ᠪᠠᠲᠤ ᠬᠠᠭᠠᠨ 5-04ᠷᠶᠠᠽᠠᠨ ᠢ᠋ ᠪᠦᠰᠡᠯᠡᠭᠰᠡᠨ ᠨᠢ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 5-04ᠷᠶᠠᠽᠠᠨ ᠢ᠋ ᠪᠦᠰᠡᠯᠡᠭᠰᠡᠨ ᠨᠢ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ

ᠪᠠᠲᠤ ᠬᠠᠭᠠᠨ 5-04ᠷᠶᠠᠽᠠᠨ ᠢ᠋ ᠪᠦᠰᠡᠯᠡᠭᠰᠡᠨ ᠨᠢ-ᠷᠶᠠᠽᠠᠨ ᠤ᠋ ᠭᠠᠵᠠᠷ ᠨᠤᠲᠤᠭ ᠰᠢᠲᠠᠵᠤ ᠪᠠᠢᠨ᠎ᠠBat khaan Бат хаан-ᠷᠣᠮᠠᠨ

ᠠᠩᠭᠢᠯᠠᠯ:ᠲᠤᠭᠤᠵᠢ ᠷᠣᠮᠠᠨ
2025-10-27

46

ᠳᠥᠷᠪᠡ ᠷᠶᠠᠽᠠᠨ ᠢ᠋ ᠪᠦᠰᠡᠯᠡᠭᠰᠡᠨ ᠨᠢ


ᠬᠠᠳ᠋ᠵᠢ ᠷᠡᡁᠢᠮ ᠪᠢᠴᠢᠬᠦ ᠨᠢ᠄ ᠠᠢ᠂ ᠬᠥᠭᠡᠷᠦᠬᠦᠢ ᠶᠠᠮᠠᠷ ᠴᠥᠪ ᠦ᠋ᠨ ᠴᠠᠭ ᠢᠷᠡᠪᠡ? ᠡᠷᠭᠢᠨ ᠲᠣᠭᠣᠷᠢᠨ ᠬᠡᠳᠦᠢᠴᠢᠨᠡᠭᠡᠨ ᠶᠡᠬᠡ ᠭᠠᠰᠠᠯᠠᠩ ᠬᠡᠴᠢᠨᠡᠨ ᠶᠡᠬᠡ ᠵᠦᠳᠡᠭᠦᠷᠢ ᠦᠵᠡᠳᠡᠭ ᠪᠢᠯᠡ? ᠪᠠᠲᠤ ᠬᠠᠭᠠᠨ ᠷᠶᠠᠽᠠᠨ ᠤ᠋ ᠡᠷᠡᠯᠬᠡᠭ ᠴᠡᠷᠢᠭ ᠲᠡᠢ ᠺᠢᠫᠴᠠᠺ ᠤ᠋ᠨ ᠲᠠᠯ᠎ᠠ ᠳ᠋ᠤ᠌ ᠪᠠᠢᠯᠳᠤᠭᠰᠠᠨ ᠤ᠋ ᠰᠡᠭᠦᠯ ᠳ᠋ᠦ᠍ ᠬᠦᠯᠢᠶᠡᠵᠦ ᠠᠮᠠᠷᠠᠬᠤ ᠶ᠋ᠢ ᠶᠡᠷᠦ ᠡᠷᠬᠢᠮᠯᠡᠭᠰᠡᠨ ᠦᠭᠡᠢ᠂ ᠬᠠᠷᠢᠨ ᠭᠦᠶᠦᠭ ᠬᠠᠭᠠᠨ ᠳ᠋ᠤ᠌ ᠡᠯᠴᠢ ᠶᠠᠪᠤᠭᠤᠯᠵᠤ ᠲᠡᠭᠦᠨ ᠢ᠋ ᠬᠠᠮᠤᠭ ᠤ᠋ᠨ ᠲᠦᠷᠦᠭᠦᠨ ᠳ᠋ᠦ᠍ ᠬᠥᠳᠡᠯᠵᠦ ᠷᠶᠠᠽᠠᠨ ᠬᠣᠲᠠ ᠶ᠋ᠢ ᠳᠣᠪᠲᠣᠯ ᠭᠡᠵᠦ ᠲᠤᠰᠢᠶᠠᠯ ᠢ᠋ ᠥᠭᠴᠡᠢ᠃ ᠬᠥᠶᠦᠭ ᠬᠠᠭᠠᠨ ᠴᠤ᠌ ᠮᠥᠨ ᠵᠠᠩᠵᠤᠨ ᠠ᠋ᠴᠠ ᠤᠷᠢᠳ ᠲᠡᠷᠡ ᠪᠠᠶᠠᠨ ᠬᠣᠲᠠ ᠶ᠋ᠢ ᠡᠵᠡᠯᠡᠵᠦ ᠥᠪᠡᠷ ᠦ᠋ᠨ ᠴᠡᠷᠢᠭ ᠦ᠋ᠳ ᠢ᠋ᠶ᠋ᠡᠷ ᠳᠡᠭᠡᠷᠡᠮᠳᠡᠭᠦᠯᠬᠦ ᠭᠡᠰᠡᠨ ᠨᠢᠭᠤᠴᠠ ᠪᠣᠳᠣᠯᠭ᠎ᠠ ᠪᠠᠢᠵᠠᠢ᠃ ᠭᠡᠲᠡᠯ᠎ᠡ ᠪᠠᠲᠤ ᠬᠠᠭᠠᠨ ᠤ᠋ ᠡᠨᠡ ᠲᠤᠰᠢᠶᠠᠯ ᠢᠷᠡᠬᠦ ᠳ᠋ᠦ᠍ ᠠᠲᠠᠭ᠎ᠠ ᠬᠣᠨᠵᠢᠩ ᠢ᠋ᠶ᠋ᠠᠷ ᠥᠰᠢᠶᠡᠷᠬᠡᠵᠦ ᠶᠠᠪᠤᠳᠠᠭ ᠭᠦᠶᠦᠭ ᠬᠠᠭᠠᠨ ᠡᠯᠴᠢ ᠨᠠᠷ ᠤ᠋ᠨ ᠡᠮᠦᠨ᠎ᠡ ᠶᠡᠬᠡᠷᠬᠡᠵᠦ《ᠮᠢᠨᠦ ᠴᠡᠷᠢᠭ ᠦ᠋ᠳ ᠠᠯᠳᠠᠷᠲᠤ ᠲᠤᠯᠤᠯᠳᠤᠭᠠᠨ ᠤ᠋ ᠳᠠᠷᠠᠭ᠎ᠠ ᠪᠠᠷ ᠡᠴᠡᠵᠦ ᠶᠠᠳᠠᠷᠠᠭᠰᠠᠨ ᠲᠤᠯᠠ ᠲᠠᠪᠤᠨ ᠬᠣᠨᠣᠭ ᠠᠮᠠᠷᠠᠭᠤᠯᠵᠤ ᠲᠡᠭᠦᠨ ᠦ᠌ ᠰᠡᠭᠦᠯ ᠳ᠋ᠦ᠍ ᠳᠠᠢᠳᠤᠬᠤ ᠪᠠᠷ ᠮᠣᠷᠳᠠᠨ᠎ᠠ ᠪᠢ᠂ ᠷᠶᠡᠽᠡᠨ ᠮᠢᠨᠦ ᠭᠠᠷ ᠠ᠋ᠴᠠ ᠵᠠᠢᠯᠠᠬᠤ ᠦᠭᠡᠢ》(ᠭᠡᠵᠡᠢ)᠃ ᠬᠥᠶᠦᠭ ᠬᠠᠭᠠᠨ ᠤ᠋ ᠴᠡᠷᠢᠭ ᠦ᠋ᠳ ᠣᠷᠣᠰ ᠤ᠋ᠨ ᠴᠡᠷᠢᠭ ᠦ᠋ᠳ ᠲᠡᠢ ᠪᠠᠢᠯᠳᠤᠭᠰᠠᠨ ᠤ᠋ ᠡᠴᠦᠰ ᠲᠦ᠍ ᠨᠡᠯᠢᠶᠡᠳ ᠶᠡᠬᠡᠬᠡᠨ ᠰᠠᠷᠨᠢᠵᠤ ᠦᠷᠡᠭᠳᠡᠭᠰᠡᠨ ᠶᠠᠪᠤᠳᠠᠯ ᠭᠦᠶᠦᠭ ᠬᠠᠭᠠᠨ ᠤ᠋ ᠡᠨᠡ ᠬᠠᠷᠢᠭᠤ ᠳ᠋ᠤ᠌ ᠳᠡᠮᠵᠢᠯᠭᠡ ᠪᠣᠯᠵᠠᠢ᠃ ᠪᠥᠬᠡ ᠨᠠᠷ ᠰᠢᠷᠬᠠᠳᠤᠭᠰᠠᠨ ᠴᠢᠳᠠᠮᠠᠭᠠᠢ ᠬᠥᠮᠦᠨ ᠢ᠋ ᠠᠨᠠᠭᠠᠬᠤ ᠳ᠋ᠠᠭᠠᠨ ᠴᠢᠳᠠᠮᠠᠭᠠᠢ ᠪᠤᠰᠤ ᠪᠠᠢᠪᠠ᠃ ᠪᠠᠲᠤ ᠬᠠᠭᠠᠨ᠂ ᠶᠠᠭᠠᠬᠢᠬᠤ ᠶ᠋ᠢ ᠰᠦᠪᠡᠭᠡᠳᠡᠢ ᠪᠠᠭᠠᠲᠤᠷ ᠲᠠᠢ ᠵᠥᠪᠯᠡᠵᠦ ᠶᠠᠷᠢᠯ᠎ᠠ(ᠶᠠᠷᠢᠯᠴᠠᠯ᠎ᠠ)᠃ ᠰᠠᠯᠬᠢ ᠰᠢᠭᠤᠷᠭ᠎ᠠ ᠨᠠᠮᠳᠠᠵᠤ ᠨᠠᠷᠠ ᠮᠠᠨᠳᠤᠭᠠᠳ ᠬᠣᠯᠠ ᠶ᠋ᠢᠨ ᠴᠠᠰᠤᠲᠤ ᠮᠥᠩᠭᠥᠨ ᠲᠠᠯ᠎ᠠ ᠶ᠋ᠢ ᠭᠢᠯᠠᠯᠵᠠᠭᠤᠯᠤᠨ ᠭᠡᠢᠭᠦᠯᠦᠨ᠎ᠡ᠃ ᠴᠠᠰᠤᠨ ᠰᠢᠭᠤᠷᠭᠠᠨ ᠳ᠋ᠤ᠌ ᠰᠠᠷᠨᠢᠵᠤ ᠪᠤᠲᠠᠷᠠᠭᠰᠠᠨ ᠪᠤᠰᠤᠳ ᠪᠠᠭ ᠴᠡᠷᠢᠭ ᠦ᠋ᠨ ᠡᠯᠴᠢ ᠨᠠᠷ ᠮᠡᠳᠡᠭᠡ ᠬᠦᠷᠭᠡᠵᠦ ᠢᠷᠡᠵᠡᠭᠡᠬᠦ ᠪᠣᠯᠤᠯ᠎ᠠ᠃ ᠪᠣᠷᠤᠨᠲᠠᠢ ᠶ᠋ᠢᠨ ᠮᠡᠳᠡᠭᠡ ᠶ᠋ᠢ ᠦᠵᠡᠪᠡᠯ ᠲᠡᠷᠡ ᠫᠷᠤᠡᠰᠺᠡ ᠶ᠋ᠢ ᠴᠢᠭᠯᠡᠨ ᠶᠠᠪᠤᠬᠤ ᠪᠣᠯᠪᠠᠴᠤ ᠨᠠᠷᠢᠨ ᠵᠠᠮ ᠪᠠ ᠥᠳᠬᠡᠨ ᠣᠢ ᠲᠠᠢᠭ᠎ᠠ ᠶᠡᠬᠡᠬᠡᠨ ᠰᠠᠭᠠᠳ ᠪᠣᠯᠵᠤ ᠪᠠᠢᠨ᠎ᠠ ᠭᠡᠵᠡᠢ᠃

