ᠪᠠᠲᠤ ᠬᠠᠭᠠᠨ 6-03ᠲᠠᠲ᠋ᠠᠷ ᠤ᠋ᠳ ᠣᠢᠷᠠᠬᠠᠨ ᠪᠠᠢᠨ᠎ᠠ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ - コピー (3) ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 6-03ᠲᠠᠲ᠋ᠠᠷ ᠤ᠋ᠳ ᠣᠢᠷᠠᠬᠠᠨ ᠪᠠᠢᠨ᠎ᠠ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ - コピー (3)

ᠪᠠᠲᠤ ᠬᠠᠭᠠᠨ 6-03ᠲᠠᠲ᠋ᠠᠷ ᠤ᠋ᠳ ᠣᠢᠷᠠᠬᠠᠨ ᠪᠠᠢᠨ᠎ᠠ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ - コピー (3)

ᠠᠩᠭᠢᠯᠠᠯ:ᠲᠤᠭᠤᠵᠢ ᠷᠣᠮᠠᠨ
2025-11-06

215

ᠭᠤᠷᠪᠠ᠂ ᠲᠠᠲ᠋ᠠᠷ ᠤ᠋ᠳ ᠣᠢᠷᠠᠬᠠᠨ ᠪᠠᠢᠨ᠎ᠠ


ᠡᠪᠦᠯ ᠦ᠋ᠨ ᠳᠤᠮᠳᠠ ᠰᠠᠷ᠎ᠠ ᠶ᠋ᠢᠨ ᠬᠣᠷᠢᠨ ᠭᠤᠷᠪᠠᠨ ᠤ᠋ ᠡᠳᠦᠷ(ᠠᠷᠪᠠᠨ ᠲᠠᠪᠤᠳᠤᠭᠠᠷ ᠵᠠᠭᠤᠨ ᠤ᠋ ᠦᠶ᠎ᠡ ᠶ᠋ᠢ ᠬᠦᠷᠲᠡᠯ᠎ᠡ ᠳ᠋ᠸᠺᠢᠪᠷᠢ ᠰᠠᠷ᠎ᠠ ᠪᠤᠶᠤ ᠰᠲ᠋ᠦᠳ᠋ᠨᠢᠶᠠ ᠨᠢ ᠣᠷᠣᠰ ᠤ᠋ᠨ ᠡᠷᠲᠡᠨ ᠦ᠌ ᠣᠨ ᠲᠣᠭᠠᠯᠠᠯ ᠤ᠋ᠨ ᠶᠣᠰᠣᠭᠠᠷ ᠵᠢᠯ ᠦ᠋ᠨ ᠠᠷᠪᠠᠳᠤᠭᠠᠷ ᠰᠠᠷ᠎ᠠ ᠭᠡᠵᠦ ᠲᠣᠭᠠᠯᠠᠳᠠᠵᠤ ᠪᠠᠢᠪᠠ᠃ ᠵᠢᠯ ᠨᠢ ᠭᠤᠷᠪᠠᠳᠤᠭᠠᠷ ᠰᠠᠷ᠎ᠠ ᠶ᠋ᠢᠨ ᠨᠢᠭᠡᠨ ᠡᠴᠡ ᠡᠬᠢᠯᠡᠳᠡᠭ ᠪᠠᠢᠯ᠎ᠠ) ᠸᠠᠩ ᠭᠧᠦᠷᠬᠢ ᠸᠰᠧᠸᠦᠯᠦᠳᠦᠸᠢᠴ ᠦᠳᠡᠰᠢ ᠶ᠋ᠢᠨ ᠬᠣᠭᠣᠯᠠᠨ ᠳ᠋ᠠᠭᠠᠨ ᠳᠠᠪᠤᠰᠤᠲᠠᠢ ᠢᠰᠬᠦᠯᠡᠩ ᠪᠠᠢᠼᠠᠢ᠂ ᠭᠠᠯᠠᠭᠤᠨ ᠤ᠋ ᠰᠢᠷᠠᠭᠰᠠᠨ ᠮᠢᠬ᠎ᠠ ᠢᠳᠡᠭᠰᠡᠨ ᠦ᠌ ᠰᠡᠭᠦᠯ ᠳ᠋ᠦ᠍ ᠤᠰᠤᠨ ᠤ᠋ ᠠᠭᠤᠷ ᠳᠸ᠋ ᠳᠡᠪᠲᠦᠭᠡᠭᠰᠡᠨ ᠬᠣᠶᠠᠷ ᠠᠯᠢᠮ᠎ᠠ ᠢᠳᠡᠭᠡᠳ ᠬᠣᠨᠢᠨ ᠤ᠋ ᠠᠷᠠᠰᠤᠨ ᠪᠦᠷᠢᠶᠡᠰᠦ ᠲᠡᠢ ᠬᠡᠪᠲᠡᠷᠢ ᠳᠡᠭᠡᠷ᠎ᠡ ᠪᠡᠨ ᠬᠡᠪᠲᠡᠪᠡ᠃ ᠰᠥᠨᠢ ᠳᠤᠮᠳᠠ ᠲᠡᠭᠦᠨ ᠦ᠌(᠊ᠢ) ᠡᠪᠦᠭᠡᠨ ᠴᠡᠷᠢᠭ ᠮᠥᠷᠦᠨ ᠳᠡᠭᠡᠷ᠎ᠡ ᠡᠴᠡ ᠨᠢ ᠠᠶᠠᠷᠬᠠᠨ ᠲᠠᠲᠠᠵᠤ ᠠᠯᠭᠤᠷᠬᠠᠨ ᠢ᠋ᠶ᠋ᠠᠷ ᠰᠡᠷᠢᠭᠡᠪᠡ᠃ ᠶᠡᠬᠡᠪᠡᠷ ᠲᠦᠯᠡᠭᠰᠡᠨ  ᠫᠢᠰᠢᠩ ᠤ᠋ᠨ ᠬᠠᠯᠠᠭᠤᠨ ᠳ᠋ᠤ᠌ ᠳᠤᠯᠠᠭᠠᠴᠠᠨ ᠤᠨᠲᠠᠭᠰᠠᠨ ᠸᠠᠩ ᠠᠷᠠᠢᠬᠢᠵᠤ ᠰᠡᠷᠢᠪᠡ᠃ ᠸᠯᠠᠳᠢᠮᠢᠷ ᠬᠣᠲᠠ ᠶ᠋ᠢᠨ ᠶᠡᠬᠡ ᠬᠠᠮᠪᠤ ᠲᠣᠭᠰᠢᠨ ᠡᠵᠡᠨ ᠮᠢᠲ᠋ᠷᠦᠹᠡᠨ᠂ ᠬᠤᠲᠤᠭᠲᠤ ᠶ᠋ᠢᠨ ᠶᠣᠰᠣᠭᠠᠷ ᠵᠠᠯᠠᠷᠠᠨ ᠰᠠᠭᠤᠭᠠᠳ ᠮᠣᠳᠣᠷ ᠢ᠋ᠶ᠋ᠠᠷ ᠢ᠋ᠶ᠋ᠠᠨ ᠵᠢᠭᠠᠵᠤ《ᠸᠠᠩ ᠪᠣᠰ᠂ ᠰᠡᠷᠢ᠂ ᠡᠷᠭᠢᠬᠦ ᠤᠯᠠᠷᠢᠯ ᠢᠷᠡᠵᠦ ᠢᠪᠡᠭᠡᠯᠲᠦ ᠵᠤᠨ ᠪᠣᠯᠤᠯ᠎ᠠ᠂ ᠢᠴᠡᠭᠡᠨ ᠦ᠌ ᠪᠠᠭᠠᠪᠠᠭᠠᠢ ᠪᠣᠯᠪᠠᠴᠤ ᠡᠷᠭᠢᠵᠦ ᠨᠠᠰᠢ ᠬᠠᠨᠳᠤᠯ᠎ᠠ》ᠭᠡᠵᠦ ᠬᠡᠯᠡᠪᠡ ᠭᠡᠵᠦ ᠸᠠᠩ ᠵᠡᠭᠦᠳᠦᠯᠡᠵᠡᠢ᠃ ᠪᠢᠳᠡ ᠬᠣᠶᠠᠷ ᠪᠤᠴᠠᠨ᠎ᠠ ᠭᠡᠵᠦ ᠸᠠᠩ ᠠᠮᠠᠨ ᠳᠣᠲᠣᠷ᠎ᠠ ᠪᠠᠨ ᠥᠭᠦᠯᠡᠪᠡᠴᠦ ᠰᠢᠳᠠᠷ ᠴᠡᠷᠢᠭ ᠦ᠋ᠨ ᠬᠦᠳᠡᠷ ᠭᠠᠷ ᠲᠡᠭᠦᠨ ᠢ᠋ ᠮᠥᠷᠦᠨ ᠡᠴᠡ ᠨᠢ ᠴᠢᠩᠭ᠎ᠠ ᠪᠠᠷᠢᠵᠤ ᠪᠠᠢᠪᠠ᠃
— ᠸᠠᠩ ᠮᠢᠨᠢ ᠪᠣᠰᠴᠤ ᠦᠵᠡᠭᠡᠴᠢ! ᠷᠶᠡᠽᠡᠨ ᠡᠴᠡ ᠢᠷᠡᠭᠰᠡᠨ ᠡᠯᠴᠢ ᠥᠭᠡᠳᠡ ᠦᠭᠡᠢ ᠮᠡᠳᠡᠭᠡ ᠠᠪᠴᠢᠷᠠᠭᠰᠠᠨ ᠪᠠᠢᠨ᠎ᠠ ᠰᠢᠦ ᠭᠡᠵᠦ ᠵᠢᠳᠬᠦᠯᠳᠦ ᠡᠪᠦᠭᠡᠨ ᠳᠠᠢᠴᠢᠨ ᠬᠡᠯᠡᠪᠡ᠃
— ᠶᠠᠮᠠᠷ ᠬᠥᠮᠦᠨ? ᠶᠠᠮᠠᠷ ᠮᠡᠳᠡᠭᠡ ᠪᠣᠢ? ᠭᠡᠵᠦ ᠸᠠᠩ ᠠᠷᠠᠢᠬᠢᠨ ᠤᠬᠠᠭᠠᠷᠠᠨ ᠠᠰᠠᠭᠤᠪᠠ᠃
— ᠸᠠᠩ ᠷᠣᠮᠠᠨ ᠢᠩᠭᠧᠡᠷᠧᠸᠢᠴ ᠷᠶᠡᠽᠡᠨ ᠡᠴᠡ ᠬᠦᠷᠦᠯᠴᠡᠨ ᠢᠷᠡᠵᠡᠢ᠃ ᠪᠢᠳᠡ ᠲᠡᠭᠦᠨ ᠢ᠋ ᠬᠣᠲᠠᠨ᠎ᠠ ᠣᠷᠣᠭᠤᠯᠪᠠ᠃
— ᠶᠠᠭᠤ ᠶᠠᠷᠢᠵᠤ ᠪᠠᠢᠨ᠎ᠠ?
— ᠥᠪᠡᠷ ᠢ᠋ᠶ᠋ᠡᠨ ᠴᠢᠮᠠᠲᠠᠢ ᠠᠭᠤᠯᠵᠠᠬᠤ ᠶ᠋ᠢ ᠬᠦᠰᠡᠵᠦ ᠪᠠᠢᠨ᠎ᠠ᠃
— ᠷᠶᠡᠽᠡᠨ ᠡᠴᠡ ᠢᠷᠡᠭᠰᠡᠨ ᠭᠡᠨ᠎ᠡ ᠤᠤ? ᠲᠡᠨᠳᠡ ᠴᠢᠨᠢ ᠶᠠᠭᠤ ᠪᠣᠯᠤᠭᠠᠳ ᠪᠠᠢᠨ᠎ᠠ ? ᠭᠡᠵᠦ ᠸᠠᠩ ᠥᠪᠡᠷ ᠦ᠋ᠨ ᠬᠥᠯ ᠢ᠋ ᠤᠷᠤᠭᠰᠢ ᠲᠠᠯᠪᠢᠨ ᠬᠡᠯᠡᠷᠦᠨ᠂
— ᠷᠶᠠᠽᠠᠨ ᠪᠠᠢᠬᠤ ᠦᠭᠡᠢ ᠪᠣᠯᠵᠠᠢ᠃
— ᠴᠢ ᠴᠢᠨᠢ ᠤᠬᠠᠭᠠᠨ ᠲᠠᠢ ᠪᠠᠨ ᠪᠠᠢᠨ᠎ᠠ ᠤᠤ? ᠸᠠᠩ ᠷᠣᠮᠠᠨ ᠬᠠᠮᠢᠭ᠎ᠠ ᠪᠠᠢᠨ᠎ᠠ ?
— ᠡᠨᠳᠡ ᠥᠷᠥᠭᠡᠨ ᠳ᠋ᠦ᠍ ᠢᠷᠡᠭᠡᠳ ᠪᠠᠢᠨ᠎ᠠ᠃ ᠸᠠᠩ ᠬ᠌ᠸᠣᠷᠭᠢ ᠶ᠋ᠢᠨ ᠬᠦᠴᠦᠲᠦ ᠭᠠᠷ ᠰᠠᠯᠭᠠᠨᠠᠨ ᠳᠡᠪᠡᠯ ᠦ᠋ᠨ ᠬᠠᠨᠴᠤᠢ ᠶ᠋ᠢ ᠤᠳᠠᠲᠠᠯ᠎ᠠ ᠣᠯᠵᠤ ᠶᠠᠳᠠᠪᠠ᠃ ᠸᠠᠩ ᠬ᠌ᠸᠣᠷᠭᠢ ᠸᠰᠸᠸᠤᠯᠤᠳᠤᠸᠢᠴ ᠵᠠᠢᠰᠠᠩ ᠤ᠋ᠳ ᠢ᠋ ᠬᠦᠯᠢᠶᠡᠨ ᠠᠪᠴᠤ ᠶᠠᠷᠢᠯᠴᠠᠳᠠᠭ ᠥᠷᠥᠭᠡᠨ ᠳ᠋ᠡᠭᠡᠨ ᠣᠷᠣᠪᠠ᠃ ᠲᠡᠨᠳᠡ ᠰᠢᠳᠠᠷ ᠬᠡᠳᠦᠨ ᠵᠥᠪᠯᠡᠬᠦ ᠨᠤᠭᠦᠳ ᠪᠠᠢᠵᠠᠭᠠᠪᠠ᠃ ᠲᠩᠷᠢ ᠶ᠋ᠢᠨ ᠬᠠᠭᠤᠴᠢᠨ ᠬᠥᠷᠥᠭ ᠦ᠋ᠨ ᠡᠮᠦᠨᠡᠬᠢ ᠵᠤᠯᠠ ᠶ᠋ᠢᠨ ᠤᠯᠠᠪᠢᠷ ᠭᠡᠷᠡᠯ ᠡᠨᠳᠡ ᠲᠡᠨᠳᠡ ᠴᠡᠮᠪᠡ ᠬᠡᠪᠢᠰ ᠤᠨᠵᠢᠭᠤᠯᠤᠭᠰᠠᠨ ᠳ᠋ᠥ᠋ᠨᠵᠡᠨ ᠬᠠᠨ᠎ᠠ ᠶ᠋ᠢ ᠭᠡᠷᠡᠯᠲᠦᠭᠦᠯᠦᠨ᠎ᠡ᠃ ᠵᠥᠪᠯᠡᠯᠭᠡᠨ ᠠᠪᠬᠤ ᠪᠠᠷ ᠰᠥᠨᠢ ᠶᠠᠭᠠᠷᠠᠪᠴᠢᠯᠠᠨ ᠢᠷᠡᠭᠰᠡᠨ ᠸᠠᠩ ᠤ᠋ᠨ ᠬᠦᠦ ᠸᠡᠯᠳᠢᠮᠢᠷ᠂ ᠸᠰᠸᠸᠤᠯᠤᠳ᠋ ᠬᠣᠶᠠᠷ ᠦᠭᠡ ᠳᠠᠭᠤ ᠦᠭᠡᠢ ᠵᠠᠢᠰᠠᠩ ᠤ᠋ᠳ ᠤ᠋ᠨ ᠡᠮᠦᠨ᠎ᠡ ᠵᠣᠭᠰᠣᠵᠤ ᠪᠠᠢᠪᠠ᠃ ᠵᠠᠩᠵᠤᠨ ᠵᠢᠷᠤᠰᠯᠠᠸ ᠮᠢᠬᠠᠢᠯᠤᠸᠢᠴ᠂ ᠶᠸᠷᠸᠮᠸᠢ ᠬ᠌ᠯᠸᠪᠤᠸᠢᠴᠠ᠂ ᠫᠸᠲ᠋ᠷ ᠤᠰᠯᠶᠠᠳ᠋ᠶᠦᠢ᠍ᠺᠤᠸᠢᠴ ᠭᠤᠷᠪᠠ ᠶᠡᠷᠦ ᠠᠵᠢᠭ ᠦᠭᠡᠢ ᠵᠣᠭᠰᠣᠵᠤ ᠪᠠᠢᠪᠠ᠃ ᠲᠡᠳᠡ ᠲᠡᠢᠨ ᠪᠠᠢᠯᠳᠤᠭᠠᠨ ᠳ᠋ᠤ᠌ ᠤᠳᠠᠲᠠᠯ᠎ᠠ ᠶᠠᠪᠤᠵᠤ ᠡᠯᠳᠡᠪ ᠢ᠋ ᠦᠵᠡᠭᠰᠡᠨ ᠲᠤᠯᠠ ᠶᠠᠭᠤᠨ ᠠ᠋ᠴᠠ ᠴᠤ᠌ ᠦᠯᠦ ᠰᠦᠷᠳᠡᠵᠦ ᠰᠠᠨᠳᠤᠷᠬᠤ ᠠᠵᠠᠢ᠃ ᠰᠢᠷᠡᠭᠡᠨ ᠦ᠌ ᠴᠠᠭᠠᠨ᠎ᠠ ᠬᠡᠪᠢᠰ ᠢ᠋ᠶ᠋ᠡᠷ ᠪᠦᠲᠡᠭᠡᠭᠰᠡᠨ ᠪᠠᠨᠲᠠᠩ ᠳᠡᠭᠡᠷ᠎ᠡ ᠷᠶᠠᠽᠠᠨ ᠠ᠋ᠴᠠ ᠢᠷᠡᠭᠰᠡᠨ ᠸᠠᠩ ᠷᠣᠮᠠᠨ ᠪᠤᠷᠵᠢᠭᠢᠷ ᠲᠣᠯᠣᠭᠠᠢ ᠪᠠᠨ ᠲᠦᠰᠢᠵᠦ ᠰᠠᠭᠤᠨ᠎ᠠ᠃ᠲᠡᠷᠡ ᠬᠣᠯᠠ ᠶ᠋ᠢᠨ ᠵᠠᠮ ᠳ᠋ᠤ᠌ ᠮᠣᠷᠢ ᠪᠠᠨ ᠰᠡᠯᠭᠦᠭᠡᠨ ᠨᠣᠢᠷ ᠦᠭᠡᠢ ᠳᠣᠪᠲᠣᠯᠭᠠᠨ ᠶᠠᠪᠤᠭᠰᠠᠨ ᠳ᠋ᠠᠭᠠᠨ ᠶᠠᠳᠠᠷᠠᠭᠠᠳ ᠪᠥᠬᠡ ᠪᠡᠷ ᠤᠨᠲᠠᠵᠠᠢ᠃

