ᠪᠠᠲᠤ ᠬᠠᠭᠠᠨ 6-06ᠪᠠᠲᠤ ᠬᠠᠭᠠᠨ ᠬᠠᠷᠢ ᠭᠠᠵᠠᠷ ᠤ᠋ᠨ ᠬᠤᠳᠠᠯᠳᠤᠭᠠᠴᠢᠳ ᠢ᠋ ᠡᠷᠭᠢᠯᠡᠭᠦᠯᠵᠦ ᠪᠠᠢᠨ᠎ᠠ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ
ᠵᠢᠷᠭᠤᠭ᠎ᠠ᠂ ᠪᠠᠲᠤ ᠬᠠᠭᠠᠨ ᠬᠠᠷᠢ ᠭᠠᠵᠠᠷ ᠤ᠋ᠨ ᠬᠤᠳᠠᠯᠳᠤᠭᠠᠴᠢᠳ ᠢ᠋ ᠡᠷᠭᠢᠯᠡᠭᠦᠯᠵᠦ ᠪᠠᠢᠨ᠎ᠠ
ᠪᠠᠲᠤ ᠬᠠᠭᠠᠨ ᠮᠣᠰᠺᠸᠠ ᠳ᠋ᠤ᠌ ᠬᠠᠮᠤᠭ ᠤ᠋ᠨ ᠲᠦᠷᠦᠭᠦᠨ ᠳ᠋ᠦ᠍ ᠣᠷᠣᠬᠤ ᠪᠠᠷ ᠶᠠᠭᠠᠷᠠᠪᠴᠢᠯᠠᠭᠰᠠᠨ ᠬᠥᠮᠦᠨ ᠶᠤᠮ᠃
— ᠡᠨᠡ ᠯᠠᠪ ᠰᠢᠨ᠎ᠡ ᠬᠣᠲᠠ ᠭᠡᠵᠦ ᠪᠣᠯᠭᠠᠷᠢ ᠶ᠋ᠢᠨ ᠬᠤᠳᠠᠯᠳᠤᠭᠠᠴᠢᠳ ᠤ᠋ᠨ ᠬᠡᠯᠡᠭᠰᠡᠨ ᠨᠢ ᠲᠡᠭᠦᠨ ᠦ᠌ ᠣᠷᠴᠢᠮ ᠣᠷᠣᠰ ᠨᠤᠲᠤᠭ ᠤ᠋ᠨ ᠤᠰᠤᠨ ᠵᠠᠮ ᠤ᠋ᠨ ᠠᠭᠤᠯᠵᠠᠪᠤᠷᠢ ᠣᠷᠣᠰᠢᠳᠠᠭ ᠪᠠᠶᠠᠨ ᠸᠯᠡᠳᠢᠮᠢᠷ ᠪᠠ ᠪᠣᠯᠭᠠᠷᠢ ᠳ᠋ᠤ᠌ ᠣᠳᠬᠤ ᠪᠠᠷ ᠶᠠᠪᠤᠭ᠎ᠠ ᠣᠯᠠᠨ ᠣᠷᠣᠨ ᠤ᠋ ᠬᠤᠳᠠᠯᠳᠤᠭᠠᠴᠢᠳ ᠲᠡᠨᠳᠡ ᠵᠠᠷᠢᠮ ᠳ᠋ᠠᠭᠠᠨ ᠪᠠᠭᠤᠳᠠᠯᠯᠠᠵᠤ ᠵᠣᠭᠰᠣᠳᠠᠭ ᠶᠤᠮ᠃
ᠬᠠᠭᠠᠨ᠂ ᠴᠢᠩᠭᠢᠰ ᠦ᠋ᠨ ᠪᠤᠰᠤᠳ ᠬᠠᠭᠠᠳ ᠢ᠋ ᠮᠣᠰᠺᠸᠠ ᠳ᠋ᠤ᠌ ᠣᠷᠣᠭᠤᠯᠬᠤ ᠦᠭᠡᠢ ᠭᠡᠵᠦ ᠰᠢᠢᠳᠪᠦᠷᠢᠯᠡᠪᠡ᠃ ᠬᠣᠲᠠ ᠶ᠋ᠢ ᠶᠠᠮᠠᠷ ᠴᠥ᠍ ᠠᠰᠢᠭ ᠦᠭᠡᠢ ᠡᠪᠳᠡᠨ ᠰᠦᠢᠳᠬᠡᠬᠦ ᠪᠣᠯᠤᠨ᠎ᠠ᠃ ᠬᠠᠷᠢᠨ ᠡᠨᠡ ᠬᠣᠲᠠ ᠨᠠᠳᠠᠳᠤ ᠬᠡᠷᠡᠭ ᠲᠡᠢ ᠪᠣᠯᠵᠤ ᠮᠠᠭᠠᠳ ᠦᠭᠡᠢ᠃ ᠪᠠᠲᠤ ᠬᠠᠭᠠᠨ ᠮᠣᠰᠺᠸᠠ ᠶ᠋ᠢᠨ ᠲᠤᠬᠠᠢ ᠲᠤᠰᠬᠠᠢ ᠪᠣᠳᠣᠯᠭ᠎ᠠ ᠲᠥᠯᠥᠪᠯᠡᠭᠡ ᠲᠡᠢ ᠪᠠᠢᠭᠰᠠᠨ ᠪᠥᠭᠡᠳ ᠲᠡᠭᠦᠨ ᠢ᠋ ᠳᠠᠭᠤ ᠴᠥᠭᠡᠨ ᠲᠡᠢ ᠰᠥᠪᠡᠭᠡᠳᠡᠢ ᠪᠠᠭᠠᠲᠤᠷ ᠲᠤ᠌ ᠨᠢᠭᠡ ᠪᠤᠰᠤ ᠤᠳᠠᠭ᠎ᠠ ᠶᠠᠷᠢᠵᠤ ᠪᠠᠢᠵᠤ ᠪᠢᠯᠡ᠃
ᠲᠡᠭᠡᠬᠦ ᠳ᠋ᠦ᠍ ᠰᠥᠪᠡᠭᠡᠳᠡᠢ᠂
— ᠲᠡᠢᠮᠦ ᠠ᠋᠂ ᠣᠴᠢᠵᠤ ᠦᠵᠡᠵᠦ ᠪᠠᠢᠭᠠᠳ ᠪᠣᠯᠤᠶ᠎ᠠ! ᠭᠡᠵᠦ ᠣᠭᠵᠣᠮ ᠢ᠋ᠶ᠋ᠠᠷ ᠬᠠᠷᠢᠭᠤᠯᠳᠠᠭ ᠪᠠᠢᠪᠠ᠃
ᠥᠷᠯᠥᠭᠡ ᠪᠠᠲᠤ ᠬᠠᠭᠠᠨ ᠤ᠋ ᠬᠠᠮᠲᠤ ᠶᠠᠪᠤᠭᠰᠠᠨ ᠲᠡᠷᠢᠭᠦᠨ ᠦ᠌ ᠮᠢᠩᠭᠠᠲᠤ ᠬᠥᠭᠰᠢᠨ ᠨᠠᠷᠠᠰᠤ ᠪᠠᠷ ᠪᠦᠷᠬᠦᠭᠳᠡᠭᠰᠡᠨ ᠡᠭᠴᠡ ᠥᠨᠳᠥᠷ ᠡᠷᠭᠢ ᠬᠦᠷᠪᠡ᠃ ᠲᠡᠷᠡ ᠡᠷᠭᠢ ᠶ᠋ᠢᠨ ᠬᠠᠶᠠᠭᠠᠨ ᠤ᠋ ᠬᠥᠯᠳᠡᠭᠦᠦ ᠮᠥᠰᠥᠨ ᠦ᠌ ᠳᠣᠭᠤᠤᠷ ᠬᠠᠷᠠᠵᠠ ᠭᠣᠣᠯ ᠤᠷᠤᠰᠤᠨ᠎ᠠ᠃
ᠭᠣᠣᠯ ᠤ᠋ᠨ ᠨᠥᠭᠦᠭᠡ ᠡᠷᠭᠢ ᠳᠡᠭᠡᠷ᠎ᠡ ᠳ᠋ᠥ᠋ᠨᠵᠡᠨ ᠮᠣᠳᠣᠨ ᠬᠡᠷᠡᠮ ᠢ᠋ᠶ᠋ᠡᠷ ᠬᠦᠷᠢᠶᠡᠯᠡᠭᠳᠡᠭᠰᠡᠨ ᠮᠣᠳᠣᠨ ᠪᠠᠷᠢᠯᠭ᠎ᠠ ᠪᠦᠬᠦᠢ ᠵᠢᠵᠢᠭᠬᠡᠨ ᠬᠣᠲᠠ ᠦᠵᠡᠭᠳᠡᠬᠦ ᠪᠥᠭᠡᠳ ᠲᠡᠭᠦᠨ ᠳ᠋ᠦ᠍ ᠮᠣᠳᠣᠨ ᠵᠢᠵᠢᠭ ᠫᠧᠩ ᠦ᠋ᠳ ᠂ ᠬᠣᠶᠠᠷ ᠡᠷᠢᠶᠡᠨ ᠪᠠᠢᠰᠢᠩ᠂ ᠳᠥᠷᠪᠡᠨ ᠪᠢᠴᠢᠬᠠᠨ ᠰᠦᠮ᠎ᠡ ᠨᠤᠭᠦᠳ ᠢ᠋ ᠶᠠᠮᠠᠷ ᠴᠤ᠌ ᠵᠣᠬᠢᠶᠠᠨ ᠪᠠᠢᠭᠤᠯᠤᠯᠲᠠ ᠦᠭᠡᠢ ᠰᠢᠬᠠᠴᠠᠯᠳᠤᠭᠤᠯᠤᠨ ᠪᠠᠷᠢᠵᠠᠢ᠃ ᠴᠠᠰᠤ ᠳᠠᠷᠤᠭᠰᠠᠨ ᠵᠢᠵᠢᠭᠬᠡᠨ ᠬᠣᠲᠠᠨ ᠤ᠋ ᠮᠣᠳᠣᠨ ᠪᠠᠢᠰᠢᠩ ᠤ᠋ᠳ ᠠ᠋ᠴᠠ ᠰᠤᠭᠤᠨᠠᠭᠯᠠᠨ ᠭᠠᠷᠤᠭᠰᠠᠨ ᠤᠲᠤᠭ᠎ᠠ ᠪᠠᠷ ᠤᠨᠢᠶᠠᠷᠲᠤᠨ ᠬᠠᠷᠠᠭᠳᠠᠨ᠎ᠠ᠃ ᠡᠨᠳᠡ ᠲᠠᠲ᠋ᠠᠷ ᠤ᠋ᠳ ᠢᠷᠡᠨ᠎ᠡ ᠭᠡᠵᠦ ᠣᠭᠲᠣ ᠰᠠᠨᠠᠭ᠎ᠠ ᠦᠭᠡᠢ ᠪᠣᠯᠤᠯᠲᠠᠢ᠂ ᠬᠣᠲᠠ ᠶ᠋ᠢᠨ ᠵᠦᠭ ᠮᠣᠷᠢᠨ ᠲᠡᠷᠭᠡ ᠨᠤᠭᠦᠳ ᠦᠷᠭᠦᠯᠵᠢᠯᠡᠨ ᠶᠠᠪᠤᠵᠤ ᠬᠥᠮᠦᠰ ᠭᠣᠣᠯ ᠤᠷᠤᠭᠤ ᠪᠤᠴᠠᠵᠠᠭᠠᠵᠤ ᠶᠠᠪᠤᠨ᠎ᠠ᠃ ᠡᠬᠡᠨᠡᠷ ᠬᠡᠦᠬᠡᠳ ᠦ᠋ᠳ ᠮᠣᠳᠣᠨ ᠬᠤᠪᠢᠩ ᠲᠠᠢ ᠤᠰᠤ ᠬᠥᠰᠢᠭᠦᠷᠭᠡ ᠪᠡᠷ ᠵᠥᠭᠡᠭᠡᠵᠡᠭᠡᠨᠡ᠃ ᠭᠣᠣᠯ ᠤ᠋ᠨ ᠴᠤᠭᠤᠯᠭ᠎ᠠ ᠶ᠋ᠢᠨ ᠵᠠᠬ᠎ᠠ ᠳᠡᠭᠡᠷ᠎ᠡ ᠲᠣᠮᠣ ᠪᠤᠴᠺ ᠲᠠᠢ ᠴᠢᠷᠭ᠎ᠠ ᠴᠤ᠌ ᠵᠣᠭᠰᠣᠵᠤ ᠪᠠᠢᠨ᠎ᠠ᠃ ᠬᠥᠮᠦᠰ ᠴᠤᠭᠤᠯᠭᠠᠨ ᠠ᠋ᠴᠠ ᠤᠰᠤ ᠠᠪᠠᠴᠢᠵᠤ ᠪᠠᠢᠪᠠ᠃ ᠬᠡᠳᠦᠨ ᠡᠮᠡᠭᠲᠡᠢᠴᠦᠳ ᠴᠤᠭᠤᠯᠭᠠᠨ ᠤ᠋ ᠳᠡᠷᠭᠡᠳᠡ ᠪᠠᠩᠵᠠᠨ ᠳᠡᠭᠡᠷ᠎ᠡ ᠵᠣᠭᠰᠣᠵᠤ ᠶᠠᠭᠤᠮ᠎ᠠ ᠤᠬᠢᠶᠠᠨ᠎ᠠ᠃ ᠭᠣᠣᠯ ᠤ᠋ᠨ ᠡᠷᠭᠢ ᠳᠠᠭᠠᠤ ᠵᠢᠵᠢᠭᠬᠡᠨ ᠬᠠᠷ᠎ᠠ ᠣᠪᠣᠬᠠᠢ ᠨᠤᠭᠤᠳ ᠪᠠᠢᠬᠤ ᠪᠥᠭᠡᠳ ᠲᠡᠭᠦᠨ ᠦ᠌ ᠳᠣᠲᠣᠷ᠎ᠠ ᠠ᠋ᠴᠠ ᠪᠥᠭᠡᠮ ᠪᠥᠭᠡᠮ ᠠᠭᠤᠷ ᠴᠠᠩ ᠭᠠᠷᠴᠤ ᠦᠵᠡᠭᠳᠡᠨ᠎ᠡ᠃ ᠲᠡᠨᠳᠡ ᠡᠴᠡ ᠨᠢᠴᠦᠭᠦᠨ ᠬᠥᠮᠦᠰ ᠭᠠᠷᠴᠤ ᠭᠣᠣᠯ ( ᠤ᠋ᠨ ) ᠴᠤᠭᠤᠯᠭ᠎ᠠ ᠤᠷᠤᠭᠤ ᠭᠦᠶᠦᠯᠳᠦᠨ ᠣᠴᠢᠭᠠᠳ ᠲᠣᠯᠣᠭᠠᠢ ᠪᠠᠨ ᠲᠥᠷᠥᠭᠡᠳ ᠪᠤᠴᠠᠵᠠᠭᠠᠵᠤ ᠦᠵᠡᠭᠳᠡᠨ᠎ᠡ᠃
ᠪᠠᠲᠤ ᠬᠠᠭᠠᠨ ᠲᠡᠷᠡ ᠣᠪᠣᠬᠠᠢ ᠨᠤᠭᠤᠳ ᠤ᠋ᠨ ᠵᠦᠭ ᠲᠠᠰᠢᠭᠤᠷ ᠢ᠋ᠶ᠋ᠠᠷ ᠵᠢᠭᠠᠵᠤ᠂
— ᠡᠨᠡ ᠲᠡᠨᠡᠭ ᠦ᠋ᠳ ᠴᠢᠨᠢ ᠶᠠᠭᠠᠬᠢᠵᠤ ᠪᠠᠢᠭ᠎ᠠ ᠶᠤᠮ ᠪᠣᠢ? ᠭᠡᠬᠦ ᠳ᠋ᠦ᠍᠂
— ᠡᠨᠡ ᠵᠢᠵᠢᠭᠬᠡᠨ ᠪᠠᠢᠰᠢᠩ ᠤ᠋ᠳ ᠢ᠋《ᠪᠡᠶ᠎ᠡ ᠤᠬᠢᠶᠠᠬᠤ》ᠭᠠᠵᠠᠷ ᠭᠡᠳᠡᠭ ᠶᠤᠮ᠃ ᠲᠡᠨᠳᠡ ᠬᠥᠮᠦᠰ ᠪᠡᠶ᠎ᠡ ᠪᠡᠨ ᠬᠣᠰᠢ ᠮᠣᠳᠣᠨ ᠤ᠋ ᠨᠠᠪᠴᠢ ᠪᠠᠷ ᠴᠣᠬᠢᠵᠤ ᠬᠠᠯᠠᠭᠤᠨ ᠤᠰᠤ ᠪᠠ ᠺᠸᠠᠰ ᠢ᠋ᠶ᠋ᠠᠷ ᠪᠡᠶ᠎ᠡ ᠪᠡᠨ ᠤᠬᠢᠶᠠᠭᠠᠳ ᠳᠠᠷᠠᠭ᠎ᠠ ᠨᠢ ᠭᠣᠣᠯ ᠤ᠋ᠨ ᠬᠠᠷᠠᠵᠠᠨ ᠳ᠋ᠤ᠌ ᠣᠴᠢᠵᠤ ᠣᠷᠣᠳᠠᠭ ᠶᠤᠮ᠃ ᠡᠨᠡ ᠪᠣᠯ ᠪᠡᠶ᠎ᠡ ᠶ᠋ᠢᠨ ᠡᠷᠡᠭᠦᠯ ᠴᠢᠭᠢᠷᠠᠭ ᠪᠠᠢᠬᠤ ᠳ᠋ᠤ᠌ ᠮᠠᠰᠢ ᠲᠤᠰᠠᠲᠠᠢ᠂ ᠡᠢᠮᠦ ᠡᠴᠡ ᠴᠦ᠍ ᠣᠷᠣᠰ ᠤ᠋ᠳ ᠶᠡᠬᠡ ᠬᠦᠴᠦ ᠴᠢᠳᠠᠯ ᠲᠠᠢ ᠪᠠᠢᠳᠠᠭ ᠰᠢᠦ ᠳ᠋ᠠ ᠭᠡᠵᠦ ᠬᠡᠯᠡᠮᠦᠷᠴᠢ ᠲᠠᠢᠯᠪᠤᠷᠢᠯᠠᠪᠠ᠃
ᠪᠠᠲᠤ ᠬᠠᠭᠠᠨ ᠶᠡᠬᠡᠳᠡ ᠬᠢᠴᠢᠶᠡᠩᠭᠦᠢ ᠪᠠᠢᠳᠠᠯ ᠦᠵᠡᠭᠦᠯᠦᠨ᠂
— ᠪᠡᠶ᠎ᠡ ᠶ᠋ᠢᠨ ᠭᠬᠢᠷ ᠢ᠋ ᠤᠬᠢᠶᠠᠨ ᠠᠷᠢᠯᠭᠠᠵᠤ ᠪᠠᠢᠭ᠎ᠠ ᠬᠥᠮᠦᠨ ᠪᠣᠯ ᠥᠪᠡᠷ ᠦ᠋ᠨ ᠢ᠋ᠶ᠋ᠡᠨ ᠵᠠᠶᠠᠭ᠎ᠠ ᠪᠤᠶᠠᠨ ᠢ᠋ ᠤᠬᠢᠶᠠᠵᠤ ᠠᠷᠢᠯᠭᠠᠵᠤ ᠪᠠᠢᠭ᠎ᠠ ᠶᠤᠮ᠃ ᠮᠣᠩᠭᠣᠯᠴᠤᠳ ᠤᠤᠯ ᠠ᠋ᠴᠠ ᠪᠠᠨ ᠤᠰᠤ ᠪᠠᠷ ᠪᠡᠶ᠎ᠡ ᠪᠡᠨ ᠤᠬᠢᠶᠠᠳᠠᠭ ᠦᠭᠡᠢ᠂ ᠲᠡᠢᠨ ᠳ᠋ᠦ᠍ ᠠᠵᠠ ᠬᠡᠢᠮᠣᠷᠢ ᠲᠠᠢ ᠶᠠᠪᠤᠳᠠᠭ ᠭᠡᠨ᠎ᠡ᠃ ᠪᠠᠲᠤ ᠬᠠᠭᠠᠨ ᠭᠣᠣᠯ ᠤ᠋ᠨ ᠡᠷᠭᠢ ᠪᠡᠷ ᠬᠥᠮᠥᠷᠢᠭᠦᠯᠦᠨ ᠲᠠᠯᠪᠢᠭᠰᠠᠨ ᠲᠣᠮᠣ ᠵᠠᠪᠢ ᠣᠩᠭᠣᠴᠠ ᠤ᠋ᠳ ᠢ᠋ ᠰᠣᠨᠢᠷᠬᠠᠨ ᠬᠠᠷᠠᠨ᠎ᠠ᠃ ᠪᠤᠰᠤᠳ ᠵᠠᠪᠢ ᠨᠤᠭᠤᠳ ᠨᠢ ᠮᠥᠰᠥ ᠲᠡᠢ ᠪᠠᠷᠢᠯᠳᠤᠨ ᠬᠥᠯᠳᠡᠵᠦ ᠵᠥᠪᠬᠡᠨ ᠳᠡᠭᠡᠷᠡᠬᠢ ᠰᠡᠷᠪᠡᠭᠡᠷ ᠳᠡᠯᠪᠡ ᠨᠢ ᠦᠵᠡᠭᠳᠡᠨ᠎ᠡ᠃ ᠲᠡᠨᠳᠡ ᠬᠤᠳᠠᠯᠳᠤᠭᠠᠴᠢᠳ ᠲᠡᠳᠡᠨ ᠦ᠌ ᠵᠠᠷᠤᠴᠠ ᠨᠤᠭᠤᠳ ᠰᠠᠭᠤᠳᠠᠭ ᠶᠤᠮ᠃ ᠬᠤᠳᠠᠯᠳᠤᠭᠠᠴᠢᠳ ᠡᠳᠡᠭᠡᠷ ᠵᠠᠪᠢ ᠨᠤᠭᠤᠳ ᠲᠸ᠋ ᠰᠠᠭᠤᠵᠤ ᠡᠨᠳᠡ ᠡᠴᠡ ᠨᠤᠸᠭᠤᠷᠤᠳ᠋᠂ ᠺᠢᠶᠸᠸ᠂ ᠪᠣᠯᠭᠠᠷᠢ ᠪᠣᠯᠤᠨ ᠰᠮᠣᠯᠸᠨᠰᠺ ᠢ᠋ᠶ᠋ᠠᠷ ᠳᠡᠮᠵᠢᠵᠦ ᠯᠠᠲ᠋ᠢ ᠶ᠋ᠢᠨ ᠺᠠᠲ᠋ᠣᠯᠢᠭ ᠱᠠᠰᠢᠨᠲᠠᠨ ᠤ᠋ ᠨᠤᠲᠤᠭ ᠲᠸ᠋ ᠬᠦᠷᠳᠡᠭ ᠶᠤᠮ᠃ ᠡᠳᠡᠭᠡᠷ ᠬᠤᠳᠠᠯᠳᠤᠭᠠᠴᠢᠳ ᠪᠣᠯ ᠠᠯᠤᠰ ᠬᠣᠯᠠ ᠣᠷᠣᠨ ᠠ᠋ᠴᠠ ᠢᠷᠡᠭᠰᠡᠨ ᠬᠠᠷᠢ ᠭᠠᠵᠠᠷ ᠤ᠋ᠨ ᠬᠥᠮᠦᠰ᠃ ᠡᠨᠡ ᠵᠢᠯ ᠡᠷᠲᠡ ᠬᠦᠢᠲᠡᠨ ᠤᠨᠠᠭᠰᠠᠨ ᠤ᠋ ᠤᠯᠠᠮ ᠠ᠋ᠴᠠ ᠡᠳᠡ ᠨᠠᠷ ᠮᠣᠰᠺᠸᠠ ᠳ᠋ᠤ᠌ ᠰᠠᠭᠠᠳᠠᠵᠠᠢ ᠭᠡᠵᠦ ᠬᠡᠯᠡᠮᠦᠷᠴᠢ ᠬᠡᠯᠡᠨ᠎ᠡ᠃
— ᠲᠡᠷᠡ ᠬᠠᠷᠢ ᠭᠠᠵᠠᠷ ᠤ᠋ᠨ ᠬᠤᠳᠠᠯᠳᠤᠭᠠᠴᠢᠳ ᠲᠠᠢ ᠠᠭᠤᠯᠵᠠᠬᠤ ᠶ᠋ᠢ ᠬᠦᠰᠡᠵᠦ ᠪᠠᠢᠨ᠎ᠠ᠃ ᠪᠢ ᠲᠡᠳᠡᠨ ᠲᠡᠢ ᠶᠠᠷᠢᠨ᠎ᠠ᠃ ᠲᠡᠳᠡᠨ ᠢ᠋ ᠠᠯᠠᠬᠤ ᠬᠡᠷᠡᠭ ᠦᠭᠡᠢ᠂ ᠠᠮᠢᠳᠤ ᠪᠠᠷ ᠪᠠᠷᠢᠵᠤ ᠠᠪᠤᠭᠠᠳ ᠨᠠᠳᠠᠳᠤ ᠠᠪᠴᠢᠷᠠᠭᠲᠤᠨ ᠭᠡᠵᠦ ᠪᠠᠲᠤ ᠬᠠᠭᠠᠨ ᠬᠡᠯᠡᠪᠡ᠃ ᠪᠠᠲᠤ ᠬᠠᠭᠠᠨ ᠥᠨᠳᠥᠷ ᠨᠠᠷᠠᠰᠤᠨ ᠮᠣᠳᠣᠨ ᠤ᠋ ᠳᠡᠷᠭᠡᠳᠡ ᠬᠠᠷ᠎ᠠ ᠮᠣᠷᠢ ᠪᠠᠨ ᠤᠨᠤᠵᠤ ᠵᠣᠭᠰᠣᠨ᠎ᠠ᠃ ᠲᠡᠨᠳᠡ ᠡᠴᠡ ᠬᠣᠯᠠ ᠪᠤᠰᠤ ᠴᠠᠰᠤᠨ ᠳᠣᠲᠣᠷ᠎ᠠ ᠨᠢᠭᠡ ᠵᠢᠵᠢᠭ ᠮᠠᠯᠲᠠᠮᠠᠯ ᠨᠦᠬᠡ ᠪᠠᠢᠬᠤ ᠪᠥᠭᠡᠳ ᠲᠡᠭᠦᠨ᠎ᠡ ᠬᠥᠮᠦᠨ ᠪᠠᠢᠬᠤ ᠦᠭᠡᠢ ᠨᠢ ᠡᠷᠡᠭᠡᠯᠵᠡᠭᠡ ᠦᠭᠡᠢ ᠮᠡᠲᠦ᠂ ᠬᠠᠭᠠᠯᠭ᠎ᠠ ᠶ᠋ᠢᠨ ᠳᠡᠭᠡᠷᠡᠬᠢ ᠵᠢᠵᠢᠭ ᠴᠣᠩᠬᠣ ᠪᠠᠷ ᠬᠥᠮᠦᠨ ᠬᠠᠨᠢᠶᠠᠬᠤ ᠰᠣᠨᠣᠰᠳᠠᠭᠠᠳ ᠤᠴᠠᠭᠠᠷᠳᠠᠭᠤ ᠳᠠᠭᠤ ᠪᠠᠷ᠂
— ᠶᠠᠭᠤ ᠬᠡᠷᠡᠭ ᠲᠡᠢ ᠪᠣᠢ? ᠴᠢᠳᠬᠥᠷ ᠠᠯᠠᠭᠠᠳᠠ ᠴᠢᠮᠠᠶ᠋ᠢ! ᠣᠪᠣᠬᠠᠢ ᠶ᠋ᠢ ᠮᠢᠨᠢ ᠪᠤᠤ ᠡᠪᠳᠡ ᠭᠡᠵᠦ ᠬᠠᠷᠢᠶᠠᠨ᠎ᠠ᠃ ᠮᠣᠩᠭᠣᠯᠴᠤᠳ ᠡᠭᠦᠨ ᠢ᠋ ᠪᠠᠯᠪᠠᠭᠰᠠᠭᠠᠷ ᠪᠠᠢᠨ᠎ᠠ᠃
— ᠵᠠ ᠬᠦᠯᠢᠶᠡᠵᠦ ᠪᠠᠢᠭᠲᠤᠨ᠃ ᠣᠳᠣᠬᠠᠨ ᠣᠨᠢᠰᠣ ᠶ᠋ᠢ ᠡᠷᠭᠢᠭᠦᠯᠦᠶ᠎ᠡ! ᠭᠤᠲᠤᠯ ᠢ᠋ᠶ᠋ᠠᠨ ᠡᠮᠦᠰᠦᠶ᠎ᠡ᠃ ᠲᠡᠳᠦᠢ ᠥᠴᠦᠬᠡᠨ ᠡᠭᠦᠳᠡ ᠨᠡᠭᠡᠭᠡᠭᠳᠡᠬᠦ ᠶ᠋ᠢᠨ ᠬᠠᠮᠲᠤ ᠲᠡᠭᠦᠨ ᠦ᠌ ᠳᠣᠲᠣᠷ᠎ᠠ ᠠ᠋ᠴᠠ ᠰᠠᠷᠠᠯ ᠳᠡᠪᠡᠯ ᠲᠡᠢ ᠪᠦᠳᠦᠭᠦᠨ ᠬᠥᠮᠦᠨ ᠪᠥᠬᠥᠯᠵᠡᠭᠰᠡᠭᠡᠷ ᠭᠠᠷᠪᠠ᠃ ᠲᠡᠭᠦᠨ ᠦ᠌ ᠨᠢᠭᠤᠷ ᠤ᠋ᠨ ᠲᠣᠰᠣ᠂ ᠤᠷᠭᠤᠭᠰᠠᠨ ᠦᠰᠦ ᠨᠢ ᠰᠢᠪᠠᠭᠤᠨ ᠤ᠋ ᠥᠳᠥ ᠮᠡᠲᠦ ᠬᠠᠵᠠᠭᠤ ᠲᠡᠰᠢ ᠨᠠᠯᠠᠭᠰᠠᠨ ᠪᠥᠭᠡᠳ ᠨᠢᠳᠦᠨ ᠳ᠋ᠦ᠍ ᠨᠢᠯᠪᠤᠰᠤ ᠭᠦᠢᠯᠭᠡᠨᠡᠵᠦ ᠪᠣᠢ᠃ ᠲᠡᠷᠡ ᠥᠪᠡᠷ ᠦ᠋ᠨ ᠭᠠᠷ ᠤ᠋ᠨ ᠠᠯᠠᠭ᠎ᠠ ᠪᠠᠷ ᠪᠤᠭᠤᠷᠤᠯ ᠬᠥᠮᠥᠰᠬᠡ ᠪᠡᠨ ᠠᠷᠴᠢᠵᠤ ᠲᠡᠢᠨ ᠬᠦ ᠲᠡᠭᠦᠨ ᠢ᠋ ᠰᠠᠨᠳᠤᠷᠭᠠᠭᠰᠠᠨ ᠬᠥᠮᠦᠰ ᠢ᠋ ᠠᠵᠢᠭᠯᠠᠨ ᠬᠠᠷᠠᠵᠤ ᠵᠣᠭᠰᠣᠪᠠ᠃ ᠭᠡᠲᠡᠯ᠎ᠡ ᠲᠡᠳᠡ ᠨᠠᠷ ᠲᠡᠭᠦᠨ ᠦ᠌ ᠭᠠᠷ ᠠ᠋ᠴᠠ ᠬᠥᠲᠥᠯᠦᠨ ᠪᠠᠲᠤ ᠬᠠᠭᠠᠨ ᠳ᠋ᠤ᠌ ᠬᠦᠷᠭᠡᠪᠡ᠃ ᠡᠨᠡ ᠡᠪᠦᠭᠡᠨ ᠪᠣᠯ ᠤᠷᠲᠤ ᠥᠨᠳᠥᠷ ᠪᠡᠶ᠎ᠡ ᠲᠡᠢ ᠪᠣᠯᠪᠠᠴᠤ ᠪᠢᠴᠢᠬᠠᠨ ᠣᠪᠣᠬᠠᠢ ᠶ᠋ᠢᠨ ᠳᠣᠲᠣᠷ᠎ᠠ ᠪᠥᠬᠥᠢᠨ ᠶᠠᠪᠤᠵᠤ ᠰᠤᠷᠤᠭᠰᠠᠨ ᠲᠤᠯᠠ ᠲᠡᠭᠦᠨ ᠦ᠌ ᠶᠠᠪᠤᠬᠤ ᠨᠢ ᠲᠣᠭᠣᠷᠤᠤ ᠰᠢᠪᠠᠭᠤ ᠰᠢᠭ᠋ ᠠᠵᠢ᠃
— ᠴᠢ ᠬᠡᠨ ᠭᠡᠭᠴᠢ ᠪᠣᠢ? ᠪᠠᠲᠤ ᠬᠠᠭᠠᠨ ᠠᠰᠠᠭᠤᠪᠠ᠃
— ᠪᠢ ᠡᠨᠡ ᠭᠠᠵᠠᠷ ᠤ᠋ᠨ ᠬᠡᠭᠦᠷ ᠪᠤᠯᠠᠰᠢᠯᠠᠭᠴᠢ ᠬᠥᠮᠦᠨ᠃
— ᠴᠢᠨᠦ ᠨᠡᠷ᠎ᠡ ᠬᠡᠨ ᠭᠡᠳᠡᠭ ᠪᠣᠢ?
— ᠾᠷᠢᠰᠲ᠋ᠣᠰ ᠤ᠋ᠨ ᠬᠢᠨ ᠢ᠋ᠶ᠋ᠡᠷ ᠨᠢᠺᠸᠲ᠋ᠣᠢ ᠭᠡᠳᠡᠭ ᠪᠥᠭᠡᠳ ᠲᠡᠢᠮᠦ ᠨᠡᠷ᠎ᠡ ᠳ᠋ᠦ᠍ ᠴᠢᠳᠬᠥᠷ ᠬᠠᠯᠳᠠᠳᠠᠭ ᠦᠭᠡᠢ ᠭᠡᠨ᠎ᠡ ᠪᠢᠯᠡ᠃
— ᠶᠠᠭᠤ ᠭᠡᠨ᠎ᠡ ?
— ᠶᠠᠭᠤ ᠭᠡᠨ᠎ᠡ ᠤᠤ ? ᠨᠢᠺᠸᠲ᠋ᠤᠢ ᠭᠡᠳᠡᠭ ᠬᠤᠪᠢᠯᠭᠠᠨ ᠠ᠋ᠴᠠ ᠮᠢᠨᠢ ᠰᠢᠮᠨᠤᠰ ᠴᠤ᠌ ᠠᠶᠤᠨ ᠵᠢᠭᠤᠲᠠᠳᠠᠭ ᠶᠤᠮ᠃
— ᠡᠢᠮᠦ ᠬᠥᠮᠦᠨ ᠨᠠᠳᠠᠳᠤ ᠬᠡᠷᠡᠭ ᠲᠡᠢ ᠭᠡᠵᠦ ᠪᠠᠲᠤ ᠬᠠᠭᠠᠨ ᠬᠡᠯᠡᠪᠡ᠃
— ᠮᠢᠨᠦ ᠬᠡᠷᠡᠭ ᠶᠠᠭᠤ ᠪᠠᠢᠬᠤ ᠪᠣᠢ ᠳ᠋ᠠ᠃ ᠪᠢ ᠴᠢᠨᠢ ᠡᠪᠦᠭᠡᠨ ᠪᠣᠯᠤᠭᠰᠠᠨ ᠡᠪᠡᠳᠴᠢᠨ ᠡᠮᠵᠡᠭ ᠲᠡᠢ ᠬᠥᠮᠦᠨ ᠰᠢᠦ ᠳ᠋ᠠ᠃
— ᠴᠢ ᠡᠨᠳᠡ ᠶᠠᠭᠤ ᠬᠢᠵᠦ ᠪᠠᠢᠳᠠᠭ ᠶᠤᠮ ᠪᠣᠢ?
— ᠬᠡᠷᠪᠡ ᠬᠥᠮᠦᠨ ᠭᠤᠶᠤᠪᠠᠯ ᠨᠢᠭᠦᠯ ᠬᠢᠯᠢᠨᠴᠡ ᠶ᠋ᠢ ᠠᠷᠢᠯᠭᠠᠨ ᠴᠢᠳᠬᠥᠷ ᠢ᠋ ᠬᠥᠭᠡᠭᠡᠨ ᠵᠠᠢᠯᠠᠭᠤᠯᠵᠤ ᠪᠠᠢᠳᠠᠭ ᠪᠢᠯᠡ᠃
— ᠶᠠᠮᠠᠷ ᠶᠠᠩᠵᠤ ᠶ᠋ᠢᠨ ᠴᠢᠳᠬᠥᠷ ᠪᠠᠢᠳᠠᠭ ᠶᠤᠮ ᠪᠣᠢ?
