ᠪᠠᠲᠤ ᠬᠠᠭᠠᠨ 6-01ᠬᠢᠬᠤᠨᠠᠪᠠ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 6-01ᠬᠢᠬᠤᠨᠠᠪᠠ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ

ᠪᠠᠲᠤ ᠬᠠᠭᠠᠨ 6-01ᠬᠢᠬᠤᠨᠠᠪᠠ-ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡBat khaan Бат хаан-ᠷᠣᠮᠠᠨ

ᠠᠩᠭᠢᠯᠠᠯ:ᠲᠤᠭᠤᠵᠢ ᠷᠣᠮᠠᠨ
2025-11-04

230

ᠬᠢᠬᠤᠨᠠᠪᠠ

ᠵᠢᠷᠭᠤᠳᠤᠭᠠᠷ ᠪᠦᠯᠦᠭ    ᠣᠷᠣᠰ ᠨᠤᠲᠤᠭ ᠢ᠋ ᠬᠠᠷ᠎ᠠ ᠡᠭᠦᠯᠡ ᠪᠦᠷᠬᠦᠪᠡ 

ᠮᠠᠭᠤ ᠮᠡᠳᠡᠭᠡ ᠢᠷᠡᠪᠡ᠁ ᠬᠥᠮᠦᠰ ᠰᠠᠨᠳᠤᠷᠤᠨ ᠦᠢᠮᠡᠯᠳᠦᠪᠡ 
      (ᠣᠨ ᠳᠠᠷᠠᠭᠠᠯᠠᠯ ᠤ᠋ᠨ ᠪᠢᠴᠢᠭ) 

ᠨᠢᠭᠡ     ᠬᠢᠬᠤᠨᠠᠪᠠ 

ᠡᠪᠦᠯ ᠦ᠋ᠨ ᠤᠷᠲᠤ ᠰᠥᠨᠢ ᠸᠯᠠᠳ᠋ᠢᠮᠢᠷ— ᠰᠦᠽᠳ᠋ᠠᠯᠢᠰᠺ ᠦ᠋ᠨ ᠴᠢᠯᠠᠭᠤᠨ ᠬᠡᠷᠡᠮ ᠳᠡᠭᠡᠷ᠎ᠡ ᠬᠠᠷᠠᠭᠤᠯ ᠵᠣᠭᠰᠣᠵᠤ ᠪᠠᠢᠵᠠᠢ᠃ ᠲᠡᠷᠡ ᠪᠣᠭᠣᠨᠢ ᠨᠡᠬᠡᠢ ᠳᠡᠪᠡᠯ ᠦ᠋ᠨ ᠳᠡᠭᠡᠭᠦᠷ ᠬᠠᠷ᠎ᠠ ᠬᠦᠷᠡᠩ ᠥᠷᠮᠥᠭ ᠲᠠᠯᠪᠢᠨ ᠡᠮᠦᠰᠴᠡᠢ᠃ ᠡᠨᠡ ᠬᠠᠷᠠᠭᠤᠯ ᠤ᠋ᠨ ᠬᠥᠮᠦᠨ ᠬᠥᠯ ᠢ᠋ᠶ᠋ᠡᠨ ᠬᠣᠭᠣᠷᠣᠨᠳᠣ ᠨᠢ ᠬᠠᠪᠢᠷᠴᠤ ᠪᠠᠭᠤᠳᠠᠯᠯᠠᠭ᠎ᠠ (ᠫᠤᠤᠳᠠᠯᠭ᠎ᠠ) ᠶ᠋ᠢᠨ ᠨᠢᠭᠡ ᠨᠦᠬᠡ ᠡᠴᠡ ᠨᠥᠭᠦᠭᠡ ᠨᠦᠬᠡ ᠶ᠋ᠢ ᠬᠦᠷᠲᠡᠯ᠎ᠡ ᠬᠣᠢᠰᠢ ᠤᠷᠤᠭᠰᠢ ᠪᠠᠨ ᠶᠠᠪᠤᠨ᠎ᠠ᠃ ᠮᠣᠳᠣᠨ ᠤ᠋ ᠬᠠᠯᠢᠰᠤ ᠪᠠᠷ ᠬᠢᠭᠰᠡᠨ ᠲᠡᠭᠦᠨ ᠦ᠌ ᠰᠦᠯᠵᠢᠮᠡᠯ ᠰᠢᠨ᠎ᠡ ᠱᠠᠬᠠᠢ ᠨᠢ ᠳᠠᠭᠤᠲᠤ ᠴᠠᠰᠤᠨ ᠳᠡᠭᠡᠷ᠎ᠡ ᠬᠢᠬᠤᠨᠠᠪᠠ᠃ ᠨᠣᠬᠠᠢ ᠶ᠋ᠢᠨ ᠠᠷᠠᠰᠤᠨ ᠭᠤᠷᠪᠠᠯᠵᠢᠨ ᠮᠠᠯᠠᠭᠠᠢ ᠪᠠᠷ ᠲᠡᠷᠡ ᠴᠢᠬᠢ ᠪᠡᠨ ᠳᠠᠷᠤᠵᠤ ᠡᠮᠦᠰᠴᠡᠢ᠃ ᠲᠡᠭᠦᠨ ᠦ᠌ ᠰᠢᠷᠦᠭᠦᠨ ᠰᠠᠬᠠᠯ ᠨᠢ ᠮᠥᠩᠭᠥ ᠰᠢᠭ᠌ ᠴᠠᠢᠭᠰᠠᠨ ᠪᠠ ᠴᠠᠰᠤᠨ ᠳ᠋ᠤ᠌ ᠳᠠᠷᠤᠭᠳᠠᠵᠤ ᠲᠡᠷᠭᠡᠯ ᠰᠠᠷᠠᠨ ᠤ᠋ ᠴᠠᠭᠠᠨ ᠴᠡᠩᠬᠡᠷ ᠭᠡᠷᠡᠯ ᠳ᠋ᠦ᠍ ᠨᠣᠢᠷᠮᠤᠭᠯᠠᠬᠤ ᠣᠷᠴᠢᠨ ᠲᠣᠭᠣᠷᠢᠨ ᠤ᠋ ᠣᠢ ᠬᠥᠪᠴᠢ ᠳ᠋ᠦ᠍ ᠠᠯᠤᠰ ᠢ᠋ ᠬᠤᠷᠴᠠ ᠬᠣᠶᠠᠷ ᠨᠢᠳᠦ ᠨᠢ ᠰᠢᠷᠲᠡᠨ ᠬᠠᠷᠠᠬᠤ ᠠᠵᠢ᠃

