ᠪᠠᠲᠤ ᠬᠠᠭᠠᠨ 6-04ᠡᠬᠡ ᠣᠷᠣᠨ ᠢ᠋ᠶ᠋ᠠᠨ ᠬᠠᠮᠠᠭᠠᠯᠠᠬᠤ ᠬᠡᠷᠡᠭ ᠲᠦ᠍ ᠰᠢᠮᠳᠠᠭᠲᠤᠨ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ
ᠳᠥᠷᠪᠡ᠂ ᠡᠬᠡ ᠣᠷᠣᠨ ᠢ᠋ᠶ᠋ᠠᠨ ᠬᠠᠮᠠᠭᠠᠯᠠᠬᠤ ᠬᠡᠷᠡᠭ ᠲᠦ᠍ ᠰᠢᠮᠳᠠᠭᠲᠤᠨ
ᠪᠠᠭ᠎ᠠ ᠬᠦᠦ ᠸᠯᠡᠳᠢᠮᠢᠷ ᠡᠴᠢᠭᠡ ᠸᠠᠩ ᠬ᠌ᠸᠤᠷᠬᠢ ᠲᠠᠢ ᠰᠠᠯᠬᠤ ᠶ᠋ᠢᠨ ᠶᠣᠰᠣ ᠶ᠋ᠢ ᠭᠦᠢᠴᠡᠳᠬᠡᠨ ᠲᠡᠭᠦᠨ ᠦ᠌ ᠳᠣᠯᠣᠪᠣᠷ ᠬᠤᠷᠤᠭᠤᠨ ᠳ᠋ᠠᠭᠠᠨ ᠠᠯᠲᠠᠨ ᠪᠥᠭᠡᠵᠢ ᠲᠡᠢ ᠭᠠᠷ ᠢ᠋ ᠦᠨᠦᠰᠪᠡ᠃
— ᠠᠪᠤ ᠠ᠋᠂ ᠪᠢ ᠬᠡᠴᠢᠨᠡᠨ ᠰᠢᠳᠠᠷ ᠴᠡᠷᠢᠭ ᠦ᠋ᠳ ᠢ᠋ ᠠᠪᠴᠤ ᠶᠠᠪᠤᠬᠤ ᠪᠣᠢ?
—ᠰᠢᠳᠠᠷ ᠴᠡᠷᠢᠭ ᠦ᠋ᠳ ᠮᠢᠨᠢ ᠮᠢᠨᠦ ᠰᠠᠢᠬᠠᠨ ᠬᠣᠲᠠ ᠶ᠋ᠢ ᠰᠠᠬᠢᠨ ᠬᠠᠮᠠᠭᠠᠯᠠᠬᠤ ᠳ᠋ᠤ᠌ ᠡᠨᠳᠡ ᠬᠡᠷᠡᠭ ᠲᠡᠢ ᠪᠣᠯᠤᠨ᠎ᠠ᠃ ᠪᠢ ᠥᠭᠡᠷ᠎ᠡ ᠠᠷᠭ᠎ᠠ ᠣᠯᠪᠠ᠃ ᠪᠢ ᠴᠡᠷᠢᠭ ᠲᠡᠢ ᠪᠡᠨ ᠬᠠᠮᠲᠤ ᠴᠢᠮ᠎ᠠ ᠳ᠋ᠤ᠌ ᠵᠠᠩᠵᠤᠨ ᠹᠸᠯᠢᠫᠫᠠ ᠶ᠋ᠢ ᠥᠭᠭᠦᠨ᠎ᠡ᠃ ᠲᠡᠷᠡ ᠴᠢᠨᠢ ᠶᠠᠮᠠᠷ ᠴᠤ᠌ ᠰᠢᠳᠠᠷ ᠴᠡᠷᠢᠭ ᠡᠴᠡ ᠢᠯᠡᠭᠦᠦ ᠰᠢᠦ᠃ ᠲᠡᠷᠡ ᠬᠣᠲᠠ ᠶ᠋ᠢᠨ ᠬᠥᠮᠦᠰ ᠪᠠ ᠲᠠᠷᠢᠶᠠᠴᠢᠳ ᠢ᠋ ᠲᠡᠳᠡᠨ ᠡᠯᠰᠡᠭᠦᠯᠵᠦ ᠲᠦᠷᠭᠡᠨ ᠬᠤᠭᠤᠴᠠᠭᠠᠨ ᠤ᠋ ᠳᠣᠲᠣᠷ᠎ᠠ ᠶᠡᠬᠡ ᠴᠡᠷᠢᠭ ᠢ᠋ ᠬᠤᠷᠠᠯᠳᠤᠭᠤᠯᠵᠤ ᠴᠢᠳᠠᠨ᠎ᠠ᠃ ᠴᠢ ᠲᠡᠭᠦᠨ ᠦ᠌ ᠲᠤᠷᠰᠢᠯᠭᠠᠲᠤ ᠨᠢᠳᠦᠨ ᠦ᠌ ᠳᠣᠣᠷ᠎ᠠ ᠶᠠᠪᠤᠵᠤ ᠪᠦᠬᠦ ᠬᠠᠷᠰᠢ ᠳᠠᠢᠰᠤᠨ ᠢ᠋ ᠴᠣᠬᠢᠵᠤ ᠦᠯᠳᠡᠬᠦ ᠪᠢᠵᠡ? ᠰᠠᠢᠨ ᠴᠣᠬᠢᠭᠠᠷᠠᠢ᠂ ᠪᠤᠤ ᠠᠶᠤᠭᠠᠷᠠᠢ! ᠪᠢ ᠲᠡᠷᠡ ᠮᠣᠷᠢᠲᠠᠨ ᠨᠤᠭᠤᠳ ᠢ᠋ ᠰᠠᠢᠨ ᠮᠡᠳᠡᠵᠦ ᠪᠠᠢᠨ᠎ᠠ᠃ ᠬᠡᠷᠡᠮ ᠳᠣᠲᠣᠷ᠎ᠠ ᠡᠷᠭᠢᠯᠳᠦᠵᠦ ᠦᠢᠮᠡᠯᠳᠦᠵᠦ ᠪᠠᠢᠭᠠᠳ ᠡᠷᠭᠢᠵᠦ ᠬᠡᠭᠡᠷ᠎ᠡ ᠲᠠᠯ᠎ᠠ ᠤᠷᠤᠭᠤ ᠪᠠᠨ ᠠᠷᠢᠯᠤᠨ᠎ᠠ᠃
—ᠠᠪᠤ ᠠ᠋᠂ ᠷᠶᠡᠽᠡᠨ ᠴᠢᠨᠢ ᠰᠥᠨᠥᠭᠰᠡᠨ ᠶᠤᠮ ᠤᠤ? ᠲᠡᠭᠦᠨ ᠦ᠌ ᠬᠡᠷᠡᠮ ( ᠢ᠋) ᠠᠪᠠᠷᠢᠵᠤ ᠴᠢᠳᠠᠭᠰᠠᠨ ᠦᠭᠡᠢ ᠤᠤ?