ᠸᠠᠩ ᠸᠰᠸᠸᠤᠯᠤᠳᠤᠸᠢᠴ ᠣᠷᠣᠮᠠᠭᠴᠠ ᠪᠠᠨ ᠥᠨᠳᠥᠷ ᠳᠠᠭᠤ ᠪᠠᠷ ᠡᠢᠨ ᠬᠡᠯᠡᠪᠡ᠄
— ᠴᠢ ᠷᠶᠠᠽᠠᠨ ᠠ᠋ᠴᠠ ᠶᠠᠭᠤ ᠠᠪᠴᠢᠷᠠᠪᠠ? ᠲᠠᠲ᠋ᠠᠷ ᠤ᠋ᠳ ᠷᠶᠠᠽᠠᠨ ᠢ᠋ ᠶᠠᠭᠤ ᠪᠣᠯᠭᠠᠭᠰᠠᠨ ᠪᠣᠢ? ᠷᠶᠠᠽᠠᠨ ᠤ᠋ ᠬᠢᠨ ᠬᠦᠴᠦ ᠵᠢᠭᠠᠨ ᠲᠤᠯᠤᠯᠳᠤᠪᠠ ᠤᠤ? ᠡᠰᠡᠪᠡᠯ ᠡᠷᠭᠢᠵᠦ ᠳᠤᠲᠠᠭᠠᠭᠠᠳ ᠲᠥᠷᠥᠭᠰᠡᠨ ᠬᠣᠲᠠ ᠪᠠᠨ ᠥᠭᠴᠢᠬᠡᠪᠡ ᠤᠤ?

