ᠪᠠᠲᠤ ᠬᠠᠭᠠᠨ 5-08ᠲᠦᠭᠰᠢᠭᠦᠷᠢᠲᠡᠢ ᠰᠥᠨᠢ ᠨᠦ᠍ᠭᠦᠳ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ
ᠨᠠᠢ᠍ᠮᠠ ᠲᠦᠭᠰᠢᠭᠦᠷᠢᠲᠡᠢ ᠰᠥᠨᠢ ᠨᠦ᠍ᠭᠦᠳ
ᠳᠠᠢᠰᠤᠨ ᠨᠢ ᠥᠪᠡᠷ ᠦ᠋ᠨ ᠳᠠᠢᠰᠤᠨ ᠤ᠋ ᠰᠠᠨᠠᠭ᠎ᠠ ᠶ᠋ᠢ ᠮᠡᠳᠡᠳᠡᠭ ᠦᠭᠡᠢ᠃
(ᠳᠣᠷᠣᠨ᠎ᠠ ᠳ᠋ᠠᠬᠢᠨ ᠤ᠋ ᠵᠦᠢᠷ ᠦᠭᠡ)
ᠰᠡᠸᠸᠯᠢ ᠨᠢ ᠪᠦᠬᠦᠯᠢ ᠰᠥᠨᠢ ᠶ᠋ᠢ ᠲᠦᠭᠰᠢᠭᠦᠷᠢ ᠲᠡᠢ ᠪᠡᠷ ᠥᠩᠭᠡᠷᠡᠭᠦᠯᠪᠡ᠃ ᠵᠠᠷᠢᠮ ᠳ᠋ᠠᠭᠠᠨ ᠲᠡᠷᠡ ᠫᠤᠤᠳᠠᠯᠭ᠎ᠠ ᠶ᠋ᠢᠨ ᠨᠦᠬᠡ ᠪᠡᠷ ᠬᠣᠯᠠ ᠶ᠋ᠢ ᠰᠢᠷᠲᠡᠨ ᠬᠠᠷᠠᠬᠤ ᠪᠠ ᠵᠠᠷᠢᠮ ᠳ᠋ᠠᠭᠠᠨ ᠦᠢᠮᠡᠵᠦ ᠰᠠᠨᠳᠤᠷᠤᠭᠰᠠᠨ ᠬᠣᠲᠠ ᠶ᠋ᠢᠨ ᠱᠤᠤᠭᠢᠶᠠᠨ ᠢ᠋ ᠴᠢᠩᠨᠠᠵᠤ ᠪᠠᠢᠯ᠎ᠠ᠃ ᠷᠶᠡᠽᠡᠨ ᠢ᠋ ( ᠤ᠋) ᠡᠷᠭᠢᠨ ᠲᠣᠭᠣᠷᠢᠨ( ᠳ᠋ᠤ᠌) ᠶᠡᠷᠦᠳᠡ ᠶ᠋ᠢᠨ ᠰᠥᠨᠢ ᠶ᠋ᠢᠨ ᠨᠠᠮ ᠭᠦᠮ ᠲᠠᠰᠤᠷᠠᠵᠠᠢ᠃ ᠤᠯᠠᠭᠠᠨ ᠴᠣᠭ ᠤ᠋ᠳ ᠢ᠋ ᠡᠯᠪᠡᠭ ᠢ᠋ᠶ᠋ᠡᠷ ᠲᠠᠷᠬᠠᠭᠠᠨ ᠬᠠᠶᠠᠭᠰᠠᠨ ᠨᠢ ᠬᠡᠳᠦ ᠬᠡᠳᠦᠨ ᠮᠢᠩᠭᠠᠨ ᠭᠠᠯ ᠤ᠋ᠳ ᠬᠡᠷᠡᠮ ᠦ᠋ᠨ ᠳᠣᠣᠷ᠎ᠠ ᠪᠠ ᠭᠣᠣᠯ ᠤ᠋ᠨ ᠴᠢᠨᠠᠳᠤ ᠲᠠᠯ᠎ᠠ ᠳ᠋ᠤ᠌ ᠨᠣᠴᠣᠵᠤ ᠦᠵᠡᠭᠳᠡᠨ᠎ᠡ᠃
ᠲᠠᠲ᠋ᠠᠷ ᠤ᠋ᠳ ᠣᠢᠷ᠎ᠠ ᠬᠠᠪᠢ ᠶ᠋ᠢᠨ ᠪᠠᠢᠰᠢᠩ ᠰᠠᠷᠠᠪᠴᠢ ᠬᠠᠰᠢᠶ᠎ᠠ ᠵᠡᠷᠭᠡ ᠶ᠋ᠢ ᠡᠪᠳᠡᠯᠡᠨ ᠪᠠᠭᠤᠯᠭᠠᠵᠤ ᠰᠥᠨᠢ ᠶ᠋ᠢᠨ ᠲᠤᠷᠰᠢ ᠭᠠᠯ ᠲᠦᠯᠡᠵᠦ ᠬᠣᠨᠣᠨ᠎ᠠ᠃ ᠲᠡᠷᠲᠡᠭᠡ ᠬᠣᠯᠠ ᠲᠡᠭᠷᠢ ᠶ᠋ᠢᠨ ᠬᠠᠶᠠᠭᠠᠨ ᠳ᠋ᠤ᠌ ᠲᠦᠢᠮᠡᠷ ᠦ᠋ᠨ ᠭᠠᠯ ᠳᠦᠷᠡᠯᠵᠡᠨ ᠦᠵᠡᠭᠳᠡᠵᠦ ᠲᠡᠭᠦᠨ ᠦ᠌ ᠲᠤᠶᠠᠭᠠᠨ ᠳ᠋ᠤ᠌ ᠳᠣᠣᠭᠤᠷ ᠶᠠᠪᠤᠭ᠎ᠠ ᠡᠭᠦᠯᠡ ᠤᠯᠠᠢᠨ ᠦᠵᠡᠭᠳᠡᠨ᠎ᠡ᠃
— ᠬᠣᠲᠠ ᠶ᠋ᠢ ᠬᠠᠮᠠᠭᠠᠯᠠᠭᠴᠢᠳ ᠴᠤᠭᠯᠠᠷᠠᠨ ᠢᠷᠡᠭᠲᠦᠨ᠃
ᠲᠦᠭᠰᠢᠭᠦᠷᠢ ᠲᠡᠢ ᠪᠡᠷ ᠠᠯᠤᠰ ᠢ᠋ ᠰᠢᠷᠳᠡᠵᠦ ᠶᠠᠷᠢᠯᠴᠠᠨ᠎ᠠ᠃ ᠲᠡᠨᠳᠡ ᠫᠷᠤᠨᠰᠺᠠ ᠰᠢᠲᠠᠵᠤ ᠪᠠᠢᠨ᠎ᠠ᠃
— ᠵᠠ ᠳᠡᠮᠡᠢ ᠪᠤᠤ ᠶᠠᠷᠢ᠂ ᠫᠷᠤᠨᠰᠺ ᠬᠦᠷᠲᠡᠯ᠎ᠡ ᠲᠠᠪᠢᠭᠠᠳ ᠮᠣᠳᠣ ᠪᠢᠰᠢ ᠤᠤ?
