ᠪᠠᠲᠤ ᠬᠠᠭᠠᠨ 5-09ᠬᠡᠨ ᠦ᠌ ᠲᠩᠷᠢ ᠢᠯᠡᠭᠦᠦ ᠬᠦᠴᠦᠲᠡᠢ ᠪᠣᠢ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ
ᠶᠢᠰᠦ ᠬᠡᠨ ᠦ᠌ ᠲᠩᠷᠢ ᠢᠯᠡᠭᠦᠦ ᠬᠦᠴᠦᠲᠡᠢ ᠪᠣᠢ
ᠷᠶᠡᠽᠡᠨ ᠢ᠋ ᠳᠠᠭᠠᠷᠢᠨ ᠣᠷᠣᠬᠤ ᠶ᠋ᠢᠨ ᠡᠮᠦᠨᠡᠬᠢ ᠦᠳᠡᠰᠢ ᠶ᠋ᠢ ᠪᠠᠲᠤ ᠬᠠᠭᠠᠨ ᠮᠥᠨ ᠯᠡ ᠲᠡᠷᠡ ᠰᠦᠮ᠎ᠡ ᠳ᠋ᠡᠭᠡᠨ ᠥᠩᠭᠡᠷᠡᠪᠡ᠃ ᠭᠠᠯᠵᠠᠭᠤᠷᠠᠭᠰᠠᠨ ᠳᠡᠭᠡᠳᠦᠰ ᠣᠲ᠋ᠷᠢᠶᠠᠳ᠋ ᠤ᠋ᠳ ᠲᠠᠭᠠᠨ ᠡᠴᠦᠰ ᠦ᠋ᠨ ᠲᠤᠰᠢᠶᠠᠯ ᠤ᠋ᠳ ᠢ᠋ ᠪᠢᠴᠢᠵᠦ ᠭᠠᠷᠭᠠᠪᠠ᠃ ᠬᠣᠲᠠ ᠶ᠋ᠢ ᠳᠠᠭᠠᠷᠢᠨ ᠣᠷᠣᠵᠤ ᠴᠢᠳᠠᠯ ᠦᠭᠡᠢ ᠪᠡᠷ ᠢᠯᠠᠭᠳᠠᠵᠤ ᠨᠢᠴᠤᠭᠠᠭᠳᠠᠭᠴᠢᠳ ᠲᠤ᠌ ᠲᠤᠰᠢᠶᠠᠯ ᠤ᠋ᠨ ᠶᠣᠰᠣᠭᠠᠷ ᠬᠠᠮᠤᠭ ᠤ᠋ᠨ ᠬᠠᠲᠠᠭᠤ ᠶᠠᠯ᠎ᠠ ᠣᠨᠣᠭᠳᠠᠬᠤ ᠠᠵᠢ᠃ ᠰᠦᠪᠡᠭᠡᠳᠡᠢ ᠪᠠᠭᠠᠲᠤᠷ᠂ ᠪᠠᠲᠤ ᠬᠠᠭᠠᠨ ᠤ᠋ ᠳᠡᠷᠭᠡᠳᠡ ᠪᠣᠳᠣᠯᠭ᠎ᠠ ᠪᠣᠯᠤᠨ ᠲᠣᠪ ᠳᠤᠭᠤᠢ ᠰᠠᠭᠤᠵᠤ᠂ ᠵᠠᠷᠢᠮ ᠠᠰᠠᠭᠤᠳᠠᠯ ᠤ᠋ᠳ ᠲᠤ᠌ ᠲᠣᠯᠣᠭᠠᠢ ᠪᠠᠨ ᠲᠣᠬᠢᠬᠤ ᠪᠤᠶᠤ ᠡᠰᠡᠪᠡᠯ ᠵᠥᠪᠰᠢᠶᠡᠷᠡᠬᠦ ᠦᠭᠡᠢ ᠬᠤᠷᠤᠭᠤ ᠪᠠᠨ ᠭᠣᠵᠣᠢᠯᠭᠠᠨᠠ᠃ ᠢᠩᠭᠢᠵᠦ ᠰᠠᠭᠤᠭᠠᠳ ᠰᠡᠭᠦᠯ ᠳ᠋ᠦ᠍ᠨᠢ ᠰᠦᠪᠡᠭᠡᠳᠡᠢ ᠬᠡᠯᠡᠭᠰᠡᠨ ᠨᠢ᠄
— ᠥᠨᠥᠳᠥᠷ ᠰᠣᠳᠣ ᠵᠠᠩᠵᠤᠨ ᠴᠢ ᠳᠠᠭᠠᠷᠢᠨ ᠣᠷᠣᠬᠤ ᠲᠤᠰᠢᠶᠠᠯ ᠢ᠋ ᠥᠭᠪᠡ᠃ ᠬᠠᠷᠪᠤᠭᠰᠠᠨ ᠰᠤᠮᠤ ᠶ᠋ᠢ ᠡᠷᠭᠢᠭᠦᠯᠵᠦ ᠪᠣᠯᠳᠠᠭ ᠦᠭᠡᠢ ᠶᠤᠮ᠃ ᠢᠯᠠᠯᠲᠠ ᠶ᠋ᠢᠨ ᠪᠠᠶᠠᠷ ᠶᠣᠰᠣᠯᠠᠯ ᠪᠠ ᠨᠠᠢᠷ ᠢ᠋ ᠬᠢᠬᠦ ᠶ᠋ᠢᠨ ᠲᠤᠯᠠᠳᠠ ᠮᠢᠬ᠎ᠠ ᠴᠢᠨᠠᠬᠤ ᠳ᠋ᠤ᠌ ᠬᠡᠷᠡᠭᠯᠡᠬᠦ ᠰᠢᠪᠡᠷ ᠵᠤᠤᠬ᠎ᠠ ᠶ᠋ᠢ ᠬᠡᠳᠦᠨ ᠮᠢᠩᠭ᠎ᠠ ᠪᠠᠷ ᠮᠠᠷᠭᠠᠰᠢ ᠶ᠋ᠢᠨ ᠳᠣᠲᠣᠷ᠎ᠠ ᠬᠢᠬᠦ ᠶ᠋ᠢ ᠲᠤᠰᠢᠶᠠᠭᠲᠤᠨ᠃ ᠡᠨᠡ ᠰᠥᠨᠢ ᠳ᠋ᠡᠭᠡᠨ ᠤᠨᠲᠠᠵᠤ ᠠᠮᠠᠷᠠᠬᠤ ᠪᠠ ᠪᠠᠢᠯᠳᠤᠭᠠᠨ ᠳ᠋ᠤ᠌ ᠪᠡᠯᠡᠳᠬᠡᠬᠦ ᠬᠡᠷᠡᠭᠲᠡᠢ ᠪᠠᠢᠨ᠎ᠠ ᠭᠡᠪᠡ᠃
ᠪᠠᠲᠤ ᠬᠠᠭᠠᠨ ᠤ᠋ ᠳᠡᠷᠭᠡᠳᠡ ᠰᠠᠭᠤᠵᠠᠭᠠᠭᠰᠠᠨ ᠬᠠᠭᠠᠳ ᠨᠢ ᠶᠡᠷᠦᠳᠡ ᠶ᠋ᠢᠨ ᠵᠠᠩᠰᠢᠯ ᠢ᠋ᠶ᠋ᠠᠷ ᠲᠠᠭᠠᠨ ᠵᠥᠪᠰᠢᠶᠡᠷᠡᠵᠡᠭᠡᠵᠦ᠂
— ᠥᠭᠡᠬᠦ ᠲᠣᠰᠣ ᠪᠠᠷ ᠪᠢᠯᠬᠠᠭᠰᠠᠨ ᠨᠠᠢᠷ ᠴᠡᠩᠭᠡᠯ ᠪᠠ ᠴᠢᠰᠤᠲᠤ ᠲᠡᠢᠨ ᠳ᠋ᠦ᠍ ᠪᠢᠳᠡ ᠶᠠᠭᠤ ᠪᠡᠷ ᠴᠤ᠌ ᠳᠤᠲᠠᠭᠳᠠᠬᠤ ᠦᠭᠡᠢ ᠶᠠᠪᠤᠬᠤ ᠪᠣᠯᠲᠤᠭᠠᠢ᠃
ᠪᠠᠲᠤ ᠬᠠᠭᠠᠨ ᠤ᠋ ᠰᠡᠳᠬᠢᠯ ᠵᠣᠪᠠᠨᠢᠵᠤ᠂
