰᠠᠭᠠᠷ ᠴᠢᠯᠥᠭᠡ ᠪᠣᠯᠣᠮᠠᠭᠴᠠ ᠫᠸᠷᠥ᠋ᠨᠦᠸ — ᠪᠣᠷ ᠤ᠋ᠨ ᠪᠠᠯ ᠳ᠋ᠠᠬᠢ ᠮᠣᠳᠣ ᠨᠤᠭᠤᠳ ᠤ᠋ᠨ ᠬᠣᠭᠣᠷᠣᠨᠳᠣ ᠡᠷᠲᠡᠨ ᠦ᠌ ᠮᠡᠳᠡᠬᠦ ᠲᠣᠮᠣ ᠬᠠᠷ᠎ᠠ ᠮᠣᠳᠣ ᠦᠵᠡᠭᠳᠡᠪᠡ᠃ ᠬᠠᠭᠤᠴᠢᠨ ᠨᠥᠬᠥᠳ ᠲᠡᠢ ᠪᠡᠨ ᠠᠭᠤᠯᠵᠠᠭᠰᠠᠨ ᠮᠡᠲᠦ ᠲᠡᠷᠡᠬᠦ ᠲᠣᠮᠣ ᠮᠣᠳᠣᠨ ᠤ᠋ ᠳᠡᠷᠭᠡᠳᠡ ᠬᠦᠷᠴᠦ ᠣᠴᠢᠪᠠ᠃ ᠲᠡᠨᠳᠡ ᠡᠴᠢᠭᠡ᠂ ᠡᠪᠦᠭᠡᠳ ᠦ᠋ᠨ ᠮᠥᠷᠭᠥᠵᠦ ᠪᠠᠢᠭᠰᠠᠨ ᠮᠣᠳᠣᠨ ᠪᠤᠷᠬᠠᠨ ᠬᠡᠪᠲᠡᠵᠦ ᠪᠠᠢᠪᠠ᠃ ᠰᠠᠶᠢᠬᠠᠨ ᠲᠡᠭᠦᠨ ᠦ᠌ ᠴᠠᠰᠤ ᠶ᠋ᠢ ᠠᠷᠢᠯᠭᠠᠭᠰᠠᠨ ᠪᠣᠯᠤᠯᠲᠠᠢ ᠨᠢᠭᠡ ᠱᠦᠭᠦᠷ ᠳᠡᠷᠭᠡᠳᠡ ᠨᠢ ᠬᠡᠪᠲᠡᠨ᠎ᠡ᠃ ᠲᠡᠷᠡᠬᠦ ᠪᠤᠷᠬᠠᠨ ᠤ᠋ ᠪᠦᠯᠲᠡᠢᠭᠰᠡᠨ ᠨᠢᠳᠦ ᠨᠢ ᠲᠩᠷᠢ ᠤᠷᠤᠭᠤ ᠬᠠᠷᠠᠵᠤ᠂ ᠴᠢᠷᠠᠢ ᠨᠢ ᠨᠠᠮᠠᠶ᠋ᠢ ᠶᠠᠭᠤᠨ ᠳ᠋ᠤ᠌ ᠤᠨᠠᠭᠠᠭᠰᠠᠨ ᠪᠣᠯᠠᠢ ᠭᠡᠵᠦ ᠭᠣᠮᠣᠳᠠᠭᠰᠠᠨ ᠮᠡᠲᠦ ᠪᠠᠢᠪᠠ᠃