— ᠡᠪᠡᠷ ᠰᠡᠭᠦᠯ ᠲᠡᠢ ᠪᠥᠭᠡᠳ ᠵᠠᠷᠢᠮ ᠳ᠋ᠠᠭᠠᠨ ᠬᠥᠮᠦᠨ ᠠᠳᠠᠯᠢ ᠲᠡᠢᠮᠦ ᠪᠤᠵᠠᠷ ᠮᠠᠭᠤᠬᠠᠢ ᠶᠠᠭᠤᠮ᠎ᠠ ᠪᠣᠢ᠃ ᠲᠡᠷᠡ ᠨᠢ ᠬᠥᠮᠦᠨ ᠳ᠋ᠦ᠍ ᠬᠣᠣᠷ ᠬᠦᠷᠭᠡᠬᠦ ᠳ᠋ᠡᠭᠡᠨ ᠪᠠᠶᠠᠷᠯᠠᠵᠤ ᠪᠠᠢᠳᠠᠭ ᠶᠤᠮ᠃
— ᠲᠡᠳᠡᠨ ᠢ᠋ ᠪᠢ ᠮᠡᠳᠡᠨ᠎ᠡ᠃ ᠮᠠᠨ ᠤ᠋ ᠬᠢᠨ ᠤᠯᠠᠭᠠᠨ ᠮᠠᠩᠭᠤᠰ ᠭᠡᠳᠡᠭ ᠶᠤᠮ᠂ ᠲᠡᠷᠡ ᠴᠢᠨᠢ ᠮᠠᠨ ᠤ᠋ ᠲᠡᠨᠳᠡ ᠬᠥᠮᠦᠨ ᠲᠡᠢ ᠠᠳᠠᠯᠢᠬᠠᠨ ᠪᠠᠢᠳᠠᠭ ᠪᠥᠭᠡᠳ ᠨᠠᠳᠠᠳᠤ ᠶᠡᠬᠡ ᠮᠠᠭᠤ ᠬᠣᠣᠷ ᠬᠢᠳᠡᠭ ᠶᠤᠮ᠃ ᠴᠢ ᠬᠡᠷᠡᠭ ᠲᠡᠢ ᠬᠥᠮᠦᠨ ᠪᠠᠢᠨ᠎ᠠ᠂ ᠶᠠᠭᠤ ᠳᠤᠷᠠᠲᠠᠢ ᠪᠠᠨ ᠨᠠᠳᠠ ᠠ᠋ᠴᠠ ᠭᠣᠶᠣᠭᠲᠤᠨ ᠭᠡᠵᠦ ᠪᠠᠲᠤ ᠬᠠᠭᠠᠨ ᠬᠡᠯᠡᠭᠰᠡᠨ ᠳ᠋ᠦ᠍᠂
— ᠴᠢᠨᠦ ᠠᠯᠳᠠᠷ ᠢ᠋ ᠪᠢ ᠦᠯᠦ ᠮᠡᠳᠡᠨ᠎ᠡ᠃ ᠡᠷᠬᠢᠮ ᠨᠣᠶᠠᠨ ᠲᠠ ᠨᠠᠮᠠᠶ᠋ᠢ ᠮᠠᠭᠤ ᠮᠣᠷᠢᠨ ᠲᠡᠷᠭᠡ ᠲᠡᠢ ᠪᠡᠨ ᠮᠣᠰᠺᠸᠠ ᠣᠷᠴᠢᠮ ᠲᠣᠰᠬᠣᠨ ᠢ᠋ᠶ᠋ᠠᠷ ᠶᠠᠪᠤᠵᠤ ᠦᠬᠦᠭᠴᠢᠳ ᠢ᠋ ᠣᠷᠣᠰᠢᠭᠤᠯᠬᠤ ᠵᠥᠪᠰᠢᠶᠡᠷᠡᠯ ᠢ᠋ ᠣᠯᠭᠣᠨ᠎ᠠ ᠤᠤ? ᠣᠷᠣᠰ ᠲᠥᠷᠥᠯ ᠦᠭᠡᠢ ᠬᠠᠶᠠᠬᠳᠠᠬᠴᠢᠳ ᠪᠠᠢᠪᠠᠯ ᠲᠡᠷᠡ ᠵᠣᠯ ᠦᠭᠡᠢ ᠡᠲᠡᠭᠡᠳ ᠢ᠋ ( ᠤ᠋ᠨ ) ᠨᠢᠳᠦ ᠶ᠋ᠢ ᠨᠢ ᠠᠨᠢᠭᠤᠯᠵᠤ ᠶᠠᠪᠤᠶ᠎ᠠ᠃ ᠴᠢᠨᠦ ᠴᠡᠷᠢᠭ ᠦ᠋ᠳ ᠨᠠᠮᠠᠶ᠋ᠢ ᠠᠯᠠᠬᠤ ᠦᠭᠡᠢ ᠶ᠋ᠢᠨ ᠲᠤᠯᠠᠳᠠ ᠶᠠᠮᠠᠷ ᠨᠢᠭᠡᠨ ᠦᠨᠡᠮᠯᠡᠬᠦ ᠪᠢᠴᠢᠭ ᠢ᠋ ᠨᠠᠳᠠᠳᠤ ᠥᠭ᠃
ᠪᠠᠲᠤ ᠬᠠᠭᠠᠨ ᠶᠡᠬᠡᠮᠰᠦᠭ ᠢ᠋ᠶ᠋ᠡᠷ ᠲᠣᠯᠣᠭᠠᠢ ᠪᠠᠨ ᠳᠣᠬᠢᠪᠠ᠃
— ᠪᠢᠴᠢᠭᠡᠴᠢ᠂ ᠲᠡᠭᠦᠨ ᠦ᠌ ᠬᠦᠵᠦᠭᠦᠨ ᠳ᠋ᠦ᠍ ᠮᠣᠳᠣᠨ ᠫᠠᠢᠵᠠ ᠵᠡᠭᠦᠯᠭᠡᠭᠲᠦᠨ᠃ ᠡᠨᠡ ᠫᠠᠢᠵᠠ ( ᠲᠠᠢ ) ᠪᠣᠯ ᠡᠭᠦᠨ ᠢ᠋ ᠮᠠᠨ ᠤ᠋ ᠴᠡᠷᠢᠭ ᠡᠴᠡ ᠠᠪᠤᠷᠠᠬᠤ ᠪᠣᠯᠤᠨ᠎ᠠ᠃
ᠪᠠᠲᠤ ᠬᠠᠭᠠᠨ ᠬᠡᠰᠡᠭ ᠳᠠᠭᠤ ᠦᠭᠡᠢ ᠪᠠᠢᠭᠠᠳ ᠶᠠᠰᠤᠴᠢᠨ ᠤ᠋ ᠵᠦᠭ ᠬᠠᠨᠳᠤᠵᠤ᠂
— ᠴᠢ ᠮᠠᠭᠤ ᠡᠪᠡᠳᠴᠢᠨ ᠢ᠋ ᠬᠥᠭᠡᠭᠡᠨ ᠵᠠᠢᠯᠠᠭᠤᠯᠤᠨ ᠴᠢᠳᠠᠬᠤ ᠤᠤ?
— ᠮᠣᠩᠭᠣᠯ ᠤ᠋ᠨ ᠶᠡᠬᠡ ᠬᠠᠭᠠᠨ ᠪᠢ ᠴᠢᠳᠠᠨ᠎ᠠ᠃ ᠡᠯᠳᠡᠪ ᠮᠠᠭᠤ ᠡᠪᠡᠳᠴᠢᠨ ᠢ᠋ ᠬᠥᠭᠡᠭᠡᠨ ᠵᠠᠢᠯᠠᠭᠤᠯᠳᠠᠭ ᠲᠡᠢᠮᠦ ᠤᠩᠰᠢᠯᠭ᠎ᠠ ᠪᠠ ᠤᠤᠭᠤᠳᠠᠭ ᠡᠪᠡᠰᠦ ᠪᠠᠢᠳᠠᠭ ᠶᠤᠮ᠃ ᠡᠨᠡ ᠨᠢ ᠭᠠᠷ ᠤᠬᠢᠶᠠᠬᠤ ᠲᠠᠢ ᠠᠳᠠᠯᠢ ᠬᠢᠯᠪᠠᠷ ᠭᠡᠪᠡ᠃
ᠪᠠᠲᠤ ᠬᠠᠭᠠᠨ ᠲᠡᠭᠦᠨ ᠢ᠋ ᠶᠡᠷᠦ ᠴᠦ᠍ ᠰᠣᠨᠣᠰᠤᠭᠰᠠᠨ ᠦᠭᠡᠢ᠃
ᠮᠣᠰᠺᠸᠠ ᠬᠣᠲᠠ ᠶ᠋ᠢᠨ ᠴᠢᠨᠠᠳᠤ ᠡᠲᠡᠭᠡᠳ ᠲᠦ᠍ ᠲᠩᠷᠢ ᠳ᠋ᠦ᠍ ᠲᠤᠯᠤᠭᠰᠠᠨ ᠬᠠᠷ᠎ᠠ ᠤᠲᠤᠭ᠎ᠠ ᠮᠠᠨᠠᠷᠠᠵᠤ ᠭᠤᠷᠪᠠᠨ ᠲᠣᠰᠬᠣᠨ ᠭᠡᠨᠡᠳᠲᠡ ᠰᠢᠲᠠᠵᠠᠢ᠃ ᠪᠥᠭᠡᠮ ᠬᠠᠷ᠎ᠠ ᠤᠲᠤᠭᠠᠨ ᠤ᠋ ᠳᠤᠮᠳᠠ ᠤᠯᠠᠭᠠᠨ ᠭᠠᠯ ᠨᠣᠴᠣᠵᠤ ᠪᠠᠢᠯ᠎ᠠ᠃ ᠬᠠᠭᠤᠴᠢᠨ ᠮᠣᠳᠣᠨ ᠪᠠᠢᠰᠢᠩ ᠤ᠋ᠳ ᠨᠢ ᠬᠠᠭᠤᠷᠠᠢ ᠲᠤᠯᠠ ᠬᠤᠷᠳᠤᠨ ᠰᠢᠳᠡᠵᠦ ᠲᠦᠢᠮᠡᠷ ᠦ᠋ᠨ ᠭᠠᠯ ᠨᠢ ᠳᠡᠭᠡᠭᠰᠢ ᠤᠯᠠᠮ ᠳᠡᠭᠳᠡᠨ ᠬᠥᠮᠦᠰ ᠡᠰᠢ ᠳᠠᠰᠢ ᠭᠦᠶᠦᠯᠳᠦᠭᠡᠳ ᠤᠰᠤ ᠵᠥᠭᠡᠭᠡᠭᠴᠢ ᠬᠥᠮᠦᠨ ᠰᠢᠨᠠᠭ᠎ᠠ ᠬᠠᠯᠪᠠᠭ᠎ᠠ ᠪᠠᠨ ᠬᠠᠶᠠᠭᠠᠳ ᠮᠣᠷᠢ ᠪᠠᠨ ᠲᠠᠰᠢᠭᠤᠷᠳᠠᠭᠰᠠᠭᠠᠷ ᠬᠣᠲᠠ ᠶ᠋ᠢᠨ ᠡᠭᠦᠳᠡᠨ ᠦ᠌ ᠵᠦᠭ ᠬᠤᠷᠳᠤᠨ ᠶᠠᠪᠤᠨ᠎ᠠ᠃ ᠡᠬᠡᠨᠡᠷ ᠬᠡᠦᠬᠡᠨ ᠨᠤᠭᠦᠳ ᠭᠦᠶᠦᠯᠳᠦᠨ ᠣᠳᠤᠨ᠎ᠠ᠃
— ᠱᠸᠢᠢᠪᠡᠨᠢ᠁ ᠬᠠᠭᠠᠨ ᠱᠸᠢᠢᠪᠡᠨᠢ ᠢᠷᠡᠵᠡᠢ᠃ ᠪᠢᠳᠡᠨ ᠡᠴᠡ ᠡᠮᠦᠨ᠎ᠡ ᠱᠸᠢᠢᠪᠡᠨᠢ᠂ ᠮᠣᠰᠺᠸᠠ (ᠳ᠋ᠤ᠌ ) ᠨᠥᠭᠦᠭᠡ ᠲᠠᠯ᠎ᠠ ᠠ᠋ᠴᠠ ᠳᠠᠭᠠᠷᠢᠨ ᠣᠷᠣᠭᠰᠠᠨ ᠪᠠᠢᠨ᠎ᠠ ᠭᠡᠵᠦ ᠮᠣᠩᠭᠣᠯᠴᠤᠳ ᠶᠠᠷᠢᠯᠳᠤᠪᠠ᠃ ᠭᠡᠲᠡᠯ᠎ᠡ ᠰᠦᠪᠡᠭᠡᠳᠡᠢ ᠪᠠᠭᠠᠲᠤᠷ ᠬᠦᠷᠦᠯᠴᠡᠨ ᠢᠷᠡᠭᠡᠳ ᠲᠡᠷᠡ ᠲᠦᠢᠮᠡᠷ ᠦ᠋ᠨ ᠵᠦᠭ ᠬᠥᠮᠥᠰᠬᠡ ᠵᠠᠩᠭᠢᠳᠤᠨ ᠬᠠᠷᠠᠨ᠎ᠠ᠃
— ᠱᠸᠢᠢᠪᠡᠨᠢ ᠬᠠᠮᠢᠭ᠎ᠠ ᠠ᠋ᠴᠠ ᠣᠷᠣᠵᠤ ᠢᠷᠡᠪᠡ? ᠭᠡᠵᠦ ᠪᠠᠲᠤ ᠬᠠᠭᠠᠨ ᠠᠰᠠᠭᠤᠪᠠ᠃
— ᠱᠸᠢᠢᠪᠠᠨᠢ ᠬᠠᠭᠠᠨ ᠬᠣᠲᠠ ᠶ᠋ᠢ ᠭᠠᠯᠳᠠᠨ ᠰᠢᠲᠠᠭᠠᠵᠤ ᠪᠠᠢᠨ᠎ᠠ᠃ ᠲᠡᠷᠡ ᠪᠢᠳᠡᠨ ᠦ᠌ ᠲᠦᠷᠦᠭᠦᠨ ᠳ᠋ᠦ᠍ ᠭᠠᠷᠬᠤ ᠶ᠋ᠢᠨ ᠲᠤᠯᠠ ᠵᠢᠽᠳᠧᠷ ᠥᠭᠷᠡ ᠬᠣᠶᠠᠷ ᠭᠣᠣᠯ ᠤ᠋ᠨ ᠮᠥᠰᠥᠨ ᠳᠡᠭᠡᠭᠦᠷ ᠲᠠᠪᠰᠢᠭᠰᠠᠨ ᠪᠠᠢᠨ᠎ᠠ᠃ ᠲᠡᠷᠡ ᠪᠡᠷ ᠨᠤᠲᠤᠭ ᠤ᠋ᠨ ᠬᠥᠮᠦᠰ ᠦ᠋ᠳ ᠢ᠋ ᠣᠢ ᠳᠣᠲᠣᠷ᠎ᠠ ᠨᠢᠭᠤᠭᠳᠠᠭᠤᠯᠤᠭᠰᠠᠨ ᠦᠭᠡᠢ ᠪᠠᠢᠨ᠎ᠠ᠃ ᠬᠣᠲᠠ ᠶ᠋ᠢ ᠡᠨᠡ ᠲᠠᠯ᠎ᠠ ᠠ᠋ᠴᠠ ᠨᠢ ᠪᠦᠰᠡᠯᠡᠭᠡᠳ ᠬᠤᠳᠠᠯᠳᠤᠭᠠᠴᠢᠳ ᠪᠠ ᠭᠠᠷ ᠤ᠋ᠨ ᠤᠷᠠᠨ ᠳᠠᠷᠬᠠᠴᠤᠳ ᠢ᠋ ᠪᠠᠷᠢᠨ ᠠᠪᠬᠤ ᠲᠤᠬᠠᠢ ᠲᠤᠰᠢᠶᠠᠯ ᠢ᠋ ᠭᠠᠷᠭᠠᠭᠲᠤᠨ᠃ ᠵᠠᠯᠠᠭᠤ ᠸᠠᠩ ᠸᠯᠠᠳᠢᠮᠢᠷ ᠣᠳᠣᠬᠠᠨ ᠴᠢᠮᠠᠲᠤ ᠰᠥᠭᠥᠳᠴᠦ ᠢᠷᠡᠨ᠎ᠡ ᠭᠡᠵᠦ ᠰᠥᠪᠡᠭᠡᠳᠡᠢ ᠪᠠᠭᠠᠲᠤᠷ ᠬᠡᠯᠡᠪᠡ᠃
— ᠪᠢ ᠡᠨᠳᠡ ᠬᠣᠴᠣᠷᠤᠶᠠ ᠭᠡᠵᠦ ᠪᠠᠲᠤ ᠬᠠᠭᠠᠨ ᠮᠣᠷᠢᠨ ᠠ᠋ᠴᠠ ᠪᠠᠨ ᠪᠠᠭᠤᠵᠤ᠂
— ᠨᠠᠳᠠᠳᠤ ᠭᠡᠷ ᠪᠠᠷᠢᠵᠤ ᠥᠭᠲᠦᠭᠡᠢ ᠭᠡᠪᠡ᠃
ᠰᠥᠪᠡᠭᠡᠳᠡᠢ ᠲᠠᠲᠠᠭᠠᠯᠵᠠᠵᠤ᠂
— ᠡᠨᠳᠡ ᠡᠴᠡ ᠬᠣᠯᠠ ᠪᠤᠰᠤ ᠯᠤᠶᠸᠢ᠌ᠨᠠ ᠭᠡᠳᠡᠭ ᠲᠣᠰᠬᠣᠨ ᠪᠣᠢ᠂ ᠲᠡᠨᠳᠡ ᠰᠠᠯᠬᠢ ᠵᠢᠪᠠᠷ ᠦᠭᠡᠢ᠂ ᠵᠠᠩᠵᠤᠨ ᠴᠢ ᠲᠡᠨᠳᠡ ᠣᠴᠢᠵᠤ ᠳᠤᠯᠠᠭᠠᠨ ᠴᠡᠪᠡᠷᠬᠡᠨ ᠪᠠᠢᠰᠢᠩ ᠰᠣᠩᠭᠣᠨ ᠣᠯᠵᠤ ᠰᠠᠭᠤᠬᠤ ᠪᠣᠯᠤᠨ᠎ᠠ᠃
— ᠳᠤᠷ᠎ᠠ ᠦᠭᠡᠢ ᠪᠠᠢᠨ᠎ᠠ᠃ ᠴᠢ ᠪᠢᠳᠡ ᠨᠠᠷ ᠴᠢᠨᠢ ᠵᠠᠳᠠᠭᠠᠢ ᠭᠠᠯ ᠤ᠋ᠨ ᠳᠡᠷᠭᠡᠳᠡ ᠤᠨᠲᠠᠵᠤ ᠰᠤᠷᠤᠭᠰᠠᠨ ᠪᠢᠰᠢ ᠪᠢᠯᠢᠤ᠃
— ᠲᠡᠢᠮᠦ ᠨᠢ ᠴᠦ᠍ ᠲᠡᠢᠮᠦ᠂ ᠭᠡᠪᠡᠴᠦ ᠡᠨᠡ ᠬᠦᠢᠲᠡᠨ ᠳ᠋ᠦ᠍ ᠤᠲᠤᠭ᠎ᠠ ᠪᠠᠭᠠᠭᠢᠭᠤᠯᠵᠤ ᠰᠠᠭᠤᠬᠤ ᠨᠢ ᠶᠠᠭᠤᠨ ᠤ᠋ ᠬᠡᠷᠡᠭ ᠲᠡᠢ ᠪᠣᠢ? ᠭᠡᠵᠦ ᠰᠦᠪᠡᠭᠡᠲᠡᠢ ᠪᠠᠭᠠᠲᠤᠷ ᠬᠡᠯᠡᠪᠡ᠃
— ᠮᠣᠰᠺᠸᠠ ᠶ᠋ᠢ ᠬᠣᠭᠣᠰᠣᠨ ᠭᠠᠷ ᠢ᠋ᠶ᠋ᠠᠷ ᠠᠪᠴᠤ ᠪᠣᠯᠬᠤ ᠦᠭᠡᠢ᠃ ᠳᠡᠷᠭᠡᠳᠡ ᠠᠷᠭ᠎ᠠ ᠮᠡᠬᠡ ᠲᠡᠢ ᠡᠪᠦᠭᠡᠨ ᠵᠠᠩᠵᠤᠨ ᠰᠠᠭᠤᠵᠤ ᠪᠣᠢ᠃ ᠪᠢᠳᠡ ᠲᠡᠭᠦᠨ ᠲᠡᠢ ᠨᠡᠯᠢᠶᠡᠳ ᠲᠤᠯᠤᠯᠳᠤᠬᠤ ᠪᠣᠯᠤᠨ᠎ᠠ ᠪᠢᠵᠡ? ᠭᠡᠪᠡᠴᠦ ᠮᠣᠰᠺᠸᠠ ᠮᠠᠨ ᠤ᠋ ᠬᠢ ᠪᠣᠯᠤᠨ᠎ᠠ᠃
ᠪᠠᠲᠤ ᠬᠠᠭᠠᠨ ᠲᠡᠭᠦᠨ ᠦ᠌ ᠳᠡᠭᠦᠦ ᠱᠸᠢᠢᠪᠠᠨᠢ ᠬᠠᠭᠠᠨ ᠬᠣᠶᠠᠷ ᠮᠣᠰᠺᠸᠠ ᠶ᠋ᠢ ᠲᠠᠪᠤᠨ ᠡᠳᠦᠷ ᠪᠦᠰᠡᠯᠡᠨ ᠪᠠᠢᠯᠳᠤᠪᠠ᠃ ᠲᠡᠨᠳᠡ ᠰᠠᠭᠤᠭᠴᠢᠳ ᠪᠠᠲᠤ ᠪᠢᠰᠢ ᠳ᠋ᠥ᠋ᠨᠵᠡᠨ ᠬᠡᠷᠡᠮ ᠦ᠋ᠨ ᠳᠣᠲᠣᠷ᠎ᠠ ᠬᠣᠷᠭᠣᠳᠠᠵᠤ ᠱᠠᠲᠤ ᠪᠠᠷ ᠭᠠᠷᠴᠤ ᠢᠷᠡᠭᠰᠡᠨ ᠲᠠᠲ᠋ᠠᠷ ᠤ᠋ᠳ ᠢ᠋ ᠠᠪᠴᠤ ᠬᠠᠶᠠᠯᠠᠨ ᠰᠢᠷᠦᠭᠦᠨ ᠢ᠋ᠶ᠋ᠡᠷ ᠲᠡᠮᠡᠴᠡᠯᠳᠦᠨ ᠪᠠᠢᠪᠠ᠃ ᠵᠠᠩᠵᠤᠨ ᠹᠢᠯᠢᠫᠫᠡ᠂ ᠸᠠᠩ ᠸᠯᠠᠳᠢᠮᠢᠷ ᠬᠣᠶᠠᠷ ᠶᠠᠳᠠᠷᠠᠭᠰᠠᠨ ᠪᠠᠢᠯᠳᠤᠭᠴᠢᠳ ᠢ᠋ ᠡᠭᠡᠯᠵᠢᠯᠡᠨ ᠰᠣᠯᠢᠬᠤ ᠪᠠ ᠣᠨᠴᠠ ᠠᠶᠤᠯᠲᠠᠢ ᠭᠠᠵᠠᠷ ᠨᠢ ᠲᠤᠰᠠᠯᠠᠬᠤ ᠬᠦᠴᠦᠨ ᠢ᠋ ᠶᠠᠪᠤᠭᠤᠯᠬᠤ ᠵᠡᠷᠭᠡ ᠪᠡᠷ ᠬᠠᠮᠠᠭᠠᠯᠠᠯᠲᠠ ᠶ᠋ᠢ ᠤᠳᠤᠷᠢᠳᠴᠤ ᠪᠠᠢᠯ᠎ᠠ᠃ ᠬᠡᠷᠡᠮ ᠡᠪᠳᠡᠭᠴᠢ ᠪᠠ ᠰᠢᠲᠠᠭᠠᠭᠴᠢ ᠮᠠᠰᠢᠨ ᠨᠤᠭᠤᠳ ᠲᠠᠪᠤᠳᠠᠬᠢ ᠡᠳᠦᠷ ᠬᠦᠷᠦᠯᠴᠡᠨ ᠢᠷᠡᠯ᠎ᠡ᠃ ᠲᠡᠳᠡᠭᠡᠷ ᠮᠠᠰᠢᠨ ᠨᠤᠭᠤᠳ ᠢ᠋᠂ ᠬᠡᠳᠦᠨ ᠵᠠᠭᠤᠨ ᠮᠣᠷᠢ ᠪᠠ ᠣᠯᠵᠠᠯᠠᠭᠳᠠᠭᠴᠢᠳ ᠢ᠋ ᠬᠡᠷᠡᠮ ᠦ᠋ᠨ ᠣᠢᠷ᠎ᠠ ᠠᠪᠴᠢᠷᠠᠪᠠ᠃
ᠬᠣᠲᠠ ᠶ᠋ᠢᠨ ᠳᠣᠲᠣᠷ᠎ᠠ ᠲᠣᠮᠣ ᠲᠣᠮᠣ ᠴᠢᠯᠠᠭᠤ᠂ ᠬᠠᠯᠠᠭᠤᠨ ᠲᠣᠰᠣ ᠪᠠᠷ ᠳᠤᠰᠤᠯᠠᠭᠠᠳ ᠠᠰᠠᠭᠠᠭᠰᠠᠨ ᠪᠠᠮᠪᠠᠷ ᠲᠠᠢ ᠤᠷᠲᠤ ᠰᠤᠮᠤ ᠨᠤᠭᠤᠳ ᠵᠠᠢ ᠵᠠᠪᠰᠠᠷ ᠢ᠋ᠶ᠋ᠠᠷ ᠨᠢᠰᠦᠨ ᠣᠷᠣᠪᠠ᠃
ᠬᠡᠳᠦ ᠬᠡᠳᠦᠨ ᠭᠠᠵᠠᠷ ᠮᠣᠳᠣᠨ ᠪᠠᠢᠰᠢᠩ ᠤ᠋ᠳ ᠭᠡᠨᠡᠳᠲᠡ ᠰᠢᠳᠡᠨ ᠦᠭᠡᠢ ᠪᠣᠯᠵᠤ ᠪᠠᠢᠪᠠ᠃ ᠬᠣᠲᠠ ᠶ᠋ᠢᠨ ᠬᠥᠮᠦᠰ ᠲᠡᠭᠦᠨ ᠢ᠋ ᠤᠨᠲᠠᠷᠠᠭᠠᠵᠤ ᠠᠮᠵᠢᠭᠰᠠᠨ ᠦᠭᠡᠢ᠃ ᠥᠨᠳᠥᠷ ᠡᠷᠭᠢ ᠳᠡᠭᠡᠷᠡᠬᠢ ᠬᠣᠶᠠᠷ ᠲᠦᠳᠡᠭ ᠭᠠᠯ ᠤ᠋ᠨ ᠬᠣᠭᠣᠷᠣᠨᠳᠣ ᠬᠡᠪᠢᠰ ᠢ᠋ᠶ᠋ᠡᠷ ᠪᠦᠲᠡᠭᠡᠭᠰᠡᠨ ᠨᠠᠷᠠᠰᠤᠨ ᠤ᠋ ᠲᠣᠮᠣ ᠲᠡᠷᠭᠡ ᠳᠡᠭᠡᠷ᠎ᠡ ᠪᠠᠲᠤ ᠬᠠᠭᠠᠨ ᠰᠠᠭᠤᠵᠤ ᠳᠡᠷᠭᠡᠳᠡ ᠨᠢ ᠰᠥᠪᠡᠭᠡᠳᠡᠢ ᠪᠠᠭᠠᠲᠤᠷ ᠵᠣᠭᠰᠣᠨ᠎ᠠ᠃ ᠲᠡᠳᠡᠨᠡᠷ ᠲᠡᠷᠡᠬᠦ ᠰᠢᠲᠠᠵᠤ ᠪᠠᠢᠭ᠎ᠠ ᠬᠣᠲᠠ ᠶ᠋ᠢ ᠶᠡᠷᠦ ᠲᠣᠭᠣᠮᠰᠠᠷ ᠦᠭᠡᠢ ᠬᠠᠷᠠᠵᠤ ᠪᠠᠢᠪᠠ᠃
ᠨᠣᠴᠣᠵᠤ ᠪᠣᠢ ᠮᠣᠰᠺᠸᠠ ᠲᠡᠳᠡᠨ ᠳ᠋ᠦ᠍ ᠶᠠᠭᠤ ᠪᠠᠢᠬᠤ ᠪᠢᠯᠡ ᠳ᠋ᠠ! ᠨᠢᠭᠡ ᠬᠣᠲᠠ ᠶ᠋ᠢ ᠨᠡᠮᠡᠵᠦ ᠰᠢᠲᠠᠭᠠᠭᠰᠠᠨ ᠡᠰᠡᠬᠦ ᠶ᠋ᠢᠨ ᠢᠯᠭᠠᠪᠤᠷᠢ ᠪᠠᠢᠬᠤ ᠪᠢᠵᠡ ᠳ᠋ᠠ᠃ ᠲᠡᠳᠡᠨᠡᠷ ᠣᠯᠠᠨ ᠵᠢᠯ ᠦ᠋ᠨ ᠲᠤᠷᠰᠢ ᠬᠢᠲᠠᠳ ᠤ᠋ᠨ ᠬᠣᠷᠧᠽᠮ ᠪᠣᠯᠤᠨ ᠪᠤᠰᠤᠳ ᠣᠷᠣᠨ ᠢ᠋ ᠬᠣᠭᠣᠰᠣᠷᠠᠭᠤᠯᠤᠨ ᠬᠣᠲᠠ ᠪᠠᠯᠭᠠᠳ ᠢ᠋ ᠡᠪᠳᠡᠨ ᠰᠢᠲᠠᠭᠠᠵᠤ ᠶᠠᠪᠤᠭᠰᠠᠨ ᠶᠤᠮ᠃
ᠴᠡᠷᠢᠭ ᠦ᠋ᠳ ᠵᠠᠩᠵᠤᠨ ᠳ᠋ᠤ᠌ ᠣᠯᠵᠠᠯᠠᠭᠳᠠᠭᠰᠠᠳ ᠢ᠋ ᠬᠥᠭᠡᠭᠡᠵᠦ ᠠᠪᠴᠢᠷᠠᠪᠠ᠃ ᠲᠡᠳᠡ ᠳᠡᠪᠡᠯ ᠬᠤᠪᠴᠠᠰᠤ ᠦᠭᠡᠢ ᠨᠢᠴᠦᠭᠦᠨ᠂ ᠬᠦᠢᠲᠡᠨ ᠵᠢᠪᠠᠷ ᠲᠸ᠋ ᠲᠠᠭᠠᠷᠠᠭᠰᠠᠨ ᠤ᠋ ᠳᠡᠭᠡᠷ᠎ᠡ ᠣᠯᠣᠰᠣᠨ ᠬᠦᠯᠢᠭ ᠲᠡᠢ ᠪᠠᠢᠭᠰᠠᠨ ᠪᠣᠯᠪᠠᠴᠤ ᠵᠣᠷᠢᠭᠲᠠᠢ ᠪᠠᠢᠳᠠᠯ ᠢ᠋ᠶ᠋ᠠᠨ ᠬᠡᠪ ᠢ᠋ᠶ᠋ᠡᠷ ᠬᠠᠳᠠᠭᠠᠯᠠᠬᠤ ᠶ᠋ᠢ ᠤᠷᠤᠯᠳᠤᠨ ᠪᠠᠢᠯ᠎ᠠ᠃ ᠲᠡᠳᠡᠨ ᠦ᠌ ᠳᠣᠲᠣᠷ᠎ᠠ ᠰᠠᠢᠨ ᠬᠤᠪᠴᠠᠰᠤ ᠡᠮᠦᠰᠦᠭᠰᠡᠨ ᠨᠢᠭᠡᠨ ᠬᠥᠮᠦᠨ ᠣᠨᠴᠠ ᠢᠯᠭᠠᠷᠠᠨ ᠪᠠᠢᠬᠤ ᠪᠥᠭᠡᠳ ᠲᠡᠭᠦᠨ ᠳ᠋ᠦ᠍ ᠲᠠᠲ᠋ᠠᠷ ᠤ᠋ᠳ ᠤ᠋ᠨ ᠭᠠᠷ ᠬᠦᠷᠦᠭᠡ ᠦᠭᠡᠢ ᠪᠣᠯᠤᠯᠲᠠᠢ᠃ᠲᠡᠭᠦᠨ ᠦ᠌ ᠬᠤᠪᠴᠠᠰᠤ ᠶ᠋ᠢᠨ ᠪᠠᠢᠳᠠᠯ ᠨᠢ ᠲᠣᠷᠭᠠᠨ ᠬᠠᠨᠴᠤᠢ ᠲᠠᠢ ᠪᠤᠯᠠᠭᠠᠨ ᠠᠷᠠᠰᠤᠨ ᠳᠡᠪᠡᠯ ᠲᠡᠢ᠂ ᠭᠣᠶᠣᠮᠰᠣᠭ ᠨᠣᠣᠰᠣᠨ ᠣᠢᠮᠣᠰᠤ᠂ ᠴᠠᠮᠴᠠ᠂ ᠲᠣᠭᠣᠷᠢᠭ ᠢᠰᠡᠭᠡᠢ ᠮᠠᠯᠠᠭᠠᠢ ᠲᠠᠢ ( ᠶ᠋ᠢ )ᠦᠵᠡᠪᠡᠰᠦ ᠡᠨᠡ ᠬᠥᠮᠦᠨ ᠬᠠᠷᠢ ᠭᠠᠵᠠᠷ ᠠ᠋ᠴᠠ ᠢᠷᠡᠭᠰᠡᠨ ᠪᠣᠯᠤᠯᠲᠠᠢ᠃
ᠡᠨᠡ ᠣᠯᠵᠠᠯᠠᠭᠳᠠᠭᠰᠠᠳ (ᠣᠯᠵᠠᠯᠠᠭᠳᠠᠭᠰᠠᠨ ) ᠴᠡᠷᠢᠭ ᠦ᠋ᠳ ᠡᠴᠡ ᠭᠠᠳᠠᠨ᠎ᠠ ᠪᠠᠰᠠ ᠬᠠᠳ᠋ᠵᠢ ᠷᠡᡁᠢᠮ ᠡᠪᠦᠭᠡᠨ ᠨᠠᠽᠠᠷ ᠬᠣᠶᠠᠷ ᠳᠠᠭᠠᠯᠳᠤᠨ ᠢᠷᠡᠭᠡᠳ ᠪᠠᠲᠤ ᠬᠠᠭᠠᠨ ᠤ᠋ ᠳᠡᠷᠭᠡᠳᠡ ᠵᠣᠭᠰᠣᠵᠠᠭᠠᠨ᠎ᠠ᠃
ᠨᠠᠽᠠᠷ᠂ ᠬᠠᠭᠤᠷᠠᠢ ᠬᠦᠷᠡᠩ ᠪᠣᠷᠣ ᠴᠢᠷᠠᠢ ᠭᠠᠷᠭᠠᠵᠤ ᠥᠪᠡᠷ ᠦ᠋ᠨ ᠢᠮᠠᠭᠠᠨ ᠰᠠᠬᠠᠯ ᠢ᠋ ᠵᠠᠰᠠᠵᠤ ᠨᠢᠳᠦ ᠪᠡᠨ ᠡᠷᠭᠢᠯᠳᠦᠭᠦᠯᠦᠨ ᠤᠷᠤᠭᠰᠢ ᠲᠠᠪᠰᠢᠵᠤ ᠵᠣᠭᠰᠣᠬᠤ ᠨᠢ ᠥᠪᠡᠷ ᠲᠡᠭᠡᠨ ᠣᠨᠴᠠ ᠶᠡᠬᠡᠮᠰᠦᠭ ᠳᠦᠷᠢ ᠶ᠋ᠢ ᠦᠵᠡᠭᠦᠯᠬᠦ ᠶ᠋ᠢ ᠬᠦᠰᠡᠭᠰᠡᠨ ᠠᠵᠢ᠃ ᠲᠡᠷᠡ ᠣᠯᠵᠠᠯᠠᠭᠳᠠᠭᠰᠠᠳ ᠢ᠋ ᠬᠦᠯᠢᠭᠰᠡᠨ ᠣᠯᠣᠰᠣᠨ ᠤ᠋ ᠦᠵᠦᠭᠦᠷ ᠢ᠋ ᠨᠢᠭᠡ ᠭᠠᠷ ᠲᠠᠭᠠᠨ ᠪᠠᠷᠢᠵᠤ ᠨᠥᠭᠦᠭᠡ ᠭᠠᠷ ᠲᠠᠭᠠᠨ ᠲᠠᠬᠢᠷ ᠰᠡᠯᠡᠮ᠎ᠡ ᠪᠡᠨ ᠪᠠᠷᠢᠵᠤ ᠵᠣᠭᠰᠣᠨ᠎ᠠ᠃ ᠨᠠᠽᠠᠷ ᠮᠠᠯᠠᠭᠠᠢ ᠪᠠᠨ ᠠᠪᠴᠤ ᠮᠣᠩᠭᠣᠯ ᠤ᠋ᠨ ᠴᠡᠷᠢᠭ ᠦ᠋ᠨ ᠶᠡᠬᠡ ᠬᠠᠭᠠᠨ ᠤ᠋ ᠡᠮᠦᠨ᠎ᠡ ᠡᠪᠦᠳᠦᠭ ᠰᠥᠭᠥᠳᠬᠦ ᠶ᠋ᠢᠨ ᠬᠠᠮᠲᠤ ᠥᠨᠥᠬᠢ ᠭᠣᠶᠣᠮᠰᠣᠭ ᠰᠠᠢᠬᠠᠨ ᠬᠤᠪᠴᠠᠰᠤ ᠲᠠᠢ ᠣᠯᠵᠠᠯᠠᠭᠳᠠᠭᠰᠠᠨ ᠬᠥᠮᠦᠨ ᠨᠢᠭᠡᠨ ᠠᠳᠠᠯᠢ ᠮᠠᠯᠠᠭᠠᠢ ᠪᠠᠨ ᠠᠪᠤᠪᠠ᠃
— ᠡᠪᠦᠳᠦᠭ ᠳᠡᠭᠡᠷ᠎ᠡ ᠪᠡᠨ ᠵᠣᠭᠰᠣᠵᠠᠭᠠᠭᠲᠤᠨ ᠭᠡᠵᠦ ᠨᠠᠽᠠᠷ ᠵᠠᠩᠳᠤᠷᠪᠠ᠃
ᠣᠯᠵᠠᠯᠠᠭᠳᠠᠭᠴᠢᠳ ᠴᠠᠰᠤᠨ ᠳᠣᠲᠣᠷ᠎ᠠ ᠨᠡᠮᠡᠰᠬᠢᠨ ᠰᠠᠭᠤᠵᠠᠭᠠᠪᠠ᠃
— ᠡᠳᠡᠨᠡᠷ ᠬᠡᠨ ᠭᠡᠭᠴᠢ ᠤᠯᠤᠰ ᠤ᠋ᠳ ᠪᠣᠢ? ᠭᠡᠵᠦ ᠪᠠᠲᠤ ᠬᠠᠭᠠᠨ ᠠᠰᠠᠭᠤᠪᠠ᠃
— ᠬᠠᠷᠢ ᠭᠠᠵᠠᠷ ᠤ᠋ᠨ ᠬᠤᠳᠠᠯᠳᠤᠭᠠᠴᠢᠳ ᠲᠠᠢ ᠠᠭᠤᠯᠵᠠᠬᠤ ᠶ᠋ᠢ ᠴᠢ ᠬᠦᠰᠡᠭᠰᠡᠨ ᠰᠢᠦ᠂ ᠲᠡᠳᠡᠨᠡᠷ ᠴᠢᠨᠢ ᠣᠳᠣ ᠲᠠᠨ ᠤ᠋ ᠡᠮᠦᠨ᠎ᠡ ᠢᠷᠡᠭᠡᠳ ᠪᠠᠢᠨ᠎ᠠ᠃ ᠡᠳᠡᠨᠡᠷ ᠤᠰᠤᠨ ᠣᠩᠭᠣᠴᠠ ᠤ᠋ᠳ ᠂ ᠰᠺᠯᠠᠳ᠋ ᠤ᠋ᠳ ᠪᠣᠯᠤᠨ ᠬᠤᠳᠠᠯᠳᠤᠭᠠᠨ ᠤ᠋ ᠳᠡᠯᠭᠡᠭᠦᠷ ᠦ᠋ᠳ ᠲᠡᠢ ᠶᠤᠮ᠂ ᠬᠠᠳ᠋ᠵᠢ ᠷᠠᠾᠢᠮ ᠪᠢᠳᠡ ᠬᠣᠶᠠᠷ ᠶᠡᠬᠡ ᠠᠶᠤᠯ ᠵᠦᠳᠡᠷᠡᠯ ᠢ᠋ ᠦᠵᠡᠵᠦ ᠪᠠᠢᠵᠤ ᠡᠳᠡᠨ ᠢ᠋ ᠰᠤᠯᠠᠯᠠᠨ ᠠᠪᠴᠤ ᠨᠡᠰᠢ ᠠᠪᠴᠢᠷᠠᠪᠠ᠃ ᠡᠨᠡ ᠭᠣᠶᠣᠮᠰᠣᠭ ᠬᠣᠪᠴᠠᠰᠤᠲᠠᠢ ᠲᠠᠢ ᠬᠤᠳᠠᠯᠳᠤᠭᠠᠴᠢᠨ ᠪᠣᠯ ᠲᠡᠳᠡᠨ ᠦ᠌ ᠠᠬᠠᠯᠠᠭᠴᠢ᠂ ᠡᠭᠦᠨ ᠦ᠌ ᠴᠢᠷᠠᠢ ᠶ᠋ᠢ ᠦᠵᠡᠪᠡᠰᠦ ᠪᠠᠰᠠ ᠯᠠ ᠨᠢᠴᠦᠭᠦᠯᠡᠭᠦᠯᠦᠭᠰᠡᠨ ᠪᠠᠢᠳᠠᠯ ᠲᠠᠢ ᠪᠥᠭᠡᠳ ᠲᠠᠲ᠋ᠠᠷ ᠤ᠋ᠨ ᠬᠦᠴᠦᠨ ᠲᠡᠢ ᠲᠠᠨᠢᠯᠴᠠᠭᠰᠠᠨ ᠪᠣᠯᠤᠯᠲᠠᠢ᠃ ᠭᠡᠪᠡᠴᠦ ᠡᠨᠡ ᠬᠦᠨᠳᠦᠯᠡᠬᠦ ᠶ᠋ᠢ ᠬᠦᠰᠡᠵᠦ᠂ ᠲᠤᠰᠬᠠᠢ ᠭᠠᠵᠠᠷ ᠨᠢᠭᠤᠭᠳᠠᠭᠰᠠᠨ ᠬᠤᠪᠴᠠᠰᠤ ᠪᠠᠨ ᠲᠠᠨ ᠤ᠋ ᠨᠢᠭᠤᠷ ᠤ᠋ᠨ ᠡᠮᠦᠨ᠎ᠡ ᠵᠣᠬᠢᠰᠲᠠᠢ ᠪᠠᠷ ᠲᠠᠯᠪᠢᠬᠤ ᠶ᠋ᠢᠨ ᠲᠤᠯᠠᠳᠠ ᠠᠪᠴᠢᠷᠠᠭᠰᠠᠨ ᠰᠢᠦ᠃
— ᠡᠨᠡ ᠬᠡᠨ ᠭᠡᠭᠴᠢ ᠪᠣᠢ᠂ ᠶᠠᠮᠠᠷ ᠤᠯᠤᠰ ᠤ᠋ᠨ ᠶᠠᠮᠠᠷ ᠨᠡᠷᠡᠲᠡᠢ ᠬᠣᠲᠠ ᠠ᠋ᠴᠠ ᠢᠷᠡᠭᠰᠡᠨ ᠤᠯᠤᠰ ᠪᠣᠢ? ᠮᠣᠰᠺᠸᠠ ᠬᠣᠲᠠᠨ ᠳ᠋ᠤ᠌ ᠶᠠᠮᠠᠷ ᠠᠵᠢᠯ ᠲᠠᠢ ᠪᠠᠢᠳᠠᠭ ᠪᠣᠢ? ᠡᠯ᠎ᠡ ᠪᠦᠬᠦᠨ ᠢ᠋ ᠨᠢ ᠬᠡᠯᠡᠭᠲᠦᠨ ᠭᠡᠵᠦ ᠪᠠᠲᠤ ᠬᠠᠭᠠᠨ ᠬᠡᠯᠡᠪᠡ᠃
ᠬᠤᠳᠠᠯᠳᠤᠭᠠᠴᠢᠳ ᠤ᠋ᠨ ᠠᠬᠠᠯᠠᠭᠴᠢ ᠪᠣᠰᠴᠤ ᠬᠥᠯ ᠢ᠋ᠶ᠋ᠡᠨ ᠠᠪᠴᠤ ᠶᠣᠰᠣᠯᠠᠭᠠᠳ ᠣᠷᠣᠰ ᠬᠡᠯᠡ ᠪᠡᠷ ᠴᠢᠭ᠌ ᠬᠡᠯᠡᠬᠦ ᠶ᠋ᠢ ᠦᠵᠡᠪᠡᠰᠦ ᠡᠨᠡ ᠬᠡᠯᠡ ᠶ᠋ᠢ ᠬᠡᠳᠦᠢᠨ ᠡᠴᠡ ᠨᠡᠯᠢᠶᠡᠳ ᠰᠠᠢᠨ ᠮᠡᠳᠡᠬᠦ ᠬᠥᠮᠦᠨ ᠪᠣᠯᠤᠯᠲᠠᠢ᠃ ᠲᠡᠭᠦᠨ ᠦ᠌ ᠦᠭᠡ ᠶ᠋ᠢ ᠬᠡᠯᠡᠮᠦᠷᠴᠢ ᠣᠷᠴᠢᠭᠤᠯᠤᠭᠰᠠᠨ ᠨᠢ᠂
— ᠮᠢᠨᠦ ᠪᠡᠶ᠎ᠡ ᠪᠠ ᠮᠢᠨᠦ ᠬᠣᠶᠠᠷ ᠨᠥᠬᠥᠷ ᠪᠣᠯ ᠬ᠌ᠸᠷᠮᠠᠨ ᠨᠤᠲᠤᠭ ᠤ᠋ᠨ ᠸᠧᠨ᠎ᠠ ᠮᠣᠵᠢ ᠳ᠋ᠠᠬᠢ ᠯᠸᠶᠥᠪᠸᠺ ᠭᠡᠳᠡᠭ ᠪᠠᠶᠠᠨ ᠬᠣᠲᠠ ᠶ᠋ᠢᠨ ᠬᠥᠮᠦᠰ᠂ ᠪᠤᠰᠤᠳ ᠨᠢ ᠥᠭᠡᠷ᠎ᠡ ᠬᠣᠲᠠ ᠨᠤᠭᠤᠳ ᠠ᠋ᠴᠠ ᠢᠷᠡᠭᠰᠡᠨ ᠪᠥᠭᠡᠳ ᠡᠭᠦᠨ ᠳ᠋ᠦ᠍ ᠳ᠋ᠢᠲ᠋ᠮᠠᠷ ᠪᠷᠶᠥᠭᠸ ᠡᠴᠡ᠂ ᠥᠳᠥᠯᠹ ᠳ᠋ᠤᠷᠲ᠋ᠮᠥ᠋ᠡᠸ ᠡᠴᠡ᠂ ᠷᠸᠢ᠌ᠨᠤᠯᠳ᠋ ᠰᠸᠰᠲ᠋ ᠡᠴᠡ᠂ ᠺᠠᠷᠤᠯ ᠮᠸᠳ᠋ᠸᠪᠠᠾ ᠠ᠋ᠴᠠ ᠲᠤᠰ ᠲᠤᠰ ᠢᠷᠡᠪᠡ᠃ ᠮᠠᠨ ᠤ᠋ ᠡᠴᠢᠭᠡ ᠨᠦ᠍ᠭᠦᠳ ᠡᠷᠲᠡ ᠳᠡᠭᠡᠷ᠎ᠡ
ᠡᠴᠡ ᠠᠪᠤᠭᠠᠳ ᠬᠡᠳᠦᠨ ᠠᠷᠪᠠᠭᠠᠳ ᠵᠢᠯ ᠦ᠋ᠨ ᠲᠤᠷᠰᠢ ᠣᠷᠣᠰ ᠤ᠋ᠳ ᠲᠠᠢ ᠬᠤᠳᠠᠯᠳᠤᠭ᠎ᠠ ᠬᠢᠭᠰᠡᠭᠡᠷ ᠢᠷᠡᠭᠰᠡᠨ ᠲᠤᠯᠠ ᠪᠢᠳᠡ ᠴᠥᠮ《ᠷᠦᠽᠠᠷᠢᠶᠠᠮ 》ᠭᠡᠳᠡᠭ ᠬᠤᠳᠠᠯᠳᠤᠭᠠᠴᠢᠨ ᠳ᠋ᠤ᠌ ᠵᠠᠬᠢᠷᠤᠭᠳᠠᠨ᠎ᠠ᠃ ᠡᠨᠡ ᠬᠣᠲᠠᠨ ᠳ᠋ᠤ᠌ ᠪᠢᠳᠡᠨ ᠦ᠌ ᠲᠠᠲᠠᠪᠤᠷᠢ ᠶ᠋ᠢᠨ ᠰᠺᠯᠠᠳ᠋ ᠨᠢᠭᠡ ᠳᠡᠯᠭᠡᠭᠦᠷ ᠪᠣᠢ ᠠ᠋ᠴᠠ ᠭᠠᠳᠠᠨ᠎ᠠ ᠵᠤᠨ ᠤ᠋ ᠴᠠᠭ ᠲᠤ᠌ ᠣᠷᠣᠰ ᠤ᠋ᠨ ᠨᠤᠲᠤᠭ ᠤ᠋ᠨ ᠳᠣᠲᠣᠷᠠᠬᠢ ᠭᠣᠣᠯ ᠮᠥᠷᠡᠨ ᠨᠤᠭᠦᠳ ᠢ᠋ᠶ᠋ᠡᠷ ᠶᠠᠪᠤᠳᠠᠭ ᠬᠡᠳᠦᠨ ᠲᠣᠮᠣ ᠵᠠᠪᠢ ᠪᠣᠢ᠃ ᠮᠠᠨ ᠤ᠋ ᠨᠤᠲᠤᠭ ᠲᠤ᠌ ᠪᠢᠳᠡᠨ ᠢ᠋ ᠭᠠᠨᠽᠠᠢᠼᠢ ᠭᠡᠵᠦ ᠨᠡᠷᠡᠯᠡᠳᠡᠭ ᠶᠤᠮ᠃ ᠤᠰᠤᠨ ᠤ᠋ ᠲᠣᠮᠣ ᠣᠩᠭᠣᠴᠠ ᠳᠡᠭᠡᠷ᠎ᠡ ᠶᠠᠭᠤᠨ ᠠ᠋ᠴᠠ (? ) ᠭᠠᠨᠽᠠᠢᠴᠢᠳ ᠭᠡᠳᠡᠭ ᠨᠢ ᠬ᠌ᠸᠷᠮᠠᠨ ᠤ᠋ ᠬᠤᠳᠠᠯᠳᠤᠭᠠᠴᠢᠳ ᠤ᠋ᠨ ᠭᠠᠳᠠᠭᠠᠳᠤ ᠲᠠᠢ ᠬᠠᠷᠢᠯᠴᠠᠬᠤ ᠬᠣᠯᠪᠣᠭ᠎ᠠ ᠪᠥᠭᠡᠳ ᠡᠢᠮᠦ ᠬᠣᠯᠪᠣᠭ᠎ᠠ ᠧᠦ᠋ᠷᠣᠫᠠ ᠶ᠋ᠢᠨ ᠣᠯᠠᠩᠬᠢ ᠤᠯᠤᠰ ᠤ᠋ᠳ ᠲᠤ᠌ ᠡᠭᠦᠰᠴᠡᠢ᠃ ᠪᠠᠲᠤ ᠬᠠᠭᠠᠨ ᠤ᠋ ᠦᠶ᠎ᠡ ᠳ᠋ᠦ᠍ ᠡᠨᠡ ᠬᠤᠳᠠᠯᠳᠤᠭ᠎ᠠ ᠣᠷᠣᠰ ᠤ᠋ᠨ ᠳᠣᠲᠣᠷ᠎ᠠ ᠵᠥᠭᠡᠯᠡᠨ ᠪᠠᠢᠭᠰᠠᠨ ᠢ᠋ ᠲᠠᠲ᠋ᠠᠷ ᠨᠠᠷ ᠲᠣᠭᠣᠮᠰᠠᠷᠯᠠᠨ ᠪᠠᠢᠭᠰᠠᠨ ᠪᠣᠯᠠᠢ ᠂ ᠠᠶᠤᠯ ᠦᠭᠡᠢ ᠶᠠᠪᠤᠵᠤ ᠠᠯᠤᠰ ᠬᠣᠯᠠ ᠶ᠋ᠢᠨ ᠣᠷᠣᠨ ᠨᠤᠭᠤᠳ ᠲᠠᠢ ᠠᠷᠠᠯᠵᠢᠶ᠎ᠠ ᠬᠤᠳᠠᠯᠳᠤᠭ᠎ᠠ ᠶᠠᠪᠤᠭᠤᠯᠳᠠᠭ ᠬᠤᠳᠠᠯᠳᠤᠭᠠᠴᠢᠳ ᠢ᠋ ᠲᠡᠢᠨᠬᠥ ᠨᠡᠷᠡᠯᠡᠨ᠎ᠡ᠃ ᠪᠢᠳᠡᠨ ᠦ᠌ ᠣᠷᠣᠰ ᠲᠠᠢ ᠬᠤᠳᠠᠯᠳᠤᠭ᠎ᠠ ᠬᠢᠬᠦ ᠳ᠋ᠡᠭᠡᠨ ᠳᠡᠮᠵᠢᠵᠦ ᠶᠠᠪᠤᠳᠠᠭ ᠭᠣᠣᠯ ᠬᠣᠲᠠ ᠪᠣᠯ ᠰᠮᠥᠯᠸᠡᠰᠺ ᠭᠡᠳᠡᠭ ᠠᠯᠳᠠᠷᠲᠠᠢ ᠬᠣᠲᠠ ᠪᠣᠯᠤᠨ᠎ᠠ᠃ ᠲᠡᠨᠳᠡ ᠡᠴᠡ ᠪᠢᠳᠡᠨᠡᠷ ᠳ᠋ᠨ᠋ᠸᠫᠷ ᠮᠥᠷᠡᠨ ᠢ᠋ᠶ᠋ᠡᠷ ᠶᠠᠪᠤᠵᠤ ᠺᠢᠶᠸᠸ ᠪᠠ ᠴᠠᠰᠢ ᠳᠣᠷᠣᠨ᠎ᠠ ᠵᠦᠭ ᠢ᠋ ᠴᠢᠭᠯᠡᠨ ᠶᠠᠪᠤᠨ᠎ᠠ᠃ ᠤᠮᠠᠷᠠᠲᠤ ᠵᠦᠭ ᠲᠦ᠍ ᠪᠢᠳᠡᠨᠡᠷ ᠳ᠋ᠸᠢ᠍ᠨᠠ ᠭᠡᠳᠡᠭ ᠭᠣᠣᠯ ᠢ᠋ᠶ᠋ᠠᠷ ᠶᠠᠪᠤᠳᠠᠭ ᠪᠢᠯᠡ᠃ ᠮᠠᠨ ᠤ᠋ ᠵᠠᠷᠢᠮ ᠬᠠᠮᠤᠭ ᠤ᠋ᠨ ᠵᠣᠷᠢᠭᠲᠠᠢ ᠭᠠᠨᠽᠠᠢᠴᠤᠳ ᠂ ᠲᠠᠸᠠᠷ ᠠᠪᠬᠤ ᠪᠠᠷ ᠨᠤᠸᠭᠤᠷᠤᠳ᠋ ᠪᠠ ᠲᠡᠭᠦᠨ ᠡᠴᠡ ᠤᠯᠠᠮ ᠤᠯᠠᠮ ᠺᠠᠮ ᠭᠣᠣᠯ ᠳᠡᠭᠡᠷ᠎ᠡ ᠪᠠᠢᠭ᠎ᠠ ᠪᠣᠯᠭᠠᠷᠢ ᠭᠡᠳᠡᠭ ᠪᠠᠶᠠᠨ ᠬᠣᠲᠠ ᠨᠤᠭᠤᠳ ᠢ᠋ᠶ᠋ᠠᠷ ᠶᠠᠪᠤᠵᠤ ᠪᠠᠢᠭᠰᠠᠨ ᠪᠢᠯᠡ᠃
— ᠲᠠᠨᠠᠷ ᠶᠠᠮᠠᠷ ᠵᠦᠢᠯ ᠦ᠋ᠨ ᠲᠠᠸᠠᠷ ᠢ᠋ ᠬᠤᠳᠠᠯᠳᠤᠭᠠᠯᠠᠳᠠᠭ ᠪᠣᠢ? ᠭᠡᠵᠦ ᠪᠠᠲᠤ ᠬᠠᠭᠠᠨ ᠠᠰᠠᠭᠤᠪᠠ᠃
— ᠪᠢᠳᠡ ᠪᠣᠯᠭᠠᠷᠢ ᠪᠠ ᠠᠷᠠᠪ ᠠ᠋ᠴᠠ ᠢᠮᠪᠢᠷ᠂ ᠲᠠᠪᠤᠨ ᠬᠠᠯᠠᠭᠤᠨ᠂ᠬᠠᠲᠠᠭᠠᠭᠰᠠᠨ ᠦᠵᠦᠮ᠂ ᠬᠠᠲᠠᠭᠠᠭᠰᠠᠨ ᠵᠢᠮᠢᠰ ᠵᠡᠷᠭᠡ ᠶ᠋ᠢᠨ ᠳᠣᠷᠣᠨ᠎ᠠ ᠣᠷᠣᠨ ᠤ᠋ ᠲᠠᠸᠠᠷ ᠤ᠋ᠳ ᠢ᠋ ᠬᠤᠳᠠᠯᠳᠤᠨ ᠠᠪᠳᠠᠭ᠃ ᠣᠷᠣᠰ ᠠ᠋ᠴᠠ ᠯᠠ᠂ ᠵᠥᠭᠡᠢ ᠶ᠋ᠢᠨ ᠪᠠᠯ ᠂ ᠠᠩ ᠤ᠋ᠨ ᠦᠰᠦ ᠂ ᠨᠣᠣᠰᠣ ᠂ ᠬᠢᠯᠭᠠᠰᠤ ᠂ ᠲᠣᠰᠣ᠂ ᠠᠷᠠᠰᠤ᠂ ᠥᠭᠡᠬᠦ ᠵᠡᠷᠭᠡ ᠵᠦᠢᠯ ᠢ᠋ ᠬᠤᠳᠠᠯᠳᠤᠨ ᠠᠪᠳᠠᠭ ᠶᠤᠮ᠃
— ᠲᠠᠨᠠᠷ ᠥᠪᠡᠷᠰᠡᠳ ᠢ᠋ᠶ᠋ᠡᠨ ᠶᠠᠭᠤ ᠬᠤᠳᠠᠯᠳᠤᠳᠠᠭ ᠪᠣᠢ?
— ᠪᠢᠳᠡ ᠬ᠌ᠸᠷᠮᠠᠨ ᠤ᠋ ᠭᠠᠢᠬᠠᠮᠰᠢᠭᠲᠠᠢ ᠰᠠᠢᠨ ᠴᠡᠮᠪᠡ ᠪᠠ ᠨᠡᠬᠡᠮᠡᠯ ᠪᠥᠰ ᠂ ᠳᠠᠪᠤᠤ ᠶ᠋ᠢ ᠬᠤᠳᠠᠯᠳᠤᠨ᠎ᠠ᠃ ᠮᠥᠨ ᠵᠡᠪᠰᠡᠭ ᠪᠠ ᠲᠡᠮᠦᠷ ᠦ᠋ᠨ ᠵᠦᠢᠯ᠂ ᠷᠸᠢᠢᠨᠠᠨᠢ ᠠᠷᠢᠬᠢ ᠪᠣᠯᠪᠠᠰᠤᠷᠠᠭᠤᠯᠤᠭᠴᠢᠳ ᠤ᠋ᠨ ᠨᠡᠷᠡᠭᠰᠡᠨ ᠠᠷᠢᠬᠢ᠂ ᠮᠥᠨ ᠮᠸᠳᠡᠯᠢ᠂ ᠠᠯᠲᠠ᠂ ᠮᠥᠩᠭᠥ ᠪᠡᠷ ᠬᠢᠭᠰᠡᠨ ᠰᠠᠢᠨ ᠡᠳ᠋ᠯᠡᠯ ᠦ᠋ᠳ ᠢ᠋ ᠠᠪᠴᠢᠷᠠᠳᠠᠭ᠂ ᠵᠡᠰ ᠴᠠᠭᠠᠨ ᠲᠤᠭᠤᠯᠭᠠᠨ ᠲᠠᠪᠠᠭ ᠠᠶᠠᠭ᠎ᠠ ᠶ᠋ᠢᠨ ᠵᠦᠢᠯᠡᠰ ᠲᠡᠭᠦᠨᠴᠢᠯᠡᠨ ᠬᠠᠷ᠎ᠠ ᠲᠤᠭᠤᠯᠭ᠎ᠠ᠂ ᠪᠣᠳᠣᠭ ᠵᠡᠷᠭᠡ ᠶ᠋ᠢ ᠬᠤᠳᠠᠯᠳᠤᠳᠠᠭ᠃
— ᠲᠠ ᠣᠳᠣ ᠥᠪᠡᠷ ᠦ᠋ᠨ ᠲᠠᠸᠠᠷ ᠤ᠋ᠳ ᠠ᠋ᠴᠠ ᠨᠠᠳᠠᠳᠤ ᠦᠵᠡᠭᠦᠯᠵᠦ ᠴᠢᠳᠠᠬᠤ ᠤᠤ?
