ᠪᠠᠲᠤ ᠬᠠᠭᠠᠨ 5-07ᠪᠢᠳᠡ ᠠᠳᠤᠭᠤᠰᠤ ᠶ᠋ᠢ ᠴᠥ᠍ ᠡᠩᠬᠦᠷᠡᠢᠯᠡᠳᠡᠭ ᠪᠢᠯᠡ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ
ᠳᠣᠯᠣᠭ᠎ᠠ 《ᠪᠢᠳᠡ ᠠᠳᠤᠭᠤᠰᠤ ᠶ᠋ᠢ ᠴᠥ᠍ ᠡᠩᠬᠦᠷᠡᠢᠯᠡᠳᠡᠭ ᠪᠢᠯᠡ》
ᠰᠥᠪᠡᠭᠡᠲᠡᠢ ᠪᠠᠭᠠᠲᠤᠷ ᠤ᠋ᠨ ᠰᠠᠭᠤᠵᠤ ᠪᠠᠢᠭ᠎ᠠ ᠪᠠᠢᠰᠢᠩ ᠤ᠋ᠨ ᠱᠠᠲᠤᠨ ᠤ᠋ ᠳᠡᠷᠭᠡᠳᠡ ᠡᠴᠡ ᠲᠡᠭᠦᠨ ᠦ᠌ ᠬᠣᠯᠠ ᠠᠵᠢᠷᠭ᠎ᠠ ᠤᠶᠠᠭᠠᠲᠠᠢ ᠪᠠᠢᠪᠠ᠃ ᠲᠡᠭᠦᠨ ᠦ᠌ ᠡᠮᠦᠨ᠎ᠡ ᠨᠢ ᠡᠪᠡᠰᠦ ᠰᠦᠷᠡᠯ ᠣᠪᠣᠭᠠᠯᠠᠵᠤ ᠣᠷᠬᠢᠭᠰᠠᠨ ᠪᠠᠢᠯ᠎ᠠ᠃ ᠪᠠᠲᠤ ᠬᠠᠭᠠᠨ ᠡᠪᠦᠭᠡᠨ ᠵᠠᠩᠵᠤᠨ ᠢ᠋ ᠥᠪᠡᠷ ᠦ᠋ᠨ ᠭᠡᠷ ᠲᠦ᠍ ᠳᠠᠭᠤᠳᠠᠭᠤᠯᠪᠠ᠃
ᠰᠥᠪᠡᠭᠡᠳᠡᠢ ᠪᠠᠭᠠᠲᠤᠷ ᠤ᠋ᠨ ᠭᠠᠷᠴᠤ ᠢᠷᠡᠬᠦ ᠳ᠋ᠦ᠍ᠨᠢ ᠨᠢᠭᠡᠨ ᠴᠡᠷᠢᠭ ᠲᠡᠭᠦᠨ ᠦ᠌ ᠮᠣᠷᠢ ᠶ᠋ᠢ ᠣᠢᠷᠠᠲᠤᠭᠤᠯᠵᠤ ᠥᠭᠪᠡ᠃
— ᠬᠠᠭᠠᠰ ᠬᠥᠮᠦᠨ ᠳ᠋ᠦ᠍᠂ ᠶᠠᠪᠠᠭᠠᠨ ᠶᠠᠪᠤᠵᠤ ᠬᠥᠯ ᠢ᠋ᠶ᠋ᠡᠨ ᠭᠠᠵᠠᠷ ᠲᠤ᠌ ᠬᠦᠷᠭᠡᠭᠰᠡᠭᠡᠷ ᠣᠴᠢᠬᠤ ᠨᠢ ᠵᠣᠬᠢᠰ ᠦᠭᠡᠢ ᠶᠤᠮ ᠤᠤ ᠳ᠋ᠠ!
ᠰᠥᠪᠡᠭᠡᠳᠡᠢ ᠪᠠᠭᠠᠲᠤᠷ ᠮᠣᠷᠢᠨ ᠳ᠋ᠠᠭᠠᠨ ᠮᠣᠷᠳᠠᠵᠤ ᠭᠤᠳᠤᠮᠵᠢ(ᠪᠡᠷ) ᠬᠥᠨᠳᠡᠯᠡᠨ ᠭᠠᠷᠴᠤ ᠶᠠᠪᠤᠲᠠᠯ᠎ᠠ ᠡᠮᠦᠨ᠎ᠡ ᠡᠴᠡ ᠨᠢ ᠣᠯᠠᠨ ᠴᠡᠷᠢᠭ ᠦ᠋ᠳ ᠭᠦᠶᠦᠯᠳᠦᠵᠦ ᠶᠠᠪᠤᠪᠠ᠃ ᠡᠳᠡᠨᠡᠷ ᠴᠥᠮ ᠪᠡᠶ᠎ᠡ ᠪᠡᠶ᠎ᠡ ᠡᠴᠡ ᠪᠡᠨ ᠲᠦᠯᠬᠢᠯᠳᠦᠨ ᠬᠠᠰᠬᠢᠷᠤᠯᠳᠤᠵᠤ ᠠᠭᠤᠷ ᠴᠠᠩ ᠪᠣᠯᠤᠭᠰᠠᠨ ᠮᠠᠯᠠᠭᠠᠢ ᠲᠠᠢ᠂ ᠤᠰᠤ ᠴᠠᠰᠤ ᠪᠣᠯᠤᠭᠰᠠᠨ ᠮᠣᠷᠢ ᠲᠠᠢ ᠨᠢᠭᠡ ᠮᠣᠩᠭᠣᠯ ᠬᠥᠮᠦᠨ ᠳ᠋ᠦ᠍ ᠤᠯᠠᠮ ᠣᠢᠷᠠᠲᠤᠵᠤ ᠣᠴᠢᠬᠤ ᠶ᠋ᠢ ᠡᠷᠡᠮᠡᠯᠵᠡᠵᠦ ᠪᠠᠢᠪᠠ᠃ ᠡᠨᠡ᠂ ᠬᠥᠮᠦᠨ ᠬᠥᠲᠥᠯᠦᠭᠰᠡᠨ ᠮᠣᠷᠢᠨ ᠤ᠋ ᠡᠮᠡᠭᠡᠯ ᠳᠡᠭᠡᠷ᠎ᠡ ᠲᠡᠰᠬᠢᠮ᠎ᠡ ᠬᠦᠢᠲᠡᠨ ᠳ᠋ᠦ᠍ ᠦᠬᠦᠭᠰᠡᠨ ᠶᠤᠮ ᠰᠢᠭ᠌ ᠬᠥᠬᠡ ᠴᠠᠭᠠᠨ ᠴᠢᠷᠠᠢ ᠲᠠᠢ ᠪᠣᠯᠤᠭᠰᠠᠨ ᠥᠪᠡᠷ ᠦ᠋ᠨ ᠤᠬᠠᠭᠠᠨ ᠦᠭᠡᠢ ᠪᠣᠯᠤᠯᠲᠠᠢ ᠨᠢᠭᠡᠨ ᠬᠥᠮᠦᠨ ᠢ᠋ ᠬᠥᠨᠳᠡᠯᠡᠨ ᠲᠠᠯᠪᠢᠵᠤ ᠬᠦᠯᠢᠵᠡᠢ᠃ ᠰᠥᠪᠡᠭᠡᠳᠡᠢ ᠪᠠᠭᠠᠲᠤᠷ ᠭᠡᠨᠡᠳᠲᠡ ᠭᠠᠯᠵᠠᠭᠤᠷᠠᠭᠰᠠᠨ ᠮᠡᠲᠦ ᠬᠠᠰᠬᠢᠷᠴᠤ ᠮᠣᠷᠢ ᠪᠠᠨ ᠲᠠᠰᠢᠭᠤᠷᠳᠠᠨ ᠲᠡᠳᠡᠭᠡᠷ ᠣᠯᠠᠨ ᠬᠥᠮᠦᠨ ᠦ᠌ ᠳᠤᠮᠳᠠ ᠳᠠᠪᠬᠢᠨ ᠣᠷᠣᠵᠤ ᠮᠣᠷᠢᠨ ᠠ᠋ᠴᠠ ᠪᠠᠨ ᠬᠠᠷᠠᠢᠨ ᠪᠠᠭᠤᠭᠠᠳ ᠣᠰᠤᠭᠤᠴᠢᠬᠠᠭᠰᠠᠨ ᠬᠥᠮᠦᠨ ᠦ᠌ ᠳᠡᠷᠭᠡᠳᠡ ᠭᠦᠶᠦᠨ ᠢᠷᠡᠭᠡᠳ᠄
— ᠤᠷᠶᠠᠩᠾ ᠭᠠᠳᠠᠩ (ᠤᠷᠢᠶᠠᠩᠬᠠᠳᠠᠢ)᠂ ᠰᠡᠷᠢᠭᠲᠦᠨ! ᠨᠢᠳᠦ ᠪᠡᠨ ᠣᠩᠭᠤᠶ᠋ᠢᠯᠭᠠᠭᠠᠴᠢ᠂ ᠮᠢᠨᠦ ᠦᠭᠡ ᠶ᠋ᠢ ᠳᠣᠭᠣᠯᠤᠭᠲᠤᠨ ᠭᠡᠵᠦ ᠰᠥᠪᠡᠭᠡᠳᠡᠢ ᠪᠠᠭᠠᠲᠤᠷ ᠬᠠᠰᠬᠢᠷᠤᠨ᠂ ᠣᠰᠤᠭᠤᠭᠰᠠᠨ ᠲᠡᠭᠦᠨ ᠢ᠋ ᠲᠡᠪᠡᠷᠢᠨ (ᠤᠨᠠᠵᠤ)ᠶᠠᠮᠠᠷ ᠴᠥ᠍ ᠬᠥᠳᠡᠯᠭᠡᠭᠡᠨ ᠦᠭᠡᠢ ᠨᠢᠭᠤᠷ ᠢ᠋ ᠡᠨᠳᠡ ᠲᠡᠨᠳᠡ ᠦᠭᠡᠢ ᠪᠠᠷᠢᠯᠠᠨ ᠦᠵᠡᠨ᠎ᠡ᠃
— ᠡᠨᠡ ᠨᠢ ᠰᠥᠪᠡᠭᠡᠳᠡᠢ ᠪᠠᠭᠠᠲᠤᠷ ᠤ᠋ᠨ ᠬᠦᠦ ᠶᠤᠮ᠂ ᠦᠵᠡᠪᠡᠯ ᠬᠦᠦ ᠤᠷᠶᠠᠩᠾ— ᠭᠠᠳᠠᠩ (ᠤᠷᠢᠶᠠᠩᠬᠠᠳᠠᠢ) ᠳ᠋ᠠᠭᠠᠨ ᠬᠠᠢᠷᠠᠲᠠᠢ ᠶᠤᠮ ᠪᠠᠢᠵᠠᠢ᠃ ᠲᠡᠷᠡ ᠨᠢ ᠢᠳᠡᠷ ᠵᠠᠯᠠᠭᠤ ᠪᠣᠯᠪᠠᠴᠤ ᠠᠢᠬᠤᠪᠲᠤᠷ ᠵᠣᠷᠢᠭ ᠲᠠᠢ ᠰᠠᠢᠨ ᠡᠷ᠎ᠡ ᠪᠠᠢᠭᠰᠠᠨ ᠶᠤᠮ᠃ ᠦᠵᠡᠲᠡᠯ᠎ᠡ ᠤᠷᠶᠠᠩᠾ— ᠭᠠᠳᠠᠩ (ᠤᠷᠢᠶᠠᠩᠬᠠᠳᠠᠢ) ᠬᠦᠦ ᠳ᠋ᠡᠭᠡᠨ ᠡᠢᠮᠦ ᠬᠠᠢᠷᠠᠲᠠᠢ ᠪᠠᠢᠵᠤ ᠰᠢᠦ ᠭᠡᠵᠦ ᠲᠡᠳᠡᠭᠡᠷ ᠦᠢᠮᠡᠵᠦ ᠪᠠᠢᠭ᠎ᠠ ᠬᠥᠮᠦᠰ ᠱᠤᠤᠭᠢᠯᠳᠤᠨ᠎ᠠ᠃
— ᠡᠭᠦᠨ ᠢ᠋ ᠬᠠᠮᠢᠭ᠎ᠠ ᠠᠪᠠᠴᠢᠬᠤ ᠶᠤᠮ ᠪᠣᠢ? ᠭᠡᠵᠦ ᠥᠨᠥᠬᠢ ᠮᠣᠷᠢ ᠲᠠᠢ ᠮᠣᠩᠭᠣᠯ ᠬᠥᠮᠦᠨ ᠠᠰᠠᠭᠤᠭᠠᠳ᠂ —— ᠶᠡᠷᠦ ᠨᠢ ᠡᠭᠦᠨ ᠢ᠋ ᠰᠢᠭᠤᠳ ᠭᠠᠯ ᠳ᠋ᠤ᠌ ᠬᠢᠵᠦ ᠰᠢᠲᠠᠭᠠᠪᠠᠯ ᠳᠡᠭᠡᠷ᠎ᠡ ᠪᠢᠰᠢ ᠤᠤ? ᠶᠠᠭᠠᠬᠢᠭᠰᠠᠨ ᠴᠥ᠍ ᠳᠠᠬᠢᠵᠤ ᠠᠮᠢᠳᠤᠷᠠᠬᠤ ᠠ᠋ᠴᠠ ᠪᠠᠨ ᠥᠩᠭᠡᠷᠡᠭᠰᠡᠨ ᠪᠠᠢᠨ᠎ᠠ ᠳ᠋ᠠ ᠭᠡᠪᠡ᠃ ᠰᠥᠪᠡᠭᠡᠳᠡᠢ ᠪᠠᠭᠠᠲᠤᠷ ᠲᠡᠷᠡ ᠬᠥᠮᠦᠨ ᠦ᠌ ᠭᠠᠷ ᠠ᠋ᠴᠠ ᠴᠤᠯᠪᠤᠭᠤᠷ ᠢ᠋ ᠰᠢᠪᠲᠤ ᠲᠠᠲᠠᠵᠤ ᠠᠪᠤᠭᠠᠳ ᠥᠪᠡᠷ ᠢ᠋ᠶ᠋ᠡᠨ ᠲᠡᠷᠡ ᠮᠣᠷᠢ ᠶ᠋ᠢ ᠬᠥᠲᠥᠯᠵᠦ ᠪᠤᠴᠠᠵᠤ ᠬᠠᠰᠢᠶᠠᠨ ᠤ᠋ ᠮᠣᠳᠣᠨ ᠬᠠᠭᠠᠯᠭ᠎ᠠ ᠪᠠᠷ ᠣᠷᠣᠵᠤ ᠪᠠᠢᠰᠢᠩ ᠤ᠋ᠨ ᠱᠠᠲᠤ ᠲᠡᠰᠢ ᠴᠢᠭᠯᠡᠨ ᠢᠷᠡᠪᠡ᠃
— ᠤᠷᠶᠠᠩᠾ— ᠭᠠᠳᠠᠩ (ᠤᠷᠢᠶᠠᠩᠬᠠᠳᠠᠢ) ᠴᠢ ᠦᠬᠦᠬᠦ ᠶᠣᠰᠣ ᠦᠭᠡᠢ᠃ ᠪᠢ ᠴᠢᠨᠦ ᠬᠠᠮᠠᠷ ᠤ᠋ᠨ ᠨᠦᠬᠡ ᠪᠡᠷ ᠦᠯᠢᠶᠡᠨ᠎ᠡ᠃ ᠮᠢᠨᠦ ᠰᠦᠨᠡᠰᠦ ᠴᠢᠨᠦ ᠪᠡᠶ᠎ᠡ ᠳ᠋ᠦ᠍ ᠰᠢᠯᠵᠢᠨ ᠣᠷᠣᠨ᠎ᠠ᠃ ᠪᠢ ᠥᠪᠡᠷ ᠦ᠋ᠨ ᠵᠢᠷᠦᠬᠡ ᠶ᠋ᠢ ᠰᠤᠭᠤᠯᠵᠤ ᠴᠢᠨᠦ ᠬᠥᠯᠳᠡᠭᠰᠡᠨ ᠵᠢᠷᠦᠬᠡᠨ ᠦ᠌ ᠴᠢᠨᠢ ᠣᠷᠣᠨ ᠳ᠋ᠤ᠌ ᠴᠡᠭᠡᠵᠢᠨ ᠳ᠋ᠦ᠍ ᠴᠢᠨᠢ ᠬᠢᠵᠦ ᠥᠭᠭᠦᠶ᠎ᠡ᠃ ᠬᠥᠭᠰᠢᠨ ᠪᠢ ᠦᠬᠦᠭᠰᠡᠨ ᠨᠢ ᠳᠡᠭᠡᠷ᠎ᠡ᠂ ᠵᠠᠯᠠᠭᠤ ᠴᠢ ᠳᠠᠬᠢᠨ ᠢᠯᠠᠯᠲᠠ ᠨᠤᠭᠤᠳ ᠢ᠋ᠶ᠋ᠠᠷ ᠢ᠋ᠶ᠋ᠠᠨ ᠴᠢᠮᠡᠭᠯᠡᠭᠳᠡᠵᠦ ᠶᠠᠪᠤ᠃ ᠡᠨᠡ ᠶᠢᠷᠲᠢᠨᠴᠦ ᠶ᠋ᠢ ᠣᠷᠬᠢᠬᠤ ᠪᠠᠨ ᠬᠦᠯᠢᠴᠡᠨᠡ ᠳ᠋ᠠ ᠭᠡᠪᠡ᠃
ᠣᠫᠡᠯᠸᠨᠢᠬᠠ ᠲᠡᠷᠡ ᠦᠢᠮᠡᠭᠡᠨ ᠱᠤᠤᠭᠢᠶᠠᠨ ᠢ᠋ ᠰᠣᠨᠣᠰᠤᠭᠠᠳ ᠱᠠᠲᠤᠨ ᠳᠡᠭᠡᠷ᠎ᠡ ᠭᠠᠷᠴᠤ ᠢᠷᠡᠭᠡᠳ ᠬᠠᠰᠬᠢᠷᠴᠤ ᠪᠠᠢᠭ᠎ᠠ ᠰᠥᠪᠡᠭᠡᠳᠡᠢ ᠪᠠᠭᠠᠲᠤᠷ ᠢ᠋ ᠬᠥᠮᠥᠰᠬᠡ ᠪᠡᠨ ᠵᠠᠩᠭᠢᠳᠴᠤ ᠬᠠᠷᠠᠭᠠᠳ᠂《ᠵᠢᠷᠲᠠᠭᠠᠢ ᠨᠢᠳᠦᠲᠦ ᠬᠦᠦ ᠪᠡᠨ ᠬᠠᠢᠷᠠᠯᠠᠵᠤ ᠪᠠᠢᠨ᠎ᠠ ᠪᠣᠢ! 》ᠭᠡᠵᠦ ᠣᠢᠯᠠᠭᠠᠵᠤ ᠠᠪᠤᠪᠠ᠃ ᠣᠫᠡᠯᠸᠨᠢᠬᠠ ᠱᠠᠲᠤ ᠠ᠋ᠴᠠ ᠲᠦᠷᠭᠡᠨ ᠭᠦᠶᠦᠨ ᠪᠠᠭᠤᠵᠤ ᠣᠴᠢᠭᠠᠳ ᠬᠦᠴᠦᠲᠡᠢ ᠭᠠᠷ ᠢ᠋ᠶ᠋ᠠᠷ ᠢ᠋ᠶ᠋ᠠᠨ ᠰᠥᠪᠡᠭᠡᠳᠡᠢ ᠪᠠᠭᠠᠲᠤᠷ ᠢ᠋ ᠲᠠᠲᠠᠵᠤ ᠬᠥᠪᠡᠭᠦᠨ ᠡᠴᠡ ᠨᠢ ᠬᠣᠯᠠᠳᠠᠭᠤᠯᠤᠭᠠᠳ ᠰᠤᠷᠮᠠᠭᠠᠢ ᠪᠠ ᠲᠠᠢᠪᠤᠩ ᠬᠥᠳᠡᠯᠭᠡᠭᠡᠨ ᠢ᠋ᠶ᠋ᠡᠷ ᠤᠶᠠᠭ᠎ᠠ ᠶ᠋ᠢ ᠲᠠᠢᠯᠵᠤ ᠤᠷᠶᠠᠩᠾ— ᠭᠠᠳᠠᠩ (ᠤᠷᠢᠶᠠᠩᠬᠠᠳᠠᠢ) ᠢ᠋ ᠮᠥᠷᠦᠨ ᠳᠡᠭᠡᠭᠦᠷ ᠢ᠋ᠶ᠋ᠡᠨ ᠡᠭᠦᠷᠴᠦ ᠠᠭᠠᠵᠢᠮ ᠢ᠋ᠶ᠋ᠠᠷ ᠱᠠᠲᠤ ᠶ᠋ᠢ ᠥᠭᠰᠥᠵᠦ ᠭᠠᠷᠤᠭᠠᠳ ᠡᠭᠦᠳᠡᠨ ᠦ᠌ ᠥᠷᠥᠭᠡᠨᠡ ᠢᠷᠡᠵᠦ ᠣᠰᠤᠭᠤᠭᠰᠠᠨ ᠲᠡᠭᠦᠨ ᠢ᠋ ᠰᠦᠷᠡᠯ ᠳᠡᠭᠡᠷ᠎ᠡ ᠬᠡᠪᠲᠡᠭᠦᠯᠪᠡ᠃ ᠸᠠᠩ ᠭᠯᠸᠪ ᠮᠥᠨ ᠲᠡᠨᠳᠡ ᠢᠷᠡᠭᠰᠡᠨ ᠪᠠᠢᠪᠠ᠃