ᠡᠷᠭᠢᠨ ᠲᠣᠭᠣᠷᠢᠨ ᠤ᠋ ᠴᠠᠰᠤᠨ ᠳᠡᠭᠡᠷ᠎ᠡ ᠰᠢᠪ ᠰᠢᠨᠡᠬᠡᠨ ᠮᠥᠷ ᠦᠵᠡᠭᠳᠡᠬᠦ ᠨᠢ ᠲᠡᠨᠳᠡ ᠡᠬᠡᠨᠡᠷ ᠬᠡᠦᠬᠡᠳ ᠦ᠋ᠳ ᠰᠠᠶᠢᠬᠠᠨ ᠶᠠᠪᠤᠭᠰᠠᠨ ᠪᠣᠯᠤᠯᠲᠠᠢ᠃ ᠲᠣᠷᠣᠫᠺᠡ ᠮᠣᠷᠢ ᠪᠠᠨ ᠵᠣᠷᠢᠮᠠᠭ ᠢ᠋ᠶ᠋ᠠᠷ ᠭᠤᠶᠠᠳᠠᠨ ᠳᠡᠷᠭᠡᠳᠡᠬᠢ ᠬᠥᠪᠡᠭᠡᠨ ᠳᠡᠭᠡᠷ᠎ᠡ ᠭᠠᠷᠪᠠ᠃
ᠤᠷᠢᠳᠤ ᠪᠠᠢᠰᠢᠩ ᠤ᠋ᠳ ᠤ᠋ᠨ ᠬᠠᠭᠠᠰ ᠨᠢ ᠰᠢᠲᠠᠵᠤ ᠵᠥᠪᠬᠡᠨ ᠵᠠᠬ᠎ᠠ ᠨᠢ ᠪᠦᠲᠦᠨ ᠪᠠᠢᠪᠠ᠃ ᠬᠡᠨ ᠰᠢᠲᠠᠭᠠᠭᠰᠠᠨ ᠶᠤᠮ ᠪᠣᠯ? ᠡᠨᠡ ᠬᠦᠢᠲᠡᠨ ᠳ᠋ᠦ᠍ ᠶᠠᠳᠠᠭᠤ ᠮᠣᠳᠣᠴᠢᠨ ᠨᠤᠭᠤᠳ ᠢ᠋ ᠭᠠᠳᠠᠨ᠎ᠠ ᠭᠠᠷᠭᠠᠬᠤ ᠨᠢ ᠬᠡᠨ ᠳ᠋ᠦ᠍ ᠬᠡᠷᠡᠭ ᠲᠡᠢ ᠪᠠᠢᠭᠰᠠᠨ ᠶᠤᠮ ᠪᠣᠯ?
ᠰᠡᠸᠸᠯᠢ ᠳ᠋ᠢᠺᠦᠷᠦᠰ ᠦ᠋ᠨ ᠪᠠᠢᠰᠢᠩ ᠪᠠᠢᠬᠤ ᠦᠭᠡᠢ ᠪᠣᠯᠤᠭᠠᠳ ᠲᠡᠭᠦᠨ ᠦ᠌ ᠣᠷᠣᠨ ᠳᠡᠭᠡᠷ᠎ᠡ ᠬᠦ ᠪᠣᠯᠤᠭᠰᠠᠨ ᠰᠢᠪᠡᠷ ᠵᠤᠤᠬᠠᠨ ᠳᠡᠭᠡᠷ᠎ᠡ ᠡᠴᠡ ᠨᠢ ᠱᠦᠭᠦᠷ ᠳᠡᠭᠦᠵᠢᠯᠡᠭᠰᠡᠨ ᠥᠨᠳᠥᠷ ᠮᠣᠳᠣᠨ ᠰᠢᠳᠠᠮ ᠬᠣᠶᠠᠷ ᠬᠠᠷᠠᠭᠳᠠᠨ᠎ᠠ᠃ ᠡᠷᠭᠢᠨ ᠲᠣᠭᠣᠷᠢᠨ ᠳ᠋ᠤᠨᠢ ᠴᠠᠰᠤ ᠪᠠᠷ ᠳᠤᠲᠠᠭᠤ ᠬᠤᠴᠢᠭᠳᠠᠭᠰᠠᠨ ᠮᠠᠭᠠᠳ ᠨᠡᠭᠦᠷᠡᠰᠦ ᠪᠣᠯᠤᠭᠰᠠᠨ ᠮᠣᠳᠣ ᠨᠤᠭᠤᠳ ᠭᠣᠵᠣᠢᠵᠤ ᠪᠠᠢᠪᠠ᠃
