ᠭᠠᠯᠳᠠᠨ ᠪᠣᠱᠣᠭᠲᠤ ᠬᠠᠭᠠᠨ05ᠲᠠᠪᠤᠳᠤᠭᠠᠷ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢГалдан бошгот хаан-Т·Жамъян ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠭᠠᠯᠳᠠᠨ ᠪᠣᠱᠣᠭᠲᠤ ᠬᠠᠭᠠᠨ05ᠲᠠᠪᠤᠳᠤᠭᠠᠷ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢГалдан бошгот хаан-Т·Жамъян

ᠭᠠᠯᠳᠠᠨ ᠪᠣᠱᠣᠭᠲᠤ ᠬᠠᠭᠠᠨ05ᠲᠠᠪᠤᠳᠤᠭᠠᠷ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢГалдан бошгот хаан-Т·Жамъян

ᠠᠩᠭᠢᠯᠠᠯ:ᠲᠤᠭᠤᠵᠢ ᠷᠣᠮᠠᠨ
2025-10-08

117

ᠲᠠᠪᠤᠳᠤᠭᠠᠷ ᠳᠡᠪᠲᠡᠷ ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ

              ᠨᠢᠭᠡ
      
      ᠶᠡᠬᠡ ᠵᠢᠭᠰᠠᠭᠠᠯ ᠳᠤᠮᠳᠠ ᠳᠥᠷᠪᠡᠳ᠂ ᠴᠣᠷᠣᠰ᠂ ᠬᠣᠱᠤᠳ᠂ ᠲᠣᠷᠭᠤᠳ ᠣᠪᠣᠭ ᠤ᠋ᠨ ᠲᠤᠭ ᠬᠢᠭᠢᠷᠢ ᠪᠠᠢᠨ᠎ᠠ᠃ ᠲᠥᠷᠥ ᠶ᠋ᠢᠨ ᠰᠠᠢᠳ ᠮᠡᠷᠭᠡᠨ᠂ ᠰᠢᠳᠠᠷ ᠵᠠᠩᠵᠤᠨ ᠪᠠᠭᠠᠲᠤᠷ ᠤ᠋ᠳ ᠳᠡᠭᠡᠷ᠎ᠡ ᠪᠡᠨ ᠭᠠᠯ ᠤ᠋ᠨ ᠡᠷᠴᠢᠯᠡᠭᠰᠡᠨ ᠳᠥᠯᠥ ᠪᠦᠬᠦᠢ ᠵᠡᠰ ᠵᠡᠪᠡ ᠪᠡᠷ ᠲᠣᠨᠣᠭᠯᠠᠵᠤ ᠰᠤᠷ ᠢ᠋ᠶ᠋ᠠᠷ ᠨᠣᠭᠲᠣᠯᠠᠭᠰᠠᠨ ᠴᠡᠷᠢᠭ ᠦ᠋ᠨ ᠬᠠᠷ᠎ᠠ ᠰᠦᠯᠳᠡ ᠶ᠋ᠢ ᠲᠣᠭᠣᠷᠢᠵᠠᠢ᠃ ᠳᠠᠨᠵᠢᠯᠠ ᠵᠠᠩᠵᠤᠨ᠂ ᠭᠠᠢᠳᠠᠪ᠂ ᠠᠷᠴᠠ ᠪᠠᠭᠠᠲᠤᠷ ᠬᠠᠷ᠎ᠠ ᠰᠦᠯᠳᠡ ᠶ᠋ᠢ ᠡᠷᠭᠦᠵᠡᠢ᠃ ᠬᠠᠷ᠎ᠠ ᠰᠦᠯᠳᠡ ᠶ᠋ᠢᠨ ᠳᠣᠣᠷ᠎ᠠ ᠳᠥᠷᠪᠡᠨ ᠣᠢᠷᠠᠳ ᠨᠢᠭᠲᠠᠷᠠᠵᠤ ᠵᠣᠭᠰᠣᠨ᠎ᠠ᠃
      ᠲᠡᠷᠭᠡᠲᠦ ᠦᠷᠭᠦᠭᠡᠨ ᠦ᠌ ᠲᠠᠪᠴᠠᠩ ᠳᠡᠭᠡᠷ᠎ᠡ ᠵᠡᠭᠦᠨᠭᠠᠷ ᠤ᠋ᠨ ᠭᠠᠯᠳᠠᠨ ᠪᠣᠱᠣᠭᠲᠤ ᠬᠠᠭᠠᠨ ᠬᠢᠴᠢᠶᠡᠩᠭᠦᠢᠯᠡᠨ ᠭᠠᠷᠴᠤ ᠢᠷᠡᠪᠡ᠃ ᠮᠣᠷᠢᠲᠤ ᠴᠡᠷᠢᠭ ᠦ᠋ᠳ ᠦ᠋ᠨ ᠵᠠᠷᠢᠮ ᠨᠢ ᠨᠠᠮᠠᠨᠴᠢᠯᠠᠨ ᠵᠠᠯᠪᠠᠷᠢᠨ᠎ᠠ᠃ ᠡᠩ ᠦ᠋ᠨ ᠠᠷᠠᠳ ᠤ᠋ᠳ ᠰᠥᠬᠥᠷᠡᠨ ᠮᠥᠷᠭᠥᠨ᠎ᠡ᠃ ᠭᠠᠯᠳᠠᠨ ᠢ᠋ᠶ᠋ᠠᠷ ᠡᠯᠢᠭᠡᠨ ᠳᠡᠭᠡᠷ᠎ᠡ ᠪᠡᠨ ᠬᠠᠮᠠᠭᠠᠯᠠᠯᠲᠠ ᠲᠠᠢ᠂ ᠪᠣᠰᠤᠭ᠎ᠠ ᠵᠠᠬ᠎ᠠ ᠲᠠᠢ ᠰᠢᠷ᠎ᠠ ᠲᠣᠷᠭᠠᠨ ᠳᠡᠪᠡᠯ ᠡᠮᠦᠰᠴᠦ᠂ ᠲᠠᠰᠢᠶᠠᠨ ᠳ᠋ᠠᠭᠠᠨ ᠡᠴᠢᠭᠡ ᠶ᠋ᠢᠨ ᠮᠠᠬᠢᠷ ᠰᠡᠯᠡᠮ᠎ᠡ ᠶ᠋ᠢ ᠰᠤᠯᠠ ᠤᠨᠵᠢᠭᠤᠯᠤᠭᠰᠠᠨ ᠪᠠᠢᠨ᠎ᠠ᠃
      ᠭᠠᠯᠳᠠᠨ ᠵᠡᠭᠦᠨ ᠭᠠᠷ ᠢ᠋ᠶ᠋ᠠᠨ ᠡᠷᠭᠦᠪᠡ᠃ ᠣᠢᠷᠠᠳ ᠨᠤᠲᠤᠭ ᠤ᠋ᠨ ᠠᠶᠠᠯᠭᠤ ᠪᠠᠷ《ᠬᠤᠷᠤᠢ᠂ ᠬᠤᠷᠤᠢ᠂ ᠬᠤᠷᠤᠢ》 ᠭᠡᠮᠡᠨ ᠭᠤᠷᠪᠠᠨᠲᠠ ᠬᠤᠷᠤᠢᠯᠠᠬᠤ ᠳ᠋ᠤ᠌ ᠵᠢᠭᠦᠷᠲᠡᠨ ᠦ᠌ ᠬᠠᠭᠠᠨ ᠪᠦᠷᠭᠦᠳ᠂ ᠲᠡᠷᠭᠡᠲᠦ ᠦᠷᠭᠦᠭᠡᠨ ᠦ᠌ ᠲᠣᠲᠣᠭᠣ ᠶ᠋ᠢᠨ ᠳᠡᠭᠡᠷ᠎ᠡ ᠳᠠᠯᠠᠪᠴᠢ ᠪᠠᠨ ᠲᠠᠪᠢᠨ ᠬᠤᠷᠤᠢᠯᠠᠬᠤ ᠮᠡᠲᠦ᠁ ᠠᠯᠲᠠᠢ ᠶ᠋ᠢᠨ ᠴᠠᠰᠤᠲᠤ ᠠᠭᠤᠯᠠ ᠲᠦᠩᠬᠦᠢᠨ᠎ᠡ᠃ ᠬᠠᠷ᠎ᠠ ᠡᠷᠴᠢᠰ ᠮᠥᠷᠡᠨ ᠤᠷᠤᠰᠤᠨ᠎ᠠ᠃ ᠲᠩᠷᠢ ᠳ᠋ᠦ᠍ ᠡᠭᠦᠯᠡ ᠨᠡᠭᠦᠨ᠎ᠡ᠃ ᠰᠦᠰᠦᠭᠲᠡᠨ ᠨᠦ᠍ᠭᠦᠳ ᠮᠥᠷᠭᠥᠨ᠎ᠡ᠃ ᠴᠡᠷᠢᠭ ᠦ᠋ᠳ ᠰᠡᠯᠡᠮ᠎ᠡ ᠡᠷᠭᠦᠨ᠎ᠡ᠃
      ᠭᠠᠯᠳᠠᠨ ᠬᠠᠭᠠᠨ᠂ ᠪᠦᠷᠭᠦᠳ ᠬᠣᠶᠠᠷ ᠢ᠋ ᠣᠪᠣᠭ ᠠᠢᠮᠠᠭ ᠤ᠋ᠨ ᠠᠷᠠᠳ᠂ ᠴᠡᠷᠢᠭ ᠦ᠋ᠳ ᠡᠭᠡᠯᠵᠢ ᠡᠭᠡᠯᠵᠢ ᠪᠡᠷ ᠰᠦᠰᠦᠭᠯᠡᠨ ᠰᠢᠷᠲᠡᠨ᠎ᠡ᠃ ᠤᠷᠢᠳ ᠠ᠋ᠴᠠ ᠡᠨᠡ ᠬᠦ᠌ ᠰᠦᠷᠯᠢᠭ ᠶᠣᠰᠣᠯᠠᠯ ᠢ᠋ ᠪᠡᠯᠡᠳᠬᠡᠭᠰᠡᠨ ᠪᠢᠯᠡ᠃
      ᠵᠡᠭᠦᠨ ᠭᠠᠷ ᠤ᠋ᠨ ᠢ᠋ᠶ᠋ᠠᠨ ᠪᠠᠭᠤᠤ ᠳ᠋ᠤ᠌ ᠣᠷᠢᠶᠠᠭᠰᠠᠨ ᠡᠷᠢᠭᠡ ᠶ᠋ᠢ ᠭᠠᠯᠳᠠᠨ ᠢ᠋ᠶ᠋ᠠᠷ ᠮᠤᠯᠲᠤᠯᠤᠨ ᠠᠪᠴᠤ ᠣᠯᠠᠨ ᠤ᠋ ᠨᠢᠳᠦᠨ ᠳᠡᠭᠡᠷ᠎ᠡ ᠭᠤᠷᠪᠠ ᠱᠤᠤᠳᠠᠨ ᠦᠯᠢᠶᠡᠪᠡ᠃ ᠭᠠᠯᠳᠠᠨ ᠡᠷᠢᠭᠡ ᠪᠡᠨ ᠬᠦᠵᠦᠭᠦᠨ ᠳ᠋ᠡᠭᠡᠨ ᠵᠡᠭᠦᠪᠡ᠃ ᠭᠠᠯᠳᠠᠨ ᠥᠭᠦᠯᠡᠷᠦᠨ᠂
      — ᠪᠢ ᠦᠬᠦᠯ ᠳᠤᠮᠳᠠᠭᠤᠷ ᠵᠡᠭᠦᠨᠭᠠᠷ ᠤ᠋ᠨ ᠬᠠᠭᠠᠨ ᠪᠣᠯᠪᠠ᠃ ᠠᠨᠤ ᠬᠠᠲᠤᠨ ᠵᠡᠭᠦᠨᠭᠠᠷ ᠤ᠋ᠨ ᠲᠥᠷᠥ ᠶ᠋ᠢᠨ ᠶᠠᠪᠤᠳᠠᠯ ᠢ᠋ ᠰᠠᠢᠲᠤᠷ ᠵᠠᠬᠢᠷᠴᠤ ᠪᠠᠢᠵᠠᠢ᠁ ᠭᠡᠪᠡ᠃
      ᠬᠠᠷ᠎ᠠ ᠰᠦᠯᠳᠡ ᠶ᠋ᠢᠨ ᠳᠡᠷᠭᠡᠳᠡ ᠬᠡᠢᠮᠣᠷᠢᠯᠢᠭ᠌ ᠠᠨᠤ ᠬᠠᠲᠤᠨ ᠬᠠᠷ᠎ᠠ ᠮᠣᠷᠢ ᠲᠠᠢ ᠪᠠᠨ ᠵᠠᠷ ᠵᠡᠪᠰᠡᠭ ᠢ᠋ᠶ᠋ᠡᠨ ᠠᠳᠬᠤᠨ ᠵᠣᠭᠰᠣᠨ᠎ᠠ᠃ ᠭᠠᠯᠳᠠᠨ᠂ ᠠᠨᠤ ᠲᠠᠢ ᠬᠠᠷᠠᠴᠠ ᠲᠤᠯᠤᠨ᠎ᠠ᠃ ᠭᠠᠯᠳᠠᠨ ᠪᠣᠱᠣᠭᠲᠤ ᠴᠠᠭᠠᠰᠢᠳᠠ ᠥᠭᠦᠯᠡᠷᠦᠨ᠂
      — ᠪᠢ ᠰᠢᠷ᠎ᠠ ᠰᠢᠪᠲᠤᠯᠤᠭᠰᠠᠨ ᠬᠢᠷᠢ ᠨᠢ ᠬᠤᠪᠢᠯᠭᠠᠨ ᠯᠠᠮᠠ ᠶ᠋ᠢᠨ ᠡᠷᠢᠭᠡ ᠪᠡᠨ ᠪᠡᠶ᠎ᠡ ᠡᠴᠡ ᠦᠯᠦ ᠰᠠᠯᠭᠠᠮᠤᠢ᠃ ᠨᠠᠮᠠᠶ᠋ᠢ ᠪᠤᠷᠬᠠᠨ ᠬᠠᠷᠠᠵᠤ ᠪᠠᠢᠳᠠᠭ ᠶᠤᠮ᠁ ᠳᠠᠯᠠᠢ ᠯᠠᠮᠠ ᠨᠠᠮᠠᠶ᠋ᠢ ᠪᠤᠷᠬᠠᠨ ᠤ᠋ ᠡᠯᠴᠢ ᠬᠡᠪ ᠢ᠋ᠶ᠋ᠡᠷ ᠦᠯᠡᠳᠡᠭᠡᠭᠰᠡᠨ᠁ ᠪᠢ ᠪᠤᠷᠬᠠᠨ ᠤ᠋ ᠥᠮᠴᠢ ᠪᠠᠢᠨ᠎ᠠ ᠭᠡᠯ᠎ᠡ᠃
     ᠡᠩ ᠦ᠋ᠨ ᠠᠷᠠᠳ ᠤ᠋ᠳ ᠮᠥᠷᠭᠥᠯ᠂ ᠴᠡᠷᠢᠭ ᠦ᠋ᠳ ᠮᠣᠷᠢᠨ ᠳᠡᠭᠡᠷ᠎ᠡ ᠪᠡᠨ ᠨᠠᠮᠠᠨᠴᠢᠯᠠᠨ᠎ᠠ᠃ ᠪᠦᠷᠭᠦᠳ ᠭᠡᠷ ᠦ᠋ᠨ ᠲᠣᠭᠣᠨᠣ ᠶ᠋ᠢᠨ ᠳᠡᠭᠡᠷ᠎ᠡ ᠰᠠᠭᠤᠨ᠎ᠠ᠃ ᠭᠠᠯᠳᠠᠨ ᠪᠣᠱᠣᠭᠲᠤ ᠦᠷᠭᠦᠯᠵᠢᠯᠡᠭᠦᠯᠦᠨ᠂
     — ᠣᠢᠷᠠᠳ ᠮᠣᠩᠭᠣᠯᠴᠤᠳ ᠶᠡᠬᠡ ᠴᠠᠭᠠᠵᠠ ᠬᠠᠤᠯᠢ ᠲᠠᠢ᠃ ᠣᠢᠷᠠᠳ ᠮᠣᠩᠭᠣᠯ  ᠤ᠋ᠨ ᠲᠥᠷᠥ ᠡᠵᠡᠨ ᠲᠡᠢ᠃ ᠬᠠᠤᠯᠢ ᠶ᠋ᠢ ᠪᠠᠷᠢᠳᠠᠭ ᠡᠵᠡᠨ ᠨᠢ ᠥᠨᠥᠳᠥᠷ ᠡᠴᠡ ᠭᠠᠯᠳᠠᠨ ᠪᠣᠱᠣᠭᠲᠤ ᠪᠠᠢᠵᠤ ᠪᠣᠯᠤᠨ᠎ᠠ ᠨᠠᠮᠠᠶ᠋ᠢ ᠬᠤᠪᠢᠯᠭᠠᠨ ᠯᠠᠮᠠ ᠭᠡᠮᠡᠨ ᠪᠣᠳᠣᠳᠠᠭ ᠨᠢ ᠥᠪᠡᠷ ᠲᠡᠭᠡᠨ ᠢᠲᠡᠭᠡᠯ ᠲᠡᠢ ᠪᠠᠢᠭᠲᠤᠨ᠂ ᠪᠢ ᠽᠠᠶ᠎ᠠ ᠪᠠᠨᠳᠢᠳᠠ ᠰᠠᠬᠢᠭᠤᠰᠤ ᠲᠠᠢ᠂ ᠪᠢ ᠰᠠᠬᠢᠭᠤᠰᠤ᠂ ᠰᠦᠯᠳᠡ ᠬᠣᠶᠠᠷ ᠲᠠᠭᠠᠨ ᠵᠠᠯᠪᠠᠷᠢᠵᠤ᠂ ᠵᠡᠭᠦᠨᠭᠠᠷ  ᠤ᠋ᠨ ᠤᠯᠤᠰ  ᠢ᠋ ᠴᠢᠩᠭᠢᠰ ᠬᠠᠭᠠᠨ  ᠤ᠋ ᠶᠡᠬᠡ ᠮᠣᠩᠭᠣᠯ ᠤᠯᠤᠰ ᠯᠤᠭ᠎ᠠ ᠥᠷᠭᠡᠵᠢᠭᠦᠯᠦᠨ ᠲᠣᠮᠣᠷᠠᠭᠤᠯᠬᠤ ᠶ᠋ᠢ ᠬᠢᠴᠢᠶᠡᠨ᠎ᠡ᠃ ᠶᠡᠬᠡ ᠬᠠᠭᠠᠨ ᠳᠡᠭᠡᠳᠦ ᠲᠩᠷᠢ ᠡᠴᠡ ᠬᠠᠷᠠᠵᠤ ᠪᠠᠢᠭ᠎ᠠ ᠶ᠋ᠢ ᠪᠤᠤ ᠮᠠᠷᠲᠠᠭᠲᠤᠨ ! ᠭᠡᠯ᠎ᠡ᠃ ᠴᠡᠷᠢᠭ᠂ ᠠᠷᠠᠳ  ᠤ᠋ᠳ᠂ ᠵᠠᠩᠵᠤᠨ ᠪᠠᠭᠠᠲᠤᠷ  ᠤ᠋ᠳ᠂ ᠲᠥᠷᠥ ᠶ᠋ᠢᠨ ᠰᠠᠢᠳ᠂ ᠯᠠᠮᠠ ᠬᠤᠸᠠᠷᠠᠭ  ᠤ᠋ᠳ ᠭᠠᠯᠳᠠᠨ ᠪᠣᠱᠣᠭᠲᠤ ᠶ᠋ᠢᠨ ᠦᠭᠡᠨ ᠳ᠋ᠦ᠍ ᠡᠷᠡᠮᠰᠢᠨ ᠬᠤᠷᠤᠢᠯᠠᠪᠠ᠃ ᠲᠩᠷᠢ  ᠳ᠋ᠦ᠍ ᠪᠦᠷᠭᠦᠳ ᠱᠤᠩᠭᠤᠨ᠎ᠠ᠃ ᠳᠠᠨᠵᠢᠯᠠ ᠵᠠᠩᠵᠤᠨ᠂ ᠭᠠᠢᠳᠠᠪ᠂ ᠠᠷᠴᠠ ᠪᠠᠭᠠᠲᠤᠷ ᠲᠣᠭᠰᠢᠨ ᠬᠠᠷ᠎ᠠ ᠰᠦᠯᠳᠡ ᠪᠡᠨ ᠲᠩᠷᠢ ᠥᠭᠡᠳᠡ ᠡᠷᠭᠦᠨ᠎ᠡ᠃
      ᠠᠨᠤ ᠬᠠᠲᠤᠨ  ᠤ᠋ ᠲᠤᠩᠭᠠᠯᠠᠭ ᠰᠠᠢᠬᠠᠨ ᠨᠢᠳᠦ ᠭᠠᠭᠴᠠ ᠬᠦ᠌ ᠭᠠᠯᠳᠠᠨ  ᠤ᠋ ᠵᠦᠭ ᠰᠢᠷᠳᠡᠬᠦ ᠪᠥᠭᠡᠳ ᠲᠡᠭᠦᠨ  ᠦ᠌ ᠰᠡᠳᠬᠢᠯ  ᠦ᠋ᠨ ᠳᠣᠲᠣᠷ᠎ᠠ ᠰᠢᠨᠠᠯᠤᠯ ᠲᠠᠢ ᠪᠠᠢᠯ᠎ᠠ᠃ ᠡᠷ᠎ᠡ ᠨᠥᠬᠥᠷ  ᠢ᠋ᠶ᠋ᠡᠨ ᠠᠯᠳᠠᠭᠰᠠᠨ ᠰᠡᠳᠬᠢᠯ  ᠦ᠋ᠨ ᠬᠥᠨᠳᠡᠭᠦᠷ ᠠᠷᠢᠯᠤᠭ᠎ᠠ ᠦᠭᠡᠢ ᠲᠤᠯᠠ ᠠᠨᠤ ᠲᠡᠢᠨ ᠬᠦ᠌ ᠰᠢᠨᠠᠯᠵᠤ ᠪᠠᠢᠪᠠᠴᠤ ᠬᠤᠪᠢᠯᠭᠠᠨ ᠯᠠᠮᠠ ᠬᠠᠭᠠᠨ ᠪᠣᠯᠤᠭᠰᠠᠨ ᠨᠢ ᠲᠦᠪᠡᠭ ᠡᠭᠦᠰᠬᠡᠵᠦ ᠮᠡᠳᠡᠬᠦ ᠪᠢᠯᠡ᠃ ᠭᠠᠯᠳᠠᠨ ᠠ᠋ᠴᠠ ᠨᠤᠲᠤᠭ  ᠤ᠋ᠨ ᠣᠯᠠᠨ ᠰᠣᠴᠢᠭᠰᠠᠨ ᠪᠣᠯᠪᠠᠴᠤ ᠪᠠᠰᠠ ᠬᠦ᠌ ᠪᠠᠶᠠᠷ ᠵᠢᠷᠭᠠᠯ ᠢᠷᠡᠵᠡᠢ᠃ ᠠᠨᠤ ᠶᠠᠭᠠᠬᠢᠬᠤ ᠪᠠᠨ ᠮᠡᠳᠡᠬᠦ ᠦᠭᠡᠢ ᠪᠠᠢᠯ᠎ᠠ᠃
     ᠨᠠᠷᠠ ᠵᠢᠷᠭᠠᠵᠤ ᠮᠠᠨᠳᠤᠳᠠᠭ ᠰᠢᠭ᠋ ᠰᠡᠩᠭᠡ ᠬᠠᠭᠠᠨ  ᠢ᠋ ᠲᠡᠭᠦᠰᠬᠦ ᠳ᠋ᠦ᠍ ᠭᠠᠯᠳᠠᠨ ᠬᠤᠪᠢᠯᠭᠠᠨ ᠬᠠᠭᠠᠨ ᠪᠣᠯᠪᠠ᠃ ᠭᠠᠯᠳᠠᠨ  ᠤ᠋ ᠨᠢᠳᠦᠨ  ᠳ᠋ᠦ᠍ ᠴᠣᠷᠣᠰ ᠠᠢᠮᠠᠭ  ᠤ᠋ᠨ ᠶᠡᠬᠡ ᠬᠦᠷᠢᠶᠡᠨ  ᠦ᠌ ᠭᠠᠳᠠᠨᠠᠬᠢ ᠮᠣᠷᠢ ᠲᠠᠢ᠂ ᠲᠡᠮᠡᠭᠡ ᠲᠡᠢ ᠴᠤᠭᠯᠠᠭᠰᠠᠨ ᠠᠷᠠᠳ ᠣᠯᠠᠨ ᠬᠠᠭᠠᠨ  ᠤ᠋ ᠦᠭᠡ ᠶ᠋ᠢ ᠳᠤᠭᠤᠯᠭᠠᠪᠤᠷᠢᠲᠠᠢ ᠰᠣᠨᠣᠰᠴᠤ ᠪᠠᠢᠭ᠎ᠠ ᠨᠢ ᠥᠪᠡᠷ ᠲᠡᠭᠡᠨ ᠢᠲᠡᠭᠡᠬᠦ ᠪᠠᠶᠠᠰᠤᠯ  ᠢ᠋ ᠨᠡᠮᠡᠵᠦ ᠪᠠᠢᠯ᠎ᠠ᠃ ᠡᠨᠡ ᠦᠶ᠎ᠡ ᠳ᠋ᠦ᠍ ᠠᠷᠴᠠ ᠪᠠᠭᠠᠲᠤᠷ  ᠤ᠋ᠨ ᠳᠡᠭᠦᠦ ᠮᠢᠭᠮᠠᠨᠰᠠᠩᠵᠠᠢ ᠪᠦᠰᠡᠭᠦᠢ ᠦᠶᠡᠯᠢ ᠪᠦᠰᠡᠭᠦᠢ ᠳ᠋ᠡᠭᠡᠨ᠂
     — ᠪᠢ ᠪᠠᠭ᠎ᠠ ᠳ᠋ᠠᠭᠠᠨ ᠭᠠᠯᠳᠠᠨ ᠲᠠᠢ ᠡᠳᠦᠷ ᠪᠦᠷᠢ ᠲᠣᠭᠯᠠᠳᠠᠭ ᠪᠠᠢᠭᠰᠠᠨ ᠁ ᠭᠠᠯᠳᠠᠨ ᠶᠠᠮᠠᠷ ᠰᠠᠢᠬᠠᠨ ᠡᠷ᠎ᠡ ᠪᠣᠯᠤᠭ᠎ᠠ ᠪᠣᠢ᠃ ᠯᠠᠮᠠ ᠬᠥᠮᠦᠨ ᠡᠬᠡᠨᠡᠷ ᠠᠪᠳᠠᠭ ᠦᠭᠡᠢ ᠭᠡᠰᠡᠨ᠃ ᠣᠳᠣ ᠬᠠᠭᠠᠨ ᠪᠣᠯᠬᠤ ᠪᠠᠷ  ᠢ᠋ᠶ᠋ᠠᠨ ᠶᠠᠭᠠᠬᠢᠳᠠᠭ ᠪᠣᠯ ᠁ ᠭᠡᠮᠡᠨ ᠶᠠᠷᠢᠬᠤ  ᠳ᠋ᠤ᠌ ᠦᠶᠡᠯᠢ ᠨᠢ ᠭᠡᠷᠡᠯ ᠣᠢᠭᠰᠠᠨ ᠴᠠᠭᠠᠨ ᠰᠢᠳᠦ ᠭᠢᠯᠠᠯᠵᠠᠭᠤᠯᠤᠨ ᠢᠨᠢᠶᠡᠮᠰᠦᠭᠯᠡᠵᠦ᠂
     — ᠴᠢ ᠭᠠᠯᠳᠠᠨ ᠬᠠᠭᠠᠨ ᠲᠠᠢ ᠮᠡᠨᠳᠦᠯᠡᠭᠰᠡᠨ ᠤᠤ? ᠭᠡᠯ᠎ᠡ᠃ ᠮᠢᠭᠮᠠᠨᠰᠠᠩᠵᠠᠢ ᠵᠢᠷᠦᠬᠡ ᠪᠡᠨ ᠪᠤᠯᠭᠢᠯᠠᠬᠤ ᠶ᠋ᠢ ᠴᠢᠩᠨᠠᠵᠤ᠂
     — ᠮᠡᠨᠳᠦᠯᠡᠭᠰᠡᠨ ᠴᠦ᠍ ᠶᠠᠭᠠᠬᠢᠳᠠᠭ ᠶᠤᠮ ᠭᠡᠬᠦ ᠳ᠋ᠦ᠍ ᠦᠶᠡᠯᠢ ᠨᠢ ᠪᠣᠯᠬᠤ ᠨᠠᠢᠭᠠᠯ ᠪᠦᠰᠡᠭᠦᠢ᠂ 
     — ᠭᠡᠷ ᠥᠷᠭᠥᠭᠡ ᠤᠷᠤᠭᠤ ᠣᠢᠷᠠᠬᠠᠨ ᠣᠴᠢᠶ᠎ᠠ ᠭᠡᠯ᠎ᠡ᠃
     ᠶᠥᠮ ᠠᠭ᠎ᠠ ᠬᠠᠲᠤᠨ  ᠢ᠋ ᠲᠥᠪᠡᠳ ᠤᠷᠤᠭᠤ ᠣᠴᠢᠭᠰᠠᠨ ᠬᠣᠢᠨ᠎ᠠ ᠭᠡᠷ ᠥᠷᠭᠥᠭᠡ ᠶ᠋ᠢ ᠲᠡᠷᠭᠡᠨ ᠳᠡᠭᠡᠷ᠎ᠡ ᠰᠡᠢᠯᠪᠦᠷᠢᠯᠡᠨ ᠪᠤᠰᠬᠠᠵᠠᠢ᠃ ᠦᠷᠭᠦᠭᠡᠨ  ᠦ᠌ ᠡᠭᠦᠳᠡ ᠬᠦᠷᠲᠡᠯ᠎ᠡ ᠶᠢᠰᠦᠨ ᠱᠠᠲᠤ ᠶ᠋ᠢ ᠥᠩᠭᠦᠯᠴᠡᠭᠲᠤ ᠬᠠᠪᠴᠢᠯ  ᠤ᠋ᠨ ᠤᠯᠠᠭᠠᠨ ᠰᠤᠬᠠᠢ ᠪᠠᠷ ᠨᠠᠭᠠᠵᠤ ᠤᠷᠠᠯᠠᠵᠠᠢ᠃ ᠬᠠᠭᠠᠨ  ᠤ᠋ ᠥᠷᠭᠥᠭᠡ ᠶ᠋ᠢ ᠮᠣᠷᠢᠲᠤ ᠴᠡᠷᠢᠭ  ᠦ᠋ᠳ ᠲᠣᠭᠣᠷᠢᠵᠠᠢ᠃ ᠬᠦᠷᠢ ᠬᠣᠷᠣᠬᠠᠢ ᠶ᠋ᠢᠨ ᠤᠷᠠᠯᠠᠭᠰᠠᠨ  ᠲᠣᠷᠭᠠᠮᠰᠤᠭ ᠭᠠᠩᠭᠠᠩ ᠳᠡᠪᠡᠯ ᠲᠡᠢ ᠮᠢᠭᠮᠠᠨᠰᠠᠩᠵᠠᠢ᠂  ᠨᠠᠢᠭᠠᠯ ᠬᠣᠶᠠᠷ ᠬᠠᠷ᠎ᠠ ᠰᠦᠯᠳᠡ ᠪᠤᠰᠬᠠᠭᠰᠠᠨ ᠦᠷᠭᠦᠭᠡᠨ  ᠦ᠌ ᠡᠭᠦᠳᠡ ᠬᠠᠪᠢᠴᠠᠭ᠎ᠠ ᠵᠣᠭᠰᠣᠪᠠ᠃
     ᠭᠠᠯᠳᠠᠨ ᠤ᠋ ᠴᠠᠢᠪᠤᠷ ᠴᠢᠷᠠᠢ ᠳ᠋ᠤ᠌ ᠳᠡᠰ ᠬᠠᠷ᠎ᠠ ᠰᠠᠬᠠᠯ ᠵᠣᠬᠢᠵᠠᠢ᠃ ᠬᠣᠯᠠ ᠰᠢᠷ᠎ᠠ ᠳᠡᠪᠡᠯ ᠦ᠋ᠨ ᠪᠣᠰᠤᠭ᠎ᠠ ᠵᠠᠬ᠎ᠠ ᠭᠠᠯᠳᠠᠨ ᠤ᠋ ᠡᠷᠡᠦ ᠳ᠋ᠦ᠍ ᠲᠤᠯᠵᠤ᠂ ᠬᠦᠵᠦᠭᠦᠨ ᠳ᠋ᠡᠭᠡᠨ 
ᠵᠡᠭᠦᠭᠰᠡᠨ ᠡᠷᠢᠭᠡ ᠨᠢ ᠶᠡᠬᠡᠳᠡ ᠲᠣᠳᠣᠷᠠᠵᠠᠢ᠃ ᠭᠠᠯᠳᠠᠨ ᠬᠤᠷᠴᠠ ᠬᠦᠷᠡᠩ ᠨᠢᠳᠦ ᠪᠡᠷ ᠢ᠋ᠶ᠋ᠡᠨ ᠮᠢᠭᠮᠠᠨᠰᠠᠩᠵᠠᠢ  ᠶ᠋ᠢ ᠣᠯᠵᠤ ᠬᠠᠷᠠᠭᠠᠳ ᠢᠨᠢᠶᠡᠮᠰᠦᠭᠯᠡᠪᠡ᠃ ᠦᠰᠦ ᠵᠢᠰᠦ ᠲᠡᠭᠰᠢ  ᠮᠢᠭᠮᠠᠨᠰᠠᠩᠵᠠᠢ ᠬᠠᠭᠠᠨ ᠤ᠋ ᠬᠠᠷᠠᠴᠠ ᠠ᠋ᠴᠠ ᠢᠴᠢᠩᠬᠥᠢᠷᠡᠨ ᠪᠤᠷᠤᠭᠤ ᠬᠠᠷᠠᠬᠤ ᠬᠢᠷᠢᠨ᠎ᠠ ᠬᠠᠰ ᠴᠠᠭᠠᠨ ᠰᠢᠲᠦ ᠪᠡᠨ ᠭᠢᠯᠠᠯᠵᠠᠭᠤᠯᠤᠨ ᠢᠨᠢᠶᠡᠮᠰᠦᠭᠯᠡᠬᠦ ᠶ᠋ᠢ ᠨᠢ ᠬᠠᠷ᠎ᠠ ᠰᠦᠯᠳᠡ ᠶ᠋ᠢᠨ ᠳᠡᠷᠭᠡᠳᠡ ᠳᠥᠷᠦᠭᠡᠨ ᠳᠡᠭᠡᠷ᠎ᠡ ᠪᠡᠨ ᠦᠨᠳᠢᠢᠰᠬᠢᠨ ᠪᠠᠢᠬᠤ ᠠᠨᠤ ᠬᠠᠲᠤᠨ ᠬᠠᠷᠠᠪᠠ᠃
   《ᠠᠷᠴᠠ ᠪᠠᠭᠠᠲᠤᠷ ᠤ᠋ᠨ ᠳᠡᠭᠦᠦ ᠪᠦᠰᠡᠭᠦᠢ ᠭᠠᠯᠳᠠᠨ ᠤᠷᠤᠭᠤ ᠶᠠᠭᠠᠬᠢᠭᠰᠠᠨ ᠣᠢᠷᠠᠬᠠᠨ ᠢᠷᠡᠬᠦ ᠶᠦᠮ᠃ ᠭᠠᠯᠳᠠᠨ ᠬᠠᠭᠠᠨ ᠢᠨᠢᠶᠡᠮᠰᠦᠭᠯᠡᠵᠦ ᠪᠠᠢᠨ᠎ᠠ᠃ ᠡᠨᠡ ᠬᠣᠶᠠᠷ ᠪᠠᠭ᠎ᠠ ᠳ᠋ᠠᠭᠠᠨ ᠢᠬᠡᠷ᠎ᠡ ᠢᠨᠵᠠᠭ᠎ᠠ ᠰᠢᠭ᠋ ᠲᠣᠭᠯᠠᠵᠤ ᠥᠰᠦᠭᠰᠡᠨ ᠭᠡᠪᠡ ᠤᠤ?》 ᠭᠡᠮᠡᠨ ᠠᠨᠤ ᠠᠩᠬ᠎ᠠ ᠤᠳᠠᠭ᠎ᠠ ᠭᠠᠯᠳᠠᠨ ᠢ᠋ ᠬᠠᠷᠠᠮᠯᠠᠬᠤ ᠰᠡᠳᠬᠢᠯ ᠳ᠋ᠦ᠍ ᠠᠪᠲᠠᠪᠠ᠃ ᠶᠡᠬᠡ ᠬᠣᠯᠠ ᠠ᠋ᠴᠠ ᠲᠣᠭᠣᠰᠣ ᠪᠣᠰᠴᠤ ᠮᠣᠷᠢᠲᠠᠨ ᠨᠤᠭᠤᠳ ᠠᠢᠰᠤᠢ ᠶᠠᠪᠤᠭ᠎ᠠ ᠶ᠋ᠢ ᠶᠣᠰᠣᠯᠠᠯ ᠤ᠋ᠨ ᠬᠢᠨ ᠠᠵᠢᠯ᠎ᠠ᠃ ᠭᠠᠯᠳᠠᠨ ᠢ᠋ ᠬᠠᠭᠠᠨ ᠪᠣᠯᠤᠭᠰᠠᠨ ᠰᠤᠷᠠᠭ ᠢ᠋ᠶ᠋ᠠᠷ ᠮᠠᠨᠵᠤ ᠠ᠋ᠴᠠ ᠠᠷᠤ ᠮᠣᠩᠭᠣᠯ ᠠ᠋ᠴᠠ ᠡᠯᠴᠢ ᠪᠤᠤᠭᠢᠶᠠᠭᠣᠯᠤᠨ ᠢᠷᠡᠵᠦ ᠪᠠᠢᠯ᠎ᠠ᠃ ᠣᠷᠣᠢ ᠨᠢ ᠭᠠᠯᠳᠠᠨ ᠬᠠᠭᠠᠨ᠂
     — ᠮᠢᠨᠦ ᠰᠢᠪᠡᠭᠴᠢᠨ ᠢ᠋ᠶ᠋ᠡᠷ ᠮᠢᠭᠮᠠᠨᠰᠠᠩᠵᠠᠢ ᠶ᠋ᠢ ᠲᠠᠯᠪᠢᠴᠢᠬ᠎ᠠ᠃ ᠪᠠᠭ᠎ᠠ ᠠ᠋ᠴᠠ ᠨᠢ ᠮᠡᠳᠡᠬᠦ ᠶᠦᠮ᠃ ᠢᠲᠡᠭᠡᠯ ᠲᠡᠢ᠂ ᠵᠥᠭᠡᠯᠡᠨ ᠠᠭᠠᠰᠢ ᠲᠠᠢ ᠥᠬᠢᠨ ᠪᠠᠢᠭᠰᠠᠨ ᠶᠤᠮ᠃ ᠣᠳᠣ ᠬᠢᠷᠢ ᠨᠢ ᠶᠠᠩᠵᠤ ᠪᠠᠷ ᠢ᠋ᠶ᠋ᠠᠨ ᠪᠢᠵᠡ ᠭᠡᠬᠦ ᠳ᠋ᠦ᠍ ᠠᠨᠤ ᠬᠠᠲᠤᠨ ᠮᠠᠰᠢ ᠪᠣᠯᠭᠣᠮᠵᠢᠲᠠᠢ ᠪᠠᠷ ᠳᠠᠪ ᠬᠢᠨ ᠰᠣᠴᠢᠭᠰᠠᠨ ᠢ᠋ᠶ᠋ᠠᠨ ᠨᠢᠭᠤᠯ᠎ᠠ᠃ ᠶᠥᠮ ᠠᠭ᠎ᠠ ᠬᠠᠲᠤᠨ ᠡᠬᠡ ᠨᠢ᠂
     — ᠰᠠᠨᠠᠯ ᠢ᠋ ᠨᠢ ᠠᠰᠠᠭᠤᠶ᠎ᠠ ᠭᠡᠵᠦ ᠥᠭᠦᠯᠡᠪᠡ᠃ ᠲᠡᠷᠡ ᠡᠳᠦᠷ ᠨᠠᠢᠭᠠᠯ ᠪᠦᠰᠡᠭᠦᠢ ᠭᠠᠢᠳᠠᠪ ᠪᠠᠭᠠᠲᠤᠷ ᠲᠠᠢ ᠲᠠᠨᠢᠯᠴᠠᠵᠤ ᠢᠵᠢᠯᠢᠰᠢᠬᠦ ᠶ᠋ᠢᠨ ᠵᠢᠷᠭᠠᠯ ᠡᠳ᠋ᠯᠡᠬᠦ ᠪᠡᠷ
 ᠲᠡᠭᠦᠨ ᠢ᠋ ᠳᠠᠭᠠᠵᠠᠢ᠂᠂᠂᠂ 
  