ᠬᠠᠷᠠᠭᠤᠯ ᠤ᠋ᠨ ᠬᠥᠮᠦᠨ ᠰᠢᠪᠡᠯᠺᠡ ᠨᠢ ᠷᠶᠠᠽᠠᠨ ᠢ᠋ ᠴᠢᠭᠯᠡᠭᠰᠡᠨ ᠡᠮᠦᠨ᠎ᠡ ᠵᠦᠭ ᠦ᠋ᠨ ᠵᠠᠮ ᠢ᠋ ᠬᠠᠷᠠᠵᠠᠭᠠᠨ᠎ᠠ᠃ ᠷᠶᠠᠽᠠᠨ ᠳ᠋ᠤ᠌ ᠴᠠᠪᠴᠢᠯᠳᠤᠵᠤ ᠪᠠᠢᠨ᠎ᠠ ᠭᠡᠨ᠎ᠡ᠃ ᠲᠡᠨᠳᠡ ᠡᠴᠡ ᠶᠠᠮᠠᠷ ᠮᠡᠳᠡᠭᠡ ᠢᠷᠡᠬᠦ ᠪᠣᠯ᠂ ᠵᠡᠷᠯᠢᠭ ᠲᠠᠯ᠎ᠠ ᠠ᠋ᠴᠠ ᠨᠠᠰᠢ ᠳᠣᠪᠲᠣᠯᠤᠭᠰᠠᠨ ᠲᠡᠷᠰ ᠨᠣᠮᠲᠠᠨ ᠲᠠᠲ᠋ᠠᠷ ᠤ᠋ᠳ ᠢ᠋ ᠷᠶᠠᠽᠠᠨ ᠤ᠋ ᠬᠢᠨ ᠨᠢᠴᠤᠭᠠᠭᠰᠠᠨ ᠭᠡᠬᠦ ᠪᠣᠯ ᠤᠤ? ᠠᠯᠢ ᠳᠠᠢᠰᠤᠨ ᠨᠤᠭᠤᠳ ᠬᠣᠲᠠ ᠶ᠋ᠢ ᠬᠣᠯᠠᠭᠤᠷ ᠲᠣᠭᠣᠷᠢᠵᠤ ᠥᠩᠭᠡᠷᠡᠭᠡᠳ ᠣᠳᠣ ᠴᠠᠰᠤ ᠲᠠᠢ ᠲᠠᠯ᠎ᠠ ᠪᠠᠷ ᠳᠠᠪᠬᠢᠯᠳᠤᠨ ᠶᠠᠪᠤᠵᠤ ᠰᠦᠽᠳᠡᠯᠢ ᠶ᠋ᠢᠨ ᠲᠣᠰᠬᠣᠨ ᠨᠤᠭᠤᠳ ᠢ᠋ ᠳᠠᠮᠵᠢᠨ ᠰᠢᠭᠤᠳ ᠸᠯᠠᠳᠢᠮᠢᠷ ᠣᠷᠣᠬᠤ ᠪᠠᠷ ᠲᠠᠪᠰᠢᠵᠤ ᠶᠠᠪᠤᠭ᠎ᠠ ᠪᠣᠯ ᠤᠤ?

ᠰᠢᠪᠡᠯᠺᠡ ᠥᠨᠳᠥᠷ ᠨᠠᠰᠤᠲᠠᠢ ᠠᠪᠠᠴᠤ ᠲᠡᠭᠦᠨ ᠦ᠌ ᠬᠣᠯᠬᠢᠩᠭᠣᠷ ᠲᠠᠢ ᠰᠢᠷᠦᠭᠦᠨ ᠭᠠᠷ ᠨᠢ ᠵᠢᠳᠠ ᠶ᠋ᠢ ᠤᠷᠢᠳᠤ ᠶ᠋ᠢᠨ ᠨᠢᠭᠡᠨ ᠠᠳᠠᠯᠢ ᠴᠢᠩᠭ᠎ᠠ ᠠᠳᠬᠤᠭᠰᠠᠭᠠᠷ ᠪᠠᠢᠨ᠎ᠠ᠃ ᠰᠢᠪᠡᠯᠺᠡ ᠲᠥᠷᠥᠭᠰᠡᠨ ᠨᠤᠲᠤᠭ ᠲᠤᠨᠢ ᠠᠶᠤᠯ ᠤ᠋ᠨ ᠴᠢᠮᠡᠭᠡ ᠮᠡᠳᠡᠭᠳᠡᠭᠰᠡᠨ ᠲᠡᠷᠡ ᠭᠠᠵᠠᠷ ᠣᠴᠢᠵᠤ ᠪᠠᠢᠯᠳᠤᠬᠤ ᠳ᠋ᠤ᠌ ᠤᠷᠢᠳᠤ ᠶ᠋ᠢᠨ ᠠᠳᠠᠯᠢ ᠪᠡᠯᠡᠬᠡᠨ ᠪᠠᠢᠨ᠎ᠠ᠃ ᠬᠠᠯᠠ ᠦᠵᠡᠭᠰᠡᠨ ᠬᠥᠭᠰᠢᠨ ᠴᠡᠷᠢᠭ ᠣᠯᠠᠨ ᠶᠠᠩᠵᠤ ᠶ᠋ᠢᠨ ᠦᠢᠯᠡ ᠶᠠᠪᠤᠳᠠᠯ ᠢ᠋ ᠳᠤᠷᠠᠰᠤᠨ ᠮᠡᠳᠡᠬᠦ  ᠶᠤᠮ᠃ᠣᠳᠣ ᠴᠤ᠌ ᠭᠡᠰᠡᠨ ᠣᠭᠲᠠᠷᠭᠤᠢ ᠳ᠋ᠤ᠌ ᠠᠭᠠᠵᠢᠮ ᠢ᠋ᠶ᠋ᠠᠷ ᠨᠡᠭᠦᠨ ᠶᠠᠪᠤᠬᠤ ᠪᠠᠷᠠᠭᠠᠨ ᠡᠭᠦᠯᠡ ᠮᠡᠲᠦ ᠬᠠᠷ᠎ᠠ ᠪᠣᠳᠣᠯ ᠤ᠋ᠳ ᠲᠡᠭᠦᠨ ᠦ᠌ ᠰᠡᠳᠬᠢᠯ ᠢ᠋ ᠬᠠᠮᠤᠷᠤᠨ ᠢᠷᠡᠭᠰᠡᠭᠡᠷ ᠪᠠᠢᠨ᠎ᠠ᠃ ᠬᠣᠲᠠ ᠠᠮᠤᠭᠤᠯᠠᠩ ᠲᠠᠢᠪᠤᠩ ᠤᠨᠲᠠᠵᠤ ᠪᠠᠢᠨ᠎ᠠ᠃ ᠬᠦᠢᠲᠡᠨ ᠰᠥᠨᠢ ᠶ᠋ᠢᠨ ᠬᠥᠳᠡᠯᠭᠡᠭᠡᠨ ᠦᠭᠡᠢ ᠠᠭᠠᠷ ᠳᠸ᠋ ᠶᠠᠮᠠᠷ  ᠴᠤ᠌ ᠴᠢᠮᠡᠭᠡ ᠠᠨᠢᠷ ᠦᠭᠡᠢ ᠠᠵᠢ᠃