ᠲᠡᠭᠦᠨ ᠦ᠌ ᠡᠮᠦᠨ᠎ᠡ ᠡᠴᠡ ᠰᠠᠭᠯᠠᠭᠠᠷ ᠦᠰᠦᠲᠡᠢ ᠠᠯᠠᠭ ᠲᠠᠷᠯᠠᠩ ᠨᠣᠬᠠᠢ ᠬᠤᠴᠠᠵᠤ ᠢᠷᠡᠬᠦ ᠪᠡᠷ ᠪᠤᠰᠤᠳ ᠨᠣᠬᠠᠰ ᠨᠢ ᠡᠨᠳᠡ ᠲᠡᠨᠳᠡ ᠪᠠᠰᠠ ᠬᠤᠴᠠᠵᠤ ᠪᠠᠢᠪᠠ᠃ ᠡᠨᠡ ᠴᠢᠨᠢ ᠫᠸᠭᠠᠰ ᠮᠥᠨ ᠤᠤ? ᠠᠮᠢᠳᠤ ᠪᠠᠢᠨ᠎ᠠ ᠤᠤ? ᠫᠸᠭᠠᠰ ᠥᠪᠡᠷ ᠦ᠋ᠨ ᠵᠠᠯᠠᠭᠤ ᠡᠵᠡᠨ ᠢ᠋ᠶ᠋ᠡᠨ ᠲᠠᠨᠢᠭᠠᠳ ᠲᠡᠭᠦᠨ ᠦ᠌ ᠡᠮᠡᠭᠡᠯ ᠳᠡᠭᠡᠷ᠎ᠡ ᠨᠢ ᠦᠰᠦᠷᠦᠨ ᠭᠠᠷᠴᠤ ᠰᠠᠭᠤᠪᠠ᠃
ᠲᠤᠷᠤᠫᠺᠠ ᠤᠷᠢᠳᠤ ᠼᠪᠶᠠᠭ᠎ᠠ
ᠶ᠋ᠢᠨ ᠰᠠᠭᠤᠵᠤ ᠪᠠᠢᠭᠰᠠᠨ ᠪᠢᠴᠢᠬᠠᠨ ᠪᠠᠢᠰᠢᠩ ᠳ᠋ᠤ᠌ ᠣᠢᠷᠠᠲᠤᠵᠤ ᠣᠴᠢᠪᠠᠰᠤ ᠲᠡᠭᠦᠨ ᠦ᠌ ᠴᠣᠩᠬᠣ ᠪᠠᠷ ᠵᠤᠷᠪᠤᠰ ᠭᠡᠷᠡᠯ ᠬᠠᠷᠠᠭᠳᠠᠪᠠ᠃ ᠲᠤᠷᠤᠫᠺᠠ ᠲᠡᠷᠡᠬᠦ ᠴᠣᠩᠬᠣᠨ ᠤ᠋ ᠲᠤᠰᠢᠶ᠎ᠠ ᠭᠠᠵᠠᠷ ᠬᠦᠷᠴᠦ ᠣᠴᠢᠭᠠᠳ᠂
— ᠠᠮᠢᠳᠤ ᠬᠥᠮᠦᠰ ᠠ᠋! ᠡᠭᠦᠳᠡ ᠪᠡᠨ ᠲᠠᠢᠯᠤᠭᠲᠤᠨ! ᠥᠪᠡᠷ ᠦ᠋ᠨ ᠬᠥᠮᠦᠨ ᠢᠷᠡᠯ᠎ᠡ᠃ ᠣᠷᠣᠭᠤᠯᠤᠭᠲᠤᠨ! ᠭᠡᠬᠦ ᠳ᠋ᠦ᠍᠂
