ᠪᠠᠲᠤ ᠬᠠᠭᠠᠨ 6-07ᠬᠠᠭᠠᠨ ᠺᠶᠥ᠋ᠯᠺᠡᠨ (ᠬᠥᠯᠭᠡᠨ) ᠺᠣᠯᠤᠮᠤᠨ ᠤ᠋ ᠳᠡᠭᠡᠷ᠎ᠡ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 6-07ᠬᠠᠭᠠᠨ ᠺᠶᠥ᠋ᠯᠺᠡᠨ (ᠬᠥᠯᠭᠡᠨ) ᠺᠣᠯᠤᠮᠤᠨ ᠤ᠋ ᠳᠡᠭᠡᠷ᠎ᠡ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ

ᠪᠠᠲᠤ ᠬᠠᠭᠠᠨ 6-07ᠬᠠᠭᠠᠨ ᠺᠶᠥ᠋ᠯᠺᠡᠨ (ᠬᠥᠯᠭᠡᠨ) ᠺᠣᠯᠤᠮᠤᠨ ᠤ᠋ ᠳᠡᠭᠡᠷ᠎ᠡ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-10

170

ᠳᠣᠯᠣᠭ᠎ᠠ᠂ ᠬᠠᠭᠠᠨ ᠺᠶᠥ᠋ᠯᠺᠡᠨ (ᠬᠥᠯᠭᠡᠨ) ᠺᠣᠯᠤᠮᠤᠨ ᠤ᠋ ᠳᠡᠭᠡᠷ᠎ᠡ


ᠮᠣᠩᠭᠣᠯᠴᠤᠳ ᠺᠣᠯᠤᠮᠤᠨ ᠤ᠋ ᠴᠠᠢᠵᠠ ᠶ᠋ᠢ ᠪᠦᠰᠡᠯᠡᠪᠡ᠃ ᠬᠠᠭᠤᠴᠢᠨ ᠳ᠋ᠥ᠋ᠨᠵᠡᠨ ᠬᠡᠷᠡᠮ ᠨᠢ ᠬᠣᠲᠠ ᠶ᠋ᠢᠨ ᠪᠠᠲᠤ ᠬᠠᠮᠠᠭᠠᠯᠠᠯᠲᠠ ᠮᠡᠲᠦ ᠪᠠᠢᠯ᠎ᠠ᠃ ᠲᠡᠭᠦᠨ ᠦ᠌ ᠵᠢᠪᠡ ᠪᠣᠯᠤᠭᠰᠠᠨ ᠲᠡᠮᠦᠷ ᠪᠠᠮᠪᠠᠭᠠᠢ ᠴᠠᠭᠤᠷᠭ᠎ᠠ ᠪᠦᠬᠦᠢ ᠬᠠᠭᠠᠭᠰᠠᠨ ᠪᠠᠢᠵᠠᠢ᠃ ᠣᠷᠣᠰᠢᠨ ᠰᠠᠭᠤᠭᠴᠢᠳ ᠨᠢ ᠬᠡᠷᠡᠮ ᠳᠡᠭᠡᠷ᠎ᠡ ᠠᠪᠠᠷᠢᠯᠳᠤᠨ ᠤᠷᠢᠳ ᠬᠣᠵᠢᠳ ᠲᠸ᠋ ᠦᠵᠡᠭᠳᠡᠭᠡ ᠦᠭᠡᠢ ᠮᠣᠷᠢᠲᠤ ᠴᠡᠷᠢᠭ ᠦ᠋ᠳ ᠬᠡᠰᠡᠭ ᠪᠦᠯᠦᠭ ᠢ᠋ᠶ᠋ᠡᠷ ᠢᠷᠡᠵᠦ ᠶᠠᠪᠤᠭ᠎ᠠ ᠶ᠋ᠢ ᠵᠠᠨᠤᠯᠲᠠᠢ ᠪᠠᠷ ᠬᠠᠷᠠᠵᠠᠭᠠᠵᠤ ᠪᠠᠢᠪᠠ᠃

ᠲᠡᠳᠡᠨ ᠦ᠌ ᠤᠨᠤᠭᠰᠠᠨ ᠮᠣᠷᠢᠳ ᠪᠡᠶ᠎ᠡ ᠪᠠᠭ᠎ᠠ ᠲᠠᠢ ᠠᠲᠠᠯ᠎ᠠ ᠴᠢᠭᠢᠷᠠᠭ ᠪᠥᠭᠡᠳ ᠣᠪᠣᠭ᠎ᠠ ᠪᠤᠲᠠ ᠰᠣᠨᠳᠤᠤᠯᠠ ᠳᠡᠭᠡᠭᠦᠷ ᠬᠠᠷᠠᠢᠬᠤ ᠪᠠ ᠡᠰᠡᠪᠡᠯ ᠳᠣᠣᠷ᠎ᠠ ᠪᠠᠨ ᠡᠷᠭᠢᠯᠳᠦᠨ ᠪᠠᠢᠭᠠᠳ ᠨᠢᠭᠡ ᠲᠡᠰᠢ ᠦᠰᠦᠷᠦᠨ ᠳᠠᠪᠬᠢᠬᠤ ᠠᠵᠢ᠃ ᠬᠣᠲᠠ ᠶ᠋ᠢᠨ ᠬᠠᠭᠠᠯᠭ᠎ᠠ ᠵᠠᠷᠢᠮ ᠳ᠋ᠠᠭᠠᠨ ᠬᠢᠬᠤᠨᠠᠨ ᠨᠡᠭᠡᠭᠡᠭᠳᠡᠵᠦ ᠣᠷᠣᠰ ᠤ᠋ᠨ ᠣᠯᠠᠨ ᠵᠠᠭᠤᠨ ᠮᠣᠷᠢᠲᠤ ᠴᠡᠷᠢᠭ ᠦ᠋ᠳ ᠬᠣᠲᠠ ᠠ᠋ᠴᠠ ᠲᠠᠯ᠎ᠠ ᠳ᠋ᠤ᠌ ᠭᠠᠷᠴᠤ ᠪᠠᠢᠯᠳᠤᠬᠤ ᠪᠠᠷ ᠶᠠᠪᠤᠳᠠᠭ ᠪᠠᠢᠪᠠ᠃ ᠲᠡᠳᠡ ᠬᠡᠷᠡᠮ ᠦ᠋ᠨ ᠳᠡᠷᠭᠡᠳᠡ ᠢᠷᠡᠭᠰᠡᠨ ᠮᠣᠩᠭᠣᠯ ᠤ᠋ᠨ ᠴᠡᠷᠢᠭ ᠦ᠋ᠳ ᠢ᠋ ᠵᠠᠩᠵᠤᠨ ᠤ᠋ ᠪᠠᠨ ᠲᠤᠰᠢᠶᠠᠭᠰᠠᠨ ᠶᠣᠰᠣᠭᠠᠷ ᠪᠠᠷᠢᠪᠴᠢᠯᠠᠨ ᠣᠯᠵᠠᠯᠠᠬᠤ ᠶ᠋ᠢᠨ ᠲᠤᠯᠠ ᠳᠠᠭᠠᠷᠢᠨ ᠬᠥᠭᠡᠭᠡᠭᠳᠡᠳᠡᠭ ᠪᠣᠯᠤᠭᠰᠠᠨ ᠪᠣᠯᠪᠠᠴᠤ ᠮᠣᠩᠭᠣᠯᠴᠤᠳ ᠥᠪᠡᠷᠰᠡᠳ ᠲᠡᠭᠡᠨ ᠬᠡᠨ ᠢ᠋ ᠴᠦ᠍ ᠣᠢᠷᠠᠲᠤᠭᠤᠯᠳᠠᠭ ᠦᠭᠡᠢ ᠪᠠ ᠶᠠᠭᠠᠷᠠᠨ ᠰᠠᠨᠳᠤᠷᠤᠨ ᠵᠠᠢᠯᠠᠬᠤ ᠶ᠋ᠢ ᠢᠴᠢᠭᠦᠷᠢ ᠦᠭᠡᠢ ᠬᠥᠮᠦᠨ ᠭᠡᠵᠦ ᠦᠵᠡᠬᠦ ᠠᠵᠢ᠃ ᠣᠷᠣᠰ ᠤ᠋ᠨ ᠮᠣᠷᠢᠨ ᠴᠡᠷᠢᠭ ᠦ᠋ᠳ ᠵᠠᠩᠵᠤᠨ ᠤ᠋ ᠪᠠᠨ ᠲᠤᠰᠢᠶᠠᠯ ᠢ᠋ ᠰᠠᠨᠠᠵᠤ ᠬᠣᠲᠠ ᠶ᠋ᠢᠨ ᠬᠡᠷᠡᠮ ᠡᠴᠡ ᠬᠣᠯᠠᠳᠠᠨ ᠶᠠᠪᠤᠬᠤ ᠪᠠᠨ ᠪᠣᠯᠭᠣᠮᠵᠢᠯᠠᠨ᠎ᠠ᠃ ᠲᠠᠲ᠋ᠠᠷ ᠤ᠋ᠨ ᠵᠠᠷᠢᠮ ᠨᠢᠭᠡᠨ ᠵᠣᠷᠢᠭᠲᠤ ᠡᠷᠡᠴᠦᠳ ᠪᠦᠷ ᠬᠣᠲᠠ ᠶ᠋ᠢᠨ ᠬᠠᠭᠠᠯᠭᠠᠨ ᠳ᠋ᠤ᠌ ᠲᠤᠯᠤᠨ ᠢᠷᠡᠵᠦ ᠲᠡᠳᠡᠨ ᠢ᠋ ᠬᠡᠷᠡᠮ ᠦ᠋ᠨ ᠳᠡᠭᠡᠷ᠎ᠡ ᠭᠠᠷᠴᠤ ᠠᠵᠢᠭᠯᠠᠨ ᠪᠠᠢᠭᠰᠠᠨ ᠺᠣᠯᠤᠮᠤᠨ ᠤ᠋ ᠬᠠᠮᠠᠭᠠᠯᠠᠭᠴᠢᠳ ᠢ᠋ ᠨᠤᠮᠤ ᠰᠤᠮᠤ ᠪᠠᠷ ᠬᠠᠷᠪᠤᠳᠠᠭ ᠪᠠᠢᠪᠠ᠃ ᠮᠣᠩᠭᠣᠯᠴᠤᠳ ᠤ᠋ᠨ ᠰᠤᠮᠤ ᠪᠣᠯ ᠤᠷᠲᠤ ᠪᠥᠭᠡᠳ ᠬᠠᠳᠠᠭᠠᠰᠤᠨ ᠬᠤᠷᠴᠠ ᠲᠡᠮᠦᠷ ᠬᠡᠯᠪᠡᠷᠢ ᠲᠡᠢ ᠪᠠᠢᠪᠠ᠃ ᠲᠠᠲ᠋ᠠᠷ ᠤ᠋ᠳ ᠲᠥᠯᠥᠪ ᠠᠯᠳᠠᠯ ᠦᠭᠡᠢ ᠬᠠᠷᠪᠤᠬᠤ ᠪᠥᠭᠡᠳ ᠲᠡᠳᠡᠨ ᠦ᠌ ᠰᠤᠮᠤ ᠨᠢ ᠬᠥᠮᠦᠨ ᠦ᠌ ᠴᠡᠭᠡᠵᠢ ᠶ᠋ᠢ ᠨᠡᠪᠲᠡᠯᠦᠨ ᠭᠠᠷᠤᠨ᠎ᠠ᠃ ᠴᠡᠷᠢᠭ ᠦ᠋ᠨ ᠡᠪᠦᠭᠡᠳ ᠴᠢᠰᠤ ᠤᠷᠤᠰᠬᠠᠨ ᠪᠦᠬᠦᠢ ᠰᠢᠷᠬᠠᠨ ᠠ᠋ᠴᠠ ᠰᠤᠮᠤ ᠶ᠋ᠢ ᠠᠭᠤᠷᠯᠠᠨ ᠤᠴᠠᠭᠠᠷᠬᠠᠭᠰᠠᠭᠠᠷ ᠰᠤᠭᠤᠯᠤᠨ ᠠᠪᠳᠠᠭ ᠪᠠᠢᠭᠰᠠᠨ ᠪᠠ ᠤᠷᠢᠳᠤ ᠦᠵᠡᠭᠳᠡᠭᠡ ᠦᠭᠡᠢ ᠲᠡᠷᠡ ᠰᠤᠮᠤ ᠶ᠋ᠢ ᠴᠥᠮ ᠰᠣᠨᠢᠷᠬᠠᠨ ᠦᠵᠡᠵᠡᠭᠡᠨ᠎ᠡ᠃ ᠲᠡᠷᠡᠬᠦ ᠰᠤᠮᠤ ᠶ᠋ᠢ ᠠᠶᠤᠮᠰᠢᠭᠲᠤ ᠴᠢᠮᠡᠭᠡ ᠲᠡᠢ ᠪᠣᠯᠭᠠᠬᠤ ᠶ᠋ᠢᠨ ᠲᠤᠯᠠ ᠲᠡᠭᠦᠨ᠎ᠡ ᠰᠢᠪᠡᠷ ᠱᠦᠭᠯᠦ ᠶ᠋ᠢ ᠬᠢᠵᠡᠢ᠃