ᠬᠡᠦᠬᠡᠳ ᠦ᠋ᠨ ᠳᠠᠭᠤᠨ ᠮᠡᠲᠦ ᠰᠢᠩᠭᠡᠨ ᠳᠠᠭᠤᠨ ᠬᠡᠷᠡᠮ ᠦ᠋ᠨ ᠳᠣᠣᠷ᠎ᠠ ᠰᠣᠨᠣᠰᠳᠠᠪᠠ᠃ ᠰᠢᠪᠡᠯᠺᠡ ᠴᠢᠩᠨᠠᠪᠠᠯ ᠥᠨᠥᠬᠢ ᠳᠠᠭᠤᠨ ᠤᠯᠠᠮ ᠣᠢᠷᠠᠲᠤᠨ᠎ᠠ᠃ ᠭᠤᠷᠪᠠᠨ ᠰᠡᠭᠦᠳᠡᠷ ᠪᠤᠯᠤᠩ ᠤ᠋ᠨ ᠴᠠᠭᠠᠨ᠎ᠠ ᠠ᠋ᠴᠠ ᠱᠤᠮᠪᠠᠨ ᠭᠠᠷᠴᠤ ᠬᠡᠷᠡᠮ ᠦ᠋ᠨ ᠬᠠᠨ᠎ᠠ ᠳᠡᠭᠡᠭᠦᠷ ᠭᠤᠯᠭᠤᠨ ᠶᠠᠪᠤᠨ᠎ᠠ᠃ ᠡᠨᠡ ᠨᠢ ᠥᠰᠥᠭᠡᠢ ᠳ᠋ᠡᠭᠡᠨ ᠬᠦᠷᠲᠡᠯ᠎ᠡ ᠤᠷᠲᠤ ᠳᠡᠪᠡᠯ ᠲᠡᠢ ᠭᠤᠷᠪᠠᠨ ᠡᠷᠡᠭᠲᠡᠢ ᠬᠡᠦᠬᠡᠳ ᠪᠡᠶ᠎ᠡ ᠪᠡᠶ᠎ᠡ ᠳ᠋ᠡᠭᠡᠨ ᠰᠢᠬᠠᠴᠠᠯᠳᠤᠨ ᠰᠦᠯᠵᠢᠮᠡᠯ ᠱᠠᠬᠠᠢ ᠪᠠᠨ ᠲᠦᠷᠭᠡᠨ ᠰᠣᠯᠪᠢᠭᠤᠯᠤᠨ ᠭᠢᠰᠬᠢᠯᠡᠨ᠎ᠡ᠃
— ᠬᠡᠨ ᠪᠣᠢ? ᠴᠠᠪᠴᠢᠯ᠎ᠠ ᠰᠢᠦ! ᠭᠡᠵᠦ ᠰᠢᠪᠡᠯᠺᠡ ᠰᠥᠭᠡᠩᠭᠢ ᠬᠣᠭᠣᠯᠠᠢ ᠪᠠᠷ ᠬᠡᠯᠡᠭᠡᠳ ᠵᠢᠳᠠ ᠪᠠᠷ ᠢ᠋ᠶ᠋ᠠᠨ ᠲᠣᠭᠰᠢᠪᠠ᠃
— ᠪᠤᠭᠤᠷᠤᠯ ᠠᠪᠤ ᠠ᠋! ᠰᠢᠪᠡᠯᠺᠡ ᠪᠢᠲᠡᠭᠡᠢ ᠠᠭᠤᠷᠯᠠᠭᠠᠷᠠᠢ!
—ᠪᠢ ᠪᠦᠯᠡᠲ᠋ᠺᠡ ᠪᠠᠢᠨ᠎ᠠ᠃ ᠨᠠᠳᠠᠲᠠᠢ ᠬᠠᠮᠲᠤ ᠮᠠᠨ ᠤ᠋ ᠠᠢᠯ ᠤ᠋ᠨ ᠫᠣᠰᠫᠧᠯᠺᠠ ᠪᠠ ᠨᠧᠽᠡᠮᠡᠢᠺᠡ ᠨᠠᠷ ᠶᠠᠪᠤᠨ᠎ᠠ ᠭᠡᠵᠦ ᠨᠢᠭᠡ ᠬᠡᠦᠬᠡᠳ ᠬᠠᠷᠢᠭᠤ ᠲᠠᠯᠪᠢᠪᠠ᠃
— ᠴᠢᠮᠠᠶ᠋ᠢ ᠭᠡᠵᠦ ᠮᠡᠳᠡᠵᠦ ᠪᠠᠢᠨ᠎ᠠ᠂ ᠴᠢᠳᠬᠥᠷ ᠮᠢᠨᠢ ᠲᠠᠨᠠᠷ ᠶᠠᠭᠤᠨ ᠳ᠋ᠤ᠌ ᠤᠨᠲᠠᠬᠤ ᠦᠭᠡᠢ ᠶᠠᠪᠤᠭ᠎ᠠ ᠶᠤᠮ?ᠶᠠᠭᠤᠨ ᠳ᠋ᠤ᠌ ᠰᠥᠨᠢ ᠶ᠋ᠢᠨ ᠴᠠᠭ ᠲᠤ᠌ ᠬᠡᠷᠡᠮ ᠦ᠋ᠨ ᠳᠡᠭᠡᠭᠦᠷ ᠲᠡᠨᠦᠵᠡᠭᠡᠨ᠎ᠡ ᠪᠣᠢ? ᠸᠠᠩ ᠮᠡᠳᠡᠪᠡᠯ ᠠᠭᠤᠷᠯᠠᠨ᠎ᠠ᠃
— ᠪᠤᠭᠤᠷᠤᠯ ᠠᠪᠤ ᠠ᠋᠂ ᠪᠢᠳᠡ ᠵᠥᠪᠬᠡᠨ ᠶᠠᠭᠤ ᠬᠢᠬᠤᠨᠠᠬᠤ ᠶ᠋ᠢ ᠦᠵᠡᠬᠦ ᠪᠡᠷ ᠢᠷᠡᠯ᠎ᠡ᠃
— ᠶᠠᠭᠤ?
— ᠡᠨᠡ ᠨᠧᠽᠡᠮᠡᠢᠺᠡ ᠭᠠᠵᠠᠷ ᠭᠠᠰᠠᠯᠵᠤ ᠪᠠᠢᠨ᠎ᠠ ᠭᠡᠨ᠎ᠡ᠃ ᠲᠠᠲ᠋ᠠᠷ ᠤ᠋ᠳ ᠮᠠᠨ ᠤ᠋ ᠡᠰᠢ ᠢᠷᠡᠵᠦ ᠶᠠᠪᠤᠭ᠎ᠠ ᠦᠭᠡᠢ ᠪᠠᠢᠭ᠎ᠠ ᠭᠡᠵᠦ ᠪᠢ ᠪᠣᠳᠣᠨ᠎ᠠ᠃ ᠬᠡᠷᠪᠡ ᠲᠠᠲ᠋ᠠᠷ ᠤ᠋ᠳ ᠢᠷᠡᠪᠡᠯ ᠪᠢᠳᠡ ᠴᠥ᠍ ᠪᠠᠰᠠ ᠲᠡᠳᠡᠨ ᠲᠡᠢ ᠵᠠᠨᠴᠢᠯᠳᠤᠬᠤ ᠶ᠋ᠢ ᠬᠦᠰᠡᠨ᠎ᠡ᠃ ᠪᠢᠳᠡ ᠨᠢᠯᠬ᠎ᠠ ᠨᠢᠷᠠᠢ ᠪᠢᠰᠢ ᠳ᠋ᠠ᠂ ᠡᠢᠮᠦ ᠤᠴᠢᠷ ᠠ᠋ᠴᠠ ᠪᠢᠳᠡ ᠶᠠᠭᠤ ᠬᠢᠬᠤᠨᠠᠵᠤ ᠪᠠᠢᠬᠤ ᠶ᠋ᠢ ᠮᠡᠳᠡᠬᠦ ᠭᠡᠵᠦ ᠢᠷᠡᠪᠡ᠃
— ᠬᠠᠷᠠᠪᠠᠤ᠂ ᠰᠦᠷᠡᠬᠡᠢ ᠰᠠᠨᠠᠭ᠎ᠠ ᠪᠣᠢ᠂ ᠬᠠᠮᠢᠭ᠎ᠠ ᠶᠠᠭᠤ ᠬᠢᠬᠤᠨᠠᠵᠤ ᠪᠠᠢᠭ᠎ᠠ ᠶᠤᠮ ᠪᠣᠢ? ᠭᠡᠵᠦ ᠰᠢᠪᠡᠯᠺᠡ ᠬᠡᠯᠡᠪᠡ᠃
— ᠦᠭᠡᠢ ᠲᠠ ᠮᠠᠯᠠᠭᠠᠢ ᠪᠠᠨ ᠠᠪᠤᠭᠲᠤᠨ! ᠮᠠᠯᠠᠭᠠᠢ ᠲᠠᠢ ᠳᠤᠭᠤᠯᠳᠠᠬᠤ ᠦᠭᠡᠢ᠃

