ᠪᠠᠲᠤ ᠬᠠᠭᠠᠨ 6-02 ᠸᠠᠩ ᠤ᠋ᠨ ᠭᠠᠷ ᠲᠠᠯᠪᠢᠭᠤ ᠪᠣᠯᠪᠠᠴᠤ ᠢᠪᠴᠤᠤ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ
ᠬᠣᠶᠠᠷ ᠂ ᠸᠠᠩ ᠤ᠋ᠨ ᠭᠠᠷ ᠲᠠᠯᠪᠢᠭᠤ ᠪᠣᠯᠪᠠᠴᠤ ᠢᠪᠴᠤᠤ
ᠰᠦᠽᠳᠡᠯᠢ ᠶ᠋ᠢᠨ ᠸᠠᠩ ᠭᠧᠦᠷᠬᠢ ᠸᠰᠸᠸᠤᠯᠤᠳᠤᠸᠢᠴ ᠥᠨᠳᠥᠷ ᠨᠢᠷᠤᠭᠤ ᠲᠠᠢ᠂ ᠥᠷᠭᠡᠨ ᠴᠡᠭᠡᠵᠢ ᠲᠡᠢ ᠮᠢᠬᠠᠯᠢᠭ ᠬᠥᠮᠦᠨ ᠪᠠᠢᠯ᠎ᠠ᠃ ᠪᠤᠭᠤᠷᠤᠯᠲᠤᠵᠤ ᠶᠠᠪᠤᠭ᠎ᠠ ᠬᠠᠷ᠎ᠠ ᠰᠠᠬᠠᠯ ᠨᠢ ᠥᠨᠳᠥᠷ ᠲᠣᠮᠣ ᠴᠡᠭᠡᠵᠢ ᠶ᠋ᠢ ᠴᠢᠮᠡᠭᠯᠡᠨ᠎ᠡ᠃ ᠬᠤᠷᠴᠠ ᠬᠠᠷ᠎ᠠ ᠨᠢᠳᠦᠨ ᠦ᠌ ᠬᠠᠷᠠᠴᠠ ᠨᠢ ᠬᠠᠷ᠎ᠠ ᠬᠥᠮᠥᠰᠬᠡ ᠶ᠋ᠢᠨ ᠳᠣᠣᠷ᠎ᠠ ᠠ᠋ᠴᠠ ᠬᠥᠮᠦᠨ ᠢ᠋ ᠨᠡᠪᠲᠡ ᠬᠠᠷᠠᠵᠤ ᠰᠦᠷᠳᠡᠭᠦᠯᠦᠨ᠎ᠡ᠃ ᠡᠨᠡ ᠸᠠᠩ᠂ ᠰᠦᠮ᠎ᠡ ᠶ᠋ᠢᠨ ᠳᠣᠲᠣᠷ᠎ᠠ ᠣᠷᠣᠭᠠᠳ ᠮᠥᠩᠭᠥᠨ ᠲᠠᠬ᠎ᠠ ᠲᠠᠢ ᠠᠯᠠᠭ ᠲᠣᠷᠭᠠᠨ ᠰᠠᠪᠢᠬᠢ ᠡᠮᠦᠰᠦᠭᠰᠡᠨ ᠬᠥᠯ ᠢ᠋ᠶ᠋ᠡᠨ ᠬᠠᠵᠠᠭᠤ ᠲᠡᠰᠢ ᠲᠠᠯᠪᠢᠵᠤ ᠱᠧᠮᠠᠬᠠᠰ ᠬᠣᠲᠠ ᠳ᠋ᠤ᠌ ᠨᠡᠬᠡᠭᠰᠡᠨ ᠨᠠᠷᠢᠬᠠᠨ ᠬᠡᠪᠢᠰ ᠳᠡᠭᠡᠷ᠎ᠡ ᠵᠣᠭᠰᠣᠵᠤ ᠵᠡᠭᠦᠨ ᠭᠠᠷ ᠢ᠋ᠶ᠋ᠠᠨ ᠠᠯᠲᠠᠨ ᠪᠥᠰᠡᠨ ᠳ᠋ᠡᠭᠡᠨ ᠬᠠᠪᠴᠢᠭᠤᠯᠤᠭᠠᠳ ᠪᠠᠷᠠᠭᠤᠨ ᠭᠠᠷ ᠤ᠋ᠨ ᠬᠤᠷᠤᠭᠤᠨ ᠤ᠋ ᠦᠵᠦᠭᠦᠷ ᠢ᠋ᠶ᠋ᠡᠷ ᠳᠡᠯᠭᠡᠬᠦ ᠶᠡᠬᠡ ᠴᠠᠭᠠᠨ ᠳᠤᠬᠤ ᠪᠠ ᠭᠡᠳᠡᠰᠦᠨ ᠳᠡᠭᠡᠷᠡᠬᠢ ᠠᠯᠲᠠᠨ ᠲᠣᠪᠴᠢ ᠥᠷᠭᠡᠨ ᠮᠥᠷᠦᠨ ᠳ᠋ᠡᠭᠡᠨ ᠬᠦᠷᠴᠦ ᠶᠣᠰᠣᠯᠠᠨ ᠮᠥᠷᠭᠥᠵᠦ ᠪᠠᠢᠬᠤ ᠳ᠋ᠤ᠌᠂ ᠮᠥᠷᠭᠥᠯ ᠬᠢᠵᠦ ᠪᠣᠢ ᠬᠥᠮᠦᠨ ᠪᠦᠬᠦᠨ ᠲᠡᠭᠦᠨ ᠦ᠌ ᠠᠭᠤᠤ ᠶᠡᠬᠡ ᠨᠠᠮᠪᠠᠲᠠᠢ ᠬᠥᠳᠡᠯᠭᠡᠭᠡᠨ ᠢ᠋ ᠭᠠᠢᠬᠠᠨ ᠪᠤᠶᠤ ᠪᠤᠭᠤᠷᠤᠯ ᠪᠣᠯᠵᠤ ᠶᠠᠪᠤᠭ᠎ᠠ ᠳᠣᠯᠭᠢᠶᠠᠯᠠᠭᠰᠠᠨ ᠬᠠᠷ᠎ᠠ ᠦᠰᠦ ᠪᠡᠨ ᠠᠯᠭᠤᠷ ᠲᠠᠢᠪᠤᠩ ᠢ᠋ᠶ᠋ᠠᠷ ᠵᠠᠰᠠᠵᠤ ᠭᠡᠳᠡᠷᠭᠦ ᠨᠢ ᠬᠠᠶᠠᠬᠤ ᠶ᠋ᠢ ᠪᠠᠬᠠᠷᠬᠠᠨ ᠬᠠᠷᠠᠵᠤ ᠰᠣᠨᠢᠷᠬᠠᠳᠠᠭ ᠠᠵᠢ᠃