ᠸᠠᠩ ᠷᠣᠮᠠᠨ ᠢᠩᠸᠡᠷᠸᠸᠢᠴ ᠶᠠᠭᠤ ᠴᠤ᠌ ᠰᠣᠨᠣᠰᠤᠭᠰᠠᠨ ᠦᠭᠡᠢ ᠬᠥᠳᠡᠯᠦᠯ ᠦᠭᠡᠢ ᠰᠠᠭᠤᠭᠰᠠᠭᠠᠷ  ᠯᠠ ᠪᠠᠢᠪᠠ᠃

ᠴᠢᠮᠡᠭᠡ ᠠᠨᠢᠷ ᠦᠭᠡᠢ ᠰᠥᠨᠢ ᠶ᠋ᠢᠨ ᠳᠤᠯᠠᠭᠠᠨ ᠳ᠋ᠤ᠌ ᠤᠨᠲᠠᠵᠤ ᠪᠠᠢᠭ᠎ᠠ ᠬᠥᠮᠦᠨ ᠦ᠌ ᠵᠢᠭᠳᠡᠬᠡᠨ ᠠᠮᠢᠰᠬᠤᠭ᠎ᠠ᠂ ᠴᠣᠩᠬᠣᠨ ᠤ᠋ ᠬᠠᠯᠢᠰᠤᠨ ᠤ᠋ ᠠᠶᠠᠷᠬᠠᠨ ᠰᠦᠷᠴᠢᠭᠢᠨᠡᠬᠦ ᠴᠢᠮᠡᠭᠡ ᠬᠣᠶᠠᠷ ᠰᠣᠨᠣᠰᠳᠠᠨ᠎ᠠ᠃
— ᠷᠶᠡᠽᠡᠨ ᠦ᠌ ᠬᠢᠨ ᠶᠠᠮᠠᠷ ᠰᠢᠭ᠋ ᠲᠤᠯᠤᠯᠳᠤᠪᠠ ᠭᠡᠵᠦ ᠪᠢ ᠠᠰᠠᠭᠤᠵᠤ ᠪᠠᠢᠨ᠎ᠠ ᠰᠢᠦ! ᠯᠠᠪ ᠬᠣᠲᠠ ᠪᠠᠨ ᠲᠠᠯᠪᠢᠵᠤ ᠥᠭᠭᠦᠭᠰᠡᠨ ᠪᠢᠵᠡ ᠳ᠋ᠠ᠃ ᠸᠠᠩ ᠷᠣᠮᠠᠨ ᠰᠡᠭᠦᠯᠴᠢ ᠶ᠋ᠢᠨ ᠬᠢᠨᠢ ᠦᠭᠡ ᠶ᠋ᠢ ᠰᠣᠨᠣᠰᠬᠤ ᠲᠠᠢ ᠪᠠᠨ ᠬᠠᠮᠲᠤ ᠰᠣᠴᠢᠨ ᠰᠡᠷᠢᠵᠦ ᠸᠠᠩ  ᠭᠸᠣᠷᠬᠢ ᠲᠡᠰᠢ ᠦᠰᠦᠷᠦᠨ ᠣᠴᠢᠭᠠᠳ ᠲᠡᠭᠦᠨ ᠢ᠋ ᠳᠠᠭᠠᠷᠢᠬᠤ ᠭᠡᠵᠦ ᠪᠠᠢᠭ᠎ᠠ ᠶᠤᠮ ᠰᠢᠭ᠋ ᠮᠡᠬᠦᠢᠨ ᠣᠴᠢᠵᠤ ᠠᠭᠤᠷ ᠴᠢᠬᠤᠯ ᠢ᠋ᠶ᠋ᠠᠨ ᠲᠡᠪᠴᠢᠵᠦ ᠶᠠᠳᠠᠨ ᠰᠦᠷᠡᠬᠡᠢ ᠳᠠᠭᠤ ᠪᠠᠷ ᠬᠠᠰᠬᠢᠷᠤᠨ᠂
— ᠴᠢ ᠶᠠᠭᠤ ᠪᠣᠯᠤᠭᠠᠳ ᠢᠩᠭᠢᠵᠦ ᠶᠠᠷᠢᠨ᠎ᠠ ᠪᠣᠢ? ᠴᠢ ᠶᠠᠭᠤ ᠪᠣᠯᠤᠭᠠᠳ ᠪᠢᠳᠡᠨ ᠢ᠋ ᠰᠢᠯᠭᠠᠨ᠎ᠠ ᠤᠤ? ᠴᠢ ᠪᠡᠷᠬᠡ ᠬᠦᠨᠳᠦ ᠴᠠᠭ ᠲᠤᠨᠢ ᠪᠢᠳᠡᠨ ᠡᠴᠡ ᠵᠠᠢᠯᠠᠵᠤ ᠤᠳᠤᠭᠠᠳ ᠬᠠᠷᠢᠨ ᠥᠪᠡᠷ ᠢ᠋ᠶ᠋ᠡᠨ ᠴᠦ᠍ ᠢᠷᠡᠬᠦ ᠦᠭᠡᠢ ᠲᠤᠰᠠᠯᠠᠮᠵᠢ ᠴᠤ᠌ ᠶᠠᠪᠤᠭᠤᠯᠬᠤ ᠦᠭᠡᠢ ᠪᠠᠢᠨ᠎ᠠ ᠪᠣᠢ? ᠷᠶᠸᠡᠽᠡᠨ ᠪᠠᠢᠬᠤ ᠦᠭᠡᠢ ᠪᠣᠯᠤᠭᠰᠠᠨ᠁ ᠲᠡᠭᠦᠨ ᠢ᠋ ᠮᠣᠩᠭᠣᠯᠴᠤᠳ ᠰᠢᠲᠠᠭᠠᠴᠢᠬᠠᠭᠰᠠᠨ᠃ ᠬᠣᠲᠠ ᠶ᠋ᠢᠨ ᠰᠢᠳᠡᠵᠦ ᠪᠠᠢᠭ᠎ᠠ ᠡᠪᠳᠡᠷᠬᠡᠢ ᠰᠠᠭᠤᠷᠢᠨ ᠳᠡᠭᠡᠷ᠎ᠡ ᠨᠢ ᠪᠦᠬᠦ ᠷᠶᠠᠽᠠᠨᠴᠤᠳ ᠡᠴᠦᠰ ᠪᠣᠯᠤᠭᠰᠠᠨ᠃ ᠬᠠᠷᠢᠨ ᠬᠡᠨ ᠴᠦ᠍ ᠤᠬᠤᠷᠢᠬᠤ ᠦᠭᠡᠢ᠂ ᠪᠢᠳᠡ ᠬᠣᠲᠠ ᠪᠠᠨ ᠲᠠᠯᠪᠢᠵᠤ ᠥᠭᠭᠦᠭᠡ ᠦᠭᠡᠢ᠂ ᠭᠠᠭᠴᠠᠬᠠᠨ ᠮᠠᠨ ᠤ᠋ ᠬᠡᠭᠦᠷ ᠦ᠋ᠳ ᠦ᠋ᠨ ᠳᠤᠮᠳᠠᠭᠤᠷ ᠭᠠᠯᠵᠠᠭᠤᠷᠠᠭᠰᠠᠨ ᠮᠣᠩᠭᠣᠯᠴᠤᠳ ᠨᠡᠪᠲᠡᠷᠡᠨ ᠢᠷᠡᠯ᠎ᠡ ᠭᠡᠪᠡ᠃
— ᠸᠠᠩ ᠶᠦᠷᠢ ᠢᠩᠭ᠌ᠸᠸᠡᠷᠸᠸᠢᠴ ᠶᠠᠭᠠᠬᠢᠭᠰᠠᠨ ᠪᠣᠢ?
— ᠡᠵᠡᠭᠦᠢ ᠬᠡᠭᠡᠷ᠎ᠡ ᠲᠠᠯ᠎ᠠ ᠳ᠋ᠤ᠌ ᠠᠯᠠᠭᠳᠠᠭᠰᠠᠨ᠃
— ᠸᠠᠩ ᠫᠷᠤᠨᠰᠺᠸ᠂ ᠮᠦᠷᠦᠮᠰᠺᠢ᠂ ᠸᠠᠰᠢᠯᠢ᠂ ᠺ᠊ᠷᠠᠰᠨᠢ ᠭᠯᠸᠪ ᠮᠢᠬᠠᠢᠯᠣᠸᠢᠴ᠂ ᠺᠣᠯᠤᠮᠸᠨ᠋ᠰᠺᠢ ᠨᠠᠷ ᠶᠠᠭᠠᠬᠢᠭᠰᠠᠨ ᠪᠣᠢ?
— ᠴᠥᠮ ᠲᠤᠯᠤᠯᠳᠤᠵᠤ ᠪᠠᠢᠭᠠᠳ ᠡᠴᠦᠰ ᠪᠤᠯᠵᠠᠭᠠᠭᠰᠠᠨ᠃ ᠰᠦᠽᠳᠡᠯᠢ ᠶ᠋ᠢᠨ ᠬᠢᠨ᠂ ᠨᠣᠸᠣᠭᠤᠷᠤᠳ᠋ ᠤ᠋ᠨ ᠬᠢᠨ ᠲᠤᠰᠠᠯᠠᠬᠤ ᠪᠠᠷ ᠢᠷᠡᠬᠦ ᠪᠣᠯ ᠤᠤ ᠭᠡᠵᠦ ᠪᠦᠭᠦᠳᠡᠭᠡᠷ ᠢ᠋ᠶ᠋ᠡᠨ ᠡᠷᠭᠢᠵᠦ ᠬᠠᠷᠠᠭᠰᠠᠭᠠᠷ ᠪᠠᠢᠯ᠎ᠠ᠃ ᠲᠡᠭᠡᠵᠦ ᠪᠠᠢᠬᠤ ᠳ᠋ᠤ᠌ ᠲᠠ ᠣᠷᠣᠨ ᠭᠡᠷ ᠲᠡᠭᠡᠨ ᠪᠦᠭᠭᠦᠵᠦ ᠳᠤᠯᠠᠭᠠᠨ ᠬᠠᠨᠵᠤᠨ ᠳᠡᠭᠡᠷ᠎ᠡ ᠭᠠᠷᠤᠭᠠᠳ ᠠᠭᠤᠷ ᠴᠢᠬᠤᠯ ᠬᠦᠷᠬᠦ ᠳ᠋ᠡᠭᠡᠨ ᠶᠠᠭᠤᠮ᠎ᠠ ᠠᠯᠠᠭᠠᠳ ᠬᠡᠪᠲᠡᠵᠦ ᠪᠠᠢᠨ᠎ᠠ ᠭᠡᠬᠦ ᠳ᠋ᠦ᠍ ᠸᠯᠠᠳᠢᠯᠢᠷ ᠬᠣᠲᠠ ᠶ᠋ᠢᠨ ᠸᠠᠩ ᠵᠠᠩᠳᠤᠷᠪᠠ᠃
— ᠲᠠᠨᠠᠷ ᠰᠦᠽᠳᠡᠯᠢ ᠶ᠋ᠢᠨ ᠬᠢᠨ ᠴᠢᠨᠢ ᠬᠠᠮᠢᠭ᠎ᠠ ᠪᠠᠢᠭᠰᠠᠨ ᠪᠣᠢ? ᠨᠠᠮᠤᠭ ᠲᠠᠭᠠᠨ ᠰᠢᠭᠢᠳᠴᠦ ᠰᠠᠭᠤᠭᠠᠳ ᠶᠠᠭᠤ ᠪᠠᠨ ᠬᠢᠵᠡᠭᠡᠪᠡ?
—ᠴᠢᠮ᠎ᠠ ᠰᠢᠭ᠋ ᠠᠮᠢᠲᠠᠨ ᠢᠷᠡᠭᠰᠡᠨ ᠪᠢᠰᠢ᠂ ᠭᠠᠢ ᠪᠣᠯᠪᠠ ᠭᠡᠵᠦ ᠬ᠌ᠸᠤᠷᠭᠢ ᠴᠢᠬᠤᠯᠳᠠᠨ᠎ᠠ᠃
— ᠵᠠ᠂ ᠴᠢ ᠷᠶᠠᠽᠠᠨ ᠤ᠋ ᠬᠢᠨ ᠢ᠋ ᠪᠢᠲᠡᠭᠡᠢ ᠳᠣᠷᠣᠮᠵᠢᠯᠠ! ᠲᠡᠳᠡᠨᠡᠷ ᠴᠠᠰᠤᠲᠤ ᠲᠠᠯ᠎ᠠ ᠳᠡᠭᠡᠷ᠎ᠡ ᠴᠠᠷᠴᠠᠭᠠᠳ ᠬᠡᠪᠲᠡᠵᠡᠭᠡᠵᠦ ᠪᠠᠢᠬᠤ ᠳ᠋ᠤᠨᠢ ᠲᠡᠳᠡᠨᠡᠷ ᠳᠡᠭᠡᠷ᠎ᠡ ᠲᠥᠷᠥᠭᠰᠡᠨ ᠨᠤᠲᠤᠭ ᠤ᠋ᠨ ᠠᠳᠬᠤ ᠰᠢᠷᠣᠢ ᠠᠪᠤᠭᠠᠳ ᠬᠠᠶᠠᠴᠢᠬᠠᠬᠤ ᠬᠥᠮᠦᠨ ᠠᠯᠠᠭ᠎ᠠ ᠪᠠᠢᠨ᠎ᠠ᠃ ᠬᠡᠷᠪᠡ ᠳᠣᠷᠣᠮᠵᠢᠯᠠᠭᠰᠠᠨ ᠦᠭᠡ ᠶ᠋ᠢ ᠪᠢ ᠳᠠᠬᠢᠨ ᠰᠣᠨᠣᠰᠪᠠᠯ ᠪᠢ ᠲᠣᠯᠣᠭᠠᠢ ᠶ᠋ᠢ ᠴᠢᠨᠢ ᠬᠠᠭ᠎ᠠ ᠴᠣᠬᠢᠨ᠎ᠠ᠁ ᠭᠡᠳ ᠸᠠᠩ ᠷᠣᠮᠠᠨ ᠳᠡᠷᠭᠡᠳᠡ ᠪᠡᠨ ᠪᠠᠢᠭᠰᠠᠨ ᠰᠡᠯᠡᠮ᠎ᠡ ᠶ᠋ᠢ ᠰᠢᠭᠦᠷᠡᠨ ᠠᠪᠤᠭᠰᠠᠨ ᠳ᠋ᠤ᠌ ᠵᠠᠢᠰᠠᠩ ᠤ᠋ᠳ ᠪᠣᠯᠤᠨ ᠸᠠᠩ ᠤ᠋ᠨ ᠬᠣᠶᠠᠷ ᠬᠥᠪᠡᠭᠦᠨ ᠤᠬᠤᠰᠬᠢᠨ ᠵᠠᠪᠳᠤᠵᠤ᠂ ᠮᠠᠷᠭᠤᠯᠳᠤᠨ ᠪᠣᠢ ᠬᠣᠶᠠᠷ ᠡᠲᠡᠭᠡᠳ ᠦ᠋ᠨ ᠭᠠᠷ ᠲᠠᠢ ᠵᠢᠭᠤᠷᠠᠯᠳᠤᠨ ᠬᠣᠷᠢᠭᠯᠠᠪᠠ᠃ ᠸᠠᠩ ᠬ᠌ᠸᠤᠷᠭᠢ ᠭᠠᠷ ᠢ᠋ᠶ᠋ᠠᠨ ᠰᠠᠯᠭᠠᠬᠤ ᠶ᠋ᠢ ᠤᠷᠤᠯᠳᠤᠨ ᠬᠠᠨ᠎ᠠ ᠳ᠋ᠤ᠌ ᠡᠯᠭᠦᠭᠡᠰᠦᠲᠡᠢ ᠪᠠᠢᠭᠰᠠᠨ ᠰᠡᠯᠡᠮ᠎ᠡ ᠶ᠋ᠢᠨ ᠵᠦᠭ ᠲᠡᠮᠡᠦᠯᠵᠦ᠂
— ᠨᠠᠮᠠᠶ᠋ᠢ ᠰᠤᠷᠭᠠᠳᠠᠭ ᠨᠢ ᠡᠨᠡ ᠪᠢᠰᠢ᠂ ᠲᠠᠰᠤ ᠴᠠᠪᠴᠢᠵᠤ ᠠᠯᠠᠨ᠎ᠠ᠃ ᠣᠷᠣᠨ ᠭᠡᠷ ᠦᠭᠡᠢ ᠭᠤᠢᠯᠢᠨᠴᠢᠨ ᠨᠠᠳᠠ ᠠ᠋ᠴᠠ ᠲᠤᠰᠠᠯᠠᠮᠵᠢ ᠭᠤᠶᠤᠵᠤ ᠢᠷᠡᠬᠦ ᠳ᠋ᠡᠭᠡᠨ ᠬᠠᠷᠢᠨ ᠬᠠᠷᠢ ᠶ᠋ᠢᠨ ᠶᠠᠭᠤᠮᠠᠨ ᠳ᠋ᠤ᠌ ᠣᠷᠣᠭᠰᠠᠨ ᠬᠠᠷ᠎ᠠ ᠬᠡᠷᠢᠶ᠎ᠡ ᠰᠢᠭ᠌ ᠭᠤᠸᠠᠭᠯᠠᠨ᠎ᠠ ᠤᠤ? ᠭᠡᠪᠡ᠃
— ᠠᠪᠤ ᠮᠢᠨᠢ᠂ ᠵᠣᠴᠢᠳ  ᠲᠠᠢ ᠡᠢᠨ ᠶᠠᠷᠢᠵᠤ ᠪᠣᠯᠬᠤ ᠦᠭᠡᠢ ᠭᠡᠵᠦ ᠸᠠᠩ ᠤ᠋ᠨ ᠬᠣᠶᠠᠷ ᠬᠥᠪᠡᠭᠦᠨ᠂ ᠸᠠᠩ ᠬ᠌ᠸᠤᠷᠭᠢ ᠶ᠋ᠢ ᠠᠷᠭᠠᠳᠠᠨ᠎ᠠ᠃