ᠣᠫᠡᠯᠸᠨᠢᠬᠠ ᠡᠪᠦᠳᠦᠭᠯᠡᠵᠦ ᠰᠠᠭᠤᠭᠠᠳ ᠥᠨᠥᠬᠢ ᠣᠰᠤᠭᠤᠭᠰᠠᠨ ᠬᠥᠮᠦᠨ ᠦ᠌ ᠲᠣᠪᠴᠢ ᠪᠦᠴᠡ ᠶ᠋ᠢ ᠲᠠᠢᠯᠵᠤ ᠬᠡᠯᠡᠪᠡ᠃
— ᠬᠥᠭᠡᠷᠦᠬᠦᠢ ᠴᠢᠨᠢ ᠠᠮᠢᠳᠤ ᠪᠠᠢᠨ᠎ᠠ᠃ ᠪᠢ ᠠᠩᠬ᠎ᠠ ᠤᠳᠠᠭ᠎ᠠ ᠣᠰᠤᠭᠤᠭᠰᠠᠨ ᠬᠥᠮᠦᠨ ᠢ᠋ ᠠᠮᠢ ᠣᠷᠣᠭᠤᠯᠵᠤ ᠪᠠᠢᠭ᠎ᠠ ᠪᠢᠰᠢ ᠠ᠋᠃ ᠴᠡᠮᠪᠡ᠂ ᠢᠰᠡᠭᠡᠢ᠂ ᠯᠠᠮᠫᠠ ᠶ᠋ᠢᠨ ᠲᠣᠰᠣ᠂ ᠲᠠᠪᠠᠭ ᠳᠣᠲᠣᠷ᠎ᠠ ᠴᠠᠰᠤ ᠠᠪᠴᠤ ᠢᠷᠡᠭᠲᠦᠨ᠃ ᠡᠭᠦᠨ ᠢ᠋ ᠳᠤᠯᠠᠭᠠᠨ ᠪᠠᠢᠰᠢᠩ ᠳ᠋ᠤ᠌ ᠣᠷᠣᠭᠤᠯᠵᠤ ᠪᠣᠯᠬᠤ ᠦᠭᠡᠢ᠂ ᠵᠢᠷᠲᠠᠭᠠᠢ ᠮᠢᠨᠢ᠂ ᠮᠢᠬ᠎ᠠ ᠨᠢ ᠬᠡᠰᠡᠭ ᠬᠡᠰᠡᠭ ᠢ᠋ᠶ᠋ᠡᠷ ᠢ᠋ᠶ᠋ᠡᠨ ᠲᠠᠰᠤᠷᠠᠵᠤ ᠣᠢᠴᠢᠨ᠎ᠠ᠃
ᠰᠥᠪᠡᠭᠡᠳᠡᠢ ᠪᠠᠭᠠᠲᠤᠷ ᠣᠫᠠᠯᠸᠨᠢᠬᠠ ᠶ᠋ᠢᠨ ᠰᠢᠢᠳᠪᠦᠷᠢ ᠲᠡᠢ ᠡᠷᠡᠰ ᠬᠥᠳᠡᠯᠭᠡᠭᠡᠨ ᠳ᠋ᠦ᠍ ᠮᠡᠯᠮᠡᠷᠡᠨ(ᠮᠡᠯᠡᠷᠡᠨ) ᠭᠠᠢᠬᠠᠵᠤ ᠠᠯᠮᠠᠢᠷᠠᠨ ᠬᠠᠷᠠᠨ᠎ᠠ᠃ ᠣᠫᠠᠯᠸᠨᠢᠬᠠ᠂ ᠣᠷᠶᠠᠩᠾ— ᠭᠠᠳᠠᠩ (ᠤᠷᠢᠶᠠᠩᠬᠠᠳᠠᠢ)ᠣᠨ ᠢᠯᠭᠢᠨ ᠭᠤᠲᠤᠯ ᠢ᠋ (ᠲᠠᠢ)ᠲᠡᠭᠦᠨ ᠦ᠌ ᠴᠠᠢᠷᠠᠭᠰᠠᠨ ᠬᠥᠯ ᠦ᠋ᠨ ᠤᠯᠠ ᠶ᠋ᠢ ᠢᠰᠡᠭᠡᠢ ᠪᠠ ᠴᠠᠰᠤ ᠪᠠᠷ ᠴᠢᠳᠠᠮᠠᠭᠠᠢ ᠪᠠᠷ ᠰᠢᠮᠳᠠᠨ ᠥᠷᠥᠵᠦ ᠭᠠᠷᠪᠠ᠃ ᠬᠣᠶᠠᠷ ᠮᠣᠩᠭᠣᠯ ᠣᠫᠠᠯᠸᠨᠢᠬᠠ ᠶ᠋ᠢᠨ ᠶᠠᠭᠤ ᠬᠢᠵᠦ ᠪᠠᠢᠭ᠎ᠠ ᠶ᠋ᠢ ᠣᠢᠯᠠᠭᠠᠵᠤ ᠠᠪᠤᠭᠠᠳ ᠲᠡᠭᠦᠨ ᠦ᠌ ᠭᠠᠷ ᠤ᠋ᠨ ᠴᠠᠷᠪᠠᠭᠤ ᠶ᠋ᠢ ᠥᠷᠥᠵᠦ ᠡᠬᠢᠯᠡᠪᠡ᠃ ᠲᠡᠭᠦᠨ ᠦ᠌ ᠪᠡᠶ᠎ᠡ ᠶ᠋ᠢᠨ ᠬᠡᠰᠡᠭ ᠦ᠋ᠳ ᠢ᠋ ᠣᠫᠠᠯᠸᠨᠢᠬᠠ ᠳᠡᠰ ᠳᠠᠷᠠᠭᠠᠯᠠᠨ ᠦᠷᠦᠭᠰᠡᠭᠡᠷ ᠡᠴᠦᠰ ᠲᠤᠨᠢ ᠲᠡᠭᠦᠨ ᠦ᠌ ᠨᠢᠭᠤᠷ ᠢ᠋ ᠰᠤᠷᠮᠠᠭᠠᠢ ᠪᠠ ᠠᠶᠠᠷᠬᠠᠨ ᠢ᠋ᠶ᠋ᠠᠷ ᠥᠷᠥᠵᠦ ᠡᠬᠢᠯᠡᠪᠡ᠃
