ᠪᠠᠲᠤ ᠬᠠᠭᠠᠨ 5-06ᠬᠣᠲᠠ ᠶ᠋ᠢᠨ ᠳᠡᠷᠭᠡᠳᠡᠬᠢ ᠲᠣᠰᠬᠣᠨ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ
ᠵᠢᠷᠭᠤᠭ᠎ᠠ ᠬᠣᠲᠠ ᠶ᠋ᠢᠨ ᠳᠡᠷᠭᠡᠳᠡᠬᠢ ᠲᠣᠰᠬᠣᠨ
ᠬᠣᠲᠠ ᠶ᠋ᠢᠨ ᠬᠡᠷᠡᠮ ᠢ᠋ ᠡᠷᠭᠢᠨ ᠦᠵᠡᠭᠰᠡᠨ ᠦ᠌ ᠰᠡᠭᠦᠯ ᠳ᠋ᠦ᠍ ᠪᠠᠲᠤ ᠬᠠᠭᠠᠨ ᠭᠣᠣᠯ ᠤ᠋ᠨ ᠴᠠᠭᠠᠳᠤᠬᠢ ᠡᠷᠭᠢᠨ ᠳᠡᠭᠡᠷᠡᠬᠢ ᠲᠣᠰᠬᠣᠨ ᠳᠡᠭᠡᠷ᠎ᠡ ᠪᠤᠴᠠᠵᠤ ᠢᠷᠡᠪᠡ᠃ ᠡᠵᠡᠨ ᠦᠭᠡᠢ ᠪᠡᠷ ᠬᠠᠶᠠᠭᠳᠠᠭᠰᠠᠨ ᠮᠣᠳᠣᠨ ᠪᠠᠶ᠋ᠢᠰᠢᠩ ᠤ᠋ᠳ ᠤ᠋ᠨ ᠳᠣᠲᠣᠷ᠎ᠠ ᠲᠠᠲ᠋ᠠᠷ ᠤ᠋ᠨ ᠴᠡᠷᠢᠭ ᠦ᠋ᠳ ᠴᠢᠬᠢᠯᠳᠦᠨ ᠦᠢᠮᠡᠯᠳᠦᠨ᠎ᠡ᠃ ᠲᠡᠳᠡ ᠭᠤᠳᠤᠮᠵᠢ ᠪᠠᠷ ᠬᠡᠰᠦᠭᠦᠴᠢᠯᠡᠨ ᠶᠠᠪᠤᠵᠤ ᠪᠠᠢᠰᠢᠩ ᠤ᠋ᠨ ᠣᠷᠣᠢ ᠳ᠋ᠠᠬᠢ ᠰᠦᠷᠡᠯ ᠪᠠ ᠲᠡᠪᠡᠷᠢ ᠲᠡᠪᠡᠷᠢ ᠪᠡᠷ ᠡᠪᠡᠰᠦ ᠶ᠋ᠢ ᠴᠤᠭᠯᠠᠭᠤᠯᠤᠨ᠎ᠠ᠃ ᠡᠳᠡ ᠪᠦᠭᠦᠳᠡ ᠵᠡᠷᠯᠢᠭ ᠮᠣᠷᠢᠳ ᠤ᠋ᠨ ᠲᠡᠵᠢᠭᠡᠯ ᠳ᠋ᠦ᠍ ᠵᠣᠷᠢᠭᠤᠯᠤᠭᠳᠠᠪᠠ᠃ ᠲᠠᠲ᠋ᠠᠷ ᠤ᠋ᠳ ᠣᠯᠵᠠᠯᠠᠭᠳᠠᠭᠰᠠᠨ ᠡᠮᠡᠭᠲᠡᠢᠴᠦᠳ ᠢ᠋ ᠠᠯᠪᠠᠲᠠᠨ ᠬᠤᠢᠮᠠᠭ ᠮᠡᠲᠦ ᠶ᠋ᠢᠨ ᠪᠣᠣᠪᠣ ᠪᠠ ᠠᠷᠪᠠᠢ ᠶ᠋ᠢᠨ ᠭᠤᠯᠢᠷ ᠢ᠋ᠶ᠋ᠠᠷ ᠵᠢᠭᠤᠷᠠᠭᠰᠠᠨ ᠪᠢᠩ ᠬᠢᠯᠭᠡᠵᠦ ᠢᠳᠡᠬᠦ ᠤᠴᠢᠷ ᠪᠠᠢᠰᠢᠩ ᠪᠦᠷᠢ ᠶ᠋ᠢᠨ ᠶᠡᠩᠳᠦ᠋ᠩ ᠡᠴᠡ ᠤᠲᠤᠭ᠎ᠠ ᠬᠠᠶᠠᠯᠠᠨ ᠦᠵᠡᠭᠳᠡᠨ᠎ᠡ᠃ ᠪᠠᠲᠤ ᠬᠠᠭᠠᠨ ᠨᠢ ᠮᠠᠩᠨᠠᠢ ᠪᠠ ᠬᠥᠯ ᠴᠠᠭᠠᠨ ᠬᠠᠷ᠎ᠠ ᠮᠣᠷᠢ ᠶ᠋ᠢ ᠤᠨᠤᠵᠤ ᠲᠣᠰᠬᠣᠨ ᠤ᠋ ᠳᠤᠮᠳᠠᠭᠤᠷ ᠶᠠᠪᠤᠵᠤ ᠥᠩᠭᠡᠷᠡᠪᠡ᠃ ᠲᠡᠭᠦᠨ ᠦ᠌ ᠭᠠᠩᠳᠠᠭᠰᠠᠨ ᠨᠢᠭᠤᠷ(ᠲᠤ᠌)ᠨᠢ ᠶᠠᠮᠠᠷ ᠴᠤ᠌ ᠬᠥᠳᠡᠯᠭᠡᠭᠡᠨ ᠦᠭᠡᠢ᠂ ᠵᠢᠷᠲᠠᠭᠠᠷ ᠬᠠᠷ᠎ᠠ ᠨᠢᠳᠦ ᠨᠢ ᠬᠥᠮᠦᠰ ᠦ᠋ᠨ ᠳᠡᠭᠡᠭᠦᠷ ᠬᠠᠷᠠᠵᠤ ᠶᠠᠪᠤᠬᠤ᠂ ᠲᠡᠭᠦᠨ ᠦ᠌ ᠴᠢᠷᠠᠢ ᠳ᠋ᠤ᠌ ᠶᠠᠮᠠᠷ ᠴᠤ᠌ ᠪᠠᠶᠠᠷ ᠴᠡᠩᠭᠡᠯ ᠦ᠋ᠨ ᠪᠤᠶᠤ ᠰᠠᠨᠠᠭ᠎ᠠ ᠵᠣᠪᠠᠭᠰᠠᠨ ᠲᠡᠮᠳᠡᠭ ᠮᠡᠳᠡᠭᠳᠡᠬᠦ ᠦᠭᠡᠢ ᠠᠵᠢ᠃
ᠲᠡᠭᠦᠨ ᠦ᠌ ᠬᠣᠢᠨ᠎ᠠ ᠠ᠋ᠴᠠ ᠰᠢᠳᠠᠷ ᠬᠠᠭᠠᠳ ᠭᠤᠷᠪᠠ ᠭᠤᠷᠪᠠ ᠪᠠᠷ ᠵᠢᠭᠰᠠᠵᠤ ᠶᠠᠪᠤᠪᠠ᠃ ᠡᠳᠡ ᠨᠢ ᠮᠢᠩᠭᠠᠨ ᠤ᠋ ᠪᠠ ᠲᠦᠮᠡᠨ ᠴᠡᠷᠢᠭ ᠦ᠋ᠨ ᠴᠣᠯᠠ ᠲᠠᠢ ᠪᠣᠯᠪᠠᠴᠤ ᠥᠪᠡᠷᠰᠡᠳ ᠦ᠋ᠨ ᠪᠠᠭ ᠴᠡᠷᠢᠭ ᠦᠭᠡᠢ ᠠᠵᠢ᠃ ᠡᠳᠡᠭᠡᠷ ᠰᠢᠳᠠᠷ ᠬᠠᠭᠠᠳ ᠨᠢ ᠪᠠᠲᠤ ᠬᠠᠭᠠᠨ ᠤ᠋ ᠬᠣᠭᠣᠯᠠᠯᠠᠭᠠᠨ ᠳ᠋ᠤ᠌ ᠬᠠᠮᠲᠤ ᠰᠠᠭᠤᠯᠴᠠᠵᠤ ᠬᠥᠮᠦᠨ ᠪᠦᠷᠢ ᠳᠥᠷᠪᠡᠨ ᠬᠥᠮᠦᠨ ᠦ᠌ ᠬᠣᠭᠣᠯᠠ ᠢᠳᠡᠬᠦ ᠪᠠ ᠡᠷᠡᠯᠬᠡᠭ ᠵᠣᠷᠢᠭᠲᠤ ᠪᠠᠭᠠᠲᠤᠷ ᠤ᠋ᠨ ᠲᠤᠬᠠᠢ ᠶᠡᠷᠦ ᠪᠤᠰᠤ ᠶ᠋ᠢᠨ ᠰᠣᠨᠢᠨ ᠬᠣᠱᠣᠩ ᠦᠯᠢᠭᠡᠷ ᠶᠠᠷᠢᠬᠤ ᠠ᠋ᠴᠠ ᠥᠭᠡᠷ᠎ᠡ ᠡᠭᠦᠷᠭᠡ ᠦᠭᠡᠢ ᠪᠠᠢᠵᠠᠢ᠃
ᠡᠳᠡ ᠨᠠᠷ ᠤ᠋ᠨ ᠠᠯᠢ ᠨᠢ ᠴᠦ᠍ ᠭᠡᠰᠡᠨ ᠭᠠᠭᠴᠠᠭᠠᠷ ᠢ᠋ᠶ᠋ᠠᠨ ᠪᠠᠲᠤ ᠬᠠᠭᠠᠨ ᠲᠠᠢ ᠦᠯᠡᠳᠡᠬᠦ ᠳ᠋ᠡᠭᠡᠨ ᠥᠪᠡᠷᠰᠡᠳ ᠦ᠋ᠨ ᠬᠠᠮᠲᠤ ᠬᠣᠭᠣᠯᠠᠯᠠᠨ ᠶᠠᠷᠢᠯᠴᠠᠵᠤ ᠰᠠᠭᠤᠳᠠᠭ ᠪᠤᠰᠤᠳ ᠰᠢᠳᠠᠷ ᠬᠠᠭᠠᠳ ᠤ᠋ᠨ ᠢ᠋ᠶ᠋ᠠᠨ ᠲᠤᠬᠠᠢ ᠲᠥᠷᠥᠯ ᠪᠦᠷᠢ ᠶ᠋ᠢᠨ ᠦᠨᠡᠨ ᠬᠤᠳᠠᠯ ᠬᠣᠪ ᠵᠢᠪ ᠢ᠋ ᠶᠠᠷᠢᠨ᠎ᠠ᠃ ᠪᠠᠲᠤ ᠬᠠᠭᠠᠨ ᠨᠢᠳᠦ ᠪᠡᠨ ᠠᠨᠢᠰᠭᠢᠨ ᠪᠦᠭᠦᠳᠡ ᠶ᠋ᠢ ᠠᠩᠬᠠᠷᠤᠯᠲᠠᠢ ᠪᠠᠷ ᠰᠣᠨᠣᠰᠴᠤ᠂ ᠵᠠᠷᠢᠮ ᠳ᠋ᠠᠭᠠᠨ ᠬᠠ ᠬᠠ ᠭᠡᠵᠦ ᠨᠢᠩᠵᠢᠨ ᠰᠡᠳᠬᠢᠯ ᠢ᠋ᠶ᠋ᠡᠷ ᠢᠨᠢᠶᠡᠬᠦ ᠪᠤᠶᠤ ᠪᠠᠲᠤ ᠬᠠᠭᠠᠨ ᠥᠪᠡᠷ ᠡᠴᠡ ᠪᠡᠨ ᠬᠣᠯᠠ ᠪᠠ ᠣᠢᠷ᠎ᠠ ᠪᠣᠯᠵᠤ ᠪᠠᠢᠭ᠎ᠠ ᠪᠠ ᠴᠢᠩᠭᠢᠰ ᠦ᠋ᠨ ᠪᠤᠰᠤᠳ ᠲᠥᠷᠥᠯ ᠰᠠᠳᠤᠨ ᠨᠤᠭᠤᠳ ᠤ᠋ᠨ ᠴᠡᠷᠢᠭ ᠦ᠋ᠨ ᠳᠣᠲᠣᠷ᠎ᠠ ᠪᠣᠯᠵᠤ ᠪᠠᠢᠭ᠎ᠠ ᠪᠦᠬᠦ ᠬᠡᠷᠡᠭ ᠢ᠋ ᠮᠡᠳᠡᠵᠦ ᠪᠠᠢᠬᠤ ᠶ᠋ᠢ ᠬᠦᠰᠡᠬᠦ ᠤᠴᠢᠷ ᠡᠳᠡ ᠨᠠᠷ ᠢ᠋ ᠥᠪᠡᠷ ᠲᠡᠭᠡᠨ ᠬᠡᠷᠡᠭ ᠲᠡᠢ ᠬᠥᠮᠦᠰ ᠭᠡᠵᠦ ᠲᠡᠷᠡ ᠰᠢᠳᠠᠷ ᠬᠠᠭᠠᠳ ᠢ᠋ ᠳᠡᠷᠭᠡᠳᠡ ᠪᠡᠨ ᠲᠡᠰᠪᠦᠷᠢᠯᠡᠨ ᠠᠪᠴᠤ ᠪᠠᠢᠳᠠᠭ ᠠᠵᠢ᠃ ᠲᠣᠰᠬᠣᠨ ᠳ᠋ᠤ᠌ ᠬᠦᠷᠦᠯᠴᠡᠨ ᠢᠷᠡᠭᠰᠡᠨ ᠦ᠌ ᠬᠣᠢᠨ᠎ᠠ ᠪᠠᠢᠷᠢᠴᠢ ᠬᠥᠮᠦᠨ ᠨᠢ ᠨᠢᠭᠡᠨ ᠲᠣᠮᠣᠬᠠᠨ ᠪᠠᠢᠰᠢᠩ ᠢ᠋ ᠦᠵᠡᠭᠦᠯᠵᠦ ᠥᠷᠭᠥᠭᠡᠯᠡᠬᠦ ᠪᠡᠷ ᠰᠣᠩᠭᠣᠨ ᠠᠪᠬᠤ ᠶ᠋ᠢ ᠭᠤᠶᠤᠪᠠ᠃
— ᠡᠨᠡ ᠮᠣᠳᠣᠨ ᠭᠡᠷ ᠲᠦ᠍ ᠴᠢᠨᠢ ᠬᠡᠨ ᠰᠠᠭᠤᠵᠤ ᠪᠠᠢᠭᠰᠠᠨ ᠶᠤᠮ ᠪᠣᠢ?
— ᠣᠷᠣᠰ ᠤ᠋ᠨ ᠪᠥᠬᠡ ᠫᠣᠫ ᠭᠡᠳᠡᠭ ᠰᠠᠭᠤᠵᠤ ᠪᠠᠢᠭᠰᠠᠨ᠃
ᠪᠠᠲᠤ ᠬᠠᠭᠠᠨ ᠠᠭᠤᠷᠲᠠᠢ ᠪᠠᠷ ᠭᠠᠷ ᠢ᠋ᠶ᠋ᠠᠨ ᠰᠡᠭᠰᠦᠷᠪᠡ᠃ ᠶᠡᠬᠡ ᠵᠥᠪᠯᠡᠬᠦ ᠰᠦᠪᠡᠭᠡᠳᠡᠢ ᠪᠠᠭᠠᠲᠤᠷ ᠬᠣᠯᠠ ᠮᠣᠷᠢ ᠪᠠᠷ ᠢ᠋ᠶ᠋ᠠᠨ ᠣᠢᠷᠠᠲᠤᠨ ᠢᠷᠡᠭᠡᠳ ᠶᠠᠷᠢᠶᠠᠨ ᠳ᠋ᠤ᠌ ᠣᠷᠣᠯᠴᠠᠵᠤ ᠠᠭᠤᠷᠲᠠᠢ ᠰᠥᠭᠡᠩᠭᠢ ᠬᠣᠭᠣᠯᠠᠢ ᠪᠠᠷ᠄
— ᠶᠡᠷᠦ ᠵᠠᠩᠵᠤᠨ᠂ ᠶᠡᠷᠦᠨᠢ ᠪᠥᠬᠡ ᠶ᠋ᠢᠨ ᠭᠡᠷ ᠲᠦ᠍᠂ ᠲᠡᠭᠡᠭᠡᠳ ᠪᠠᠰᠠ ᠣᠷᠣᠰ ᠤ᠋ᠨ ᠪᠥᠬᠡ ᠶ᠋ᠢᠨ ᠭᠡᠷ ᠲᠦ᠍ ᠪᠠᠢᠷᠢᠯᠠᠬᠤ ᠨᠢ ᠨᠡᠢᠯᠡᠮᠵᠢᠲᠡᠢ ᠪᠠᠢᠨ᠎ᠠ ᠭᠡᠵᠢ ᠤᠤ? ᠭᠡᠳ ᠣᠷᠣᠢ ᠳᠡᠭᠡᠷ᠎ᠡ ᠪᠡᠨ ᠠᠯᠲᠠ ᠰᠢᠷᠢᠭᠰᠡᠨ ᠬᠡᠷᠦᠭᠡᠰᠦᠲᠡᠢ ᠱᠣᠪᠬᠣ ᠥᠨᠳᠥᠷ ᠳᠡᠭᠡᠪᠦᠷ ᠲᠡᠢ ᠳ᠋ᠥ᠋ᠨᠵᠡ ᠪᠠᠷᠢᠯᠭ᠎ᠠ ᠶ᠋ᠢ ᠲᠠᠰᠢᠭᠤᠷ ᠢ᠋ᠶ᠋ᠠᠷ ᠢ᠋ᠶ᠋ᠠᠨ ᠵᠢᠭᠠᠵᠤ᠂
— ᠡᠨᠡ ᠴᠢᠨᠢ ᠶᠠᠭᠤᠨ ᠤ᠋ ᠪᠠᠢᠰᠢᠩ ᠪᠣᠢ? ᠭᠡᠵᠦ ᠠᠰᠠᠭᠤᠭᠰᠠᠨ ᠳ᠋ᠤ᠌᠄
— ᠡᠨᠡ ᠴᠢᠨᠢ ᠣᠷᠣᠰ ᠤ᠋ᠨ ᠪᠤᠷᠬᠠᠨ ᠤ᠋ ᠪᠠᠢᠰᠢᠩ ᠪᠣᠯᠤᠨ᠎ᠠ᠃
— ᠪᠤᠷᠬᠠᠳ ᠬᠠᠮᠢᠭ᠎ᠠ ᠵᠠᠯᠠᠷᠠᠳᠠᠭ ᠪᠣᠯ᠂ ᠲᠡᠨᠳᠡ ᠵᠠᠩᠵᠤᠨ ᠪᠠᠢᠷᠢᠯᠠᠬᠤ ᠨᠢ ᠰᠠᠢ᠍ᠢ ᠨᠡᠢᠯᠡᠮᠵᠢᠲᠡᠢ ᠪᠣᠯᠤᠨ᠎ᠠ ᠭᠡᠵᠦ ᠰᠦᠪᠡᠭᠡᠳᠡᠢ ᠪᠠᠭᠠᠲᠤᠷ ᠰᠢᠷᠦᠭᠦᠨ ᠢ᠋ᠶ᠋ᠡᠷ ᠬᠡᠯᠡᠪᠡ᠃
ᠪᠠᠲᠤ ᠬᠠᠭᠠᠨ ᠨᠢ ᠨᠢᠳᠦ ᠶ᠋ᠢᠨ ᠢ᠋ᠶ᠋ᠡᠨ ᠪᠤᠯᠤᠩ ᠢ᠋ᠶ᠋ᠠᠷ ᠪᠠᠢᠷᠢᠴᠢ ᠶ᠋ᠢᠨ ᠭᠥᠯᠢᠷᠡᠭᠰᠡᠨ ᠨᠢᠳᠦ ᠶ᠋ᠢ ᠬᠠᠷᠠᠭᠠᠳ ᠳᠠᠷᠠᠭ᠎ᠠ ᠨᠢ ᠶᠡᠬᠡ ᠵᠥᠪᠯᠡᠭᠴᠢ ᠶ᠋ᠢᠨ ᠦᠭᠡ ᠶ᠋ᠢ ᠰᠢᠮᠳᠠᠨ ᠵᠥᠪᠰᠢᠶᠡᠷᠡᠵᠡᠭᠡᠵᠦ ᠪᠠᠢᠭ᠎ᠠ ᠬᠠᠭᠠᠳ ᠢ᠋ ᠨᠢᠭᠡ ᠰᠢᠷᠪᠢᠭᠡᠳ ᠰᠦᠮ᠎ᠡ ᠶ᠋ᠢᠨ ᠵᠦᠭ ᠮᠣᠷᠢ ᠪᠠᠨ ᠡᠷᠭᠢᠭᠦᠯᠪᠡ᠃ ᠪᠠᠢᠷᠢᠴᠢ ᠨᠢ ᠰᠦᠮ᠎ᠡ ᠶ᠋ᠢᠨ ᠡᠭᠦᠳᠡ ᠳᠠᠰᠢ ᠭᠦᠶᠦᠨ ᠣᠳᠪᠠ᠃ ᠡᠭᠦᠳᠡ ᠶ᠋ᠢᠨ ᠳᠡᠷᠭᠡᠳᠡᠬᠢ ᠳᠣᠪᠵᠢᠶᠠᠨ ᠳᠡᠭᠡᠷ᠎ᠡ ᠰᠠᠭᠤᠵᠤ ᠪᠠᠢᠭ᠎ᠠ ᠳᠥᠷᠪᠡᠨ ᠮᠣᠩᠭᠣᠯ ᠴᠡᠷᠢᠭ ᠦ᠋ᠨ ᠨᠢᠭᠡ ᠨᠢ᠄
— ᠡᠨᠳᠡ ᠣᠷᠣᠵᠤ ᠪᠣᠯᠬᠤ ᠦᠭᠡᠢ ᠭᠡᠪᠡ᠃ ᠨᠥᠭᠦᠭᠡ ᠪᠠᠢᠷᠢᠴᠢ ᠲᠡᠳᠡᠨ ᠲᠡᠢ ᠮᠠᠷᠭᠤᠯᠳᠤᠵᠤ ᠡᠬᠢᠯᠡᠪᠡ᠃
— ᠬᠡᠨ ᠲᠠᠨᠠᠷ ᠢ᠋ ᠡᠨᠳᠡ ᠵᠣᠭᠰᠣᠭᠠᠭᠰᠠᠨ ᠪᠣᠢ? ᠭᠡᠵᠦ ᠨᠡᠩ ᠵᠠᠪᠰᠠᠷ ᠣᠢᠷᠠᠲᠤᠵᠤ ᠢᠷᠡᠭᠰᠡᠨ ᠰᠦᠪᠡᠭᠡᠳᠡᠢ ᠪᠠᠭᠠᠲᠤᠷ ᠠᠰᠠᠭᠤᠪᠠ᠃
— ᠭᠦᠶᠦᠭ ᠬᠠᠭᠠᠨ ᠤ᠋ ᠵᠠᠭᠤᠨ ᠤ᠋ ᠳᠠᠷᠤᠭ᠎ᠠ ᠮᠥᠩᠬᠡ ᠰᠠᠯ ᠵᠣᠭᠰᠣᠭᠠᠭᠰᠠᠨ᠃
— ᠳᠠᠷᠤᠢ ᠪᠤᠴᠠᠵᠤ ᠵᠠᠭᠤᠨ ᠤ᠋ ᠪᠠᠨ ᠳᠠᠷᠤᠭ᠎ᠠ ᠳ᠋ᠤ᠌ ᠣᠴᠢᠭᠠᠳ ᠥᠪᠡᠷ ᠦ᠋ᠨ ᠢ᠋ᠶ᠋ᠡᠨ ᠬᠠᠭᠠᠨ ᠳ᠋ᠤ᠌ ᠲᠣᠬᠢᠷᠠᠮᠵᠢᠲᠠᠢ ᠭᠡᠷ ᠢ᠋ ᠣᠯᠵᠤ ᠥᠭᠬᠦ(ᠥᠭ) ᠭᠡᠵᠦ ᠬᠡᠯᠡ! ᠵᠠᠢᠯᠠ ᠪᠤᠰᠢᠭᠤᠯᠠ ᠭᠡᠪᠡ᠃ ᠲᠡᠷᠡ ᠳᠥᠷᠪᠡᠨ ᠮᠣᠩᠭᠣᠯᠴᠤᠳ ᠪᠡᠶ᠎ᠡ ᠪᠡᠶ᠎ᠡ ᠪᠡᠨ ᠬᠠᠷᠠᠵᠤ ᠰᠢᠳᠦᠨ ᠦ᠌ ᠪᠡᠨ ᠵᠠᠪᠰᠠᠷ ᠢ᠋ᠶ᠋ᠠᠷ ᠢᠰᠬᠡᠷᠦᠭᠡᠳ ᠳᠡᠪᠡᠯ ᠦ᠋ᠨ ᠤᠷᠲᠤ ᠬᠣᠷᠮᠣᠢ ᠶ᠋ᠢ ᠡᠷᠭᠦᠵᠦ ᠭᠦᠨᠵᠡᠭᠡᠢ ᠴᠠᠰᠤᠨ ᠳᠤᠮᠳᠠᠭᠤᠷ ᠶᠠᠪᠤᠵᠤ ᠰᠦᠮ᠎ᠡ ᠶ᠋ᠢᠨ ᠬᠠᠰᠢᠶᠠᠨ ᠳ᠋ᠤ᠌ ᠤᠶᠠᠭᠠᠲᠠᠢ ᠪᠠᠢᠭ᠎ᠠ ᠮᠣᠷᠢᠳ ᠲᠤ᠌ ᠪᠠᠨ ᠣᠴᠢᠪᠠ᠃