  ᠬᠣᠶᠠᠷ 

    ᠬᠠᠭᠠᠨ ᠰᠡᠨᠳᠡᠢ ᠳ᠋ᠦ᠍ ᠭᠠᠯᠳᠠᠨ ᠵᠠᠯᠠᠷᠠᠨ᠎ᠠ᠃
    — ᠶᠡᠬᠡ ᠴᠠᠭᠠᠵᠠ ᠶᠠᠮᠠᠷ ᠰᠠᠨᠠᠭᠳᠠᠨ᠎ᠠ ᠭᠡᠮᠡᠨ ᠡᠮᠦᠨ᠎ᠡ ᠪᠡᠨ ᠪᠠᠢᠭ᠎ᠠ ᠪᠣᠰᠤᠭ᠎ᠠ ᠪᠢᠴᠢᠭ ᠲᠡᠢ ᠬᠠᠤᠯᠢ ᠶ᠋ᠢ ᠬᠠᠷᠠᠨ ᠪᠠᠢᠵᠤ ᠮᠡᠷᠭᠡᠨ ᠰᠠᠢᠳ ᠠᠰᠠᠭᠤᠨ᠎ᠠ᠃
    — ᠨᠠᠮᠠᠶ᠋ᠢ ᠲᠥᠷᠥᠬᠦ ᠡᠴᠡ ᠳᠥᠷᠪᠡᠨᠵᠢᠯ ᠦ᠋ᠨ ᠡᠮᠦᠨ᠎ᠡ ᠢᠯᠢ ᠲᠠᠷᠪᠠᠭᠠᠲᠠᠢ ᠳ᠋ᠤ᠌ ᠴᠤᠭᠯᠠᠭᠰᠠᠨ ᠣᠢᠷᠠᠳ ᠮᠣᠩᠭᠣᠯ ᠤ᠋ᠨ ᠴᠢᠭᠤᠯᠭᠠᠨ ᠰᠠᠢᠨ ᠬᠠᠤᠯᠢ ᠪᠠᠲᠤᠯᠠᠵᠠᠢ᠃ ᠭᠠᠵᠠᠷ ᠢ᠋ ᠤᠯᠤᠰ ᠤ᠋ᠨ ᠦᠨᠳᠦᠰᠦ ᠭᠡᠮᠡᠨ ᠮᠣᠳᠣᠨ ᠴᠠᠨ ᠢᠦᠢ ᠶ᠋ᠢᠨ ᠦᠶ᠎ᠡ ᠡᠴᠡ ᠦᠶ᠎ᠡ ᠳᠠᠮᠵᠢᠭᠤᠯᠤᠨ ᠴᠢᠩᠭᠢᠰ᠂ ᠥᠭᠡᠳᠡᠢ᠂ ᠬᠤᠪᠢᠯᠠᠢ ᠬᠠᠭᠠᠨ ᠤ᠋ ᠢᠷᠦᠭᠡᠯ ᠡᠷᠭᠦᠭᠰᠡᠨ ᠰᠤᠨᠳᠠᠭᠳᠤ ᠠᠢᠯᠠᠳᠪᠤᠷᠢ ᠶ᠋ᠢ ᠬᠠᠤᠯᠢ ᠳ᠋ᠤ᠌ ᠳᠤᠰᠬᠠᠭᠰᠠᠨ ᠢ᠋ ᠪᠢ ᠣᠨᠴᠠᠯᠠᠨ ᠰᠠᠢᠰᠢᠶᠠᠨ᠎ᠠ᠃ ᠶᠡᠬᠡ ᠴᠠᠭᠠᠵᠠ ᠬᠠᠤᠯᠢ ᠠ᠋ᠴᠠ ᠬᠠᠤᠯᠢ ᠤᠷᠭᠤᠭᠤᠯᠤᠨ᠂ ᠵᠢᠷᠤᠮ ᠲᠣᠭᠲᠠᠭᠠᠬᠤ ᠶᠠᠪᠤᠳᠠᠯ ᠳᠤᠲᠠᠭᠳᠠᠯ ᠲᠠᠢ ᠪᠠᠢᠭᠰᠠᠨ ᠢ᠋ ᠮᠡᠷᠭᠡᠨ ᠰᠠᠢᠳ ᠪᠣᠯᠭᠣᠭᠠᠨ᠎ᠠ ᠤᠤ? ᠭᠡᠵᠦ ᠭᠠᠯᠳᠠᠨ ᠬᠠᠭᠠᠨ ᠥᠭᠦᠯᠡᠪᠡ᠃ ᠮᠡᠷᠭᠡᠨ ᠰᠠᠢᠳ᠂
    — ᠵᠠ᠂ ᠪᠢ ᠪᠣᠯᠭᠣᠭᠠᠵᠤ ᠰᠠᠢᠵᠢᠷᠠᠭᠤᠯᠤᠶ᠎ᠠ᠃ ᠲᠥᠷᠥ ᠱᠠᠰᠢᠨ ᠤ᠋ ᠭᠤᠷᠪᠠᠨ ᠲᠠᠮᠠᠭ᠎ᠠ ᠲᠠᠨ ᠢ᠋ ᠪᠠᠲᠤᠯᠠᠵᠤ ᠪᠠᠢᠬᠤ ᠨᠢ ᠵᠥᠪ ᠭᠡᠵᠦ ᠳᠣᠲᠣᠨᠣ ᠪᠠᠷ ᠵᠥᠪᠯᠡᠪᠡ᠃ ᠭᠠᠯᠳᠠᠨ ᠬᠠᠭᠠᠨ᠂
    — ᠶᠡᠬᠡ ᠰᠠᠢᠨ᠂ ᠢᠯᠠᠩᠭᠤᠶ᠎ᠠ ᠴᠢᠩᠭᠢᠰ ᠬᠠᠭᠠᠨ ᠤ᠋ ᠦᠶ᠎ᠡ ᠶ᠋ᠢᠨ ᠡᠷᠳᠡᠨᠢ ᠶ᠋ᠢᠨ ᠲᠠᠮᠠᠭ᠎ᠠ ᠨᠠᠳᠠ ᠵᠢᠷᠦᠬᠡᠨ ᠲᠠᠷᠨᠢ ᠪᠢᠯᠡ᠃ ᠲᠠᠮᠠᠭ᠎ᠠ ᠦᠭᠡᠢ ᠲᠥᠷᠥ ᠦᠯᠦ ᠣᠷᠣᠰᠢᠨ᠎ᠠ᠃ ᠲᠥᠪᠡᠳ  ᠦᠰᠦᠭ ᠦᠨ ᠲᠠᠮᠠᠭ᠎ᠠ ᠪᠣᠯᠪᠠᠰᠤ ᠱᠠᠰᠢᠨ ᠤ᠋ ᠬᠡᠷᠡᠭ ᠲᠦ᠍ ᠢᠯᠡᠭᠦᠦ ᠬᠠᠮᠢᠶᠠᠷᠤᠯ ᠲᠠᠢ᠂ ᠬᠠᠷᠢᠨ ᠵᠡᠭᠦᠨᠭᠠᠷ ᠤ᠋ᠨ ᠬᠠᠭᠠᠨᠲᠤ ᠤᠯᠤᠰ ᠤ᠋ᠨ ᠲᠥᠷᠥ ᠶ᠋ᠢᠨ ᠬᠡᠷᠡᠭ ᠢ᠋ ᠲᠣᠳᠣ ᠦᠰᠦᠭ ᠦ᠋ᠨ ᠲᠠᠮᠠᠭ᠎ᠠ ᠪᠠᠷ ᠲᠠᠮᠠᠭᠠᠯᠠᠵᠤ ᠶᠠᠪᠤᠭᠤᠯᠬᠤ ᠨᠢ ᠵᠦᠢᠲᠡᠢ ᠭᠡᠵᠦ ᠴᠢᠩ ᠰᠠᠨᠠᠭ᠎ᠠ ᠪᠠᠨ ᠬᠡᠯᠡᠪᠡ᠃ ᠮᠡᠷᠭᠡᠨ ᠰᠠᠢᠳ ᠲᠣᠯᠣᠭᠠᠢ ᠳᠣᠬᠢᠭᠠᠳ᠂
     — ᠲᠠ ᠲᠥᠷᠥ ᠶ᠋ᠢᠨ ᠵᠢᠯᠣᠭᠣ ᠶ᠋ᠢ ᠶᠠᠭᠠᠬᠢᠵᠤ ᠠᠳᠬᠤᠬᠤ ᠪᠣᠳᠣᠯ ᠲᠠᠢ ᠪᠠᠢᠨ᠎ᠠ? ᠬᠤᠷᠴᠠ ᠤᠬᠠᠭᠠᠨᠲᠤ ᠭᠠᠯᠳᠠᠨ ᠤ᠋ ᠴᠢᠨᠠᠳᠤ ᠪᠣᠳᠣᠯ ᠢ᠋ ᠣᠢᠯᠠᠭᠠᠵᠤ ᠮᠡᠳᠡᠬᠦ ᠪᠡᠷ ᠠᠰᠠᠭᠤᠯ᠎ᠠ᠃ ᠭᠠᠯᠳᠠᠨ ᠪᠣᠱᠣᠭᠲᠤ᠂
     — ᠴᠢᠭᠤᠯᠭᠠᠨ ᠢ᠋ᠶ᠋ᠠᠷ ᠠᠳᠬᠤᠳᠠᠭ ᠪᠤᠰᠤ ᠤᠤ? ᠭᠡᠬᠦ ᠳ᠋ᠡᠭᠡᠨ ᠬᠣᠲᠠ ᠠᠢᠯ ᠤ᠋ᠳ ᠰᠠᠭᠤᠷᠢᠨ ᠬᠦᠷᠢᠶ᠎ᠡ᠂ ᠰᠦᠮ᠎ᠡ ᠳᠤᠭᠠᠩ᠂ ᠭᠠᠳᠠᠨ᠎ᠠ ᠳᠣᠲᠣᠨ᠎ᠠ ᠶ᠋ᠢᠨ ᠠᠯᠪᠠᠲᠤ ᠢᠷᠭᠡᠳ ᠦ᠋ᠨ ᠳᠤᠷ᠎ᠠ ᠵᠣᠷᠢᠭ ᠢ᠋ᠶ᠋ᠠᠷ ᠠᠭᠠᠰᠢᠯᠠᠬᠤ᠂ ᠵᠣᠷᠴᠢᠬᠤ ᠶᠠᠪᠤᠳᠠᠯ ᠢ᠋ ᠵᠣᠭᠰᠣᠭᠠᠵᠤ ᠨᠢᠭᠡᠨ ᠭᠠᠷ ᠲᠤ᠌ ᠲᠥᠪᠯᠡᠷᠡᠭᠦᠯᠦᠨ᠎ᠡ ᠭᠡᠮᠡᠨ ᠥᠭᠦᠯᠡᠪᠡ᠃
     ᠭᠠᠯᠳᠠᠨ ᠪᠣᠱᠣᠭᠲᠤ ᠬᠠᠭᠠᠨ᠂ ᠮᠡᠷᠭᠡᠨ ᠰᠠᠢᠳ ᠬᠣᠶᠠᠭᠤᠯᠠ ᠵᠥᠪᠯᠡᠯᠳᠦᠵᠦ ᠪᠠᠢᠬᠤ ᠵᠠᠭᠤᠷ᠎ᠠ ᠰᠦ ᠲᠡᠢ ᠴᠠᠢ ᠤᠤᠭᠤᠵᠤ᠂ ᠥᠷᠥᠮ᠎ᠡ ᠲᠡᠢ ᠠᠭᠠᠷᠤᠤᠯ ᠠᠮᠲᠠᠯᠠᠵᠤ ᠪᠠᠢᠪᠠ᠃ ᠮᠥᠯᠬᠥᠭᠡ ᠰᠢᠷᠡᠭᠡᠨ ᠳᠡᠭᠡᠷ᠎ᠡ ᠳᠣᠮᠪᠣ᠂ ᠭᠦᠴᠡ᠂ ᠴᠠᠷ᠎ᠠ ᠲᠠᠪᠠᠭ ᠵᠡᠷᠭᠡ ᠴᠠᠮ ᠤ᠋ᠨ ᠬᠢᠴᠡ ᠲᠡᠢ ᠡᠳ᠋ ᠬᠡᠷᠡᠭᠰᠡᠯ᠂ ᠮᠣᠣᠲᠤᠤ ᠴᠠᠭᠠᠰᠤ᠂ ᠪᠢᠷ ᠶᠠᠨᠲᠠᠢ ᠪᠠᠢᠬᠤ ᠪᠥᠯᠥᠭᠡ᠃ ᠮᠡᠷᠭᠡᠨ ᠰᠠᠢᠳ ᠪᠢᠷ ᠢ᠋ᠶ᠋ᠡᠨ ᠶᠠᠨᠲᠠᠢ ᠳ᠋ᠤ᠌ ᠲᠥᠷᠥᠵᠦ᠂
    —ᠨᠡᠭᠦᠳᠡᠯᠴᠢᠳ ᠦ᠋ᠨ ᠲᠠᠷᠠᠬᠠᠢ ᠨᠤᠲᠤᠭᠯᠠᠳᠠᠭ ᠢ᠋ ᠶᠠᠭᠠᠬᠢᠮᠠᠷ ᠪᠠᠢᠨ᠎ᠠ ᠭᠡᠬᠦ ᠳ᠋ᠦ᠍ ᠭᠠᠯᠳᠠᠨ ᠡᠨᠡ ᠲᠤᠬᠠᠢ ᠪᠣᠳᠣᠵᠤ ᠪᠠᠢᠭᠰᠠᠨ ᠲᠤᠯᠠ᠂
    — ᠠᠷᠪᠠᠲᠤ᠂ ᠬᠣᠷᠢᠲᠤ᠂ ᠳᠥᠴᠢᠲᠦ ᠪᠡᠷ ᠨᠢ ᠬᠣᠲᠠ ᠠᠢᠯ ᠤ᠋ᠳ ᠢ᠋ ᠨᠡᠢᠯᠡᠭᠦᠯᠵᠦ᠂ ᠣᠲᠣᠭ ᠬᠣᠰᠢᠭᠤ ᠪᠠᠷ ᠣᠢᠷᠠᠲᠤᠭᠤᠯᠵᠤ ᠨᠤᠲᠤᠭᠯᠠᠭᠤᠯᠤᠨ᠎ᠠ᠃ ᠴᠡᠷᠢᠭ ᠦ᠋ᠨ ᠵᠠᠷᠯᠠᠯ ᠳᠠᠭᠤᠳᠠᠯᠭ᠎ᠠ ᠪᠠᠷ ᠴᠤᠭᠯᠠᠷᠠᠬᠤ ᠭᠠᠵᠠᠷ ᠣᠷᠣᠨ ᠢ᠋ ᠬᠦᠷᠲᠡᠯ᠎ᠡ ᠬᠤᠪᠢᠷᠠᠭᠤᠯᠤᠨ᠎ᠠ᠃ ᠲᠠ ᠵᠠᠭᠦᠨᠭᠠᠷ ᠤ᠋ᠨ ᠨᠤᠲᠤᠭ ᠭᠠᠵᠠᠷ ᠤ᠋ᠨ ᠵᠢᠷᠤᠭ ᠢ᠋ ᠨᠠᠳᠠ ᠦᠵᠡᠭᠦᠯᠦᠭᠡᠷᠡᠢ! ᠠᠷᠤ ᠮᠣᠩᠭᠣᠯᠴᠤᠳ ᠣᠢᠷᠠᠳ ᠮᠣᠩᠭᠣᠯ ᠢ᠋ᠶ᠋ᠠᠨ ᠲᠠᠭᠠᠯᠠᠬᠤ ᠦᠭᠡᠢ ᠪᠠᠢᠬᠤ ᠰᠢᠭ᠋ ᠪᠠᠢᠨ᠎ᠠ᠃ ᠪᠢ ᠮᠣᠰᠺᠸᠠ ᠳ᠋ᠤ᠌ ᠡᠯᠴᠢ ᠢᠯᠡᠭᠡᠵᠦ ᠲᠣᠪᠤᠯᠰᠺ ᠲᠤ᠌ ᠮᠣᠩᠭᠣᠯ ᠭᠠᠴᠠᠭ᠎ᠠ ᠪᠠᠢᠭᠤᠯᠵᠤ ᠬᠤᠳᠠᠯᠳᠤᠭ᠎ᠠ ᠬᠢᠬᠦ ᠰᠠᠨᠠᠭ᠎ᠠ ᠲᠠᠢ ᠭᠡᠯ᠎ᠡ᠃
     ᠮᠡᠷᠭᠡᠨ ᠰᠠᠢᠳ ᠬᠠᠭᠠᠨ ᠤ᠋ ᠦᠭᠡ ᠶ᠋ᠢ ᠨᠢᠭᠡ ᠪᠥᠷᠢᠴᠢᠯᠡᠨ ᠪᠢᠴᠢᠵᠦ ᠠᠪᠤᠪᠠ᠃
     ᠡᠨᠡ ᠰᠠᠴᠠᠭᠤ ᠭᠠᠳᠠᠨ᠎ᠠ ᠠ᠋ᠴᠠ ᠳᠣᠮᠪᠣ ᠲᠠᠢ ᠰᠦ᠂ ᠢᠩᠭᠡ ᠶ᠋ᠢᠨ ᠬᠤᠷᠤᠳ ᠲᠡᠷᠢᠭᠦᠲᠡᠨ ᠠᠮᠲᠠᠲᠠᠨ ᠢ᠋ ᠰᠡᠢᠷᠡᠭᠰᠡᠨ ᠰᠦᠯᠵᠢᠮᠡᠯ ᠲᠠᠪᠠᠭ ᠲᠤ᠌ ᠳᠦᠭᠦᠷᠭᠡᠵᠦ ᠪᠠᠷᠢᠭᠰᠠᠨ ᠮᠢᠭᠮᠠᠨᠰᠠᠩᠵᠠᠢ ᠪᠦᠰᠡᠭᠦᠢ ᠣᠷᠣᠵᠤ ᠢᠷᠡᠯ᠎ᠡ᠃ ᠮᠢᠭᠮᠠᠨᠰᠠᠩᠵᠠᠢ ᠦᠰᠦ ᠤᠷᠲᠤ ᠪᠥᠭᠡᠳ ᠬᠣᠶᠠᠷ ᠰᠠᠯᠠᠭᠠᠯᠠᠵᠤ ᠬᠦᠷᠦᠭᠰᠡᠨ ᠨᠢ ᠪᠣᠷᠪᠢ ᠪᠠᠨ ᠬᠦᠷᠴᠡᠢ᠃ ᠬᠥᠳᠡᠯᠬᠦ ᠪᠦᠷᠢ ᠳ᠋ᠦ᠍ ᠬᠡᠦᠬᠡᠨ ᠦ᠌ ᠭᠡᠵᠢᠭᠡ ᠦᠰᠦ ᠨᠢ ᠮᠥᠷᠥ ᠳᠠᠯᠤ ᠪᠠᠨ ᠳᠠᠪᠠᠵᠤ ᠲᠣᠩᠭᠣᠢᠬᠤ ᠳ᠋ᠤ᠌ ᠡᠭᠡᠮ ᠤᠷᠤᠭᠤ ᠤᠷᠤᠰᠴᠤ ᠤᠨᠠᠨ᠎ᠠ᠃
     ᠮᠢᠭᠮᠠᠨᠰᠠᠩᠵᠠᠢ ᠦᠷᠭᠦᠭᠰᠡᠨ ᠵᠡᠭᠡᠷ᠎ᠡ ᠶ᠋ᠢᠨ ᠰᠢᠭ ᠡᠷᠪᠡᠯᠵᠡᠭᠰᠡᠨ ᠨᠢᠳᠦ ᠲᠡᠢ ᠠᠵᠢ᠃ ᠲᠡᠭᠦᠨ ᠦ᠌ ᠤᠷᠤᠭᠤᠯ ᠶᠠᠭᠠᠨ᠂ ᠬᠠᠮᠠᠷ ᠮᠣᠩᠬᠣᠷ᠂ ᠨᠢᠷᠤᠭᠤ ᠥᠨᠳᠥᠷ᠂ ᠪᠡᠯᠬᠡᠭᠦᠰᠦ ᠤᠶᠠᠬᠠᠨ᠂ ᠨᠢᠷᠤᠭᠤ ᠬᠣᠲᠣᠭᠣᠷ ᠠᠵᠢ᠃《ᠨᠢᠭᠡᠨ ᠴᠠᠭ ᠲᠤᠷ ᠥᠨᠳᠥᠷ ᠭᠡᠭᠡᠨ ᠦ᠌ ᠤᠷᠠᠯᠠᠭᠰᠠᠨ ᠳᠠᠭᠢᠨᠢ ᠡᠬᠡ ᠡᠢᠮᠦ ᠪᠠᠢᠭᠰᠠᠨ》 ᠭᠡᠮᠡᠨ ᠭᠠᠯᠳᠠᠨ ᠲᠡᠷᠡᠬᠡᠨ ᠵᠠᠭᠤᠷ᠎ᠠ ᠪᠣᠳᠣᠯ᠎ᠠ᠃ ᠮᠡᠷᠭᠡᠨ ᠰᠠᠢᠳ ᠮᠣᠣᠲᠤᠤ ᠴᠠᠭᠠᠰᠤ᠂ ᠪᠢᠴᠢᠭ ᠨᠣᠮ ᠢ᠋ᠶ᠋ᠠᠨ ᠰᠤᠭᠤᠪᠴᠢᠯᠠᠨ ᠭᠠᠷᠴᠤ ᠣᠳᠬᠤ ᠳ᠋ᠤ᠌ ᠭᠠᠯᠳᠠᠨ ᠬᠠᠭᠠᠨ ᠮᠢᠭᠮᠠᠨᠰᠠᠩᠵᠠᠢ ᠶ᠋ᠢᠨ ᠬᠠᠮᠲᠤ ᠦᠷᠭᠦᠭᠡᠨ ᠳ᠋ᠡᠭᠡᠨ ᠦᠯᠡᠳᠡᠪᠡ᠃
     — ᠵᠢᠷᠭᠤᠭᠠᠨ ᠵᠢᠯ ᠦ᠋ᠨ ᠡᠮᠦᠨ᠎ᠡ ᠨᠠᠮᠠᠶ᠋ᠢ ᠨᠤᠲᠤᠭ ᠲᠠᠭᠠᠨ ᠢᠷᠡᠬᠦ ᠳ᠋ᠦ᠍ ᠴᠢ ᠬᠠᠮᠢᠭ᠎ᠠ ᠪᠠᠢᠭᠰᠠᠨ ᠪᠣᠢ? ᠪᠢ ᠴᠢᠮᠠᠶ᠋ᠢ ᠬᠠᠢᠭᠰᠠᠨ ᠁ ᠭᠡᠵᠦ ᠭᠠᠯᠳᠠᠨ ᠦᠭᠡ ᠶᠠᠷᠢᠶ᠎ᠠ ᠪᠠᠨ ᠡᠪᠯᠡᠭᠦᠯᠵᠦ ᠶᠠᠳᠠᠨ ᠮᠢᠭᠮᠠᠨᠰᠠᠩᠵᠠᠢ ᠠ᠋ᠴᠠ ᠠᠰᠠᠭᠤᠯ᠎ᠠ᠃ ᠪᠦᠰᠡᠭᠦᠢ ᠶ᠋ᠢᠨ ᠨᠢᠳᠦ ᠲᠣᠷᠮᠣᠯᠵᠠᠨ᠂
     — ᠭᠡᠭᠡᠨᠲᠡᠨ ᠦ᠌ ᠳ᠋ᠦ᠍ ᠁ ᠭᠡᠯ᠎ᠡ᠃
     — ᠲᠡᠨᠳᠡ ᠶᠠᠭᠤ ᠬᠢᠵᠦ ᠪᠠᠢᠭᠰᠠᠨ ᠪᠣᠢ?
     — ᠷᠠᠰᠢᠶᠠᠨ ᠪᠡᠯᠡᠳᠬᠡᠳᠡᠭ᠂ ᠵᠥᠭᠡᠭᠡᠳᠡᠭ ᠪᠠᠢᠭᠰᠠᠨ᠃
     — ᠨᠠᠮᠠᠶ᠋ᠢ ᠣᠴᠢᠬᠤ ᠳ᠋ᠤ᠌ ᠴᠢ ᠪᠠᠢᠭ᠎ᠠ ᠦᠭᠡᠢ ᠰᠢᠦ ᠳᠡ᠃
     — ᠢᠴᠢᠭᠡᠳ ᠁ ᠬᠠᠳᠠᠨ ᠤ᠋ ᠴᠠᠭᠠᠨ᠎ᠠ ᠨᠢᠭᠤᠭᠳᠠᠴᠢᠬᠬᠠᠰᠠᠨ ᠶᠤᠮ᠃
     — ᠶᠠᠭᠤᠨ ᠳ᠋ᠠᠭᠠᠨ ᠲᠡᠭᠡᠲᠡᠯ᠎ᠡ ᠪᠡᠨ ᠢᠴᠢᠳᠡᠭ ᠪᠢᠯᠡ?
     — ᠣᠯᠠᠨ ᠵᠢᠯ ᠲᠠᠨ ᠤ᠋ ᠪᠡᠶ᠎ᠡ ᠶ᠋ᠢ ᠬᠠᠷᠠᠭ᠎ᠠ ᠦᠭᠡᠢ ᠪᠣᠯᠬᠣᠷ ᠢ᠋ᠶ᠋ᠠᠨ ᠁
     — ᠣᠳᠣ ᠢᠴᠢᠬᠦ ᠪᠡᠨ ᠪᠣᠯᠢᠭᠰᠠᠨ ᠪᠢᠵᠡ ᠳᠡ᠃
     — ᠮᠡᠳᠡᠬᠦ ᠦᠭᠡᠢ᠃ ᠨᠠᠳᠠ ᠵᠢᠭᠠᠬᠠᠨ ᠡᠪ ᠦᠭᠡᠢ ᠪᠠᠢᠬᠤ ᠶᠤᠮ᠃
     — ᠮᠠᠨ ᠤ᠋ ᠴᠣᠷᠣᠰ ᠣᠪᠣᠭ ᠲᠤ ᠴᠢᠮ᠎ᠠ ᠰᠢᠭ᠋ ᠪᠦᠰᠡᠭᠦᠢ ᠣᠯᠠᠨ ᠪᠠᠢᠭ᠎ᠠ ᠤᠤ?
     — ᠵᠥᠩᠳᠡᠭᠡᠨ ᠪᠣᠢ᠃ ᠬᠠᠭᠠᠨ ᠲᠠ ᠥᠪᠡᠷ ᠢ᠋ᠶ᠋ᠡᠨ ᠬᠠᠷᠠᠭᠠᠷᠠᠢ᠃ ᠲᠠᠨ ᠤ᠋ ᠨᠢᠳᠦ ᠤᠨᠠᠨ᠎ᠠ᠃ ᠨᠢᠳᠦ ᠤᠨᠠᠬᠤ ᠪᠠᠷ ᠥᠬᠢᠳ ᠴᠤ ᠪᠣᠢ ᠰᠢᠦ᠃
     — ᠯᠠᠮᠠ ᠬᠥᠮᠦᠨ ᠢ᠋ ᠴᠢ ᠶᠠᠭᠤ ᠭᠡᠪᠡ ᠠ᠋?
     — ᠠ᠋᠂ ᠭᠡᠭᠡᠨ ᠪᠠᠭᠰᠢ ᠮᠢᠨᠢ ᠥᠷᠥᠰᠢᠶᠡ! ᠬᠠᠭᠠᠨ ᠲᠠ ᠤᠭ ᠠ᠋ᠴᠠ ᠪᠠᠨ ᠯᠠᠮᠠ ᠪᠢᠰᠢ ᠰᠢᠦ ᠳᠡ᠃
     — ᠪᠢ ᠴᠢᠨᠢ ᠡᠷ᠎ᠡ ᠬᠥᠮᠦᠨ ᠪᠤᠰᠤ ᠤᠤ? ᠣᠳᠣ ᠡᠷ᠎ᠡ ᠬᠥᠮᠦᠨ ᠰᠢᠭ ᠠᠮᠢᠳᠤᠷᠠᠨ᠎ᠠ᠃
     — ᠮᠥᠨ᠂ ᠮᠥᠨ᠃ ᠪᠢ ᠲᠠᠨ ᠢ᠋ ᠮᠡᠳᠡᠬᠦ ᠦᠭᠡᠢ᠃ ᠪᠠᠭ᠎ᠠ ᠳ᠋ᠠᠭᠠᠨ ᠲᠠ ᠬᠣᠩ ᠲᠠᠢᠵᠢ ᠶ᠋ᠢᠨ ᠴᠣᠬᠣᠷ ᠰᠢᠯᠦᠭᠦᠰᠦ ᠬᠡᠮᠡᠬᠦ ᠰᠠᠢᠬᠠᠨ ᠮᠣᠷᠢ ᠪᠠᠷ ᠣᠷᠣᠯᠳᠣᠳᠠᠭ ᠰᠠᠨ᠃ ᠵᠠᠩᠵᠤᠨ ᠠᠪᠤ ᠶ᠋ᠢᠨ ᠭᠠᠯ ᠬᠦᠷᠡᠩ  ᠴᠤ᠌ ᠬᠤᠷᠳᠤᠨ ᠬᠦᠯᠦᠭ ᠪᠠᠢᠭᠰᠠᠨ ᠰᠢᠦ᠃ ᠲᠡᠷᠡ ᠬᠤᠷᠳᠤᠨ ᠮᠣᠷᠢᠳ ᠥᠲᠡᠯᠵᠦ ᠦᠷᠡᠭᠳᠡᠭᠰᠡᠨ᠃ ᠮᠢᠨᠦ ᠡᠴᠢᠭᠡ ᠴᠡᠷᠢᠭ ᠦ᠋ᠨ ᠵᠠᠩᠵᠤᠨ ᠳᠡᠮᠪᠡᠷᠢᠯ ᠢ᠋ ᠬᠤᠷᠵᠢᠯᠤ ᠪᠥᠬᠡ ᠴᠢᠨᠳᠠᠷᠯᠠᠭᠰᠠᠨ ᠭᠡᠳᠡᠭ᠃ ᠲᠠᠨ ᠤ᠋ ᠬᠡᠬᠡᠷᠡᠭᠰᠡᠨ ᠪᠤᠷᠬᠠᠨ ᠤ᠋ ᠣᠷᠣᠨ ᠳ᠋ᠤ  ᠴᠢᠨᠳᠠᠷ ᠠ᠋ᠴᠠ ᠨᠢ ᠠᠪᠠᠴᠢᠭᠰᠠᠨ ᠭᠡᠨ᠎ᠡ ᠯᠠᠢ᠃
      — ᠲᠡᠭᠡᠭᠰᠡᠨ᠃ ᠳᠡᠮᠪᠡᠷᠢᠯ ᠵᠠᠩᠵᠤᠨ ᠪᠣᠯ ᠵᠡᠭᠦᠨᠭᠠᠷ ᠳᠠᠶᠠᠭᠠᠷ ᠠᠯᠳᠠᠷ ᠨᠢ ᠲᠦᠭᠡᠭᠰᠡᠨ ᠪᠠᠭᠠᠲᠤᠷ ᠪᠠᠢᠭᠰᠠᠨ᠃ ᠴᠡᠷᠢᠭ ᠦ᠋ᠨ ᠬᠦᠷᠢᠶᠡᠨ ᠳ᠋ᠦ᠍ ᠨᠠᠳᠠ ᠬᠠᠷᠪᠤᠬᠤ ᠨᠠᠮᠨᠠᠬᠤ ᠰᠤᠷᠭᠠᠭᠤᠯᠢ ᠵᠢᠭᠠᠳᠠᠭ ᠪᠠᠢᠵᠤ ᠪᠢᠯᠡ᠃ ᠰᠠᠢᠬᠠᠨ ᠡᠷ᠎ᠡ ᠪᠠᠢᠵᠤ ᠪᠢᠯᠡ᠃
      — ᠠᠪᠤ ᠶ᠋ᠢ ᠮᠢᠨᠢ ᠳᠤᠷᠠᠰᠤᠭᠰᠠᠨ ᠳ᠋ᠤ᠌ ᠬᠣᠭᠣᠯᠠᠢ ᠵᠠᠩᠭᠢᠷᠠᠭᠠᠳ ᠪᠠᠢᠨ᠎ᠠ᠃ ᠮᠠᠨ ᠤ᠋ ᠬᠢᠨ ᠤᠳᠤᠮ ᠢ᠋ᠶ᠋ᠠᠷ ᠢ᠋ᠶ᠋ᠠᠨ ᠣᠢᠷᠠᠳ ᠬᠠᠭᠠᠳ ᠤ᠋ᠨ ᠲᠥᠯᠥᠭᠡ ᠵᠢᠳᠬᠦᠵᠦ ᠶᠠᠪᠤᠭ᠎ᠠ᠃ ᠪᠢ ᠴᠦ᠍ ᠪᠠᠰᠠ ᠵᠢᠳᠬᠦᠨ᠎ᠡ᠃ ᠮᠢᠭᠮᠠᠨᠰᠠᠩᠵᠠᠢ ᠶ᠋ᠢᠨ ᠬᠣᠭᠣᠯᠠᠢ ᠳ᠋ᠤ᠌ ᠨᠢᠭᠡ ᠶᠠᠭᠤᠮ᠎ᠠ ᠲᠣᠷᠴᠤ ᠳᠠᠭᠤ ᠪᠠᠨ ᠬᠤᠷᠢᠶᠠᠪᠠ᠃ ᠨᠢᠯᠬ᠎ᠠ ᠪᠠᠭ᠎ᠠ ᠨᠠᠰᠤ ᠪᠠᠨ ᠠᠭᠤᠯᠠ ᠶ᠋ᠢᠨ ᠴᠢᠷᠮ᠎ᠡ᠂ ᠬᠠᠷ᠎ᠠ ᠡᠷᠴᠢᠰ ᠮᠥᠷᠡᠨ ᠦ᠌ ᠬᠥᠪᠡᠭᠡᠨ᠎ᠡ ᠮᠣᠷᠢ ᠪᠠᠷ ᠤᠷᠤᠯᠳᠤᠵᠤ ᠥᠩᠭᠡᠷᠡᠭᠡᠭᠰᠡᠨ ᠢ᠋ᠶ᠋ᠡᠨ ᠮᠢᠭᠮᠠᠨᠰᠠᠩᠵᠠᠢ ᠳᠤᠷᠠᠰᠬᠤ ᠳᠤᠷᠠᠲᠠᠢ ᠪᠠᠢᠯ᠎ᠠ᠃ ᠪᠦᠰᠡᠭᠦᠢ ᠠᠭᠠᠯᠢ ᠠᠭᠠᠰᠢ ᠢᠯᠳᠠᠮ᠂ ᠬᠥᠳᠡᠯᠭᠡᠭᠡᠨ ᠳᠥᠯᠭᠡᠬᠡᠨ ᠲᠤᠯᠠ ᠭᠠᠯᠳᠠᠨ ᠬᠠᠭᠠᠨ ᠶᠡᠬᠡᠳᠡ ᠳᠣᠲᠣᠨᠣᠰᠤᠨ ᠲᠡᠭᠦᠨ ᠲᠡᠢ ᠶᠠᠷᠢᠯᠴᠠᠪᠠ᠃ ᠲᠡᠭᠷᠢ ᠳ᠋ᠦ᠍ ᠭᠦᠨ ᠰᠥᠨᠢ ᠶ᠋ᠢᠨ ᠣᠳᠣᠳ ᠵᠢᠭᠰᠠᠵᠠᠢ᠃ ᠠᠭᠤᠯᠠ ᠶ᠋ᠢᠨ ᠶᠠᠩ ᠲᠠᠭᠲᠤ ᠳ᠋ᠤ᠌ ᠰᠠᠷᠯᠤᠭ ᠤ᠋ᠨ ᠬᠥᠯ ᠢ᠋ᠶ᠋ᠡᠷ ᠴᠢᠯᠠᠭᠤ ᠥᠩᠬᠥᠷᠢᠬᠦ᠂ ᠰᠥᠨᠢ ᠶ᠋ᠢᠨ ᠠᠩᠭᠤᠴᠢ ᠠᠷᠢᠶᠠᠲᠠᠨ ᠤ᠋ ᠤᠲᠤᠯᠲᠠ ᠳ᠋ᠤ᠌ ᠪᠠᠷᠢᠭᠳᠠᠭᠰᠠᠨ ᠲᠠᠤᠯᠠᠢ ᠲᠡᠩᠬᠡᠭᠡ ᠪᠡᠨ ᠮᠡᠳᠡᠨ ᠴᠢᠷᠠᠯᠠᠵᠤ᠂ ᠭᠣᠣᠯ ᠤ᠋ᠨ ᠤᠰᠤ ᠲᠠᠰᠤᠷᠠᠯᠲᠠ ᠦᠭᠡᠢ ᠬᠠᠷᠭᠢᠶᠠᠯᠠᠨ ᠤᠷᠤᠰᠬᠤ ᠨᠢ ᠲᠣᠳᠣ ᠠ᠋ᠴᠠ ᠲᠣᠳᠣ ᠰᠣᠨᠣᠰᠤᠭᠳᠠᠮᠤᠢ᠃
      ᠨᠤᠲᠤᠭ ᠤᠰᠤᠨ ᠤ᠋ ᠪᠠᠨ ᠠᠮᠤᠷ ᠲᠠᠢᠪᠤᠩ ᠳ᠋ᠤ᠌ ᠰᠡᠳᠬᠢᠯ ᠬᠠᠨᠤᠭᠰᠠᠨ ᠭᠠᠯᠳᠠᠨ ᠬᠠᠭᠠᠨ ᠪᠦᠰᠡᠭᠦᠢ ᠳ᠋ᠦ᠍ ᠬᠠᠨᠳᠤᠵᠤ᠂
      — ᠮᠠᠷᠭᠠᠰᠢ ᠭᠡᠭᠡᠨᠲᠡᠨ ᠦ᠌ ᠷᠠᠰᠢᠶᠠᠨ ᠠ᠋ᠴᠠ ᠬᠦᠷᠲᠡᠨ᠎ᠡ ᠭᠡᠬᠦ ᠳ᠋ᠦ᠍ ᠮᠢᠭᠮᠠᠨᠰᠠᠩᠵᠠᠢ ᠨᠢᠳᠦ ᠲᠣᠷᠮᠣᠯᠵᠠᠭᠠᠳ᠂
      — ᠬᠠᠭᠠᠨᠲᠠᠨ ᠮᠢᠨᠢ᠂ ᠲᠡᠷᠡ ᠷᠠᠰᠢᠶᠠᠨ ᠠᠭᠤᠯᠠ ᠶ᠋ᠢᠨ ᠲᠠᠭᠲᠤ ᠳ᠋ᠤ᠌ ᠡᠯᠢᠭᠡᠨ ᠬᠠᠳᠠᠨ ᠠ᠋ᠴᠠ ᠳᠤᠰᠤᠯᠠᠳᠠᠭ ᠶᠤᠮ ᠰᠢᠦ ᠳᠡ ᠭᠡᠬᠦ ᠨᠢ《ᠬᠠᠭᠠᠨ ᠲᠠᠢᠰᠢ ᠪᠠᠨ ᠶᠠᠪᠤᠵᠤ ᠪᠣᠯᠤᠨ᠎ᠠ ᠭᠡᠵᠦ ᠤᠤ?》 ᠬᠡᠮᠡᠬᠦ ᠡᠷᠡᠭᠡᠯᠵᠡᠭᠡ ᠲᠥᠷᠥᠭᠰᠡᠨ ᠡᠴᠡ ᠪᠣᠯᠵᠠᠢ᠃ ᠭᠠᠯᠳᠠᠨ ᠬᠠᠭᠠᠨ ᠮᠢᠰᠢᠶᠡᠭᠡᠳ᠂
      — ᠪᠢ ᠵᠠᠪᠠᠯ ᠣᠴᠢᠨ᠎ᠠ᠂ ᠪᠠᠭ᠎ᠠ ᠨᠠᠰᠤ ᠪᠠᠨ ᠦᠵᠡᠶ᠎ᠡ ᠭᠡᠪᠡ᠃
      ᠮᠢᠭᠮᠠᠨᠰᠠᠩᠵᠠᠢ ᠶᠡᠬᠡᠳᠡ ᠪᠠᠶᠠᠷ ᠲᠠᠢ ᠪᠠᠷ ᠨᠢᠷᠤᠭᠤ ᠪᠠᠨ ᠬᠣᠲᠣᠯᠵᠠᠭᠤᠯᠤᠨ ᠶᠡᠬᠡ ᠦᠷᠭᠦᠭᠡᠨ ᠦ᠌ ᠡᠭᠦᠳᠡ ᠪᠡᠷ ᠭᠠᠷᠴᠤ ᠣᠳᠪᠠ᠃
      ᠮᠢᠭᠮᠠᠨᠰᠠᠩᠵᠠᠢ ᠶ᠋ᠢᠨ ᠴᠡᠭᠡᠯ ᠰᠠᠢᠬᠠᠨ ᠬᠣᠭᠣᠯᠠᠢ ᠨᠢ ᠭᠠᠯᠳᠠᠨ ᠳ᠋ᠤ᠌ ᠲᠠᠭᠠᠯᠠᠮᠵᠢᠲᠠᠢ ᠪᠠᠢᠬᠤ ᠲᠤᠯᠠ ᠠᠭᠤᠯᠠ ᠶ᠋ᠢᠨ ᠵᠢᠮ ᠢ᠋ᠶ᠋ᠡᠷ ᠥᠭᠰᠥᠵᠦ᠂ ᠤᠷᠤᠭᠤᠳᠠᠵᠤ ᠶᠠᠪᠤᠬᠤ ᠵᠠᠮ ᠳ᠋ᠠᠭᠠᠨ ᠳᠠᠭᠤᠯᠠᠭᠤᠯᠤᠨ᠎ᠠ ᠭᠡᠳᠡᠭ ᠪᠣᠳᠣᠯ ᠲᠥᠷᠥᠵᠡᠢ᠃ ᠪᠠᠭ᠎ᠠ ᠳ᠋ᠠᠭᠠᠨ ᠮᠢᠭᠮᠠᠨᠰᠠᠩᠵᠠᠢ ᠳᠠᠭᠤᠤ ᠳᠠᠭᠤᠯᠠᠵᠤ᠂ ᠦᠯᠢᠭᠡᠷ ᠲᠤᠤᠯᠢ ᠰᠣᠨᠣᠰᠴᠤ᠂ ᠮᠣᠷᠢ ᠪᠠᠷ ᠣᠷᠣᠯᠳᠣᠳᠠᠭ ᠥᠬᠢᠨ ᠪᠠᠢᠭᠰᠠᠨ ᠨᠢ ᠭᠠᠯᠳᠠᠨ ᠬᠠᠭᠠᠨ ᠤ᠋ ᠰᠠᠨᠠᠭᠠᠨ ᠳ᠋ᠤ᠌ ᠦᠯᠡᠳᠡᠵᠡᠢ᠃
      ᠮᠢᠭᠮᠠᠨᠰᠠᠩᠵᠠᠢ ᠶ᠋ᠢᠨ ᠬᠥᠯ ᠦ᠋ᠨ ᠵᠥᠭᠡᠯᠡᠨ ᠭᠢᠰᠬᠢᠯᠲᠡ ᠡᠪᠡᠰᠦ ᠨᠣᠭᠣᠭ᠎ᠠ ᠶ᠋ᠢ ᠰᠡᠷᠪᠡᠯᠵᠡᠭᠦᠯᠦᠨ ᠬᠣᠯᠠᠳᠤᠭᠠᠳ ᠤᠳᠠᠭ᠎ᠠ ᠦᠭᠡᠢ ᠪᠠᠢᠲᠠᠯ᠎ᠠ ᠶᠡᠬᠡ ᠦᠷᠭᠦᠭᠡᠨ ᠦ᠌ ᠡᠭᠦᠳᠡ ᠰᠡᠪᠬᠢᠨ ᠨᠡᠭᠡᠭᠡᠭᠳᠡᠪᠡ᠃ ᠠᠨᠤ ᠬᠠᠲᠤᠨ ᠣᠷᠣᠵᠤ ᠢᠷᠡᠯ᠎ᠡ᠃
       — ᠠᠨᠤ ᠮᠢᠨᠢ ᠡᠳᠦᠢ ᠣᠷᠣᠢ ᠪᠣᠯᠲᠠᠯ᠎ᠠ ᠶᠠᠭᠠᠬᠢᠭᠠᠳ ᠠᠮᠠᠷᠠᠭ᠎ᠠ ᠦᠭᠡᠢ ᠪᠢᠯᠡ᠃ ᠨᠠᠳᠠ ᠲᠡᠮᠳᠡᠭᠯᠡᠬᠦ᠂ ᠪᠢᠰᠢᠯᠭᠠᠬᠤ ᠶᠠᠭᠤᠮ᠎ᠠ ᠵᠥᠩᠳᠡᠭᠡᠨ᠃ ᠪᠢ ᠴᠢᠯᠥᠭᠡ ᠲᠡᠢ ᠪᠣᠯᠵᠠᠢ᠃ ᠭᠡᠪᠡᠴᠦ ᠯᠠᠮᠠ ᠶ᠋ᠢᠨ ᠢ᠋ᠶ᠋ᠡᠨ ᠵᠤᠳᠠᠭ᠂ ᠲᠢᠭ ᠶᠣᠰᠣᠨ ᠠ᠋ᠴᠠ ᠰᠠᠢᠨ ᠰᠠᠯᠵᠤ ᠴᠢᠳᠠᠬᠤ ᠦᠭᠡᠢ ᠬᠦᠯᠢᠭᠳᠡᠭᠡᠳ ᠪᠠᠢᠬᠤ ᠶᠤᠮ᠃ ᠮᠢᠭᠮᠠᠨᠰᠠᠩᠵᠠᠢ ᠲᠠᠢ ᠮᠠᠷᠭᠠᠰᠢ ᠭᠡᠭᠡᠨᠲᠡᠨ ᠦ᠌ ᠷᠠᠰᠢᠶᠠᠨ ᠢ᠋ ᠬᠦᠷᠲᠡᠬᠦ ᠪᠣᠯᠤᠯ᠎ᠠ ᠭᠡᠮᠡᠨ ᠭᠠᠯᠳᠠᠨ ᠶᠡᠷᠦᠳᠡ ᠶ᠋ᠢᠨ ᠬᠦᠦᠷᠨᠢᠨ ᠥᠭᠦᠯᠡᠪᠡ᠃
     ᠠᠨᠤ ᠶ᠋ᠢᠨ ᠰᠠᠷᠠᠨ ᠭᠡᠷᠡᠯᠲᠦ ᠴᠠᠢᠪᠤᠷ ᠴᠢᠷᠠᠢ ᠳ᠋ᠤ᠌ ᠶᠠᠭᠠᠨ ᠲᠤᠶᠠᠭ᠎ᠠ ᠲᠠᠲᠠᠵᠤ 《ᠬᠠᠭᠠᠨ ᠶᠠᠭᠠᠬᠢᠬᠤ ᠪᠠᠷ ᠢ᠋ᠶ᠋ᠠᠨ ᠨᠠᠳᠠ ᠲᠠᠢ ᠴᠣᠭ ᠶᠠᠪᠤᠳᠠᠭ ᠦᠭᠡᠢ ᠪᠢᠯᠡ᠃ 
ᠮᠢᠭᠮᠠᠨᠰᠠᠩᠵᠠᠢ ᠶ᠋ᠢ ᠬᠠᠲᠤᠨ ᠡᠬᠡ ᠰᠢᠪᠡᠭᠴᠢᠨ ᠢ᠋ᠶ᠋ᠡᠷ ᠠᠪᠴᠢᠷᠠᠭᠰᠠᠨ᠃ ᠬᠠᠭᠠᠨ ᠢ᠋ ᠪᠠᠭ᠎ᠠ ᠠ᠋ᠴᠠ ᠪᠠᠨ ᠮᠢᠭᠮᠠᠨᠰᠠᠩᠵᠠᠢ ᠮᠡᠳᠡᠨ᠎ᠡ᠃ ᠬᠠᠭᠠᠨ ᠯᠠᠮᠠ ᠶ᠋ᠢᠨ ᠢ᠋ᠶ᠋ᠡᠨ ᠲᠢᠭ ᠶᠣᠰᠣᠨ ᠤ᠋ ᠬᠦᠯᠢᠶᠡᠰᠦ ᠶ᠋ᠢ ᠡᠪᠳᠡᠬᠦ ᠶ᠋ᠢ ᠬᠦᠰᠡᠵᠦ ᠪᠠᠢᠨ᠎ᠠ᠃ ᠠᠭᠤᠯᠠᠨ ᠳ᠋ᠤ᠌ ᠴᠣᠭ ᠶᠠᠪᠤᠭᠠᠳ ᠢᠷᠡᠬᠦ ᠪᠡᠷ ᠨᠢ ᠪᠢ ᠬᠠᠲᠤᠨ ᠤ᠋ ᠪᠠᠨ ᠷᠢᠳᠢ ᠰᠢᠳᠢ᠂ ᠤᠷᠠᠨ ᠤᠬᠠᠭᠠᠨ᠂ ᠡᠮ᠎ᠡ ᠶ᠋ᠢᠨ ᠨᠠᠭᠠᠯᠢᠩᠬᠠᠢ ᠠᠭᠠᠰᠢ ᠶ᠋ᠢ ᠦᠵᠡᠭᠦᠯᠵᠦ ᠬᠠᠭᠠᠨ ᠤ᠋ ᠬᠦᠯᠢᠶᠡᠰᠦ ᠶ᠋ᠢ ᠲᠠᠰᠤᠷ ᠲᠠᠲᠠᠵᠤ ᠲᠤᠩᠭᠠᠯᠠᠭ ᠪᠤᠯᠠᠭ ᠤ᠋ᠨ ᠤᠰᠤ ᠶ᠋ᠢ ᠮᠡᠯᠲᠡᠯᠵᠡᠲᠡᠯ᠎ᠡ ᠨᠠᠭᠠᠳᠬᠤ ᠶᠤᠮᠰᠠᠨ》 ᠭᠡᠵᠦ ᠪᠣᠳᠣᠯ᠎ᠠ᠃
      ᠠᠨᠤ ᠬᠠᠲᠤᠨ ᠨᠠᠮᠪᠠ ᠲᠠᠢ ᠪᠠᠷ᠂
      — ᠬᠠᠭᠠᠨ ᠲᠠ ᠲᠠᠭᠠᠯᠠᠨ ᠪᠣᠯᠭᠣᠭᠠᠵᠤ ᠮᠢᠨᠦ ᠳᠡᠭᠦᠦ ᠠᠬᠠᠳᠠᠷ᠎ᠠ ᠶ᠋ᠢ ᠠᠶᠠᠭᠠᠴᠢᠨ ᠪᠣᠯᠭᠠᠪᠠᠯ ᠶᠠᠮᠠᠷ ᠪᠣᠯ᠃ ᠲᠡᠷᠡ ᠤᠷᠢᠨ ᠳᠤᠯᠠᠭᠠᠨ ᠠᠭᠠᠰᠢ ᠲᠠᠢ ᠪᠢᠯᠡ᠃ ᠴᠡᠪᠡᠷ ᠴᠡᠮᠴᠡᠭᠡᠷ ᠵᠠᠩ ᠲᠠᠢ ᠠ᠋ᠴᠠ ᠭᠠᠳᠠᠨ᠎ᠠ ᠶᠡᠬᠡ ᠬᠢᠨᠠᠭᠤᠷ ᠪᠦᠰᠡᠭᠦᠢ ᠰᠢᠦ᠃ ᠰᠠᠨᠠᠭ᠎ᠠ ᠳᠤᠲᠠᠬᠤ ᠦᠭᠡᠢ ᠤᠴᠢᠷ ᠠ᠋ᠴᠠ ᠬᠠᠭᠠᠨ ᠤ᠋ ᠣᠢᠷ᠎ᠠ ᠪᠠᠢᠬᠤ ᠳ᠋ᠤ᠌ ᠲᠣᠬᠢᠷᠠᠨ᠎ᠠ ᠭᠡᠮᠡᠨ ᠬᠡᠯᠡᠭᠰᠡᠨ ᠢ᠋ᠶ᠋ᠡᠨ᠂
      — ᠲᠠ ᠠᠮᠠᠷᠠᠵᠤ ᠵᠡᠭᠦᠳᠦ ᠨᠣᠢᠷ ᠢ᠋ᠶ᠋ᠠᠨ ᠮᠠᠨᠠ ᠳᠠ ᠭᠡᠬᠦ ᠳ᠋ᠦ᠍ ᠭᠠᠯᠳᠠᠨ ᠬᠠᠭᠠᠨ ᠨᠠᠢᠷᠰᠠᠭ ᠢ᠋ᠶ᠋ᠠᠷ ᠮᠢᠰᠢᠶᠡᠵᠦ᠂
      — ᠵᠤᠯᠠ ᠪᠠᠨ ᠡᠷᠭᠦᠭᠡᠳ ᠠᠮᠠᠷᠠᠨ᠎ᠠ ᠭᠡᠬᠦ ᠮᠥᠷᠲᠡᠭᠡᠨ᠂
      — ᠬᠠᠲᠤᠨᠲᠠᠨ ᠤ᠋ ᠨᠣᠢᠷ ᠬᠤᠯᠵᠢᠭᠠᠳ ᠪᠠᠢᠨ᠎ᠠ ᠤᠤ ᠳᠠ? ᠭᠡᠳ ᠠᠨᠤ ᠬᠠᠲᠤᠨ ᠲᠠᠢ ᠪᠠᠨ ᠬᠠᠷᠠᠴᠠ ᠲᠤᠯᠭᠠᠷᠠᠪᠠ᠃
      ᠠᠨᠤ ᠬᠠᠲᠤᠨ ᠤ᠋ ᠨᠢᠳᠦᠨ ᠳ᠋ᠦ᠍ ᠠᠮᠠᠷᠠᠭ ᠬᠠᠢᠷ᠎ᠠ ᠶ᠋ᠢᠨ ᠭᠡᠷᠡᠯ ᠪᠠᠳᠮᠠᠯᠠᠨ ᠰᠡᠳᠬᠢᠯ ᠨᠢ ᠳᠣᠭᠳᠣᠯᠵᠤ ᠡᠩᠭᠡᠷ ᠦ᠋ᠨ ᠮᠥᠩᠭᠥᠨ ᠲᠣᠪᠴᠢ ᠨᠢ ᠪᠥᠭᠵᠢᠭᠢᠨᠡᠨ ᠬᠥᠳᠡᠯᠵᠦ ᠪᠠᠢᠬᠤ ᠶ᠋ᠢ ᠭᠠᠯᠳᠠᠨ ᠬᠠᠷᠠᠪᠠ᠃ ᠳᠦᠷᠡᠯᠵᠡᠨ ᠰᠢᠲᠠᠵᠤ ᠪᠦᠬᠦᠢ ᠪᠡᠶ᠎ᠡ ᠶ᠋ᠢᠨ ᠢ᠋ᠶ᠋ᠡᠨ ᠢᠯᠴᠢ ᠶ᠋ᠢ ᠲᠦᠭᠡᠭᠡᠬᠦ ᠪᠡᠷ ᠳᠠᠪᠴᠢᠳᠠᠨ ᠪᠠᠢᠭ᠎ᠠ ᠪᠠᠨ ᠭᠠᠯᠳᠠᠨ ᠬᠠᠭᠠᠨ ᠲᠠᠰᠤ ᠨᠢᠭᠤᠵᠤ᠂ ᠠᠨᠤ ᠬᠠᠲᠤᠨ ᠤ᠋ ᠠᠷᠤ ᠠ᠋ᠴᠠ ᠬᠣᠷᠣᠬᠠᠢᠰᠠᠨ ᠬᠣᠴᠣᠷᠪᠠ᠃ ᠬᠠᠭᠠᠨ ᠤ᠋ ᠦᠷᠭᠦᠭᠡᠨ ᠳ᠋ᠦ᠍ ᠨᠠᠮ ᠭᠦᠮ ᠪᠣᠯᠬᠤ ᠳ᠋ᠤ᠌ ᠵᠤᠯᠠ ᠶ᠋ᠢᠨ ᠭᠡᠷᠡᠯ ᠡᠷᠴᠢᠯᠡᠨ ᠥᠨᠳᠡᠯᠵᠡᠵᠦ ᠪᠠᠢᠯ᠎ᠠ᠃ ᠡᠨᠡ ᠨᠠᠮ ᠭᠦᠮ ᠢ᠋ ᠦᠷᠭᠦᠭᠡᠬᠦ ᠦᠭᠡᠢ ᠭᠡᠰᠡᠨ ᠮᠡᠲᠦ ᠮᠢᠭᠮᠠᠨᠰᠠᠩᠵᠠᠢ ᠪᠦᠰᠡᠭᠦᠢ ᠨᠥᠮᠥᠭᠡᠨ ᠣᠷᠣᠵᠤ ᠢᠷᠡᠭᠡᠳ᠂
      — ᠬᠠᠭᠠᠨᠲᠠᠨ ᠮᠢᠨᠢ ᠠᠨᠤ ᠬᠠᠲᠤᠨ ᠤ᠋ ᠦᠷᠭᠦᠭᠡᠨ ᠳ᠋ᠦ᠍ ᠬᠡᠳᠦᠢ ᠳ᠋ᠦ᠍ ᠮᠣᠷᠢᠯᠠᠨ ᠬᠣᠨᠣᠭᠯᠠᠬᠤ ᠪᠣᠯ ᠭᠡᠵᠦ ᠠᠰᠠᠭᠤᠭᠠᠳ ᠭᠠᠯᠳᠠᠨ ᠳ᠋ᠤ᠌ ᠠᠯᠬᠤᠮ ᠣᠢᠷᠠᠳᠤᠯ᠎ᠠ᠃ ᠮᠢᠭᠮᠠᠨᠰᠠᠩᠵᠠᠢ ᠶ᠋ᠢᠨ ᠭᠤᠸᠠᠯᠢᠭ ᠳᠣᠶᠢᠬᠠᠨ ᠪᠡᠶ᠎ᠡ ᠶ᠋ᠢᠨ ᠦᠨᠦᠷ ᠭᠠᠯᠳᠠᠨ ᠤ᠋ ᠳᠦᠷᠡᠯᠵᠡᠨ ᠪᠦᠬᠦᠢ ᠲᠠᠴᠢᠶᠠᠯ ᠳᠡᠭᠡᠷ᠎ᠡ ᠲᠣᠰᠣ ᠨᠡᠮᠡᠵᠦ ᠥᠳᠥᠭᠡᠪᠡ᠃ ᠭᠠᠯᠳᠠᠨ ᠤ᠋ ᠨᠢᠳᠦ ᠲᠡᠭᠡᠨᠡᠭᠡᠯᠵᠡᠭᠰᠡᠨ ᠪᠠᠢᠬᠤ ᠶ᠋ᠢ ᠮᠢᠭᠮᠠᠨᠰᠠᠩᠵᠠᠢ ᠪᠦᠰᠡᠭᠦᠢ ᠠᠵᠢᠭᠠᠳ᠂
      — ᠨᠠᠮᠠᠶ᠋ᠢ ᠬᠡᠨ ᠴᠦ᠍ ᠬᠠᠷᠠᠭ᠎ᠠ ᠦᠭᠡᠢ ᠪᠢᠯᠡ ᠭᠡᠵᠦ ᠴᠡᠭᠡᠵᠢᠨ ᠦ᠌ ᠭᠦᠨ ᠡᠴᠡ ᠴᠡᠴᠡᠷᠬᠢᠯᠡᠨ ᠥᠴᠢᠯ᠎ᠡ᠃

               ᠭᠤᠷᠪᠠ

     ᠠᠨᠤ ᠬᠠᠲᠤᠨ ᠮᠢᠭᠮᠠᠨᠰᠠᠩᠵᠠᠢ ᠲᠠᠢ ᠨᠢᠭᠤᠷ ᠲᠤᠯᠵᠤ ᠠᠭᠤᠯᠵᠠᠪᠠ᠃ᠮᠢᠭᠮᠠᠨᠰᠠᠩᠵᠠᠢ ᠪᠦᠰᠡᠭᠦᠢ ᠶ᠋ᠢᠨ ᠨᠢᠳᠦᠨ ᠦ᠌ ᠬᠠᠷᠠᠴᠠ ᠭᠡᠢᠩᠭᠡ ᠳᠥᠯᠭᠡᠬᠡᠨ ᠪᠥᠭᠡᠳ ᠠᠨᠤ ᠬᠠᠲᠤᠨ ᠤ᠋ ᠮᠠᠰᠢ ᠲᠣᠳᠣ ᠬᠥᠮᠥᠰᠬᠡ᠂ ᠬᠡᠳᠦᠢ ᠡᠴᠡ ᠨᠠᠭᠠᠰᠢ ᠬᠠᠷᠠᠳᠠᠯ ᠲᠠᠢ ᠪᠦᠷᠬᠦᠭ ᠤᠢᠳᠬᠠᠷ  ᠲᠤ ᠠᠪᠲᠠᠭᠰᠠᠨ ᠨᠢᠳᠦ ᠨᠢ ᠴᠢᠭᠢᠭ ᠳᠠᠭᠠᠭᠠᠵᠤ᠂
     — ᠬᠠᠭᠠᠨᠲᠠᠨ ᠶᠠᠪᠤᠳᠠᠯ ᠳ᠋ᠠᠭᠠᠨ ᠶᠠᠳᠠᠷᠠᠭᠰᠠᠨ ᠪᠣᠯᠪᠠ ᠤᠤ? ᠭᠡᠮᠡᠨ ᠠᠨᠤ ᠲᠤᠯᠭᠠᠵᠤ ᠠᠰᠠᠭᠤᠪᠠ᠃
     — ᠬᠠᠭᠠᠨ ᠲᠠᠪᠠ ᠲᠠᠢ ᠶᠠᠪᠤᠵᠤ ᠢᠷᠡᠭᠰᠡᠨ᠃ ᠲᠡᠷᠡ ᠣᠭᠲᠣ ᠶᠠᠳᠠᠷᠠᠭ᠎ᠠ ᠦᠭᠡᠢ᠃ ᠪᠠᠶᠠᠷ ᠬᠥᠷ ᠲᠡᠢ ᠪᠠᠢᠭᠰᠠᠨ ᠭᠡᠵᠦ ᠮᠢᠭᠮᠠᠨᠰᠠᠩᠵᠠᠢ ᠶ᠋ᠢ ᠥᠴᠢᠨ ᠥᠭᠦᠯᠡᠬᠦ ᠳ᠋ᠦ᠍ ᠠᠨᠤ᠂
     — ᠬᠠᠮᠢᠭᠠᠭᠤᠷ ᠣᠳᠪᠠ ᠭᠡᠯ᠎ᠡ᠃
     — ᠬᠠᠳᠠᠨ ᠬᠠᠯᠢᠯ ᠤ᠋ᠨ ᠷᠠᠰᠢᠶᠠᠨ ᠠ᠋ᠴᠠ ᠬᠦᠷᠲᠡᠭᠡᠳ ᠪᠤᠴᠠᠬᠤ ᠳ᠋ᠤ᠌ ᠴᠡᠴᠡᠭ ᠦ᠋ᠨ ᠪᠤᠳᠠᠩ ᠲᠠᠲᠠᠴᠢᠬᠠᠭᠰᠠᠨ ᠪᠠᠢᠭᠰᠠᠨ᠃ ᠲᠡᠨᠳᠡ ᠬᠠᠭᠠᠨ ᠠᠮᠤᠰᠬᠢᠬᠰᠠᠨ ᠪᠢᠯᠡ᠃ ᠴᠡᠴᠡᠭ ᠦ᠋ᠨ ᠪᠤᠳᠠᠩ ᠳ᠋ᠤ᠌ ᠲᠥᠭᠡᠷᠢᠮᠡᠷ ᠪᠠᠢᠭᠰᠠᠨ᠃
     — ᠴᠡᠴᠡᠭ ᠦ᠋ᠨ ᠪᠤᠳᠠᠩ ᠳᠤᠮᠳᠠ ᠶᠠᠮᠠᠷ ᠪᠠᠢᠨ᠎ᠠ?
     — ᠶᠡᠬᠡ ᠰᠠᠢᠬᠠᠨ᠃ ᠢᠨᠵᠠᠭ᠎ᠠ ᠲᠠᠢ ᠪᠣᠷᠣ ᠭᠥᠷᠥᠭᠡᠰᠦ ᠪᠠᠢᠭᠰᠠᠨ᠃ ᠨᠢᠭᠡ ᠡᠯᠢᠭᠡᠨ ᠬᠠᠳᠠᠨ ᠤ᠋ ᠢᠷᠣᠭᠠᠷ ᠳᠤ ᠴᠠᠭᠠᠨ ᠢᠷᠪᠢᠰ ᠬᠠᠷᠠᠭᠳᠠᠭᠰᠠᠨ᠃ ᠦᠨᠦᠷ ᠲᠤᠨᠢ ᠰᠣᠭᠲᠣᠮᠠᠷ ᠪᠠᠢᠯ᠎ᠠ᠃
     —  ᠴᠡᠴᠡᠭ ᠦ᠋ᠨ ᠪᠤᠳᠠᠩ ᠲᠠᠲᠠᠳᠠᠭ ᠬᠠᠪᠴᠢᠯ ᠢ᠋ ᠠᠢᠷᠠᠭᠲᠤ ᠭᠡᠨ᠎ᠡ᠃ ᠲᠡᠷᠡ ᠬᠦ᠌ ᠬᠠᠪᠴᠢᠯ ᠳ᠋ᠤ᠌ ᠤᠷᠭᠤᠳᠠᠭ᠂ ᠮᠠᠯᠢᠩᠭ᠎ᠠ᠂ ᠬᠠᠷ᠎ᠠ ᠡᠪᠡᠰᠦ᠂ ᠵᠡᠷᠯᠢᠭ ᠣᠯᠣᠰᠣᠨ ᠤ᠋ ᠨᠢᠯ ᠶᠠᠭᠠᠨ ᠴᠡᠴᠡᠭ ᠪᠤᠳᠠᠩᠲᠤᠵᠤ᠂ ᠠᠭᠠᠷ ᠨᠢ ᠠᠢᠷᠠᠭ ᠮᠡᠲᠦ ᠪᠥᠭᠡᠳ ᠢᠯᠳᠠᠮ ᠠᠩᠬᠢᠯᠤᠭᠤᠨ ᠲᠤᠯᠠ ᠬᠦᠴᠦᠲᠦ ᠢᠷᠪᠢᠰ ᠬᠦᠷᠲᠡᠯ᠎ᠡ ᠮᠠᠩᠰᠢᠭᠤᠷᠠᠨ ᠵᠡᠭᠦᠷᠮᠡᠭᠯᠡᠨ᠎ᠡ᠃ ᠠᠰᠬ᠎ᠠ ᠵᠢᠯᠠᠭ᠎ᠠ ᠬᠡᠰᠦᠵᠦ ᠶᠠᠪᠤᠳᠠᠭ ᠭᠦᠶᠦᠭᠦᠯ ᠮᠠᠨᠠᠭᠤᠯ᠂ ᠱᠣᠭᠰᠢᠭ᠎ᠠ ᠦᠨᠡᠭᠡ᠂ ᠳᠡᠯᠳᠡᠩ ᠲᠠᠤᠯᠠᠢ ᠬᠠᠪᠴᠢᠯ ᠤ᠋ᠨ ᠰᠡᠭᠦᠳᠡᠷᠲᠦ ᠨᠦᠬᠡ᠂ ᠬᠠᠳᠠᠨ ᠤ᠋ ᠬᠠᠷᠠᠩᠭᠤᠢ ᠠᠩᠭᠠᠯ ᠮᠡᠲᠦ ᠳ᠋ᠦ᠍ ᠳᠠᠷᠪᠠᠢᠲᠠᠯ᠎ᠠ ᠬᠡᠪᠲᠡᠵᠦ ᠵᠢᠷᠭᠠᠨ᠎ᠠ᠃ ᠴᠡᠴᠡᠭ ᠦ᠋ᠨ ᠪᠤᠳᠠᠩ ᠡᠳᠦᠷ ᠪᠦᠷᠢ ᠲᠠᠲᠠᠳᠠᠭ ᠦᠭᠡᠢ ᠪᠢᠯᠡ᠃ ᠦᠷ᠎ᠡ ᠲᠣᠭᠣᠰᠣ ᠪᠠᠨ ᠰᠠᠴᠤᠬᠤ ᠦᠶ᠎ᠡ ᠪᠡᠷ ᠪᠤᠳᠠᠩ ᠮᠡᠲᠦ ᠲᠤᠶᠠᠭ᠎ᠠ ᠴᠡᠴᠡᠭ ᠡᠴᠡ ᠲᠠᠲᠠᠨ᠎ᠠ᠃ ᠲᠡᠷᠡ ᠬᠦ᠌ ᠴᠡᠴᠡᠭ ᠦ᠋ᠨ ᠪᠤᠳᠠᠩ ᠬᠥᠮᠦᠨ ᠪᠣᠯᠤᠨ ᠠᠳᠤᠭᠤᠰᠤᠨ ᠤ᠋ ᠦᠨᠦᠷᠯᠡᠬᠦ ᠰᠠᠷᠠᠯ ᠢ᠋ ᠭᠣᠢᠳᠠ ᠴᠣᠴᠢᠭᠠᠵᠤ ᠪᠡᠶ᠎ᠡ ᠮᠠᠬᠠᠪᠣᠳ ᠢ᠋ ᠠᠮᠠᠷᠠᠭᠠᠳᠠᠭ ᠰᠠᠨ᠃
    — ᠬᠠᠭᠠᠨ ᠴᠢᠮᠠᠶ᠋ᠢ ᠶᠠᠭᠤᠨ ᠳ᠋ᠤ᠌ ᠲᠡᠢᠰᠢ ᠨᠢ ᠳᠠᠭᠠᠭᠤᠯᠪᠠ ᠭᠡᠮᠡᠨ ᠬᠠᠲᠤᠨ ᠢ᠋ ᠡᠪ ᠦᠭᠡᠢᠴᠡᠨ ᠠᠰᠠᠭᠤᠬᠤ ᠳ᠋ᠤ᠌ ᠮᠢᠭᠮᠠᠨᠰᠠᠩᠵᠠᠢ ᠰᠡᠭᠦᠷᠡᠰᠦ ᠠᠯᠳᠠᠭᠠᠳ᠂
    — ᠲᠡᠷᠡ ᠭᠠᠵᠠᠷ ᠢ᠋ ᠪᠢ ᠮᠡᠳᠡᠳᠡᠭ ᠶᠦᠮ᠃ ᠪᠠᠭ᠎ᠠ ᠳ᠋ᠠᠭᠠᠨ ᠣᠴᠢᠳᠠᠭ ᠪᠠᠢᠭᠰᠠᠨ ᠭᠡᠯ᠎ᠡ᠃
    — ᠴᠢᠨᠦ ᠡᠷ᠎ᠡ ᠰᠢᠷᠬ᠎ᠠ ᠶ᠋ᠢᠨ ᠬᠠᠯᠠᠭᠤᠨ ᠢ᠋ᠶ᠋ᠠᠷ ᠦᠬᠦᠭᠰᠡᠨ ᠪᠤᠰᠤ ᠤᠤ? ᠲᠡᠭᠡᠬᠦ ᠳ᠋ᠦ᠍ ᠷᠠᠰᠢᠶᠠᠨ ᠤᠰᠤ᠂ ᠲᠡᠷᠡ ᠶᠡᠬᠡ ᠡᠪᠡᠰᠦ ᠨᠣᠭᠣᠭ᠎ᠠ ᠪᠠᠢᠭ᠎ᠠ ᠦᠭᠡᠢ   ᠶᠤᠮᠤᠤ? ᠡᠷ᠎ᠡ ᠨᠥᠬᠥᠷ ᠢ᠋ᠶ᠋ᠡᠨ ᠢᠯᠠᠷᠢᠰᠢᠭᠤᠯᠵᠤ ᠴᠢᠳᠠᠭ᠎ᠠ ᠦᠭᠡᠢ ᠬᠡᠷᠡᠭ ᠤᠤ? ᠭᠡᠵᠦ ᠬᠠᠲᠤᠨ ᠮᠢᠭᠮᠠᠨᠰᠠᠩᠵᠠᠢ ᠶ᠋ᠢ ᠪᠤᠷᠤᠭᠤᠳᠬᠠᠬᠤ ᠮᠡᠲᠦ ᠬᠡᠯᠡᠪᠡ᠃
     — ᠡᠮᠴᠢᠯᠡᠭᠡ ᠠᠪᠬᠤ ᠴᠠᠭ ᠠ᠋ᠴᠠ ᠪᠠᠨ ᠬᠡᠳᠦᠢᠨᠡᠢ ᠥᠩᠭᠡᠷᠡᠴᠢᠬᠡᠭᠰᠡᠨ ᠪᠠᠢᠭᠰᠠᠨ ᠭᠡᠵᠦ ᠮᠢᠭᠮᠠᠨᠰᠠᠩᠵᠠᠢ ᠬᠠᠷᠠᠮᠰᠠᠩᠭᠤᠢ ᠥᠭᠦᠯᠡᠪᠡ᠃
     — ᠮᠠᠷᠭᠠᠰᠢ ᠠ᠋ᠴᠠ ᠬᠠᠭᠠᠨ ᠳ᠋ᠤ᠌ ᠥᠭᠡᠷ᠎ᠡ ᠠᠶᠠᠭᠠᠴᠢᠨ ᠢᠷᠡᠨ᠎ᠡ᠃ ᠮᠢᠭᠮᠠᠨᠰᠠᠩᠵᠠᠢ ᠴᠢ ᠬᠠᠲᠤᠨ ᠡᠬᠡ ᠶ᠋ᠢᠨ ᠶᠡᠬᠡ ᠦᠷᠭᠦᠭᠡᠨ ᠳ᠋ᠦ᠍ ᠣᠴᠢᠭᠠᠷᠠᠢ ᠭᠡᠵᠦ ᠠᠨᠤ ᠬᠠᠲᠤᠨ ᠲᠤᠰᠢᠶᠠᠯ᠎ᠠ᠃