ᠭᠡᠷ ᠦ᠋ᠨ ᠡᠵᠡᠨ ᠯᠠᠮᠠ ᠮᠣᠳᠣᠨ ᠲᠠᠪᠠᠭ ᠢ᠋ ᠰᠡᠷᠪᠡᠢᠨ ᠪᠠᠷᠢᠵᠤ ᠰᠦᠪᠡᠭᠡᠳᠡᠢ ᠪᠠᠭᠠᠲᠤᠷ ᠤ᠋ᠨ ᠵᠦᠭ ᠭᠢᠯᠦᠯᠵᠡᠨ ᠪᠠᠢᠵᠠᠢ᠃
— ᠬᠡᠦᠬᠡᠳ ᠮᠢᠨᠢ ᠭᠠᠯᠠᠭᠤᠨ ᠤ᠋ ᠲᠣᠰᠣ ᠪᠠᠷ ᠥᠷᠥᠭᠲᠦᠨ᠃ ᠪᠠᠰᠠ ᠠᠮᠠᠨ ᠳ᠋ᠤᠨᠢ ᠠᠷᠢᠬᠢ ᠴᠢᠳᠬᠤᠭᠲᠤᠨ ᠭᠡᠪᠡ᠃
ᠣᠫᠠᠯᠸᠨᠢᠬᠠ ᠨᠡᠯᠢᠶᠡᠳ ᠤᠳᠠᠭᠠᠨ ᠣᠷᠣᠯᠳᠣᠪᠠ᠃ ᠡᠭᠦᠳᠡᠨ ᠦ᠌ ᠬᠢᠨᠢ ᠥᠷᠥᠭᠡ ᠪᠡᠷ ᠳᠦᠭᠦᠷᠡᠩ ᠮᠣᠩᠭᠣᠯᠴᠤᠳ ᠴᠢᠬᠢᠵᠦ ᠣᠷᠣᠭᠰᠠᠨ ᠲᠤᠯᠠ ᠳᠤᠯᠠᠭᠠᠨ ᠪᠠ ᠪᠠᠷᠤᠭ ᠪᠦᠭᠴᠢᠮ᠎ᠡ ᠪᠣᠯᠪᠠ᠃ ᠰᠡᠭᠦᠯ ᠳ᠋ᠦ᠍ᠨᠢ ᠭᠡᠨᠡᠳᠲᠡ ᠲᠡᠭᠦᠨ ᠦ᠌ ᠨᠢᠳᠦ ᠨᠢ ᠣᠩᠭᠣᠢᠵᠤ ᠬᠣᠯᠠ ᠶ᠋ᠢ ᠰᠢᠷᠲᠡᠭᠰᠡᠨ ᠪᠦᠷᠦᠭ ᠬᠠᠷᠠᠭ᠎ᠠ ᠨᠢ ᠴᠤᠭᠯᠠᠷᠠᠭᠰᠠᠨ ᠬᠥᠮᠦᠰ ᠳᠡᠭᠡᠭᠦᠷ ᠲᠣᠰᠤᠭᠠᠳ ᠰᠦᠪᠡᠭᠡᠳᠡᠢ ᠪᠠᠭᠠᠲᠤᠷ ᠤ᠋ᠨ ᠠᠲᠤᠷᠢᠶᠠᠲᠠᠢ ᠴᠢᠷᠠᠢ ᠳᠡᠭᠡᠷ᠎ᠡ ᠲᠣᠭᠲᠠᠵᠤ ᠤᠬᠠᠭᠠᠨ ᠮᠡᠳᠡᠷᠡᠯ ᠣᠷᠣᠪᠠ᠃
— ᠡᠴᠢᠭᠡ ᠮᠢᠨᠢ ᠠ᠋᠂ ᠰᠣᠨᠣᠰᠴᠤ ᠪᠠᠢᠨ᠎ᠠ ᠤᠤ? ᠭᠡᠵᠦ ᠲᠡᠭᠦᠨ ᠦ᠌ ᠤᠷᠤᠭᠤᠯ ᠨᠢ ᠰᠢᠪᠡᠨᠡᠨ᠎ᠡ᠃
—ᠣᠷᠣᠰ ᠤ᠋ᠳ ᠵᠡᠷᠯᠢᠭ ᠴᠢᠨᠣ᠎ᠠ ᠨᠤᠭᠤᠳ ᠪᠠᠢᠨ᠎ᠠ᠃ ᠲᠡᠳᠡᠨᠡᠷ ᠢ᠋ ᠠᠯᠠᠬᠤ ᠬᠡᠷᠡᠭᠲᠡᠢ᠃ ᠲᠡᠳᠡᠨᠡᠷ ᠪᠠᠭᠤᠵᠤ ᠥᠭᠬᠦ ᠦᠭᠡᠢ ᠪᠠᠢᠨ᠎ᠠ᠃