ᠰᠢᠪᠡᠯᠺᠡ ᠦᠰᠦᠲᠡᠢ ᠭᠤᠷᠪᠠᠯᠵᠢᠨ ᠮᠠᠯᠠᠭᠠᠢ ᠪᠠᠨ ᠠᠪᠤᠭᠠᠳ ᠴᠢᠬᠢ ᠪᠡᠨ ᠲᠠᠯᠪᠢᠵᠤ ᠴᠢᠩᠨᠠᠪᠠ᠃

ᠰᠠᠷᠠ ᠲᠠᠢ ᠴᠠᠭᠠᠨ ᠰᠥᠨᠢ ᠶ᠋ᠢᠨ ᠠᠨᠢᠷ ᠴᠢᠮᠡᠭᠡ ᠦᠭᠡᠢ ᠶ᠋ᠢᠨ ᠳᠣᠲᠣᠷ᠎ᠠ ᠰᠢᠩᠭᠡᠨ ᠳᠠᠭᠤ ᠪᠠᠷ ᠤᠬᠢᠯᠠᠬᠤ ᠪᠤᠶᠤ ᠪᠦᠳᠡᠭᠢ ᠪᠡᠷ ᠶᠠᠷᠢᠬᠤ ᠲᠠᠢ ᠠᠳᠠᠯᠢ ᠳᠠᠭᠤᠨ᠂ ᠬᠣᠯᠠ ᠶ᠋ᠢᠨ ᠲᠠᠰᠤᠷᠠᠯᠲᠠ ᠦᠭᠡᠢ ᠬᠦᠩᠭᠢᠨᠡᠬᠦ ᠴᠢᠮᠡᠭᠡ ᠲᠣᠳᠣᠷᠬᠠᠢ ᠳᠤᠭᠤᠯᠳᠠᠵᠤ ᠪᠠᠢᠪᠠ᠃ ᠰᠢᠪᠡᠯᠺᠡ ᠴᠠᠰᠤᠲᠤ ᠲᠠᠯ᠎ᠠ ᠶ᠋ᠢᠨ ᠭᠦᠨ ᠳᠣᠲᠣᠷ᠎ᠠ ᠠ᠋ᠴᠠ ᠨᠠᠰᠢ ᠶᠠᠮᠠᠷ ᠭᠠᠰᠠᠯᠠᠩ ᠵᠣᠪᠠᠯᠠᠩ ᠣᠢᠷᠠᠲᠤᠨ ᠶᠠᠪᠤᠭ᠎ᠠ ᠶ᠋ᠢ ᠮᠡᠳᠡᠬᠦ ᠶ᠋ᠢ ᠬᠦᠰᠡᠵᠦ ᠰᠢᠷᠳᠡᠨ ᠬᠠᠷᠠᠨ᠎ᠠ᠃
— ᠪᠤᠭᠤᠷᠤᠯ ᠠᠪᠤ ᠠ᠋! ᠲᠠᠰᠢ ᠪᠠᠨ ᠬᠠᠷᠠᠭᠠᠴᠢ!

ᠰᠢᠪᠡᠯᠺᠡ ᠭᠠᠷ ᠢ᠋ᠶ᠋ᠠᠷ ᠢ᠋ᠶ᠋ᠠᠨ ᠳᠣᠬᠢᠵᠤ ᠣᠷᠬᠢᠭᠠᠳ᠂
— ᠠᠢ ᠵᠠᠢᠯᠠᠭᠤᠯ᠂ ᠨᠢᠯᠬ᠎ᠠ ᠪᠠᠯᠴᠢᠷ ᠬᠡᠦᠬᠡᠳ ᠦ᠋ᠳ ᠮᠢᠨᠢ ᠠ᠋! ᠡᠨᠡ ᠴᠢᠨᠢ ᠡᠪᠦᠯ ᠦ᠋ᠨ ᠬᠦᠢᠲᠡᠨ ᠦ᠌ ᠡᠵᠡᠨ ᠥᠪᠡᠷ ᠢ᠋ᠶ᠋ᠡᠨ ᠪᠠᠭᠠᠪᠠᠭᠠᠢ ᠶ᠋ᠢᠨ ᠠᠷᠠᠰᠤ ᠶ᠋ᠢ ᠨᠥᠮᠥᠷᠴᠦ ᠲᠠᠯ᠎ᠠ ᠪᠠᠷ ᠬᠡᠰᠦᠭᠦᠴᠢᠯᠡᠵᠦ ᠪᠠᠢᠰᠢᠩ ᠤ᠋ᠨ ᠣᠷᠣᠢ ᠶ᠋ᠢ ᠲᠣᠭᠰᠢᠵᠤ ᠰᠥᠨᠢ ᠶ᠋ᠢᠨ  ᠴᠠᠭ ᠲᠤ᠌ ᠵᠤᠤᠬ᠎ᠠ ᠪᠠᠨ ᠲᠦᠯᠡᠭᠲᠦᠨ ᠭᠡᠵᠦ ᠡᠮᠡᠰ ᠡᠬᠡᠨᠡᠷ ᠦ᠋ᠳ ᠢ᠋ ᠰᠡᠷᠢᠭᠡᠵᠦ ᠶᠠᠪᠤᠨ᠎ᠠ᠃ ᠡᠪᠦᠯ ᠦ᠋ᠨ ᠡᠵᠡᠨ ᠦ᠌ ᠬᠣᠢᠨ᠎ᠠ ᠠ᠋ᠴᠠ ᠰᠢᠭᠤᠷᠭ᠎ᠠ ᠭᠦᠶᠦᠯᠳᠦᠵᠦ ᠬᠥᠰᠬᠡ ᠲᠡᠷᠭᠡ ᠨᠤᠭᠦᠳ ᠢ᠋ ᠴᠠᠰᠤ ᠪᠠᠷ ᠳᠠᠷᠤᠬᠤ ᠤᠤ? ᠡᠰᠡᠪᠡᠯ ᠣᠷᠣᠢᠲᠠᠭᠰᠠᠨ ᠵᠠᠮᠴᠢᠳ ᠢ᠋ ᠣᠰᠤᠭᠤᠬᠤ ᠤᠤ ᠭᠡᠬᠦ ᠵᠡᠷᠭᠡ ᠪᠡᠷ ᠠᠵᠢᠯ ᠭᠤᠶᠤᠨ ᠶᠠᠪᠤᠵᠠᠭᠠᠨ᠎ᠠ᠃ ᠡᠪᠦᠯ ᠦ᠋ᠨ ᠡᠵᠡᠨ ᠣᠢ ᠮᠣᠳᠣ ᠪᠠᠷ ᠶᠠᠪᠤᠵᠠᠭᠠᠵᠤ ᠬᠠᠨᠴᠤᠢ ᠠ᠋ᠴᠠ ᠪᠠᠨ ᠬᠢᠷᠠᠭᠤ ᠴᠠᠩ ᠠᠰᠬᠠᠵᠤ ᠭᠣᠣᠯ ᠮᠥᠷᠡᠨ ᠦ᠌ ᠳᠡᠭᠡᠭᠦᠷ ᠶᠠᠪᠤᠵᠤ ᠥᠪᠡᠷ ᠢ᠋ᠶ᠋ᠡᠨ ᠮᠥᠷ ᠦ᠋ᠨ ᠳᠣᠣᠷᠠᠬᠢ ᠤᠰᠤ ᠶ᠋ᠢ ᠲᠠᠪᠤᠨ ᠲᠣᠬᠣᠢ ᠵᠤᠵᠠᠭᠠᠨ ᠮᠥᠰᠥ ᠪᠣᠯᠭᠠᠨ ᠳᠠᠪᠲᠠᠵᠤ ᠬᠠᠳᠠᠭᠠᠯᠠᠨ᠎ᠠ᠃