ᠭᠡᠨᠡᠳᠲᠡ ᠲᠣᠳᠣ ᠨᠠᠮᠤᠭᠤᠨ ᠳᠠᠭᠤ ᠱᠤᠤᠭᠢᠯᠳᠤᠭᠠᠨ ᠢ᠋ ᠳᠠᠷᠤᠪᠠ᠃
— ᠡᠨᠡ ᠭᠡᠷ ᠦ᠋ᠨ ᠡᠵᠡᠨ ᠲᠡᠷᠢᠭᠦᠯᠡᠨ ᠪᠦᠭᠦᠳᠡ ᠶ᠋ᠢᠨ ᠡᠩᠬᠡ ᠠᠮᠤᠭᠤᠯᠠᠩ ᠢ᠋ ᠠᠢᠯᠠᠳᠬᠠᠶ᠎ᠠ ! ᠭᠡᠬᠦ ᠤᠶᠠᠩᠭᠠᠲᠤ ᠦᠭᠡ ᠰᠣᠨᠣᠰᠳᠠᠪᠠ᠃ ᠴᠥᠮ ᠡᠷᠭᠢᠵᠦ ᠬᠠᠷᠠᠪᠠ᠃ ᠤᠯᠠᠭ᠎ᠠ(ᠤᠯᠠ ᠪᠠᠨ) ᠬᠦᠷᠦᠭᠰᠡᠨ ᠤᠷᠲᠤ ᠬᠠᠷ᠎ᠠ ᠳᠡᠪᠡᠯ ᠪᠠ ᠣᠪᠣᠭᠠᠳᠠᠢ ᠲᠠᠢ᠂ ᠲᠤᠷᠠᠩᠬᠠᠢ ᠥᠨᠳᠥᠷ ᠭᠡᠯᠦᠩ ᠬᠠᠭᠠᠯᠭ᠎ᠠ ᠶ᠋ᠢᠨ ᠲᠤᠰᠢᠶ᠎ᠠ ᠭᠠᠵᠠᠷ ᠵᠣᠭᠰᠣᠵᠤ ᠪᠠᠢᠪᠠ᠃ ᠪᠠᠭ᠎ᠠ ᠵᠡᠷᠭᠡ ᠪᠤᠭᠤᠷᠤᠯᠲᠤᠭᠰᠠᠨ ᠤᠷᠲᠤ ᠰᠠᠬᠠᠯ ᠤᠨᠵᠢᠭᠠᠷ ᠲᠣᠮᠣ ᠬᠠᠮᠠᠷ᠂ ᠨᠥᠮᠥᠷᠦᠨ ᠤᠷᠭᠤᠭᠰᠠᠨ ᠬᠠᠷ᠎ᠠ ᠬᠥᠮᠥᠰᠬᠡ ᠶ᠋ᠢᠨ ᠳᠣᠣᠷᠠᠬᠢ ᠬᠠᠷ᠎ᠠ ᠨᠢᠳᠦ ᠨᠢ ᠲᠡᠷᠡ ᠭᠡᠯᠦᠩ ᠦ᠋ᠨ ᠴᠢᠷᠠᠢ ᠶ᠋ᠢ ᠦᠵᠡᠮᠵᠢ ᠦᠭᠡᠢ ᠠᠭᠠᠳ ᠪᠠᠶᠠᠰᠬᠤᠯᠠᠩ ᠦᠭᠡᠢ ᠪᠣᠯᠭᠠᠵᠠᠢ᠃ ᠲᠡᠷᠡ ᠪᠠᠷᠠᠭᠤᠨ ᠭᠠᠷ ᠲᠠᠭᠠᠨ ᠵᠡᠰ ᠵᠠᠭᠠᠯᠮᠠᠢ᠂ ᠵᠡᠭᠦᠨ ᠭᠠᠷ ᠲᠠᠭᠠᠨ ᠤᠷᠲᠤ ᠮᠣᠳᠣ ᠪᠠᠷᠢᠵᠠᠢ᠃
— ᠶᠡᠬᠡ ᠸᠠᠩ ᠲᠠᠨ ᠤ᠋ ᠥᠷᠥᠭᠡᠨ ᠳ᠋ᠦ᠍ ᠬᠡᠷᠡᠭᠦᠯ ᠮᠠᠷᠭᠤᠯᠳᠤᠭᠠᠨ ᠪᠣᠯᠵᠤ ᠪᠠᠢᠬᠤ ᠶ᠋ᠢ ᠣᠯᠵᠤ ᠰᠣᠨᠣᠰᠪᠠ᠃ ᠬᠡᠯᠡ ᠠᠮᠠ ᠬᠡᠷᠡᠭᠦᠯ ᠱᠤᠤᠭᠢᠶᠠᠨ ᠢ᠋ ᠬᠢᠵᠦ ᠪᠠᠢᠳᠠᠭ ᠴᠠᠭ ᠪᠢᠰᠢ᠃ ᠪᠢ ᠲᠡᠭᠷᠢ ᠣᠭᠲᠠᠷᠭᠤᠢ ᠤᠲᠤᠭ᠎ᠠ ᠤᠨᠢᠶᠠᠷ ᠢ᠋ᠶ᠋ᠠᠷ ᠪᠢᠲᠡᠭᠦᠷᠡᠵᠦ ᠬᠣᠲᠠ ᠪᠠᠯᠭᠠᠳ ᠰᠢᠳᠡᠵᠦ᠂ ᠠᠶᠤᠮᠰᠢᠭᠲᠤ ᠬᠣᠣᠷᠲᠤ ᠮᠠᠭᠤ ᠤᠯᠤᠰ ᠮᠠᠨ ᠤ᠋ ᠵᠦᠭ ᠬᠥᠳᠡᠯᠦᠭᠡᠳ᠂ ᠬᠣᠷᠸ᠎ᠠ ᠶᠢᠷᠲᠢᠨᠴᠦ ᠳ᠋ᠦ᠍ ᠦᠬᠦᠯ ᠬᠥᠨᠥᠭᠡᠯ ᠢ᠋ ᠤᠴᠠᠷᠠᠭᠤᠯᠵᠤ ᠪᠠᠢᠭ᠎ᠠ ᠭᠠᠵᠠᠷ ᠠ᠋ᠴᠠ ᠢᠷᠡᠯ᠎ᠡ᠃
— ᠴᠢ ᠬᠡᠨ ᠭᠡᠭᠴᠢ ᠪᠣᠢ? ᠬᠠᠮᠢᠭ᠎ᠠ ᠠ᠋ᠴᠠ ᠢᠷᠡᠪᠡ? ᠴᠢᠮᠠᠲᠤ ᠶᠠᠭᠤ ᠬᠡᠷᠡᠭ ᠲᠡᠢ ᠪᠣᠢ? ᠭᠡᠵᠦ ᠸᠠᠩ ᠭᠸᠤᠷᠬᠢ ᠸᠠᠰᠸᠸᠤᠯᠤᠳᠤᠸᠢᠴ ᠠᠰᠠᠭᠤᠭᠰᠠᠨ ᠳ᠋ᠤ᠌᠂
— ᠪᠢ ᠪᠤᠷᠬᠠᠨ ᠤ᠋ ᠱᠠᠪᠢ ᠹᠸᠤᠹᠢᠯ ᠨᠸᠸᠷᠶᠥ᠋ᠢ ᠭᠡᠭᠴᠢ ᠪᠠᠢᠨ᠎ᠠ᠃ ᠤᠭ ᠭᠠᠷᠤᠯ ᠪᠣᠯ ᠨᠤᠸᠤᠭᠤᠷᠤᠳ᠋ ᠤ᠋ᠨ ᠬᠥᠮᠦᠨ᠃ ᠠᠮᠢᠳᠤᠷᠠᠯ ᠢ᠋ ᠬᠠᠢᠷᠠᠯᠠᠭᠴᠢ ᠡᠵᠡᠨ᠂ ᠵᠠᠭᠠᠯᠮᠠᠢ ᠶ᠋ᠢᠨ ᠱᠠᠷᠢᠯ ᠢ᠋ ᠣᠷᠣᠰᠢᠭᠤᠯᠤᠭᠰᠠᠨ ᠠᠷᠢᠯᠤᠭᠰᠠᠨ ᠣᠷᠣᠨ ᠤ᠋ ᠶᠸᠷᠥ᠋ᠰᠡᠯᠢᠮ ᠬᠣᠲᠠ ᠠ᠋ᠴᠠ ᠶᠠᠪᠤᠵᠤ ᠪᠠᠢᠨ᠎ᠠ᠃ ᠬᠡᠭᠡᠷ᠎ᠡ ᠲᠠᠯ᠎ᠠ ᠳ᠋ᠤ᠌ ᠬᠡᠷᠴᠡᠭᠡᠢ ᠮᠠᠭᠤᠬᠠᠢ ᠲᠠᠲ᠋ᠠᠷ ᠤ᠋ᠳ ᠲᠤ᠌ ᠪᠠᠷᠢᠭᠳᠠᠭᠰᠠᠨ ᠪᠣᠯᠪᠠᠴᠤ ᠲᠡᠭᠷᠢ ᠶ᠋ᠢᠨ ᠥᠷᠥᠰᠢᠶᠡᠯ ᠢ᠋ᠶ᠋ᠡᠷ ᠲᠡᠳᠡᠨ ᠦ᠌ ᠭᠠᠷ ᠠ᠋ᠴᠠ ᠮᠡᠨᠳᠦ ᠮᠤᠯᠲᠤᠷᠠᠵᠤ ᠡᠨᠡ ᠭᠠᠢᠬᠠᠮᠰᠢᠭᠲᠤ ᠸᠯᠠᠳᠢᠮᠢᠷ ᠭᠡᠳᠡᠭ ᠬᠣᠲᠠ ᠳ᠋ᠤ᠌ ᠬᠦᠷᠦᠯᠴᠡᠨ ᠢᠷᠡᠪᠡ᠃ ᠡᠷᠲᠡᠬᠡᠨ ᠬᠢᠯᠢᠨᠴᠡ ᠪᠡᠨ ᠨᠠᠮᠠᠨᠴᠢᠯᠠᠪᠠᠯ ᠳᠡᠭᠡᠷ᠎ᠡ ᠭᠡᠵᠦ ᠲᠠᠨᠠᠷ ᠲᠤ᠌ ᠬᠡᠯᠡᠬᠦ ᠪᠡᠷ ᠢᠷᠡᠪᠡ᠃ ᠮᠣᠩᠭᠣᠯᠴᠤᠳ ᠦᠢ ᠣᠯᠠᠨ ᠪᠦᠯᠦᠭᠯᠡᠨ ᠲᠡᠷᠭᠡ᠂ ᠴᠢᠷᠭ᠎ᠠ  ᠪᠠᠷ ᠶᠠᠪᠤᠵᠠᠭᠠᠵᠤ ᠪᠠᠢᠨ᠎ᠠ᠃ ᠲᠡᠳᠡᠨ ᠦ᠌ ᠡᠪᠳᠡᠵᠦ ᠪᠤᠰᠠᠨᠢᠭᠤᠯᠤᠭ᠎ᠠ ᠦᠭᠡᠢ ᠬᠡᠷᠡᠮ ᠪᠠᠢᠬᠤ ᠦᠭᠡᠢ᠂ ᠡᠵᠡᠯᠡᠨ ᠠᠪᠴᠤ ᠭᠠᠯᠳᠠᠨ ᠰᠢᠲᠠᠭᠠᠭ᠎ᠠ ᠦᠭᠡᠢ ᠬᠣᠲᠠ ᠶᠡᠷᠦ ᠪᠠᠢᠬᠤ ᠦᠭᠡᠢ ᠪᠣᠯᠵᠠᠢ᠃ ᠮᠣᠩᠭᠣᠯᠴᠤᠳ ᠴᠠᠷᠴᠠᠬᠠᠢ ᠰᠢᠭ᠋ ᠲᠣᠭ᠎ᠠ ᠲᠣᠮᠰᠢ ᠦᠭᠡᠢ ᠣᠯᠠᠨ᠂ ᠲᠡᠭᠷᠢ ᠡᠴᠡ ᠡᠷᠲᠡᠨ ᠦ᠌ ᠨᠢᠭᠦᠯ ᠬᠢᠯᠢᠨᠴᠡ ᠶ᠋ᠢ ᠦᠢᠯᠡᠳᠦᠭᠰᠡᠨ ᠦ᠌ ᠬᠠᠷᠢᠭᠤ ᠳ᠋ᠤ᠌ ᠴᠡᠪᠡᠷᠯᠡᠭᠦᠯᠦᠨ (ᠴᠡᠭᠡᠷᠯᠡᠭᠦᠯᠦᠨ)ᠰᠢᠢᠳᠬᠡᠬᠦ ᠪᠡᠷ ᠢᠯᠡᠭᠡᠵᠡᠢ᠃ ᠪᠢᠳᠡᠨᠡᠷ ᠴᠥᠮ ᠣᠪᠷᠢ ᠨᠤᠭᠤᠳ ᠰᠢᠭ᠋ ᠳᠠᠷᠤᠢ ᠤᠳᠠᠬᠤ ᠦᠭᠡᠢ ᠰᠥᠨᠥᠵᠦ ᠠᠯᠢ ᠡᠷᠲᠡ ᠴᠠᠭ ᠤ᠋ᠨ ᠠᠷᠢᠭᠤᠨ ᠣᠷᠣᠰ ᠭᠡᠳᠡᠭ ᠨᠡᠷ᠎ᠡ ᠴᠤᠤᠷᠢᠶ᠎ᠠ ᠴᠤ᠌ ᠬᠥᠮᠦᠨ ᠦ᠌ ᠰᠠᠨᠠᠭᠠᠨ ᠳ᠋ᠤ᠌ ᠮᠠᠷᠲᠠᠭᠳᠠᠬᠤ ᠪᠣᠯᠤᠨ᠎ᠠ ᠪᠢᠵᠡ? ᠭᠡᠵᠦ ᠬᠡᠯᠡᠭᠰᠡᠨ ᠳ᠋ᠦ᠍᠂
— ᠬᠠᠴᠢᠨ ᠵᠢᠭᠲᠡᠢᠬᠡᠨ ᠶᠠᠭᠤᠮ᠎ᠠ ᠶᠠᠷᠢᠬᠤ ᠪᠠᠨ ᠵᠣᠭᠰᠣᠭᠲᠤᠨ ᠭᠡᠵᠦ ᠡᠪᠦᠭᠡᠨ ᠵᠠᠩᠵᠤᠨ ᠵᠢᠷᠤᠰᠯᠡᠸ ᠵᠠᠩᠳᠤᠷᠪᠠ᠃
— ᠮᠠᠨ ᠤ᠋ ᠲᠠᠷᠢᠶᠠᠯᠠᠩ ᠤ᠋ᠨ ᠭᠠᠵᠠᠷ ᠯᠣᠣᠯᠠᠢ ᠰᠢᠷᠠᠯᠵᠢ ᠤᠷᠭᠤᠨ᠎ᠠ᠃ ᠪᠦᠬᠦ ᠬᠣᠷᠸ᠎ᠠ ᠶᠢᠷᠲᠢᠨᠴᠦ ᠳ᠋ᠦ᠍ ᠭᠤᠷᠪᠠᠨ ᠰᠠᠷ᠎ᠠ ᠭᠤᠷᠪᠠᠨ ᠬᠣᠨᠣᠭ ᠤ᠋ᠨ ᠬᠤᠭᠤᠴᠠᠭ᠎ᠠ ᠦᠯᠡᠳᠡᠵᠡᠢ᠃ ᠬᠠᠷᠢᠨ ᠪᠢᠳᠡᠨ ᠢ᠋ ᠦᠬᠦᠵᠦ ᠬᠡᠪᠲᠡᠬᠦ ᠦᠶ᠎ᠡ ᠳ᠋ᠦ᠍ ᠠᠷᠬᠠᠩᠭ᠌ᠸᠯ ᠪᠤᠷᠬᠠᠨ ᠤ᠋ ᠪᠦᠷᠢᠶ᠎ᠡ ᠳᠤᠤᠭᠠᠷᠴᠤ ᠠᠶᠤᠩᠭ᠎ᠠ ᠴᠠᠬᠢᠯᠭᠠᠨ ᠢ᠋ᠶ᠋ᠠᠷ ᠲᠠᠲ᠋ᠠᠷ ᠨᠠᠷ ᠢ᠋ ᠰᠦᠢᠳᠬᠡᠭᠡᠳ ᠦᠬᠦᠭᠴᠢᠳ ᠢ᠋ ᠳᠠᠬᠢᠨ ᠠᠮᠢᠳᠤᠷᠠᠭᠤᠯᠵᠤ ᠡᠴᠦᠰ ᠦ᠋ᠨ ᠶᠡᠬᠡ ᠰᠢᠭᠦᠯᠲᠡ ᠶ᠋ᠢ ᠬᠦᠯᠢᠶᠡᠯᠭᠡᠬᠦ ᠪᠣᠯᠤᠨ᠎ᠠ᠃ ᠬᠢᠯᠢᠨᠴᠡ ᠪᠡᠨ ᠨᠠᠮᠠᠨᠴᠢᠯᠠᠭᠲᠤᠨ ᠭᠡᠳ ᠭᠡᠯᠦᠩ ᠭᠤᠷᠪᠠᠨᠲᠠ ᠭᠡᠷᠢᠶᠡᠰᠦᠯᠡᠨ ᠮᠥᠷᠭᠥᠭᠡᠳ ᠵᠡᠰ ᠵᠠᠭᠠᠯᠮᠠᠢ ᠪᠠᠨ ᠨᠢᠭᠡᠨᠲᠡ ᠦᠨᠦᠰᠴᠦ᠂
— ᠮᠢᠨᠦ ᠬᠡᠯᠡᠭᠰᠡᠨ ᠴᠢᠩ ᠦᠨᠡᠨ ᠪᠣᠯᠬᠤ ᠶ᠋ᠢ ᠡᠨᠡᠬᠦ ᠠᠮᠢᠳᠤᠷᠠᠯ ᠢ᠋ ᠲᠡᠳᠬᠦᠭᠴᠢ ᠵᠠᠭᠠᠯᠮᠠᠢ ᠳ᠋ᠠᠭᠠᠨ ᠲᠠᠩᠭᠠᠷᠢᠭᠯᠠᠶ᠎ᠠ᠂ ᠡᠨᠡ ᠨᠢᠭᠤᠴᠠ ᠶ᠋ᠢ ᠠᠹᠤᠨ ᠠᠭᠤᠯᠠᠨ ᠳ᠋ᠤ᠌ ᠣᠷᠣᠰᠢᠭᠴᠢ ᠨᠢᠭᠡ ᠳᠢᠶᠠᠨᠴᠢ ᠡᠪᠦᠭᠡᠨ ᠨᠠᠳᠠᠳᠤ ᠬᠡᠯᠡᠵᠦ ᠦᠭᠭᠦᠭᠰᠡᠨ ᠶᠤᠮ ᠭᠡᠪᠡ᠃