             ᠳᠥᠷᠪᠡ
      
     ᠠᠨᠤ ᠬᠠᠲᠤᠨ ᠴᠠᠢᠪᠤᠷ ᠴᠢᠷᠠᠢ ᠲᠠᠢ᠂ ᠰᠢᠯᠤᠭᠤᠨ ᠬᠠᠮᠠᠷ ᠲᠠᠢ᠂ ᠲᠤᠩᠭᠠᠯᠠᠭ ᠨᠢᠳᠦ ᠲᠡᠢ ᠪᠥᠭᠡᠳ ᠲᠤᠯᠤᠯᠳᠤᠬᠤ ᠤᠷᠠᠯᠢᠭ  ᠲᠤ᠌ ᠪᠠᠭ᠎ᠠ ᠠ᠋ᠴᠠ ᠰᠤᠷᠤᠯᠴᠠᠭᠰᠠᠨ ᠲᠤᠯᠠ ᠰᠡᠯᠡᠮ᠎ᠡ ᠴᠠᠪᠴᠢᠬᠤ᠂ ᠪᠡᠶ᠎ᠡ ᠪᠡᠨ ᠬᠠᠮᠠᠭᠠᠯᠠᠬᠤ ᠭᠣᠢᠳᠠ ᠮᠡᠳᠡᠷᠡᠮᠵᠢ ᠲᠡᠢ  ᠶᠤᠮ᠃ ᠠᠨᠤ ᠬᠠᠲᠤᠨ ᠮᠣᠷᠢ ᠳ᠋ᠤ᠌ ᠡᠷᠡᠮᠡᠬᠡᠢ ᠪᠢᠯᠡ᠃ ᠲᠡᠷᠡ ᠬᠦ᠌ ᠡᠷᠡᠮᠡᠬᠡᠢ ᠴᠢᠨᠠᠷ ᠢ᠋ᠶ᠋ᠠᠷ ᠢ᠋ᠶ᠋ᠠᠨ ᠭᠠᠯᠳᠠᠨ ᠳ᠋ᠤ᠌ ᠣᠢᠷᠠᠬᠠᠨ ᠪᠢᠯᠡ᠃
    ᠠᠨᠤ ᠭᠠᠯᠳᠠᠨ ᠪᠣᠱᠣᠭᠲᠤ ᠳ᠋ᠤ᠌ ᠰᠡᠳᠬᠢᠯ ᠠᠯᠳᠠᠷᠠᠵᠤ ᠪᠠᠢᠵᠠᠢ᠃ ᠭᠠᠯᠳᠠᠨ ᠤ᠋ ᠭᠦᠵᠢᠷᠮᠡᠭ ᠳᠠᠢᠴᠢᠨ ᠲᠥᠷᠬᠦ ᠪᠠᠢᠳᠠᠯ ᠠᠨᠤ ᠬᠠᠲᠤᠨ ᠤ᠋ ᠰᠠᠨᠠᠭᠠᠨ ᠳ᠋ᠤ᠌ ᠪᠦᠷᠢᠨ ᠨᠡᠢᠴᠡᠭᠰᠡᠨ ᠠᠵᠤᠭᠤ᠃ ᠤᠯᠠᠮᠵᠢᠯᠠᠯ ᠶᠣᠰᠣ ᠪᠠᠷ ᠠᠨᠤ ᠬᠠᠲᠤᠨ ᠳᠠᠷᠠᠭ᠎ᠠ ᠶ᠋ᠢᠨ ᠬᠠᠭᠠᠨ  ᠤ᠋ ᠬᠠᠲᠤᠨ ᠪᠣᠯᠬᠤ ᠨᠢ ᠮᠣᠩᠭᠣᠯᠴᠤᠳ  ᠲᠤ᠌ ᠮᠡᠳᠡᠭᠡᠵᠢ ᠬᠡᠷᠡᠭ᠃
     ᠬᠠᠷᠢᠨ ᠭᠠᠯᠳᠠᠨ ᠬᠠᠭᠠᠨ᠂ ᠠᠨᠤ ᠬᠠᠲᠤᠨ ᠬᠣᠶᠠᠷ ᠤ᠋ᠨ ᠬᠣᠭᠣᠷᠣᠨᠳᠣ ᠲᠡᠪᠴᠢᠶᠡᠷᠢ᠂ ᠲᠡᠰᠪᠦᠷᠢ ᠶ᠋ᠢᠨ ᠪᠤᠰᠤ ᠨᠢᠭᠡᠨ ᠦᠯᠦ ᠣᠢᠯᠠᠭᠠᠭᠳᠠᠬᠤ ᠵᠠᠢ ᠪᠠᠢᠵᠠᠢ᠃ ᠲᠡᠷᠡ ᠵᠠᠢ ᠪᠣᠯ ᠭᠠᠯᠳᠠᠨ ᠬᠣᠷᠢᠨ ᠵᠢᠷᠭᠤᠭᠠᠨ ᠨᠠᠰᠤ ᠥᠩᠭᠡᠷᠡᠲᠡᠯ᠎ᠡ ᠪᠡᠨ ᠨᠢᠳᠦ ᠲᠠᠢᠯᠵᠤ᠂ ᠣᠶᠤᠨ ᠬᠡᠬᠡᠷᠡᠭᠰᠡᠨ ᠭᠢᠷᠢᠨ᠎ᠡ ᠡᠭᠦᠯᠡ ᠪᠣᠷᠣᠭᠠᠨ ᠤ᠋ ᠶᠠᠪᠤᠳᠠᠯ ᠳ᠋ᠤ᠌ ᠲᠠᠭᠠᠯᠠᠮᠵᠢ ᠶ᠋ᠢᠨ ᠮᠠᠩᠰᠢᠭᠤᠷᠠᠯ ᠡᠳ᠋ᠯᠡᠵᠦ᠂ ᠴᠡᠴᠡᠭ ᠦ᠋ᠨ ᠪᠠᠯ ᠳ᠋ᠤ᠌ ᠰᠢᠨᠤᠵᠤ ᠡᠬᠢᠯᠡᠭᠡᠳ ᠪᠠᠢᠪᠠ᠃
     ᠦᠳᠡᠰᠢ ᠶ᠋ᠢᠨ ᠨᠠᠮᠤᠭᠤᠬᠠᠨ ᠭᠣᠢᠳᠠ ᠪᠠᠶᠠᠰᠬᠤᠯᠠᠩᠲᠤ ᠠᠨᠢᠷ ᠠᠭᠤᠯᠠ ᠶ᠋ᠢᠨ ᠣᠷᠣᠢ ᠶ᠋ᠢ ᠡᠵᠡᠯᠡᠵᠦ ᠲᠠᠯ᠎ᠠ ᠨᠤᠲᠤᠭ ᠤᠷᠤᠭᠤ ᠪᠠᠭᠤᠵᠤ ᠡᠪᠡᠰᠦ ᠨᠣᠭᠣᠭ᠎ᠠ ᠶ᠋ᠢ ᠦᠨᠳᠦᠰᠦᠯᠡᠭᠦᠯᠦᠨ ᠪᠦᠪᠡᠢᠯᠡᠵᠦ ᠪᠠᠢᠬᠤ ᠳ᠋ᠤ᠌ ᠬᠠᠷ᠎ᠠ ᠡᠷᠴᠢᠰ ᠮᠥᠷᠡᠨ ᠦ᠌ ᠤᠰᠤ ᠡᠴᠡᠵᠦ ᠴᠤᠴᠠᠬᠤ ᠶ᠋ᠢ ᠦᠯᠦ ᠮᠡᠳᠡᠨ ᠲᠡᠮᠡᠦᠯᠦᠨ᠎ᠡ᠃ ᠦᠳᠡᠰᠢ ᠶ᠋ᠢᠨ ᠦᠯᠢᠭᠡᠷ ᠲᠡᠭᠦᠰᠬᠦ ᠴᠠᠭ ᠢ᠋ᠶ᠋ᠠᠷ ᠠᠨᠤ ᠬᠠᠲᠤᠨ᠂ ᠬᠠᠭᠠᠨ ᠤ᠋ ᠦᠷᠭᠦᠭᠡᠨ ᠳ᠋ᠦ᠍ ᠢᠷᠡᠯ᠎ᠡ᠃
    ᠠᠨᠤ ᠬᠠᠲᠤᠨ ᠤ᠋ ᠲᠡᠪᠴᠢᠶᠡᠷᠢ ᠨᠢ ᠰᠤᠯᠠᠷᠠᠭᠰᠠᠨ ᠠᠮᠠᠷᠠᠭ ᠤ᠋ᠨ ᠠᠶᠠᠯᠭᠤᠲᠤ ᠳᠠᠭᠤ ᠶ᠋ᠢ ᠭᠠᠯᠳᠠᠨ ᠬᠠᠭᠠᠨ ᠰᠣᠨᠣᠰᠤᠯ᠎ᠠ᠃
    — ᠬᠠᠭᠠᠨ ᠲᠠ ᠴᠡᠴᠡᠭ ᠦ᠋ᠨ ᠪᠤᠳᠠᠩ ᠳ᠋ᠤ᠌ ᠰᠠᠭᠤᠭᠰᠠᠨ ᠪᠣᠯᠬᠣᠷ ᠪᠡᠶ᠎ᠡ ᠲᠠᠨᠢ ᠠᠷᠢᠭᠤᠰᠠᠨ ᠨᠣᠵᠣᠭᠣᠷᠠᠵᠤ ᠴᠡᠴᠡᠭ ᠦ᠋ᠨ ᠪᠤᠳᠠᠩ ᠠ᠋ᠴᠠ ᠦᠯᠦ ᠰᠠᠯᠤᠨ᠎ᠠ ᠤᠤ? ᠰᠥᠨᠢᠵᠢᠨ ᠤᠷᠭᠤᠳᠠᠭ ᠡᠪᠡᠰᠦᠨ ᠦ᠌ ᠠᠶᠠᠯᠭᠤ ᠶ᠋ᠢ ᠪᠢ ᠲᠠᠨ ᠳ᠋ᠤ᠌ ᠰᠣᠨᠣᠰᠬᠠᠮᠠᠷ ᠪᠠᠢᠨ᠎ᠠ᠃ ᠲᠡᠢᠮᠦ ᠠᠶᠠᠯᠭᠤᠲᠤ ᠳᠠᠭᠤᠤ ᠶ᠋ᠢ ᠶᠠᠮᠠᠷ ᠴᠤ᠌ ᠬᠥᠭᠵᠢᠮ ᠢ᠋ᠶ᠋ᠡᠷ ᠲᠣᠭᠯᠠᠳᠠᠭ ᠦᠭᠡᠢ  ᠶᠤᠮ᠃ ᠵᠥᠪᠬᠡᠨ ᠪᠦᠰᠡᠭᠦᠢ ᠬᠥᠮᠦᠨ ᠦ᠌ ᠬᠡᠪᠡᠯᠢ ᠡᠴᠡ ᠤᠶᠠᠩᠭᠠᠯᠠᠨ ᠲᠥᠷᠥᠳᠡᠭ ᠭᠡᠨ᠎ᠡ ᠪᠢᠯᠡ ᠭᠡᠪᠡ᠃
    ᠭᠠᠯᠳᠠᠨ ᠤ᠋ ᠠᠮᠢᠰᠬᠤᠯ ᠲᠡᠭᠦᠨ ᠦ᠌ ᠦᠭᠡ ᠶ᠋ᠢ ᠰᠣᠨᠣᠰᠤᠭᠠᠳ ᠲᠠᠰᠤᠯᠳᠠᠩᠭᠤᠢ ᠪᠠᠴᠢᠭᠤ ᠪᠣᠯᠵᠤ᠂
    — ᠬᠠᠲᠤᠨ ᠲᠠ ᠶᠠᠮᠠᠷ ᠠᠶᠠᠯᠭᠤ ᠰᠣᠨᠣᠰᠬᠠᠮᠠᠷ ᠪᠠᠢᠨ᠎ᠠ᠃ ᠨᠢᠯ ᠶᠠᠭᠠᠨ ᠴᠡᠴᠡᠭ ᠦ᠋ᠨ ᠠᠶᠠᠯᠭᠤ ᠶᠤᠮ ᠤᠤ? ᠭᠡᠵᠦ ᠥᠭᠦᠯᠡᠪᠡ᠃ ᠠᠨᠤ ᠬᠠᠲᠤᠨ ᠶᠠᠭᠠᠪᠲᠤᠷ ᠤᠷᠤᠭᠤᠯ ᠢ᠋ᠶ᠋ᠠᠨ ᠬᠥᠳᠡᠯᠭᠡᠨ᠂
     — ᠨᠠᠮᠠᠶ᠋ᠢ ᠨᠢᠯ ᠶᠠᠭᠠᠨ ᠴᠡᠴᠡᠭ ᠦ᠋ᠨ ᠪᠤᠳᠠᠩ ᠲᠠᠢ ᠠᠳᠠᠯᠢ ᠪᠣᠳᠣᠭᠠᠴᠢ᠃ ᠪᠢ ᠴᠡᠴᠡᠭ ᠦ᠋ᠨ ᠪᠤᠳᠠᠩ ᠪᠠᠢᠨ᠎ᠠ ᠭᠡᠳ ᠭᠠᠯᠳᠠᠨ ᠤ᠋ ᠭᠡᠩᠭᠦᠬᠡᠷ ᠠᠭᠤᠵᠢᠮ ᠴᠠᠮᠴᠠ ᠶ᠋ᠢᠨ ᠡᠩᠭᠡᠷ ᠦ᠋ᠨ ᠲᠣᠪᠴᠢ ᠶ᠋ᠢ ᠣᠷᠣᠯᠳᠣᠪᠠ᠃ ᠭᠠᠯᠳᠠᠨ ᠬᠠᠭᠠᠨ ᠠᠮᠢᠰᠬᠤᠯ ᠲᠦᠷᠢᠵᠦ ᠡᠭᠡᠰᠢᠭᠯᠡᠨ ᠪᠦᠬᠦᠢ ᠠᠶ᠎ᠠ ᠳᠠᠭᠤᠤ ᠶ᠋ᠢ ᠵᠢᠷᠦᠬᠡ ᠪᠡᠷ ᠢ᠋ᠶ᠋ᠡᠨ ᠰᠣᠨᠣᠰᠬᠤ ᠮᠡᠲᠦ ᠪᠣᠯᠤᠭᠠᠳ᠂
     — ᠠᠯᠢᠪᠠ ᠠᠯᠲᠠᠨ ᠪᠤᠮᠪᠠ ᠲᠠᠢ ᠷᠠᠰᠢᠶᠠᠨ ᠢ᠋ᠶ᠋ᠠᠨ ᠶᠡᠭᠦᠯᠡᠶ᠎ᠡ᠂ ᠨᠢᠭᠦᠯ ᠨᠠᠳᠠ ᠪᠠᠷ ᠲᠡᠭᠦᠰᠬᠦ ᠦᠭᠡᠢ ᠪᠣᠯᠤᠯᠲᠠᠢ ᠭᠡᠵᠦ ᠠᠨᠤ ᠬᠠᠲᠤᠨ ᠤ᠋ ᠴᠠᠮᠴᠠ ᠶ᠋ᠢ ᠰᠡᠬᠦᠵᠦ ᠳᠦᠭᠦᠷᠡᠩ
 ᠲᠣᠮᠣ ᠬᠥᠬᠥ ᠶ᠋ᠢ ᠨᠢ ᠠᠳᠬᠤᠯ᠎ᠠ᠃
     ᠨᠢᠭᠡᠨ ᠭᠡᠮ ᠦ᠋ᠨ ᠬᠠᠯᠠᠭᠤᠨ ᠠᠮᠢᠰᠬᠤᠯ᠂ᠪᠥᠭᠯᠡᠭᠦᠦ ᠬᠣᠯᠠ ᠶ᠋ᠢᠨ ᠢᠨᠠᠭ ᠳᠠᠭᠤᠨ᠂ ᠴᠥᠭᠥᠷᠥᠮ ᠳ᠋ᠦ᠍ ᠬᠣᠨᠣᠬᠤ ᠰᠢᠪᠠᠭᠤᠳ ᠤ᠋ᠨ ᠪᠢᠲᠡᠭᠦᠦ ᠨᠦᠷᠭᠢᠶᠡᠨ᠂ ᠠᠢᠷᠠᠭ ᠴᠠᠭ᠎ᠠ ᠶ᠋ᠢᠨ ᠢᠰᠴᠦ ᠦᠰᠦᠴᠢᠬᠦ ᠴᠢᠮᠡᠭᠡ ᠥᠷᠭᠥᠭᠡ ᠪᠡᠷ ᠲᠦᠭᠡᠯ᠎ᠡ᠃ ᠬᠠᠭᠠᠨ ᠬᠠᠲᠤᠨ ᠬᠣᠶᠠᠷ ᠤ᠋ᠨ ᠠᠮᠢᠰᠬᠤᠭ᠎ᠠ ᠵᠢᠭᠳᠡᠷᠡᠨ ᠨᠡᠢᠯᠡᠵᠦ ᠪᠣᠷᠣᠭ᠎ᠠ ᠳᠤᠰᠤᠭᠠᠨᠠᠨ ᠪᠠᠢᠬᠤ ᠰᠢᠭ᠋ ᠢᠨᠠᠭ ᠠᠮᠠᠷᠠᠭ ᠤ᠋ᠨ ᠠᠶᠠᠯᠭᠤ ᠵᠢᠷᠦᠬᠡᠨ ᠳ᠋ᠦ᠍ ᠬᠦᠷᠴᠦ᠂ ᠵᠢᠷᠦᠬᠡ ᠪᠡᠷ ᠳᠠᠮᠵᠢᠨ ᠲᠠᠷᠢᠬᠢᠨ ᠳ᠋ᠤ᠌ ᠲᠠᠭᠠᠯᠠᠯ ᠶᠠᠭᠤ ᠪᠠᠨ ᠶᠡᠭᠦᠯᠡᠵᠦ ᠪᠠᠢᠯ᠎ᠠ᠃ ᠲᠡᠳᠡᠨ ᠦ᠌ ᠲᠠᠭᠠᠯᠠᠯ ᠲᠡᠭᠦᠰ ᠳᠠᠭᠤᠨ ᠬᠣᠲᠠ ᠬᠦᠷᠢᠶᠡᠨ ᠦ᠌ ᠳᠤᠮᠳᠠᠭᠤᠷ ᠤᠷᠤᠰᠬᠤ ᠭᠣᠷᠣᠬ᠎ᠠ ᠶ᠋ᠢᠨ ᠤᠰᠤ ᠲᠠᠢ ᠨᠡᠢᠯᠡᠵᠦ ᠴᠡᠴᠡᠭ ᠨᠣᠭᠣᠭᠠᠨ ᠤ᠋ ᠠᠮᠢᠨ ᠦᠨᠳᠦᠰᠦ ᠤᠷᠤᠭᠤ ᠰᠢᠷᠭᠤᠵᠤ ᠣᠷᠣᠯ᠎ᠠ᠃
     — ᠬᠠᠭᠠᠨ ᠲᠠ ᠶᠠᠳᠠᠪᠠ ᠤᠤ? ᠭᠡᠵᠦ ᠠᠨᠤ ᠬᠠᠲᠤᠨ ᠴᠡᠭᠡᠯᠰᠢᠵᠦ ᠲᠠᠯᠪᠢᠭᠤᠷᠠᠭᠰᠠᠨ ᠬᠣᠭᠣᠯᠠᠢ ᠪᠠᠷ ᠠᠰᠠᠭᠤᠪᠠ᠃
     — ᠬᠠᠲᠤᠨ ᠲᠠ ᠨᠢᠳᠦᠨ ᠳ᠋ᠦ᠍ ᠦᠯᠦ ᠥᠷᠲᠥᠬᠦ᠂ ᠭᠠᠷ ᠳᠤ ᠦᠯᠦ ᠪᠠᠷᠢᠭᠳᠠᠬᠤ ᠣᠨᠢᠰᠣ ᠶ᠋ᠢᠨ ᠴᠢᠭᠲᠠ ᠶ᠋ᠢ ᠪᠦᠷᠢᠨ ᠲᠠᠢᠯᠪᠠ᠃ ᠪᠢ ᠬᠥᠯᠥᠰᠥ ᠪᠡᠨ ᠰᠡᠷᠭᠦᠭᠡᠭᠡᠳ ᠢᠷᠡᠶ᠎ᠡ ᠭᠡᠳ ᠭᠠᠯᠳᠠᠨ ᠬᠠᠭᠠᠨ ᠨᠥᠮᠥᠭᠡᠨ ᠭᠠᠳᠠᠷᠯᠠᠪᠠ᠃
     ᠴᠠᠰᠤᠲᠤ ᠠᠯᠲᠠᠢ ᠶ᠋ᠢᠨ ᠬᠢᠷ᠎ᠠ ᠳ᠋ᠤ᠌ ᠴᠣᠯᠮᠣᠨ ᠭᠢᠯᠠᠯᠵᠠᠨ᠎ᠠ᠃ ᠠᠭᠤᠯᠠᠨ ᠳ᠋ᠤ᠌ ᠶᠠᠩᠭᠢᠷ ᠲᠡᠭᠡ ᠰᠢᠯᠢ ᠪᠡᠨ ᠱᠦᠷᠭᠦᠭᠡᠵᠦ ᠡᠪᠡᠷ ᠢ᠋ᠶ᠋ᠡᠷ ᠢ᠋ᠶ᠋ᠡᠨ ᠬᠠᠳᠠ ᠶᠠᠩᠭᠢᠲᠡᠯ᠎ᠡ ᠳᠡᠯᠡᠰᠬᠦ ᠳ᠋ᠦ᠍ ᠳᠠᠭᠠᠵᠤ ᠶᠠᠪᠤᠭ᠎ᠠ ᠡᠮ᠎ᠡ ᠢᠮᠠᠭ᠎ᠠ ᠲᠡᠭᠡ ᠶ᠋ᠢᠨ ᠰᠢᠭᠡᠭ ᠦᠨᠦᠷᠯᠡᠨ᠂ ᠬᠢᠰᠠᠭ᠎ᠠ ᠶ᠋ᠢᠨ ᠴᠢᠩᠬ᠎ᠠ ᠳᠡᠭᠡᠷᠡᠬᠢ ᠲᠡᠭᠡ ᠶ᠋ᠢᠨ ᠵᠣᠭᠰᠣᠭᠠᠯ ᠢ᠋ ᠬᠠᠷᠠᠨ᠎ᠠ᠃
               ᠲᠠᠪᠤ
        
      ᠳ᠋ᠧᠩ ᠦ᠋ᠨ ᠭᠡᠷᠡᠯ ᠰᠦᠮᠡᠯᠵᠡᠨ ᠠᠨᠤ ᠬᠠᠲᠤᠨ ᠤ᠋ ᠵᠠᠳᠠᠭᠠᠢ ᠦᠰᠦ ᠨᠢ ᠳᠡᠷ᠎ᠡ ᠶ᠋ᠢ ᠪᠥᠷᠬᠥᠬᠡᠵᠤ᠂ ᠵᠢᠭᠳᠡᠬᠡᠨ ᠠᠮᠢᠰᠬᠤᠯᠯᠠᠨ᠎ᠠ᠃ ᠭᠠᠯᠳᠠᠨ ᠪᠣᠱᠣᠭᠲᠤ ᠭᠤᠲᠤᠯ ᠢ᠋ᠶ᠋ᠠᠨ ᠰᠤᠭᠤᠯᠵᠤ ᠵᠡᠷᠭᠡᠴᠡᠭᠦᠯᠦᠨ ᠲᠠᠯᠪᠢᠭᠠᠳ ᠣᠷᠣ ᠥᠨᠴᠥᠭᠳᠡᠨ ᠰᠠᠭᠤᠯ᠎ᠠ᠃ ᠠᠨᠤ ᠬᠠᠲᠤᠨ ᠬᠥᠨᠵᠢᠯᠡ ᠳᠣᠲᠣᠷ᠎ᠠ ᠪᠠᠨ ᠬᠥᠯᠪᠡᠷᠢᠨ ᠡᠷᠭᠢᠵᠦ ᠭᠠᠯᠳᠠᠨ ᠤ᠋ ᠰᠤᠯᠠ ᠴᠠᠮᠴᠠ ᠲᠠᠢ
 ᠪᠦᠰᠡᠯᠡᠭᠦᠷ ᠢ᠋ᠶ᠋ᠡᠷ ᠲᠡᠪᠡᠷᠢᠵᠦ ᠥᠪᠡᠷ ᠤᠷᠤᠭᠤ ᠪᠠᠨ ᠲᠠᠲᠠᠭᠠᠳ᠂ ᠬᠣᠶᠠᠷ ᠪᠡᠶ᠎ᠡ ᠪᠡᠨ ᠪᠢᠲᠡᠭᠦᠯᠡᠵᠦ ᠬᠤᠴᠢᠭᠠᠳ ᠠᠮᠢᠰᠬᠤᠭᠠᠳᠠᠨ ᠬᠡᠯᠡᠪᠡ᠃
      — ᠬᠠᠭᠠᠨ ᠲᠠᠨ ᠢ᠋ ᠪᠢ ᠪᠦᠬᠦ ᠡᠮᠡᠰ ᠥᠬᠢᠳ ᠡᠴᠡ ᠬᠠᠷᠠᠮᠯᠠᠨ᠎ᠠ᠃ ᠨᠢᠭᠡ ᠪᠦᠰᠡᠭᠦᠢ ᠡᠴᠡ ᠦᠯᠦ ᠬᠠᠷᠠᠮᠯᠠᠨ᠎ᠠ᠃ ᠲᠡᠷᠡ ᠪᠣᠯ ᠮᠢᠨᠦ ᠳᠡᠭᠦᠦ ᠠᠬᠠᠳᠠᠷ᠎ᠠ ᠪᠢᠯᠡ᠃ ᠠᠬᠠᠳᠠᠷ᠎ᠠ ᠶ᠋ᠢᠨ ᠥᠬᠢᠨ ᠪᠡᠶ᠎ᠡ ᠨᠢ ᠬᠥᠨᠳᠡᠭᠡᠳᠦᠢ ᠬᠡᠪ ᠢ᠋ᠶ᠋ᠡᠷ ᠰᠢᠦ᠃ ᠲᠠᠨ ᠳ᠋ᠤ᠌ ᠲᠣᠬᠢᠷᠠᠨ᠎ᠠ᠃ ᠲᠠᠨ ᠳ᠋ᠤ᠌ ᠪᠠᠭ᠎ᠠ ᠬᠠᠲᠤᠨ ᠬᠡᠷᠡᠭ ᠲᠡᠢ᠃
     — ᠥᠨᠳᠡᠭᠡᠲᠦ ᠴᠥᠭᠥᠷᠥᠮ ᠦ᠋ᠨ ᠳᠡᠷᠭᠡᠳᠡ ᠠᠬᠠᠳᠠᠷ᠎ᠠ ᠴᠣᠭ ᠪᠠᠢᠭᠰᠠᠨ᠃ ᠰᠡᠭᠦᠯ ᠳ᠋ᠦ᠍ ᠲᠠ ᠬᠣᠶᠠᠷ ᠤ᠋ᠨ ᠤᠰᠤᠨ ᠳᠤᠰᠤᠯ ᠰᠢᠭ᠋ ᠵᠢᠵᠢᠭᠬᠡᠨ ᠪᠣᠯᠬᠤ ᠶ᠋ᠢ ᠲᠠᠨᠢ ᠮᠡᠳᠡᠭᠰᠡᠨ᠃ ᠬᠠᠷᠢᠨ ᠰᠢᠪᠠᠭᠤᠨ ᠤ᠋ ᠨᠠᠭᠤᠷ ᠳᠤ ᠬᠠᠲᠤᠨ ᠴᠢᠨᠦ ᠨᠢᠴᠦᠭᠦᠨ ᠪᠡᠶ᠎ᠡ ᠶ᠋ᠢ ᠬᠠᠷᠠᠭᠰᠠᠨ᠃ ᠨᠢᠴᠦᠭᠦᠨ ᠪᠦᠰᠡᠭᠦᠢ ᠬᠤᠪᠴᠠᠰᠤ ᠲᠠᠢ ᠠ᠋ᠴᠠ ᠪᠠᠨ ᠦᠵᠡᠰᠬᠦᠯᠡᠩ ᠲᠡᠢ  ᠶᠤᠮ ᠪᠢᠯᠡ᠃ ᠨᠢᠴᠦᠭᠦᠨ ᠰᠢᠦ ᠁
    — ᠬᠠᠭᠠᠨ ᠮᠢᠨᠢ ᠮᠢᠨᠦ ᠢᠴᠢᠭᠦᠷᠢ ᠠᠷᠢᠯᠵᠠᠢ᠃
    — ᠪᠢ ᠡᠮ᠎ᠡ ᠡᠴᠡ ᠳᠠᠩᠴᠤ ᠬᠥᠨᠳᠡᠢ ᠶᠠᠪᠤᠭᠰᠠᠨ᠃
    — ᠬᠠᠭᠠᠨ ᠲᠠ ᠣᠳᠣ ᠵᠠᠭᠠᠷ ᠲᠠᠢ ᠪᠣᠯᠤᠭᠰᠠᠨ᠃ ᠡᠷ᠎ᠡ ᠬᠥᠮᠦᠨ ᠦ᠌ ᠪᠡᠨ ᠰᠢᠳᠢᠲᠦ ᠴᠠᠯᠮ᠎ᠠ ᠶ᠋ᠢ ᠶᠠᠭᠠᠬᠢᠵᠤ ᠰᠢᠳᠡᠬᠦ᠂ ᠬᠡᠷᠬᠢᠨ ᠡᠪᠬᠡᠬᠦ ᠪᠡᠨ ᠮᠡᠳᠡᠳᠡᠭ ᠪᠣᠯᠤᠯ᠎ᠠ᠃ ᠲᠠ ᠥᠪᠡᠷ ᠢ᠋ᠶ᠋ᠡᠨ ᠁
    — ᠬᠥᠪᠡᠭᠦᠨ ᠲᠥᠷᠥᠭᠦᠯᠦᠭᠡᠷᠡᠢ᠃
   ᠬᠠᠭᠠᠨ ᠤ᠋ ᠥᠷᠭᠥᠭᠡ ᠠᠮᠠᠷᠠᠭ ᠤ᠋ᠨ ᠦᠯᠢᠭᠡᠷ ᠲᠦ᠍ ᠤᠮᠪᠠᠵᠤ ᠲᠡᠷᠲᠡᠭᠡ ᠳ᠋ᠦ᠍ ᠣᠳᠣᠳ ᠢᠴᠢᠩᠭᠦᠷᠡᠨ ᠢᠷᠮᠡᠯᠵᠡᠨ᠎ᠡ᠃ ᠵᠡᠯ᠎ᠡ ᠶ᠋ᠢᠨ ᠭᠡᠭᠦᠦ ᠪᠠᠢᠵᠤ ᠶᠠᠳᠠᠨ ᠤᠩᠭᠠᠵᠤ᠂ ᠪᠦᠲᠦᠨ᠎ᠡ ᠰᠢᠪᠠᠭᠤ ᠡᠷ᠎ᠡ ᠡᠮ᠎ᠡ ᠪᠡᠷ ᠢ᠋ᠶ᠋ᠡᠨ ᠨᠣᠣᠯᠣᠭᠤᠷ ᠢ᠋ᠶ᠋ᠠᠨ ᠵᠤᠯᠭᠠᠭᠠᠨ᠎ᠠ᠃
    ᠭᠠᠯᠳᠠᠨ ᠬᠥᠨᠵᠢᠯᠡ ᠪᠡᠨ ᠲᠡᠢᠷᠴᠦ᠂
    — ᠣᠳᠣ ᠲᠠᠢᠪᠤᠰᠢᠷᠠᠯ᠎ᠠ ᠭᠡᠮᠡᠨ ᠠᠨᠤ ᠬᠠᠲᠤᠨ ᠳ᠋ᠠᠭᠠᠨ ᠬᠡᠯᠡᠪᠡ᠃

                ᠵᠢᠷᠭᠤᠭ᠎ᠠ

      ᠠᠨᠤ ᠶ᠋ᠢᠨ ᠨᠢᠳᠦᠨ ᠳ᠋ᠦ᠍ ᠲᠤᠩᠭᠠᠯᠠᠭ ᠨᠢᠯᠪᠤᠰᠤ ᠲᠣᠭᠲᠠᠵᠤ ᠵᠢᠷᠦᠬᠡᠨ ᠦ᠌ ᠬᠢᠨᠢ ᠬᠠᠮᠢᠭ᠎ᠠ ᠨᠢᠭᠡ ᠳ᠋ᠦ᠍ᠨᠢ ᠪᠠᠢᠭᠰᠠᠨ ᠬᠥᠨᠳᠡᠭᠦᠷ ᠲᠠᠭᠤᠭᠳᠠᠨ ᠣᠳᠴᠤ᠂ ᠬᠡᠪᠡᠯᠢ ᠨᠢ ᠴᠢᠭᠢᠭ ᠳᠠᠭᠠᠭᠠᠵᠤ ᠬᠥᠩᠭᠡᠷᠡᠭᠰᠡᠨ ᠪᠠᠢᠯ᠎ᠠ᠃ ᠭᠠᠯᠳᠠᠨ ᠢ᠋ ᠡᠮᠡᠰ ᠦ᠋ᠨ ᠬᠦᠷᠢᠶᠡᠯᠡᠩ ᠳ᠋ᠦ᠍ ᠢᠴᠢᠩᠭᠦᠷᠡ ᠣᠷᠣᠬᠤ ᠳ᠋ᠤ᠌ ᠵᠤᠭ᠎ᠠ ᠴᠡᠩᠭᠡᠯ ᠦ᠋ᠨ ᠲᠤᠯᠠᠳᠠ ᠪᠤᠰᠤ ᠡᠷ᠎ᠡ ᠬᠥᠮᠦᠨ ᠦ᠌ ᠭᠠᠢᠬᠠᠮᠰᠢᠭ ᠲᠠᠢ ᠬᠦᠰᠡᠯ ᠢ᠋ ᠨᠢ ᠬᠠᠩᠭᠠᠬᠤ ᠪᠠᠷ ᠲᠡᠮᠡᠦᠯᠦᠨ ᠪᠦᠬᠦᠢ ᠣᠢᠷᠠᠳ ᠤ᠋ᠨ ᠬᠠᠭᠠᠨ ᠤ᠋ ᠶᠡᠬᠡ ᠬᠠᠲᠤᠨ ᠠᠨᠤ᠂ ᠬᠥᠭ ᠨᠢ ᠬᠠᠨᠤᠭᠰᠠᠨ ᠲᠣᠪᠰᠢᠭᠤᠷ ᠯᠤᠭ᠎ᠠ ᠮᠢᠭᠮᠠᠨᠰᠠᠩᠵᠠᠢ ᠡᠭᠡᠯᠵᠢᠯᠡᠨ ᠲᠠᠭᠠᠷᠠᠪᠠ᠃
      ᠭᠠᠯᠳᠠᠨ ᠬᠠᠭᠠᠨ ᠳ᠋ᠤ᠌ 《ᠬᠠᠭᠠᠨ ᠲᠠᠨ ᠢ᠋ ᠣᠢᠷᠠᠳ ᠤ᠋ᠨ ᠪᠦᠬᠦ ᠡᠮᠡᠰ ᠥᠬᠢᠳ ᠡᠴᠡ ᠬᠠᠷᠠᠮᠯᠠᠨ᠎ᠠ᠃ ᠳᠡᠭᠦᠦ ᠪᠦᠰᠡᠭᠦᠢ ᠠᠬᠠᠳᠠᠷ᠎ᠠ ᠠ᠋ᠴᠠ ᠪᠠᠨ ᠦᠯᠦ ᠬᠠᠷᠠᠮᠯᠠᠨ᠎ᠠ᠃ ᠠᠬᠠᠳᠠᠷ᠎ᠠ ᠶ᠋ᠢᠨ ᠥᠬᠢᠨ ᠪᠡᠶ᠎ᠡ ᠨᠢ ᠬᠥᠨᠳᠡᠭᠡᠳᠦᠢ ᠬᠡᠪ ᠢ᠋ᠶ᠋ᠡᠷ ᠢ᠋ᠶ᠋ᠡᠨ ᠰᠢᠦ》 ᠭᠡᠮᠡᠨ ᠠᠨᠤ ᠴᠡᠭᠡᠯᠰᠢᠵᠦ ᠲᠠᠯᠪᠢᠭᠤᠷᠠᠭᠰᠠᠨ ᠠᠮᠢᠰᠬᠤᠯ ᠢ᠋ᠶ᠋ᠠᠷ ᠥᠭᠦᠯᠡᠭᠰᠡᠨ ᠨᠢ ᠲᠡᠭᠦᠨ ᠦ᠌ ᠰᠡᠳᠬᠢᠯ ᠳ᠋ᠦ᠍ ᠬᠠᠮᠤᠭ ᠤ᠋ᠨ ᠲᠣᠳᠣᠷᠬᠠᠢ᠂ ᠬᠥᠪᠴᠢᠨ ᠣᠢ ᠳ᠋ᠤ᠌ ᠳᠣᠩᠭᠣᠳᠬᠤ ᠬᠥᠬᠥᠭᠡ ᠶ᠋ᠢᠨ ᠳᠠᠭᠤ ᠯᠤᠭ᠎ᠠ ᠰᠣᠨᠣᠰᠤᠭᠳᠠᠪᠠ᠃ ᠶᠠᠭ ᠡᠨᠡᠬᠡᠨ ᠦᠶ᠎ᠡ ᠳ᠋ᠦ᠍ ᠭᠠᠯᠳᠠᠨ ᠳ᠋ᠤ᠌《ᠭᠠᠯᠳᠠᠨ ᠳᠡᠭᠦᠦ ᠲᠠᠢᠭᠠᠨ ᠮᠡᠲᠦ ᠪᠣᠯᠪᠠ᠃ ᠴᠢ ᠯᠠᠮᠠ ᠪᠣᠯᠪᠠ᠃ ᠯᠠᠮᠠ ᠬᠥᠮᠦᠨ ᠡᠬᠡᠨᠡᠷ ᠠᠪᠳᠠᠭ ᠦᠭᠡᠢ ᠶᠦᠮ》 ᠭᠡᠰᠡᠨ ᠴᠡᠴᠡᠨ ᠠᠬ᠎ᠠ ᠶ᠋ᠢᠨ ᠡᠭᠳᠡᠭᠦᠦ ᠬᠥᠳᠡᠯᠭᠡᠮ᠎ᠡ ᠦᠭᠡ ᠰᠠᠨᠠᠭᠳᠠᠵᠠᠢ᠃
      ᠨᠢᠭᠡᠨ ᠴᠠᠭ ᠲᠤ᠌ ᠭᠠᠯᠳᠠᠨ ᠤ᠋ ᠦᠷ᠎ᠡ ᠦᠨᠳᠦᠰᠦ ᠰᠣᠶᠣᠭᠠᠯᠠᠨ ᠤᠷᠭᠤᠨ᠎ᠠ ᠭᠡᠳᠡᠭ ᠢ᠋ ᠴᠡᠴᠡᠨ ᠠᠬ᠎ᠠ ᠳᠠᠩᠴᠤ ᠭᠠᠳᠠᠷᠯᠠᠭ᠎ᠠ ᠦᠭᠡᠢ ᠪᠢᠯᠡ᠃ ᠴᠡᠴᠡᠨ ᠢ᠋ ᠰᠣᠴᠢᠭᠠᠭᠰᠠᠨ ᠠ᠋ᠴᠠ ᠪᠣᠯᠤᠭᠠᠳ ᠰᠡᠩᠭᠡ ᠬᠠᠭᠠᠨ ᠠᠮᠢ ᠪᠠᠨ ᠠᠯᠳᠠᠵᠤ᠂ ᠰᠡᠩᠭᠡ ᠬᠠᠭᠠᠨ ᠢ᠋ ᠠᠮᠢ ᠪᠠᠨ ᠠᠯᠳᠠᠭᠰᠠᠨ ᠬᠣᠢᠨ᠎ᠠ ᠶᠦᠮ ᠠᠭ᠎ᠠ ᠬᠠᠲᠤᠨ ᠭᠠᠯᠳᠠᠨ ᠢ᠋ ᠵᠠᠯᠠᠵᠤ ᠢᠷᠡᠵᠡᠢ᠃
      ᠭᠠᠯᠳᠠᠨ ᠬᠠᠭᠠᠨ  ᠤ᠋ ᠴᠡᠭᠡᠵᠢ ᠶ᠋ᠢᠨ ᠭᠦᠨ ᠳ᠋ᠦ᠍《ᠪᠦᠰᠡᠭᠦᠢᠴᠦᠳ ᠴᠡᠴᠡᠭ ᠶᠦᠮ᠃ ᠨᠠᠮᠠᠶ᠋ᠢ ᠴᠡᠴᠡᠭ ᠦ᠋ᠨ ᠪᠤᠳᠠᠩ ᠳ᠋ᠤ᠌ ᠲᠥᠭᠡᠷᠢᠭᠦᠯᠵᠦ ᠣᠷᠬᠢᠪᠠ᠃ ᠮᠢᠨᠦ ᠪᠡᠶ᠎ᠡ ᠶ᠋ᠢ ᠬᠡᠨ ᠰᠤᠯᠠᠲᠠᠭᠠᠨ᠎ᠠ᠃ ᠪᠡᠶ᠎ᠡ ᠮᠢᠨᠢ ᠨᠤᠮᠤ ᠶ᠋ᠢᠨ ᠲᠠᠲᠠᠭᠰᠠᠨ ᠬᠥᠪᠴᠢ ᠰᠢᠭ ᠪᠣᠯᠤᠯ᠎ᠠ᠃ ᠠᠬᠠᠳᠠᠷ᠎ᠠ ᠨᠠᠮᠠᠶ᠋ᠢ   ᠰᠤᠯᠠᠲᠠᠭᠠᠬᠤ ᠮᠠᠭᠠᠳ ᠲᠠᠢ ᠪᠤᠰᠤ ᠤᠤ? 》 ᠭᠡᠮᠡᠨ ᠲᠠᠭᠠᠲᠠᠢᠬᠠᠨ ᠪᠣᠳᠣᠯ ᠬᠡᠯᠬᠢᠵᠦ ᠪᠠᠢᠯ᠎ᠠ᠃ ᠡᠨᠡ ᠬᠦ᠌ ᠠᠵᠠ ᠵᠢᠷᠭᠠᠯ ᠲᠠᠢ ᠪᠣᠳᠣᠯ ᠲᠠᠢ ᠬᠣᠯᠢᠯᠳᠤᠨ ᠳᠤᠮᠳᠠᠳᠤ ᠠᠽᠢᠶ᠎ᠠ ᠠ᠋ᠴᠠ ᠢᠷᠡᠭᠰᠡᠨ ᠡᠯᠴᠢ 《ᠬᠠᠷ᠎ᠠ ᠠᠭᠤᠯᠠ ᠶ᠋ᠢᠨ ᠬᠢᠨ ᠴᠠᠭᠠᠨ ᠠᠭᠤᠯᠠ ᠶ᠋ᠢᠨ ᠬᠢᠨ ᠬᠣᠭᠣᠷᠣᠨᠳᠣ ᠪᠠᠨ ᠲᠤᠯᠤᠯᠳᠤᠵᠤ ᠲᠤᠢᠯᠳᠠᠪᠠ᠃ ᠴᠠᠭᠠᠨ ᠠᠭᠤᠯᠠ ᠶ᠋ᠢᠨ ᠬᠢᠨ ᠢᠯᠠᠪᠠ᠃ ᠬᠣᠶᠠᠷ ᠪᠠᠷᠰ ᠤ᠋ᠨ ᠲᠤᠯᠤᠯᠳᠤᠭᠠᠨ ᠬᠣᠶᠠᠭᠤᠯᠠ ᠶ᠋ᠢ ᠨᠢ ᠲᠠᠮᠢᠷᠳᠠᠭᠤᠯᠵᠠᠢ᠃ ᠣᠳᠣᠬᠠᠨ ᠶᠡᠬᠡ ᠴᠡᠷᠢᠭ ᠮᠣᠷᠳᠠᠭᠤᠯᠵᠤ ᠴᠠᠭᠠᠨ ᠠᠭᠤᠯᠠ ᠶ᠋ᠢᠨ ᠬᠢᠨ ᠦ᠌ ᠣᠮᠣᠭ ᠢ᠋ ᠳᠠᠷᠤᠵᠤ ᠵᠡᠭᠦᠨᠭᠠᠷ  ᠤ᠋ᠨ ᠪᠣᠭᠣᠯ ᠪᠣᠯᠭᠠᠬᠤ ᠴᠠᠭ ᠢᠷᠡᠪᠡ 》 ᠭᠡᠮᠡᠨ ᠠᠢᠯᠠᠳᠴᠠᠢ᠃
      ᠭᠠᠯᠳᠠᠨ ᠬᠠᠭᠠᠨ ᠳᠠᠨᠵᠢᠯᠠ ᠵᠠᠩᠵᠤᠨ ᠢ᠋ ᠳᠠᠭᠤᠳᠠᠨ ᠢᠷᠡᠭᠦᠯᠵᠦ 《ᠴᠠᠭᠠᠨ ᠠᠭᠤᠯᠠ ᠶ᠋ᠢᠨ ᠬᠢᠨ ᠢ᠋ ᠡᠵᠡᠯᠡᠵᠦ ᠥᠪᠡᠷ ᠦ᠋ᠨ ᠬᠥᠮᠦᠨ ᠢ᠋ᠶ᠋ᠡᠷ ᠬᠠᠷ᠎ᠠ ᠴᠠᠭᠠᠨ ᠠᠭᠤᠯᠠ ᠶ᠋ᠢᠨ ᠰᠦᠯᠳᠡ ᠪᠣᠯᠭᠠᠭᠠᠳ᠂ ᠲᠠᠷᠢᠶᠠᠴᠢᠨ ᠪᠣᠭᠣᠯ ᠤ᠋ᠳ ᠢ᠋ ᠣᠯᠠᠨ ᠢ᠋ᠶ᠋ᠠᠷ ᠲᠠᠭᠤᠵᠤ ᠢᠷ᠎ᠡ 》ᠭᠡᠮᠡᠨ ᠶᠡᠬᠡ ᠴᠡᠷᠢᠭ  ᠦ᠋ᠨ ᠬᠠᠮᠲᠤ ᠮᠣᠷᠳᠠᠭᠤᠯᠪᠠ᠃ ᠴᠣᠬᠣᠮ ᠳ᠋ᠠᠭᠠᠨ ᠭᠠᠯᠳᠠᠨ ᠬᠠᠭᠠᠨ ᠳ᠋ᠤ᠌ ᠲᠠᠷᠢᠶᠠᠴᠢᠨ ᠪᠣᠭᠣᠯ  ᠤ᠋ᠳ ᠶᠡᠬᠡ ᠬᠡᠷᠡᠭ ᠲᠡᠢ ᠪᠠᠢᠵᠠᠢ᠃ ᠬᠤᠯᠵᠢ᠂ ᠬᠣᠪᠲᠣ᠂ ᠬᠠᠷ᠎ᠠ ᠡᠷᠴᠢᠰ ᠭᠣᠣᠯ  ᠤ᠋ᠨ ᠰᠠᠪᠠ ᠬᠥᠨᠳᠡᠢ᠂ ᠬᠢᠷᠭᠠᠰᠤ᠂ ᠣᠪᠰᠣ᠂ ᠬᠠᠷ᠎ᠠ ᠨᠠᠭᠤᠷ ᠤ᠋ᠨ ᠴᠡᠯᠡᠭᠡᠷ ᠬᠣᠭᠣᠯᠠᠢ  ᠳ᠋ᠤ᠌ ᠲᠠᠷᠢᠶ᠎ᠠ ᠲᠠᠷᠢᠵᠤ᠂ ᠵᠢᠮᠢᠰ ᠤᠷᠭᠤᠭᠤᠯᠬᠤ ᠶ᠋ᠢ ᠬᠠᠭᠠᠨ ᠮᠥᠷᠥᠭᠡᠳᠴᠦ ᠪᠠᠢᠪᠠ᠃ ᠭᠠᠯᠳᠠᠨ ᠬᠠᠭᠠᠨ ᠲᠡᠷᠡ ᠬᠦ᠌ ᠠᠭᠤᠯᠠ᠂ ᠲᠠᠯ᠎ᠠ ᠨᠤᠲᠤᠭ ᠢ᠋ᠶ᠋ᠠᠷ ᠢ᠋ᠶ᠋ᠠᠨ ᠬᠡᠳᠦ ᠬᠣᠨᠣᠭᠠᠳ ᠢᠷᠡᠪᠡ᠃ ᠴᠣᠷᠣᠰ ᠠᠢᠮᠠᠭ ᠤ᠋ᠨ ᠬᠦᠷᠢᠶᠡᠨ  ᠦ᠌ ᠲᠤᠭ ᠬᠢᠭᠢᠷᠢ ᠰᠢᠨᠡᠴᠢᠯᠡᠭᠳᠡᠵᠦ᠂ ᠴᠡᠷᠢᠭ ᠦ᠋ᠨ ᠪᠡᠬᠢᠯᠡᠯᠲᠡ ᠳᠡᠭᠡᠷ᠎ᠡ ᠬᠠᠷᠠᠭᠤᠯ ᠤ᠋ᠨ ᠱᠣᠪᠣᠭᠣᠷ ᠪᠣᠰᠬᠠᠵᠠᠢ᠃ ᠭᠠᠯᠳᠠᠨ ᠬᠠᠭᠠᠨ ᠢ᠋ ᠳᠠᠭᠠᠭᠤᠯᠢ ᠤ᠋ᠳ ᠤ᠋ᠨ ᠬᠠᠮᠲᠤ ᠢᠷᠡᠬᠦ  ᠳ᠋ᠦ᠍ ᠶᠡᠬᠡ ᠬᠦᠷᠢᠶ᠎ᠡ ᠪᠣᠯᠤᠨ ᠴᠡᠷᠢᠭ  ᠦ᠋ᠨ ᠬᠦᠷᠢᠶ᠎ᠡ ᠥᠩᠭᠡ ᠵᠢᠰᠦ ᠪᠡᠨ ᠵᠠᠰᠠᠵᠤ᠂ ᠣᠢᠷᠠᠯᠴᠠᠭᠠᠬᠢ  ᠡᠴᠡ ᠬᠣᠩᠬᠣ᠂ ᠳᠠᠮᠠᠷᠤ ᠳᠤᠤᠭᠠᠷᠴᠤ᠂ ᠤᠮᠵᠠᠳ ᠬᠣᠭᠣᠯᠠᠢ ᠰᠣᠷᠴᠢᠯᠠᠨ ᠮᠠᠨᠢ ᠮᠡᠭᠵᠡᠮ ᠬᠦᠦᠷᠨᠢᠬᠦ ᠰᠣᠨᠣᠰᠤᠭᠳᠠᠨ᠎ᠠ᠃ ᠡᠴᠢᠭᠡ ᠬᠠᠭᠠᠨ ᠤ᠋ ᠦᠶ᠎ᠡ ᠳ᠋ᠦ᠍ ᠲᠠᠷᠢᠵᠤ ᠡᠬᠢᠯᠡᠭᠰᠡᠨ ᠲᠠᠷᠢᠶ᠎ᠠ ᠨᠣᠭᠣᠭ᠎ᠠ ᠨᠢ ᠬᠤᠪᠠᠬᠠᠢᠷᠠᠵᠤ ᠡᠬᠢᠯᠡᠬᠦ ᠳ᠋ᠦ᠍ ᠭᠠᠯᠳᠠᠨ ᠰᠡᠳᠬᠢᠯ ᠳᠤᠮᠳᠠᠭᠤᠷ ᠪᠥᠯᠥᠭᠡ᠃
     ᠭᠠᠯᠳᠠᠨ ᠤ᠋ ᠦᠷᠭᠦᠭᠡᠨ ᠡᠴᠡ ᠠᠬᠠᠳᠠᠷ᠎ᠠ ᠪᠦᠰᠡᠭᠦᠢ ᠭᠠᠷᠴᠤ ᠢᠷᠡᠯ᠎ᠡ᠃ ᠨᠠᠮᠤᠷ ᠴᠠᠭ ᠤ᠋ᠨ ᠰᠥᠯ ᠶᠡᠬᠡᠲᠡᠢ ᠡᠪᠡᠰᠦ ᠶ᠋ᠢᠨ ᠳᠤᠮᠳᠠ ᠵᠤᠯᠠ ᠴᠡᠴᠡᠭ ᠭᠠᠭᠴᠠᠭᠠᠷ ᠤᠶᠠᠩᠭᠠᠯᠠᠨ ᠪᠠᠢᠬᠤ ᠰᠢᠭ᠋ ᠭᠠᠯᠳᠠᠨ ᠳ᠋ᠤ᠌ ᠰᠠᠨᠠᠭᠳᠠᠪᠠ᠃

             ᠳᠣᠯᠣᠭ᠎ᠠ
     
      ᠴᠠᠭᠠᠨ ᠲᠣᠭᠣᠰᠣ ᠨᠠᠮᠤᠷ ᠠ᠋ᠴᠠ ᠨᠠᠮᠤᠷ ᠲᠤ᠌ ᠥᠷᠲᠡᠭᠡᠯᠡᠨ ᠴᠡᠴᠡᠭ ᠦ᠋ᠨ ᠨᠡᠭᠦᠳᠡᠯ ᠲᠠᠯ᠎ᠠ ᠬᠡᠭᠡᠷ᠎ᠡ ᠨᠤᠲᠤᠭ ᠳᠤᠮᠳᠠᠭᠤᠷ ᠲᠣᠭᠣᠰᠣᠷᠠᠨ ᠪᠣᠰᠴᠤ᠂ᠭᠠᠯᠳᠠᠨ ᠵᠡᠬᠦᠨᠭᠠᠷ ᠤ᠋ᠨ 
ᠬᠠᠭᠠᠨᠲᠤ ᠤᠯᠤᠰ  ᠢ᠋ᠶ᠋ᠠᠨ ᠡᠷᠬᠡᠰᠢᠶᠡᠨ ᠮᠣᠷᠢᠳ ᠤ᠋ᠨ ᠬᠥᠯᠥᠰᠥ ᠬᠠᠲᠠᠭ᠎ᠠ ᠦᠭᠡᠢ ᠪᠥᠭᠡᠳ ᠴᠡᠴᠡᠭ ᠦ᠋ᠨ ᠲᠣᠭᠣᠰᠣ᠂ ᠠᠭᠲᠠ ᠶ᠋ᠢᠨ ᠲᠣᠭᠣᠰᠣ ᠲᠠᠢ ᠬᠣᠯᠢᠯᠳᠤᠨ ᠪᠠᠢᠵᠤ ᠪᠢᠯᠡ᠃ ᠬᠠᠭᠠᠨ ᠢ᠋ ᠦᠷᠭᠦᠭᠡᠨ ᠳ᠋ᠦ᠍ ᠮᠣᠷᠢᠯᠠᠨ ᠢᠷᠡᠬᠦ ᠴᠢᠮᠡᠭᠡ ᠪᠡᠷ ᠠᠨᠤ ᠬᠠᠲᠤᠨ ᠳᠡᠭᠦᠦ ᠪᠦᠰᠡᠭᠦᠢ ᠳ᠋ᠡᠭᠡᠨ᠂
      — ᠬᠠᠭᠠᠨ ᠢᠷᠡᠯ᠎ᠡ᠃ ᠤᠭᠲᠤᠵᠤ ᠦᠷᠭᠦᠭᠡᠨ ᠳ᠋ᠦ᠍ᠨᠢ ᠤᠷᠤᠭᠤᠯ ᠭᠡᠮᠡᠨ ᠡᠶᠡᠯᠳᠡᠭ ᠮᠥᠷᠲᠡᠭᠡᠨ ᠬᠠᠲᠠᠭᠤᠬᠠᠨ ᠥᠭᠦᠯᠡᠬᠦ ᠳ᠋ᠦ᠍ ᠠᠬᠠᠳᠠᠷ᠎ᠠ ᠶ᠋ᠢᠨ ᠴᠠᠢᠪᠤᠷ ᠴᠢᠷᠠᠢ ᠳ᠋ᠤ᠌ ᠢᠴᠢᠩᠭᠦᠷᠡᠯ ᠦ᠋ᠨ ᠶᠠᠭᠠᠨ ᠭᠡᠭᠡ ᠲᠠᠲᠠᠵᠤ 《ᠭᠠᠯᠳᠠᠨ ᠬᠠᠭᠠᠨ ᠨᠠᠮᠠᠶ᠋ᠢ ᠲᠣᠭᠣᠬᠤ ᠪᠣᠯᠪᠠᠤ ? ᠬᠠᠭᠠᠨ ᠤ᠋ ᠦᠷᠭᠦᠭᠡᠨ ᠳ᠋ᠦ᠍ ᠳᠤᠷ᠎ᠠ ᠵᠣᠷᠢᠭ ᠢ᠋ᠶ᠋ᠠᠷ ᠢ᠋ᠶ᠋ᠠᠨ ᠶᠠᠭᠤᠨ ᠳ᠋ᠤ᠌ ᠣᠷᠣᠪᠠ᠃ ᠶᠡᠷᠦ ᠡᠴᠡ ᠪᠡᠨ ᠪᠢ ᠪᠣᠷᠣ ᠲᠠᠯ᠎ᠠ ᠳ᠋ᠠᠭᠠᠨ ᠪᠤᠴᠠᠬᠤ ᠨᠢ》 ᠭᠡᠮᠡᠨ ᠡᠷᠡᠭᠡᠯᠵᠡᠨ ᠪᠤᠳᠤᠲᠠᠯ᠎ᠠ ᠠᠨᠤ ᠬᠠᠲᠤᠨ ᠳᠡᠭᠦᠦ ᠶ᠋ᠢᠨ ᠬᠣᠢᠨ᠎ᠠ ᠠ᠋ᠴᠠ ᠭᠠᠷᠪᠠ᠃
      ᠭᠠᠯᠳᠠᠨ ᠡᠨᠡ ᠵᠠᠭᠤᠷ᠎ᠠ ᠠᠨᠤ ᠶ᠋ᠢ ᠪᠤᠰᠤ ᠠᠬᠠᠳᠠᠷ᠎ᠠ ᠶ᠋ᠢ ᠢᠯᠡᠳᠲᠡ ᠰᠣᠨᠢᠷᠬᠠᠨ ᠰᠠᠶᠢᠬᠠᠨ ᠵᠠᠰᠠᠭᠰᠠᠨ ᠬᠠᠷ᠎ᠠ ᠰᠠᠬᠠᠯ ᠢ᠋ᠶ᠋ᠠᠨ ᠢᠯᠢᠪᠡ᠃ ᠭᠠᠯᠳᠠᠨ ᠤ᠋ ᠨᠢᠳᠦᠨ ᠳ᠋ᠦ᠍ ᠠᠬᠠᠳᠠᠷ᠎ᠠ ᠵᠤᠯᠠ ᠴᠡᠴᠡᠭ ᠮᠡᠲᠦ ᠭᠠᠩᠬᠤᠵᠤ ᠠᠪᠠᠢ᠃ ᠠᠬᠠᠳᠠᠷ᠎ᠠ ᠬᠠᠭᠠᠨ ᠤ᠋ ᠨᠢᠳᠦᠨ ᠡᠴᠡ ᠬᠠᠷᠠᠴᠠ ᠪᠤᠷᠤᠭᠤᠯᠠᠨ ᠲᠣᠩᠭᠣᠢᠵᠤ ᠬᠦᠨᠳᠦᠳᠬᠡᠯ ᠮᠡᠳᠡᠭᠦᠯᠪᠡ᠃ ᠪᠦᠰᠡᠭᠦᠢ ᠶ᠋ᠢᠨ ᠲᠥᠯᠵᠢᠵᠦ ᠭᠦᠢᠴᠡᠭᠰᠡᠨ ᠭᠤᠸᠠᠯᠢᠭ ᠪᠡᠶ᠎ᠡ ᠴᠣᠭᠴᠠᠰ᠂ ᠠᠭᠤᠯᠠ ᠶ᠋ᠢᠨ ᠲᠤᠩᠭᠠᠯᠠᠭ ᠪᠤᠯᠠᠭ ᠮᠡᠲᠦ ᠬᠠᠷ᠎ᠠ ᠨᠢᠳᠦ᠂ ᠰᠠᠷᠬᠤᠳ ᠤ᠋ᠨ ᠬᠠᠨᠳᠠ ᠯᠤᠭ᠎ᠠ ᠵᠢᠮᠢᠰᠯᠢᠭ ᠤᠷᠤᠭᠤᠯ ᠢ᠋ ᠭᠠᠯᠳᠠᠨ ᠰᠢᠨᠤᠭᠯᠠᠨ ᠰᠢᠷᠲᠡᠨ᠎ᠡ᠃ ᠭᠠᠯᠳᠠᠨ ᠬᠠᠭᠠᠨ ᠤ᠋ ᠳᠠᠭᠠᠭᠤᠯᠢ ᠬᠢᠶ᠎ᠡ ᠠᠯᠢ ᠬᠡᠳᠦᠢᠨ ᠦᠷᠭᠦᠭᠡᠨ ᠦ᠌ ᠡᠭᠦᠳᠡ ᠶ᠋ᠢ ᠰᠡᠭᠦᠵᠡᠢ᠃《ᠡᠭᠡᠴᠢ ᠡᠴᠡ ᠪᠡᠨ ᠥᠭᠡᠷ᠎ᠡ ᠶᠦᠮ᠃ ᠨᠠᠳᠠ ᠠᠨᠤ ᠲᠠᠢ ᠠᠳᠠᠯᠢᠬᠠᠨ ᠬᠠᠷᠠᠭᠳᠠᠭᠠᠳ ᠪᠠᠢᠭᠰᠠᠨ᠃ ᠲᠡᠭᠡᠬᠦ ᠳ᠋ᠦ᠍ ᠮᠢᠨᠦ ᠨᠢᠳᠦ ᠪᠦᠰᠡᠭᠦᠢᠴᠦᠦᠯ ᠦ᠋ᠨ ᠡᠮᠦᠨ᠎ᠡ ᠰᠣᠬᠣᠷ ᠪᠠᠢᠵᠠᠢ᠃ ᠲᠣᠭᠣᠰᠣᠲᠤ ᠣᠷᠴᠢᠯᠠᠩ ᠳ᠋ᠤ᠌ ᠲᠥᠭᠡᠷᠢᠵᠦ ᠶᠠᠪᠤᠭᠰᠠᠨ ᠬᠥᠮᠦᠨ ᠲᠡᠢ ᠪᠡᠨ ᠤᠴᠠᠷᠠᠬᠤ ᠨᠢ ᠡᠨᠡ᠃ ᠪᠤᠷᠬᠠᠨ ᠬᠥᠮᠦᠨ ᠦ᠌ ᠵᠠᠮ ᠮᠥᠷ  ᠢ᠋ ᠳᠠᠭᠠᠷᠠᠭᠤᠯᠳᠠᠭ᠃ ᠤᠴᠠᠷᠠᠬᠤ ᠲᠠᠪᠢᠯᠠᠩ ᠦᠭᠡᠢ ᠠᠪᠠᠰᠤ ᠡᠭᠦᠷᠢᠳᠡ ᠥᠭᠡᠷ᠎ᠡ ᠵᠠᠮ ᠢ᠋ᠶ᠋ᠠᠷ ᠶᠠᠪᠤᠭᠰᠠᠭᠠᠷ ᠲᠡᠭᠦᠰᠦᠨ᠎ᠡ》 ᠭᠡᠵᠦ ᠭᠠᠯᠳᠠᠨ ᠪᠣᠳᠣᠪᠠ᠃
     — ᠬᠠᠭᠠᠨ ᠲᠠ ᠠᠶᠠᠨ ᠵᠠᠮ ᠳ᠋ᠠᠭᠠᠨ ᠰᠠᠢᠨ ᠶᠠᠪᠤᠵᠤ ᠢᠷᠡᠪᠡ ᠤᠤ? ᠭᠡᠮᠡᠨ ᠠᠨᠤ ᠬᠠᠲᠤᠨ᠂ ᠠᠬᠠᠳᠠᠷ᠎ᠠ ᠬᠣᠶᠠᠭᠤᠯᠠ ᠵᠡᠷᠭᠡ ᠰᠢᠬᠠᠮ ᠮᠡᠨᠳᠦᠯᠡᠪᠡ᠃ ᠲᠣᠪᠰᠢᠭᠤᠷ ᠤ᠋ᠨ ᠬᠣᠶᠠᠷ ᠴᠢᠪᠬᠠᠳᠠᠰᠤ ᠢᠩᠭᠢᠵᠦ ᠠᠳᠠᠯᠢᠬᠠᠨ ᠳᠤᠤᠭᠠᠷᠳᠠᠭ ᠪᠢᠯᠢᠤ ᠭᠡᠵᠦ ᠭᠠᠯᠳᠠᠨ ᠬᠠᠭᠠᠨ ᠦᠷᠭᠦᠭᠡᠨ ᠦ᠌ ᠪᠡᠨ ᠡᠭᠦᠳᠡᠨ ᠳ᠋ᠦ᠍ ᠪᠠᠰᠠ ᠪᠣᠳᠣᠪᠠ᠃ ᠬᠠᠭᠠᠨ ᠤ᠋ ᠨᠢᠳᠦ᠂ ᠬᠥᠮᠥᠰᠬᠡ᠂ ᠤᠷᠤᠭᠤᠯ᠂ ᠨᠢᠷᠤᠭᠤᠯᠢᠭ ᠪᠡᠶ᠎ᠡ᠂ ᠬᠠᠩᠬᠠᠭᠠᠷ ᠴᠡᠭᠡᠵᠢ᠂ ᠮᠣᠩᠬᠣᠷ ᠬᠠᠮᠠᠷ ᠠᠬᠠᠳᠠᠷ᠎ᠠ ᠳ᠋ᠤ᠌ ᠰᠣᠳᠣᠨ ᠪᠠᠢᠪᠠ᠃ ᠲᠡᠷᠲᠡᠭᠡ ᠠᠯᠲᠠᠢ ᠶ᠋ᠢᠨ ᠨᠢᠷᠤᠭᠤᠨ ᠠ᠋ᠴᠠ ᠬᠤᠭᠤᠷ ᠤ᠋ᠨ ᠡᠭᠡᠰᠢᠭᠯᠡᠩᠲᠦ ᠠᠶᠠᠯᠭᠤ ᠤᠷᠤᠰᠴᠤ ᠬᠠᠭᠠᠨ ᠤ᠋ ᠦᠷᠭᠦᠭᠡᠨ ᠳ᠋ᠦ᠍ ᠲᠦᠭᠡᠯ᠎ᠡ᠃
    — ᠭᠦᠩᠵᠦᠲᠡᠨ ᠬᠡᠳᠦᠢ ᠳ᠋ᠡᠭᠡᠨ ᠮᠣᠷᠢᠯᠠᠵᠤ ᠠᠮᠵᠢᠪᠠ ᠭᠡᠮᠡᠨ ᠭᠠᠯᠳᠠᠨ ᠡᠷᠡᠳᠡᠭᠦᠬᠡᠨ ᠥᠭᠦᠯᠡᠭᠡᠳ《ᠠᠨᠤ ᠬᠠᠲᠤᠨ ᠨᠠᠮᠠᠶ᠋ᠢ ᠳᠡᠭᠦᠦ ᠲᠡᠢ ᠪᠡᠨ ᠬᠣᠯᠪᠣᠪᠠ᠃ ᠠᠬᠠᠳᠠᠷ᠎ᠠ ᠶ᠋ᠢᠨ ᠬᠤᠪᠢ ᠵᠠᠶᠠᠭ᠎ᠠ ᠬᠠᠭᠠᠨ ᠤ᠋ ᠦᠷᠭᠦᠭᠡᠨ ᠳ᠋ᠦ᠍ ᠪᠠᠢᠵᠠᠢ᠃ ᠬᠤᠪᠢᠯᠭᠠᠨ ᠯᠠᠮᠠ ᠡᠳᠦᠭᠡ ᠡᠷᠬᠡ ᠴᠢᠯᠥᠭᠡᠲᠦ ᠬᠠᠭᠠᠨ ᠪᠣᠯᠪᠠ》 ᠭᠡᠮᠡᠨ ᠰᠠᠨᠠᠬᠤᠢ ᠳ᠋ᠤ᠌ ᠳᠣᠲᠣᠭᠠᠳᠤ ᠭᠠᠯᠳᠠᠨ 《ᠴᠡᠩᠭᠡᠯ ᠶᠡᠬᠡᠳᠪᠡᠯ ᠵᠢᠷᠭᠠᠯ ᠬᠣᠯᠠᠳᠳᠠᠭ》 ᠭᠡᠵᠦ ᠲᠡᠭᠦᠨ  ᠢ᠋ ᠮᠣᠬᠣᠭᠠᠬᠤ ᠶ᠋ᠢ ᠵᠠᠪᠳᠤᠬᠤ ᠳ᠋ᠤ᠌ 《ᠬᠠᠭᠠᠨ ᠤ᠋ ᠦᠷᠡᠰ ᠣᠯᠠᠨ ᠳᠣᠳᠣᠮ ᠢ᠋ᠶ᠋ᠠᠨ ᠦᠨᠳᠦᠰᠦ ᠪᠠᠲᠤ ᠣᠷᠣᠰᠢᠮᠤᠢ》 ᠭᠡᠵᠦ ᠥᠪᠡᠷ  ᠢ᠋ ᠪᠡᠨ ᠵᠦᠪᠲᠡᠬᠡᠪᠡ᠃
     ᠭᠠᠯᠳᠠᠨ ᠤ᠋ ᠤᠭᠤᠷᠠᠭ ᠲᠠᠷᠢᠬᠢ ᠶ᠋ᠢ ᠪᠡᠷᠲᠡᠭᠡᠵᠦ ᠭᠡᠮᠲᠦᠭᠡᠬᠦ ᠭᠡᠵᠦ ᠴᠡᠴᠡᠨ ᠲᠠᠢᠵᠢ 《ᠴᠢ ᠲᠠᠢᠭᠠᠨ ᠲᠠᠢ ᠠᠳᠠᠯᠢ》 ᠭᠡᠮᠡᠨ ᠬᠡᠯᠡᠭᠰᠡᠨ  ᠢ᠋ ᠬᠠᠭᠠᠨ ᠡᠷ᠎ᠡ ᠬᠥᠮᠦᠨ ᠦ᠌ ᠣᠷᠭᠢᠯᠤᠭᠰᠠᠨ ᠬᠦᠰᠡᠯ ᠦ᠋ᠨ ᠡᠷᠴᠢ ᠪᠡᠷ ᠠᠷᠴᠢᠨ ᠬᠠᠶᠠᠵᠤ ᠬᠣᠯᠠ ᠶ᠋ᠢᠨ ᠮᠠᠭᠤ ᠰᠠᠨᠠᠭ᠎ᠠ ᠲᠠᠢ ᠴᠡᠴᠡᠨ ᠲᠠᠢᠵᠢ ᠶ᠋ᠢ ᠰᠠᠬᠠᠷᠠ ᠶ᠋ᠢᠨ ᠡᠯᠡᠰᠦᠨ ᠳ᠋ᠦ᠍ ᠴᠦᠯᠡᠵᠦ ᠬᠠᠶᠠᠬᠤ ᠪᠠᠷ ᠰᠢᠢᠳᠦᠭᠰᠡᠨ ᠪᠠᠢᠵᠠᠢ᠃ 

ᠨᠠᠢ᠍ᠮᠠ

ᠰᠥᠨᠢ ᠶ᠋ᠢᠨ ᠪᠦᠯᠦᠭ ᠣᠳᠣᠳ ᠬᠠᠷ᠎ᠠ ᠡᠷᠴᠢᠰ ᠮᠥᠷᠡᠨ ᠦ᠌ ᠤᠰᠤᠨ ᠤ᠋  ᠬᠥᠪᠴᠦ᠂ ᠰᠦᠷᠦᠭ ᠠᠳᠤᠭᠤ ᠪᠡᠯᠴᠢᠭᠡᠷ  ᠲᠡᠭᠡᠨ ᠵᠡᠭᠦᠷᠮᠡᠭᠯᠡᠨ ᠪᠠᠢᠬᠤ ᠳ᠋ᠤ᠌ ᠠᠬᠠᠳᠠᠷ᠎ᠠ ᠭᠦᠩᠵᠦ ᠬᠠᠭᠠᠨ ᠤ᠋ ᠥᠷᠭᠡᠨ ᠪᠤᠢᠳᠠᠩ ᠳᠡᠭᠡᠷ᠎ᠡ ᠦᠵᠡᠰᠬᠦᠯᠡᠩᠲᠦ ᠪᠡᠶ᠎ᠡ ᠪᠡᠷ ᠢ᠋ᠶ᠋ᠡᠨ ᠲᠡᠯᠴᠢᠯᠡᠨ᠎ᠡ᠃ ᠴᠡᠴᠡᠭ ᠦ᠋ᠨ ᠡᠮᠵᠡᠭ ᠲᠠᠩᠬᠢᠯ ᠳᠡᠯᠪᠢᠭᠡᠨ ᠳ᠋ᠦ᠍ ᠡᠭᠦᠯᠡ ᠪᠣᠷᠣᠭᠠᠨ ᠤ᠋ ᠰᠡᠭᠦᠳᠡᠷ ᠲᠣᠭᠲᠠᠵᠤ ᠠᠬᠠᠳᠠᠷ᠎ᠠ ᠶ᠋ᠢ ᠭᠢᠩᠰᠢᠨ ᠴᠢᠷᠠᠯᠠᠬᠤ ᠳ᠋ᠤ᠌ ᠦᠷ᠎ᠡ ᠪᠡᠨ ᠬᠠᠷᠠᠮᠯᠠᠭᠰᠠᠨ ᠡᠷ᠎ᠡ ᠡᠮ᠎ᠡ ᠲᠣᠭᠣᠷᠤᠤ ᠳᠠᠯᠠᠪᠴᠢ ᠪᠠᠨ ᠲᠠᠷ ᠬᠢᠯᠭᠡᠨ ᠴᠡᠭᠡᠵᠢ ᠪᠡᠨ ᠨᠡᠢᠯᠡᠭᠦᠯᠦᠨ᠎ᠡ᠃
— ᠬᠠᠭᠠᠨᠲᠠᠨ! ᠮᠢᠨᠦ ᠬᠡᠪᠡᠯᠢ ᠬᠣᠭᠣᠰᠣᠨ ᠪᠣᠯᠪᠠ ᠭᠡᠵᠦ ᠠᠬᠠᠳᠠᠷ᠎ᠠ ᠰᠢᠪᠡᠨᠡᠪᠡ᠃ ᠭᠠᠯᠳᠠᠨ ᠬᠠᠭᠠᠨ ᠬᠡᠦᠬᠡᠨ ᠪ ᠬᠥᠬᠥ ᠶ᠋ᠢᠨ ᠳᠡᠭᠡᠷ᠎ᠡ ᠡᠴᠡ ᠭᠠᠷ ᠢ᠋ᠶ᠋ᠠᠨ ᠲᠠᠲᠠᠵᠤ ᠠᠪᠤᠯ ᠦᠭᠡᠢ ᠪᠡᠷ ᠲᠣᠪᠴᠢ ᠶ᠋ᠢ ᠨᠢ ᠢᠮᠡᠷᠴᠦ᠂
— ᠭᠦᠩᠵᠦ ᠮᠢᠨᠢ ᠨᠠᠳᠠ ᠪᠡᠶ᠎ᠡ ᠪᠡᠨ ᠲᠤᠰᠢᠶᠠᠯ᠎ᠠ᠃ ᠪᠢᠲᠡᠭᠦᠦ ᠨᠠᠨᠳᠢᠨ ᠰᠠᠪᠠ ᠶ᠋ᠢ ᠴᠤᠭᠤᠯᠤᠭᠰᠠᠨ᠃ᠲᠡᠷᠡ ᠰᠠᠪᠠ ᠮᠥᠩᠭᠥᠯᠢᠭ ᠪᠣᠯᠤᠭᠰᠠᠨ ᠭᠡᠮᠡᠨ ᠦᠵᠡᠰᠬᠦᠯᠡᠩᠲᠦ ᠠᠬᠠᠳᠠᠷ᠎ᠠ ᠳ᠋ᠤ᠌ ᠬᠡᠯᠡᠪᠡ᠃ 
— ᠲᠡᠷᠡ ᠬᠣᠭᠣᠰᠣᠨ ᠰᠠᠪᠠᠨ ᠠ᠋ᠴᠠ ᠭᠠᠯᠳᠠᠨ ᠤ᠋ ᠦᠷ᠎ᠡ ᠲᠥᠷᠥᠨ᠎ᠡ ᠭᠡᠵᠦ ᠠᠬᠠᠳᠠᠷ᠎ᠠ ᠪᠠᠶᠠᠷ ᠲᠠᠢ ᠥᠭᠦᠯᠡᠬᠦ ᠳ᠋ᠦ᠍ ᠬᠠᠭᠠᠨ ᠭᠤᠨᠢᠭᠯᠠᠩᠭᠤᠢ ᠪᠠᠷ᠂ 
— ᠬᠡᠨ ᠦ᠌ ᠴᠦ᠍ ᠦᠷ᠎ᠡ ᠲᠥᠷᠥᠵᠦ ᠪᠣᠯᠤᠨ᠎ᠠ ᠭᠡᠪᠡ᠃ ᠬᠠᠭᠠᠨ ᠡᠨᠡ ᠦᠭᠡ ᠶ᠋ᠢ ᠬᠡᠯᠡᠬᠦ ᠳ᠋ᠡᠭᠡᠨ ᠠᠬᠠᠳᠠᠷ᠎ᠠ ᠶ᠋ᠢᠨ ᠭᠡᠨᠡᠨ ᠵᠠᠩ ᠢ᠋ ᠳᠠᠷᠤᠬᠤ ᠶ᠋ᠢ ᠬᠦᠰᠡᠵᠡᠢ᠃ ᠮᠥᠨ ᠠᠨᠤ ᠬᠠᠲᠤᠨ ᠰᠡᠩᠭᠡ ᠶ᠋ᠢᠨ ᠬᠥᠪᠡᠭᠦᠨ᠂ ᠭᠠᠯᠳᠠᠨ ᠤ᠋ ᠬᠥᠪᠡᠭᠦᠨ ᠢ᠋ ᠡᠭᠡᠯᠵᠢᠯᠡᠨ ᠲᠥᠷᠥᠭᠦᠯᠵᠦ ᠪᠠᠢᠭ᠎ᠠ ᠶ᠋ᠢᠨ ᠤᠴᠢᠷ ᠨᠢ ᠡᠮ᠎ᠡ ᠬᠥᠮᠦᠨ  ᠪ ᠲᠠᠪᠢᠯᠠᠩ ᠬᠡᠦᠬᠡᠳ ᠲᠥᠷᠥᠭᠦᠯᠬᠦ ᠶ᠋ᠢᠨ ᠲᠤᠯᠠᠳᠠ ᠶᠤᠮ ᠰᠢᠦ ᠭᠡᠳᠡᠭ ᠢ᠋ ᠠᠬᠠᠳᠠᠷ᠎ᠠ ᠳ᠋ᠤ᠌ ᠳᠠᠪᠬᠤᠷ ᠰᠠᠨᠠᠭᠤᠯᠤᠭᠰᠠᠨ ᠪᠢᠯᠡ᠃ ᠠᠬᠠᠳᠠᠷ᠎ᠠ ᠤᠴᠢᠷ ᠢ᠋ ᠣᠢᠯᠠᠭᠠᠵᠤ ᠰᠠᠨᠠᠭ᠎ᠠ ᠠᠯᠳᠠᠭᠠᠳ᠂
— ᠬᠠᠭᠠᠨ ᠲᠠᠨ ᠤ᠋ ᠪᠡᠶ᠎ᠡ ᠬᠥᠪᠴᠢ ᠶ᠋ᠢ ᠨᠢ ᠲᠠᠲᠠᠭᠰᠠᠨ ᠰᠤᠮᠤ ᠰᠢᠭ᠋ ᠬᠦᠴᠦᠷᠬᠡᠭ ᠶᠤᠮ ᠭᠡᠯ᠎ᠡ᠃ ᠭᠦᠩᠵᠦ ᠶ᠋ᠢᠨ ᠡᠨᠡ ᠦᠭᠡ ᠭᠠᠯᠳᠠᠨ ᠤ᠋ ᠲᠠᠭᠠᠯᠠᠭᠳᠠᠭᠰᠠᠨ ᠲᠤᠯᠠ᠂
— ᠭᠦᠩᠵᠦ ᠴᠢ ᠬᠥᠭ ᠨᠢ ᠬᠠᠨᠤᠭᠰᠠᠨ ᠬᠤᠭᠤᠷ ᠶᠤᠮ ᠭᠡᠵᠦ ᠥᠭᠦᠯᠡᠪᠡ ᠃
 ᠠᠨᠤ ᠬᠠᠲᠤᠨ ᠳᠡᠭᠦᠦ ᠳ᠋ᠦ᠍ ᠪᠡᠨ ᠵᠠᠢ ᠲᠠᠯᠪᠢᠵᠤ ᠥᠭᠴᠡᠢ᠃ ᠠᠨᠤ ᠬᠠᠲᠤᠨ ᠤ᠋ ᠵᠠᠢ ᠤᠭ ᠠ᠋ᠴᠠ ᠪᠠᠨ ᠬᠠᠭᠠᠨ ᠤ᠋ ᠡᠪᠦᠷ ᠲᠦ᠍ ᠪᠠᠢᠲᠤᠭᠠᠢ ᠵᠡᠭᠦᠨᠭᠠᠷ ᠳᠠᠶᠠᠭᠠᠷ ᠪᠠᠢᠭ᠎ᠠ ᠪᠢᠯᠡ᠃ ᠲᠩᠷᠢ ᠶ᠋ᠢᠨ ᠪᠦᠯᠦᠭ ᠣᠳᠣᠳ ᠤ᠋ᠨ ᠳᠣᠣᠷ᠎ᠠ ᠠᠨᠤ ᠬᠠᠲᠤᠨ ᠳᠠᠭᠠᠭᠤᠯᠢ ᠴᠡᠷᠢᠭ ᠦ᠋ᠳ ᠦ᠋ᠨ ᠬᠠᠮᠲᠤ ᠢᠯᠢ ᠭᠣᠣᠯ ᠤ᠋ᠨ ᠬᠥᠪᠡᠭᠡᠨ᠎ᠡ ᠤᠰᠤᠨ ᠦᠵᠦᠮ ᠦ᠋ᠨ ᠤᠷᠭᠤᠴᠠ ᠦᠵᠡᠵᠦ ᠶᠠᠪᠤᠯ᠎ᠠ᠃ ᠤᠰᠤᠨ ᠦᠵᠦᠮ ᠪᠥᠭᠡᠷ᠎ᠡ ᠪᠥᠭᠡᠷ᠎ᠡ ᠪᠡᠨ ᠨᠡᠢᠯᠡᠭᠦᠯᠦᠨ ᠨᠢᠭᠡ ᠡᠰᠢᠨ ᠡᠴᠡ ᠪᠠᠭᠰᠢᠷᠠᠲᠠᠯ᠎ᠠ ᠤᠷᠭᠤᠵᠠᠢ᠃ ᠤᠰᠤᠨ ᠦᠵᠦᠮ ᠵᠥᠭᠡᠯᠡᠨ ᠲᠣᠨᠣᠲᠠᠰᠤᠯᠢᠭ ᠠᠵᠢ᠃ ᠠᠨᠤ ᠬᠠᠲᠤᠨ ᠪᠣᠯᠣᠴᠠ ᠨᠢ ᠭᠦᠢᠴᠡᠭᠰᠡᠨ ᠬᠦᠷᠡᠩ ᠦᠵᠦᠮ ᠴᠢᠮᠬᠢᠵᠦ᠂
— ᠣᠳᠣ ᠬᠠᠷᠠᠭᠳᠠᠵᠤ ᠪᠠᠢᠨ᠎ᠠ ᠭᠡᠯ᠎ᠡ᠃ 
— ᠥᠳᠬᠡᠨ ᠴᠠᠭᠠᠨ ᠰᠠᠬᠠᠯᠲᠤ ᠣᠯᠵᠠ ᠶ᠋ᠢᠨ ᠬᠦᠷᠵᠢ ᠡᠪᠦᠭᠡᠨ᠂ 
— ᠬᠠᠲᠤᠨ ᠲᠠ ᠭᠢᠷᠠᠬᠠᠢ ᠶᠤᠮ ᠭᠡᠯ᠎ᠡ᠃
ᠤᠰᠤᠨ ᠦᠵᠦᠮ ᠦ᠋ᠨ ᠲᠤᠨᠤᠳᠠᠰᠤᠯᠢᠭ ᠪᠥᠭᠡᠷ᠎ᠡ ᠶ᠋ᠢᠨ ᠳᠡᠭᠡᠷ᠎ᠡ ᠪᠦᠯᠦᠭ ᠣᠳᠣᠳ ᠤ᠋ᠨ ᠭᠡᠭᠡ ᠲᠣᠰᠴᠤ᠂ ᠣᠳᠣ ᠯᠤᠭ᠎ᠠ ᠭᠢᠯᠠᠯᠵᠠᠵᠤ ᠪᠠᠢᠬᠤ ᠶ᠋ᠢ ᠠᠨᠤ ᠬᠠᠷᠠᠭᠰᠠᠨ ᠪᠣᠯᠪᠠᠴᠤ ᠥᠭᠡᠷ᠎ᠡ ᠵᠦᠢᠯ ᠪᠣᠳᠣᠵᠤ ᠪᠠᠢᠵᠠᠢ᠃ ᠠᠮᠠᠷᠠᠭ ᠤ᠋ᠨ ᠰᠠᠷᠠᠯ ᠠᠮᠰᠠᠵᠤ᠂ ᠪᠡᠶ᠎ᠡ ᠨᠢ ᠬᠥᠨᠳᠡᠭᠦᠷ ᠣᠷᠬᠢᠵᠤ᠂ ᠲᠡᠷᠡ ᠬᠦ᠌ ᠬᠥᠨᠳᠡᠭᠦᠷ ᠨᠢ ᠠᠭᠠᠵᠢᠮ ᠢ᠋ᠶ᠋ᠠᠷ 
ᠲᠠᠷᠢᠬᠢᠨ ᠤ᠋ ᠦᠢ ᠣᠯᠠᠨ ᠡᠳ᠋ ᠡᠰ ᠢ᠋ ᠴᠣᠴᠢᠷᠭᠠᠨ ᠲᠠᠭᠠᠰᠢᠶᠠᠯ ᠤ᠋ᠨ ᠲᠤᠢᠯ ᠳ᠋ᠤ᠌ ᠬᠦᠷᠳᠡᠭ ᠭᠡᠮᠡᠨ ᠠᠨᠤ ᠰᠠᠨᠠᠪᠠ᠃ ᠴᠣᠬᠣᠮ  ᠳ᠋ᠠᠭᠠᠨ ᠠᠨᠤ ᠬᠠᠲᠤᠨ ᠢᠯᠢ ᠭᠣᠣᠯ ᠤ᠋ᠨ ᠰᠠᠪᠠ ᠳᠠᠭᠠᠤ ᠬᠢ ᠤᠰᠤᠨ ᠦᠵᠦᠮ ᠦ᠋ᠨ ᠲᠠᠯᠠᠪᠠᠢ ᠶ᠋ᠢ ᠦᠵᠡᠬᠦ ᠪᠡᠷ ᠵᠡᠬᠡᠴᠢᠬᠡᠭᠡᠳ ᠬᠠᠭᠠᠨ ᠢ᠋ ᠬᠦᠯᠢᠶᠡᠵᠦ ᠪᠠᠢᠵᠠᠢ ᠃《ᠨᠢᠭᠡ ᠬᠦᠯᠢᠶᠡᠯᠲᠡ ᠡᠴᠡ ᠳᠠᠷᠠᠭ᠎ᠠ ᠶ᠋ᠢᠨ ᠬᠦᠯᠢᠶᠡᠯᠲᠡ ᠡᠬᠢᠯᠡᠨ᠎ᠡ᠃ ᠬᠦᠯᠢᠶᠡᠯᠲᠡ ᠡᠴᠡ ᠬᠦᠯᠢᠶᠡᠯᠲᠡ ᠶᠢᠨ ᠬᠣᠭᠣᠷᠣᠨᠳᠣ ᠬᠥᠮᠦᠨ  ᠤ᠋ ᠲᠡᠰᠪᠦᠷᠢ ᠲᠡᠪᠴᠢᠶᠡᠷᠢ ᠪᠠᠭᠲᠠᠨ᠎ᠠ᠃ ᠬᠦᠯᠢᠶᠡᠯᠲᠡ ᠪᠣᠯ ᠠᠮᠢᠳᠤᠷᠠᠯ ᠶᠤᠮ᠃  ᠬᠦᠯᠢᠶᠡᠯᠲᠡ ᠳ᠋ᠦ᠍ ᠡᠴᠦᠰ ᠲᠡᠭᠦᠰᠬᠡᠯ ᠦᠭᠡᠢ᠃ ᠬᠦᠯᠢᠶᠡᠯᠲᠡ ᠪᠣᠯ ᠳᠠᠬᠢᠨ ᠲᠥᠷᠥᠳᠡᠭ᠃ ᠬᠣᠢᠲᠤ ᠳᠦᠷᠢ ᠪᠡᠨ ᠦᠯᠡᠳᠡᠭᠡᠳᠡᠭ ᠪᠤᠷᠬᠠᠨ ᠪᠠᠭᠰᠢ ᠶ᠋ᠢᠨ ᠰᠤᠷᠭᠠᠯ ᠤ᠋ᠨ ᠴᠥᠮ᠎ᠡ ᠪᠢᠯᠡ》 ᠭᠡᠮᠡᠨ ᠭᠠᠯᠳᠠᠨ ᠬᠠᠭᠠᠨ ᠠᠨᠤ ᠬᠠᠲᠤᠨ ᠳ᠋ᠤ᠌ ᠣᠯᠠᠨᠲᠠ ᠶᠠᠷᠢᠵᠠᠢ᠃  
ᠠᠨᠤ ᠬᠠᠲᠤᠨ ᠬᠣᠷᠸ᠎ᠠ ᠶᠢᠷᠲᠢᠨᠴᠦ ᠶ᠋ᠢᠨ ᠤᠴᠢᠷ ᠨᠠᠴᠢᠷ ᠢ᠋ ᠲᠠᠢᠯᠵᠤ ᠣᠢᠯᠠᠭᠠᠬᠤ ᠳ᠋ᠠᠭᠠᠨ ᠭᠠᠯᠳᠠᠨ ᠤ᠋ ᠦᠵᠡᠵᠦ ᠬᠡᠬᠡᠷᠡᠭᠰᠡᠨ ᠪᠤᠷᠬᠠᠨ ᠤ᠋ ᠰᠤᠷᠭᠠᠯ ᠢ᠋ ᠪᠠᠷᠢᠮᠲᠠᠯᠠᠨ᠎ᠠ᠃ ᠨᠢᠭᠡ ᠤᠳᠠᠭ᠎ᠠ ᠬᠠᠭᠠᠨ 《ᠬᠥᠮᠦᠨ ᠪᠣᠯᠵᠤ ᠲᠥᠷᠥᠨ᠎ᠡ ᠭᠡᠳᠡᠭ ᠲᠠᠮᠤ ᠳ᠋ᠤ᠌ ᠤᠨᠠᠵᠤ ᠪᠠᠢᠭ᠎ᠠ ᠶᠤᠮ᠃ ᠲᠠᠮᠤ ᠳ᠋ᠤ᠌ ᠤᠨᠠᠭᠰᠠᠨ ᠢ᠋ᠶ᠋ᠠᠨ ᠮᠡᠳᠡᠪᠡᠯ ᠤᠬᠠᠭᠠᠨ ᠢ᠋ᠶ᠋ᠠᠨ 
ᠵᠠᠳᠠᠯᠵᠤ ᠠᠮᠢᠳᠤᠷᠠᠯ ᠤ᠋ᠨ ᠥᠩᠭᠡ ᠶ᠋ᠢ ᠬᠠᠷᠠᠬᠤ ᠬᠡᠷᠡᠭᠲᠡᠢ᠃ ᠥᠩᠭᠡ ᠪᠡᠨ ᠰᠣᠩᠭᠣᠵᠤ ᠴᠢᠳᠠᠪᠠᠯ ᠶᠠᠪᠤᠬᠤ ᠵᠠᠮ ᠠᠶᠠᠨᠳᠠᠭᠠᠨ ᠢᠯᠡ ᠪᠣᠯᠤᠨ᠎ᠠ᠃ ᠬᠥᠮᠦᠨ ᠴᠢᠨᠢ ᠰᠡᠳᠬᠢᠯ ᠦ᠋ᠨ ᠠᠮᠢᠲᠠᠨ》 ᠭᠡᠵᠦ ᠥᠭᠦᠯᠡᠭᠡᠳ 《ᠴᠢ ᠨᠠᠳᠠ ᠦᠵᠡᠰᠬᠦᠯᠡᠩ ᠲᠡᠭᠦᠰ ᠬᠠᠷᠠᠭᠳᠠᠳᠠᠭ》 ᠭᠡᠵᠡᠢ᠃ ᠠᠨᠤ ᠬᠠᠲᠤᠨ ᠬᠠᠭᠠᠨ ᠢ᠋ ᠪᠢᠰᠢᠷᠡᠵᠦ᠂
— ᠬᠠᠭᠠᠨ ᠲᠠ ᠶᠠᠮᠠᠷ ᠥᠩᠭᠡ ᠪᠡᠷ ᠶᠠᠪᠤᠵᠤ ᠪᠠᠢᠨ᠎ᠠ ᠭᠡᠵᠦ ᠠᠰᠠᠭᠤᠪᠠ ᠃
ᠬᠠᠭᠠᠨ ᠬᠠᠷᠢᠭᠤ ᠳ᠋ᠤᠨᠢ 《ᠬᠥᠬᠡ》 ᠭᠡᠵᠦ ᠰᠢᠭᠤᠳ ᠬᠡᠯᠡᠪᠡ ᠃
—  ᠶᠠᠭᠠᠬᠢᠭᠠᠳ ᠬᠥᠬᠡ ᠭᠡᠵᠦ ᠁ ᠬᠠᠭᠠᠨ ᠲᠠ ᠨᠠᠳᠠ ᠤᠴᠢᠷ ᠢ᠋ ᠨᠢ ᠬᠡᠯᠡᠭᠡᠳ ᠥᠭᠭᠦᠭᠡᠴᠢ᠂ ᠪᠢ ᠪᠠᠰᠠ ᠬᠥᠬᠡ ᠥᠩᠭᠡ ᠪᠡᠷ ᠶᠠᠪᠤᠵᠤ ᠪᠠᠢᠭ᠎ᠠ ᠤᠤ? ᠥᠭᠡᠷ᠎ᠡ ᠥᠩᠭᠡ ᠨᠠᠳᠠ ᠪᠣᠢ ᠤᠤ?ᠭᠡᠮᠡᠨ ᠠᠨᠤ ᠬᠠᠲᠤᠨ ᠢ᠋ ᠰᠢᠯᠭᠠᠬᠤ ᠳ᠋ᠤ᠌ ᠭᠠᠯᠳᠠᠨ ᠢᠨᠢᠶᠡᠮᠰᠦᠭᠯᠡᠭᠡᠳ᠂
— ᠲᠩᠷᠢ ᠶ᠋ᠢᠨ ᠥᠩᠭᠡ ᠪᠢᠳᠡᠨ  ᠪ ᠢᠪᠡᠭᠡᠯ ᠥᠩᠭᠡ ᠶᠤᠮ  ᠭᠡᠪᠡ ᠃
  ᠶᠢᠰᠦ

 ᠮᠠᠷᠭᠠᠰᠢ ᠨᠢ ᠠᠨᠤ ᠬᠠᠲᠤᠨ ᠢᠯᠢ ᠭᠣᠣᠯ ᠤ᠋ᠨ ᠬᠥᠨᠳᠡᠢ ᠳ᠋ᠦ᠍ ᠪᠠᠭᠤᠳᠠᠯᠯᠠᠵᠤ ᠥᠨᠵᠢᠪᠡ᠃ ᠬᠠᠲᠤᠨ ᠣᠯᠵᠠ ᠶ᠋ᠢᠨ ᠬᠢᠨ ᠦ ᠬᠣᠲᠠ ᠬᠦᠷᠢᠶ᠎ᠡ ᠪᠡᠷ ᠶᠠᠪᠤᠪᠠ᠃ ᠢᠯᠢ ᠭᠣᠣᠯ ᠤ᠋ᠨ ᠬᠥᠨᠳᠡᠢ ᠪᠤᠲᠠ ᠶᠡᠬᠡᠲᠡᠢ ᠡᠯᠡᠰᠦᠷᠬᠡᠭ ᠬᠥᠷᠥᠰᠥ ᠲᠡᠢ ᠠᠵᠢ᠃ ᠬᠠᠪᠲᠠᠭᠠᠢ ᠲᠡᠨᠢᠭᠦᠨ ᠳᠡᠨᠵᠢ ᠳᠡᠭᠡᠭᠦᠷ ᠤᠰᠤᠨ ᠦᠵᠦᠮ ᠦ᠋ᠨ ᠲᠠᠷᠢᠶᠠᠯᠠᠩ ᠪᠠᠢᠬᠤ ᠪᠥᠭᠡᠳ ᠡᠷᠭᠢᠨ ᠲᠣᠭᠣᠷᠢᠨ ᠤᠯᠢᠶᠠᠰᠤ᠂ ᠰᠤᠬᠠᠢ᠂ ᠢᠷᠭᠠᠢ ᠶ᠋ᠢᠨ ᠲᠦᠭᠡᠯ ᠲᠠᠷᠢᠵᠠᠢ᠃ ᠤᠰᠤᠨ ᠦᠵᠦᠮ ᠦ᠋ᠨ ᠲᠠᠷᠢᠶᠠᠯᠠᠩ ᠤᠷᠤᠭᠤ ᠣᠷᠣᠬᠤ ᠭᠠᠭᠴᠠ ᠵᠠᠮ ᠪᠣᠢ᠃ ᠬᠦᠷᠵᠢ ᠬᠦᠷᠢᠶᠡᠨ  ᠤ ᠲᠡᠭ ᠳᠤᠮᠳᠠ ᠰᠠᠯᠬᠢᠨ ᠰᠡᠩᠰᠡ ᠪᠦᠬᠦᠢ ᠮᠣᠳᠣᠨ ᠨᠢᠴᠠᠯᠠᠭᠤᠷ᠂ ᠲᠣᠮᠣ ᠲᠣᠷᠬ᠎ᠠ ᠪᠠᠢᠷᠢᠯᠠᠭᠤᠯᠵᠠᠢ᠃ ᠮᠣᠳᠣᠨ ᠨᠢᠴᠠᠯᠠᠭᠤᠷ ᠤᠰᠤᠨ ᠦᠵᠦᠮ ᠢ᠋ ᠪᠤᠲᠠᠯᠠᠵᠤ᠂ ᠲᠡᠷᠡ ᠬᠦ᠌ ᠬᠦᠷᠡᠩ ᠤᠯᠠᠭᠠᠨ ᠰᠢᠭᠦᠰᠦ ᠵᠢᠵᠢᠭᠬᠡᠨ ᠦᠷ᠎ᠡ ᠶ᠋ᠢᠨ ᠬᠠᠮᠲᠤ ᠲᠣᠷᠬᠠᠨ ᠳ᠋ᠤ᠌ ᠣᠷᠣᠨ᠎ᠠ᠃ ᠲᠣᠷᠬᠠᠨ ᠳ᠋ᠤ᠌ ᠠᠮᠲᠠᠲᠤ ᠰᠢᠭᠦᠰᠦ ᠳᠦᠭᠦᠷᠬᠦ ᠳ᠋ᠦ᠍ ᠮᠣᠳᠣᠨ ᠬᠤᠪᠢᠩ ᠳ᠋ᠤ᠌ ᠰᠠᠪᠠᠯᠠᠵᠤ᠂ ᠭᠠᠵᠠᠷ ᠲᠤ᠌ ᠪᠠᠢᠬᠤ ᠳᠤᠯᠠᠭᠠᠬᠠᠨ ᠪᠠᠢᠷᠢ ᠳ᠋ᠤ᠌ ᠲᠠᠯᠪᠢᠭᠤᠷ ᠳᠡᠭᠡᠷ᠎ᠡ ᠥᠷᠥᠨ᠎ᠡ᠃ ᠮᠣᠳᠣᠨ ᠬᠤᠪᠢᠩ ᠲᠠᠢ ᠤᠰᠤᠨ ᠦᠵᠦᠮ ᠦ᠋ᠨ ᠰᠢᠭᠦᠰᠦ ᠭᠤᠷᠪᠠ ᠲᠠᠪᠤᠨ ᠵᠢᠯ ᠦ᠋ᠨ ᠳᠠᠷᠠᠭ᠎ᠠ ᠢᠰᠴᠦ ᠭᠦᠢᠴᠡᠭᠡᠳ ᠠᠮᠲᠠᠲᠤ ᠳᠠᠷᠠᠰᠤ ᠪᠣᠯᠳᠠᠭ ᠠᠵᠢ᠃
 ᠳᠠᠷᠠᠰᠤ ᠢᠰᠬᠡᠭᠴᠢ ᠬᠦᠷᠵᠢ ᠡᠪᠦᠭᠡᠨ ᠠᠨᠤ ᠬᠠᠲᠤᠨ ᠳ᠋ᠤᠷ ᠳᠤᠩᠬᠤᠯᠵᠠᠨ᠂
— ᠰᠠᠢᠨ ᠳᠠᠷᠠᠰᠤ! ᠭᠡᠮᠡᠨ ᠮᠣᠳᠣᠨ ᠱᠠᠬᠤᠤ ᠠ᠋ᠴᠠ ᠠᠶᠠᠭᠠᠯᠠᠵᠤ ᠪᠠᠷᠢᠪᠠ᠃ ᠠᠨᠤ ᠬᠠᠲᠤᠨ ᠲᠡᠭᠦᠨ ᠳ᠋ᠦ᠍ ᠲᠠᠯᠠᠷᠬᠠᠵᠤ᠂
— ᠨᠡᠷ᠎ᠡ ᠠᠯᠳᠠᠷ ᠢ᠋ᠶ᠋ᠠᠨ ᠬᠡᠯᠡᠭᠲᠦᠨ ᠭᠡᠪᠡ᠃ ᠡᠪᠦᠭᠡᠨ
— ᠵᠦᠭᠠᠱᠸᠢᠯᠢ ᠭᠡᠪᠡ᠃
— ᠵᠥᠭᠠᠱᠸᠢᠯᠢ ᠲᠠ ᠣᠯᠵᠠ ᠶ᠋ᠢᠨ ᠬᠥᠮᠦᠨ ᠪᠢᠰᠢ᠃ ᠢᠯᠢ ᠭᠣᠣᠯ ᠤ᠋ᠨ ᠢᠷᠭᠡᠨ ᠰᠢᠦ᠃ ᠡᠪᠦᠭᠡᠨ ᠲᠠ ᠳᠠᠷᠠᠰᠤ ᠪᠠᠨ ᠢᠰᠭᠡ᠃ ᠡᠪᠦᠭᠡᠨ ᠲᠠ ᠳᠠᠷᠠᠰᠤ ᠪᠠᠨ ᠬᠤᠳᠠᠯᠳᠤ ᠬᠠᠭᠠᠨ ᠤ᠋ ᠰᠠᠩ ᠳ᠋ᠤ᠌ ᠳᠠᠷᠠᠰᠤ ᠪᠠᠨ ᠥᠭᠴᠦ ᠪᠠᠶᠠᠯᠢᠭ ᠠᠮᠢᠳᠤᠷᠠᠯ ᠢ᠋ ᠵᠣᠬᠢᠶᠠᠵᠤ ᠪᠣᠯᠤᠨ᠎ᠠ ᠭᠡᠮᠡᠨ ᠠᠨᠤ ᠬᠠᠲᠤᠨ ᠬᠡᠯᠡᠪᠡ᠃
— ᠬᠠᠲᠤᠨ ᠲᠠ ᠥᠭᠭᠢᠶᠡᠮᠦᠷ ᠬᠥᠮᠦᠨ  ᠶᠤᠮ᠃ ᠲᠠᠨ ᠤ᠋ ᠠᠯᠳᠠᠷ ᠢ᠋ ᠡᠪᠦᠭᠡᠨ ᠠᠯᠯᠠᠾ ᠮᠠᠭᠲᠠᠨ ᠳᠠᠭᠤᠯᠠᠨ᠎ᠠ ᠭᠡᠵᠦ ᠵᠥᠭᠠᠱᠸᠢᠯᠢ ᠡᠪᠦᠭᠡᠨ ᠥᠴᠢᠪᠡ᠃
— ᠤᠰᠤᠨ ᠦᠵᠦᠮ ᠦ᠋ᠨ ᠲᠠᠯᠠᠪᠠᠢ ᠳ᠋ᠤ᠌ ᠲᠠᠨ ᠤ᠋ ᠤᠳᠤᠮ ᠤ᠋ᠨ ᠬᠢᠨ ᠴᠥᠮ ᠢ᠋ᠶ᠋ᠡᠷ ᠢ᠋ᠶ᠋ᠡᠨ ᠠᠵᠢᠯᠯᠠᠵᠤ ᠪᠠᠢᠭ᠎ᠠ ᠤᠤ? ᠭᠡᠵᠦ ᠬᠠᠲᠤᠨ ᠠᠰᠠᠭᠤᠪᠠ᠃ ᠵᠥᠭᠠᠱᠸᠢᠯᠢ ᠡᠪᠦᠭᠡᠨ᠂
— ᠮᠢᠨᠦ ᠳᠣᠯᠣᠭᠠᠨ ᠦᠶ᠎ᠡ ᠡᠨᠳᠡ ᠪᠠᠢᠨ᠎ᠠ᠃ ᠤᠰᠤᠨ ᠦᠵᠦᠮ ᠦ᠋ᠨ ᠬᠡᠳᠦᠨ ᠮᠥᠴᠢᠷ ᠣᠳᠣ ᠰᠢᠭᠤᠢ ᠪᠣᠯᠪᠠ᠃ ᠬᠡᠰᠢᠭ ᠪᠤᠶᠠᠨ ᠢ᠋ᠶ᠋ᠠᠨ ᠪᠢᠳᠡᠨ ᠳ᠋ᠦ᠍ ᠬᠠᠢᠷᠠᠯᠠᠵᠤ ᠪᠠᠢᠭ᠎ᠠ ᠭᠡᠳ ᠤᠰᠤᠨ ᠦᠵᠦᠮ ᠦ᠋ᠨ ᠤᠷᠭᠤᠴᠠ ᠳᠦᠭᠦᠷᠡᠩ ᠲᠠᠯᠠᠪᠠᠢ ᠳᠡᠭᠡᠭᠦᠷ ᠬᠠᠷᠠᠯ᠎ᠠ᠃ ᠪᠠᠭ᠎ᠠ ᠰᠢᠤᠬᠠᠨ ᠰᠢᠨ᠎ᠡ ᠪᠠᠶᠠᠨ ᠲᠠᠯᠠᠪᠠᠢ ᠶ᠋ᠢ ᠪᠤᠲᠠ ᠰᠥᠭᠡᠭ᠂ ᠮᠣᠳᠣ ᠲᠠᠷᠢᠵᠤ ᠬᠠᠰᠢᠵᠤ ᠬᠠᠮᠠᠭᠠᠯᠠᠭᠰᠠᠨ ᠪᠥᠭᠡᠳ ᠵᠢᠭᠦᠷᠲᠡᠨ ᠰᠢᠪᠠᠭᠤᠳ ᠤ᠋ᠨ ᠳᠣᠪᠲᠣᠯᠭᠠᠨ ᠠ᠋ᠴᠠ ᠰᠡᠷᠭᠡᠢᠯᠡᠵᠦ ᠬᠥᠮᠦᠨ ᠳᠦᠷᠰᠦᠲᠦ  ᠮᠠᠨᠤᠤᠬᠠᠢ ᠪᠤᠰᠬᠠᠭᠰᠠᠨ ᠨᠢ ᠰᠥᠨᠢ ᠶ᠋ᠢᠨ ᠬᠠᠷᠠᠩᠭᠤᠢ ᠳ᠋ᠤ᠌ ᠮᠠᠯ ᠠᠳᠤᠭᠤᠰᠤ  ᠦᠷᠭᠦᠵᠦ ᠰᠣᠴᠢᠬᠤ ᠪᠠᠷ ᠠᠵᠢ᠃
    ᠠᠨᠤ ᠬᠠᠲᠤᠨ ᠬᠦᠷᠢᠶ᠎ᠡ ᠤᠷᠤᠭᠤ ᠪᠠᠨ ᠪᠤᠴᠠᠬᠤ ᠳ᠋ᠠᠭᠠᠨ ᠵᠥᠭᠠᠱᠸᠢᠯᠢ ᠡᠪᠦᠭᠡᠨ ᠳ᠋ᠦ᠍《ᠬᠡᠳᠦᠨ ᠮᠣᠷᠢᠨ ᠲᠡᠷᠭᠡ ᠥᠭᠭᠦᠨ᠎ᠡ 》 ᠭᠡᠵᠦ ᠠᠮᠠᠯᠠᠪᠠ᠃ ᠡᠪᠦᠭᠡᠨ ᠬᠦᠷᠵᠢ ᠮᠣᠷᠢᠨ ᠲᠡᠷᠭᠡ ᠪᠡᠷ ᠢ᠋ᠶ᠋ᠡᠨ ᠢᠯᠢ ᠭᠣᠣᠯ ᠤ᠋ᠨ ᠬᠥᠨᠳᠡᠢ ᠳ᠋ᠦ᠍ ᠥᠭᠡᠷ᠎ᠡ ᠵᠢᠮᠢᠰ ᠦ᠋ᠨ ᠲᠠᠷᠢᠶᠠᠯᠠᠩ ᠪᠠᠢᠭᠤᠯᠤᠨ᠎ᠠ ᠭᠡᠮᠡᠨ ᠬᠠᠲᠤᠨ ᠳ᠋ᠤ᠌ ᠮᠥᠨ ᠬᠦ᠌ ᠠᠮᠠ ᠥᠭᠭᠥᠭᠰᠠᠨ ᠪᠢᠯᠡ᠃

              ᠠᠷᠪᠠ

ᠳᠣᠯᠣᠭᠠᠨ ᠦᠶ᠎ᠡ ᠪᠡᠨ ᠦᠵᠡᠭᠰᠡᠨ ᠬᠦᠷᠵᠢ ᠵᠥᠭᠠᠱᠸᠢᠯᠢ ᠶ᠋ᠢᠨ ᠦᠷᠴᠢᠯᠡᠭᠡᠲᠦ ᠨᠢᠭᠤᠷ᠂ ᠪᠠᠶᠠᠷ ᠪᠠᠶᠠᠰᠬᠤᠯᠠᠩ ᠪᠢᠯᠬᠠᠭᠰᠠᠨ ᠨᠢᠳᠦ ᠶ᠋ᠢ ᠠᠨᠤ ᠬᠠᠲᠤᠨ ᠵᠠᠮ ᠤ᠋ᠨ ᠳᠤᠮᠳᠠ ᠰᠠᠨᠠᠵᠤ ᠶᠠᠪᠤᠪᠠ᠃ ᠣᠯᠵᠠᠯᠠᠭᠳᠠᠭᠰᠠᠨ ᠴᠠᠭ ᠠ᠋ᠴᠠ ᠪᠠᠨ ᠬᠣᠢᠰᠢ ᠢᠩᠭᠢᠲᠡᠯ᠎ᠡ ᠪᠡᠨ ᠪᠠᠶᠠᠷᠯᠠᠵᠤ ᠦᠵᠡᠭᠡ ᠦᠭᠡᠢ ᠪᠠᠢᠵᠤ ᠮᠡᠳᠡᠨ᠎ᠡ᠃ ᠡᠪᠦᠭᠡᠨ ᠠᠯᠯᠠᠾ ᠲᠡᠭᠷᠢ ᠳ᠋ᠦ᠍ ᠪᠠᠶᠠᠷ ᠬᠥᠷ ᠢ᠋ᠶ᠋ᠡᠨ ᠳᠣᠭᠣᠯᠭᠠᠵᠤ ᠲᠡᠷᠡ ᠦᠳᠡᠰᠢ ᠨᠠᠢᠷ ᠬᠢᠭᠡᠳ ᠬᠣᠷᠸ᠎ᠠ ᠠ᠋ᠴᠠ ᠬᠠᠯᠢᠵᠠᠢ᠃ ᠵᠦᠭᠠᠱᠸᠢᠯᠢ ᠶ᠋ᠢᠨ ᠬᠢᠨ ᠢᠯᠢ ᠭᠣᠣᠯ ᠤ᠋ᠨ ᠰᠠᠪᠠ ᠬᠥᠨᠳᠡᠢ ᠳ᠋ᠦ᠍ ᠡᠪᠦᠭᠡᠳ ᠢ᠋ᠶ᠋ᠡᠨ ᠨᠤᠲᠤᠭᠯᠠᠭᠤᠯᠵᠤ᠂ ᠦᠵᠦᠮ ᠢ᠋ᠶ᠋ᠡᠨ ᠲᠠᠷᠢᠵᠤ ᠰᠠᠭᠤᠷᠢᠰᠢᠬᠤ ᠪᠣᠯᠪᠠ᠃ ᠠᠯᠯᠠᠾ ᠲᠩᠷᠢ ᠶ᠋ᠢᠨ ᠥᠷᠥᠰᠢᠶᠡᠯ  ᠢ᠋ ᠠᠨᠤ ᠬᠠᠲᠤᠨ ᠠ᠋ᠴᠠ ᠬᠦᠷᠲᠡᠵᠡᠢ᠃
     ᠵᠠᠮ ᠤ᠋ᠨ ᠲᠤᠷᠰᠢ ᠠᠨᠤ ᠬᠠᠲᠤᠨ ᠵᠢᠷᠦᠬᠡ ᠪᠡᠨ ᠴᠢᠩᠨᠠᠨ᠎ᠠ᠃ ᠵᠢᠷᠦᠬᠡ ᠨᠢ ᠲᠡᠭᠦᠨ ᠳ᠋ᠦ᠍ ᠬᠠᠢᠷ᠎ᠠ ᠡᠨᠡᠷᠢᠯ᠂ ᠥᠰᠢᠶ᠎ᠡ ᠬᠣᠷᠣᠰᠤᠯ᠂ ᠪᠤᠬᠢᠮᠳᠠᠯ ᠭᠣᠮᠣᠳᠠᠯ᠂ ᠪᠠᠶᠠᠷ ᠵᠢᠷᠭᠠᠯ ᠬᠦᠦᠷᠨᠢᠵᠦ ᠪᠠᠢᠯ᠎ᠠ᠃《ᠬᠠᠭᠠᠨ ᠤ ᠦᠷᠭᠦᠭᠡᠨ ᠳ᠋ᠦ᠍ ᠳᠠᠢᠰᠤᠨ ᠤ᠋ ᠲᠠᠯ᠎ᠠ ᠶ᠋ᠢᠨ ᠥᠬᠢᠳ ᠭᠦᠩᠵᠦ ᠣᠷᠣᠭᠠᠳ ᠢᠷᠡᠪᠡᠯ ᠶᠠᠭᠠᠬᠢᠨ᠎ᠠ᠃ ᠬᠠᠭᠠᠨ ᠤ᠋ ᠦᠷ᠎ᠡ ᠶ᠋ᠢ ᠲᠥᠷᠥᠭᠦᠯᠬᠦ ᠶ᠋ᠢᠨ ᠲᠤᠯᠠᠳᠠ ᠡᠮᠡᠰ ᠪᠠᠢᠳᠠᠭ ᠪᠤᠰᠤ ᠤᠤ? ᠭᠠᠯᠳᠠᠨ ᠬᠠᠭᠠᠨ ᠤ᠋ ᠦᠷᠭᠦᠭᠡᠨ ᠳ᠋ᠦ᠍ ᠮᠢᠨᠦ ᠳᠡᠭᠦᠦ ᠠᠬᠠᠳᠠᠷ᠎ᠠ ᠶ᠋ᠢᠨ ᠵᠠᠢ ᠳᠦᠭᠦᠷᠴᠡᠢ᠃ ᠠᠬᠠᠳᠠᠷ᠎ᠠ ᠤᠷᠢᠨ ᠲᠠᠴᠢᠶᠠᠩᠭᠤᠢ ᠵᠠᠩ ᠲᠠᠢ᠂ ᠪᠢᠴᠢᠭ ᠡᠷᠳᠡᠮ ᠳ᠋ᠦ᠍ ᠪᠠᠭ᠎ᠠ ᠠ᠋ᠴᠠ ᠪᠠᠨ ᠰᠤᠷᠤᠯᠴᠠᠵᠤ ᠳᠠᠭᠤᠨ ᠬᠥᠷᠪᠡᠭᠦᠯᠭᠡ ᠶ᠋ᠢᠨ ᠤᠬᠠᠭᠠᠨ ᠳ᠋ᠤ᠌ ᠨᠡᠪᠲᠡᠷᠡᠭᠰᠡᠨ ᠪᠢᠯᠡ᠃ ᠭᠠᠯᠳᠠᠨ ᠬᠠᠭᠠᠨ ᠳ᠋ᠤ᠌ ᠠᠬᠠᠳᠠᠷ᠎ᠠ ᠶ᠋ᠢᠨ ᠬᠡᠳᠦ ᠨᠢᠯᠬᠠᠮᠰᠤᠭ ᠠᠷᠠᠨᠰᠢᠨ ᠲᠠᠭᠠᠯᠠᠭᠳᠠᠬᠤ ᠦᠭᠡᠢ ᠪᠠᠢᠵᠤ ᠮᠡᠳᠡᠨ᠎ᠡ᠃ ᠭᠡᠬᠦ ᠳ᠋ᠡᠭᠡᠨ ᠬᠠᠭᠠᠨ᠂ ᠬᠠᠷᠠᠴᠤ ᠢᠯᠭᠠᠭ᠎ᠠ ᠦᠭᠡᠢ ᠪᠦᠬᠦ ᠡᠷᠡᠴᠦᠦᠯ ᠬᠡᠦᠬᠡᠨ ᠳ᠋ᠦ᠍ ᠳᠤᠷᠠᠲᠠᠢ᠃ ᠬᠠᠭᠠᠨ ᠤ᠋ ᠮᠡᠳᠡᠷᠡᠮᠵᠢ ᠭᠠᠢᠬᠠᠯᠲᠠᠢ ᠰᠡᠷᠭᠦᠵᠦ ᠬᠦᠴᠦᠷᠬᠡᠭ ᠡᠷ᠎ᠡ ᠪᠣᠯᠬᠤ ᠬᠠᠷᠠᠭᠤᠯᠤᠭᠰᠠᠨ᠃ 
ᠣᠢᠷᠠᠳ ᠤ᠋ᠨ ᠢᠵᠠᠭᠤᠷᠲᠠᠨ ᠨᠤᠭᠤᠳ ᠬᠠᠭᠠᠨ ᠳ᠋ᠤ᠌ ᠪᠠᠷᠠᠭᠠᠯᠠᠬᠤ ᠳ᠋ᠠᠭᠠᠨ ᠥᠬᠢᠳ ᠢ᠋ᠶ᠋ᠡᠨ ᠳᠠᠭᠠᠭᠤᠯᠵᠤ ᠢᠷᠡᠬᠦ ᠪᠣᠯᠤᠯ᠎ᠠ᠃ ᠬᠡᠨ ᠬᠦᠴᠦᠲᠡᠢ ᠪᠠᠢᠨ᠎ᠠ᠂ ᠲᠠᠢᠰᠢ ᠪᠠᠨ ᠬᠣᠰᠢᠭᠤᠷᠠᠬᠤ ᠶᠤᠮ᠃ ᠪᠢ ᠠᠬᠠᠳᠠᠷ᠎ᠠ ᠶ᠋ᠢ ᠬᠠᠭᠠᠨ ᠳ᠋ᠤ᠌ ᠦᠯᠡᠳᠡᠭᠡᠭᠡᠳ ᠮᠣᠷᠳᠠᠭᠰᠠᠨ᠃ ᠢᠵᠠᠭᠤᠷ ᠤᠭᠰᠠᠭ᠎ᠠ ᠲᠣᠬᠢᠷᠠᠬᠤ ᠪᠦᠰᠡᠭᠦᠢ ᠶ᠋ᠢ ᠬᠠᠭᠠᠨ ᠲᠠᠭᠠᠯᠠᠬᠤ ᠶᠣᠰᠣᠲᠠᠢ》 ᠭᠡᠵᠦ ᠠᠨᠤ ᠬᠠᠲᠤᠨ ᠤ᠋ ᠵᠢᠷᠦᠬᠡ ᠴᠣᠬᠢᠯᠠᠨ᠎ᠠ᠃ ᠬᠠᠲᠤᠨ ᠲᠡᠷᠲᠡᠭᠡ ᠬᠥᠪᠡᠭᠡᠨ ᠳᠡᠭᠡᠷ᠎ᠡ ᠡᠴᠡ ᠰᠢᠨ᠎ᠡ ᠥᠷᠭᠥᠭᠡ ᠪᠣᠰᠤᠭᠰᠠᠨ  ᠢ᠋ ᠬᠠᠷᠠᠨ᠎ᠠ᠃ ᠠᠬᠠᠳᠠᠷ᠎ᠠ ᠥᠷᠭᠥᠭᠡ ᠲᠡᠢ ᠪᠣᠯᠵᠠᠢ᠃ 
 ᠠᠬᠠᠳᠠᠷ᠎ᠠ ᠬᠠᠭᠠᠨ ᠤ᠋ ᠪᠠᠭ᠎ᠠ ᠬᠠᠲᠤᠨ ᠪᠣᠯᠵᠤ᠂ ᠥᠪᠡᠷ ᠦ᠋ᠨ ᠪᠠᠢᠷᠢ ᠰᠠᠭᠤᠷᠢ ᠶ᠋ᠢ ᠡᠵᠡᠯᠡᠨ ᠲᠥᠪᠬᠢᠨᠡᠭᠰᠡᠨ ᠪᠠᠢᠬᠤ ᠶ᠋ᠢ ᠠᠨᠤ ᠬᠠᠲᠤᠨ《ᠶᠣᠰᠣ ᠲᠥᠷᠥ  ᠶᠤᠮ ᠴᠢᠨᠢ》 ᠭᠡᠮᠡᠨ ᠬᠦᠯᠢᠶᠡᠵᠦ ᠠᠪᠤᠪᠠᠴᠤ ᠲᠡᠰᠴᠦ ᠥᠭᠬᠦ ᠦᠭᠡᠢ ᠤᠳᠠᠭᠠᠨ ᠵᠣᠪᠠᠭᠰᠠᠭᠠᠷ ᠪᠠᠢᠯ᠎ᠠ᠃

              ᠠᠷᠪᠠᠨ ᠨᠢᠭᠡ

— ᠪᠢ ᠵᠡᠭᠦᠨᠭᠠᠷ ᠤ᠋ᠨ ᠬᠠᠳᠠᠲᠤ ᠲᠠᠯ᠎ᠠ ᠶ᠋ᠢ ᠪᠤᠰᠤ ᠳᠣᠲᠣᠭᠠᠳᠤ ᠵᠥᠷᠢᠴᠡᠯ  ᠢ᠋ ᠴᠡᠪᠡᠷᠰᠢᠭᠦᠯᠬᠦ ᠶ᠋ᠢ ᠬᠢᠴᠢᠶᠡᠪᠡ᠃ ᠬᠠᠭᠠᠨ ᠤ᠋ ᠥᠷᠭᠥᠭᠡ᠂ ᠠᠬ᠎ᠠ ᠳᠡᠭᠦᠦᠰ ᠦ᠋ᠨ ᠬᠦᠷᠢᠶᠡᠨ ᠳ᠋ᠦ᠍ ᠪᠤᠯᠠᠩᠭᠢᠷ ᠲᠠᠢ ᠪᠠᠢᠭᠰᠠᠨ  ᠢ᠋ ᠰᠢᠪᠬᠠᠵᠤ ᠪᠢᠯᠡ ᠭᠡᠮᠡᠨ ᠭᠠᠯᠳᠠᠨ ᠬᠠᠭᠠᠨ ᠲᠡᠮᠳᠡᠭᠯᠡᠵᠦ ᠦᠯᠡᠳᠡᠭᠡᠯ᠎ᠡ᠃
      ᠴᠡᠴᠡᠨ᠂ ᠵᠤᠳᠪᠠᠪᠠᠭᠠᠳᠤᠷ ᠬᠣᠶᠠᠷ  ᠢ᠋ ᠬᠠᠳᠠᠨ ᠬᠠᠪᠴᠢᠯ ᠳ᠋ᠤ᠌ ᠠᠪᠴᠢᠷᠠᠪᠠ᠃ ᠭᠠᠯᠳᠠᠨ᠂ ᠠᠨᠤ ᠨᠠᠷ ᠢᠵᠢᠯᠢᠬᠡᠨ ᠵᠢᠰᠦᠮ ᠦ᠋ᠨ ᠬᠡᠭᠡᠷ ᠮᠣᠷᠢ ᠲᠠᠢ ᠵᠣᠭᠰᠣᠵᠤ ᠪᠠᠢᠪᠠ᠃ ᠲᠡᠷᠡ ᠬᠣᠶᠠᠷ ᠪᠡᠶᠡᠰ  ᠢ᠋ ᠳᠡᠩᠳᠡᠵᠦ ᠰᠠᠨᠠᠭ᠎ᠠ ᠪᠣᠳᠣᠯ ᠢ᠋ᠶ᠋ᠠᠨ ᠨᠡᠢᠯᠡᠭᠦᠯᠵᠦ ᠴᠢᠳᠠᠳᠠᠭ ᠪᠣᠯᠪᠠᠴᠤ ᠰᠡᠳᠬᠢᠯ ᠦ᠋ᠨ ᠢ᠋ᠶ᠋ᠡᠨ ᠭᠦᠨ ᠳ᠋ᠦ᠍ ᠬᠤᠷᠠᠯᠳᠤᠨ ᠪᠣᠢ ᠬᠤᠷ᠎ᠠ ᠶ᠋ᠢᠨ ᠡᠭᠦᠯᠡ ᠮᠡᠲᠦ ᠪᠣᠳᠣᠯ  ᠢ᠋ ᠰᠣᠯᠢᠯᠴᠠᠵᠤ ᠴᠢᠳᠠᠭ᠎ᠠ ᠦᠭᠡᠢ ᠪᠢᠯᠡ᠃
      ᠬᠠᠭᠠᠨ ᠬᠠᠲᠤᠨ ᠬᠣᠶᠠᠷ ᠤ᠋ᠨ ᠵᠢᠪᠬᠤᠭᠠᠯᠢᠭ ᠪᠡᠶ᠎ᠡ᠂ ᠬᠠᠰᠢᠷ ᠠᠭᠤᠵᠢᠮ ᠪᠣᠳᠣᠯ᠂ ᠬᠣᠯᠠ ᠶ᠋ᠢᠨ ᠬᠠᠷᠠᠭ᠎ᠠ ᠨᠢ ᠲᠥᠰᠦᠭᠡᠲᠡᠢ ᠪᠥᠯᠥᠭᠡ᠃ ᠲᠣᠷᠭᠠᠨ ᠴᠡᠷᠢᠭ ᠦ᠋ᠨ ᠵᠠᠭᠤᠲᠤ ᠬᠠᠳᠠᠨ ᠬᠠᠪᠴᠢᠯ ᠳᠡᠭᠡᠭᠦᠷ ᠰᠡᠬᠦᠢᠲᠡᠯ᠎ᠡ ᠥᠩᠭᠡᠢᠨ᠎ᠡ᠃ ᠮᠣᠷᠢᠲᠤ ᠴᠡᠷᠢᠭ ᠦ᠋ᠳ ᠬᠡᠵᠢᠶ᠎ᠡ ᠮᠥᠳᠳᠥ ᠦᠭᠡᠢ ᠳᠡᠭᠦᠯᠢᠨ ᠢᠷᠡᠵᠦ᠂ᠬᠦᠴᠦᠲᠦ ᠰᠡᠯᠡᠮ᠎ᠡ ᠪᠡᠨ ᠴᠡᠴᠡᠨ᠂ ᠵᠤᠤᠡᠪᠠᠪᠠᠭᠠᠳᠤᠷ ᠨᠠᠷ ᠤ᠋ᠨ ᠭᠠᠪᠠᠯᠠ ᠳᠤᠮᠳᠠᠭᠤᠷ ᠪᠠᠭᠤᠯᠭᠠᠬᠤ ᠶᠤᠮ ᠰᠢᠭ᠋ ᠰᠦᠷᠯᠢᠭ ᠠᠵᠤᠭᠤ᠃
ᠬᠠᠳᠠᠨ ᠬᠠᠪᠴᠢᠯ ᠳ᠋ᠤ᠌ ᠲᠤᠩᠭᠠᠯᠠᠭ ᠤᠰᠤᠲᠤ ᠭᠣᠷᠣᠬ᠎ᠠ ᠮᠡᠯᠲᠡᠯᠵᠡᠨ᠎ᠡ ᠭᠣᠷᠣᠬ᠎ᠠ ᠶ᠋ᠢᠨ ᠬᠥᠪᠡᠭᠡᠨ ᠳ᠋ᠦ᠍ ᠶᠠᠮᠠᠷ  ᠴᠤ ᠵᠡᠪᠰᠡᠭ ᠦᠭᠡᠢ ᠲᠠᠢᠭᠠᠨ ᠵᠤᠤᠪᠠ ᠵᠣᠭᠰᠣᠵᠤ ᠪᠠᠢᠯ᠎ᠠ᠃ᠵᠤᠤᠪᠠ ᠰᠡᠷᠪᠡᠭᠡᠷ ᠪᠥᠭᠲᠥᠷ ᠪᠣᠯᠵᠠᠢ᠃
ᠴᠡᠴᠡᠨ ᠭᠡᠨᠡᠳᠲᠡ ᠲᠠᠭᠤᠭᠳᠠᠵᠤ ᠢᠷᠡᠭᠰᠡᠨ ᠳ᠋ᠡᠭᠡᠨ ᠰᠢᠷᠬᠠᠯᠠᠵᠤ᠂ 
— ᠭᠠᠯᠳᠠᠨ ᠬᠠᠭᠠᠨ ᠶᠠᠭᠤ ᠪᠣᠯᠵᠤ ᠪᠠᠢᠨ᠎ᠠ ᠪᠣᠢ? ᠤᠭᠰᠠᠭ᠎ᠠ ᠭᠠᠷᠪᠠᠯᠢ ᠨᠢᠭᠡᠲᠡᠢ ᠪᠡᠨ ᠮᠠᠷᠲᠠᠵᠤ᠂ ᠡᠨᠡ ᠥᠴᠦᠬᠡᠨ ᠪᠣᠭᠣᠯ ᠢ᠋ᠶ᠋ᠠᠷ ᠨᠠᠮ᠎ᠠ ᠶ᠋ᠢ ᠰᠢᠭᠦᠯᠭᠡᠬᠦ ᠬᠡ ᠤᠤ? ᠲᠠᠢᠭᠠᠨ ᠵᠤᠤᠪᠠ ᠥᠴᠦᠬᠡᠨ ᠥᠳᠥ ᠮᠢᠨᠦ ᠡᠮᠦᠨ᠎ᠡ ᠡᠴᠡ ᠳᠤᠤᠭᠠᠷᠬᠤ ᠪᠠᠢᠲᠤᠭᠠᠢ ᠬᠠᠷᠠᠬᠤ ᠡᠷᠬᠡ ᠲᠡᠭᠦᠨ ᠳ᠋ᠦ᠍ ᠪᠠᠢᠬᠤ ᠦᠭᠡᠢ᠃ ᠪᠢ ᠬᠠᠭᠠᠨ ᠤ᠋ ᠤᠳᠤᠮ ᠪᠠᠢᠨ᠎ᠠ ᠭᠡᠵᠦ ᠰᠢᠵᠠᠭᠤᠷ ᠵᠠᠭᠤᠨ ᠬᠡᠯᠡᠪᠡ᠃ ᠵᠤᠤᠡᠪᠠᠪᠠᠭᠠᠳᠤᠷ ᠠᠬ᠎ᠠ ᠶ᠋ᠢᠨ ᠢ᠋ᠶ᠋ᠡᠨ ᠦᠭᠡ ᠶ᠋ᠢ ᠳᠡᠮᠵᠢᠵᠦ᠂   
— ᠨᠢᠭᠡᠨᠲᠡ ᠥᠰᠢᠶ᠎ᠡ ᠵᠠᠩᠭᠢᠳᠴᠤ ᠪᠠᠢᠭ᠎ᠠ ᠪᠣᠯ ᠬᠣᠩ ᠲᠠᠢᠵᠢ ᠶ᠋ᠢ ᠬᠡᠨ ᠲᠠᠢᠭᠠᠨ ᠪᠣᠯᠭᠠᠪᠠ᠃ ᠴᠡᠴᠡᠨ ᠲᠠᠢᠵᠢ ᠶᠠᠮᠠᠷ ᠪᠤᠷᠤᠭᠤ ᠲᠠᠢ ᠶᠤᠮ᠃ ᠵᠠ ᠶᠠᠭᠠᠬᠢᠬᠤᠪ᠂ ᠭᠠᠯᠳᠠᠨ ᠬᠠᠭᠠᠨ ᠪᠣᠯᠵᠠᠢ᠃ ᠭᠠᠯᠳᠠᠨ ᠬᠠᠭᠠᠨ ᠪᠣᠯᠤᠭᠰᠠᠨ ᠴᠤ᠌ ᠯᠠᠮᠠ ᠬᠡᠪ ᠢ᠋ᠶ᠋ᠡᠷ ᠪᠤᠰᠤ ᠤᠤ?ᠬᠠᠲᠤᠨ ᠳᠠᠭᠠᠭᠤᠯᠤᠭᠰᠠᠨ ᠴᠤ᠌ ᠯᠠᠮᠠ ᠬᠠᠷᠠᠭᠳᠠᠵᠤ ᠪᠠᠢᠨ᠎ᠠ ᠭᠡᠮᠡᠨ ᠥᠳᠥᠭᠡᠵᠦ ᠰᠡᠳᠦᠪᠡ᠃
 ᠭᠠᠯᠳᠠᠨ ᠬᠠᠭᠠᠨ ᠡᠷᠢᠭᠡ ᠪᠡᠨ ᠬᠦᠵᠦᠭᠦᠨ ᠡᠴᠡ ᠪᠡᠨ ᠮᠤᠯᠲᠤᠯᠵᠤ ᠠᠭᠠᠷ ᠰᠢᠪᠬᠠᠷᠲᠤᠭᠠᠳ᠂
— ᠬᠠᠭᠠᠨ ᠠᠬ᠎ᠠ ᠶ᠋ᠢᠨ ᠨᠢᠭᠤᠷ ᠤ᠋ᠨ ᠬᠡᠪ ᠢ᠋ ᠡᠳᠡᠨ ᠳ᠋ᠦ᠍ ᠬᠠᠷᠠᠭᠤᠯ! ᠭᠡᠵᠦ ᠰᠦᠷᠲᠡᠢ ᠥᠭᠦᠯᠡᠪᠡ᠃
 ᠰᠡᠩᠭᠡ ᠬᠠᠭᠠᠨ ᠤ᠋ ᠨᠢᠭᠤᠷ ᠤ᠋ᠨ ᠬᠡᠪ ᠪᠦᠬᠦᠢ ᠵᠤᠯᠤᠮᠠᠯᠠᠭᠰᠠᠨ ᠠᠷᠠᠰᠤ ᠬᠠᠳᠠᠨ ᠬᠠᠪᠴᠢᠯ ᠳ᠋ᠤ᠌ ᠪᠠᠢᠭ᠎ᠠ ᠴᠡᠷᠢᠭ ᠡᠷᠡᠰ ᠪᠣᠯᠤᠨ ᠴᠡᠷᠢᠭ ᠦ᠋ᠨ ᠵᠠᠩᠵᠤᠨ ᠪᠠᠭᠠᠲᠤᠷ ᠤ᠋ᠳ ᠤ᠋ᠨ ᠳᠤᠷ᠎ᠠ ᠥᠬᠡᠢᠴᠠᠯ ᠢ᠋ ᠲᠥᠷᠥᠭᠦᠯᠪᠡ᠃ ᠳᠠᠷᠠᠭ᠎ᠠ ᠨᠢ ᠭᠠᠯᠳᠠᠨ ᠬᠠᠭᠠᠨ᠂
— ᠶᠠᠭᠠᠬᠢᠭᠰᠠᠨ ᠭᠡᠵᠦ ᠬᠠᠭᠠᠨ ᠳ᠋ᠠᠭᠠᠨ ᠬᠠᠯᠳᠠᠪᠠ ᠭᠡᠮᠡᠨ ᠠᠶᠤᠮᠰᠢᠭ ᠲᠠᠢ ᠪᠠᠷ ᠵᠠᠩᠳᠤᠷᠪᠠ᠃

         ᠠᠷᠪᠠᠨ ᠬᠣᠶᠠᠷ

 ᠬᠤᠷᠵᠢᠯᠤ ᠪᠥᠬᠡ ᠶ᠋ᠢᠨ ᠬᠥᠭᠡᠷᠴᠡᠭᠯᠡᠭᠰᠡᠨ ᠨᠢᠭᠤᠷ ᠴᠢᠷᠠᠢ ᠶ᠋ᠢ ᠴᠡᠴᠡᠨ ᠲᠠᠢᠵᠢ᠂ ᠵᠤᠤᠡᠪᠠᠪᠠᠭᠠᠳᠤᠷ ᠬᠣᠶᠠᠷ ᠮᠡᠯᠡᠷᠡᠨ ᠰᠢᠷᠲᠡᠪᠡ ᠃ᠲᠠᠢᠭᠠᠨ ᠵᠤᠤᠪᠠ ᠨᠢᠭᠤᠴᠠᠭᠠᠢᠯᠠᠨ ᠪᠠᠷᠢᠭᠰᠠᠨᠭᠡᠷ ᠲᠦ᠍ ᠴᠡᠴᠡᠨ ᠲᠠᠢᠵᠢ ᠶ᠋ᠢᠨ ᠥᠷᠥᠭᠡᠰᠦᠨ ᠲᠥᠮᠥᠰᠥ ᠶ᠋ᠢ ᠰᠤᠭᠤᠯᠵᠤ᠂ ᠳᠠᠷᠠᠭ᠎ᠠ ᠨᠢ ᠨᠣᠬᠠᠢ ᠬᠠᠶᠠᠵᠤ ᠥᠭᠬᠦ ᠳ᠋ᠦ᠍ ᠨᠣᠬᠠᠢ ᠬᠡᠯᠡᠨ ᠢ᠋ᠶ᠋ᠡᠷ ᠢ᠋ᠶ᠋ᠡᠨ ᠳᠣᠷᠭᠢᠵᠤ ᠬᠠᠶᠠᠭᠰᠠᠨ ᠢ᠋ ᠮᠡᠳᠡᠬᠦ ᠪᠢᠯᠡ᠃ ᠴᠡᠴᠡᠨ ᠲᠠᠢᠵᠢ ᠵᠤᠳᠪᠠ ᠲᠠᠢᠭᠠᠨ ᠳ᠋ᠤ᠌ ᠲᠤᠢᠯ ᠠ᠋ᠴᠠ ᠥᠰᠢᠨ᠎ᠡ᠃ ᠬᠠᠪᠴᠢᠯ ᠳᠣᠲᠣᠷ᠎ᠠ ᠴᠡᠴᠡᠨ ᠲᠠᠢᠵᠢ 《ᠵᠤᠳᠪᠠ ᠶ᠋ᠢ ᠡᠳᠦᠢ ᠪᠣᠯᠲᠠᠯ᠎ᠠ ᠰᠡᠯᠡᠮᠡᠳᠡᠵᠦ ᠣᠷᠬᠢᠬᠤ ᠦᠭᠡᠢ ᠶᠠᠭᠠᠬᠢᠪᠠ᠃ ᠡᠨᠡ ᠦᠨᠡᠨᠴᠢ ᠲᠠᠢᠭᠠᠨ ᠮᠢᠨᠦ ᠠᠮᠢᠨ ᠳ᠋ᠤ᠌ ᠬᠦᠷᠬᠦ ᠪᠣᠯᠤᠯᠲᠠᠢ᠃ᠥᠨᠥᠳᠥᠷ ᠪᠢᠰᠢ ᠭᠡᠬᠦ ᠳ᠋ᠦ᠍ ᠮᠠᠷᠭᠠᠰᠢ ᠨᠠᠮᠠᠶ᠋ᠢ ᠠᠯᠠᠨ᠎ᠠ》 ᠭᠡᠵᠦ ᠪᠣᠳᠣᠪᠠ᠃ 
ᠬᠣᠷᠵᠢᠯᠦ ᠪᠥᠬᠡ ᠡᠨᠡ ᠦᠶ᠎ᠡ ᠳ᠋ᠦ᠍ ᠴᠡᠴᠡᠨ ᠲᠠᠢᠵᠢ᠂ ᠵᠤᠳᠪᠠᠪᠠᠭᠠᠲᠤᠷ ᠨᠣᠶᠠᠨ ᠬᠣᠶᠠᠷ ᠢ᠋ ᠰᠣᠨᠵᠢᠨ ᠰᠢᠷᠳᠡᠵᠦ ᠲᠤᠭ ᠳᠠᠭᠢᠬᠤ ᠪᠡᠯᠡᠳᠬᠡᠯ ᠢ᠋ᠶ᠋ᠡᠨ ᠬᠠᠩᠭᠠᠵᠤ ᠬᠥᠮᠦᠨ ᠣ ᠶᠠᠰᠤ ᠪᠠᠷ ᠴᠢᠮᠡᠭᠯᠡᠭᠰᠡᠨ ᠬᠤᠪᠴᠠᠰᠤ ᠰᠡᠯᠲᠡ ᠪᠡᠨ ᠡᠮᠦᠰᠴᠡᠢ᠃ ᠬᠠᠳᠠᠨ ᠬᠠᠪᠴᠢᠯ ᠳ᠋ᠤ᠌ ᠳᠠᠸᠠᠴᠢ ᠶ᠋ᠢ ᠠᠪᠴᠢᠷᠠᠪᠠ᠃ ᠳᠠᠸᠠᠴᠢ ᠶ᠋ᠢᠨ ᠬᠣᠶᠠᠷ ᠭᠠᠷ ᠢ᠋ ᠪᠡᠶ᠎ᠡ ᠲᠡᠢ ᠨᠢ ᠭᠡᠷᠦᠨ ᠬᠦᠯᠢᠵᠡᠢ᠃ ᠳᠠᠸᠠᠴᠢ ᠬᠠᠰᠬᠢᠷᠴᠤ《ᠬᠠᠷᠠᠴᠤ ᠪᠣᠭᠣᠯ ᠤ᠋ᠳ ᠨᠠᠳᠠ ᠬᠠᠯᠲᠠᠯ᠎ᠠ᠃ ᠬᠠᠷᠴᠠᠭᠠᠢ ᠱᠣᠩᠬᠣᠷ ᠰᠢᠪᠠᠭᠤᠨ ᠳ᠋ᠤ᠌ ᠪᠣᠯᠵᠣᠮᠣᠷ ᠬᠠᠯᠳᠠᠳᠠᠭ ᠪᠢᠯᠢᠤ》 ᠬᠡᠮᠡᠨ᠎ᠡ᠃
 ᠭᠠᠯᠳᠠᠨ ᠤ᠋ ᠨᠢᠳᠦᠨ ᠳ᠋ᠦ᠍ ᠬᠦᠢᠲᠡᠨ ᠬᠣᠷᠣᠰᠤᠯ ᠬᠤᠷᠠᠵᠤ᠂ 
— ᠬᠠᠭᠠᠨ ᠡᠵᠡᠨ ᠳ᠋ᠡᠭᠡᠨ ᠬᠠᠯᠳᠠᠭᠰᠠᠨ ᠶᠠᠯ᠎ᠠ ᠲᠠᠢ ᠲᠤᠯᠠ ᠴᠢᠮᠠᠶ᠋ᠢ ᠪᠠᠷᠢᠵᠤ ᠬᠦᠯᠢᠪᠡ᠃ ᠦᠭᠡ ᠪᠠᠢᠪᠠᠯ ᠬᠡᠯᠡ᠃ ᠡᠰᠡ ᠪᠥᠭᠡᠰᠦ ᠦᠬᠦᠯ ᠢ᠋ᠶ᠋ᠡᠨ ᠡᠮᠬᠦ᠃ ᠴᠢᠨᠦ ᠡᠮᠬᠦᠬᠦ ᠠᠷᠠᠰᠤ ᠪᠡᠯᠡᠨ ᠪᠠᠢᠭ᠎ᠠ᠃ ᠬᠠᠷᠢᠨ ᠬᠠᠭᠠᠨ ᠠᠬ᠎ᠠ ᠶ᠋ᠢᠨ ᠰᠦᠨᠡᠰᠦ ᠪᠤᠷᠬᠠᠨ ᠤ᠋ ᠣᠷᠣᠨ ᠳ᠋ᠤ᠌ ᠲᠥᠷᠥᠭᠰᠡᠨ᠃ ᠪᠣᠭᠳᠠ ᠯᠠᠮᠠ ᠥᠨᠳᠥᠷ ᠭᠡᠭᠡᠨ ᠵᠠᠨᠠᠪᠠᠽᠠᠷ ᠮᠢᠨᠦ ᠠᠬ᠎ᠠ ᠰᠡᠩᠭᠡ ᠬᠠᠭᠠᠨ ᠤ᠋ ᠳᠦᠷᠢ ᠶ᠋ᠢ ᠪᠤᠷᠬᠠᠳ ᠤ᠋ᠨ ᠳᠤᠮᠳᠠ ᠵᠠᠯᠠᠭᠰᠠᠨ ᠲᠤᠯᠠ ᠲᠡᠷᠡ ᠪᠤᠷᠬᠠᠨ ᠳ᠋ᠤ᠌ ᠬᠤᠪᠢᠯᠤᠭᠰᠠᠨ ᠭᠡᠵᠦ ᠣᠯᠠᠨ ᠳ᠋ᠤ᠌ ᠲᠣᠭᠣᠯᠳᠤᠬᠤᠢᠴᠠ ᠥᠭᠦᠯᠡᠪᠡ᠃
 ᠴᠡᠴᠡᠨ ᠲᠠᠢᠵᠢ ᠵᠤᠳᠪᠠᠪᠠᠭᠠᠲᠤᠷ ᠬᠣᠶᠠᠷ ᠤ᠋ᠨ ᠨᠢᠭᠤᠷ ᠲᠠᠲᠠᠪᠠᠯᠵᠠᠨ ᠴᠡᠴᠡᠷᠡᠵᠦ᠂ ᠵᠡᠷᠯᠢᠭ ᠠᠷᠠᠨᠰᠢᠨ ᠤ᠋ ᠭᠡᠷᠡᠴᠢ ᠪᠣᠯᠤᠭᠰᠠᠨ ᠨᠢᠭᠤᠷ ᠤ᠋ᠨ ᠬᠡᠪ ᠥᠭᠡᠳᠡ ᠭᠥᠯᠢᠷᠡᠨ᠎ᠡ᠃ ᠬᠠᠭᠠᠨ ᠤ᠋ ᠦᠷᠭᠦᠭᠡᠨ ᠳ᠋ᠦ᠍ ᠠᠯᠠᠯᠭ᠎ᠠ ᠬᠢᠬᠦ ᠳ᠋ᠦ᠍ ᠣᠷᠣᠯᠴᠠᠭᠰᠠᠨ ᠴᠥᠬᠥᠢ ᠤᠪᠠᠰᠢ ᠬᠠᠳᠠᠨ ᠬᠠᠪᠴᠢᠯ ᠳ᠋ᠤ᠌ ᠮᠣᠷᠢ ᠲᠠᠢ ᠪᠠᠨ ᠵᠣᠭᠰᠣᠵᠤ ᠶᠠᠳᠠᠨ᠎ᠠ᠃ ᠭᠠᠯᠳᠠᠨ ᠬᠠᠭᠠᠨ ᠡᠷᠭᠢᠨ ᠲᠣᠭᠣᠷᠢᠨ ᠢ᠋ᠶ᠋ᠠᠨ ᠨᠡᠩᠵᠢᠨ ᠬᠠᠷᠠᠵᠤ
— ᠬᠡᠪ ᠢ᠋ ᠤᠰᠤᠨ ᠳ᠋ᠤ᠌ ᠬᠢ ᠭᠡᠵᠦ ᠲᠤᠰᠢᠶᠠᠪᠠ᠃
 ᠲᠤᠩᠭᠠᠯᠠᠭ ᠣᠰᠤᠨ᠎ᠠ ᠲᠡᠷᠡ ᠬᠦ᠌ ᠰᠡᠩᠭᠡ ᠬᠠᠭᠠᠨ ᠤ᠋ ᠳᠦᠷᠰᠦᠲᠦ ᠬᠡᠪ ᠲᠥᠷᠥᠭᠳᠡᠪᠡ᠃ ᠬᠡᠪ ᠳᠡᠭᠡᠭᠦᠷ ᠤᠰᠤᠨ ᠤ᠋ ᠲᠦᠯᠬᠢᠶᠡᠰᠦ ᠤᠷᠤᠰᠬᠤ ᠳ᠋ᠤ᠌ ᠬᠥᠮᠦᠨ ᠦ᠌ ᠨᠢᠭᠤᠷ ᠤ᠋ᠨ ᠳᠦᠷᠰᠦ ᠬᠡᠯᠪᠡᠷᠢ ᠶᠠᠩᠵᠤ ᠶᠠᠩᠵᠤ ᠪᠣᠯᠤᠨ ᠥᠭᠡᠷᠡᠴᠢᠯᠡᠭᠳᠡᠵᠦ ᠪᠠᠢᠬᠤ ᠨᠢ ᠠᠢᠳᠠᠰ ᠲᠥᠷᠥᠭᠦᠯᠬᠦ ᠪᠥᠯᠥᠭᠡ᠃ ᠬᠡᠪ ᠢ᠋ ᠶᠠᠭᠠᠬᠢᠬᠤ ᠭᠡᠵᠦ ᠤᠰᠤᠨ ᠳ᠋ᠤ᠌ ᠳᠡᠪᠲᠦᠭᠡᠵᠦ ᠪᠠᠢᠭ᠎ᠠ ᠨᠢ ᠬᠥᠮᠦᠰ ᠦ᠋ᠨ ᠭᠠᠢᠬᠠᠯ ᠳ᠋ᠤ᠌ ᠲᠥᠷᠥᠭᠦᠯᠦᠨ᠎ᠡ᠃ ᠠᠭᠤᠯᠠ ᠶ᠋ᠢᠨ ᠬᠠᠳᠠᠨ ᠬᠠᠪᠴᠢᠯ ᠳ᠋ᠤ᠌ ᠴᠢᠮᠡᠭᠡ ᠦᠭᠡᠢ ᠪᠣᠯᠵᠠᠢ᠃ ᠵᠢᠷᠭᠢᠵᠦ ᠪᠣᠢ ᠪᠣᠯᠵᠣᠮᠣᠷ᠂ ᠴᠡᠴᠡᠭ ᠦ᠋ᠨ ᠰᠢᠮ᠎ᠡ ᠬᠥᠬᠥᠵᠦ ᠪᠠᠢᠭᠰᠠᠨ ᠵᠥᠭᠡᠢ ᠴᠥᠮ ᠳᠤᠭᠤᠢ᠃ ᠬᠡᠪ ᠦ᠋ᠨ ᠳᠦᠷᠰᠦ ᠠᠭᠠᠵᠢᠮ ᠢ᠋ᠶ᠋ᠠᠷ ᠲᠤᠩᠭᠠᠯᠠᠭ ᠣᠰᠤᠨ᠎ᠠ ᠳᠡᠪᠲᠦᠵᠦ ᠦᠭᠡᠢ ᠪᠣᠯᠪᠠ᠃ ᠵᠤᠯᠤᠮ᠎ᠠ ᠳᠡᠪᠲᠦᠭᠰᠡᠭᠡᠷ ᠬᠠᠪᠲᠠᠭᠠᠢ ᠨᠢᠯᠴᠠᠭᠠᠷ ᠠᠷᠠᠰᠤ ᠪᠣᠯᠵᠤ ᠬᠠᠭᠠᠨ ᠤ᠋ ᠨᠢᠭᠤᠷ ᠤ᠋ᠨ ᠬᠡᠯᠪᠡᠷᠢ ᠳᠦᠷᠰᠦ ᠡᠴᠡ ᠨᠢᠭᠡ  ᠴᠤ ᠲᠣᠯᠪᠣ᠂ ᠨᠦᠬᠡ ᠰᠦᠪᠡ ᠦᠯᠦ ᠦᠯᠡᠳᠡᠪᠡ᠃
ᠭᠠᠯᠳᠠᠨ ᠬᠠᠭᠠᠨ ᠭᠠᠷ ᠢ᠋ᠶ᠋ᠠᠨ ᠳᠡᠭᠡᠭᠰᠢ ᠡᠷᠭᠦᠪᠡ᠃ ᠭᠠᠯᠳᠠᠨ ᠲᠩᠷᠢ ᠳ᠋ᠦ᠍ ᠭᠠᠷ ᠢ᠋ᠶ᠋ᠠᠨ ᠬᠦᠷᠭᠡᠳᠡᠭ ᠪᠢᠯᠡ᠃
ᠵᠤᠤᠪᠠ ᠲᠠᠢᠭᠠᠨ ᠬᠠᠳᠠᠨ ᠠ᠋ᠴᠠ ᠬᠠᠳᠠᠨ ᠳ᠋ᠤ᠌ ᠦᠰᠦᠷᠴᠦ ᠣᠴᠢᠭᠠᠳ ᠳᠠᠸᠠᠴᠢ ᠶ᠋ᠢ ᠴᠢᠭᠢᠭᠲᠦ ᠨᠣᠭᠣᠭ᠎ᠠ ᠶ᠋ᠢᠨ ᠳᠡᠭᠡᠷ᠎ᠡ ᠡᠪᠦᠳᠦᠭᠯᠡᠭᠡᠳ ᠮᠥᠨᠥᠬᠢ ᠵᠤᠯᠤᠮ᠎ᠠ ᠬᠡᠮᠡᠬᠦ ᠳᠡᠪᠲᠦᠭᠡᠭᠰᠡᠨ ᠠᠷᠠᠰᠤ ᠪᠠᠷ ᠲᠡᠭᠦᠨ ᠦ᠌ ᠨᠢᠭᠤᠷ ᠢ᠋ ᠪᠦᠲᠡᠭᠡᠪᠡ᠃ ᠳᠠᠸᠠᠴᠢ ᠲᠡᠯᠴᠢᠯᠡᠨ ᠲᠠᠢᠴᠢᠵᠤ ᠪᠠᠢᠨ᠎ᠠ᠃ ᠲᠡᠭᠡᠭᠰᠡᠨ ᠢ᠋ᠶ᠋ᠡᠨ ᠶᠠᠮᠠᠷ ᠨᠢᠭᠡᠨ ᠰᠣᠷᠣᠭᠳᠠᠬᠤ ᠴᠢᠮᠡᠭᠡ ᠭᠠᠷᠤᠨ᠎ᠠ᠃ ᠳᠠᠸᠠᠴᠢ ᠶ᠋ᠢᠨ ᠨᠢᠭᠤᠷ ᠢ᠋ ᠪᠦᠲᠡᠭᠡᠭᠰᠡᠨ ᠠᠷᠠᠰᠤ ᠲᠡᠭᠦᠨ ᠦ᠌ ᠨᠢᠳᠦ᠂ ᠬᠠᠮᠠᠷ ᠠᠮᠠ᠂ ᠴᠢᠬᠢ ᠵᠡᠷᠭᠡ ᠤᠷᠤᠭᠤ ᠰᠦᠪᠡᠯᠡᠨ ᠣᠷᠣᠵᠤ ᠠᠭᠠᠵᠢᠮ ᠢ᠋ᠶ᠋ᠠᠷ ᠨᠢᠭᠤᠷ ᠤ᠋ᠨ ᠬᠡᠪ ᠪᠣᠯᠪᠠ᠃ ᠳᠠᠸᠠᠴᠢ ᠦᠬᠦᠵᠦ ᠠᠮᠢ ᠲᠠᠯᠪᠢᠭᠰᠠᠨ ᠤ᠋ ᠳᠠᠷᠠᠭ᠎ᠠ ᠮᠥᠨᠥᠬᠢ ᠵᠤᠯᠤᠮᠠᠯᠠᠭᠰᠠᠨ ᠠᠷᠠᠰᠤ ᠶ᠋ᠢ ᠲᠡᠭᠦᠨ ᠦ᠌ ᠲᠣᠯᠣᠭᠠᠢ ᠳ᠋ᠤ᠌ ᠦᠯᠡᠳᠡᠭᠡᠪᠡ᠃

ᠳᠠᠸᠠᠴᠢ ᠶ᠋ᠢᠨ ᠨᠢᠭᠤᠷ ᠢᠯᠡᠳᠲᠡ ᠲᠣᠳᠣᠷᠠᠵᠤ ᠲᠡᠭᠦᠨ ᠦ᠌ ᠰᠠᠷᠲᠠᠭᠠᠷ ᠬᠠᠮᠠᠷ᠂ ᠬᠣᠯᠮᠠᠭᠠᠷ ᠴᠢᠬᠢ ᠶᠠᠭ ᠠᠮᠢᠳᠤ ᠶᠤᠮ ᠰᠢᠭ᠋ ᠰᠡᠭᠦᠳᠡᠷ ᠦᠭᠡᠢ ᠬᠠᠷᠠᠭᠳᠠᠨ᠎ᠠ᠃ ᠬᠠᠭᠠᠨ ᠤ᠋ ᠠᠮᠢ ᠨᠠᠰᠤᠨ ᠳ᠋ᠤ᠌ ᠬᠠᠯᠳᠠᠭᠰᠠᠨ ᠳᠠᠸᠠᠴᠢ ᠶᠠᠯ᠎ᠠ ᠪᠠᠨ ᠠᠮᠰᠠᠵᠤ  ᠵᠤᠯᠤᠮᠠᠯᠠᠭᠰᠠᠨ ᠠᠷᠠᠰᠤ ᠪᠠᠨ ᠶᠢᠰᠦᠨ ᠰᠦᠪᠡ ᠪᠡᠷ ᠢ᠋ᠶ᠋ᠡᠨ ᠰᠣᠷᠣᠵᠤ ᠦᠬᠦᠯ ᠪᠣᠯᠪᠠ᠃ ᠮᠣᠷᠢᠲᠤ ᠴᠡᠷᠢᠭ ᠦ᠋ᠳ ᠠᠶᠤᠮᠰᠢᠭ ᠤ᠋ᠨ ᠦᠬᠦᠯ ᠢ᠋ ᠨᠢᠳᠦ ᠪᠡᠷ ᠦᠵᠡᠪᠡ᠃ ᠪᠢᠲᠡᠭᠦᠦ ᠬᠠᠪᠴᠢᠯ ᠳ᠋ᠤ᠌ ᠳᠠᠸᠠᠴᠢ ᠶ᠋ᠢ ᠥᠪᠡᠷ ᠦ᠋ᠨ ᠬᠢᠨᠢ ᠰᠡᠳᠦᠭᠰᠡᠨ ᠰᠠᠲᠤᠯ ᠢ᠋ᠶ᠋ᠠᠷ ᠨᠥᠭᠴᠢᠭᠡᠪᠡ᠃
ᠴᠡᠴᠡᠨ ᠲᠠᠢᠵᠢ᠂ ᠵᠣᠳᠪᠠᠪᠠᠭᠠᠲᠤᠷ ᠬᠣᠶᠠᠷ ᠠ᠋ᠴᠠ ᠭᠠᠯᠳᠠᠨ ᠪᠣᠱᠣᠭᠲᠤ ᠠᠰᠠᠭᠤᠪᠠ᠃
— ᠲᠠ ᠬᠣᠶᠠᠷ ᠶᠠᠮᠠᠷ ᠶᠠᠯ᠎ᠠ ᠲᠠᠢ ᠪᠣᠢ? ᠶᠠᠯ᠎ᠠ ᠪᠠᠨ ᠮᠡᠳᠡᠵᠦ ᠪᠠᠢᠨ᠎ᠠ ᠤᠤ?ᠶᠠᠯ᠎ᠠ ᠳ᠋ᠠᠭᠠᠨ ᠲᠣᠬᠢᠷᠠᠭᠰᠠᠨ ᠶᠠᠮᠠᠷ ᠰᠢᠢᠳᠬᠡᠯ ᠬᠦᠷᠲᠡᠬᠦ ᠪᠣᠢ? ᠠᠶᠤᠯ ᠦᠭᠡᠢ ᠬᠢᠭᠰᠡᠨ ᠪᠣᠯ ᠪᠦᠦ ᠠᠶᠤ᠃ ᠨᠠᠳᠠ ᠬᠠᠷᠢᠭᠤ ᠥᠭ ᠭᠡᠮᠡᠨ ᠱᠠᠭᠠᠷᠳᠠᠪᠠ᠃ 
ᠦᠬᠦᠳᠡᠯ ᠳᠠᠸᠠᠴᠢ ᠶ᠋ᠢᠨ ᠬᠥᠯ ᠦ᠋ᠨ ᠪᠤᠯᠴᠢᠩ ᠭᠡᠨᠡᠳᠲᠡ ᠲᠠᠲᠠᠪᠠᠯᠵᠠᠨ ᠲᠡᠢᠴᠢᠭᠢᠨᠡᠵᠦ ᠠᠮᠢᠳᠤ ᠮᠢᠬ᠎ᠠ ᠨᠢ ᠰᠡᠭᠦᠯ ᠦ᠋ᠨ ᠤᠳᠠᠭ᠎ᠠ ᠬᠥᠳᠡᠯᠪᠡ᠃ ᠲᠡᠭᠦᠨ ᠢ᠋ ᠬᠠᠷᠠᠵᠤ ᠪᠠᠢᠭᠰᠠᠨ ᠴᠡᠴᠡᠨ ᠲᠠᠢᠵᠢ᠂ ᠵᠤᠳᠪᠠᠪᠠᠭᠠᠲᠤᠷ ᠨᠣᠶᠠᠨ ᠬᠣᠶᠠᠭᠤᠯᠠ ᠪᠡᠶᠡᠰ ᠢ᠋ ᠬᠠᠷᠠᠵᠤ ᠴᠡᠴᠡᠨ ᠲᠠᠢᠵᠢ᠂
— ᠳᠠᠸᠠᠴᠢ ᠶ᠋ᠢᠨ ᠪᠤᠷᠤᠭᠤ ᠶ᠋ᠢ ᠬᠦᠯᠢᠶᠡᠬᠦ ᠦᠭᠡᠢ ᠭᠡᠵᠦ ᠥᠴᠢᠪᠡ᠃ ᠭᠠᠯᠳᠠᠨ ᠬᠠᠭᠠᠨ
— ᠳᠠᠸᠠᠴᠢ ᠶ᠋ᠢ ᠬᠡᠨ ᠢᠳᠬᠠᠭᠰᠠᠨ ᠪᠢᠯᠡ? ᠭᠡᠪᠡ᠃
— ᠡᠨᠡ ᠲᠡᠨᠦᠮᠡᠯ ᠤᠭ ᠠ᠋ᠴᠠ ᠪᠠᠨ ᠠᠲᠠᠭᠠᠴᠢ ᠶᠤᠮ᠃ ᠬᠣᠣᠷᠯᠠᠭᠴᠢ ᠶ᠋ᠢᠨ ᠪᠤᠷᠤᠭᠤ ᠰᠠᠨᠠᠭ᠎ᠠ ᠲᠠᠢ ᠶᠤᠮ᠃ ᠬᠡᠪ ᠭᠡᠨᠡᠳᠲᠡ ᠭᠠᠷᠴᠤ ᠢᠷᠡᠭᠡᠳ ᠪᠢᠳᠡᠨ ᠢ᠋ ᠪᠤᠵᠠᠷᠯᠠᠵᠤ ᠣᠷᠬᠢᠯ᠎ᠠ ᠭᠡᠵᠦ ᠴᠡᠴᠡᠨ ᠬᠡᠪ ᠨᠢᠭᠡᠨ ᠥᠭᠦᠯᠡᠯ᠎ᠡ᠃ ᠴᠡᠴᠡᠨ  ᠠᠶᠤᠮᠰᠠᠵᠤ ᠪᠠᠢᠭᠰᠠᠨ ᠢ᠋ᠶ᠋ᠠᠨ ᠦᠬᠦᠯ ᠦ᠋ᠨ ᠳᠠᠷᠠᠭ᠎ᠠ ᠲᠠᠢᠪᠤᠰᠢᠷᠠᠵᠠᠢ᠃ ᠳᠠᠸᠠᠴᠢ ᠦᠬᠦᠭᠰᠡᠨ ᠲᠤᠯᠠ ᠦᠭᠡ ᠬᠡᠯᠡᠬᠦ ᠪᠢᠰᠢ ᠭᠡᠮᠡᠨ ᠪᠠᠷᠳᠠᠮ ᠪᠠᠢᠪᠠ᠃
 —ᠥᠨᠳᠥᠷ ᠳᠡᠭᠡᠳᠦ ᠤᠭᠰᠠᠭ᠎ᠠ ᠶ᠋ᠢ ᠨᠢ ᠪᠣᠳᠣᠵᠤ ᠴᠢᠰᠤ ᠭᠠᠷᠭᠠᠯ ᠦᠭᠡᠢ᠃ ᠡᠭᠦᠨ ᠡᠴᠡ ᠬᠣᠢᠰᠢ ᠲᠡᠭᠦᠨ ᠡᠴᠡ ᠨᠠᠭᠠᠰᠢ ᠥᠰᠢᠶᠡᠲᠡᠨ ᠢ᠋ ᠥᠷᠥᠯᠡᠵᠦ᠂ ᠥᠷᠭᠡᠨ ᠣᠯᠠᠨ ᠤ᠋ ᠨᠢᠳᠦᠨ ᠦ᠌ ᠡᠮᠦᠨ᠎ᠡ ᠦᠬᠦᠭᠦᠯᠦᠨ᠎ᠡ ᠨᠠᠮᠠᠶ᠋ᠢ ᠲᠡᠭᠷᠢ ᠥᠷᠥᠰᠢᠶᠡᠨ᠎ᠡ᠃ ᠪᠤᠷᠬᠠᠨ  ᠴᠤ ᠪᠠᠰᠠ ᠥᠷᠥᠰᠢᠶᠡᠨ᠎ᠡ ᠭᠡᠵᠦ ᠭᠠᠯᠳᠠᠨ ᠬᠠᠭᠠᠨ ᠥᠨᠳᠥᠷ ᠳᠠᠭᠤ ᠪᠠᠷ ᠥᠭᠦᠯᠡᠪᠡ᠃ ᠭᠠᠯᠳᠠᠨ《ᠠᠮᠢᠳᠤ ᠬᠥᠮᠦᠨ ᠦ᠌ ᠨᠢᠭᠤᠷ ᠤ᠋ᠨ ᠬᠡᠪ ᠢ᠋ ᠠᠪᠴᠤ ᠪᠣᠯᠳᠠᠭ ᠭᠡᠵᠦ ᠥᠨᠳᠥᠷ ᠭᠡᠭᠡᠨ ᠬᠡᠯᠡᠭᠰᠡᠨ ᠰᠠᠨ᠃ ᠦᠬᠦᠭᠰᠡᠨ ᠬᠣᠢᠨ᠎ᠠ ᠨᠢ ᠨᠢᠭᠤᠷ ᠤ᠋ᠨ ᠬᠡᠪ ᠢ᠋ᠶ᠋ᠡᠷ ᠶᠠᠯ᠎ᠠ ᠠᠰᠠᠭᠤᠵᠤ ᠪᠣᠯᠳᠠᠭ ᠶᠤᠮ ᠪᠠᠢᠨ᠎ᠠ》 ᠭᠡᠵᠦ ᠳᠣᠲᠣᠭᠠᠳᠤ ᠰᠡᠳᠬᠢᠯ ᠳ᠋ᠡᠭᠡᠨ ᠬᠡᠯᠡᠭᠡᠳ ᠬᠠᠳᠠᠨ ᠬᠠᠪᠴᠢᠯ ᠤ᠋ᠨ ᠮᠣᠷᠢᠨ ᠵᠠᠮ ᠢ᠋ᠶ᠋ᠠᠷ ᠥᠭᠰᠥᠬᠦ ᠳ᠋ᠦ᠍ ᠬᠢᠷ᠎ᠠ ᠳᠡᠭᠡᠭᠦᠷ ᠮᠣᠷᠢᠲᠠᠨ ᠪᠠᠭᠠᠲᠤᠷ ᠤ᠋ᠳ ᠬᠤᠮᠢᠭᠳᠠᠨ ᠬᠠᠭᠠᠨ ᠢ᠋ ᠲᠣᠰᠴᠤ ᠪᠠᠢᠯ᠎ᠠ᠃ ᠠᠨᠤ ᠬᠠᠲᠤᠨ《ᠡᠨᠡ ᠭᠠᠯᠳᠠᠨ ᠤ᠋ ᠶᠣᠷᠣ ᠶᠣᠰᠣ ᠬᠣᠶᠠᠷ ᠨᠢ ᠳᠡᠢᠯᠦᠭᠳᠡᠰᠢ ᠦᠭᠡᠢ ᠪᠣᠯᠤᠯᠲᠠᠢ᠃ ᠭᠠᠯᠳᠠᠨ ᠵᠡᠭᠦᠨᠭᠠᠷ ᠢ᠋ ᠡᠷᠬᠡᠰᠢᠶᠡᠵᠦ ᠴᠢᠳᠠᠯ᠎ᠠ  ᠴᠤ ᠪᠤᠷᠬᠠᠨ ᠪᠤᠭ ᠬᠣᠶᠠᠷ ᠨᠢ ᠳᠠᠩᠴᠤ ᠣᠯᠠᠨ ᠪᠣᠢ》 ᠭᠡᠮᠡᠨ ᠪᠣᠳᠣᠬᠤ ᠳ᠋ᠤ᠌ ᠵᠢᠷᠦᠬᠡ ᠨᠢ ᠡᠪᠡᠳᠬᠦ ᠰᠢᠭ ᠪᠣᠯᠵᠠᠢ᠃

                 ᠠᠷᠪᠠᠨ ᠭᠤᠷᠪᠠ

  ᠬᠣᠷᠵᠢᠯᠤ ᠪᠥᠬᠡ ᠡᠴᠡ ᠬᠠᠭᠠᠨ ᠠᠰᠠᠭᠤᠪᠠ᠃
—   ᠲᠠᠸᠠᠴᠢ ᠶ᠋ᠢᠨ ᠴᠣᠭᠴᠠᠰ ᠢ᠋ ᠭᠣᠣᠯ ᠤᠰᠤ ᠪᠤᠵᠠᠷᠯᠠᠬᠤ ᠠ᠋ᠴᠠ ᠡᠮᠦᠨ᠎ᠡ ᠵᠠᠢᠯᠠᠭᠤᠯᠬᠤ ᠬᠡᠷᠡᠭᠲᠡᠢ ᠭᠡᠬᠦ ᠳ᠋ᠦ᠍ ᠪᠥᠬᠡ᠂
— ᠨᠣᠬᠠᠢ ᠰᠢᠪᠠᠭᠤᠨ ᠳ᠋ᠤ᠌ ᠬᠠᠶᠠᠵᠤ ᠥᠭᠭᠦᠨ᠎ᠡ ᠭᠡᠵᠦ ᠰᠢᠯᠤᠭᠤᠬᠠᠨ ᠬᠠᠷᠢᠭᠤᠯᠪᠠ᠃ ᠭᠠᠯᠳᠠᠨ ᠬᠠᠭᠠᠨ ᠤ᠋ ᠵᠢᠷᠳᠡᠭᠡᠷᠳᠡᠭᠦᠦ ᠬᠦᠢᠲᠡᠨ ᠨᠢᠳᠦ ᠴᠡᠴᠡᠨ ᠲᠠᠢᠵᠢ᠂  ᠵᠤᠳᠪᠠᠪᠠᠭᠠᠳᠤᠷ ᠨᠣᠶᠠᠨ ᠬᠣᠶᠠᠷ ᠠ᠋ᠴᠠ ᠨᠡᠬᠡᠭᠰᠡᠨ ᠬᠠᠷᠢᠭᠤ ᠪᠠᠨ ᠰᠣᠨᠣᠰᠤᠭ᠎ᠠ ᠦᠭᠡᠢ ᠠᠭᠠᠳ ᠮᠠᠰᠢ ᠳᠤᠷᠠᠮᠵᠢᠬᠠᠨ ᠪᠠᠢᠳᠠᠯ ᠢ᠋ᠶ᠋ᠠᠷ᠂
— ᠡᠳᠡᠨ ᠶᠠᠯ᠎ᠠ ᠪᠠᠨ ᠬᠦᠯᠢᠶᠡᠬᠦ ᠦᠭᠡᠢ ᠪᠠᠢᠨ᠎ᠠ᠃ ᠬᠡᠷᠪᠡ ᠭᠡᠮ ᠢ᠋ᠶ᠋ᠡᠨ ᠠᠷᠢᠭᠤᠰᠬᠠᠬᠤ ᠶ᠋ᠢ ᠬᠦᠰᠡᠭᠰᠡᠨ ᠪᠣᠯ ᠪᠢ ᠥᠷᠥᠰᠢᠶᠡᠬᠦ ᠪᠠᠢᠭᠰᠠᠨ᠃ ᠣᠳᠣ ᠪᠢ ᠴᠡᠴᠡᠨ᠂ ᠵᠣᠳᠪᠠᠪᠠᠭᠠᠲᠣᠷ ᠬᠣᠶᠠᠷ ᠢ᠋ ᠥᠷᠥᠰᠢᠶᠡᠬᠦ ᠦᠭᠡᠢ᠃ ᠡᠳᠡᠨ ᠦ᠌ ᠨᠢᠭᠦᠯ ᠬᠠᠯᠳᠠᠪᠤᠷᠢᠯᠠᠵᠤ ᠮᠡᠳᠡᠨ᠎ᠡ᠃ ᠪᠢ ᠬᠠᠯᠳᠠᠪᠤᠷᠢᠯᠠᠬᠤ ᠠ᠋ᠴᠠ ᠰᠡᠷᠭᠡᠢᠯᠡᠵᠦ ᠡᠨᠡ ᠬᠣᠶᠠᠷ ᠊ᠢ ᠰᠠᠬᠠᠷᠠ ᠬᠡᠮᠡᠬᠦ ᠬᠥᠯ ᠦᠭᠡᠢ ᠡᠯᠡᠰᠦᠨ ᠳᠠᠯᠠᠢ ᠳ᠋ᠤ᠌ ᠴᠥᠯᠡᠨ᠎ᠡ᠃
ᠬᠥᠮᠦᠨ ᠦ᠌ ᠠᠷᠠᠰᠤ ᠪᠠᠢᠲᠤᠭᠠᠢ ᠨᠢᠳᠦ ᠶ᠋ᠢ ᠪᠤᠴᠠᠯᠭᠠᠬᠤ ᠰᠢᠬᠠᠮ ᠲᠥᠭᠡᠨᠡᠳᠡᠭ ᠡᠯᠡᠰᠦᠨ ᠴᠦᠯ ᠳ᠋ᠦ᠍ ᠠᠮᠢᠳᠤᠷᠠᠯ ᠪᠣᠢ ᠭᠡᠨ᠎ᠡ᠃ ᠪᠤᠷᠬᠠᠨ ᠤ᠋ ᠵᠠᠷᠯᠢᠭ ᠢ᠋ᠶ᠋ᠠᠷ ᠬᠣᠢᠲᠤ ᠲᠥᠷᠥᠯ ᠳ᠋ᠡᠭᠡᠨ ᠨᠠᠳᠠ ᠲᠠᠢ ᠠᠭᠤᠯᠵᠠᠭᠠᠷᠠᠢ ᠭᠡᠪᠡ᠃
ᠴᠡᠴᠡᠨ ᠲᠠᠢᠵᠢ ᠶ᠋ᠢᠨ ᠨᠢᠷᠤᠭᠤᠨ ᠳ᠋ᠤ᠌ ᠬᠡᠳᠡᠷᠭᠡ ᠮᠣᠳᠣ ᠪᠠᠷ ᠬᠣᠶᠠᠷ ᠭᠠᠷ ᠢ᠋ ᠨᠢ ᠳᠠᠷᠤᠭᠤᠯᠵᠤ ᠬᠦᠯᠢᠪᠡ᠃ ᠵᠣᠳᠪᠠᠪᠠᠭᠠᠲᠣᠷ ᠮᠥᠨ ᠠᠳᠠᠯᠢ ᠨᠢᠷᠤᠭᠤᠨ ᠳ᠋ᠠᠭᠠᠨ ᠬᠡᠳᠡᠷᠭᠡ ᠮᠣᠳᠣ ᠪᠠᠷ ᠪᠡᠬᠢᠯᠡᠭᠳᠡᠪᠡ᠃ ᠴᠡᠴᠡᠨ ᠬᠦᠯᠢᠭᠦᠯᠵᠦ ᠪᠠᠢᠬᠤ ᠳ᠋ᠠᠭᠠᠨ《ᠪᠢ ᠤᠳᠤᠮ ᠤᠭᠰᠠᠭ᠎ᠠ ᠪᠠᠨ ᠦᠯᠡᠳᠡᠭᠡᠯ᠎ᠡ᠃ ᠬᠡᠵᠢᠶ᠎ᠡ ᠨᠢᠭᠡᠨ ᠴᠠᠭ ᠲᠤ᠌ ᠭᠠᠯᠳᠠᠨ ᠠ᠋ᠴᠠ ᠮᠢᠨᠦ ᠬᠥᠪᠡᠭᠦᠳ ᠬᠠᠷᠢᠭᠤ ᠥᠰᠢᠶ᠎ᠡ ᠨᠡᠬᠡᠬᠦ ᠪᠣᠢ ᠊ᠢ᠎ᠡ᠃ ᠬᠤᠭᠤᠴᠠᠭ᠎ᠠ ᠦᠭᠡᠢ ᠴᠦᠯᠡᠵᠦ ᠪᠠᠢᠭ᠎ᠠ ᠪᠣᠯ ᠬᠤᠭᠤᠴᠠᠭ᠎ᠠ ᠦᠭᠡᠢ ᠠᠯᠪᠠᠨ ᠠ᠋ᠴᠠ ᠡᠷᠭᠢᠭᠡᠳ ᠢᠷᠡᠨ᠎ᠡ》 ᠭᠡᠵᠦ ᠣᠮᠣᠭᠳᠠᠨ᠎ᠠ᠃ ᠬᠠᠷᠢᠨ ᠵᠣᠳᠪᠠᠪᠠᠭᠠᠲᠣᠷ ᠨᠣᠶᠠᠨ《ᠬᠠᠭᠠᠨ ᠲᠠᠨ ᠤ᠋ ᠦᠵᠡᠬᠦ ᠨᠢᠳᠦ᠂ ᠰᠣᠨᠣᠰᠬᠤ ᠴᠢᠬᠢᠨ ᠡᠴᠡ ᠬᠣᠯᠠ ᠪᠠᠢᠶ᠎ᠠ᠃ ᠡᠳ᠋ ᠠᠭᠤᠷᠠᠰᠤ ᠨᠠᠳᠠ ᠣᠭᠲᠣ ᠬᠡᠷᠡᠭ ᠦᠭᠡᠢ 》 ᠭᠡᠮᠡᠨ ᠵᠠᠢᠴᠢᠯᠠᠨ ᠮᠤᠯᠲᠤᠷᠠᠬᠤ ᠠᠷᠭ᠎ᠠ ᠰᠦᠢᠬᠡᠭᠡᠯᠡᠪᠡ᠃
ᠲᠡᠮᠡᠭᠡᠨ ᠳ᠋ᠦ᠍ ᠬᠣᠭᠣᠯᠠ ᠬᠦᠨᠡᠰᠦ ᠠᠴᠢᠵᠤ ᠥᠭᠭᠦᠭᠡᠳ ᠵᠣᠤᠪᠠ ᠲᠠᠢᠭᠠᠨ  ᠳ᠋ᠤ᠌  ᠬᠥᠲᠥᠯᠦᠭᠦᠯᠵᠦ ᠪᠠᠭ ᠴᠡᠷᠢᠭ ᠪᠤᠴᠠᠬᠤ ᠳ᠋ᠠᠭᠠᠨ᠂
— ᠵᠡᠷᠭᠡᠯᠭᠡᠨ ᠳᠤᠮᠳᠠ ᠴᠦᠯ ᠪᠣᠢ᠃ ᠴᠦᠯ ᠪᠣᠯ ᠬᠢᠵᠠᠭᠠᠷ ᠦᠭᠡᠢ ᠡᠯᠡᠰᠦ  ᠶᠤᠮ᠃ ᠡᠯᠡᠰᠦᠨ ᠳᠣᠲᠣᠷ᠎ᠠ ᠣᠷᠬᠢᠭᠠᠳ ᠡᠷᠭᠢᠵᠦ ᠢᠷ᠎ᠡ ᠭᠡᠮᠡᠨ  ᠬᠡᠯᠡᠵᠡᠢ᠃
ᠵᠤᠤᠪᠠ ᠲᠠᠢᠭᠠᠨ ᠬᠣᠨᠣᠭ ᠤ᠋ᠨ ᠳᠠᠷᠠᠭ᠎ᠠ ᠴᠡᠴᠡᠨ᠂ ᠵᠣᠳᠪᠠᠪᠠᠭᠠᠲᠣᠷ ᠬᠣᠶᠠᠷ ᠢ᠋ ᠡᠷᠡᠬᠡᠢ ᠬᠤᠷᠤᠭᠤᠨ ᠤ᠋ ᠳᠤᠮᠳᠠ ᠦᠶ᠎ᠡ ᠪᠡᠷ ᠬᠣᠯᠪᠣᠵᠤ ᠲᠠᠭᠤᠪᠠ᠃ ᠪᠠᠭ ᠴᠡᠷᠢᠭ ᠦ᠋ᠨ ᠠᠬᠠᠯᠠᠭᠴᠢ ᠡᠷᠭᠢᠵᠦ ᠢᠷᠡᠭᠡᠳ ᠬᠠᠭᠠᠨ  ᠳ᠋ᠤ᠌ 《ᠵᠣᠣᠪᠠ ᠲᠠᠢᠭᠠᠨ  ᠢ᠋ ᠬᠠᠷᠠᠭᠠᠯᠵᠠᠭᠴᠢ ᠪᠠᠷ ᠦᠯᠡᠳᠡᠭᠡᠪᠡ᠃ ᠵᠣᠤᠪᠠ ᠲᠠᠢᠭᠠᠨ ᠢ᠋ ᠡᠷᠭᠢᠵᠦ ᠢᠷᠡᠬᠦ ᠶ᠋ᠢ ᠵᠥᠪᠰᠢᠶᠡᠷᠡᠪᠡ》 ᠭᠡᠬᠦ ᠳ᠋ᠦ᠍ ᠭᠠᠯᠳᠠᠨ ᠬᠠᠭᠠᠨ《ᠵᠤᠤᠪᠠ ᠪᠣᠯ ᠡᠷᠬᠢᠮᠰᠦᠭ ᠬᠥᠮᠦᠨ ᠰᠢᠦ᠃ ᠴᠥᠯᠡᠯᠭᠡ ᠶ᠋ᠢᠨ ᠨᠤᠲᠤᠭ ᠠ᠋ᠴᠠ ᠭᠠᠭᠴᠠᠭᠠᠷ ᠢ᠋ᠶ᠋ᠠᠨ ᠶᠠᠭᠠᠬᠢᠵᠤ ᠢᠷᠡᠨ᠎ᠡ᠃ ᠵᠠᠮ ᠳ᠋ᠠᠭᠠᠨ ᠦᠷᠡᠭᠳᠡᠬᠦ ᠪᠣᠢ》 ᠭᠡᠵᠦ ᠵᠣᠪᠠᠨᠢᠩᠭᠤᠢ ᠪᠣᠳᠣᠵᠠᠢ᠃ ᠵᠣᠣᠪᠠ ᠡᠷᠭᠢᠵᠦ ᠢᠷᠡᠨ᠎ᠡ᠃ ᠡᠯᠡᠰᠦᠨ ᠳᠠᠯᠠᠢ ᠵᠣᠤᠪᠠ ᠶ᠋ᠢ ᠵᠠᠯᠭᠢᠵᠤ ᠴᠢᠳᠠᠬᠤ ᠦᠭᠡᠢ ᠪᠢᠵᠡ᠃ ᠬᠣᠵᠢᠮ ᠬᠣᠢᠨ᠎ᠠ ᠴᠡᠴᠡᠨ ᠲᠠᠢᠵᠢ ᠶ᠋ᠢᠨ ᠬᠥᠪᠡᠭᠦᠳ ᠭᠠᠯᠳᠠᠨ ᠬᠠᠭᠠᠨ ᠳ᠋ᠤ᠌ ᠦᠨᠡᠨᠴᠢ ᠵᠢᠳᠬᠦᠵᠡᠢ᠃

          ᠠᠷᠪᠠᠨ ᠳᠥᠷᠪᠡ

 ᠶᠥᠮ ᠠᠭ᠎ᠠ ᠬᠠᠲᠤᠨ᠂ ᠬᠠᠭᠠᠨ ᠬᠥᠪᠡᠭᠦᠨ ᠲᠡᠢ ᠪᠡᠨ ᠴᠢᠢᠯᠡᠵᠦ ᠪᠠᠢᠬᠤ ᠳ᠋ᠠᠭᠠᠨ᠂
— ᠡᠵᠢ ᠨᠢ ᠨᠠᠰᠤ ᠥᠨᠳᠥᠷ ᠪᠣᠯᠤᠯ᠎ᠠ᠃ ᠠᠭᠤᠯᠠ ᠶ᠋ᠢᠨ ᠰᠡᠭᠦᠳᠡᠷ ᠬᠥᠰᠢᠭᠡᠯᠡᠭᠰᠡᠨ ᠲᠤᠯᠠ ᠨᠠᠮᠠᠶ᠋ᠢ ᠪᠤᠯᠠᠭᠠᠨ ᠭᠣᠣᠯ ᠤ᠋ᠨ ᠬᠥᠪᠡᠭᠡᠨ ᠳ᠋ᠦ᠍ ᠰᠠᠭᠤᠷᠢᠰᠢᠭᠤᠯᠵᠤ᠂ ᠴᠥᠭᠡᠨ ᠵᠠᠷᠤᠴᠠ ᠲᠠᠢ ᠠᠮᠢ ᠵᠢᠭᠤᠯᠭ᠎ᠠ ᠶ᠋ᠢᠨ ᠮᠠᠯ ᠠᠬᠤᠢ ᠲᠠᠢ ᠨᠤᠲᠤᠭᠯᠠᠭᠤᠯᠪᠠᠯ ᠶᠠᠮᠠᠷ ᠪᠣᠯ? ᠬᠠᠲᠤᠨ ᠡᠬᠡ ᠲᠠᠨᠢ ᠲᠣᠷᠭᠤᠳ ᠨᠤᠲᠤᠭ ᠲᠠᠭᠠᠨ ᠣᠴᠢᠶ᠎ᠠ᠃ ᠲᠡᠨᠳᠡ ᠰᠦᠮ᠎ᠡ ᠪᠠᠢᠭᠤᠯᠤᠭᠰᠠᠨ ᠭᠡᠨ᠎ᠡ᠃ ᠰᠦᠮ᠎ᠡ ᠳᠤᠭᠠᠩ ᠳ᠋ᠤ᠌ ᠮᠥᠷᠭᠥᠯ ᠦᠢᠯᠡᠳᠴᠦ ᠬᠥᠪᠡᠭᠦᠨ ᠢ᠋ᠶ᠋ᠡᠨ ᠬᠦᠯᠢᠶᠡᠵᠦ ᠰᠠᠭᠤᠶ᠎ᠠ ᠭᠡᠬᠦ ᠳ᠋ᠦ᠍ ᠭᠠᠯᠳᠠᠨ ᠬᠠᠭᠠᠨ᠂
— ᠲᠠ ᠴᠣᠷᠣᠰ ᠤ᠋ᠨ ᠶᠡᠬᠡ ᠬᠦᠷᠢᠶᠡᠨ ᠡᠴᠡ ᠬᠣᠯᠠᠳᠬᠤ ᠶ᠋ᠢ ᠶᠠᠭᠤᠨ ᠳ᠋ᠤ᠌ ᠬᠦᠰᠡᠨ᠎ᠡ᠃ ᠨᠠᠳᠠ ᠠ᠋ᠴᠠ ᠠᠯᠤᠰ ᠪᠠᠢᠪᠠᠯ ᠮᠢᠨᠦ ᠰᠡᠳᠬᠢᠯ ᠰᠠᠨᠠᠭ᠎ᠠ ᠲᠤᠨᠤᠭᠠᠯᠵᠠᠭᠠᠳ ᠪᠠᠢᠵᠤ᠂ ᠰᠠᠭᠤᠵᠤ ᠦᠯᠦ ᠴᠢᠳᠠᠨ᠎ᠠ᠃ ᠡᠵᠢ ᠮᠢᠨᠢ ᠳᠡ᠁ ᠭᠡᠪᠡ᠃ ᠶᠦᠮ ᠠᠭ᠎ᠠ ᠬᠠᠲᠤᠨ ᠪᠣᠳᠣᠯᠬᠢᠯᠠᠨ ᠪᠠᠢᠭᠰᠠᠨ ᠢ᠋ᠶ᠋ᠠᠨ᠂
— ᠮᠢᠭᠮᠠᠨᠰᠠᠩᠵᠠᠢ ᠨᠠᠮᠠᠶ᠋ᠢ ᠰᠠᠢᠬᠠᠨ ᠠᠰᠠᠷᠠᠵᠤ ᠪᠠᠢᠭ᠎ᠠ᠂ ᠬᠥᠪᠡᠭᠦᠨ ᠨᠢ ᠲᠣᠮᠣ ᠪᠣᠯᠵᠤ ᠵᠤᠭ᠎ᠠ ᠲᠠᠢ ᠶᠤᠮ᠃ ᠴᠢᠮ᠎ᠠ ᠰᠢᠭ᠋ ᠬᠥᠪᠡᠭᠦᠨ᠁ ᠭᠡᠪᠡ᠃ ᠭᠠᠯᠳᠠᠨ ᠡᠬᠡ ᠶ᠋ᠢᠨ ᠢ᠋ᠶ᠋ᠡᠨ ᠰᠠᠨᠠᠭᠠᠨ ᠳ᠋ᠤ᠌ ᠨᠡᠢᠴᠡᠭᠦᠯᠵᠦ᠂
— ᠲᠠ ᠥᠪᠡᠷ  ᠦ᠋ᠨ ᠳᠤᠷ᠎ᠠ ᠪᠠᠷ ᠪᠠᠢᠭᠲᠤᠨ ᠭᠡᠯ᠎ᠡ᠃
 
            ᠠᠷᠪᠠᠨ ᠲᠠᠪᠤ

ᠲᠡᠷᠡ ᠵᠢᠯ ᠡᠷᠳᠡᠨᠢᠪᠠᠭᠠᠲᠤᠷ ᠬᠣᠩ ᠲᠠᠢᠵᠢ ᠳ᠋ᠤ᠌ ᠲᠦᠷᠺ ᠰᠤᠯᠲᠠᠨ ᠡᠷ᠎ᠡ ᠡᠮ᠎ᠡ ᠬᠣᠶᠠᠷ ᠪᠠᠷᠰ ᠪᠡᠯᠡᠭᠯᠡᠵᠦ ᠬᠠᠭᠠᠨ ᠤ᠋ ᠬᠠᠲᠤᠨ᠂ ᠭᠦᠩᠵᠦ ᠨᠠᠷ ᠪᠠᠷᠰ ᠳᠠᠭᠠᠭᠤᠯᠤᠨ ᠬᠠᠷ᠎ᠠ ᠡᠷᠴᠢᠰ ᠮᠥᠷᠡᠨ ᠦ᠌ ᠬᠥᠪᠡᠭᠡᠨ᠎ᠡ ᠵᠤᠭᠠᠴᠠᠳᠠᠭ ᠪᠣᠯᠵᠠᠢ᠃ ᠪᠠᠷᠰ ᠦᠷᠡᠵᠢᠵᠦ ᠳᠥᠷᠪᠡ ᠪᠣᠯᠪᠠ᠃ ᠠᠩᠬᠠᠨ ᠤ᠋ ᠡᠷ᠎ᠡ ᠡᠮ᠎ᠡ ᠬᠣᠶᠠᠷ ᠪᠠᠷᠰ ᠦᠬᠦᠵᠦ᠂ ᠲᠦᠷᠺ ᠮᠠᠯᠯᠠᠭᠠᠴᠢᠨ ᠨᠤᠲᠤᠭ ᠪᠤᠴᠠᠵᠠᠢ᠃ ᠭᠠᠯᠳᠠᠨ ᠢ᠋ ᠬᠠᠭᠠᠨ ᠣᠷᠣ ᠵᠠᠯᠭᠠᠮᠵᠢᠯᠠᠬᠤ ᠳ᠋ᠤ᠌ ᠬᠣᠶᠠᠷ ᠡᠮ᠎ᠡ ᠪᠠᠷᠰ ᠪᠠᠢᠭᠰᠠᠨ ᠤ᠋ ᠨᠢᠭᠡ ᠶ᠋ᠢ ᠦᠷᠭᠦᠭᠡᠨ ᠳ᠋ᠦ᠍ ᠪᠠᠢᠯᠭᠠᠵᠠᠢ᠃  ᠶᠥᠮ ᠠᠭ᠎ᠠ ᠬᠠᠲᠤᠨ ᠡᠮ᠎ᠡ ᠪᠠᠷᠰ ᠤ᠋ᠨ ᠤᠢᠳᠬᠠᠷᠲᠤ ᠰᠢᠷ᠎ᠠ ᠨᠢᠳᠦ ᠶ᠋ᠢ ᠬᠠᠷᠠᠵᠤ᠂
— ᠬᠥᠭᠡᠷᠦᠬᠦᠢ ᠵᠣᠪᠠᠭᠰᠠᠨ ᠠᠮᠢᠲᠠᠨ ᠭᠡᠵᠦ ᠥᠷᠥᠪᠳᠦᠨ᠎ᠡ᠃ ᠲᠣᠪᠰᠢᠭᠤᠷ᠂ ᠴᠣᠭᠣᠷ ᠤ᠋ᠨ ᠠᠶᠠᠯᠭᠤᠨ ᠳ᠋ᠤ᠌ ᠲᠤᠤᠯᠢ ᠬᠠᠢᠯᠠᠬᠤ ᠳ᠋ᠤ᠌ ᠪᠠᠷᠰ ᠤ᠋ᠨ ᠨᠢᠳᠦᠨ ᠡᠴᠡ ᠨᠢᠯᠪᠤᠰᠤ ᠤᠷᠤᠰᠳᠠᠭ ᠪᠠᠢᠯ᠎ᠠ᠃ ᠡᠨᠡ ᠤᠶᠠᠩᠭᠠᠲᠤ ᠨᠢᠯᠪᠤᠰᠤ ᠶᠦᠮ ᠠᠭ᠎ᠠ ᠬᠠᠲᠤᠨ ᠢ᠋ ᠮᠥᠨ ᠬᠦ ᠮᠡᠭᠰᠢᠬᠦ ᠳ᠋ᠦ᠍ ᠬᠦᠷᠭᠡᠨ᠎ᠡ᠃
ᠶᠦᠮ ᠠᠭ᠎ᠠ ᠬᠠᠲᠤᠨ ᠡᠬᠡ ᠡᠮ᠎ᠡ ᠪᠠᠷᠰ ᠤ᠋ᠨ ᠤᠢᠳᠬᠠᠷᠲᠤ ᠰᠢᠷ᠎ᠠ ᠨᠢᠳᠦ ᠶ᠋ᠢ ᠰᠢᠷᠳᠡᠨ᠂ 
— ᠪᠢᠳᠡ ᠠᠳᠠᠯᠢᠬᠠᠨ ᠰᠢᠦ᠃ ᠪᠢ ᠬᠠᠭᠠᠨ ᠤ᠋ ᠪᠡᠯᠪᠡᠰᠦᠨ ᠬᠠᠲᠤᠨ᠃ ᠮᠢᠭᠮᠠᠨᠰᠠᠩᠵᠠᠢ ᠥᠪᠡᠷ ᠦ᠋ᠨ ᠡᠷ᠎ᠡ ᠶ᠋ᠢ ᠲᠡᠢᠨ ᠳ᠋ᠦ᠍ ᠠᠯᠳᠠᠭᠠᠳ ᠨᠠᠮᠠᠶ᠋ᠢ ᠲᠣᠢᠯᠠᠵᠤ ᠶᠠᠪᠤᠨ᠎ᠠ᠃ ᠮᠢᠨᠦ ᠳᠡᠷᠭᠡᠳᠡ ᠢᠷᠡᠭᠰᠡᠨ ᠦ᠌ ᠪᠡᠨ ᠳᠠᠷᠠᠭᠠᠬᠠᠨ ᠦᠷ᠎ᠡ ᠶ᠋ᠢᠨ ᠵᠤᠯᠠᠢ ᠦᠨᠦᠷᠯᠡᠪᠡ᠃
 ᠡᠴᠢᠭᠡ ᠶ᠋ᠢᠨ ᠨᠡᠷ᠎ᠡ ᠶ᠋ᠢ ᠪᠡᠯᠭᠡᠰᠢᠶᠡᠨ ᠳᠡᠮᠪᠡᠷᠢᠯ ᠭᠡᠵᠦ ᠬᠥᠪᠡᠭᠦᠨ ᠢ᠋ᠶ᠋ᠡᠨ ᠨᠠᠷᠠᠯᠠᠪᠠ᠃ ᠳᠡᠮᠪᠡᠷᠢᠯ ᠬᠥᠪᠡᠭᠦᠨ ᠦ᠌ ᠬᠤᠪᠢ ᠲᠠᠪᠢᠯᠠᠩ ᠬᠡᠷᠬᠢᠨ ᠡᠷᠭᠢᠬᠦ ᠶ᠋ᠢ ᠲᠣᠭᠣᠰᠣᠲᠤ ᠬᠠᠷᠭᠤᠢ ᠮᠡᠳᠡᠨ᠎ᠡ᠃ ᠭᠠᠯᠳᠠᠨ ᠬᠠᠭᠠᠨ ᠢ᠋ ᠡᠷᠬᠡᠪᠰᠢ ᠳᠠᠭᠤᠷᠢᠶᠠᠬᠤ ᠪᠢᠵᠡ ᠭᠡᠮᠡᠨ ᠥᠭᠦᠯᠡᠨ᠎ᠡ᠃
ᠬᠠᠲᠤᠨ ᠡᠬᠡ ᠶ᠋ᠢᠨ ᠦᠷᠭᠦᠭᠡᠨ ᠳ᠋ᠦ᠍ ᠦᠳᠡᠰᠢ ᠶ᠋ᠢᠨ ᠦᠯᠢᠭᠡᠷ ᠥᠷᠨᠢᠵᠦ ᠲᠡᠭᠦᠰᠬᠡᠯ ᠳ᠋ᠦ᠍ᠨᠢ ᠲᠤᠤᠯᠢ ᠬᠠᠢᠯᠠᠵᠤ ᠵᠢᠷᠭᠠᠭᠠᠳᠠᠭ ᠪᠢᠯᠡ᠃
ᠣᠢᠷᠠᠳ ᠤ᠋ᠨ ᠮᠣᠷᠢᠲᠠᠨ ᠪᠠᠭᠠᠲᠤᠷ ᠤ᠋ᠳ ᠲᠡᠢᠨ ᠳᠣᠯᠣᠭᠠᠨ ᠠ᠋ᠴᠠ ᠡᠷᠭᠢᠵᠦ ᠬᠣᠲᠠ ᠬᠦᠷᠢᠶᠡᠨ ᠳ᠋ᠡᠭᠡᠨ ᠪᠤᠴᠠᠬᠤ ᠳ᠋ᠤ᠌ ᠪᠠᠬᠠᠨ ᠨᠢᠯᠪᠤᠰᠤ ᠤᠷᠤᠰᠤᠨ᠎ᠠ᠃ ᠲᠡᠢᠨ ᠳ᠋ᠦ᠍ ᠦᠷᠡᠭᠳᠡᠭᠰᠡᠨ ᠪᠠᠭᠠᠲᠤᠷ ᠤ᠋ᠳ ᠤ᠋ᠨ ᠡᠬᠡ ᠨᠢ᠂ ᠡᠬᠡᠨᠡᠷ ᠨᠢ᠂ ᠦᠷ᠎ᠡ ᠬᠡᠦᠬᠡᠳ ᠨᠢ ᠨᠢᠯᠪᠤᠰᠤ ᠪᠠᠨ ᠪᠠᠷᠢᠵᠤ ᠶᠠᠳᠠᠬᠤ ᠳ᠋ᠤ᠌ ᠬᠣᠲᠠ ᠬᠦᠷᠢᠶ᠎ᠡ ᠪᠡᠷ ᠢ᠋ᠶ᠋ᠡᠨ ᠤᠬᠢᠯᠠᠯᠳᠤᠨ᠎ᠠ᠃ ᠰᠡᠳᠬᠢᠯ ᠦ᠋ᠨ ᠪᠤᠳᠠᠩ ᠠᠷᠢᠯᠵᠤ ᠲᠠᠢᠳᠬᠤᠷᠠᠭᠰᠠᠨ ᠬᠣᠢᠨ᠎ᠠ ᠲᠤᠤᠯᠢ ᠬᠠᠢᠯᠠᠬᠤ ᠪᠥᠯᠥᠭᠡ᠃
 ᠦᠯᠢᠭᠡᠷ ᠵᠢᠷᠭᠠᠭᠠᠬᠤ᠂ ᠭᠤᠨᠢᠭ ᠬᠠᠷᠠᠭᠤᠰᠤᠯ ᠰᠠᠷᠨᠢᠭᠤᠯᠬᠤ ᠦᠶ᠎ᠡ ᠳ᠋ᠦ᠍ ᠲᠤᠤᠯᠢ ᠬᠥᠮᠦᠨ ᠦ᠌ ᠵᠢᠷᠦᠬᠡ ᠶ᠋ᠢ ᠠᠮᠤᠭᠤᠯᠠᠩ ᠪᠣᠯᠭᠠᠨ᠎ᠠ᠃
— ᠲᠤᠤᠯᠢ ᠶ᠋ᠢᠨ ᠪᠠᠭᠠᠲᠤᠷ ᠬᠡᠨ ᠪᠣᠢ?
— ᠲᠡᠢᠨ ᠳ᠋ᠦ᠍ ᠶᠠᠪᠤᠵᠤ ᠳᠠᠷᠬᠠᠨ ᠴᠣᠯᠠ ᠪᠠᠨ ᠮᠠᠨᠳᠤᠭᠤᠯᠤᠭᠰᠠᠳ᠃
— ᠲᠤᠤᠯᠢ ᠶ᠋ᠢ ᠬᠡᠨ ᠵᠣᠬᠢᠶᠠᠭᠰᠠᠨ ᠪᠣᠢ?
— ᠳᠠᠢᠴᠢᠨ ᠪᠠᠭᠠᠲᠤᠷ ᠤ᠋ᠳ ᠤ᠋ᠨ ᠠᠷᠤ ᠳ᠋ᠤ᠌ ᠦᠯᠡᠳᠡᠭᠰᠡᠨ ᠮᠠᠭᠲᠠᠭᠠᠯᠴᠢ ᠡᠪᠦᠭᠡᠳ᠂ ᠢᠷᠦᠭᠡᠯᠴᠢ ᠡᠮᠡᠭᠡᠳ᠂ ᠳᠠᠭᠤᠴᠢ ᠡᠮᠡᠰ ᠭᠡᠮᠡᠨ ᠬᠦᠦᠷᠨᠢᠯᠳᠦᠨ᠎ᠡ᠃
— ᠬᠠᠲᠤᠨ ᠡᠬᠡ ᠰᠦ ᠬᠥᠭᠡᠷᠦᠯ᠎ᠡ ᠭᠡᠵᠦ ᠮᠢᠭᠮᠠᠨᠰᠠᠩᠵᠠᠢ ᠥᠭᠦᠯᠡᠨ᠎ᠡ᠃
— ᠬᠥᠪᠡᠭᠦᠨ ᠳᠡᠮᠪᠡᠷᠢᠯ ᠳ᠋ᠦ᠍ ᠳᠡᠭᠡᠵᠢ ᠪᠠᠷᠢᠭᠲᠤᠨ᠃
— ᠵᠠ᠃
— ᠯᠤᠤᠰ ᠰᠠᠪᠳᠠᠭ᠂ ᠠᠭᠤᠯᠠ ᠤᠰᠤᠨ ᠳ᠋ᠠᠭᠠᠨ ᠡᠷᠭᠦᠭᠰᠡᠨ ᠪᠢᠵᠡ ᠳᠡ᠃
— ᠡᠷᠭᠦᠭᠰᠡᠨ᠂ ᠬᠠᠲᠤᠨᠳᠠᠨ!
— ᠴᠢᠭᠤᠯᠭᠠᠨ ᠥᠨᠳᠥᠷᠯᠡᠭᠰᠡᠨ ᠤᠤ?
—ᠣᠢᠷᠠᠳ ᠤ᠋ᠨ ᠴᠢᠭᠤᠯᠭᠠᠨ ᠳᠠᠷᠤᠭ᠎ᠠ ᠸᠴᠢᠷᠲᠤ ᠰᠡᠴᠡᠨ ᠬᠠᠭᠠᠨ ᠠᠯᠪᠠᠨ ᠲᠤᠰᠢᠶᠠᠯ ᠢ᠋ᠶ᠋ᠠᠨ ᠰᠢᠯᠵᠢᠭᠦᠯᠦᠭᠰᠡᠨ ᠭᠡᠨ᠎ᠡ᠃ ᠪᠣᠱᠣᠭᠲᠤ ᠬᠠᠭᠠᠨ ᠴᠢᠭᠤᠯᠭᠠᠨ ᠳᠠᠷᠤᠭ᠎ᠠ ᠶ᠋ᠢᠨ ᠡᠷᠬᠡ ᠶ᠋ᠢ ᠥᠪᠡᠷ ᠲᠡᠭᠡᠨ ᠠᠪᠴᠠᠢ ᠃
— ᠬᠡᠯᠡ ᠮᠡᠳᠡᠭᠴᠢ ᠪᠡᠷ ᠥᠭᠡᠷ᠎ᠡ ᠴᠢᠮᠡᠭᠡ ᠢᠷᠡᠪᠡ ᠤᠤ?
    —ᠶᠡᠬᠡ ᠴᠠᠭᠠᠵᠠ ᠬᠠᠤᠯᠢ ᠳ᠋ᠤ᠌ ᠨᠡᠮᠡᠯᠲᠡ ᠥᠭᠡᠷᠡᠴᠢᠯᠡᠯᠲᠡ ᠣᠷᠣᠵᠠᠢ ᠃
     ᠶᠦᠮ ᠠᠭ᠎ᠠ ᠬᠠᠲᠤᠨ ᠤ᠋ ᠦᠷᠭᠦᠭᠡᠨ ᠳ᠋ᠦ᠍ ᠳᠡᠮᠪᠡᠷᠢᠯ ᠬᠥᠪᠡᠭᠦᠨ ᠥᠰᠴᠦ ᠪᠠᠢᠯ᠎ᠠ᠃ ᠥᠷᠭᠥᠭᠡ ᠭᠡᠷ ᠡᠷ᠎ᠡ ᠬᠥᠮᠦᠨ ᠢ᠋ᠶ᠋ᠡᠷ ᠳᠤᠲᠠᠭᠰᠠᠨ ᠦᠭᠡᠢ᠃ ᠳᠡᠮᠪᠡᠷᠢᠯ ᠦ᠋ᠨ ᠬᠠᠪᠴᠢᠶᠠᠬᠠᠢ ᠨᠤᠮᠤ ᠰᠤᠮᠤ ᠬᠠᠨ᠎ᠠ ᠶ᠋ᠢᠨ ᠲᠣᠯᠣᠭᠠᠢ ᠳ᠋ᠤ᠌ ᠡᠯᠭᠦᠭᠡᠰᠦᠲᠡᠢ ᠠᠵᠢ᠃ ᠳᠡᠮᠪᠡᠷᠢᠯ ᠢ᠋ ᠲᠥᠷᠥᠭᠰᠡᠨ ᠡᠴᠡ ᠬᠣᠢᠰᠢ ᠬᠠᠲᠤᠨ ᠤ᠋ ᠥᠷᠭᠥᠭᠡ ᠳᠦᠭᠦᠷᠡᠩ ᠪᠣᠯᠵᠤ᠂ ᠭᠠᠯ ᠭᠣᠯᠣᠮᠲᠠ ᠶ᠋ᠢᠨ ᠢᠯᠴᠢ ᠭᠡᠷᠡᠯ ᠪᠠᠳᠠᠷᠠᠪᠠ ᠃