— ᠮᠢᠨᠦ ᠪᠠᠭᠰᠢ ᠮᠢᠷᠽ (ᠴᠣᠯᠠ) ᠬᠠᠳ᠋ᠵᠢ ᠷᠠᡁᠢᠮ ᠢ᠋ ᠠᠪᠴᠢᠷᠠᠬᠤ ᠶ᠋ᠢ ᠲᠤᠰᠢᠶᠠᠭᠰᠠᠨ ᠪᠢᠯᠡ᠃
— ᠲᠡᠷᠡ ᠡᠨᠳᠡ ᠴᠢᠨᠢ᠂ ᠥᠷᠥᠭᠡᠨ ᠦ᠌ ᠳᠡᠷᠭᠡᠳᠡ ᠴᠢᠨᠢ ᠪᠠᠢᠨ᠎ᠠ᠃ ᠲᠡᠷᠡ ᠯᠠᠯᠤ ᠶ᠋ᠢᠨ ᠱᠠᠰᠢᠨᠲᠠᠨ ᠢ᠋ ᠬᠠᠮᠠᠭᠠᠯᠠᠨ ᠰᠠᠬᠢᠵᠤ ᠪᠠᠢᠨ᠎ᠠ᠃
— ᠬᠠᠮᠠᠭᠠᠯᠠᠨ ᠰᠠᠬᠢᠬᠤ ᠨᠢ ᠲᠡᠭᠦᠨ ᠦ᠌ ᠬᠡᠷᠡᠭ ᠪᠢᠰᠢ᠂ ᠲᠡᠭᠦᠨ ᠢ᠋ ᠪᠢ ᠳᠠᠭᠤᠳᠠᠭᠰᠠᠨ ᠲᠤᠯᠠ ᠲᠡᠷᠡ ᠡᠨᠳᠡ ᠪᠠᠢᠬᠤ ᠶᠣᠰᠣᠲᠠᠢ᠃
— ᠰᠣᠳᠣ ᠡᠵᠡᠨ ᠮᠢᠨᠢ᠂ ᠲᠡᠷᠡ ᠥᠪᠡᠷ ᠢ᠋ᠶ᠋ᠡᠨ ᠢᠷᠡᠬᠦ ᠦᠭᠡᠢ ᠪᠠᠢᠨ᠎ᠠ᠃ ᠪᠠᠲᠤ ᠬᠠᠭᠠᠨ ᠪᠣᠰᠴᠤ ᠲᠦᠷᠭᠡᠨ ᠢ᠋ᠶ᠋ᠡᠷ ᠶᠠᠪᠤᠵᠤ ᠰᠦᠮ᠎ᠡ ᠡᠴᠡ ᠭᠠᠷᠪᠠ᠃ ᠠᠩ ᠤ᠋ᠨ ᠪᠥᠰ ᠢ᠋ᠶ᠋ᠡᠷ ᠡᠮᠵᠢᠭᠰᠡᠨ ᠥᠩᠭᠡ ᠪᠦᠷᠢ ᠶ᠋ᠢᠨ ᠬᠥᠪᠡᠭᠡᠲᠡᠢ ᠲᠡᠷᠯᠢᠭ ᠪᠠ ᠲᠣᠮᠣ ᠴᠠᠭᠠᠨ ᠳᠥᠷᠪᠡᠳ ᠮᠠᠯᠠᠭᠠᠢ ᠶ᠋ᠢ ᠡᠮᠦᠰᠦᠭᠰᠡᠨ ᠬᠡᠰᠡᠭ ᠬᠥᠮᠦᠰ ᠪᠡᠶ᠎ᠡ ᠪᠡᠶ᠎ᠡ ᠳ᠋ᠡᠭᠡᠨ ᠨᠠᠭᠠᠯᠳᠤᠨ ᠰᠢᠬᠠᠴᠠᠯᠳᠤᠵᠤ ᠰᠦᠮ᠎ᠡ ᠶ᠋ᠢᠨ ᠳᠣᠪᠵᠢᠶᠠᠨ ᠤ᠋ ᠳᠡᠷᠭᠡᠳᠡ ᠰᠠᠭᠤᠵᠠᠭᠠᠵᠤ ᠪᠠᠢᠪᠠ᠃ ᠵᠠᠷᠢᠮ ᠨᠢ ᠤᠩᠰᠢᠯᠭ᠎ᠠ ᠤᠩᠰᠢᠨ ᠵᠠᠯᠪᠠᠷᠢᠬᠤ ᠪᠠ ᠵᠠᠷᠢᠮ ᠨᠢ ᠵᠣᠪᠠᠯᠠᠩ ᠢ᠋ᠶ᠋ᠠᠨ ᠲᠣᠭᠠᠴᠢᠨ ᠥᠭᠦᠯᠡᠵᠦ ᠰᠠᠭᠤᠨ᠎ᠠ᠃ ᠲᠡᠳᠡᠨᠡᠷ ᠦ᠋ᠨ ᠳᠡᠷᠭᠡᠳᠡ ᠬᠠᠳ᠋ᠵᠢ ᠷᠡᡁᠢᠮ ᠵᠣᠭᠰᠣᠵᠤ ᠰᠠᠷᠠᠭᠤᠯ ᠰᠠᠷᠠᠨ ᠤ᠋ ᠭᠡᠷᠡᠯ ᠳ᠋ᠦ᠍ ᠭᠢᠯᠪᠠᠯᠵᠠᠭᠰᠠᠨ ᠠᠯᠲᠠᠨ ᠫᠠᠢᠵᠠ ᠶ᠋ᠢ ᠪᠠᠷᠢᠭᠰᠠᠨ ᠭᠠᠷ ᠢ᠋ᠶ᠋ᠠᠨ ᠳᠡᠭᠡᠭᠰᠢ ᠡᠷᠭᠦᠨ ᠪᠠᠢᠨ᠎ᠠ᠃ ᠬᠡᠳᠦᠨ ᠠᠯᠬᠤᠮ ᠵᠠᠢᠲᠠᠢ ᠬᠡᠳᠦᠨ ᠮᠣᠩᠭᠣᠯ ᠴᠡᠷᠢᠭ ᠦ᠋ᠳ ᠵᠣᠭᠰᠣᠵᠤ ᠪᠠᠢᠪᠠ᠃ ᠡᠳᠡᠭᠡᠷ ᠦ᠋ᠨ ᠬᠥᠳᠡᠯᠬᠦ ᠪᠦᠷᠢ ᠳ᠋ᠦ᠍ ᠯᠠᠯᠤ ᠶ᠋ᠢᠨ ᠱᠠᠰᠢᠨ ᠤ᠋ ᠬᠥᠮᠦᠰ ᠣᠷᠢᠯᠠᠯᠳᠤᠨ ᠬᠠᠰᠬᠢᠷᠤᠯᠳᠤᠬᠤ ᠪᠠ ᠬᠠᠳ᠋ᠵᠢ ᠷᠡᡁᠢᠮ ᠠᠯᠲᠠᠨ ᠫᠠᠢᠵᠠ ᠪᠠᠨ ᠤᠯᠠᠮ ᠳᠡᠭᠡᠭᠰᠢ ᠪᠡᠨ ᠡᠷᠭᠦᠨ᠎ᠡ᠃ ᠪᠠᠲᠤ ᠬᠠᠭᠠᠨ ᠳᠡᠷᠭᠡᠳᠡ ᠪᠡᠨ ᠵᠣᠭᠰᠣᠵᠤ ᠪᠠᠢᠭᠰᠠᠨ ᠬᠡᠯᠡᠮᠦᠷᠴᠢ ᠳ᠋ᠦ᠍ ᠬᠡᠳᠦᠨ ᠦᠭᠡ ᠬᠡᠯᠡᠪᠡ᠃ ᠲᠠᠪᠰᠢᠵᠤ ᠪᠠᠢᠭᠰᠠᠨ ᠮᠣᠩᠭᠣᠯᠴᠤᠳ ᠰᠣᠴᠢᠨ ᠤᠬᠤᠷᠢᠵᠤ ᠵᠢᠭᠤᠲᠠᠨ ᠣᠳᠬᠤ ᠭᠡᠲᠡᠯ᠎ᠡ ᠬᠠᠷᠠᠩᠭᠤᠢ ᠠ᠋ᠴᠠ ᠰᠡᠯᠡᠮ᠎ᠡ ᠪᠡᠨ ᠰᠤᠭᠤᠯᠤᠨ ᠪᠠᠷᠢᠵᠠᠭᠠᠭᠰᠠᠨ 《ᠦᠯᠦ ᠢᠯᠠᠭᠳᠠᠭᠴᠢᠳ》ᠢᠷᠡᠭᠡᠳ ᠲᠡᠳᠡᠨᠡᠷ ᠢ᠋ ᠵᠣᠭᠰᠣᠭᠠᠪᠠ᠃ ᠬᠡᠯᠡᠮᠦᠷᠴᠢ᠂ ᠮᠣᠩᠭᠣᠯᠴᠤᠳ ᠳᠠᠰᠢ ᠬᠠᠨᠳᠤᠵᠤ᠄