《ᠸᠠᠩ ᠡᠵᠡᠨᠲᠡᠨ ᠢ᠋ ᠨᠠᠷᠢᠨ ᠴᠢᠩᠭ᠎ᠠ ᠪᠠ ᠬᠡᠨ ᠦ᠌ ᠴᠦ᠍ ᠲᠣᠯᠣᠭᠠᠢ ᠶ᠋ᠢ ᠢᠯᠢᠵᠦ ᠡᠷᠬᠡᠯᠡᠭᠦᠯᠳᠡᠭ ᠦᠭᠡᠢ 》ᠭᠡᠵᠦ ᠠᠷᠠᠳ ᠤ᠋ᠳ ᠶᠠᠷᠢᠯᠴᠠᠳᠠᠭ ᠪᠠᠢᠪᠠ᠃ ᠸᠠᠩ ᠬ᠌ᠸᠤᠷᠭᠢ ᠸᠰᠸᠸᠤᠯᠤᠳᠤᠸᠢᠴ ᠣᠷᠣᠨ ᠨᠤᠲᠤᠭ ᠢ᠋ᠶ᠋ᠠᠨ ᠡᠷᠭᠢᠵᠦ ᠲᠣᠭᠣᠷᠢᠵᠤ ᠶᠠᠪᠤᠬᠤ ᠳ᠋ᠤᠨᠢ ᠬᠡᠨ ᠴᠦ᠍ ᠭᠡᠰᠡᠨ ᠲᠠᠲᠠᠪᠤᠷᠢ ᠪᠠ ᠪᠡᠯᠡᠭ ᠢ᠋ᠶ᠋ᠡᠨ ᠪᠠᠷᠢᠵᠤ ᠥᠩᠭᠡᠷᠡᠭᠦᠯᠳᠡᠭ ᠪᠠᠢᠪᠠ᠃ ᠲᠡᠷᠡ ᠬᠡᠨ ᠡᠴᠡ ᠴᠦ᠍ ᠭᠡᠰᠡᠨ ᠶᠠᠳᠠᠬᠤ ᠳ᠋ᠠᠭᠠᠨ ᠠᠳᠬᠤ ᠨᠣᠣᠰᠣ ᠶ᠋ᠢ ᠴᠥ᠍ ᠠᠲᠤᠭᠠᠢ ᠭᠠᠷᠭᠠᠭᠤᠯᠤᠨ ᠠᠪᠴᠤ ᠴᠢᠳᠠᠳᠠᠭ ᠠᠵᠢ᠃ ᠲᠡᠷᠡ ᠥᠪᠡᠷ ᠢ᠋ ᠪᠡᠨ ᠬᠥᠮᠦᠨ ᠪᠦᠬᠦᠨ ᠡᠴᠡ ᠠᠭᠤᠵᠢᠮ ᠰᠡᠷᠭᠦᠯᠡᠩ ᠤᠬᠠᠭᠠᠨᠲᠠᠢ ᠭᠡᠵᠦ ᠰᠠᠨᠠᠳᠠᠭ ᠤᠴᠢᠷ ᠪᠤᠰᠤᠳ ᠢ᠋ ᠰᠤᠷᠭᠠᠮᠵᠢᠯᠠᠬᠤ ᠳᠤᠷᠠᠲᠠᠢ ᠪᠠ ᠥᠪᠡᠷ ᠲᠡᠢ ᠨᠢ ᠮᠠᠷᠭᠤᠪᠠᠯ ᠶᠡᠬᠡ ᠠᠭᠤᠷᠯᠠᠳᠠᠭ ᠪᠢᠯᠡ᠃
— ᠵᠠᠯᠠᠭᠤ ᠪᠠᠢᠨ᠎ᠠ᠃ ᠨᠠᠮᠠᠶ᠋ᠢ ᠰᠤᠷᠭᠠᠬᠤ ᠪᠣᠯᠤᠭ᠎ᠠ ᠦᠭᠡᠢ᠃ ᠬᠡᠷᠪᠡ ᠴᠢ ᠮᠢᠨᠦ ᠰᠢᠷᠡᠭᠡᠨ ᠳᠡᠭᠡᠷ᠎ᠡ ᠰᠠᠭᠤᠵᠤ ᠪᠠᠢᠭᠰᠠᠨ ᠪᠣᠯ ᠶᠡᠬᠡ ᠶᠠᠭᠤᠮ᠎ᠠ ᠴᠥ᠍ ᠰᠤᠷᠴᠤ ᠶᠡᠬᠡ ᠶᠠᠭᠤᠮ᠎ᠠ ᠴᠥ᠍ ᠮᠡᠳᠡᠵᠦ ᠠᠪᠬᠤ ᠪᠠᠢᠭᠰᠠᠨ ᠪᠢᠵᠡ᠃ ᠸᠠᠩ ᠰᠢᠷᠡᠭᠡᠨ ᠳ᠋ᠦ᠍ ᠰᠠᠭᠤᠵᠤ ᠬᠥᠮᠦᠰ ᠦ᠋ᠨ ᠬᠤᠪᠢ ᠵᠠᠶᠠᠭ᠎ᠠ ᠶ᠋ᠢ ᠰᠢᠢᠳᠪᠦᠷᠢᠯᠡᠬᠦ ᠶ᠋ᠢ ᠨᠠᠳᠠᠳᠤ ᠲᠩᠷᠢ ᠳᠠᠭᠠᠭᠠᠯᠭᠠᠭᠰᠠᠨ ᠶᠤᠮ᠃ ᠤᠷᠢᠳᠤ ᠡᠮᠦᠨ᠎ᠡ ᠳᠤᠭᠤᠯᠳᠠᠭ᠎ᠠ ᠦᠭᠡᠢ ᠲᠠᠲ᠋ᠠᠷ ᠮᠣᠩᠭᠣᠯ ᠦᠨᠳᠦᠰᠦᠲᠡᠨ ᠪᠣᠯᠭᠠᠷᠢ ᠶ᠋ᠢᠨ ᠬᠠᠭᠠᠨ ᠲᠥᠷᠥ ᠶ᠋ᠢ ᠳᠠᠭᠠᠷᠢᠨ ᠳᠣᠪᠲᠣᠯᠤᠭᠰᠠᠨ ᠲᠤᠬᠠᠢ ᠬᠠᠮᠤᠭ ᠤ᠋ᠨ ᠲᠦᠷᠦᠭᠦᠨ ᠦ᠌ ᠮᠡᠳᠡᠭᠡ ᠢᠷᠡᠭᠡᠳ ᠳᠠᠷᠠᠭ᠎ᠠ ᠨᠢ ᠡᠬᠡᠨᠡᠷ ᠬᠡᠦᠬᠡᠳ ᠢ᠋ᠶ᠋ᠡᠨ ᠳᠠᠭᠠᠭᠤᠯᠤᠭᠰᠠᠨ ᠺᠢᠫᠴᠠᠺ ᠦ᠋ᠳ ᠳᠦᠷᠪᠡᠵᠦ ᠪᠥᠭᠡᠮ ᠪᠥᠭᠡᠮ ᠢ᠋ᠶ᠋ᠡᠷ ᠰᠦᠽᠳᠡᠯᠢ ᠶ᠋ᠢᠨ ᠸᠠᠩ ᠳ᠋ᠤ᠌ ᠵᠢᠭᠤᠲᠠᠵᠤ ᠢᠷᠡᠬᠦ ᠳ᠋ᠦ᠍ᠨᠢ ᠸᠠᠩ ᠭᠧᠦᠷᠬᠢ ᠸᠰᠸᠧᠯᠤᠳᠤᠸᠢᠴ ᠲᠣᠭᠣᠮᠰᠠᠷ ᠦᠭᠡᠢ ᠢᠨᠢᠶᠡᠵᠦ ᠬᠡᠯᠡᠭᠰᠡᠨ ᠨᠢ᠄