ᠬᠤᠳᠠᠯᠳᠤᠭᠠᠴᠢᠨ ᠳᠠᠬᠢᠨ ᠰᠥᠭᠥᠳᠴᠦ᠂
— ᠪᠢᠳᠡ ᠴᠣᠬᠣᠮ ᠶᠠᠮᠠᠷ ᠵᠦᠢᠯ ᠦ᠋ᠨ ᠲᠠᠸᠠᠷ ᠤ᠋ᠳ ᠢ᠋ᠶ᠋ᠠᠷ ᠬᠤᠳᠠᠯᠳᠤᠭ᠎ᠠ ᠬᠢᠳᠡᠭ ᠢ᠋ᠶ᠋ᠡᠨ ᠥᠨᠳᠥᠷ ᠡᠵᠡᠨᠲᠦ ᠶᠡᠬᠡ ᠬᠠᠭᠠᠨ ᠲᠠᠨ᠎ᠠ ᠲᠣᠯᠢᠯᠠᠭᠤᠯᠬᠤ ᠨᠢ ᠮᠠᠨ ᠳ᠋ᠤ᠌ ᠠᠭᠤᠤ ᠶᠡᠬᠡ ᠵᠠᠪᠰᠢᠶᠠᠨ ᠪᠢᠯᠡ᠃ ᠭᠡᠲᠡᠯ᠎ᠡ ᠡᠷᠬᠢᠮ ᠶᠡᠬᠡ ᠬᠠᠭᠠᠨ ᠲᠠᠨ ᠤ᠋ ᠨᠢᠭᠦᠯᠡᠰᠦᠩᠭᠦᠢ ᠥᠷᠥᠰᠢᠶᠡᠯ ᠢ᠋ᠶ᠋ᠡᠷ ᠵᠠᠰᠠᠵᠤ ᠪᠣᠯᠬᠤ ᠨᠢᠭᠡᠨ ᠵᠦᠢᠯ ᠦ᠋ᠨ ᠶᠠᠯᠢᠮ ᠦᠭᠡᠢ ᠰᠠᠭᠠᠳ ᠪᠤᠳᠤᠯᠢᠶᠠᠨ ᠲᠣᠬᠢᠶᠠᠯᠳᠤᠭᠰᠠᠨ ᠨᠢ ᠬᠠᠷᠠᠮᠰᠠᠯᠲᠠᠢ ᠪᠣᠯᠪᠠ᠃
— ᠶᠠᠭᠤ ᠪᠣᠯᠤᠭᠰᠠᠨ ᠪᠣᠢ?᠁ ᠭᠡᠵᠦ ᠪᠠᠲᠤ ᠬᠠᠭᠠᠨ ᠨᠢᠳᠦᠨ ᠳ᠋ᠡᠭᠡᠨ ᠪᠠᠶᠠᠰᠬᠤᠯᠠᠩ ᠤ᠋ᠨ ᠣᠴᠢ ᠶ᠋ᠢ ᠦᠵᠡᠭᠦᠯᠦᠭᠰᠡᠨ ᠪᠣᠯᠪᠠᠴᠤ ᠬᠢᠴᠢᠶᠡᠩᠭᠦᠢ ᠪᠠᠢᠳᠠᠯ ᠢ᠋ᠶ᠋ᠠᠨ ᠬᠡᠪ ᠢ᠋ᠶ᠋ᠡᠷ ᠬᠠᠳᠠᠭᠠᠯᠠᠬᠤ ᠶ᠋ᠢ ᠤᠷᠤᠯᠳᠤᠨ ᠬᠡᠯᠡᠪᠡ᠃
— ᠲᠠᠨ ᠤ᠋ ᠶᠡᠬᠡ ᠪᠠᠭᠠᠲᠤᠷ ᠴᠡᠷᠢᠭ ᠦ᠋ᠳ ᠮᠠᠨ ᠤ᠋ ᠲᠠᠸᠠᠷ ᠤ᠋ᠳ ᠤ᠋ᠨ ᠰᠺᠯᠠᠳ᠋ ᠲᠤ᠌ ᠵᠣᠴᠢᠯᠠᠨ ᠣᠷᠣᠭᠠᠳ ᠲᠤᠰ ᠪᠦᠷᠢ ᠳ᠋ᠡᠭᠡᠨ ᠬᠡᠷᠡᠭᠯᠡᠬᠦ ᠳᠤᠷᠠᠲᠠᠢ ᠵᠦᠢᠯᠡᠰ ᠢ᠋ᠶ᠋ᠡᠨ ᠠᠪᠤᠯ᠎ᠠ᠃ ᠡᠭᠦᠨ ᠳ᠋ᠦ᠍ ᠴᠡᠷᠢᠭ ᠦ᠋ᠳ ᠣᠯᠠᠨ ᠪᠥᠭᠡᠳ ᠲᠠᠸᠠᠷ ᠳᠤᠲᠠᠭᠳᠠᠯ ᠲᠠᠢ ᠪᠠᠢᠭᠰᠠᠨ ᠲᠤᠯᠠ ᠴᠡᠮᠪᠡ ᠪᠥᠰ ᠳᠠᠪᠤᠤ ᠨᠤᠭᠤᠳ ᠠ᠋ᠴᠠ ᠴᠡᠷᠢᠭ ᠪᠦᠬᠦᠨ ᠬᠡᠰᠡᠭ ᠬᠡᠰᠡᠭ ᠢ᠋ᠶ᠋ᠡᠷ ᠣᠭᠲᠣᠴᠢᠨ ᠠᠪᠤᠭᠠᠳ ᠠᠷᠢᠬᠢ ᠶ᠋ᠢ ᠤᠤᠭᠤᠵᠠᠭᠠᠪᠠ᠃ ᠬᠦᠨᠳᠦᠲᠦ ᠵᠣᠴᠢᠳ ᠤ᠋ᠨ ᠲᠣᠭ᠎ᠠ ᠮᠠᠰᠢ ᠣᠯᠠᠨ ᠪᠠᠢᠭᠰᠠᠨ ᠲᠤᠯᠠ ᠠᠭᠤᠤ ᠶᠡᠬᠡ ᠡᠵᠡᠨ ᠲᠠᠨ ᠳ᠋ᠤ᠌ ᠪᠢᠳᠡᠨ ᠦ᠌ ᠴᠢᠩ ᠦᠨᠡᠨᠴᠢ ᠶ᠋ᠢ ᠢᠯᠡᠳᠬᠡᠨ ᠪᠠᠷᠢᠬᠤ ᠥᠴᠦᠬᠡᠨ ᠴᠦ᠍ ᠵᠦᠢᠯ ᠢ᠋ ᠬᠠᠮᠢᠶᠠᠲᠠᠨ ᠠᠪᠴᠤ ᠴᠢᠳᠠᠭᠰᠠᠨ ᠦᠭᠡᠢ᠃
— ᠡᠳᠡᠨ ᠢ᠋ ᠴᠠᠪᠴᠢᠨ ᠠᠯᠠᠬᠤ ᠶ᠋ᠢ ᠲᠤᠰᠢᠶᠠᠭᠲᠤᠨ᠁ ᠭᠡᠵᠦ ᠰᠦᠪᠡᠭᠡᠳᠡᠢ ᠪᠠᠭᠠᠲᠤᠷ ᠴᠢᠮᠡᠭᠡ ᠦᠭᠡᠢ ᠳᠠᠭᠤᠨ ᠢ᠋ᠶ᠋ᠠᠷ ᠰᠢᠪᠡᠨᠡᠭᠡᠳ᠂
—ᠪᠦᠬᠦ ᠴᠥᠮ ᠤᠪ ᠮᠡᠬᠡ ᠭᠠᠷᠭᠠᠵᠤ ᠪᠠᠢᠭ᠎ᠠ ᠶᠤᠮ (ᠭᠡᠬᠦ ᠳ᠋ᠦ᠍)
— ᠦᠭᠡᠢ᠂ ᠪᠢ ᠡᠳᠡᠨ ᠢ᠋ ᠰᠠᠢᠰᠢᠶᠠᠨ ᠱᠠᠩᠨᠠᠨ᠎ᠠ ᠭᠡᠵᠦ ᠪᠠᠲᠤ ᠬᠠᠭᠠᠨ ᠨᠠᠮᠤᠭᠤᠬᠠᠨ ᠢ᠋ᠶ᠋ᠠᠷ ᠬᠠᠷᠢᠭᠤᠯᠪᠠ᠃
— ᠡᠨᠡ ᠠᠶᠤᠮᠰᠢᠭᠲᠠᠢ ᠬᠡᠷᠡᠭ ᠪᠣᠯᠤᠨ᠎ᠠ᠃
— ᠳᠠᠭᠤ ᠦᠭᠡᠢ! ᠲᠡᠭᠡᠬᠦ ᠬᠡᠷᠡᠭᠲᠡᠢ ᠶᠤᠮ᠁ ᠭᠡᠵᠦ ᠪᠠᠲᠤ ᠬᠠᠭᠠᠨ ᠬᠠᠷᠢᠭᠤ ᠬᠡᠯᠡᠭᠡᠳ ᠬᠤᠳᠠᠯᠳᠤᠭᠠᠴᠢᠳ ᠤ᠋ᠨ ᠵᠦᠭ ᠳᠠᠬᠢᠨ ᠬᠠᠨᠳᠤᠵᠤ᠂
— ᠲᠠᠨᠠᠷ ᠴᠢᠨᠢ ᠮᠢᠨᠦ ᠴᠡᠷᠢᠭ ᠦ᠋ᠳ ᠲᠦ᠍ ᠭᠣᠮᠣᠳᠠᠵᠤ ᠪᠠᠢᠭ᠎ᠠ ᠶᠤᠮ ᠪᠢᠵᠡ ᠳ᠋ᠠ?
— ᠥᠴᠦᠬᠡᠨ ᠴᠦ᠍ ᠦᠭᠡᠢ ᠪᠢᠯᠡ᠁ ᠭᠡᠵᠦ ᠬᠤᠳᠠᠯᠳᠤᠭᠠᠴᠢᠨ ᠤ᠋ ᠠᠬᠠᠯᠠᠭᠴᠢ ᠲᠠᠢᠪᠤᠩ ᠢ᠋ᠶ᠋ᠠᠷ ᠬᠠᠷᠢᠭᠤᠯᠤᠭᠠᠳ᠂
— ᠭᠠᠭᠴᠠᠬᠠᠨ ᠪᠢᠳᠡ ᠨᠠᠷ ᠥᠭᠯᠢᠭᠡᠴᠢ ᠬᠥᠮᠦᠰ ᠪᠣᠯᠵᠤ ᠴᠢᠳᠠᠭᠰᠠᠨ ᠦᠭᠡᠢ ᠳ᠋ᠡᠭᠡᠨ ᠪᠢ ᠶᠡᠬᠡᠳᠡ ᠬᠠᠷᠠᠮᠰᠠᠨ᠎ᠠ᠃ ᠲᠡᠢᠨ ᠭᠡᠪᠡᠴᠦ ᠡᠷᠬᠢᠮ ᠶᠡᠬᠡ ᠡᠵᠡᠨ ᠲᠠᠨ ᠳ᠋ᠤ᠌ ᠵᠣᠷᠢᠭᠤᠯᠵᠤ ᠡᠨᠡ ᠥᠴᠦᠬᠡᠨ ᠪᠡᠯᠡᠭ ᠢ᠋ ᠦᠯᠡᠳᠡᠭᠡᠵᠦ ᠠᠮᠵᠢᠪᠠ ᠭᠡᠳ ᠲᠡᠷᠡ ᠬᠤᠳᠠᠯᠳᠤᠭᠠᠴᠢᠨ ᠠᠷᠢᠬᠢᠨ ᠤ᠋ ᠠᠯᠲᠠᠨ ᠴᠢᠮᠡᠭᠯᠡᠯ ᠪᠦᠬᠦᠢ ᠲᠣᠮᠣ ᠰᠠᠢᠬᠠᠨ ᠮᠥᠩᠭᠥᠨ ᠰᠠᠪᠠ ᠶ᠋ᠢ ᠡᠪᠦᠷ ᠡᠴᠡ ᠪᠡᠨ ᠭᠠᠷᠭᠠᠵᠤ ᠪᠠᠲᠤ ᠬᠠᠭᠠᠨ ᠳ᠋ᠤ᠌ ᠡᠷᠭᠦᠨ ᠪᠠᠷᠢᠪᠠ᠃ ᠪᠠᠲᠤ ᠬᠠᠭᠠᠨ ᠢᠨᠢᠶᠡᠮᠰᠦᠭᠯᠡᠨ ᠬᠢᠯᠢᠩ ᠶᠡᠬᠡᠲᠦ ᠰᠦᠪᠡᠭᠡᠳᠡᠢ ᠪᠠᠭᠠᠲᠤᠷ ᠢ᠋ ᠬᠠᠷᠠᠭᠠᠳ ᠲᠡᠷᠡ ᠰᠠᠪᠠ ᠶ᠋ᠢ ᠬᠦᠯᠢᠶᠡᠨ ᠠᠪᠴᠤ ᠶᠡᠬᠡᠳᠡ ᠰᠣᠨᠢᠷᠬᠠᠨ ᠲᠡᠭᠦᠨ ᠦ᠌ ᠲᠠᠭ ᠢ᠋ ᠨᠡᠭᠡᠭᠡᠨ ᠳᠣᠲᠣᠷ᠎ᠠ ᠲᠠᠯ᠎ᠠ ᠶ᠋ᠢ ᠬᠠᠷᠠᠵᠤ ᠤᠳᠠᠭᠠᠨ ᠢ᠋ᠶ᠋ᠠᠷ ᠦᠵᠡᠨ᠎ᠡ᠃
— ᠡᠨᠳᠡ ᠵᠥᠪᠬᠡᠨ ᠰᠢᠪᠠᠭᠤᠨ ᠤ᠋ ᠬᠠᠭᠠᠰ ᠪᠠᠢᠳᠠᠭ ᠤᠴᠢᠷ ᠶᠠᠭᠤ ᠪᠣᠢ? ᠡᠨᠳᠡ ᠪᠠᠰᠠ ᠲᠦᠯᠬᠢᠭᠦᠷ ᠶᠠᠭᠤᠨ ᠳ᠋ᠤ᠌ ᠪᠠᠢᠭ᠎ᠠ ᠪᠢᠯᠡ?