— ᠣᠷᠶᠠᠩᠾ— ᠭᠠᠳᠠᠩ (ᠤᠷᠢᠶᠠᠩᠬᠠᠳᠠᠢ) ᠬᠦᠦ ᠮᠢᠨᠢ ᠴᠢ ᠶᠠᠭᠤ ᠦᠵᠡᠪᠡ? ᠴᠢᠮᠠᠲᠤ ᠶᠠᠮᠠᠷ ᠠᠶᠤᠯ ᠲᠣᠬᠢᠶᠠᠯᠳᠤᠪᠠ? ᠬᠡᠨ ᠴᠢᠮᠠᠲᠤ ᠬᠣᠣᠷ ᠬᠦᠷᠭᠡᠪᠡ? ᠪᠢ ᠲᠡᠭᠦᠨ ᠢ᠋ ᠠᠮᠢᠳᠤ ᠪᠠᠷ ᠨᠢ ᠬᠡᠰᠡᠭᠯᠡᠨ ᠣᠭᠲᠣᠴᠢᠵᠤ ᠠᠯᠠᠨ᠎ᠠ᠃
— ᠪᠢ ᠣᠯᠵᠠᠯᠠᠭᠳᠠᠨ ᠪᠠᠷᠢᠭᠳᠠᠪᠠ᠃ ᠣᠷᠶᠠᠩᠾ— ᠭᠠᠳᠠᠩ (ᠤᠷᠢᠶᠠᠩᠬᠠᠳᠠᠢ) ᠳᠠᠬᠢᠨ ᠤᠬᠠᠭᠠᠨ ᠠᠯᠳᠠᠪᠠ᠃ ᠰᠦᠪᠡᠭᠡᠳᠡᠢ ᠲᠡᠭᠦᠨ ᠢ᠋ ᠡᠰᠢ ᠳᠠᠰᠢ ᠨᠢ ᠰᠡᠭᠰᠦᠷᠦᠨ᠎ᠡ᠃
— ᠪᠢᠲᠡᠭᠡᠢ ᠰᠠᠭᠠᠳ ᠪᠣᠯ᠂ ᠪᠢᠲᠡᠭᠡᠢ ᠭᠠᠷ ᠬᠥᠷ ᠭᠡᠵᠦ ᠣᠫᠠᠯᠸᠨᠢᠬᠠ ᠰᠦᠪᠡᠭᠡᠳᠡᠢ ᠶ᠋ᠢ ᠰᠢᠷᠦᠭᠦᠨ ᠲᠦᠯᠬᠢᠵᠦ ᠬᠣᠯᠠᠳᠠᠭᠤᠯᠪᠠ᠃
— ᠣᠷᠣᠰ ᠬᠡᠦᠬᠡᠨ᠂ ᠴᠢ ᠰᠣᠨᠣᠰ! ᠮᠢᠨᠦ ᠬᠦᠦ ᠡᠷᠡᠯᠬᠡᠭ ᠵᠣᠷᠢᠭᠲᠤ ᠪᠠᠭᠠᠲᠤᠷ ᠤᠷᠶᠠᠩᠾ—ᠭᠠᠳᠠᠩ (ᠤᠷᠢᠶᠠᠩᠬᠠᠳᠠᠢ) ᠤ᠋ᠨ ᠮᠢᠨᠢ ᠠᠮᠢ ᠶ᠋ᠢ ᠠᠪᠤᠷᠠᠭᠠᠴᠢ!
ᠴᠢᠨᠦ ᠵᠡᠭᠦᠳᠦᠨ ᠳ᠋ᠡᠭᠡᠨ ᠴᠦ᠍ ᠦᠵᠡᠭᠡ ᠦᠭᠡᠢ ᠱᠠᠩᠨᠠᠯ ᠪᠠ ᠡᠷᠬᠡ ᠴᠢᠯᠥᠭᠡ ᠶ᠋ᠢ ᠴᠢᠮᠠᠲᠤ ᠥᠭᠭᠦᠨ᠎ᠡ ᠭᠡᠵᠦ ᠰᠥᠪᠡᠭᠡᠲᠡᠢ ᠪᠠᠭᠠᠲᠤᠷ ᠪᠦᠷᠦᠭ ᠳᠠᠭᠤ ᠪᠠᠷ ᠭᠤᠶᠤᠪᠠ᠃
— ᠱᠠᠩᠨᠠᠯ ᠦᠭᠡᠢ ᠴᠦ᠍ ᠭᠡᠰᠡᠨ ᠣᠷᠣᠯᠳᠣᠭᠠᠳ ᠦᠵᠡᠶ᠎ᠡ᠃ ᠪᠢᠳᠡ ᠡᠪᠡᠳᠴᠢᠲᠡᠢ ᠠᠳᠤᠭᠤᠰᠤ ᠶ᠋ᠢ ᠴᠦ᠍ ᠡᠨᠡᠷᠢᠳᠡᠭ ᠶᠤᠮ᠃ ᠡᠨᠡ ᠬᠡᠳᠦᠢᠪᠡᠷ ᠾᠷᠢᠰᠲ᠋ᠣᠰ ᠤ᠋ᠨ ᠱᠠᠰᠢᠨᠲᠠᠨ ᠪᠢᠰᠢ ᠪᠣᠯᠪᠠᠴᠤ ᠶᠠᠭᠤ ᠴᠤ᠌ ᠭᠡᠰᠡᠨ ᠬᠥᠮᠦᠨ ᠦ᠌ ᠰᠦᠨᠡᠰᠦ ᠲᠡᠢ ᠰᠢᠦ ᠳ᠋ᠠ᠁
