ᠪᠠᠲᠤ ᠬᠠᠭᠠᠨ 6-05ᠮᠣᠰᠺᠸᠠ ᠤᠷᠤᠭᠤ ᠶᠠᠪᠤᠵᠠᠭᠠᠶ᠎ᠠ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 6-05ᠮᠣᠰᠺᠸᠠ ᠤᠷᠤᠭᠤ ᠶᠠᠪᠤᠵᠠᠭᠠᠶ᠎ᠠ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ

ᠪᠠᠲᠤ ᠬᠠᠭᠠᠨ 6-05ᠮᠣᠰᠺᠸᠠ ᠤᠷᠤᠭᠤ ᠶᠠᠪᠤᠵᠠᠭᠠᠶ᠎ᠠ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-08

210

ᠲᠠᠪᠤ ᠂ ᠮᠣᠰᠺᠸᠠ ᠤᠷᠤᠭᠤ ᠶᠠᠪᠤᠵᠠᠭᠠᠶ᠎ᠠ


ᠰᠦᠪᠡᠭᠡᠳᠡᠢ ᠪᠠᠭᠠᠲᠤᠷ ᠪᠠᠲᠤ ᠬᠠᠭᠠᠨ ᠤ᠋ ᠵᠦᠭ ᠬᠠᠨᠳᠤᠵᠤ᠂
— ᠵᠠᠩᠵᠤᠨ ᠴᠢ ᠥᠪᠡᠷ ᠦ᠋ᠨ ᠦᠨᠡᠨᠴᠢ ᠨᠥᠬᠥᠷ ᠦ᠋ᠨ ᠦᠭᠡ ᠶ᠋ᠢ ᠰᠣᠨᠣᠰ! ᠴᠢᠬᠤᠯᠠ ᠬᠡᠷᠡᠭ ᠡᠮᠦᠨ᠎ᠡ ᠲᠤᠯᠭᠠᠷᠠᠨ ᠢᠷᠡᠯ᠎ᠡ᠃ ᠳᠡᠯᠡᠬᠡᠢ ᠳ᠋ᠠᠬᠢᠨ ᠤ᠋ ᠡᠭᠦᠳᠡ ᠬᠠᠭᠠᠯᠭᠠᠨ ᠳ᠋ᠤ᠌ ᠬᠦᠷᠬᠦ ᠲᠦᠯᠬᠢᠭᠦᠷ ᠢ᠋ ᠴᠢ ᠦᠵᠡᠬᠦ ᠪᠢᠵᠡ? ᠪᠢᠳᠡ ᠳᠠᠷᠤᠢ ᠬᠥᠳᠡᠯᠵᠦ ᠮᠣᠰᠺᠸᠠ ᠬᠣᠲᠠᠨ᠎ᠠ ᠬᠦᠷᠴᠦ ᠪᠤᠰᠤᠳ ᠬᠠᠭᠠᠳ ᠤ᠋ᠨ ᠡᠵᠡᠯᠡᠬᠦ ᠡᠴᠡ ᠤᠷᠢᠳ ᠲᠡᠭᠦᠨ ᠢ᠋ ᠠᠪᠬᠤ ᠶᠣᠰᠣᠲᠠᠢ ᠪᠠᠢᠨ᠎ᠠ᠃ ᠪᠤᠰᠤᠳ ᠣᠷᠣᠨ ᠠ᠋ᠴᠠ ᠠᠪᠴᠢᠷᠠᠭᠰᠠᠨ ᠪᠠᠷᠠᠭ᠎ᠠ ᠲᠠᠸᠠᠷ ᠠᠬᠤᠭᠤᠯᠬᠤ ᠪᠠᠷᠢᠯᠭ᠎ᠠ ᠶ᠋ᠢ ᠲᠡᠨᠳᠡ ᠪᠠᠷᠢᠭᠰᠠᠨ ᠶᠤᠮ᠃ ᠲᠡᠨᠳᠡ ᠭᠠᠳᠠᠭᠠᠳᠤ ᠶ᠋ᠢᠨ ᠬᠤᠳᠠᠯᠳᠤᠭᠠᠴᠢᠳ ᠰᠠᠭᠤᠵᠤ ᠪᠣᠢ᠂ ᠳᠠᠯᠠᠢ ᠶ᠋ᠢᠨ ᠴᠠᠭᠠᠨ᠎ᠠ ᠠ᠋ᠴᠠ ᠢᠷᠡᠭᠰᠡᠨ ᠡᠳ᠋ ᠠᠯᠲᠠ ᠮᠥᠩᠭᠥ ᠪᠣᠯᠤᠨ ᠭᠷᠸᠢᠭ᠌ ᠦ᠋ᠨ ᠤᠯᠠᠭᠠᠨ ᠠᠷᠢᠬᠢ ᠭᠧᠷᠮᠠᠨ ᠤ᠋ ᠴᠡᠮᠪᠡ ᠪᠣᠯᠤᠨ ᠶᠡᠬᠡ ᠪᠠᠶᠠᠯᠢᠭ ᠢ᠋ ᠲᠡᠨᠳᠡ ᠡᠴᠡ ᠣᠯᠵᠤ ᠠᠪᠤᠭᠠᠷᠠᠢ ᠭᠡᠪᠡ᠃

ᠪᠠᠲᠤ ᠬᠠᠭᠠᠨ ᠨᠢᠳᠦ ᠶ᠋ᠢ ᠳᠤᠲᠠᠭᠤ ᠠᠨᠢᠵᠤ ᠶᠠᠳᠠᠷᠠᠭᠰᠠᠨ ᠳᠠᠭᠤ ᠪᠠᠷ ᠬᠡᠯᠡᠬᠦ ᠨᠢ᠄
— ᠣᠳᠣ ᠪᠢ ᠴᠢᠬᠤᠯᠠ ᠠᠵᠢᠯ ᠲᠠᠢ ᠪᠠᠢᠨ᠎ᠠ᠂ ᠪᠢᠳᠡ ᠲᠡᠭᠦᠨ ᠢ᠋ ᠮᠠᠷᠭᠠᠰᠢ ᠭᠦᠢᠴᠡᠳᠬᠡᠵᠦ ᠠᠮᠵᠢᠨ᠎ᠠ᠃

ᠰᠦᠪᠡᠭᠡᠲᠡᠢ᠂ ᠪᠠᠲᠤ ᠬᠠᠭᠠᠨ ᠤ᠋ ᠬᠦᠨᠳᠦ ᠠᠯᠲᠠᠨ ᠡᠭᠡᠮᠦᠭ ᠵᠡᠭᠦᠭᠰᠡᠨ ᠴᠢᠬᠢᠨ ᠳ᠋ᠦ᠍ ᠣᠢᠷᠠᠲᠤᠵᠤ ᠨᠠᠮᠤᠭᠤᠨ ᠳᠠᠭᠤ ᠪᠠᠷ᠂
— ᠲᠡᠢᠨ ᠳ᠋ᠦ᠍ ᠨᠢᠭᠡ ᠡᠳᠦᠷ ᠨᠢᠭᠡ ᠴᠠᠭ ᠢ᠋ ᠲᠠᠯᠠᠭᠠᠷ ᠥᠩᠭᠡᠷᠡᠭᠦᠯᠬᠦ ᠨᠢ ᠢᠯᠠᠯᠲᠠ ᠶ᠋ᠢ ᠠᠯᠳᠠᠵᠤ ᠶᠡᠷᠡᠨ ᠶᠢᠰᠦᠨ ᠵᠢᠯ ᠦ᠋ᠨ ᠬᠥᠳᠡᠯᠮᠦᠷᠢ ᠶ᠋ᠢ ᠬᠣᠭᠣᠰᠣᠨ ᠪᠣᠯᠭᠠᠳᠠᠭ ᠭᠡᠳᠡᠭ᠃ ᠴᠢ ᠴᠢᠬᠤᠯᠠ ᠡᠳᠦᠷ ᠢ᠋ ᠬᠣᠭᠣᠰᠣᠨ ᠢ᠋ᠶ᠋ᠠᠷ ᠥᠩᠭᠡᠷᠡᠭᠦᠯᠬᠦ ᠭᠡᠵᠦ ᠪᠠᠢᠭ᠎ᠠ ᠶᠤᠮ ᠪᠢᠰᠢ ᠤᠤ? ᠡᠨᠡ ᠬᠠᠷᠢ ᠭᠠᠵᠠᠷ ᠮᠤᠤᠰᠠᠢᠨ ᠠᠮᠢᠲᠠᠳ ᠢ᠋ ᠤᠯᠠᠭᠠᠨ ᠮᠠᠩᠭᠤᠰ ᠤ᠋ᠨ ᠵᠦᠭ ᠬᠥᠭᠡᠭᠡᠵᠦ ᠶᠠᠪᠤᠭᠤᠯ᠂ ᠡᠳᠡᠨ ᠢ᠋ ᠬᠥᠭᠡᠭᠡᠵᠦ ᠶᠠᠪᠤᠭᠤᠯ᠂ ᠡᠰᠡᠪᠡᠯ ᠪᠢ ᠥᠪᠡᠷ ᠢ᠋ᠶ᠋ᠡᠨ ᠶᠠᠪᠤᠶ᠎ᠠ᠃ ᠪᠢ ᠣᠳᠣᠬᠠᠨ ᠥᠪᠡᠷ ᠦ᠋ᠨ (ᠬᠢ ) ᠡᠴᠡ ᠪᠡᠨ《ᠮᠢᠩᠭᠠᠨ ᠭᠠᠯᠵᠠᠭᠤ》ᠶ᠋ᠢ ᠠᠪᠴᠢᠷᠠᠭᠤᠯᠵᠤ ᠪᠠᠢᠭᠠᠳ ᠴᠥᠮ ᠢ᠋ ᠡᠨᠳᠡ ᠴᠢᠨᠢ ᠠᠷᠢᠯᠭᠠᠶ᠎ᠠ᠃

ᠪᠠᠲᠤ ᠬᠠᠭᠠᠨ ᠤ᠋ ᠠᠭᠤᠷ ᠶᠡᠬᠡᠳᠡ ᠬᠦᠷᠦᠭᠰᠡᠨ ᠡᠴᠡ ᠰᠠᠬᠠᠯ ᠨᠢ ᠰᠡᠷᠪᠡᠯᠵᠡᠵᠦ ᠰᠦᠪᠡᠭᠡᠳᠡᠢ ᠶ᠋ᠢᠨ ᠨᠢᠭᠤᠷ ᠢ᠋ ᠡᠭᠴᠡ ᠰᠢᠷᠲᠡᠨ᠎ᠡ᠃ ᠡᠷᠭᠢᠨ ᠲᠣᠭᠣᠷᠢᠨ ᠰᠣᠷᠪᠢ ᠪᠣᠯᠤᠭᠰᠠᠨ ᠲᠣᠭᠰᠢᠨ ᠬᠠᠷᠠᠴᠠᠲᠤ ᠨᠢᠳᠦ ᠪᠠ ᠲᠥᠷᠥᠭᠰᠡᠨ ᠴᠠᠭ ᠠ᠋ᠴᠠ ᠪᠠᠨ ᠬᠣᠢᠰᠢ ᠨᠢᠭᠡ ᠴᠦ᠍ ᠤᠬᠢᠶᠠᠭ᠎ᠠ ᠦᠭᠡᠢ ᠨᠢᠭᠤᠷ ᠲᠤᠨᠢ ᠬᠡᠰᠡᠭ ᠬᠡᠰᠡᠭ ᠪᠣᠯᠤᠭᠰᠠᠨ ᠰᠢᠷᠦᠭᠦᠨ ᠤᠰᠤ ᠤᠨᠠᠵᠤ᠂ ᠰᠠᠯᠬᠢᠨ᠎ᠠ ᠬᠠᠭᠠᠷᠠᠭᠰᠠᠨ ᠤᠷᠤᠭᠤᠯ ᠳᠡᠭᠡᠭᠦᠷ ᠬᠥᠭᠡᠰᠦ ᠪᠤᠷᠭᠢᠨ ᠪᠠᠢᠭ᠎ᠠ ᠶ᠋ᠢ ᠦᠵᠡᠪᠡᠰᠦ ᠰᠦᠪᠡᠭᠡᠳᠡᠢ ᠶ᠋ᠢᠨ ᠬᠢᠯᠢᠩ ᠶᠡᠬᠡᠳᠡ ᠬᠦᠷᠴᠡᠢ᠃ ᠪᠠᠲᠤ ᠬᠠᠭᠠᠨ ᠥᠪᠡᠷ ᠦ᠋ᠨ ᠪᠡᠶ᠎ᠡ ᠶ᠋ᠢ ᠲᠦᠰᠢᠭᠯᠡᠨ ᠬᠥᠮᠦᠵᠢᠭᠦᠯᠦᠭᠴᠢ ᠪᠡᠨ ᠬᠢᠯᠢᠩᠨᠡᠭᠦᠯᠬᠦ ᠡᠴᠡ ᠪᠣᠯᠭᠣᠮᠵᠢᠯᠠᠵᠤ ᠡᠪᠯᠡᠷᠡᠪᠡ᠃ ᠪᠠᠲᠤ᠂ ᠳᠥᠷᠪᠡᠨ ᠬᠥᠯᠯᠡᠨ ᠬᠡᠪᠲᠡᠭᠡᠳ ᠲᠣᠯᠣᠭᠠᠢ ᠪᠠᠨ ᠭᠠᠵᠠᠷ ᠲᠤᠯᠲᠠᠯ᠎ᠠ ᠪᠥᠬᠥᠢᠵᠦ ᠥᠷᠥᠰᠢᠶᠡᠯ ᠢ᠋  ᠠᠢᠯᠠᠳᠬᠠᠬᠤ ᠪᠠᠷ ᠢᠷᠡᠭᠰᠡᠨ ᠮᠣᠩᠭᠣᠯ ᠤ᠋ᠨ ᠵᠦᠭ ᠡᠷᠭᠢᠵᠦ ᠬᠠᠷᠠᠪᠠ᠃

ᠲᠡᠢᠮᠦᠷᠬᠦ ᠮᠣᠩᠭᠣᠯᠴᠤᠳ᠂ ᠪᠦᠬᠦ ᠮᠣᠳᠣᠨ ᠰᠦᠮ᠎ᠡ ᠨᠤᠭᠦᠳ ᠡᠴᠡ ᠡᠬᠢᠯᠡᠨ ᠬᠠᠭᠠᠯᠭ᠎ᠠ ᠪᠠᠷ ᠣᠷᠣᠭᠠᠳ ᠬᠠᠰᠢᠶᠠᠨ ᠳᠣᠲᠣᠷ᠎ᠠ ᠴᠠᠰᠤᠨ ᠲᠠᠯ᠎ᠠ ᠬᠦᠷᠲᠡᠯ᠎ᠡ ᠦᠷᠭᠦᠯᠵᠢᠯᠡᠵᠦ ᠪᠠᠢᠪᠠ᠃

ᠪᠠᠲᠤ ᠬᠠᠭᠠᠨ ᠰᠠᠨᠳᠤᠷᠤᠭᠰᠠᠨ ᠢ᠋ᠶ᠋ᠠᠨ ᠨᠢᠭᠤᠬᠤ ᠶ᠋ᠢ ᠤᠷᠤᠯᠳᠤᠵᠤ᠄
— ᠨᠠᠮᠠᠶ᠋ᠢ ᠣᠯᠠᠨ ᠪᠦᠭᠦᠳᠡᠭᠡᠷ ᠢ᠋ᠶ᠋ᠡᠨ《ᠥᠷᠥᠰᠢᠶᠡᠯ ᠢᠪᠡᠭᠡᠯᠲᠦ 》 ᠰᠠᠢᠨ ᠬᠠᠭᠠᠨ ᠭᠡᠳᠡᠭ ᠨᠢ ᠶᠡᠷᠦ ᠳᠡᠮᠡᠢ ᠦᠭᠡ ᠪᠤᠰᠤ ᠰᠢᠦ᠃ ᠨᠠᠳᠠᠳᠤ ᠦᠨᠡᠨᠴᠢ ᠪᠠᠢᠭᠰᠠᠨ ᠬᠡᠨ ᠪᠣᠯᠪᠠᠴᠤ ᠨᠠᠳᠠᠲᠠᠢ ᠨᠢᠭᠤᠷ ᠭᠣᠮᠣᠳᠠᠯ ᠤᠴᠠᠷᠠᠵᠤ (ᠨᠢᠭᠤᠷ ᠤᠴᠠᠷᠠᠵᠤ ᠭᠣᠮᠣᠳᠠᠯ ) ᠤᠴᠢᠷ ᠢ᠋ᠶ᠋ᠠᠨ ᠭᠠᠷᠭᠠᠵᠤ ᠪᠠᠢᠳᠠᠭ ᠡᠷᠬᠡ ᠲᠡᠢ ᠭᠡᠪᠡ᠃

ᠰᠦᠪᠡᠭᠡᠲᠠᠢ ᠲᠦᠷᠭᠡᠨ ᠵᠠᠭᠤᠷ᠎ᠠ ᠤᠷᠲᠤ ᠬᠡᠯᠡ ᠪᠡᠨ ᠭᠠᠷᠭᠠᠵᠤ ᠤᠷᠤᠭᠤᠯ ᠢ᠋ᠶ᠋ᠠᠨ ᠳᠣᠯᠢᠶᠠᠨ᠎ᠠ᠃

ᠪᠠᠲᠤ ᠬᠠᠭᠠᠨ ᠠᠨᠢᠪᠠᠰ ᠬᠢᠭᠡᠳ᠂
— ᠪᠢ ᠣᠳᠣ ᠬᠣᠶᠠᠷ ᠬᠥᠮᠦᠨ ᠦ᠌ ᠭᠣᠮᠣᠳᠠᠯ ᠢ᠋ ᠳᠠᠭᠤᠰᠬᠠᠭᠠᠳ ᠴᠢᠮᠠᠲᠠᠢ ᠶᠠᠷᠢᠯᠴᠠᠶ᠎ᠠ ᠭᠡᠨ᠎ᠡ᠃

ᠪᠠᠲᠤ ᠬᠠᠭᠠᠨ ᠰᠦᠮ᠎ᠡ ᠶ᠋ᠢᠨ ᠰᠢᠷᠡᠭᠡᠨ ᠳᠡᠭᠡᠷ᠎ᠡ ᠵᠠᠪᠢᠯᠠᠨ ᠰᠠᠭᠤᠵᠤ ᠪᠠᠢᠲᠠᠯ᠎ᠠ ᠺᠢᠫᠴᠠᠺ ᠮᠠᠶᠢᠭ ᠤ᠋ᠨ ᠰᠤᠳᠠᠯ ᠲᠠᠢ ᠬᠤᠪᠴᠠᠰᠤ ᠲᠠᠢ ᠨᠢᠭᠡᠨ ᠡᠪᠦᠭᠡᠨ ᠰᠦᠮ᠎ᠡ ᠶ᠋ᠢᠨ ᠬᠠᠭᠠᠯᠭ᠎ᠠ ᠪᠠᠷ ᠣᠷᠣᠵᠤ ᠢᠷᠡᠭᠡᠳ ᠡᠪᠦᠳᠦᠭ ᠳᠡᠭᠡᠷ᠎ᠡ ᠪᠡᠨ ᠮᠥᠯᠬᠥᠨ ᠪᠠᠲᠤ ᠳ᠋ᠤ᠌ ᠣᠢᠷᠠᠲᠤᠨ ᠢᠷᠡᠵᠡᠢ᠃ ᠪᠠᠲᠤ ᠬᠠᠭᠠᠨ ᠲᠡᠭᠦᠨ ᠢ᠋ ᠨᠠᠮᠤᠭᠤᠬᠠᠨ ᠴᠢᠷᠠᠢ ᠭᠠᠷᠭᠠᠨ ᠰᠢᠷᠲᠡᠬᠦ ᠳ᠋ᠦ᠍ᠨᠢ ᠨᠢᠳᠦ ᠨᠢ ᠪᠠᠰᠠᠯᠠ ᠳᠤᠲᠠᠭᠤ ᠠᠨᠢᠭᠳᠠᠬᠤ ᠠᠵᠠᠢ᠃
— ᠴᠢ ᠶᠠᠭᠤ ᠮᠡᠳᠡᠭᠦᠯᠬᠦ ᠭᠡᠵᠦ ᠶᠠᠪᠤᠨ᠎ᠠ ᠪᠣᠢ?
— ᠮᠢᠨᠦ ᠨᠡᠷ᠎ᠡ ᠨᠠᠽᠠᠷ ᠭᠡᠳᠡᠭ᠃ ᠪᠢ ᠰᠢᠭᠨᠡᠺ ᠭᠠᠵᠠᠷ ᠠ᠋ᠴᠠ ᠲᠠᠨ ᠤ᠋ ᠢᠯᠠᠭᠳᠠᠰᠢ ᠦᠭᠡᠢ ᠶᠡᠬᠡ ᠴᠢᠷᠢᠭ ᠲᠦ᠍ ᠣᠷᠣᠵᠤ ᠳᠠᠭᠠᠯᠳᠤᠨ ᠶᠠᠪᠤᠭ᠎ᠠ ᠶᠤᠮ᠃ ᠪᠢ ᠴᠢᠩ ᠦᠨᠡᠨ ᠡᠴᠡ ᠪᠡᠨ ᠲᠡᠰᠪᠦᠷᠢᠯᠡᠨ ᠵᠢᠳᠬᠦᠨ ᠶᠠᠪᠤᠨ᠎ᠠ᠃
— ᠮᠠᠭᠤ ᠡᠪᠦᠭᠡᠨ ᠴᠢ ᠨᠠᠳᠠᠳᠤ ᠶᠠᠮᠠᠷ ᠠᠵᠢᠯ ᠪᠦᠲᠦᠭᠡᠵᠦ ᠶᠠᠪᠤᠭ᠎ᠠ ᠶᠤᠮ ᠪᠣᠢ?
— ᠪᠢ ᠮᠣᠬᠣᠰᠢ ᠦᠭᠡᠢ ᠵᠣᠷᠢᠭᠲᠤ ᠰᠦᠪᠡᠭᠡᠲᠠᠢ ᠪᠠᠭᠠᠲᠤᠷ ᠤ᠋ᠨ ᠰᠡᠷᠭᠦᠯᠡᠩ ᠲᠠᠬᠢᠶ᠎ᠠ ᠶ᠋ᠢ ᠮᠠᠨᠠᠵᠤ ᠲᠡᠵᠢᠭᠡᠵᠦ ᠶᠠᠪᠤᠳᠠᠭ ᠬᠥᠮᠦᠨ᠁ ᠭᠡᠰᠡᠨ ᠳ᠋ᠤ᠌ ᠪᠠᠲᠤ ᠬᠠᠭᠠᠨ ᠥᠪᠡᠷ ᠦ᠋ᠨ ᠳᠣᠭᠰᠢᠨ ᠪᠠᠭᠰᠢ ᠶ᠋ᠢᠨ ᠢ᠋ᠶ᠋ᠡᠨ ᠲᠤᠬᠠᠢ ᠶᠠᠮᠠᠷᠪᠠ ᠦᠭᠡ ᠶᠠᠷᠢᠶ᠎ᠠ ᠰᠣᠨᠣᠰᠬᠤ ᠳᠤᠷᠠᠲᠠᠢ ᠲᠤᠯᠠ ᠬᠡ ᠬᠡ ᠭᠡᠵᠦ ᠢᠨᠢᠶᠡᠵᠡᠢ᠃
— ᠴᠢ ᠲᠡᠭᠡᠭᠡᠳ ᠶᠠᠭᠤ ᠮᠡᠳᠡᠭᠦᠯᠵᠦ ᠪᠠᠢᠭ᠎ᠠ ᠪᠢᠯᠡ?  ᠰᠥᠪᠡᠭᠡᠳᠡᠢ ᠪᠠᠭᠠᠲᠤᠷ ᠴᠢᠮᠠᠶ᠋ᠢ ᠭᠤᠮᠤᠳᠠᠭᠤᠯᠤᠭᠰᠠᠨ ᠭᠡᠵᠢ ᠤᠤ?
— ᠦᠭᠡᠢ ᠨᠢ ᠲᠦᠮᠡᠨ ᠦᠨᠡᠨ᠂ ᠶᠡᠬᠡ  ᠠᠯᠠᠯᠾ ᠲᠩᠷᠢ ᠨᠠᠮᠠᠶ᠋ᠢ ᠵᠢᠮᠡᠯᠡᠭᠰᠡᠨ ᠪᠣᠯᠪᠠᠴᠤ ᠲᠡᠳᠡᠨᠡᠷ ᠦ᠋ᠨ ᠮᠢᠨᠢ ᠠᠯᠳᠠᠷ ᠡᠭᠦᠷᠢᠳᠡ ᠮᠠᠨᠳᠤᠬᠤ ᠪᠣᠯᠲᠤᠭᠠᠢ᠃ ᠮᠢᠨᠦ ᠳᠥᠷᠪᠡᠨ ᠰᠠᠢᠬᠠᠨ ᠬᠥᠪᠡᠭᠦᠨ ᠨᠠᠳᠠᠲᠠᠢ ᠬᠠᠮᠲᠤ ᠲᠡᠢᠨ ᠳ᠋ᠦ᠍ ᠮᠣᠷᠳᠠᠭᠰᠠᠨ ᠪᠢᠯᠡ᠃
— ᠡᠨᠡ ᠴᠢᠨᠢ ᠴᠣᠬᠣᠮ ᠳ᠋ᠠᠭᠠᠨ ᠬᠦᠨᠳᠦ ᠲᠡᠢ ᠬᠡᠷᠡᠭ ᠰᠢᠪ ᠳ᠋ᠠ᠃ ᠲᠡᠳᠡᠨᠡᠷ ᠴᠢᠨᠢ ᠶᠡᠬᠡ ᠠᠯᠳᠠᠷ ᠭᠠᠪᠢᠶ᠎ᠠ ᠣᠯᠵᠤ ᠶᠠᠪᠤᠭ᠎ᠠ᠃
— ᠣᠷᠣᠰ ᠤ᠋ᠳ ᠲᠠᠢ ᠲᠤᠯᠤᠯᠳᠤᠭᠰᠠᠨ ᠠᠩᠬᠠᠨ ᠤ᠋ ᠪᠠᠢᠯᠳᠤᠭᠠᠨ ᠳ᠋ᠤ᠌ ᠮᠢᠨᠦ ᠶᠡᠬᠡ ᠬᠦᠦ ᠵᠣᠷᠢᠭᠲᠤ ᠳ᠋ᠸᠮᠸᠷ ᠮᠢᠨᠢ ᠠᠯᠠᠭᠳᠠᠭᠰᠠᠨ᠂ ᠲᠡᠭᠦᠨ ᠦ᠌ ᠰᠦᠨᠡᠰᠦ ᠶ᠋ᠢ ᠠᠯᠯᠠᠾ ᠲᠩᠷᠢ ᠡᠴᠡ ᠥᠪᠡᠷ ᠦ᠋ᠨ ᠴᠡᠴᠡᠷᠯᠢᠭ ᠲᠦ᠍ ᠲᠥᠷᠥᠭᠦᠯᠬᠦ ᠪᠢᠵᠡ? ᠭᠡᠵᠦ ᠡᠪᠦᠭᠡᠨ ᠨᠢᠳᠦ ᠶᠤᠭᠡᠨ ᠳᠡᠪᠡᠯ ᠦ᠋ᠨ ᠨᠢᠳᠤᠷᠭ᠎ᠠ ᠪᠠᠷ ᠠᠷᠴᠢᠵᠤ ᠬᠥᠨᠳᠡᠯᠡᠨ ᠬᠠᠷᠠᠪᠠ᠃
— ᠴᠢᠨᠦ ᠬᠦᠦ ᠲᠤᠯᠤᠯᠳᠤᠭᠠᠨ ᠳ᠋ᠤ᠌ ᠶᠠᠪᠤᠵᠤ ᠦᠬᠦᠭᠰᠡᠨ ᠭᠡᠵᠦ ᠴᠢ ᠪᠠᠬᠠᠷᠬᠠᠵᠤ ᠪᠠᠢ᠃ ᠪᠢ ᠴᠢᠮᠠᠶ᠋ᠢ ᠶᠠᠭᠤ ᠪᠠᠷ ᠱᠠᠩᠨᠠᠬᠤ ᠪᠢᠯᠡ ᠭᠡᠬᠦ ᠳ᠋ᠦ᠍ ᠨᠠᠽᠠᠷ ᠬᠠᠮᠠᠷ ᠢ᠋ᠶ᠋ᠠᠨ ᠭᠠᠷ ᠤ᠋ᠨ ᠠᠯᠠᠭ᠎ᠠ ᠪᠠᠷ ᠠᠷᠴᠢᠵᠤ᠂
— ᠪᠢ ᠴᠢᠨᠦ ᠮᠠᠲᠠᠯ ᠤ᠋ᠨ ᠬᠥᠮᠦᠨ᠂ ᠴᠢᠨᠦ ᠰᠠᠢᠬᠠᠨ ᠦᠭᠡ ᠴᠢᠨᠢ ᠨᠠᠳᠠᠳᠤ ᠳ᠋ᠠᠭᠠᠨ ᠬᠠᠮᠤᠭ ᠤ᠋ᠨ ᠰᠠᠢᠬᠠᠨ ᠱᠠᠩᠨᠠᠯ ᠪᠣᠯᠤᠨ᠎ᠠ ᠭᠡᠪᠡ᠃  ᠰᠥᠪᠡᠭᠡᠳᠡᠢ ᠬᠥᠨᠳᠡᠯᠡᠨ ᠡᠴᠡ᠂
— ᠪᠢ ᠡᠨᠡ ᠡᠪᠦᠭᠡᠨ ᠢ᠋ ᠮᠡᠳᠡᠨ᠎ᠡ᠃ ᠡᠨᠡ ᠪᠣᠯ ᠪᠦᠬᠦ ᠬᠦᠴᠦ ᠪᠡᠷ ᠢ᠋ᠶ᠋ᠡᠨ ᠵᠢᠳᠬᠦᠬᠦ ᠶ᠋ᠢ ᠤᠷᠤᠯᠳᠤᠨ ᠶᠠᠪᠤᠳᠠᠭ ᠬᠥᠮᠦᠨ ᠲᠤᠯᠠ ᠪᠢᠳᠡᠨ ᠳ᠋ᠦ᠍ ᠲᠤᠰᠠᠲᠠᠢ ᠳᠠᠭᠠᠭᠠᠯᠭᠠᠪᠤᠷᠢ ᠶ᠋ᠢ ᠥᠭᠴᠦ ᠪᠣᠯᠤᠨ᠎ᠠ᠂ ᠡᠪᠦᠭᠡᠨ ᠴᠢ ᠴᠠᠭᠠᠨ᠎ᠠ ᠪᠠᠨ ᠵᠣᠭᠰᠣᠭᠠᠳ ᠬᠦᠯᠢᠶᠡᠵᠦ ᠪᠠᠢᠭᠲᠤᠨ ᠭᠡᠪᠡ᠃