ᠲᠡᠳᠡᠨᠡᠷ ᠦ᠋ᠨ ᠨᠢᠭᠡ ᠨᠢ ᠡᠷᠭᠢᠵᠦ ᠬᠠᠷᠠᠭᠠᠳ᠄
— ᠭᠦᠶᠦᠭ ᠬᠠᠭᠠᠨ ᠪᠢᠳᠡᠨ ᠦ᠌ ᠬᠠᠴᠠᠷ ᠢ᠋ ᠶᠢᠰᠦᠨ ᠱᠠᠬᠠᠢ ᠪᠠᠷ ᠱᠠᠬᠠᠢᠳᠠᠬᠤ ᠳ᠋ᠤᠨᠢ ᠴᠢ ᠪᠢᠳᠡᠨ ᠢ᠋ ᠥᠮᠥᠭᠯᠡᠬᠦ ᠦᠭᠡᠢ ᠯᠡ ᠪᠢᠵᠡ ᠳ᠋ᠠ ᠭᠡᠵᠦ ᠰᠦᠪᠡᠭᠡᠳᠡᠢ ᠪᠠᠭᠠᠲᠤᠷ ᠲᠤ᠌ ᠬᠡᠯᠡᠪᠡ᠃
— ᠴᠢᠬᠢ ᠶ᠋ᠢ ᠴᠢᠨᠢ ᠬᠡᠨ ᠣᠭᠲᠣᠯᠤᠭᠰᠠᠨ ᠪᠣᠢ? ᠭᠡᠵᠦ ᠠᠷᠠᠫᠱᠠ ᠠᠰᠠᠭᠤᠭᠠᠳ᠂
—ᠰᠠᠢᠬᠠᠨ ᠮᠡᠳᠡᠭᠡᠷᠡᠢ! ᠨᠥᠭᠦᠭᠡ ᠶ᠋ᠢ ᠨᠢ ᠣᠭᠲᠣᠯᠤᠨ᠎ᠠ ᠰᠢᠦ ᠭᠡᠪᠡ᠃ ᠲᠡᠷᠡᠬᠦ ᠮᠣᠩᠭᠣᠯ ᠨᠢ ᠰᠢᠲᠦ ᠪᠡᠨ ᠵᠠᠭᠤᠵᠤ ᠳᠣᠷᠣᠭᠰᠢ ᠪᠥᠬᠥᠢᠨ ᠰᠡᠯᠡᠮ᠎ᠡ ᠪᠡᠨ ᠰᠤᠭᠤᠯᠬᠤ ᠶ᠋ᠢ ᠵᠠᠪᠳᠤᠭᠠᠳ ᠠᠭᠤᠷᠲᠠᠢ ᠪᠠᠷ ᠪᠤᠴᠠᠭᠠᠵᠤ ᠬᠤᠢ ᠳ᠋ᠤᠨᠢ ᠲᠦᠯᠬᠢᠵᠦ ᠣᠷᠬᠢᠭᠠᠳ᠂ ᠮᠣᠷᠢᠨ ᠳ᠋ᠠᠭᠠᠨ ᠬᠤᠷᠳᠤᠨ ᠮᠣᠷᠳᠠᠭᠠᠳ᠂
— ᠲᠡᠷᠡ ᠴᠠᠭ ᠴᠢᠮᠠᠲᠤ ᠴᠤ᠌ ᠲᠣᠬᠢᠶᠠᠯᠳᠤᠨ᠎ᠠ ᠳ᠋ᠠ ᠭᠡᠵᠦ ᠬᠠᠰᠬᠢᠷᠤᠭᠠᠳ ᠳᠠᠪᠬᠢᠵᠤ ᠣᠳᠪᠠ᠃
ᠠᠷᠠᠫᠱᠠ ᠲᠡᠭᠦᠨ ᠦ᠌ ᠬᠣᠢᠨ᠎ᠠ ᠠ᠋ᠴᠠ ᠠᠭᠤᠷ ᠲᠠᠢ ᠪᠠᠷ ᠬᠠᠷᠠᠵᠤ᠂
— ᠭᠦᠶᠦᠭ ᠬᠠᠭᠠᠨ ᠳᠠᠬᠢᠨ ᠬᠢᠳᠤᠭᠴᠢᠳ ᠢ᠋ ᠨᠠᠰᠢ ᠨᠢ ᠶᠠᠪᠤᠭᠤᠯᠵᠤ ᠪᠠᠢᠨ᠎ᠠ ᠰᠢᠦ ᠭᠡᠪᠡ᠃
ᠰᠦᠮ᠎ᠡ ᠶ᠋ᠢᠨ ᠳᠡᠷᠭᠡᠳᠡᠬᠢ ᠮᠠᠨᠠᠭᠠᠨ ᠤ᠋ ᠭᠡᠷ ᠡᠴᠡ ᠣᠯᠤᠭᠰᠠᠨ ᠨᠢᠭᠡ ᠡᠪᠦᠭᠡᠨ ᠢ᠋ ᠬᠡᠳᠦᠨ ᠮᠣᠩᠭᠣᠯ ᠴᠡᠷᠢᠭ ᠠᠪᠴᠤ ᠢᠷᠡᠪᠡ᠃ ᠲᠡᠷᠡ ᠨᠣᠬᠠᠢ ᠶ᠋ᠢᠨ ᠠᠷᠠᠰᠤ ᠪᠠᠷ ᠬᠢᠭᠰᠡᠨ ᠣᠷᠣᠢᠪᠴᠢ ᠲᠠᠢ ᠮᠠᠯᠠᠭᠠᠢ ᠪᠠ ᠣᠯᠣᠰᠣᠨ ᠳᠠᠪᠤᠤ ᠪᠠᠷ ᠬᠢᠭᠰᠡᠨ ᠥᠮᠥᠳᠥ ᠴᠠᠮᠴᠠ ᠲᠠᠢ᠂ ᠪᠤᠷᠭᠠᠰᠤᠨ ᠤ᠋ ᠬᠠᠯᠢᠰᠤ ᠪᠠᠷ ᠬᠢᠭᠰᠡᠨ ᠰᠦᠯᠵᠢᠮᠡᠯ ᠱᠠᠬᠠᠢ ᠲᠠᠢ ᠪᠠᠢᠪᠠ᠃ ᠡᠨᠡ ᠡᠪᠦᠭᠡᠨ ᠮᠠᠰᠢ ᠶᠡᠬᠡᠪᠡᠷ ᠲᠠᠭᠠᠷᠠᠵᠤ ᠭᠠᠷ ᠬᠥᠯ ᠨᠢ ᠭᠥᠷᠥᠴᠢᠬᠡᠭᠰᠡᠨ ᠪᠣᠯᠪᠠᠴᠤ ᠠᠶᠤᠭᠰᠠᠨ ᠰᠢᠨᠵᠢ ᠶᠡᠷᠦ ᠦᠵᠡᠭᠦᠯᠬᠦ ᠦᠭᠡᠢ ᠪᠠᠢᠵᠠᠢ᠃ ᠬᠠᠭᠠᠯᠭ᠎ᠠ ᠶ᠋ᠢᠨ ᠲᠣᠮᠣ ᠴᠣᠣᠵᠢ ᠶ᠋ᠢ ᠲᠦᠯᠬᠢᠭᠦᠷ ᠢ᠋ᠶ᠋ᠡᠷ ᠲᠠᠢᠯᠵᠤ ᠥᠭᠭᠦᠯ᠎ᠡ᠃ ᠪᠠᠢᠷᠢᠴᠢ ᠬᠠᠮᠤᠭ ᠤ᠋ᠨ ᠲᠦᠷᠦᠭᠦᠨ ᠰᠦᠮ᠎ᠡ ᠳᠣᠲᠣᠷ᠎ᠠ ᠣᠷᠣᠭᠠᠳ ᠬᠣᠶᠠᠷ ᠭᠠᠷ ᠢ᠋ᠶ᠋ᠠᠨ ᠭᠡᠳᠡᠰᠦᠨ ᠳᠡᠭᠡᠷ᠎ᠡ ᠪᠡᠨ ᠵᠥᠷᠢᠭᠦᠯᠵᠦ ᠬᠠᠭᠠᠯᠭᠠᠨ ᠤ᠋ ᠳᠡᠷᠭᠡᠳᠡ ᠵᠣᠭᠰᠣᠪᠠ᠃ ᠪᠠᠲᠤ ᠬᠠᠭᠠᠨ ᠮᠣᠷᠢ ᠠ᠋ᠴᠠ ᠪᠠᠨ ᠦᠰᠦᠷᠦᠨ ᠪᠠᠭᠤᠵᠤ ᠬᠥᠯ ᠦ᠋ᠨ ᠢ᠋ᠶ᠋ᠡᠨ ᠴᠢᠯᠡᠭᠡ ᠶ᠋ᠢ ᠭᠠᠷᠭᠠᠨ ᠰᠦᠮ᠎ᠡ ᠳᠣᠲᠣᠷ᠎ᠠ ᠣᠷᠣᠪᠠ᠃ ᠲᠠᠲ᠋ᠠᠷ ᠤ᠋ᠳ ᠡᠨᠡ ᠰᠦᠮ᠎ᠡ ᠶ᠋ᠢ ᠬᠥᠳᠡᠯᠭᠡᠵᠦ ᠰᠦᠢᠳᠬᠡᠭᠰᠡᠨ ᠦᠭᠡᠢ᠃ ᠵᠢᠭᠠᠰᠤᠨ ᠤ᠋ ᠦᠩᠬᠦᠯᠴᠡᠭ ᠢ᠋ᠶ᠋ᠡᠷ ᠨᠠᠭᠠᠭᠰᠠᠨ ᠨᠠᠷᠢᠬᠠᠨ ᠴᠣᠩᠬᠣ ᠪᠠᠷ ᠪᠦᠳᠡᠭᠢ ᠭᠡᠷᠡᠯ ᠲᠤᠰᠤᠨ᠎ᠠ᠃ ᠤᠷᠠᠨ ᠰᠡᠢᠯᠪᠦᠷᠢ ᠲᠡᠢ ᠮᠣᠳᠣᠨ ᠡᠭᠦᠳᠡ ᠲᠡᠢ ᠪᠤᠷᠬᠠᠨ ᠤ᠋ ᠥᠷᠥᠭᠡ ᠡᠮᠦᠨ᠎ᠡ ᠨᠢ ᠠᠯᠲᠠ ᠮᠡᠲᠦ ᠭᠢᠯᠠᠯᠵᠠᠨ ᠦᠵᠡᠭᠳᠡᠨ᠎ᠡ᠃ ᠵᠠᠷᠢᠮ ᠨᠢᠭᠡᠨ ᠪᠤᠷᠬᠠᠳ ᠤ᠋ᠨ ᠡᠮᠦᠨ᠎ᠡ ᠵᠤᠯᠠ ᠶ᠋ᠢᠨ ᠭᠠᠯ ᠰᠦᠮᠡᠯᠵᠡᠵᠦ ᠪᠠᠷᠠᠭᠠᠨ ᠳᠦᠷᠰᠦᠲᠦ ᠬᠤᠪᠢᠯᠭᠠᠳ ᠤ᠋ᠨ ᠠᠲᠤᠷᠢᠭᠰᠠᠨ ᠪᠠᠷᠠᠭᠠᠨ ᠴᠢᠷᠠᠢ ᠨᠤᠭᠤᠳ ᠢ᠋ ᠭᠡᠷᠡᠯᠲᠦᠭᠦᠯᠦᠨ᠎ᠡ᠃
ᠪᠠᠲᠤ ᠬᠠᠭᠠᠨ ᠪᠤᠷᠬᠠᠨ ᠤ᠋ ᠥᠷᠥᠭᠡᠨ ᠳ᠋ᠦ᠍ ᠣᠷᠣᠵᠤ ᠲᠠᠬᠢᠯ ᠤ᠋ᠨ ᠰᠢᠷᠡᠭᠡ ᠶ᠋ᠢ ᠲᠣᠭᠣᠷᠢᠨ ᠶᠠᠪᠤᠲᠠᠯ᠎ᠠ ᠪᠤᠯᠤᠩ ᠳ᠋ᠤ᠌ ᠪᠠᠢᠭᠰᠠᠨ ᠰᠢᠷᠡᠭᠡᠨ ᠦ᠌ ᠳᠡᠭᠡᠷ᠎ᠡ ᠡᠴᠡ ᠲᠠᠪᠤᠨ ᠲᠣᠭᠣᠷᠴᠠᠭ᠋ ᠴᠠᠭᠠᠨ ᠪᠣᠣᠪᠣ ᠣᠯᠵᠤ ᠠᠪᠤᠭᠠᠳ᠂ ᠲᠠᠯᠬ᠎ᠠ ᠶ᠋ᠢᠨ ᠬᠣᠣᠷ ᠲᠠᠢ ᠡᠰᠡᠬᠦ ᠶ᠋ᠢ ᠦᠵᠡᠭᠦᠯᠬᠦ ᠪᠡᠷ ᠬᠣᠢᠨ᠎ᠠ ᠠ᠋ᠴᠠ ᠪᠠᠨ ᠳᠠᠭᠠᠵᠤ ᠶᠠᠪᠤᠭᠰᠠᠨ ᠪᠠᠢᠷᠢᠴᠢ ᠳ᠋ᠤ᠌ ᠥᠭᠭᠥᠭᠰᠡᠨ ᠳ᠋ᠦ᠍ ᠲᠡᠷᠡ ᠪᠣᠣᠪᠣ ᠶ᠋ᠢ ᠬᠠᠵᠠᠵᠤ ᠵᠠᠵᠢᠯᠤᠭᠠᠳ᠂
—ᠠᠢ᠂ ᠬᠥᠭᠡᠷᠦᠬᠦᠢ ᠬᠠᠭᠠᠨ ᠲᠡᠭᠷᠢ ᠮᠢᠨᠢ ᠴᠢᠮᠠᠶ᠋ᠢ ᠴᠤ᠌᠂ ᠨᠠᠮᠠᠶ᠋ᠢ ᠴᠤ᠌ ᠠᠶᠤᠯ ᠠ᠋ᠴᠠ ᠬᠠᠮᠠᠭᠠᠯᠠᠰᠤᠭᠠᠢ (ᠬᠠᠮᠠᠭᠠᠯᠠᠲᠤᠭᠠᠢ)᠂ ᠡᠨᠡ ᠲᠠᠯᠬ᠎ᠠ ᠨᠢ ᠦᠨᠡᠬᠡᠷ ᠰᠠᠢᠬᠠᠨ ᠠᠮᠲᠠ ᠲᠠᠢ ᠪᠠᠢᠨ᠎ᠠ ᠭᠡᠪᠡ᠃ ᠪᠠᠲᠤ ᠬᠠᠭᠠᠨ ᠰᠦᠮ᠎ᠡ ᠶ᠋ᠢᠨ ᠭᠣᠣᠯ ᠳᠤᠮᠳᠠ ᠡᠷᠭᠢᠵᠦ ᠢᠷᠡᠭᠡᠳ ᠮᠣᠷᠢᠨ ᠤ᠋ ᠨᠥᠮᠥᠷᠭᠡᠨ ᠳᠡᠪᠢᠰᠬᠡᠷ ᠳᠡᠭᠡᠷ᠎ᠡ ᠰᠠᠭᠤᠪᠠ᠃ ᠲᠡᠭᠦᠨ ᠦ᠌ ᠳᠡᠷᠭᠡᠳᠡ ᠬᠠᠭᠠᠳ ᠨᠢ ᠳᠤᠭᠤᠢᠯᠠᠨ ᠰᠠᠭᠤᠵᠠᠭᠠᠪᠠ᠃
— ᠴᠢᠯᠠᠭᠤᠨ ᠱᠠᠯᠠ ᠲᠠᠢ ᠶᠤᠮ ᠪᠠᠢᠨ᠎ᠠ᠃
— ᠡᠨᠳᠡ ᠭᠠᠯ ᠲᠦᠯᠡᠵᠦ ᠴᠠᠢ ᠴᠢᠨᠠᠭᠲᠤᠨ ᠭᠡᠵᠦ ᠪᠠᠲᠤ ᠬᠠᠭᠠᠨ ᠲᠤᠰᠢᠶᠠᠬᠤ ᠳ᠋ᠤ᠌ ᠪᠠᠢᠷᠢᠴᠢᠳ ᠰᠠᠨᠳᠤᠷᠤᠨ ᠬᠡᠯᠡᠮᠦᠷᠴᠢ ᠪᠠ ᠣᠯᠵᠠᠯᠠᠭᠳᠠᠭᠰᠠᠨ ᠡᠪᠦᠭᠡᠨ ᠲᠡᠢ ᠬᠠᠷᠢᠯᠴᠠᠨ ᠶᠠᠷᠢᠭᠠᠳ᠄
— ᠡᠨᠳᠡ ᠭᠠᠯ ᠲᠦᠯᠡᠵᠦ ᠪᠣᠯᠬᠤ ᠦᠭᠡᠢ᠂ ᠬᠡᠷᠪᠡ ᠲᠦᠯᠡᠪᠡᠯ ᠣᠷᠣᠰ ᠤ᠋ᠨ ᠪᠤᠷᠬᠠᠨ ᠬᠢᠯᠢᠩᠨᠡᠬᠦ ᠪᠠ ᠲᠡᠭᠦᠨ ᠦ᠌ ᠪᠠᠢᠰᠢᠩ ᠨᠢ ᠰᠢᠲᠠᠬᠤ ᠪᠣᠯᠤᠨ᠎ᠠ᠃ ᠬᠠᠷᠢᠨ ᠣᠯᠵᠠᠯᠠᠭᠳᠠᠭᠰᠠᠨ ᠡᠪᠦᠭᠡᠨ ᠡᠳᠦᠷᠵᠢᠨ ᠫᠢᠰᠢᠩ ᠲᠦᠯᠡᠵᠦ ᠪᠠᠢᠬᠤ ᠲᠤᠯᠠ ᠴᠢᠮᠠᠲᠤ ᠲᠤᠯᠭᠠᠭᠰᠠᠨ ᠪᠠᠢᠬᠤ ᠪᠣᠯᠤᠨ᠎ᠠ᠃
ᠰᠦᠪᠡᠭᠡᠳᠡᠢ ᠪᠠᠭᠠᠲᠤᠷ ᠲᠡᠭᠦᠨ ᠦ᠌ ᠴᠡᠷᠢᠭ ᠦ᠋ᠨ ᠲᠤᠰᠠᠯᠠᠭᠴᠢᠳ ᠢ᠋ ᠣᠷᠣᠰ ᠤ᠋ᠨ ᠪᠥᠬᠡ ᠶ᠋ᠢᠨ ᠪᠠᠢᠰᠢᠩ ᠳ᠋ᠤ᠌ ᠪᠠᠭᠤᠳᠠᠯᠯᠠᠭᠤᠯᠬᠤ ᠪᠠᠷ ᠲᠤᠰᠢᠶᠠᠪᠠ᠃ ᠡᠨᠡ ᠳ᠋ᠥ᠋ᠨᠵᠡᠨ ᠮᠣᠳᠣᠨ ᠪᠠᠢᠰᠢᠩ ᠨᠢ ᠡᠭᠦᠳᠡᠨ ᠦ᠌ ᠥᠷᠥᠭᠡᠨ ᠡᠴᠡ ᠭᠠᠳᠠᠨ᠎ᠠ ᠬᠣᠶᠠᠷ ᠲᠣᠮᠣ ᠥᠷᠥᠭᠡ ᠲᠡᠢ ᠪᠠ ᠳᠤᠮᠳᠠ ᠪᠠᠨ ᠲᠣᠭᠣᠷᠬᠠᠢ ᠲᠠᠰᠤᠯᠭ᠎ᠠ ᠲᠠᠢ ᠪᠠᠢᠪᠠ᠃ ᠬᠣᠶᠠᠷ ᠲᠣᠮᠣ ᠥᠷᠥᠭᠡ ᠨᠢ ᠳᠤᠮᠳᠠ ᠪᠠᠨ ᠴᠢᠯᠠᠭᠤ ᠪᠠ ᠰᠢᠪᠠᠷ ᠢ᠋ᠶ᠋ᠠᠷ ᠬᠢᠭᠰᠡᠨ ᠲᠣᠮᠣ ᠳᠥᠷᠪᠡᠯᠵᠢᠨ ᠫᠢᠰᠢᠩ ᠲᠡᠢ ᠠᠵᠢ᠃ ᠡᠮᠦᠨᠡᠬᠢ ᠥᠷᠥᠭᠡᠨ ᠳ᠋ᠦ᠍ ᠳᠥᠷᠪᠡᠨ ᠮᠣᠩᠭᠣᠯ ᠳᠠᠷᠤᠭ᠎ᠠ ᠨᠠᠷ ᠪᠠ ᠯᠠᠯᠤ ᠶ᠋ᠢᠨ ᠱᠠᠰᠢᠨ ᠤ᠋ ᠬᠣᠶᠠᠷ ᠪᠢᠴᠢᠭᠡᠴᠢ ᠨᠠᠷ ᠪᠠᠢᠷᠢᠯᠠᠪᠠ᠃ ᠨᠥᠭᠦᠭᠡ ᠥᠷᠥᠭᠡ ᠶ᠋ᠢ ᠰᠦᠪᠡᠭᠡᠳᠡᠢ ᠪᠠᠭᠠᠲᠤᠷ ᠥᠪᠡᠷ ᠢ᠋ᠶ᠋ᠡᠨ ᠡᠵᠡᠯᠡᠭᠡᠳ ᠳᠠᠷᠤᠭ᠎ᠠ ᠨᠠᠷ ᠤ᠋ᠨ ᠬᠠᠮᠲᠤ ᠰᠠᠭᠤᠵᠤ ᠪᠠᠢᠭ᠎ᠠ ᠷᠶᠠᠽᠠᠨ ᠤ᠋ ᠸᠠᠩ ᠬᠡᠯᠡᠮᠦᠷᠴᠢ ᠭᠯᠸᠪ ᠢ᠋ ᠦᠵᠡᠭᠡᠳ᠂