ᠸᠠᠩ ᠭᠸᠤᠷᠬᠢ ᠸᠰᠸᠸᠤᠯᠤᠳᠤᠸᠢᠴ ᠭᠡᠷᠢᠶᠡᠰᠦᠯᠡᠨ ᠮᠥᠷᠭᠥᠵᠦ ᠵᠠᠭᠠᠯᠮᠠᠢ ᠶ᠋ᠢᠨ ᠵᠦᠭ ᠣᠢᠷᠠᠲᠤᠭᠠᠳ ᠭᠡᠯᠦᠩ ᠳ᠋ᠦ᠍᠂
— ᠹᠸᠤᠹᠢᠯ ᠯᠠᠮᠠ ᠠ᠋! ᠪᠢᠳᠡ ᠲᠤᠰ ᠨᠤᠲᠤᠭ ᠤ᠋ᠨ ᠬᠡᠷᠡᠭ ᠦ᠋ᠨ ᠲᠤᠬᠠᠢ ᠶᠠᠷᠢᠵᠤ ᠪᠠᠢᠨ᠎ᠠ᠃ ᠣᠳᠣ ᠴᠢᠮ᠎ᠠ ᠲᠠᠢ ᠶᠠᠷᠢᠯᠴᠠᠬᠤ ᠵᠠᠪ ᠠᠯᠠᠭ᠎ᠠ᠃ ᠴᠠᠭ ᠨᠢᠭᠡᠨᠲᠡ ᠣᠷᠣᠢ ᠪᠣᠯᠵᠠᠢ᠃ ᠴᠢ ᠶᠠᠭᠤᠨ ᠳ᠋ᠤ᠌ ᠬᠠᠷᠠᠩᠭᠤᠢ ᠰᠥᠨᠢ ᠲᠡᠨᠦᠭᠦᠴᠢᠯᠡᠵᠦ ᠶᠠᠪᠤᠭ᠎ᠠ ᠶᠤᠮ ᠪᠣᠢ? ᠴᠢᠮᠠᠶ᠋ᠢ ᠬᠡᠨ ᠨᠡᠰᠢ ᠣᠷᠣᠭᠤᠯᠤᠭᠰᠠᠨ ᠶᠤᠮ ᠪᠣᠢ? ᠡᠭᠦᠳᠡᠨ ᠦ᠌ ᠲᠠᠰᠤᠯᠭᠠᠨ ᠳ᠋ᠤ᠌ ᠣᠷᠣᠭᠲᠤᠨ᠂ ᠲᠡᠨᠳᠡ ᠮᠢᠨᠦ ᠴᠡᠷᠢᠭ ᠦ᠋ᠳ ᠴᠢᠮᠠᠶ᠋ᠢ ᠳᠤᠯᠠᠭᠠᠨ ᠪᠠᠢᠷᠢᠨ ᠳ᠋ᠤ᠌ ᠣᠷᠣᠭᠤᠯᠤᠨ᠎ᠠ᠃ ᠬᠠᠷᠢᠨ ᠮᠠᠷᠭᠠᠰᠢ ᠪᠢ ᠴᠢᠮ᠎ᠠ ᠳ᠋ᠤ᠌ ᠬᠥᠮᠦᠨ ᠶᠠᠪᠤᠭᠤᠯᠤᠶ᠎ᠠ᠃
— ᠲᠠᠨ ᠤ᠋ ᠭᠡᠷ ᠣᠷᠣᠨ ᠰᠠᠢᠨ ᠰᠠᠢᠬᠠᠨ ᠪᠣᠯᠲᠤᠭᠠᠢ ᠭᠡᠳ ᠭᠡᠯᠦᠩ ᠶᠠᠭᠠᠷᠠᠯ ᠦᠭᠡᠢ ᠭᠠᠷᠴᠤ ᠣᠳᠪᠠ᠃

