ᠪᠠᠲᠤ ᠬᠠᠭᠠᠨ 5-10ᠷᠶᠠᠽᠠᠨ ᠤ᠋ ᠡᠴᠦᠰ ᠦ᠋ᠨ ᠡᠳᠦᠷ ᠦ᠋ᠳ ᠲᠦ᠍-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ
ᠠᠷᠪᠠ ᠷᠶᠠᠽᠠᠨ ᠤ᠋ ᠡᠴᠦᠰ ᠦ᠋ᠨ ᠡᠳᠦᠷ ᠦ᠋ᠳ ᠲᠦ᠍
᠁ ᠷᠶᠠᠽᠠᠨ ᠤ᠋ ᠨᠤᠲᠤᠭ ᠪᠠ ᠨᠡᠢᠰᠯᠡᠯ ᠨᠢ ᠮᠥᠬᠥᠵᠦ ᠲᠡᠭᠦᠨ ᠦ᠌ ᠰᠠᠢᠨ ᠰᠠᠢᠬᠠᠨ ᠨᠢ ᠥᠭᠡᠷᠡᠴᠢᠯᠡᠭᠳᠡᠨ ᠰᠠᠢᠨ ᠢ᠋ ᠦᠵᠡᠬᠦ ᠪᠡᠨ ᠥᠩᠭᠡᠷᠡᠭᠡᠳ ᠭᠠᠭᠴᠠᠬᠠᠨ ᠦᠨᠡᠰᠦ ᠴᠢᠨᠳᠠᠷᠤᠤ ᠰᠢᠷᠣᠢ ᠤᠲᠤᠭ᠎ᠠ ᠠ᠋ᠴᠠ ᠥᠭᠡᠷ᠎ᠡ ᠶᠠᠭᠤᠮ᠎ᠠ ᠦᠭᠡᠢ ᠪᠣᠯᠵᠠᠢ᠃
《ᠪᠠᠲᠤ ᠬᠠᠭᠠᠨ ᠤ᠋ ᠢᠷᠡᠭᠰᠡᠨ ᠲᠤᠬᠠᠢ ᠲᠣᠭᠣᠵᠢ》
ᠠᠷᠪᠠᠨ ᠭᠤᠷᠪᠠᠳᠤᠭᠠᠷ ᠵᠠᠭᠤᠨ ᠤ᠋ ᠦᠶ᠎ᠡ
ᠲᠠᠲ᠋ᠠᠷ ᠤ᠋ᠳ ᠥᠷᠯᠥᠭᠡ ᠡᠴᠡ ᠡᠬᠢᠯᠡᠨ ᠷᠶᠠᠽᠠᠨ ᠤ᠋ ᠬᠡᠷᠡᠮ ᠳ᠋ᠦ᠍ ᠣᠢᠷᠠᠲᠤᠵᠤ ᠢᠷᠡᠬᠦ ᠳ᠋ᠡᠭᠡᠨ ᠱᠠᠲᠤ ᠨᠤᠭᠤᠳ ᠢ᠋ ᠠᠪᠴᠢᠷᠠᠯᠴᠠᠪᠠ᠃ ᠱᠠᠲᠤ ᠨᠤᠭᠤᠳ ᠤ᠋ᠨ ᠵᠠᠷᠢᠮ ᠨᠢ ᠬᠡᠳᠦᠨ ᠪᠣᠭᠣᠨᠢ ᠪᠠᠩᠵᠠ ᠨᠤᠭᠤᠳ ᠢ᠋ ᠬᠣᠭᠣᠷᠣᠨᠳᠣ ᠨᠢ ᠤᠶᠠᠵᠤ ᠬᠢᠭᠰᠡᠨ ᠪᠠ ᠵᠠᠷᠢᠮ ᠨᠢ ᠨᠠᠷᠠᠰᠤᠨ ᠮᠣᠳᠣ ᠶ᠋ᠢ ᠬᠠᠳᠤᠵᠤ ᠬᠥᠨᠳᠡᠯᠢ ᠪᠦᠬᠦᠢ ᠪᠡᠷ ᠬᠢᠭᠰᠡᠨ ᠪᠠ ᠵᠠᠷᠢᠮ ᠨᠢ ᠬᠣᠶᠠᠷ ᠲᠠᠯ᠎ᠠ ᠳ᠋ᠠᠭᠠᠨ ᠴᠠᠪᠴᠢᠮᠠᠯ ᠭᠢᠰᠬᠢᠭᠦᠷ ᠲᠡᠢ ᠤᠷᠲᠤ ᠳ᠋ᠥ᠋ᠨᠵᠡ ᠪᠡᠷ ᠶᠠᠭᠠᠷᠠᠪᠴᠢᠯᠠᠨ ᠬᠢᠭᠰᠡᠨ ᠴᠦ᠍ ᠪᠠᠢᠵᠠᠢ᠃
ᠬᠣᠲᠠ ᠶ᠋ᠢᠨ ᠬᠡᠷᠡᠮ ᠦ᠋ᠨ ᠳᠣᠣᠷ᠎ᠠ ᠲᠠᠲ᠋ᠠᠷ ᠤ᠋ᠳ ᠤ᠋ᠨ ᠬᠠᠰᠬᠢᠷᠤᠯᠳᠤᠬᠤ ᠪᠠ ᠵᠠᠨᠴᠢᠭᠳᠠᠵᠤ ᠪᠣᠢ ᠣᠯᠵᠠᠯᠠᠭᠳᠠᠭᠴᠢᠳ ᠤ᠋ᠨ ᠤᠬᠢᠯᠠᠬᠤ ᠪᠣᠯᠣᠳ ᠰᠦᠬᠡ ᠪᠡᠷ ᠴᠠᠪᠴᠢᠬᠤ ᠬᠠᠩᠭᠢᠨᠠᠬᠤ ᠳᠠᠭᠤᠨ ᠰᠣᠨᠣᠰᠳᠠᠨ᠎ᠠ᠃ ᠪᠠᠰᠠ ᠲᠠᠲ᠋ᠠᠷ ᠤ᠋ᠨ ᠴᠡᠷᠢᠭ ᠦ᠋ᠳ ᠬᠡᠷᠡᠮ ᠢ᠋ ᠳᠠᠭᠠᠷᠢᠨ ᠣᠷᠣᠬᠤ ᠶ᠋ᠢᠨ ᠡᠮᠦᠨ᠎ᠡ ᠥᠪᠡᠷᠰᠡᠳ ᠦ᠋ᠨ ᠢ᠋ᠶ᠋ᠡᠨ ᠪᠡᠶ᠎ᠡ ᠶ᠋ᠢ ᠵᠣᠷᠢᠭᠵᠢᠭᠤᠯᠤᠨ ᠬᠥᠭᠵᠢᠭᠡᠬᠦ ᠪᠦᠷᠢᠶ᠎ᠡ ᠪᠢᠰᠬᠢᠭᠦᠷ ᠦ᠋ᠨ ᠴᠢᠷᠠᠯᠠᠬᠤ ᠳᠠᠭᠤᠨ ᠪᠠᠰᠠ ᠰᠣᠨᠣᠰᠳᠠᠨ᠎ᠠ᠃ ᠱᠠᠲᠤ ᠨᠤᠭᠤᠳ ᠢ᠋ ᠬᠣᠲᠠ ᠶ᠋ᠢᠨ ᠬᠡᠷᠡᠮ ᠦ᠋ᠨ ᠵᠦᠭ ᠪᠦᠷᠢ ᠡᠴᠡ ᠨᠢ ᠨᠢᠭᠡᠨ ᠵᠡᠷᠭᠡ ᠪᠣᠰᠬᠠᠵᠤ ᠲᠠᠯᠪᠢᠭᠰᠠᠨ ᠪᠠ ᠡᠨᠡ ᠨᠢ ᠳᠠᠭᠠᠷᠢᠭᠴᠢᠳ ᠲᠤ᠌ ᠪᠠᠭ᠎ᠠ ᠵᠡᠷᠭᠡ ᠶ᠋ᠢᠨ ᠲᠤᠯᠭᠠᠭᠤᠷ ᠲᠦᠰᠢᠭ ᠪᠣᠯᠬᠤ ᠠᠵᠢ᠃ ᠣᠷᠣᠰ ᠠ᠋ᠴᠠ ᠣᠯᠵᠠᠯᠠᠭᠳᠠᠭᠰᠠᠨ ᠬᠥᠮᠦᠰ ᠬᠣᠢᠨ᠎ᠠ ᠠ᠋ᠴᠠ ᠪᠠᠨ ᠵᠢᠳᠠ ᠪᠠᠷ ᠬᠠᠳᠬᠤᠭᠤᠯᠤᠭᠰᠠᠭᠠᠷ ᠬᠠᠮᠤᠭ ᠤ᠋ᠨ ᠲᠦᠷᠦᠭᠦᠨ ᠳ᠋ᠦ᠍ ᠱᠠᠲᠤ ᠪᠠᠷ ᠥᠭᠰᠥᠵᠦ ᠭᠠᠷᠪᠠ᠃