— ᠬᠠᠷ᠎ᠠ ᠭᠤᠯᠢᠷ ᠤ᠋ᠨ ᠪᠣᠣᠪᠣ ᠭᠡᠵᠦ ᠶᠠᠭᠤ ᠪᠣᠢ ᠭᠡᠵᠦ ᠠᠰᠠᠭᠤᠬᠤ ᠳ᠋ᠤ᠌᠂
— ᠡᠭᠦᠨ ᠢ᠋ ᠲᠠᠢᠯᠪᠤᠷᠢᠯᠠᠬᠤ ᠳ᠋ᠤ᠌ ᠪᠡᠷᠬᠡᠰᠢᠶᠡᠯᠲᠡᠢ ᠪᠠᠢᠨ᠎ᠠ᠃ ᠠᠮᠲᠠᠯᠠᠵᠤ ᠦᠵᠡᠬᠦ ᠬᠡᠷᠡᠭ ᠲᠡᠢ ᠨᠢᠭᠡᠨ ᠪᠠᠪ《ᠡᠮ᠎ᠡ》 ᠶ᠋ᠢ ᠣᠯᠵᠤ ᠠᠪ᠃ ᠲᠡᠷᠡ ᠪᠡᠷ ᠪᠦᠷ ᠴᠢᠮᠠᠲᠤ ᠲᠡᠢᠮᠦ ᠪᠣᠣᠪᠣ ᠶ᠋ᠢ ᠬᠠᠭᠠᠷᠢᠵᠤ ᠥᠭᠴᠦ ᠪᠠᠢᠨ᠎ᠠ᠃
— ᠪᠠᠪ ᠭᠡᠵᠦ ᠶᠠᠭᠤ ᠶ᠋ᠢ ᠬᠡᠯᠡᠨ᠎ᠡ ᠪᠣᠢ?
— ᠨᠢᠭᠡᠨ ᠮᠣᠩᠭᠣᠯ ᠴᠡᠷᠢᠭ ᠭᠠᠳᠠᠨ᠎ᠠ ᠬᠠᠰᠢᠶᠠᠨ ᠳᠣᠲᠣᠷ᠎ᠠ ᠢᠷᠡᠭᠡᠳ ᠬᠣᠶᠠᠷ ᠪᠠᠪ ᠢ᠋ ᠬᠤᠳᠠᠯᠳᠤᠬᠤ ᠭᠡᠵᠦ ᠪᠠᠢᠨ᠎ᠠ᠃ ᠴᠢ ᠬᠤᠳᠠᠯᠳᠤᠵᠤ ᠠᠪ᠃
— ᠶᠠᠭᠠᠬᠢᠵᠤ ᠥᠭᠬᠦ ᠶᠤᠮ ᠪᠣᠢ?
— ᠲᠡᠳᠡ ᠨᠠᠷ ᠢ᠋ ᠣᠳᠣ ᠠᠪᠤᠭᠠᠳ ᠢᠷᠡᠶ᠎ᠡ ᠭᠡᠳ ᠭᠯᠧᠪ ᠭᠠᠳᠠᠭᠰᠢ ᠭᠠᠷᠴᠤ ᠨᠢᠭᠡ ᠨᠠᠰᠤᠲᠠᠢ ᠮᠣᠩᠭᠣᠯ ᠬᠥᠮᠦᠨ ᠦ᠌ ᠬᠠᠮᠲᠤ ᠴᠢᠷᠦᠭᠦᠯᠳᠦᠭᠰᠡᠨ(ᠴᠢᠷᠦᠭᠦᠯᠦᠭᠰᠡᠨ᠂ ᠴᠢᠷᠦᠯᠳᠦᠭᠰᠡᠨ) ᠬᠣᠶᠠᠷ ᠡᠮᠡᠭᠲᠡᠢ ᠶ᠋ᠢ ᠠᠪᠴᠤ ᠥᠷᠥᠭᠡᠨ ᠦ᠌ ᠳᠣᠲᠣᠷ᠎ᠠ ᠲᠦᠯᠬᠢᠨ ᠣᠷᠣᠭᠤᠯᠪᠠ᠃ ᠲᠡᠳᠡᠨ ᠦ᠌ ᠨᠢᠭᠡ ᠨᠢ ᠪᠡᠶ᠎ᠡ ᠥᠨᠳᠥᠷ ᠮᠢᠬᠠᠯᠢᠭ ᠪᠤᠶᠤ ᠬᠥᠬᠡ ᠥᠩᠭᠡ ᠶ᠋ᠢᠨ ᠪᠠᠩᠵᠠᠯ ᠴᠠᠮᠴᠠ ᠲᠠᠢ᠂ ᠴᠡᠴᠡᠷᠡᠵᠦ ᠣᠷᠣᠵᠤ ᠢᠷᠡᠮᠡᠭᠴᠡ ᠨᠢᠳᠦ ᠪᠡᠷ ᠢ᠋ᠶ᠋ᠡᠨ ᠡᠷᠢᠵᠦ ᠪᠠᠢᠭᠠᠳ ᠪᠤᠷᠬᠠᠨ ᠤ᠋ ᠬᠥᠷᠥᠭ ᠢ᠋ ᠨᠢ ᠭᠠᠷᠭᠠᠵᠤ ᠬᠠᠶᠠᠭᠰᠠᠨ ᠬᠣᠭᠣᠰᠣᠨ ᠭᠦᠩᠭᠠᠷᠠᠪᠠ ᠲᠠᠢ ᠪᠤᠯᠤᠩ ᠲᠡᠰᠢ ᠬᠠᠷᠠᠵᠤ ᠭᠤᠷᠪᠠᠨᠲᠠ ᠮᠥᠷᠭᠥᠭᠡᠳ ᠭᠠᠷ ᠢ᠋ᠶ᠋ᠠᠨ ᠡᠷᠭᠦᠨ ᠴᠢᠬᠢᠨ ᠳ᠋ᠡᠭᠡᠨ ᠪᠠᠷᠢᠵᠤ ᠮᠣᠷᠢᠨ ᠤ᠋ ᠲᠣᠬᠣᠮ ᠢ᠋ ᠱᠠᠯᠠ ᠶ᠋ᠢᠨ ᠳᠡᠭᠡᠷ᠎ᠡ ᠳᠡᠪᠢᠰᠴᠦ ᠪᠠᠨᠲᠠᠩ ᠤ᠋ᠨ ᠳᠡᠷᠭᠡᠳᠡ ᠰᠠᠭᠤᠵᠤ ᠪᠠᠢᠭ᠎ᠠ ᠰᠥᠪᠡᠭᠡᠳᠡᠢ ᠪᠠᠭᠠᠲᠤᠷ ᠢ᠋ ᠰᠢᠷᠲᠡᠵᠦ ᠬᠠᠷᠠᠪᠠ᠃ ᠬᠣᠩᠭᠣᠷ ᠰᠢᠷ᠎ᠠ ᠭᠡᠵᠢᠭᠡ ᠲᠡᠢ᠂ ᠠᠶᠤᠵᠤ ᠰᠣᠴᠢᠭᠰᠠᠨ ᠨᠢᠳᠦ ᠲᠡᠢ᠂ ᠨᠢᠭᠡ ᠵᠠᠯᠠᠭᠤ ᠬᠡᠦᠬᠡᠨ ᠥᠨᠥᠬᠢ ᠡᠮ᠎ᠡ ᠶ᠋ᠢᠨ ᠪᠡᠶ᠎ᠡ ᠳ᠋ᠦ᠍ ᠨᠠᠭᠠᠯᠳᠤᠨ ᠵᠣᠭᠰᠣᠨ᠎ᠠ᠃ ᠲᠡᠭᠦᠨ ᠦ᠌ ᠡᠮᠦᠰᠦᠭᠰᠡᠨ ᠤᠷᠠᠩᠬᠠᠢ ᠨᠡᠬᠡᠢ ᠳᠡᠪᠡᠯ ᠦ᠋ᠨ ᠳᠣᠣᠭᠤᠷ ᠤᠯᠠᠭᠠᠨ ᠪᠠᠩᠵᠠᠯ ᠤ᠋ᠨ ᠬᠣᠷᠮᠣᠢ ᠦᠵᠡᠭᠳᠡᠵᠦ ᠪᠠᠢᠪᠠ᠃
— ᠬᠣᠶᠠᠷ ᠰᠢᠯᠢᠳᠡᠭ ᠰᠠᠢᠨ ᠪᠠᠪ ᠡᠨᠡ ᠪᠠᠢᠨ᠎ᠠ᠃ ᠠᠬᠢᠮᠠᠭ ᠨᠠᠰᠤᠲᠠᠢ ᠨᠢ ᠳᠠᠳᠤᠯᠭ᠎ᠠ ᠲᠠᠢ ᠲᠣᠭᠣᠭᠠᠴᠢ᠂ ᠨᠥᠭᠦᠭᠡ ᠨᠢ ᠲᠠᠷᠢᠮᠠᠯᠬᠠᠨ ᠴᠡᠴᠡᠭ ᠨᠠᠮᠤᠭᠤ ᠴᠡᠴᠡᠭ ᠦ᠋ᠨ ᠦᠷ᠎ᠡ ᠪᠠᠢᠭ᠎ᠠ ᠶᠤᠮ ᠭᠡᠵᠦ ᠭᠯᠧᠪ ᠲᠠᠲ᠋ᠠᠷ ᠬᠡᠯᠡ ᠪᠡᠷ ᠬᠡᠯᠡᠪᠡ᠃ ᠰᠥᠪᠡᠭᠡᠳᠡᠢ ᠪᠠᠭᠠᠲᠤᠷ ᠡᠳᠡᠭᠡᠷ ᠬᠡᠦᠬᠡᠨ ᠨᠤᠭᠦᠳ ᠢ᠋ ᠦᠵᠡᠬᠦ ᠲᠡᠳᠦᠢ ᠶ᠋ᠢᠨ (ᠦᠵᠡᠬᠦ ᠶ᠋ᠢᠨ ᠲᠡᠳᠦᠢ) ᠪᠣᠯᠤᠭᠠᠳ ᠪᠤᠷᠤᠭᠤ ᠬᠠᠷᠠᠪᠠ᠃
— ᠰᠥᠭᠥᠳᠦᠭᠲᠦᠨ᠂ ᠡᠨᠡ ᠪᠣᠯ ᠶᠡᠬᠡ ᠡᠵᠡᠨ ᠬᠠᠭᠠᠨ ᠪᠣᠯᠤᠨ᠎ᠠ᠃ ᠲᠠᠨᠠᠷ ᠥᠨᠥᠳᠥᠷ ᠡᠴᠡ ᠡᠬᠢᠯᠡᠨ ᠡᠭᠦᠨ ᠦ᠌ ᠰᠢᠪᠡᠭᠴᠢᠨ ᠪᠣᠯᠤᠨ᠎ᠠ ᠭᠡᠵᠦ ᠸᠠᠩ ᠭᠯᠧᠪ ᠦ᠋ᠨ ᠬᠡᠯᠡᠬᠦ ᠳ᠋ᠦ᠍ᠨᠢ᠄
— ᠶᠡᠬᠡ ᠪᠣᠯᠪᠠᠴᠤ ᠬᠠᠮᠤᠭ ᠤ᠋ᠨ ᠶᠡᠬᠡ ᠪᠢᠰᠢ ᠠ᠋!