ᠰᠥᠪᠡᠭᠡᠲᠡᠢ ᠪᠠᠭᠠᠲᠤᠷ ᠭᠠᠳᠠᠭᠰᠢ ᠭᠠᠷᠴᠤ ᠥᠪᠡᠷ ᠦ᠋ᠨ ᠢ᠋ᠶ᠋ᠡᠨ ᠬᠣᠯᠠ ᠮᠣᠷᠢᠨ ᠤ᠋ ᠳᠡᠷᠭᠡᠳᠡ ᠣᠴᠢᠭᠠᠳ ᠴᠢᠬᠢᠨ ᠳ᠋ᠦ᠍ᠨᠢ ᠰᠢᠪᠡᠨᠡᠵᠦ ᠬᠠᠮᠠᠷ ᠤ᠋ᠨ ᠨᠦᠬᠡ ᠪᠡᠷ ᠨᠢ ᠦᠯᠢᠶᠡᠵᠦ ᠮᠡᠷᠭᠡᠨ ᠤᠬᠠᠭᠠᠨᠲᠤ ᠮᠣᠷᠢ ᠮᠢᠨᠢ ( ᠶ᠋ᠢᠨ ᠢ᠋ᠶ᠋ᠡᠨ) ᠲᠡᠭᠦᠨ ᠳ᠋ᠦ᠍ ᠶᠠᠭᠤ ᠭᠡᠵᠦ ᠬᠡᠯᠡᠬᠦ ᠪᠠ ᠶᠠᠮᠠᠷ ᠳᠣᠬᠢᠶ᠎ᠠ ᠲᠡᠮᠳᠡᠭ ᠥᠭᠬᠦ ᠶ᠋ᠢ ᠴᠢᠩᠨᠠᠨ ᠵᠣᠭᠰᠣᠪᠠ᠃
— ᠲᠡᠷᠡ ᠪᠦᠰᠡᠭᠦᠢ ᠶ᠋ᠢᠨ ᠲᠣᠯᠣᠭᠠᠢ ᠶ᠋ᠢ ᠨᠢ ᠲᠠᠰᠤ ᠴᠠᠪᠴᠢᠵᠤ ᠠᠯᠠᠬᠤ ᠤᠤ? ᠠᠯᠢ ᠮᠠᠩᠨᠤᠭ ᠬᠣᠷᠭᠣᠢ ᠳᠡᠪᠡᠯ ᠡᠮᠦᠰᠬᠡᠬᠦ ᠤᠤ? ᠴᠢᠨᠠᠭᠰᠢᠳᠠ ᠶ᠋ᠢᠨ ᠠᠶᠠᠨ ᠳᠠᠶ᠋ᠢᠨ ᠳ᠋ᠠᠭᠠᠨ ᠳᠠᠭᠠᠭᠤᠯᠤᠨ ᠠᠪᠴᠤ ᠶᠠᠪᠤᠬᠤ ᠤᠤ? ᠠᠯᠢ ᠨᠢᠴᠦᠭᠦᠨ ᠣᠢ ᠮᠣᠳᠣᠨ ᠳ᠋ᠤ᠌ ᠬᠥᠭᠡᠭᠡᠵᠦ ᠣᠷᠬᠢᠬᠤ ᠤᠤ? ᠶᠠᠮᠠᠷ ᠠᠢᠬᠤᠪᠲᠤᠷ ᠣᠷᠣᠰ ᠡᠬᠡᠨᠡᠷ ᠪᠣᠢ? ᠡᠮᠡᠭᠲᠡᠢ ᠬᠥᠮᠦᠨ ᠪᠢᠰᠢ ᠪᠠᠭᠠᠲᠤᠷ ᠶᠤᠮ ᠠ᠋᠃ ᠪᠢ ᠡᠢᠮᠦ ᠡᠮᠡᠭᠲᠡᠢ ᠶ᠋ᠢ ᠶᠡᠷᠦ ᠦᠵᠡᠭᠡ ᠦᠭᠡᠢ᠁ ᠰᠠᠯᠤᠰᠢ ᠦᠭᠡᠢ ᠦᠨᠡᠨ ᠨᠥᠬᠥᠷ ᠮᠢᠨᠢ ᠬᠡᠷᠬᠢᠬᠦ ᠪᠣᠢ? ᠵᠢᠭᠠᠵᠤ ᠥᠭᠭᠦᠭᠲᠦᠨ ᠭᠡᠵᠦ ᠬᠡᠯᠡᠬᠦ ᠳ᠋ᠦ᠍ᠨᠢ ᠮᠣᠷᠢ ᠨᠢ ᠵᠥᠪᠰᠢᠶᠡᠷᠡᠭᠰᠡᠨ ᠮᠡᠲᠦ ᠲᠣᠯᠣᠭᠠᠢ ᠪᠠᠨ ᠬᠥᠳᠡᠯᠭᠡᠵᠦ ᠵᠥᠭᠡᠯᠡᠨ ᠤᠷᠤᠭᠤᠯ ᠢ᠋ᠶ᠋ᠠᠷ ᠢ᠋ᠶ᠋ᠠᠨ ᠡᠵᠡᠨ ᠦ᠌ ᠪᠡᠨ ᠬᠠᠨᠴᠤᠢ ᠶ᠋ᠢ ᠡᠮᠬᠦᠯᠡᠨᠡ᠃
ᠦᠰᠦᠭ ᠠᠮᠢᠯᠠᠭᠤᠯᠤᠭᠴᠢ᠄ ᠠᠯᠲᠠᠨᠴᠢᠮᠡᠭ· ᠮᠡᠷᠭᠡᠨᠭᠣᠣ᠎ᠠ᠂ ᠭᠡᠷᠡᠯ· ᠵᠢᠩᠯᠢᠬᠤᠸᠠᠷ
ᠬᠢᠨᠠᠭᠴᠢ᠄ ᠠᠯᠲᠠᠨᠴᠢᠮᠡᠭ᠂ ᠠᠷᠢᠭᠤᠨ᠂ ᠪᠠᠯ