ᠲᠠᠲ᠋ᠠᠷ ᠤ᠋ᠨ ᠪᠦᠯᠦᠭ ᠴᠡᠷᠢᠭ ᠬᠤᠷᠳᠤᠨ ᠮᠣᠷᠢᠳ ᠢ᠋ᠶ᠋ᠠᠷ ᠢ᠋ᠶ᠋ᠠᠨ ᠬᠣᠲᠠ ᠶ᠋ᠢᠨ ᠡᠭᠦᠳᠡᠨ᠎ᠡ ᠣᠢᠷᠠᠲᠤᠨ ᠢᠷᠡᠵᠦ ᠲᠤᠯᠤᠯᠳᠤᠬᠤ ᠶ᠋ᠢ ᠥᠳᠥᠭᠡᠨ ᠤᠷᠢᠶᠠᠯᠠᠬᠤ ᠳ᠋ᠤ᠌ ᠺᠣᠯᠣᠮᠤᠨ ᠤ᠋ ᠴᠡᠷᠢᠭ ᠦ᠋ᠳ ᠲᠡᠷᠡ ᠲᠠᠲ᠋ᠠᠷ ᠤ᠋ᠳ ᠲᠠᠢ ᠲᠤᠯᠤᠯᠳᠤᠬᠤ ᠵᠥᠪᠰᠢᠶᠡᠷᠡᠯ ᠢ᠋ ᠵᠠᠩᠵᠤᠨ ᠠ᠋ᠴᠠ ᠪᠠᠨ ᠭᠤᠶᠤᠭᠰᠠᠨ ᠪᠣᠯᠪᠠᠴᠤ ᠡᠪᠦᠭᠡᠨ ᠬᠠᠰᠢᠷ ᠵᠠᠩᠵᠤᠨ ᠲᠡᠳᠡᠨ ᠢ᠋ ᠬᠣᠷᠢᠭᠯᠠᠵᠤ᠂
— ᠡᠴᠦᠰ ᠦ᠋ᠨ ᠴᠠᠭ ᠢᠷᠡᠭᠡ ᠦᠭᠡᠢ ᠪᠠᠢᠨ᠎ᠠ᠃ ᠲᠠᠲ᠋ᠠᠷ ᠤ᠋ᠳ ᠤ᠋ᠨ ᠮᠡᠰᠡ ᠳ᠋ᠦ᠍ ᠪᠤᠤ ᠠᠪᠲᠠ᠁ ᠲᠡᠳᠡ ᠲᠠᠨᠠᠷ ᠢ᠋ ᠬᠠᠭᠤᠷᠴᠤ ᠪᠠᠢᠭ᠎ᠠ ᠶᠤᠮ᠁ ᠭᠡᠨ᠎ᠡ᠃

ᠺᠣᠯᠣᠮᠤᠨ ᠢ᠋ ᠬᠠᠮᠠᠭᠠᠯᠠᠬᠤ ᠬᠡᠷᠡᠭ ᠢ᠋ ᠫᠣᠯᠣᠸᠧᠼᠡ ᠲᠡᠢ ᠪᠠᠢᠯᠳᠤᠵᠤ ᠠᠯᠳᠠᠷᠰᠢᠭᠰᠠᠨ ᠶᠧᠷᠧᠮᠧᠢ ᠭᠷᠧᠪᠤᠸᠢᠴ ᠲᠡᠭᠦᠨ ᠳ᠋ᠦ᠍ ᠶᠡᠬᠡ ᠸᠠᠩ ᠬ᠌ᠣᠷᠭᠢᠶᠸᠸᠢᠴ ᠤ᠋ᠨ ᠬᠦᠦ ᠷᠶᠠᠽᠠᠨ ᠠ᠋ᠴᠠ ᠠᠮᠢ ᠵᠢᠭᠤᠲᠠᠨ ᠭᠠᠷᠤᠭᠰᠠᠨ ᠸᠠᠩ ᠷᠣᠮᠠᠨ ᠬᠣᠶᠠᠷ ᠲᠤᠰᠠᠯᠠᠵᠤ ᠪᠠᠢᠪᠠ᠃ ᠲᠡᠷᠡ ᠬᠣᠶᠠᠷ ᠬᠣᠶᠠᠭᠤᠯᠠ ᠪᠠᠨ ᠬᠣᠶᠠᠷ ᠬᠣᠷᠢᠶ᠎ᠠ ᠴᠡᠷᠢᠭ ᠢ᠋ ᠳᠠᠷᠤᠭᠠᠯᠠᠵᠤ ᠪᠠᠢᠭᠰᠠᠨ ᠪᠥᠭᠡᠳ ᠰᠦᠽᠳᠠᠯᠢ ᠶ᠋ᠢᠨ ᠬᠣᠷᠢᠶ᠎ᠠ ᠪᠣᠯᠭᠠᠨ᠂ ᠸᠠᠩ ᠸᠰᠧᠸᠤᠯᠤᠳ᠋ ᠷᠶᠠᠽᠠᠨ ᠠ᠋ᠴᠠ ᠵᠠᠢᠯᠠᠨ ᠢᠷᠡᠭᠰᠡᠨ ᠴᠡᠷᠢᠭ ᠦ᠋ᠳ ᠦ᠋ᠨ ᠢ᠋ ᠲᠤᠰᠬᠠᠢ ᠬᠣᠷᠢᠶ᠎ᠠ ᠪᠣᠯᠭᠠᠨ ᠸᠠᠩ ᠷᠣᠮᠠᠨ ᠲᠤᠰ ᠲᠤᠰ ᠵᠠᠬᠢᠷᠴᠤ ᠪᠠᠢᠵᠠᠢ᠃

ᠲᠠᠲ᠋ᠠᠷ ᠤ᠋ᠳ ᠠᠩᠬᠠᠨ ᠳ᠋ᠠᠭᠠᠨ ᠣᠨᠴᠠ ᠣᠯᠠᠨ ᠪᠤᠰᠤ ᠮᠡᠲᠦ ᠦᠵᠡᠭᠳᠡᠵᠦ ᠪᠠᠢᠯ᠎ᠠ᠃ ᠲᠡᠳᠡ ᠬᠡᠳᠦᠢᠪᠡᠷ ᠥᠪᠡᠷᠰᠡᠳ ᠦ᠋ᠨ ᠣᠲ᠋ᠷᠢᠶᠠᠳ᠋ ᠢ᠋ᠶ᠋ᠠᠷ ᠬᠣᠲᠠ ᠶ᠋ᠢ ᠬᠦᠷᠢᠶᠡᠯᠡᠨ ᠪᠦᠰᠡᠯᠡᠭᠰᠡᠨ ᠪᠣᠯᠪᠠᠴᠤ ᠲᠣᠭ᠎ᠠ ᠪᠠᠷ ᠺᠣᠯᠣᠮᠣᠨ ᠤ᠋ ᠬᠠᠮᠠᠭᠠᠯᠠᠭᠴᠢᠳ ᠠ᠋ᠴᠠ ᠢᠯᠡᠭᠦᠦ ᠦᠭᠡᠢ ᠪᠠᠢᠵᠠᠢ᠃ ᠵᠠᠯᠠᠭᠤ ᠸᠠᠩ ᠸᠰᠧᠸᠤᠯᠣᠳ᠋ ᠷᠣᠮᠠᠨ ᠬᠣᠶᠠᠷ ᠲᠠᠲ᠋ᠠᠷ ᠤ᠋ᠳ ᠲᠠᠢ ᠲᠤᠯᠤᠯᠳᠤᠨ ᠲᠡᠳᠡᠨ ᠢ᠋ ᠪᠤᠲᠠᠷᠠᠲᠠᠯ᠎ᠠ ᠴᠣᠬᠢᠭᠠᠳ ᠲᠡᠢᠨ ᠦ᠌ ᠢᠯᠠᠯᠲᠠ ᠲᠠᠢ ᠪᠠᠷ ᠴᠢᠨᠠᠭᠰᠢᠯᠠᠵᠤ ᠲᠠᠲ᠋ᠠᠷ ᠤ᠋ᠨ ᠪᠤᠰᠤᠳ ᠴᠡᠷᠢᠭ ᠦ᠋ᠳ ᠦ᠋ᠨ ᠵᠦᠭ ᠬᠥᠳᠡᠯᠬᠦ ᠪᠡᠷ ᠰᠢᠢᠳᠪᠦᠷᠢᠯᠡᠪᠡ᠃ ᠵᠠᠩᠵᠤᠨ ᠦᠷ ᠴᠠᠢᠬᠤ ᠶ᠋ᠢᠨ ᠰᠠᠴᠠᠭᠤ ᠬᠣᠲᠠ ᠶ᠋ᠢᠨ ᠪᠦᠬᠦ ᠬᠠᠭᠠᠯᠭ᠎ᠠ ᠪᠠᠷ ᠨᠢᠭᠡ ᠵᠡᠷᠭᠡ ᠭᠠᠷᠬᠤ ᠳ᠋ᠤ᠌ ᠪᠡᠯᠡᠳᠬᠡᠬᠦ ᠲᠤᠬᠠᠢ ᠬᠠᠷᠢᠶ᠎ᠠ ᠠᠷᠪᠠᠨ ᠵᠠᠭᠤᠲᠤ ᠳ᠋ᠠᠭᠠᠨ ᠲᠤᠰᠢᠶᠠᠯ ᠥᠭᠪᠡ᠃ ᠵᠠᠩᠵᠤᠨ ‍ᠡᠢᠨᠬᠦ ᠲᠠᠲ᠋ᠠᠷ ᠤ᠋ᠨ ᠴᠡᠷᠢᠭ ᠦ᠋ᠨ ᠯᠠᠭᠧᠷ ᠢ᠋ ᠳᠠᠭᠠᠷᠢᠨ ᠣᠷᠣᠬᠤ ᠶ᠋ᠢ ᠪᠣᠳᠣᠵᠠᠢ᠃
  — ᠲᠠᠲ᠋ᠠᠷ ᠤ᠋ᠳ ᠢ᠋ ᠣᠯᠵᠠᠯᠠᠨ ᠪᠠᠷᠢᠭᠲᠤᠨ᠃ ᠲᠠᠲ᠋ᠠᠷ ᠤ᠋ᠳ ᠤ᠋ᠨ ᠴᠡᠷᠢᠭ ᠦ᠋ᠳ ᠦ᠋ᠨ ᠲᠣᠭ᠎ᠠ ᠬᠡᠴᠢᠨᠡᠨ ᠪᠣᠢ? ᠲᠤᠰ ᠺᠤᠯᠤᠮᠤᠨ ᠤ᠋ ᠬᠠᠪᠢ ᠳ᠋ᠤ᠌  ᠲᠠᠲ᠋ᠠᠷ ᠤ᠋ᠨ ᠶᠠᠮᠠᠷ ᠬᠠᠭᠠᠨ (ᠪᠠᠶ᠋ᠢᠬᠤ ) ᠪᠣᠢ? ᠪᠤᠰᠤᠳ ᠬᠠᠭᠠᠳ ᠨᠢ ᠬᠠᠮᠢᠭ᠎ᠠ ᠪᠣᠢ? ᠲᠡᠳᠡ ᠨᠡᠰᠢ ᠮᠠᠨ ᠤ᠋ ᠺᠤᠯᠤᠮᠤᠨ ᠤ᠋ ᠵᠦᠭ ᠢᠷᠡᠬᠦ ‍ᠤᠤ? ᠡᠰᠡᠪᠡᠯ ᠥᠪᠡᠷᠰᠡᠳ ᠦ᠋ᠨ ᠤᠲ᠋ᠷᠢᠶᠠᠳ᠋ ᠢ᠋ ᠪᠤᠰᠤᠳ ᠬᠣᠲᠠ ᠨᠤᠭᠤᠳ ᠤ᠋ᠨ ᠳᠠᠰᠢ ᠶᠠᠪᠤᠭᠤᠯᠬᠤ ‍ᠤᠤ? ᠡᠯ᠎ᠡ ᠪᠦᠬᠦᠨ ᠢ᠋ ᠲᠡᠳᠡᠨᠡᠷ ᠡᠴᠡ ᠰᠠᠢᠨ ᠮᠡᠳᠡᠵᠦ ᠠᠪᠬᠤ ᠬᠡᠷᠡᠭᠲᠡᠢ᠃ ᠣᠯᠵᠠᠯᠠᠨ ᠪᠠᠷᠢᠭᠳᠠᠭᠴᠢᠳ ᠦᠭᠡᠢ ᠪᠡᠷ ᠪᠤᠤ ᠡᠷᠭᠢᠵᠦ ᠢᠷᠡᠭᠲᠦᠨ᠃