— ᠲᠡᠭᠡᠪᠡᠯ ᠲᠡᠷᠡ ᠶᠠᠭᠤ ᠪᠣᠢ?
— ᠦᠨᠡᠬᠡᠷ ᠫᠷᠤᠨᠰᠺ ᠪᠠᠢᠬᠤ ᠰᠢᠪ ᠳ᠋ᠠ ᠁
— ᠬᠠᠷᠠᠭᠠᠴᠢ ᠲᠡᠷᠡ ᠰᠤᠪᠤᠯᠸᠸᠺ ᠰᠢᠲᠠᠪᠠ᠃
— ᠠᠬ᠎ᠠ ᠳᠡᠭᠦᠦ ᠠᠮᠠᠷᠠᠭ ᠰᠠᠳᠤᠨ ᠮᠢᠨᠢ ᠁ ᠦᠬᠤᠷᠰᠺ ᠰᠢᠲᠠᠭᠠᠵᠤ (ᠰᠢᠲᠠᠵᠤ) ᠪᠠᠢᠨ᠎ᠠ᠁
— ᠬᠠᠮᠢᠭ᠎ᠠ?
— ᠲᠡᠷᠡ ᠣᠢ ᠶ᠋ᠢᠨ ᠴᠠᠭᠠᠨ᠎ᠠ ᠂
ᠫᠸᠷᠸᠸᠤᠯᠤᠺ ᠪᠢᠰᠢ ᠤᠤ?
— ᠦᠭᠡᠢ᠂ ᠣᠳᠣᠬᠠᠨ ᠳᠡᠭᠡᠷ᠎ᠡ ᠪᠡᠨ ᠲᠡᠭᠦᠨ ᠳ᠋ᠦ᠍ ᠭᠠᠷ ᠬᠦᠷᠭᠡᠬᠦ ᠦᠭᠡᠢ ᠪᠠᠢᠨ᠎ᠠ᠃
— ᠡᠨᠡ ᠴᠢᠨᠢ ᠶᠠᠭᠤ ᠪᠣᠯᠵᠤ ᠪᠠᠢᠨ᠎ᠠ᠂ᠠᠬ᠎ᠠ ᠳᠡᠭᠦᠦ ᠨᠠᠷ ᠮᠢᠨᠢ⁈ ᠶᠠᠭᠠᠬᠢᠭᠰᠠᠨ ᠭᠠᠯᠵᠠᠭᠤᠷᠠᠭᠰᠠᠨ ᠵᠡᠷᠯᠢᠭ ᠦ᠋ᠳ ᠪᠣᠢ? ᠡᠳᠡ ᠴᠢᠨᠢ᠂
— ᠲᠡᠨᠳᠡ ᠪᠠᠰᠠ ᠰᠢᠲᠠᠵᠤ ᠪᠠᠢᠨ᠎ᠠ᠃ ᠲᠡᠷᠲᠡᠭᠡ ᠲᠡᠨᠳᠡ······ ᠬᠣᠯᠠ······
— ᠲᠡᠷᠡ ᠴᠢᠨᠢ ᠶᠡᠷᠦ᠋ᠰᠲ᠋ᠦᠸᠣ᠋······
— ᠦᠨᠡᠬᠡᠷ ᠶᠡᠷᠦ᠋ᠰᠲ᠋ᠦᠸᠣ᠋ ᠭᠡᠵᠢ ᠤᠤ? ᠭᠡᠵᠦ ᠰᠡᠸᠸᠯᠢ ᠭᠠᠰᠠᠯᠵᠤ᠂
— ᠶᠡᠷᠦ᠋ᠰᠲ᠋ᠦᠸᠣ᠋ ᠴᠢᠨᠢ ᠷᠶᠡᠽᠡᠨ ᠡᠴᠡ ᠭᠤᠴᠢᠭᠠᠳ ᠮᠣᠳᠣ ᠰᠢᠦ ᠳ᠋ᠠ ᠭᠡᠳ ᠥᠪᠡᠷ ᠦ᠋ᠨ ᠭᠡᠷ ᠪᠦᠯᠢ ᠳ᠋ᠦ᠍ ᠬᠡᠷᠪᠡ ᠲᠦᠭᠰᠢᠭᠦᠷᠢᠲᠡᠢ ᠴᠠᠭ ᠲᠣᠬᠢᠶᠠᠯᠳᠤᠪᠠᠯ ᠤᠷᠭᠤᠨ ᠶᠠᠪᠤᠵᠤ ᠶᠡᠷᠦ᠋ᠰᠲ᠋ᠦᠸᠣ᠋ ᠳ᠋ᠠᠬᠢ ᠵᠢᠭᠠᠰᠤᠴᠢᠨ ᠫᠠᠬᠤᠮ ᠤ᠋ᠨ ᠳ᠋ᠤ᠌ ᠣᠴᠢᠭᠠᠷᠠᠢ ᠭᠡᠵᠦ ᠵᠠᠬᠢᠭᠰᠠᠨ ᠢ᠋ᠶ᠋ᠠᠨ ᠳᠤᠷᠠᠰᠤᠨ ᠰᠠᠨᠠᠪᠠ᠃