— ᠶᠠᠭᠤᠨ ᠳ᠋ᠤ᠌ ᠰᠥᠭᠥᠳᠬᠦ ᠪᠢᠯᠡ! ᠬᠠᠷᠠᠬᠤ ᠦᠭᠡᠢ ᠤᠤ᠂ ᠱᠠᠯᠠ ᠴᠢᠨᠢ ᠬᠡᠴᠢᠨᠡᠨ ᠮᠠᠭᠤᠬᠠᠢ ᠪᠠᠢᠨ᠎ᠠ᠃ ᠡᠨᠡ ᠲᠠᠮᠤᠯᠠᠭᠴᠢ ᠨᠠᠷ ᠳᠡᠪᠬᠡᠴᠡᠭᠰᠡᠭᠡᠷ ᠪᠠᠢᠭᠠᠳ ᠪᠤᠵᠠᠷᠲᠤᠭᠤᠯᠤᠭᠰᠠᠨ ᠪᠠᠢᠭ᠎ᠠ ᠭᠡᠵᠦ ᠲᠡᠷᠡ ᠡᠮᠡᠭᠲᠡᠢ ᠬᠠᠷᠢᠭᠤᠯᠪᠠ᠃
— ᠡᠵᠡᠨ ᠳ᠋ᠡᠭᠡᠨ ᠮᠥᠷᠭᠥ ᠭᠡᠵᠦ ᠪᠢ ᠴᠢᠮᠠᠲᠤ ᠬᠡᠯᠡᠵᠦ ᠪᠠᠢᠨ᠎ᠠ᠃
— ᠮᠢᠨᠦ ᠡᠵᠡᠨ ᠦᠬᠦᠭᠡᠳ ᠪᠠᠷᠤᠭ ᠠᠷᠪᠠᠭᠠᠳ ᠵᠢᠯ ᠪᠣᠯᠵᠤ ᠪᠠᠢᠨ᠎ᠠ᠃
— ᠸᠸᠱᠨ᠋ᠶᠡᠩᠺᠡ! ᠮᠥᠷᠭᠥᠵᠦ ᠣᠷᠬᠢᠬᠤ ᠤᠤ ᠳ᠋ᠠ? ᠲᠡᠷᠡ ᠬᠣᠶᠠᠷ ᠳᠣᠷᠣᠭᠰᠢ ᠪᠠᠨ ᠲᠣᠩᠭᠣᠢᠵᠤ ᠭᠠᠷ ᠤ᠋ᠨ ᠬᠤᠷᠤᠭᠤ ᠪᠠᠨ ᠱᠠᠯᠠ ᠳ᠋ᠤ᠌ ᠬᠦᠷᠭᠡᠪᠡ᠃
ᠰᠦᠪᠡᠭᠡᠲᠡᠢ ᠪᠠᠭᠠᠲᠤᠷ ᠨᠢᠳᠦ ᠪᠡᠨ ᠠᠨᠢᠪᠠᠯᠵᠠᠵᠤ ᠪᠦᠰᠡᠭᠦᠢᠴᠦᠳ ᠢ᠋ ᠰᠢᠷᠳᠡᠨ ᠬᠠᠷᠠᠭᠠᠳ ᠴᠠᠷᠠᠰᠤᠨ ᠮᠣᠳᠣᠨ ᠪᠠᠨᠲᠠᠩ ᠳᠡᠭᠡᠷ᠎ᠡ ᠰᠠᠭᠤᠵᠤ ᠪᠠᠢᠭ᠎ᠠ ᠸᠠᠩ ᠬ᠌ᠯᠸᠪ ᠢ᠋ ᠨᠢᠳᠦ ᠶ᠋ᠢᠨ ᠢ᠋ᠶ᠋ᠡᠨ ᠪᠤᠯᠤᠩ ᠢ᠋ᠶ᠋ᠠᠷ ᠭᠢᠯᠦᠢᠵᠦ ᠬᠠᠷᠠᠭᠠᠳ ᠪᠣᠰᠴᠤ ᠲᠣᠬᠣᠮ ᠢ᠋ᠶ᠋ᠠᠨ ᠪᠠᠨᠲᠠᠩ ᠳᠡᠭᠡᠷ᠎ᠡ ᠲᠠᠯᠪᠢᠭᠠᠳ ᠳᠡᠭᠡᠷ᠎ᠡ ᠨᠢ ᠭᠠᠷᠴᠤ ᠵᠠᠪᠢᠯᠠᠨ ᠰᠠᠭᠤᠪᠠ᠃
— ᠨᠡᠷ᠎ᠡ ᠨᠢ ᠬᠡᠨ ᠪᠣᠢ? ᠭᠡᠵᠦ ᠬ᠌ᠯᠸᠪ ᠡᠴᠡ ᠠᠰᠠᠭᠤᠭᠰᠠᠨ ᠳ᠋ᠤ᠌ ᠲᠡᠷᠡ ᠠᠰᠠᠭᠤᠯᠲᠠ ᠶ᠋ᠢ ᠬᠡᠯᠡᠮᠦᠷᠴᠢᠯᠡᠵᠦ ᠥᠭᠪᠡ᠃
— ᠡᠨᠡ ᠨᠢ ᠣᠫᠠᠯᠸᠨᠢᠬᠠ ᠭᠡᠵᠦ ᠨᠡᠷᠡᠰᠢᠭᠰᠡᠨ ᠪᠢᠯᠡ᠃ ᠨᠥᠭᠦᠭᠡ ᠨᠢ ᠸᠸᠱᠨ᠋ᠶᠡᠩᠺᠠ ᠭᠡᠳᠡᠭ᠃
— ᠲᠥᠷᠥᠭᠰᠡᠨ ᠥᠬᠢᠨ ᠨᠢ ᠤᠤ?
— ᠦᠭᠡᠢ ᠂ ᠮᠠᠨ ᠤ᠋ ᠠᠢᠯ ᠤ᠋ᠨ ᠥᠨᠥᠴᠢᠨ ᠬᠡᠦᠬᠡᠨ ᠶᠤᠮ᠃ ᠪᠢ ᠲᠡᠭᠦᠨ ᠢ᠋ ᠠᠰᠠᠷᠠᠵᠤ ᠪᠠᠢᠳᠠᠭ᠃
— ᠶᠠᠭᠤᠨ ᠳ᠋ᠤ᠌ ᠴᠢᠮᠠᠶ᠋ᠢ ᠲᠡᠭᠡᠵᠦ ᠨᠡᠷᠡᠯᠡᠳᠡᠭ ᠶᠤᠮ ᠪᠣᠢ? ᠭᠡᠵᠦ ᠰᠦᠪᠡᠭᠡᠲᠡᠢ ᠴᠢᠨᠠᠭᠰᠢ ᠠᠰᠠᠭᠤᠪᠠ᠃
— ᠮᠢᠨᠦ ᠬᠠᠷ᠎ᠠ ᠬᠥᠮᠦᠨ ᠢ᠋ ᠭᠠᠯ ᠳ᠋ᠤ᠌ ᠰᠢᠲᠠᠭᠠᠵᠤ ᠠᠯᠠᠭᠰᠠᠨ ᠶᠤᠮ᠃
— ᠬᠡᠨ? ᠮᠢᠨᠦ ᠴᠡᠷᠢᠭ ᠦ᠋ᠳ ᠤᠤ?
— ᠦᠭᠡᠢ᠂ ᠬᠠᠮᠢᠭ᠎ᠠ ᠪᠠᠢᠭᠰᠠᠨ ᠶᠤᠮ ᠪᠣᠢ? ᠮᠠᠨ ᠤ᠋ ᠬᠢᠨ ᠦ᠌ ᠬᠤᠯᠠᠭᠠᠢᠴᠤᠳ᠂ ᠨᠤᠸᠤᠭᠤᠷᠤᠳ᠋ ᠤ᠋ᠨ ᠳᠡᠭᠡᠷᠡᠮᠴᠦᠳ (ᠳᠡᠭᠡᠷᠡᠮᠴᠢᠳ) ᠰᠢᠲᠠᠭᠠᠭᠰᠠᠨ ᠶᠤᠮ᠃ ᠲᠡᠭᠦᠨ ᠡᠴᠡ ᠬᠣᠢᠰᠢ ᠪᠢ ᠣᠫᠠᠯᠸᠨᠢᠬᠠ ᠭᠡᠵᠦ ᠨᠡᠷᠡᠯᠡᠭᠳᠡᠬᠦ ᠪᠣᠯᠪᠠ᠃ ᠬᠠᠷᠢᠨ ᠡᠨᠡ ᠪᠣᠯ ᠸᠸᠱᠨ᠋ᠶᠡᠩᠺᠡ᠂ ᠬᠠᠪᠤᠷ ᠲᠥᠷᠥᠭᠰᠡᠨ ᠶᠤᠮ᠃ ᠲᠡᠭᠡᠭᠡᠳ ᠥᠪᠡᠷ ᠢ᠋ᠶ᠋ᠠᠨ ᠴᠥ᠍ ᠬᠠᠪᠤᠷ ᠰᠢᠭ᠋ ᠰᠠᠢᠬᠠᠨ ᠤᠯᠠᠪᠢᠷ ᠴᠢᠷᠠᠢ ᠲᠠᠢ᠃
— ᠣᠷᠣᠰ ᠤ᠋ᠳ ᠬᠡᠴᠡᠭᠦᠦ ᠨᠡᠷ᠎ᠡ ᠲᠡᠢ ᠶᠤᠮ᠃ ᠶᠡᠷᠦ ᠲᠣᠭᠲᠠᠭᠠᠭᠳᠠᠬᠤ ᠦᠭᠡᠢ ᠭᠡᠵᠦ ᠰᠦᠪᠡᠭᠡᠳᠡᠢ ᠪᠠᠭᠠᠲᠤᠷ ᠬᠡᠯᠡᠭᠡᠳ᠂
— ᠲᠠ ᠨᠠᠳᠠᠳᠤ ᠠᠵᠢᠯ ᠬᠢᠵᠦ ᠥᠭᠬᠦ ᠤᠤ? ᠠᠯᠢ ᠦᠭᠡᠢ ᠤᠤ? ᠥᠭᠡᠷ᠎ᠡ ᠬᠥᠮᠦᠨ ᠢ᠋ ᠳᠠᠭᠤᠳᠠᠬᠤ ᠤᠤ ᠭᠡᠬᠦ ᠳ᠋ᠦ᠍ᠨᠢ
— ᠪᠦᠬᠦᠢᠯᠡ ᠨᠠᠰᠤ ᠪᠠᠷ ᠢ᠋ᠶ᠋ᠠᠨ ᠬᠥᠮᠦᠨ ᠦ᠌ ᠠᠵᠢᠯ ᠬᠢᠵᠦ ᠶᠠᠪᠤᠭᠰᠠᠨ ᠪᠢᠯᠡ᠃ ᠡᠮᠡᠰ ᠪᠢᠳᠡᠨᠡᠷ ᠦ᠋ᠨ ᠬᠤᠪᠢ ᠵᠠᠶᠠᠭ᠎ᠠ ᠨᠢ ᠲᠡᠢᠮᠦ ᠯᠡ ᠶᠤᠮ ᠪᠢᠵᠡ᠃
— ᠪᠣᠣᠪᠣ᠂ ᠠᠷᠪᠠᠢ ᠶ᠋ᠢᠨ ᠭᠤᠯᠢᠷ ᠢ᠋ᠶ᠋ᠠᠷ ᠬᠢᠭᠰᠡᠨ ᠪᠢᠩ᠂ ᠲᠣᠮᠣ ᠳᠤᠭᠤᠢ ᠲᠠᠯᠬ᠎ᠠ ᠨᠠᠳᠠᠳᠤ ᠪᠠᠷᠢᠵᠤ ᠥᠭᠭᠥᠭᠲᠥᠨ!