ᠸᠠᠩ ᠭᠸᠤᠷᠬᠢ ᠸᠰᠸᠸᠤᠯᠤᠳᠤᠸᠢᠴ (ᠤ᠋ᠨ)ᠠᠭᠤᠷ ᠬᠢᠯᠢᠩ ᠲᠠᠢᠪᠤᠰᠢᠷᠠᠵᠤ ᠥᠪᠡᠷ ᠦ᠋ᠨ ᠶᠡᠷᠦᠳᠡ ᠶ᠋ᠢᠨ ᠨᠠᠮᠬᠠᠨ ᠬᠢᠴᠢᠶᠡᠩᠭᠦᠢ ᠳᠠᠭᠤ ᠪᠠᠷ ᠶᠠᠷᠢᠵᠤ ᠡᠬᠢᠯᠡᠭᠰᠡᠨ ᠨᠢ᠄
— ᠤᠬᠠᠭᠠᠨ ᠪᠣᠳᠣᠯᠭ᠎ᠠ ᠦᠭᠡᠢ ᠪᠡᠷ ᠶᠠᠷᠢᠵᠤ ᠠᠶᠠᠭᠦᠢ ᠦᠭᠡ ᠬᠡᠯᠡᠭᠰᠡᠨ ᠮᠢᠨᠢ ᠪᠤᠷᠤᠭᠤ ᠪᠣᠯᠵᠠᠢ᠃ ᠣᠷᠣᠰ ᠤ᠋ᠨ ᠠᠷᠢᠭᠤᠨ ᠭᠠᠵᠠᠷ ᠤ᠋ᠨ ᠲᠥᠯᠥᠭᠡᠨ᠎ᠡ ᠠᠮᠢ ᠨᠠᠰᠤ ᠪᠠᠨ ᠵᠣᠷᠢᠭᠤᠯᠤᠭᠴᠢᠳ ᠢ᠋ ᠡᠭᠦᠷᠢᠳᠡ ᠦᠯᠦ ᠮᠠᠷᠲᠠᠨ᠎ᠠ᠃ ᠠᠮᠢ ᠠᠯᠳᠠᠭᠴᠢᠳ  ᠤ᠋ᠨ ᠭᠠᠷ ᠠ᠋ᠴᠠ ᠤᠨᠠᠭᠰᠠᠨ ᠭᠡᠷᠡᠯᠲᠦ ᠰᠡᠯᠡᠮ᠎ᠡ ᠨᠤᠭᠦᠳ ᠢ᠋ ᠡᠷᠭᠦᠵᠦ ᠠᠪᠤᠭᠠᠳ ᠲᠡᠮᠡᠴᠡᠯ ᠢ᠋ᠶ᠋ᠡᠨ ᠦᠷᠭᠦᠯᠵᠢᠯᠡᠭᠦᠯᠦᠶ᠎ᠡ᠃ ᠲᠠᠲ᠋ᠠᠷ ᠤ᠋ᠳ ᠳᠡᠭᠡᠷᠡᠮᠴᠢᠨ ᠮᠠᠭᠤ ᠬᠤᠯᠠᠭᠠᠢᠴᠢ ᠨᠠᠷ ᠢ᠋ ᠮᠠᠨ ᠤ᠋ ᠸᠠᠩᠲᠤ ᠤᠯᠤᠰ ᠠ᠋ᠴᠠ ᠦᠯᠳᠡᠨ ᠬᠥᠭᠡᠭᠡᠵᠦ ᠲᠡᠳᠡᠨ ᠦ᠌ ᠣᠪᠣᠭ ᠦᠨᠳᠦᠰᠦ ᠶ᠋ᠢ ᠰᠥᠨᠥᠭᠡᠶ᠎ᠡ᠃ ᠪᠢ ᠥᠪᠡᠷ ᠦ᠋ᠨ ᠬᠣᠷᠢᠶ᠎ᠠ ᠴᠡᠷᠢᠭ ᠢ᠋ ᠠᠩᠭᠢ ᠬᠤᠪᠢᠶᠠᠵᠤ ᠶᠠᠪᠤᠭᠤᠯᠤᠶ᠎ᠠ᠃ ᠨᠢᠭᠡ ᠠᠩᠭᠢ ᠨᠢ ᠮᠢᠨᠦ ᠶᠡᠬᠡ ᠬᠦᠦ ᠸᠠᠩ ᠸᠰᠸᠸᠤᠯᠤᠳ᠋ ᠴᠢ ᠠᠪᠴᠤ ᠺᠣᠯᠤᠮᠤᠨ  ᠳ᠋ᠤ᠌ ᠣᠳᠬᠤ ᠪᠣᠯᠤᠨ᠎ᠠ᠃ ᠨᠥᠭᠦᠭᠡ ᠶ᠋ᠢ ᠮᠢᠨᠦ ᠪᠠᠭ᠎ᠠ ᠬᠦᠦ ᠸᠯᠠᠳᠢᠮᠢᠷ ᠠᠪᠴᠤ ᠮᠣᠰᠺᠸᠠ ᠳ᠋ᠤ᠌ ᠣᠴᠢᠬᠤ ᠪᠣᠯᠤᠨ᠎ᠠ᠃ ᠲᠡᠭᠦᠨ ᠦ᠌ ᠲᠤᠰᠠᠯᠠᠬᠤ ᠪᠠᠷ ᠵᠠᠩᠵᠤᠨ ᠹᠢᠯᠢᠫᠫᠡ ᠨᠢᠶᠠᠨᠺ ᠢ᠋ ᠭᠠᠷᠭᠠᠵᠤ ᠥᠭᠭᠦᠨ᠎ᠡ᠃ ᠲᠠᠲ᠋ᠠᠷ ᠤ᠋ᠳ ᠲᠠᠨᠠᠷ ᠠ᠋ᠴᠠ ᠤᠷᠢᠳᠴᠢᠯᠠᠨ ᠣᠷᠣᠵᠤ ᠪᠣᠯᠵᠣᠰᠢ ᠦᠭᠡᠢ ᠲᠤᠯᠠ ᠳᠣᠪᠲᠣᠯᠤᠨ ᠣᠷᠣᠭᠲᠤᠨ᠃ ᠡᠨᠳᠡ ᠸᠯᠠᠳᠢᠮᠢᠷ ᠬᠣᠢᠨ᠎ᠠ ᠪᠠᠨ ᠨᠠᠮᠠᠶ᠋ᠢ ᠡᠵᠡᠭᠦᠢ ᠳ᠋ᠦ᠍ ᠫᠧᠲ᠋ᠷ ᠣᠰᠯᠶᠠᠳ᠋ᠶᠦᠢ᠍ᠺᠤᠸᠢᠴ ᠵᠠᠩᠵᠤᠨ ᠢ᠋ ᠣᠷᠣᠯᠠᠨ ᠬᠣᠴᠣᠷᠬᠤ ᠪᠣᠯᠤᠨ᠎ᠠ᠁ ᠭᠡᠬᠦ ᠳ᠋ᠦ᠍ ᠲᠦᠭᠰᠢᠭᠦᠷᠢᠲᠡᠢ ᠴᠠᠭ ᠲᠤ᠌ ᠸᠯᠠᠳᠢᠮᠢᠷ ᠬᠣᠲᠠ ᠠ᠋ᠴᠠ ᠭᠠᠷᠴᠤ ᠮᠣᠷᠳᠠᠬᠤ ᠶ᠋ᠢ ᠪᠣᠳᠣᠭᠰᠠᠨ ᠸᠠᠩ ᠤ᠋ᠨ ᠰᠠᠨᠠᠭ᠎ᠠ ᠶ᠋ᠢ ᠪᠦᠭᠦᠳᠡ ᠭᠠᠢᠬᠠᠵᠠᠭᠠᠨ ᠲᠣᠪ ᠳᠤᠭᠤᠢ ᠪᠠᠢᠪᠠ᠃
— ᠠᠪᠤ ᠮᠢᠨᠢ᠂ ᠪᠢᠳᠡ ᠲᠠᠨ ᠤ᠋ ᠰᠠᠨᠠᠭ᠎ᠠ ᠶ᠋ᠢ ᠭᠦᠢᠴᠡᠳᠬᠡᠨ᠎ᠡ᠃ ᠪᠢᠳᠡ ᠲᠥᠷᠥᠯᠬᠢ ᠨᠤᠲᠤᠭ ᠢ᠋ᠶ᠋ᠠᠨ ᠳᠠᠢᠰᠤᠨ ᠳ᠋ᠤ᠌ ᠥᠭᠬᠦ ᠦᠭᠡᠢ᠁ ᠪᠢᠳᠡ ᠬᠦᠴᠦ ᠬᠦᠷᠦᠯᠴᠡᠵᠦ ᠪᠠᠢᠭᠰᠠᠨ ᠴᠠᠭ ᠲᠸ᠋ ᠲᠡᠮᠡᠴᠡᠯᠳᠦᠨ᠎ᠡ ᠭᠡᠵᠦ ᠬᠥᠪᠡᠭᠦᠨ ᠸᠰᠧᠸᠦᠯᠦᠳ᠋ ᠬᠡᠯᠡᠪᠡ᠃ ᠸᠠᠩ ᠭᠧᠦᠷᠬᠢ ᠸᠰᠸᠸᠯᠤᠳ᠋ᠤᠸᠢᠴ ᠰᠠᠭᠤᠳᠠᠯ ᠠ᠋ᠴᠠ ᠪᠠᠨ ᠪᠣᠰᠴᠤ ᠪᠤᠷᠬᠠᠨ ᠤ᠋ ᠬᠥᠷᠥᠭ ᠦ᠋ᠨ ᠵᠦᠭ ᠬᠠᠨᠳᠤᠨ ᠪᠠᠶᠠᠰᠬᠤᠯᠠᠩᠲᠠᠢ ᠪᠠᠷ ᠬᠡᠯᠡᠷᠦᠨ᠄
— ᠦᠯᠡᠮᠵᠢ ᠬᠦᠴᠦᠨ ᠲᠡᠭᠦᠯᠳᠡᠷ ᠲᠩᠷᠢ ᠮᠢᠨᠢ ᠠ᠋! ᠣᠷᠣᠰ ᠤ᠋ᠨ ᠶᠡᠬᠡ ᠴᠡᠷᠢᠭ ᠢ᠋ ᠬᠤᠷᠠᠯᠳᠤᠭᠤᠯᠤᠨ ᠣᠷᠣᠰ ᠬᠥᠮᠦᠰ ᠦ᠋ᠨ ᠵᠣᠷᠢᠭ ᠴᠢᠳᠠᠯ ᠢ᠋ ᠭᠠᠷᠭᠠᠬᠤ ᠳ᠋ᠤ᠌ ᠨᠠᠳᠠᠳᠤ ᠲᠤᠰᠠᠯᠠᠭᠠᠴᠢ᠃ ᠨᠢᠭᠡᠳᠦᠭᠰᠡᠨ ᠶᠡᠬᠡ ᠬᠦᠴᠦ ᠶ᠋ᠢ( ᠪᠡᠷ) ᠪᠤᠵᠠᠷ ᠮᠠᠭᠤᠬᠠᠢ ᠲᠠᠲ᠋ᠠᠷ ᠤ᠋ᠳ ᠢ᠋ ᠡᠰᠡᠷᠭᠦᠴᠡᠬᠦ ᠳ᠋ᠦ᠍ ᠲᠤᠰᠠᠯᠠᠭᠠᠴᠢ᠂ ᠮᠠᠭᠤ ᠤᠯᠤᠰ ᠢ᠋ ᠵᠡᠷᠯᠢᠭ ᠲᠠᠯ᠎ᠠ ᠳ᠋ᠤᠨᠢ ᠪᠤᠴᠠᠭᠠᠨ ᠦᠯᠳᠡᠬᠦ ᠳ᠋ᠦ᠍ ᠲᠤᠰᠠᠯᠠᠭᠠᠴᠢ ᠭᠡᠵᠦ ᠮᠥᠷᠭᠥᠪᠡ᠃