ᠺᠤᠯᠤᠮᠤᠨ ᠢ᠋ ᠪᠠᠢᠯᠳᠤᠬᠤ ᠪᠠᠷ ᠲᠤᠯᠵᠤ ᠣᠴᠢᠭᠰᠠᠨ ᠴᠡᠷᠢᠭ ᠦ᠋ᠨ ᠶᠡᠷᠦᠩᠬᠡᠢ ᠳᠠᠷᠤᠭ᠎ᠠ ᠨᠢ ᠶᠡᠬᠡ ᠴᠢᠩᠭᠢᠰ ᠦ᠋ᠨ ᠪᠠᠭ᠎ᠠ ᠬᠥᠪᠡᠭᠦᠨ ᠵᠠᠯᠠᠭᠤ ᠬᠠᠭᠠᠨ ᠬᠥᠯᠭᠡᠨ ᠪᠠᠢᠵᠠᠢ᠃ ᠲᠡᠷᠡ ᠮᠣᠩᠭᠣᠯ — ᠲᠠᠲ᠋ᠠᠷ ᠤ᠋ᠨ ᠠᠷᠪᠠᠨ ᠮᠢᠩᠭᠠᠨ ᠴᠡᠷᠢᠭ ᠢ᠋ ᠵᠠᠬᠢᠷᠴᠤ ᠶᠠᠪᠤᠭᠰᠠᠨ ᠤ᠋ ᠭᠠᠳᠠᠨ᠎ᠠ ᠪᠠᠶᠠᠨᠳ᠋ᠸᠷ ᠬᠠᠭᠠᠨ ᠤ᠋ ᠲᠠᠪᠤᠨ ᠮᠢᠩᠭᠠᠨ ᠺᠢᠫᠡᠴᠡᠺ ᠴᠡᠷᠢᠭ ᠪᠠ ᠲᠠᠲ᠋ᠠᠷ ᠤ᠋ᠨ ᠪᠤᠰᠤᠳ ᠣᠪᠣᠭᠲᠠᠨ ᠨᠤᠭᠤᠳ ᠤ᠋ᠨ ᠬᠠᠮᠲᠤᠷᠠᠭᠰᠠᠨ ᠲᠦᠮᠡᠨ ᠴᠡᠷᠢᠭ ᠪᠠᠢᠪᠠ᠃ ᠬᠠᠷᠢᠨ ᠡᠯ᠎ᠡ ᠣᠲ᠋ᠷᠢᠶᠠᠳ᠋ ᠨᠢ ᠺᠤᠯᠤᠮᠤᠨ ᠳ᠋ᠤ᠌ ᠬᠦᠷᠴᠦ ᠢᠷᠡᠭᠰᠡᠨ ᠦᠭᠡᠢ᠂ ᠰᠥᠽᠳᠠᠯᠢ ᠶ᠋ᠢᠨ ᠨᠤᠲᠤᠭ ᠲᠤ᠌ ᠳᠠᠷᠬᠠᠨ᠂ ᠲᠡᠨᠳᠡᠬᠢ ᠶ᠋ᠢᠨ ᠣᠢ ᠳᠣᠲᠣᠷ᠎ᠠ ᠵᠢᠭᠤᠲᠠᠨ ᠶᠠᠪᠤᠭᠰᠠᠨ ᠬᠥᠮᠦᠰ ᠢ᠋ ᠳᠡᠭᠡᠷᠡᠮᠳᠡᠵᠦ ᠲᠡᠳᠡ ᠨᠢᠭᠡ ᠰᠠᠷ᠎ᠠ ᠶ᠋ᠢᠨ ᠳᠣᠲᠣᠷ᠎ᠠ ᠠᠷᠪᠠᠨ ᠳᠥᠷᠪᠡᠨ ᠬᠣᠲᠠ ᠶ᠋ᠢ ᠭᠠᠯᠳᠠᠨ ᠰᠢᠲᠠᠭᠠᠵᠤ ᠦᠨᠡᠰᠦᠨ ᠲᠣᠪᠷᠠᠭ ᠪᠣᠯᠭᠠᠵᠠᠢ᠃ ᠺᠶᠥ᠋ᠯᠺᠡᠨ (ᠬᠥᠯᠭᠡᠨ) ᠬᠠᠭᠠᠨ ᠲᠡᠰᠬᠢᠮ᠎ᠡ ᠬᠦᠢᠲᠡᠨ ᠡᠪᠦᠯ ᠦ᠋ᠨ ᠡᠳᠦᠷ ᠺᠤᠯᠤᠮᠤᠨ ᠤ᠋ ᠳᠡᠷᠭᠡᠳᠡ ᠬᠦᠷᠦᠯᠴᠡᠨ ᠣᠴᠢᠭᠠᠳ ᠭᠣᠣᠯ ᠤ᠋ᠨ ᠡᠮᠦᠨᠡᠬᠢ ᠡᠷᠭᠢ ᠳᠡᠭᠡᠷᠡᠬᠢ ᠨᠠᠷᠠᠰᠤᠨ ᠤ᠋ ᠣᠢ ᠶ᠋ᠢᠨ ᠵᠠᠬ᠎ᠠ ᠳ᠋ᠤ᠌ ᠥᠪᠡᠷ ᠦ᠋ᠨ ᠠᠶᠠᠨ ᠤ᠋ ᠭᠡᠷ ᠢ᠋ ᠪᠠᠷᠢᠬᠤ ᠶ᠋ᠢ ᠲᠤᠰᠢᠶᠠᠪᠠ᠃ ᠲᠡᠨᠳᠡ ᠡᠴᠡ ᠺᠤᠯᠤᠮᠤᠨ ᠤ᠋ ᠳ᠋ᠥ᠋ᠨᠵᠡᠨ ᠬᠡᠷᠡᠮ ᠪᠡᠬᠢᠯᠡᠭᠰᠡᠨ ᠲᠡᠮᠦᠷ ᠬᠠᠭᠠᠯᠭ᠎ᠠ ᠪᠣᠯᠤᠨ ᠬᠡᠷᠡᠮ ᠦ᠋ᠨ ᠳᠡᠭᠡᠭᠦᠷ ᠶᠠᠪᠤᠵᠤ ᠪᠠᠢᠭ᠎ᠠ ᠵᠡᠪᠰᠡᠭᠯᠡᠭᠰᠡᠨ ᠬᠥᠮᠦᠰ ᠴᠥᠮ ᠲᠣᠳᠣᠷᠬᠠᠢ ᠦᠵᠡᠭᠳᠡᠨ᠎ᠡ᠃