          ᠠᠷᠪᠠᠨ ᠵᠢᠷᠭᠤᠭ᠎ᠠ

     ᠶᠦᠮ ᠠᠭ᠎ᠠ ᠬᠠᠲᠤᠨ  ᠤ᠋ ᠰᠡᠳᠬᠢᠯ ᠦ᠋ᠨ  ᠪᠡᠭᠲᠡᠷᠡᠭᠡ ᠢᠯᠠᠷᠢᠰᠢᠵᠤ ᠡᠬᠢᠯᠡᠬᠦ ᠳ᠋ᠦ᠍ ᠰᠡᠩᠭᠡ ᠶ᠋ᠢᠨ ᠬᠥᠪᠡᠭᠦᠨ ᠴᠡᠸᠡᠩᠷᠠᠪᠳᠠᠨ  ᠢ᠋ ᠰᠠᠨᠠᠯ᠎ᠠ᠃ ᠬᠠᠲᠤᠨ ᠪᠤᠭᠤᠷᠤᠯ ᠡᠮᠡᠭᠡ ᠳ᠋ᠡᠭᠡᠨ ᠲᠡᠷᠡ ᠬᠥᠪᠡᠭᠦᠨ ᠢᠷᠡᠬᠦ ᠨᠢ ᠴᠥᠭᠡᠷᠡᠭᠰᠡᠭᠡᠷ ᠪᠠᠢᠯ᠎ᠠ᠃ ᠶᠦᠮ ᠠᠭ᠎ᠠ《ᠰᠡᠩᠭᠡ ᠪᠣᠯ ᠬᠠᠲᠤᠨ ᠡᠬᠡ ᠶ᠋ᠢᠨ ᠠᠯᠲᠠᠨ ᠵᠠᠭᠠᠳᠠᠰᠤ ᠰᠠᠯᠭᠠᠵᠤ ᠲᠥᠷᠥᠭᠰᠡᠨ ᠠᠩᠬᠠᠨ ᠤ᠋ ᠬᠥᠪᠡᠭᠦᠨ᠃ ᠰᠡᠩᠭᠡ ᠠᠬ᠎ᠠ ᠳᠡᠭᠦᠦᠰ ᠲᠡᠭᠡᠨ ᠬᠣᠣᠷᠯᠠᠭᠳᠠᠪᠠ᠃ ᠰᠡᠩᠭᠡ ᠶ᠋ᠢᠨ ᠬᠥᠪᠡᠭᠦᠨ ᠴᠡᠸᠡᠩᠷᠠᠪᠳᠠᠨ ᠪᠣᠯ ᠸᠴᠢᠷᠲᠤ ᠰᠡᠴᠡᠨ ᠬᠠᠭᠠᠨ ᠤ᠋ ᠵᠢᠭᠡ  ᠶᠤᠮ᠃ ᠠᠨᠤ ᠬᠠᠲᠤᠨ ᠰᠡᠩᠭᠡ ᠬᠠᠭᠠᠨ ᠤ᠋ ᠪᠠᠭ᠎ᠠ ᠬᠠᠲᠤᠨ ᠪᠠᠢᠪᠠ᠃ ᠠᠨᠤ ᠬᠠᠲᠤᠨ ᠭᠠᠯᠳᠠᠨ ᠪᠣᠱᠣᠭᠲᠤ ᠬᠠᠭᠠᠨ ᠤ᠋ ᠶᠡᠬᠡ ᠬᠠᠲᠤᠨ ᠪᠣᠯᠪᠠ᠃ ᠡᠨᠡ ᠲᠣᠭᠣᠷᠢᠭ ᠲᠤ᠌ ᠴᠡᠸᠡᠩᠷᠠᠪᠳᠠᠨ ᠡᠷᠭᠢᠯᠳᠦᠨ᠎ᠡ᠃ ᠴᠡᠸᠡᠩᠷᠠᠪᠳᠠᠨ ᠳ᠋ᠤ᠌ ᠰᠠᠨᠠᠭ᠎ᠠ ᠵᠣᠪᠠᠬᠤ ᠨᠢ ᠶᠡᠬᠡᠰᠪᠡ ᠃
 ᠬᠠᠭᠠᠨ ᠬᠥᠪᠡᠭᠦᠨ ᠡᠴᠡ ᠢᠯᠡᠭᠦᠦ ᠲᠡᠢ ᠴᠡᠸᠡᠩᠷᠠᠪᠳᠠᠨ ᠪᠣᠳᠣᠭᠳᠠᠬᠤ ᠪᠣᠯᠤᠭᠰᠠᠨ ᠨᠢ ᠰᠡᠳᠬᠢᠯ ᠦ᠋ᠨ ᠭᠦᠨ ᠳ᠋ᠦ᠍ ᠵᠣᠪᠠᠨᠢᠯ ᠡᠭᠦᠰᠦᠭᠰᠡᠨ ᠦ᠌ ᠪᠣᠢ ᠵ᠋᠎ᠠ》 ᠭᠡᠮᠡᠨ ᠪᠣᠳᠣᠭᠠᠳ ᠰᠠᠢᠬᠠᠨ ᠪᠡᠶ᠎ᠡ ᠪᠡᠨ ᠳᠠᠢᠪᠠᠲᠠᠯ᠎ᠠ ᠰᠡᠭᠦᠷᠡᠰᠦ ᠠᠯᠳᠠᠪᠠ ᠃
     ᠳᠡᠮᠪᠡᠷᠢᠯ ᠬᠥᠪᠡᠭᠦᠨ  ᠢ᠋ ᠥᠰᠬᠦ ᠳᠣᠳᠣᠮ ᠶᠦᠮ ᠠᠭ᠎ᠠ ᠬᠠᠲᠤᠨ ᠴᠡᠸᠡᠩᠷᠠᠪᠳᠠᠨ  ᠢ᠋ ᠦᠭᠡᠢᠯᠡᠬᠦ ᠪᠣᠯᠵᠠᠢ᠃ ᠴᠡᠸᠡᠩᠷᠠᠪᠳᠠᠨ ᠭᠠᠯᠳᠠᠨ ᠬᠠᠭᠠᠨ ᠤ᠋ ᠪᠠᠷᠠᠭᠤᠨ ᠭᠠᠷ ᠪᠣᠯᠬᠤ ᠶᠣᠰᠣᠲᠠᠢ ᠭᠡᠬᠦ ᠳ᠋ᠦ᠍ ᠬᠠᠲᠤᠨ ᠡᠬᠡ ᠢᠲᠡᠭᠡᠨ᠎ᠡ᠃ ᠭᠡᠲᠡᠯ᠎ᠡ ᠬᠠᠲᠤᠨ ᠡᠬᠡ ᠶ᠋ᠢᠨ ᠢᠲᠡᠭᠡᠯ ᠡᠳᠦᠷ ᠬᠣᠨᠣᠭ ᠥᠩᠭᠡᠷᠡᠬᠦ ᠳᠣᠳᠣᠮ ᠠᠯᠳᠠᠭᠳᠠᠨ᠎ᠠ᠃ ᠨᠢᠭᠡ ᠤᠳᠠᠭ᠎ᠠ ᠭᠠᠯᠳᠠᠨ ᠬᠠᠭᠠᠨ ᠳ᠋ᠤ᠌ ᠶᠦᠮ ᠠᠭ᠎ᠠ ᠡᠬᠡ᠂
 — ᠴᠠᠸᠠᠩᠷᠠᠪᠳᠠᠨ ᠪᠢᠳᠡᠨ ᠡᠴᠡ ᠬᠣᠯᠠᠳᠤᠭᠠᠳ ᠪᠠᠢᠬᠤ ᠶᠤᠮ᠃ ᠲᠡᠷᠡ ᠰᠡᠷᠭᠦᠯᠡᠩ ᠬᠠᠨ ᠬᠦᠦ ᠶ᠋ᠢ ᠴᠣᠷᠣᠰ ᠲᠤ᠌ ᠲᠠᠲᠠᠮᠠᠷ ᠪᠠᠢᠨ᠎ᠠ ᠭᠡᠬᠦ ᠳ᠋ᠦ᠍ ᠬᠠᠭᠠᠨ᠂
 —ᠲᠡᠷᠡ ᠬᠥᠪᠡᠭᠦᠨ ᠬᠠᠯᠠ ᠦᠵᠡᠵᠦ᠂ ᠬᠠᠲᠠᠭᠤ ᠶ᠋ᠢ ᠲᠠᠨᠢᠵᠤ ᠦᠰᠦᠭ ᠭᠡᠵᠦ   ᠬᠥᠨᠳᠡᠢᠪᠲᠦᠷ ᠬᠡᠯᠡᠵᠡᠢ ᠃
 ᠭᠠᠯᠳᠠᠨ《ᠨᠠᠰᠤᠨ ᠤ᠋ ᠪᠤᠷᠬᠠᠨ ᠤ᠋ ᠨᠡᠷ᠎ᠡ ᠲᠡᠢ ᠬᠥᠮᠦᠨ ᠡᠰᠡ ᠦᠬᠦᠪᠡᠰᠦ ᠤᠯᠠᠭᠠᠨ ᠤ᠋ ᠱᠠᠰᠢᠨᠲᠠᠨ ᠳ᠋ᠤ᠌ ᠬᠣᠣᠷᠯᠠᠭᠳᠠᠬᠤ ᠨᠢᠭᠤᠷ ᠲᠠᠢ》 ᠬᠡᠮᠡᠬᠦ  ᠪᠠᠨᠴᠢᠠᠡᠷᠳᠡᠨᠢ ᠪᠣᠭᠳᠠ ᠪᠠᠭᠰᠢ ᠶ᠋ᠢᠨ ᠵᠦᠩ ᠳᠠᠭᠠᠪᠤᠷᠢ ᠶ᠋ᠢ ᠮᠠᠷᠲᠠᠳᠠᠭ ᠦᠭᠡᠢ ᠪᠢᠯᠡ᠃
—  ᠴᠠᠸᠠᠩᠷᠠᠪᠲᠠᠨ ᠬᠠᠮᠢᠭᠠᠭᠤᠷ ᠶᠠᠪᠤᠨ᠎ᠠ ᠭᠡᠵᠦ ᠬᠠᠲᠤᠨ ᠡᠬᠡ ᠶ᠋ᠢ ᠯᠠᠪᠯᠠᠬᠤ ᠳ᠋ᠤ᠌ ᠭᠠᠯᠳᠠᠨ ᠬᠠᠭᠠᠨ᠂
— ᠮᠢᠨᠦ ᠤᠷᠳᠤᠭᠤᠷ ᠬᠣᠢᠭᠤᠷ ᠬᠦᠯᠬᠦᠨ᠎ᠡ ᠭᠡᠵᠦ ᠨᠡᠯᠢᠶᠡᠳ ᠰᠡᠵᠢᠭᠯᠡᠩᠭᠦᠢ ᠬᠡᠯᠡᠪᠡ᠃
— ᠬᠥᠪᠡᠭᠦᠨ ᠦᠯᠦ ᠵᠣᠯᠭᠠᠨ᠎ᠠ᠃
— ᠤᠭ ᠨᠢ ᠨᠠᠳᠠ ᠲᠠᠢ ᠪᠤᠰᠤ ᠲᠠᠨ ᠲᠠᠢ ᠠᠭᠤᠯᠵᠠᠮᠠᠷ ᠰᠠᠨ᠃
— ᠬᠥᠪᠡᠭᠦᠨ ᠶᠠᠭᠤ ᠪᠣᠳᠣᠳᠠᠭ ᠪᠣᠯ?
—  ᠸᠴᠢᠷᠲᠦ ᠰᠡᠴᠡᠨ ᠲᠡᠭᠦᠨ  ᠢ᠋ ᠪᠠᠭ᠎ᠠ ᠠ᠋ᠴᠠ ᠨᠢ ᠬᠠᠤᠯᠢ ᠴᠠᠭᠠᠵᠠ᠂ ᠲᠡᠦᠬᠡ᠂ ᠭᠦᠨ ᠤᠬᠠᠭᠠᠨ ᠳ᠋ᠤ᠌ ᠰᠤᠷᠭᠠᠭᠰᠠᠨ ᠪᠢᠵᠡ᠃ ᠲᠡᠷᠡ ᠬᠥᠪᠡᠭᠦᠨ ᠬᠠᠭᠠᠨ ᠰᠠᠭᠤᠳᠠᠯ ᠤ᠋ᠨ ᠲᠥᠯᠥᠭᠡ ᠶᠠᠭᠠᠬᠢᠬᠤ ᠠ᠋ᠴᠠ ᠪᠤᠴᠠᠬᠤ ᠦᠭᠡᠢ ᠬᠥᠮᠦᠵᠢᠭᠰᠡᠨ ᠪᠢᠵᠡ᠃
 ᠬᠠᠲᠤᠨ ᠡᠬᠡ  ᠨᠢ ᠭᠠᠯᠳᠠᠨ ᠬᠠᠭᠠᠨ  ᠢ᠋  ᠴᠠᠸᠠᠩᠷᠠᠪᠲᠠᠨ ᠳ᠋ᠤ᠌ ᠳᠤᠷᠠᠮᠵᠢᠬᠠᠨ ᠭᠡᠳᠡᠭ  ᠢ᠋ ᠮᠡᠳᠡᠷᠡᠵᠡᠢ᠃ ᠭᠠᠯᠳᠠᠨ ᠬᠠᠭᠠᠨ᠂ ᠠᠴᠢ ᠬᠥᠪᠡᠭᠦᠨ ᠳ᠋ᠡᠭᠡᠨ ᠶᠠᠭᠠᠬᠢᠭᠠᠳ ᠳᠤᠷᠠᠮᠵᠢᠬᠠᠨ ᠬᠠᠨᠳᠤᠵᠤ ᠪᠠᠢᠭ᠎ᠠ ᠨᠢ ᠥᠪᠡᠷ ᠲᠦ᠍ ᠦᠯᠦ ᠮᠡᠳᠡᠭᠳᠡᠮᠦᠢ᠃ ᠭᠠᠯᠳᠠᠨ ᠤ᠋ ᠳᠣᠲᠣᠭᠠᠳᠤ ᠬᠥᠮᠦᠨ ᠴᠡᠸᠡᠩᠷᠠᠪᠲᠠᠨ  ᠢ᠋ ᠥᠮᠥᠭᠡᠷᠡᠵᠦ《ᠥᠨᠥᠴᠢᠨ ᠬᠥᠪᠡᠭᠦᠨ ᠥᠪᠡᠷ ᠦ᠋ᠨ ᠳᠤᠷ᠎ᠠ ᠪᠠᠷ ᠥᠰᠬᠦ ᠨᠢ ᠵᠥᠪ᠃ ᠸᠴᠢᠷᠲᠥ ᠰᠡᠴᠡᠨ ᠶᠠᠭᠠᠬᠢᠵᠤ ᠰᠤᠷᠭᠠᠪᠠᠴᠤ ᠴᠡᠸᠡᠩᠷᠠᠪᠲᠠᠨ ᠬᠡᠪ ᠢ᠋ᠶ᠋ᠡᠷ ᠦᠯᠡᠳᠡᠨ᠎ᠡ᠃ ᠥᠨᠥᠴᠢᠨ ᠬᠥᠮᠦᠨ ᠥᠭᠡᠨᠳᠡᠭᠡᠴᠢ ᠭᠡᠳᠡᠭ᠃ ᠠᠨᠤ ᠬᠠᠲᠤᠨ ᠬᠥᠪᠡᠭᠦᠨ ᠢ᠋ᠶ᠋ᠡᠨ ᠮᠡᠳᠡᠭᠡᠵᠢ ᠲᠠᠨᠢᠭᠰᠠᠨ᠃ ᠲᠠᠨᠢᠭᠰᠠᠨ ᠤᠴᠢᠷ ᠠ᠋ᠴᠠ ᠲᠡᠭᠦᠨ ᠦ᠌ ᠠᠷᠤ ᠠ᠋ᠴᠠ ᠬᠥᠭᠡᠭᠡᠴᠡᠯᠳᠦᠵᠦ ᠲᠠᠮᠢᠷ ᠢ᠋ᠶ᠋ᠠᠨ ᠪᠠᠷᠠᠬᠤ ᠦᠭᠡᠢ ᠪᠠᠢᠨ᠎ᠠ᠃ ᠶᠥᠮ ᠠᠭ᠎ᠠ ᠬᠠᠲᠤᠨ ᠡᠬᠡ ᠪᠣᠯ ᠴᠣᠷᠣᠰ ᠤᠳᠤᠮ ᠤ᠋ᠨ ᠲᠥᠯᠥᠭᠡ ᠵᠣᠪᠠᠵᠤ ᠪᠠᠢᠨ᠎ᠠ᠃ ᠭᠠᠯᠳᠠᠨ ᠲᠠ ᠲᠡᠪᠴᠢᠶᠡᠷᠢ ᠲᠡᠢ ᠬᠦᠯᠢᠶᠡᠵᠦ ᠪᠠᠢ᠃ ᠬᠦᠯᠢᠶᠡᠯᠲᠡ ᠶ᠋ᠢᠨ ᠦᠷ᠎ᠡ ᠬᠡᠷᠬᠢᠨ ᠰᠣᠶᠣᠭᠠᠯᠠᠬᠤ ᠶ᠋ᠢ ᠬᠠᠷᠠᠬᠤ ᠬᠦᠷᠲᠡᠯ᠎ᠡ ᠬᠦᠯᠢᠶᠡ᠃ ᠴᠡᠸᠡᠩᠷᠠᠪᠲᠠᠨ ᠲᠠᠨᠢᠭᠳᠠᠬᠤ ᠪᠣᠯᠤᠭ᠎ᠠ ᠦᠭᠡᠢ》 ᠭᠡᠯ᠎ᠡ᠃
 ᠭᠠᠯᠳᠠᠨ ᠬᠠᠭᠠᠨ ᠨᠢᠭᠡᠨ ᠪᠠᠭ ᠴᠡᠷᠢᠭ ᠢᠯᠡᠭᠡᠵᠦ ᠴᠡᠸᠡᠩᠷᠠᠪᠲᠠᠨ  ᠢ᠋ ᠠᠯᠠᠬᠤ ᠰᠠᠨᠠᠭ᠎ᠠ ᠠᠭᠤᠯᠤᠭᠰᠠᠨ ᠪᠣᠯᠪᠠᠴᠤ ᠴᠡᠸᠡᠩᠷᠠᠪᠲᠠᠨ ᠵᠢᠭᠤᠲᠠᠵᠤ ᠠᠷᠢᠯᠵᠠᠢ᠃ ᠬᠠᠭᠠᠨ ᠤ᠋ ᠬᠡᠢ ᠪᠡᠶ᠎ᠡ ᠢᠮᠠᠭᠲᠠ ᠴᠡᠸᠡᠩᠷᠠᠪᠲᠠᠨ ᠲᠠᠢ ᠲᠡᠷᠰᠯᠡᠨ᠎ᠡ᠃ ᠴᠡᠸᠡᠩᠷᠠᠪᠲᠠᠨ ᠤ᠋ ᠲᠤᠬᠠᠢ ᠶᠠᠷᠢᠶ᠎ᠠ ᠡᠭᠦᠰᠬᠦ ᠳ᠋ᠦ᠍ ᠠᠨᠤ ᠬᠠᠲᠤᠨ ᠴᠠᠷᠪᠠᠵᠤ ᠬᠣᠯᠠᠳᠤᠨ᠎ᠠ᠃ ᠬᠠᠲᠤᠨ ᠡᠬᠡ ᠶ᠋ᠢᠨ ᠰᠠᠨᠠᠭ᠎ᠠ ᠳᠡᠮᠪᠡᠷᠢᠯ ᠬᠥᠪᠡᠭᠦᠨ  ᠢ᠋ ᠲᠣᠭᠣᠷᠢᠨ᠎ᠠ᠃ ᠴᠡᠸᠡᠩᠷᠠᠪᠲᠠᠨ  ᠢ᠋ ᠪᠣᠳᠣᠬᠤ ᠪᠦᠷᠢ ᠬᠠᠲᠤᠨ ᠡᠬᠡ ᠮᠤᠬᠤᠷᠳᠠᠨ᠎ᠠ᠃

           ᠠᠷᠪᠠᠨ ᠳᠣᠯᠣᠭ᠎ᠠ

 ᠭᠠᠯᠳᠠᠨ ᠬᠠᠭᠠᠨ  ᠢ᠋ ᠠᠬᠠᠳᠠᠷ᠎ᠠ ᠬᠠᠲᠤᠨ ᠤ᠋ ᠦᠷᠭᠦᠭᠡᠨ ᠳ᠋ᠦ᠍  ᠪᠠᠷᠠᠯᠬᠠᠬᠤ ᠪᠦᠷᠢ ᠳ᠋ᠦ᠍ ᠪᠦᠰᠡᠭᠦᠢ ᠶ᠋ᠢᠨ ᠴᠡᠭᠡᠵᠢᠨ ᠭᠦᠨ ᠳ᠋ᠦ᠍ ᠪᠠᠶᠠᠰᠤᠯ ᠲᠥᠷᠥᠵᠦ᠂ ᠬᠠᠭᠠᠨ ᠤ᠋ ᠨᠠᠷᠠ ᠰᠠᠷᠠ ᠰᠠᠭᠠᠲᠠᠨ ᠣᠷᠣᠰᠢᠬᠤ ᠵᠣᠪᠬᠢ ᠮᠡᠯᠮᠡᠢ ᠶ᠋ᠢ ᠰᠠᠨᠠᠭᠠᠰᠢᠷᠠᠨ ᠰᠢᠷᠳᠡᠨ᠎ᠡ᠃ ᠤᠭ ᠨᠢ ᠭᠦᠳᠦᠰ ᠵᠠᠩ ᠲᠠᠢ ᠬᠠᠭᠠᠨ ᠠᠬᠠᠳᠠᠷ᠎ᠠ ᠶ᠋ᠢᠨ ᠬᠢᠵᠠᠭᠠᠷ ᠦᠭᠡᠢ ᠪᠠᠶᠠᠰᠬᠤᠯᠠᠩᠲᠤ ᠣᠷᠣᠨ ᠵᠠᠢ ᠳ᠋ᠤ᠌ ᠠᠪᠲᠠᠭᠳᠠᠨ᠎ᠠ᠃ᠠᠬᠠᠳᠠᠷ᠎ᠠ ᠭᠦᠩᠵᠦ ᠬᠠᠭᠠᠨ ᠤ᠋ ᠪᠠᠭ᠎ᠠ ᠬᠠᠲᠤᠨ ᠪᠣᠯᠤᠭᠠᠳ ᠤᠳᠠᠭᠰᠠᠨ ᠠᠲᠠᠯ᠎ᠠ ᠬᠡᠦᠬᠡᠳ ᠵᠠᠶᠠᠭᠠᠭᠰᠠᠨ ᠦᠭᠡᠢ ᠪᠢᠯᠡ᠃ ᠠᠬᠠᠳᠠᠷ᠎ᠠ ᠦᠷ᠎ᠡ ᠬᠦᠰᠡᠨ᠎ᠡ᠃ ᠭᠠᠯᠳᠠᠨ ᠬᠠᠭᠠᠨ ᠮᠥᠨ ᠬᠦ᠌ ᠦᠷ᠎ᠡ ᠶ᠋ᠢᠨ ᠬᠦᠰᠡᠯ ᠳ᠋ᠦ᠍ ᠠᠪᠲᠠᠵᠠᠢ᠃
— ᠬᠠᠭᠠᠨ ᠲᠠ ᠨᠠᠮᠠᠶ᠋ᠢ ᠰᠠᠨᠠᠨ᠎ᠠ ᠤᠤ? ᠭᠡᠮᠡᠨ ᠠᠬᠠᠳᠠᠷ᠎ᠠ ᠶ᠋ᠢᠨ ᠠᠮᠢᠰᠬᠤᠯ ᠴᠡᠭᠡᠯᠰᠢᠨ ᠠᠭᠤᠵᠢᠷᠠᠬᠤ ᠳ᠋ᠤ᠌ ᠭᠠᠯᠳᠠᠨ ᠬᠠᠭᠠᠨ᠂
— ᠪᠠᠭ᠎ᠠ ᠬᠠᠲᠤᠨ ᠵᠢᠷᠦᠬᠡᠨ ᠳ᠋ᠦ᠍ ᠣᠷᠣᠰᠢᠨ᠎ᠠ ᠭᠡᠵᠦ ᠲᠣᠭᠣᠨᠣ ᠰᠢᠷᠳᠡᠩᠭᠡ ᠥᠭᠦᠯᠡᠪᠡ᠃
ᠬᠠᠭᠠᠨ ᠤ᠋ ᠥᠷᠭᠡᠨ ᠴᠡᠭᠡᠵᠢ ᠶ᠋ᠢ ᠳᠡᠷᠡᠯᠡᠵᠦ᠂ ᠮᠣᠳᠣᠷ ᠤ᠋ᠨ ᠠᠳᠢᠰ ᠬᠦᠷᠲᠡᠭᠡᠳᠡᠭ ᠪᠠᠷᠠᠭᠤᠨ ᠭᠠᠷ  ᠢ᠋ ᠠᠳᠬᠤᠵᠤ᠂ ᠢᠨᠠᠭ ᠤ᠋ᠨ ᠪᠦᠪᠡᠢ ᠳ᠋ᠦ᠍ ᠠᠮᠢᠰᠬᠤᠯ ᠵᠠᠳᠠᠷᠠᠭᠰᠠᠨ ᠠᠬᠠᠳᠠᠷ᠎ᠠ᠂
— ᠨᠣᠮ ᠰᠤᠳᠤᠷ ᠤ᠋ᠨ ᠲᠣᠭᠣᠰᠣᠨ ᠳ᠋ᠤ᠌ ᠴᠠᠭ  ᠢ᠋ ᠥᠩᠭᠡᠷᠡᠭᠡᠬᠦ  ᠶᠤᠮ᠃ ᠬᠠᠭᠠᠨ ᠲᠠᠨ ᠤ᠋ ᠲᠣᠳᠣ ᠮᠣᠩᠭᠣᠯ ᠪᠢᠴᠢᠭ ᠤᠷᠤᠭᠤ ᠬᠥᠷᠪᠡᠭᠦᠯᠦᠭᠰᠡᠨ ᠪᠤᠷᠬᠠᠨ ᠤ᠋ ᠰᠤᠳᠤᠷ  ᠢ᠋ ᠮᠡᠬᠦᠰ ᠪᠢ ᠬᠤᠪᠢᠯᠭᠠᠵᠤ ᠣᠯᠠᠰᠢᠷᠠᠭᠤᠯᠤᠨ᠎ᠠ᠃ ᠵᠠᠷᠢᠮ ᠳ᠋ᠠᠭᠠᠨ ᠤᠢᠳᠬᠤ ᠶᠤᠮ᠃ ᠶᠥᠮᠴᠢᠬᠠᠢ ᠨᠠᠳᠠ ᠲᠠᠢ ᠴᠠᠭ   ᠢ᠋ ᠥᠩᠭᠡᠷᠡᠭᠦᠯᠪᠡᠴᠦ ᠡᠭᠡᠴᠢ ᠬᠠᠲᠤᠨ ᠳ᠋ᠤ᠌ ᠠᠮᠢ ᠶᠤᠮ᠃ ᠶᠥᠮᠴᠢᠬᠠᠢ ᠭᠦᠩᠵᠦ ᠶ᠋ᠢ ᠨᠠᠳᠠ ᠤᠷᠤᠭᠤ ᠭᠦᠶᠦᠬᠦ ᠳ᠋ᠦ᠍ ᠡᠭᠡᠴᠢ ᠬᠠᠲᠤᠨ ᠳᠤᠷ᠎ᠠ ᠦᠭᠡᠢᠴᠡᠳᠡᠭ ᠪᠣᠯᠤᠯᠲᠠᠢ ᠭᠡᠳ ᠰᠡᠭᠦᠷᠡᠰᠦ ᠠᠯᠳᠠᠵᠤ《ᠬᠠᠭᠠᠨ ᠤ᠋ ᠦᠷ᠎ᠡ ᠶ᠋ᠢ ᠠᠷᠢᠭᠤᠨ ᠬᠡᠪᠡᠯᠢ ᠳ᠋ᠡᠭᠡᠨ ᠲᠡᠭᠡᠭᠡᠬᠦ ᠶ᠋ᠢ ᠶᠠᠭᠠᠬᠢᠭᠰᠠᠨ ᠶᠡᠬᠡ ᠬᠦᠰᠡᠨ᠎ᠡ᠃ ᠬᠦᠰᠡᠬᠦ ᠳ᠋ᠦ᠍ ᠬᠢᠰᠠᠨ᠎ᠠ ᠭᠡᠳᠡᠭ᠃ ᠬᠢᠰᠠᠯᠠᠩ ᠠ᠋ᠴᠠ ᠰᠠᠯᠬᠤ ᠶᠤᠮᠰᠠᠨ》 ᠭᠡᠵᠦ ᠪᠣᠳᠣᠭᠠᠳ᠂
— ᠪᠢ ᠪᠤᠷᠬᠠᠨ  ᠤ᠋ ᠰᠤᠷᠭᠠᠯ ᠨᠣᠮ ᠳ᠋ᠤ᠌ ᠨᠠᠪᠲᠠᠷᠠᠯ᠎ᠠ ᠭᠡᠪᠡ᠃
— ᠪᠤᠷᠬᠠᠨ ᠬᠠᠲᠤᠨ ᠲᠠᠨ ᠳ᠋ᠤ᠌ ᠶᠠᠭᠤ ᠠᠢᠯᠠᠳᠤᠨ᠎ᠠ?
— ᠬᠠᠭᠠᠨ ᠲᠠ ᠪᠤᠷᠬᠠᠨ ᠤ᠋ ᠡᠯᠴᠢ ᠰᠢᠦ ᠳᠡ᠃ ᠪᠤᠷᠬᠠᠨ ᠠ᠋ᠴᠠ ᠪᠢ ᠦᠷ᠎ᠡ ᠭᠤᠶᠤᠭᠰᠠᠨ᠃ ᠣᠳᠣ ᠲᠠᠨ ᠠ᠋ᠴᠠ ᠭᠤᠶᠤᠶ᠎ᠠ᠃ ᠲᠠ ᠨᠠᠳᠠ ᠦᠷ᠎ᠡ ᠬᠠᠢᠷᠠᠯᠠᠭᠠᠴᠢ!
— ᠶᠠᠭᠠᠬᠢᠵᠤ ᠳᠠᠭᠠᠯᠠᠪᠠᠴᠤ ᠮᠠᠬᠠᠪᠣᠳ ᠤ᠋ᠨ ᠡᠪᠰᠡᠯ ᠲᠣᠬᠢᠷᠠᠵᠤ ᠥᠭᠬᠦ ᠦᠭᠡᠢ ᠪᠠᠢᠨ᠎ᠠ᠃ ᠬᠠᠲᠤᠨ ᠤ᠋ ᠬᠡᠢ ᠪᠡᠶ᠎ᠡ ᠳ᠋ᠦ᠍ ᠰᠢᠩᠭᠡᠭᠰᠡᠨ ᠦᠷ᠎ᠡ ᠶ᠋ᠢᠨ ᠭᠣᠶᠣᠯᠭ᠎ᠠ ᠨᠠᠳᠠ ᠳ᠋ᠤ᠌ ᠪᠠᠰᠠ ᠪᠣᠢ᠃ ᠡᠨᠡ ᠪᠣᠯ ᠶᠡᠬᠡ ᠬᠠᠢᠷ᠎ᠠ ᠶᠤᠮ᠃ ᠲᠡᠷᠡ ᠬᠠᠢᠷ᠎ᠠ ᠨᠠᠮᠠᠶ᠋ᠢ ᠳᠠᠭᠠᠷᠢᠭᠰᠠᠨ᠃ ᠪᠢᠳᠡ ᠬᠣᠶᠠᠷ ᠬᠠᠢᠷ᠎ᠠ ᠶ᠋ᠢᠨ ᠳᠠᠭᠠᠷᠢᠯᠲᠠ ᠳ᠋ᠤ᠌ ᠥᠷᠲᠥᠵᠡᠢ᠃ ᠶᠡᠬᠡ ᠬᠠᠢᠷ᠎ᠠ  ᠡᠷᠡᠰᠲᠡᠯ ᠳᠠᠭᠠᠭᠤᠯᠪᠠ᠃
— ᠲᠡᠭᠡᠪᠡᠯ ᠬᠠᠭᠠᠨᠲᠠᠨ ᠮᠢᠨᠢ᠂ ᠪᠢ ᠡᠮᠡᠰ ᠦ᠋ᠨ ᠰᠦᠮ᠎ᠡ ᠳ᠋ᠦ᠍ ᠰᠠᠭᠤᠶ᠎ᠠ᠃ ᠪᠢᠰᠢᠯᠭᠠᠯ ᠬᠢᠵᠦ  ᠬᠠᠲᠠᠩᠭᠢᠷᠠᠰᠢᠭᠰᠠᠨ ᠬᠡᠪᠡᠯᠢ ᠪᠡᠨ ᠠᠮᠢ ᠣᠷᠣᠭᠤᠯᠤᠮᠠᠷ ᠪᠠᠢᠨ᠎ᠠ᠃ ᠡᠬᠡ ᠶ᠋ᠢᠨ ᠬᠡᠪᠡᠯᠢ ᠳ᠋ᠦ᠍ ᠠᠮᠢᠳᠤ ᠡᠳ᠋ ᠡᠰ ᠪᠦᠷᠢᠯᠳᠦᠵᠦ ᠬᠥᠮᠦᠨ ᠲᠥᠷᠥᠯ  ᠢ᠋ ᠣᠯᠳᠠᠭ ᠪᠤᠰᠤ ᠤᠤ?
— ᠠᠬᠠᠳᠠᠷ᠎ᠠ ᠬᠠᠲᠤᠨ ᠮᠠᠭᠤ ᠦᠢᠯᠡ ᠪᠤᠤ ᠰᠡᠳᠬᠢ᠃ ᠤᠷᠭᠤᠮᠠᠯ ᠠᠮᠢᠲᠠᠨ ᠤ᠋ ᠭᠠᠷᠤᠯ ᠲᠠᠢ ᠡᠮ ᠳᠠᠩ  ᠢ᠋ ᠵᠢᠷᠤᠨ ᠬᠤᠲᠤᠭᠲᠤ ᠠ᠋ᠴᠠ ᠵᠠᠯᠠᠵᠤ ᠠᠪᠴᠢᠷᠠᠭᠤᠯᠬᠤ ᠪᠠᠷ ᠡᠯᠴᠢ ᠢᠯᠡᠭᠡᠶ᠎ᠡ᠃
— ᠬᠠᠭᠠᠨ ᠲᠠ ᠰᠡᠳᠬᠢᠯ ᠢ᠋ᠶ᠋ᠡᠨ ᠪᠤᠤ ᠴᠢᠯᠡᠭᠡ᠃ ᠪᠢ ᠥᠪᠡᠷ ᠢ᠋ᠶ᠋ᠡᠨ ᠲᠥᠪᠡᠳ ᠤᠷᠤᠭᠤ ᠣᠳᠴᠤ ᠡᠮ ᠳᠠᠩ ᠵᠠᠯᠠᠶ᠎ᠠ᠃ ᠬᠠᠭᠠᠨᠲᠠᠨ!
 ᠠᠬᠠᠳᠠᠷ᠎ᠠ ᠶ᠋ᠢᠨ ᠵᠢᠷᠦᠬᠡ ᠶ᠋ᠢ ᠡᠮᠵᠡᠭᠯᠡᠭᠦᠯᠦᠨ《ᠬᠠᠭᠠᠨ ᠤ᠋ ᠭᠡᠷᠡᠯ ᠳ᠋ᠦ᠍ ᠳᠡᠮᠪᠡᠷᠢᠯ ᠬᠥᠪᠡᠭᠦᠨ ᠥᠰᠴᠦ ᠪᠠᠢᠨ᠎ᠠ᠃ ᠬᠠᠭᠠᠨ ᠤ᠋ ᠠᠮᠢᠰᠬᠤᠭ᠎ᠠ ᠨᠢ ᠬᠦᠷᠲᠡᠯ᠎ᠡ ᠬᠥᠪᠡᠭᠦᠨ ᠳ᠋ᠦ᠍ ᠮᠡᠳᠡᠷᠡᠭᠳᠡᠳᠡᠭ ᠪᠣᠢ ᠊ᠢ᠎ᠠ᠃ ᠭᠡᠲᠡᠯ᠎ᠡ ᠦᠷ᠎ᠡ ᠶ᠋ᠢᠨ ᠭᠣᠶᠣᠯᠭ᠎ᠠ ᠪᠠᠷ ᠪᠢ ᠪᠤᠷᠬᠠᠨ ᠳ᠋ᠤ᠌ ᠰᠥᠭᠥᠳᠴᠦ ᠪᠠᠢᠨ᠎ᠠ᠃ ᠬᠠᠭᠠᠨ ᠨᠠᠮᠠᠶ᠋ᠢ ᠢᠯᠢᠨ ᠲᠠᠭᠠᠯᠠᠵᠤ᠂ ᠰᠡᠳᠬᠢᠯ  ᠢ᠋ ᠮᠢᠨᠢ ᠭᠥᠭᠯᠡᠪᠡᠴᠦ ᠬᠦᠰᠡᠯ ᠲᠠᠴᠢᠶᠠᠯ ᠤ᠋ᠨ ᠴᠡᠴᠡᠭ ᠨᠠᠪᠴᠢ ᠳᠡᠯᠭᠡᠷᠡᠭᠰᠡᠨ ᠦᠭᠡᠢ᠃ ᠪᠢ ᠡᠮᠡᠰ ᠦ᠋ᠨ ᠰᠦᠮ᠎ᠡ ᠳᠤᠭᠠᠩ ᠳ᠋ᠤ᠌ ᠲᠣᠬᠢᠷᠠᠨ᠎ᠠ᠃ ᠪᠤᠷᠬᠠᠨ ᠤ᠋ ᠱᠠᠰᠢᠨ ᠤ᠋ ᠨᠣᠮᠯᠠᠯ ᠰᠤᠷᠭᠠᠯ ᠤ᠋ᠨ  ᠬᠥᠷᠪᠡᠭᠦᠯᠭᠡ ᠶ᠋ᠢ ᠨᠢᠭᠲᠠᠯᠠᠨ ᠲᠤᠯᠭᠠᠵᠤ᠂   ᠽᠦᠩᠺᠠᠸ᠎ᠠ ᠶ᠋ᠢᠨ ᠰᠤᠷᠭᠠᠯ  ᠢ᠋ ᠲᠥᠪᠡᠳ ᠬᠡᠯᠡ ᠪᠡᠷ ᠰᠤᠳᠤᠯᠵᠤ ᠤᠳᠠᠭᠠᠨ ᠰᠠᠭᠤᠪᠠ᠃ ᠣᠶᠤᠨ ᠰᠠᠨᠠᠭᠠᠨ ᠤ᠋ ᠴᠢᠨᠠᠳᠤ ᠨᠡᠪᠲᠡᠷᠡᠬᠦᠢ ᠳ᠋ᠦ᠍ᠷ ᠠᠮᠠᠷᠠᠭ ᠤ᠋ᠨ ᠶᠠᠪᠤᠳᠠᠯ  ᠢ᠋ ᠲᠠᠶᠠᠭᠳᠠᠨ ᠭᠡᠭᠡᠵᠦ ᠪᠡᠶ᠎ᠡ ᠮᠠᠬᠠᠪᠣᠳ ᠤ᠋ᠨ ᠪᠣᠯᠤᠨ ᠬᠡᠢ ᠪᠣᠳᠣᠯ ᠤ᠋ᠨ  ᠰᠢᠨᠠᠯᠭᠠᠯ ᠠ᠋ᠴᠠ ᠡᠭᠦᠷᠢᠳᠡ ᠬᠠᠭᠠᠴᠠᠬᠤ ᠪᠢᠯᠡ᠃ ᠬᠠᠭᠠᠨ ᠤ᠋ ᠦᠷ᠎ᠡ ᠰᠠᠲᠤ ᠶ᠋ᠢ ᠲᠥᠷᠥᠭᠦᠯᠬᠦ ᠦᠭᠡᠢ ᠡᠴᠡ ᠴᠠᠭᠠᠰᠢ ᠪᠤᠷᠬᠠᠨ ᠤ᠋ ᠰᠦᠮ᠎ᠡ ᠳ᠋ᠦ᠍   ᠰᠠᠬᠢᠯᠲᠤ ᠭᠡᠯᠦᠭᠪᠠ ᠪᠣᠯᠬᠤ ᠮᠢᠨᠢ᠁》 ᠭᠡᠮᠡᠨ ᠬᠠᠲᠠᠭᠤ ᠰᠢᠢᠳᠴᠡᠢ ᠃
 ᠠᠬᠠᠳᠠᠷ᠎ᠠ ᠶ᠋ᠢᠨ ᠴᠠᠢᠪᠤᠷ ᠴᠢᠷᠠᠢ᠂ ᠨᠣᠮᠣᠨ ᠬᠥᠮᠥᠰᠬᠡ᠂ ᠰᠢᠯᠤᠭᠤᠨ ᠬᠠᠮᠠᠷ᠂ ᠭᠤᠸᠠᠯᠢᠭ ᠪᠡᠶ᠎ᠡ ᠦᠯᠢᠭᠡᠷ ᠦ᠋ᠨ ᠳᠠᠭᠢᠨᠢ ᠶ᠋ᠢᠨ ᠠᠳᠠᠯᠢ ᠨᠢᠭᠡ ᠯᠡ ᠡᠳᠦᠷ ᠴᠣᠷᠣᠰ ᠣᠪᠣᠭᠲᠠᠨ ᠳ᠋ᠤ᠌ ᠳᠣᠮᠣᠭ ᠪᠣᠯᠵᠠᠢ ᠃

             ᠠᠷᠪᠠᠨ ᠨᠠᠢ᠍ᠮᠠ

 ᠠᠬᠠᠳᠠᠷ᠎ᠠ ᠲᠠᠢ ᠵᠥᠷᠢᠵᠦ ᠮᠠᠨᠵᠤ ᠶ᠋ᠢᠨ ᠬᠠᠭᠠᠨ ᠤ᠋ ᠭᠦᠩᠵᠦ ᠭᠠᠯᠳᠠᠨ ᠪᠣᠱᠣᠭᠲᠤ ᠶ᠋ᠢᠨ ᠦᠷᠭᠦᠭᠡᠨ᠎ᠡ ᠵᠠᠯᠠᠷᠠᠪᠠ᠃ ᠭᠦᠩᠵᠦ ᠶ᠋ᠢᠨ ᠨᠡᠷ᠎ᠡ ᠭᠡᠢᠮᠡᠯ᠃ ᠤᠷᠤᠭ ᠤ᠋ᠨ ᠣᠪᠣᠭ ᠵᠦᠷᠴᠢᠳ ᠠᠵᠢ᠃ ᠮᠠᠨᠵᠤ ᠶ᠋ᠢᠨ ᠬᠠᠭᠠᠨ ᠤ᠋ ᠲᠥᠯᠥᠭᠡᠨ ᠦ᠌ ᠰᠠᠢᠳ ᠴᠡᠳᠡᠳ ᠲᠣᠷᠭᠠᠨ ᠪᠣᠭᠣᠯᠲᠠ ᠲᠠᠢ ᠰᠢᠬᠠᠮ ᠭᠡᠢᠮᠡᠯ ᠭᠦᠩᠵᠦ ᠶ᠋ᠢ ᠳᠡᠷᠭᠡᠳᠡ ᠪᠡᠨ ᠰᠠᠭᠤᠯᠭᠠᠵᠤ᠂
— ᠬᠠᠭᠠᠨ ᠲᠠᠨ ᠤ᠋ ᠬᠤᠪᠢᠯᠭᠠᠨ ᠰᠤᠤ ᠠᠯᠳᠠᠷ ᠮᠣᠩᠭᠣᠯ ᠮᠠᠨᠵᠤ ᠳᠠᠶᠠᠭᠠᠷ ᠲᠦᠭᠡᠮᠡᠯ ᠪᠢᠯᠡ᠃ ᠲᠦᠭᠡᠭᠰᠡᠨ ᠶᠡᠬᠡ ᠠᠯᠳᠠᠷ ᠲᠤᠨᠢ ᠲᠠᠯᠠᠷᠬᠠᠵᠤ ᠮᠠᠨᠵᠤ ᠶ᠋ᠢᠨ ᠬᠠᠭᠠᠨ ᠥᠪᠡᠷ ᠦ᠋ᠨ ᠭᠦᠩᠵᠦ ᠪᠡᠷ ᠤᠷᠤᠭ ᠪᠠᠷᠢᠯᠳᠤᠬᠤ ᠶ᠋ᠢ ᠬᠦᠰᠡᠵᠦ ᠪᠠᠢᠨ᠎ᠠ᠃ ᠮᠠᠨᠵᠤ ᠶ᠋ᠢᠨ ᠬᠠᠭᠠᠨ ᠥᠪᠡᠷ ᠦ᠋ᠨ ᠰᠠᠩ ᠠ᠋ᠴᠠ ᠠᠯᠲᠠ᠂ ᠮᠥᠩᠭᠥ᠂ ᠮᠠᠩᠨᠤᠭ ᠲᠣᠷᠭ᠎ᠠ᠂ ᠡᠷᠳᠡᠨᠢ ᠶ᠋ᠢᠨ ᠴᠢᠯᠠᠭᠤ ᠰᠡᠯᠲᠡ ᠶ᠋ᠢ ᠢᠯᠡᠭᠡᠵᠦ ᠬᠠᠭᠠᠨ ᠲᠠᠨ ᠤ᠋ ᠥᠯᠮᠡᠢ ᠪᠠᠲᠤ ᠣᠷᠣᠰᠢᠬᠤ ᠶ᠋ᠢᠨ ᠢᠷᠦᠭᠡᠯ ᠲᠠᠯᠪᠢᠵᠤ ᠪᠠᠢᠨ᠎ᠠ ᠭᠡᠮᠡᠨ ᠦᠭᠡ ᠪᠡᠨ ᠪᠣᠳᠣᠵᠤ ᠵᠥᠭᠡᠭᠡᠵᠦ ᠬᠡᠯᠡᠪᠡ᠃ ᠴᠡᠳᠡᠳ ᠮᠠᠰᠢ ᠲᠠᠷᠭᠤᠨ ᠬᠥᠮᠦᠨ ᠪᠠᠢᠯ᠎ᠠ᠃ ᠲᠡᠭᠦᠨ ᠦ᠌ ᠠᠮᠢᠰᠬᠤᠭ᠎ᠠ ᠳᠠᠪᠬᠤᠴᠠᠨ ᠭᠠᠯᠳᠠᠨ ᠬᠠᠭᠠᠨ ᠤ᠋ ᠬᠥᠳᠡᠯᠭᠡᠭᠡᠨ  ᠢ᠋ ᠰᠠᠢᠲᠤᠷ ᠠᠵᠢᠭᠯᠠᠨ᠎ᠠ᠃ ᠮᠠᠨᠵᠤ ᠶ᠋ᠢᠨ ᠬᠠᠭᠠᠨ ᠡᠩᠬᠡ ᠠᠮᠤᠭᠤᠯᠠᠩ᠂
— ᠭᠠᠯᠳᠠᠨ  ᠢ᠋ ᠤᠷᠠᠬᠠᠨ ᠳ᠋ᠠᠭᠠᠨ ᠣᠷᠣᠭᠤᠯᠵᠤ ᠵᠤᠭᠤᠬᠠᠨ ᠴᠢᠩᠭᠠᠯᠠᠬᠤ ᠶ᠋ᠢᠨ ᠲᠤᠯᠠᠳᠠ ᠴᠡᠳᠡᠳ ᠰᠠᠢᠳ ᠲᠠ ᠶᠠᠪᠤᠵᠤ ᠪᠠᠢᠨ᠎ᠠ᠃ ᠤᠷᠠᠬᠠᠨ ᠳ᠋ᠤ᠌ ᠬᠥᠯ  ᠢ᠋ ᠨᠢ ᠪᠠᠲᠤᠲᠠᠢ ᠭᠢᠰᠬᠢᠭᠦᠯᠬᠦ ᠠᠪᠠᠰᠤ ᠵᠡᠭᠦᠨᠭᠠᠷ ᠤ᠋ᠨ ᠬᠠᠲᠠᠭᠤ ᠪᠣᠳᠣᠯᠭ᠎ᠠ ᠶ᠋ᠢ ᠠᠭᠠᠵᠢᠮ ᠢ᠋ᠶ᠋ᠠᠷ ᠠᠭᠤᠰᠬᠠᠵᠤ ᠪᠣᠯᠤᠨ᠎ᠠ᠃ ᠡᠮᠡᠰ ᠥᠬᠢᠳ ᠪᠣᠯ ᠢᠮᠠᠭᠲᠠ ᠮᠡᠰᠡ ᠪᠠᠢᠳᠠᠭ᠃ ᠭᠡᠢᠮᠡᠯ ᠭᠦᠩᠵᠦ ᠪᠣᠯ ᠨᠤᠭᠤᠷᠠᠰᠢ ᠦᠭᠡᠢ ᠵᠣᠷᠢᠭᠲᠤ ᠭᠠᠯᠳᠠᠨ ᠤ᠋ ᠦᠷ᠎ᠡ ᠶ᠋ᠢ ᠲᠥᠷᠥᠭᠦᠯᠵᠦ ᠢᠲᠡᠭᠡᠯ  ᠢ᠋ ᠣᠯᠬᠤ ᠨᠢᠭᠡᠨ ᠵᠣᠷᠢᠯᠭ᠎ᠠ ᠲᠠᠢ ᠰᠢᠦ ᠭᠡᠮᠡᠨ ᠰᠠᠨᠠᠭᠤᠯᠤᠨ ᠬᠡᠯᠡᠵᠡᠢ ᠃
    ᠮᠠᠨᠵᠤ ᠶ᠋ᠢᠨ ᠬᠠᠭᠠᠨ ᠤ᠋ ᠲᠥᠯᠥᠭᠡᠨ ᠦ᠌ ᠰᠠᠢᠳ ᠴᠡᠳᠡᠳ ᠦ᠋ᠨ ᠤᠷᠠᠨ ᠨᠠᠯᠠᠷᠬᠠᠢ ᠦᠭᠡᠨ ᠳ᠋ᠦ᠍ ᠡᠰᠡ ᠬᠠᠭᠤᠷᠲᠠᠬᠤ ᠭᠠᠯᠳᠠᠨ ᠬᠠᠭᠠᠨ᠂
—ᠮᠠᠨᠵᠤ ᠶ᠋ᠢᠨ ᠬᠠᠭᠠᠨ ᠡᠩᠬᠡ ᠠᠮᠤᠭᠤᠯᠠᠩ ᠳ᠋ᠤ᠌ ᠲᠠᠯᠠᠷᠬᠠᠯ᠎ᠠ᠃ ᠲᠡᠷᠡ ᠶᠡᠬᠡ ᠬᠠᠭᠠᠨ ᠨᠠᠮᠠᠶ᠋ᠢ ᠲᠣᠭᠣᠵᠤ ᠢᠯᠡᠭᠡᠭᠰᠡᠨ ᠪᠡᠯᠡᠭ ᠰᠡᠯᠲᠡ ᠶ᠋ᠢ ᠬᠦᠯᠢᠶᠡᠵᠦ ᠠᠪᠤᠨ᠎ᠠ᠃ ᠪᠢ ᠬᠠᠷᠢᠭᠤ ᠪᠠᠷᠢᠨ᠎ᠠ ᠭᠡᠮᠡᠨ ᠨᠠᠢᠷᠰᠠᠭ ᠦᠭᠡ ᠶ᠋ᠢ ᠬᠡᠯᠡᠬᠦ ᠳ᠋ᠦ᠍ ᠴᠠᠳᠠᠳ᠂
— ᠮᠠᠨ ᠤ᠋ ᠬᠠᠭᠠᠨ ᠤ᠋ ᠪᠤᠶᠠᠨ  ᠢ᠋ ᠲᠣᠭᠲᠠᠭᠠᠬᠤ ᠠᠪᠠᠰᠤ ᠲᠣᠮᠳᠠᠭᠤᠷᠠᠬᠤ ᠦᠭᠡᠢ ᠶᠡᠬᠡ ᠪᠢᠯᠡ ᠭᠡᠪᠡ᠃ ᠭᠠᠯᠳᠠᠨ ᠤ᠋ ᠨᠢᠳᠦᠨ ᠳ᠋ᠦ᠍ ᠰᠢᠭᠤᠷᠭ᠎ᠠ  ᠳᠦᠷᠡᠯᠵᠡᠭᠡᠳ᠂
— ᠪᠤᠶᠠᠨ ᠲᠣᠭᠲᠠᠳᠠᠭ ᠰᠠᠪᠠ᠂ ᠪᠤᠶᠠᠨ ᠲᠣᠭᠲᠠᠭᠠᠳᠠᠭ ᠦᠭᠡᠢ ᠰᠠᠪᠠ ᠭᠡᠵᠦ ᠪᠠᠢᠳᠠᠭ᠃ ᠰᠠᠪᠠ ᠶ᠋ᠢᠨ ᠬᠡᠮᠵᠢᠶ᠎ᠡ ᠶ᠋ᠢ  ᠮᠡᠳᠡᠨ᠎ᠡ ᠭᠡᠮᠡᠨ ᠡᠩᠬᠡ ᠠᠮᠤᠭᠤᠯᠠᠩ ᠬᠠᠭᠠᠨ ᠪᠤᠷᠬᠠᠨ ᠪᠢᠰᠢ ᠭᠡᠰᠡᠨ ᠰᠠᠨᠠᠭ᠎ᠠ ᠶ᠋ᠢ ᠴᠤᠬᠤᠯᠵᠠᠭᠤᠯᠪᠠ᠃ ᠴᠠᠳᠠᠳ ᠰᠠᠢᠳ ᠦᠭᠡ ᠶ᠋ᠢᠨ ᠰᠡᠪ  ᠢ᠋ ᠠᠷᠢᠯᠭᠠᠬᠤ ᠶ᠋ᠢᠨ ᠲᠤᠯᠠᠳᠠ᠂
— ᠡᠷᠬᠢᠮᠯᠡᠬᠦ ᠶᠣᠰᠣ ᠪᠠᠷ ᠪᠣᠯ ᠬᠦᠨᠳᠦᠳᠬᠡᠯ ᠢ᠋ ᠳᠠᠭᠠᠵᠤ ᠬᠦᠨᠳᠦᠳᠬᠡᠯ ᠪᠠᠢᠳᠠᠭ ᠭᠡᠯ᠎ᠡ᠃ ᠬᠠᠭᠠᠨ ᠭᠦᠵᠢᠷᠮᠡᠭᠳᠡᠭᠦᠦ ᠢᠨᠢᠶᠡᠮᠰᠦᠭᠯᠡᠵᠦ᠂
— ᠮᠠᠨᠵᠤ ᠶ᠋ᠢᠨ ᠬᠠᠭᠠᠨ ᠶᠣᠰᠣ ᠲᠥᠷᠥ ᠰᠠᠢᠲᠠᠢ᠂ ᠠᠭᠤᠵᠢᠮ ᠤᠬᠠᠭᠠᠨ ᠲᠠᠢ ᠬᠥᠮᠦᠨ ᠶᠦᠮ᠃ ᠲᠡᠷᠡ ᠬᠠᠭᠠᠨ ᠨᠠᠳᠠ ᠠ᠋ᠴᠠ ᠶᠠᠭᠤ ᠬᠦᠰᠡᠨ᠎ᠡ ᠭᠡᠵᠦ ᠴᠠᠳᠠᠳ ᠰᠠᠢᠳ ᠤ᠋ᠨ ᠲᠠᠷᠭᠤᠨ ᠨᠢᠭᠤᠷ ᠥᠭᠡᠳᠡ ᠬᠠᠷᠠᠬᠤ ᠳ᠋ᠤ᠌ ᠲᠡᠭᠦᠨ ᠦ᠌ ᠤᠯᠠᠭᠠᠨ ᠨᠢᠭᠤᠷ ᠲᠤ᠌ ᠬᠥᠯᠥᠰᠥ ᠲᠠᠭᠠᠪᠤᠷᠢᠯᠠᠵᠤ ᠪᠠᠢᠯ᠎ᠠ᠃ ᠴᠠᠳᠠᠳ ᠰᠠᠢᠳ᠂
—ᠮᠠᠨ ᠤ᠋ ᠬᠠᠭᠠᠨ ᠣᠢᠷᠠᠳ ᠤ᠋ᠨ ᠬᠠᠭᠠᠨ ᠲᠠᠢ ᠨᠠᠢᠷᠠᠮᠳᠠᠯ ᠲᠠᠢ ᠪᠠᠢᠬᠤ ᠶ᠋ᠢ ᠬᠦᠰᠡᠨ᠎ᠡ ᠭᠡᠯ᠎ᠡ᠃
— ᠡᠪ ᠡᠪᠳᠡᠷᠡᠭᠰᠡᠨ ᠤᠳᠠᠭ᠎ᠠ ᠡᠳᠦᠢ ᠬᠦᠷᠲᠡᠯ᠎ᠡ ᠦᠭᠡᠢ ᠪᠢᠯᠡ᠃ ᠲᠠᠨ ᠤ᠋ ᠬᠠᠭᠠᠨ ᠤ᠋ ᠰᠦᠯᠳᠡ ᠯᠤᠤ ᠪᠤᠰᠤ ᠤᠤ? ᠭᠠᠯ ᠳᠡᠯ ᠲᠡᠢ ᠯᠤᠤ ᠶ᠋ᠢᠨ ᠰᠦᠯᠳᠡ ᠨᠢᠭᠡᠨ ᠴᠠᠭ ᠲᠤ᠌ ᠶᠡᠬᠡ ᠶᠤᠸᠠᠨ ᠤ᠋ ᠭᠦᠷᠦᠨ ᠦ᠌ ᠬᠠᠭᠠᠨ ᠬᠤᠪᠢᠯᠠᠢ ᠶ᠋ᠢ ᠢᠪᠡᠭᠡᠵᠦ ᠪᠠᠢᠭᠰᠠᠨ ᠶᠤᠮ᠃ ᠣᠳᠣ ᠨᠠᠮᠠᠶ᠋ᠢ ᠢᠪᠡᠭᠡᠬᠦ ᠪᠣᠯᠤᠯ᠎ᠠ ᠭᠡᠬᠦ ᠳ᠋ᠦ᠍ ᠴᠠᠳᠠᠳ ᠰᠠᠢᠳ ᠪᠠᠭ᠎ᠠ ᠦᠭᠡᠢ ᠰᠠᠨᠳᠤᠷᠴᠤ᠂
— ᠯᠤᠤ ᠢᠪᠡᠭᠡᠯ ᠲᠡᠢ᠃ ᠪᠦᠬᠦᠨ  ᠢ᠋ ᠢᠪᠡᠭᠡᠨ᠎ᠡ ᠭᠡᠪᠡ᠃ ᠭᠠᠯᠳᠠᠨ ᠬᠠᠭᠠᠨ ᠨᠡᠯᠢᠶᠡᠳ ᠬᠡᠭᠵᠢᠭᠦᠨ ᠢ᠋ᠶ᠋ᠡᠷ᠂
— ᠨᠠᠳᠠ ᠰᠦᠯᠳᠡ ᠪᠣᠢ᠃ ᠬᠥᠬᠡ ᠲᠩᠷᠢ ᠶ᠋ᠢᠨ ᠵᠢᠭᠦᠷᠲᠡᠨ ᠬᠦᠷᠡᠩ ᠪᠦᠷᠭᠦᠳ ᠣᠢᠷᠠᠳ  ᠤ᠋ᠨ ᠰᠦᠯᠳᠡ ᠪᠢᠯᠡ ᠭᠡᠵᠦ ᠲᠤᠰ ᠲᠤᠰ ᠲᠠᠭᠠᠨ ᠪᠡᠶ᠎ᠡ ᠪᠡᠨ ᠳᠠᠭᠠᠭᠠᠭᠰᠠᠨ ᠬᠣᠶᠠᠷ ᠤᠯᠤᠰ ᠪᠣᠯᠬᠤ ᠶ᠋ᠢᠨ ᠤᠴᠢᠷ  ᠢ᠋ ᠪᠠᠲᠤ ᠨᠤᠲᠠ ᠥᠭᠦᠯᠡᠪᠡ᠃ ᠴᠠᠳᠠᠳ ᠳᠣᠲᠣᠷ᠎ᠠ ᠪᠠᠨ《ᠭᠠᠯᠳᠠᠨ  ᠢ᠋ ᠪᠠᠷᠢᠵᠤ ᠢᠳᠡᠬᠦ ᠦᠭᠡᠢ ᠪᠣᠯᠤᠯᠲᠠᠢ᠃ ᠣᠢᠷᠠᠳ ᠤ᠋ᠨ ᠰᠢᠵᠠᠷᠠᠭᠤᠨ ᠬᠠᠭᠠᠨ ᠲᠥᠷᠥ ᠳ᠋ᠦ᠍ ᠶᠣᠰᠣ ᠶ᠋ᠢ ᠪᠣᠳᠣᠵᠤ ᠮᠠᠨᠵᠤ ᠶ᠋ᠢᠨ ᠬᠠᠭᠠᠨ ᠤ᠋ ᠪᠡᠯᠡᠭ ᠢ᠋ ᠠᠪᠤᠪᠠ᠃ ᠲᠡᠭᠦᠨ ᠡᠴᠡ ᠪᠤᠰᠤ ᠳᠡᠪᠡᠷᠡᠭᠦᠨ ᠰᠡᠳᠬᠢᠯ ᠳ᠋ᠡᠭᠡᠨ ᠦᠯᠦ ᠠᠪᠲᠠᠪᠠ》 ᠭᠡᠵᠦ ᠪᠣᠳᠣᠪᠠ᠃ ᠭᠠᠯᠳᠠᠨ ᠬᠠᠭᠠᠨ ᠤ᠋ ᠳᠣᠲᠣᠷ ᠬᠥᠮᠦᠨ《ᠮᠠᠨᠵᠤ ᠨᠤᠭᠤᠳ ᠢ᠋ᠶ᠋ᠠᠷ ᠤᠷᠠᠬᠠᠯᠠᠬᠤ ᠰᠠᠨᠠᠭ᠎ᠠ ᠲᠠᠢ᠃ ᠠᠯᠲᠠ ᠮᠥᠩᠭᠥ ᠪᠡᠷ ᠬᠠᠭᠠᠬᠤ ᠪᠣᠳᠣᠯ ᠲᠠᠢ᠃ ᠵᠡᠭᠦᠨᠭᠠᠷ ᠤ᠋ᠨ ᠠᠭᠲᠠ ᠮᠣᠷᠢᠳ ᠰᠣᠯᠢᠳᠠᠭ ᠦᠭᠡᠢ᠂ ᠣᠢᠷᠠᠳ ᠡᠷᠡᠰ ᠪᠥᠬᠥᠢᠳᠡᠭ ᠦᠭᠡᠢ ᠶᠦᠮ᠃ ᠭᠡᠢᠮᠡᠯ ᠭᠦᠩᠵᠦᠢ ᠪᠠᠭ᠎ᠠ ᠦᠷᠭᠦᠭᠡᠨ ᠳ᠋ᠦ᠍ ᠬᠣᠨᠣᠭᠤᠯᠵᠤ ᠪᠠᠢᠭᠠᠳ ᠲᠠᠲᠠᠪᠤᠷᠢ ᠡᠮᠡᠰ ᠦ᠋ᠨ ᠬᠣᠷᠣᠭ᠎ᠠ ᠤᠷᠤᠭᠤ ᠰᠢᠯᠵᠢᠭᠦᠯᠦᠨ᠎ᠡ᠃ ᠴᠢᠷᠠᠢ ᠴᠠᠭᠠᠨ᠂ ᠨᠢᠳᠦ ᠲᠤᠩᠭᠠᠯᠠᠭ᠂ ᠭᠠᠷ ᠬᠤᠷᠤᠭᠤ᠂ ᠪᠡᠶ᠎ᠡ ᠴᠣᠭᠴᠠᠰ ᠤᠶᠠᠨ ᠨᠠᠯᠠᠷᠬᠠᠢ ᠭᠡᠢᠮᠡᠯ ᠭᠦᠩᠵᠦ ᠶᠠᠭᠠᠬᠢᠭᠠᠳ ᠨᠠᠳᠠ ᠮᠣᠭᠠᠢ ᠮᠡᠲᠦ ᠰᠠᠨᠠᠭᠳᠠᠪᠠ᠃ ᠮᠣᠭᠠᠢ ᠪᠣᠯ ᠯᠤᠤᠰ ᠤ᠋ᠨ ᠠᠮᠢᠲᠠᠨ ᠯᠤᠤᠰ ᠨᠠᠮᠠᠶ᠋ᠢ 
ᠵᠥᠭᠡᠯᠡᠯᠡᠵᠦ ᠪᠠᠢᠨ᠎ᠠ ᠤᠤ? ᠡᠰᠡᠬᠦᠯ᠎ᠡ ᠯᠤᠤᠰ ᠬᠢᠯᠢᠩᠨᠡᠵᠦ ᠪᠠᠢᠨ᠎ᠠ ᠤᠤ?
 ᠭᠠᠯᠳᠠᠨ ᠬᠠᠭᠠᠨ ᠲᠠ ᠯᠤᠤᠰᠲᠠᠢ ᠡᠪᠲᠡᠢᠬᠡᠨ ᠣᠷᠣᠯᠳᠣᠬᠤ ᠬᠡᠷᠡᠭᠲᠡᠢ᠃ ᠯᠤᠤᠰ  ᠢ᠋ ᠠᠷᠭ᠎ᠠ ᠪᠠᠷ ᠨᠣᠮᠣᠬᠠᠳᠬᠠᠳᠠᠭ ᠪᠤᠰᠤ ᠤᠤ?》 ᠭᠡᠮᠡᠨ ᠥᠭᠦᠯᠡᠬᠦ ᠳ᠋ᠦ᠍᠂ ᠭᠠᠯᠳᠠᠨ《ᠮᠠᠨᠵᠤ ᠶ᠋ᠢᠨ ᠵᠦᠭ ᠡᠴᠡ ᠯᠤᠤᠰ ᠤ᠋ᠨ ᠢᠪᠡᠭᠡᠯ ᠪᠤᠰᠤ ᠯᠤᠤᠰ ᠤ᠋ᠨ ᠬᠣᠣᠷᠯᠠᠯ ᠠᠢᠰᠤᠢ》 ᠭᠡᠵᠦ ᠪᠣᠯᠭᠣᠮᠵᠢᠲᠠᠢ ᠰᠡᠳᠬᠢᠵᠦ ᠪᠠᠢᠯ᠎ᠠ᠃

         ᠠᠷᠪᠠ ᠶᠢᠰᠦ

 ᠲᠡᠮᠡᠭᠡᠨ ᠳ᠋ᠦ᠍ ᠠᠴᠢᠵᠤ ᠢᠷᠡᠭᠰᠡᠨ ᠭᠤᠨᠠᠨ ᠫᠤᠤ ᠶ᠋ᠢ ᠣᠢᠷᠠᠳ ᠴᠡᠷᠢᠭ ᠦ᠋ᠳ ᠳᠠᠭᠠᠭᠠᠵᠤ ᠶᠠᠳᠠᠨ ᠪᠠᠭᠤᠯᠭᠠᠵᠤ᠂ ᠦᠰᠦᠷᠦᠭᠡ ᠴᠢᠯᠠᠭᠤ ᠲᠠᠢ ᠳᠡᠨᠵᠢ ᠳᠡᠭᠡᠷ᠎ᠡ ᠵᠤᠭᠤᠵᠤ ᠪᠡᠯᠡᠳᠬᠡᠭᠰᠡᠨ ᠪᠠᠢᠯ᠎ᠠ᠃ ᠠᠯᠲᠠᠢ ᠶ᠋ᠢᠨ ᠨᠢᠷᠤᠭᠤ ᠳᠡᠭᠡᠭᠦᠷ ᠬᠥᠰᠢᠭᠡ ᠲᠣᠭᠲᠠᠭᠰᠠᠨ ᠮᠡᠲᠦ ᠡᠭᠦᠯᠡ ᠨᠡᠭᠦᠵᠦ᠂ ᠴᠥᠷᠬᠡᠯᠡᠭᠡ ᠲᠡᠢ ᠲᠡᠮᠡᠭᠡ ᠰᠠᠪᠰᠠ ᠪᠠᠷ ᠢ᠋ᠶ᠋ᠠᠨ ᠪᠤᠳᠠᠩ ᠪᠤᠲᠠᠷᠭᠠᠨ᠎ᠠ ᠡᠮᠬᠦᠵᠦ ᠴᠡᠷᠢᠭ ᠦ᠋ᠨ ᠪᠡᠬᠢᠯᠡᠯᠲᠡ ᠳᠠᠵᠢᠨ ᠳᠥᠵᠢᠨ ᠠᠵᠢ᠃ ᠴᠡᠳᠡᠳ ᠲᠡᠷᠢᠭᠦᠲᠡᠨ ᠮᠠᠨᠵᠤ ᠶ᠋ᠢᠨ ᠬᠠᠭᠠᠨ ᠤ᠋ ᠡᠯᠴᠢ ᠶ᠋ᠢ ᠭᠠᠯᠳᠠᠨ ᠪᠣᠱᠣᠭᠲᠤ ᠵᠣᠷᠢᠭᠤᠳᠠ ᠴᠡᠷᠢᠭ ᠦ᠋ᠨ ᠪᠡᠬᠢᠯᠡᠯᠲᠡ ᠳ᠋ᠦ᠍ ᠠᠪᠴᠢᠷᠠᠵᠠᠢ᠃ ᠴᠢᠯᠠᠭᠤ ᠪᠠᠷ ᠥᠷᠥᠵᠦ ᠨᠣᠢᠲᠠᠨ ᠰᠢᠪᠠᠷ ᠢ᠋ᠶ᠋ᠠᠷ ᠴᠢᠭᠵᠢᠵᠦ ᠪᠠᠷᠢᠭᠰᠠᠨ ᠪᠡᠬᠢᠯᠡᠯᠲᠡ ᠳᠥᠷᠪᠡᠨ ᠲᠠᠯ᠎ᠠ ᠳ᠋ᠠᠭᠠᠨ ᠬᠠᠷᠠᠭᠤᠯ ᠲᠠᠢ ᠪᠥᠯᠥᠭᠡ᠃ ᠪᠡᠬᠢᠯᠡᠯᠲᠡ ᠶ᠋ᠢᠨ ᠬᠠᠭᠠᠯᠭ᠎ᠠ ᠮᠣᠳᠣᠨ ᠴᠢᠭᠲᠠ ᠲᠠᠢ ᠨᠦᠰᠡᠷ ᠠᠵᠢ ᠃
 ᠠᠭᠲᠠ ᠮᠣᠷᠢᠳ ᠤ᠋ᠨ ᠵᠥᠴᠡᠭᠡ᠂ ᠭᠠᠯ ᠲᠣᠭᠣᠭ᠎ᠠ᠂ ᠴᠡᠷᠢᠭ ᠦ᠋ᠨ ᠬᠤᠸᠠᠷᠠᠨ᠂ ᠪᠠᠷᠢᠯᠳᠤᠬᠤ ᠬᠠᠷᠪᠤᠬᠤ ᠨᠠᠮᠨᠠᠬᠤ ᠲᠠᠯᠠᠪᠠᠢ ᠶ᠋ᠢ ᠳᠠᠷᠠᠭᠠᠯᠠᠨ ᠦᠵᠡᠭᠦᠯᠵᠦ᠂
— ᠯᠤᠤ ᠶ᠋ᠢᠨ ᠬᠦᠴᠦᠲᠦ ᠮᠠᠨᠵᠤ ᠶ᠋ᠢᠨ ᠴᠡᠷᠢᠭ ᠦ᠋ᠨ ᠪᠡᠯᠡᠳᠬᠡᠯ ᠶᠠᠮᠠᠷ ᠪᠣᠯᠬᠤ ᠶ᠋ᠢ ᠨᠢᠳᠦ ᠪᠡᠷ ᠦᠵᠡᠭᠰᠡᠨ ᠦᠭᠡᠢ᠃ ᠨᠠᠳᠠ ᠨᠢᠭᠤᠴᠠ ᠪᠠᠢᠬᠤ ᠦᠭᠡᠢ᠃ ᠨᠢᠭᠡᠨᠲᠡ ᠳᠣᠷᠣᠨᠠᠳᠠᠬᠢᠨ ᠳ᠋ᠤ᠌ ᠠᠯᠳᠠᠷ ᠲᠠᠢ ᠡᠩᠬᠡ ᠠᠮᠤᠭᠤᠯᠠᠩ ᠬᠠᠭᠠᠨ ᠬᠦᠨᠳᠦᠳᠬᠡᠯ ᠦᠵᠡᠭᠦᠯᠦᠭᠰᠡᠨ ᠲᠤᠯᠠ ᠰᠠᠢᠬᠠᠨ ᠨᠥᠬᠥᠷᠯᠡᠶ᠎ᠡ ᠭᠡᠵᠦ ᠪᠣᠳᠣᠨ᠎ᠠ ᠭᠡᠮᠡᠨ ᠭᠠᠯᠳᠠᠨ ᠬᠠᠭᠠᠨ ᠴᠡᠳᠡᠳ ᠬᠡᠮᠡᠬᠦ ᠲᠠᠷᠭᠤᠨ ᠰᠠᠢᠳ ᠲᠤ᠌ ᠥᠭᠦᠯᠡᠪᠡ᠃ ᠴᠡᠳᠡᠳ ᠴᠡᠷᠢᠭ ᠦ᠋ᠨ ᠪᠡᠯᠡᠳᠬᠡᠯ ᠳ᠋ᠦ᠍ ᠰᠣᠨᠢᠷᠬᠠᠯᠲᠠᠢ ᠪᠠᠢᠭ᠎ᠠ ᠶ᠋ᠢ ᠲᠦᠪᠡᠭ ᠦᠭᠡᠢ ᠭᠠᠳᠠᠷᠯᠠᠵᠤ ᠪᠣᠯᠬᠤ ᠪᠠᠷ ᠪᠠᠷᠠᠬᠤ ᠦᠭᠡᠢ ᠴᠡᠷᠢᠭ ᠦ᠋ᠨ ᠡᠷᠳᠡᠮ ᠰᠤᠷᠭᠠᠭᠤᠯᠢ ᠳ᠋ᠤ᠌ ᠪᠣᠯᠪᠠᠰᠤᠷᠠᠭᠰᠠᠨ ᠨᠢᠭᠡᠨ ᠭᠡᠳᠡᠭ ᠨᠢ ᠮᠡᠳᠡᠭᠡᠵᠢ ᠃
 ᠭᠠᠯᠳᠠᠨ ᠬᠠᠭᠠᠨ ᠪᠡᠯᠡᠳᠬᠡᠯ ᠡᠴᠡ ᠮᠣᠷᠢᠲᠤ ᠴᠡᠷᠢᠭ ᠦ᠋ᠨ ᠬᠠᠮᠲᠤ ᠭᠤᠨᠠᠨ ᠫᠤᠤ ᠵᠣᠭᠣᠭᠰᠠᠨ ᠥᠨᠳᠥᠷᠯᠢᠭ ᠲᠦ᠍ ᠢᠷᠡᠪᠡ᠃ ᠬᠠᠭᠠᠨ ᠭᠠᠷ ᠢ᠋ᠶ᠋ᠠᠨ ᠡᠷᠭᠦᠵᠦ ᠳᠣᠬᠢᠶ᠎ᠠ ᠥᠭᠪᠡ᠃ ᠭᠤᠨᠠᠨ ᠫᠤᠤ ᠶ᠋ᠢᠨ ᠳᠠᠭᠤᠨ ᠳ᠋ᠤ᠌ ᠠᠭᠤᠯᠠ ᠲᠠᠯ᠎ᠠ ᠳᠣᠷᠭᠢᠵᠤ᠂ ᠡᠪᠡᠰᠦ ᠨᠣᠭᠣᠭ᠎ᠠ ᠶ᠋ᠢᠨ ᠦᠨᠳᠦᠰᠦ ᠴᠡᠴᠡᠷᠬᠢᠯᠡᠪᠡ᠃ ᠴᠡᠳᠡᠳ ᠰᠠᠢᠳ᠂
—ᠲᠠᠨ ᠤ᠋ ᠳᠠᠷᠢ ᠬᠦᠴᠦ ᠲᠡᠢ  ᠶᠤᠮ ᠭᠡᠪᠡ᠃ ᠡᠨᠡ ᠦᠭᠡ ᠮᠠᠨ ᠤ᠋ ᠳᠠᠷᠢ ᠪᠣᠢ ᠭᠡᠰᠡᠨ ᠰᠠᠨᠠᠭ᠎ᠠ ᠶ᠋ᠢ ᠳᠠᠪᠬᠤᠷ ᠢᠯᠡᠳᠬᠡᠨ᠎ᠡ᠃ ᠲᠡᠷᠡ ᠲᠠᠷᠭᠤᠨ ᠰᠠᠢᠳ᠂
— ᠫᠤᠤ ᠶ᠋ᠢᠨ ᠲᠤᠰᠬᠠᠯ ᠬᠢᠷᠢ ᠪᠣᠢ ᠭᠡᠵᠦ ᠭᠠᠯᠳᠠᠨ ᠠ᠋ᠴᠠ ᠠᠰᠠᠭᠤᠬᠤ ᠳ᠋ᠤ᠌᠂
— ᠴᠡᠴᠡᠲᠡᠢ᠁ ᠭᠡᠮᠡᠨ ᠭᠠᠭᠴᠠᠬᠠᠨ ᠦᠭᠡ ᠬᠡᠯᠡᠪᠡ ᠃
ᠵᠡᠭᠦᠨᠭᠠᠷ ᠤ᠋ᠨ ᠭᠠᠯᠳᠠᠨ ᠪᠣᠱᠣᠭᠲᠤ ᠬᠠᠭᠠᠨ ᠮᠠᠨᠵᠤ ᠶ᠋ᠢᠨ ᠲᠥᠯᠥᠭᠡᠨ ᠦ᠌ ᠰᠠᠢᠳ ᠴᠡᠳᠡᠳ ᠢ᠋ᠶ᠋ᠡᠷ ᠳᠠᠮᠵᠢᠭᠤᠯᠤᠨ《ᠬᠣᠮᠣᠬᠠᠢ ᠵᠠᠩ ᠢ᠋ᠶ᠋ᠠᠨ ᠲᠡᠳᠡ᠂ᠬᠤᠬᠢᠮᠠᠬᠠᠢ ᠲᠣᠯᠣᠭᠠᠢ ᠪᠠᠨ ᠪᠣᠳᠣ》 ᠭᠡᠰᠡᠨ ᠰᠠᠨᠠᠭᠤᠯᠭ᠎ᠠ ᠶ᠋ᠢ ᠭᠤᠨᠠᠨ ᠫᠤᠤ ᠪᠠᠷ ᠥᠭᠴᠡᠢ᠃ ᠫᠤᠤᠳᠠᠭᠰᠠᠨ ᠬᠣᠢᠨ᠎ᠠ ᠳᠠᠷᠢ ᠬᠦᠬᠦᠷ ᠦ᠋ᠨ ᠬᠠᠷ᠎ᠠ ᠤᠲᠤᠭ᠎ᠠ ᠲᠩᠷᠢ ᠳ᠋ᠦ᠍ ᠤᠳᠠᠭᠠᠨ ᠵᠠᠮᠬᠠᠷᠠᠪᠠ᠃ ᠴᠡᠳᠡᠳ ᠰᠠᠢᠳ ᠤ᠋ᠨ ᠰᠠᠨᠠᠭᠠᠨ ᠤ᠋ ᠮᠤᠬᠤᠷ ᠲᠤ᠌ ᠳᠠᠷᠢ ᠬᠦᠬᠦᠷ ᠦ᠋ᠨ ᠤᠲᠤᠭ᠎ᠠ ᠯᠤᠭ᠎ᠠ ᠪᠣᠳᠣᠯ ᠰᠤᠭᠤᠨᠠᠭᠯᠠᠨ《ᠣᠢᠷᠠᠳ ᠬᠦᠴᠦᠷᠬᠡᠭᠵᠢᠵᠦ ᠪᠠᠢᠨ᠎ᠠ᠃ ᠭᠠᠯᠳᠠᠨ ᠪᠣᠱᠣᠭᠲᠤ ᠶ᠋ᠢᠨ ᠡᠷᠴᠢ ᠶ᠋ᠢ ᠰᠠᠭᠠᠷᠠᠭᠤᠯᠬᠤ ᠠᠷᠭ᠎ᠠ ᠮᠠᠨᠵᠤ ᠶ᠋ᠢᠨ ᠬᠠᠭᠠᠨ ᠳ᠋ᠤ᠌ ᠪᠣᠢ᠃ ᠨᠢᠭᠡ ᠡᠳᠦᠷ ᠣᠢᠷᠠᠳ ᠤ᠋ᠨ ᠠᠭᠤᠳᠠᠮ ᠲᠠᠯ᠎ᠠ ᠬᠡᠭᠡᠷ᠎ᠡ ᠨᠤᠲᠤᠭ᠂ ᠡᠯᠡᠰᠦᠨ ᠭᠣᠪᠢ᠂ ᠠᠭᠤᠯᠠ ᠤᠰᠤ ᠮᠠᠨᠵᠤ ᠨᠤᠭᠤᠳ ᠤ᠋ᠨ ᠡᠵᠡᠮᠰᠢᠯ ᠪᠣᠯᠬᠤ ᠪᠣᠢ ᠵ᠋᠎ᠡ᠃ ᠲᠡᠷᠡ ᠴᠠᠭ  ᠢ᠋ ᠵᠥᠩᠨᠡᠬᠦ ᠳ᠋ᠦ᠍ ᠴᠠᠳᠠᠳ ᠮᠢᠨᠦ ᠴᠡᠭᠡᠵᠢ ᠪᠠᠴᠢᠭᠤᠷᠠᠨ᠎ᠠ》 ᠭᠡᠵᠦ ᠰᠠᠨᠠᠭᠠᠳ ᠪᠤᠴᠠᠬᠤ ᠲᠤᠬᠠᠢ ᠪᠠᠨ ᠭᠠᠯᠳᠠᠨ ᠬᠠᠭᠠᠨ ᠳ᠋ᠤ᠌ ᠠᠢᠯᠠᠳᠴᠠᠢ᠃
 ᠴᠠᠳᠠᠳ  ᠤ᠋ᠨ ᠪᠠᠷᠠᠭ᠎ᠠ ᠬᠥᠰᠬᠡ ᠬᠠᠷ᠎ᠠ ᠡᠷᠴᠢᠰ ᠮᠥᠷᠡᠨ  ᠢ᠋ ᠬᠥᠪᠡᠭᠡᠯᠡᠨ ᠬᠥᠳᠡᠯᠬᠦ ᠳ᠋ᠦ᠍ ᠥᠨᠳᠥᠷ ᠡᠷᠭᠢ ᠳᠡᠭᠡᠷ᠎ᠡ ᠭᠠᠯᠳᠠᠨ ᠬᠠᠭᠠᠨ᠂ ᠠᠨᠤ ᠬᠠᠲᠤᠨ ᠬᠣᠶᠠᠷ ᠮᠣᠷᠢ ᠲᠠᠢ ᠪᠠᠨ ᠵᠣᠭᠰᠣᠵᠤ ᠲᠡᠳᠡᠨ ᠦ᠌ ᠳᠡᠷᠭᠡᠳᠡ ᠴᠠᠭᠠᠨ ᠢᠷᠪᠢᠰ ᠲᠣᠳᠣ ᠠ᠋ᠴᠠ ᠲᠣᠳᠣ ᠬᠠᠷᠠᠭᠳᠠᠨ᠎ᠠ᠃ ᠴᠡᠳᠡᠤᠨ ᠰᠠᠢᠳ《ᠠᠷᠢᠶᠠᠲᠠᠨ ᠲᠠᠢ ᠨᠡᠢᠯᠡᠳᠡᠭ ᠳᠣᠭᠰᠢᠨ ᠰᠠᠬᠢᠭᠤᠰᠤ ᠲᠠᠢ ᠬᠥᠮᠦᠨ  ᠶᠤᠮ ᠳᠡ᠃ ᠡᠨᠡ ᠭᠠᠯᠳᠠᠨ! ᠨᠠᠮᠠᠶ᠋ᠢ ᠲᠠᠷᠨᠢ ᠶ᠋ᠢᠨ ᠬᠦᠴᠦ ᠪᠡᠷ ᠵᠠᠮ ᠵᠠᠭᠤᠷ᠎ᠠ ᠳ᠋ᠤ᠌ ᠬᠣᠷᠣᠭᠠᠬᠤ ᠪᠣᠢ᠃ ᠪᠤᠰᠢᠭᠤᠬᠠᠨ ᠲᠡᠭᠦᠨ ᠦ᠌ ᠨᠢᠳᠦᠨ ᠡᠴᠡ ᠳᠠᠯᠳᠠ ᠣᠷᠣᠬᠤ ᠮᠢᠨᠢ》 ᠭᠡᠮᠡᠨ ᠠᠳᠬᠤ ᠪᠣᠳᠣᠯ ᠲᠠᠢ ᠪᠠᠨ ᠬᠤᠳᠬᠤᠯᠳᠤᠨ ᠬᠥᠰᠬᠡ ᠨᠡᠭᠦᠳᠡᠯ ᠦ᠋ᠨ ᠢ᠋ᠶ᠋ᠡᠨ ᠳᠤᠮᠳᠠ ᠬᠣᠯᠢᠯᠳᠤᠵᠤ ᠣᠳᠤᠯ᠎ᠠ᠃
— ᠮᠠᠨᠵᠤ ᠶ᠋ᠢᠨ ᠬᠠᠭᠠᠨ ᠤ᠋ ᠠᠷᠠᠭᠠᠨ ᠤ᠋ ᠰᠢᠯᠦᠰᠦ ᠵᠠᠬᠥᠡᠭᠠᠷ ᠤ᠋ᠨ ᠬᠠᠭᠠᠨᠲᠤ ᠤᠯᠤᠰ  ᠲᠤ᠌ ᠲᠣᠰᠤᠯ᠎ᠠ᠃ ᠬᠣᠣᠷ ᠲᠠᠢ ᠰᠢᠦ ᠁ ᠭᠡᠬᠦ  ᠳ᠋ᠦ᠍ ᠠᠨᠤ ᠬᠠᠲᠤᠨ᠂
— ᠬᠠᠭᠠᠨ ᠲᠠ ᠲᠡᠷᠡ ᠰᠢᠯᠦᠰᠦ ᠶ᠋ᠢ ᠠᠷᠴᠢᠵᠤ ᠴᠢᠳᠠᠨ᠎ᠠ ᠰᠢᠦ ᠳᠡ ᠭᠡᠵᠦ ᠭᠠᠯᠳᠠᠨ  ᠢ᠋  ᠥᠭᠡᠭᠦᠰᠢᠯᠡᠨ ᠬᠡᠯᠡᠭᠡᠳ ᠲᠡᠭᠦᠨ  ᠦ᠌ ᠰᠡᠳᠬᠢᠯ  ᠢ᠋ ᠴᠡᠪᠡᠷᠯᠡᠬᠦ ᠮᠡᠲᠦ ᠭᠠᠯ ᠳᠥᠯᠥ ᠲᠡᠢ ᠢᠨᠢᠶᠡᠭᠡᠳ ᠮᠣᠷᠢᠨ ᠳ᠋ᠠᠭᠠᠨ ᠲᠠᠰᠢᠭᠤᠷ ᠥᠭᠪᠡ᠃ ᠬᠤᠢ ᠰᠠᠯᠬᠢ ᠯᠤᠭ᠎ᠠ ᠳᠠᠪᠬᠢᠬᠤ ᠠᠨᠤ ᠶ᠋ᠢᠨ ᠠᠷᠤ ᠠ᠋ᠴᠠ ᠭᠠᠯᠳᠠᠨ ᠬᠠᠭᠠᠨ ᠬᠠᠷᠠᠭᠠᠳ ᠲᠣᠮᠣᠭ᠎ᠠ ᠦᠭᠡᠢ ᠵᠠᠩ ᠨᠢ ᠬᠥᠳᠡᠯᠵᠦ᠂
— ᠰᠡᠨᠵᠢᠲᠦ ᠣᠷᠭᠢᠯ ᠳ᠋ᠤ᠌ ᠠᠭᠤᠯᠵᠠᠶ᠎ᠠ ᠭᠡᠮᠡᠨ ᠬᠠᠰᠬᠢᠷᠪᠠ᠃ ᠬᠠᠭᠠᠨ ᠤ᠋ ᠰᠠᠷᠠᠲᠠᠢ ᠵᠡᠭᠡᠷᠳᠡ ᠭᠠᠵᠠᠷ ᠲᠠᠮᠠᠭᠠᠯᠠᠨ ᠤᠬᠤᠰᠬᠢᠯ᠎ᠡ᠃ ᠬᠠᠭᠠᠨ ᠬᠠᠲᠤᠨ ᠬᠣᠶᠠᠷ ᠵᠠᠯᠠᠭᠤ ᠨᠠᠰᠤ ᠲᠠᠢ ᠪᠠᠨ ᠤᠴᠠᠷᠠᠭᠰᠠᠨ ᠯᠤᠭ᠎ᠠ ᠪᠡᠶᠡᠰᠦᠨ ᠬᠥᠭᠡᠷᠴᠦ ᠤᠷᠤᠯᠳᠤᠨ ᠳᠠᠪᠬᠢᠯ᠎ᠠ᠃

               ᠬᠣᠷᠢ

 ᠨᠠᠮᠤᠷ ᠤ᠋ᠨ ᠠᠳᠠᠭ ᠰᠠᠷ᠎ᠠ ᠶ᠋ᠢᠨ ᠬᠦᠢᠲᠡᠨ ᠳᠠᠭᠠᠭᠠᠭᠰᠠᠨ ᠡᠳᠦᠷ ᠵᠤᠤᠪᠠ ᠲᠠᠢᠭᠠᠨ ᠪᠤᠴᠠᠵᠤ ᠢᠷᠡᠪᠡ᠃ ᠰᠠᠬᠠᠷᠠ ᠶ᠋ᠢᠨ ᠡᠯᠡᠰᠦᠨ ᠴᠦᠯ ᠳ᠋ᠦ᠍ ᠦᠬᠦᠭᠰᠡᠨ ᠭᠡᠵᠦ ᠪᠠᠲᠤᠲᠠᠢ ᠲᠠᠭᠠᠮᠠᠭᠯᠠᠵᠤ ᠪᠠᠢᠭᠰᠠᠨ ᠣᠢᠷᠠᠳ ᠤ᠋ᠨ ᠪᠦᠬᠦ ᠠᠮᠢᠲᠠᠨ ᠲᠠᠢᠭᠠᠨ  ᠢ᠋ ᠪᠦᠴᠢᠨ ᠲᠣᠭᠣᠷᠢᠵᠠᠢ᠃ ᠵᠤᠤᠪᠠ ᠶ᠋ᠢ ᠡᠷᠭᠢᠵᠦ ᠢᠷᠡᠭᠰᠡᠨ ᠳ᠋ᠦ᠍ ᠭᠠᠯᠳᠠᠨ ᠬᠠᠭᠠᠨ ᠪᠤᠰᠤᠳ ᠤ᠋ᠨ ᠠᠳᠠᠯᠢ ᠭᠠᠢᠬᠠᠪᠠᠴᠤ《ᠬᠠᠭᠠᠨ ᠤ᠋ ᠭᠤᠷᠪᠠᠨ ᠦᠶ᠎ᠡ ᠳ᠋ᠦ᠍ ᠦᠨᠡᠨᠴᠢ ᠵᠠᠷᠤᠭᠳᠠᠵᠤ ᠪᠠᠢᠭᠰᠠᠨ ᠢ᠋ ᠨᠢ ᠮᠠᠷᠲᠠᠬᠤ ᠶᠣᠰᠣ ᠦᠭᠡᠢ᠂ ᠵᠤᠤᠪᠠ ᠳ᠋ᠤ᠌ ᠮᠠᠯ ᠥᠭᠴᠦ ᠬᠠᠭᠠᠨ ᠤ᠋ ᠣᠲᠣᠭ  ᠲᠤ᠌ ᠨᠤᠲᠤᠭᠯᠠᠭᠤᠯᠤᠨ ᠳᠤᠷ᠎ᠠ ᠪᠠᠷ ᠠᠮᠢᠳᠤᠷᠠᠭᠤᠯᠵᠤ ᠲᠡᠳᠬᠦᠶ᠎ᠡ》 ᠭᠡᠵᠦ ᠠᠮᠠ ᠪᠠᠷ ᠵᠠᠷᠯᠢᠭ ᠪᠠᠭᠤᠯᠭᠠᠵᠠᠢ᠃
ᠵᠠᠬᠥᠡᠭᠠᠷ ᠤ᠋ᠨ ᠬᠠᠭᠠᠨᠲᠤ ᠤᠯᠤᠰ ᠲᠤ᠌ ᠬᠠᠭᠠᠨ ᠤ᠋ ᠣᠲᠣᠭ ᠬᠠᠮᠤᠭ ᠤ᠋ᠨ ᠣᠯᠠᠨ ᠮᠠᠯ ᠲᠠᠢ ᠪᠢᠯᠡ᠃ ᠲᠠᠢᠵᠢ ᠨᠠᠷ ᠤ᠋ᠨ ᠠᠩᠭᠢ ᠨᠢ ᠬᠠᠭᠠᠨ ᠤ᠋ ᠣᠲᠣᠭ ᠤ᠋ᠨ ᠳᠠᠷᠠᠭᠠᠴᠢ ᠪᠠᠷ ᠣᠷᠣᠵᠤ ᠲᠠᠲᠠᠪᠤᠷᠢ ᠡᠷᠭᠦᠵᠦ ᠠᠮᠢᠳᠤᠷᠠᠨ᠎ᠠ᠃ ᠬᠠᠷᠢᠨ ᠰᠦᠮ᠎ᠡ ᠬᠡᠢᠳ ᠦ᠋ᠨ ᠵᠢᠰᠠ ᠬᠡᠮᠡᠬᠦ ᠮᠠᠯᠴᠢᠳ ᠨᠢ ᠯᠠᠮᠠ ᠬᠤᠸᠠᠷᠠᠭ᠂ ᠰᠦᠮ᠎ᠡ ᠳᠤᠭᠠᠩ ᠤ᠋ᠨ ᠠᠷᠢᠭᠤᠨ ᠦᠢᠯᠡ ᠬᠡᠷᠡᠭ ᠲᠦ᠍ ᠵᠣᠷᠢᠭᠤᠯᠤᠭᠳᠠᠭᠰᠠᠨ ᠯᠠᠮᠠ ᠠᠬᠤᠢ ᠶ᠋ᠢ ᠥᠰᠬᠡᠵᠦ ᠦᠷᠡᠵᠢᠭᠦᠯᠬᠦ ᠪᠥᠭᠡᠳ ᠱᠠᠰᠢᠨ ᠤ᠋ ᠥᠭᠯᠢᠭᠡ ᠪᠠᠷᠢᠴᠠ ᠪᠠᠷ ᠬᠠᠭᠠᠨ ᠤ᠋ ᠣᠲᠣᠭ  ᠢ᠋ ᠳᠡᠮᠵᠢᠳᠡᠭ ᠪᠠᠢᠯ᠎ᠠ᠃
ᠵᠤᠤᠪᠠ ᠲᠠᠢᠭᠠᠨ ᠠᠯᠲᠠ ᠲᠤᠩᠭᠠᠳᠠᠭ ᠨᠦᠬᠡᠨ ᠳ᠋ᠦ᠍ ᠤᠨᠠᠵᠤ ᠠᠮᠢ ᠭᠠᠷᠴᠠᠢ᠃ ᠴᠡᠴᠡᠨ ᠲᠠᠢᠵᠢ᠂ ᠵᠤᠤᠡᠪᠠᠪᠠᠭᠠᠳᠤᠷ ᠨᠣᠶᠠᠨ ᠬᠣᠶᠠᠭᠤᠯᠠ ᠲᠠᠢᠭᠠᠨ ᠠ᠋ᠴᠠ ᠵᠦᠭ ᠪᠤᠷᠤᠭᠤᠯᠠᠨ ᠵᠢᠭᠤᠲᠠᠵᠠᠢ᠃ ᠡᠯᠡᠰᠦᠨ ᠴᠦᠯ ᠦ᠋ᠨ ᠰᠢᠭᠤᠷᠭᠠᠨ ᠳ᠋ᠤ᠌ ᠲᠥᠭᠡᠷᠢᠭᠰᠡᠨ ᠠᠬ᠎ᠠ ᠳᠡᠭᠦᠦ ᠬᠣᠶᠠᠷ ᠡᠯᠡᠰᠦᠨ ᠬᠣᠩᠬᠣᠷ ᠲᠤ᠌ ᠳᠠᠷᠤᠭᠤᠯᠵᠤ ᠠᠮᠢ ᠲᠠᠯᠪᠢᠭᠰᠠᠨ ᠪᠠᠢᠵᠠᠢ᠃ ᠵᠤᠤᠪᠠ ᠲᠠᠢᠭᠠᠨ ᠠᠯᠲᠠ ᠲᠤᠩᠭᠠᠳᠠᠭ ᠡᠷᠲᠡᠨ ᠦ᠌ ᠨᠦᠬᠡᠨ ᠬᠤᠳᠳᠤᠭ  ᠲᠤ᠌ ᠤᠨᠠᠭᠰᠠᠨ ᠲᠤᠯᠠ ᠲᠡᠷᠡ ᠬᠦ᠌ ᠬᠤᠳᠳᠤᠭ ᠤ᠋ᠨ ᠤᠰᠤ ᠪᠠᠷ ᠤᠮᠳᠠᠯᠠᠵᠤ ᠬᠡᠳᠦ ᠬᠣᠨᠣᠪᠠ᠃ ᠠᠯᠲᠠᠨ ᠤ᠋ ᠬᠠᠢᠯᠤᠰᠢ ᠵᠥᠩᠳᠡᠭᠡᠨ ᠲᠤᠯᠠ ᠲᠡᠷᠡ ᠬᠦ᠌ ᠬᠠᠢᠯᠤᠰᠢ ᠶ᠋ᠢ ᠲᠡᠭᠦᠵᠦ ᠨᠦᠬᠡᠯᠡᠵᠦ ᠵᠥᠩᠳᠡᠭᠡᠨ ᠶᠡᠬᠡ ᠶ᠋ᠢ ᠬᠡᠯᠬᠢᠪᠡ᠃
 ᠨᠦᠬᠡᠨ ᠦ᠌ ᠠᠮᠠᠰᠠᠷ ᠢ᠋ᠶ᠋ᠠᠷ ᠡᠳᠦᠷ ᠲᠦ᠍ ᠨᠠᠷᠠᠨ ᠤ᠋ ᠭᠡᠷᠡᠯ ᠲᠣᠰᠴᠤ᠂ ᠰᠥᠨᠢ ᠣᠳᠣ ᠬᠠᠷᠠᠭᠳᠠᠬᠤ ᠪᠥᠭᠡᠳ ᠵᠤᠤᠪᠠ ᠳ᠋ᠤ᠌ ᠠᠮᠢᠳᠤ ᠭᠠᠷᠬᠤ ᠪᠣᠯᠤᠮᠵᠢ ᠪᠠᠭ᠎ᠠ ᠪᠠᠢᠪᠠ᠃ ᠲᠡᠭᠡᠲᠡᠯ᠎ᠡ ᠬᠣᠯᠠ ᠣᠳᠣ  ᠭᠢᠯᠠᠯᠵᠠᠭᠰᠠᠨ  ᠠᠮᠠᠰᠠᠷ ᠲᠤ᠌   ᠶᠠᠭᠠᠬᠢᠭᠠᠳ ᠴᠤ᠌ ᠬᠦᠷᠬᠦ ᠨᠥᠬᠥᠴᠡᠯ ᠦᠭᠡᠢ ᠲᠤᠯᠠ ᠰᠠᠯᠬᠢᠨ ᠳ᠋ᠤ᠌ ᠬᠡᠢᠰᠴᠦ ᠤᠨᠠᠬᠤ   ᠳᠡᠪᠭᠡᠷᠡᠭ᠂ ᠭᠣᠯᠢᠶ᠎ᠠ᠂ ᠴᠠᠷᠴᠠᠬᠠᠢ ᠪᠠᠷ ᠬᠣᠭᠣᠯᠠᠯᠠᠵᠤ ᠨᠦᠬᠡᠨ ᠦ᠌ ᠪᠤᠯᠤᠩ ᠠ᠋ᠴᠠ ᠲᠣᠭᠣᠭ᠎ᠠ ᠰᠢᠨᠠᠭ᠎ᠠ ᠣᠯᠵᠠᠢ᠃ ᠦᠢ ᠲᠦᠮᠡᠨ ᠵᠠᠷᠤᠴᠠ ᠶᠠᠳᠠᠭᠤᠰ ᠡᠯᠡᠰᠦᠨ ᠳ᠋ᠦ᠍ ᠳᠠᠷᠤᠭᠳᠠᠵᠤ ᠶᠠᠰᠤ ᠪᠠᠨ ᠲᠠᠯᠪᠢᠭᠰᠠᠨ ᠬᠣᠩᠭᠢᠯ ᠨᠦᠬᠡᠨ ᠡᠴᠡ ᠭᠠᠯ ᠭᠠᠷᠭᠠᠳᠠᠭ ᠴᠠᠬᠢᠭᠤᠷ ᠣᠯᠤᠭᠰᠠᠨ ᠲᠡᠷᠡ ᠡᠳᠦᠷ ᠠᠶᠠᠨᠰᠢᠵᠤ ᠶᠠᠳᠠᠷᠠᠭᠰᠠᠨ ᠭᠠᠭᠴᠠ ᠲᠡᠮᠡᠭᠡ ᠴᠣᠨᠣᠭ ᠤᠷᠤᠭᠤ ᠤᠨᠠᠵᠤ ᠦᠬᠦᠭᠡᠳ ᠵᠤᠤᠪᠠ ᠡᠨᠳᠡ ᠪᠡᠨ ᠡᠳᠦᠷ ᠬᠣᠨᠣᠭ  ᠢ᠋ ᠥᠩᠭᠡᠷᠡᠭᠡᠭᠰᠡᠭᠡᠷ ᠪᠠᠢᠯ᠎ᠠ᠃ ᠨᠢᠭᠡ ᠥᠷᠯᠥᠭᠡ ᠰᠡᠭᠦᠯᠴᠢ ᠶ᠋ᠢᠨ ᠡᠯᠡᠰᠦᠨ ᠨᠤᠷᠠᠩᠭᠢ ᠴᠥᠮᠥᠷᠡᠵᠦ ᠵᠤᠤᠪᠠ ᠲᠠᠢᠭᠠᠨ ᠪᠦᠲᠦᠨ ᠨᠠᠷᠠ ᠬᠠᠷᠠᠵᠠᠢ᠃ ᠵᠤᠤᠪᠠ ᠨᠠᠷᠠ ᠬᠠᠷᠠᠭᠰᠠᠨ ᠡᠳᠦᠷ ᠡᠴᠡ ᠪᠡᠨ ᠲᠡᠮᠡᠴᠡᠯ ᠬᠢᠵᠦ ᠮᠥᠯᠬᠥᠭᠰᠡᠭᠡᠷ ᠪᠠᠢᠭᠠᠳ ᠭᠠᠷᠴᠤ ᠢᠷᠡᠬᠦ ᠳ᠋ᠡᠭᠡᠨ ᠮᠥᠨᠥᠬᠢ ᠬᠡᠯᠬᠢᠶᠡᠰᠦᠲᠡᠢ ᠠᠯᠲᠠᠨ ᠤ᠋ ᠰᠢᠭᠠᠷᠤ ᠶ᠋ᠢ ᠴᠢᠷᠦᠭᠰᠡᠨ ᠴᠢᠭ ᠲᠡᠭᠡᠨ ᠠᠶᠠᠨᠴᠢᠳ  ᠲᠤ᠌ ᠣᠯᠵᠠᠯᠠᠭᠳᠠᠪᠠ᠃
 ᠲᠣᠯᠣᠭᠠᠢ ᠪᠠᠨ ᠪᠢᠲᠡᠭᠦᠦ ᠣᠷᠢᠶᠠᠭᠰᠠᠨ ᠬᠠᠷᠢ ᠬᠡᠯᠡ ᠶ᠋ᠢᠨ ᠠᠶᠠᠨᠴᠢᠳ ᠵᠤᠤᠪᠠ ᠶ᠋ᠢᠨ ᠶᠠᠰᠤᠨ ᠬᠡᠳᠡᠷᠭᠡ ᠪᠡᠶ᠎ᠡ ᠶ᠋ᠢ ᠲᠡᠩᠬᠡᠷᠡᠭᠦᠯᠵᠦ ᠥᠷᠢ ᠲᠥᠯᠥᠭᠡᠰᠦᠨ ᠳ᠋ᠦ᠍ᠨᠢ ᠮᠥᠨᠥᠬᠢ ᠠᠯᠲᠠ ᠶ᠋ᠢᠨ ᠲᠠᠯ᠎ᠠ ᠬᠤᠪᠢ ᠶ᠋ᠢ ᠠᠪᠤᠭᠠᠳ ᠨᠢᠭᠡᠨ ᠰᠢᠪᠠᠷ ᠬᠣᠲᠠ ᠬᠦᠷᠢᠶᠡᠨ ᠳ᠋ᠦ᠍ ᠦᠯᠡᠳᠡᠭᠡᠪᠡ᠃
ᠲᠡᠷᠡ ᠪᠠᠯᠭᠠᠰᠤ  ᠺᠢᠽ ᠬᠡᠮᠡᠬᠦ ᠨᠡᠷ᠎ᠡ ᠲᠡᠢ ᠠᠵᠢ᠃
 ᠺᠢᠽ ᠪᠠᠯᠭᠠᠰᠤᠨ ᠳ᠋ᠤ᠌ ᠴᠠᠭᠠᠨ ᠠᠭᠤᠯᠠ ᠶ᠋ᠢᠨ ᠰᠦᠯᠳᠡ ᠪᠠᠢᠷᠢᠯᠠᠳᠠᠭ᠃ ᠬᠠᠮᠠᠭᠠᠯᠠᠯᠲᠠ ᠶ᠋ᠢᠨ ᠴᠡᠷᠢᠭ ᠦ᠋ᠳ ᠨᠢ ᠣᠢᠷᠠᠳ ᠲᠤ᠌ ᠪᠠᠢᠪᠠ᠃ ᠲᠡᠨᠳᠡ ᠡᠴᠡ ᠵᠤᠤᠪᠠ ᠬᠤᠳᠠᠯᠳᠤᠭᠠᠴᠢᠳ   ᠢ᠋ ᠳᠠᠭᠠᠵᠤ ᠶᠠᠪᠤᠭᠰᠠᠭᠠᠷ ᠴᠣᠷᠣᠰ ᠠᠢᠮᠠᠭ ᠤ᠋ᠨ ᠶᠡᠬᠡ ᠬᠦᠷᠢᠶᠡᠨ ᠳ᠋ᠦ᠍ ᠢᠷᠡᠵᠦ᠂ ᠣᠯᠠᠨ  ᠢᠷᠭᠡᠳ   ᠢ᠋ ᠠᠯᠮᠠᠢᠷᠠᠭᠤᠯᠵᠤ ᠬᠠᠭᠠᠨ ᠤ᠋ ᠬᠡᠰᠢᠭ   ᠢ᠋ ᠬᠦᠷᠲᠡᠵᠡᠢ᠃

             ᠬᠣᠷᠢᠨ ᠨᠢᠭᠡ

 ᠬᠥᠬᠡᠬᠣᠲᠠ ᠠ᠋ᠴᠠ ᠢᠯᠠᠭᠤᠭᠰᠠᠨ ᠬᠤᠲᠤᠭᠲᠤ ᠶ᠋ᠢᠨ ᠱᠠᠪᠢ ᠯᠠᠮᠠ ᠭᠠᠯᠳᠠᠨ ᠪᠣᠱᠣᠭᠲᠤ ᠬᠠᠭᠠᠨ ᠳ᠋ᠤ᠌ ᠡᠯᠴᠢ ᠪᠡᠷ ᠵᠠᠷᠤᠭᠳᠠᠵᠤ ᠢᠷᠡᠭᠡᠳ ᠤᠭᠠᠯᠵᠠ ᠶ᠋ᠢᠨ ᠰᠦᠮ᠎ᠡ ᠳ᠋ᠦ᠍ ᠣᠷᠣᠩᠨᠠᠨ ᠰᠠᠭᠤᠪᠠ᠃ ᠯᠠᠮᠠ ᠰᠥᠨᠢ ᠶ᠋ᠢᠨ ᠴᠠᠭ ᠢ᠋ᠶ᠋ᠠᠷ ᠭᠠᠯᠳᠠᠨ ᠳ᠋ᠤ᠌  ᠪᠠᠷᠠᠯᠬᠠᠵᠤ᠂
— ᠢᠯᠠᠭᠤᠭᠰᠠᠨ ᠬᠤᠲᠤᠭᠲᠤ ᠮᠠᠨᠵᠤ ᠶ᠋ᠢᠨ ᠬᠠᠭᠠᠨ ᠤ᠋ ᠪᠣᠳᠣᠯᠭᠠᠨ ᠳ᠋ᠤ᠌ ᠳᠤᠷ᠎ᠠ ᠦᠭᠡᠢᠴᠡᠨ᠎ᠡ᠃ ᠮᠠᠨᠵᠤ ᠶ᠋ᠢᠨ ᠬᠠᠭᠠᠨ ᠥᠪᠥᠷ ᠮᠣᠩᠭᠣᠯ  ᠢ᠋ ᠢᠳᠡᠭᠰᠡᠨ ᠰᠢᠭ ᠢ᠋ᠶ᠋ᠡᠨ ᠬᠠᠯᠬ᠎ᠠ ᠮᠣᠩᠭᠣᠯ᠂ ᠣᠢᠷᠠᠳ ᠮᠣᠩᠭᠣᠯ  ᠢ᠋ ᠢᠳᠡᠬᠦ ᠡᠷᠡᠮᠡᠯᠵᠡᠯ ᠲᠡᠢ  ᠶᠤᠮ᠃ ᠲᠦᠷᠢᠮᠡᠬᠡᠢ ᠰᠠᠨᠠᠭ᠎ᠠ ᠪᠠᠨ ᠭᠦᠢᠴᠡᠭᠡᠬᠦ ᠶ᠋ᠢᠨ ᠲᠤᠯᠠᠳᠠ ᠤᠬᠠᠭᠠᠨ ᠵᠠᠷᠤᠵᠤ ᠰᠠᠭᠤᠨ᠎ᠠ᠃ ᠵᠠᠷ ᠵᠡᠪᠰᠡᠭ᠂ ᠴᠡᠷᠢᠭ ᠴᠠᠭᠤᠷᠭ᠎ᠠ᠂ ᠬᠣᠭᠣᠯᠠ ᠬᠦᠨᠡᠰᠦ ᠪᠡᠨ  ᠪᠠᠵᠠᠭᠠᠬᠤ ᠶ᠋ᠢ ᠬᠠᠭᠠᠨ ᠲᠠᠨ ᠳ᠋ᠤ᠌ ᠬᠤᠲᠤᠭᠲᠤ ᠡᠷᠬᠢᠮᠯᠡᠨ ᠵᠠᠬᠢᠵᠤ ᠪᠠᠢᠨ᠎ᠠ᠃ ᠬᠥᠬᠡᠬᠣᠲᠠ ᠳ᠋ᠤ᠌ ᠪᠠᠢᠷᠢᠯᠠᠬᠤ ᠲᠠᠩᠨᠠᠭᠤᠯ ᠤ᠋ᠨ ᠪᠦᠯᠬᠦᠮ ᠦ᠋ᠨ ᠵᠠᠷᠢᠮ ᠯᠠᠮᠠ ᠬᠤᠸᠠᠷᠠᠭ ᠤ᠋ᠳ ᠮᠠᠨᠵᠤ ᠶ᠋ᠢᠨ ᠳᠣᠲᠣᠭᠠᠳᠤ ᠬᠣᠲᠠ ᠳ᠋ᠤ᠌ ᠪᠣᠢ᠃ ᠮᠡᠳᠡᠭᠡ ᠶ᠋ᠢ ᠴᠠᠭ ᠨᠠᠷᠠ ᠠᠯᠳᠠᠬᠤ ᠦᠭᠡᠢ ᠳᠠᠮᠵᠢᠭᠤᠯᠤᠨ᠎ᠠ ᠭᠡᠵᠦ ᠵᠠᠬᠢᠯ᠎ᠠ ᠭᠡᠮᠡᠨ ᠥᠴᠢᠪᠡ᠃
 ᠬᠥᠬᠡᠬᠣᠲᠠ ᠠ᠋ᠴᠠ ᠯᠠᠮᠠ ᠨᠠᠷ ᠡᠭᠡᠯᠵᠢᠯᠡᠨ ᠢᠷᠡᠵᠦ᠂ ᠪᠤᠴᠠᠵᠤ ᠤᠭᠠᠯᠵᠠ ᠶ᠋ᠢᠨ ᠰᠦᠮ᠎ᠡ ᠳ᠋ᠦ᠍ ᠱᠠᠪᠢᠯᠠᠨ ᠰᠠᠭᠤᠳᠠᠭ ᠪᠣᠯᠵᠠᠢ᠃

ᠦᠰᠦᠭ ᠠᠮᠢᠯᠠᠭᠤᠯᠤᠭᠴᠢ᠄ ᠡᠷᠳᠡᠨᠢᠪᠢᠯᠢᠭ᠂ᠤᠳᠤᠡᠭᠡᠷᠡᠯ᠂ ᠠ᠊• ᠮᠢᠬᠤᠸᠠᠷ᠂  ᠪᠦᠷᠢᠨᠴᠠᠴᠡᠭ᠂ ᠨᠠᠷᠠᠨᠲᠣᠭᠣᠰ᠂  ᠨᠠ᠊᠂ ᠴᠠᠭᠠᠨ᠂ ᠣᠶᠤᠨᠴᠢᠮᠡᠭ᠂ ᠬᠣᠨᠢᠴᠢᠨ ᠴᠠᠰᠤᠨ᠎ᠠ᠂ ᠠᠨᠢᠷ᠂ ᠤᠤᠭᠠᠨᠵᠢᠳ᠂ ᠣᠳᠬᠠᠨᠴᠡᠴᠡᠭ
ᠬᠢᠨᠠᠭᠴᠢ᠄ ᠲᠣᠳᠣᠭᠡᠷᠡᠯ᠂ᠠᠨᠢᠷ᠂ ᠤᠤᠭᠠᠨᠵᠢᠳ