ᠪᠠᠲᠤ ᠬᠠᠭᠠᠨ 5-05ᠨᠣᠬᠠᠢ ᠬᠤᠴᠠᠬᠤ ᠶ᠋ᠢ ᠰᠣᠨᠣᠰᠴᠤ ᠪᠠᠢᠨ᠎ᠠ ᠤᠤ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ
ᠨᠣᠬᠠᠢ ᠬᠤᠴᠠᠬᠤ ᠶ᠋ᠢ ᠰᠣᠨᠣᠰᠴᠤ ᠪᠠᠢᠨ᠎ᠠ ᠤᠤ
ᠠᠶᠤᠯ ᠤ᠋ᠨ ᠳᠣᠲᠣᠷ᠎ᠠ ᠵᠡᠭᠦᠷᠮᠡᠭᠯᠡᠭᠰᠡᠨ ᠪᠸᠷᠤᠢ᠍ᠨᠣᠸ —ᠪᠣᠷ ᠤ᠋ᠨ ᠰᠢᠭᠤᠢ ᠶ᠋ᠢ ᠮᠥᠩᠭᠥᠨ ᠰᠠᠷ᠎ᠠ ᠲᠠᠢ ᠰᠥᠨᠢ ᠨᠥᠮᠥᠷᠦᠨ ᠬᠤᠴᠢᠯᠠ᠃ ᠣᠯᠠᠨ ᠣᠨ ᠵᠢᠯ ᠨᠣᠢᠷ ᠲᠠᠭᠠᠨ ᠳᠠᠷᠤᠭᠳᠠᠭᠰᠠᠨ ᠣᠢ ᠬᠥᠪᠴᠢ ᠶ᠋ᠢᠨ ᠴᠤᠭᠤᠷᠬᠠᠢ ᠳ᠋ᠠᠬᠢ ᠲᠣᠰᠬᠣᠨ ᠤ᠋ ᠮᠣᠳᠣᠨ ᠪᠠᠢᠰᠢᠩ ᠤ᠋ᠳ ᠨᠢ ᠬᠥᠷ ᠴᠠᠰᠤᠨ ᠳ᠋ᠤ᠌ ᠭᠦᠨᠵᠡᠭᠡᠢ ᠪᠡᠷ ᠳᠠᠷᠤᠭᠳᠠᠵᠠᠢ᠃ ᠤᠷᠭᠤᠭ᠎ᠠ ᠮᠣᠳᠣ ᠪᠤᠷᠭᠠᠰᠤᠨ ᠰᠦᠯᠵᠢᠶ᠎ᠡ ᠬᠠᠰᠢᠶᠠᠨ ᠤ᠋ ᠬᠠᠲᠠᠭᠰᠠᠨ ᠰᠠᠯᠠᠭ᠎ᠠ ᠮᠥᠴᠢᠷ ᠦ᠋ᠳ ᠦ᠋ᠨ ᠬᠤᠭᠤᠷᠠᠬᠤ ᠴᠢᠮᠡᠭᠡ ᠬᠠᠶᠠ ᠰᠣᠨᠣᠰᠳᠠᠵᠤ ᠣᠷᠴᠢᠨ ᠲᠣᠭᠣᠷᠢᠨ ᠤ᠋ ᠨᠠᠮ ᠭᠦᠮ ᠢ᠋ ᠡᠪᠳᠡᠯᠡᠬᠦ ᠡᠴᠡ ᠥᠭᠡᠷ᠎ᠡ ᠴᠢᠮᠡᠭᠡ ᠠᠨᠢᠷ ᠦᠭᠡᠢ᠂ ᠨᠣᠬᠠᠢ ᠴᠤ᠌ ᠬᠤᠴᠠᠬᠤ ᠪᠠᠨ ᠪᠣᠯᠢᠵᠤ ᠬᠣᠰᠢᠭᠤ ᠪᠠᠨ ᠰᠠᠬᠤᠯᠠᠭ ᠦᠰᠦᠨ ᠳ᠋ᠡᠭᠡᠨ ᠰᠢᠷᠭᠤᠭᠤᠯᠵᠤ ᠴᠠᠭᠠᠷᠢᠭᠯᠠᠨ ᠬᠡᠪᠲᠡᠵᠡᠭᠡᠨ᠎ᠡ᠃
ᠴᠠᠰᠤᠨ ᠳ᠋ᠤ᠌ ᠳᠠᠷᠤᠭᠳᠠᠭᠰᠠᠨ ᠨᠢᠷᠤᠭᠤ ᠲᠠᠢ ᠡᠪᠡᠰᠦ ᠪᠠ ᠬᠤᠪᠠᠬᠠᠢᠷᠠᠭᠰᠠᠨ ᠮᠣᠳᠣ ᠪᠣᠯᠤᠨ ᠲᠣᠰᠬᠣᠨ ᠤ᠋ ᠠᠬᠠᠯᠠᠭᠴᠢ ᠶ᠋ᠢᠨ ᠪᠠᠢᠰᠢᠩ ᠤ᠋ᠨ ᠳᠡᠷᠭᠡᠳᠡᠬᠢ ᠶ᠋ᠢ ᠦᠵᠡᠬᠦ ᠳ᠋ᠦ᠍᠂ ᠨᠣᠭᠣᠭᠠᠨ ᠰᠢᠯᠮᠦᠦᠰᠦ ᠲᠡᠢ ᠱᠣᠩ ᠮᠣᠳᠣ ᠨᠤᠭᠤᠳ ᠰᠥᠨᠢ ᠶ᠋ᠢᠨ ᠬᠥᠬᠡ ᠲᠤᠶᠠᠭᠠᠨ ᠳ᠋ᠤ᠌ ᠪᠦᠷᠦᠭ ᠪᠠᠷᠤᠭ ᠬᠠᠷᠠᠭᠳᠠᠨ᠎ᠠ᠃ ᠲᠣᠰᠬᠣᠨ ᠤ᠋ ᠵᠠᠬ᠎ᠠ ᠳ᠋ᠤ᠌ ᠨᠢᠭᠡᠨ ᠨᠣᠬᠠᠢ ᠬᠡᠳᠦ ᠬᠤᠴᠠᠭᠠᠳ ᠳᠠᠷᠠᠭ᠎ᠠ ᠨᠢ ᠭᠡᠨᠡᠳᠲᠡ ᠬᠤᠴᠠᠭᠠᠳ ᠳᠠᠷᠠᠭ᠎ᠠ ᠨᠢ ᠨᠠᠷᠢᠨ ᠳᠠᠭᠤ ᠪᠠᠷ ᠣᠯᠢᠨ᠎ᠠ᠃ ᠪᠤᠰᠤᠳ ᠨᠣᠬᠠᠳ ᠲᠡᠭᠦᠨ ᠢ᠋ ᠳᠠᠭᠠᠯᠳᠤᠨ ᠤᠯᠢᠵᠠᠭᠠᠬᠰᠠᠨ ᠨᠢ ᠫᠸᠷᠥ᠋ᠨᠤᠸ— ᠫᠣᠷ ᠤ᠋ᠨ ᠰᠢᠭᠤᠢ ᠵᠦᠭ ᠪᠦᠷᠢ ᠡᠴᠡ ᠪᠡᠨ ᠨᠣᠬᠠᠢ ᠶ᠋ᠢᠨ ᠳᠠᠭᠤ ᠲᠠᠰᠤᠷᠠᠯᠲᠠ ᠦᠭᠡᠢ ᠦᠷᠭᠦᠯᠵᠢᠯᠡᠨ ᠨᠢᠭᠡᠨ ᠶᠠᠪᠠᠭᠠᠨ ᠬᠠᠭᠠᠯᠭ᠎ᠠ ᠶ᠋ᠢᠨ ᠴᠢᠮᠡᠭᠡ ᠭᠠᠷᠴᠤ ᠮᠣᠷᠢ ᠢᠨᠴᠠᠭᠠᠪᠠ᠃ ᠲᠣᠰᠬᠣᠨ ᠤ᠋ ᠬᠠᠮᠤᠭ ᠤ᠋ᠨ ᠵᠠᠬ᠎ᠠ ᠪᠠᠢᠰᠢᠩ ᠳ᠋ᠤ᠌ ᠵᠡᠭᠦᠷᠮᠡᠭᠯᠡᠵᠦ ᠪᠠᠢᠭᠰᠠᠨ ᠡᠬᠡᠨᠡᠷ ᠤᠫᠠᠯᠸᠨᠢᠬ᠎ᠠ ᠮᠣᠳᠣᠨ ᠬᠠᠨᠵᠤ ᠳᠡᠭᠡᠷ᠎ᠡ ᠡᠴᠡ ᠦᠰᠦᠷᠦᠨ ᠪᠣᠰᠴᠤ ᠵᠢᠭᠠᠰᠤᠨ ᠤ᠋ ᠦᠩᠬᠦᠯᠴᠡᠭ ᠨᠠᠭᠠᠭᠰᠠᠨ ᠴᠣᠩᠬᠣᠨ ᠤ᠋ ᠨᠡᠭᠡᠭᠡᠯᠲᠡ ᠶ᠋ᠢ ᠰᠡᠮᠡᠬᠡᠷ ᠰᠤᠭᠤᠯᠵᠤ ᠴᠣᠩᠬᠣᠨ ᠤ᠋ ᠴᠠᠩᠲᠤᠭᠰᠠᠨ ᠬᠠᠷᠠᠩᠭᠤᠢ ᠪᠠᠷ ᠱᠠᠭᠠᠢᠵᠤ ᠬᠠᠷᠠᠪᠠᠯ ᠬᠠᠴᠢᠨ ᠮᠠᠶᠢᠭ ᠤ᠋ᠨ ᠮᠠᠯᠠᠭᠠᠢ ᠲᠠᠢ ᠤᠷᠲᠤ ᠬᠣᠷᠮᠣᠢ ᠲᠠᠢ ᠳᠡᠪᠡᠯ ᠲᠡᠢ ᠨᠢᠭᠡᠨ ᠬᠥᠮᠦᠨ ᠰᠦᠯᠵᠢᠮᠡᠯ ᠪᠤᠷᠭᠠᠰᠤᠨ ᠬᠠᠰᠢᠶᠠᠨ ᠤ᠋ ᠳᠡᠭᠡᠷ᠎ᠡ ᠪᠠᠢᠭ᠎ᠠ ᠪᠠᠷᠠᠭᠠᠨ ᠳᠦᠷᠰᠦ ᠦᠵᠡᠭᠳᠡᠯ᠎ᠡ᠃ ᠲᠡᠷᠡ ᠬᠥᠮᠦᠨ ᠦᠰᠦᠷᠴᠦ ᠬᠠᠰᠢᠶᠠᠨ ᠤ᠋ ᠳᠣᠲᠣᠷ᠎ᠠ ᠣᠷᠣᠭᠠᠳ ᠠᠰᠬᠠᠵᠤ ᠬᠤᠷᠢᠶᠠᠭᠰᠠᠨ ᠲᠠᠷᠢᠶ᠎ᠠ ᠶ᠋ᠢ ᠴᠢᠭᠯᠡᠨ ᠶᠠᠪᠤᠯ᠎ᠠ᠃ ᠤᠫᠠᠯᠸᠨᠢᠬ᠎ᠠ᠂
— ᠸᠸᠱᠨ᠋ᠶᠠᠩᠺᠠ ᠪᠣᠰ ᠭᠡᠵᠦ ᠰᠡᠷᠢᠮᠡᠷ ᠦᠭᠡᠢ ᠤᠨᠲᠠᠵᠤ ᠪᠠᠢᠭ᠎ᠠ ᠬᠡᠦᠬᠡᠨ ᠢ᠋ ᠲᠠᠲᠠᠯᠠᠵᠤ
— ᠨᠣᠬᠠᠢ ᠬᠤᠴᠠᠵᠤ ᠪᠠᠢᠬᠤ ᠶ᠋ᠢ ᠰᠣᠨᠣᠰᠴᠤ ᠪᠠᠢᠨ᠎ᠠ ᠤᠤ? ᠥᠨᠥᠬᠢ ᠲᠠᠲ᠋ᠠᠷ ᠤ᠋ᠳ ᠢᠷᠡᠯ᠎ᠡ᠃ ᠬᠠᠰᠢᠶᠠᠨ ᠳᠣᠲᠣᠷ᠎ᠠ ᠮᠠᠭᠤ ᠬᠥᠮᠦᠨ ᠣᠷᠣᠵᠤ ᠢᠷᠡᠭᠰᠡᠨ ᠰᠢᠦ᠃ ᠡᠪᠡᠰᠦᠨ ᠦ᠌ ᠰᠠᠷᠠᠪᠴᠢ ᠳᠠᠰᠢ ᠶᠠᠪᠤᠭᠰᠠᠨ᠂ ᠠᠶᠤᠯ ᠲᠠᠢ ᠪᠠᠢᠨ᠎ᠠ᠃ ᠲᠡᠷᠡ ᠪᠢᠳᠡᠨ ᠢ᠋ ᠪᠢᠲᠡᠭᠡᠢ ᠰᠢᠳᠡᠵᠦ(ᠰᠢᠲᠠᠭᠠᠵᠤ ?) ᠤᠷᠭᠢᠭᠠᠰᠠᠢ ᠪᠢᠯᠡ(ᠳ᠋ᠠ)᠃ ᠡᠷᠡᠴᠦᠳ ᠮᠠᠨᠢ ᠪᠦᠭᠦᠳᠡᠭᠡᠷ ᠢ᠋ᠶ᠋ᠡᠨ ᠶᠠᠪᠤᠵᠠᠭᠠᠭᠰᠠᠨ! ᠪᠢᠳᠡ ᠡᠮᠡᠰ ᠦ᠋ᠳ ᠶᠠᠭᠠᠬᠢᠬᠤ ᠪᠢᠯᠡ ᠳ᠋ᠠ ᠭᠡᠵᠦ ᠥᠭᠦᠯᠡᠪᠡ᠃
ᠲᠡᠷᠡ ᠬᠣᠶᠠᠷ ᠰᠠᠪᠢᠬᠢᠨ ᠭᠤᠲᠤᠯ ᠢ᠋ᠶ᠋ᠠᠨ ᠡᠮᠦᠰᠴᠦ ᠲᠣᠯᠣᠭᠠᠢ ᠪᠠᠨ ᠠᠯᠴᠢᠭᠤᠷ ᠢ᠋ᠶ᠋ᠠᠷ ᠪᠣᠭᠣᠵᠤ ᠦᠰᠦ ᠲᠡᠢ ᠪᠣᠭᠣᠨᠢ ᠳᠡᠪᠡᠯ ᠢ᠋ᠶ᠋ᠡᠨ ᠡᠮᠦᠰᠦᠭᠡᠳ᠂ ᠳᠠᠬᠢᠨ ᠴᠣᠩᠬᠣ ᠪᠠᠷ ᠱᠠᠭᠠᠢᠵᠠᠭᠠᠪᠠ᠃ ᠰᠠᠷ᠎ᠠ ᠲᠠᠢ ᠲᠤᠩᠭᠠᠯᠠᠭ ᠰᠥᠨᠢ ᠶ᠋ᠢᠨ ᠭᠡᠷᠡᠯ ᠴᠥᠮ ᠲᠠᠢᠪᠤᠩ ᠰᠠᠢᠬᠠᠨ ᠮᠡᠲᠦ ᠦᠵᠡᠭᠳᠡᠪᠡ᠃ ᠭᠠᠭᠴᠠᠬᠠᠨ ᠨᠣᠬᠠᠢ ᠨᠤᠭᠤᠳ ᠵᠣᠭᠰᠣᠯᠲᠠ ᠦᠭᠡᠢ ᠪᠡᠷ ᠬᠤᠴᠠᠵᠠᠭᠠᠵᠤ ᠤᠶᠠᠭᠠᠨ ᠳ᠋ᠠᠭᠠᠨ ᠲᠡᠮᠡᠦᠯᠦᠨ᠎ᠡ᠃
— ᠨᠠᠭᠠᠴᠤ ᠡᠭᠡᠴᠢ ᠤᠫᠠᠯᠸᠨᠢᠬ᠎ᠠ ᠠ᠋! ᠪᠢ ᠴᠦ᠍ ᠪᠠᠰᠠ ᠠᠶᠤᠵᠤ ᠪᠠᠢᠨ᠎ᠠ᠃ ᠶᠠᠭᠤ ᠪᠣᠯᠳᠠᠭ ᠪᠣᠯ ᠳ᠋ᠠ? ᠭᠡᠵᠦ ᠬᠡᠦᠬᠡᠨ ᠰᠢᠪᠡᠨᠡᠨ ᠠᠰᠠᠭᠤᠵᠤ ᠪᠠᠢᠪᠠ᠃ ᠣᠫᠠᠯᠧᠨᠢᠬ᠎ᠠ ᠪᠦᠰᠡ ᠪᠡᠨ ᠶᠠᠭᠠᠷᠠᠨ ᠪᠦᠰᠡᠯᠡᠭᠡᠳ ᠪᠡᠭᠡᠯᠡᠢ ᠪᠡᠨ ᠰᠢᠳᠦᠨ ᠳ᠋ᠡᠭᠡᠨ ᠵᠠᠭᠤᠵᠤ ᠠᠯᠴᠢᠭᠤᠷ ᠲᠠᠭᠠᠨ ᠲᠠᠯᠬ᠎ᠠ ᠪᠣᠭᠣᠵᠤ ᠠᠪᠤᠭᠠᠳ ᠪᠠᠨᠲᠠᠩ ᠤ᠋ᠨ ᠳᠣᠣᠷ᠎ᠠ ᠠ᠋ᠴᠠ ᠰᠦᠬᠡ ᠪᠡᠨ ᠭᠠᠷᠭᠠᠵᠤ ᠪᠠᠷᠢᠪᠠ᠃
— ᠲᠠᠲ᠋ᠠᠷ ᠤ᠋ᠳ ᠯᠠ ᠪᠠᠢᠬᠤ ᠭᠡᠵᠦ ᠪᠢ ᠪᠣᠳᠣᠵᠤ ᠪᠠᠢᠨ᠎ᠠ᠃ ᠲᠠᠯᠬ᠎ᠠ ᠶ᠋ᠢᠨ ᠢ᠋ᠶ᠋ᠡᠨ ᠬᠢᠲᠤᠭ᠎ᠠ ᠶ᠋ᠢ ᠠᠪ᠂ ᠪᠠᠰᠠ ᠮᠣᠳᠣᠨ ᠲᠠᠪᠠᠭ ᠢ᠋ᠶ᠋ᠠᠨ ᠠᠪ᠂ ᠭᠠᠯ ᠢ᠋ᠶ᠋ᠠᠨ ᠪᠤᠤ ᠤᠨᠲᠠᠷᠠᠭᠠᠭᠠᠷᠠᠢ ᠭᠡᠵᠦ ᠵᠠᠬᠢᠪᠠ᠃ ᠲᠡᠭᠡᠭᠡᠳ ᠬᠣᠶᠠᠭᠤᠯᠠ ᠪᠠᠨ ᠭᠡᠷ ᠡᠴᠡ ᠪᠡᠨ ᠰᠡᠮᠬᠡᠨ ᠭᠠᠷᠴᠤ ᠰᠡᠭᠦᠳᠡᠷ ᠲᠦ᠍ ᠨᠢᠭᠤᠭᠳᠠᠪᠠ᠃ ᠦᠯᠦ ᠲᠠᠨᠢᠭᠳᠠᠬᠤ ᠨᠢᠭᠡ ᠬᠥᠮᠦᠨ ᠡᠪᠡᠰᠦᠨ ᠦ᠌ ᠰᠠᠷᠠᠪᠴᠢᠨ ᠤ᠋ ᠳᠡᠷᠭᠡᠳᠡ ᠲᠦᠭᠳᠦᠭᠡᠨᠡᠵᠦ ᠬᠡᠲᠡ ᠪᠡᠨ ᠴᠣᠬᠢᠵᠤ ᠣᠴᠢ ᠭᠠᠷᠭᠠᠵᠤ ᠰᠠᠭᠤᠪᠠ᠃ ᠲᠣᠰᠬᠣᠨ ᠤ᠋ ᠨᠥᠭᠦᠭᠡ ᠵᠠᠬ᠎ᠠ ᠠ᠋ᠴᠠ ᠠᠶᠤᠮᠰᠢᠭᠲᠠᠢ ᠮᠠᠭᠤᠬᠠᠢ ᠳᠠᠭᠤ ᠭᠠᠷᠴᠤ ᠨᠣᠢᠷᠮᠤᠭᠯᠠᠨ ᠪᠠᠢᠭ᠎ᠠ ᠣᠢ ᠰᠢᠭᠤᠢ ᠴᠤᠤᠷᠢᠶᠠᠲᠤᠪᠠ᠃ ᠭᠠᠰᠠᠯᠠᠩ ᠵᠣᠪᠠᠯᠠᠩ ᠳᠦᠭᠦᠷᠡᠩ ᠡᠮᠡᠭᠲᠡᠢ ᠬᠥᠮᠦᠨ ᠦ᠌ ᠴᠢᠷᠠᠯᠠᠭᠰᠠᠨ ᠳᠠᠭᠤ ᠳᠠᠬᠢᠨ ᠰᠣᠨᠣᠰᠤᠭᠳᠠᠯ᠎ᠠ᠃ ᠪᠦᠬᠦ ᠲᠣᠰᠬᠣᠨ ᠲᠦᠷᠭᠡᠨ ᠰᠡᠷᠢᠵᠦ ᠡᠭᠦᠳᠡ ᠬᠠᠭᠠᠯᠭ᠎ᠠ ᠨᠤᠭᠤᠳ ᠡᠨᠳᠡ ᠲᠡᠨᠳᠡ ᠦᠭᠡᠢ ᠳᠤᠤᠭᠠᠷᠴᠤ ᠮᠣᠷᠢᠳ ᠤ᠋ᠨ ᠲᠤᠭᠤᠷᠠᠢ ᠪᠠᠩᠵᠠᠨ ᠳᠡᠭᠡᠭᠦᠷ ᠬᠠᠷᠠᠢᠬᠤ ᠰᠣᠨᠣᠰᠳᠠᠨ᠎ᠠ᠃ ᠵᠠᠢᠳᠠᠩ ᠮᠣᠷᠢᠲᠠᠢ᠂ ᠮᠠᠯᠠᠭᠠᠢ ᠪᠠ ᠳᠡᠪᠡᠯ ᠦᠭᠡᠢ ᠨᠢᠭᠡ ᠪᠥᠭᠲᠥᠷ ᠡᠪᠦᠭᠡᠨ᠂
— ᠪᠢᠳᠡ ᠰᠢᠲᠠᠵᠤ ᠪᠠᠢᠨ᠎ᠠ ᠰᠢᠦ᠃ ᠲᠠᠲ᠋ᠠᠷ ᠤ᠋ᠳ ᠢᠷᠡᠯ᠎ᠡ᠂ ᠠᠮᠢ ᠪᠠᠨ ᠠᠷᠴᠢᠯᠠᠭᠲᠤᠨ ᠭᠡᠵᠦ ᠬᠠᠰᠬᠢᠷᠤᠨ ᠳᠠᠪᠬᠢᠪᠠ᠃ ᠣᠫᠠᠯᠧᠨᠢᠬ᠎ᠠ ᠮᠡᠷᠡᠢᠵᠦ (ᠮᠢᠷᠢᠶᠠᠵᠤ) ᠶᠠᠪᠤᠭᠰᠠᠭᠠᠷ ᠬᠤᠷᠢᠶᠠᠭᠰᠠᠨ ᠲᠠᠷᠢᠶᠠᠨ ᠤ᠋ ᠳᠡᠷᠭᠡᠳᠡ ᠰᠡᠭᠦᠳᠡᠩᠨᠡᠵᠦ ᠰᠠᠭᠤᠭ᠎ᠠ ᠬᠥᠮᠦᠨ ᠦ᠌ ᠳᠡᠷᠭᠡᠳᠡ ᠬᠦᠷᠴᠦ ᠢᠷᠡᠭᠡᠳ ᠲᠡᠷᠡ ᠬᠥᠮᠦᠨ ᠦ᠌ ᠡᠷᠭᠢᠵᠦ ᠬᠠᠷᠠᠬᠤ ᠶ᠋ᠢᠨ ᠰᠠᠴᠠᠭᠤ ᠳᠠᠯᠠᠢᠭᠰᠠᠨ ᠰᠦᠬᠡ ᠪᠡᠨ ᠪᠠᠭᠤᠯᠭᠠᠨ ᠴᠠᠪᠴᠢᠪᠠ᠃ ᠬᠥᠯ ᠦ᠋ᠨ ᠥᠯᠮᠡᠢ ᠬᠦᠷᠦᠭᠰᠡᠨ ᠤᠷᠲᠤ ᠬᠥᠬᠡ ᠳᠡᠪᠡᠯ ᠪᠠ ᠨᠣᠬᠠᠢ ᠶ᠋ᠢᠨ ᠠᠷᠠᠰᠤ ᠪᠠᠷ ᠬᠢᠭᠰᠡᠨ ᠬᠠᠴᠢᠨ ᠮᠠᠶᠢᠭ ᠤ᠋ᠨ ᠴᠠᠭᠠᠨ ᠢᠯᠭᠢᠨ ᠭᠤᠲᠤᠯ ᠵᠡᠷᠭᠡ ᠶ᠋ᠢ ᠰᠠᠷᠠᠨ ᠤ᠋ ᠭᠡᠷᠡᠯ ᠳ᠋ᠦ᠍ ᠣᠫᠠᠯᠧᠨᠢᠬ᠎ᠠ ᠢᠯᠭᠠᠪᠤᠷᠢᠯᠠᠨ ᠬᠠᠷᠠᠵᠠᠢ᠃ ᠪᠥᠰᠡᠨ ᠳ᠋ᠦ᠍ᠨᠢ ᠲᠠᠬᠢᠷ ᠰᠡᠯᠡᠮ᠎ᠡ ᠪᠠᠢᠪᠠ᠃ ᠲᠡᠷᠡ ᠠᠯᠠᠭᠳᠠᠭᠰᠠᠨ ᠬᠥᠮᠦᠨ ᠨᠢᠭᠤᠷ ᠢ᠋ᠶ᠋ᠠᠷ ᠢ᠋ᠶ᠋ᠠᠨ ᠳᠣᠷᠣᠭᠰᠢ ᠬᠠᠷᠠᠵᠤ ᠬᠡᠪᠲᠡᠬᠦ ᠪᠠ ᠠᠰᠬᠠᠷᠠᠭᠰᠠᠨ ᠴᠢᠰᠤ ᠨᠢ ᠴᠠᠭᠠᠨ ᠴᠠᠰᠤᠨ ᠳᠡᠭᠡᠷ᠎ᠡ ᠶᠠᠭᠠᠨ ᠲᠣᠯᠪᠣ ᠪᠣᠯᠤᠨ ᠤᠷᠤᠰᠤᠨ᠎ᠠ᠃
— ᠠᠷᠤ ᠶ᠋ᠢᠨ ᠬᠠᠰᠢᠶ᠎ᠠ᠂ ᠨᠣᠭᠣᠭ᠎ᠠ ᠶ᠋ᠢᠨ ᠬᠠᠰᠢᠶ᠎ᠠ ᠨᠤᠭᠤᠳ ᠢ᠋ ᠳᠠᠮᠵᠢᠨ ᠵᠢᠭᠤᠲᠠᠶ᠎ᠠ᠃ ᠪᠣᠰᠢᠭᠣ ᠶᠠᠪᠤ᠂ ᠰᠡᠭᠦᠳᠡᠷ ᠲᠦ᠍ ᠣᠷᠣ ᠭᠡᠵᠦ ᠣᠫᠠᠯᠸᠨᠢᠬᠠ ᠰᠢᠪᠡᠨᠡᠨ ᠬᠡᠯᠡᠪᠡ᠃ ᠭᠡᠲᠡᠯ᠎ᠡ ᠵᠢᠭᠤᠲᠠᠨ ᠭᠠᠷᠴᠤ ᠴᠢᠳᠠᠭᠰᠠᠨ ᠦᠭᠡᠢ ᠲᠠᠲ᠋ᠠᠷ ᠤ᠋ᠳ ᠳᠡᠪᠡᠯ ᠦ᠋ᠨ ᠬᠣᠷᠮᠣᠢ ᠶ᠋ᠢ ᠪᠥᠰᠡᠨ ᠳ᠋ᠡᠭᠡᠨ ᠬᠠᠪᠴᠢᠭᠤᠯᠵᠤ ᠬᠠᠰᠢᠶᠠᠨ ᠳᠡᠭᠡᠭᠦᠷ ᠳᠠᠪᠠᠵᠤ ᠣᠷᠣᠪᠠ᠃ ᠲᠡᠷᠡ ᠪᠦᠰᠡᠭᠦᠢᠴᠦᠳ ᠣᠪᠣᠭᠠᠯᠠᠭᠰᠠᠨ ᠵᠡᠭᠡᠰᠦ ᠪᠠ ᠰᠢᠷᠭᠤᠭ᠎ᠠ ᠶ᠋ᠢᠨ ᠳᠣᠲᠣᠷ᠎ᠠ ᠣᠷᠣᠵᠤ ᠨᠢᠭᠤᠭᠳᠠᠪᠠ᠃ ᠲᠣᠰᠬᠣᠨ ᠬᠡᠳᠦ ᠬᠡᠳᠦᠨ ᠲᠠᠯ᠎ᠠ ᠠ᠋ᠴᠠ ᠪᠠᠨ ᠵᠡᠷᠭᠡ ᠰᠢᠳᠡᠵᠦ ᠡᠬᠢᠯᠡᠪᠡ᠃ ᠲᠡᠭᠦᠨᠴᠢᠯᠡᠨ ᠵᠡᠯᠢᠭᠦᠳ ᠪᠠᠢᠭᠰᠠᠨ ᠬᠣᠶᠠᠷ ᠪᠠᠢᠰᠢᠩ ᠪᠠ ᠡᠪᠡᠰᠦᠲᠡᠢ ᠬᠠᠰᠢᠶ᠎ᠠ ᠨᠤᠭᠤᠳ ᠰᠢᠳᠡᠵᠡᠢ᠃ ᠭᠠᠯ ᠤ᠋ᠨ ᠳᠥᠯᠥ ᠨᠢ ᠮᠠᠰᠢ ᠶᠡᠬᠡᠪᠡᠷ ᠳᠦᠷᠡᠯᠵᠡᠵᠦ ᠬᠠᠪ ᠬᠠᠷ᠎ᠠ ᠤᠲᠤᠭ᠎ᠠ ᠪᠥᠭᠡᠮ ᠪᠥᠭᠡᠮ ᠢ᠋ᠶ᠋ᠡᠷ ᠳᠡᠭᠳᠡᠨ᠎ᠡ᠃ ᠭᠤᠳᠤᠮᠵᠢᠨ ᠳ᠋ᠤ᠌ ᠲᠠᠭᠤᠭᠳᠠᠵᠤ ᠬᠥᠭᠡᠭᠡᠭᠳᠡᠭᠰᠡᠨ ᠦᠬᠡᠷ ᠦ᠋ᠳ ᠭᠣᠮᠣᠳᠠᠯ ᠡᠷᠢᠨ ᠮᠥᠭᠡᠷᠡᠯᠳᠦᠵᠦ᠂ ᠰᠣᠴᠢᠵᠤ ᠰᠠᠨᠳᠤᠷᠤᠭᠰᠠᠨ ᠮᠣᠷᠢᠳ ᠡᠰᠢ ᠳᠠᠰᠢ ᠪᠠᠨ ᠳᠠᠪᠬᠢᠵᠠᠭᠠᠨᠠ᠃ ᠡᠨᠳᠡ ᠲᠡᠨᠳᠡ ᠦᠭᠡᠢ ᠥᠬᠢᠳ᠂ ᠡᠬᠡᠨᠡᠷ ᠦ᠋ᠳ ᠪᠠᠷᠬᠢᠷᠠᠨ ᠤᠬᠢᠯᠠᠯᠳᠤᠬᠤ ᠰᠣᠨᠣᠰᠳᠠᠨ᠎ᠠ᠃ ᠵᠠᠷᠢᠮ ᠡᠮᠡᠰ ᠬᠠᠮᠢᠭ᠎ᠠ ᠵᠢᠭᠤᠲᠠᠬᠤ ᠪᠠ ᠶᠠᠭᠤ ᠪᠠᠨ ᠬᠡᠷᠬᠢᠨ ᠠᠪᠬᠤ ᠶ᠋ᠢ ᠮᠡᠳᠡᠬᠦ ᠦᠭᠡᠢ ᠬᠡᠢ ᠳᠡᠮᠡᠢ ᠤᠬᠢᠯᠠᠯᠳᠤᠨ ᠭᠦᠶᠦᠵᠡᠭᠡᠵᠡᠢ᠂ ᠵᠠᠷᠢᠮ ᠨᠢ ᠰᠢᠲᠠᠵᠤ ᠪᠦᠬᠦᠢ ᠪᠠᠶ᠋ᠢᠰᠢᠩ ᠨᠤᠭᠤᠳ ᠳᠣᠲᠣᠷ᠎ᠠ ᠠ᠋ᠴᠠ ᠣᠷᠢᠯᠠᠵᠤ ᠪᠠᠷᠬᠢᠷᠠᠭᠰᠠᠨ ᠬᠡᠦᠬᠡᠳ ᠢ᠋᠂ ᠲᠠᠯᠬ᠎ᠠ ᠲᠠᠷᠢᠶ᠎ᠠ ᠪᠦᠬᠦᠢ ᠰᠢᠭᠤᠳᠠᠢ ᠨᠤᠭᠤᠳ ᠢ᠋ ᠭᠠᠷᠭᠠᠵᠠᠭᠠᠨᠠ᠃
— ᠬᠥᠶᠢ᠂ ᠬᠥᠶᠢ᠂ ᠬᠥᠶᠢ᠂ ᠣᠷᠣᠭᠰᠢ ᠪᠠᠨ! ᠭᠡᠵᠦ ᠤᠷᠢᠳᠤ ᠶᠡᠷᠦ ᠳᠤᠭᠤᠯᠳᠠᠭ᠎ᠠ ᠦᠭᠡᠢ ᠠᠶᠤᠮᠰᠢᠭᠲᠤ ᠳᠠᠭᠤᠨ ᠣᠢ ᠮᠣᠳᠣᠨ ᠤ᠋ ᠳᠣᠲᠣᠷ᠎ᠠ ᠠ᠋ᠴᠠ ᠤᠯᠠᠮ ᠣᠢᠷᠠᠲᠤᠵᠤ ᠶᠠᠪᠤᠬᠤ ᠨᠢ ᠰᠣᠨᠣᠰᠤᠭᠳᠠᠨ᠎ᠠ᠃ ᠮᠣᠷᠢᠲᠠᠢ ᠬᠥᠮᠦᠰ ᠦ᠋ᠨ ᠦᠶᠡᠷ ᠲᠦ᠍ ᠠᠪᠲᠠᠭᠳᠠᠭᠰᠠᠨ ᠲᠣᠰᠬᠣᠨ ᠦᠢᠮᠡᠵᠦ ᠮᠣᠷᠢᠳ ᠤ᠋ᠨ ᠢᠨᠴᠠᠭᠠᠯᠠᠯᠲᠠ ᠪᠠ ᠦᠯᠦ ᠲᠠᠨᠢᠭᠳᠠᠬᠤ ᠠᠶᠤᠮᠰᠢᠭᠲᠤ ᠬᠥᠮᠦᠰ ᠦ᠋ᠨ ᠰᠥᠭᠡᠩᠭᠢ ᠬᠣᠭᠣᠯᠠᠢ ᠲᠡᠳᠡᠨ ᠦ᠌ ᠬᠤᠷᠴᠠ ᠦᠨᠦᠷ ᠢ᠋ᠶ᠋ᠡᠷ ᠳᠦᠭᠦᠷᠪᠡ᠃ ᠨᠣᠬᠠᠢ ᠨᠤᠭᠤᠳ ᠭᠠᠰᠠᠯᠤᠨ ᠬᠤᠴᠠᠵᠤ ᠲᠣᠰᠬᠣᠨ ᠤ᠋ ᠳᠣᠲᠣᠭᠤᠷ ᠰᠠᠯᠬᠢ ᠮᠡᠲᠦ ᠳᠠᠪᠬᠢᠯᠳᠤᠬᠤ ᠬᠠᠷᠢ ᠶ᠋ᠢᠨ ᠮᠣᠷᠢᠲᠠᠨ ᠤ᠋ ᠬᠣᠢᠨ᠎ᠠ ᠠ᠋ᠴᠠ ᠬᠠᠩᠭᠢᠨᠠᠨ ᠬᠤᠴᠠᠨ ᠭᠦᠶᠦᠯᠳᠦᠨ᠎ᠡ᠃ ᠡᠳᠡ ᠨᠠᠷ ᠵᠠᠮ ᠳ᠋ᠤ᠌ ᠳᠠᠭᠠᠷᠢᠯᠳᠤᠭᠰᠠᠨ ᠪᠦᠬᠦᠨ ᠢ᠋ ᠲᠠᠬᠢᠷ ᠰᠡᠯᠡᠮ᠎ᠡ ᠪᠡᠷ ᠢ᠋ᠶ᠋ᠡᠨ ᠲᠠᠰᠤ ᠴᠠᠪᠴᠢᠵᠠᠭᠠᠵᠤ ᠵᠢᠭᠤᠲᠠᠵᠤ ᠶᠠᠪᠤᠭ᠎ᠠ ᠡᠮᠡᠭᠲᠡᠢᠴᠦᠳ ᠢ᠋ ᠤᠷᠭ᠎ᠠ ᠴᠠᠯᠮ᠎ᠠ ᠪᠠᠷ ᠪᠠᠷᠢᠵᠠᠭᠠᠨᠠ᠃
ᠲᠠᠲ᠋ᠠᠷ ᠤ᠋ᠳ ᠲᠣᠰᠬᠣᠨ ᠤ᠋ ᠬᠣᠶᠠᠷ ᠲᠠᠯ᠎ᠠ ᠠ᠋ᠴᠠ ᠣᠷᠣᠵᠤ ᠢᠷᠡᠭᠡᠳ ᠲᠣᠬᠢᠶᠠᠯᠳᠤᠭᠰᠠᠨ ᠪᠦᠬᠦᠨ ᠢ᠋ ᠲᠣᠰᠬᠣᠨ ᠤ᠋ ᠳᠤᠮᠳᠠᠬᠢ ᠴᠢᠯᠥᠭᠡᠨ ᠳ᠋ᠦ᠍ ᠪᠠᠢᠭ᠎ᠠ ᠠᠬᠠᠯᠠᠭᠴᠢ ᠶ᠋ᠢᠨ ᠪᠠᠢᠰᠢᠩ ᠲᠡᠰᠢ ᠬᠥᠭᠡᠭᠡᠨ᠎ᠡ᠃
ᠦᠰᠦᠭ ᠠᠮᠢᠯᠠᠭᠤᠯᠤᠭᠴᠢ᠄ ᠪᠠᠶᠠᠨᠴᠡᠴᠡᠭ᠂ ᠬᠡᠷᠡᠢᠳ· ᠮᠥᠩᠬᠡᠨᠡᠰᠤᠨ· ᠮᠡᠷᠭᠡᠨᠭᠣᠣ᠎ᠠ
ᠬᠢᠨᠠᠭᠴᠢ᠄ ᠲ· ᠬᠦᠮᠦᠵᠢᠯᠲᠦ᠂ ᠪᠠᠯ᠂ ᠠᠯᠲᠠᠨᠴᠢᠮᠡᠭ᠂ ᠠᠷᠢᠭᠤᠨ