ᠳᠡᠭᠡᠭᠦᠷ ᠨᠢ ᠬᠡᠷᠢᠶ᠎ᠡ ᠭᠤᠸᠠᠭᠯᠠᠨ ᠨᠢᠰᠦᠭᠰᠡᠨ ᠬᠥᠯᠳᠡᠭᠦᠦ ᠭᠣᠣᠯ ᠤ᠋ᠨ ᠬᠥᠮᠦᠨ ᠠᠮᠢᠲᠠᠨ ᠦᠭᠡᠢ ᠵᠡᠯᠢᠭᠦᠳ ᠲᠠᠯ᠎ᠠ ᠨᠢ ᠴᠡᠷᠢᠭ ᠬᠥᠳᠡᠯᠭᠡᠬᠦ ᠪᠠ ᠲᠤᠯᠤᠯᠳᠤᠭᠠᠨ ᠬᠢᠬᠦ ᠳ᠋ᠦ᠍ ᠨᠡᠩ ᠲᠣᠬᠢᠷᠠᠮᠵᠢᠲᠠᠢ ᠠᠵᠢ᠃ ᠡᠴᠢᠭᠡ ᠴᠢᠩᠭᠢᠰ ᠬᠠᠭᠠᠨ ᠰᠢᠭ᠋ ᠡᠷᠡᠯᠬᠡᠭ ᠪᠠᠭᠠᠲᠤᠷ ᠪᠡᠶ᠎ᠡ ᠲᠡᠢ ᠥᠨᠳᠥᠷ ᠲᠡᠭᠰᠢ᠂ ᠴᠢᠳᠠᠯ ᠲᠡᠭᠦᠯᠳᠡᠷ  ᠺᠶᠥ᠋ᠯᠺᠡᠨ (ᠬᠥᠯᠭᠡᠨ ) ᠥᠪᠡᠷ ᠦ᠋ᠨ ᠭᠡᠷ ᠦ᠋ᠨ ᠳᠡᠷᠭᠡᠳᠡ ᠵᠣᠭᠰᠣᠵᠤ ᠡᠨᠡ ᠴᠠᠢᠵᠠ ᠶ᠋ᠢ ᠪᠤᠲᠠ ᠨᠢᠷᠭᠡᠭᠡᠳ ᠪᠠᠢᠯᠳᠤᠭᠠᠨ ᠤ᠋ ᠠᠩᠬᠠᠳᠤᠭᠠᠷ ᠭᠠᠪᠢᠶ᠎ᠠ ᠶ᠋ᠢ ᠪᠠᠢᠭᠤᠯᠬᠤ ᠪᠣᠯᠤᠨ᠎ᠠ ᠭᠡᠵᠦ ᠰᠢᠮᠳᠠᠯᠲᠠᠢ ᠪᠠᠷ ᠠᠵᠢᠭᠯᠠᠨ᠎ᠠ᠃ ᠨᠢᠭᠤᠷ ᠴᠢᠷᠠᠢ ᠨᠢ ᠲᠥᠪ ᠰᠢᠳᠤᠷᠭᠤ ᠪᠣᠯᠪᠠᠴᠤ ᠪᠠᠭᠠᠲᠤᠷ ᠵᠣᠷᠢᠭ ᠢ᠋ ᠭᠠᠷᠭᠠᠵᠤ ᠪᠠᠢᠯᠳᠤᠬᠤ ᠰᠠᠨᠠᠭ᠎ᠠ ᠲᠡᠭᠦᠨ ᠦ᠌ ᠳᠣᠲᠣᠷ᠎ᠠ ᠪᠤᠴᠠᠯᠬᠤ ᠪᠥᠭᠡᠳ ᠲᠡᠭᠡᠬᠦ ᠳ᠋ᠡᠭᠡᠨ ᠪᠠᠰᠠ ᠯᠠ ᠥᠪᠡᠷ ᠢ᠋ ᠪᠡᠨ ᠴᠢᠮᠠᠯᠠᠨ᠎ᠠ᠃
—ᠨᠠᠰᠤ ᠮᠢᠨᠢ ᠨᠢᠭᠡᠨᠲᠡ ᠠᠷᠪᠠᠨ ᠶᠢᠰᠦ ᠬᠦᠷᠦᠯ᠎ᠡ᠃ ᠭᠡᠲᠡᠯ᠎ᠡ ᠶᠠᠭᠤ ᠴᠤ᠌ ᠬᠢᠵᠦ ᠴᠢᠳᠠᠭᠰᠠᠨ ᠦᠭᠡᠢ᠃ ᠭᠡᠪᠡᠴᠦ ᠡᠴᠢᠭᠡ ᠮᠢᠨᠢ ᠴᠦ᠍ ᠮᠢᠨᠦ ᠨᠠᠰᠤᠨ ᠳ᠋ᠤ᠌ ᠶᠠᠭᠤ ᠴᠤ᠌ ᠬᠢᠯ ᠦᠭᠡᠢ ᠶᠠᠪᠤᠭᠰᠠᠨ ᠶᠤᠮ᠃ ᠲᠡᠷᠡ ᠴᠠᠭ ᠲᠤ᠌ ᠮᠢᠨᠦ ᠡᠴᠢᠭᠡ ᠪᠣᠯ ᠡᠩ ᠦ᠋ᠨ ᠨᠢᠭᠡᠨ ᠠᠷᠪᠠᠨ ᠤ᠋ ᠳᠠᠷᠤᠭ᠎ᠠ ᠶ᠋ᠢᠨ ᠶᠠᠳᠠᠭᠤ ᠬᠥᠪᠡᠭᠦᠨ ᠪᠠᠢᠭᠰᠠᠨ ᠪᠥᠭᠡᠳ ᠲᠡᠭᠦᠨ ᠦ᠌ ᠥᠯᠥᠰᠬᠦᠯᠡᠩ ᠴᠡᠷᠢᠭ ᠦ᠋ᠳ ᠡᠴᠢᠭᠡ ᠡᠴᠡ ᠮᠢᠨᠢ ᠰᠠᠯᠵᠤ ᠶᠠᠪᠤᠵᠠᠭᠠᠭᠰᠨ ᠪᠢᠯᠡ᠃ ᠡᠴᠢᠭᠡ ᠨᠢ ᠪᠤᠰᠤᠳ ᠤ᠋ᠨ ᠬᠠᠲᠠᠭᠤ ᠭᠠᠷ ᠲᠤ᠌ ᠣᠯᠵᠠᠯᠠᠭᠳᠠᠵᠤ ᠬᠦᠵᠦᠭᠦᠨ ᠳ᠋ᠡᠭᠡᠨ ᠳᠥᠩᠭᠡ ᠲᠡᠢ ᠪᠡᠷ ᠳᠠᠷᠬᠠᠨ ᠤ᠋ ᠲᠡᠮᠦᠷ ᠢ᠋ ᠪᠠᠯᠪᠠᠵᠤ ᠪᠠᠢᠭᠰᠠᠨ ᠶᠤᠮ᠃ ᠬᠠᠷᠢᠨ ᠪᠢ ᠪᠣᠯ ᠬᠦᠴᠦᠷᠬᠡᠭ ᠬᠠᠭᠠᠨ ᠺᠶᠥ᠋ᠯᠺᠡᠨ (ᠬᠥᠯᠭᠡᠨ) ᠶᠤᠮ᠃ ᠪᠢ ᠪᠣᠯ ᠳᠡᠯᠡᠬᠡᠢ ᠳ᠋ᠠᠬᠢᠨ ᠤ᠋ ᠤᠯᠤᠰ ᠤ᠋ᠳ ᠢ᠋ ᠡᠵᠡᠯᠡᠨ ᠵᠠᠬᠢᠷᠤᠭᠰᠠᠨ ᠬᠥᠮᠦᠨ ᠦ᠌ ᠬᠥᠪᠡᠭᠦᠨ ᠶᠤᠮ᠃ ᠤᠨᠤᠭᠰᠠᠨ ᠮᠣᠷᠢ ᠮᠢᠨᠢ ᠰᠠᠢᠨ᠂ ᠵᠠᠬᠢᠷᠤᠭᠰᠠᠨ ᠴᠡᠷᠢᠭ ᠮᠢᠨᠢ ᠬᠣᠷᠢᠨ ᠲᠠᠪᠤᠨ ᠮᠢᠩᠭ᠎ᠠ᠃ ᠲᠡᠭᠦᠨ ᠢ᠋ ᠪᠢ ᠥᠪᠡᠷ ᠦ᠋ᠨ ᠨᠢᠭᠡ ᠭᠠᠷ ᠢ᠋ᠶ᠋ᠠᠷ ᠬᠠᠮᠢᠭ᠎ᠠ ᠳᠤᠷᠠᠲᠠᠢ ᠭᠠᠵᠠᠷ ᠢ᠋ᠶ᠋ᠠᠨ ᠶᠠᠪᠤᠭᠤᠯᠵᠤ ᠴᠢᠳᠠᠨ᠎ᠠ᠃ ᠭᠦᠯᠭᠡᠨ ᠬᠠᠭᠠᠨ ᠮᠢᠨᠦ ᠪᠡᠶ᠎ᠡ ᠡᠴᠢᠭᠡ ᠶ᠋ᠢᠨ ᠭᠦᠢᠴᠡᠳᠬᠡᠵᠦ ᠴᠢᠳᠠᠭ᠎ᠠ ᠦᠭᠡᠢ ᠬᠡᠷᠡᠭ ᠢ᠋ ᠳᠠᠭᠤᠰᠬᠠᠵᠤ ᠳᠡᠯᠡᠬᠡᠢ ᠳ᠋ᠠᠬᠢᠨ ᠢ᠋ ᠡᠴᠦᠰ ᠦ᠋ᠨ ᠬᠢᠨᠢ ᠳᠠᠯᠠᠢ ᠳ᠋ᠤ᠌ ᠲᠤᠯᠲᠠᠯ᠎ᠠ ᠨᠢ ᠡᠵᠡᠯᠡᠨ᠎ᠡ᠃ ᠡᠭᠦᠨ ᠳ᠋ᠦ᠍ ᠮᠢᠨᠦ ᠥᠷᠢᠰᠦᠯᠳᠦᠭᠴᠢ ᠨᠥᠬᠥᠳ ᠰᠠᠭᠠᠳ ᠪᠣᠯᠵᠤ ᠪᠠᠢᠨ᠎ᠠ᠃ ᠡᠭᠦᠨ ᠦ᠌ ᠨᠢᠭᠡᠳᠦᠭᠡᠷ ᠨᠢ ᠭᠦᠶᠦᠭ ᠬᠠᠭᠠᠨ᠂ ᠮᠢᠨᠦ ᠢᠯᠠᠯᠲᠠ ᠶ᠋ᠢ ᠦᠵᠡᠲᠡᠯ᠎ᠡ ᠲᠡᠭᠦᠨ ᠲᠡᠢ ᠨᠥᠬᠥᠷᠯᠡᠬᠦ ᠬᠡᠷᠡᠭᠲᠡᠢ᠃ ᠬᠠᠮᠤᠭ ᠤ᠋ᠨ ᠬᠦᠴᠦᠲᠡᠢ ᠨᠢ ᠪᠠᠲᠤ ᠬᠠᠭᠠᠨ ᠶᠤᠮ᠃ ᠶᠠᠭᠤᠨ ᠳ᠋ᠤ᠌ ᠲᠡᠭᠦᠨ ᠢ᠋ ᠵᠠᠩᠵᠤᠨ ᠪᠣᠯᠭᠠᠭᠰᠠᠨ ᠶᠤᠮ ᠪᠣᠯ? ᠲᠡᠭᠦᠨ ᠦ᠌ ᠠᠩᠬᠠᠨ ᠤ᠋ ᠡᠨᠳᠡᠭᠳᠡᠯ ᠳᠡᠭᠡᠷ᠎ᠡ ᠨᠢ ᠴᠢᠳᠠᠯ ᠦᠭᠡᠢ ᠠᠮᠢᠲᠠᠨ ᠭᠡᠵᠦ ᠴᠠᠭᠠᠵᠠᠯᠠᠵᠤ ᠠᠯᠠᠪᠠᠯ ᠵᠣᠬᠢᠨ᠎ᠠ᠃ ᠲᠡᠭᠡᠭᠡᠳ ᠭᠦᠶᠦᠭ ᠬᠠᠭᠠᠨ ᠢ᠋ ᠵᠠᠢᠯᠠᠭᠤᠯᠤᠨ᠎ᠠ᠃ ᠭᠡᠪᠡᠴᠦ ᠬᠠᠮᠤᠭ ᠤ᠋ᠨ ᠭᠣᠣᠯ ᠨᠢ ᠡᠨᠡ ᠺᠤᠯᠤᠮᠤᠨ ᠤ᠋ ᠳᠣᠣᠷ᠎ᠠ ᠴᠡᠷᠢᠭ ᠦ᠋ᠳ ᠲᠡᠭᠡᠨ ᠭᠠᠢᠭᠠᠭᠳᠠᠨ ᠮᠠᠭᠲᠠᠭᠳᠠᠵᠤ ᠥᠪᠡᠷ ᠦ᠋ᠨ ᠴᠡᠷᠢᠭ ᠲᠡᠭᠡᠨ ᠬᠠᠢᠷ᠎ᠠ ᠠᠩᠬᠠᠷᠤᠮᠵᠢ ᠪᠠᠨ ᠦᠵᠡᠭᠦᠯᠬᠦ ᠬᠡᠷᠡᠭᠲᠡᠢ᠃ ᠲᠡᠭᠡᠪᠡᠯ ᠲᠡᠳᠡ ᠺᠶᠥ᠋ᠯᠺᠡᠨ (ᠬᠥᠯᠭᠡᠨ) ᠬᠠᠭᠠᠨ ᠳ᠋ᠤ᠌ ᠬᠠᠢᠷᠠᠲᠠᠢ ᠪᠣᠯᠬᠤ ᠪᠠᠨ ᠬᠡᠭᠡᠷ᠎ᠡ ᠶ᠋ᠢᠨ ᠭᠠᠯ ᠤ᠋ᠨ ᠳᠡᠷᠭᠡᠳᠡ ᠶᠠᠷᠢᠯᠴᠠᠵᠤ ᠰᠠᠭᠤᠬᠤ ᠪᠣᠯᠤᠨ᠎ᠠ᠃ ᠲᠡᠭᠡᠭᠡᠳ ᠲᠡᠳᠡ ᠨᠠᠮᠠᠶ᠋ᠢ ᠶᠡᠬᠡ ᠬᠠᠭᠠᠨ ᠪᠣᠯᠤᠨ ᠰᠠᠭᠤᠬᠤ ᠳ᠋ᠤ᠌ ᠲᠤᠰᠠᠯᠠᠨ᠎ᠠ ᠭᠡᠵᠦ ᠪᠣᠳᠣᠪᠠ᠃  ᠺᠶᠦᠯᠺᠡᠨ (ᠭᠦᠯᠭᠡᠨ) ᠬᠠᠭᠠᠨ ᠤ᠋ ᠣᠲ᠋ᠷᠢᠶᠲ ᠲᠤ᠌ ᠪᠠᠶᠠᠨᠳ᠋ᠸᠷ ᠬᠠᠭᠠᠨ ᠲᠠᠪᠤᠨ ᠮᠢᠩᠭᠠᠨ ᠺᠢᠪᠴᠠᠺ ᠴᠡᠷᠢᠭ ᠲᠡᠢ ᠪᠡᠨ ᠪᠠᠢᠪᠠ᠃ ᠲᠡᠳᠡ ᠯᠠᠯᠤ ᠶ᠋ᠢᠨ ᠮᠥᠷᠭᠥᠯᠲᠡᠨ ᠦ᠌ ᠬᠤᠪᠢ ᠳ᠋ᠤ᠌ ᠮᠣᠩᠭᠣᠯ ᠲᠠᠲ᠋ᠠᠷ ᠤ᠋ᠳ ᠤ᠋ᠨ ᠣᠲ᠋ᠷᠢᠶᠠᠲ ᠤ᠋ᠳ ᠲᠠᠢ ᠬᠤᠳᠬᠤᠯᠳᠤᠯ ᠦᠭᠡᠢ ᠲᠤᠰᠬᠠᠢ ᠯᠠᠺᠸᠷᠯᠠᠨ ᠪᠠᠢᠪᠠ᠃ ᠲᠡᠳᠡᠨ ᠦ᠌ ᠬᠠᠮᠲᠤ ᠨᠣᠭᠣᠭᠠᠨ ᠮᠠᠯᠠᠭᠠᠢ ᠂ ᠪᠦᠰᠡᠲᠡᠢ ᠰᠸᠢ᠌ᠳ᠋《ᠮᠦᠰᠦᠢ᠍ᠯᠢᠮ 》 ᠯᠠᠮ᠎ᠠ ᠨᠠᠷ ᠤ᠋ᠳ ᠶᠠᠪᠤᠭᠰᠠᠨ ᠪᠥᠭᠡᠳ ᠲᠡᠳᠡ ᠺᠢᠪᠴᠠᠺ ᠴᠡᠷᠢᠭ  ᠦ᠋ᠳ  ᠢ᠋ ᠮᠦᠰᠦᠢ᠍ᠯᠢᠮ ᠱᠠᠰᠢᠨᠲᠠᠨ ᠣ ᠶᠣᠰᠣᠭᠠᠷ ᠲᠡᠢᠨ ᠳ᠋ᠦ᠍ ᠶᠠᠪᠤᠬᠤ ᠳ᠋ᠠᠭᠠᠨ ᠪᠤᠷᠬᠠᠨ ᠤ᠋ ᠲᠥᠯᠥᠭᠡ ᠶᠠᠪᠤᠵᠤ ᠪᠠᠢᠨ᠎ᠠ ᠭᠡᠵᠦ ᠢᠲᠡᠭᠡᠵᠦ ᠪᠠᠶᠠᠷᠲᠠᠢ ᠪᠠᠷ ᠦᠬᠦᠬᠦ ᠬᠡᠷᠡᠭᠲᠡᠢ ᠭᠡᠵᠦ ᠰᠤᠷᠭᠠᠨ᠎ᠠ᠃ ᠤᠷᠤᠭᠤᠯ ᠳᠡᠭᠡᠷ᠎ᠡ ᠨᠢ ᠬᠥᠭᠡᠰᠦ ᠪᠤᠷᠭᠢᠵᠤ ᠪᠠᠶ᠋ᠢᠳᠠᠭ ᠪᠠᠢᠪᠠ᠃
— ᠪᠤᠷᠤᠭᠤ ᠮᠥᠷᠭᠥᠯᠲᠡᠨ ᠢ᠋ ᠴᠣᠬᠢᠭᠲᠤᠨ! ᠲᠡᠢᠨ ᠳ᠋ᠦ᠍ ᠱᠠᠰᠢᠨ ᠤ᠋ ᠲᠥᠯᠥᠭᠡ ᠶᠠᠪᠤᠵᠤ ᠥᠬᠥᠭᠴᠢᠳ ᠨᠢ ᠵᠠᠩ ᠱᠠᠮᠪᠠᠯ ᠤ᠋ᠨ ᠴᠡᠴᠡᠷᠯᠢᠭ ᠲᠦ᠍ ᠲᠥᠷᠥᠵᠦ᠂ ᠲᠡᠨᠳᠡ ᠬᠢᠵᠠᠭᠠᠷ ᠦᠭᠡᠢ ᠵᠢᠷᠭᠠᠯ ᠴᠡᠩᠭᠡᠯ ᠢ᠋ ᠡᠳ᠋ᠯᠡᠨ᠎ᠡ ᠭᠡᠵᠦ ᠤᠷᠢᠶᠠᠯᠠᠵᠤ ᠥᠪᠡᠷᠰᠡᠳ ᠦ᠋ᠨ ᠰᠤᠷᠭᠠᠯ ᠢ᠋ᠶ᠋ᠠᠨ ᠲᠡᠭᠦᠰᠬᠡᠳᠡᠭ ᠪᠢᠯᠡ᠃ ᠮᠦᠰᠦᠢ᠍ᠯᠢᠮ ᠴᠡᠷᠢᠭ ᠨᠢ ᠳᠣᠲᠣᠷ᠎ᠠ ᠪᠠᠨ ᠱᠠᠰᠢᠨ ᠤ᠋ ᠲᠠᠯ᠎ᠠ ᠪᠠᠷ ᠰᠦᠨ᠋ᠨᠢᠲ ᠪᠠ ᠰᠢᠢ᠍ᠲ ᠭᠡᠳᠡᠭ ᠬᠣᠶᠠᠷ ᠬᠡᠰᠡᠭ ᠲᠦ᠍ ᠬᠤᠪᠢᠶᠠᠭᠳᠠᠵᠤ ᠰᠦᠨ᠋ᠨᠢᠲ ᠦ᠋ᠨ ᠶᠣᠰᠣ  ᠶ᠋ᠢ ᠪᠠᠷᠢᠮᠲᠠᠯᠠᠭᠴᠢᠳ ᠨᠢ ᠺᠢᠫᠴᠠᠺᠴᠤᠳ᠂ ᠨᠥᠭᠦᠭᠡ ᠰᠢᠢ᠍ᠲ ᠦ᠋ᠨ  ᠶᠣᠰᠣ ᠶ᠋ᠢ ᠪᠠᠷᠢᠮᠲᠠᠯᠠᠭᠴᠢᠳ ᠨᠢ ᠫᠸᠷᠰᠮᠳ᠋ ᠬᠡᠯᠡ ᠪᠡᠷ ᠶᠠᠷᠢᠯᠴᠠᠭᠴᠢ ᠢᠷᠠᠨᠴᠤᠳ ᠪᠠᠢᠵᠠᠢ᠃ ᠰᠦᠨ᠋ᠨᠢᠲ ᠰᠢᠢ᠍ᠲ ᠬᠣᠶᠠᠷ ᠮᠥᠷᠭᠥᠯᠲᠡᠨ ᠨᠤᠭᠦᠳ ᠨᠢ ᠪᠠᠭᠤᠳᠠᠯᠯᠠᠭᠰᠠᠨ ᠭᠠᠵᠠᠷ ᠨᠢᠭᠡᠨ ᠳᠣᠣᠷ᠎ᠠ ᠵᠡᠷᠭᠡᠴᠡᠨ ᠦᠯᠦ ᠰᠠᠭᠤᠬᠤ ᠶ᠋ᠢᠨ ᠳᠡᠭᠡᠷ᠎ᠡ ᠲᠤᠰ ᠲᠤᠰ ᠲᠣᠭᠣᠭᠠᠨ ᠠ᠋ᠴᠠ ᠬᠣᠭᠣᠯᠠ ᠢᠳᠡᠨ᠎ᠡ᠃
— ᠰᠢᠢ᠍ᠲ ᠦ᠋ᠨ ᠶᠣᠰᠣ ᠶ᠋ᠢ ᠨᠣᠮᠯᠠᠭᠴᠢ ᠢᠮᠠᠮ ᠤ᠋ᠳ ᠭᠠᠯ ᠤ᠋ᠨ ᠳᠡᠷᠭᠡᠳᠡ ᠰᠠᠭᠤᠵᠤ ᠡᠷᠲᠡ ᠴᠠᠭ ᠲᠤ᠌ ᠠᠯᠠᠭ᠎ᠠ ᠪᠣᠯᠤᠭᠰᠠᠨ ᠪᠣᠯᠪᠠᠴᠤ ᠦᠬᠦᠭᠡ ᠦᠭᠡᠢ ᠭᠡᠭᠴᠢ ᠢᠮᠠᠮ ᠮᠸᠾᠳ᠋ᠢ《ᠬᠦᠷᠦᠯᠴᠡᠨ ᠢᠷᠡᠬᠦ》ᠪᠤᠶᠤ ᠴᠠᠭ ᠤ᠋ᠨ《ᠡᠵᠡᠨ 》 ᠦ᠌ ᠮᠣᠷᠢᠯᠠᠵᠤ ᠢᠷᠡᠬᠦ ᠲᠤᠬᠠᠢ ᠶᠠᠷᠢᠯᠴᠠᠨ᠎ᠠ᠃
— ᠡᠨᠡ ᠳᠡᠯᠡᠬᠡᠢ ᠳᠡᠭᠡᠷ᠎ᠡ ᠡᠯᠳᠡᠪ ᠮᠠᠭᠤ ᠶᠠᠪᠤᠳᠠᠯ ᠲᠤᠢᠯ ᠳ᠋ᠠᠭᠠᠨ ᠬᠦᠷᠦᠭᠰᠡᠨ ᠴᠠᠭ ᠲᠤ᠌ ᠠᠷᠢᠯᠤᠭᠰᠠᠨ ᠢᠮᠠᠮ ᠮᠸᠾᠳ᠋ᠢ ᠬᠣᠶᠠᠳᠠᠬᠢ ᠤᠳᠠᠭ᠎ᠠ ᠪᠠᠨ ᠢᠷᠡᠨ᠎ᠡ᠃ ᠲᠡᠷᠡ ᠴᠠᠭ ᠲᠤ᠌ ᠦᠨᠡᠨ ᠰᠢᠳᠤᠷᠭᠤ ᠶᠣᠰᠣ ᠲᠣᠭᠲᠠᠭᠠᠳ ᠪᠠᠶᠠᠨ ᠶᠠᠳᠠᠭᠤ ᠭᠡᠬᠦ ᠦᠭᠡᠢ ᠴᠥᠮ ᠠᠳᠠᠯᠢ ᠲᠡᠭᠰᠢ ᠵᠢᠷᠭᠠᠯ ᠢ᠋ ᠡᠳᠡᠯᠬᠥ ᠪᠣᠯᠤᠨ᠎ᠠ᠃ ᠰᠢᠢ᠍ᠲ ᠦ᠋ᠨ ᠴᠡᠷᠢᠭ ᠦ᠋ᠳ ᠡᠨᠡ ᠮᠡᠲᠦ ᠶ᠋ᠢᠨ ᠶᠠᠷᠢᠶ᠎ᠠ ᠰᠣᠨᠣᠰᠬᠤ ᠶᠡᠬᠡ ᠳᠤᠷᠠᠲᠠᠢ ᠲᠤᠯᠠ ᠲᠡᠳᠡ ᠴᠢᠬᠢ ᠲᠡᠢ ᠲᠣᠭᠣᠭᠠᠨ ‍ᠤ᠋ ᠳᠡᠷᠭᠡᠳᠡ ᠰᠸᠢ᠍ᠢ᠍ᠳ᠋ ᠲᠤ᠌ ᠵᠠᠢ ᠲᠠᠯᠪᠢᠨ ᠰᠠᠭᠤᠯᠭᠠᠵᠤ ᠮᠸᠾᠳ᠋᠂ ᠬᠠᠷᠢ ᠪᠤᠰᠤᠳ ᠤ᠋ᠨ ᠭᠠᠵᠠᠷ ᠲᠤ᠌ ᠨᠢᠭᠤᠭᠳᠠᠭ᠎ᠠ ᠦᠭᠡᠢ ᠪᠣᠯᠪᠠᠤ᠂ ᠬᠤᠪᠢᠯᠭᠠᠨ ᠮᠠᠷᠢᠶᠠᠮ ᠤ᠋ᠨ ᠬᠥᠬᠥᠨ ᠦ᠌ ᠰᠦ᠋ ᠣᠷᠣᠭᠠᠳ ᠰᠠᠷᠠᠨ ᠤ᠋ ᠲᠤᠰᠬᠠᠯ ᠤ᠋ᠨ ᠬᠡᠯᠪᠡᠷᠢ ᠶ᠋ᠢ ᠣᠯᠵᠤ ᠬᠤᠪᠢᠯᠤᠭᠰᠠᠨ ᠬᠤᠳᠳᠤᠭ ᠢ᠋ ᠬᠡᠷᠬᠢᠨ ᠣᠯᠬᠤ ᠲᠤᠬᠠᠢ ᠯᠠᠪᠯᠠᠨ ᠠᠰᠠᠭᠤᠵᠠᠭᠠᠳᠠᠭ ᠪᠠᠢᠪᠠ᠃
— ᠪᠢᠳᠡ ᠲᠡᠷᠡ ᠬᠤᠳᠳᠤᠭ ᠲᠸ᠋ ᠰᠢᠭᠤᠳ ᠶᠠᠪᠤᠵᠤ ᠵᠠᠪᠠᠯ ᠣᠯᠤᠨ᠎ᠠ ᠭᠡᠵᠦ ᠱᠸᠢ ᠪᠤᠳᠠᠭ᠎ᠠ ᠶ᠋ᠢ ᠭᠤᠷᠪᠠᠨ ᠬᠤᠷᠤᠭᠤ ᠪᠠᠷ ᠰᠠᠮᠤᠷᠳᠠᠨ ᠠᠪᠴᠤ ᠠᠮᠠᠨ ᠳ᠋ᠠᠭᠠᠨ ᠬᠢᠬᠦ ᠵᠠᠭᠤᠷ᠎ᠠ ᠨᠠᠢᠳᠠᠪᠤᠷᠢ ᠲᠠᠢ ᠪᠠᠷ ᠬᠡᠯᠡᠬᠦ ᠨᠢ
— ᠨᠠᠮᠠᠶ᠋ᠢ ᠢᠲᠡᠭᠡᠭᠲᠦᠨ᠃ ᠲᠡᠷᠡ ᠬᠤᠳᠳᠤᠭ ᠢ᠋ ᠥᠩᠭᠡᠢᠵᠦ ᠲᠡᠭᠦᠨ᠎ᠡ ᠰᠠᠭᠤᠨ ᠬᠠᠭᠠᠰ ᠰᠠᠷ᠎ᠠ ᠪᠠᠢᠭ᠎ᠠ ᠦᠭᠡᠢ ᠶ᠋ᠢ ᠣᠯᠵᠤ ᠦᠵᠡᠭᠰᠡᠨ ᠨᠢᠳᠦ ᠨᠢ ᠬᠡᠵᠢᠶ᠎ᠡ ᠪᠣᠯᠪᠠᠴᠤ ᠲᠠᠮᠤ ᠶ᠋ᠢᠨ ᠭᠠᠯ ᠢ᠋ ᠦᠵᠡᠬᠦ ᠦᠭᠡᠢ ᠭᠡᠨ᠎ᠡ᠃ ᠺᠢ᠍ᠫᠴᠠᠺ ᠤ᠋ᠨ ᠴᠡᠷᠢᠭ ᠦ᠋ᠳ᠂ ᠪᠠᠭᠠᠲᠤᠷ ᠤ᠋ᠳ ᠤ᠋ᠨ ᠲᠡᠦᠬᠡᠲᠦ ᠶᠠᠪᠤᠳᠠᠯ ᠪᠤᠶᠤ ᠬᠦᠴᠦᠲᠦ ᠬᠠᠯᠵᠠᠨ ᠺᠢ᠍ᠴᠸᠯ ᠦ᠋ᠨ ᠰᠣᠨᠢᠨ ᠬᠠᠴᠢᠨ ᠲᠣᠭᠣᠵᠢ ᠶ᠋ᠢᠨ ᠲᠤᠬᠠᠢ ᠰᠣᠨᠣᠰᠬᠤ ᠳᠤᠷᠠᠲᠠᠢ᠃ ᠢᠯᠠᠩᠭᠤᠶ᠎ᠠ ᠵᠠᠭᠤᠲᠤ ᠶ᠋ᠢᠨ ᠳᠠᠷᠤᠭ᠎ᠠ  ᠲᠶᠦᠯᠶᠠᠪ — ᠪᠢᠷᠭ᠌ᠸᠨ ᠦ᠌ ᠬᠠᠢᠷᠠᠲᠠᠢ ᠰᠠᠢᠬᠠᠨ ᠮᠣᠷᠢ ᠶ᠋ᠢ ᠬᠦᠯᠢᠭ ᠲᠡᠢ ᠪᠠᠢᠭᠰᠠᠨ  ᠣᠯᠵᠠᠯᠠᠭᠳᠠᠭᠰᠠᠨ ᠣᠷᠣᠰ ᠤ᠋ᠳ ᠬᠡᠷᠬᠢᠨ ᠬᠥᠭᠡᠭᠡᠵᠦ ᠣᠳᠤᠭᠰᠠᠨ ᠲᠤᠬᠠᠢ ᠶᠣᠵᠣᠯᠠᠨ ᠶᠠᠷᠢᠬᠤ ᠶᠡᠬᠡ ᠳᠤᠷᠠᠲᠠᠢ ᠪᠢᠯᠡ᠃
— ᠬᠣᠲᠠ ᠶ᠋ᠢᠨ ᠬᠠᠭᠠᠯᠭ᠎ᠠ ᠪᠠᠷ ᠭᠠᠳᠠᠭᠰᠢ ᠭᠠᠷᠴᠤ ᠪᠠᠢᠭᠰᠠᠨ ᠣᠷᠣᠰ ᠤ᠋ᠨ ᠮᠣᠷᠢᠲᠤ ᠴᠡᠷᠢᠭ ᠦ᠋ᠳ ᠦ᠋ᠨ ᠳᠣᠲᠣᠷ᠎ᠠ ᠲᠶᠦᠯᠶᠠᠪ—ᠪᠢᠷᠭ᠌ᠸᠨ ᠦ᠌ ᠬᠣᠩᠭᠣᠷ ᠬᠠᠯᠢᠭᠤᠨ ᠮᠣᠷᠢ ᠶ᠋ᠢ ᠤᠨᠤᠭᠰᠠᠨ ᠵᠣᠷᠢᠭᠲᠤ ᠡᠷ᠎ᠡ ᠪᠠᠢᠭᠰᠠᠨ ᠭᠡᠵᠦ ᠴᠡᠷᠢᠭ ᠦ᠋ᠳ ᠶᠠᠷᠢᠯᠴᠠᠬᠤ ᠪᠣᠯᠪᠠ᠃ ᠲᠡᠷᠡ ᠮᠣᠷᠢ ᠶ᠋ᠢ ᠬᠡᠷᠬᠢᠨ ᠡᠷᠭᠢᠭᠦᠯᠦᠨ ᠠᠪᠬᠤ ᠲᠤᠬᠠᠢ ᠬᠥᠮᠦᠨ ᠪᠦᠬᠦᠨ ᠥᠪᠡᠷᠰᠡᠳ ᠦ᠋ᠨ ᠵᠥᠪᠯᠡᠭᠡ ᠶ᠋ᠢ ᠦᠭᠴᠡᠭᠡᠪᠡ᠃