— ᠥᠪᠡᠷ ᠦ᠋ᠨ ᠢ᠋ᠶ᠋ᠡᠨ ᠡᠴᠢᠭᠡ ᠶ᠋ᠢᠨ ( ᠪᠡᠨ) ᠰᠢᠭᠦᠰᠦᠯᠡᠵᠦ ᠢᠳᠡᠭᠰᠡᠨ ᠰᠢᠷ᠎ᠠ ᠶ᠋ᠢᠨ ᠱᠠᠰᠢᠨ ᠤ᠋ ᠲᠡᠨᠡᠭ ᠦ᠋ᠳ᠂ ᠤᠬᠠᠭᠠᠨ ᠦᠭᠡᠢ ᠲᠠᠨᠤᠮᠠᠯ ᠨᠣᠬᠠᠢ ᠨᠤᠭᠤᠳ ᠲᠠᠨᠠᠷ ᠶᠠᠭᠤᠨ ᠳ᠋ᠤ᠌ ᠡᠨᠳᠡ ᠵᠠᠩᠵᠤᠨ ᠤ᠋ ᠪᠣᠱᠣᠭ᠎ᠠ ᠶ᠋ᠢᠨ ᠳᠡᠷᠭᠡᠳᠡ ᠴᠤᠭᠯᠠᠷᠠᠪᠠ? ᠲᠠᠨᠠᠷ ᠤᠲᠠᠰᠤᠨ ᠴᠢᠨᠡᠭᠡ ᠤᠯᠠᠭᠠᠨ ᠠᠮᠢ ᠪᠠᠨ ᠬᠠᠢᠷᠠᠯᠠᠵᠠᠭᠠᠭᠲᠤᠨ ᠭᠡᠪᠡ᠃
ᠮᠣᠩᠭᠣᠯᠴᠤᠳ ᠱᠤᠤᠭᠢᠯᠳᠤᠨ ᠪᠡᠶ᠎ᠡ ᠪᠡᠶ᠎ᠡ ᠡᠴᠡ ᠪᠡᠨ ᠥᠷᠢᠰᠦᠯᠳᠦᠨ᠎ᠡ᠃
— ᠪᠢᠳᠡ ᠣᠯᠵᠠ ᠣᠯᠵᠤ ᠠᠪᠤᠭᠰᠠᠨ ᠶᠤᠮ᠂ ᠪᠢᠳᠡᠨ ᠦ᠌ ᠶᠠᠭᠤᠮ᠎ᠠ᠂ ᠫᠠᠨᠽᠠᠴᠢᠨ ᠪᠢᠳᠡᠨ ᠡᠴᠡ ᠣᠯᠵᠠ ᠶ᠋ᠢ ᠪᠤᠯᠢᠶᠠᠵᠤ ᠪᠠᠢᠨ᠎ᠠ᠃ ᠪᠢᠳᠡ ᠡᠳᠡᠨᠡᠷ ᠢ᠋ ᠴᠠᠪᠴᠢᠵᠤ ᠠᠯᠠᠭᠠᠳ ᠠᠯᠲᠠ ᠮᠥᠩᠭᠥ ᠶ᠋ᠢ ᠨᠢ ᠠᠪᠤᠨ᠎ᠠ᠃ ᠡᠳᠡᠨᠡᠷ ᠣᠷᠣᠰ ᠤ᠋ᠳ ᠲᠠᠢ ᠬᠠᠮᠲᠤ ᠪᠠᠢᠭᠰᠠᠨ ᠶᠤᠮ᠃ ᠡᠨᠡ ᠯᠠᠯᠤ ᠶ᠋ᠢᠨ ᠱᠠᠰᠢᠨ ᠤ᠋ ᠤᠷᠲᠤ ᠰᠠᠬᠠᠯᠲᠠᠢ ᠪᠠᠳᠢᠷᠴᠢᠨ᠂ ᠬᠤᠪᠢᠯᠭᠠᠨ ᠡᠵᠡᠨ ᠦ᠌ ᠠᠯᠲᠠᠨ ᠫᠠᠢᠵᠠ ᠶ᠋ᠢ ᠲᠡᠳᠡᠨ ᠦ᠌ ᠲᠣᠯᠣᠭᠠᠢ ᠳᠡᠭᠡᠷ᠎ᠡ ᠡᠭᠦᠷᠴᠦ(ᠡᠷᠭᠦᠵᠦ) ᠪᠠᠢᠨ᠎ᠠ᠃ ᠡᠨᠡ ᠫᠠᠢᠵᠠ ᠶ᠋ᠢ ᠲᠡᠭᠦᠨ ᠦ᠌ ᠪᠠᠷᠢᠵᠤ ᠪᠠᠢᠭ᠎ᠠ ᠴᠠᠭ ᠲᠤ᠌ ᠡᠳᠡᠨ ᠳ᠋ᠦ᠍ ᠭᠠᠷ ᠬᠦᠷᠭᠡᠬᠦ ᠦᠭᠡᠢ᠃ ᠬᠠᠷᠢᠨ ᠫᠠᠢᠵᠠ ᠲᠠᠢ ᠭᠠᠷ ᠢ᠋ᠶ᠋ᠠᠨ ᠳᠣᠷᠣᠭᠰᠢ ᠪᠠᠭᠤᠯᠭᠠᠬᠤ ᠳ᠋ᠤᠨᠢ ᠪᠢᠳᠡ ᠡᠨᠡ ᠬᠤᠳᠠᠯᠳᠤᠭᠠᠴᠢᠨ ᠫᠠᠨᠽᠠᠴᠢᠨ ᠨᠠᠷ ᠢ᠋ ᠬᠢᠲᠤᠭᠠᠯᠠᠵᠤ ᠠᠯᠠᠭᠠᠳ ᠣᠯᠵᠠᠯᠠᠭᠰᠠᠨ ᠢ᠋ᠶ᠋ᠠᠨ ᠬᠤᠪᠢᠶᠠᠨ᠎ᠠ ᠭᠡᠪᠡ᠃
ᠪᠠᠲᠤ ᠬᠠᠭᠠᠨ ᠬᠥᠯ ᠢ᠋ᠶ᠋ᠡᠨ ᠳᠡᠪᠰᠡᠭᠡᠳ᠂
— ᠮᠢᠨᠦ ᠰᠢᠢᠳᠪᠦᠷᠢ ᠶ᠋ᠢ ᠲᠠᠨᠠᠷ ᠣᠳᠣ ᠰᠣᠨᠣᠰᠤᠨ᠎ᠠ᠃ ᠬᠠᠷᠢᠨ ᠯᠠᠯᠤ ᠶ᠋ᠢᠨ ᠯᠠᠮᠠ ᠲᠠᠨᠠᠷ ᠦᠭᠡ ᠪᠡᠨ ᠬᠡᠯᠡᠵᠡᠭᠡ! ᠲᠠᠨᠠᠷ ᠤ᠋ᠨ ᠡᠬᠡ ᠣᠷᠣᠨ ᠲᠥᠷᠥᠭᠰᠡᠨ ᠨᠤᠲᠤᠭ ᠴᠢᠨᠢ ᠬᠠᠮᠢᠭ᠎ᠠ ᠪᠣᠢ? ᠲᠠᠨᠠᠷ ᠤ᠋ᠨ ᠨᠡᠷᠡᠰ ᠬᠡᠨ ᠭᠡᠳᠡᠭ ᠪᠣᠢ? ᠬᠡᠷᠡᠭ ᠵᠣᠷᠢᠭ ᠬᠡᠨ ᠳ᠋ᠦ᠍ ᠪᠣᠢ? ᠪᠣᠰᠢᠭᠣ ᠬᠠᠷᠢᠭᠤᠯᠤᠭᠲᠤᠨ ᠭᠡᠪᠡ᠃ ᠰᠥᠬᠥᠷᠡᠭᠡᠳ ᠰᠠᠭᠤᠵᠠᠭᠠᠵᠤ ᠪᠠᠢᠭ᠎ᠠ ᠬᠤᠳᠠᠯᠳᠤᠭᠠᠴᠢᠳ ᠭᠠᠵᠠᠷ ᠬᠦᠷᠲᠡᠯ᠎ᠡ ᠪᠦᠬᠦᠢᠯᠵᠡᠨ ᠮᠥᠷᠭᠥᠭᠡᠳ ᠲᠡᠳᠡᠨ ᠦ᠌ ᠳᠣᠲᠣᠷ᠎ᠠ ( ᠠ᠋ᠴᠠ) ᠤᠷᠲᠤ ᠬᠠᠷ᠎ᠠ ᠰᠠᠬᠠᠯᠲᠠᠢ ᠨᠢᠭᠡ ᠬᠥᠮᠦᠨ ᠥᠨᠳᠡᠢᠨ ᠬᠡᠯᠡᠪᠡ᠃