ᠳᠠᠷᠠᠭ᠎ᠠ ᠳ᠋ᠤᠨᠢ ᠬᠡᠷᠡᠭ ᠮᠡᠳᠡᠭᠦᠯᠬᠦ ᠪᠡᠷ ᠨᠣᠣᠰᠣᠨ ᠳᠡᠪᠡᠯ ᠲᠡᠢ ᠠᠭᠠᠳ ᠮᠦᠰᠡᠯᠢᠮ ᠴᠠᠭᠠᠨ ᠮᠠᠯᠠᠭᠠᠢ ᠲᠠᠢ ᠡᠢᠮᠦ ᠠᠷᠠᠪ ᠮᠠᠶᠢᠭ ᠤ᠋ᠨ ᠬᠤᠪᠴᠠᠰᠤ

ᠡᠮᠦᠰᠦᠭᠰᠡᠨ ᠬᠥᠮᠦᠨ ᠪᠠᠢᠯ᠎ᠠ᠃ ᠲᠡᠭᠦᠨ ᠦ᠌ ᠥᠮᠥᠳᠥ ᠨᠢ ᠤᠷᠠᠭᠳᠠᠵᠤ ᠰᠠᠯᠪᠠᠷᠠᠨ ᠤᠨᠵᠢᠢᠵᠠᠢ᠃ ᠲᠡᠷᠡ ᠬᠤᠳᠠᠯᠳᠤᠭᠠᠴᠢᠨ ᠡᠪᠦᠳᠦᠭ ᠢ᠋ᠶ᠋ᠡᠨ ᠰᠥᠭᠥᠳᠦᠨ ᠬᠠᠭᠠᠨ ᠤ᠋ ᠰᠢᠷᠡᠭᠡᠨ  ᠳ᠋ᠦ᠍ ᠣᠢᠷᠠᠲᠤᠵᠤ ᠭᠠᠷ ᠢ᠋ᠶ᠋ᠠᠨ ᠵᠠᠩᠭᠢᠳᠤᠨ ᠴᠡᠭᠡᠵᠢ ᠪᠡᠨ ᠪᠠᠯᠪᠠᠵᠤ ᠰᠥᠭᠡᠩᠭᠢ ᠬᠣᠭᠣᠯᠠᠢ ᠪᠠᠷ ᠶᠠᠮᠠᠷ ᠨᠢᠭᠡᠨ ᠶᠠᠭᠤᠮ᠎ᠠ ᠥᠭᠦᠯᠡᠨ᠎ᠡ᠃
— ᠡᠨᠡ ᠴᠢᠨᠢ ᠶᠠᠭᠤ ᠭᠡᠳ ᠪᠠᠢᠭ᠎ᠠ ᠶᠤᠮ? ᠡᠭᠦᠨ ᠦ᠌ ᠦᠭᠡ ᠶ᠋ᠢ ᠪᠢ ᠮᠡᠳᠡᠬᠦ ᠦᠭᠡᠢ ᠪᠠᠢᠨ᠎ᠠ ᠭᠡᠵᠦ ᠪᠠᠲᠤ ᠬᠠᠭᠠᠨ ᠢ᠋ ᠬᠡᠯᠡᠬᠦ ᠳ᠋ᠦ᠍ ᠬᠡᠯᠡᠮᠦᠷᠴᠢ ᠡᠴᠡ᠂
— ᠡᠨᠡ ᠪᠣᠯ ᠪᠤᠬᠠᠷ ᠤ᠋ᠨ ᠬᠤᠳᠠᠯᠳᠤᠭᠠᠴᠢᠨ ᠂ ᠪᠤᠰᠤᠳ ᠠᠷᠪᠠᠨ ᠬᠣᠶᠠᠷ ᠬᠤᠳᠠᠯᠳᠤᠭᠠᠴᠢᠨ ᠤ᠋ ᠠᠬᠠᠯᠠᠭᠴᠢ ᠨᠢ ᠶᠤᠮ᠃ ᠡᠳᠡᠨᠠᠷ ᠲᠠᠨ ᠤ᠋ ᠴᠡᠷᠢᠭ ᠢ᠋ ᠳᠠᠭᠠᠯᠳᠤᠨ ᠶᠠᠪᠤᠵᠤ ᠲᠡᠢᠨ ᠳ᠋ᠦ᠍ ᠣᠯᠵᠠᠯᠠᠨ ᠠᠪᠤᠭᠰᠠᠨ ᠬᠤᠪᠴᠠᠰᠤ ᠵᠦᠢᠯ ᠢ᠋ ᠴᠡᠷᠢᠭ ᠦ᠋ᠳ ᠡᠴᠡ ᠬᠤᠳᠠᠯᠳᠤᠨ ᠠᠪᠳᠠᠭ ᠶᠤᠮ ᠭᠡᠨ᠎ᠡ᠃ ᠲᠡᠭᠡᠭᠡᠳ ᠡᠨᠡ ᠪᠤᠬᠠᠷ ᠤ᠋ᠨ ᠬᠤᠳᠠᠯᠳᠤᠭᠠᠴᠢᠳ ᠢ᠋ ᠲᠠᠨ ᠤ᠋ ᠴᠡᠷᠢᠭ ᠦ᠋ᠳ ᠵᠣᠳᠣᠵᠤ ᠪᠦᠬᠦ ᠡᠳ᠋ ᠶᠠᠭᠤᠮ᠎ᠠ ᠶ᠋ᠢ ᠪᠤᠯᠢᠶᠠᠨ ᠠᠪᠤᠯ᠎ᠠ ᠭᠡᠵᠦ ᠭᠣᠮᠣᠳᠠᠯ ᠮᠡᠳᠡᠭᠦᠯᠵᠦ ᠪᠠᠢᠨ᠎ᠠ ᠭᠡᠵᠦ ᠲᠠᠢᠯᠪᠤᠷᠢᠯᠠᠪᠠ᠃