— ᠷᠶᠡᠽᠡᠨ ᠭᠡᠨ᠎ᠡ ᠤᠤ! ᠲᠡᠷᠡ ᠴᠢᠨᠢ ᠡᠢᠮᠦ ᠶᠠᠭᠤᠮ᠎ᠠ ᠪᠠᠢᠬᠤ ᠦᠭᠡᠢ ᠤᠤ? ᠷᠶᠡᠽᠡᠨ ᠦ᠌ ᠬᠡᠷᠡᠮ ᠢ᠋ ᠶᠠᠮᠠᠷ ᠭᠡᠵᠦ ᠰᠠᠨᠠᠭ᠎ᠠ ᠪᠣᠢ? ᠲᠡᠷᠡ ᠴᠢᠨᠢ ᠮᠤᠤᠷ ᠬᠠᠷᠠᠢᠵᠤ ᠭᠠᠷᠬᠤ ᠪᠠᠷ ᠵᠢᠭᠠᠬᠠᠨ ᠶᠠᠭᠤᠮ᠎ᠠ ᠪᠠᠢᠬᠤ ᠦᠭᠡᠢ ᠤᠤ? ᠷᠶᠡᠽᠡᠨ ᠦ᠌ ᠬᠢᠨ ᠢ᠋ ᠶᠠᠮᠠᠷ ᠭᠡᠵᠦ ᠪᠣᠳᠣᠨ᠎ᠠ ᠪᠣᠢ? ᠲᠡᠳᠡᠨᠡᠷ ᠢ᠋ ᠴᠢ ᠳᠠᠢᠴᠢᠳ ᠭᠡᠵᠦ ᠪᠣᠳᠣᠵᠤ ᠪᠠᠢᠨ᠎ᠠ ᠤᠤ? ᠬᠥᠯ ᠨᠢ ᠪᠣᠭᠣᠨᠢᠬᠠᠨ᠂ ᠪᠡᠶ᠎ᠡ ᠨᠢ ᠮᠣᠳᠣᠨ ᠤ᠋ ᠬᠣᠵᠤᠤᠯ᠎ᠠ ᠰᠢᠭ᠋ ᠪᠦᠳᠦᠭᠦᠨ ᠶᠤᠮ ᠰᠢᠦ ᠳ᠋ᠠ᠃ ᠬᠠᠷᠢᠨ ᠮᠠᠨ ᠤ᠋ ᠰᠦᠽᠳ᠋ᠠᠯᠢ ᠸᠯᠠᠳ᠋ᠢᠮᠢᠷ ᠤ᠋ᠨ ᠬᠢᠨ ᠪᠣᠯ ᠱᠠᠯ ᠣᠨᠳᠣᠣ ᠰᠢᠦ ᠳ᠋ᠠ᠃ ᠬᠠᠩᠬᠠᠭᠠᠷ ᠴᠡᠭᠡᠵᠢ ᠲᠡᠢ᠂ ᠥᠨᠳᠥᠷ ᠪᠡᠶ᠎ᠡ ᠲᠡᠢ ᠦᠨᠡᠬᠡᠷ ᠰᠠᠢᠬᠠᠨ ᠬᠥᠮᠦᠰ ᠪᠠᠢᠬᠤ ᠦᠭᠡᠢ ᠤᠤ? ᠪᠢᠳᠡ ᠬᠡᠵᠢᠶᠡᠨ ᠡᠴᠡ ᠨᠡᠰᠢ ᠷᠶᠡᠽᠡᠨᠴᠤᠳ ᠠ᠋ᠴᠠ ᠲᠦᠷᠦᠭᠦᠨ ᠳ᠋ᠦ᠍ ᠴᠣᠬᠢᠵᠤ ᠪᠠᠢᠭᠰᠠᠨ ᠪᠠ ᠴᠣᠬᠢᠬᠤ ᠴᠤ᠌ ᠪᠣᠯᠤᠨ᠎ᠠ᠃ ᠬᠦᠦ ᠮᠢᠨᠢ ᠮᠣᠰᠺᠸᠠ ᠶ᠋ᠢ ᠪᠤᠤ ᠲᠠᠯᠪᠢᠭᠠᠷᠠᠢ᠃
— ᠠᠪᠤ ᠮᠢᠨᠢ ᠨᠠᠳᠠᠳᠤ ᠬᠡᠳᠦ ᠴᠦ᠍ ᠪᠣᠯᠪᠠ᠂ ᠴᠡᠷᠢᠭ ᠡᠴᠡ ᠪᠡᠨ ᠦᠭᠭᠦᠭᠡᠴᠢ᠃ ᠲᠠ ᠠᠬ᠎ᠠ ᠸᠰᠸᠸᠣᠯᠣᠳ᠋ ᠲᠸ᠋ ᠵᠢᠷᠭᠤᠭᠠᠨ ᠵᠠᠭᠤᠨ ᠴᠡᠷᠢᠭ ᠦᠭᠭᠦᠭᠰᠡᠨ ᠰᠢᠦ ᠳ᠋ᠠ᠃
— ᠸᠰᠸᠸᠣᠯᠣᠳ᠋ ᠴᠢᠨᠢ ᠺᠤᠯᠤᠮᠤᠨ ᠳ᠋ᠤ᠌ ᠣᠴᠢᠬᠤ ᠰᠢᠦ ᠳ᠋ᠠ᠃ ᠺᠤᠯᠤᠮᠤᠨ ᠴᠢᠨᠢ ᠮᠣᠰᠺᠸᠠ ᠠ᠋ᠴᠠ ᠴᠢᠬᠤᠯᠠ ᠪᠠᠢᠭ᠎ᠠ ᠶᠤᠮ᠃ ᠺᠤᠯᠤᠮᠤᠨ ᠪᠣᠯ ᠬᠡᠭᠡᠷ᠎ᠡ ᠲᠠᠯ᠎ᠠ ᠶ᠋ᠢᠨ ᠡᠬᠢᠨ ᠦ᠌ ᠬᠠᠭᠠᠯᠲᠠ ᠪᠠᠢᠭ᠎ᠠ ᠶᠤᠮ᠃ ᠬᠠᠷᠢᠨ ᠮᠣᠰᠺᠸᠠ ᠪᠣᠯ ᠳᠥᠷᠪᠡᠨ ᠵᠢᠵᠢᠭ ᠭᠣᠣᠯ ᠤ᠋ᠨ ᠠᠭᠤᠯᠵᠠᠷ ᠳᠡᠭᠡᠷ᠎ᠡ ᠪᠠᠢᠭ᠎ᠠ ᠶᠠᠯᠢᠮ ᠦᠭᠡᠢ ᠬᠣᠲᠠ᠂ ᠲᠠᠲ᠋ᠠᠷ ᠤ᠋ᠳ ᠮᠣᠰᠺᠸᠠ ᠶ᠋ᠢ ᠬᠠᠷᠠᠬᠤ ᠴᠤ᠌ ᠦᠭᠡᠢ ᠪᠢᠵᠡ? ᠭᠡᠰᠡᠨ ᠴᠦ᠍ ᠪᠡᠶ᠎ᠡ ᠪᠡᠨ ᠬᠠᠮᠠᠭᠠᠯᠠᠭᠤᠯᠬᠤ ᠶ᠋ᠢᠨ ᠲᠤᠯᠠᠳᠠ ᠠᠷᠪᠠᠨ ᠰᠢᠳᠠᠷ ᠴᠡᠷᠢᠭ ᠢ᠋ ᠰᠣᠩᠭᠣᠨ ᠠᠪᠲᠤᠭᠠᠢ᠂ ᠴᠣᠬᠣᠮ ᠶᠠᠭᠤ ᠪᠣᠯᠵᠤ ᠪᠠᠢᠭ᠎ᠠ ᠲᠤᠬᠠᠢ ᠶ᠋ᠢᠨ ᠮᠡᠳᠡᠭᠡ ᠶ᠋ᠢ ᠲᠡᠳᠡᠨ ᠳ᠋ᠦ᠍ ᠠᠪᠤᠭᠤᠯᠤᠨ ᠨᠠᠳᠠᠳᠤ ᠶᠠᠪᠤᠭᠤᠯᠵᠤ ᠪᠠᠢᠭᠠᠷᠠᠢ! ᠴᠡᠷᠢᠭ ᠡᠷ᠎ᠡ ᠶ᠋ᠢᠨ ᠲᠤᠯᠤᠯᠳᠤᠭᠠᠨ ᠳ᠋ᠤ᠌ ᠲᠩᠷᠢ ᠴᠢᠮ᠎ᠠ ᠶ᠋ᠢ ᠢᠪᠡᠭᠡᠲᠦᠭᠡᠢ! ᠳᠠᠢᠰᠤᠨ ᠢ᠋ᠶ᠋ᠠᠨ ᠳᠠᠷᠤᠭᠠᠳ ᠢᠷᠡᠪᠡᠯ ᠳᠠᠷᠬᠠᠨ ᠴᠣᠯᠠ ᠶ᠋ᠢ ᠬᠦᠷᠲᠡᠭᠡᠨ᠎ᠡ ᠰᠢᠦ᠂