— ᠲᠡᠳᠡᠨᠡᠷ ᠶᠠᠭᠤ ᠭᠡᠵᠦ ᠷᠶᠠᠽᠠᠨ ᠢ᠋ ᠠᠪᠲᠠᠯ᠎ᠠ ᠪᠠᠨ ᠬᠦᠯᠢᠶᠡᠵᠦ ᠪᠠᠢᠬᠤ ᠶᠤᠮ ᠪᠣᠢ? ᠲᠡᠳᠡᠭᠡᠷ ᠭᠠᠢ ᠲᠠᠢ ᠮᠠᠭᠤ ᠵᠠᠨᠳᠠᠯᠴᠢᠳ ᠲᠸ᠋ ᠭᠤᠴᠢᠨ ᠮᠣᠳᠣ ᠴᠢᠨᠢ ᠶᠠᠭᠤ ᠪᠠᠢᠬᠤ ᠶᠤᠮ ᠪᠣᠢ? ᠬᠠᠷᠠᠬᠤ ᠦᠭᠡᠢ ᠤᠤ᠂ ᠲᠡᠳᠡᠨᠡᠷ ᠬᠡᠴᠢᠨᠡᠨ ᠬᠣᠯᠠ ᠪᠣᠢ? ᠡᠷᠭᠢᠨ ᠲᠣᠭᠣᠷᠢᠨ ᠵᠥᠩᠳᠡᠭᠡᠨ ᠲᠠᠷᠬᠠᠴᠢᠬᠠᠭᠰᠠᠨ ᠪᠠᠢᠨ᠎ᠠ᠃ ᠰᠢᠲᠠᠭᠠᠬᠤ ᠳᠡᠭᠡᠷᠡᠮᠳᠡᠬᠦ ᠡᠴᠡ ᠥᠭᠡᠷ᠎ᠡ ᠶ᠋ᠢ ᠮᠡᠳᠡᠬᠦ ᠦᠭᠡᠢ ᠦᠬᠡᠷ ᠦ᠋ᠳ᠃
ᠶᠡᠷᠦ᠋ᠰᠲ᠋ᠦᠸᠣ᠋ ᠶ᠋ᠢᠨ ᠵᠦᠭ ᠲᠦ᠍ ᠭᠠᠯ ᠤ᠋ᠨ ᠲᠤᠶᠠᠭ᠎ᠠ ᠣᠨᠴᠠ ᠶᠡᠬᠡ ᠪᠠᠢᠪᠠ᠃ ᠮᠠᠰᠢ ᠶᠡᠬᠡ ᠭᠡᠷᠡᠯᠲᠡᠢ ᠭᠠᠯ ᠤ᠋ᠨ ᠤᠯᠠᠪᠢᠷ ᠳᠥᠯᠥ ᠪᠦᠷ ᠳᠡᠭᠡᠷ᠎ᠡ ᠬᠥᠭᠡᠷᠴᠦ ᠡᠭᠦᠯᠡ ᠶ᠋ᠢ ᠲᠤᠯᠵᠤ ᠪᠠᠢᠪᠠ᠃
— ᠲᠡᠨᠡᠭ ᠦ᠋ᠳ᠂ ᠡᠨᠡ ᠴᠢᠨᠢ ᠲᠠᠲ᠋ᠠᠷ ᠤ᠋ᠳ ᠨᠢᠷᠤᠭᠤᠯᠳᠠᠭᠰᠠᠨ ᠡᠪᠡᠰᠦ ᠶ᠋ᠢ ᠰᠢᠲᠠᠭᠠᠵᠤ ᠥᠪᠡᠷᠰᠡᠳ ᠦ᠋ᠨ ᠬᠠᠷ᠎ᠠ ᠲᠣᠯᠣᠭᠠᠢ ᠳ᠋ᠤ᠌ ᠬᠣᠬᠢᠷᠠᠯ ᠬᠢᠵᠦ ᠪᠠᠢᠨ᠎ᠠ ᠭᠡᠵᠦ ᠨᠢᠭᠡᠨ ᠵᠠᠯᠠᠭᠤ ᠴᠡᠷᠢᠭ ᠬᠡᠯᠡᠪᠡ᠃
— ᠦᠭᠡᠢ ᠲᠡᠢᠮᠦ ᠪᠢᠰᠢ᠂ ᠲᠠᠲ᠋ᠠᠷ ᠤ᠋ᠳ ᠲᠸ᠋ ᠡᠪᠡᠰᠦ᠂ ᠲᠠᠯᠬ᠎ᠠ ᠠ᠋ᠴᠠ ᠦᠨᠡᠲᠡᠢ ᠰᠢᠦ ᠭᠡᠵᠦ ᠰᠡᠸᠸᠯᠢ ᠪᠤᠷᠤᠭᠤᠰᠢᠶᠠᠪᠠ᠃
— ᠡᠪᠡᠰᠦ ᠦᠭᠡᠢ ᠪᠣᠯ ᠮᠣᠷᠢᠳ ᠨᠢ ᠦᠬᠦᠨ᠎ᠡ ᠪᠢᠵᠡ᠃ ᠲᠡᠭᠡᠪᠡᠯ ᠡᠨᠡ ᠮᠠᠭᠤ ᠵᠠᠨᠳᠠᠯᠴᠢᠳ ᠬᠠᠮᠢᠭ᠎ᠠ ᠣᠴᠢᠬᠤ ᠪᠢᠯᠡ᠃ ᠮᠠᠨ ᠤ᠋ ᠬᠢᠨ ᠥᠪᠡᠷᠰᠡᠳ ᠢ᠋ᠶ᠋ᠡᠨ ᠡᠪᠡᠰᠦ ᠪᠡᠨ ᠰᠢᠲᠠᠭᠠᠭᠰᠠᠨ ᠪᠠᠢᠬᠤ᠃ ᠪᠢᠳᠡ ᠨᠢᠷᠤᠭᠤᠯᠳᠠᠭᠰᠠᠨ ᠡᠪᠡᠰᠦ ᠪᠡᠨ ᠲᠦᠢᠮᠡᠷᠳᠡᠵᠦ ᠲᠠᠲ᠋ᠠᠷ ᠤ᠋ᠳ ᠢ᠋ ᠥᠯᠥᠰᠬᠦᠯᠡᠩ ᠢ᠋ᠶ᠋ᠡᠷ ᠢᠯᠠᠨ᠎ᠠ᠃