— ᠡᠵᠢ ᠠ᠋᠂ ᠪᠤᠤ ᠲᠠᠢᠯᠤᠭᠠᠷᠠᠢ ᠮᠠᠭᠤ ᠬᠥᠮᠦᠨ ᠪᠠᠢᠬ᠎ᠠ᠂ ᠬᠡᠨ ᠪᠣᠢ? ᠭᠡᠵᠦ ᠤᠷᠢᠳᠠᠪᠡᠷ ᠠᠰᠠᠭᠤᠭᠲᠤᠨ ᠭᠡᠵᠦ ᠨᠢᠭᠡ ᠬᠡᠦᠬᠡᠳ ᠰᠢᠪᠡᠨᠡᠬᠦ ᠰᠣᠨᠣᠰᠳᠠᠪᠠ᠃
— ᠴᠢ ᠬᠡᠨ ᠪᠣᠢ! ᠬᠠᠮᠢᠭ᠎ᠠ ᠠ᠋ᠴᠠ ᠶᠠᠪᠤᠭ᠎ᠠ ᠬᠥᠮᠦᠨ ᠪᠣᠢ? ᠭᠡᠰᠡᠨ ᠳᠠᠭᠤᠨ ᠴᠣᠩᠬᠣ ᠪᠠᠷ ᠳᠤᠭᠤᠯᠳᠠᠪᠠ᠃
—ᠡᠰᠡᠪᠡᠯ ᠲᠠᠨᠢᠬᠤ ᠳᠤᠷ᠎ᠠ ᠦᠭᠡᠢ ᠪᠠᠢᠨ᠎ᠠ ᠤᠤ? ᠰᠡᠸᠸᠯᠢ ᠳ᠋ᠢᠺᠦᠷᠦᠰ ᠦ᠋ᠨ ᠬᠦᠦ ᠲᠤᠷᠤᠫᠺᠠ ᠪᠠᠢᠨ᠎ᠠ᠃ ᠨᠠᠳᠠ ᠴᠠᠭ ᠦᠭᠡᠢ ᠴᠢᠨᠠᠭᠰᠢ ᠶᠠᠪᠤᠬᠤ ᠬᠡᠷᠡᠭ ᠲᠡᠢ ᠪᠠᠢᠨ᠎ᠠ᠃ ᠪᠣᠰᠢᠭᠣ ᠲᠠᠢᠯᠤᠭᠲᠤᠨ᠃
ᠣᠨᠢᠰᠣ ᠶ᠋ᠢ ᠪᠠᠯᠪᠠᠭᠰᠠᠭᠠᠷ ᠡᠭᠦᠳᠡ ᠶ᠋ᠢ ᠲᠠᠢᠯᠪᠠ᠃ ᠼᠪᠶᠠᠭ᠎ᠠ ᠶ᠋ᠢᠨ ᠥᠨᠳᠥᠷ ᠡᠬᠡᠨᠡᠷ ᠤᠷᠠᠩᠬᠠᠢ ᠦᠰᠦᠲᠡᠢ ᠳᠡᠪᠡᠯ ᠨᠥᠮᠥᠷᠴᠦ ᠭᠠᠷᠤᠭᠠᠳ ᠮᠣᠷᠢᠨ ᠤ᠋ ᠴᠤᠯᠪᠤᠭᠤᠷ ᠠ᠋ᠴᠠ ᠬᠥᠲᠥᠯᠵᠦ ᠰᠠᠷᠠᠪᠴᠢᠨ ᠤ᠋ ᠳᠣᠣᠷ᠎ᠠ ᠣᠷᠣᠭᠤᠯᠪᠠ᠃
— ᠡᠪᠡᠰᠦ ᠣᠯᠳᠠᠬᠤ ᠤᠤ?