ᠢᠩᠭᠢᠭᠡᠳ ᠡᠪᠦᠯ ᠦ᠋ᠨ ᠡᠵᠡᠨ ᠦ᠌ ᠠᠵᠢᠯ ᠴᠢᠮᠡᠭᠡ ᠱᠠᠭᠢᠨ᠎ᠠ᠃ ᠲᠡᠨᠳᠡ ᠡᠴᠡ ᠴᠦ᠍ ᠲᠠᠵᠢᠭᠢᠨᠠᠨ᠎ᠠ᠃ ᠵᠠᠷᠢᠮ ᠦᠶ᠎ᠡ ᠳ᠋ᠦ᠍ ᠰᠢᠭᠤᠷᠭ᠎ᠠ ᠴᠤ᠌ ᠡᠬᠡᠨᠡᠷ ᠬᠡᠦᠬᠡᠳ ᠤᠬᠢᠯᠠᠬᠤ ᠮᠡᠲᠦ ᠳᠤᠤᠭᠠᠷᠤᠨ᠎ᠠ᠃ ᠭᠡᠪᠡᠴᠦ ᠬᠡᠦᠬᠡᠳ ᠦ᠋ᠨ ᠰᠡᠳᠬᠢᠯ ᠠᠮᠤᠷᠤᠭᠰᠠᠨ ᠦᠭᠡᠢ ᠬᠠᠷᠢᠨ ᠤᠯᠠᠮ ᠰᠢᠷᠲᠡᠨ ᠬᠠᠷᠠᠵᠠᠭᠠᠵᠤ ᠠᠯᠤᠰ ᠢ᠋ ᠵᠢᠭᠠᠨ ᠬᠡᠯᠡᠨ᠎ᠡ᠃
— ᠪᠤᠭᠤᠷᠤᠯ ᠠᠪᠤ ᠠ᠋! ᠲᠡᠷᠡ ᠭᠣᠣᠯ ᠤ᠋ᠨ ᠲᠡᠷᠲᠡᠭᠡ ᠶᠠᠭᠤ ᠪᠠᠢᠨ᠎ᠠ ?ᠡᠭᠦᠯᠡᠨ ᠦ᠌ ᠴᠠᠭᠠᠨ᠎ᠠ ᠠ᠋ᠴᠠ ᠰᠠᠷᠠᠨ ᠭᠠᠷᠴᠤ ᠢᠷᠡᠬᠦ ᠳ᠋ᠦ᠍ ᠭᠣᠣᠯ ᠤ᠋ᠨ ᠳᠠᠭᠠᠤ ᠳᠠᠪᠲᠠᠭᠳᠠᠭᠰᠠᠨ ᠥᠷᠭᠡᠨ ᠵᠠᠮ ᠢ᠋ᠶ᠋ᠠᠷ ᠶᠠᠪᠤᠵᠤ ᠮᠣᠷᠢᠳ᠂ ᠴᠢᠷᠭ᠎ᠠ ᠨᠤᠭᠤᠳ ᠶᠠᠪᠠᠭᠠᠨ ᠬᠥᠮᠦᠰ ᠮᠥᠩᠭᠥᠨ ᠲᠣᠯᠢ ᠮᠡᠲᠦ ᠭᠢᠯᠠᠯᠵᠠᠭᠰᠠᠨ ᠰᠠᠷᠠᠨ ᠤ᠋ ᠭᠡᠷᠡᠯ ᠳ᠋ᠦ᠍ ᠲᠣᠳᠣᠷᠬᠠᠢ ᠦᠵᠡᠭᠳᠡᠵᠦ ᠪᠠᠢᠪᠠ᠃ ᠴᠢᠷᠭᠠᠨ ᠤ᠋ ᠤᠯᠠ ᠲᠠᠰᠤᠷᠠᠯᠲᠠ ᠦᠭᠡᠢ ᠪᠠ ᠬᠢᠬᠤᠨᠠᠨ ᠰᠢᠩᠭᠡᠨ ᠳᠠᠭᠤ ᠪᠠᠷ ᠭᠠᠰᠠᠯᠵᠤ ᠣᠷᠢᠯᠠᠬᠤ ᠮᠡᠲᠦ ᠳᠤᠤᠭᠠᠷᠴᠤ ᠬᠦᠢᠲᠡᠨ ᠰᠥᠨᠢ ᠶ᠋ᠢᠨ ᠰᠢᠷᠦᠭᠦᠨ ᠨᠠᠮ ᠭᠦᠮ ᠢ᠋ ᠠᠯᠳᠠᠭᠤᠯᠵᠤ ᠪᠠᠢᠪᠠ᠃ ᠬᠥᠮᠦᠰ ᠮᠣᠷᠢᠳ ᠭᠣᠣᠯ ᠢ᠋ ᠤᠷᠤᠭᠤᠳᠠᠨ ᠶᠠᠪᠤᠬᠤ ᠪᠥᠭᠡᠳ ᠴᠡᠩᠬᠡᠷ ᠬᠥᠬᠡ ᠮᠠᠨᠠᠨ ᠳ᠋ᠤ᠌ ᠵᠢᠪᠪᠦᠵᠦ ᠦᠵᠡᠭᠳᠡᠬᠦ ᠦᠭᠡᠢ ᠪᠣᠯᠤᠨ᠎ᠠ᠃ ᠭᠡᠲᠡᠯ᠎ᠡ ᠲᠡᠳᠡᠨ ᠦ᠌ ᠬᠣᠢᠨ᠎ᠠ ᠠ᠋ᠴᠠ ᠬᠥᠭᠯᠡᠷᠡᠭᠰᠡᠨ ᠶᠡᠬᠡ ᠬᠥᠰᠬᠡ ᠨᠤᠭᠦᠳ ᠭᠠᠷᠴᠤ ᠢᠷᠡᠭᠡᠳ ᠳᠠᠬᠢᠨ ᠰᠡᠭᠦᠳᠡᠷ ᠮᠡᠲᠦ ᠴᠢᠮᠡᠭᠡ ᠦᠭᠡᠢ ᠪᠡᠷ ᠬᠥᠩᠭᠡᠨ ᠬᠢᠬᠤᠨᠠᠨ ᠤᠷᠤᠭᠰᠢ ᠪᠠᠨ ᠶᠠᠪᠤᠵᠤ ᠥᠩᠭᠡᠷᠡᠨ᠎ᠡ᠃
— ᠲᠡᠨᠳᠡ ᠶᠠᠭᠤ ᠶᠠᠪᠤᠵᠤ ᠪᠠᠢᠭ᠎ᠠ ᠶᠤᠮ ᠪᠣᠢ? ᠭᠡᠵᠦ ᠬᠡᠦᠬᠡᠳ ᠠᠰᠠᠭᠤᠪᠠ᠃