— ᠵᠠ ᠶᠠᠭᠠᠬᠢᠬᠤᠪ ᠳ᠋ᠠ? ᠪᠣᠯᠭᠠᠷᠢ ᠨᠤᠭᠤᠳ ᠲᠸ᠋ ᠮᠠᠭᠤ ᠪᠣᠯᠵᠤ᠂ ᠬᠠᠷᠢᠨ ᠨᠠᠳᠠᠳᠤ ᠰᠠᠢᠨ ᠪᠣᠯᠵᠠᠢ᠃ ᠰᠠᠢᠨ ᠬᠥᠮᠦᠨ ᠰᠠᠨᠠᠭ᠎ᠠ ᠪᠠᠷ ᠭᠡᠭᠴᠢ ᠪᠡᠷ ᠮᠣᠷᠢᠯᠠᠨ ᠢᠷᠡᠭᠲᠦᠨ᠃ ᠦᠨᠡᠲᠦ ᠵᠣᠴᠢᠳ᠂ ᠠᠷᠠᠰᠤ ᠰᠢᠷᠢ ᠪᠠ ᠪᠣᠯᠭᠠᠷᠢ ᠰᠠᠪᠢᠬᠢᠨ ᠤ᠋ ᠤᠷᠠᠴᠤᠳ ᠴᠥᠮ ᠳ᠋ᠦ᠍ ᠴᠢᠨᠢ ᠪᠠᠢᠷᠢ ᠣᠯᠳᠠᠨ᠎ᠠ᠃ ᠨᠠᠳᠠᠳᠤ ᠡᠢᠮᠦ ᠤᠷᠠᠴᠤᠳ ᠬᠡᠷᠡᠭ ᠲᠡᠢ ᠪᠢᠯᠡ᠃ ᠪᠢ ᠲᠡᠳᠡᠨᠡᠷ ᠢ᠋ ᠣᠯᠠᠨ ᠬᠣᠲᠠ ᠳ᠋ᠤ᠌ ᠲᠠᠷᠬᠠᠭᠠᠨ ᠰᠠᠭᠤᠯᠭᠠᠨ᠎ᠠ᠃ ᠲᠡᠳᠡᠨᠡᠷ ᠠᠷᠠᠰᠤ ᠰᠢᠷᠢ ᠢᠳᠡᠭᠡᠯᠡᠬᠦ ᠭᠠᠩ ᠤ᠋ᠳ ᠢ᠋ ᠬᠢᠵᠦ ᠠᠷᠠᠰᠤ ᠰᠢᠷᠢ ᠶ᠋ᠢ ᠳᠡᠪᠲᠦᠭᠡᠵᠦ ᠡᠯᠳᠡᠭᠡᠳ ᠰᠠᠪᠢᠬᠢᠨ ᠭᠤᠲᠤᠯ ᠤ᠋ᠳ ᠢ᠋ ᠬᠢᠵᠦ ᠪᠠᠢᠭ᠃ ᠨᠢᠭᠡ ᠵᠢᠯ ᠦ᠋ᠨ ᠳᠠᠷᠠᠭ᠎ᠠ ᠪᠠᠷ ᠮᠢᠨᠦ ᠪᠦᠬᠦ ᠢᠵᠠᠭᠤᠷᠲᠠᠨ ᠨᠤᠭᠤᠳ ᠪᠠ ᠴᠡᠷᠢᠭ ᠦ᠋ᠳ ᠰᠦᠯᠵᠢᠮᠡᠯ ᠱᠠᠬᠠᠢ ᠪᠠᠨ ᠬᠠᠶᠠᠵᠤ ᠰᠠᠪᠢᠬᠢᠨ ᠭᠤᠲᠤᠯ ᠡᠮᠦᠰᠴᠦ ᠶᠠᠪᠤᠨ᠎ᠠ ᠭᠡᠵᠦ ᠬᠡᠯᠡᠵᠦ ᠪᠠᠢᠪᠠ᠃ ᠲᠡᠷᠡ ᠸᠠᠩ ᠪᠣᠯᠭᠠᠷᠢ ᠠ᠋ᠴᠠ ᠢᠷᠡᠭᠰᠡᠨ ᠠᠷᠠᠰᠤ ᠰᠢᠷᠢ ᠶ᠋ᠢᠨ ᠡᠯᠳᠡᠭᠦᠷᠴᠢᠳ ᠢ᠋ ᠺᠢᠨᠧᠱᠮᠧ ᠪᠠ ᠥᠪᠡᠷ ᠦ᠋ᠨ ᠪᠤᠰᠤᠳ ᠬᠣᠲᠠ ᠨᠤᠭᠤᠳ ᠲᠸ᠋ ᠲᠠᠷᠬᠠᠭᠠᠨ ᠰᠠᠭᠤᠯᠭᠠᠪᠠ᠂ ᠲᠡᠳᠡ ᠦᠬᠡᠷ ᠪᠠ ᠠᠳᠤᠭᠤ᠂ ᠪᠣᠳᠣᠩ ᠭᠠᠬᠠᠢ ᠶ᠋ᠢᠨ ᠰᠢᠷᠢ ᠶ᠋ᠢ ᠡᠯᠳᠡᠵᠦ ᠰᠠᠪᠢᠬᠢᠨ ᠭᠤᠲᠤᠯ᠂ ᠡᠮᠡᠭᠲᠡᠢ ᠬᠥᠮᠦᠨ ᠦ᠌ ᠭᠤᠲᠤᠯ ᠤ᠋ᠳ ᠣᠶᠣᠵᠤ ᠡᠬᠢᠯᠡᠪᠡ᠃ ᠷᠶᠡᠽᠡᠨ ᠦ᠌ ᠬᠢᠵᠠᠭᠠᠷ ᠤ᠋ᠨ ᠣᠢᠷᠠᠯᠴᠠᠭ᠎ᠠ《ᠵᠡᠷᠯᠢᠭ ᠲᠠᠯ᠎ᠠ》ᠳ᠋ᠤ᠌ ᠲᠠᠲ᠋ᠠᠷ ᠤ᠋ᠳ ᠣᠷᠣᠵᠤ ᠢᠷᠡᠪᠡ ᠭᠡᠬᠦ ᠮᠡᠳᠡᠭᠡ ᠶ᠋ᠢ ᠰᠣᠨᠣᠰᠤᠭᠠᠳ ᠸᠠᠩ ᠵᠢᠪᠡᠭᠦᠴᠡᠵᠦ ᠠᠭᠤᠷᠯᠠᠭᠰᠠᠨ ᠪᠣᠯᠪᠠᠴᠤ ᠣᠨᠴᠠ ᠰᠠᠨᠳᠤᠷᠴᠤ ᠲᠦᠭᠰᠢᠭᠦᠷᠢᠯᠡᠭᠰᠡᠨ ᠦᠭᠡᠢ᠃