— ᠲᠡᠭᠡᠪᠡᠯ ᠨᠠᠮᠠᠶ᠋ᠢ ᠷᠶᠠᠽᠠᠨ ᠤ᠋ ᠸᠠᠩ ᠪᠣᠯᠭᠠᠭᠠᠷᠠᠢ᠃
— ᠪᠢ ᠴᠢᠮᠠᠲᠤ ᠥᠭᠴᠡᠢ᠃ ᠪᠢ ᠴᠦ᠍ ᠪᠦᠬᠦ ᠷᠶᠠᠽᠠᠨ ᠤ᠋ ᠭᠠᠵᠠᠷ ᠢ᠋ ᠠᠪᠴᠤ ᠵᠠᠬᠢᠷᠬᠤ ᠶ᠋ᠢ ᠡᠷᠲᠡᠨ ᠡᠴᠡ ᠪᠣᠳᠣᠵᠤ ᠪᠠᠢᠭᠰᠠᠨ ᠶᠤᠮ᠃
ᠶᠡᠬᠡ ᠸᠠᠩ ᠬ᠌ᠸᠤᠷᠬᠢ ᠶ᠋ᠢᠨ ᠪᠡᠶ᠎ᠡ᠂ ᠥᠪᠡᠷ ᠦ᠋ᠨ ᠲᠥᠷᠥᠯ ᠦ᠋ᠨ ᠬᠣᠶᠠᠷ ᠬᠥᠮᠦᠰ ᠲᠦ᠍ ᠬᠡᠳᠦᠨ ᠵᠠᠭᠤᠨ ᠮᠣᠷᠢᠲᠤ ᠴᠡᠷᠢᠭ ᠦ᠋ᠳ ᠦ᠋ᠨ ᠬᠠᠮᠲᠤ ᠦᠷ ᠢ᠋ᠶ᠋ᠡᠷ ᠮᠣᠷᠳᠠᠪᠠ᠃ ᠪᠤᠯᠠᠭᠠᠨ ᠳᠡᠪᠡᠯ ᠡᠮᠦᠰᠦᠭᠰᠡᠨ ᠥᠨᠳᠥᠷ ᠭᠤᠸᠠᠯᠢᠭ ᠨᠢᠷᠤᠭᠤ ᠲᠠᠢ ᠬᠠᠲᠤᠨ ᠠᠭᠠᠹᠢᠶᠠ ᠡᠷ᠎ᠡ ᠨᠥᠬᠥᠷ ᠢ᠋ᠶ᠋ᠡᠨ ᠰᠡᠢᠯᠪᠦᠷᠢᠲᠦ ᠳᠣᠪᠵᠢᠶᠠᠨ ᠤ᠋ ᠡᠴᠦᠰ ᠦ᠋ᠨ ᠱᠠᠲᠤ ᠬᠦᠷᠲᠡᠯ᠎ᠡ ᠦᠳᠡᠵᠦ ᠭᠠᠷᠭᠠᠪᠠ᠃ ᠰᠥᠨᠢ ᠶ᠋ᠢᠨ ᠲᠤᠷᠰᠢ ᠬᠠᠲᠤᠨ ᠪᠦᠬᠦ ᠲᠣᠭᠣᠭᠠᠴᠢ ᠶ᠋ᠢ ᠪᠤᠰᠬᠠᠵᠤ ᠨᠥᠬᠥᠷ ᠲᠡᠭᠡᠨ ᠵᠠᠮ ᠤ᠋ᠨ ᠬᠦᠨᠡᠰᠦ ᠪᠣᠣᠪᠣ ᠪᠡᠯᠡᠳᠬᠡᠭᠦᠯᠵᠦ ᠠᠴᠢᠶ᠎ᠠ ᠲᠡᠷᠭᠡᠨ ᠳ᠋ᠦ᠍ᠨᠢ ᠬᠢᠵᠦ ᠠᠮᠵᠢᠭᠰᠠᠨ ᠪᠢᠯᠡ᠃ ᠬᠠᠲᠤᠨ ᠪᠥᠮᠪᠥᠷᠢᠨ ᠪᠠᠢᠭ᠎ᠠ ᠨᠢᠯᠪᠤᠰᠤ ᠶ᠋ᠢ ᠪᠠᠷᠢᠵᠤ ᠶᠠᠳᠠᠨ ᠴᠢᠮᠡᠭᠡ ᠦᠭᠡᠢ ᠤᠬᠢᠯᠠᠵᠤ ᠭᠦᠨ᠎ᠡ ᠮᠡᠬᠦᠢᠰᠬᠢᠨ ᠰᠠᠯᠬᠤ ᠶ᠋ᠢᠨ ᠶᠣᠰᠣ ᠶ᠋ᠢ ᠭᠦᠢᠴᠡᠳᠬᠡᠭᠡᠳ ᠬᠠᠲᠤᠨ᠂ ᠲᠦᠷᠭᠡᠨ᠎ᠡ ᠡᠷᠭᠢᠵᠦ ᠢᠷᠡᠨ᠎ᠡ ᠭᠡᠰᠡᠨ ᠸᠠᠩ ᠤ᠋ᠨ ᠦᠭᠡᠨ ᠳ᠋ᠦ᠍ ᠢᠲᠡᠭᠡᠵᠦ ᠪᠢᠯᠡ᠃
ᠸᠠᠩ ᠬ᠌ᠸᠤᠷᠬᠢ ᠪᠠᠭᠠᠪᠠᠭᠠᠢ ᠶ᠋ᠢᠨ ᠠᠷᠠᠰᠤᠨ ᠳᠡᠪᠡᠯ ᠳᠣᠲᠣᠷ᠎ᠠ ᠪᠠᠨ ᠡᠷᠭᠢᠯᠳᠦᠭᠰᠡᠭᠡᠷ ᠲᠡᠷᠭᠡᠨ ᠳ᠋ᠡᠭᠡᠨ ᠣᠷᠣᠵᠤ ᠲᠠᠭᠠᠯᠠᠮᠵᠢᠲᠠᠢ ᠪᠠᠷ ᠰᠠᠭᠤᠬᠤ ᠶ᠋ᠢᠨ ᠬᠠᠮᠲᠤ ᠴᠢᠷᠭ᠎ᠠ ᠬᠥᠯᠯᠡᠭᠰᠡᠨ ᠭᠤᠷᠪᠠᠨ ᠮᠣᠷᠢ ᠨᠢ ᠬᠡᠳᠦᠢᠨᠡᠢ ᠬᠥᠳᠡᠯᠵᠦ ᠶᠠᠪᠤᠪᠠ᠃᠂ ᠡᠮᠦᠨ᠎ᠡ ᠨᠢ ᠲᠡᠭᠦᠨ ᠦ᠌ ᠬᠠᠭᠤᠴᠢᠨ ᠠᠯᠪᠠᠲᠤ ᠮᠣᠳᠣᠴᠢᠨ ᠮᠣᠷᠢ ᠲᠠᠢ ᠶᠠᠪᠤᠪᠠ᠃
ᠸᠠᠩ ᠬᠠᠰᠢᠶᠠᠨ ᠤ᠋ ᠬᠠᠭᠠᠯᠭ᠎ᠠ ᠪᠠᠷ ᠭᠠᠷᠬᠤ ᠶ᠋ᠢᠨ ᠬᠠᠮᠲᠤ ᠵᠠᠮ ᠳ᠋ᠤ᠌ ᠬᠣᠴᠣᠷᠣᠭᠴᠢᠳ ᠲᠸ᠋ ᠲᠠᠨᠢᠭᠳᠠᠬᠤ ᠦᠭᠡᠢ ᠶ᠋ᠢᠨ ᠲᠤᠯᠠᠳᠠ ᠦᠰᠦᠲᠡᠢ ᠳᠡᠪᠡᠯ ᠦ᠋ᠨ ᠮᠢᠨᠵᠢ ᠶ᠋ᠢᠨ ᠵᠠᠬ᠎ᠠ ᠶ᠋ᠢ ᠳᠡᠭᠡᠭᠰᠢ ᠪᠤᠰᠬᠠᠵᠠᠢ᠃ ᠬᠣᠲᠠ ᠶ᠋ᠢᠨ ᠳᠠᠪᠴᠢᠭᠤ ᠲᠠᠬᠢᠷ ᠭᠤᠳᠤᠮᠵᠢ ᠨᠤᠭᠤᠳ ᠬᠠᠷᠠᠩᠭᠤᠢ ᠬᠡᠪ ᠢ᠋ᠶ᠋ᠡᠷ ᠪᠠᠢᠬᠤ ᠳ᠋ᠤ᠌ ᠬᠣᠲᠠ ᠳ᠋ᠤ᠌ ᠠᠢᠯ ᠤ᠋ᠳ ᠰᠠᠶᠢ ᠪᠣᠰᠴᠤ ᠡᠨᠳᠡ ᠲᠡᠨᠳᠡ ᠵᠢᠵᠢᠭ ᠮᠣᠳᠣᠨ ᠪᠠᠢᠰᠢᠩ ᠤ᠋ᠳ ᠤ᠋ᠨ ᠴᠣᠩᠬᠣ ᠪᠠᠷ ᠪᠦᠳᠡᠭᠢ ᠤᠯᠠᠭᠠᠨ ᠭᠡᠷᠡᠯ ᠭᠢᠯᠠᠯᠵᠠᠬᠤ ᠨᠢ ᠭᠠᠯ ᠲᠦᠯᠡᠬᠦ᠂ ᠲᠠᠯᠬ᠎ᠠ ᠪᠣᠣᠪᠣ ᠪᠠᠷᠢᠬᠤ ᠵᠡᠷᠭᠡ ᠶ᠋ᠢᠨ ᠡᠳᠦᠷ ᠳᠣᠳᠣᠮ ᠤ᠋ᠨ ᠠᠵᠢᠯ ᠡᠭᠡᠯᠡᠭᠰᠡᠨ ᠨᠢ ᠮᠡᠳᠡᠭᠳᠡᠨ᠎ᠡ᠃ ᠮᠠᠨᠠᠭᠠᠴᠢ᠂ ᠸᠠᠩ ᠢ᠋ ᠬᠣᠲᠠ ᠶ᠋ᠢᠨ ᠬᠠᠭᠠᠯᠭ᠎ᠠ ᠳᠡᠭᠡᠷ᠎ᠡ ᠣᠴᠢᠬᠤ ᠶ᠋ᠢᠨ ᠬᠠᠮᠲᠤ ᠲᠡᠷᠭᠡ ᠴᠢᠷᠭ᠎ᠠ ᠪᠣᠯᠤᠨ ᠣᠯᠠᠨ ᠴᠡᠷᠢᠭ ᠦ᠋ᠳ ᠢ᠋ ᠵᠣᠭᠰᠣᠭᠠᠵᠤ᠂ ᠬᠡᠨ ᠶᠠᠪᠤᠵᠤ ᠪᠠᠢᠭ᠎ᠠ ᠶ᠋ᠢ ᠯᠠᠪᠯᠠᠨ ᠠᠰᠠᠭᠤᠭᠰᠠᠭᠠᠷ ᠪᠠᠢᠪᠠ᠃
ᠸᠠᠩ ᠥᠪᠡᠷ ᠦ᠋ᠨ ᠢ᠋ᠶ᠋ᠡᠨ ᠨᠡᠷ᠎ᠡ ᠶ᠋ᠢ ᠬᠡᠯᠡᠵᠦ ᠪᠣᠯᠬᠤ ᠦᠭᠡᠢ ᠭᠡᠵᠦ ᠰᠢᠳᠠᠷ ᠴᠡᠷᠢᠭ ᠦ᠋ᠳ ᠲᠡᠭᠡᠨ ᠲᠤᠰᠢᠶᠠᠭᠰᠠᠨ ᠪᠠᠢᠵᠠᠢ᠃ ᠮᠠᠨᠠᠭᠠᠴᠢ ᠴᠢᠷᠭ᠎ᠠ ᠶ᠋ᠢ ᠱᠠᠭᠠᠢᠵᠤ ᠲᠡᠨᠳᠡ ᠶᠠᠪᠤᠭ᠎ᠠ ᠬᠥᠮᠦᠨ ᠦ᠌ ᠴᠣᠭᠲᠠᠢ ᠬᠠᠷ᠎ᠠ ᠨᠢᠳᠦ ᠶ᠋ᠢ ᠬᠠᠷᠠᠵᠤ ᠲᠠᠨᠢᠮᠠᠭᠴᠠ ᠮᠠᠯᠠᠭᠠᠢ ᠪᠠᠨ ᠠᠪᠴᠤ ᠨᠠᠬᠢᠯᠵᠠᠭᠠᠳ ᠴᠠᠷᠠᠰᠤᠨ ᠮᠣᠳᠣᠨ ᠲᠣᠮᠣ ᠬᠠᠭᠠᠯᠭ᠎ᠠ ᠶ᠋ᠢ ᠨᠡᠭᠡᠭᠡᠬᠦ ᠪᠡᠷ ᠭᠦᠶᠦᠨ ᠣᠳᠪᠠ᠃
ᠲᠡᠷᠡᠬᠦ ᠮᠣᠷᠢᠲᠤ ᠬᠥᠮᠦᠰ ᠦ᠋ᠨ ᠬᠣᠢᠨ᠎ᠠ ᠠ᠋ᠴᠠ ᠤᠷᠲᠤ ᠮᠣᠳᠣ ᠪᠠᠷᠢᠭᠰᠠᠨ ᠰᠠᠬᠠᠯ ᠲᠠᠢ ᠥᠨᠳᠥᠷ ᠭᠡᠯᠦᠩ ᠭᠠᠷᠴᠤ ᠣᠳᠪᠠ᠃
— ᠡᠨᠡ ᠲᠡᠨᠦᠮᠡᠯ ᠭᠡᠯᠦᠩ ᠦ᠋ᠳ ᠶᠠᠭᠤᠨ ᠣᠯᠠᠨ ᠶᠠᠪᠤᠳᠠᠭ ᠶᠤᠮ ᠪᠣᠢ? ᠬᠠᠷ᠎ᠠ ᠵᠣᠯᠢᠭ ᠴᠢᠨᠢ᠂ ᠬᠠᠷ᠎ᠠ ᠮᠤᠤᠷ ᠰᠢᠭ᠋ ᠶᠡᠬᠡ ᠸᠠᠩ ᠤ᠋ᠨ ᠵᠠᠮ ᠳ᠋ᠤ᠌ ᠤᠴᠠᠷᠠᠪᠠ᠃ ᠡᠢᠮᠦ ᠤᠴᠠᠷᠠᠯ ᠮᠠᠭᠤ ᠭᠡᠳᠡᠭ ᠰᠠᠨ ᠳ᠋ᠠ ᠭᠡᠵᠦ ᠮᠠᠨᠠᠭᠠᠴᠢ ᠪᠣᠳᠣᠵᠤ ᠪᠠᠢᠪᠠ᠁
ᠵᠠᠯᠠᠭᠤ ᠸᠠᠩ ᠸᠯᠠᠳᠢᠮᠢᠷ᠂ ᠵᠠᠩᠵᠤᠨ ᠹᠢᠯᠢᠫᠫᠡ ᠬᠣᠶᠠᠷ ᠪᠤᠰᠢᠭᠤᠬᠠᠨ ᠮᠣᠰᠺᠸᠠ ᠣᠷᠣᠬᠤ ᠪᠠᠷ ᠳᠣᠪᠲᠣᠯᠤᠨ ᠮᠣᠷᠳᠠᠪᠠ᠃ ᠲᠡᠳᠡᠨ ᠦ᠌ (ᠢ᠋ ) ᠭᠤᠷᠪᠠᠨ ᠮᠣᠷᠢᠲᠤ ᠰᠢᠳᠠᠷ ᠴᠡᠷᠢᠭ ᠳᠠᠭᠠᠯᠳᠤᠨ ᠶᠠᠪᠤᠯ᠎ᠠ᠃ ᠲᠡᠳᠡ ᠴᠥᠮ ᠬᠥᠲᠥᠯᠦᠭᠡ ᠮᠣᠷᠢᠳ ᠲᠠᠢ ᠠᠵᠢ᠃ ᠲᠡᠳᠡᠨ ᠦ᠌ ᠬᠣᠢᠨ᠎ᠠ ᠠ᠋ᠴᠠ ᠬᠤᠶᠠᠭ ᠳᠤᠭᠤᠯᠠᠭ᠎ᠠ ᠵᠠᠷ ᠵᠡᠪᠰᠡᠭ᠂ ᠴᠡᠷᠢᠭ ᠦ᠋ᠨ ᠬᠦᠨᠡᠰᠦ᠂ ᠮᠣᠷᠢᠨ ᠤ᠋ ᠠᠷᠪᠠᠢ ᠵᠡᠷᠭᠡ ᠶ᠋ᠢ ᠠᠴᠢᠭᠰᠠᠨ ᠠᠷᠪᠠᠨ ᠴᠢᠷᠭ᠎ᠠ ᠳᠠᠭᠠᠯᠳᠤᠨ ᠶᠠᠪᠤᠨ᠎ᠠ᠃