ᠲᠡᠳᠡᠨᠡᠷ ᠤᠷᠠᠩᠬᠠᠢ ᠬᠤᠪᠴᠠᠰᠤ ᠲᠠᠢ ᠨᠢᠴᠦᠭᠦᠨ ᠰᠢᠬᠠᠮ ᠲᠤᠯᠠ ᠲᠠᠭᠠᠷᠠᠵᠤ ᠬᠦᠷᠦᠭᠰᠡᠨ ᠪᠠ ᠱᠠᠲᠤ ᠪᠠᠷ ᠳᠠᠮᠵᠢᠨ ᠠᠷᠠᠢ ᠭᠡᠵᠦ ᠳᠡᠭᠡᠭᠰᠢ ᠠᠪᠠᠷᠢᠵᠤ ᠶᠠᠪᠤᠬᠤ ᠵᠠᠭᠤᠷ᠎ᠠ ᠷᠶᠠᠽᠠᠨ ᠢ᠋ ᠬᠠᠮᠠᠭᠠᠯᠠᠭᠴᠢᠳ ᠢ᠋ ᠭᠤᠶᠤᠨ ᠬᠠᠰᠬᠢᠷᠬᠤ ᠨᠢ᠂
— ᠪᠢᠳᠡ ᠨᠠᠷ ᠢ᠋ ᠪᠢᠲᠡᠭᠡᠢ ᠠᠯᠠᠭᠲᠤᠨ ᠭᠡᠨ᠎ᠡ᠃
— ᠠᠬ᠎ᠠ ᠳᠡᠭᠦᠦ ᠨᠠᠷ ᠠ᠋᠂ ᠪᠢᠳᠡ ᠨᠠᠷ ᠢ᠋ ᠥᠷᠥᠰᠢᠶᠡᠭᠲᠦᠨ᠂ ᠪᠢᠳᠡᠨ ᠢ᠋ ᠪᠡᠬᠢᠯᠡᠯᠲᠡ ᠶ᠋ᠢᠨ ᠴᠠᠭᠠᠨ᠎ᠠ ᠭᠠᠷᠭᠠᠭᠤᠯᠤᠭᠲᠤᠨ᠃ ᠡᠷᠭᠢᠵᠦ ᠲᠠᠨᠠᠷ ᠤ᠋ᠨ ᠬᠠᠮᠲᠤ ᠲᠠᠲ᠋ᠠᠷ ᠤ᠋ᠳ ᠲᠠᠢ ᠪᠠᠢᠯᠳᠤᠨ᠎ᠠ᠃ ᠪᠢᠳᠡ ᠥᠪᠡᠷ ᠦ᠋ᠨ ᠳᠤᠷ᠎ᠠ ᠵᠣᠷᠢᠭ ᠢ᠋ᠶ᠋ᠠᠷ ᠶᠠᠪᠤᠭ᠎ᠠ ᠪᠤᠰᠤ᠂ ᠪᠢᠳᠡᠨ ᠢ᠋ ᠬᠣᠢᠨ᠎ᠠ ᠠ᠋ᠴᠠ ᠮᠢᠨᠢ ᠴᠠᠪᠴᠢᠵᠤ ᠪᠠᠢᠨ᠎ᠠ᠃
— ᠡᠷᠭᠢᠵᠦ ᠪᠤᠴᠠᠵᠠᠭᠠᠭᠲᠤᠨ! ᠬᠤᠯᠴᠢᠭᠠᠷ ᠤ᠋ᠳ᠂ ᠲᠠᠤᠯᠠᠢ ᠶ᠋ᠢᠨ ᠰᠡᠭᠦᠯ ᠦ᠋ᠳ᠂ ᠲᠠᠲ᠋ᠠᠷ ᠤ᠋ᠳ ᠤ᠋ᠨ ᠰᠡᠯᠡᠮ᠎ᠡ ᠶ᠋ᠢ ᠪᠤᠯᠢᠶᠠᠵᠤ ᠠᠪᠤᠭᠲᠤᠨ᠃ ᠲᠡᠳᠡᠭᠡᠷ ᠢ᠋ ᠴᠠᠪᠴᠢᠯᠠᠭᠲᠤᠨ᠃ ᠱᠠᠲᠤ ᠨᠤᠭᠤᠳ ᠢ᠋ ᠡᠪᠳᠡᠯᠡᠭᠲᠦᠨ ᠭᠡᠵᠦ ᠳᠡᠭᠡᠷ᠎ᠡ ᠡᠴᠡ ᠨᠢ ᠬᠠᠷᠢᠭᠤᠯᠤᠨ᠎ᠠ᠃ ᠣᠯᠵᠠᠯᠠᠭᠳᠠᠭᠴᠢᠳ ᠤ᠋ᠨ ᠵᠠᠷᠢᠮ ᠨᠢᠭᠡ ᠨᠢ ᠥᠪᠡᠷ ᠦ᠋ᠨ ᠠᠬ᠎ᠠ ᠳᠡᠭᠦᠦ ᠷᠶᠠᠽᠠᠨᠴᠤᠳ ᠲᠠᠢ ᠪᠠᠢᠯᠳᠤᠬᠤ ᠶ᠋ᠢ ᠲᠡᠰᠪᠦᠷᠢᠯᠡᠵᠦ ᠴᠢᠳᠠᠬᠤ ᠦᠭᠡᠢ ᠤᠴᠢᠷ ᠱᠠᠲᠤ ᠶ᠋ᠢᠨ ᠳᠤᠮᠳᠠ ᠬᠦᠷᠴᠦ ᠢᠷᠡᠮᠡᠭᠴᠡ ᠳᠣᠷᠣᠭᠰᠢ ᠪᠠᠨ ᠦᠰᠦᠷᠦᠨ ᠤᠨᠠᠵᠤ ᠮᠥᠰᠥᠨ ᠬᠠᠨ᠎ᠠ ᠶ᠋ᠢ ᠤᠷᠤᠭᠤᠳᠠᠵᠤ ᠭᠤᠯᠭᠤᠨ᠎ᠠ᠃ ᠳᠣᠣᠷ᠎ᠠ ᠬᠦᠷᠴᠦ ᠢᠷᠡᠭᠡᠳ ᠲᠠᠲ᠋ᠠᠷ ᠤ᠋ᠳ ᠲᠠᠢ ᠪᠠᠷᠢᠯᠴᠠᠵᠤ ᠠᠪᠬᠤ ᠪᠣᠯᠪᠠᠴᠤ ᠲᠠᠰᠤ ᠴᠠᠪᠴᠢᠭᠤᠯᠵᠤ ᠤᠨᠠᠵᠠᠭᠠᠨᠠ᠃
ᠰᠠᠸᠸᠯᠢ ᠤᠷᠲᠤ ᠡᠰᠢᠲᠡᠢ ᠰᠦᠬᠡ ᠪᠡᠷ ᠵᠡᠪᠰᠡᠭᠯᠡᠵᠦ ᠱᠠᠲᠤ ᠪᠠᠷ ᠳᠡᠭᠡᠭᠰᠢ ᠭᠠᠷᠴᠤ ᠢᠷᠡᠬᠦ ᠬᠡᠨ ᠢ᠋ ᠴᠦ᠍ ᠴᠠᠪᠴᠢᠵᠤ ᠠᠯᠠᠬᠤ ᠳ᠋ᠤ᠌ ᠪᠡᠯᠡᠳᠬᠡᠨ ᠬᠡᠷᠡᠮ ᠳᠡᠭᠡᠷ᠎ᠡ ᠵᠣᠭᠰᠣᠨ᠎ᠠ᠃ ᠭᠤᠷᠪᠠᠨ ᠱᠠᠲᠤᠨ ᠤ᠋ ᠦᠵᠦᠭᠦᠷ ᠳᠡᠭᠡᠷ᠎ᠡ ᠵᠡᠷᠭᠡᠯᠡᠨ ᠬᠦᠷᠴᠦ ᠢᠷᠡᠭᠡᠳ ᠲᠡᠭᠦᠨ ᠢ᠋ᠶ᠋ᠡᠷ ᠣᠯᠠᠨ ᠬᠥᠮᠦᠰ ᠳᠠᠮᠵᠢᠨ ᠬᠣᠢᠨ᠎ᠠ ᠬᠣᠢᠨ᠎ᠠ ᠠ᠋ᠴᠠ ᠪᠠᠨ ᠲᠦᠷᠭᠡᠨ ᠢ᠋ᠶ᠋ᠡᠷ ᠳᠡᠭᠡᠭᠰᠢ ᠠᠪᠠᠷᠢᠵᠠᠭᠠᠨᠠ᠃ ᠲᠡᠳᠡᠨᠡᠷ ᠶᠠᠮᠠᠷ ᠬᠥᠮᠦᠰ ᠪᠣᠢ? ᠣᠷᠣᠰ ᠤ᠋ᠳ ᠤᠤ? ᠡᠰᠡᠪᠡᠯ ᠲᠠᠲ᠋ᠠᠷ ᠤ᠋ᠳ ᠤᠤ? ᠲᠡᠳᠡᠨᠡᠷ ᠪᠠᠷᠤᠭ ᠨᠢᠴᠦᠭᠦᠨ ᠪᠠ ᠤᠷᠠᠩᠬᠠᠢ ᠰᠠᠷᠮᠠᠢ ᠬᠤᠪᠴᠠᠰᠤ ᠲᠠᠢ᠂ ᠭᠠᠷ ᠲᠠᠭᠠᠨ ᠪᠣᠷᠣᠣᠬᠠᠢ ᠨᠤᠭᠤᠳ ᠢ᠋ ᠪᠠᠷᠢᠵᠤ ᠭᠠᠰᠠᠯᠠᠩ ᠤ᠋ᠨ ᠶᠡᠬᠡ ᠳ᠋ᠦ᠍ ᠠᠪᠲᠠᠭᠳᠠᠨ ᠶᠠᠭᠤ ᠪᠠᠨ ᠴᠤ᠌ ᠮᠡᠳᠡᠬᠦ ᠦᠭᠡᠢ ᠬᠠᠰᠬᠢᠷᠤᠨ ᠳᠡᠭᠡᠭᠰᠢ ᠭᠠᠷᠴᠠᠭᠠᠨᠠ᠃