ᠪᠠᠲᠤ ᠬᠠᠭᠠᠨ ᠶᠡᠬᠡᠳᠡ ᠬᠥᠭᠵᠢᠵᠦ ᠵᠠᠯᠢ ᠲᠠᠢ ᠨᠢᠳᠦ ᠪᠡᠷ ᠠᠨᠢᠪᠬᠢᠨ ᠭᠠᠷ ᠤ᠋ᠨ ᠠᠯᠠᠭ᠎ᠠ ᠪᠠᠷ ᠡᠪᠦᠳᠦᠭ ᠢ᠋ᠶ᠋ᠡᠨ ᠳᠡᠰ ᠳᠡᠰ ᠠᠯᠠᠭᠠᠳᠠᠵᠤ᠂
— ᠬᠤᠳᠠᠯᠳᠤᠭᠠᠴᠢᠨ ᠨᠠᠳᠠᠳᠤ ᠠᠰᠢᠭᠲᠠᠢ᠂ ᠬᠤᠳᠠᠯᠳᠤᠭᠠᠴᠢᠨ ᠪᠣᠯ ᠬᠡᠷᠡᠭ ᠲᠡᠢ ᠲᠠᠸᠠᠷ ᠢ᠋ ᠠᠪᠴᠢᠷᠠᠳᠠᠭ ᠶᠤᠮ᠃ ᠲᠡᠢᠨ ᠳ᠋ᠦ᠍ ᠤᠳᠠᠭᠠᠨ ᠶᠠᠪᠤᠭ᠎ᠠ ᠮᠢᠨᠦ ᠴᠡᠷᠢᠭ ᠦ᠋ᠳ ᠣᠯᠵᠠᠯᠠᠨ ᠠᠪᠤᠭᠰᠠᠨ ᠪᠦᠬᠦ ᠡᠳ᠋ ᠪᠠᠶᠠᠯᠢᠭ ᠢ᠋ᠶ᠋ᠠᠨ ᠬᠣᠯᠠ ᠠᠪᠴᠤ ᠶᠠᠪᠤᠵᠤ ᠴᠢᠳᠠᠬᠤ ᠦᠭᠡᠢ ᠲᠤᠯᠠ ᠡᠳᠡᠭᠡᠷ ᠬᠤᠳᠠᠯᠳᠤᠭᠠᠴᠢᠳ ᠲᠡᠳᠡᠨ ᠳ᠋ᠦ᠍ ᠴᠦ᠍ ᠬᠡᠷᠡᠭ ᠲᠡᠢ᠃ ᠨᠠᠳᠠᠳᠤ ᠦᠨᠡᠨᠴᠢ ᠬᠤᠳᠠᠯᠳᠤᠭᠠᠴᠢᠳ ᠢ᠋ ᠳᠣᠷᠣᠮᠵᠢᠯᠠᠭᠰᠠᠨ ᠬᠡᠨ ᠨᠢᠭᠡᠨ ᠬᠥᠮᠦᠨ ᠪᠣᠯ ᠦᠬᠦᠯ ᠢ᠋ᠶ᠋ᠡᠨ ᠦᠵᠡᠨ᠎ᠡ᠃ ᠴᠢᠮᠠᠶ᠋ᠢ ᠲᠡᠭᠡᠵᠦ ᠳᠡᠭᠡᠷᠡᠮᠳᠡᠭᠰᠡᠨ ᠰᠢᠷ᠎ᠠ ᠨᠣᠬᠠᠢ ᠨᠤᠭᠤᠳ ᠢ᠋ ᠴᠢ ᠵᠢᠭᠠᠵᠤ ᠥᠭᠴᠦ ᠴᠢᠳᠠᠬᠤ ᠊ᠤᠤ?
— ᠲᠠᠨ ᠤ᠋ ᠴᠡᠷᠢᠭ ᠦ᠋ᠳ ᠪᠣᠯ ᠬᠠᠪᠤᠷ ᠤ᠋ᠨ ᠴᠠᠭ ᠲᠤ᠌ ᠨᠢᠰᠦᠨ ᠢᠷᠡᠳᠡᠭ ᠰᠢᠪᠠᠭᠤ ᠮᠡᠲᠦ ᠲᠣᠭ᠎ᠠ ᠲᠣᠮᠰᠢ ᠦᠭᠡᠢ ᠣᠯᠠᠨ ᠶᠤᠮ᠃ ᠭᠡᠪᠡᠴᠦ ᠲᠡᠷᠡᠬᠦ ᠨᠠᠮᠠᠶ᠋ᠢ ᠳᠣᠷᠣᠮᠵᠢᠯᠠᠭᠰᠠᠨ ᠬᠥᠮᠦᠰ ᠬᠡᠷᠪᠡ ᠤᠴᠠᠷᠠᠪᠠᠰᠤ ᠪᠢ ᠲᠡᠳᠡᠨ ᠢ᠋ ᠵᠢᠭᠠᠵᠤ ᠴᠢᠳᠠᠨ᠎ᠠ᠃

ᠰᠥᠪᠡᠭᠡᠳᠡᠢ ᠬᠥᠨᠳᠡᠯᠡᠨ ᠡᠴᠡ ᠨᠢ ᠄
— ᠥᠴᠦᠬᠡᠨ ᠵᠥᠪᠯᠡᠯᠭᠡ ᠬᠡᠯᠡᠬᠦ ᠶ᠋ᠢ ᠵᠥᠪᠰᠢᠶᠡᠷᠡᠨ᠎ᠡ ᠤᠤ? ᠡᠨᠡ ᠡᠪᠦᠭᠡᠨ ᠢ᠋ ᠰᠡᠷᠢᠭᠦᠯᠭᠡ ᠶ᠋ᠢᠨ ᠲᠠᠬᠢᠶ᠎ᠠ ᠬᠠᠳᠠᠭᠠᠯᠠᠭᠴᠢ ᠪᠥᠭᠡᠳ ᠬᠠᠷᠢ ᠭᠠᠵᠠᠷ ᠤ᠋ᠨ ᠬᠤᠳᠠᠯᠳᠤᠭᠠᠴᠢᠳ ᠢ᠋ ᠬᠠᠮᠠᠭᠠᠯᠠᠬᠤ ᠬᠡᠯᠡᠮᠦᠷᠴᠢ ᠪᠡᠷ ᠲᠣᠮᠢᠯᠠ᠃ ᠡᠨᠡ ᠪᠣᠯ ᠠᠷᠭ᠎ᠠ ᠮᠡᠬᠡ ᠲᠡᠢ ᠬᠥᠮᠦᠨ᠂ ᠲᠡᠳᠡᠨ ᠢ᠋ ᠬᠠᠮᠠᠭᠠᠯᠠᠵᠤ ᠴᠢᠳᠠᠬᠤ ᠶ᠋ᠢᠨ ᠳᠡᠭᠡᠷ᠎ᠡ ᠥᠪᠡᠷ ᠢ᠋ ᠪᠡᠨ ᠴᠦ᠍ ᠮᠠᠷᠲᠠᠬᠤ ᠦᠭᠡᠢ ᠪᠢᠵᠡ? ᠭᠡᠵᠦ ᠬᠡᠯᠡᠭᠰᠡᠨ ᠳ᠋ᠦ᠍᠂
— ᠲᠡᠭᠡᠶ᠎ᠡ ᠭᠡᠵᠦ ᠪᠠᠲᠤ ᠬᠠᠭᠠᠨ ᠬᠥᠯ ᠢ᠋ᠶ᠋ᠡᠨ ᠳᠣᠷᠣᠭᠰᠢ ᠲᠠᠯᠪᠢᠬᠤ ᠳ᠋ᠤᠨᠢ ᠲᠡᠭᠦᠨ ᠢ᠋ ᠴᠡᠷᠢᠭ ᠦ᠋ᠳ ᠲᠣᠰᠴᠤ ᠰᠢᠷᠡᠭᠡᠨ ᠡᠴᠡ ᠪᠠᠭᠤᠬᠤ ᠳ᠋ᠤᠨᠢ ᠲᠤᠰᠠᠯᠠᠪᠠ᠃ ᠪᠠᠲᠤ ᠬᠠᠭᠠᠨ ᠰᠢᠭᠤᠳ ᠰᠦᠮ᠎ᠡ ᠶ᠋ᠢᠨ ᠡᠭᠦᠳᠡᠨ ᠦ᠌ ᠵᠦᠭ ᠣᠴᠢᠵᠤ ᠦᠵᠡᠪᠡᠰᠦ ᠤᠴᠠᠷᠠᠵᠤ ᠪᠠᠷᠠᠯᠬᠠᠬᠤ ᠶ᠋ᠢ ᠬᠦᠰᠡᠭᠴᠢᠳ ᠲᠠᠯ᠎ᠠ ᠪᠦᠬᠦᠨ ᠳ᠋ᠦ᠍ ᠵᠢᠭᠰᠠᠨ ᠵᠣᠭᠰᠣᠵᠠᠢ᠃
— ᠠᠭᠤᠤ ᠶᠡᠬᠡ ᠵᠣᠷᠢᠭᠲᠠᠨ ᠰᠠᠢᠨ ᠬᠠᠭᠠᠨ ᠲᠠ ᠪᠢᠳᠡᠨ ᠦ᠌ ᠦᠭᠡ ᠶ᠋ᠢ ᠰᠣᠨᠣᠰᠤᠨ᠎ᠠ ᠤᠤ? ᠭᠡᠵᠦ ᠪᠠᠷᠬᠢᠷᠠᠯᠳᠤᠵᠤ ᠪᠠᠢᠪᠠ᠃ ᠰᠦᠪᠡᠭᠡᠳᠡᠢ ᠪᠠᠭᠠᠲᠤᠷ ᠬᠠᠵᠠᠭᠤ ᠠ᠋ᠴᠠ ᠨᠢ᠂
— ᠡᠳᠡ ᠪᠦᠭᠦᠳᠡ ᠶ᠋ᠢ ᠤᠯᠠᠭᠠᠨ ᠮᠠᠩᠭᠤᠰ ᠤ᠋ᠨ ᠵᠦᠭ ᠬᠥᠭᠡᠭᠡᠵᠦ ᠶᠠᠪᠤᠭᠤᠯ ᠭᠡᠵᠦ ᠪᠢ ᠴᠢᠮᠠᠲᠤ ᠬᠡᠯᠡᠭᠡ ᠦᠭᠡᠢ ᠪᠢᠯᠢᠤ᠂ ᠴᠢᠨᠦ ᠡᠭᠦᠷᠭᠡ ᠪᠣᠯ ᠳᠠᠢᠳᠤᠬᠤ ᠠ᠋ᠴᠠ ᠪᠤᠰᠤ ᠬᠡᠷᠡᠭ ᠵᠠᠷᠭᠤ ᠲᠠᠰᠤᠯᠤᠨ ᠰᠠᠭᠣᠬᠴᠢᠨ ᠪᠢᠰᠢ᠂ ᠴᠡᠷᠢᠭ ᠦ᠋ᠳ ᠡᠳᠡ ᠪᠦᠭᠦᠳᠡ ᠶ᠋ᠢ ᠡᠨᠳᠡ ᠡᠴᠡ ᠬᠥᠭᠡᠭᠡᠵᠦ ᠭᠡᠷ ᠣᠷᠣᠨ ᠠ᠋ᠴᠠ ᠵᠠᠢᠯᠠᠭᠤᠯ ᠭᠡᠪᠡ᠃

ᠲᠠᠲ᠋ᠠᠷ ᠤ᠋ᠨ ᠲᠦᠮᠡᠲᠦ  ᠨᠤᠭᠦᠳ ᠣᠯᠠᠨ ᠬᠡᠰᠡᠭ ᠠᠩᠭᠢ ᠪᠣᠯᠤᠨ ᠤᠷᠤᠭᠰᠢ ᠳᠠᠪᠰᠢᠨ ᠪᠠᠢᠬᠤ ᠵᠠᠮ ᠳ᠋ᠠᠭᠠᠨ ᠲᠣᠬᠢᠶᠠᠯᠳᠤᠭᠰᠠᠨ ᠬᠣᠲᠠ ᠲᠣᠰᠬᠣᠨ ᠨᠤᠭᠤᠳ ᠢ᠋ ᠳᠡᠭᠡᠷᠡᠮᠳᠡᠬᠦ ᠳ᠋ᠦ᠍ ᠪᠡᠶ᠎ᠡ ᠪᠡᠶᠡᠰ ᠲᠡᠭᠡᠨ ᠰᠠᠭᠠᠳ ᠪᠣᠯᠬᠤ ᠦᠭᠡᠢ ᠶ᠋ᠢᠨ ᠲᠤᠯᠠᠳᠠ ᠭᠠᠷ ( ᠤ᠋ᠨ ) ᠬᠤᠷᠤᠭᠤ ᠮᠡᠲᠦ ᠬᠣᠰᠢᠭᠤᠷᠠᠵᠤ ᠳᠠᠷᠬᠠᠨ ᠶᠠᠪᠤᠨ᠎ᠠ᠃ ᠠᠩ ᠠᠪᠠᠯᠠᠷ᠎ᠠ ᠶᠠᠪᠤᠭ᠎ᠠ ᠮᠡᠲᠦ ᠪᠡᠷ ᠮᠣᠩᠭᠣᠯᠴᠤᠳ ᠣᠷᠣᠰ ᠤ᠋ᠨ ᠨᠤᠲᠤᠭ ᠢ᠋ ᠡᠵᠡᠯᠡᠨ ᠠᠪᠤᠭᠠᠳ ᠠᠷᠠᠰᠤ ᠪᠤᠯᠢᠭᠠᠷᠢ᠂ ᠵᠠᠷ ᠵᠡᠪᠰᠡᠭ ᠪᠣᠯᠪᠠᠰᠤᠷᠠᠭᠤᠯᠬᠤ᠂ ᠬᠤᠪᠴᠠᠰᠤ ᠬᠤᠨᠠᠷ ᠣᠶᠣᠭᠤᠯᠬᠤ ᠳ᠋ᠤ᠌ ᠬᠡᠷᠡᠭᠯᠡᠬᠦ ᠤᠷᠠᠴᠤᠳ ᠠ᠋ᠴᠠ ᠪᠤᠰᠤ ᠬᠥᠮᠦᠨ ᠪᠦᠬᠦᠨ ᠢ᠋ ᠬᠦᠢᠰᠦ ᠲᠡᠮᠲᠡᠷᠢᠨ ᠳᠠᠭᠤᠰᠬᠠᠬᠤ ᠶ᠋ᠢ ᠤᠷᠤᠯᠳᠤᠵᠤ ᠪᠠᠢᠪᠠ᠃

ᠮᠣᠩᠭᠣᠯ ᠲᠠᠲ᠋ᠠᠷ ᠤ᠋ᠨ ᠴᠡᠷᠢᠭ ᠦ᠋ᠨ ᠡᠷᠬᠡᠲᠡᠨ ᠨᠦ᠍ᠭᠦᠳ ᠬᠠᠮᠢᠭ᠎ᠠ ᠶᠠᠪᠤᠭᠰᠠᠨ ᠭᠠᠵᠠᠷ ᠤ᠋ᠨ ᠬᠠᠰᠢᠶ᠎ᠠ ᠬᠦᠷᠢᠶ᠎ᠡ ᠪᠦᠬᠦᠨ ᠳ᠋ᠦ᠍ ᠲᠦᠷᠢᠨ ᠣᠷᠣᠭᠠᠳ᠂
— ᠪᠠᠲᠤ ᠬᠠᠭᠠᠨ ᠪᠢᠳᠡᠨ ᠢ᠋ ᠬᠠᠮᠢᠭ᠎ᠠ ᠠᠪᠴᠢᠷᠠᠭᠰᠠᠨ ᠶᠤᠮ ᠪᠣᠢ? ᠲᠡᠷᠡ ᠪᠢᠳᠡᠨ ᠢ᠋ ᠪᠠᠶᠠᠰᠬᠠᠵᠤ ᠬᠡᠯᠡᠬᠦ ᠳ᠋ᠡᠭᠡᠨ ᠣᠷᠣᠰ ᠤ᠋ᠳ ᠪᠤᠯᠠᠭᠠᠨ ᠮᠠᠯᠠᠭᠠᠢ ᠲᠠᠢ᠂ᠮᠢᠨᠵᠢ ᠶ᠋ᠢᠨ ᠳᠡᠪᠡᠯ ᠲᠡᠢ ᠶᠠᠪᠤᠳᠠᠭ ᠲᠤᠯᠠ ᠪᠢᠳᠡ ᠲᠡᠳᠡᠭᠡᠷ ᠢ᠋ ᠠᠪᠴᠤ ᠡᠮᠦᠰᠦᠭᠡᠳ ᠴᠥᠮ ᠶᠡᠬᠡᠰ ᠨᠣᠶᠠᠳ ᠪᠠ ᠪᠠᠶᠠᠨ ᠬᠤᠳᠠᠯᠳᠤᠭᠠᠴᠢᠨ ᠰᠢᠭ᠋ ᠶᠠᠪᠤᠵᠠᠭᠠᠨ᠎ᠠ ᠭᠡᠰᠡᠨ ᠴᠢᠨᠢ ᠬᠠᠷᠢᠨ ᠪᠤᠯᠢᠭᠠᠷᠢ ᠶ᠋ᠢᠨ ᠭᠤᠲᠤᠯ ᠲᠠᠢ ᠭᠠᠭᠴᠠᠬᠠᠨ ᠴᠤ᠌ ᠣᠷᠣᠰ ᠬᠥᠮᠦᠨ ᠢ᠋ ᠣᠯᠵᠤ ᠦᠵᠡᠭᠰᠡᠨ ᠦᠭᠡᠢ᠂ ᠴᠥᠮ ᠭᠡᠷ ᠲᠡᠭᠡᠨ ᠦᠢᠯᠡᠳᠦᠭᠰᠡᠨ ᠨᠡᠬᠡᠮᠡᠯ ᠮᠠᠯᠠᠭᠠᠢ ᠲᠠᠢ᠂ ᠬᠣᠨᠢᠨ ᠤ᠋ ᠨᠡᠬᠡᠢ ᠳᠡᠪᠡᠯ ᠲᠡᠢ᠂ ᠬᠥᠯ ᠳ᠋ᠡᠭᠡᠨ ᠬᠣᠯᠲᠣᠰᠣᠨ ᠱᠠᠬᠠᠢ ᠡᠮᠦᠰᠦᠭᠰᠡᠨ ᠶᠤᠮ᠃ ᠪᠢᠳᠡ ᠡᠨᠳᠡ ᠢᠷᠡᠬᠦ ᠬᠡᠷᠡᠭ ᠦᠭᠡᠢ ᠪᠠᠢᠵᠠᠢ᠃ ᠮᠠᠨ ᠤ᠋ ᠮᠣᠷᠢᠳ ᠪᠣᠯ ᠭᠦᠨ ᠵᠤᠵᠠᠭᠠᠨ ᠴᠠᠰᠤᠨ ᠳᠣᠣᠷ᠎ᠠ ᠠ᠋ᠴᠠ ᠡᠪᠡᠰᠦ ᠣᠯᠵᠤ ᠢᠳᠡᠵᠦ ᠴᠢᠳᠠᠬᠤ ᠦᠭᠡᠢ᠂ ᠬᠠᠭᠤᠴᠢᠨ ᠰᠦᠷᠡᠯ ᠳᠠᠷᠠᠰᠤ ᠢᠳᠡᠵᠦ ᠡᠪᠡᠳᠴᠢᠯᠡᠭᠡᠳ ᠪᠠᠢᠨ᠎ᠠ᠂ᠤᠳᠠᠯ ᠦᠭᠡᠢ ᠪᠢᠳᠡ ᠮᠣᠷᠢᠳ ᠠ᠋ᠴᠠ ᠪᠠᠨ ᠰᠠᠯᠬᠤ ᠪᠠᠢᠬ᠎ᠠ᠂ ᠲᠡᠭᠡᠪᠡᠯ ᠣᠷᠣᠰ ᠤ᠋ᠳ ᠠ᠋ᠴᠠ ᠣᠯᠵᠠᠯᠠᠨ ᠠᠪᠤᠭᠰᠠᠨ ᠮᠣᠷᠢᠳ ᠠᠯᠤᠰ ᠤ᠋ᠨ ᠣᠨᠣᠯᠭ᠎ᠠ ᠳ᠋ᠤ᠌ ᠲᠣᠬᠢᠷᠠᠬᠤ ᠦᠭᠡᠢ᠃ ᠠᠴᠢᠶᠠᠨ ᠤ᠋ ᠲᠡᠷᠭᠡᠨ ᠳ᠋ᠦ᠍ ᠶᠠᠭᠤ ᠠᠴᠢᠬᠤ ᠪᠠᠨ ᠪᠢᠳᠡ ᠮᠡᠳᠡᠬᠦ ᠦᠭᠡᠢ ᠪᠠᠢᠨ᠎ᠠ᠃ ᠭᠠᠭᠴᠠᠬᠠᠨ ᠦᠬᠡᠷ ᠦ᠋ᠨ ᠮᠢᠬ᠎ᠠ ᠠᠴᠢᠭᠠᠳ ᠨᠢᠭᠡ ᠴᠦ᠍ ᠦᠨᠡᠭᠡᠨ ᠦ᠌ ᠠᠷᠠᠰᠤ ᠦᠭᠡᠢ ᠶᠠᠪᠤᠬᠤ ᠭᠡᠵᠢ ᠤᠤ? ᠡᠨᠡ ᠵᠠᠮ ᠬᠠᠷᠭᠤᠢ ᠨᠢ ᠪᠦᠰᠡᠯᠡᠬᠦᠢᠴᠡ ᠴᠠᠰᠤᠨ ᠳ᠋ᠤ᠌ ᠳᠠᠷᠤᠭᠳᠠᠭᠰᠠᠨ ᠪᠥᠭᠡᠳ ᠨᠢᠭᠡ ᠴᠦ᠍ ᠡᠪᠡᠰᠦ ᠪᠣᠷᠳᠣᠭ᠎ᠠ ᠪᠠᠢᠬᠤ ᠦᠭᠡᠢ᠂ ᠮᠠᠭᠤ ᠵᠠᠯᠢᠲᠠᠨ ᠨᠤᠭᠤᠳ ᠪᠦᠬᠦ ᠶᠠᠭᠤᠮ᠎ᠠ ᠪᠠᠨ ᠮᠣᠷᠢᠲᠠᠢ ᠬᠥᠮᠦᠨ ᠶᠠᠪᠤᠵᠤ ᠦᠯᠦ ᠪᠣᠯᠬᠤ ᠶᠡᠬᠡ ᠰᠢᠭᠤᠢ ᠳᠣᠲᠣᠷ᠎ᠠ ᠨᠢᠭᠤᠵᠠᠢ ᠭᠡᠵᠦ ᠬᠠᠷᠢᠶᠠᠯ ᠲᠠᠯᠪᠢᠵᠠᠭᠠᠨ᠎ᠠ᠃

ᠮᠣᠩᠭᠣᠯ ᠤ᠋ᠨ ᠴᠡᠷᠢᠭ ᠦ᠋ᠳ ᠣᠯᠵᠠ ᠠᠰᠢᠭ ᠮᠠᠭᠤ ᠣᠯᠳᠠᠬᠤ ᠳᠣᠳᠣᠮ ᠤᠯᠠᠮ ᠬᠣᠷᠣᠰᠴᠤ ᠣᠯᠵᠠᠯᠠᠨ ᠠᠪᠤᠭᠴᠢᠳ ᠢ᠋ ᠦᠵᠡᠨ ᠶᠠᠳᠠᠵᠤ ᠲᠡᠳᠡᠨ ᠦ᠌ ᠬᠤᠪᠴᠠᠰᠤ ᠬᠤᠨᠠᠷ ᠢ᠋ ᠨᠢᠴᠦᠭᠦᠯᠡᠨ ᠠᠪᠴᠤ ᠤᠷᠠᠩᠬᠠᠢ ᠬᠤᠪᠴᠠᠰᠤ ᠶ᠋ᠢ ᠴᠦ᠍ ᠮᠤᠯᠲᠤᠯᠤᠨ ᠠᠪᠳᠠᠭ ᠪᠠᠢᠯ᠎ᠠ᠃ ᠬᠠᠮᠢᠭ᠎ᠠ ᠬᠠᠮᠢᠶ᠎ᠠ ᠦᠭᠡᠢ ᠵᠦᠩ ᠳ᠋ᠦ᠍ᠨᠢ ᠬᠠᠶᠠᠯᠠᠭᠰᠠᠨ ᠰᠢᠷᠬᠠᠲᠤᠭᠴᠢᠳ ᠣᠯᠵᠠᠯᠠᠭᠳᠠᠭᠴᠢᠳ ᠨᠢ ᠬᠥᠯᠳᠡᠵᠦ ᠦᠬᠦᠳᠡᠭ ᠪᠠᠢᠪᠠ᠃

ᠪᠠᠲᠤ ᠬᠠᠭᠠᠨ ᠰᠦᠪᠡᠭᠡᠲᠡᠢ ᠪᠠᠭᠠᠲᠤᠷ ᠬᠣᠶᠠᠷ ᠤ᠋ᠨ ᠣᠲᠷᠢᠶᠠᠳ᠋ ᠤ᠋ᠳ ᠤᠺ ᠭᠣᠣᠯ ᠤ᠋ᠨ ᠤᠷᠤᠰᠬᠠᠯ ᠤ᠋ᠨ ᠳᠠᠭᠠᠤ ᠲᠦᠷᠭᠡᠯᠡᠨ ᠶᠠᠪᠤᠵᠤ ᠲᠡᠨᠳᠡ ᠬᠠᠷᠢ ᠣᠷᠣᠨ ᠤ᠋ ᠲᠠᠸᠠᠷ ᠤ᠋ᠨ ᠵᠣᠭᠣᠷᠢ ᠲᠠᠢ ᠭᠡᠵᠦ ᠰᠣᠨᠣᠰᠤᠭᠰᠠᠨ ᠮᠣᠰᠺᠸᠠ ᠭᠡᠭᠴᠢ ᠵᠢᠵᠢᠭ ᠬᠣᠲᠠᠨ᠎ᠠ ᠶᠠᠭᠤᠨ ᠤ᠋ ᠡᠮᠦᠨ᠎ᠡ ᠬᠦᠷᠬᠦ ᠶ᠋ᠢ ᠵᠣᠷᠢᠵᠠᠭᠠᠪᠠ᠃