— ᠡᠨᠡ ᠪᠣᠯ ᠮᠠᠨ ᠤ᠋ ᠯᠶᠥ᠋ᠪᠸᠺ ᠬᠣᠲᠠ ᠳ᠋ᠤ᠌ ᠪᠠᠢᠳᠠᠭ ᠭᠠᠨᠽᠠᠢ ᠶ᠋ᠢᠨ ᠡᠪᠯᠡᠯ ᠦ᠋ᠨ ᠰᠦᠯᠳᠡ ᠲᠡᠮᠳᠡᠭ ᠪᠥᠭᠡᠳ ᠭᠧᠷᠮᠠᠨ ᠤ᠋ ᠬᠠᠷ᠎ᠠ ᠪᠦᠷᠭᠦᠳ ᠤ᠋ᠨ ᠬᠠᠭᠠᠰ ᠮᠥᠩᠭᠥ ᠬᠠᠷᠢᠨ ᠨᠥᠭᠦᠭᠡ ᠲᠠᠯ᠎ᠠ ᠳᠡᠭᠡᠷ᠎ᠡ ᠨᠢ ᠪᠦᠬᠦ ᠬᠤᠳᠠᠯᠳᠤᠭᠠᠴᠢᠳ ᠢ᠋ ᠵᠠᠬᠢᠷᠬᠤ ᠫᠸᠲ᠋ᠷ ᠬᠤᠪᠢᠯᠭᠠᠨ ᠳ᠋ᠤ᠌ ᠲᠦᠯᠬᠢᠭᠦᠷ ᠪᠠᠢᠭ᠎ᠠ ᠶᠤᠮ᠃ ᠲᠡᠷᠡ (ᠪᠣᠯ ) ᠠᠯᠢᠪᠠ ᠰᠢᠳᠤᠷᠭᠤ ᠶᠠᠪᠤᠳᠠᠯᠲᠠᠨ ᠦᠬᠦᠭᠰᠡᠨ ᠦ᠌ ᠬᠣᠢᠨ᠎ᠠ ᠣᠴᠢᠳᠠᠭ ᠱᠠᠮᠪᠠᠯ ᠤ᠋ᠨ ᠴᠡᠴᠡᠷᠯᠢᠭ ᠦ᠋ᠨ ᠡᠭᠦᠳᠡᠨ ᠦ᠌ ᠲᠦᠯᠬᠢᠭᠦᠷ ᠢ᠋ ᠬᠠᠳᠠᠭᠠᠯᠠᠭᠴᠢ ᠭᠡᠵᠦ ᠠᠯᠳᠠᠷᠰᠢᠭᠰᠠᠨ ᠪᠢᠯᠡ᠃
— ᠬᠢ᠁ ᠬᠢ᠁ ᠭᠡᠵᠦ ᠪᠠᠲᠤ ᠬᠠᠭᠠᠨ ᠲᠠᠴᠢᠭᠢᠨᠠᠲᠠᠯ᠎ᠠ ᠢᠨᠢᠶᠡᠨ᠄
— ᠬᠤᠳᠠᠯᠳᠤᠭᠠᠴᠢᠨ ᠲᠠ ᠰᠢᠳᠤᠷᠭᠤ ᠶᠠᠪᠤᠳᠠᠯᠲᠠᠨ ᠶᠤᠮ ᠤᠤ? ᠲᠡᠭᠡᠪᠡᠯ ᠲᠠᠨᠠᠷ ᠤᠳᠠᠯ ᠦᠭᠡᠢ ᠥᠪᠡᠷ ᠦ᠋ᠨ ᠡᠯᠳᠡᠪ ᠰᠠᠪᠠ ᠰᠠᠭᠤᠯᠠᠭ᠎ᠠ ᠪᠣᠯᠤᠨ ᠵᠣᠭᠣᠰᠤᠨ ᠳᠡᠭᠡᠷ᠎ᠡ ᠪᠡᠨ 《ᠪᠠᠲᠤ ᠬᠠᠭᠠᠨ ᠪᠣᠯ ᠳᠡᠯᠡᠬᠡᠢ ᠶ᠋ᠢ ᠡᠵᠡᠯᠡᠨ ᠵᠠᠬᠢᠷᠤᠭᠴᠢ》ᠭᠡᠵᠦ ᠰᠡᠢᠯᠪᠦᠷᠢᠯᠡᠬᠦ (ᠰᠡᠢᠯᠪᠦᠷᠢᠯᠡᠵᠦ ) ᠪᠣᠯᠬᠤ ᠪᠠᠢᠬ᠎ᠠ᠃ ᠮᠢᠨᠦ ᠪᠠ ᠲᠠᠨ ᠤ᠋ ᠨᠤᠲᠤᠭ ᠢ᠋ᠶ᠋ᠠᠷ ᠶᠠᠪᠤᠵᠤ ᠯᠶᠥ᠋ᠪᠸᠺ ᠬᠣᠲᠠ ᠶ᠋ᠢ ᠳᠠᠪᠰᠢᠨ ᠠᠪᠤᠨ᠎ᠠ ᠭᠡᠰᠡᠨ ᠳ᠋ᠦ᠍ ᠳᠡᠭᠡᠷᠡᠮᠳᠡᠭᠳᠡᠭᠰᠡᠨ ᠭᠠᠨᠽᠡᠢ ᠬᠤᠳᠠᠯᠳᠤᠭᠠᠴᠢᠳ᠂
— ᠲᠠ ᠯᠸᠶᠥ᠋ᠪᠸᠺ ᠬᠣᠲᠠ ᠶ᠋ᠢ ᠠᠪᠲᠠᠯ᠎ᠠ ᠪᠠᠨ ᠪᠢᠳᠡᠨ ᠦ᠌ ᠳᠤᠯᠠᠭᠠᠨ ᠬᠤᠪᠴᠠᠰᠤ ᠶ᠋ᠢ ᠡᠭᠡᠭᠦᠯᠦᠨ ᠣᠯᠭᠣᠵᠤ ᠪᠢᠳᠡᠨ ᠢ᠋ ᠳᠤᠯᠠᠭᠠᠴᠠᠭᠤᠯᠤᠨ᠎ᠠ ᠤᠤ? ᠭᠡᠪᠡ᠃
— ᠪᠢ ᠲᠠᠨᠠᠷ ᠲᠸ᠋ ᠥᠷᠥᠰᠢᠶᠡᠯ ᠦᠵᠡᠭᠦᠯᠦᠶ᠎ᠡ᠂ ᠲᠠᠨᠠᠷ ᠨᠠᠳᠠ ᠠ᠋ᠴᠠ ᠪᠡᠯᠡᠭᠯᠡᠬᠦ ᠦᠰᠦᠲᠡᠢ ᠲᠠᠲ᠋ᠠᠷ ᠳᠡᠪᠡᠯ ᠢ᠋ ᠠᠪᠰᠤᠭᠠᠢ᠃ ᠵᠣᠷᠢᠭᠲᠤ ᠬᠤᠳᠠᠯᠳᠤᠭᠠᠴᠢᠨ ᠲᠠᠨᠠᠷ ᠮᠢᠨᠦ ᠰᠠᠨᠠᠭᠠᠨ ᠳ᠋ᠤ᠌ ᠲᠣᠬᠢᠷᠠᠵᠤ ᠪᠠᠢᠨ᠎ᠠ᠃ ᠡᠢᠮᠦ ᠬᠥᠮᠦᠰ ᠨᠠᠳᠠᠳᠤ ᠲᠤᠰᠠ ᠲᠠᠢ᠃ ᠣᠳᠣ ᠪᠣᠯᠭᠠᠷᠢ᠂ ᠣᠷᠣᠰ᠂ ᠭᠧᠷᠮᠠᠨ ᠪᠠ ᠪᠤᠰᠤᠳ ᠶᠠᠮᠠᠷ ᠴᠤ᠌ ᠤᠯᠤᠰ ᠪᠠᠢᠬᠤ ᠦᠭᠡᠢ ᠪᠣᠯᠤᠭᠠᠳ ᠭᠠᠭᠴᠠᠬᠠᠨ ᠮᠣᠩᠭᠣᠯ ᠤᠯᠤᠰ ᠪᠠᠢᠬᠤ ᠪᠣᠯᠤᠨ᠎ᠠ᠁ ᠲᠡᠷᠡ ᠴᠠᠭ ᠲᠸ᠋ ᠬᠤᠳᠠᠯᠳᠤᠭᠠᠴᠢᠨ ᠲᠠᠨᠠᠷ ᠮᠢᠨᠦ ᠤᠯᠤᠰ ᠤ᠋ᠨ ᠳᠣᠲᠣᠷ᠎ᠠ ᠴᠢᠯᠥᠭᠡᠲᠡᠢ ᠶᠠᠪᠤᠵᠤ ᠨᠠᠳᠠᠳᠤ ᠬᠡᠷᠡᠭ ᠲᠡᠢ ᠪᠠᠷᠠᠭ᠎ᠠ ᠲᠠᠸᠠᠷ ᠤ᠋ᠳ ᠢ᠋ ᠬᠤᠳᠠᠯᠳᠤᠭᠠᠯᠠᠬᠤ ᠪᠣᠯᠤᠨ᠎ᠠ᠃ ᠲᠠᠨᠠᠷ ᠤᠳᠠᠯ ᠦᠭᠡᠢ ᠶᠡᠬᠡ ᠪᠠᠶᠠᠯᠢᠭ ᠢ᠋ᠶ᠋ᠠᠨ ᠡᠭᠡᠭᠦᠯᠦᠨ ᠣᠯᠵᠤ ᠥᠪᠡᠷᠰᠡᠳ ᠦ᠋ᠨ ᠭᠠᠷᠤᠵᠠ ᠬᠣᠬᠢᠷᠠᠯ ᠢ᠋ᠶ᠋ᠠᠨ ᠨᠥᠬᠥᠭᠡᠳ ᠤᠯᠠᠮ ᠢ᠋ᠶ᠋ᠠᠷ ᠳᠠᠯᠠᠢ ᠶ᠋ᠢᠨ ᠴᠠᠭᠠᠳᠤᠬᠢ ᠬᠤᠳᠠᠯᠳᠤᠭᠠᠴᠢᠳ ᠤ᠋ᠨ ᠳᠣᠲᠣᠷ᠎ᠠ ᠠ᠋ᠴᠠ ᠬᠠᠮᠤᠭ ᠤ᠋ᠨ ᠪᠠᠶᠠᠨ ᠨᠢ ᠪᠣᠯᠤᠨ᠎ᠠ᠃ ᠨᠠᠳᠠ ᠠ᠋ᠴᠠ ᠪᠠᠰᠠ ᠯᠠᠪᠯᠠᠬᠤ ᠵᠦᠢᠯ ᠲᠠᠨᠠᠷ ᠲᠸ᠋ ᠪᠠᠢᠨ᠎ᠠ ᠤᠤ?
— ᠪᠢᠳᠡ ᠥᠪᠡᠷᠰᠡᠳ ᠦ᠋ᠨ ᠵᠠᠪᠢ ᠣᠩᠭᠣᠴᠠᠨ ᠤ᠋ ᠲᠥᠯᠥᠭᠡ ᠰᠠᠨᠠᠭ᠎ᠠ ᠵᠣᠪᠠᠨᠢᠵᠤ ᠪᠠᠢᠨ᠎ᠠ᠂ ᠲᠠᠨ ᠤ᠋ ᠶᠡᠬᠡ ᠴᠡᠷᠢᠭ ᠦ᠋ᠳ ᠲᠡᠳᠡᠭᠡᠷ ᠣᠩᠭᠣᠴᠠ ᠶ᠋ᠢ ᠡᠪᠳᠡᠨ ᠰᠢᠲᠠᠭᠠᠵᠤ ᠡᠬᠢᠯᠡᠭᠰᠡᠨ ᠰᠢᠦ᠃ ᠡᠨᠡ ᠠᠰᠢᠭ ᠲᠤᠰᠠ ᠲᠠᠢ ᠬᠣᠲᠠ ᠪᠠ ᠮᠠᠨ ᠤ᠋ ᠳᠡᠯᠭᠡᠭᠦᠷ ᠪᠣᠯᠤᠨ ᠵᠠᠪᠢ ᠣᠩᠭᠣᠴᠠ ᠨᠤᠭᠤᠳ ᠢ᠋ ᠲᠡᠢᠨᠬᠦ ᠤᠰᠠᠳᠬᠠᠬᠤ ᠶᠠᠪᠤᠳᠠᠯ ᠢ᠋ᠶ᠋ᠠᠨ ᠵᠣᠭᠰᠣᠭᠠᠲᠤᠭᠠᠢ ᠭᠡᠵᠦ ᠥᠪᠡᠷ ᠦ᠋ᠨ ᠴᠡᠷᠢᠭ ᠲᠦ᠍ ᠲᠤᠰᠢᠶᠠᠨ᠎ᠠ ᠤᠤ?
ᠪᠠᠲᠤ ᠬᠠᠭᠠᠨ ᠠᠭᠤᠷᠰᠠᠨ ᠭᠠᠷ ᠢ᠋ᠶ᠋ᠠᠨ ᠵᠠᠩᠭᠢᠳᠤᠨ᠎ᠠ᠂
— ᠲᠠᠨᠠᠷ ᠲᠸ᠋ ᠬᠣᠯᠪᠣᠭᠳᠠᠬᠤ ᠠᠷᠠᠰᠤ ᠰᠢᠷᠢ᠂ ᠥᠭᠡᠬᠦ ᠲᠣᠰᠣ ᠴᠡᠮᠪᠡ ᠲᠡᠭᠡᠷᠮ᠎ᠡ ᠶ᠋ᠢᠨ ᠲᠤᠬᠠᠢ ᠬᠡᠯᠡᠭᠲᠦᠨ᠂ ᠬᠠᠷᠢᠨ ᠮᠢᠨᠦ ᠴᠡᠷᠢᠭ ᠦ᠋ᠨ ᠲᠤᠬᠠᠢ ᠦᠭᠡ ᠪᠤᠤ ᠬᠡᠯᠡ᠃ ᠰᠤᠮᠤ ᠲᠠᠯᠪᠢᠭᠰᠠᠨ ᠪᠣᠯ ᠲᠡᠭᠦᠨ ᠢ᠋ ᠵᠣᠭᠰᠣᠭᠠᠵᠤ ᠦᠯᠦ ᠪᠣᠯᠤᠨ᠎ᠠ᠃ ᠲᠡᠷᠡᠴᠢᠯᠡᠨ ᠬᠣᠲᠠ ᠶ᠋ᠢ ᠠᠪᠰᠤᠭᠠᠢ ᠭᠡᠳᠡᠭ ᠲᠤᠰᠢᠶᠠᠯ ᠢ᠋ ᠦᠭᠭᠦᠭᠰᠡᠨ ᠪᠠᠢᠬᠤ ᠳ᠋ᠤ᠌ ᠮᠢᠨᠦ ᠰᠠᠨᠠᠭ᠎ᠠ ᠰᠠᠶᠢ ᠳᠠᠭᠤᠰᠤᠨ᠎ᠠ᠃《ᠵᠠᠰᠠᠭ》ᠭᠡᠳᠡᠭ ᠬᠠᠤᠯᠢ ᠪᠠᠷ ᠡᠵᠡᠯᠡᠭᠰᠡᠨ ᠬᠣᠲᠠ ᠶ᠋ᠢ ᠭᠤᠷᠪᠠᠨ ᠡᠳᠦᠷ ᠦ᠋ᠨ ᠳᠣᠲᠣᠷ᠎ᠠ ᠳᠡᠭᠡᠷᠡᠮᠳᠡᠨ ᠰᠢᠲᠠᠭᠠᠬᠤ ᠳ᠋ᠤ᠌ ᠲᠡᠳᠡᠨ ᠦ᠌ ᠪᠠᠶᠠᠷ ᠴᠡᠩᠭᠡᠯ ᠢ᠋ ᠬᠡᠨ ᠢ᠋ᠶ᠋ᠡᠷ ᠴᠦ᠍ ᠵᠣᠭᠰᠣᠭᠠᠵᠤ ᠴᠢᠳᠠᠬᠤ ᠦᠭᠡᠢ ᠶ᠋ᠢ ᠴᠡᠷᠢᠭ ᠦ᠋ᠳ ᠮᠡᠳᠡᠨ᠎ᠡ᠃ ᠬᠠᠷᠢᠨ ᠭᠤᠷᠪᠠ ᠬᠣᠨᠣᠭᠰᠠᠨ ᠤ᠋ ᠬᠣᠢᠨ᠎ᠠ ᠲᠡᠷᠡ ᠬᠠᠶᠠᠭᠳᠠᠭᠰᠠᠨ ᠬᠣᠳᠠᠨ᠎ᠠ ᠦᠯᠡᠳᠡᠵᠦ ᠬᠣᠴᠣᠷᠤᠭᠰᠠᠨ ᠨᠢᠭᠡᠨ ᠦ᠌ ᠨᠢᠷᠤᠭᠤ ᠶ᠋ᠢ ᠪᠢ ᠲᠠᠰᠤ ᠴᠠᠪᠴᠢᠨ᠎ᠠ᠃ ᠮᠡᠳᠡᠭᠦᠯᠬᠦ ᠵᠦᠢᠯ ᠢ᠋ᠶ᠋ᠡᠨ ᠵᠣᠭᠰᠣ᠂ ᠶᠠᠪᠤᠵᠤ ᠪᠣᠯᠤᠨ᠎ᠠ (ᠭᠡᠪᠡ᠃ )
ᠬᠤᠳᠠᠯᠳᠤᠭᠠᠴᠢᠳ ᠶᠠᠭᠠᠬᠢᠬᠤ ᠪᠠᠨ ᠦᠯᠦ ᠮᠡᠳᠡᠨ ᠪᠡᠶ᠎ᠡ ᠪᠡᠶ᠎ᠡ ᠡᠴᠡ ᠪᠡᠨ ᠭᠠᠢᠬᠠᠨ ᠬᠠᠷᠠᠵᠤ ᠪᠠᠢᠲᠠᠯ᠎ᠠ ᠡᠪᠦᠭᠡᠨ ᠨᠠᠽᠠᠷ ᠲᠡᠳᠡᠨ ᠦ᠌ ᠳᠡᠷᠭᠡᠳᠡ ᠣᠴᠢᠵᠤ ᠬᠤᠷᠤᠭᠤ ᠪᠠᠷ ᠳᠣᠬᠢᠨ᠂
— ᠶᠠᠪᠤᠵᠠᠭᠠᠶ᠎ᠠ᠂ ᠲᠡᠷᠡ ᠠᠮᠠᠯᠠᠭᠰᠠᠨ ᠦᠰᠦᠲᠡᠢ ᠳᠡᠪᠡᠯ ᠢ᠋ ᠪᠠᠭᠤᠷᠴᠢ ᠠ᠋ᠴᠠ ᠰᠠᠯᠭᠠᠨ ᠠᠪᠬᠤ ᠬᠡᠷᠡᠭᠲᠡᠢ ᠭᠡᠰᠡᠨ ᠳ᠋ᠦ᠍᠂
— ᠶᠠᠮᠠᠷ ᠤᠬᠠᠭᠠᠨᠲᠠᠢ ᠰᠠᠢᠨ ᠬᠥᠮᠦᠨ ᠪᠢᠯᠡ ᠭᠡᠵᠦ ᠪᠠᠲᠤ ᠬᠠᠭᠠᠨ ᠰᠦᠪᠡᠭᠡᠳᠡᠢ ᠶ᠋ᠢᠨ ᠵᠦᠭ ᠡᠷᠭᠢᠵᠦ ᠬᠡᠯᠡᠪᠡ᠃
— ᠬᠠᠷᠢᠨ ᠲᠡᠭᠡᠭᠡᠳ ᠣᠨᠴᠠ ᠠᠶᠤᠯᠲᠠᠢ ᠬᠥᠮᠦᠨ ᠶᠤᠮ ᠭᠡᠵᠦ ᠪᠦᠷ ᠶᠡᠬᠡ ᠳᠠᠭᠤᠨ ᠢ᠋ᠶ᠋ᠠᠷ ᠬᠠᠷᠢᠭᠤᠯᠪᠠ᠃
ᠮᠣᠰᠺᠸᠠ ᠬᠣᠲᠠ ᠰᠢᠲᠠᠭᠰᠠᠭᠠᠷ ᠪᠥᠭᠡᠳ ᠲᠡᠭᠦᠨ ᠦ᠌ ᠮᠣᠳᠣᠨ ᠪᠠᠷᠢᠯᠭ᠎ᠠ ᠨᠤᠭᠤᠳ ᠪᠠᠳᠠᠷᠠᠭᠰᠠᠨ ᠭᠠᠯ ᠤ᠋ᠨ ᠳᠣᠲᠣᠷ᠎ᠠ ᠳᠣᠣᠷᠠᠬᠠᠨ ᠢ᠋ᠶ᠋ᠠᠨ ᠬᠠᠢᠯᠵᠤ ᠪᠠᠢᠪᠠ᠃ ᠬᠥᠬᠡ ᠲᠡᠭᠷᠢ ᠳ᠋ᠦ᠍ ᠡᠭᠦᠯᠡ ᠰᠢᠭ᠌ ᠬᠠᠷ᠎ᠠ ᠤᠲᠤᠭ᠎ᠠ ᠮᠠᠨᠠᠷᠠᠭᠠᠳ᠂ ᠬᠡᠷᠢᠶ᠎ᠡ ᠱᠠᠭᠠᠵᠠᠭᠠᠢ ᠬᠣᠶᠠᠷ ᠤ᠋ᠨ ᠡᠷᠭᠢᠨ ᠳᠣᠩᠭᠣᠳᠬᠤ ᠴᠢᠮᠡᠭᠡ ᠰᠣᠨᠣᠰᠳᠠᠨ᠎ᠠ᠃ ᠬᠣᠲᠠ ᠶ᠋ᠢᠨ ᠬᠡᠷᠡᠮ ᠢ᠋ ᠡᠪᠳᠡᠬᠦ ᠮᠠᠰᠢᠨ ᠨᠤᠭᠤᠳ ᠶᠡᠬᠡ ᠣᠷᠣᠴᠠ ᠶ᠋ᠢ ᠭᠠᠷᠭᠠᠵᠤ ᠲᠡᠭᠦᠨ ᠢ᠋ᠶ᠋ᠡᠷ ᠲᠠᠲ᠋ᠠᠷ ᠤ᠋ᠨ ᠮᠣᠷᠢᠲᠤ ᠴᠡᠷᠢᠭ ᠦ᠋ᠳ ᠶᠠᠭᠠᠷᠠᠨ ᠴᠢᠬᠢᠯᠳᠦᠨ ᠣᠷᠣᠵᠠᠭᠠᠵᠤ ᠪᠠᠢᠪᠠ᠃
—《ᠵᠠᠰᠠᠭ》ᠬᠠᠤᠯᠢ ᠶ᠋ᠢᠨ ᠵᠢᠭᠠᠭᠰᠠᠨ ᠶᠠᠭᠤᠮ᠎ᠠ᠂ ᠤᠷᠤᠭᠰᠢ ᠪᠠᠨ ᠬᠥᠬᠡ ᠮᠣᠩᠭᠣᠯᠴᠤᠳ ᠭᠡᠵᠦ ᠲᠠᠲ᠋ᠠᠷ ᠤ᠋ᠳ ᠬᠠᠰᠬᠢᠷᠤᠯᠳᠤᠨ ᠲᠣᠬᠢᠶᠠᠯᠳᠤᠭᠴᠢᠳ ᠢ᠋ ᠴᠠᠪᠴᠢᠨ ᠳᠡᠪᠡᠯ ᠮᠠᠯᠠᠭᠠᠢ ᠶ᠋ᠢ ᠮᠤᠯᠲᠤᠯᠤᠨᠠ᠃ ᠲᠡᠳᠡᠨᠡᠷ ᠲᠤᠰ ᠬᠣᠲᠠ ᠶ᠋ᠢᠨ ᠨᠠᠷᠢᠬᠠᠨ ᠭᠤᠳᠤᠮᠵᠢ ᠨᠤᠭᠤᠳ ᠢ᠋ᠶ᠋ᠠᠷ ᠣᠷᠣᠬᠤ ᠶ᠋ᠢᠨ ᠬᠠᠮᠲᠤ ᠠᠢᠯ ᠤ᠋ᠨ ᠬᠠᠰᠢᠶ᠎ᠠ ᠪᠠᠢᠰᠢᠩ ᠤ᠋ᠳ ᠢ᠋ ᠳᠠᠭᠠᠷᠢᠨ ᠣᠷᠣᠨ᠎ᠠ᠃ ᠡᠭᠦᠨ᠎ᠡ ᠰᠢᠳᠡᠵᠦ ᠪᠠᠢᠭ᠎ᠠ ᠪᠠᠢᠰᠢᠩ ᠤ᠋ᠳ ᠤ᠋ᠨ ᠣᠢᠷ᠎ᠠ ᠳ᠋ᠤ᠌ ᠶᠡᠬᠡ ᠤᠲᠤᠭ᠎ᠠ ᠲᠠᠢ ᠪᠥᠭᠡᠳ ᠬᠠᠯᠠᠭᠤᠨ ᠪᠠᠢᠯ᠎ᠠ᠃ ᠲᠠᠲ᠋ᠠᠷ ᠤ᠋ᠳ ᠡᠳ᠋ ᠬᠣᠭᠰᠢᠯ ᠢ᠋ ᠣᠯᠵᠠᠯᠠᠨ ᠠᠪᠤᠭᠠᠳ ᠬᠣᠲᠠᠨ ᠠ᠋ᠴᠠ ᠵᠠᠢᠯᠠᠨ ᠭᠠᠷᠬᠤ ᠶ᠋ᠢ ᠶᠠᠭᠠᠷᠠᠨ ᠲᠡᠳᠡᠨ ᠦ᠌ ᠵᠠᠷᠢᠮ ᠨᠢ ᠡᠬᠡᠨᠡᠷ ᠬᠡᠦᠬᠡᠳ ᠢ᠋ ᠡᠮᠦᠨ᠎ᠡ ᠪᠡᠨ ᠬᠥᠭᠡᠭᠡᠨ ᠶᠠᠪᠤᠨ᠎ᠠ᠃ ᠪᠤᠰᠤᠳ ᠨᠢ ᠣᠯᠵᠠᠯᠠᠭᠳᠠᠭᠴᠢᠳ ᠢ᠋ ᠭᠠᠷ ᠢ᠋ᠶ᠋ᠠᠷ ᠨᠢ ᠬᠦᠯᠢᠵᠦ ᠬᠥᠲᠥᠯᠦᠨ᠎ᠡ᠃ ᠬᠣᠲᠠ ᠪᠠ ᠲᠡᠭᠦᠨ ᠦ᠌ ᠣᠷᠴᠢᠨ ᠤ᠋ ᠲᠣᠰᠬᠣᠨ ᠨᠤᠭᠤᠳ ᠬᠣᠶᠠᠷ ᠬᠣᠨᠣᠭ ᠤ᠋ᠨ ᠲᠤᠷᠰᠢ ᠲᠠᠲ᠋ᠠᠷ ᠤ᠋ᠳ ᠤ᠋ᠨ ᠭᠠᠷ ᠤ᠋ᠨ ᠳᠣᠣᠷ᠎ᠠ ᠣᠷᠣᠪᠠ᠃ ᠲᠡᠳᠡᠨᠡᠷ ᠵᠦᠭ ᠪᠦᠬᠦᠨ᠎ᠡ ᠳᠣᠪᠲᠣᠯᠤᠨ ᠡᠪᠳᠡᠷᠬᠡᠢ ᠪᠠᠢᠰᠢᠩ ᠰᠠᠪᠠ ᠨᠤᠭᠤᠳ ᠢ᠋ᠶ᠋ᠠᠷ ᠰᠢᠷᠭᠤᠯᠠᠨ ᠣᠯᠵᠠᠯᠠᠭᠳᠠᠭᠰᠠᠳ ᠠ᠋ᠴᠠ ᠬᠡᠷᠡᠭᠯᠡᠭᠳᠡᠬᠦ ᠦᠭᠡᠢ ᠪᠣᠯᠤᠭᠴᠢᠳ ᠢ᠋ ᠴᠠᠪᠴᠢᠨ ᠠᠯᠠᠭᠰᠠᠭᠠᠷ ᠪᠠᠢᠯ᠎ᠠ᠃ ᠭᠤᠷᠪᠠᠳᠠᠬᠢ ᠡᠳᠦᠷ ᠨᠢ ᠲᠠᠲ᠋ᠠᠷ ᠤ᠋ᠳ ᠣᠲ᠋ᠷᠢᠶᠠᠳ᠋ ᠢ᠋ᠶ᠋ᠠᠨ ᠴᠤᠭᠯᠠᠭᠤᠯᠤᠨ ᠡᠨᠳᠡ ᠲᠡᠨᠳᠡ ᠦᠭᠡᠢ ᠭᠠᠯ ᠰᠢᠲᠠᠭᠠᠵᠤ ᠲᠡᠭᠦᠨ ᠦ᠌ ᠳᠣᠲᠣᠷ᠎ᠠ ᠥᠪᠡᠷᠰᠡᠳ ᠦ᠋ᠨ ᠠᠯᠠᠭᠳᠠᠭᠰᠠᠨ ᠴᠡᠷᠢᠭ ᠦ᠋ᠳ ᠢ᠋ ᠵᠡᠷᠭᠡᠴᠡᠭᠦᠯᠦᠨ ᠲᠠᠯᠪᠢᠨ᠎ᠠ᠃ ᠮᠣᠰᠺᠸᠠ ᠶ᠋ᠢᠨ ᠡᠪᠳᠡᠷᠬᠡᠢ ᠰᠠᠭᠤᠷᠢᠨ ᠤ᠋ ᠡᠷᠭᠢᠨ ᠲᠣᠭᠣᠷᠢᠨ ᠳ᠋ᠤ᠌ ᠭᠠᠯ ᠤ᠋ᠨ ᠤᠲᠤᠭ᠎ᠠ ᠣᠷᠭᠢᠯᠤᠭᠰᠠᠭᠠᠷ ᠪᠠᠢᠪᠠ᠃ ᠲᠠᠲ᠋ᠠᠷ ᠤ᠋ᠳ ᠲᠣᠭᠣᠷᠢᠨ ᠰᠠᠭᠤᠵᠤ ᠤᠨᠠᠭᠠᠨ ᠤ᠋ ᠮᠢᠬ᠎ᠠ ᠢᠳᠡᠨ ᠳᠠᠭᠤᠤ ᠳᠠᠭᠤᠯᠠᠵᠤ ᠲᠡᠢᠨ ᠳ᠋ᠦ᠍ ᠠᠯᠠᠭᠳᠠᠭᠰᠠᠨ ᠨᠥᠬᠥᠳ ᠦ᠋ᠨ ᠵᠦᠭ 《ᠪᠠᠶᠠᠷᠲᠠᠢ》ᠭᠡᠵᠦ ᠬᠠᠰᠬᠢᠷᠤᠯᠳᠤᠨ ᠪᠠᠢᠪᠠ᠃
ᠲᠠᠲ᠋ᠠᠷ ᠤ᠋ᠳ ᠳᠠᠷᠠᠭᠠᠬᠢ ᠡᠳᠦᠷ ᠦ᠋ᠨ ᠥᠷᠯᠥᠭᠡ ᠠᠩᠬ᠎ᠠ ᠢᠷᠡᠭᠰᠡᠨ ᠲᠡᠢ ᠠᠳᠠᠯᠢ ᠲᠦᠷᠭᠡᠨ ᠶᠠᠪᠤᠵᠠᠭᠠᠭᠰᠠᠨ ᠲᠤᠯᠠ ᠨᠢᠭᠡ ᠴᠦ᠍ ᠲᠠᠲ᠋ᠠᠷ ᠬᠥᠮᠦᠨ ᠦᠵᠡᠭᠳᠡᠬᠦ ᠦᠭᠡᠢ ᠪᠣᠯᠵᠠᠢ᠃ ᠨᠥᠭᠦᠭᠡ ᠬᠡᠭᠦᠷ ᠣᠷᠣᠰᠢᠭᠤᠯᠤᠭᠴᠢ ᠪᠦᠳᠦᠭᠦᠨ ᠬᠥᠮᠦᠨ᠂ ᠦᠬᠦᠭᠴᠢᠳ ᠦ᠋ᠨ ᠬᠡᠭᠦᠷ ᠢ᠋ ᠣᠪᠣᠭᠠᠯᠠᠭᠰᠠᠨ ᠭᠣᠣᠯ ᠤ᠋ᠨ ᠲᠡᠰᠢ ᠣᠴᠢᠵᠤ ᠦᠵᠡᠪᠡᠯ ᠡᠨᠳᠡ ᠲᠡᠨᠳᠡ ᠦᠭᠡᠢ ᠬᠥᠯᠳᠡᠭᠦᠦ ᠬᠡᠭᠦᠷ ᠦ᠋ᠳ ᠴᠢᠯᠠᠭᠤ ᠮᠡᠲᠦ ᠬᠠᠲᠠᠭᠤ ᠪᠣᠯᠤᠭᠰᠠᠨ ᠪᠠᠢᠪᠠ᠃ ᠲᠡᠷᠡ ᠵᠣᠭᠰᠣᠵᠤ ᠲᠡᠭᠦᠨ ᠢ᠋ ᠵᠠᠮ ᠠ᠋ᠴᠠ ᠵᠠᠢᠯᠠᠭᠤᠯᠬᠤ ᠶ᠋ᠢ ᠲᠤᠷᠰᠢᠨ ᠣᠷᠣᠯᠳᠣᠭᠰᠠᠨ ᠪᠣᠯᠪᠠᠴᠤ ᠲᠡᠷᠡ ᠪᠦᠷ ᠢ᠋ ᠠᠮᠵᠢᠭᠤᠯᠵᠤ ᠴᠢᠳᠠᠭᠰᠠᠨ ᠦᠭᠡᠢ ᠪᠢᠯᠡ᠃
— ᠦᠬᠦᠭᠰᠡᠳ ᠭᠠᠵᠠᠷ ᠴᠢᠩᠭ᠎ᠠ ᠲᠡᠪᠡᠷᠢᠭᠡᠳ ᠶᠡᠷᠦ ᠦᠬᠦᠬᠦ ᠳᠤᠷ᠎ᠠ ᠦᠭᠡᠢ ᠪᠠᠢᠨ᠎ᠠ᠁ ᠭᠡᠵᠦ ᠬᠡᠯᠡᠭᠡᠳ ᠲᠡᠷᠡ ᠠᠭᠠᠵᠢᠮ ᠢ᠋ᠶ᠋ᠠᠷ ᠴᠠᠰᠢ ᠶᠠᠪᠤᠪᠠ᠃ ᠲᠡᠳᠦᠢ ᠬᠡᠭᠦᠷ ᠣᠷᠣᠰᠢᠭᠤᠯᠳᠠᠭ ᠭᠠᠵᠠᠷ ᠠ᠋ᠴᠠ ᠬᠥᠭᠰᠢᠨ ᠵᠠᠯᠠᠭᠤ ᠬᠣᠶᠠᠷ ᠬᠥᠮᠦᠨ ᠭᠠᠷᠴᠤ ᠢᠷᠡᠭᠡᠳ ᠲᠡᠭᠦᠨ ᠲᠡᠢ ᠠᠭᠤᠯᠵᠠᠪᠠ᠃ ᠡᠪᠦᠭᠡᠨ ᠨᠢ ( ᠤ᠋ ) ᠥᠪᠡᠷ ᠦ᠋ᠨ ᠦᠷ᠎ᠡ ᠬᠡᠦᠬᠡᠳ ᠢ᠋ (ᠨᠢ )ᠠᠯᠠᠭᠳᠠᠭᠰᠠᠨ ᠴᠤ᠌ ᠵᠠᠯᠠᠭᠤ ᠨᠢ ᠳᠡᠪᠡᠯ ᠦ᠋ᠨ ᠬᠠᠨᠴᠤᠢ ᠪᠠᠷ ᠨᠢᠭᠤᠷ ᠢ᠋ᠶ᠋ᠠᠨ ᠲᠠᠰᠤᠷᠠᠯᠲᠠ ᠦᠭᠡᠢ ᠠᠷᠴᠢᠨ ᠢᠨᠠᠭ ᠰᠡᠳᠬᠢᠯ ᠦ᠋ᠨ ᠪᠡᠶ᠎ᠡ ᠶ᠋ᠢ ᠡᠷᠢᠨ᠎ᠡ᠃
— ᠬᠠᠮᠠᠷ ᠢ᠋ᠶ᠋ᠠᠷ ᠢ᠋ᠶ᠋ᠠᠨ ᠰᠢᠩᠰᠢᠬᠦ ᠶᠠᠭᠤ ᠪᠢᠯᠡ᠁ ᠭᠡᠵᠦ ᠬᠡᠭᠦᠷ ᠣᠷᠣᠰᠢᠭᠤᠯᠤᠭᠴᠢ ᠬᠡᠯᠡᠭᠡᠳ
— ᠲᠠᠨ ᠤ᠋ ᠢᠨᠠᠭ ᠢ᠋ ᠠᠯᠠᠭᠰᠠᠨ ᠭᠡᠵᠦ ᠴᠢ ᠶᠠᠭᠠᠬᠢᠵᠤ ᠮᠡᠳᠡᠬᠦ ᠶᠤᠮ ᠪᠣᠢ? ᠥᠪᠡᠷ ᠦ᠋ᠨ ᠨᠢᠳᠦ ᠪᠡᠷ ᠦᠵᠡᠭᠰᠡᠨ ᠤᠤ? ᠲᠡᠭᠦᠨ ᠢ᠋ ᠲᠠᠲ᠋ᠠᠷ ᠤ᠋ᠨ ᠠᠯᠢ ᠨᠢᠭᠡᠨ ᠬᠠᠭᠠᠨ ᠥᠪᠡᠷ ᠦ᠋ᠨ ᠬᠠᠲᠤᠨ ᠪᠣᠯᠭᠠᠨ ᠠᠪᠤᠭᠰᠠᠨ ᠪᠢᠵᠡ? (ᠭᠡᠪᠡ᠃)
— ᠮᠢᠨᠦ ᠵᠢᠷᠦᠬᠡ ᠴᠢᠩᠨᠠᠨ ᠮᠡᠳᠡᠵᠦ ᠪᠠᠢᠨ᠎ᠠ ᠭᠡᠵᠦ ᠲᠡᠷᠡ ᠵᠠᠯᠠᠭᠤ ᠬᠡᠯᠡᠪᠡ᠃
— ᠴᠢᠩᠨᠠᠵᠤ ᠪᠠᠢᠨ᠎ᠠ ᠭᠡᠨ᠎ᠡ ᠰᠢᠦ! ᠲᠡᠷᠡ ᠴᠦ᠍ ᠪᠠᠢᠲᠤᠭᠠᠢ ᠭᠠᠢᠭᠤᠢ ᠪᠠᠢᠨ᠎ᠠ᠂ ᠨᠠᠳᠠᠳᠤ ᠳ᠋ᠠᠭᠠᠨ ᠲᠤᠰᠠᠯᠠᠪᠠᠯ ᠳᠡᠭᠡᠷ᠎ᠡ ᠪᠢᠵᠡ᠃ ᠦᠬᠦᠭᠴᠢᠳ ᠬᠡᠴᠢᠨᠡᠨ ᠪᠠᠢᠭ᠎ᠠ ᠶ᠋ᠢ ᠦᠵᠡᠵᠦ ᠪᠠᠢᠨ᠎ᠠ ᠤᠤ? ᠡᠳᠡᠨ ᠦ᠌ ᠰᠦᠨᠡᠰᠦ ᠨᠢ ( ᠶ᠋ᠢ ) ᠰᠥᠨᠢ ᠶ᠋ᠢᠨ ᠴᠠᠭ ᠲᠸ᠋ ᠡᠨᠳᠡ ᠲᠡᠨᠳᠡ ᠲᠡᠨᠦᠭᠦᠯᠬᠦ ᠦᠭᠡᠢ ᠶ᠋ᠢᠨ ᠲᠤᠯᠠᠳᠠ ᠪᠦᠭᠦᠳᠡ ᠶ᠋ᠢ ᠣᠷᠣᠰᠢᠭᠤᠯᠬᠤ ᠬᠡᠷᠡᠭᠲᠡᠢ ᠶᠤᠮ᠃
ᠲᠡᠳᠡ ᠦᠬᠦᠭᠴᠢᠳ ᠦ᠋ᠨ ᠬᠡᠭᠦᠷ ᠢ᠋ ᠮᠥᠰᠥᠨ ᠳᠡᠭᠡᠷ᠎ᠡ ᠵᠥᠭᠡᠭᠡᠬᠦ ᠶ᠋ᠢᠨ ᠬᠠᠮᠲᠤ ᠲᠠᠯᠬᠠᠨ ᠤ᠋ ᠬᠡᠯᠲᠡᠷᠬᠡᠢ ᠶ᠋ᠢ ᠡᠷᠢᠨ ᠪᠡᠳᠡᠷᠢᠵᠦ ᠪᠠᠢᠪᠠ᠃ ᠲᠡᠷᠡ ᠬᠡᠭᠦᠷ ᠦ᠋ᠳ ᠦ᠋ᠨ ᠳᠣᠲᠣᠷ᠎ᠠ ᠬᠡᠳᠦᠨ ᠲᠠᠲ᠋ᠠᠷ ᠤ᠋ᠳ ᠪᠠᠢᠬᠤ ᠶ᠋ᠢ ᠣᠷᠣᠰᠢᠭᠤᠯᠤᠭᠴᠢ ᠦᠵᠡᠭᠡᠳ ᠮᠥᠷᠭᠥᠨ᠂
— ᠣᠳᠣ ᠲᠠ ᠰᠢᠬᠠᠴᠠᠯᠳᠤᠨ ᠬᠡᠷᠡᠯᠳᠦᠬᠦ ᠬᠡᠷᠡᠭ ᠦᠭᠡᠢ᠂ ᠭᠣᠣᠯ ᠤ᠋ᠨ ᠤᠰᠤ ᠬᠠᠢᠯᠬᠤ ᠲᠠᠢ ᠬᠠᠮᠲᠤ ᠲᠠ ᠪᠦᠭᠦᠳᠡ ᠶ᠋ᠢ ᠬᠥᠬᠡ ᠳᠠᠯᠠᠢ ᠳ᠋ᠤ᠌ ᠠᠪᠠᠴᠢᠨ᠎ᠠ᠃ ᠲᠠᠨᠠᠷ ᠶᠠᠭᠠᠬᠢᠭᠰᠠᠨ ᠣᠯᠠᠨ ᠪᠢᠯᠡ᠃ ᠮᠢᠨᠦ ᠡᠨᠳᠡ᠂ ᠪᠦᠬᠦᠨ ᠦ᠌ ᠪᠤᠯᠠᠰᠢ ᠶ᠋ᠢ ᠬᠠᠮᠢᠭ᠎ᠠ ᠮᠠᠯᠲᠠᠬᠤ ᠪᠢᠯᠡ ?
ᠦᠰᠦᠭ ᠠᠮᠢᠯᠠᠭᠤᠯᠤᠭᠴᠢᠳ᠄ ᠮᠡᠷᠭᠡᠨᠭᠤᠸᠠ 3 ᠬᠠᠭᠤᠳᠠᠰᠤ᠂ ᠬᠦᠦᠳᠠᠭᠠᠭᠤᠯᠠ 3᠂ ᠬᠡᠷᠡᠶ᠋ᠢᠳ ᠂ ᠮᠥᠩᠬᠡᠨᠠᠰᠤᠨ 3᠂ ᠠᠯᠲᠠᠨᠴᠢᠮᠡᠭ 3᠂ ᠵᠢᠩᠯᠢᠬᠤᠸᠠᠷ 2᠂ ᠪᠠᠶᠠᠨᠴᠡᠴᠡᠭ 1᠂ ᠡᠷᠳ᠋ᠡᠨᠢᠭᠤᠸᠠ 1
ᠶᠡᠷᠦᠩᠬᠡᠢ ᠬᠢᠨᠠᠭᠴᠢ᠄ ᠠᠷᠢᠭᠤᠨ 16 ᠬᠠᠭᠤᠳᠠᠰᠤ᠂ ᠠᠯᠲᠠᠨᠴᠢᠮᠡᠭ 16 ᠬᠠᠭᠤᠳᠠᠰᠤ