— ᠪᠢᠳᠡ ᠭᠠᠵᠠᠷ ᠪᠦᠷᠢ ᠶ᠋ᠢᠨ ᠬᠥᠮᠦᠰ ᠪᠢᠯᠡ᠃ ᠭᠡᠪᠡᠴᠦ ᠨᠢᠭᠡ ᠱᠠᠰᠢᠨ ᠲᠠᠢ᠂ ᠴᠥᠮ ᠮᠥᠬᠠᠮᠸᠳ᠋ ᠤ᠋ᠨ ᠬᠥᠪᠡᠭᠦᠨ ᠪᠢᠯᠡ᠃ ᠪᠢᠳᠡ ᠬᠤᠳᠠᠯᠳᠤᠭᠠᠴᠢᠳ ᠴᠢᠨᠦ ᠴᠡᠷᠢᠭ ᠦ᠋ᠨ ᠳᠣᠲᠣᠷ᠎ᠠ ᠬᠤᠳᠠᠯᠳᠤᠭ᠎ᠠ ᠠᠷᠠᠯᠵᠢᠶ᠎ᠠ ᠬᠢᠬᠦ ᠪᠡᠷ ᠢᠷᠡᠯ᠎ᠡ᠃ ᠮᠠᠨ ᠤ᠋ ᠠᠯᠲᠠ ᠮᠥᠩᠭᠥ ᠨᠡᠢᠲᠡ ᠣᠯᠠᠨ ᠳ᠋ᠤ᠌ ᠠᠰᠢᠭ ᠣᠯᠵᠠ ᠶ᠋ᠢ ᠣᠷᠣᠭᠤᠯᠬᠤ ᠪᠢᠵᠡ ᠠ᠋᠃ ᠪᠢᠳᠡ ᠴᠡᠷᠢᠭ ᠦ᠋ᠳ ᠦ᠋ᠨ ᠬᠤᠳᠠᠯᠳᠤᠬᠤ ᠶᠠᠭᠤᠮ᠎ᠠ ᠨᠤᠭᠤᠳ ᠢ᠋ ᠬᠤᠳᠠᠯᠳᠤᠨ ᠠᠪᠴᠤ ᠥᠪᠡᠷᠰᠡᠳ ᠢ᠋ᠶ᠋ᠡᠨ ᠬᠠᠲᠠᠭᠠᠭᠰᠠᠨ ᠦᠵᠦᠮ ᠢᠯᠠᠮ᠎ᠠ ᠴᠢᠪᠠᠭ᠎ᠠ ᠵᠢᠮᠢᠰ᠂ ᠠᠷᠢᠬᠢ ᠳᠠᠷᠠᠰᠤ᠂ ᠲᠠᠯᠬ᠎ᠠ ᠲᠠᠷᠢᠶ᠎ᠠ ᠪᠣᠯᠤᠨ ᠴᠢᠨᠦ ᠵᠣᠷᠢᠭᠲᠤ ᠡᠷᠡᠴᠦᠳ ᠲᠤ᠌ ᠬᠡᠷᠡᠭᠯᠡᠭᠳᠡᠬᠦ ᠵᠦᠢᠯ ᠪᠦᠬᠦᠨ ᠢ᠋ ᠬᠤᠳᠠᠯᠳᠤᠨ᠎ᠠ᠃
ᠪᠠᠲᠤ ᠬᠠᠭᠠᠨ ᠬᠠᠳ᠋ᠵᠢ ᠷᠠᠾᠢᠮ ᠳᠠᠰᠢ ᠵᠢᠭᠠᠵᠤ᠂
— ᠲᠠᠨᠠᠷ ᠡᠨᠡ ᠬᠥᠮᠦᠨ ᠢ᠋ ᠤᠷᠢᠳᠤ ᠲᠠᠨᠢᠬᠤ ᠪᠠᠢᠭᠰᠠᠨ ᠤᠤ?
— ᠦᠭᠡᠢ᠂ ᠲᠡᠷᠡ ᠪᠢᠳᠡᠨ ᠦ᠌ ᠲᠣᠯᠣᠭᠠᠢ ᠳᠡᠭᠡᠭᠦᠷ ᠠᠯᠲᠠᠨ ᠫᠠᠢᠵᠠ ᠡᠷᠭᠦᠬᠦ ᠶ᠋ᠢᠨ ᠰᠠᠴᠠᠭᠤ ᠪᠢᠳᠡ ᠲᠡᠭᠦᠨ ᠢ᠋ ᠠᠩᠬ᠎ᠠ ᠦᠵᠡᠭᠰᠡᠨ ᠪᠢᠯᠡ᠃
— ᠲᠠᠨᠠᠷ ᠲᠡᠭᠦᠨ ᠳ᠋ᠦ᠍ ᠱᠠᠩᠨᠠᠯ ᠥᠭᠭᠦᠨ᠎ᠡ ᠭᠡᠵᠦ ᠬᠡᠯᠡᠭᠰᠡᠨ ᠤᠤ?
— ᠪᠢᠳᠡ ᠬᠡᠯᠡᠭᠰᠡᠨ ᠪᠢᠯᠡ᠃ ᠣᠳᠣ ᠴᠤ᠌ ᠪᠢᠳᠡᠨ ᠢ᠋ ᠠᠪᠤᠷᠠᠭᠰᠠᠨ ᠤ᠋ ᠲᠤᠯᠠᠳᠠ ᠱᠠᠩᠨᠠᠯ ᠥᠭᠬᠦ ᠶ᠋ᠢ ᠳᠠᠬᠢᠨ ᠪᠠᠲᠤᠯᠠᠨ᠎ᠠ᠃ ᠭᠡᠪᠡᠴᠦ ᠪᠠᠳᠢᠷᠴᠢᠨ ᠬᠥᠮᠦᠨ ᠬᠥᠷᠥᠩᠭᠡ ᠬᠣᠭᠰᠢᠯ ᠦᠭᠡᠢ ᠪᠠ ᠠᠯᠲᠠᠨ ᠠ᠋ᠴᠠ ᠵᠢᠭᠰᠢᠳᠡᠭ ᠭᠡᠵᠦ ᠲᠡᠷᠡ ᠥᠭᠦᠯᠡᠭᠰᠡᠨ ᠪᠢᠯᠡ᠃ ᠬᠠᠳ᠋ᠵᠢ ᠲᠡᠳᠡᠨ ᠦ᠌ ᠦᠭᠡ ᠶ᠋ᠢ ᠲᠠᠰᠤᠯᠵᠤ᠂
— ᠲᠡᠢᠮᠦ ᠠ᠋᠂ ᠴᠢᠨᠦ ᠨᠡᠷ᠎ᠡ ᠪᠦᠬᠦᠢ ᠠᠯᠲᠠᠨ ᠫᠠᠢᠵᠠᠨ ᠠ᠋ᠴᠠ ᠪᠤᠰᠤᠳ ᠠᠯᠲᠠ ᠶ᠋ᠢ ᠵᠢᠭᠰᠢᠳᠡᠭ ᠶᠤᠮ ᠭᠡᠪᠡ᠃
ᠪᠠᠲᠤ ᠬᠠᠭᠠᠨ ᠲᠦᠷᠭᠡᠨ ᠪᠠ ᠡᠷᠡᠰ ᠢ᠋ᠶ᠋ᠡᠷ ᠬᠡᠯᠡᠪᠡ᠃