ᠡᠨᠡ ᠨᠢ ᠣᠷᠭᠣᠭᠴᠢᠳ᠁ ᠣᠢ ᠮᠣᠳᠣᠨ ᠳᠣᠲᠣᠷ᠎ᠠ ᠠᠮᠢ ᠬᠣᠷᠭᠣᠳᠠᠬᠤ ᠪᠠᠷ ᠶᠠᠪᠤᠵᠤ ᠪᠠᠢᠭ᠎ᠠ᠂ ᠲᠠᠲ᠋ᠠᠷ ᠤ᠋ᠳ ᠣᠢᠷ᠎ᠠ ᠪᠣᠢ ᠪᠣᠯᠤᠯᠲᠠᠢ᠃
— ᠪᠤᠭᠤᠷᠤᠯ ᠠᠪᠤ ᠠ᠋᠂ ᠲᠠᠲ᠋ᠠᠷ ᠤ᠋ᠳ ᠨᠢ ᠶᠠᠮᠠᠷ ᠬᠥᠮᠦᠰ ᠪᠣᠢ? ᠲᠠ ᠲᠡᠳᠡ ᠨᠠᠷ ᠢ᠋ ᠦᠵᠡᠭᠰᠡᠨ ᠤᠤ?
— ᠦᠵᠡᠭᠡ ᠦᠭᠡᠢ᠂ ᠲᠡᠳᠡ ᠨᠠᠷ ᠬᠥᠮᠦᠨ ᠦ᠌ ᠰᠢᠨᠵᠢ ᠦᠭᠡᠢ ᠵᠡᠷᠯᠢᠭ ᠬᠥᠮᠦᠰ ᠶᠤᠮ᠃ ᠵᠡᠷᠯᠢᠭ ᠲᠠᠯ᠎ᠠ ᠳ᠋ᠤ᠌ ᠠᠳᠤᠭᠤ ᠮᠠᠯ ᠤ᠋ᠨ ᠬᠠᠮᠲᠤ ᠰᠠᠭᠤᠵᠠᠭᠠᠳᠠᠭ ᠪᠠ ᠬᠣᠣᠷ ᠬᠥᠨᠥᠭᠡᠯ ᠬᠦᠷᠭᠡᠵᠦ ᠪᠦᠭᠦᠳᠡ ᠶ᠋ᠢ ᠢᠯᠠᠵᠤ ᠳᠡᠢᠯᠳᠡᠭ ᠭᠡᠵᠦ ᠰᠣᠨᠣᠰᠤᠭᠰᠠᠨ ᠪᠢᠯᠡ᠃
— ᠲᠡᠳᠡ ᠨᠠᠷ ᠪᠢᠳᠡᠨ ᠢ᠋ ᠪᠠᠢᠯᠳᠤᠵᠤ ᠳᠡᠢᠯᠬᠦ ᠤᠤ᠁ ᠡᠨᠳᠡ ᠢᠷᠡᠬᠦ ᠤᠤ?
— ᠢᠷᠡᠬᠦ ᠴᠦ᠍ ᠮᠠᠭᠠᠳ ᠦᠭᠡᠢ᠂ ᠡᠰᠡᠪᠡᠯ ᠷᠶᠠᠽᠠᠨ ᠤ᠋ ᠬᠢᠨ ᠲᠡᠳᠡᠨ ᠢ᠋ ᠴᠠᠪᠴᠢᠯᠠᠨ ᠬᠢᠳᠤᠵᠤ ᠪᠤᠴᠠᠭᠠᠨ ᠬᠥᠭᠡᠭᠡᠭᠰᠡᠨ ᠴᠦ᠍ ᠪᠠᠢᠵᠤ ᠮᠠᠭᠠᠳ ᠦᠭᠡᠢ᠃ ᠡᠨᠡ ᠠᠳᠤᠭᠤᠴᠢᠨ ᠨᠠᠷ ᠲᠠᠢ ᠪᠠᠭᠠᠪᠠᠭᠠᠢ ᠲᠠᠢ ᠲᠤᠯᠤᠯᠳᠤᠬᠤ ᠲᠠᠢ  ᠪᠠᠨ ᠠᠳᠠᠯᠢ ᠪᠠᠷ ᠲᠤᠯᠤᠯᠳᠤᠬᠤ ᠬᠡᠷᠡᠭᠲᠡᠢ᠃ ᠬᠡᠷᠪᠡ ᠪᠠᠭᠠᠪᠠᠭᠠᠢ ᠠ᠋ᠴᠠ ᠵᠢᠭᠤᠲᠠᠪᠠᠯ ᠲᠡᠷᠡ ᠭᠦᠢᠴᠡᠵᠦ ᠢᠷᠡᠭᠡᠳ ᠪᠠᠷᠢᠵᠤ ᠣᠷᠬᠢᠨ᠎ᠠ᠃ ᠬᠠᠷᠢᠨ ᠨᠤᠮᠤ ᠰᠤᠮᠤ ᠪᠠᠨ ᠪᠠᠷᠢᠵᠤ ᠡᠮᠦᠨ᠎ᠡ ᠡᠴᠡ ᠨᠢ ᠣᠴᠢᠪᠠᠯ ᠲᠡᠭᠦᠨ ᠢ᠋ ᠤᠨᠠᠭᠠᠵᠤ ᠣᠷᠬᠢᠭᠠᠳ ᠪᠠᠭᠠᠪᠠᠭᠠᠢ ᠶ᠋ᠢᠨ ᠠᠷᠠᠰᠤ ᠲᠠᠢ ᠪᠣᠯᠤᠨ᠎ᠠ᠃
— ᠡᠰᠢ ᠪᠡᠨ ᠬᠠᠷᠠᠭᠲᠤᠨ᠃ ᠨᠠᠰᠢ ᠪᠠᠨ ᠢᠷᠡᠵᠦ ᠶᠠᠪᠤᠨ᠎ᠠ᠃ ᠲᠡᠳᠡᠨ ᠦ᠌ ᠬᠣᠢᠨ᠎ᠠ ᠠ᠋ᠴᠠ ᠮᠣᠷᠢᠲᠤ ᠴᠡᠷᠢᠭ ᠦ᠋ᠳ ᠶᠠᠪᠤᠨ᠎ᠠ᠃ ᠡᠨᠡ ᠲᠠᠲ᠋ᠠᠷ ᠤ᠋ᠳ ᠶᠤᠮ ᠪᠢᠰᠢ ᠪᠠᠢᠭ᠎ᠠ ᠳ᠋ᠠ? ᠴᠢᠷᠭ᠎ᠠ ᠨᠤᠭᠤᠳ ᠴᠤᠪᠤᠷᠠᠵᠤ ᠬᠡᠷᠡᠮ ᠦ᠋ᠨ ᠬᠠᠨ᠎ᠠ ᠶ᠋ᠢ ᠴᠢᠭᠯᠡᠨ ᠶᠠᠪᠤᠪᠠ᠃ ᠲᠡᠭᠦᠨ ᠦ᠌ ᠬᠣᠢᠨ᠎ᠠ ᠠ᠋ᠴᠠ ᠨᠢᠭᠡ ᠬᠡᠰᠡᠭ ᠮᠣᠷᠢᠲᠠᠢ ᠬᠥᠮᠦᠰ ᠳᠠᠭᠠᠵᠤ ᠶᠠᠪᠤᠨ᠎ᠠ᠃ ᠪᠣᠭᠣᠨᠢ ᠵᠢᠳᠠ ᠪᠠ ᠲᠡᠮᠦᠷ ᠳᠤᠭᠤᠯᠠᠭ᠎ᠠ ᠬᠢᠭᠡᠳ ᠴᠡᠭᠡᠵᠢᠨ ᠦ᠌ ᠬᠤᠶᠠᠭ ᠤ᠋ᠨ ᠡᠯᠳᠡᠰᠦ ᠨᠤᠭᠦᠳ ᠲᠦ᠍ ᠰᠠᠷᠠᠨ ᠤ᠋ ᠭᠡᠷᠡᠯ ᠭᠢᠯᠠᠯᠵᠠᠨ᠎ᠠ᠃ ᠰᠢᠪᠡᠯᠺᠠ ᠳᠡᠷᠭᠡᠳᠡᠬᠢ ᠮᠤᠨ᠎ᠠ ᠰᠢᠭᠦᠷᠡᠨ ᠠᠪᠴᠤ ᠫᠤᠤᠳᠠᠯᠭ᠎ᠠ ᠶ᠋ᠢᠨ ᠨᠦᠬᠡ ᠶ᠋ᠢᠨ ᠬᠣᠭᠣᠷᠣᠨᠳᠣ ᠡᠯᠭᠦᠭᠡᠰᠦᠲᠡᠢ ᠪᠠᠢᠭ᠎ᠠ ᠰᠢᠷᠡᠮᠦᠨ ᠲᠠᠪᠴᠠᠩ ᠢ᠋ ᠴᠣᠬᠢᠵᠤ ᠠᠶᠤᠯ ᠤ᠋ᠨ ᠳᠣᠬᠢᠶ᠎ᠠ ᠶ᠋ᠢ ᠥᠭᠬᠦ ᠪᠠ ᠬᠠᠷᠢᠭᠤᠯ ᠤ᠋ᠨ ᠴᠡᠷᠢᠭ ᠢ᠋ ᠳᠠᠭᠤᠳᠠᠨ᠎ᠠ᠃ ᠴᠢᠷᠭ᠎ᠠ ᠬᠥᠯᠯᠡᠭᠰᠡᠨ ᠬᠣᠷᠢᠭᠠᠳ ᠮᠣᠷᠢ ᠲᠠᠢ ᠬᠥᠮᠦᠰ ᠬᠡᠷᠡᠮ ᠦ᠋ᠨ ᠠᠯᠲᠠᠨ ᠬᠠᠭᠠᠯᠭ᠎ᠠ ᠭᠡᠵᠦ ᠨᠡᠷᠡᠰᠢᠭᠰᠡᠨ ᠬᠠᠭᠠᠯᠲᠠᠲᠠᠢ ᠬᠠᠭᠠᠯᠭᠠᠨ ᠳ᠋ᠤ᠌ ᠲᠤᠯᠵᠤ ᠢᠷᠡᠪᠡ᠃ ᠡᠳᠡᠭᠡᠷ ᠢᠷᠡᠭᠴᠢᠳ ᠦ᠋ᠨ ᠶᠠᠷᠢᠶ᠎ᠠ ᠨᠢ ᠳᠣᠣᠷ᠎ᠠ ᠠ᠋ᠴᠠ ᠲᠣᠳᠣᠷᠬᠠᠢ ᠰᠣᠨᠣᠰᠳᠠᠨ᠎ᠠ᠃ ᠵᠠᠷᠢᠮ ᠮᠣᠷᠢᠲᠠᠢ ᠬᠥᠮᠦᠰ ᠮᠣᠷᠢᠨ ᠠ᠋ᠴᠠ ᠪᠠᠨ ᠪᠠᠭᠤᠵᠤ ᠬᠠᠭᠠᠯᠭ᠎ᠠ ᠶ᠋ᠢ ᠲᠣᠭᠰᠢᠨ᠎ᠠ᠃ ᠪᠠᠢᠷᠢ ᠶ᠋ᠢᠨ ᠳᠣᠲᠣᠷ᠎ᠠ ᠠ᠋ᠴᠠ ᠴᠡᠷᠢᠭ ᠦ᠋ᠳ ᠭᠦᠶᠦᠯᠳᠦᠨ ᠭᠠᠷᠴᠤ ᠬᠡᠷᠡᠮ ᠦ᠋ᠨ ᠬᠠᠨ᠎ᠠ ᠳᠡᠭᠡᠷ᠎ᠡ ᠭᠠᠷᠴᠠᠭᠠᠪᠠ᠃ ᠵᠠᠭᠤᠲᠤ ᠶ᠋ᠢᠨ ᠶᠡᠬᠡᠮᠰᠦᠭ ᠨᠣᠶᠠᠳ ᠪᠠᠭᠠᠪᠠᠭᠠᠢ ᠶ᠋ᠢᠨ ᠠᠷᠠᠰᠤᠨ ᠳᠡᠪᠡᠯ ᠦ᠋ᠨ ᠲᠣᠪᠴᠢ ᠶ᠋ᠢ ᠲᠠᠢᠯᠵᠤ ᠢᠷᠠᠭᠰᠠᠭᠠᠷ ᠠᠭᠠᠵᠢᠮ ᠢ᠋ᠶ᠋ᠠᠷ ᠬᠡᠷᠡᠮ ᠦ᠋ᠨ ᠳᠡᠭᠡᠷ᠎ᠡ ᠭᠠᠷᠤᠭᠠᠳ ᠭᠠᠳᠠᠨ᠎ᠠ ᠪᠠᠨ ᠢᠷᠡᠭᠰᠡᠨ ᠬᠥᠮᠦᠰ ᠡᠴᠡ ᠠᠰᠠᠭᠤᠪᠠ᠃
— ᠲᠠᠨᠠᠷ ᠶᠠᠭᠤᠨ ᠤ᠋ ᠬᠥᠮᠦᠰ ᠪᠣᠢ? ᠭᠡᠬᠦ ᠳ᠋ᠦ᠍᠂
— ᠸᠠᠩ ᠷᠣᠮᠠᠨ ᠢᠩᠭ᠌ᠸᠡᠷᠸᠸᠢᠴ ᠷᠶᠡᠽᠡᠨ ᠡᠴᠡ ᠴᠢᠬᠤᠯᠠ ᠮᠡᠳᠡᠭᠡ ᠲᠡᠢ ᠶᠠᠪᠤᠵᠤ ᠪᠠᠢᠨ᠎ᠠ ᠭᠡᠵᠦ ᠳᠣᠣᠷ᠎ᠠ ᠠ᠋ᠴᠠ ᠬᠠᠷᠢᠭᠤᠯᠪᠠ᠃
— ᠪᠤᠰᠤᠳ ᠣᠯᠠᠨ ᠬᠥᠰᠬᠡ ᠲᠡᠢ ᠬᠥᠮᠦᠰ ᠴᠢᠨᠢ ᠶᠠᠭᠤ ᠪᠢᠯᠡ?
— ᠬᠣᠲᠠᠨ ᠳ᠋ᠤ᠌ ᠣᠷᠣᠭᠤᠯᠬᠤ ᠶ᠋ᠢ ᠥᠷᠥᠰᠢᠶᠡᠨ᠎ᠡ ᠤᠤ? ᠲᠡᠷᠰ ᠨᠣᠮᠲᠤ ᠲᠠᠲ᠋ᠠᠷ ᠤ᠋ᠳ ᠲᠤ᠌ ᠬᠥᠨᠥᠭᠡᠭᠳᠡᠵᠦ ᠵᠢᠭᠤᠲᠠᠨ ᠭᠠᠷᠤᠭᠠᠳ ᠲᠠᠢᠪᠤᠩ ᠭᠠᠵᠠᠷ ᠢ᠋ ᠡᠷᠢᠵᠦ ᠶᠠᠪᠤᠨ᠎ᠠ᠃ 
—ᠮᠠᠨ ᠤ᠋ ᠳ᠋ᠤ᠌ ᠶᠠᠭᠤᠨ ᠤ᠋ ᠲᠠᠢᠪᠤᠩ ᠪᠠᠢᠬᠤ ᠪᠢᠯᠡ᠃ ᠮᠠᠭᠤ ᠬᠤᠯᠠᠭᠠᠢ ᠶ᠋ᠢᠨ ᠢᠷᠡᠬᠦ ᠶ᠋ᠢ ᠡᠳᠦᠷ ᠪᠦᠷᠢ ᠬᠦᠯᠢᠶᠡᠭᠰᠡᠭᠡᠷ ᠪᠠᠢᠨ᠎ᠠ᠃ ᠸᠠᠩ ᠢ᠋ ᠲᠡᠭᠦᠨ ᠦ᠌ ᠴᠡᠷᠢᠭ ᠦ᠋ᠳ ᠦ᠋ᠨ ᠬᠠᠮᠲᠤ ᠪᠠᠷ ᠣᠷᠣᠭᠤᠯᠤᠨ᠎ᠠ᠃ ᠪᠤᠰᠤᠳ ᠨᠢ ᠬᠣᠯᠠ ᠶ᠋ᠢᠨ ᠲᠣᠰᠬᠣᠨ ᠳ᠋ᠤ᠌ ᠣᠴᠢᠵᠤ ᠲᠡᠨᠳᠡ ᠠᠮᠠᠷᠵᠠᠭᠠᠭᠲᠤᠨ······ 