— ᠲᠡᠢᠮᠦ ᠠ᠋! ᠲᠡᠳᠡᠨᠡᠷ ᠲᠦ᠍ ᠡᠨᠳᠡ ᠠᠮᠢᠳᠤᠷᠠᠯᠭ᠎ᠠ ᠴᠥ᠍ ᠣᠭᠲᠣ ᠦᠭᠡᠢ ᠯᠡ ᠳ᠋ᠠ᠁ ᠡᠨᠡ ᠰᠥᠨᠢ ᠲᠦᠭᠰᠢᠭᠦᠷᠢᠲᠡᠢ ᠥᠩᠭᠡᠷᠡᠪᠡ᠃ ᠬᠠᠷᠠᠭᠤᠯ ᠮᠠᠨᠠᠭᠠᠨ ᠨᠤᠭᠤᠳ ᠨᠢᠳᠦ ᠴᠠᠪᠴᠢᠯ ᠦᠭᠡᠢ ᠰᠡᠷᠭᠡᠢᠯᠡᠵᠦ ᠪᠠᠢᠪᠠ᠃
ᠥᠷᠯᠥᠭᠡ ᠪᠣᠯᠬᠤ ᠳ᠋ᠤ᠌ ᠭᠣᠣᠯ ᠤ᠋ᠨ ᠴᠠᠭᠠᠨ᠎ᠠ ᠲᠠᠬᠢᠶ᠎ᠠ ᠳᠣᠩᠭᠣᠳᠪᠠ᠃ ᠷᠶᠠᠽᠠᠨ ᠳ᠋ᠠᠬᠢ ᠲᠠᠬᠢᠶ᠎ᠠ ᠨᠤᠭᠤᠳ ᠬᠠᠷᠢᠭᠤ ᠳᠣᠩᠭᠣᠳᠪᠠ᠃ ᠠᠭᠤᠷ ᠴᠠᠩ ᠪᠣᠯᠤᠭᠰᠠᠨ ᠴᠡᠷᠢᠭ ᠦ᠋ᠳ ᠪᠠᠭᠠᠰᠴᠤ ᠪᠠᠢᠭ᠎ᠠ ᠭᠠᠯ ᠤ᠋ᠨ ᠲᠤᠶᠠᠭ᠎ᠠ ᠶ᠋ᠢ ᠠᠰᠢᠭᠯᠠᠨ ᠬᠠᠷᠠᠵᠠᠭᠠᠨ᠎ᠠ᠃ ᠲᠠᠲ᠋ᠠᠷ ᠤ᠋ᠳ ( ᠤ᠋ᠨ) ᠵᠠᠳᠠᠭᠠᠢ ᠭᠠᠯ ᠤ᠋ᠳ ᠬᠡᠳᠦᠨ ᠮᠢᠩᠭ᠎ᠠ ᠪᠠᠷ ᠭᠢᠯᠪᠡᠯᠵᠡᠨ ᠦᠵᠡᠭᠳᠡᠭᠰᠡᠭᠡᠷ ᠪᠠᠢᠪᠠ᠃ ᠬᠣᠯᠠ ᠶ᠋ᠢᠨ ᠣᠢ ᠬᠥᠪᠴᠢ ᠶ᠋ᠢᠨ ᠬᠥᠬᠡ ᠴᠡᠩᠬᠡᠷ ᠰᠠᠴᠤᠭᠲᠤ ᠦᠵᠦᠭᠦᠷ ᠦ᠋ᠨ ᠳᠡᠭᠡᠭᠦᠷ ᠨᠠᠷᠠ ᠮᠠᠨᠳᠤᠵᠤ ᠭᠠᠷᠪᠠ᠃ ᠴᠠᠰᠤ ᠲᠠᠢ ᠲᠠᠯ᠎ᠠ ᠳᠡᠭᠡᠭᠦᠷ ᠰᠠᠴᠤᠷᠠᠨ ᠦᠵᠡᠭᠳᠡᠬᠦ ᠨᠠᠷᠠᠨ ᠤ᠋ ᠶᠠᠭᠠᠨ ᠲᠤᠶᠠᠭ᠎ᠠ ᠬᠣᠲᠠ ᠶ᠋ᠢ ᠴᠢᠭᠯᠡᠵᠦ ᠤᠷᠤᠰᠬᠤ ᠮᠡᠲᠦ ᠬᠠᠷᠠᠯᠠᠨ ᠶᠠᠪᠤᠬᠤ ᠲᠠᠲ᠋ᠠᠷ ᠤ᠋ᠳ ᠤ᠋ᠨ ᠣᠲ᠋ᠷᠢᠶᠠᠳ᠋ ᠢ᠋ ᠢᠯᠡᠷᠡᠭᠦᠯᠪᠡ᠃