— ᠬᠤᠳᠠᠯᠳᠤᠭᠠᠴᠢᠨ ᠨᠠᠷ ᠠ᠋᠂ ᠲᠠᠨᠠᠷ ᠰᠣᠨᠣᠰᠴᠤ ᠪᠠᠢ! ᠪᠠᠲᠤ ᠬᠠᠭᠠᠨ ᠣᠯᠠᠨ ᠭᠠᠵᠠᠷ ᠣᠷᠣᠨ ᠢ᠋ᠶ᠋ᠠᠷ ᠶᠠᠪᠤᠵᠤ ᠣᠯᠠᠨ ᠶᠠᠰᠤᠲᠠᠨ ᠦᠨᠳᠦᠰᠦᠲᠡᠨ ᠢ᠋ ᠢᠯᠠᠵᠤ ᠥᠪᠡᠷ ᠦ᠋ᠨ ᠡᠷᠬᠡᠨ ᠳ᠋ᠦ᠍ ᠣᠷᠣᠭᠤᠯᠵᠤ ᠠᠪᠳᠠᠭ ᠪᠢᠯᠡ᠃ ᠬᠡᠨ ᠮᠢᠨᠦ ᠡᠷᠬᠡᠰᠢᠶᠡᠯ ᠳ᠋ᠦ᠍ ᠦᠯᠦ ᠣᠷᠣᠵᠤ ᠥᠭᠬᠦ ᠶᠤᠮ ᠪᠣᠯ ᠲᠡᠷᠡ ᠦᠬᠦᠯ ᠢ᠋ ᠦᠵᠡᠨ᠎ᠡ᠃ ᠬᠡᠨ ᠲᠠᠨᠠᠷ ᠲᠠᠢ ᠠᠳᠠᠯᠢ ᠮᠣᠩᠭᠣᠯᠴᠤᠳ ᠢ᠋ ᠵᠢᠭᠠᠵᠤ ᠰᠠᠮᠠᠭᠤᠨ ᠢ᠋ ᠳᠡᠭᠳᠡᠭᠡᠬᠦ ᠶᠤᠮ ᠪᠣᠯ ᠮᠢᠨᠦ《ᠦᠯᠦ ᠢᠯᠠᠭᠳᠠᠭᠴᠢᠳ》ᠲᠡᠭᠦᠨ ᠦ᠌ ᠨᠢᠷᠤᠭᠤ ᠶ᠋ᠢ ᠬᠤᠭᠤᠯᠵᠤ ᠨᠤᠭᠤᠰᠤ ᠶ᠋ᠢ ᠲᠠᠰᠤᠯᠤᠨ᠎ᠠ᠃ ᠮᠣᠩᠭᠣᠯᠴᠤᠳ ᠴᠠᠰᠤᠨ ᠳᠡᠭᠡᠷ᠎ᠡ ᠤᠨᠠᠵᠤ᠂
— ᠪᠢᠳᠡᠨ ᠢ᠋ ᠥᠷᠥᠰᠢᠶᠡᠭᠲᠦᠨ! ᠶᠡᠬᠡ ᠵᠠᠩᠵᠤᠨ ᠭᠡᠵᠡᠭᠡᠪᠡ᠃
— ᠲᠠᠨᠠᠷ ᠬᠤᠳᠠᠯᠳᠤᠭᠠᠴᠢᠳ ᠠ᠋᠂ ᠰᠦᠪᠡᠭᠡᠳᠡᠢ ᠪᠠᠭᠠᠲᠤᠷ ᠲᠤ᠌ ᠣᠴᠢᠭᠲᠤᠨ᠃ ᠲᠡᠷᠡ ᠲᠠᠨᠠᠷ ᠤ᠋ᠨ ᠬᠡᠨ ᠴᠢᠨᠢ ᠦᠨᠡᠬᠡᠷ ᠬᠤᠳᠠᠯᠳᠤᠭᠠᠴᠢᠨ ᠪᠣᠯᠬᠤ ᠡᠰᠡᠬᠦ ᠶ᠋ᠢ ᠰᠢᠯᠭᠠᠵᠤ ᠦᠵᠡᠨ᠎ᠡ᠃ ᠬᠤᠳᠠᠯᠳᠤᠭᠠᠴᠢᠨ ᠨᠢᠭᠡᠪᠦᠷᠢ ᠮᠢᠨᠦ ᠨᠡᠷᠡᠲᠡᠢ ᠫᠠᠢᠵᠠ ᠶ᠋ᠢ ᠬᠦᠯᠢᠶᠡᠨ ᠠᠪᠴᠤ ᠮᠢᠨᠦ ᠴᠡᠷᠢᠭ ᠦ᠋ᠨ ᠬᠠᠮᠲᠤ ᠠᠶᠠᠯᠠᠨ ᠶᠠᠪᠤᠵᠤ ᠴᠢᠯᠥᠭᠡᠲᠡᠢ ᠪᠡᠷ ᠠᠷᠠᠯᠵᠢᠶ᠎ᠠ ᠬᠤᠳᠠᠯᠳᠤᠭ᠎ᠠ ᠬᠢᠨ᠎ᠡ᠃ ᠲᠠᠨᠠᠷ ᠤ᠋ᠨ ᠬᠡᠨ ᠨᠢ ᠬᠠᠭᠤᠷᠮᠠᠴᠢ ᠪᠠᠢᠪᠠᠯ ᠲᠡᠭᠦᠨ ᠦ᠌ ᠳᠠᠭᠵᠠ ᠶ᠋ᠢ ᠬᠠᠭ᠎ᠠ ᠴᠣᠬᠢᠵᠤ ᠠᠯᠠᠭᠠᠳ ᠨᠣᠬᠠᠢ ᠳ᠋ᠤ᠌ ᠬᠠᠶᠠᠵᠤ ᠦᠭᠭᠦᠨ᠎ᠡ᠃ ᠬᠠᠷᠢᠨ ᠲᠠᠨᠠᠷ ᠥᠪᠡᠷ ᠦ᠋ᠨ ᠤᠲ᠋ᠷᠢᠶᠠᠳ᠋ ᠠ᠋ᠴᠠ ᠬᠣᠯᠠᠳᠠᠵᠤ ᠶᠠᠪᠤᠭᠰᠠᠨ ᠲᠡᠨᠦᠭᠦᠯᠴᠢᠳ᠂ ᠭᠤᠢᠯᠢᠨᠴᠢᠳ᠂ ᠠᠯᠢ ᠲᠦᠮᠡᠲᠦ ᠶ᠋ᠢᠨ ᠪᠢᠯᠡ ᠠ᠋?
— ᠶᠡᠬᠡ ᠬᠠᠭᠠᠨ ᠭᠦᠶᠦᠭ ᠬᠠᠭᠠᠨ ᠤ᠋ ᠲᠦᠮᠡᠲᠦ ᠡᠴᠡ ᠪᠢᠯᠡ᠃
— ᠪᠢ ᠲᠡᠭᠡᠵᠦ ᠮᠡᠳᠡᠭᠰᠡᠨ ᠶᠤᠮ᠃ ᠲᠠᠨᠠᠷ ᠢᠷᠡᠭᠡᠳᠦᠢ ᠳ᠋ᠦ᠍ ᠬᠠᠭᠠᠨ ᠰᠠᠭᠤᠬᠤ ᠬᠥᠮᠦᠨ ᠦ᠌ ᠴᠡᠷᠢᠭ ᠦ᠋ᠨ ᠳᠣᠲᠣᠷ᠎ᠠ ᠶᠠᠪᠤᠭ᠎ᠠ ᠦᠨᠡᠯᠡᠵᠦ ᠦᠵᠡᠬᠦ ᠦᠭᠡᠢ ᠭᠦᠶᠦᠭ ᠬᠠᠭᠠᠨ ᠤ᠋ ᠨᠡᠷ᠎ᠡ ᠠᠯᠳᠠᠷ ᠢ᠋ ᠭᠤᠲᠤᠭᠠᠵᠤ ᠶᠠᠪᠤᠨ᠎ᠠ᠃ ᠰᠦᠪᠡᠭᠡᠳᠡᠢ ᠪᠠᠭᠠᠲᠤᠷ ᠠ᠋! ᠡᠳᠡᠭᠡᠷ ᠲᠡᠨᠦᠭᠦᠯᠴᠢᠨ ᠶᠠᠪᠤᠭᠴᠢᠳ ᠠᠯᠢ ᠣᠲᠷᠢᠶᠠᠳ᠋ ᠤ᠋ᠨ ᠤ᠋ᠨ ᠪᠣᠯᠬᠤ ᠶ᠋ᠢ ᠰᠢᠯᠭᠠᠵᠤ ᠦᠵᠡᠭᠡᠳ᠂ ᠬᠥᠮᠦᠨ ᠪᠦᠷᠢ ᠶ᠋ᠢᠨ ᠪᠠᠷᠠᠭᠤᠨ ᠴᠢᠬᠢ ᠶ᠋ᠢ ᠨᠢ ᠣᠭᠲᠣᠯᠵᠤ ᠬᠠᠶᠠᠭᠠᠳ ᠰᠡᠷᠭᠡᠢᠯᠡᠭᠴᠢ ᠶ᠋ᠢᠨ ᠬᠠᠮᠲᠤ ᠭᠦᠶᠦᠭ ᠬᠠᠭᠠᠨ ᠤ᠋ ᠴᠡᠷᠢᠭ ᠦ᠋ᠨ ᠪᠠᠢᠷᠢᠨ ᠳ᠋ᠤ᠌ ᠪᠤᠴᠠᠭᠠᠵᠤ ᠶᠠᠪᠤᠭᠤᠯᠤᠭᠲᠤᠨ ᠭᠡᠪᠡ᠃