ᠲᠶᠦᠯᠶᠠᠪ—ᠪᠢᠷᠭ᠌ᠸᠨ ᠠᠭᠤᠷᠰᠠᠨ ᠪᠤᠷᠤᠭᠤ ᠬᠠᠷᠠᠵᠤ ᠰᠢᠳᠦ ᠪᠡᠨ ᠵᠠᠭᠤᠬᠤ ᠪᠥᠭᠡᠳ ᠲᠣᠭᠯᠠᠭᠠᠮ ᠬᠢᠭᠴᠢᠳ ᠢ᠋ ᠴᠠᠪᠴᠢᠨ ᠠᠯᠠᠬᠤ ᠠ᠋ᠴᠠ ᠴᠣ ᠪᠤᠴᠠᠬᠤ ᠦᠭᠡᠢ ᠪᠠᠢᠪᠠ᠃
— ᠮᠢᠨᠦ ᠬᠠᠯᠢᠭᠤᠨ ᠰᠢᠭ᠋ ᠮᠣᠷᠢ ᠶ᠋ᠢ ᠮᠠᠨ ᠤ᠋ ᠪᠦᠬᠦ ᠴᠡᠷᠢᠭ ᠦ᠋ᠨ ᠳᠣᠲᠣᠷ᠎ᠠ ᠠ᠋ᠴᠠ ᠣᠯᠬᠤ ᠦᠭᠡᠢ᠂ ᠪᠢ ᠲᠡᠭᠦᠨ ᠢ᠋ ᠤᠨᠤᠵᠤ ᠶᠠᠪᠤᠭᠰᠠᠨ ᠴᠠᠭ ᠲᠸ᠋ ᠪᠦᠭᠦᠳᠡ ᠶ᠋ᠢ ᠭᠦᠢᠴᠡᠵᠦ ᠶᠠᠪᠤᠪᠠ᠃ ᠣᠳᠣ ᠪᠢ ᠶᠠᠮᠠᠷ ᠮᠣᠷᠢ ᠶ᠋ᠢ ᠣᠨᠣᠪᠠᠯ ᠬᠣᠩᠭᠣᠷ ᠬᠠᠯᠢᠭᠤᠨ ᠢ᠋ ᠪᠡᠨ ᠭᠦᠢᠴᠡᠵᠦ ᠴᠢᠳᠠᠬᠤ ᠪᠢᠯᠡ᠂ ᠲᠠᠨᠠᠷ ‍ᠤ᠋ᠨ ᠤᠨᠤᠵᠤ ᠰᠤᠷᠤᠭᠰᠠᠨ ᠮᠠᠭᠤ ᠤᠨᠤᠭ᠎ᠠ ᠪᠤᠰᠤ ᠰᠢᠦ ᠳ᠋ᠠ᠃