ᠰᠠᠸᠸᠯᠢ᠄
— ᠮᠠᠨ ᠤ᠋ ᠬᠢ ᠤᠤ? ᠪᠢᠰᠢ ᠤᠤ?ᠵᠠᠯᠮᠠᠭᠠᠢᠯᠠᠨ ᠮᠥᠷᠭᠥ ᠭᠡᠵᠦ ᠬᠠᠰᠬᠢᠷᠬᠤ ᠳ᠋ᠤ᠌ ᠲᠦᠷᠦᠭᠦᠨ ᠦ᠌ ᠬᠥᠮᠦᠰ ᠨᠢ ᠬᠠᠷᠢᠭᠤ ᠥᠭᠭᠦᠭᠰᠡᠨ ᠦᠭᠡᠢ᠂ ᠬᠠᠷᠢᠨ ᠵᠡᠷᠯᠢᠭ ᠳᠠᠭᠤᠨ ᠢ᠋ᠶ᠋ᠠᠷ ᠣᠷᠢᠯᠠᠵᠤ ᠲᠣᠯᠣᠭᠠᠢ ᠳᠡᠭᠡᠷ᠎ᠡ ᠪᠡᠨ ᠰᠢᠳᠡᠮ ᠪᠠᠷᠢᠵᠤ ᠰᠠᠸᠸᠯᠢ ᠶ᠋ᠢ ᠴᠣᠬᠢᠬᠤ ᠭᠡᠲᠡᠯ᠎ᠡ ᠰᠢᠳᠠᠮ ᠢ᠋ᠶ᠋ᠠᠨ ᠠᠯᠳᠠᠵᠤ ᠳᠣᠷᠣᠭᠰᠢ ᠥᠩᠬᠥᠷᠢᠨ ᠤᠨᠠᠪᠠ᠃
ᠳᠠᠷᠠᠭᠠᠬᠢ ᠬᠥᠮᠦᠨ ᠦ᠌ ᠬᠠᠰᠬᠢᠷᠬᠤ ᠨᠢ᠄
— ᠳ᠋ᠢᠺᠤᠷᠤᠰ ᠬᠠᠳᠠᠮ ᠢ᠋ᠶ᠋ᠠᠨ( ᠳ᠋ᠤ᠌ ᠪᠠᠨ) ᠪᠢᠲᠡᠭᠡᠢ ᠭᠠᠷ ᠬᠥᠷ᠂ ᠪᠢ ᠸᠠᠥ᠋ᠯ ᠪᠠᠢᠨ᠎ᠠ᠃ ᠮᠢᠨᠦ ᠬᠣᠢᠨ᠎ᠠ ᠼᠪᠶᠠᠭ᠎ᠠ᠁ ᠭᠡᠪᠡ᠃
ᠰᠡᠸᠸᠯᠢ ᠶ᠋ᠢᠨ ᠰᠦᠬᠡ ᠨᠢ ᠬᠡᠢ ᠳ᠋ᠦ᠍ ᠲᠣᠭᠲᠠᠪᠠ᠃ ᠡᠳᠡᠨᠠᠷ ᠴᠠᠷᠠᠰᠤᠨ ᠮᠣᠳᠣᠨ ᠬᠠᠨ᠎ᠠ ᠶ᠋ᠢᠨ ᠳᠡᠭᠡᠭᠦᠷ ᠪᠣᠯᠬᠢ ᠪᠠᠷ ᠳᠠᠪᠠᠵᠤ ᠣᠷᠣᠪᠠ᠃ ᠬᠣᠢᠨ᠎ᠠ ᠠ᠋ᠴᠠ ᠨᠢ ᠭᠢᠯᠪᠠᠯᠵᠠᠭᠰᠠᠨ ᠲᠠᠬᠢᠷ ᠰᠡᠯᠡᠮ᠎ᠡ ᠲᠡᠢ ᠨᠢᠭᠡᠨ ᠵᠠᠯᠠᠭᠤ ᠲᠠᠲ᠋ᠠᠷ ᠲᠦᠷᠭᠡᠨ ᠢ᠋ᠶ᠋ᠡᠷ ᠠᠪᠠᠷᠢᠵᠤ ᠶᠠᠪᠤᠭᠠᠳ ᠲᠣᠯᠣᠭᠠᠢ ᠪᠠᠨ ᠬᠠᠭ᠎ᠠ ᠴᠠᠪᠴᠢᠭᠤᠯᠵᠤ ᠳᠣᠷᠣᠭᠰᠢ ᠨᠢᠰᠦᠨ ᠣᠳᠪᠠ᠃ ᠰᠡᠸᠸᠯᠢ ᠨᠢ (ᠶ᠋ᠢᠨ) ᠲᠣᠭᠰᠢᠨ ᠬᠦᠴᠦᠲᠡᠢ ᠴᠠᠪᠴᠢᠬᠤ ᠨᠢ ᠣᠢ ᠬᠥᠪᠴᠢ ᠶ᠋ᠢᠨ ᠬᠡᠳᠦᠨ ᠵᠠᠭᠤᠨ ᠨᠠᠰᠤᠲᠠᠢ ᠬᠣᠰᠢ ᠨᠤᠭᠤᠳ ᠢ᠋ ᠴᠠᠪᠴᠢᠵᠤ ᠳᠠᠳᠤᠭᠰᠠᠨ ᠪᠠᠷᠳᠠᠮ ᠨᠠᠢᠳᠠᠪᠤᠷᠢ ᠢᠯᠡᠷᠬᠡᠢ ᠠᠵᠢ᠃ ᠼᠪᠶᠠᠭ᠎ᠠ ᠸᠠᠥ᠋ᠯ ᠬᠣᠶᠠᠷ ᠰᠡᠸᠸᠯᠢ ᠶ᠋ᠢᠨ ᠳᠡᠷᠭᠡᠳᠡ ᠵᠣᠭᠰᠣᠭᠠᠳ ᠱᠠᠲᠤ ᠶ᠋ᠢ ᠥᠭᠰᠥᠵᠦ ᠢᠷᠡᠬᠦ ᠬᠥᠮᠦᠨ ᠪᠦᠷᠢ ᠶ᠋ᠢ ᠰᠢᠷᠭᠤᠭ᠎ᠠ ᠶ᠋ᠢᠨ ᠦᠵᠦᠭᠦᠷ ᠢ᠋ᠶ᠋ᠡᠷ ᠲᠦᠯᠬᠢᠵᠦ ᠤᠨᠠᠭᠠᠨ᠎ᠠ᠃ ᠲᠡᠳᠡᠭᠡᠷ ᠦ᠋ᠨ ᠳᠡᠷᠭᠡᠳᠡᠬᠢ ᠷᠶᠡᠽᠡᠨ ᠦ᠌ ᠪᠤᠰᠤᠳ ᠴᠡᠷᠢᠭ ᠦ᠋ᠳ ᠡᠷᠡᠯᠬᠡᠭ ᠢ᠋ᠶ᠋ᠡᠷ ᠪᠠᠢᠯᠳᠤᠵᠤ ᠳᠣᠪᠲᠣᠯᠭ᠎ᠠ ᠶ᠋ᠢ ᠨᠢᠴᠤᠭᠠᠨᠠ᠃
ᠡᠮᠡᠭᠲᠡᠢᠴᠦᠳ ᠲᠡᠳᠡᠨ ᠳ᠋ᠦ᠍ ᠲᠤᠰᠠᠯᠠᠵᠤ ᠳᠣᠪᠲᠣᠯᠤᠭᠴᠢᠳ ᠤ᠋ᠨ ᠳᠡᠭᠡᠷ᠎ᠡ ᠡᠴᠡ ᠨᠢ ᠪᠤᠴᠠᠯᠤᠮᠠᠭᠠᠢ ᠬᠠᠯᠠᠭᠤᠨ ᠤᠰᠤ ᠶ᠋ᠢ ᠬᠤᠪᠢᠩ ᠬᠤᠪᠢᠩ ᠢ᠋ᠶ᠋ᠠᠷ ᠠᠰᠬᠠᠵᠤ ᠱᠠᠲᠤ ᠪᠠᠷ ᠳᠡᠭᠡᠭᠰᠢ ᠭᠠᠷᠬᠤ ᠶ᠋ᠢ ᠡᠷᠡᠮᠡᠯᠵᠡᠭᠴᠢ ᠬᠥᠮᠦᠨ ᠪᠦᠭᠦᠳᠡ ᠶ᠋ᠢᠨ ᠳᠡᠭᠡᠷ᠎ᠡ ᠡᠴᠡ ᠴᠢᠯᠠᠭᠤ ᠪᠠ ᠪᠥᠭᠡᠮ ᠪᠥᠭᠡᠮ ᠮᠥᠰᠥ ᠨᠤᠭᠦᠳ ᠢ᠋ ᠬᠠᠶᠠᠨ᠎ᠠ᠃ ᠦᠳᠡ ᠶ᠋ᠢᠨ ᠦᠶ᠎ᠡ ᠳ᠋ᠦ᠍ ᠳᠣᠪᠲᠣᠯᠭᠠᠨ ᠢ᠋ ᠨᠢᠴᠤᠭᠠᠪᠠ᠃ ᠲᠠᠲ᠋ᠠᠷ ᠤ᠋ᠳ ᠤ᠋ᠨ ᠬᠥᠳᠡᠯᠭᠡᠭᠡᠨ ᠨᠠᠮᠳᠠᠵᠤ ᠪᠤᠴᠠᠴᠠᠭᠠᠪᠠ᠃