— ᠵᠢᠭᠠᠬᠠᠨ ᠪᠣᠢ᠂ ᠣᠳᠣ ᠠᠪᠴᠢᠷᠠᠶ᠎ᠠ ᠬᠦᠦ ᠮᠢᠨᠢ᠃ ᠲᠡᠭᠦᠨ ᠢ᠋ ᠣᠳᠣ ᠶᠠᠭᠤᠨ ᠳ᠋ᠤ᠌ ᠬᠠᠢᠷᠠᠯᠠᠬᠤ ᠪᠢᠯᠡ᠃ ᠦᠨᠢᠶ᠎ᠡ᠂ ᠮᠣᠷᠢᠳ ᠢ᠋ ᠭᠠᠢᠬᠠᠯ ᠤ᠋ᠳ ᠲᠤ᠌ ᠠᠯᠳᠠᠭᠰᠠᠨ ᠰᠢᠦ ᠳ᠋ᠠ᠃ ᠭᠡᠷ ᠲᠦ᠍ ᠣᠷᠣ ᠬᠦᠦ ᠮᠢᠨᠢ ᠭᠡᠨ᠎ᠡ᠃ ᠤᠲᠤᠭ᠎ᠠ ᠰᠤᠭᠤᠨᠠᠭ ᠪᠣᠯᠤᠭᠰᠠᠨ ᠤᠯᠠᠪᠢᠷ ᠭᠠᠯ ᠳᠦᠷᠡᠯᠵᠡᠨ ᠰᠢᠲᠠᠭᠠᠳ ᠼᠪᠶᠠᠭ᠎ᠠ ᠶ᠋ᠢᠨ ᠡᠬᠡᠨᠡᠷ ᠴᠠᠭᠠᠨ ᠬᠣᠩᠭᠣᠷ ᠲᠣᠯᠣᠭᠠᠢ ᠲᠠᠢ ᠭᠤᠷᠪᠠᠨ ᠬᠡᠦᠬᠡᠳ ᠦ᠋ᠨ ᠬᠠᠮᠲᠤᠪᠠᠷ ᠲᠤᠷᠤᠫᠺᠠ ᠶ᠋ᠢ ᠲᠣᠭᠣᠷᠢᠨ ᠰᠠᠭᠤᠨ᠎ᠠ᠃ ᠲᠡᠳᠡ ᠠᠮᠠ ᠪᠠᠨ ᠠᠩᠭᠠᠢᠨ ᠲᠡᠭᠦᠨ ᠢ᠋ ᠬᠠᠷᠠᠵᠠᠭᠠᠵᠤ ᠲᠡᠭᠦᠨ ᠦ᠌ ᠡᠮᠦᠰᠴᠦ ᠵᠡᠭᠦᠭᠰᠡᠨ ᠳᠡᠪᠡᠯ ᠬᠤᠪᠴᠠᠰᠤ ᠵᠡᠪᠰᠡᠭ ᠢ᠋ ᠭᠠᠷ ᠢ᠋ᠶ᠋ᠠᠷ ᠢ᠋ᠶ᠋ᠠᠨ ᠪᠠᠷᠢᠨ ᠦᠵᠡᠨ᠎ᠡ᠃
— ᠲᠡᠳᠡᠭᠡᠷ ᠭᠠᠢᠬᠠᠯ ᠤ᠋ᠳ ᠴᠢᠨᠢ ᠲᠡᠭᠷᠢ ᠡᠴᠡ ᠤᠨᠠᠭᠰᠠᠨ ᠶᠤᠮ ᠰᠢᠭ᠋ ᠡᠨᠳᠡ ᠢᠷᠡᠭᠡᠳ᠂ ᠲᠤᠷᠠᠵᠤ ᠶᠠᠳᠠᠷᠠᠭᠰᠠᠨ ᠡᠬᠡᠨᠡᠷ ᠬᠡᠯᠡᠪᠡ ᠭᠡᠵᠦ ᠲᠠᠯᠬ᠎ᠠ ᠳᠡᠭᠡᠷᠡᠮᠳᠡᠭᠡᠳ ᠣᠷᠣᠨ ᠪᠠᠢᠰᠢᠩ ᠤ᠋ᠳ ᠢ᠋ ᠰᠢᠲᠠᠭᠠᠭᠰᠠᠨ᠂ ᠡᠮᠡᠰ ᠬᠡᠦᠬᠡᠳ ᠪᠠ ᠣᠯᠠᠨ ᠬᠥᠮᠦᠰ ᠢ᠋ ᠠᠪᠤᠭᠠᠳ ᠶᠠᠪᠤᠴᠢᠬᠠᠭᠰᠠᠨ᠃ ᠮᠢᠨᠦ ᠡᠨᠡ ᠭᠤᠷᠪᠠᠨ ᠬᠡᠦᠬᠡᠳ ᠮᠣᠳᠣᠨ ᠤ᠋ ᠳᠣᠲᠣᠷ᠎ᠠ ᠣᠷᠣᠭᠠᠳ ᠪᠠᠢᠭᠰᠠᠨ ᠢ᠋ ᠣᠯᠤᠭᠰᠠᠨ ᠦᠭᠡᠢ᠂ ᠬᠠᠷᠢᠨ ᠭᠤᠷᠪᠠ ᠶ᠋ᠢ ᠨᠢ ᠠᠪᠤᠭᠠᠳ ᠶᠠᠪᠤᠴᠢᠬᠠᠭᠰᠠᠨ᠃ ᠲᠡᠳᠡᠨ ᠢ᠋ ᠬᠡᠵᠢᠶ᠎ᠡ ᠴᠦ᠍ ᠣᠯᠵᠤ ᠦᠵᠡᠬᠦ ᠦᠭᠡᠢ ᠪᠣᠯᠤᠭᠰᠠᠨ᠃ ᠣᠫᠸᠯᠸᠨᠢᠬᠠ ᠶ᠋ᠢ ᠴᠦ᠍ ᠠᠪᠤᠭᠠᠳ ᠶᠠᠪᠤᠴᠢᠬᠠᠭᠰᠠᠨ᠁ ᠪᠢᠴᠢᠬᠠᠨ ᠸᠸᠱᠨ᠋ᠶᠠᠩᠺᠡ ᠶ᠋ᠢ ᠴᠦ᠍ ᠠᠪᠤᠭᠠᠳ ᠶᠠᠪᠤᠴᠢᠬᠠᠭᠰᠠᠨ᠂ ᠲᠡᠳᠡᠨ ᠦ᠌ ᠲᠥᠯᠥᠭᠡ ᠮᠥᠷᠥᠭᠡᠳᠦᠨ᠎ᠡ᠃ᠲᠠᠲ᠋ᠠᠷ ᠤ᠋ᠳ ᠤ᠋ᠨ ᠭᠠᠷ ᠠ᠋ᠴᠠ ᠡᠷᠭᠢᠵᠦ ᠢᠷᠡᠳᠡᠭ ᠶᠤᠮ ᠤᠤ? ᠮᠢᠨᠦ ᠼᠪᠶᠠᠭ᠎ᠠ ᠬᠠᠮᠢᠭ᠎ᠠ ᠪᠠᠢᠨ᠎ᠠ? ᠨᠢᠭᠡ ᠵᠠᠷᠢᠮ ᠨᠢ ᠬᠡᠯᠡᠬᠦ ᠳ᠋ᠡᠭᠡᠨ ᠲᠡᠭᠦᠨ ᠢ᠋ ᠷᠶᠠᠽᠠᠨ ᠬᠡᠷᠡᠮ ᠳᠡᠭᠡᠷ᠎ᠡ ᠪᠠᠢᠬᠤ ᠶ᠋ᠢ ᠦᠵᠡᠭᠰᠡᠨ ᠭᠡᠬᠦ ᠶᠤᠮ᠃ ᠨᠥᠭᠦᠭᠡ ᠵᠠᠷᠢᠮ ᠨᠢ ᠣᠢ ᠳᠣᠲᠣᠷ᠎ᠠ ᠵᠢᠭᠤᠲᠠᠬᠤ ᠪᠠᠷ ᠶᠠᠪᠤᠭᠰᠠᠨ ᠭᠡᠬᠦ ᠶᠤᠮ᠃ ᠬᠡᠷᠪᠡ ᠲᠡᠢᠮᠦ ᠪᠣᠯ ᠭᠡᠷ ᠲᠡᠭᠡᠨ ᠳᠠᠷᠤᠢ ᠡᠷᠭᠢᠵᠦ ᠢᠷᠡᠬᠦ ᠪᠢᠵᠡ᠁ ᠬᠦᠦ ᠮᠢᠨᠢ ᠲᠠᠯᠬ᠎ᠠ ᠢᠳᠡ᠂ ᠣᠳᠣ ᠪᠢᠳᠡ ᠨᠠᠷ ᠨᠠᠷᠠᠰᠤᠨ ᠤ᠋ ᠬᠠᠯᠢᠰᠤ ᠬᠣᠯᠲᠣᠰᠣ ᠶ᠋ᠢ ᠭᠤᠯᠢᠷ ᠲᠠᠢ ᠬᠣᠯᠢᠭᠠᠳ ᠲᠠᠯᠬ᠎ᠠ ᠪᠠᠷᠢᠵᠤ ᠪᠠᠢᠨ᠎ᠠ᠃ ᠭᠤᠯᠢᠷ ᠢ᠋ ᠭᠠᠮᠨᠠᠬᠤ ᠬᠡᠷᠡᠭᠲᠡᠢ᠂ ᠲᠡᠭᠡᠬᠦ ᠦᠭᠡᠢ ᠪᠣᠯ ᠬᠠᠪᠤᠷ ᠢ᠋ ᠬᠦᠷᠭᠡᠵᠦ ᠴᠢᠳᠠᠬᠤ ᠦᠭᠡᠢ᠂ ᠵᠠᠷᠢᠮ ᠳ᠋ᠠᠭᠠᠨ ᠨᠠᠭᠤᠷ ᠠ᠋ᠴᠠ ᠵᠢᠭᠠᠰᠤ ᠶ᠋ᠢ ᠴᠦ᠍ ᠪᠠᠷᠢᠵᠤ ᠪᠠᠢᠨ᠎ᠠ᠃ ᠬᠠᠷ᠎ᠠ ᠮᠣᠳᠣᠨ ᠤ᠋ ᠨᠠᠪᠴᠢᠲᠠᠢ ᠬᠠᠯᠠᠭᠤᠨ ᠤᠰᠤ ᠪᠠᠷ ᠪᠢᠳᠡ ᠳᠤᠯᠠᠭᠠᠴᠠᠵᠤ ᠪᠠᠢᠨ᠎ᠠ᠃ ᠭᠤᠯᠢᠷ ᠢ᠋ ᠲᠣᠭᠣᠭ᠎ᠠ ᠲᠠᠢ ᠤᠰᠤᠨ ᠳ᠋ᠤ᠌ ᠤᠷᠤᠰᠬᠠᠵᠤ ᠬᠡᠦᠬᠡᠳ ᠨᠢᠯᠬᠠᠰ ᠲᠠᠭᠠᠨ ᠢᠳᠡᠭᠦᠯᠵᠦ ᠪᠠᠢᠨ᠎ᠠ᠃ ᠪᠤᠰᠤᠳ ᠡᠷᠡᠴᠦᠳ ᠦ᠋ᠨ ᠲᠤᠬᠠᠢ ᠶᠠᠭᠤ ᠰᠣᠨᠣᠰᠳᠠᠵᠤ ᠪᠣᠢ?
— ᠴᠥᠮ ᠣᠢ ᠳᠣᠲᠣᠷ᠎ᠠ ᠨᠢᠭᠤᠭᠳᠠᠵᠤ ᠣᠲ᠋ᠷᠢᠶᠠᠳ᠋ ᠤ᠋ᠳ ᠲᠤ᠌ ᠨᠡᠯᠢᠶᠡᠳ ᠬᠣᠴᠣᠷᠤᠭᠰᠠᠨ ᠲᠠᠲ᠋ᠠᠷ ᠤ᠋ᠳ ᠢ᠋ ᠡᠪᠯᠡᠨ ᠪᠠᠷᠢᠵᠤ ᠲᠡᠳᠡᠨ ᠦ᠌ ᠮᠣᠷᠢᠳ ᠢ᠋ ᠤᠨᠤᠵᠤ ᠶᠠᠪᠤᠳᠠᠭ ᠭᠡᠨ᠎ᠡ᠃ ᠲᠠᠲ᠋ᠠᠷ ᠤ᠋ᠳ ᠮᠠᠰᠢ ᠣᠯᠠᠨ ᠶᠤᠮ ᠭᠡᠵᠦ ᠬᠥᠮᠦᠰ ᠬᠡᠯᠡᠯᠴᠡᠵᠦ ᠪᠠᠢᠨ᠎ᠠ᠃ ᠲᠡᠳᠡᠨ ᠦ᠌ ᠶᠡᠬᠡ ᠬᠦᠴᠦ ᠶ᠋ᠢ ᠵᠦᠢᠷᠯᠡᠬᠦ ᠦᠯᠢᠭᠡᠷ ᠪᠠᠢᠬᠤ ᠦᠭᠡᠢ ᠭᠡᠨ᠎ᠡ᠃ ᠭᠡᠪᠡᠴᠦ ᠮᠠᠨ ᠤ᠋ ᠬᠢᠨ ᠦ᠌ ᠡᠷᠡᠴᠦᠳ ᠴᠢᠨᠣ᠎ᠠ ᠰᠢᠭ᠋ ᠦᠵᠡᠯᠴᠡᠭᠡᠳ ᠪᠠᠭᠤᠵᠤ ᠥᠭᠳᠡᠭ ᠦᠭᠡᠢ ᠭᠡᠨ᠎ᠡ᠃ ᠪᠢ ᠪᠣᠳᠣᠪᠠᠯ ᠲᠠᠲ᠋ᠠᠷ ᠤ᠋ᠳ ᠡᠨᠳᠡ ᠪᠢᠴᠢᠬᠠᠨ ᠪᠠᠢᠵᠤ ᠪᠠᠢᠭᠠᠳ ᠬᠡᠵᠢᠶ᠎ᠡ ᠪᠣᠯᠪᠠᠴᠤ ᠶᠠᠪᠤᠵᠠᠭᠠᠬᠤ ᠪᠢᠵᠡ᠂ ᠬᠠᠷᠢᠨ ᠲᠡᠷᠡ ᠴᠠᠭ ᠲᠤ᠌ ᠪᠢᠳᠡ ᠰᠢᠨ᠎ᠡ ᠪᠡᠷ ᠣᠷᠣᠨ ᠭᠡᠷ ᠪᠠᠢᠭᠤᠯᠤᠨ᠎ᠠ ᠳ᠋ᠠ᠃
ᠲᠣᠷᠣᠫᠺᠡ ᠲᠡᠨᠳᠡ ᠪᠡᠨ ᠪᠢᠴᠢᠬᠠᠨ ᠠᠮᠠᠷᠠᠭᠠᠳ ᠴᠢᠨᠠᠭᠰᠢᠯᠠᠨ ᠶᠠᠪᠤᠯ᠎ᠠ᠃ ᠫᠸᠭᠠᠰ ᠨᠣᠬᠠᠢ ᠲᠡᠭᠦᠨ ᠦ᠌ ᠡᠮᠦᠨ᠎ᠡ ᠣᠷᠣᠵᠤ ᠰᠡᠭᠦᠯ ᠢ᠋ᠶ᠋ᠡᠨ ᠳᠡᠭᠡᠷ᠎ᠡ ᠰᠡᠬᠦᠭᠡᠳ ᠭᠦᠶᠦᠬᠦ ᠳ᠋ᠡᠭᠡᠨ ᠣᠳᠣ ᠡᠵᠡᠨ ᠡᠴᠡ ᠪᠡᠨ ᠰᠠᠯᠬᠤ ᠦᠭᠡᠢ᠂ ᠪᠠᠰᠠ ᠪᠠᠢᠯᠳᠤᠨ᠎ᠠ ᠭᠡᠰᠡᠨ ᠪᠠᠢᠳᠠᠯ ᠢ᠋ ᠪᠤᠰᠤᠳ ᠨᠣᠬᠠᠳ ᠲᠤ᠌ ᠦᠵᠡᠭᠦᠯᠬᠦ ᠮᠡᠲᠦ ᠪᠥᠯᠥᠭᠡ᠃
ᠦᠰᠦᠭ ᠠᠮᠢᠯᠠᠭᠤᠯᠤᠭᠴᠢ᠄ ᠠᠯᠲᠠᠨᠴᠢᠮᠡᠭ 3᠂ ᠮᠡᠷᠭᠡᠨᠭᠤᠸᠠ 2᠂ ᠬᠡᠷᠡᠶ᠋ᠢᠳ᠂ ᠮᠥᠩᠬᠡᠨᠠᠰᠤᠨ 1᠂ ᠬᠦᠦᠳᠠᠭᠠᠭᠤᠯᠠ 1᠂ ᠭᠡᠷᠡᠯ 1᠂ ᠵᠢᠩᠯᠢᠬᠤᠸᠠᠷ 1
ᠶᠡᠷᠦᠩᠬᠡᠢ ᠬᠢᠨᠠᠭᠴᠢ᠄ ᠠᠷᠢᠭᠤᠨ᠂ ᠠᠯᠲᠠᠨᠴᠢᠮᠡᠭ 9