ᠸᠠᠩ ᠥᠪᠡᠷ ᠦ᠋ᠨ ᠬᠥᠪᠡᠭᠦᠳ ᠦ᠋ᠨ ᠵᠦᠭ ᠡᠷᠭᠢᠵᠦ ᠲᠡᠳᠡᠨ ᠢ᠋ ᠲᠡᠪᠡᠷᠢᠵᠦ ᠰᠠᠢᠨ ᠢᠷᠦᠭᠡᠯ ᠦ᠋ᠨ ᠦᠭᠡ ᠶ᠋ᠢ ᠬᠡᠯᠡᠭᠡᠳ ᠳᠠᠷᠠᠭ᠎ᠠ ᠨᠢ ᠵᠠᠩᠵᠤᠨ ᠨᠠᠷ ᠲᠠᠭᠠᠨ ᠣᠢᠷᠠᠲᠤᠨ ᠢᠷᠡᠬᠦ ᠳᠣᠬᠢᠶ᠎ᠠ ᠥᠭᠪᠡ᠃

ᠸᠠᠩ ᠵᠡᠷᠭᠡᠯᠡᠳᠡᠭᠡ ᠪᠠᠢᠰᠢᠩ ᠳ᠋ᠤ᠌ ᠪᠠᠢᠭ᠎ᠠ ᠪᠦᠰᠡᠭᠦᠢᠴᠦᠳ ᠲᠦ᠍ ᠰᠣᠨᠣᠰᠳᠠᠭᠤᠯᠬᠤ ᠦᠭᠡᠢ ᠶ᠋ᠢᠨ ᠲᠤᠯᠠᠳᠠ ᠠᠶᠠᠷᠬᠠᠨ ᠬᠡᠯᠡᠭᠰᠡᠨ ᠨᠢ᠂
— ᠪᠢ ᠲᠥᠷᠥᠯ ᠰᠠᠳᠤᠨ ᠤ᠋ ᠬᠠᠮᠲᠤᠪᠠᠷ ᠢᠵᠢᠯ ᠮᠥᠷᠡᠨ᠂ ᠶᠠᠷᠠᠰᠯᠠᠸᠯᠢ— ᠺᠣᠰᠲ᠋ᠷᠥ᠋ᠮ᠂ ᠥᠭᠯᠢᠴᠢ ᠳ᠋ᠦ᠍ ᠣᠳᠴᠤ ᠲᠡᠨᠳᠡᠬᠢ ᠶ᠋ᠢᠨ ᠥᠳᠬᠡᠨ ᠣᠢ ᠳᠣᠲᠣᠷ᠎ᠠ ᠪᠠᠢᠯᠳᠤᠭᠠᠨ ᠤ᠋ ᠪᠠᠢᠷᠢ ᠶ᠋ᠢ ᠪᠠᠢᠭᠤᠯᠬᠤ ᠵᠣᠬᠢᠰᠲᠠᠢ ᠭᠠᠵᠠᠷ ᠢ᠋ ᠣᠯᠤᠨ᠎ᠠ᠃ ᠲᠡᠨᠳᠡ ᠢᠯᠠᠭᠳᠠᠰᠢ ᠦᠭᠡᠢ ᠬᠦᠴᠦᠷᠬᠡᠭ ᠴᠡᠷᠢᠭ ᠢ᠋ ᠡᠯᠰᠡᠭᠦᠯᠦᠨ ᠬᠤᠷᠠᠯᠳᠤᠭᠤᠯᠤᠨ᠎ᠠ᠃ ᠴᠠᠭᠠᠨ ᠨᠠᠭᠤᠷ ᠪᠠ ᠫᠧᠰᠺᠦᠸᠢᠴ᠂ ᠰᠮᠤᠯᠧᠠᠼ᠂ ᠨᠣᠸᠣᠭᠣᠷᠣᠳ᠋ ᠵᠡᠷᠭᠡᠮᠵᠢ ᠶ᠋ᠢᠨ ᠭᠠᠵᠠᠷ ᠠ᠋ᠴᠠ ᠣᠷᠣᠰᠢᠬᠤ ᠮᠠᠨ ᠤ᠋ ᠣᠢᠷ᠎ᠠ ᠬᠠᠪᠢ ᠶ᠋ᠢᠨ ᠸᠠᠩ ᠤ᠋ᠳ ᠴᠥᠮ ᠥᠪᠡᠷᠰᠡᠳ ᠦ᠋ᠨ ᠬᠠᠷᠢᠶᠠᠲᠤ ᠪᠠ ᠡᠩ ᠦ᠋ᠨ ᠴᠡᠷᠢᠭ ᠦ᠋ᠳ ᠢ᠋ ᠨᠠᠳᠠᠳᠤ ᠶᠠᠭᠠᠷᠠᠪᠴᠢᠯᠠᠨ ᠶᠠᠪᠤᠭᠤᠯᠬᠤ ᠪᠢᠵᠡ᠃ ᠲᠠᠲ᠋ᠠᠷ ᠤ᠋ᠳ ᠰᠦᠽᠳᠠᠯᠢ ᠬᠣᠲᠠ ᠶ᠋ᠢ ᠥᠪᠡᠷᠰᠡᠳ ᠦ᠋ᠨ ᠴᠡᠷᠢᠭ ᠢ᠋ ᠨᠡᠮᠡᠭᠳᠡᠭᠦᠯᠦᠨ ᠪᠠᠢᠬᠤ ᠵᠠᠭᠤᠷ᠎ᠠ ᠬᠦᠴᠦᠷᠬᠡᠭ ᠴᠡᠷᠢᠭ ᠢ᠋ ᠰᠢᠨ᠎ᠡ ᠪᠡᠷ ᠬᠤᠷᠠᠯᠳᠤᠭᠤᠯᠵᠤ ᠲᠡᠳᠡᠨ ᠢ᠋ ᠳᠠᠭᠠᠷᠢᠨ ᠣᠷᠣᠨ᠎ᠠ᠃ ᠲᠡᠳᠡᠨ ᠦ᠌ ᠬᠦᠴᠦᠨ ᠨᠢᠭᠡᠨᠲᠡ ᠬᠡᠰᠡᠭ ᠠᠩᠭᠢ ᠪᠣᠯᠤᠨ ᠪᠤᠲᠠᠷᠠᠵᠤ ᠮᠠᠨ ᠤ᠋ ᠨᠤᠲᠤᠭ ᠭᠠᠵᠠᠷ ᠢ᠋ᠶ᠋ᠠᠷ ᠰᠠᠷᠨᠢᠨ ᠲᠡᠨᠦᠭᠦᠴᠢᠯᠡᠵᠦ ᠶᠠᠪᠤᠨ᠎ᠠ᠃ ᠪᠢ ᠲᠡᠳᠡᠨ ᠢ᠋ ᠳᠠᠬᠢᠨ ᠨᠢᠭᠡᠨ ᠬᠦᠴᠦᠨ ᠪᠣᠯᠤᠨ ᠬᠤᠷᠠᠯᠳᠤᠬᠤ ᠶ᠋ᠢᠨ ᠬᠢᠨᠢ ᠡᠮᠦᠨ᠎ᠡ ᠳᠣᠪᠲᠣᠯᠤᠨ ᠳᠠᠭᠠᠷᠢᠵᠤ ᠬᠡᠰᠡᠭ ᠠᠩᠭᠢ ᠪᠠᠷ ᠪᠤᠲᠠᠷᠠᠲᠠᠯ᠎ᠠ ᠴᠣᠬᠢᠭᠠᠳ ᠲᠠᠲ᠋ᠠᠷ ᠤ᠋ᠨ ᠪᠠᠲᠤ ᠬᠠᠭᠠᠨ ᠢ᠋ ᠨᠢ ᠢᠯᠠᠵᠤ ᠥᠪᠡᠷᠰᠡᠳ ᠢ᠋ ᠳᠡᠮᠡᠢ ᠮᠠᠭᠲᠠᠵᠤ(ᠮᠠᠭᠲᠠᠳᠠᠭ) ᠷᠶᠡᠽᠡᠨ ᠦ᠌ ᠬᠢᠨ ᠦ᠌ ᠪᠦᠲᠦᠭᠡᠵᠦ ᠴᠢᠳᠠᠭ᠎ᠠ ᠦᠭᠡᠢ ᠬᠡᠷᠡᠭ ᠢ᠋ ᠪᠢ ᠭᠦᠢᠴᠡᠳᠬᠡᠨ᠎ᠡ ᠭᠡᠬᠦ ᠳ᠋ᠦ᠍᠂
— ᠲᠩᠷᠢ ᠮᠢᠨᠢ᠂ ᠴᠢᠮᠠᠲᠤ ᠮᠥᠷᠭᠥᠶ᠎ᠡ ᠭᠡᠵᠦ ᠪᠦᠭᠦᠳᠡᠭᠡᠷ ᠢ᠋ᠶ᠋ᠡᠨ ᠳᠤᠤᠭᠠᠷᠴᠠᠭᠠᠪᠠ᠃ ᠲᠤᠰ ᠸᠯᠠᠳᠢᠮᠢᠷ ᠬᠣᠲᠠ ᠳ᠋ᠠᠬᠢ ᠴᠡᠷᠢᠭ ᠦ᠋ᠨ ᠪᠡᠯᠡᠳᠬᠡᠯ ᠦ᠋ᠨ ᠲᠤᠬᠠᠢ ᠸᠠᠩ ᠠ᠋ᠴᠠ ᠯᠠᠪᠯᠠᠨ ᠠᠰᠠᠭᠤᠵᠤ ᠮᠡᠳᠡᠬᠦ ᠶ᠋ᠢ ᠴᠡᠷᠢᠭ ᠵᠠᠩᠵᠤᠨ ᠨᠤᠭᠤᠳ ᠬᠦᠰᠡᠭᠰᠡᠨ ᠪᠣᠯᠪᠠᠴᠤ ᠸᠠᠩ ᠬᠠᠷᠢᠭᠤ ᠥᠭᠬᠦ ᠶ᠋ᠢ ᠲᠠᠲᠠᠭᠠᠯᠵᠠᠪᠠ᠃