ᠳᠣᠣᠷ᠎ᠠ ᠬᠠᠨ᠎ᠠ ᠶ᠋ᠢᠨ ᠢᠷᠣᠭᠠᠷ ᠲᠤ᠌ ᠰᠢᠷᠬᠠᠲᠤᠭᠰᠠᠨ ᠬᠥᠮᠦᠰ ᠭᠠᠰᠠᠯᠤᠨ ᠪᠠᠷᠬᠢᠷᠠᠯᠳᠤᠵᠤ ᠡᠰᠢ ᠳᠠᠰᠢ ᠪᠠᠨ ᠮᠥᠯᠬᠥᠵᠦ ᠬᠥᠳᠡᠯᠵᠡᠭᠡᠨᠡ᠃ ᠲᠠᠲ᠋ᠠᠷ ᠤ᠋ᠳ ᠲᠡᠳᠡᠭᠡᠷ ᠦ᠋ᠨ ᠳᠤᠮᠳᠠᠭᠤᠷ ᠶᠠᠪᠤᠵᠤ ᠥᠪᠡᠷᠰᠡᠳ ᠦ᠋ᠨ ᠢ᠋ᠶ᠋ᠡᠨ ᠬᠥᠮᠦᠰ ᠢ᠋ ᠠᠷᠠᠴᠢᠯᠠᠨ ᠠᠪᠬᠤ ᠪᠠ ᠣᠷᠣᠰ ᠤ᠋ᠳ ᠢ᠋ ᠭᠦᠢᠴᠡᠭᠡᠨ ᠠᠯᠠᠨ᠎ᠠ᠃ ᠳᠣᠪᠲᠣᠯᠭ᠎ᠠ ᠲᠠᠪᠤ ᠬᠣᠨᠣᠭ ᠤ᠋ᠨ ᠲᠤᠷᠰᠢ ᠡᠳᠦᠷ ᠰᠥᠨᠢ ᠦᠭᠡᠢ ᠦᠷᠭᠦᠯᠵᠢᠯᠡᠨ᠎ᠡ᠃
ᠷᠶᠡᠽᠡᠨ ᠦ᠌ ᠬᠥᠮᠦᠰ ᠥᠪᠡᠷᠰᠡᠳ ᠦ᠋ᠨ ᠪᠠᠢᠷᠢᠨᠠ ᠲᠡᠰᠪᠦᠷᠢᠲᠡᠢ ᠪᠡᠷ ᠵᠣᠭᠰᠣᠵᠤ ᠪᠠᠢᠯᠳᠤᠭᠰᠠᠨ ᠪᠣᠯᠪᠠᠴᠤ ᠲᠡᠳᠡᠨ ᠦ᠌ ᠵᠢᠭᠰᠠᠭᠠᠯ ᠠ᠋ᠴᠠ ᠨᠢ ᠴᠥᠭᠡᠷᠡᠵᠦ ᠢᠷᠡᠭᠰᠡᠨ ᠪᠤᠶᠤ ᠠᠯᠠᠭᠳᠠᠭᠴᠢᠳ ᠤ᠋ᠨ ᠣᠷᠣᠨ ᠢ᠋ ᠨᠥᠬᠥᠬᠦ ᠬᠥᠮᠦᠰ ᠦᠭᠡᠢ ᠪᠠᠢᠵᠠᠢ᠃ ᠰᠤᠮᠤᠨ ᠳ᠋ᠤ᠌ ᠦᠬᠦᠭᠰᠡᠨ ᠪᠤᠶᠤ ᠡᠰᠡᠪᠡᠯ ᠲᠣᠮᠣ ᠴᠢᠯᠠᠭᠤᠨ ᠳ᠋ᠤ᠌ ᠨᠢᠴᠠᠯᠠᠭᠳᠠᠨ ᠦᠬᠦᠭᠰᠡᠨ ᠡᠷᠡᠭᠲᠡᠢᠴᠦᠳ ᠦ᠋ᠨ ᠣᠷᠣᠨ ᠳ᠋ᠤ᠌ ᠡᠮᠡᠭᠲᠡᠢᠴᠦᠳ ᠢ᠋ ᠨᠥᠬᠥᠵᠦ ᠪᠠᠢᠪᠠ᠃
ᠲᠠᠲ᠋ᠠᠷ ᠤ᠋ᠳ ᠰᠢᠨ᠎ᠡ ᠪᠥᠭᠡᠳ ᠬᠦᠴᠦᠨ ᠢ᠋ᠶ᠋ᠡᠨ ᠪᠠᠷᠠᠭᠳᠠᠭᠤᠯᠤᠭᠠ ᠦᠭᠡᠢ ᠣᠲ᠋ᠷᠢᠶᠠᠳ᠋ ᠤ᠋ᠳ ᠢ᠋ ᠳᠣᠪᠲᠣᠯᠭᠠᠨ ᠳ᠋ᠤ᠌ ᠳᠠᠬᠢᠨ ᠳᠠᠬᠢᠨ ᠶᠠᠪᠤᠭᠤᠯᠤᠭᠰᠠᠭᠠᠷ ᠪᠠᠢᠯ᠎ᠠ᠃ ᠲᠡᠳᠡᠭᠡᠷ ᠦ᠋ᠨ ᠬᠡᠨ ᠨᠢ ᠤᠷᠢᠳᠠᠪᠡᠷ ᠣᠷᠣᠪᠠᠯ ᠶᠠᠭᠤ ᠬᠦᠰᠡᠭᠰᠡᠨ ᠢ᠋ᠶ᠋ᠡᠨ ᠳᠡᠭᠡᠷᠡᠮᠳᠡᠬᠦ ᠤᠴᠢᠷ ᠣᠯᠵᠠᠨ ᠳ᠋ᠤ᠌ ᠲᠦᠷᠭᠡᠨ ᠬᠦᠷᠬᠦ ᠶ᠋ᠢᠨ ᠲᠤᠯᠠᠳᠠ ᠪᠤᠴᠠᠯᠲᠠ ᠨᠢᠴᠤᠯᠲᠠ ᠦᠭᠡᠢ ᠪᠡᠷ ᠳᠠᠪᠰᠢᠵᠤ ᠪᠠᠢᠪᠠ᠃
ᠰᠠᠸᠸᠯᠢ᠂ ᠼᠪᠶᠠᠭ᠎ᠠ ᠪᠠ ᠸᠠᠥ᠋ᠯ ᠨᠠᠷ ᠡᠭᠡᠯᠵᠢᠯᠡᠨ ᠪᠡᠶ᠎ᠡ ᠪᠡᠶ᠎ᠡ ᠳ᠋ᠡᠭᠡᠨ ᠲᠤᠰᠠᠯᠠᠯᠴᠠᠵᠤ ᠪᠠᠢᠪᠠ᠃ ᠳᠣᠪᠲᠣᠯᠭᠠᠨ ᠲᠦᠷ ᠵᠠᠭᠤᠷ᠎ᠠ ᠨᠠᠮᠵᠢᠬᠤ ᠳ᠋ᠤᠨᠢ ᠲᠡᠳᠡ ᠨᠠᠷ ᠲᠡᠷᠡ ᠳᠣᠣᠷ᠎ᠠ ᠪᠠᠨ ᠬᠡᠷᠡᠮ ᠦ᠋ᠨ ᠳᠡᠭᠡᠷ᠎ᠡ ᠬᠡᠪᠲᠡᠵᠡᠭᠡᠵᠦ ᠲᠣᠯᠣᠭᠠᠢ ᠳᠣᠣᠷ᠎ᠠ ᠪᠠᠨ ᠭᠠᠷ ᠢ᠋ᠶ᠋ᠠᠨ ᠬᠢᠵᠦ ᠬᠣᠷᠣᠮᠬᠠᠨ ᠵᠠᠭᠤᠷ᠎ᠠ ᠵᠡᠭᠦᠷᠮᠡᠭᠯᠡᠨ᠎ᠡ᠃ ᠴᠢᠳᠥᠷ ᠣᠨᠢᠰᠣᠨ ᠤ᠋ ᠳᠠᠷᠠᠭ᠎ᠠ ᠪᠠᠷ ᠬᠠᠭᠠᠯᠭ᠎ᠠ ᠶ᠋ᠢᠨ ᠳᠡᠷᠭᠡᠳᠡ ᠬᠣᠶᠠᠷ ᠳ᠋ᠥ᠋ᠨᠵᠡᠨ ᠴᠢᠪᠬ᠎ᠠ ᠠᠪᠴᠢᠷᠠᠪᠠ᠃ ᠡᠳᠡᠭᠡᠷ ᠨᠢ ᠪᠠᠲᠤ ᠪᠡᠬᠢ ᠰᠠᠭᠤᠷᠢᠨ ᠳ᠋ᠤ᠌ ᠰᠠᠭᠤᠯᠭᠠᠭᠰᠠᠨ ᠲᠡᠮᠦᠷ ᠦᠵᠦᠭᠦᠷᠲᠡᠢ ᠳ᠋ᠥ᠋ᠨᠵᠡ ᠨᠤᠭᠦᠳ ᠪᠠᠢᠯ᠎ᠠ᠃ ᠡᠨᠡ ᠳ᠋ᠦᠨᠵᠡᠨ ᠴᠢᠪᠬᠠᠨ ᠤ᠋ ᠳᠡᠷᠭᠡᠳᠡ ᠮᠣᠩᠭᠣᠯᠴᠤᠳ ᠪᠠ ᠣᠯᠵᠠᠯᠠᠭᠳᠠᠭᠴᠢᠳ ᠠᠵᠢᠯᠯᠠᠨ᠎ᠠ᠃ ᠡᠳᠡᠨᠡᠷ ᠠᠷᠠᠰᠤᠨ ᠪᠠᠮᠪᠠᠢ ᠨᠤᠭᠤᠳ ᠤ᠋ᠨ ᠴᠠᠭᠠᠨ᠎ᠠ ᠨᠢᠭᠤᠭᠳᠠᠵᠤ ᠲᠡᠷᠡ ᠳ᠋ᠥ᠋ᠨᠵᠡ ᠶ᠋ᠢ ᠣᠷᠣᠭᠰᠢ ᠬᠣᠢᠰᠢ ᠰᠠᠪᠠᠯᠠᠨ ᠠᠶᠤᠮᠰᠢᠭᠲᠠᠢ ᠶᠡᠬᠡ ᠬᠦᠴᠦ ᠪᠡᠷ ᠬᠣᠲᠠ ᠶ᠋ᠢᠨ ᠬᠠᠭᠠᠯᠭ᠎ᠠ ᠶ᠋ᠢ ᠴᠣᠬᠢᠯᠠᠨ᠎ᠠ᠃ ᠬᠠᠭᠠᠯᠭᠠᠨ ᠤ᠋ ᠴᠠᠷᠠᠰᠤᠨ ᠮᠣᠳᠣᠨ ᠪᠠᠩᠵᠠ ᠨᠢ ᠬᠠᠭᠠᠷᠠᠵᠤ ᠵᠢᠵᠢᠭ ᠵᠣᠮᠭᠣᠯ ᠤ᠋ᠳ ᠪᠣᠯᠵᠤ ᠪᠤᠲᠠᠷᠠᠨ᠎ᠠ᠃ ᠬᠡᠷᠡᠮ ᠦ᠋ᠨ ᠳᠡᠭᠡᠷ᠎ᠡ ᠡᠴᠡ ᠬᠠᠯᠠᠭᠤᠨ ᠤᠰᠤ ᠬᠠᠯᠠᠭᠤᠨ ᠳᠠᠪᠠᠷᠬᠠᠢ ᠠᠰᠬᠠᠨ᠎ᠠ᠃ ᠰᠤᠮᠤ ᠪᠠᠷ ᠬᠠᠷᠪᠤᠨ᠎ᠠ᠃ ᠴᠢᠯᠠᠭᠤ ᠰᠢᠳᠡᠨ᠎ᠡ᠃ ᠳ᠋ᠥ᠋ᠨᠵᠡᠨ ᠴᠢᠪᠬ᠎ᠠ ᠨᠢ ᠲᠠᠰᠤᠷᠠᠯᠲᠠ ᠦᠭᠡᠢ ᠴᠣᠬᠢᠭᠰᠠᠭᠠᠷ ᠪᠠᠢᠭᠠᠳ ᠡᠴᠦᠰ ᠲᠤᠨᠢ ᠬᠠᠭᠠᠯᠭ᠎ᠠ ᠶ᠋ᠢ ᠬᠠᠭ᠎ᠠ ᠴᠣᠬᠢᠪᠠ᠃
ᠲᠠᠲ᠋ᠠᠷ ᠤ᠋ᠳ ᠪᠠᠶᠠᠷᠯᠠᠨ ᠬᠠᠰᠬᠢᠷᠴᠠᠭᠠᠵᠤ ᠬᠠᠭᠠᠯᠭ᠎ᠠ ᠪᠠᠷ ᠭᠦᠶᠦᠯᠳᠦᠨ ᠣᠷᠣᠪᠠᠴᠤ ᠲᠡᠭᠦᠨ ᠦ᠌ ᠴᠠᠭᠠᠨ᠎ᠠ ᠬᠠᠭᠠᠯᠭ᠎ᠠ ᠶ᠋ᠢ ᠶᠠᠪ ᠴᠠᠪ ᠪᠣᠭᠣᠵᠤ ᠬᠠᠭᠠᠭᠰᠠᠨ ᠵᠤᠵᠠᠭᠠᠨ ᠬᠠᠨ᠎ᠠ ᠲᠠᠢ ᠲᠤᠯᠭᠠᠷᠠᠪᠠ᠃ ᠲᠡᠭᠦᠨ ᠢ᠋ ᠳᠣᠪᠲᠣᠯᠭᠠᠨ ᠤ᠋ ᠡᠳᠦᠷ ᠦ᠋ᠳ ᠲᠦ᠍ ᠷᠶᠠᠽᠠᠨ ᠤ᠋ ᠡᠮᠡᠭᠲᠡᠢᠴᠦᠳ ᠬᠡᠦᠬᠡᠳ ᠦ᠋ᠳ ᠦ᠋ᠨ ᠲᠤᠰᠠᠯᠠᠮᠵᠢ ᠲᠠᠢ ᠪᠠᠷ ᠪᠤᠰᠬᠠᠵᠤ ᠪᠠᠷᠢᠭᠰᠠᠨ ᠠᠵᠢ᠃
ᠲᠠᠲ᠋ᠠᠷ ᠤ᠋ᠳ ᠳᠠᠪᠰᠢᠯᠲᠠ ᠶ᠋ᠢ ᠶᠡᠷᠦ ᠵᠣᠭᠰᠣᠭᠰᠠᠨ ᠦᠭᠡᠢ᠂ ᠬᠠᠷᠢᠨ ᠱᠠᠲᠤ ᠨᠤᠭᠤᠳ ᠨᠡᠮᠡᠵᠦ ᠠᠪᠴᠢᠷᠠᠭᠠᠳ ᠷᠶᠠᠽᠠᠨ ᠤ᠋ ᠬᠢᠨ ᠦ᠌ ᠬᠠᠲᠠᠭᠤᠵᠢᠯ ᠢ᠋ ᠳᠠᠪᠠᠬᠤ ᠶ᠋ᠢ ᠤᠷᠤᠯᠳᠤᠭᠴᠢ ᠳᠣᠭᠰᠢᠨ ᠴᠡᠷᠢᠭ ᠦ᠋ᠳ ᠢ᠋ᠶ᠋ᠡᠨ ᠳᠠᠬᠢᠨ ᠶᠠᠪᠤᠭᠤᠯᠤᠨ᠎ᠠ᠃ ᠬᠣᠲᠠ ᠶ᠋ᠢ ᠬᠠᠮᠠᠭᠠᠯᠠᠭᠴᠢᠳ ᠨᠢ ᠥᠪᠡᠷᠰᠡᠳ ᠦ᠋ᠨ ᠢ᠋ᠶ᠋ᠡᠨ ᠬᠦᠴᠦ ᠶ᠋ᠢ ( ᠶ᠋ᠢᠨ) ᠰᠤᠯᠠᠷᠠᠵᠤ ᠪᠠᠢᠭ᠎ᠠ ᠶ᠋ᠢ ᠦᠵᠡᠵᠦ ᠡᠳᠡᠨ ᠦ᠌ ᠡᠴᠦᠰ ᠨᠢ ᠣᠢᠷᠠᠲᠤᠭᠰᠠᠨ ᠢ᠋ ᠮᠡᠳᠡᠭᠰᠡᠭᠡᠷ ᠪᠠᠢᠯ᠎ᠠ᠃
ᠠᠷᠪᠠᠨ ᠬᠣᠶᠠᠳᠤᠭᠠᠷ ᠰᠠᠷ᠎ᠠ ᠶ᠋ᠢᠨ ᠬᠣᠷᠢᠨ ᠤ᠋ ᠡᠳᠦᠷ ᠷᠶᠠᠽᠠᠨ ᠤ᠋ ᠸᠠᠩ ᠤ᠋ᠨ ᠪᠡᠯᠪᠡᠰᠦᠨ ᠡᠬᠡᠨᠡᠷ ᠠᠭᠷᠢᠫᠫᠢᠨᠠ ᠵᠠᠯᠠᠭᠤ ᠠᠪᠠᠭᠠᠢ ᠨᠤᠭᠤᠳ ᠪᠠ ᠣᠢᠷ᠎ᠠ ᠶ᠋ᠢᠨ ᠰᠢᠳᠠᠷ ᠢᠵᠠᠭᠤᠷᠲᠠᠨ ᠡᠮᠡᠭᠲᠡᠢᠴᠦᠳ ᠦ᠋ᠨ ᠬᠠᠮᠲᠤ ᠰᠦᠮ᠎ᠡ ᠶ᠋ᠢᠨ ᠳᠣᠲᠣᠷ᠎ᠠ ᠴᠤᠭᠯᠠᠷᠠᠭᠠᠳ ᠵᠠᠢᠯᠠᠰᠢ ᠦᠭᠡᠢ ᠦᠬᠦᠯ ᠢ᠋ᠶ᠋ᠡᠨ ᠡᠨᠳᠡ ᠬᠦᠯᠢᠶᠡᠬᠦ ᠪᠡᠷ ᠰᠢᠢᠳᠪᠦᠷᠢᠯᠡᠪᠡ᠃ ᠲᠡᠳᠡᠨ ᠢ᠋ ᠷᠶᠠᠽᠠᠨ ᠤ᠋ ᠣᠯᠠᠨ ᠡᠮᠡᠭᠲᠡᠢᠴᠦᠳ ᠲᠣᠭᠣᠷᠢᠵᠤ ᠪᠠᠢᠪᠠ᠃ ᠬᠠᠮᠪᠤ ᠨᠠᠷ ᠪᠤᠰᠤᠳ ᠯᠠᠮᠠ ᠨᠠᠷ ᠨᠣᠮ ᠤᠩᠰᠢᠵᠤ ᠵᠣᠪᠠᠯᠠᠩᠲᠤ ᠦᠬᠦᠯ ᠢ᠋ ᠪᠡᠶ᠎ᠡ ᠪᠡᠷ ᠢ᠋ᠶ᠋ᠡᠨ ᠬᠦᠯᠢᠶᠡᠨ ᠠᠪᠤᠭᠴᠢ ᠬᠥᠮᠦᠨ ᠪᠦᠬᠦᠨ ᠳ᠋ᠦ᠍ ᠳ᠋ᠧᠪᠠᠵᠠᠨ ᠳ᠋ᠤ᠌ ᠮᠡᠨᠳᠦᠯᠡᠵᠦ ᠵᠢᠷᠭᠠᠬᠤ ᠶ᠋ᠢ ᠠᠮᠠᠯᠠᠨ ᠢᠳᠬᠠᠪᠠ᠃ ᠰᠣᠬᠣᠷ ᠬᠣᠩᠬᠠᠴᠢ ᠠᠶᠤᠯ ᠤ᠋ᠨ ᠳᠣᠬᠢᠶᠠᠨ ᠤ᠋ ᠶᠡᠬᠡ ᠬᠤᠩᠬ᠎ᠠ ᠶ᠋ᠢ ᠴᠤᠴᠠᠯᠲᠠ ᠦᠭᠡᠢ ᠦᠷᠭᠦᠯᠵᠢᠯᠡᠨ ᠴᠣᠬᠢᠭᠰᠠᠭᠠᠷ ᠪᠠᠢᠪᠠ᠃ ᠬᠣᠩᠬᠠᠨ ᠤ᠋ ᠳᠠᠭᠤ ᠨᠢ᠂