ᠡᠬᠢᠯᠡᠭᠡᠳ ᠺᠯᠶᠠᠽᠢᠮᠸ ᠭᠣᠣᠯ ᠢ᠋ᠶ᠋ᠠᠷ ᠶᠠᠪᠤᠵᠤ ᠳᠠᠷᠠᠭ᠎ᠠ ᠨᠢ ᠭᠣᠣᠯ ᠤ᠋ᠨ ᠮᠤᠰᠬᠢᠭᠠ ᠲᠠᠬᠢᠷ ᠢ᠋ ᠳᠠᠭᠠᠬᠤ ᠦᠭᠡᠢ ᠶ᠋ᠢᠨ ᠲᠤᠯᠠᠳᠠ ᠡᠪᠦᠯ ᠦ᠋ᠨ ᠵᠠᠮ ᠢ᠋ᠶ᠋ᠠᠷ ᠰᠢᠭᠤᠳ ᠵᠠᠮᠨᠠᠪᠠ᠃ ᠠᠭᠯᠠᠭ ᠶᠡᠬᠡ ᠣᠢ ᠪᠠᠷ ᠶᠠᠪᠤᠬᠤ ᠳ᠋ᠤ᠌ ᠭᠠᠴᠠᠭ᠎ᠠ ᠲᠣᠰᠬᠣᠨ ᠠᠶᠳ ᠰᠦᠷᠳᠡᠬᠦ ᠶᠠᠪᠤᠳᠠᠯ ᠭᠠᠷᠤᠭᠰᠠᠭᠠᠷ ᠪᠠᠢᠪᠠ᠃ ᠪᠦᠬᠦ ᠣᠷᠣᠰ ᠣᠷᠣᠨ ᠬᠥᠳᠡᠯᠵᠦ ᠡᠷᠡᠴᠦᠳ ᠬᠢᠲᠤᠭ᠎ᠠ ᠰᠦᠬᠡ ᠪᠡᠨ ᠬᠤᠷᠴᠠᠯᠠᠨ ᠢᠷᠯᠡᠵᠦ᠂《ᠴᠡᠷᠢᠭ ᠦ᠋ᠳ ᠬᠠᠮᠢᠭ᠎ᠠ ᠴᠤᠭᠯᠠᠷᠠᠵᠤ ᠪᠠᠢᠨ᠎ᠠ? 》ᠭᠡᠵᠦ ᠶᠠᠷᠢᠯᠴᠠᠭᠰᠠᠭᠠᠷ ᠪᠠᠢᠭᠰᠠᠨ᠂ ᠬᠡᠳᠦᠢ ᠲᠡᠢᠨ ᠪᠣᠯᠪᠠᠴᠤ ᠬᠡᠨ ᠴᠦ᠍ ᠤᠭ ᠤᠴᠢᠷ ᠢ᠋ ᠣᠯᠢᠭᠲᠠᠢ ᠮᠡᠳᠡᠳᠡᠭ ᠦᠭᠡᠢ ᠪᠠᠢᠭᠰᠠᠨ ᠪᠠ ᠪᠦᠬᠦ ᠣᠷᠣᠰ ᠤ᠋ᠨ ᠬᠦᠴᠦᠨ ᠢ᠋ ᠨᠢᠭᠡᠳᠬᠡᠨ ᠬᠤᠷᠠᠯᠳᠤᠭᠤᠯᠬᠤ ᠲᠡᠢᠮᠦ ᠲᠣᠯᠣᠭᠠᠢᠯᠠᠭᠴᠢ ᠬᠥᠮᠦᠨ ᠪᠠᠢᠭᠰᠠᠨ ᠦᠭᠡᠢ᠃
ᠸᠠᠩ ᠸᠯᠠᠳᠢᠮᠢᠷ ᠮᠣᠷᠢᠳ ᠢ᠋ᠶ᠋ᠠᠨ ᠬᠣᠭᠣᠯᠠᠯᠠᠭᠤᠯᠬᠤ ᠪᠠᠷ ᠣᠢ ᠳᠣᠲᠣᠷ᠎ᠠ ᠪᠠᠭᠤᠳᠠᠯᠯᠠᠵᠤ ᠲᠡᠭᠦᠨ ᠦ᠌ ᠪᠡᠶ᠎ᠡ ᠣᠪᠣᠬᠠᠢ ᠶ᠋ᠢᠨ ᠳᠣᠲᠣᠷᠠᠬᠢ ᠣᠪᠤᠭᠠᠯᠠᠰᠤᠲᠠᠢ ᠶᠠᠭᠤᠮ᠎ᠠ ᠳᠡᠭᠡᠷ᠎ᠡ ᠰᠠᠭᠤᠵᠤ ᠪᠠᠢᠲᠠᠯ᠎ᠠ ᠭᠠᠷ ᠲᠠᠭᠠᠨ ᠲᠣᠮᠣ ᠮᠣᠳᠣᠨ ᠴᠢᠪᠬ᠎ᠠ ᠪᠠᠷᠢᠵᠤ ᠨᠢᠷᠤᠭᠤᠨ ᠳ᠋ᠠᠭᠠᠨ ᠨᠤᠮᠤ ᠵᠡᠭᠦᠭᠰᠡᠨ ᠥᠨᠳᠥᠷ ᠬᠥᠮᠦᠨ ᠣᠢ ᠳᠣᠲᠣᠷ᠎ᠠ ᠠ᠋ᠴᠠ ᠭᠠᠷᠴᠤ ᠢᠷᠡᠪᠡ᠃ ᠲᠡᠷᠡ ᠠᠩᠴᠢᠨ᠂ ᠭᠥᠷᠥᠭᠡᠰᠦ ᠡᠭᠦᠷᠴᠦ ᠰᠢᠷᠦᠭᠦᠨ ᠠᠯᠬᠤᠯᠠᠭᠰᠠᠭᠠᠷ ᠸᠯᠠᠳᠢᠮᠢᠷ ᠤ᠋ᠨ ᠳᠡᠷᠭᠡᠳᠡ ᠬᠦᠷᠴᠦ ᠢᠷᠡᠭᠡᠳ ᠦᠰᠦᠲᠡᠢ ᠮᠠᠯᠠᠭᠠᠢ ᠪᠠᠨ ᠠᠪᠬᠤ ᠳ᠋ᠤᠨᠢ ᠦᠵᠦᠭᠦᠷ ᠨᠢ ᠰᠢᠷᠠᠯᠠᠭᠰᠠᠨ ᠴᠠᠭᠠᠨ ᠦᠰᠦ ᠲᠡᠭᠦᠨ ᠦ᠌ ᠮᠥᠷᠦᠨ ᠳᠡᠭᠡᠭᠦᠷ ᠨᠠᠮᠢᠷᠠᠵᠤ ᠪᠠᠢᠭ᠎ᠠ ᠬᠠᠷᠠᠭᠳᠠᠪᠠ᠃ ᠲᠡᠷᠡ ᠳᠡᠪᠡᠯ ᠦ᠋ᠨ ᠵᠠᠬ᠎ᠠ ᠳᠣᠲᠣᠷ᠎ᠠ ᠠ᠋ᠴᠠ ᠪᠤᠭᠤᠷᠤᠯ ᠰᠠᠬᠠᠯ ᠢ᠋ᠶ᠋ᠠᠨ ᠰᠤᠭᠤᠯᠤᠨ ᠭᠠᠷᠭᠠᠭᠰᠠᠨ ᠨᠢ ᠪᠦᠬᠦ ᠴᠡᠭᠡᠵᠢ ᠶ᠋ᠢ ᠨᠢ ᠳᠠᠯᠳᠠᠯᠠᠨ ᠤᠨᠵᠢᠢᠨ᠎ᠠ᠃
ᠸᠠᠩ ᠸᠯᠠᠳᠢᠮᠢᠷ ᠤ᠋ᠨ ᠳᠡᠷᠭᠡᠳᠡ ᠬᠦᠷᠴᠦ ᠢᠷᠡᠭᠰᠡᠨ ᠢ᠋ᠶ᠋ᠡᠨ ᠮᠡᠳᠡᠭᠡᠳ ᠡᠪᠦᠭᠡᠨ ᠥᠪᠡᠷ ᠦ᠋ᠨ ᠭᠥᠷᠦᠭᠡᠰᠦᠨ ᠦ᠌ ᠮᠢᠬ᠎ᠠ ᠶ᠋ᠢ ᠵᠠᠯᠠᠭᠤ ᠸᠠᠩ ᠤ᠋ᠨ ᠬᠥᠯ ᠦ᠋ᠨ ᠳᠡᠷᠭᠡᠳᠡ ᠲᠠᠯᠪᠢᠨ ᠪᠠᠷᠢᠪᠠ᠃