ᠮᠣᠩᠭᠣᠯᠴᠤᠳ ᠳᠠᠬᠢᠨ ᠤᠬᠢᠯᠠᠵᠤ ᠪᠠᠷᠬᠢᠷᠠᠯᠳᠤᠨ ᠥᠷᠥᠰᠢᠶᠡᠯ ᠢ᠋ ᠭᠣᠶᠣᠵᠠᠭᠠᠨᠠ᠃ ᠪᠠᠲᠤ ᠬᠠᠭᠠᠨ ᠲᠡᠳᠡᠨᠡᠷ ᠢ᠋ ᠣᠭᠲᠣ ᠠᠩᠬᠠᠷᠤᠨ ᠦᠵᠡᠭᠰᠡᠨ ᠦᠭᠡᠢ᠃ ᠬᠠᠳ᠋ᠵᠢ ᠷᠠᠾᠢᠮ ᠤ᠋ᠨ ᠬᠠᠨᠴᠤᠢ ᠠ᠋ᠴᠠ ᠪᠠᠷᠢᠵᠤ ᠬᠥᠲᠥᠯᠦᠨ ᠳᠠᠭᠠᠭᠤᠯᠤᠭᠰᠠᠭᠠᠷ ᠣᠳᠪᠠ᠃
ᠰᠦᠮ᠎ᠡ ᠶ᠋ᠢᠨ ᠳᠣᠲᠣᠷ᠎ᠠ ᠥᠷᠭᠡᠨ ᠢ᠋ᠶ᠋ᠡᠷ ᠨᠡᠭᠡᠭᠡᠯᠲᠡᠲᠡᠢ᠂ ᠲᠠᠬᠢᠯ ᠦᠷᠦᠭᠰᠡᠨ ᠬᠠᠭᠠᠯᠭ᠎ᠠ ᠶ᠋ᠢᠨ ᠳᠡᠷᠭᠡᠳᠡ ᠬᠡᠪᠢᠰ ᠪᠠ ᠳᠡᠪᠡᠯ ᠦ᠋ᠳ ᠢ᠋ ᠳᠡᠯᠭᠡᠵᠦ ᠲᠠᠯᠪᠢᠭᠰᠠᠨ ᠪᠠᠢᠨ᠎ᠠ᠃ ᠲᠡᠭᠦᠨ ᠦ᠌ ᠳᠡᠭᠡᠷ᠎ᠡ ᠨᠢ ᠪᠠᠲᠤ ᠬᠠᠭᠠᠨ ᠵᠠᠪᠢᠯᠠᠵᠤ ᠰᠠᠭᠤᠨ᠎ᠠ᠃ ᠳᠡᠷᠭᠡᠳᠡ ᠪᠡᠨ ᠰᠠᠭᠤᠭ᠎ᠠ ᠬᠠᠳ᠋ᠵᠢ ᠷᠠᠾᠢᠮ ᠤ᠋ᠨ ᠶᠠᠭᠤ ᠶᠠᠷᠢᠬᠤ ᠶ᠋ᠢ ᠴᠢᠩᠨᠠᠵᠤ ᠲᠣᠯᠣᠭᠠᠢ ᠪᠠᠨ ᠲᠣᠬᠢᠯᠠᠨ ᠰᠠᠭᠤᠨ᠎ᠠ᠃ ᠳ᠋ᠸᠷᠸᠢᠱ ᠨᠢ ᠪᠠᠲᠤ ᠬᠠᠭᠠᠨ ᠠ᠋ᠴᠠ ᠪᠡᠯᠡᠭ ᠪᠣᠯᠭᠠᠨ ᠦᠭᠭᠦᠭᠰᠡᠨ ᠣᠷᠣᠰ ᠳᠡᠪᠡᠯ ᠪᠠ ᠦᠰᠦᠲᠡᠢ ᠰᠠᠪᠢᠬᠢᠨ ᠭᠤᠲᠤᠯ ᠡᠮᠦᠰᠦᠭᠰᠡᠨ ᠠᠵᠢ᠃ ᠥᠷᠭᠡᠨ ᠬᠠᠨᠴᠤᠢ ᠲᠠᠢ ᠤᠷᠲᠤ ᠬᠠᠷ᠎ᠠ ᠳᠠᠪᠠᠯᠲᠠᠢ ᠯᠠᠮᠠ ᠴᠡᠭᠡᠵᠢᠨ ᠳ᠋ᠡᠭᠡᠨ ᠵᠡᠭᠦᠯᠲᠡᠲᠡᠢ ᠮᠥᠩᠭᠥᠨ ᠵᠠᠭᠠᠯᠮᠠᠢ ᠨᠤᠭᠤᠳ ᠢ᠋ ᠭᠠᠷ ᠢ᠋ᠶ᠋ᠠᠷ ᠢ᠋ᠶ᠋ᠠᠨ ᠪᠠᠷᠢᠵᠤ ᠰᠦᠮ᠎ᠡ ᠶ᠋ᠢᠨ ᠳᠣᠲᠣᠭᠤᠷ ᠠᠶᠠᠷᠬᠠᠨ ᠶᠠᠪᠤᠵᠤ ᠵᠠᠭᠠᠯᠮᠠᠢᠯᠠᠨ ᠵᠠᠯᠪᠠᠷᠢᠵᠤ ᠪᠤᠷᠬᠠᠨ ᠪᠦᠷᠢ ᠶ᠋ᠢᠨ ᠡᠮᠦᠨ᠎ᠡ ᠥᠨᠳᠥᠷ ᠵᠤᠯᠠ ᠶ᠋ᠢ ᠲᠠᠯᠪᠢᠵᠤ ᠶᠣᠰᠣᠯᠠᠨ ᠮᠥᠷᠭᠥᠨ᠎ᠡ᠃ ᠡᠨᠡ ᠨᠢ ᠮᠣᠩᠭᠣᠯ ᠤ᠋ᠨ ᠡᠵᠡᠨ ᠳᠡᠭᠡᠳᠦᠰ ᠦ᠋ᠨ ᠲᠤᠰᠢᠶᠠᠯ ᠢ᠋ ᠭᠦᠢᠴᠡᠳᠬᠡᠵᠦ ᠶᠠᠪᠤᠭ᠎ᠠ ᠠᠵᠢ᠃
ᠲᠡᠷᠡ《ᠪᠢ ᠣᠷᠣᠰ ᠤ᠋ᠨ ᠪᠤᠷᠬᠠᠨ ᠨᠢᠭᠡ ᠪᠦᠷᠢ ᠶ᠋ᠢ ᠬᠦᠨᠳᠦᠳᠬᠡᠨ ᠶᠣᠰᠣᠯᠠᠬᠤ ᠶ᠋ᠢ ᠬᠦᠰᠡᠨ᠎ᠡ᠃ ᠣᠷᠣᠰ ᠤ᠋ᠨ ᠶᠠᠮᠠᠷ ᠨᠢᠭᠡᠨ ᠪᠤᠷᠬᠠᠨ ᠨᠠᠳᠠᠳᠤ ᠠᠭᠤᠷᠯᠠᠵᠤ ᠨᠠᠳᠠᠳᠤ ᠬᠣᠣᠷ ᠬᠥᠨᠥᠭᠡᠯ ᠤᠴᠠᠷᠠᠭᠤᠯᠬᠤ ᠶ᠋ᠢ ᠪᠢ ᠶᠡᠷᠦ ᠬᠦᠰᠡᠭᠡ ᠦᠭᠡᠢ ᠪᠠᠢᠨ᠎ᠠ》ᠭᠡᠵᠦ ᠬᠡᠯᠡᠮᠦᠷᠴᠢ ᠪᠡᠷ ᠤᠯᠠᠮᠵᠢᠯᠠᠨ ᠲᠡᠭᠦᠨ᠎ᠡ ᠲᠤᠰᠢᠶᠠᠭᠰᠠᠨ ᠠᠵᠢ᠃ ᠲᠡᠷᠡ ᠯᠠᠮᠠ ᠪᠠᠲᠤ ᠬᠠᠭᠠᠨ ᠢ᠋ ᠭᠢᠯᠤᠢᠨ ᠬᠠᠷᠠᠬᠤ ᠪᠠ ᠪᠠᠲᠤ ᠬᠠᠭᠠᠨ ᠶᠠᠮᠠᠷ ᠴᠤ᠌ ᠳᠠᠭᠤ ᠴᠢᠮᠡᠭᠡ ᠦᠭᠡᠢ ᠰᠠᠭᠤᠭᠰᠠᠭᠠᠷ ᠪᠠᠢᠨ᠎ᠠ᠃ ᠬᠠᠳ᠋ᠵᠢ ᠷᠠᠾᠢᠮ ᠲᠡᠭᠦᠨ ᠳ᠋ᠦ᠍ ᠬᠡᠯᠡᠬᠦ ᠨᠢ᠄