ᠮᠦᠯᠯᠡ ᠠᠪᠳᠥ᠋᠊ —ᠷᠡᠰᠥ᠋ᠯ ᠢ᠋ ᠰᠠᠨᠠᠭ᠎ᠠ ᠵᠣᠪᠠᠭᠰᠠᠨ ᠳᠠᠭᠤ ᠪᠠᠷ᠂
— ᠣᠳᠣ ᠮᠥᠨ ᠤᠷᠢᠳᠤ ᠶ᠋ᠢᠨ ᠠᠳᠠᠯᠢ ᠭᠠᠭᠴᠠ ᠡᠮᠡᠭᠲᠡᠢ ᠬᠥᠮᠦᠨ ᠲᠤᠰᠠᠯᠠᠬᠤ ᠪᠣᠯᠤᠨ᠎ᠠ ᠭᠡᠵᠦ ᠲᠠᠢᠯᠪᠤᠷᠢᠯᠠᠨ᠎ᠠ᠃
— ᠶᠠᠭᠠᠬᠢᠵᠤ? ᠶᠠᠭᠠᠬᠢᠭᠠᠳ? ᠭᠡᠵᠦ ᠺᠢᠫᠴᠡᠺ ᠦ᠋ᠳ ᠨᠢᠭᠡ ᠵᠡᠷᠭᠡ ᠪᠡᠷ ᠠᠰᠠᠭᠤᠵᠠᠭᠠᠪᠠ᠃
— ᠴᠢᠮᠠᠲᠤ ᠬᠡᠷᠡᠭ ᠲᠡᠢ ᠲᠡᠢᠮᠦ ᠮᠣᠷᠢ ᠶ᠋ᠢ ᠭᠠᠭᠴᠠᠬᠠᠨ ᠺᠶᠥ᠋ᠯᠺᠡᠨ (ᠭᠦᠯᠭᠡᠨ) ᠬᠠᠭᠠᠰ ᠥᠭᠴᠦ ᠴᠢᠳᠠᠨ᠎ᠠ᠃ ᠰᠠᠯᠬᠢ ᠰᠢᠭ᠋ ᠬᠤᠷᠳᠤᠨ ᠮᠣᠷᠢ ᠭᠠᠭᠴᠠᠬᠠᠨ ᠲᠡᠭᠦᠨ ᠳ᠋ᠦ᠍ ᠪᠣᠢ᠃ ᠲᠡᠷᠡ ᠮᠣᠷᠢ ᠪᠠᠨ ᠶᠡᠬᠡᠳᠡ ᠬᠠᠢᠷᠠᠯᠠᠨ ᠬᠠᠮᠠᠭᠠᠯᠠᠳᠠᠭ ᠪᠣᠯᠪᠠᠴᠤ ᠠᠷᠢᠬᠢ ᠤᠤᠭᠤᠬᠤ ᠳ᠋ᠠᠭᠠᠨ ᠶᠡᠬᠡ ᠥᠭᠯᠢᠭᠡᠴᠢ ᠶᠤᠮ᠃ ᠬᠠᠷ᠎ᠠ ᠬᠥᠮᠥᠰᠬᠡ ᠲᠡᠢ ᠣᠷᠣᠰ ᠬᠥᠭᠡᠷᠦᠬᠦᠨ ᠬᠡᠦᠬᠡᠨ ᠢ᠋ ᠣᠯᠵᠠᠯᠠᠨ ᠣᠯᠤᠭᠠᠳ ᠺᠶᠦᠯᠺᠡᠨ (ᠬᠥᠯᠭᠡᠨ ) ᠬᠠᠭᠠᠨ ᠳ᠋ᠤ᠌ ᠪᠡᠯᠡᠭ ᠪᠣᠯᠭᠠᠨ ᠪᠠᠷᠢᠪᠠᠯ ᠲᠡᠷᠡ ᠴᠢᠮᠠᠲᠤ ᠮᠣᠷᠢ ᠪᠠᠨ ᠪᠡᠯᠡᠭᠯᠡᠨ᠎ᠡ᠃
— ᠪᠡᠯᠡᠭ ᠪᠣᠯᠭᠠᠨ ᠡᠰᠡ ᠥᠭᠭᠦᠭᠰᠡᠨ ᠴᠦ᠍ ᠵᠥᠪᠬᠡᠨ ᠮᠢᠨᠦ ᠬᠣᠩᠭᠣᠷ ᠬᠡᠭᠡᠷ ᠦ᠋ᠨ ᠬᠣᠢᠨ᠎ᠠ ᠠ᠋ᠴᠠ ᠨᠡᠬᠡᠬᠦ ᠳ᠋ᠦ᠍ ᠥᠭᠬᠦ ᠰᠢᠦ  ᠳ᠋ᠠ᠁ ᠭᠡᠵᠦ ᠲᠶᠥ᠋ᠯᠶᠡᠪ— ᠪᠢᠷᠭ᠌ᠸᠡ ᠭᠠᠰᠢᠭᠤᠨ ᠢ᠋ᠶ᠋ᠠᠷ ᠳᠤᠤᠭᠠᠷᠪᠠ᠃
— ᠪᠢᠲᠡᠭᠡᠢ ᠯᠡ ᠣᠷᠣᠰ ᠤ᠋ᠳ ᠲᠸ᠋ ᠬᠣᠶᠠᠳᠤᠭᠠᠷ ᠮᠣᠷᠢ ᠪᠠᠨ ᠪᠤᠯᠢᠶᠠᠯᠭᠠᠯ ᠦᠭᠡᠢ ᠪᠣᠯᠭᠣᠮᠵᠢᠯᠠᠭᠲᠤᠨ᠂ ᠪᠤᠷᠬᠠᠨ ᠪᠤᠤ ᠥᠭᠲᠦᠭᠡᠢ! ᠪᠤᠷᠬᠠᠨ ᠪᠤᠤ ᠥᠭᠲᠦᠭᠡᠢ! ᠭᠡᠵᠦ ᠮᠦᠯᠯᠡ ᠵᠠᠯᠪᠠᠷᠢᠨ᠎ᠠ᠃