— ᠸᠠᠩᠲᠠᠨ ᠵᠣᠭᠣᠭᠯᠠᠭᠲᠤᠨ᠃ ᠲᠠᠨ ᠤ᠋ ᠴᠡᠷᠢᠭ ᠲᠡᠢ ᠬᠠᠮᠲᠤ ᠦᠳᠡᠯᠡᠶᠡ᠃ ᠣᠷᠣᠰ ᠤᠯᠤᠰ ᠲᠸ᠋ ᠦᠵᠡᠰᠢ ᠦᠭᠡᠢ ᠶᠡᠬᠡ ᠬᠦᠴᠦᠨ ᠳᠠᠭᠠᠷᠢᠨ ᠣᠷᠣᠵᠤ ᠭᠡᠵᠦ ᠨᠢᠭᠡ ᠭᠡᠯᠦᠩ ᠡᠴᠡ ᠣᠯᠵᠤ ᠰᠣᠨᠣᠰᠤᠭᠠᠳ ᠲᠤᠩ ᠴᠥ᠍ ᠲᠡᠰᠪᠦᠷᠢᠯᠡᠨ ᠴᠢᠳᠠᠭᠰᠠᠨ ᠦᠭᠡᠢ ᠵᠥᠭᠡᠢ ᠶ᠋ᠢᠨ ᠪᠠᠯ ( ᠢ᠋ᠶ᠋ᠠᠨ ) ᠬᠠᠶᠠᠵᠤ ᠥᠪᠡᠷ ᠦ᠋ᠨ ᠠᠩ ᠠᠪᠠᠯᠠᠵᠤ ᠠᠮᠢᠳᠤᠷᠠᠨ ᠪᠠᠢᠭᠰᠠᠨ ᠠᠭᠯᠠᠭ ᠬᠡᠭᠡᠷ᠎ᠡ ᠶ᠋ᠢᠨ ᠡᠮᠦᠨᠡᠲᠦ ᠭᠠᠵᠠᠷ ᠠ᠋ᠴᠠ ᠭᠠᠷᠴᠤ ᠢᠷᠡᠪᠡ᠃ ᠮᠢᠨᠦ ᠪᠡᠶ᠎ᠡ ᠡᠨᠡ ᠣᠢ ᠶ᠋ᠢᠨ ᠨᠠᠮᠤᠭ ᠰᠢᠪᠠᠷ ᠢ᠋ᠶ᠋ᠠᠷ ᠠᠷᠢᠶᠠᠲᠠᠨ ᠪᠠᠭᠠᠪᠠᠭᠠᠢ ᠶ᠋ᠢᠨ ᠬᠠᠮᠲᠤ ᠣᠯᠠᠨ ᠵᠢᠯ ᠠᠮᠢᠳᠤᠷᠠᠨ ᠰᠠᠭᠤᠵᠤ ᠪᠠᠢᠨ᠎ᠠ᠃ ᠣᠳᠣ ᠪᠢ ᠥᠪᠡᠷ ᠦ᠋ᠨ ᠦᠷ᠎ᠡ ᠬᠥᠪᠡᠭᠦᠳ ᠪᠠ ᠠᠴᠢ ᠵᠢᠭᠡ ᠨᠠᠷ ᠢ᠋ ᠲᠡᠢᠨ ᠳ᠋ᠦ᠍ ᠮᠣᠷᠳᠠᠭᠤᠯᠬᠤ ᠪᠠᠷ ᠰᠢᠢᠳᠪᠦᠷᠢᠯᠡᠪᠡ᠃ ᠪᠢᠳᠡ ᠪᠦᠭᠦᠳᠡᠭᠡᠷ ᠬᠣᠷᠢᠨ ᠳᠣᠯᠣᠭᠠᠨ ᠡᠷᠡᠴᠦᠳ ᠶᠤᠮ᠃ ᠪᠢᠳᠡ ᠴᠥᠮ ᠲᠡᠷᠡᠬᠦ ᠮᠠᠭᠤ ᠬᠤᠯᠠᠭᠠᠢ ᠳᠠᠢᠰᠤᠨ ᠢ᠋ ᠪᠤᠲᠠ ᠴᠣᠬᠢᠬᠤ ᠪᠠᠷ ᠶᠠᠪᠤᠨ᠎ᠠ᠃ ᠲᠣᠰᠪᠣᠷᠢ ᠠ᠋ᠴᠠ ᠨᠢ ᠬᠣᠰᠢᠶᠠᠳ ᠮᠣᠷᠢ ᠶ᠋ᠢ ᠭᠠᠷᠭᠠᠭᠤᠯᠤᠨ᠎ᠠ᠃ ᠪᠢᠳᠡ ᠴᠣᠬᠣᠮ ᠬᠠᠮᠢᠭ᠎ᠠ ᠴᠤᠭᠯᠠᠷᠠᠬᠤ ᠪᠣᠢ? ᠭᠡᠰᠡᠨ ᠳ᠋ᠦ᠍᠂
— ᠸᠯᠠᠳᠢᠮᠢᠷ ᠬᠣᠲᠠᠨ᠎ᠠ ᠤᠳᠤᠭᠲᠤᠨ ᠭᠡᠵᠦ ᠸᠠᠩ ᠬᠥᠪᠡᠭᠦᠨ ᠬᠡᠯᠡᠪᠡ᠃
— ᠴᠢᠨᠦ ᠡᠴᠢᠭᠡ ᠸᠠᠩ ᠬ᠌ᠸᠣᠷᠭᠢ ᠶ᠋ᠢᠨ ᠳ᠋ᠦ᠍ ᠣᠴᠢᠬᠤ ᠭᠡᠵᠢ ᠤᠤ? ᠪᠢ ᠲᠡᠭᠦᠨ ᠳ᠋ᠦ᠍ ᠣᠴᠢᠬᠤ ᠦᠭᠡᠢ᠃ ᠲᠡᠷᠡ ᠴᠢᠨᠢ ᠬᠡᠴᠡᠭᠦᠦ ᠪᠥᠭᠡᠳ ᠪᠣᠳᠣᠯᠭ᠎ᠠ ᠦᠭᠡᠢ ᠬᠥᠮᠦᠨ ᠶᠤᠮ᠃ ᠬᠣᠷᠢᠨ ᠵᠢᠯ ᠦ᠋ᠨ ᠤᠷᠢᠳᠤ ᠲᠠᠨ ᠤ᠋ ᠡᠴᠢᠭᠡ ᠶ᠋ᠢᠨ ᠪᠡᠶ᠎ᠡ ᠰᠦᠽᠳᠠᠯᠢ ᠶ᠋ᠢᠨ ᠴᠡᠷᠢᠭ ᠲᠡᠢ ᠭᠽᠸ ᠯᠢᠫᠢᠼ ᠬᠣᠶᠠᠷ ᠭᠣᠣᠯ
ᠤᠨ ᠲᠤᠰᠢᠶ᠎ᠠ ᠭᠠᠵᠠᠷ ᠪᠠᠢᠵᠤ ᠪᠠᠢᠭᠠᠳ ᠳᠠᠷᠠᠭ᠎ᠠ ᠨᠢ ᠠᠪᠳᠤᠸ ᠤ᠋ᠨ ᠠᠭᠤᠯᠠᠨ᠎ᠠ ᠢᠷᠡᠵᠦ ᠣᠭᠲᠣ ᠳᠡᠮᠡᠢ ᠪᠠᠢᠯᠳᠤᠭᠠᠨ ᠬᠢᠯᠭᠡᠵᠦ ᠰᠦᠽᠳᠠᠯᠢ ᠶ᠋ᠢᠨ ᠠᠷᠪᠠᠨ ᠮᠢᠩᠭᠠᠨ ᠢᠳᠡᠷ ᠰᠠᠢᠨ ᠡᠷᠡᠴᠦᠳ ᠦ᠋ᠨ ᠠᠮᠢ ᠶ᠋ᠢ ᠬᠢᠳᠤᠵᠤ ᠰᠦᠢᠳᠬᠡᠭᠰᠡᠨ ᠶᠤᠮ᠂ ᠶᠠᠮᠠᠷ ᠰᠠᠢᠬᠠᠨ ᠡᠷᠡᠴᠦᠳ ᠪᠠᠢᠯ᠎ᠠ ᠳ᠋ᠡ᠃ ᠬᠡᠨ ᠪᠢᠳᠡᠨ ᠢ᠋ ᠲᠡᠭᠡᠵᠦ ᠬᠢᠳᠤᠯᠠ ᠳ᠋ᠠ᠂ ᠴᠥᠮ ᠯᠡ ᠨᠢᠭᠡ ᠣᠷᠣᠨ ᠤ᠋ ᠨᠣᠸᠤᠭᠤᠷᠤᠳ᠋ ᠤ᠋ᠨ ᠬᠢᠨ᠂ ᠰᠮᠤᠯᠸᠡᠰᠺᠠ ᠶ᠋ᠢᠨ ᠬᠢᠨ᠂ ᠷᠤᠰᠲ᠋ᠤᠸ ᠤ᠋ᠨ ᠬᠢᠨ ᠪᠠᠢᠪᠠ᠃ ᠶᠠᠭᠤᠨ ᠳ᠋ᠤ᠌ ᠲᠡᠢᠨᠬᠦ ᠠᠯᠠᠵᠤ ᠬᠢᠳᠤᠵᠤ ᠪᠠᠢᠭᠰᠠᠨ ᠶᠤᠮ ᠪᠣᠢ? ᠴᠢ ᠮᠡᠳᠡᠬᠦ ᠦᠭᠡᠢ ᠪᠢᠵᠡ ᠳᠡ? ᠲᠡᠭᠦᠨ ᠢ᠋ ᠴᠢ ᠴᠦ᠍ ᠮᠡᠳᠡᠬᠦ ᠦᠭᠡᠢ ᠯᠡ ᠳ᠋ᠠ᠃
— ᠮᠡᠳᠡᠨ᠎ᠡ᠂ ᠲᠡᠳᠡ ᠨᠠᠷ ᠮᠢᠨᠦ ᠡᠴᠢᠭᠡ ᠸᠠᠩ ᠭᠸᠣᠷᠬᠢ ᠶ᠋ᠢᠨ ᠨᠤᠲᠤᠭ ᠢ᠋ ᠪᠤᠯᠢᠶᠠᠨ ᠠᠪᠬᠤ ᠭᠡᠵᠦ ᠪᠠᠢᠭᠰᠠᠨ ᠶᠤᠮ᠃
— ᠸᠯᠠᠳ᠋ᠢᠮᠢᠷ ᠤ᠋ᠨ ᠸᠠᠩ ᠢ᠋ᠶ᠋ᠠᠷ ᠭᠸᠤᠷᠬᠢ ᠰᠠᠭᠤᠬᠤ ᠤᠤ? ᠡᠰᠡᠪᠡᠯ ᠲᠡᠭᠦᠨ ᠦ᠌ ᠲᠥᠷᠥᠭᠰᠡᠨ ᠠᠬ᠎ᠠ ᠺᠤᠨᠰᠲ᠋ᠠᠨᠲ᠋ᠢᠨ ᠰᠠᠭᠤᠬᠤ ᠤᠤ? ᠭᠡᠵᠦ ᠸᠠᠩ ᠤ᠋ᠳ ᠬᠣᠭᠣᠷᠣᠨᠳᠣ ᠪᠠᠨ ᠡᠪ ᠡᠪᠳᠡᠷᠡᠭᠡᠳ ᠠᠬ᠎ᠠ ᠳᠡᠭᠦᠦ ᠬᠣᠶᠠᠷ ᠪᠡᠶ᠎ᠡ ᠪᠡᠶ᠎ᠡ ᠡᠴᠡ ᠪᠡᠨ ᠬᠢᠳᠤᠵᠤ ᠪᠠᠢᠪᠠ᠃ ᠲᠡᠳᠡᠨᠡᠷ ᠥᠪᠡᠷᠰᠡᠳ ᠦ᠋ᠨ ᠣᠷᠣᠨ ᠤ᠋ ᠡᠩ ᠦ᠋ᠨ ᠠᠷᠠᠳ ᠢ᠋ ᠠᠯᠪᠠᠲᠠᠨ ᠰᠢᠬᠠᠵᠤ ᠲᠡᠮᠡᠴᠡᠯᠳᠥᠭᠥᠯᠵᠤ ᠪᠠᠢᠭᠰᠠᠨ ᠶᠤᠮ᠃ ᠪᠢᠳᠡᠨ ᠦ᠌ ᠨᠢᠷᠤᠭᠤᠨ ᠳᠡᠭᠡᠷ᠎ᠡ ᠺᠤᠨᠰᠲ᠋ᠠᠨᠲ᠋ᠢᠨ ᠭᠸᠤᠷᠬᠢ ᠬᠣᠶᠠᠷ ᠤ᠋ᠨ ᠠᠯᠢ ᠨᠢ ᠴᠦ᠍ ᠰᠠᠭᠤᠬᠤ ᠨᠢ ᠢᠯᠭᠠᠭ᠎ᠠ ᠦᠭᠡᠢ ᠪᠠᠢᠪᠠ᠃ ᠢᠢᠨᠬᠦ ᠸᠠᠩ ᠤ᠋ᠳ ᠠᠷᠠᠳ ᠢᠷᠭᠡᠳ ᠢ᠋ᠶ᠋ᠡᠨ ᠬᠠᠢᠷᠠᠯᠠᠬᠤ ᠦᠭᠡᠢ ᠡᠴᠡ ᠬᠥᠭᠡᠷᠦᠬᠦᠢ ᠣᠯᠠᠨ ᠲᠠᠷᠢᠶᠠᠴᠢᠳ ᠤ᠋ᠨ ᠲᠣᠯᠣᠭᠠᠢ ᠥᠩᠬᠥᠷᠢᠵᠦ ᠪᠢᠯᠡ᠃ ᠲᠡᠷᠡ ᠴᠠᠭ ᠲᠸ᠋ ᠲᠠᠲ᠋ᠠᠷ ᠤ᠋ᠳ ᠤ᠋ᠨ ᠲᠤᠬᠠᠢ ᠰᠣᠨᠣᠰᠤᠭ᠎ᠠ ᠴᠤ᠌ ᠦᠭᠡᠢ ᠪᠠᠢᠭᠰᠠᠨ ᠪᠠ ᠬᠠᠷᠢᠨ ᠤᠤᠯ ᠠᠬ᠎ᠠ ᠳᠡᠭᠦᠦ ᠬᠣᠶᠠᠷ᠂ ᠲᠠᠲ᠋ᠠᠷ ᠤ᠋ᠳ ᠠ᠋ᠴᠠ ᠪᠦᠷ ᠳᠣᠣᠷ᠎ᠠ ᠪᠠᠢᠪᠠ᠃ ᠣᠳᠣ ᠴᠢᠨᠦ ᠠᠪᠤ ᠭᠸᠣᠷᠬᠢ ᠠᠮᠢ ᠪᠠᠨ ᠠᠯᠳᠠᠭᠰᠠᠨ ᠠᠷᠪᠠᠨ ᠮᠢᠩᠭᠠᠨ ᠬᠥᠮᠦᠰ ᠢ᠋ ᠬᠡᠷᠬᠢᠨ ᠪᠤᠰᠬᠠᠵᠤ ᠲᠠᠲ᠋ᠠᠷ ᠤ᠋ᠳ ᠤ᠋ᠨ ᠡᠮᠦᠨ᠎ᠡ ᠡᠴᠡ ᠡᠰᠡᠷᠭᠦᠴᠡᠭᠦᠯᠬᠦ ᠪᠢᠯᠡ ᠭᠡᠵᠦ ᠶᠸᠯᠸᠢ᠍ᠢ᠍ᠴᠢ ᠪᠥᠬᠡ ᠨᠠᠷ ᠠ᠋ᠴᠠ ᠮᠥᠩᠬᠡ ᠶ᠋ᠢᠨ ᠤᠰᠤ ᠶ᠋ᠢ ᠡᠷᠢᠵᠦ ᠪᠠᠢᠭ᠎ᠠ ᠪᠣᠯᠪᠠ ᠤᠤ ᠳ᠋ᠡ᠃ ᠡᠪᠡᠢ᠂ ᠵᠠᠯᠠᠭᠤ ᠸᠠᠩ ᠸᠯᠠᠳ᠋ᠢᠮᠢᠷ ᠮᠢᠨᠢ ᠨᠢᠭᠡᠨᠲᠡ ᠦᠬᠦᠭᠴᠢᠳ ᠢ᠋ ᠶᠠᠮᠠᠷ ᠴᠤ᠌ ᠶᠠᠷᠢᠶ᠎ᠠ ᠬᠡᠯᠡᠯᠴᠡᠭᠡ ᠮᠥᠷᠭᠥᠯ ᠪᠤᠶᠠᠨ ᠢ᠋ᠶ᠋ᠠᠷ ᠪᠣᠰᠬᠠᠵᠤ ᠪᠣᠯᠬᠤ ᠦᠭᠡᠢ ᠨᠢ ᠳᠠᠩᠴᠤ ᠬᠡᠴᠡᠭᠦᠦ ᠶᠤᠮ ᠳ᠋ᠠ᠃ ᠯᠢᠫᠢᠼ ᠦ᠋ᠨ ᠲᠡᠢᠨ ᠳ᠋ᠦ᠍ ᠶᠠᠪᠤᠵᠤ ᠪᠠᠢᠭᠰᠠᠨ ᠡᠪᠦᠭᠡᠳ ᠡᠴᠡ ᠨᠠᠳᠠ ᠰᠢᠭ᠋ ᠠᠮᠢᠳᠤ ᠦᠯᠡᠳᠡᠭᠰᠡᠨ ᠨᠢ ᠲᠡᠷᠡ ᠴᠠᠭ ᠲᠸ᠋ ᠸᠠᠩ᠂ ᠪᠢᠳᠡᠨ ᠢ᠋ ᠵᠠᠨᠤᠵᠤ ᠪᠠᠢᠭᠰᠠᠨ ᠢ᠋ ᠨᠢ ᠰᠠᠢᠨ ᠮᠡᠳᠡᠬᠦ ᠲᠤᠯᠠ ᠸᠠᠩ ᠭᠧᠦᠷᠬᠢ ᠶ᠋ᠢᠨ ᠲᠠᠯ᠎ᠠ ᠳ᠋ᠤ᠌ ᠬᠡᠷᠬᠢᠪᠡᠴᠦ ᠶᠠᠪᠤᠬᠤ ᠦᠭᠡᠢ ᠨᠢ ᠯᠠᠪ ᠭᠡᠵᠦ ᠬᠡᠯᠡᠭᠰᠡᠨ ᠳ᠋ᠦ᠍᠂
— ᠴᠢ ᠶᠠᠭᠤ ᠭᠡᠵᠦ ᠮᠠᠭᠤ ᠳᠡᠭᠡᠷᠡᠮᠴᠢᠨ ᠦ᠌ ᠦᠭᠡ ᠶ᠋ᠢ ᠬᠡᠯᠡᠵᠦ ᠪᠠᠢᠨ᠎ᠠ ᠭᠡᠳ ᠸᠯᠠᠳᠢᠮᠢᠷ ᠶᠡᠬᠡᠳᠡ ᠠᠭᠤᠷᠯᠠᠵᠤ᠂
— ᠴᠢᠨᠦ ᠨᠡᠷ᠎ᠡ ᠬᠡᠨ ᠭᠡᠳᠡᠭ ᠪᠣᠢ? ᠪᠢ ᠴᠢᠨᠦ ᠲᠣᠯᠣᠭᠠᠢ ᠶ᠋ᠢ ᠡᠨᠳᠡ ᠠᠪᠤᠨ᠎ᠠ ᠭᠡᠪᠡ᠃
— ᠦᠬᠦᠭᠰᠡᠨ ᠬᠥᠮᠦᠨ ᠪᠠᠰᠠ ᠨᠢᠭᠡ ᠨᠡᠮᠡᠭᠳᠡᠵᠡᠢ᠂ ᠭᠡᠰᠡᠨ ᠴᠦ᠍ ᠲᠠᠲ᠋ᠠᠷ ᠤ᠋ᠳ ᠢᠷᠡᠬᠦ ᠳ᠋ᠡᠭᠡᠨ ᠯᠡ ᠢᠷᠡᠨ᠎ᠡ᠃ ᠲᠡᠭᠡᠬᠦ ᠳ᠋ᠦ᠍ ᠠᠷᠠᠳ ᠪᠢᠳᠡᠨᠡᠷ ᠲᠡᠳᠡᠨ ᠲᠡᠢ ᠲᠤᠯᠤᠯᠳᠤᠵᠤ ᠮᠠᠨ ᠤ᠋ ᠨᠤᠲᠤᠭ ᠠ᠋ᠴᠠ ᠬᠥᠭᠡᠭᠡᠨ ᠵᠠᠢᠯᠠᠭᠤᠯᠬᠤ ᠪᠣᠯᠤᠨ᠎ᠠ᠃ ᠡᠨᠡ ᠨᠢ ᠸᠠᠩᠲᠠᠨ ᠤ᠋ ᠰᠡᠳᠬᠢᠯ ᠳ᠋ᠦ᠍ ᠨᠡᠢᠯᠡᠮᠵᠢᠲᠡᠢ ᠤᠤ᠂ ᠦᠭᠡᠢ ᠤᠤ? ᠬᠠᠷᠢᠨ ᠸᠠᠩ ᠭᠧᠦᠷᠬᠢ ᠲᠡᠳᠡᠨ ᠲᠡᠢ ᠬᠡᠷᠬᠢᠨ ᠲᠤᠯᠤᠯᠳᠤᠬᠤ ᠶ᠋ᠢ ᠪᠢᠳᠡ ᠪᠠᠰᠠ ᠬᠠᠷᠠᠬᠤ ᠪᠣᠯᠤᠨ᠎ᠠ᠃ ᠪᠢ ᠥᠪᠡᠷ ᠦ᠋ᠨ ᠬᠥᠪᠡᠭᠦᠨ ᠠᠴᠢ ᠵᠢᠭᠡ ᠨᠠᠷ ᠢ᠋ ᠬᠤᠷᠠᠯᠳᠤᠭᠤᠯᠤᠨ ᠪᠠᠰᠠ ᠪᠤᠰᠤ ᠨᠥᠬᠥᠳ ᠢ᠋ ᠲᠠᠲᠠᠵᠤ ᠡᠯᠰᠡᠭᠦᠯᠦᠭᠡᠳ ᠲᠠᠲ᠋ᠠᠷ ᠤ᠋ᠳ ᠢ᠋ ᠪᠠᠷᠢᠵᠤ ᠴᠢᠪᠬᠠᠨ ᠳ᠋ᠠᠭᠠᠨ ᠱᠣᠷᠣᠯᠠᠨᠠ᠃ ᠬᠠᠷᠢᠨ ᠸᠠᠩ ᠸᠯᠠᠳᠢᠮᠢᠷ ᠴᠢ ᠡᠪᠦᠭᠡᠨ ᠨᠠᠳᠠᠳᠤ ᠪᠢᠲᠡᠭᠡᠢ ᠠᠭᠤᠷᠰᠠ᠂ ᠮᠢᠨᠦ ᠠᠯᠠᠭᠰᠠᠨ ᠭᠥᠷᠦᠭᠡᠰᠦᠨ ᠦ᠌ ᠮᠢᠬ᠎ᠠ ᠶ᠋ᠢ ᠵᠣᠭᠣᠭᠯᠠ᠃ ᠲᠠᠲ᠋ᠠᠷ ᠤ᠋ᠳ ᠲᠠᠢ ᠪᠠᠢᠯᠳᠤᠬᠤ ᠳ᠋ᠠᠭᠠᠨ ᠮᠣᠷᠢᠨ ᠤ᠋ ᠪᠠᠨ ᠰᠡᠭᠦᠯ ᠢ᠋ ᠲᠡᠳᠡᠨ ᠳ᠋ᠦ᠍ ᠪᠤᠤ ᠬᠠᠷᠭᠤᠯᠤᠭᠠᠷᠠᠢ ᠳ᠋ᠠ ᠭᠡᠳ ᠡᠪᠦᠭᠡᠨ ᠮᠠᠯᠠᠭᠠᠢ ᠪᠠᠨ ᠠᠪᠴᠤ ᠸᠠᠩ ᠸᠯᠠᠳᠢᠮᠢᠷ ᠲᠸ᠋ ᠰᠥᠭᠥᠳᠦᠨ ᠶᠣᠰᠣᠯᠠᠭᠠᠳ᠂ ᠪᠤᠷᠵᠢᠭᠢᠷ ᠪᠤᠭᠤᠷᠤᠯ ᠲᠣᠯᠣᠭᠠᠢ ᠪᠠᠨ ᠳᠡᠭᠡᠭᠰᠢ ᠡᠷᠭᠦᠵᠦ ᠰᠢᠭᠤᠳ ᠵᠠᠢᠯᠠᠨ ᠣᠳᠪᠠ᠃ ᠮᠣᠳᠣᠨ ᠳᠣᠲᠣᠷ᠎ᠠ ᠠ᠋ᠴᠠ ᠮᠥᠨ ᠴᠢᠪᠬ᠎ᠠ ᠪᠠ ᠨᠤᠮᠤ ᠡᠭᠦᠷᠦᠭᠰᠡᠨ ᠦᠰᠦᠲᠡᠢ ᠳᠡᠪᠡᠯ ᠲᠡᠢ ᠬᠡᠳᠦᠨ ᠥᠨᠳᠥᠷ ᠰᠠᠢᠬᠠᠨ ᠡᠷᠡᠴᠦᠳ ᠭᠠᠷᠴᠤ ᠢᠷᠡᠭᠡᠳ ᠴᠡᠷᠢᠭ ᠦ᠋ᠨ ᠶᠣᠰᠣᠭᠠᠷ ᠬᠥᠯ ᠢ᠋ᠶ᠋ᠡᠨ ᠨᠡᠢᠯᠡᠭᠦᠯᠦᠨ ᠶᠠᠪᠤᠵᠤ ᠣᠳᠴᠠᠭᠠᠪᠠ᠃
ᠦᠰᠦᠭ ᠠᠮᠢᠯᠠᠭᠤᠯᠤᠭᠴᠢ᠄ ᠮᠡᠷᠭᠡᠨᠭᠣᠣ᠎ᠠ᠂ ᠬᠡᠷᠡᠢᠳ· ᠮᠥᠩᠬᠡᠨᠠᠰᠤᠨ᠂ ᠠᠯᠲᠠᠨᠴᠢᠮᠡᠭ᠂ ᠵᠢᠩᠯᠢᠬᠤᠸᠠᠷ
ᠬᠢᠨᠠᠭᠴᠢ᠄ ᠲ· ᠬᠦᠮᠦᠵᠢᠯᠲᠦ᠂ ᠪᠠᠯ᠂ ᠠᠯᠲᠠᠨᠴᠢᠮᠡᠭ᠂ ᠠᠷᠢᠭᠤᠨ