— ᠪᠢ ᠴᠢᠮ᠎ᠠ ᠶ᠋ᠢ ᠳᠠᠬᠢᠨ ᠭᠤᠶᠤᠶ᠎ᠠ᠃ ᠨᠠᠮᠠᠶ᠋ᠢ ᠲᠠᠯᠪᠢᠵᠤ ᠶᠠᠪᠤᠭᠤᠯ᠃ ᠡᠨᠡ ᠴᠢᠰᠤᠨ ᠳᠠᠯᠠᠢ ᠳ᠋ᠤ᠌ ᠪᠠᠢᠬᠤ ᠳ᠋ᠤ᠌ ᠨᠠᠳᠠᠳᠤ ᠬᠡᠴᠡᠭᠦᠦ ᠪᠠᠢᠨ᠎ᠠ᠃ᠠᠮᠤᠭᠤᠯᠠᠩ ᠲᠠᠢᠪᠤᠩ ᠡᠷᠬᠡ ᠴᠢᠯᠥᠭᠡᠲᠡᠢ ᠪᠡᠷ ᠠᠵᠤ ᠲᠥᠷᠥᠨ ᠠᠮᠢᠳᠤᠷᠠᠬᠤ ᠶ᠋ᠢ ᠬᠦᠰᠡᠭᠴᠢ ᠡᠳᠦᠢᠴᠢᠨᠡᠭᠡᠨ ᠶᠠᠰᠤᠲᠠᠨ ᠦᠨᠳᠦᠰᠦᠲᠡᠨ ᠨᠠᠷ ᠢ᠋ ᠴᠢ ᠶᠠᠭᠤᠨ ᠳ᠋ᠤ᠌ ᠠᠯᠠᠨ ᠬᠢᠳᠤᠵᠤ ᠪᠠᠢᠨ᠎ᠠ ? ᠭᠡᠪᠡ᠃
— ᠲᠡᠳᠡᠨᠡᠷ ᠥᠪᠡᠷᠰᠡᠳ ᠦ᠋ᠨ ᠡᠷᠬᠡ ᠴᠢᠯᠥᠭᠡ ᠶ᠋ᠢ ᠰᠡᠯᠡᠮ᠎ᠡ ᠪᠡᠷ ᠢ᠋ᠶ᠋ᠡᠨ ᠬᠠᠮᠠᠭᠠᠯᠠᠭ᠃ ᠮᠣᠩᠭᠣᠯᠴᠤᠳ ᠪᠦᠭᠦᠳᠡ ᠡᠴᠡ ᠬᠦᠴᠦᠲᠡᠢ ᠶᠤᠮ᠃ ᠪᠦᠬᠦ ᠶᠢᠷᠲᠢᠨᠴᠦ ᠮᠢᠨᠦ ᠡᠪᠦᠭᠡ ᠡᠴᠢᠭᠡ ᠬᠤᠪᠢᠯᠭᠠᠨ ᠡᠵᠡᠨ ᠦ᠌ ᠦᠷ᠎ᠡ ᠬᠡᠦᠬᠡᠳ ᠦ᠋ᠨ ᠡᠷᠬᠡᠰᠢᠶᠡᠯ ᠳ᠋ᠦ᠍ ᠣᠷᠣᠵᠤ ᠥᠭᠬᠦ ᠶᠣᠰᠣᠲᠠᠢ᠃
— ᠴᠢ ᠨᠠᠳᠠ ᠪᠠᠷ ᠶᠠᠭᠠᠬᠢᠬᠤ ᠪᠢᠯᠡ ?ᠨᠠᠮᠠᠶ᠋ᠢ ᠲᠠᠯᠪᠢᠵᠤ ᠶᠠᠪᠤᠭᠤᠯ᠂
— ᠦᠭᠡᠢ ᠴᠢ ᠨᠠᠳᠠᠲᠠᠢ ᠴᠣᠭ ᠶᠠᠪᠤᠨ᠎ᠠ᠃ ᠪᠢ ᠡᠷᠭᠢᠨ ᠲᠣᠭᠣᠷᠢᠨ ᠳ᠋ᠤ᠌ ᠭᠠᠭᠴᠠᠬᠠᠨ ᠵᠢᠰᠤᠷᠯᠠᠨ ᠪᠢᠯᠳᠠᠤᠴᠢᠯᠠᠬᠤ ᠦᠭᠡ ᠶ᠋ᠢ ᠰᠣᠨᠣᠰᠴᠤ ᠪᠠᠢᠨ᠎ᠠ᠃ ᠭᠠᠭᠴᠠᠬᠦ ᠰᠦᠪᠡᠭᠡᠳᠡᠢ ᠶᠦᠯᠳᠥ᠋ᠽ ᠬᠠᠲᠤᠨ ᠲᠠ ᠭᠤᠷᠪᠠ᠂ ᠨᠠᠳᠠᠳᠤ ᠦᠨᠡᠨ ᠢ᠋ ᠬᠡᠯᠡᠳᠡᠭ ᠪᠢᠯᠡ᠃ ᠦᠨᠡᠨ ᠢ᠋ ᠬᠡᠯᠡᠳᠡᠭ ᠬᠥᠮᠦᠨ ᠢ᠋ ᠬᠡᠵᠢᠶᠡᠳᠡ ᠳᠡᠷᠭᠡᠳᠡ ᠪᠡᠨ ᠠᠪᠴᠤ ᠪᠠᠢᠬᠤ ᠶ᠋ᠢ ᠪᠢ ᠶᠡᠬᠡᠳᠡ ᠬᠦᠰᠡᠳᠡᠭ᠃ ᠴᠢ ᠪᠢᠳᠡ ᠬᠣᠶᠠᠷ ᠬᠣᠶᠠᠭᠤᠯᠬᠠᠨ ᠢ᠋ᠶ᠋ᠠᠨ ᠪᠠᠢᠬᠤ ᠴᠠᠭ ᠲᠤ᠌ ᠴᠢ ᠭᠠᠭᠴᠠᠬᠦ ᠦᠨᠡᠨ ᠢ᠋ ᠬᠡᠯᠡᠳᠡᠭ ᠪᠠᠢᠬᠤ ᠬᠡᠷᠡᠭᠲᠡᠢ᠃ ᠬᠡᠷᠪᠡ ᠴᠢ ᠪᠤᠰᠤᠳ ᠤ᠋ᠨ ᠳᠡᠷᠭᠡᠳᠡ ᠨᠠᠮᠠᠶ᠋ᠢ ᠵᠢᠮᠡᠯᠡᠬᠦ ᠠᠬᠤᠯ᠎ᠠ ᠪᠤᠰᠤᠳ ᠬᠥᠮᠦᠰ ᠨᠠᠳᠠ ᠠ᠋ᠴᠠ ᠠᠶᠤᠳᠠᠭ ᠪᠠᠢᠬᠤ ᠶ᠋ᠢᠨ ᠲᠤᠯᠠ ᠨᠢᠷᠤᠭᠤ ᠶ᠋ᠢ ᠴᠢᠨᠢ ᠬᠤᠭᠤᠯᠤᠭᠤᠯᠬᠤ ᠶ᠋ᠢ ᠲᠤᠰᠢᠶᠠᠶ᠎ᠠ᠃
— ᠦᠨᠡᠨ ᠢ᠋ ᠬᠡᠯᠡᠭᠴᠢ ᠬᠥᠮᠦᠨ᠂ ᠥᠪᠡᠷ ᠦ᠋ᠨ ᠡᠪᠡᠳᠴᠢᠨ ᠢ᠋ᠶ᠋ᠡᠷ ᠦᠬᠦᠳᠡᠭ ᠦᠭᠡᠢ ᠶᠤᠮ᠃
ᠪᠠᠲᠤ ᠬᠠᠭᠠᠨ ᠰᠦᠮ᠎ᠡ ᠶ᠋ᠢᠨ ᠳᠣᠲᠣᠭᠤᠷ ᠵᠥᠭᠡᠯᠡᠨ ᠠᠯᠬᠤᠮ ᠢ᠋ᠶ᠋ᠠᠷ ᠶᠠᠪᠤᠵᠤ ᠯᠠᠮᠠ ᠲᠡᠰᠢ ᠡᠷᠭᠢᠵᠦ ᠬᠠᠷᠠᠭᠠᠳ ᠬᠡᠯᠡᠪᠡ᠃
— ᠡᠨᠡ ᠰᠠᠢᠬᠠᠨ ᠦᠨᠦᠷ ᠶᠠᠭᠤ ᠪᠣᠢ?