ᠥᠷᠥᠭᠡᠰᠦᠨ ᠨᠢᠳᠦᠲᠦ ᠵᠠᠩᠵᠤᠨ ᠥᠪᠡᠷ ᠦ᠋ᠨ ᠳᠡᠷᠭᠡᠳᠡ ᠪᠤᠬᠠᠷ ᠣᠷᠣᠨ ᠤ᠋ ᠬᠡᠳᠦᠨ ᠬᠤᠳᠠᠯᠳᠤᠭᠠᠴᠢᠳ ᠢ᠋ ᠠᠪᠴᠤ ᠶᠠᠪᠤᠳᠠᠭ ᠪᠠᠢᠭᠰᠠᠨ ᠪᠠ ᠲᠡᠷᠡ ᠪᠠᠭᠤᠳᠠᠯᠯᠠᠬᠤ ᠪᠦᠷᠢ ᠳ᠋ᠡᠭᠡᠨ ᠴᠥᠮ ᠶᠠᠮᠠᠷ ᠵᠠᠮ ᠢ᠋ᠶ᠋ᠠᠷ ᠶᠠᠭᠠᠬᠢᠵᠤ ᠢᠷᠡᠭᠰᠡᠨ ᠪᠣᠢ? ᠳᠠᠯᠠᠢ ᠶ᠋ᠢᠨ ᠴᠠᠭᠠᠨ᠎ᠠ ᠠ᠋ᠴᠠ ᠶᠠᠮᠠᠷ ᠰᠢᠭ᠋ ᠲᠠᠸᠠᠷ ᠢ᠋ ᠠᠪᠴᠢᠷᠠᠳᠠᠭ ᠬᠢᠭᠡᠳ ᠵᠡᠷᠯᠢᠭ ᠣᠷᠣᠰ ᠤ᠋ᠳ ᠠ᠋ᠴᠠ ᠶᠠᠭᠤ ᠬᠤᠳᠠᠯᠳᠤᠨ ᠠᠪᠳᠠᠭ᠂ ᠮᠣᠰᠺᠸᠠ ᠭᠡᠵᠦ ᠶᠠᠮᠠᠷ ᠬᠣᠲᠠ ᠪᠣᠢ? ᠲᠡᠨᠳᠡᠬᠢ ᠶ᠋ᠢᠨ ᠬᠤᠳᠠᠯᠳᠤᠭᠠᠴᠢᠳ ᠬᠠᠮᠢᠭ᠎ᠠ ᠰᠠᠭᠤᠳᠠᠭ᠂ ᠲᠡᠳᠡᠨ ᠦ᠌ ᠪᠠᠷᠠᠭᠠᠨ ᠤ᠋ ᠵᠣᠭᠣᠷᠢ ᠨᠤᠭᠤᠳ ᠬᠠᠮᠢᠭ᠎ᠠ ᠪᠠᠢᠳᠠᠭ ? ᠲᠡᠳᠡ ᠥᠪᠡᠷᠰᠡᠳ ᠦ᠋ᠨ ᠲᠠᠯᠬ᠎ᠠ ᠶ᠋ᠢ ᠬᠠᠮᠢᠭ᠎ᠠ ᠨᠢᠭᠤᠭᠰᠠᠨ ᠪᠣᠢ? ᠬᠤᠳᠠᠯᠳᠤᠭ᠎ᠠ ᠬᠢᠬᠦ ᠳ᠋ᠦ᠍ ᠠᠰᠢᠭ ᠣᠯᠵᠠ ᠲᠠᠢ ᠤᠤ? ᠬᠤᠳᠠᠯᠳᠤᠭᠠᠴᠢᠳ ᠬᠤᠳᠠᠯᠳᠤᠭᠠᠨ ᠤ᠋ ᠶᠠᠪᠤᠳᠠᠯ ᠬᠠᠮᠢᠭ᠎ᠠ ᠠ᠋ᠴᠠ ᠰᠤᠷᠤᠭᠰᠠᠨ ᠪᠣᠢ? ᠭᠡᠵᠦ ᠪᠠᠢᠨ ᠪᠠᠢᠨ ᠯᠠᠪᠯᠠᠨ ᠠᠰᠠᠭᠤᠳᠠᠭ ᠪᠠᠢᠯ᠎ᠠ᠃ ᠪᠠᠲᠤ ᠬᠠᠭᠠᠨ ᠤ᠋ ᠬᠠᠲᠤᠳ ᠪᠠ ᠲᠡᠭᠦᠨ ᠦ᠌《ᠳᠣᠯᠣᠭᠠᠨ ᠣᠳᠣᠳ 》ᠨᠢ ᠬᠠᠮᠤᠭ ᠤ᠋ᠨ ᠲᠦᠷᠦᠭᠦᠨ ᠦ᠌ ᠣᠲ᠋ᠷᠢᠶᠠᠳ᠋ ᠤ᠋ᠳ ᠤ᠋ᠨ ᠳᠠᠷᠠᠭ᠎ᠠ ᠶᠠᠪᠤᠳᠠᠭ ᠪᠠᠢᠯ᠎ᠠ᠃ ᠲᠡᠷᠡ ᠰᠣᠳᠣ ᠵᠠᠩᠵᠤᠨ ᠤ᠋ ᠲᠠᠭᠠᠯᠠᠯ ᠡᠢᠮᠦ ᠪᠠᠢᠵᠠᠢ᠃ ᠵᠠᠩᠵᠤᠨ ᠲᠡᠳᠡᠨ ᠢ᠋ ᠣᠯᠵᠠᠯᠠᠨ ᠠᠪᠤᠭᠰᠠᠨ ᠵᠦᠢᠯ ᠢ᠋ᠶ᠋ᠡᠨ ᠠᠬᠤᠭᠤᠯᠳᠠᠭ ᠳᠣᠯᠣᠭᠠᠨ ᠰᠦᠮ᠎ᠡ ᠳ᠋ᠡᠭᠡᠨ ᠬᠣᠴᠣᠷᠬᠤ ᠶ᠋ᠢ ᠦᠯᠦ ᠵᠥᠪᠰᠢᠶᠡᠷᠡᠵᠦ᠂ ᠣᠳᠣ ᠨᠤᠭᠤᠳ ᠨᠠᠮᠠᠶ᠋ᠢ ᠬᠠᠮᠢᠭ᠎ᠠ ᠶᠠᠪᠤᠭᠰᠠᠨ ᠭᠠᠵᠠᠷ ᠬᠠᠮᠲᠤ ᠶᠠᠪᠤᠭ ᠭᠡᠵᠦ ᠪᠠᠲᠤ ᠬᠠᠭᠠᠨ ᠬᠡᠯᠡᠵᠦ ᠪᠠᠢᠵᠠᠢ᠃ ᠬᠠᠲᠤᠳ ᠨᠢ  ᠪᠤᠰᠤᠳ ᠠᠶᠠᠭᠠᠴᠢᠳ ᠤ᠋ᠨ ᠬᠠᠮᠲᠤ ᠡᠩ ᠦ᠋ᠨ ᠰᠡᠦᠬᠡ ᠲᠡᠷᠭᠡᠨ᠎ᠡ ᠰᠠᠭᠤᠵᠤ ᠶᠠᠪᠤᠨ᠎ᠠ᠃ ᠭᠠᠭᠴᠠᠬᠠᠨ ᠶᠡᠬᠡ ᠬᠠᠲᠤᠨ ᠮᠣᠩᠭᠣᠯ ᠡᠬᠡᠨᠡᠷ ᠨᠢ ᠶᠠᠩᠵᠤ ᠪᠦᠷᠢ ᠶ᠋ᠢᠨ ᠪᠣᠳᠣᠭ ᠠᠯᠲᠠ ᠪᠠᠷ ᠲᠣᠨᠣᠯᠵᠢᠯᠠᠨ ᠴᠢᠮᠡᠭᠰᠡᠨ ᠠᠯᠲᠠᠳᠠᠭᠰᠠᠨ ᠰᠠᠴᠤᠭ ᠮᠣᠨᠴᠣᠭ ᠲᠠᠢ ᠤᠯᠠᠭᠠᠨ ᠲᠡᠷᠭᠡᠨ ᠳ᠋ᠦ᠍ ᠰᠠᠭᠤᠵᠤ ᠶᠠᠪᠤᠳᠠᠭ ᠪᠠᠢᠯ᠎ᠠ᠃ ᠷᠶᠡᠽᠡᠨ ᠦ᠌ ᠬᠠᠮᠪᠤ ᠯᠠᠮᠠ ᠲᠡᠷᠡ ᠲᠡᠷᠭᠡᠨ ᠳ᠋ᠦ᠍ ᠤᠷᠢᠳ ᠶᠠᠪᠤᠵᠤ ᠪᠠᠢᠵᠠᠢ᠃ ᠲᠣᠬᠢᠶᠠᠯᠳᠤᠭᠰᠠᠨ ᠣᠷᠣᠰ ᠤ᠋ᠳ ᠲᠡᠷᠡ ᠵᠠᠭᠠᠯᠮᠠᠢᠲᠠᠢ ᠤᠯᠠᠭᠠᠨ ᠲᠡᠷᠭᠡ ᠶ᠋ᠢ ᠦᠵᠡᠭᠡᠳ ᠳᠠᠳᠤᠭᠰᠠᠨ ᠵᠠᠩᠰᠢᠯ ᠢ᠋ᠶ᠋ᠠᠷ ᠡᠪᠦᠳᠦᠭ ᠰᠥᠬᠥᠷᠡᠨ ᠮᠥᠷᠭᠥᠨ᠎ᠡ᠃

ᠭᠣᠣᠯ ᠤ᠋ᠨ ᠨᠢᠭᠡᠨ ᠡᠷᠭᠢᠯᠲᠡ ᠳᠡᠭᠡᠷ᠎ᠡ ᠪᠠᠲᠤ ᠬᠠᠭᠠᠨ ᠥᠪᠡᠷ ᠦ᠋ᠨ ᠬᠠᠷ᠎ᠠ ᠮᠣᠷᠢᠨ ᠤ᠋ ᠠᠮᠠ ᠶ᠋ᠢ ᠲᠠᠲᠠᠵᠤ ᠳᠡᠷᠭᠡᠳᠡᠭᠦᠷ ᠢ᠋ᠶ᠋ᠡᠨ ᠶᠠᠪᠤᠭ᠎ᠠ ᠣᠲ᠋ᠷᠢᠶᠠᠳ᠋ ᠢ᠋ ᠥᠩᠭᠡᠷᠡᠭᠦᠯᠦᠭᠡᠳ ᠲᠡᠭᠦᠨ ᠦ᠌ ᠬᠣᠢᠨ᠎ᠠ ᠠ᠋ᠴᠠ ᠪᠡᠶ᠎ᠡ ᠬᠠᠮᠠᠭᠠᠯᠠᠭᠰᠠᠨ ᠵᠠᠭᠤᠨ ᠴᠡᠷᠢᠭ ᠢ᠋ ᠵᠢᠭᠰᠠᠭᠠᠪᠠ᠃ ᠲᠡᠭᠦᠨ ᠦ᠌ ᠳᠡᠷᠭᠡᠳᠡᠭᠦᠷ ᠥᠩᠭᠡᠷᠡᠭᠰᠡᠨ ᠣᠯᠠᠨ ᠮᠣᠷᠢᠲᠤ ᠴᠡᠷᠢᠭ ᠦ᠋ᠳ ᠪᠤᠯᠢᠭᠠᠷᠢ ᠪᠣᠭᠴᠣ ᠲᠠᠢ ᠡᠯᠳᠡᠪ ᠵᠦᠢᠯ ᠦ᠋ᠨ ᠡᠳ᠋ ᠶᠠᠭᠤᠮ᠎ᠠ ᠪᠠ ᠰᠢᠭᠤᠳᠠᠢ ᠲᠠᠢ ᠲᠠᠷᠢᠶ᠎ᠠ ᠪᠤᠳᠠᠭ᠎ᠠ ᠠᠴᠢᠭᠰᠠᠨ ᠨᠢᠭᠡ ᠬᠣᠶᠠᠷ ᠢᠯᠡᠭᠦᠦ ᠮᠣᠷᠢᠳ ᠢ᠋ ᠲᠣᠰᠪᠣᠷᠢ ᠳ᠋ᠠᠭᠠᠨ ᠬᠥᠲᠥᠯᠦᠭᠰᠡᠨ ᠠᠵᠢ᠃ ᠲᠦᠷᠦᠭᠦᠨ ᠦ᠌ ᠤᠲ᠋ᠷᠢᠶᠠᠳ᠋ ᠤ᠋ᠨ ᠬᠣᠢᠨ᠎ᠠ ᠶᠠᠪᠤᠭ᠎ᠠ ᠴᠢᠷᠭᠠᠨ ᠳ᠋ᠤ᠌ ᠪᠠᠲᠤ ᠬᠠᠭᠠᠨ ᠤ᠋ ᠳᠣᠯᠣᠭᠠᠨ ᠬᠠᠲᠤᠳ ᠠᠶᠠᠭᠠᠴᠢᠳ ᠤ᠋ᠨ ᠬᠠᠮᠲᠤᠪᠠᠷ ᠶᠠᠪᠤᠪᠠ᠃