ᠮᠣᠷᠢᠳ ᠪᠠ ᠬᠥᠮᠦᠰ᠂ ᠳ᠋ᠥ᠋ᠨᠵᠡᠨ ᠮᠣᠳᠣ ᠪᠠ ᠰᠢᠭᠤᠷᠭ᠎ᠠ (ᠰᠢᠷᠭᠤᠭ᠎ᠠ?) ᠪᠠᠩᠵᠠ ᠶ᠋ᠢ ᠠᠴᠢᠭᠰᠠᠨ ᠴᠢᠷᠭ᠎ᠠ ᠨᠤᠭᠤᠳ ( ᠢ᠋)ᠮᠣᠷᠢ ᠲᠠᠢ ᠪᠠ ᠶᠠᠪᠠᠭᠠᠨ ᠬᠥᠮᠦᠰ ᠴᠢᠷᠴᠦ ᠶᠠᠪᠤᠨ᠎ᠠ᠃ ᠷᠶᠠᠽᠠᠨᠴᠤᠳ ᠤ᠋ᠨ ᠬᠡᠷᠡᠮ ᠳᠡᠭᠡᠷ᠎ᠡ ᠦᠢᠮᠡᠵᠡᠭᠡᠵᠦ ᠪᠠᠢᠭᠰᠠᠨ ᠬᠥᠮᠦᠰ ᠰᠡᠳᠬᠢᠯ ᠬᠥᠳᠡᠯᠦᠭᠰᠡᠨ ᠪᠠ ᠰᠣᠨᠢᠷᠬᠠᠭᠰᠠᠨ ᠪᠠᠢᠳᠠᠯ ᠲᠠᠢ ᠲᠠᠲ᠋ᠠᠷ ᠤ᠋ᠳ( ᠤ᠋ᠨ) ᠶᠠᠭᠤ ᠬᠢᠬᠦ ᠶ᠋ᠢ ᠲᠠᠭᠠᠪᠤᠷᠢᠯᠠᠨ ᠬᠠᠷᠠᠵᠠᠭᠠᠵᠤ ᠪᠠᠢᠪᠠ᠃ ᠣᠯᠵᠠᠯᠠᠭᠳᠠᠭᠰᠠᠨ ᠬᠥᠮᠦᠰ ᠢ᠋ ᠬᠡᠰᠡᠭ ᠬᠡᠰᠡᠭ ᠢ᠋ᠶ᠋ᠡᠷ ᠨᠢ ᠠᠪᠴᠢᠷᠠᠵᠠᠭᠠᠵᠤ ᠶᠠᠪᠤᠬᠤ ᠳ᠋ᠠᠭᠠᠨ ᠲᠠᠲ᠋ᠠᠷ ᠤ᠋ᠳ ᠲᠡᠳᠡᠭᠡᠷ ᠢ᠋ ᠡᠷᠭᠢᠨ ᠲᠣᠭᠣᠷᠢᠨ ᠭᠦᠶᠦᠯᠳᠦᠵᠦ ᠬᠣᠴᠣᠷᠤᠭᠴᠢᠳ ᠢ᠋ ᠲᠠᠰᠢᠭᠤᠷ ᠢ᠋ᠶ᠋ᠠᠷ ᠵᠠᠨᠴᠢᠵᠤ ᠬᠥᠭᠡᠭᠡᠨ᠎ᠡ᠃ ᠨᠡᠯᠢᠶᠡᠳ ᠣᠯᠠᠨ ᠲᠠᠲ᠋ᠠᠷ᠂ ᠣᠷᠣᠰ ᠤ᠋ᠨ ᠲᠠᠷᠢᠶᠠᠴᠢᠨ ᠤ᠋ ᠪᠣᠭᠣᠨᠢ ᠳᠡᠪᠡᠯ ᠪᠠ ᠥᠷᠮᠥᠭ ᠳᠡᠪᠡᠯ ᠦ᠋ᠳ ᠢ᠋ ᠡᠮᠦᠰᠴᠦ ᠠᠮᠵᠢᠭᠰᠠᠨ ᠪᠠ ᠣᠯᠵᠠᠯᠠᠭᠴᠢᠳ (ᠣᠯᠵᠠᠯᠠᠭᠳᠠᠭᠴᠢᠳ) ᠨᠢ ᠳᠡᠪᠡᠯ ᠦᠭᠡᠢ ᠤᠷᠠᠩᠬᠠᠢ ᠨᠣᠣᠷᠠᠩᠬᠠᠢ ᠬᠤᠪᠴᠠᠰᠤ ᠲᠠᠢ᠂ ᠣᠯᠠᠩᠬᠢ ᠨᠢ ᠵᠥᠪᠬᠡᠨ ᠥᠮᠥᠳᠥ ᠴᠠᠮᠴᠠ ᠲᠠᠢ ᠶᠠᠪᠤᠬᠤ ᠨᠢ ᠬᠡᠷᠡᠮ ᠦ᠋ᠨ ᠳᠡᠭᠡᠷ᠎ᠡ ᠡᠴᠡ ᠲᠣᠳᠣᠷᠬᠠᠢ ᠦᠵᠡᠭᠳᠡᠨ᠎ᠡ᠃ ᠡᠳᠡᠭᠡᠷ ᠦ᠋ᠨ ᠵᠠᠷᠢᠮ ᠨᠢ ᠪᠦᠳᠦᠷᠢᠵᠦ ᠤᠨᠠᠬᠤ ᠳ᠋ᠤ᠌ ᠲᠠᠲ᠋ᠠᠷ ᠤ᠋ᠳ ᠭᠦᠶᠦᠯᠳᠦᠨ ᠢᠷᠡᠵᠦ ᠪᠣᠰᠲᠠᠯ᠎ᠠ ᠨᠢ ᠡᠰᠡᠪᠡᠯ ᠪᠦᠷᠢᠮᠦᠰᠦᠨ ᠪᠤᠰᠬᠠᠬᠤ ᠪᠠᠨ ᠪᠠᠢᠲᠠᠯ᠎ᠠ ᠨᠢ ᠵᠣᠳᠣᠨ᠎ᠠ᠃ ᠣᠯᠵᠠᠯᠠᠭᠴᠢᠳ(ᠣᠯᠵᠠᠯᠠᠭᠳᠠᠭᠴᠢᠳ) ᠨᠢ ᠪᠠᠢᠰᠢᠩ ᠤ᠋ᠳ ᠠ᠋ᠴᠠ ᠡᠪᠳᠡᠯᠡᠨ ᠡᠪᠡᠰᠦᠨ ᠳ᠋ᠥ᠋ᠨᠵᠡ ᠪᠠ ᠪᠠᠩᠵᠠ ᠨᠤᠭᠤᠳ ᠢ᠋ ᠣᠪᠣᠭᠠᠯᠠᠵᠤ ᠬᠣᠲᠠ ᠶ᠋ᠢ ᠲᠣᠭᠣᠷᠢᠭᠤᠯᠤᠨ ᠬᠡᠷᠡᠮ ᠦ᠋ᠨ ᠳᠣᠣᠷ᠎ᠠ ᠨᠢ ᠮᠣᠳᠣᠨ ᠬᠠᠰᠢᠶ᠎ᠠ ᠪᠠᠷᠢᠵᠤ ᠡᠬᠢᠯᠡᠪᠡ᠃
— ᠬᠠᠷᠠᠪᠠᠤ? ᠬᠣᠨᠢ ᠬᠠᠰᠢᠵᠤ ᠪᠠᠢᠭ᠎ᠠ ᠶᠤᠮ ᠰᠢᠭ᠋ ᠬᠠᠰᠢᠵᠤ ᠪᠠᠢᠨ᠎ᠠ᠁ ᠭᠡᠵᠦ ᠬᠡᠷᠡᠮ ᠦ᠋ᠨ ᠳᠡᠭᠡᠷ᠎ᠡ ᠶᠠᠷᠢᠯᠴᠠᠵᠠᠭᠠᠨ᠎ᠠ᠃
— ᠪᠠᠰᠠ ᠬᠣᠨᠢᠨ ᠤ᠋ ᠠᠷᠠᠰᠤ ᠥᠪᠴᠢᠬᠦ ᠰᠢᠭ᠌ ᠠᠷᠠᠰᠤ ᠥᠪᠴᠢᠨᠡ ᠳ᠋ᠠ!
— ᠡᠷᠡᠭᠴᠢᠨ ᠡᠮᠡᠭᠴᠢᠨ ᠢ᠋ᠶ᠋ᠡᠨ ᠦᠵᠡᠶ᠎ᠡ᠂ ᠨᠠᠰᠢ ᠪᠠᠨ ᠢᠷᠡᠭ ᠂ ᠮᠠᠭᠤ ᠭᠡᠢᠴᠢᠨ ᠨᠤᠭᠦᠳ ᠭᠡᠨ᠎ᠡ᠃ ᠬᠡᠳᠦᠨ ᠮᠣᠷᠢᠲᠠᠢ ᠬᠥᠮᠦᠰ ᠬᠠᠭᠠᠯᠭᠠᠨ ᠳ᠋ᠤ᠌ ᠣᠢᠷᠠᠲᠤᠨ ᠢᠷᠡᠪᠡ᠃ ᠲᠡᠳᠡᠨ ᠦ᠌ ᠬᠠᠮᠲᠤ ᠸᠠᠩ ᠭᠯᠸᠪ ᠶᠠᠪᠤᠯᠴᠠᠪᠠ᠃
— ᠬᠠᠭᠠᠯᠭ᠎ᠠ ᠨᠤᠭᠤᠳ ᠢ᠋ᠶ᠋ᠠᠨ ᠨᠡᠭᠡᠭᠡᠵᠦ ᠭᠠᠳᠠᠭᠰᠢ ᠭᠠᠷᠤᠭᠲᠤᠨ᠃ ᠭᠠᠭᠴᠠᠬᠠᠨ ᠬᠥᠷᠥᠩᠭᠡ ᠬᠣᠭᠰᠢᠯ ᠢ᠋ᠶ᠋ᠠᠨ ᠭᠡᠷ ᠲᠡᠭᠡᠨ ᠣᠷᠬᠢᠭᠲᠤᠨ᠃ ᠲᠠᠨᠠᠷ ᠳᠤᠷᠠᠲᠠᠢ ᠳᠠᠰᠢ ᠪᠠᠨ ᠴᠢᠯᠥᠭᠡᠲᠡᠢ ᠶᠠᠪᠤᠵᠤ ᠪᠣᠯᠤᠨ᠎ᠠ᠃ ᠲᠠᠲ᠋ᠠᠷ ᠤ᠋ᠳ ᠲᠠᠨᠠᠷ ᠲᠤ᠌ ᠬᠤᠷᠤᠭᠤ ᠪᠠᠨ ᠴᠤ᠌ ᠬᠦᠷᠭᠡᠬᠦ ᠦᠭᠡᠢ᠃ ᠷᠶᠡᠽᠡᠨ ᠦ᠌ ᠬᠡᠨ ᠳ᠋ᠦ᠍ ᠶᠠᠮᠠᠷ ᠴᠤ᠌ ᠬᠣᠣᠷ ᠬᠥᠨᠥᠭᠡᠯ ᠲᠣᠬᠢᠶᠠᠯᠳᠤᠬᠤ ᠦᠭᠡᠢ ᠭᠡᠬᠦ ᠮᠡᠲᠦ ᠪᠡᠷ ᠸᠠᠩ ᠭᠯᠸᠪ ᠲᠠᠩᠭᠠᠷᠢᠭᠯᠠᠨ ᠬᠠᠰᠬᠢᠷᠤᠨ᠎ᠠ᠃