— ᠣᠳᠣ ᠲᠠᠨᠠᠷ ᠥᠪᠡᠷᠰᠡᠳ ᠢ᠋ᠶ᠋ᠡᠨ ᠮᠡᠳᠡᠵᠦ ᠵᠠᠬᠢᠷᠤᠭᠲᠤᠨ᠂ ᠣᠳᠣ ᠲᠠᠨᠠᠷ ᠲᠦᠷᠦᠭᠦᠯᠡᠬᠦ ᠳᠠᠷᠤᠭ᠎ᠠ ᠨᠠᠷ ᠰᠢᠦ᠃ ᠬᠠᠷᠢᠨ ᠥᠨᠥᠬᠢ ᠭᠡᠯᠦᠩ ᠢ᠋ ᠣᠳᠣ ᠨᠠᠳᠠ ᠳᠡᠭᠡᠷ᠎ᠡ ᠤᠷᠤᠭᠤᠯ᠂ ᠲᠡᠷᠡ ᠲᠠᠲ᠋ᠠᠷ ᠤ᠋ᠨ ᠴᠣᠬᠣᠮ ᠶᠠᠭᠤ ᠦᠵᠡᠭᠰᠡᠨ ᠢ᠋ ᠨᠢ ᠪᠢ ᠲᠡᠭᠦᠨ ᠡᠴᠡ ᠠᠰᠠᠭᠤᠵᠤ ᠮᠡᠳᠡᠶ᠎ᠡ ᠭᠡᠪᠡ᠃ ᠸᠠᠩ ᠤ᠋ᠨ ᠪᠠᠭ᠎ᠠ ᠬᠦᠦ ᠰᠠᠬᠠᠯ ᠦᠭᠡᠢ ᠪᠥᠭᠡᠳ ᠪᠦᠰᠡᠭᠦᠢ ᠰᠢᠭ᠌ ᠶᠠᠭᠠᠨ ᠬᠠᠴᠠᠷᠲᠤ ᠸᠯᠠᠳᠢᠮᠢᠷ ᠨᠥᠭᠦᠭᠡ ᠭᠡᠯᠦᠩ ᠢ᠋ ᠣᠯᠵᠤ ᠠᠪᠴᠢᠷᠠᠬᠤ ᠪᠠᠷ ᠭᠦᠶᠦᠨ ᠭᠠᠷᠤᠨ᠎ᠠ᠃ ᠢᠮᠠᠭᠲᠠ ᠲᠣᠪ ᠳᠤᠭᠤᠢ ᠪᠠᠢᠭᠰᠠᠨ ᠷᠣᠮᠠᠨ ᠢᠩᠸᠠᠷᠸᠸᠢᠴ ᠷᠶᠠᠼᠠᠨᠰᠺ᠂
— ᠡᠨᠡ ᠬᠠᠷ᠎ᠠ ᠭᠡᠯᠦᠩ ᠢ᠋ ᠴᠢᠨᠢ ᠪᠢ ᠢᠲᠡᠭᠡᠬᠦ ᠦᠭᠡᠢ ᠪᠠᠢᠨ᠎ᠠ᠃ ᠨᠠᠳᠠᠳᠤ ᠲᠡᠭᠦᠨ ᠦ᠌ ᠴᠢᠷᠠᠢ ᠴᠢᠳᠬᠥᠷ ᠦ᠋ᠨ ᠴᠢᠷᠠᠢ ᠰᠢᠭ᠋ ᠦᠵᠡᠭᠳᠡᠪᠡ᠃ ᠬᠠᠮᠢᠭ᠎ᠠ ᠠ᠋ᠴᠠ ᠢᠷᠡᠭᠰᠡᠨ ᠶᠤᠮ ᠪᠣᠯ? ᠶᠠᠮᠠᠷ ᠵᠠᠮ ᠢ᠋ᠶ᠋ᠠᠷ ᠨᠠᠰᠢ ᠨᠡᠪᠲᠡᠷᠡᠵᠦ ᠢᠷᠡᠪᠡ? ᠭᠡᠪᠡ᠃ ᠸᠯᠠᠳᠢᠮᠢᠷ ᠨᠢᠭᠡ ᠵᠠᠷᠤᠴᠠ ᠶ᠋ᠢ ᠳᠠᠭᠠᠭᠤᠯᠤᠨ ᠪᠤᠴᠠᠵᠤ ᠢᠷᠡᠭᠰᠡᠨ ᠳ᠋ᠦ᠍ ᠲᠡᠷᠡ ᠵᠠᠷᠤᠴᠠ ᠶᠡᠬᠡ ᠸᠠᠩ ᠤ᠋ᠨ ᠡᠮᠦᠨ᠎ᠡ ᠰᠥᠭᠥᠳᠴᠦ᠂
— ᠸᠠᠩ ᠬ᠌ᠸᠤᠷᠬᠢ ᠸᠰᠸᠸᠤᠯᠤᠳᠤᠸᠢᠴ ᠠ᠋! ᠲᠠ ᠪᠢᠳᠡᠨ ᠢ᠋ ᠠᠭᠤᠴᠢᠯᠠᠨ᠎ᠠ ᠤᠤ? ᠡᠨᠡ ᠡᠪᠦᠭᠡᠨ ᠭᠡᠯᠦᠩ ᠴᠣᠬᠣᠮ ᠶᠠᠮᠠᠷ ᠮᠡᠬᠡ ᠤᠪ ᠬᠡᠷᠡᠭᠯᠡᠵᠦ ᠲᠠᠨ ᠤ᠋ ᠣᠷᠳᠣᠨ᠎ᠠ ᠨᠡᠪᠲᠡᠷᠡᠨ ᠣᠷᠣᠭᠰᠠᠨ ᠶᠤᠮ ᠪᠣᠯ? ᠸᠠᠩ ᠷᠣᠮᠠᠨ ᠲᠠᠢ ᠬᠠᠮᠲᠤ ᠢᠷᠡᠭᠰᠡᠨ ᠭᠡᠵᠦ ᠲᠡᠷᠡ ᠬᠡᠯᠡᠬᠦ ᠶᠤᠮ᠃ ᠲᠡᠷᠡ ᠡᠭᠦᠳᠡᠨ ᠦ᠌ ᠥᠷᠥᠭᠡᠨ ᠳ᠋ᠦ᠍ ᠪᠠᠭ᠎ᠠ ᠬᠠᠭᠠᠯᠭ᠎ᠠ ᠪᠠᠷ ᠣᠷᠣᠬᠤ ᠳ᠋ᠠᠭᠠᠨ ᠲᠣᠯᠣᠭᠠᠢ ᠪᠠᠨ ᠴᠣᠬᠢᠭᠰᠠᠨ ᠠ᠋ᠴᠠ ᠣᠪᠣᠭᠠᠲᠠᠢ ᠨᠢ ᠤᠨᠠᠴᠢᠬᠠᠪᠠ᠃ᠲᠡᠭᠡᠬᠦ ᠳ᠋ᠦ᠍ᠨᠢ ᠦᠵᠡᠪᠡᠯ ᠲᠠᠭᠠᠷᠢᠮᠠᠯ ᠦᠰᠦᠲᠡᠢ ᠶᠤᠮ᠃ ᠬᠡᠵᠢᠶ᠎ᠡ ᠡᠪᠦᠭᠡᠨ ᠭᠡᠯᠦᠩ ᠦᠰᠦ ᠪᠡᠨ ᠳᠠᠭᠠᠷᠢᠵᠤ ᠪᠠᠢᠯ᠎ᠠ ᠳ᠋ᠠ᠃ ᠲᠡᠭᠡᠭᠡᠳ ᠲᠡᠷᠡ ᠬᠠᠷᠢᠶᠠᠯ ᠲᠠᠯᠪᠢᠵᠤ ᠡᠬᠢᠯᠡᠪᠡ᠃ ᠲᠡᠷᠡ ᠨᠡᠮᠡᠷᠢ ᠡᠷᠭᠢᠵᠦ ᠬᠠᠷᠠᠬᠤ ᠶ᠋ᠢᠨ ᠵᠠᠭᠤᠷ᠎ᠠ ᠠᠯᠠᠭ᠎ᠠ ᠪᠣᠯᠴᠢᠬᠠᠭᠰᠠᠨ ᠪᠠᠢᠯ᠎ᠠ᠃ ᠯᠠᠪ ᠬᠡᠷᠡᠮ ᠨᠡᠪᠲᠡᠯᠦᠨ ᠭᠠᠷᠤᠭᠰᠠᠨ ᠪᠠᠢᠬ᠎ᠠ᠃ ᠶᠡᠷᠦ ᠨᠢ ᠲᠡᠷᠡ ᠴᠢᠨᠣ᠎ᠠ ᠰᠢᠭ᠋ ᠠᠮᠢᠲᠠᠨ ᠪᠠᠢᠭᠰᠠᠨ ᠪᠠᠢᠬ᠎ᠠ᠃ ᠲᠡᠷᠡ ᠶᠠᠪᠤᠵᠤ ᠪᠠᠢᠬᠤ ᠳ᠋ᠠᠭᠠᠨ《ᠨᠢᠶᠡᠾ ᠨᠢᠾ ᠼᠡᠫᠡᠯᠡᠮ᠂ ᠪᠠᠳᠠ ᠺᠦᠮᠡᠷᠡ! 》ᠭᠡᠵᠦ ᠠᠮᠠᠨ ᠳᠣᠲᠣᠷ᠎ᠠ ᠪᠠᠨ ᠬᠠᠴᠢᠨ ᠶᠠᠭᠤᠮ᠎ᠠ ᠤᠩᠰᠢᠵᠤ ᠪᠠᠢᠬᠤ ᠶ᠋ᠢ ᠨᠢ ᠪᠢ ᠰᠣᠨᠣᠰᠤᠭᠰᠠᠨ᠃ ᠤᠷᠤᠭᠤ ᠴᠢᠷᠠᠢᠯᠠᠭᠠᠳ ᠪᠠᠢᠵᠤ ᠪᠠᠢᠭᠰᠠᠨ ᠢ᠋ᠶ᠋ᠠᠨ ᠨᠢᠭᠡ ᠬᠠᠷᠠᠬᠤ ᠳ᠋ᠤ᠌ ᠵᠡᠭᠡᠷᠳᠡ ᠬᠤᠯᠤᠭᠠᠨ᠎ᠠ ᠪᠣᠯᠤᠭᠠᠳ ᠠᠯᠠᠭ᠎ᠠ ᠪᠣᠯᠴᠢᠬᠠᠭᠰᠠᠨ ᠪᠠᠢᠨ᠎ᠠ ᠪᠢᠯᠡ᠃

  ᠦᠰᠦᠭ ᠠᠮᠢᠯᠠᠭᠤᠯᠤᠭᠴᠢ᠄ ᠠᠯᠲᠠᠨᠴᠢᠮᠡᠭ᠂ ᠵᠢᠩᠯᠢᠬᠤᠸᠠᠷ᠂ ᠪᠠᠶᠠᠨᠴᠡᠴᠡᠭ᠂ ᠮᠡᠷᠭᠡᠨᠭᠣᠣ᠎ᠠ᠂ ᠠᠷᠢᠭᠤᠨ
  ᠬᠢᠨᠠᠭᠴᠢ᠄ ᠠᠯᠲᠠᠨᠴᠢᠮᠡᠭ᠂ ᠠᠷᠢᠭᠤᠨ᠂ ᠪᠠᠯ