ᠪᠠᠲᠤ ᠬᠠᠭᠠᠨ ᠥᠪᠡᠷ ᠦ᠋ᠨ ᠴᠡᠷᠢᠭ ᠢ᠋ ᠳᠠᠭᠤᠳᠠᠭᠠᠳ ᠲᠡᠭᠦᠨ ᠳ᠋ᠦ᠍ ᠨᠢᠭᠡ ᠶᠠᠭᠤᠮ᠎ᠠ ᠰᠢᠪᠡᠨᠡᠨ ᠬᠡᠯᠡᠪᠡ᠃

ᠨᠢᠭᠡᠳᠦᠭᠡᠷ ᠬᠠᠲᠤᠨ ᠤ᠋ ᠰᠠᠭᠤᠭᠰᠠᠨ ᠤᠯᠠᠭᠠᠨ ᠲᠡᠷᠭᠡ ᠶ᠋ᠢ ᠭᠤᠷᠪᠠᠨ ᠴᠠᠭᠠᠨ ᠮᠣᠷᠢᠨ ᠳ᠋ᠤ᠌ ᠬᠥᠯᠵᠡᠢ᠃ ᠲᠡᠷᠭᠡᠨ ᠦ᠌ ᠡᠮᠦᠨ᠎ᠡ ᠮᠣᠷᠢ ᠵᠢᠯᠣᠭᠣᠳᠤᠭᠴᠢ ᠵᠢᠳᠠ ᠪᠠᠷᠢᠨ ᠰᠠᠭᠤᠵᠤ ᠡᠭᠦᠨ ᠦ᠌ ᠬᠣᠶ᠋ᠢᠨ᠎ᠠ ᠠ᠋ᠴᠠ ᠪᠠᠭᠠᠪᠠᠭᠠᠢ ᠶ᠋ᠢᠨ ᠠᠷᠠᠰᠤᠨ ᠪᠦᠲᠡᠭᠡᠯᠭᠡ ᠲᠡᠢ᠂ ᠣᠯᠠᠨ ᠶᠠᠩᠵᠤ ᠶ᠋ᠢᠨ ᠭᠣᠶᠣᠮᠰᠣᠭ ᠬᠡᠷᠡᠭᠯᠡᠯ ᠲᠡᠢ ᠲᠠᠪᠤᠨ ᠴᠢᠷᠭ᠎ᠠ ᠶᠠᠪᠤᠪᠠ᠃ ᠭᠡᠲᠡᠯ᠎ᠡ ᠲᠡᠷᠭᠡ ᠨᠦ᠍ᠭᠦᠳ ᠴᠥᠮ ᠵᠣᠭᠰᠣᠪᠠ᠃ ᠵᠠᠩᠵᠤᠨ ᠤ᠋ ᠥᠩᠭᠡ ᠶ᠋ᠢᠨ ᠳᠡᠪᠡᠯ ᠲᠡᠢ ᠲᠠᠷᠭᠤᠨ ᠬᠠᠲᠤᠨ ᠲᠡᠷᠭᠡᠨ ᠡᠴᠡ ᠪᠠᠭᠤᠵᠤ ᠮᠣᠩᠭᠣᠯ ᠤ᠋ᠨ ᠵᠠᠩᠰᠢᠯ ᠢ᠋ᠶ᠋ᠠᠷ ᠴᠠᠰᠤᠨ ᠳᠡᠭᠡᠷ᠎ᠡ ᠥᠷᠥᠭᠡᠰᠦᠨ ᠡᠪᠦᠳᠦᠭ ᠢ᠋ᠶ᠋ᠡᠨ ᠨᠤᠭᠤᠯᠤᠨ ᠰᠠᠭᠤᠵᠤ ᠲᠡᠷᠭᠡ ᠬᠥᠳᠡᠯᠬᠦ ᠶ᠋ᠢ ᠬᠦᠯᠢᠶᠡᠨ᠎ᠡ᠃ ᠪᠠᠲᠤ ᠬᠠᠭᠠᠨ ᠶᠡᠷᠦ ᠬᠥᠳᠡᠯᠬᠦ ᠦᠭᠡᠢ ᠰᠠᠭᠤᠵᠤ ᠯᠠ ᠪᠠᠢᠪᠠ᠃ ᠨᠢᠭᠡ ᠴᠡᠷᠢᠭ ᠲᠡᠷᠢᠭᠦᠨ ᠬᠠᠲᠤᠨ ᠳ᠋ᠤ᠌ ᠣᠴᠢᠵᠤ᠂
— ᠣᠳᠣ ᠬᠤᠷᠳᠤᠨ ᠶᠠᠪᠤᠬᠤ ᠪᠣᠯᠤᠨ᠎ᠠ᠃ ᠴᠢᠷᠭᠠᠨ ᠳᠣᠲᠣᠷ᠎ᠠ ᠪᠠᠨ ᠣᠷᠣᠵᠤ ᠰᠠᠭᠤ ᠭᠡᠵᠦ ᠵᠠᠩᠵᠤᠨ ᠬᠡᠯᠡᠵᠦ ᠪᠠᠢᠨ᠎ᠠ ᠭᠡᠪᠡ᠃

ᠬᠣᠷᠭᠣᠢ ᠭᠠᠳᠠᠷ ᠲᠠᠢ ᠬᠦᠷᠮ᠎ᠡ᠂ ᠠᠷᠠᠰᠤᠨ ᠳᠡᠪᠡᠯ ᠲᠡᠢ ᠬᠣᠶᠠᠳᠤᠭᠠᠷ ᠬᠠᠲᠤᠨ ᠬᠦᠷᠦᠯᠴᠡᠨ ᠢᠷᠡᠬᠦ ᠶ᠋ᠢ ᠦᠵᠡᠪᠡᠰᠦ ᠴᠢᠷᠭᠠᠨ ᠳ᠋ᠤ᠌ ᠭᠤᠷᠪᠠᠨ ᠵᠢᠵᠢᠭ ᠮᠣᠷᠢ ᠬᠥᠯᠵᠡᠢ᠃ ᠡᠨᠡ ᠭᠤᠷᠪᠠᠨ ᠮᠣᠷᠢ ᠪᠣᠯ ᠴᠠᠪ ᠴᠠᠭᠠᠨ ᠳᠡᠯ  ᠲᠠᠢ᠂ ᠰᠢᠷᠭ᠎ᠠ ᠵᠢᠰᠦᠮ ᠲᠡᠢ ᠠᠵᠢ᠃ ᠲᠦᠷᠦᠭᠦᠨ ᠦ᠌ ᠮᠣᠷᠢᠨ ᠳᠡᠭᠡᠷ᠎ᠡ ᠬᠠᠭᠤᠴᠢᠨ ᠬᠣᠷᠭᠣᠢ ᠳᠡᠪᠡᠯ ᠲᠡᠢ ᠵᠠᠯᠠᠭᠤ ᠬᠥᠲᠥᠴᠢ ᠰᠠᠭᠤᠨ᠎ᠠ᠃ ᠴᠢᠷᠭ᠎ᠠ ᠠᠭᠠᠵᠢᠮ ᠢ᠋ᠶ᠋ᠠᠷ ᠶᠠᠪᠤᠨ᠎ᠠ᠃ ᠤᠴᠢᠷ ᠨᠢ ᠲᠡᠭᠦᠨ ᠦ᠌ ᠰᠡᠭᠦᠯ ᠡᠴᠡ ᠬᠤᠸᠠᠭᠴᠢ ᠦᠨᠢᠶ᠎ᠡ ᠤᠶᠠᠵᠠᠢ᠃ ᠲᠡᠷᠡ ᠦᠨᠢᠶᠡᠨ ᠦ᠌ ᠬᠣᠢᠨ᠎ᠠ ᠠ᠋ᠴᠠ ᠣᠯᠵᠠᠯᠠᠭᠳᠠᠭᠰᠠᠨ ᠪᠤᠷᠵᠢᠭᠢᠷ ᠦᠰᠦᠲᠡᠢ ᠣᠷᠣᠰ ᠬᠥᠪᠡᠭᠦᠨ᠂ ᠣᠭᠣᠰᠣᠷ ᠲᠠᠢ ᠬᠥᠲᠥᠯᠦᠭᠳᠡᠵᠦ ᠶᠠᠪᠤᠭ᠎ᠠ ᠦᠨᠢᠶ᠎ᠡ ᠶ᠋ᠢ ᠵᠠᠷᠢᠮ ᠳ᠋ᠠᠭᠠᠨ ᠴᠢᠩᠭᠠᠭᠠᠬᠤ ᠪᠣᠯᠪᠠᠴᠤ ᠣᠯᠵᠠᠯᠠᠭᠳᠠᠭᠰᠠᠨ ᠬᠥᠪᠡᠭᠦᠨ ᠲᠡᠭᠦᠨ ᠢ᠋ ᠰᠢᠯᠪᠢᠭᠦᠷᠳᠡᠵᠦ ᠶᠠᠪᠤᠨ᠎ᠠ᠃ ᠦᠨᠢᠶᠡᠨ ᠦ᠌ ᠬᠣᠢᠨ᠎ᠠ ᠠ᠋ᠴᠠ ᠠᠴᠢᠶ᠎ᠠ ᠲᠠᠢ ᠭᠤᠷᠪᠠᠨ ᠴᠢᠷᠭ᠎ᠠ ᠳᠠᠭᠠᠵᠤ ᠲᠡᠭᠦᠨ ᠦ᠌ ᠰᠡᠭᠦᠯᠴᠢ  ᠶ᠋ᠢᠨ ᠬᠢ ᠳᠡᠭᠡᠷ᠎ᠡ ᠣᠯᠵᠠᠯᠠᠭᠳᠠᠭᠰᠠᠨ ᠭᠤᠷᠪᠠᠨ ᠣᠷᠣᠰ ᠡᠮᠡᠭᠲᠡᠢ ᠰᠠᠭᠤᠵᠤ ᠶᠠᠪᠤᠪᠠ᠃ ᠪᠤᠰᠤᠳ ᠬᠠᠲᠤᠳ ᠤ᠋ᠨ ᠰᠠᠭᠤᠵᠤ ᠶᠠᠪᠤᠭ᠎ᠠ ᠴᠢᠷᠭ᠎ᠠ ᠨᠤᠭᠤᠳ ᠴᠥᠮ ᠠᠳᠠᠯᠢ ᠶᠡᠬᠡ ᠠᠴᠢᠶ᠎ᠠ ᠲᠠᠢ ᠪᠠᠢᠪᠠ᠃ ᠲᠡᠳᠡᠨ ᠦ᠌ ᠮᠣᠷᠢᠳ ᠤ᠋ᠨ ᠵᠢᠰᠦ ᠲᠤᠰ ᠲᠤᠰ ᠨᠢᠭᠡ ᠨᠢ ᠬᠢᠯᠢᠩ ᠬᠠᠷ᠎ᠠ᠂ ᠪᠤᠰᠤᠳ ᠨᠢ ᠰᠠᠷᠠᠯ᠂ ᠬᠠᠯᠢᠭᠤᠨ ᠤᠯᠠᠭᠠᠨ ᠪᠤᠭᠤᠷᠤᠯ ᠵᠢᠰᠦ ᠲᠡᠢ ᠠᠵᠢ᠃ ᠺᠢᠫᠴᠡᠺ ᠦ᠋ᠨ ᠪᠠᠶᠠᠨᠳᠧᠷ ᠬᠠᠭᠠᠨ ᠤ᠋ ᠥᠬᠢᠨ— ᠵᠢᠷᠭᠤᠳᠤᠭᠠᠷ ᠬᠠᠲᠤᠨ ᠤ᠋ ᠰᠠᠭᠤᠭᠰᠠᠨ ᠴᠢᠷᠭ᠎ᠠ ᠶ᠋ᠢᠨ ᠬᠣᠢᠨ᠎ᠠ ᠳᠤᠯᠠᠭᠠᠨ ᠨᠡᠮᠨᠡᠭᠡ ᠲᠡᠢ ᠬᠣᠶᠠᠷ ᠬᠤᠷᠳᠤᠨ ᠮᠣᠷᠢ ᠶ᠋ᠢ ᠺᠢᠫᠴᠡᠺ ᠦ᠋ᠨ ᠴᠡᠷᠢᠭ ᠬᠥᠲᠥᠯᠦᠨ ᠶᠠᠪᠤᠯ᠎ᠠ᠃ ᠬᠠᠮᠤᠭ ᠤ᠋ᠨ ᠰᠡᠭᠦᠯ ᠳ᠋ᠦ᠍ ᠶᠠᠪᠤᠭᠰᠠᠨ ᠭᠤᠷᠪᠠᠨ ᠬᠠᠷ᠎ᠠ ᠮᠣᠷᠢᠨ ᠳ᠋ᠤ᠌ ᠣᠷᠣᠭᠤᠯᠤᠭᠰᠠᠨ ᠴᠢᠷᠭ᠎ᠠ ᠬᠣᠭᠣᠰᠣᠨ ᠪᠠᠢᠵᠠᠢ᠃ ᠪᠦᠬᠦ ᠴᠢᠷᠭ᠎ᠠ ᠵᠣᠭᠰᠣᠬᠤ ᠶ᠋ᠢᠨ ᠬᠠᠮᠲᠤ ᠲᠡᠳᠡᠨ ᠦ᠌ ᠳᠣᠲᠣᠷ᠎ᠠ ᠠ᠋ᠴᠠ ᠬᠠᠲᠤᠨ ᠭᠠᠷᠴᠤ ᠡᠪᠦᠳᠦᠭ ᠢ᠋ᠶ᠋ᠡᠨ ᠰᠥᠭᠥᠳᠦᠨ ᠵᠠᠩᠵᠤᠨ ᠤ᠋ ᠵᠠᠷᠯᠢᠭ ᠢ᠋ ᠬᠦᠯᠢᠶᠡᠨ᠎ᠡ᠃
— ᠶᠦᠯᠳᠥ᠋ᠽ ᠬᠠᠲᠤᠨ ᠬᠠᠮᠢᠭ᠎ᠠ (ᠪᠠᠢᠨ᠎ᠠ) ᠪᠣᠢ? ᠭᠡᠵᠦ ᠪᠠᠲᠤ ᠬᠠᠭᠠᠨ ᠠᠰᠠᠭᠤᠪᠠ᠃