— ᠷᠶᠡᠽᠡᠨ ᠦ᠌ ᠬᠢᠨ ᠢᠮᠠᠭᠲᠠ ᠳᠡᠭᠡᠭᠦᠷ ᠬᠠᠷᠠᠵᠤ ᠬᠠᠮᠠᠷ ᠢ᠋ᠶ᠋ᠠᠨ ᠰᠠᠷᠨᠢᠯᠭᠠᠵᠤ (ᠰᠠᠷᠲᠠᠶ᠋ᠢᠯᠭᠠᠵᠦ) ᠶᠡᠬᠡ ᠵᠠᠩ ᠭᠠᠷᠭᠠᠳᠠᠭ ᠪᠠ ᠥᠪᠡᠷ ᠦ᠋ᠨ ᠢ᠋ᠶ᠋ᠡᠨ ᠸᠠᠩ ᠢ᠋ ᠴᠥ᠍ ᠬᠠᠭᠠᠨ ᠭᠡᠵᠦ ᠨᠡᠷᠡᠢᠳᠳᠡᠭ ᠪᠣᠯᠤᠨ᠎ᠠ᠃ ᠪᠢᠳᠡ ᠰᠦᠽᠳᠡᠯᠢ ᠶ᠋ᠢᠨ ᠢ᠋ᠶ᠋ᠡᠨ ᠷᠶᠡᠽᠡᠨ ᠦ᠌ ᠬᠢᠨ ᠢ᠋ ᠢᠯᠠᠵᠤ ᠲᠡᠳᠡᠨ ᠦ᠌ ᠬᠣᠲᠠ ᠶ᠋ᠢ ᠰᠢᠲᠠᠭᠠᠭᠠᠳ ᠷᠶᠡᠽᠡᠨ ᠤ᠋ ᠸᠠᠩ ᠤ᠋ᠳ ᠪᠠ ᠵᠠᠩᠭᠢ ᠨᠠᠷ ᠢ᠋ ᠵᠣᠭᠣᠷᠢ ᠳ᠋ᠤ᠌ ᠬᠢᠵᠦ ᠷᠶᠡᠽᠡᠨ ᠦ᠌ ᠲᠠᠷᠢᠶᠠᠴᠢᠳ ᠢ᠋ ᠥᠪᠡᠷ ᠦ᠋ᠨ ᠢ᠋ᠶ᠋ᠡᠨ ᠨᠤᠲᠤᠭ ᠲᠸ᠋ ᠠᠯᠤᠰ ᠤ᠋ᠨ ᠲᠣᠰᠬᠣᠨ ᠨᠤᠭᠤᠳ ᠢ᠋ᠶ᠋ᠠᠷ ᠲᠠᠷᠬᠠᠭᠠᠨ ᠰᠠᠭᠤᠯᠭᠠᠵᠤ ᠪᠠᠢᠭᠰᠠᠨ ᠪᠢᠯᠡ᠃ ᠪᠣᠳᠣᠪᠠᠯ ᠷᠶᠡᠽᠡᠨ ᠬᠡᠵᠢᠶᠡᠳᠡ ᠴᠦ᠍ ᠳᠠᠬᠢᠨ ᠳᠡᠭᠡᠭᠰᠢᠯᠡᠬᠦ ᠦᠭᠡᠢ ᠪᠠᠢᠭᠰᠠᠨ ᠮᠡᠲᠦ ᠪᠣᠯᠪᠠ᠃ ᠭᠡᠪᠡᠴᠦ ᠣᠳᠣ ᠬᠠᠷᠠᠭᠲᠤᠨ! ᠷᠶᠡᠽᠡᠨ ᠳᠠᠬᠢᠨ ᠬᠥᠮᠦᠨ ᠠᠮᠢᠲᠠᠨ ᠢ᠋ᠶ᠋ᠠᠷ ᠳᠦᠭᠦᠷᠴᠦ ᠤᠷᠢᠳᠤ ᠶ᠋ᠢᠨ ᠬᠢ ᠡᠴᠡ ᠪᠡᠨ ᠢᠯᠡᠭᠦᠦ ᠪᠡᠷ ᠥᠰᠴᠦ ᠬᠥᠭᠵᠢᠵᠦ ᠪᠠᠢᠭ᠎ᠠ ᠨᠢ ᠲᠦᠢᠮᠡᠷ ᠰᠢᠲᠠᠭᠰᠠᠨ ᠭᠠᠵᠠᠷ ᠰᠢᠷᠠᠯᠵᠢ ᠡᠪᠡᠰᠦ ᠤᠷᠭᠤᠬᠤ ᠲᠠᠢ ᠠᠳᠠᠯᠢ ᠪᠠᠢᠨ᠎ᠠ᠃
ᠷᠶᠡᠽᠡᠨ ᠦ᠌ ᠬᠢᠨ ᠳ᠋ᠦ᠍ ᠢᠷᠡᠭᠰᠡᠨ ᠲᠠᠲ᠋ᠠᠷ ᠤ᠋ᠨ ᠡᠯᠴᠢᠨ ᠬᠣᠶᠠᠷ ᠬᠠᠢᠭᠤᠯᠴᠢ ᠪᠠ ᠶᠧᠯᠸᠢᠢᠴᠢ ᠶ᠋ᠢ ᠸᠯᠡᠳᠢᠮᠢᠷ ᠬᠣᠲᠠᠨ᠎ᠠ ᠶᠠᠪᠤᠭᠤᠯᠤᠭᠰᠠᠨ ᠳ᠋ᠤ᠌ ᠸᠠᠩ ᠭᠧᠦᠷᠬᠢ ᠸᠰᠧᠸᠦᠯᠦᠳᠦᠸᠢᠴ ᠲᠡᠳᠡᠨ ᠢ᠋ ᠪᠠᠶᠠᠯᠢᠭ ᠶᠣᠰᠣᠯᠠᠯ ᠢ᠋ᠶ᠋ᠠᠷ ᠬᠦᠯᠢᠶᠡᠨ ᠠᠪᠤᠭᠠᠳ ᠥᠪᠡᠷ ᠦ᠋ᠨ ᠢ᠋ᠶ᠋ᠡᠨ ᠪᠠᠶᠠᠯᠢᠭ ᠬᠦᠴᠦᠷᠬᠡᠭ ᠢ᠋ ᠦᠵᠡᠭᠦᠯᠪᠡ᠃ ᠥᠪᠡᠷ ᠢ᠋ᠶ᠋ᠡᠨ ᠬᠠᠮᠪᠤ ᠬᠣᠷᠭᠣᠢ ᠳᠡᠪᠡᠯ ᠬᠤᠪᠴᠠᠰᠤ ᠡᠮᠦᠰᠴᠦ ᠠᠯᠲᠠᠨ ᠰᠢᠷᠡᠭᠡᠨ ᠳᠡᠭᠡᠷ᠎ᠡ ᠰᠠᠭᠤᠵᠤ ᠨᠣᠶᠠᠳ ᠵᠠᠩᠭᠢ ᠨᠤᠭᠤᠳ ᠨᠢ ᠡᠷ᠎ᠡ ᠡᠮ᠎ᠡ ᠦᠭᠡᠢ ᠴᠥᠮ ᠬᠣᠷᠭᠣᠢ ᠮᠠᠩᠨᠤᠭ ᠬᠤᠪᠴᠠᠰᠤ ᠶ᠋ᠢ ᠡᠮᠦᠰᠦᠭᠰᠡᠨ ᠪᠠᠢᠭᠰᠠᠨ ᠶᠤᠮ᠃ ᠸᠠᠩ ᠡᠯᠴᠢ ᠨᠠᠷ ᠲᠠᠢ ᠵᠣᠷᠢᠮᠠᠭ ᠢ᠋ᠶ᠋ᠠᠷ ᠡᠷᠡᠯᠬᠡᠭ ᠢ᠋ᠶ᠋ᠡᠷ ᠶᠠᠷᠢᠬᠤ ᠦᠭᠡ ᠪᠡᠨ ᠴᠢᠮᠡᠵᠦ ᠶᠠᠷᠢᠵᠤ ᠪᠠᠢᠪᠠ᠃ ᠲᠡᠷᠡ ᠡᠯᠴᠢ ᠨᠠᠷ ᠲᠤ᠌ ᠰᠠᠨᠠᠭᠰᠠᠨ ᠠ᠋ᠴᠠ ᠪᠠᠨ ᠪᠠᠭ᠎ᠠ ᠪᠡᠯᠡᠭ ᠥᠭᠴᠦ ᠪᠤᠴᠠᠭᠠᠨ ᠶᠠᠪᠤᠭᠤᠯᠤᠭᠰᠠᠨ ᠪᠢᠯᠡ᠃ ᠷᠶᠡᠽᠡᠨ ᠦ᠌ ᠬᠢᠨ ᠲᠡᠭᠦᠨ ᠳ᠋ᠦ᠍ ᠡᠯᠴᠢ ᠨᠠᠷ ᠢ᠋ ᠢᠷᠡᠭᠦᠯᠵᠦ ᠥᠪᠡᠷᠰᠡᠳ ᠦ᠋ᠨ ᠶᠡᠬᠡᠮᠰᠦᠭ ᠢ᠋ ᠣᠷᠬᠢᠵᠤ ᠨᠢᠯᠪᠤᠰᠤ ᠪᠠᠨ ᠠᠰᠬᠠᠷᠠᠭᠤᠯᠵᠤ ᠲᠤᠰᠠᠯᠠᠮᠵᠢ ᠭᠤᠶᠤᠪᠠ᠃
— ᠴᠡᠷᠢᠭ ᠢ᠋ᠶ᠋ᠡᠨ ᠶᠠᠪᠤᠭᠤᠯᠵᠤ᠂ ᠲᠡᠷᠡ ᠴᠡᠷᠢᠭ ᠢ᠋ᠶ᠋ᠡᠨ ᠥᠪᠡᠷ ᠢ᠋ᠶ᠋ᠡᠨ ᠤᠳᠤᠷᠢᠳᠤᠨ ᠷᠶᠡᠽᠡᠨ ᠦ᠌ ᠴᠡᠷᠢᠭ ᠢ᠋ ᠲᠣᠯᠣᠭᠠᠢᠯᠠᠨᠠ᠃ ᠡᠪᠯᠡᠷᠡᠨ ᠨᠡᠢᠯᠡᠬᠦ ᠬᠡᠷᠡᠭ ᠲᠡᠢ᠃ ᠣᠷᠣᠰ ᠤ᠋ᠨ ᠬᠦᠴᠦᠨ ᠨᠡᠮᠡᠭᠳᠡᠨ᠎ᠡ᠃ ᠺᠢᠪᠴᠡᠺ ᠦ᠋ᠨ ᠲᠠᠩᠨᠠᠭᠤᠯ ᠤ᠋ᠳ᠂ ᠲᠠᠲ᠋ᠠᠷ ᠤ᠋ᠨ ᠴᠡᠷᠢᠭ ᠦ᠋ᠳ ᠤᠷᠢᠳᠤ ᠡᠮᠦᠨ᠎ᠡ ᠦᠵᠡᠭᠳᠡᠭᠡ ᠦᠭᠡᠢ ᠣᠯᠠᠨ ᠢ᠋ᠶ᠋ᠠᠷ ᠢ᠋ᠶ᠋ᠠᠨ ᠢᠷᠡᠵᠦ ᠶᠠᠪᠤᠨ᠎ᠠ ᠭᠡᠵᠦ ᠮᠡᠳᠡᠭᠡᠯᠡᠵᠦ ᠪᠠᠢᠨ᠎ᠠ᠃ ᠴᠢᠳᠠᠪᠤᠷᠢ ᠪᠦᠬᠦᠢ ᠬᠥᠮᠦᠨ ᠪᠦᠷᠢ ᠰᠦᠬᠡ ᠪᠡᠨ ᠪᠠᠷᠢᠵᠤ ᠮᠠᠭᠤ ᠬᠤᠯᠠᠭᠠᠢ ᠨᠤᠭᠤᠳ ᠲᠠᠢ ᠨᠢᠭᠤᠷ ᠲᠤᠯᠭᠠᠷᠠᠨ ᠤᠴᠠᠷᠠᠬᠤ ᠬᠡᠷᠡᠭᠲᠡᠢ ᠪᠣᠯᠪᠠ᠃ ᠡᠰᠡ ᠲᠡᠭᠡᠪᠡᠯ ᠲᠡᠳᠡᠨᠡᠷ ᠣᠷᠣᠰ ᠤ᠋ᠨ ᠭᠠᠵᠠᠷ ᠨᠤᠲᠤᠭ ᠢ᠋ ᠦᠨᠡᠰᠦᠨ ᠲᠣᠪᠷᠠᠭ ᠪᠣᠯᠭᠠᠵᠤ ᠣᠷᠬᠢᠨ᠎ᠠ ᠭᠡᠬᠦ ᠳ᠋ᠦ᠍ ᠸᠠᠩ᠂
— ᠡᠳᠡᠨ ᠦ᠌ ᠰᠣᠴᠢᠵᠤ ᠠᠶᠤᠭᠰᠠᠨ ᠢ᠋ ᠦᠵᠡᠪᠡ ᠤᠤ? ᠶᠠᠭᠤᠨ ᠴᠥ᠍ ᠳᠡᠮᠡᠢ ᠶᠠᠭᠤᠮ᠎ᠠ ᠰᠠᠨᠠᠭᠠᠴᠢᠯᠠᠳᠠᠭ ᠶᠤᠮ ᠪᠢᠯᠡ? ᠭᠡᠵᠦ ᠸᠠᠩ ᠭᠧᠦᠷᠬᠢᠪᠢ ᠸᠰᠸᠸᠤᠯᠤᠳᠤᠸᠢᠴ ᠬᠠᠷᠢᠭᠤ ᠲᠠᠯᠪᠢᠭᠠᠳ ᠥᠪᠡᠷ ᠦ᠋ᠨ ᠢ᠋ᠶ᠋ᠡᠨ ᠬᠦᠷᠦᠯᠴᠡᠨ ᠢᠷᠡᠬᠦ ᠶ᠋ᠢ ᠴᠦ᠍ ᠵᠥᠪᠰᠢᠶᠡᠷᠡᠭᠰᠡᠨ ᠦᠭᠡᠢ ᠪᠠ ᠥᠪᠡᠷ ᠦ᠋ᠨ ᠴᠡᠷᠢᠭ ᠦ᠋ᠳ ᠡᠴᠡ ᠨᠢᠭᠡ ᠴᠦ᠍ ᠴᠡᠷᠢᠭ ᠢ᠋ ᠢᠯᠡᠭᠡᠭᠰᠡᠨ ᠦᠭᠡᠢ᠃