ᠬᠡᠳᠦᠨ ᠴᠢᠷᠭ᠎ᠠ ᠨᠤᠭᠤᠳ ᠳᠡᠭᠡᠷ᠎ᠡ ᠬᠠᠰᠬᠢᠷᠬᠤ ᠪᠠ ᠣᠷᠢᠯᠠᠬᠤ ᠴᠢᠮᠡᠭᠡ ᠰᠣᠨᠣᠰᠳᠠᠪᠠ᠃ ᠬᠡᠷᠡᠮ ᠳᠡᠭᠡᠷᠡᠬᠢ ᠴᠡᠷᠢᠭ ᠦ᠋ᠨ ᠬᠥᠮᠦᠰ ᠦ᠋ᠨ ᠲᠣᠭ᠎ᠠ ᠨᠡᠮᠡᠭᠳᠡᠵᠦ ᠪᠠᠢᠪᠠ᠃ ᠨᠢᠭᠡ ᠬᠡᠰᠡᠭ ᠨᠢ ᠬᠠᠭᠠᠯᠭ᠎ᠠ ᠶ᠋ᠢᠨ ᠵᠦᠭ ᠳᠣᠷᠣᠭᠰᠢ ᠪᠠᠭᠤᠪᠠ᠃ ᠬᠦᠨᠳᠦ ᠴᠠᠷᠠᠰᠤᠨ ᠮᠣᠳᠣᠨ ᠬᠠᠭᠠᠯᠭ᠎ᠠ ᠨᠡᠭᠡᠭᠡᠭᠳᠡᠵᠦ ᠬᠡᠳᠦᠨ ᠮᠣᠷᠢᠲᠠᠢ ᠬᠥᠮᠦᠰ ᠢ᠋ ᠨᠡᠪᠲᠡᠷᠡᠭᠦᠯᠦᠨ ᠣᠷᠣᠭᠤᠯᠤᠭᠠᠳ ᠳᠠᠬᠢᠨ ᠬᠠᠭᠠᠭᠳᠠᠪᠠ᠃ ᠪᠤᠰᠤᠳ ᠳᠦᠷᠪᠡᠵᠦ ᠶᠠᠪᠤᠭ᠎ᠠ ᠬᠥᠮᠦᠰ ᠸᠯᠠᠳᠢᠮᠢᠷ ᠬᠣᠲᠠ ᠶ᠋ᠢᠨ ᠬᠠᠨ᠎ᠠ ᠶ᠋ᠢ ᠬᠠᠷᠢᠶᠠᠵᠤ ᠸᠠᠩ ᠭᠸᠣᠷᠬᠢ ᠸᠰᠸᠸᠣᠯᠣᠳᠣᠸᠢᠴ ᠢ᠋ ᠴᠢᠩᠭ᠎ᠠ ᠪᠠᠷ ᠬᠠᠷᠢᠶᠠᠵᠤ ᠠᠮᠢ ᠬᠣᠷᠭᠣᠳᠠᠬᠤ ᠭᠠᠵᠠᠷ ᠢ᠋ ᠡᠷᠢᠬᠦ ᠪᠡᠷ ᠴᠠᠰᠢ ᠶᠠᠪᠤᠪᠠ᠃

  ᠦᠰᠦᠭ ᠠᠮᠢᠯᠠᠭᠤᠯᠤᠭᠴᠢ᠄ ᠠᠯᠲᠠᠨᠴᠢᠮᠡᠭ᠂ ᠵᠢᠩᠯᠢᠬᠤᠸᠠᠷ᠂ ᠪᠠᠶᠠᠨᠴᠡᠴᠡᠭ᠂ ᠮᠡᠷᠭᠡᠨᠭᠣᠣ᠎ᠠ
  ᠬᠢᠨᠠᠭᠴᠢ᠄ ᠪᠠᠶᠠᠨᠴᠡᠴᠡᠭ᠂ ᠠᠯᠲᠠᠨᠴᠢᠮᠡᠭ᠂ ᠠᠷᠢᠭᠤᠨ᠂ ᠪᠠᠯ