— ᠪᠢ ᠬᠤᠪᠢᠯᠭᠠᠨ ᠪᠤᠷᠬᠠᠳ ᠤ᠋ᠨ ᠡᠮᠦᠨ᠎ᠡ ᠪᠣᠢᠫᠣᠷ ᠲᠤ᠌ ᠰᠠᠩ ᠲᠠᠯᠪᠢᠭᠰᠠᠨ ᠪᠢᠯᠡ᠃
— ᠪᠣᠢᠫᠣᠷ ᠭᠡᠵᠦ ᠶᠠᠭᠤ ᠪᠣᠢ? ᠦᠵᠡᠭᠦᠯ᠂
ᠯᠠᠮᠠ ᠨᠢ ᠪᠣᠢᠫᠣᠷ ᠤ᠋ᠨ ᠴᠣᠭ ᠳᠡᠭᠡᠷ᠎ᠡ ᠠᠷᠴᠠ ᠬᠢᠵᠦ ᠪᠤᠷᠬᠠᠨ ᠤ᠋ ᠡᠮᠦᠨ᠎ᠡ ᠰᠠᠩ ᠤ᠋ᠨ ᠤᠲᠤᠭ᠎ᠠ ᠶ᠋ᠢ ᠣᠷᠭᠢᠯᠤᠭᠤᠯᠪᠠ᠃ ᠪᠠᠲᠤ ᠬᠠᠭᠠᠨ ᠬᠠᠮᠠᠷ ᠢ᠋ᠶ᠋ᠠᠨ ( ᠢ᠋ᠶ᠋ᠠᠷ) ᠲᠠᠲᠠᠵᠤ ᠦᠨᠦᠷᠲᠦᠭᠡᠳ᠂
— ᠬᠡ᠂ ᠬᠡ᠂ ᠡᠨᠡ ᠰᠠᠢᠬᠠᠨ ᠪᠠᠢᠨ᠎ᠠ᠃ ᠨᠡᠰᠢ ᠦᠯᠢᠶᠡᠭᠲᠦᠨ᠃ ᠲᠡᠷᠡ ᠠᠶᠤᠨ ᠰᠣᠴᠢᠵᠤ ᠵᠠᠭᠠᠯᠮᠠᠢᠯᠠᠨ ᠮᠥᠷᠭᠥᠭᠡᠳ᠂
— ᠠᠢ ᠪᠤᠷᠬᠠᠨ᠂ ᠨᠢᠭᠦᠯ ᠢ᠋ ᠮᠢᠨᠢ ᠠᠭᠤᠴᠢᠯᠠ᠁ ᠭᠡᠳ ᠪᠠᠲᠤ ᠬᠠᠭᠠᠨ ᠤ᠋ ᠡᠮᠦᠨ᠎ᠡ ᠰᠠᠩ ᠤ᠋ᠨ ᠤᠲᠤᠭ᠎ᠠ ᠶ᠋ᠢ ᠣᠷᠭᠢᠯᠤᠭᠤᠯᠤᠨ ᠤᠲᠤᠪᠠ᠃
— ᠬᠡᠨ ᠦ᠌ ᠪᠤᠷᠬᠠᠨ ᠬᠦᠴᠦᠲᠡᠢ ᠪᠣᠢ? ᠣᠷᠣᠰ ᠤ᠋ᠨ ᠪᠤᠷᠬᠠᠨ ᠬᠦᠴᠦᠲᠡᠢ ᠤᠤ? ᠡᠰᠡᠪᠡᠯ ᠮᠣᠩᠭᠣᠯ ᠤ᠋ᠨ ᠪᠤᠷᠬᠠᠨ ᠬᠦᠴᠦᠲᠡᠢ ᠤᠤ? ᠭᠡᠵᠦ ᠪᠠᠲᠤ ᠬᠠᠭᠠᠨ ᠦᠷᠭᠦᠯᠵᠢᠯᠡᠨ ᠠᠰᠠᠭᠤᠪᠠ᠃ ᠲᠡᠷᠡ ᠯᠠᠮᠠ
— ᠪᠤᠷᠬᠠᠨ ᠨᠢᠭᠡ ᠪᠢᠯᠡ᠃
— ᠬᠤᠳᠠᠯ ᠂ ᠲᠠᠨ ᠤ᠋ ᠰᠦᠮ᠎ᠡ ᠳ᠋ᠦ᠍ ᠣᠯᠠᠨ ᠪᠤᠷᠬᠠᠨ ᠬᠠᠨ᠎ᠠ ᠪᠠᠷ ᠳᠦᠭᠦᠷᠡᠩ ᠡᠯᠭᠦᠭᠡᠰᠦᠲᠡᠢ ᠪᠠᠢᠨ᠎ᠠ᠃ ᠮᠠᠭᠤ ᠴᠤ᠌ ᠲᠡᠷᠡ᠂ ᠰᠠᠢᠨ ᠴᠤ᠌ ᠲᠡᠷᠡ ᠪᠤᠷᠬᠠᠨ ᠨᠤᠭᠤᠳ ᠣᠯᠠᠨ ᠪᠠᠢᠳᠠᠭ᠃ ᠬᠠᠮᠤᠭ ᠤ᠋ᠨ ᠶᠡᠬᠡ᠂ ᠬᠠᠮᠤᠭ ᠤ᠋ᠨ ᠬᠦᠴᠦᠲᠡᠢ ᠪᠤᠷᠬᠠᠨ ᠨᠢ ᠮᠠᠨ ᠤ᠋ ᠲᠡᠢᠨ ᠦ᠌ ᠪᠤᠷᠬᠠᠨ᠂ ᠮᠠᠨ ᠤ᠋ ᠰᠦᠯᠳᠡ ᠲᠩᠷᠢ ᠪᠣᠯᠤᠨ᠎ᠠ᠃ ᠲᠡᠷᠡ ᠪᠢᠳᠡᠨ ᠳ᠋ᠦ᠍ ᠢᠯᠠᠯᠲᠠ ᠶ᠋ᠢ ᠥᠭᠳᠡᠭ᠃ ᠨᠡᠢᠲᠡ ᠣᠯᠠᠨ ᠮᠠᠨ ᠤ᠋ ᠢᠯᠠᠯᠲᠠ ᠶ᠋ᠢᠨ ᠡᠷᠬᠡᠰᠢᠶᠡᠯ ᠳ᠋ᠦ᠍ ᠣᠷᠣᠨ᠎ᠠ᠃ ᠲᠡᠢᠮᠦ ᠤᠴᠢᠷ ᠠ᠋ᠴᠠ ᠮᠣᠩᠭᠣᠯᠴᠤᠳ ᠪᠦᠬᠦ ᠶᠢᠷᠲᠢᠨᠴᠦ ᠶ᠋ᠢ ᠵᠠᠬᠢᠷᠤᠨ᠎ᠠ ᠭᠡᠵᠦ ᠪᠠᠲᠤ ᠬᠠᠭᠠᠨ ᠬᠡᠯᠡᠪᠡ᠃
ᠦᠰᠦᠭ ᠠᠮᠢᠯᠠᠭᠤᠯᠤᠭᠴᠢ᠄ ᠠᠯᠲᠠᠨᠴᠡᠴᠡᠭ᠂ ᠪᠠᠶᠠᠨᠴᠡᠴᠡᠭ· ᠮᠡᠷᠭᠡᠨᠭᠣᠣ᠎ᠠ᠂ ᠠᠯᠲᠠᠨᠴᠢᠮᠡᠭ᠂ ᠠᠷᠢᠭᠤᠨ
ᠬᠢᠨᠠᠭᠴᠢ᠄ ᠪᠠᠯ᠂ ᠠᠯᠲᠠᠨᠴᠢᠮᠡᠭ᠂ ᠠᠷᠢᠭᠤᠨ᠂ ᠪᠠᠶᠠᠨᠴᠡᠴᠡᠭ