— ᠲᠠᠨᠠᠷ ᠷᠶᠠᠽᠠᠨ ᠤ᠋ ᠬᠢᠨ ᠸᠯᠠᠳᠢᠮᠢᠷ ᠪᠠ ᠰᠦᠽᠳᠠᠯᠢ ᠨᠠᠷ ᠲᠠᠢ ᠡᠪ ᠨᠠᠢᠷᠠᠮᠳᠠᠯ ᠲᠠᠢ ᠰᠠᠭᠤᠵᠤ ᠪᠢᠳᠡᠨ ᠲᠡᠢ ᠵᠥᠷᠢᠯᠳᠦᠭᠡᠨ ᠰᠠᠮᠠᠭᠤᠨ ᠢ᠋ ᠭᠠᠷᠭᠠᠬᠤ ᠦᠭᠡᠢ ᠪᠠᠢᠬᠤ ᠶ᠋ᠢ ᠤᠷᠢᠳᠤ ᠠ᠋ᠴᠠ ᠪᠣᠳᠣᠵᠤ ᠪᠠᠢᠭᠰᠠᠨ ᠪᠣᠯ ᠥᠭᠡᠷ᠎ᠡ ᠪᠠᠢᠭᠰᠠᠨ ᠶᠤᠮ᠃ ᠬᠡᠷᠪᠡ ᠲᠠᠲ᠋ᠠᠷ ᠮᠣᠩᠭᠣᠯᠴᠤᠳ ᠨᠠᠰᠢ ᠮᠠᠨ ᠤ᠋ ᠡᠨᠳᠡ ᠬᠦᠷᠲᠡᠯ᠎ᠡ ᠢᠷᠡᠬᠦ ᠶᠤᠮ ᠪᠣᠯ ᠪᠢ ᠥᠪᠡᠷ ᠢ᠋ᠶ᠋ᠡᠨ ᠲᠡᠳᠡᠨ ᠲᠡᠢ ᠤᠴᠢᠷ ᠢ᠋ᠶ᠋ᠠᠨ ᠣᠯᠵᠤ ᠴᠢᠳᠠᠨ᠎ᠠ ᠭᠡᠵᠡᠢ᠃
ᠷᠶᠠᠽᠠᠨ ᠤ᠋ ᠬᠢᠨ ᠶᠠᠭᠤ ᠴᠤ᠌ ᠦᠭᠡᠢ ᠬᠣᠭᠣᠰᠣᠨ ᠪᠤᠴᠠᠵᠠᠭᠠᠯᠠ᠃ ᠡᠢᠮᠦ ᠳ᠋ᠦ᠍ ᠷᠶᠠᠽᠠᠨ ᠤ᠋ ᠬᠢᠨ ᠫᠷᠤᠨᠰᠺ ᠮᠦᠷᠦᠮᠺ ᠽᠠᠷᠠᠢᠰᠺ ᠤ᠋ᠨ ᠴᠡᠷᠢᠭ ᠦ᠋ᠳ ᠳᠠᠩ ᠢ᠋ᠶ᠋ᠠᠷ ᠨᠢ ᠲᠠᠲ᠋ᠠᠷ ᠤ᠋ᠳ ᠤ᠋ᠨ ᠳᠣᠪᠲᠣᠯᠭᠠᠨ ᠢ᠋ ᠨᠢᠴᠤᠭᠠᠵᠤ ᠪᠤᠴᠠᠭᠠᠬᠤ ᠶ᠋ᠢᠨ ᠲᠤᠯᠠᠳᠠ《ᠵᠡᠷᠯᠢᠭ ᠲᠠᠯ᠎ᠠ》ᠳ᠋ᠤ᠌ ᠭᠠᠷᠬᠤ ᠬᠡᠷᠡᠭ ᠲᠡᠢ ᠪᠣᠯᠤᠭᠰᠠᠨ ᠠᠵᠢ᠃
— ᠬᠡᠷᠪᠡ ᠲᠠᠲ᠋ᠠᠷ ᠤ᠋ᠳ ᠨᠡᠢᠰᠯᠡᠯ ᠬᠣᠲᠠ ᠸᠯᠠᠳᠢᠮᠢᠷ ᠤ᠋ᠨ ᠬᠡᠷᠡᠮ ᠦ᠋ᠨ ᠭᠠᠳᠠᠨ᠎ᠠ ᠬᠦᠷᠲᠡᠯ᠎ᠡ ᠳᠠᠪᠬᠢᠵᠠᠭᠠᠨ ᠢᠷᠡᠬᠦ ᠶᠤᠮ ᠪᠣᠯ ᠲᠠ ᠶᠠᠭᠠᠬᠢᠬᠤᠪ? (ᠶᠠᠭᠠᠬᠢᠬᠤ ᠪᠣᠢ) ᠭᠡᠵᠦ ᠨᠣᠶᠠᠳ ᠵᠠᠩᠭᠢ ᠨᠤᠭᠤᠳ ᠪᠣᠯᠭᠣᠮᠵᠢᠯᠠᠨ ᠠᠰᠠᠭᠤᠬᠤ ᠳ᠋ᠤᠨᠢ ᠸᠠᠩ ᠭᠸᠤᠷᠬᠢ ᠸᠰᠸᠸᠤᠯᠥᠳᠤᠸᠢᠴ ᠰᠦᠷᠲᠡᠢ ᠪᠡᠷ ᠨᠢᠳᠦ ᠪᠡᠨ ᠡᠷᠭᠢᠯᠳᠦᠭᠦᠯᠦᠨ ᠬᠠᠷᠠᠭᠠᠳ᠂
— ᠲᠡᠳᠡᠨᠡᠷ ᠡᠴᠡ ᠠᠶᠤᠳᠠᠭ ᠨᠢ ᠪᠢ ᠪᠢᠰᠢ᠂ ᠲᠡᠷᠡ ᠵᠣᠷᠢᠭᠲᠤ ᠠᠳᠤᠭᠤᠴᠢᠳ ᠤ᠋ᠨ ᠵᠠᠩ ᠠᠭᠠᠰᠢ ᠶ᠋ᠢ ᠰᠠᠢᠨ ᠮᠡᠳᠡᠨ᠎ᠡ᠃ ᠲᠡᠳᠡᠨᠡᠷ ᠢᠷᠡᠭᠡᠳ ᠪᠠᠬᠠᠨ ᠡᠷᠭᠢᠯᠳᠦᠵᠦ ᠪᠠᠢᠭᠠᠳ ᠲᠣᠰᠬᠣᠨ ᠨᠤᠭᠤᠳ ᠢ᠋ᠶ᠋ᠠᠷ ᠬᠡᠰᠦᠭᠦᠴᠢᠯᠡᠵᠦ ᠪᠠᠢᠭᠠᠳ ᠳᠠᠷᠠᠭ᠎ᠠ ᠨᠢ ᠠᠯᠪᠠ ᠲᠥᠯᠥᠵᠦ ᠪᠠᠢᠬᠤ ᠶ᠋ᠢ ᠱᠠᠭᠠᠷᠳᠠᠬᠤ ᠪᠢᠵᠡ? ᠲᠡᠭᠡᠬᠦ ᠳ᠋ᠦ᠍ᠨᠢ ᠲᠡᠳᠡᠨ ᠦ᠌ ᠡᠯᠴᠢᠨ ᠨᠠᠷ ᠢ᠋ ᠥᠪᠡᠷ ᠦ᠋ᠨ ᠲᠠᠯ᠎ᠠ ᠳᠠᠰᠢ ᠲᠠᠲᠠᠬᠤ ᠨᠢ ᠮᠠᠨ ᠤ᠋ ᠬᠡᠷᠡᠭ᠃ ᠪᠢᠳᠡ ᠲᠡᠳᠡ ᠨᠠᠷ ᠢ᠋ ᠪᠣᠯᠢᠲᠠᠯᠠ (ᠫᠣᠯᠤᠭᠲᠠᠲᠠᠯᠠ) ᠨᠢ ᠴᠠᠭᠠᠨ ᠵᠢᠭᠠᠰᠤ ᠬᠤᠤᠱᠤᠤᠷ ᠢᠳᠡᠭᠦᠯᠵᠦ ᠤᠳᠠᠲᠠᠯ᠎ᠠ ᠨᠢ ᠵᠥᠭᠡᠢ ᠶ᠋ᠢᠨ ᠬᠠᠭᠤᠴᠢᠨ ᠪᠠᠯ ᠤᠤᠭᠤᠯᠭᠠᠵᠤ ᠵᠣᠴᠢᠯᠠᠭᠠᠳ ᠳᠠᠷᠠᠭ᠎ᠠ ᠨᠢ ᠮᠢᠩᠭᠠᠨ ᠬᠣᠣᠰ ᠤᠯᠠᠭᠠᠨ ᠰᠠᠪᠢᠬᠢᠨ ᠭᠤᠲᠤᠯ᠂ ᠵᠠᠭᠤᠭᠠᠳ ᠮᠠᠩᠨᠤᠭ ᠪᠤᠯᠠᠭᠠᠨ ᠳᠡᠪᠡᠯ ᠢ᠋ᠶ᠋ᠡᠷ ᠱᠠᠩᠨᠠᠭᠠᠳ ᠪᠠᠰᠠ ᠮᠠᠨ ᠤ᠋ ᠠᠪᠳᠠᠷ᠎ᠠ ᠱᠦᠭᠦᠢ ᠪᠠ ᠪᠠᠷᠠᠭᠠᠨ ᠤ᠋ ᠪᠠᠶ᠋ᠢᠰᠢᠩ ᠤ᠋ᠳ ᠲᠤ᠌ ᠪᠣᠢ ᠪᠦᠭᠦᠳᠡ ᠶ᠋ᠢ ᠬᠠᠭᠠᠨ ᠤ᠋ ᠬᠠᠲᠤᠭᠲᠠᠢ ᠨᠠᠷ ᠲᠤ᠌ ᠪᠡᠯᠡᠭ ᠭᠡᠵᠦ ᠨᠡᠮᠡᠵᠦ ᠶᠠᠪᠤᠭᠤᠯᠤᠨ᠎ᠠ᠃ ᠬᠡᠷᠪᠡ ᠲᠠᠲ᠋ᠠᠷ ᠤ᠋ᠳ ᠦᠨᠡᠬᠡᠷ᠂ ᠠᠯᠠᠭ ᠪᠤᠰᠤ ᠶ᠋ᠢᠨ ᠵᠢᠰᠦᠨ ᠦ᠌ ᠮᠣᠷᠢ ᠶ᠋ᠢ ᠠᠪᠬᠤ ᠶ᠋ᠢ ᠬᠦᠰᠡᠬᠦ ᠪᠣᠯ ᠪᠢᠳᠡ ᠲᠡᠭᠦᠨ ᠢ᠋ ᠴᠦ᠍ ᠦᠭᠭᠦᠨ᠎ᠠ᠃ ᠲᠡᠭᠦᠨ ᠢ᠋ᠶ᠋ᠡᠷ ᠪᠢᠳᠡ ᠬᠣᠭᠣᠰᠣᠷᠠᠬᠤ ᠦᠭᠡᠢ ᠰᠢᠦ ᠳ᠋ᠠ᠃ ᠬᠣᠲᠠ ᠶ᠋ᠢᠨ ᠬᠡᠷᠡᠮ ᠦ᠋ᠨ ᠬᠠᠨ᠎ᠠ ᠲᠤᠭᠤᠷᠭ᠎ᠠ ᠪᠠ ᠬᠠᠭᠠᠯᠭ᠎ᠠ ᠪᠠᠲᠤ ᠪᠢᠰᠢ ᠰᠢᠦ᠃ ᠲᠠᠯ᠎ᠠ ᠶ᠋ᠢᠨ ᠬᠥᠮᠦᠰ ᠲᠥᠷᠥ ᠶ᠋ᠢ (ᠲᠡᠷᠡ ᠶ᠋ᠢ) ᠮᠣᠷᠢ ᠪᠠᠷ ᠴᠥ᠍ ᠳᠠᠪᠠᠵᠤ ᠭᠠᠷᠴᠤ ᠴᠢᠳᠠᠬᠤ ᠦᠭᠡᠢ᠂ ᠳᠤᠬᠤ ᠪᠠᠷ ᠢ᠋ᠶ᠋ᠠᠨ ᠴᠥ᠍ ᠡᠪᠳᠡᠵᠦ ᠴᠢᠳᠠᠬᠤ ᠦᠭᠡᠢ ᠰᠢᠦ᠃
ᠭᠡᠪᠡᠴᠦ ᠬᠸᠤᠷᠬᠢ ᠸᠰᠸᠸᠤᠯᠤᠳᠤᠸᠢᠴ ᠵᠠᠷᠢᠮ ᠨᠢᠭᠡᠨ ᠠᠷᠭ᠎ᠠ ᠬᠡᠮᠵᠢᠶ᠎ᠡ ᠶ᠋ᠢ ᠠᠪᠤᠭᠰᠠᠨ ᠶᠤᠮ᠃ ᠲᠡᠷᠡ ᠥᠪᠡᠷ ᠦ᠋ᠨ ᠬᠠᠮᠤᠭ ᠤ᠋ᠨ ᠰᠠᠢᠨ ᠰᠢᠯᠢᠳᠡᠭ ᠮᠣᠷᠢᠳ ᠢ᠋ᠶ᠋ᠠᠨ ᠬᠣᠢᠲᠤ ᠵᠦᠭ ᠲᠦ᠍ ᠬᠣᠯᠠ ᠣᠷᠣᠰᠢᠬᠤ ᠬᠣᠲᠠ ᠨᠤᠭᠤᠳ ᠲᠤ᠌ ᠶᠠᠪᠤᠭᠤᠯᠤᠭᠰᠠᠨ ᠪᠠ ᠭᠣᠣᠯ ᠤ᠋ᠨ ᠴᠠᠭᠠᠨ᠎ᠠ ᠪᠠᠢᠭᠰᠠᠨ ᠲᠠᠷᠢᠶ᠎ᠠ ᠪᠤᠳᠠᠭ᠎ᠠ ᠪᠠ ᠡᠪᠡᠰᠦ ᠨᠦ᠍ᠭᠦᠳ ᠢ᠋ ᠬᠣᠲᠠᠨ ᠳ᠋ᠤ᠌ ᠵᠥᠭᠡᠭᠡᠯᠭᠡᠨ ᠠᠪᠴᠢᠷᠠᠭᠤᠯᠤᠭᠰᠠᠨ ᠪᠠ ᠴᠡᠷᠢᠭ ᠦ᠋ᠨ ᠢ᠋ᠶ᠋ᠡᠨ ᠬᠦᠴᠦ ᠶ᠋ᠢ ᠨᠡᠮᠡᠭᠳᠡᠭᠦᠯᠬᠦ ᠶ᠋ᠢᠨ ᠬᠠᠮᠲᠤ ᠴᠡᠷᠢᠭ ᠲᠦ᠍ ᠣᠷᠣᠬᠤ ᠶ᠋ᠢ ᠬᠣᠲᠠ ᠶ᠋ᠢᠨ ᠬᠥᠮᠦᠨ ᠪᠦᠭᠦᠳᠡ ᠶ᠋ᠢ ᠤᠷᠢᠶᠠᠯᠠᠵᠤ ᠠᠩᠴᠢᠨ ᠬᠥᠮᠦᠰ ᠢ᠋ ᠪᠦᠷᠢᠳᠬᠡᠨ ᠠᠪᠴᠠᠢ᠃
ᠶᠸᠷᠸᠮᠸᠶᠠ ᠬᠯᠸᠪᠤᠸᠢᠴᠠ ᠶ᠋ᠢ ᠴᠡᠷᠢᠭ ᠢ᠋ ᠤᠳᠤᠷᠢᠳᠬᠤ ᠠᠩᠭᠢ ᠳ᠋ᠤ᠌ ᠲᠣᠮᠢᠯᠠᠭᠠᠳ ᠨᠤᠸᠤᠭᠤᠷᠤᠳ᠋᠂ ᠷᠤᠰᠲ᠋ᠤᠸ᠂ ᠪᠸᠯᠤᠽᠸᠷᠰᠺᠪᠠ ᠪᠤᠰᠤᠳ ᠸᠠᠩ ᠨᠤᠭᠤᠳ ᠲᠸ᠋ ᠵᠠᠬᠢᠳᠠᠯ ᠪᠢᠴᠢᠵᠦ ᠲᠦᠷᠦᠭᠦᠴᠢ ᠶ᠋ᠢᠨ ᠳᠣᠬᠢᠶ᠎ᠠ ᠲᠡᠮᠳᠡᠭ ᠢ᠋ ᠬᠦᠷᠦᠯᠴᠡᠨ ᠢᠷᠡᠮᠡᠭᠴᠡ ᠸᠯᠡᠳᠢᠮᠢᠷ ᠲᠡᠰᠢ ᠶᠠᠭᠠᠷᠠᠪᠴᠢᠯᠠᠨ ᠠᠶᠠᠯᠠᠵᠤ ᠳᠠᠢᠰᠤᠨ ᠢ᠋ ᠪᠤᠲᠠ ᠴᠣᠬᠢᠵᠤ ᠣᠷᠣᠰ ᠤ᠋ᠨ ᠭᠠᠵᠠᠷ ᠨᠤᠲᠤᠭ ᠠ᠋ᠴᠠ ᠬᠥᠭᠡᠭᠡᠨ ᠵᠠᠢᠯᠠᠭᠤᠯᠬᠤ ᠪᠠᠷ ᠪᠡᠯᠡᠳᠬᠡᠵᠦ ᠪᠠᠢᠬᠤ ᠬᠡᠷᠡᠭᠲᠡᠢ ᠪᠣᠯᠬᠤ ᠶ᠋ᠢ ᠳᠤᠷᠠᠳᠤᠨ ᠶᠠᠪᠤᠭᠤᠯᠵᠠᠢ᠃
— ᠠᠶᠤᠭᠰᠠᠨ ᠤ᠋ ᠬᠡᠷᠡᠭ ᠦᠭᠡᠢ᠂ ᠪᠦᠭᠦᠳᠡ ᠶ᠋ᠢ ᠪᠣᠳᠣᠵᠤ ᠦᠵᠡᠭᠰᠡᠨ᠂ ᠪᠦᠭᠦᠳᠡ ᠶ᠋ᠢ ᠤᠷᠢᠳ ᠠ᠋ᠴᠠ ᠰᠡᠷᠭᠡᠢᠯᠡᠨ ᠪᠣᠯᠭᠣᠮᠵᠢᠯᠠᠭᠰᠠᠨ᠂ ᠪᠦᠭᠦᠳᠡ ᠳ᠋ᠦ᠍ ᠪᠦᠬᠦᠯᠢ ᠠᠷᠭ᠎ᠠ ᠬᠡᠮᠵᠢᠶ᠎ᠡ ᠶ᠋ᠢ ᠤᠷᠢᠳ ᠠ᠋ᠴᠠ ᠠᠪᠤᠭᠰᠠᠨ ᠭᠡᠬᠦ ᠪᠠ
— ᠲᠠᠲ᠋ᠠᠷ ᠠᠳᠤᠭᠤᠴᠢᠳ ᠭᠤᠷᠪᠠᠨ ᠵᠢᠯ ᠦ᠋ᠨ ᠲᠤᠷᠰᠢ ᠬᠡᠷᠡᠮ ᠦ᠋ᠨ ᠬᠠᠨ᠎ᠠ ᠶ᠋ᠢ ᠲᠣᠭᠰᠢᠪᠠᠴᠤ ᠡᠴᠦᠰ ᠲᠤᠨᠢ ᠮᠣᠬᠤᠷᠠᠭᠠᠳ ᠪᠤᠴᠠᠵᠤ ᠶᠠᠪᠤᠬᠤ ᠪᠣᠯᠤᠨ᠎ᠠ ᠭᠡᠬᠦ ᠵᠡᠷᠭᠡ ᠪᠡᠷ ᠪᠦᠬᠦᠨ ᠳ᠋ᠦ᠍ ᠶᠠᠷᠢᠵᠤ ᠲᠠᠨᠢᠭᠤᠯᠪᠠ᠃
ᠦᠰᠦᠭ ᠠᠮᠢᠯᠠᠭᠤᠯᠤᠭᠴᠢ᠄ ᠠᠯᠲᠠᠨᠴᠢᠮᠡᠭ᠂ ᠪᠠᠶᠠᠨᠴᠡᠴᠡᠭ᠂ ᠮᠡᠷᠭᠡᠨᠭᠣᠣ᠎ᠠ
ᠬᠢᠨᠠᠭᠴᠢ᠄ ᠪᠠᠶᠠᠨᠴᠡᠴᠡᠭ᠂ ᠠᠯᠲᠠᠨᠴᠢᠮᠡᠭ᠂ ᠠᠷᠢᠭᠤᠨ᠂ ᠪᠠᠯ