—ᠲᠡᠮᠡᠴᠡᠯ ᠦᠷᠭᠦᠯᠵᠢᠯᠡᠭᠰᠡᠭᠡᠷ ᠪᠠᠢᠨ᠎ᠠ᠂ ᠬᠡᠨ ᠴᠦ᠍ ᠪᠠᠭᠤᠵᠤ ᠥᠭᠭᠦᠭᠡ ᠦᠭᠡᠢ᠂ ᠣᠷᠣᠰ ᠬᠥᠮᠦᠰ ᠲᠥᠷᠥᠭᠰᠡᠨ ᠨᠤᠲᠤᠭ᠂ ᠡᠴᠢᠭᠡ ᠡᠪᠦᠭᠡᠳ ᠦ᠋ᠨ ᠢ᠋ᠶ᠋ᠡᠨ ᠭᠠᠵᠠᠷ ᠰᠢᠷᠣᠢ ᠶ᠋ᠢᠨ ᠲᠥᠯᠥᠭᠡ ᠶᠠᠰᠤ ᠪᠣᠯᠵᠤ ᠤᠨᠠᠲᠠᠯ᠎ᠠ ᠪᠠᠨ ᠵᠣᠭᠰᠣᠨ᠎ᠠ ᠭᠡᠵᠦ ᠬᠡᠯᠡᠬᠦ ᠰᠢᠭ᠌ ᠪᠠᠢᠯ᠎ᠠ᠃
ᠪᠦᠰᠡᠯᠡᠯᠲᠡ ᠶ᠋ᠢᠨ ᠵᠢᠷᠭᠤᠳᠤᠭᠠᠷ ᠡᠳᠦᠷ ᠠᠷᠪᠠᠨ ᠬᠣᠶᠠᠳᠤᠭᠠᠷ ᠰᠠᠷ᠎ᠠ ᠶ᠋ᠢᠨ ᠬᠣᠷᠢᠨ ᠨᠢᠭᠡᠨ ᠳ᠋ᠦ᠍ ᠲᠠᠲ᠋ᠠᠷ ᠤ᠋ᠳ ᠳᠦᠷᠡᠯᠵᠡᠭᠰᠡᠨ ᠭᠠᠯ ᠢ᠋ ᠪᠠᠷᠢᠵᠤ ᠭᠡᠭᠡ ᠭᠠᠷᠭᠠᠨ ᠱᠠᠲᠤ ᠤ᠋ᠳ ᠢ᠋ᠶ᠋ᠠᠷ ᠳᠠᠬᠢᠨ ᠳᠡᠭᠡᠭᠰᠢ ᠭᠠᠷᠴᠤ ᠡᠬᠢᠯᠡᠪᠡ᠃ ᠲᠠᠲ᠋ᠠᠷ ᠤ᠋ᠳ ᠲᠠᠯ᠎ᠠ ᠪᠦᠷᠢ ᠡᠴᠡ ᠨᠢᠭᠡ ᠵᠡᠷᠭᠡ ᠪᠡᠷ ᠲᠠᠰᠤᠷᠠᠯᠲᠠ ᠦᠭᠡᠢ ᠴᠤᠪᠤᠷᠠᠨ᠎ᠠ᠃ ᠵᠠᠷᠢᠮ ᠨᠢ ᠲᠠᠬᠢᠷ ᠰᠡᠯᠡᠮ᠎ᠡ ᠦ᠋ᠳ ᠢ᠋ᠶ᠋ᠡᠷ ᠢ᠋ᠶ᠋ᠡᠨ ᠪᠠᠢᠯᠳᠤᠬᠤ ᠪᠠ ᠵᠠᠷᠢᠮ ᠬᠠᠮᠠᠭᠠᠯᠠᠭᠴᠢᠳ ᠢ᠋ ᠨᠤᠮᠤ ᠰᠤᠮᠤ ᠪᠠᠷ ᠬᠠᠷᠪᠤᠵᠤ ᠤᠨᠠᠭᠠᠨ᠎ᠠ᠃ ᠰᠡᠭᠦᠯ ᠳ᠋ᠦ᠍ᠨᠢ ᠲᠠᠲ᠋ᠠᠷ ᠤ᠋ᠳ ᠢᠯᠠᠵᠤ ᠡᠬᠢᠯᠡᠪᠡ᠃ ᠪᠠᠶᠠᠷᠯᠠᠨ ᠵᠡᠷᠯᠢᠭ ᠮᠡᠲᠦ ᠬᠠᠰᠬᠢᠷᠤᠯᠳᠤᠬᠤ ᠳᠠᠭᠤᠨ ᠬᠣᠲᠠ ᠶ᠋ᠢᠨ ᠵᠦᠭ ᠪᠦᠷᠢ ᠡᠴᠡ ᠰᠣᠨᠣᠰᠳᠠᠪᠠ᠃
ᠲᠠᠲ᠋ᠠᠷ ᠤ᠋ᠳ ᠬᠡᠳᠦᠢᠨᠡᠢ ᠭᠤᠳᠤᠮᠵᠢ ᠤ᠋ᠳ ᠢ᠋ᠶ᠋ᠠᠷ ᠭᠦᠶᠦᠯᠳᠦᠨ ᠣᠷᠣᠨ ᠰᠠᠭᠤᠴᠠ ᠪᠠᠢᠰᠢᠩ ᠤ᠋ᠳ ᠲᠦ᠍ ᠴᠥᠮᠥᠷᠡᠨ ᠣᠷᠣᠵᠤ᠂ ᠬᠡᠨ ᠳ᠋ᠦ᠍ ᠴᠦ᠍ ᠥᠷᠥᠰᠢᠶᠡᠯ ᠦᠵᠡᠭᠦᠯᠬᠦ ᠦᠭᠡᠢ ᠪᠡᠷ ᠬᠥᠭᠰᠢᠨ ᠵᠠᠯᠠᠭᠤ ᠪᠦᠭᠦᠳᠡ ᠶ᠋ᠢ ᠴᠠᠪᠴᠢᠯᠠᠵᠤ ᠭᠠᠷᠪᠠ᠃ ᠡᠳᠡ ᠨᠠᠷ ᠰᠦᠮ᠎ᠡ ᠶ᠋ᠢᠨ ᠬᠠᠭᠠᠯᠭ᠎ᠠ ᠶ᠋ᠢ ᠡᠪᠳᠡᠯᠡᠵᠦ ᠳᠣᠲᠣᠷ᠎ᠠ ᠨᠢ ᠣᠷᠣᠭᠠᠳ ᠡᠮᠡᠭᠲᠡᠢᠴᠦᠳ ᠪᠠ ᠯᠠᠮᠠ ᠨᠠᠷ ᠢ᠋ ᠴᠠᠪᠴᠢᠯᠠᠨ ᠠᠯᠠᠵᠤ ᠰᠦᠮ᠎ᠡ ᠶ᠋ᠢᠨ ᠪᠠᠷᠢᠯᠭ᠎ᠠ ᠶ᠋ᠢ ᠰᠢᠲᠠᠭᠠᠪᠠ᠃ ᠲᠡᠳᠡᠨᠡᠷ ᠨᠢᠯᠬ᠎ᠠ ᠪᠠᠯᠴᠢᠷ ᠬᠡᠦᠬᠡᠳ ᠦ᠋ᠳ ᠢ᠋ ᠡᠬᠡ ᠡᠴᠡ ᠨᠢ ᠪᠤᠯᠢᠶᠠᠨ ᠠᠪᠴᠤ ᠭᠠᠯ ᠳ᠋ᠤ᠌ ᠬᠠᠶᠠᠭᠠᠳ ᠡᠬᠡ ᠶ᠋ᠢ ᠨᠢ ᠲᠡᠷᠡ ᠳᠠᠷᠤᠢ ᠪᠦᠭᠦᠳᠡ ᠶ᠋ᠢᠨ ᠨᠢᠳᠦᠨ ᠦ᠌ ᠡᠮᠦᠨ᠎ᠡ ᠬᠦᠴᠦᠷᠬᠡᠭᠯᠡᠭᠡᠳ ᠳᠠᠷᠠᠭ᠎ᠠ ᠨᠢ ᠭᠡᠳᠡᠰᠦ ᠶ᠋ᠢ ᠨᠢ ᠬᠠᠭᠠᠯᠵᠤ ᠣᠷᠬᠢᠨ᠎ᠠ᠃
ᠣᠷᠣᠢ ᠪᠣᠯᠬᠤ ᠳ᠋ᠤ᠌ ᠷᠶᠡᠽᠡᠨ ᠳ᠋ᠦ᠍ ᠠᠮᠢᠳᠤ ᠬᠥᠮᠦᠨ ᠨᠢᠭᠡ ᠴᠦ᠍ ᠦᠯᠡᠳᠡᠭᠰᠡᠨ ᠦᠭᠡᠢ ᠪᠢᠯᠡ᠃