ᠵᠠᠭᠤᠲᠤ ᠶ᠋ᠢᠨ ᠳᠠᠷᠤᠭ᠎ᠠ ᠲᠶᠥ᠋ᠯᠶᠡᠪ— ᠪᠢᠷᠬ᠌ᠸᠨ ᠲᠤᠰᠠᠯᠠᠮᠵᠢ ᠡᠷᠢᠬᠦ ᠪᠡᠷ ᠺᠶᠥ᠋ᠯᠺᠡᠨ (ᠭᠦᠯᠭᠡᠨ ) ᠬᠠᠭᠠᠨ ᠳ᠋ᠤ᠌ ᠣᠴᠢᠪᠠ᠃ ᠲᠡᠭᠦᠨ ᠢ᠋ ᠤᠳᠠᠭᠠᠨ ᠢ᠋ᠶ᠋ᠠᠷ ᠦᠨᠡᠮᠰᠢᠭᠦᠯᠦᠨ ᠬᠡᠯᠡᠭᠰᠡᠨ ᠦ᠌ ᠬᠣᠢᠨ᠎ᠠ ᠰᠠᠶᠢ ᠴᠠᠰᠤᠨ ᠳ᠋ᠤ᠌ ᠳᠠᠷᠤᠭᠳᠠᠭᠰᠠᠨ ᠬᠣᠶᠠᠷ ᠮᠠᠨᠠᠭᠠᠴᠢ ᠭᠡᠷ ᠲᠦ᠍ ᠣᠷᠣᠭᠤᠯᠪᠠ᠃ ᠬᠠᠷ᠎ᠠ ᠮᠣᠳᠣᠨ ᠤ᠋ ᠭᠠᠯ ᠤ᠋ᠨ ᠬᠣᠢᠨ᠎ᠠ᠂ ᠪᠠᠷᠰ ᠤ᠋ᠨ ᠠᠷᠠᠰᠤᠨ ᠬᠡᠪᠢᠰ ᠳᠡᠭᠡᠷ᠎ᠡ ᠶᠡᠬᠡ ᠡᠵᠡᠨ ᠦ᠌ ᠭᠡᠷᠡᠯᠲᠦ ᠬᠦᠦ ᠰᠠᠭᠤᠨ᠎ᠠ᠃ ᠡᠵᠡᠨ ᠦ᠌ ᠵᠡᠭᠦᠨ ᠲᠠᠯ᠎ᠠ ᠳ᠋ᠤ᠌ ᠵᠢᠷᠭᠤᠭᠠᠨ ᠮᠢᠩᠭᠠᠲᠤ ᠶ᠋ᠢᠨ ᠳᠠᠷᠤᠭ᠎ᠠ ᠨᠠᠷ ᠰᠢᠬᠠᠯᠴᠠᠯᠳᠤᠨ ᠰᠠᠭᠤᠬᠤ ᠪᠥᠭᠡᠳ ᠲᠣᠰᠪᠣᠷᠢ ᠭᠠᠷ ᠲᠠᠭᠠᠨ ᠲᠣᠭᠣᠷᠢᠭ ᠮᠣᠳᠣᠨ ᠠᠶᠠᠭ᠎ᠠ ᠪᠠᠷᠢᠵᠠᠢ᠃ ᠭᠤᠲᠤᠯ ᠦᠭᠡᠢ ᠣᠢᠮᠣᠰᠤ ᠲᠠᠢ ᠠᠶᠠᠭᠠᠴᠢᠳ ᠲᠣᠭᠣᠭᠠᠨ ᠤ᠋ ᠳᠡᠷᠭᠡᠳᠡ ᠬᠡᠪᠢᠰ ᠦ᠋ᠨ ᠳᠡᠭᠡᠷ᠎ᠡ ᠰᠢᠨᠠᠭ᠎ᠠ ᠪᠠᠷᠢᠨ ᠠᠭᠠᠭ ᠲᠠᠢ ᠴᠠᠢ ᠲᠡᠳᠡᠨ ᠦ᠌ ᠮᠣᠳᠣᠨ ᠠᠶᠠᠭᠠᠨ ᠳ᠋ᠤ᠌ ᠬᠢᠵᠦ ᠥᠭᠭᠦᠨ᠎ᠡ᠃ ᠲᠶᠦᠯᠶᠡᠪ— ᠪᠢᠷᠬ᠌ᠸᠨ ᠥᠪᠡᠷ ᠦ᠋ᠨ ᠪᠡᠶ᠎ᠡ ᠶ᠋ᠢ ᠬᠥᠬᠡ ᠮᠥᠩᠭᠥᠨ ᠲᠩᠷᠢ ᠶ᠋ᠢᠨ ᠵᠠᠮ ᠳ᠋ᠤ᠌ ᠪᠦᠷᠢᠨ ᠥᠭᠭᠦᠭᠰᠡᠨ ᠲᠡᠮᠳᠡᠭ ᠢ᠋ ᠦᠵᠡᠭᠦᠯᠦᠨ ᠦᠰᠦᠲᠡᠢ ᠮᠠᠯᠠᠭᠠᠢ ᠪᠠᠨ ᠠᠪᠴᠤ᠂ ᠪᠦᠰᠡ ᠪᠡᠨ ᠬᠦᠵᠦᠭᠦᠨ ᠳ᠋ᠡᠭᠡᠨ ᠵᠡᠭᠦᠭᠡᠳ ᠲᠥᠯᠥᠪ ᠪᠠᠢᠳᠠᠯ ᠢ᠋ᠶ᠋ᠠᠷ ᠬᠦᠯᠢᠶᠡᠨ ᠵᠣᠭᠰᠣᠨ᠎ᠠ᠃

ᠺᠶᠦᠯᠺᠡᠨ (ᠬᠥᠯᠭᠡᠨ) ᠥᠪᠡᠷ ᠦ᠋ᠨ ᠶᠡᠬᠡᠮᠰᠦᠭ ᠪᠠᠢᠳᠠᠯ ᠢ᠋ ᠦᠵᠡᠭᠦᠯᠦᠨ᠂ ᠶᠠᠷᠢᠶ᠎ᠠ ᠶᠤᠭᠠᠨ ᠦᠷᠭᠦᠯᠵᠢᠯᠡᠭᠦᠯᠦᠨ᠎ᠡ᠃