— ᠲᠠᠯᠬ᠎ᠠ ᠶ᠋ᠢᠨ ᠠᠢᠷᠠᠭ ᠪᠠ ᠭᠤᠯᠢᠷ ᠪᠠᠢᠪᠠᠯ ᠪᠦᠭᠦᠳᠡ ᠶ᠋ᠢ ᠬᠢᠵᠦ ᠪᠣᠯᠤᠨ᠎ᠠ᠃ ᠸᠠᠩ ᠭᠯᠸᠪ ᠬᠠᠵᠠᠭᠤ ᠠ᠋ᠴᠠ ᠶᠠᠷᠢᠶᠠᠨ ᠳ᠋ᠤ᠌ ᠣᠷᠣᠯᠴᠠᠵᠤ᠄
— ᠬᠥᠭᠰᠢᠨ ᠰᠠᠺᠯᠠᠪ ᠲᠠᠨᠠᠷ ᠲᠸ᠋ ᠪᠦᠭᠦᠳᠡ ᠶ᠋ᠢ ᠣᠯᠵᠤ ᠥᠭᠭᠦᠯ᠎ᠡ᠃ ᠪᠣᠳᠣᠪᠠᠯ ᠲᠡᠷᠡ ᠣᠷᠣᠰ ᠬᠡᠯᠡ ᠪᠡᠨ ᠮᠠᠷᠲᠠᠭ᠎ᠠ ᠦᠭᠡᠢ ᠪᠢᠵᠡ ᠭᠡᠵᠦ ᠬᠡᠯᠡᠪᠡ ᠃
ᠪᠦᠰᠡᠭᠦᠢᠴᠦᠳ ᠡᠭᠦᠳᠡᠨ ᠦ᠌ ᠳᠡᠷᠭᠡᠳᠡ ᠵᠣᠭᠰᠣᠵᠤ ᠪᠠᠢᠭ᠎ᠠ ᠰᠦᠪᠡᠭᠡᠳᠡᠢ ᠶ᠋ᠢᠨ ᠬᠥᠭᠰᠢᠨ ᠵᠠᠷᠤᠴᠠ ᠲᠡᠰᠢ ᠲᠦᠷᠭᠡᠨ ᠡᠷᠭᠢᠵᠦ ᠬᠠᠷᠠᠭᠠᠳ
— ᠴᠢ ᠮᠠᠨ ᠤ᠋ ᠷᠶᠡᠽᠡᠨ ᠦ᠌ ᠬᠢ ᠤᠤ? ᠡᠳᠡᠨ ᠦ᠌ ᠳ᠋ᠦ᠍ ᠲᠠᠲᠠᠪᠤᠷᠢ ᠪᠣᠯᠵᠤ ᠣᠴᠢᠭᠰᠠᠨ ᠪᠣᠯ ᠤᠤ? ᠭᠡᠵᠦ ᠠᠰᠠᠭᠤᠬᠤ ᠳ᠋ᠤᠨᠢ:
— ᠣᠯᠵᠠᠯᠠᠭᠳᠠᠭᠰᠠᠭᠠᠷ ᠳᠥᠴᠢᠨ ᠵᠢᠯ ᠵᠣᠪᠠᠵᠤ ᠪᠠᠢᠨ᠎ᠠ᠃ ᠬᠥᠯ ᠮᠢᠨᠢ ᠭᠢᠨᠵᠢ ᠲᠡᠢ ᠪᠠᠷᠢᠯᠳᠤᠵᠤ ᠣᠷᠬᠢᠪᠠ᠃ ᠡᠨᠡ ᠨᠢ ᠮᠥᠨ ᠲᠠᠨᠠᠷ ᠲᠸ᠋ ᠴᠤ᠌ ᠲᠣᠬᠢᠶᠠᠯᠳᠤᠨ᠎ᠠ᠃ ᠨᠢᠭᠡᠨᠲᠡ ᠭᠢᠨᠵᠢ ᠵᠡᠭᠦᠪᠡᠯ ᠦᠬᠦᠲᠡᠯ᠎ᠡ ᠴᠥ᠍ ᠠᠩᠭᠢᠵᠢᠷᠠᠵᠤ ᠪᠣᠯᠬᠤ ᠦᠭᠡᠢ ᠭᠡᠵᠦ ᠲᠡᠷᠡ ᠡᠪᠦᠭᠡᠨ ᠬᠦᠨᠳᠦ ᠪᠡᠷ ᠰᠠᠨᠠᠭ᠎ᠠ ᠠᠯᠳᠠᠭᠠᠳ᠂
— ᠭᠤᠯᠢᠷ ᠡᠨᠡ ᠪᠠᠢᠨ᠎ᠠ᠂ ᠲᠠᠯᠬ᠎ᠠ ᠶ᠋ᠢᠨ ᠬᠥᠷᠥᠩᠭᠡ ᠡᠨᠡ ᠪᠠᠢᠨ᠎ᠠ ᠭᠡᠵᠦ ᠨᠢᠭᠡᠨ ᠰᠢᠭᠤᠳᠠᠢ ᠪᠠ ᠰᠢᠪᠠᠷ ᠯᠣᠩᠬᠣ ᠶ᠋ᠢ ᠫᠢᠰᠢᠩ ᠳᠠᠰᠢ ᠣᠢᠷᠠᠲᠤᠭᠤᠯᠤᠨ ᠲᠠᠯᠪᠢᠬᠤ ᠳ᠋ᠤᠨᠢ ᠬᠥᠯ ᠦ᠋ᠨ ᠬᠢᠨᠢ ᠲᠡᠮᠦᠷ ᠭᠢᠨᠵᠢ ᠬᠠᠵᠢᠭᠢᠨᠠᠪᠠ (ᠬᠠᠷᠴᠢᠭᠢᠨᠠᠪᠠ)᠃
— ᠠᠢ ᠬᠠᠢᠷᠠᠬᠠᠨ ᠮᠢᠨᠢ! ᠴᠢ ᠴᠢᠨᠢ ᠳᠥᠴᠢᠨ ᠵᠢᠯ ᠦ᠋ᠨ ᠲᠤᠷᠰᠢ ᠬᠥᠯ ᠳ᠋ᠡᠭᠡᠨ ᠲᠡᠮᠦᠷ ᠭᠢᠨᠵᠢ ᠶ᠋ᠢ ᠴᠢᠷᠴᠦ ᠶᠠᠪᠤᠭ᠎ᠠ ᠶᠤᠮ ᠤᠤ? ᠭᠡᠵᠦ ᠣᠫᠠᠯᠸᠨᠢᠬᠠ ᠭᠠᠷ ᠢ᠋ᠶ᠋ᠠᠨ ᠰᠠᠪᠠᠯᠠᠵᠤ ᠬᠡᠯᠡᠭᠡᠳ᠂ ᠬᠡᠨᠡᠭ ᠦᠭᠡᠢ ᠲᠡᠭᠦᠨ ᠢ᠋ ᠠᠵᠢᠭᠯᠠᠨ ᠬᠠᠷᠠᠵᠤ ᠰᠠᠭᠤᠭ᠎ᠠ ᠰᠦᠪᠡᠭᠡᠳᠡᠢ ᠪᠠᠭᠠᠲᠤᠷ ᠢ᠋ ᠬᠤᠷᠤᠭᠤ ᠪᠠᠷ ᠢ᠋ᠶ᠋ᠠᠨ ᠵᠢᠭᠠᠪᠠ᠃
— ᠵᠠ᠂ ᠳᠠᠷᠠᠭ᠎ᠠ ᠶᠠᠷᠢᠶ᠎ᠠ᠁ ᠣᠳᠣ ᠲᠦᠯᠡᠭᠡ ᠠᠪᠴᠤ ᠢᠷᠡᠶ᠎ᠡ᠁ ᠭᠡᠵᠦ ᠥᠨᠥᠬᠢ ᠡᠪᠦᠭᠡᠨ ᠬᠡᠯᠡᠪᠡ᠃
— ᠵᠠ ᠸᠸᠱᠨ᠋ᠶᠠᠩᠺᠡ ᠲᠡᠢᠨ ᠲᠡᠢᠨ ᠢ᠋ᠶ᠋ᠡᠷ ᠢ᠋ᠶ᠋ᠡᠨ ᠪᠢᠵᠡ? ᠭᠤᠯᠢᠷ ᠢ᠋ ᠵᠢᠭᠤᠷᠠᠵᠤ ᠢᠰᠬᠡᠬᠦ ᠬᠡᠷᠡᠭᠲᠡᠢ ᠪᠣᠯᠵᠠᠢ ᠭᠡᠵᠦ ᠤᠫᠠᠯᠸᠨᠢᠬ᠎ᠠ ᠰᠠᠨᠠᠭ᠎ᠠ ᠠᠯᠳᠠᠭᠠᠳ ᠪᠠᠢᠰᠢᠩ ᠲᠡᠰᠢ ᠶᠠᠪᠤᠲᠠᠯ᠎ᠠ ᠥᠨᠥᠬᠢ ᠮᠣᠩᠭᠣᠯ ᠬᠥᠮᠦᠨ ᠲᠡᠭᠦᠨ ᠦ᠌ ᠬᠦᠵᠦᠭᠦᠨ ᠳ᠋ᠡᠬᠢ ᠰᠤᠷ ᠤ᠋ᠨ ᠪᠤᠭᠤᠢᠯᠢ ᠠ᠋ᠴᠠ ᠭᠡᠳᠡᠷᠭᠦ ᠲᠠᠲᠠᠵᠤ ᠲᠡᠭᠦᠨ ᠢ᠋ ᠵᠣᠭᠰᠣᠭᠠᠪᠠ᠃
ᠤᠫᠠᠯᠸᠨᠢᠬ᠎ᠠ ᠰᠦᠪᠡᠭᠡᠳᠡᠢ ᠪᠠᠭᠠᠲᠤᠷ ᠢ᠋ ᠴᠢᠷᠠᠢᠴᠢᠯᠠᠨ ᠬᠠᠷᠠᠭᠰᠠᠭᠠᠷ ᠵᠣᠭᠰᠣᠪᠠ᠃ ᠰᠦᠪᠡᠭᠡᠳᠡᠢ ᠪᠠᠭᠠᠲᠤᠷ ᠲᠡᠷᠡ ᠮᠣᠩᠭᠣᠯ ᠬᠥᠮᠦᠨ ᠲᠡᠰᠢ ᠬᠠᠨᠳᠤᠵᠤ᠄
— ᠡᠨᠡ ᠡᠮᠡᠭᠲᠡᠢᠴᠦᠳ ᠢ᠋ ᠬᠠᠮᠢᠭ᠎ᠠ ᠠ᠋ᠴᠠ ᠣᠯᠪᠠ?