ᠲᠡᠷᠡ ᠦᠶ᠎ᠡ ᠶ᠋ᠢᠨ ᠨᠢᠭᠡ ᠬᠥᠮᠦᠨ ᠦ᠌ ᠪᠢᠴᠢᠬᠦ ᠨᠢ᠄《ᠭᠠᠰᠠᠯᠬᠤ ᠪᠠ ᠤᠬᠢᠯᠠᠬᠤ ᠬᠥᠮᠦᠨ ᠦᠯᠡᠳᠡᠭᠰᠡᠨ ᠦᠭᠡᠢ᠂ ᠦᠬᠦᠭᠴᠢᠳ ᠦ᠋ᠨ ᠬᠣᠢᠨ᠎ᠠ ᠠ᠋ᠴᠠ ᠭᠠᠰᠢᠭᠤᠳᠠᠬᠤ ᠬᠥᠮᠦᠨ ᠦᠯᠡᠳᠡᠭᠰᠡᠨ ᠦᠭᠡᠢ᠃ ᠡᠴᠢᠭᠡ ᠡᠬᠡ ᠨᠤᠭᠦᠳ ᠬᠡᠦᠬᠡᠳ ᠦ᠋ᠨ ᠢ᠋ᠶ᠋ᠡᠨ ᠬᠣᠢᠨ᠎ᠠ ᠠ᠋ᠴᠠ ᠨᠢ᠂ ᠬᠡᠦᠬᠡᠳ ᠦ᠋ᠳ ᠨᠢ ᠡᠴᠢᠭᠡ ᠡᠬᠡ ᠶ᠋ᠢᠨ ᠢ᠋ᠶ᠋ᠡᠨ ᠬᠣᠢᠨ᠎ᠠ ᠠ᠋ᠴᠠ᠂ ᠠᠬ᠎ᠠ ᠨᠢ ᠳᠡᠭᠦᠦ ᠶ᠋ᠢᠨ ᠢ᠋ᠶ᠋ᠡᠨ ᠬᠣᠢᠨ᠎ᠠ ᠠ᠋ᠴᠠ᠂ ᠳᠡᠭᠦᠦ ᠨᠢ ᠠᠬ᠎ᠠ ᠶ᠋ᠢᠨ ᠢ᠋ᠶ᠋ᠡᠨ ᠬᠣᠢᠨ᠎ᠠ ᠠ᠋ᠴᠠ ᠭᠠᠰᠢᠭᠤᠳᠠᠬᠤ ᠡᠮᠭᠡᠨᠢᠯ ᠪᠠᠢᠭᠰᠠᠨ ᠦᠭᠡᠢ᠂ ᠪᠦᠭᠦᠳᠡᠭᠡᠷ ᠢ᠋ᠶ᠋ᠡᠨ ᠦᠬᠦᠵᠦ ᠬᠠᠮᠲᠤ ᠬᠡᠪᠲᠡᠨ᠎ᠡ᠁》ᠭᠡᠵᠡᠢ᠃
ᠲᠡᠷᠡ ᠡᠳᠦᠷ ᠰᠡᠸᠸᠯᠢ ᠬᠡᠷᠡᠮ ᠦ᠋ᠨ ᠳᠡᠭᠡᠷ᠎ᠡ ᠡᠴᠡ ᠥᠨᠳᠡᠢᠵᠦ ᠬᠠᠷᠠᠭᠠᠳ ᠨᠡᠯᠢᠶᠡᠳ ᠰᠦᠷᠳᠡᠪᠡ᠃ ᠲᠡᠭᠦᠨ ᠦ᠌ ᠵᠦᠭ ᠨᠠᠢ᠍ᠮᠠᠨ ᠱᠠᠲᠤᠨ ᠤ᠋ ᠦᠵᠦᠭᠦᠷ ᠴᠤᠬᠤᠢᠵᠤ ᠲᠡᠭᠦᠨ ᠦ᠌ ᠳᠣᠣᠷ᠎ᠠ ᠳᠠᠪᠰᠢᠯᠠᠨ ᠣᠷᠣᠬᠤ ᠳ᠋ᠤ᠌ ᠪᠡᠯᠡᠬᠡᠨ ᠪᠠᠢᠭ᠎ᠠ ᠨᠢᠭᠡ ᠬᠡᠰᠡᠭ ᠲᠠᠲ᠋ᠠᠷ ᠤ᠋ᠳ ᠬᠠᠷᠠᠯᠠᠵᠤ ᠦᠵᠡᠭᠳᠡᠪᠡ᠃
ᠰᠡᠸᠸᠯᠢ ᠪᠥᠭᠡᠮ ᠰᠢᠪᠡᠷ ᠰᠢᠷᠣᠢ ᠶ᠋ᠢ ᠳᠣᠭᠣᠭᠰᠢ ᠨᠢ ᠬᠠᠶᠠᠵᠤ ᠳᠡᠭᠡᠭᠰᠢ ᠭᠠᠷᠴᠤ ᠢᠷᠡᠭᠴᠢᠳ ᠢ᠋ ᠤᠨᠠᠭᠠᠬᠤ ᠪᠣᠯᠪᠠᠴᠤ ᠲᠡᠭᠦᠨ ᠦ᠌ ᠵᠡᠭᠦᠨ ᠪᠠᠷᠠᠭᠤᠨ ᠲᠠᠯ᠎ᠠ ᠪᠠᠷ ᠨᠢ (ᠲᠠᠲ᠋ᠠᠷ) ᠨᠤᠭᠤᠳ ᠪᠣᠰᠴᠤ ᠢᠷᠡᠭᠰᠡᠭᠡᠷ ᠪᠠᠢᠪᠠ᠃
ᠲᠠᠲ᠋ᠠᠷ ᠤ᠋ᠳ ᠬᠡᠷᠡᠮ ᠢ᠋ ᠳᠠᠪᠠᠭᠠᠳ ᠰᠡᠸᠸᠯᠢ ᠳ᠋ᠦ᠍ ᠭᠠᠷ ᠬᠦᠷᠦᠭᠰᠡᠨ ᠦᠭᠡᠢ᠂ ᠲᠡᠳᠡ ᠶᠡᠬᠡᠯ᠎ᠡ ᠶᠠᠭᠠᠷᠠᠭᠰᠠᠨ ᠲᠤᠯᠠᠳᠠ ᠲᠡᠭᠦᠨ ᠢ᠋ ᠬᠠᠷᠠᠭᠰᠠᠨ ᠦᠭᠡᠢ᠃ ᠲᠠᠲ᠋ᠠᠷ ᠤ᠋ᠳ ᠪᠡᠶ᠎ᠡ ᠪᠡᠶ᠎ᠡ ᠶ᠋ᠢᠨ ᠢ᠋ᠶ᠋ᠡᠨ ᠤᠷᠢᠳᠤ (ᠤᠷᠳᠤ) ᠣᠷᠣᠬᠤ ᠶ᠋ᠢ ᠡᠷᠡᠮᠡᠯᠵᠡᠵᠦ ᠳ᠋ᠸᠲ᠋ᠢᠨᠴᠡᠼ ᠳᠠᠰᠢ ᠭᠦᠶᠦᠯᠳᠦᠨ ᠣᠳᠪᠠ᠃ ᠲᠡᠨᠳᠡ ᠸᠠᠩ ᠤ᠋ᠨ ᠣᠷᠣᠨ ᠰᠠᠭᠤᠴᠠ᠂ ᠫᠦᠵᠡ ᠪᠠ ᠪᠠᠷᠠᠭ᠎ᠠ ᠠᠬᠤᠭᠤᠯᠬᠤ ᠭᠠᠵᠠᠷ ᠤ᠋ᠳ ᠬᠢᠭᠡᠳ ᠮᠠᠯ ᠤ᠋ᠨ ᠬᠠᠰᠢᠶ᠎ᠠ ᠨᠤᠭᠤᠳ ᠪᠠᠢᠭᠰᠠᠨ ᠶᠤᠮ᠃ ᠰᠡᠸᠸᠯᠢ ᠵᠢᠭᠤᠲᠠᠵᠤ ᠶᠠᠪᠤᠭ᠎ᠠ ᠷᠶᠡᠽᠡᠨ ᠦ᠌ ᠬᠢᠨ ᠦ᠌ ᠤᠷᠤᠰᠬᠠᠯ ᠳ᠋ᠤ᠌ ᠣᠷᠣᠪᠠ᠃ ᠡᠳᠡᠨᠡᠷ ᠲᠠᠲ᠋ᠠᠷ ᠤ᠋ᠳ ᠠ᠋ᠴᠠ ᠪᠡᠶ᠎ᠡ ᠪᠡᠨ ᠬᠠᠮᠠᠭᠠᠯᠠᠨ ᠪᠠᠢᠯᠳᠤᠵᠤ ᠭᠣᠣᠯ ᠤ᠋ᠨ ᠡᠭᠴᠡ ᠡᠷᠭᠢ ᠶ᠋ᠢᠨ ᠴᠠᠭᠠᠳᠤᠬᠢ ᠬᠡᠷᠡᠮ ᠦ᠋ᠨ ᠲᠤᠭᠤᠷᠭᠠᠨ ᠳ᠋ᠤ᠌ ᠰᠢᠪᠠᠭᠠᠷᠠᠯᠳᠤᠨᠠ᠃ ᠷᠶᠡᠽᠡᠨ ᠦ᠌ ᠬᠢᠨ ᠬᠡᠷᠡᠮ ᠦ᠋ᠨ ᠲᠤᠭᠤᠷᠭᠠᠨ ᠤ᠋ ᠳᠡᠭᠡᠭᠦᠷ ᠳᠠᠪᠠᠨ ᠮᠥᠰᠥᠨ ᠲᠤᠭᠤᠷᠭ᠎ᠠ ᠶ᠋ᠢ ᠤᠷᠤᠭᠤᠳᠠᠨ ᠭᠤᠯᠭᠤᠵᠤ ᠮᠥᠰᠥ ᠶ᠋ᠢ ᠨᠢ ᠬᠠᠭᠠᠯᠤᠭᠰᠠᠨ ᠭᠠᠵᠠᠷ ᠢ᠋ ᠴᠢᠭᠯᠡᠨ ᠭᠣᠣᠯ ᠤ᠋ᠨ ᠣᠰᠤᠨ᠎ᠠ ᠤᠨᠠᠵᠠᠭᠠᠨᠠ᠃ ᠬᠦᠷᠦᠯᠴᠡᠬᠦᠢᠴᠡ ᠬᠦᠴᠦᠨ ᠲᠡᠢ ᠬᠥᠮᠦᠰ ᠨᠢ ᠭᠣᠣᠯ ᠢ᠋ ᠬᠥᠨᠳᠡᠯᠡᠨ ᠰᠠᠮᠤᠷᠴᠤ ᠭᠠᠷᠤᠭᠠᠳ ᠣᠢ ᠮᠣᠳᠣ ᠶ᠋ᠢ ᠴᠢᠭᠯᠡᠨ ᠲᠠᠯ᠎ᠠ ᠪᠠᠷ ᠭᠦᠶᠦᠨ ᠣᠳᠤᠨ᠎ᠠ᠃ ᠲᠠᠲ᠋ᠠᠷ ᠤ᠋ᠳ ᠳᠡᠭᠡᠷᠡᠮ ᠬᠢᠬᠦ ᠶ᠋ᠢ ᠶᠠᠭᠠᠷᠠᠪᠴᠢᠯᠠᠬᠤ ᠲᠤᠯᠠ ᠵᠢᠭᠤᠲᠠᠭᠴᠢᠳ ᠤ᠋ᠨ ᠬᠣᠢᠨ᠎ᠠ ᠠ᠋ᠴᠠ ᠬᠥᠭᠡᠭᠡᠭᠰᠡᠨ ᠦᠭᠡᠢ᠃《ᠬᠣᠯᠠ ᠣᠴᠢᠬᠤ ᠦᠭᠡᠢ ᠬᠡᠵᠢᠶᠡᠳᠡ ᠮᠠᠨ ᠤ᠋ ᠪᠣᠯᠤᠨ᠎ᠠ》 ᠭᠡᠵᠡᠭᠡᠨ᠎ᠡ᠃ ᠠᠮᠢ ᠭᠠᠷᠤᠭᠰᠠᠨ ᠴᠥᠭᠡᠨ ᠬᠡᠳᠦᠨ ᠬᠥᠮᠦᠨ ᠦ᠌ ᠳᠣᠲᠣᠷ᠎ᠠ ᠰᠡᠸᠧᠯᠢ ᠪᠠᠢᠯᠴᠠᠪᠠ᠃ ᠣᠺ ᠮᠥᠷᠡᠨ ( ᠦ᠌)ᠤᠰᠤ ᠮᠥᠰᠥ ᠲᠡᠢ ᠪᠠᠢᠭᠰᠠᠨ ᠪᠣᠯᠪᠠᠴᠤ ᠰᠡᠸᠧᠯᠢ ᠲᠡᠭᠦᠨ ᠢ᠋ ᠰᠠᠮᠤᠷᠤᠨ ᠭᠠᠲᠤᠯᠵᠠᠢ᠃ ᠱᠠᠯ ᠨᠣᠢᠲᠠᠨ ᠬᠣᠪᠴᠠᠰᠤᠲᠠᠢ᠂ ᠪᠥᠰᠡᠨ ᠳ᠋ᠡᠭᠡᠨ ᠰᠤᠷ ᠬᠠᠪᠴᠢᠭᠤᠯᠤᠭᠰᠠᠨ ᠲᠡᠷᠡ ᠭᠣᠣᠯ ᠤ᠋ᠨ ᠴᠠᠭᠠᠳᠤᠬᠢ ᠡᠷᠭᠢᠨ ᠳᠡᠭᠡᠷ᠎ᠡ ᠭᠠᠷᠴᠤ ᠢᠷᠡᠭᠡᠳ ᠵᠣᠭᠰᠣᠵᠤ ᠷᠶᠡᠽᠡᠨ ᠢ᠋ ᠬᠠᠮᠤᠭ ᠤ᠋ᠨ ᠡᠴᠦᠰ ᠦ᠋ᠨ ᠬᠠᠷᠠᠯᠲᠠ ᠪᠠᠷ ᠬᠠᠷᠠᠪᠠ᠃ ᠰᠢᠲᠠᠵᠤ ᠪᠣᠢ ᠰᠦᠮ᠎ᠡ ᠶ᠋ᠢᠨ ᠬᠣᠩᠬᠠᠨ ᠤ᠋ ᠪᠥᠮᠪᠥᠭᠡᠷ ᠣᠷᠣᠢ ᠬᠤᠢᠯᠠᠷᠠᠨ ᠮᠤᠰᠬᠢᠷᠠᠯᠳᠤᠭᠰᠠᠨ ᠭᠠᠯ ᠤ᠋ᠨ ᠤᠲᠤᠭ᠎ᠠ ᠪᠠ ᠭᠠᠯ ᠤ᠋ᠨ ᠳᠥᠯᠥ ᠶ᠋ᠢᠨ ᠳᠣᠲᠣᠷ᠎ᠠ ᠠ᠋ᠴᠠ ᠢᠯᠡᠬᠡᠨ ᠬᠠᠷᠠᠭᠳᠠᠪᠠ᠃
ᠰᠡᠸᠧᠯᠢ ᠢᠯᠠᠭᠴᠢᠳ ᠤ᠋ᠨ ᠱᠤᠤᠭᠢᠶᠠᠨ ᠪᠠ ᠲᠡᠳᠡᠨ ᠦ᠌ ᠬᠠᠰᠬᠢᠷᠤᠯᠳᠤᠬᠤ ᠶ᠋ᠢ ᠪᠥᠷᠥᠭᠬᠡᠨ ᠳᠤᠭᠤᠯᠳᠠᠬᠤ᠂ ᠠᠶᠤᠯ ᠤ᠋ᠨ ᠳᠣᠬᠢᠶᠠᠨ ᠤ᠋ ᠬᠣᠩᠬᠠᠨ( ᠤ᠋)ᠭᠠᠭᠴᠠᠭᠠᠷ ᠵᠢᠭᠳᠡ ᠳᠤᠤᠭᠠᠷᠬᠤ ᠶ᠋ᠢ ᠲᠣᠳᠣᠷᠬᠠᠢ ᠪᠠᠷ ᠰᠣᠨᠣᠰᠪᠠ᠃ ᠲᠡᠭᠦᠨ ᠢ᠋ ᠥᠨᠥᠬᠢ ᠬᠥᠭᠰᠢᠨ ᠰᠣᠬᠣᠷ ᠬᠣᠩᠬᠠᠴᠢ ᠦᠷᠭᠦᠯᠵᠢᠯᠡᠨ ᠴᠣᠬᠢᠭᠰᠠᠭᠠᠷ ᠪᠠᠢᠨ᠎ᠠ᠃ ᠬᠥᠭᠰᠢᠨ ᠰᠣᠬᠣᠷ ᠬᠣᠩᠬᠠᠴᠢ ᠬᠠᠮᠤᠭ ᠤ᠋ᠨ ᠰᠡᠭᠦᠯ ᠦ᠋ᠨ ᠠᠮᠢᠰᠬᠤᠯ ᠢ᠋ᠶ᠋ᠠᠨ ᠬᠦᠷᠲᠡᠯ᠎ᠡ᠂ ᠤᠯᠠᠩᠭᠠᠰᠤᠷᠠᠭᠰᠠᠨ ᠨᠢᠭᠡᠨ ᠲᠠᠲ᠋ᠠᠷ ᠲᠤ᠌ ᠠᠯᠠᠭᠳᠠᠬᠤ ᠪᠠᠨ ᠬᠦᠷᠲᠡᠯ᠎ᠡ ᠬᠤᠩᠬ᠎ᠠ ᠪᠠᠨ ᠴᠣᠬᠢᠵᠤ ᠣᠷᠣᠰ ᠬᠥᠮᠦᠨ ᠪᠦᠬᠦᠨ ᠢ᠋ ᠡᠬᠡ ᠣᠷᠣᠨ ᠢ᠋ᠶ᠋ᠠᠨ ᠬᠠᠮᠠᠭᠠᠯᠠᠭᠲᠤᠨ ᠭᠡᠵᠦ ᠣᠷᠢᠯᠠᠭᠰᠠᠭᠠᠷ ᠠᠵᠢ᠃
ᠦᠰᠦᠭ ᠠᠮᠢᠯᠠᠭᠤᠯᠤᠭᠴᠢ᠄ ᠠᠯᠲᠠᠨᠴᠡᠴᠡᠭ᠂ ᠬᠡᠷᠡᠢᠳ· ᠮᠥᠩᠬᠡᠨᠠᠰᠤᠨ᠂ ᠪᠠᠶᠠᠨᠴᠡᠴᠡᠭ· ᠮᠡᠷᠭᠡᠨᠭᠣᠣ᠎ᠠ
ᠬᠢᠨᠠᠭᠴᠢ᠄ ᠪᠠᠯ᠂ ᠲ· ᠬᠦᠮᠦᠵᠢᠯᠲᠦ᠂ ᠠᠯᠲᠠᠨᠴᠢᠮᠡᠭ᠂ ᠠᠷᠢᠭᠤᠨ᠂ ᠪᠠᠶᠠᠨᠴᠡᠴᠡᠭ