ᠴᠡᠷᠢᠭ ᠨᠢ ᠪᠠᠷᠰ ᠤ᠋ᠨ ᠥᠩᠭᠡᠲᠦ ᠮᠣᠷᠢᠨ ᠳᠡᠭᠡᠷ᠎ᠡ ᠪᠠᠢᠭᠰᠠᠨ ᠬᠥᠮᠦᠨ ᠦ᠌ ᠵᠦᠭ ᠭᠦᠶᠦᠵᠦ ᠣᠴᠢᠭᠠᠳ ᠬᠥᠯ ᠢ᠋ᠶ᠋ᠡᠷ ᠴᠠᠰᠤ ᠪᠤᠵᠢᠭᠢᠨᠠᠭᠤᠯᠤᠭᠰᠠᠭᠠᠷ ᠡᠷᠭᠢᠵᠦ ᠢᠷᠡᠭᠡᠳ᠂
— ᠶᠦᠯᠳᠥ᠋ᠽ ᠬᠠᠲᠤᠨ ᠥᠪᠡᠷ ᠦ᠋ᠨ ᠠᠶᠠᠭᠠᠴᠢᠨ ᠤ᠋ ᠬᠠᠮᠲᠤ ᠮᠣᠷᠢ ᠤᠨᠤᠭᠠᠳ ᠲᠦᠷᠦᠭᠦᠯᠡᠵᠦ ᠲᠠᠩᠨᠠᠭᠤᠯ ᠤ᠋ᠨ ᠣᠲ᠋ᠷᠢᠶᠠᠳ᠋ ᠳᠡᠭᠡᠷ᠎ᠡ ᠣᠴᠢᠬᠤ ᠪᠠᠷ ᠶᠠᠪᠤᠭᠰᠠᠨ ᠭᠡᠨ᠎ᠡ ᠭᠡᠵᠦ ᠬᠡᠯᠡᠪᠡ᠃

ᠪᠠᠲᠤ ᠬᠠᠭᠠᠨ ᠵᠠᠭᠤᠲᠤ ᠶ᠋ᠢᠨ ᠨᠣᠶᠠᠨ ᠺᠦᠨᠳᠥ᠋ᠶᠡ ᠶ᠋ᠢ ᠳᠡᠷᠭᠡᠳᠡ ᠪᠡᠨ ᠳᠠᠭᠤᠳᠠᠨ ᠠᠪᠴᠢᠷᠠᠭᠠᠳ ᠰᠢᠷᠦᠭᠦᠨ ᠳᠠᠭᠤ ᠪᠠᠷ᠂
— ᠷᠶᠡᠽᠡᠨ ᠦ᠌ ᠣᠢᠷ᠎ᠠ ᠪᠠᠢᠭ᠎ᠠ ᠮᠢᠨᠦ ᠯᠠᠭᠧᠷ ᠲᠸ᠋ ᠳᠠᠷᠤᠢ ᠤᠷᠢᠭᠲᠤᠨ ᠭᠡᠵᠦ ᠪᠦᠬᠦ ᠬᠠᠲᠤᠳ ᠲᠸ᠋ ᠬᠡᠯᠡᠭᠲᠦᠨ᠃ ᠲᠡᠳᠡᠨᠡᠷ ᠲᠡᠨᠳᠡ ᠠᠮᠠᠷᠠᠵᠤ ᠪᠠᠢᠪᠠᠰᠤ ᠵᠣᠬᠢᠨ᠎ᠠ᠃ ᠶᠡᠷᠦ ᠵᠠᠮ ᠠ᠋ᠴᠠ ᠭᠠᠷᠴᠤ ᠪᠣᠯᠬᠤ ᠦᠭᠡᠢ᠂ ᠡᠨᠳᠡ ᠲᠡᠨᠳᠡ ᠦᠭᠡᠢ ᠣᠷᠣᠰ ᠤ᠋ᠨ ᠳᠡᠭᠡᠷᠡᠮᠴᠦᠳ ᠲᠡᠨᠦᠨ ᠶᠠᠪᠤᠨ᠎ᠠ᠃ ᠪᠢᠳᠡ ᠲᠡᠢᠨ ᠦ᠌ ᠭᠠᠵᠠᠷ ᠲᠤᠯᠤᠯᠳᠤᠬᠤ ᠲᠤᠯᠠ ᠲᠡᠨᠳᠡ ᠡᠮᠡᠭᠲᠡᠢᠴᠦᠳ ᠲᠦ᠍ ᠠᠶᠤᠯᠲᠠᠢ ᠭᠡᠵᠦ ᠬᠡᠯᠡᠪᠡ᠃ ᠲᠡᠨᠳᠡ ᠡᠴᠡ ᠪᠠᠲᠤ ᠬᠠᠭᠠᠨ ᠵᠠᠮ ᠢ᠋ᠶ᠋ᠠᠷ ᠤᠷᠤᠭᠰᠢ ᠲᠦᠷᠦᠭᠦᠯᠡᠨ ᠳᠣᠪᠲᠣᠯᠬᠤ ᠶ᠋ᠢᠨ ᠬᠠᠮᠲᠤ ᠲᠡᠭᠦᠨ ᠦ᠌ ᠬᠣᠢᠨ᠎ᠠ ᠠ᠋ᠴᠠ ᠬᠠᠮᠠᠭᠠᠯᠠᠬᠤ ᠵᠠᠭᠤᠨ ᠴᠡᠷᠢᠭ ᠳᠠᠭᠠᠯᠳᠤᠪᠠ᠃ ᠬᠠᠲᠤᠳ ᠤᠬᠢᠯᠠᠨ ᠬᠠᠰᠬᠢᠷᠤᠯᠳᠤᠵᠤ ᠡᠬᠢᠯᠡᠵᠡᠭᠡᠪᠡ᠃
— ᠪᠢᠳᠡ ᠳᠤᠷ᠎ᠠ ᠦᠭᠡᠢ ᠪᠠᠢᠨ᠎ᠠ᠃ ᠵᠠᠩᠵᠤᠨ ᠲᠠᠢ ᠭᠠᠭᠴᠠᠬᠠᠨ《ᠬᠠᠷ᠎ᠠ ᠠᠵᠢᠯ 》 ᠤ᠋ᠨ ᠬᠠᠲᠤᠨ ᠶᠠᠭᠤᠨ ᠳ᠋ᠤ᠌ ᠶᠠᠪᠤᠳᠠᠭ ᠪᠢᠯᠡ? ᠶᠦᠯᠳᠥ᠋ᠽ ᠬᠠᠲᠤᠨ ᠪᠠᠰᠠ ᠪᠤᠴᠠᠵᠤ ᠢᠷᠡᠪᠡᠰᠦ ᠲᠠᠭᠠᠷᠠᠨ᠎ᠠ᠃ ᠪᠢᠳᠡᠨᠡᠷ ᠬᠠᠭᠠᠨ ᠤ᠋ ᠬᠣᠢᠨ᠎ᠠ ᠠ᠋ᠴᠠ ᠲᠡᠭᠦᠨ ᠦ᠌ ᠬᠠᠮᠢᠭ᠎ᠠ ᠶᠠᠪᠤᠭᠰᠠᠨ ᠭᠠᠵᠠᠷ ᠤ᠋ᠨ ᠮᠤᠬᠤᠷ ᠬᠦᠷᠲᠡᠯ᠎ᠡ ᠶᠠᠪᠤᠨ᠎ᠠ ᠭᠡᠯᠴᠡᠨ᠎ᠡ᠃

ᠪᠠᠲᠤ ᠬᠠᠭᠠᠨ ᠤ᠋ ᠲᠤᠰᠢᠶᠠᠯ ᠢ᠋ ᠰᠢᠳᠤᠷᠭᠤ ᠭᠦᠢᠴᠡᠳᠬᠡᠭᠴᠢ ᠺᠦᠨᠳᠥ᠋ᠶᠡ ᠶ᠋ᠢᠨ ᠵᠢᠭᠠᠪᠤᠷᠢ ᠪᠠᠷ ᠴᠡᠷᠢᠭ ᠦ᠋ᠳ ᠬᠠᠲᠤᠳ ᠢ᠋ ᠴᠢᠷᠭᠠᠨ ᠳ᠋ᠤ᠌ ᠬᠦᠴᠦᠯᠡᠨ ᠰᠠᠭᠤᠯᠭᠠᠭᠠᠳ ᠷᠶᠠᠽᠠᠨ ᠤ᠋ ᠵᠦᠭ ᠵᠠᠮᠨᠠᠭᠤᠯᠪᠠ᠃ ᠲᠡᠳᠦᠢ ᠲᠡᠳᠡᠨ ᠦ᠌ ᠴᠢᠷᠭ᠎ᠠ ᠶ᠋ᠢ ᠲᠠᠯᠪᠢᠭᠠᠳ ᠴᠡᠷᠢᠭ ᠰᠠᠬᠢᠨ ᠬᠠᠮᠠᠭᠠᠯᠠᠵᠤ ᠶᠠᠪᠤᠪᠠ᠃ ᠬᠠᠲᠤᠳ ᠤ᠋ᠳ ᠠᠩᠬᠠᠨ ᠳ᠋ᠠᠭᠠᠨ ᠤᠬᠢᠯᠠᠨ ᠪᠠᠷᠬᠢᠷᠠᠨ ᠶᠠᠪᠤᠭᠰᠠᠨ ᠪᠣᠯᠪᠠᠴᠤ ᠰᠡᠭᠦᠯ ᠳ᠋ᠡᠭᠡᠨ ᠰᠠᠭᠤᠳᠠᠯ ᠢ᠋ᠶ᠋ᠠᠨ ᠡᠵᠡᠯᠡᠨ ᠰᠠᠭᠤᠭᠠᠳ ᠬᠠᠷᠢᠯᠴᠠᠨ ᠶᠠᠷᠢᠯᠴᠠᠬᠤ ᠪᠠ ᠢᠨᠢᠶᠡᠯᠳᠦᠬᠦ ᠵᠡᠷᠭᠡ ᠪᠡᠷ ᠶᠠᠪᠤᠪᠠ᠃ ᠷᠶᠠᠽᠠᠨ᠂ ᠫᠧᠷᠧᠶᠡᠰᠯᠡᠸᠯᠧ᠂ ᠢᠵᠧᠰᠯᠡᠸᠯᠧ ᠪᠠᠰᠠ ᠪᠤᠰᠤ ᠬᠣᠲᠠ ᠨᠤᠭᠤᠳ ᠲᠸ᠋ ᠶᠠᠮᠠᠷ ᠰᠠᠢᠬᠠᠨ ᠭᠣᠶᠣᠮᠰᠣᠭ ᠵᠦᠢᠯᠡᠰ ᠢ᠋ ᠬᠠᠭᠠᠨ ᠣᠯᠵᠠᠯᠠᠨ ᠠᠪᠤᠭᠰᠠᠨ ᠢ᠋ ᠶᠠᠷᠢᠯᠴᠠᠨ ᠶᠠᠪᠤᠨ᠎ᠠ᠃
— ᠳᠠᠯᠠᠢ ᠶ᠋ᠢᠨ ᠴᠠᠭᠠᠨ᠎ᠠ ᠠ᠋ᠴᠠ ᠢᠷᠡᠭᠰᠡᠨ ᠶᠡᠬᠡ ᠲᠠᠸᠠᠷ ᠲᠠᠢ ᠮᠣᠰᠺᠸᠠ ᠳ᠋ᠤ᠌ ᠪᠢᠳᠡ ᠣᠷᠣᠵᠤ ᠴᠢᠳᠠᠬᠤ ᠦᠭᠡᠢ ᠮᠠᠨᠢ ᠮᠠᠰᠢ ᠬᠠᠷᠠᠮᠰᠠᠯᠲᠠᠢ᠂ ᠭᠡᠪᠡᠴᠦ ᠬᠠᠭᠠᠨ  ᠥᠭᠯᠢᠭᠡᠴᠢ ᠬᠥᠮᠦᠨ ᠲᠤᠯᠠ ᠪᠢᠳᠡᠨ ᠢ᠋ ᠭᠣᠮᠣᠳᠠᠭᠠᠬᠤ ᠦᠭᠡᠢ ᠪᠢᠵᠡ ᠭᠡᠯᠴᠡᠨ᠎ᠡ᠃

   ᠦᠰᠦᠭ ᠠᠮᠢᠯᠠᠭᠤᠯᠤᠭᠴᠢ᠄ ᠪᠠᠶᠠᠨᠴᠡᠴᠡᠭ᠂ ᠾᠧ ᠢᠦᠢ᠂ ᠮᠡᠷᠭᠡᠨᠭᠣᠣ᠎ᠠ᠂ ᠬᠦᠦᠳᠠᠭᠠᠭᠤᠯ᠂ ᠬᠡᠷᠡᠢᠳ· ᠮᠥᠩᠬᠡᠨᠠᠰᠤᠨ᠂ ᠠᠷᠢᠭᠤᠨ᠂ ᠵᠢᠩᠯᠢᠬᠤᠸᠠᠷ
   ᠬᠢᠨᠠᠭᠴᠢ᠄  ᠲ· ᠬᠦᠮᠦᠵᠢᠯᠲᠦ᠂ ᠪᠠᠯ᠂ ᠠᠯᠲᠠᠨᠴᠢᠮᠡᠭ᠂ ᠠᠷᠢᠭᠤᠨ