— ᠡᠨᠡ ᠠᠬ᠎ᠠ ᠳᠡᠭᠦᠦ ᠨᠠᠷ ᠢ᠋ᠶ᠋ᠠᠨ ᠠᠯᠠᠨ ᠬᠢᠳᠤᠭᠴᠢ᠂ ᠮᠠᠭᠤ ᠵᠠᠶᠠᠭᠠᠲᠤ ᠵᠠᠨᠳᠠᠯᠴᠢᠨ᠂ ᠲᠥᠷᠥᠯ ᠰᠠᠳᠤᠨ ᠢ᠋ᠶ᠋ᠠᠨ ᠮᠡᠬᠡᠯᠡᠵᠦ ᠲᠣᠯᠣᠭᠠᠢ ᠶ᠋ᠢ ᠨᠢ ᠵᠠᠯᠭᠢᠭᠰᠠᠨ ᠪᠤᠵᠠᠷ ᠵᠣᠯᠢᠭ ᠴᠢᠮᠠᠶ᠋ᠢ ᠬᠠᠷ᠎ᠠ ᠰᠢᠮᠨᠤ ᠭᠡᠵᠦ ᠳᠤᠭᠤᠯᠳᠠᠳᠠᠭ ᠨᠢ ᠵᠦᠢᠲᠡᠢ ᠶᠤᠮ ᠪᠠᠢᠨ᠎ᠠ᠃
— ᠮᠠᠨ ᠤ᠋ ᠢᠳᠡᠷᠴᠦᠳ ᠦ᠋ᠨ ᠭᠠᠷ ᠲᠤ᠌ ᠴᠢᠨᠦ ᠣᠷᠣᠬᠤ ᠴᠠᠭ ᠪᠣᠢ᠃
— ᠠᠬ᠎ᠠ ᠳᠡᠭᠦᠦ ᠨᠠᠷ ᠢ᠋ᠶ᠋ᠠᠨ ᠪᠦᠷᠢᠯᠭᠡᠵᠦ ᠭᠦᠢᠴᠡᠭᠡᠳ ᠣᠳᠣ ᠡᠬᠡ ᠣᠷᠣᠨ ᠢ᠋ᠶ᠋ᠠᠨ ᠬᠤᠳᠠᠯᠳᠤᠵᠤ ᠪᠠᠢᠨ᠎ᠠ ᠤᠤ ᠴᠢ᠂ ᠨᠢᠷᠤᠭᠤᠨ ᠳ᠋ᠤ᠌ ᠴᠢᠨᠢ ᠭᠠᠳᠠᠰᠤ ᠰᠢᠭᠠᠭᠳᠠᠭᠠᠰᠠᠢ ᠮᠠᠭᠤ ᠵᠣᠯᠢᠭ ᠭᠡᠵᠦ ᠬᠡᠷᠡᠮ ᠳᠡᠭᠡᠷᠡᠬᠢ ᠬᠥᠮᠦᠰ ᠦᠢᠮᠡᠵᠡᠭᠡᠵᠦ ᠪᠠᠢᠲᠠᠯ᠎ᠠ ᠬᠡᠷᠡᠮ ᠦ᠋ᠨ ᠳᠡᠭᠡᠷ᠎ᠡ ᠡᠴᠡ ᠰᠤᠮᠤ ᠨᠤᠭᠤᠳ ᠨᠢᠰᠦᠨ ᠪᠠᠭᠤᠪᠠ᠃ ᠮᠡᠷᠭᠡᠨ ᠢ᠋ᠶ᠋ᠡᠷ ᠰᠢᠳᠡᠭᠰᠡᠨ ᠴᠢᠯᠠᠭᠤ ᠭᠯᠸᠪ ᠢ᠋ ᠰᠢᠷᠬᠠᠲᠤᠭᠤᠯᠪᠠ᠃ ᠲᠡᠷᠡ ᠮᠣᠷᠢ ᠪᠠᠨ ᠶᠠᠭᠠᠷᠠᠨ ᠡᠷᠭᠢᠭᠦᠯᠵᠦ ᠪᠤᠴᠠᠵᠤ ᠳᠠᠪᠬᠢᠪᠠ᠃ ᠴᠢᠯᠠᠭᠤ ᠰᠢᠳᠡᠬᠦ ᠮᠠᠰᠢᠨ ᠢ᠋ ᠦᠷ ᠴᠠᠢᠬᠤ ᠶ᠋ᠢᠨ ᠦᠶ᠎ᠡ ᠳ᠋ᠦ᠍ ᠬᠣᠲᠠ ᠶ᠋ᠢᠨ ᠬᠠᠭᠠᠯᠭ᠎ᠠ ᠤᠷᠤᠭᠤ ᠣᠷᠣᠭᠤᠯᠵᠤ ᠢᠷᠡᠪᠡ᠃ ᠲᠠᠲ᠋ᠠᠷ ᠤ᠋ᠳ ᠲᠣᠮᠣ ᠮᠣᠳᠣᠨ ᠪᠠᠮᠪᠠᠢ ᠨᠤᠭᠤᠳ ᠤ᠋ᠨ ᠴᠠᠭᠠᠨ᠎ᠠ ᠨᠢᠭᠤᠭᠳᠠᠵᠤ ᠫᠤᠤᠳᠠᠯᠭ᠎ᠠ ᠶ᠋ᠢ ᠡᠬᠢᠯᠡᠪᠡ᠃ ᠦᠵᠦᠭᠦᠷ ᠲᠡᠭᠡᠨ ᠲᠣᠮᠣ ᠲᠡᠮᠦᠷ ᠤᠳᠬᠤᠭᠤᠷ ᠪᠦᠬᠦᠢ ᠳ᠋ᠥ᠋ᠨᠵᠡᠨ ᠮᠣᠳᠣ ᠶ᠋ᠢ ᠠᠪᠴᠢᠷᠠᠨ ᠲᠡᠭᠦᠨ ᠢ᠋ ᠪᠠᠨ ᠭᠡᠳᠡᠷᠭᠦ ᠨᠢ ᠬᠥᠪᠴᠢᠯᠡᠨ ᠲᠠᠲᠠᠵᠤ ᠲᠡᠷᠡ ᠤᠳᠬᠤᠭᠤᠷ ᠳᠣᠲᠣᠷ᠎ᠠ ᠲᠣᠮᠣ ᠴᠢᠯᠠᠭᠤ ᠲᠠᠯᠪᠢᠪᠠ᠃ ᠲᠡᠷᠡ ᠳ᠋ᠥ᠋ᠨᠵᠡ ᠨᠢ ᠣᠷᠣᠭᠰᠢ ᠪᠠᠨ ᠴᠢᠮᠡᠭᠡ ᠲᠡᠢ ᠪᠡᠷ ᠴᠢᠪᠬᠠᠳᠠᠵᠤ ᠴᠢᠯᠠᠭᠤ ᠶ᠋ᠢ ᠰᠢᠳᠡᠨ᠎ᠡ᠃ ᠲᠡᠳᠦᠢ ᠯᠡ ᠬᠣᠯᠠ ᠦᠭᠡᠢ ᠡᠪᠳᠡᠷᠡᠭᠰᠡᠨ ᠪᠠᠢᠰᠢᠩ ᠤ᠋ᠨ ᠴᠠᠭᠠᠨ᠎ᠠ ᠮᠣᠷᠢᠲᠠᠢ ᠲᠠᠲ᠋ᠠᠷ ᠤ᠋ᠳ ᠨᠢᠭᠤᠭᠳᠠᠵᠤ ᠵᠣᠷᠢᠮᠠᠭ ᠬᠥᠮᠦᠰ ᠡᠭᠦᠳᠡ ᠬᠠᠭᠠᠯᠭ᠎ᠠ ᠪᠠᠷ ᠭᠠᠷᠴᠤ ᠢᠷᠡᠬᠦ ᠪᠣᠯ ᠤᠤ ᠭᠡᠵᠦ ᠬᠦᠯᠢᠶᠡᠨ ᠵᠣᠭᠰᠣᠵᠠᠭᠠᠨ᠎ᠠ᠃
— ᠴᠢᠳᠠᠯ ᠬᠦᠴᠦ ᠪᠡᠨ ᠬᠠᠮᠠᠭᠠᠯᠠᠵᠤ ᠪᠠᠢᠭᠲᠤᠨ᠃ ᠦᠯᠦ ᠪᠦᠲᠦᠬᠦ ᠠᠮᠢᠲᠠᠳ ᠢ᠋ ᠨᠢᠴᠤᠭᠠᠭᠲᠤᠨ᠂ ᠭᠡᠬᠦ ᠳ᠋ᠡᠭᠡᠨ ᠬᠠᠭᠠᠯᠭ᠎ᠠ ᠠ᠋ᠴᠠ ᠪᠠᠨ ᠪᠢᠲᠡᠭᠡᠢ ᠭᠠᠷᠤᠭᠲᠤᠨ᠂ ᠲᠡᠳᠡᠨᠡᠷ ᠪᠢᠳᠡᠨ ᠢ᠋ ᠮᠡᠬᠡᠯᠡᠬᠦ ᠰᠠᠨᠠᠭᠠᠲᠠᠢ ᠪᠠᠢᠨ᠎ᠠ ᠭᠡᠵᠦ ᠵᠠᠩᠭᠢ ᠺᠤᠹᠠ ᠬᠠᠲᠠᠭᠤ ᠠ᠋ᠴᠠ ᠬᠠᠲᠠᠭᠤ ᠪᠠᠷ ᠲᠤᠰᠢᠶᠠᠪᠠ᠃
ᠦᠰᠦᠭ ᠠᠮᠢᠯᠠᠭᠤᠯᠤᠭᠴᠢ᠄ ᠮᠡᠷᠭᠡᠨᠭᠣᠣ᠎ᠠ᠂ ᠵᠢᠩᠯᠢᠬᠤᠸᠠᠷ· ᠬᠡᠷᠡᠢᠳ·ᠮᠥᠩᠬᠡᠨᠠᠰᠤᠨ᠂ ᠭᠡᠷᠡᠯ᠂ ᠠᠯᠲᠠᠨᠴᠢᠮᠡᠭ
ᠬᠢᠨᠠᠭᠴᠢ᠄ ᠲ· ᠬᠦᠮᠦᠵᠢᠯᠲᠦ᠂ ᠠᠯᠲᠠᠨᠴᠢᠮᠡᠭ᠂ ᠠᠷᠢᠭᠤᠨ᠂ ᠪᠠᠶᠠᠨᠴᠡᠴᠡᠭ