ᠨᠡᠯᠢᠶᠡᠳ ᠤᠳᠠᠭᠰᠠᠨ ᠤ᠋ ᠬᠣᠢᠨ᠎ᠠ ᠲᠡᠷᠡ᠂ ᠬᠡᠷᠡᠭ ᠮᠡᠳᠡᠭᠦᠯᠬᠦ ᠪᠡᠷ ᠢᠷᠡᠭᠴᠢ ᠶ᠋ᠢ ᠦᠵᠡᠭᠡᠳ᠂
— ᠵᠣᠷᠢᠭᠲᠤ ᠪᠠᠭᠠᠲᠤᠷ ᠲᠶᠦᠯᠶᠡᠪ— ᠪᠢᠷᠬ᠌ᠸᠨ ᠴᠢᠨᠦ ᠬᠦᠰᠡᠵᠦ ᠮᠡᠳᠡᠭᠦᠯᠬᠦ ᠵᠦᠢᠯ ᠶᠠᠭᠤ ᠪᠣᠢ? ᠨᠠᠰᠢ ᠪᠠᠨ ᠣᠷᠣᠵᠤ ᠢᠷᠡᠲᠦᠭᠡᠢ ᠭᠡᠪᠡ᠃
— ᠪᠢ ᠪᠣᠯ ᠴᠢᠨᠦ ᠠᠯᠪᠠᠲᠤ ᠬᠥᠮᠦᠨ᠂ ᠭᠠᠭᠴᠠᠬᠠᠨ ᠴᠢ ᠨᠠᠮᠠᠶ᠋ᠢ ᠠᠪᠤᠷᠠᠵᠤ ᠴᠢᠳᠠᠨ᠎ᠠ᠃ ᠡᠭᠦᠨ ᠳ᠋ᠦ᠍ ᠬᠡᠷᠪᠡ ᠴᠢ ᠲᠤᠰᠠᠯᠠᠬᠤ ᠦᠭᠡᠢ ᠪᠣᠯ ᠪᠢ ᠲᠤᠯᠤᠯᠳᠤᠭᠠᠨ ᠳ᠋ᠤ᠌ ᠰᠢᠭᠤᠳ ᠣᠷᠣᠭᠠᠳ ᠰᠡᠯᠡᠮ᠎ᠡ ᠪᠡᠨ ᠣᠷᠣᠰ ᠤ᠋ᠳ ᠲᠸ᠋ ᠰᠢᠯᠵᠢᠭᠦᠯᠦᠨ᠎ᠡ᠃ ᠬᠡᠷᠪᠡ ᠪᠢ ᠥᠪᠡᠷ ᠲᠡᠭᠡᠨ ᠰᠠᠢᠨ ᠵᠠᠮ ᠢ᠋ ᠭᠠᠷᠭᠠᠵᠤ ᠴᠢᠳᠠᠬᠤ ᠦᠭᠡᠢ ᠪᠣᠯ ᠦᠬᠦᠭᠰᠡᠨ ᠨᠢ ᠳᠡᠭᠡᠷ᠎ᠡ ᠪᠠᠢᠨ᠎ᠠ᠃
— ᠴᠢ ᠶᠠᠭᠤᠨ ᠤ᠋ ᠲᠤᠬᠠᠢ ᠪᠠᠴᠢᠮᠳᠠᠨ᠎ᠠ ᠪᠣᠢ᠁ ᠭᠡᠵᠦ ᠭᠠᠢᠬᠠᠮᠰᠢᠭ ᠲᠤᠷᠰᠢᠯᠭᠠᠲᠤ ᠪᠠᠭᠠᠲᠤᠷ ᠵᠠᠩᠵᠤᠨ ᠴᠢᠩᠭᠢᠰ ᠬᠠᠭᠠᠨ ᠤ᠋ ᠬᠠᠭᠤᠴᠢᠨ ᠵᠢᠳᠬᠦᠯᠲᠡᠨ ᠪᠣᠷᠣᠨᠲᠠᠢ ᠬᠡᠯᠡᠷᠦᠨ᠂
— ᠴᠢᠨᠦ ᠨᠠᠰᠤ ᠵᠠᠯᠠᠭᠤ ᠪᠣᠯᠪᠠᠴᠤ ᠴᠢ ᠮᠡᠷᠭᠡᠨ ᠴᠠᠪᠴᠢᠭᠴᠢ ᠪᠥᠭᠡᠳ ᠮᠡᠷᠭᠡᠵᠢᠯᠲᠡᠢ ᠲᠠᠩᠨᠠᠭᠤᠯᠴᠢ ᠭᠡᠳ ᠮᠠᠨ ᠤ᠋ ᠬᠢᠨ ᠳ᠋ᠦ᠍ ᠨᠢᠭᠡᠨᠲᠡ ᠲᠡᠮᠳᠡᠭᠯᠡᠭᠳᠡᠭᠰᠡᠨ ᠬᠥᠮᠦᠨ ᠰᠢᠦ᠃ ᠡᠬᠢᠯᠡᠭᠰᠡᠨ ᠵᠠᠮ ᠢ᠋ᠶ᠋ᠠᠨ ᠦᠷᠭᠦᠯᠵᠢᠯᠡᠭᠦᠯ᠂ ᠰᠢᠨ᠎ᠡ ᠭᠠᠪᠢᠶ᠎ᠠ ᠪᠠᠢᠭᠤᠯᠤᠭᠲᠤᠨ ᠭᠡᠪᠡ᠃
— ᠡᠨᠡ ᠪᠦᠬᠦᠨ ᠵᠥᠪ᠂ ᠬᠠᠷᠢᠨ ᠣᠳᠣ ᠪᠣᠯᠬᠤ ᠳ᠋ᠤ᠌ ᠰᠡᠯᠡᠮ᠎ᠡ ᠶ᠋ᠢ ᠵᠥᠪ ᠡᠷᠭᠦᠵᠦ ᠳᠠᠢᠰᠤᠨ ᠤ᠋ ᠲᠣᠯᠣᠭᠠᠢ ᠶ᠋ᠢ ᠨᠢᠭᠡ ᠳᠠᠯᠠᠢᠯᠲᠠ ᠪᠠᠷ ᠴᠠᠪᠴᠢᠨ ᠤᠨᠠᠭᠠᠵᠤ ᠴᠢᠳᠠᠬᠤ ᠦᠭᠡᠢ᠂ ᠰᠠᠷᠠ ᠮᠡᠲᠦ ᠵᠠᠯᠠᠭᠤᠰ ᠪᠦᠬᠦᠨ ᠨᠠᠮᠠᠶ᠋ᠢ ᠦᠵᠡᠬᠦ ᠶ᠋ᠢᠨ ᠬᠠᠮᠲᠤ ᠡᠯᠰᠡᠭᠦᠯᠬᠦ ᠪᠣᠯᠤᠭᠰᠠᠨ ᠪᠠᠢᠨ᠎ᠠ᠃
— ᠲᠡᠭᠡᠭᠡᠳ ᠴᠢ ᠶᠠᠭᠤ ᠬᠦᠰᠡᠵᠦ ᠪᠠᠢᠨ᠎ᠠ? ᠭᠡᠵᠦ ᠺᠶᠥ᠋ᠯᠺᠡᠨ (ᠬᠥᠯᠭᠡᠨ ) ᠬᠠᠭᠠᠨ ᠠᠰᠠᠭᠤᠪᠠ᠃
— ᠦᠨᠡᠨ ᠶᠡᠬᠡ ᠥᠷᠥᠰᠢᠶᠡᠯ ᠢ᠋ ᠭᠤᠶᠤᠨ᠎ᠠ᠁ ᠺᠤᠯᠤᠮᠤᠨ ᠤ᠋ ᠴᠠᠢᠵᠠᠨ ᠠ᠋ᠴᠠ ᠡᠳᠦᠷ ᠪᠦᠬᠦᠨ ᠣᠷᠣᠰ ᠤ᠋ᠨ ᠮᠣᠷᠢᠲᠤ ᠴᠡᠷᠢᠭ ᠦ᠋ᠳ ᠦ᠋ᠨ ᠬᠠᠮᠲᠤ ᠨᠠᠳᠠ ᠠ᠋ᠴᠠ ᠬᠤᠯᠠᠭᠠᠢᠯᠠᠭᠰᠠᠨ ᠬᠡᠭᠡᠷ ᠮᠣᠷᠢ ᠶ᠋ᠢ ᠤᠨᠤᠭᠰᠠᠨ ᠨᠢᠭᠡ ᠵᠠᠯᠠᠭᠤ ᠣᠷᠣᠰ ᠭᠠᠷᠴᠤ ᠶᠠᠪᠤᠨ᠎ᠠ᠃ ᠡᠭᠦᠨ ᠳ᠋ᠦ᠍ ᠮᠢᠨᠦ ᠵᠢᠷᠦᠬᠡ ᠪᠠᠴᠢᠮᠳᠠᠭᠠᠳ ᠪᠣᠯᠬᠤ ᠦᠭᠡᠢ ᠨᠢ᠂
— ᠴᠡᠷᠢᠭ ᠦ᠋ᠨ ᠬᠥᠮᠦᠨ᠂ ᠳᠠᠢᠰᠤᠨ ᠤ᠋ ᠬᠡᠨ ᠨᠢᠭᠡᠨ ᠡᠲᠡᠭᠡᠳ ᠲᠡᠭᠦᠨ ᠦ᠌ ᠮᠣᠷᠢ ᠶ᠋ᠢ ᠤᠨᠤᠵᠤ ᠶᠠᠪᠤᠬᠤ ᠶ᠋ᠢ ᠲᠡᠰᠪᠦᠷᠢᠯᠡᠨ ᠥᠩᠭᠡᠷᠡᠭᠦᠯᠵᠦ ᠪᠣᠯᠬᠤ ᠪᠢᠯᠢᠤ᠂ ᠲᠡᠭᠦᠨ ᠢ᠋ ᠪᠠᠷᠢᠵᠤ ᠠᠪᠤᠭᠠᠳ ᠠᠯᠠᠰᠤᠭᠠᠢ᠃
— ᠴᠢ ᠥᠪᠡᠷ ᠦ᠋ᠨ ᠦᠨᠡᠨᠴᠢ ᠠᠯᠪᠠᠲᠤ ᠶ᠋ᠢᠨ ᠲᠠᠯ᠎ᠠ ᠳ᠋ᠤ᠌ ᠰᠠᠨᠠᠭ᠎ᠠ ᠶ᠋ᠢ ᠪᠢᠴᠢᠭ ᠤᠩᠰᠢᠵᠤ ᠪᠠᠢᠭ᠎ᠠ ᠮᠡᠲᠦ ᠭᠠᠷᠭᠠᠵᠤ ᠪᠠᠢᠬᠤ ᠪᠥᠭᠡᠳ ᠪᠢ ᠴᠣᠬᠣᠮ ᠶᠠᠭᠤᠨ ᠤ᠋ ᠲᠤᠬᠠᠢ ᠬᠦᠰᠡᠵᠦ ᠭᠤᠶᠤᠬᠤ ᠶ᠋ᠢ ᠮᠡᠳᠡᠵᠦ ᠪᠠᠢᠨ᠎ᠠ ᠤᠤ?
— ᠪᠢ ᠪᠦᠭᠦᠳᠡ ᠶ᠋ᠢ ᠮᠡᠳᠡᠨ᠎ᠡ᠃ ᠰᠢᠳᠤᠷᠭᠤ ᠲᠶᠥ᠋ᠯᠶᠠᠪ— ᠪᠢᠷᠭ᠌ᠸᠨ ᠳ᠋ᠦ᠍ ᠠᠶᠠᠭ᠎ᠠ ᠴᠠᠢ ᠥᠭ᠃ ᠪᠢ ᠲᠡᠷᠡ ᠰᠢᠷᠦᠭᠦᠨ ᠠᠭᠤᠷᠲᠠᠢ ᠣᠷᠣᠰ ᠢ᠋ ᠠᠪᠠᠯᠠᠨ ᠪᠠᠷᠢᠬᠤ ᠶᠠᠪᠤᠳᠠᠯ ᠢ᠋ ᠵᠣᠬᠢᠶᠠᠶ᠎ᠠ᠃ ᠮᠣᠷᠢ ᠪᠠ ᠲᠡᠭᠦᠨ ᠢ᠋ ᠠᠮᠢᠳᠤ ᠪᠠᠷ ᠨᠢ ᠪᠠᠷᠢᠵᠤ ᠠᠪᠬᠤ ᠬᠡᠷᠡᠭᠲᠡᠢ᠃ ᠮᠢᠨᠦ ᠰᠢᠯᠢᠳᠡᠭ ᠰᠠᠢᠨ ᠮᠣᠷᠢᠳ ᠲᠠᠢ ᠳᠥᠴᠢᠨ ᠴᠡᠷᠢᠭ ᠢ᠋ ᠴᠢᠮᠠᠲᠤ ᠦᠭᠭᠦᠶ᠎ᠡ᠃ ᠴᠢ ᠲᠡᠭᠦᠨ ᠢ᠋ ᠭᠣᠣᠯ ᠤ᠋ᠨ ᠬᠠᠵᠠᠭᠤ ᠳ᠋ᠤ᠌ ᠲᠣᠰᠪᠣᠷᠢ ᠭᠤᠷᠪᠠᠨ ᠵᠠᠭᠤᠨ ᠠᠯᠬᠤᠮ ᠤ᠋ᠨ ᠵᠠᠢᠲᠠᠢ ᠳᠥᠷᠪᠡ ᠳᠥᠷᠪᠡ ᠪᠡᠷ ᠨᠢ ᠵᠢᠭᠰᠠᠭ᠎ᠠ᠂ ᠲᠡᠭᠡᠭᠡᠳ ᠣᠷᠣᠰ ᠴᠡᠷᠢᠭ ᠦ᠋ᠳ ᠬᠠᠭᠠᠯᠭ᠎ᠠ ᠪᠠᠷ ᠭᠠᠷᠬᠤ ᠶ᠋ᠢᠨ ᠬᠠᠮᠲᠤ ᠮᠢᠨᠦ ᠬᠡᠳᠦᠨ ᠵᠠᠭᠤᠨ ᠮᠣᠷᠢᠲᠤ ᠴᠡᠷᠢᠭ ᠲᠡᠭᠦᠨ ᠦ᠌ ᠳᠤᠮᠳᠠ ᠳᠠᠭᠠᠷᠢᠨ ᠣᠷᠣᠭᠠᠳ ᠰᠠᠷᠨᠢᠭᠤᠯᠤᠨ᠂ ᠲᠡᠷᠡ ᠵᠠᠯᠠᠭᠤ ᠶ᠋ᠢ ᠬᠠᠵᠠᠭᠤ ᠲᠡᠰᠢ ᠨᠢ ᠰᠠᠯᠭᠠᠨ ᠬᠥᠭᠡᠭᠡᠬᠦ ᠪᠣᠯᠤᠨ᠎ᠠ᠃ ᠠᠩᠴᠢᠳ ᠤᠷᠭ᠎ᠠ  ᠶ᠋ᠢ ᠪᠡᠯᠡᠳᠬᠡᠨ ᠲᠡᠷᠡ ᠬᠡᠦᠬᠡᠳ ᠦ᠋ᠨ ᠬᠣᠢᠨ᠎ᠠ ᠠ᠋ᠴᠠ ᠬᠥᠬᠡᠭᠡ ᠴᠠᠭ ᠲᠤ᠌ ᠲᠡᠷᠡᠬᠦ ᠳᠥᠷᠪᠡᠨ ᠳᠥᠷᠪᠡ ᠪᠡᠷ ᠴᠤᠪᠤᠷᠠᠭᠤᠯᠤᠨ ᠲᠠᠯᠪᠢᠭᠰᠠᠨ ᠮᠣᠷᠢᠲᠤ ᠴᠡᠷᠢᠭ ᠤᠯᠠᠮ ᠪᠦᠷ ᠨᠡᠮᠡᠭᠳᠡᠨ ᠬᠥᠭᠡᠭᠡᠨ᠎ᠡ᠃ ᠡᠭᠦᠨ ᠡᠴᠡ ᠬᠠᠮᠤᠭ ᠤ᠋ᠨ ᠰᠠᠢᠨ ᠮᠣᠷᠢ ᠴᠤ᠌ ᠭᠠᠷᠴᠤ ᠴᠢᠳᠠᠬᠤ ᠦᠭᠡᠢ᠂ ᠲᠡᠷᠡ ᠴᠤᠴᠠᠵᠤ ᠶᠠᠳᠠᠷᠠᠭᠰᠠᠨ ᠮᠣᠷᠢ ᠶ᠋ᠢ ᠲᠡᠳᠡ ᠤᠷᠭ᠎ᠠ ᠪᠠᠷ ᠪᠠᠷᠢᠵᠤ ᠠᠪᠤᠨ᠎ᠠ᠁
— ᠴᠢ ᠪᠣᠯ ᠠᠭᠤᠤ ᠶᠡᠬᠡ ᠥᠭᠯᠢᠭᠡᠴᠢ ᠬᠥᠮᠦᠨ ᠶᠤᠮ᠃   
— ᠲᠡᠭᠡᠭᠡᠳ ᠲᠡᠷᠡ ᠬᠡᠦᠬᠡᠳ ᠢ᠋ ᠪᠢ ᠥᠪᠡᠷ ᠢ᠋ᠶ᠋ᠡᠨ ᠪᠠᠢᠴᠠᠭᠠᠨ᠎ᠠ᠃ ᠬᠠᠷᠢᠨ ᠲᠡᠷᠡ ᠦᠨᠡᠨ ᠢ᠋ᠶ᠋ᠡᠨ ᠬᠡᠯᠡᠬᠦ ᠶ᠋ᠢᠨ ᠲᠤᠯᠠᠳᠠ ᠲᠶᠥ᠋ᠯᠶᠠᠪ— ᠪᠢᠷᠭ᠌ᠸᠨ ᠴᠢ ᠨᠡᠭᠦᠷᠡᠰᠦᠨ ᠦ᠌ ᠴᠣᠭ ᠢ᠋ ᠲᠡᠭᠦᠨ ᠦ᠌ ᠨᠢᠷᠤᠭᠤᠨ ᠳᠡᠭᠡᠷ᠎ᠡ ᠲᠠᠯᠪᠢᠵᠤ ᠪᠠᠢᠭᠠᠷᠠᠢ᠃ ᠡᠨᠡ ᠬᠦᠦ ᠵᠤᠭᠠᠲᠠᠢ ᠠᠩ ᠬᠢᠬᠦ ᠳ᠋ᠦ᠍ ᠪᠢ ᠴᠢᠮᠠᠲᠤ ᠰᠢᠯᠢᠳᠡᠭ ᠰᠠᠢᠨ ᠮᠣᠷᠢ ᠥᠭᠭᠦᠨ᠎ᠡ᠃
— ᠪᠢ ᠪᠦᠬᠦ ᠨᠠᠰᠤᠨ ᠳ᠋ᠠᠭᠠᠨ ᠴᠢᠨᠦ ᠠᠯᠪᠠᠲᠤ ᠪᠠᠢᠨ᠎ᠠ᠃

    ᠦᠰᠦᠭ ᠠᠮᠢᠯᠠᠭᠤᠯᠤᠭᠴᠢ᠄ ᠠᠯᠲᠠᠨᠴᠢᠮᠡᠭ 2᠂ ᠬᠦᠳᠠᠭᠠᠭᠤᠯᠠ 2᠂ ᠮᠡᠷᠭᠡᠨᠭᠣᠸ᠎ᠠ 2᠂ ᠪᠠᠶᠠᠨᠴᠡᠴᠡᠭ1᠂ ᠭᠡᠷᠡᠯ1᠂ ᠬᠡᠷᠡᠶ᠋ᠢᠳ᠂ ᠮᠥᠩᠬᠡᠨᠠᠰᠤᠨ1
    ᠬᠢᠨᠠᠭᠴᠢ᠄ ᠵᠢᠩᠯᠢᠬᠤᠸᠠᠷ 5᠂ ᠪᠠᠯ 2᠂ ᠲ᠂ ᠬᠦᠮᠦᠵᠢᠯᠲᠦ 1
    ᠶᠡᠷᠦᠩᠬᠡᠢ ᠬᠢᠨᠠᠭᠴᠢ᠄  ᠠᠷᠢᠭᠤᠨ 9᠂ ᠠᠯᠲᠠᠨᠴᠢᠮᠡᠭ 9