— ᠬᠣᠲᠠ ᠶ᠋ᠢ ᠵᠡᠭᠦᠨ ᠲᠠᠯ᠎ᠠ ᠠ᠋ᠴᠠ ᠨᠢ ᠡᠷᠭᠢᠬᠦ ᠪᠡᠷ ᠶᠠᠪᠤᠭᠤᠯᠤᠭᠰᠠᠨ ᠶᠤᠮ᠃ ᠪᠢᠳᠡᠨᠡᠷ ᠣᠢ ᠮᠣᠳᠣᠨ ᠳᠣᠲᠣᠭᠤᠷ ᠨᠡᠪᠲᠡᠷᠡᠵᠦ ᠶᠠᠪᠤᠲᠠᠯ᠎ᠠ (ᠡᠳᠡᠨᠡᠷ) ᠵᠢᠭᠤᠲᠠᠵᠤ ᠶᠠᠪᠤᠪᠠ᠃ ᠡᠮᠡᠭᠲᠡᠢᠴᠦᠳ ᠪᠠᠰᠠ ᠣᠯᠠᠨ ᠪᠠᠢᠯᠴᠠᠪᠠ᠃ ᠪᠢᠳᠡ ᠵᠠᠷᠢᠮ ᠢ᠋ ᠨᠢ ᠴᠠᠪᠴᠢᠵᠤ ᠠᠯᠠᠭᠠᠳ᠂ ᠵᠠᠷᠢᠮ ᠢ᠋ ᠨᠢ ᠪᠤᠴᠠᠭᠠᠨ ᠬᠥᠭᠡᠭᠡᠵᠦ ᠥᠪᠡᠷ ᠦ᠋ᠨ ᠢ᠋ᠶ᠋ᠡᠨ ᠪᠠᠢᠷᠢ ᠳ᠋ᠤ᠌ ᠠᠪᠴᠢᠷᠠᠯ᠎ᠠ᠃
— ᠤᠤᠬᠠᠢ᠃
— ᠡᠨᠡ ᠬᠣᠶᠠᠷ ᠢ᠋ ᠪᠢ ᠥᠪᠡᠷ ᠢ᠋ᠶ᠋ᠡᠨ ᠪᠠᠷᠢᠵᠤ ᠠᠪᠤᠭᠠᠳ ᠴᠠᠯᠮ᠎ᠠ ᠪᠠᠷ ᠴᠢᠷᠴᠦ ᠠᠪᠴᠢᠷᠠᠪᠠ᠃
— ᠤᠤᠬᠠᠢ᠃
— ᠪᠢ ᠡᠳᠡᠨᠡᠷ ᠢ᠋ ᠬᠤᠳᠠᠯᠳᠤᠬᠤ ᠰᠠᠨᠠᠭ᠎ᠠ ᠲᠠᠢ ᠪᠠᠢᠨ᠎ᠠ᠃
— ᠤᠤᠬᠠᠢ᠃
— ᠮᠢᠨᠦ ᠭᠤᠲᠤᠯ ᠶᠡᠬᠡᠳᠡ ᠬᠠᠭᠤᠴᠢᠷᠠᠵᠤ ᠤᠷᠠᠭᠳᠠᠭᠰᠠᠨ ᠲᠤᠯᠠ᠂ ᠬᠥᠯ ᠮᠢᠨᠢ ᠲᠠᠭᠠᠷᠠᠨ᠎ᠠ᠃
— ᠤᠤᠬᠠᠢ᠃
— ᠣᠷᠣᠰ ᠤ᠋ᠳ ᠲᠸ᠋ ᠰᠠᠪᠢᠬᠢᠨ ᠭᠤᠲᠤᠯ ᠦᠵᠡᠭᠳᠡᠭᠰᠡᠨ ᠦᠭᠡᠢ᠃ ᠲᠡᠳᠡᠨᠡᠷ ᠮᠣᠳᠣᠨ ᠤ᠋ ᠬᠣᠯᠲᠣᠰᠣ ᠪᠠᠷ ᠬᠢᠭᠰᠡᠨ ᠰᠦᠯᠵᠢᠮᠡᠯ ᠱᠠᠬᠠᠢ ᠨᠤᠭᠤᠳ ᠢ᠋ ᠡᠮᠦᠰᠴᠦ ᠶᠠᠪᠤᠳᠠᠭ ᠪᠠᠢᠨ᠎ᠠ᠃
— ᠤᠤᠬᠠᠢ᠃
— ᠪᠢ ᠡᠨᠡ ᠬᠣᠶᠠᠷ ᠡᠮᠡᠭᠲᠡᠢ ᠶ᠋ᠢ ᠨᠢᠭᠡᠨ ᠬᠣᠣᠰ ᠰᠢᠨ᠎ᠡ ᠰᠠᠪᠢᠬᠢᠨ ᠭᠤᠲᠤᠯ ᠢ᠋ᠶ᠋ᠠᠷ ᠰᠣᠯᠢᠬᠤ ᠶ᠋ᠢ ᠬᠦᠰᠡᠵᠦ ᠪᠠᠢᠨ᠎ᠠ᠃
— ᠴᠢ ᠲᠡᠭᠡᠭᠡᠳ᠂ ᠪᠢ ᠥᠪᠡᠷ ᠦ᠋ᠨ ᠭᠤᠲᠤᠯ ᠢ᠋ ᠲᠠᠢᠯᠵᠤ ᠴᠢᠮᠠᠲᠤ ᠥᠭᠬᠦ ᠶ᠋ᠢ ᠬᠦᠰᠡᠵᠦ ᠪᠠᠢᠭ᠎ᠠ ᠶᠤᠮ ᠰᠢᠪ ᠳ᠋ᠠ᠃ ᠴᠢ ᠥᠪᠡᠷ ᠦ᠋ᠨ ᠢ᠋ᠶ᠋ᠡᠨ ᠳᠠᠷᠤᠭ᠎ᠠ ᠶ᠋ᠢ ᠲᠠᠢᠴᠢᠵᠤ ᠨᠢᠴᠦᠭᠦᠯᠡᠬᠦ ᠶ᠋ᠢ ᠬᠦᠰᠡᠵᠦ ᠪᠠᠢᠭ᠎ᠠ ᠶᠤᠮ ᠰᠢᠪ ᠳ᠋ᠠ᠃ ᠴᠢ ᠡᠭᠦᠨ ᠦ᠌ ᠬᠠᠷᠢᠭᠤ ᠳ᠋ᠤ᠌ ᠣᠳᠣ ᠴᠢᠮᠠᠲᠤ ᠶᠠᠭᠤ ᠲᠣᠬᠢᠶᠠᠯᠳᠤᠬᠤ ᠶ᠋ᠢ ᠴᠢ ᠮᠡᠳᠡᠵᠦ ᠪᠠᠢᠨ᠎ᠠ ᠤᠤ? ᠭᠡᠵᠦ ᠰᠦᠪᠡᠭᠡᠲᠡᠢ ᠪᠠᠭᠠᠲᠤᠷ ᠬᠡᠯᠡᠪᠡ᠃ ᠡᠷᠡᠦ ᠳ᠋ᠡᠭᠡᠨ ᠬᠡᠳᠦᠨ ᠪᠤᠭᠤᠷᠤᠯ ᠰᠠᠬᠠᠯ ᠲᠠᠢ᠂ ᠬᠥᠭᠰᠢᠨ ᠮᠣᠩᠭᠣᠯ ᠠᠮᠠ ᠪᠠᠨ ᠠᠩᠭᠠᠢᠯᠭᠠᠵᠤ ᠠᠶᠤᠵᠤ ᠰᠣᠴᠢᠭᠰᠠᠨ ᠨᠢᠳᠦ ᠪᠡᠨ ᠪᠦᠯᠲᠡᠢᠯᠭᠡᠵᠦ ᠬᠠᠷᠠᠨ᠎ᠠ᠃
—ᠶᠡᠬᠡ ᠬᠠᠭᠠᠨ ᠮᠢᠨᠢ ᠪᠢ ᠲᠡᠭᠦᠨ ᠢ᠋ ᠬᠦᠰᠡᠭᠰᠡᠨ ᠦᠭᠡᠢ ᠪᠢᠯᠡ᠃ ᠡᠳᠡᠭᠡᠷ ᠪᠦᠰᠡᠭᠦᠢᠴᠦᠳ ᠢ᠋ ᠨᠠᠳᠠ ᠠ᠋ᠴᠠ ᠪᠡᠯᠡᠭ ᠪᠣᠯᠭᠠᠨ ᠠᠪᠤᠨ᠎ᠠ ᠤᠤ? ᠮᠥᠩᠬᠡ ᠶ᠋ᠢᠨ ᠬᠥᠬᠡ ᠲᠩᠷᠢ ᠴᠢᠮᠠᠶ᠋ᠢ ᠬᠡᠵᠢᠶᠡᠳᠡ ᠬᠠᠮᠠᠭᠠᠯᠠᠵᠤ ᠰᠠᠬᠢᠬᠤ ᠪᠣᠯᠲᠤᠭᠠᠢ ᠭᠡᠳ ᠲᠡᠷᠡ ᠬᠥᠭᠰᠢᠨ ᠮᠣᠩᠭᠣᠯ ᠴᠠᠯᠮ᠎ᠠ ᠪᠠᠨ ᠬᠦᠵᠦᠭᠦᠨ ᠡᠴᠡ ᠨᠢ ᠲᠠᠢᠯᠵᠤ ᠠᠪᠤᠭᠠᠳ ᠭᠡᠳᠡᠷᠭᠦ ᠤᠬᠤᠷᠢᠭᠰᠠᠭᠠᠷ ᠪᠠᠢᠰᠢᠩ ᠠ᠋ᠴᠠ ᠭᠠᠷᠴᠤ ᠣᠳᠪᠠ᠃
ᠦᠰᠦᠭ ᠠᠮᠢᠯᠠᠭᠤᠯᠤᠭᠴᠢ᠄ ᠭᠡᠷᠡᠯ᠂ ᠠᠯᠲᠠᠨᠴᠢᠮᠡᠭ· ᠮᠡᠷᠭᠡᠨᠭᠣᠣ᠎ᠠ᠂ ᠬᠡᠷᠡᠢᠳ·ᠮᠥᠩᠬᠡᠨᠠᠰᠤᠨ
ᠬᠢᠨᠠᠭᠴᠢ᠄ ᠲ· ᠬᠦᠮᠦᠵᠢᠯᠲᠦ᠂ ᠲ· ᠬᠦᠮᠦᠵᠢᠯᠲᠦ᠂ ᠪᠠᠯ᠂ ᠠᠯᠲᠠᠨᠴᠢᠮᠡᠭ᠂ ᠵᠢᠩᠯᠢᠬᠤᠸᠠᠷ᠂ ᠠᠷᠢᠭᠤᠨ