《ᠡᠢᠮᠦ ᠵᠠᠮ ᠢ᠋ᠶ᠋ᠠᠷ ᠶᠠᠪᠤᠬᠤ ᠳ᠋ᠤ᠌ ᠮᠠᠨ ᠤ᠋ ᠬᠥᠰᠬᠡ ᠲᠡᠷᠭᠡ ᠨᠦ᠍ᠭᠦᠳ ᠶᠡᠬᠡ ᠪᠡᠷᠬᠡᠰᠢᠶᠡᠯᠲᠦ ᠪᠤᠶᠤ ᠬᠡᠷᠡᠮ ᠡᠪᠳᠡᠯᠡᠬᠦ ᠮᠠᠰᠢᠨ ᠢ᠋ ᠠᠪᠴᠤ ᠶᠠᠪᠤᠬᠤ ᠪᠣᠯᠤᠯᠴᠠᠭ᠎ᠠ ᠦᠭᠡᠢ ᠪᠠᠢᠨ᠎ᠠ》ᠭᠡᠬᠦ ᠳ᠋ᠦ᠍ ᠰᠦᠪᠡᠭᠡᠳᠡᠢ ᠪᠠᠭᠠᠲᠤᠷ᠂ ᠪᠠᠲᠤ ᠬᠠᠭᠠᠨ ᠤ᠋ ᠨᠡᠷ᠎ᠡ ᠶ᠋ᠢᠨ ᠡᠮᠦᠨ᠎ᠡ ᠡᠴᠡ ᠪᠣᠷᠤᠨᠲᠠᠢ ᠳ᠋ᠤ᠌ ᠬᠠᠷᠢᠭᠤᠯᠬᠤ ᠳ᠋ᠠᠭᠠᠨ᠂
— ᠴᠢ ᠡᠷᠡᠯᠬᠡᠭ ᠪᠣᠯᠪᠠᠴᠤ ᠠᠷᠭ᠎ᠠ ᠮᠡᠬᠡ ᠦᠭᠡᠢ ᠪᠠᠢᠨ᠎ᠠ᠃ ᠣᠷᠣᠰ ᠠ᠋ᠴᠠ ᠣᠯᠵᠠᠯᠠᠭᠳᠠᠭᠰᠠᠨ ᠬᠥᠮᠦᠰ ᠢ᠋ᠶ᠋ᠡᠷ ᠴᠠᠪᠴᠢᠭᠤᠯᠵᠤ ᠭᠤᠷᠪᠠᠨ ᠲᠡᠷᠭᠡ ᠵᠡᠷᠭᠡᠴᠡᠨ ᠶᠠᠪᠤᠬᠤ ᠥᠷᠭᠡᠨ ᠵᠠᠮ ᠭᠠᠷᠭᠠᠭᠤᠯ! ᠫᠷᠤᠨᠰᠺᠡ ᠶ᠋ᠢ ᠡᠵᠡᠯᠡᠵᠦ ᠠᠪᠤᠭᠠᠳ ᠲᠡᠷᠡ ᠳᠠᠷᠤᠢ ᠷᠶᠡᠽᠡᠨ ᠲᠡᠰᠢ ᠢᠷᠡᠭᠲᠦᠨ! ᠣᠯᠵᠠᠯᠠᠭᠳᠠᠭᠴᠢᠳ ᠢ᠋ ᠪᠠᠰᠠ ᠬᠥᠭᠡᠭᠡᠵᠦ ᠶᠠᠪᠤᠭᠤᠯ! ᠷᠶᠡᠽᠡᠨ ᠦ᠌ ᠣᠷᠴᠢᠮ ᠳ᠋ᠤ᠌ ᠲᠠᠲ᠋ᠠᠷ ᠤ᠋ᠨ ᠴᠡᠷᠢᠭ ᠪᠣᠢ᠃ ᠡᠨᠡ ᠲᠤᠰᠢᠶᠠᠯ ᠢ᠋ ᠳᠠᠭᠠᠵᠤ ᠪᠡᠶᠡᠯᠡᠭᠦᠯᠬᠦ ᠦᠭᠡᠢ ᠪᠠ ᠬᠣᠵᠢᠭᠳᠠᠬᠤ ᠬᠥᠮᠦᠨ ᠪᠦᠬᠦᠨ ᠢ᠋ ᠦᠬᠦᠯ ᠠᠪᠠᠴᠢᠬᠤ ᠪᠣᠯᠤᠨ᠎ᠠ ᠭᠡᠵᠦ ᠪᠠᠲᠤ ᠬᠠᠭᠠᠨ ᠪᠠ ᠰᠦᠪᠡᠭᠡᠳᠡᠢ ᠪᠠᠭᠠᠲᠤᠷ ᠬᠣᠶᠠᠷ᠂ ᠬᠠᠷᠢᠭᠤ ᠶ᠋ᠢ ᠬᠦᠯᠢᠶᠡᠯ ᠦᠭᠡᠢ ᠤᠮᠠᠷ᠎ᠠ ᠵᠦᠭ ᠢ᠋ ᠴᠢᠭᠯᠡᠨ ᠬᠤᠷᠳᠤᠨ ᠠᠶᠠᠯᠠᠨ ᠶᠠᠪᠤᠵᠠᠢ᠃

ᠰᠢᠷᠬᠠᠲᠤᠭᠰᠠᠨ ᠬᠥᠮᠦᠰ ᠨᠢ ᠮᠤᠬᠤᠯᠠᠭ ᠲᠡᠷᠭᠡ ᠪᠠ ᠲᠡᠮᠡᠭᠡ ᠪᠡᠷ ᠬᠣᠢᠨ᠎ᠠ ᠠ᠋ᠴᠠ ᠨᠢ ᠳᠠᠭᠠᠵᠤ ᠶᠠᠪᠤᠯ᠎ᠠ᠃ ᠬᠣᠶᠠᠷ ᠬᠣᠨᠣᠭ ᠤ᠋ᠨ ᠳᠠᠷᠠᠭ᠎ᠠ ᠪᠠᠷ ᠪᠠᠲᠤ ᠬᠠᠭᠠᠨ《ᠢᠯᠠᠭᠳᠠᠰᠢ ᠦᠭᠡᠢ》ᠮᠢᠩᠭ᠎ᠠ ᠪᠠᠨ ᠲᠣᠯᠣᠭᠠᠢᠯᠠᠵᠤ ᠷᠶᠠᠽᠠᠨ ᠬᠣᠲᠠ ᠶ᠋ᠢᠨ ᠬᠡᠷᠡᠮ ᠦ᠋ᠨ ᠡᠮᠦᠨ᠎ᠡ ᠬᠦᠷᠴᠦ ᠢᠷᠡᠯ᠎ᠡ᠃ ᠵᠠᠩᠵᠤᠨ ᠠᠷᠪᠠᠭᠠᠳ ᠮᠣᠷᠢ ᠲᠠᠢ ᠬᠥᠮᠦᠰ ᠢ᠋ ᠷᠶᠠᠽᠠᠨ ᠤ᠋ ᠡᠪᠦᠭᠡᠨ ᠸᠠᠩ ᠳ᠋ᠤ᠌ ᠭᠯᠧᠪ ᠢ᠋ᠶ᠋ᠡᠷ ᠬᠡᠯᠡᠮᠦᠷᠴᠢᠯᠡᠭᠦᠯᠦᠨ ᠬᠣᠲᠠ ᠶ᠋ᠢᠨ ᠬᠠᠭᠠᠯᠲᠠ ᠲᠠᠢ ᠬᠠᠭᠠᠯᠭᠠᠨ ᠳ᠋ᠤ᠌ ᠶᠠᠪᠤᠭᠤᠯᠤᠯ᠎ᠠ᠃ ᠲᠡᠷᠡ ᠭᠯᠧᠪ ᠬᠡᠷᠡᠮ ᠳᠡᠭᠡᠷᠡᠬᠢ ᠬᠥᠮᠦᠰ ᠢ᠋ ᠳᠠᠭᠤᠳᠠᠨ ᠬᠣᠲᠠ ᠪᠠᠨ ᠳᠠᠭᠠᠷ᠎ᠠ ᠥᠭᠬᠦ ᠶ᠋ᠢ ᠱᠠᠭᠠᠷᠳᠠᠨ ᠬᠠᠰᠬᠢᠷᠪᠠ᠃ ᠬᠡᠷᠡᠮ ᠦ᠋ᠨ ᠳᠡᠭᠡᠷᠡᠬᠢ ᠬᠥᠮᠦᠰ ᠲᠡᠭᠦᠨ ᠢ᠋ ᠴᠢᠯᠠᠭᠤ ᠪᠠᠷ ᠴᠢᠯᠠᠭᠤᠳᠠᠭᠰᠠᠨ ᠳ᠋ᠤ᠌ ᠲᠡᠷᠡ ᠬᠠᠷᠢᠶᠠᠯ ᠲᠠᠯᠪᠢᠵᠤ ᠴᠢᠯᠠᠭᠤᠨ ᠳ᠋ᠤ᠌ ᠰᠢᠯᠪᠤ ᠴᠣᠬᠢᠭᠳᠠᠭᠰᠠᠨ ᠨᠢᠭᠤᠷ ᠢ᠋ᠶ᠋ᠠᠨ ᠠᠯᠴᠢᠭᠤᠷ ᠢ᠋ᠶ᠋ᠠᠷ ᠠᠷᠴᠢᠭᠰᠠᠭᠠᠷ ᠪᠤᠴᠠᠵᠤ ᠢᠷᠡᠵᠡᠢ᠃ ᠪᠠᠲᠤ ᠬᠠᠭᠠᠨ᠂ ᠷᠶᠠᠽᠠᠨ ᠤ᠋ ᠬᠢᠨ ᠢ᠋ ᠠᠶᠤᠯᠭᠠᠨ ᠰᠦᠷᠳᠡᠭᠦᠯᠬᠦ ᠶ᠋ᠢᠨ ᠲᠤᠯᠠᠳᠠ ᠬᠠᠪᠢ ᠶ᠋ᠢᠨ ᠲᠣᠰᠬᠣᠨ ᠨᠤᠭᠤᠳ ᠢ᠋ ᠰᠢᠲᠠᠭᠠᠬᠤ ᠶ᠋ᠢ ᠲᠤᠰᠢᠶᠠᠪᠠ᠃ ᠲᠡᠷᠡ ᠪᠡᠷ ᠥᠪᠡᠷ ᠢ᠋ᠶ᠋ᠡᠨ ᠸᠠᠩ ᠭᠯᠧᠪ ᠦ᠋ᠨ ᠬᠠᠮᠲᠤ ᠪᠠᠷ ᠷᠶᠠᠽᠠᠨ ᠢ᠋ ᠡᠷᠭᠢᠨ ᠶᠠᠪᠤᠵᠤ ᠬᠡᠷᠡᠮ ᠢ᠋ ᠳᠠᠭᠠᠷᠢᠵᠤ ᠣᠷᠣᠬᠤ ᠳ᠋ᠤ᠌ ᠬᠠᠮᠢᠭ᠎ᠠ ᠠ᠋ᠴᠠ ᠨᠢ ᠳᠠᠭᠠᠷᠢᠪᠠᠯ ᠰᠠᠢᠨ ᠪᠠ ᠬᠠᠮᠢᠭ᠎ᠠ ᠠ᠋ᠴᠠ ᠨᠢ ᠡᠪᠳᠡᠯᠡᠵᠦ ᠪᠣᠯᠬᠤ᠂ ᠬᠠᠮᠢᠭ᠎ᠠ ᠠ᠋ᠴᠠ ᠨᠦᠬᠡᠯᠡᠵᠦ ᠣᠷᠣᠪᠠᠯ ᠳᠡᠭᠡᠷ᠎ᠡ ᠪᠣᠯᠬᠤ ᠶ᠋ᠢ ᠲᠣᠳᠣᠷᠬᠠᠢ ᠪᠠᠷ ᠠᠰᠠᠭᠤᠵᠤ ᠶᠠᠪᠤᠯ᠎ᠠ᠃ ᠡᠨᠡ ᠬᠣᠲᠠ ᠨᠢ ᠵᠦᠭ ᠪᠦᠷᠢ ᠡᠴᠡ ᠪᠡᠨ ᠮᠥᠰᠥ ᠪᠡᠷ ᠪᠦᠷᠬᠦᠭᠳᠡᠭᠰᠡᠨ ᠡᠭᠴᠡ ᠥᠨᠳᠥᠷ ᠲᠤᠭᠤᠷᠭ᠎ᠠ ᠨᠤᠭᠤᠳ ᠲᠠᠢ ᠤᠴᠢᠷ ᠨᠤᠷᠠᠬᠤ ᠨᠢ ᠬᠢᠯᠪᠠᠷᠬᠠᠨ ᠪᠤᠰᠤ ᠪᠠᠢᠳᠠᠭ᠃《ᠱᠠᠲᠤ ᠪᠠ ᠬᠡᠷᠡᠮ ᠡᠪᠳᠡᠬᠦ ᠮᠠᠰᠢᠨ ᠦᠭᠡᠢ ᠪᠡᠷ ᠡᠨᠡ ᠬᠣᠲᠠ ᠶ᠋ᠢ ᠡᠵᠡᠯᠡᠨ ᠠᠪᠴᠤ ᠪᠣᠯᠬᠤ ᠦᠭᠡᠢ ᠶᠤᠮ ᠪᠠᠢᠨ᠎ᠠ》ᠭᠡᠵᠦ ᠪᠠᠲᠤ ᠬᠠᠭᠠᠨ ᠰᠢᠢᠳᠪᠦᠷᠢᠯᠡᠪᠡ᠃

ᠮᠣᠩᠭᠣᠯᠴᠤᠳ ᠨᠢ ᠤᠷᠠᠩᠬᠠᠢ ᠨᠣᠣᠷᠠᠩᠬᠠᠢ ᠬᠣᠪᠴᠠᠰᠤᠲᠠᠢ ᠪᠠᠷᠤᠭ ᠨᠢᠴᠦᠭᠦᠨ ᠰᠢᠬᠠᠮ ᠵᠣᠳᠣᠭᠳᠠᠵᠤ ᠵᠠᠨᠴᠢᠭᠳᠠᠭᠰᠠᠨ ᠣᠷᠣᠰ ᠤ᠋ᠨ ᠣᠯᠵᠠᠯᠠᠭᠳᠠᠭᠴᠢᠳ ᠢ᠋ ᠬᠥᠭᠡᠭᠡᠨ ᠠᠪᠴᠢᠷᠠᠵᠤ ᠡᠬᠢᠯᠡᠯ᠎ᠡ᠃ ᠲᠠᠲ᠋ᠠᠷ ᠨᠠᠷ ᠲᠡᠳᠡᠨ ᠢ᠋ ᠲᠠᠰᠢᠭᠤᠷᠳᠠᠨ ᠵᠠᠨᠴᠢᠵᠤ ᠳᠠᠭᠠᠷᠢᠨ ᠣᠷᠣᠬᠤ ᠳ᠋ᠤ᠌ ᠬᠡᠷᠡᠭᠯᠡᠬᠦ ᠱᠠᠲᠤ ᠨᠤᠭᠤᠳ ᠢ᠋ ᠬᠢᠬᠦ ᠶ᠋ᠢ ᠠᠯᠪᠠᠳᠠᠨ᠎ᠠ᠃
— ᠬᠡᠨ ᠪᠢᠳᠡᠨ ᠢ᠋ ᠬᠣᠭᠣᠯᠠᠯᠠᠬᠤ ᠶᠤᠮ ᠪᠣᠢ? ᠪᠢᠳᠡ ᠬᠣᠶᠠᠷ ᠡᠳᠦᠷ ᠶᠠᠭᠤ ᠴᠤ᠌ ᠢᠳᠡᠭᠡ ᠦᠭᠡᠢ ᠲᠤᠯᠠ ᠮᠠᠰᠢ ᠶᠡᠬᠡᠪᠡᠷ ᠥᠯᠥᠰᠴᠦ ᠪᠠᠢᠨ᠎ᠠ ᠭᠡᠵᠦ ᠣᠷᠣᠰ ᠤ᠋ᠳ ᠬᠡᠯᠡᠯ᠎ᠡ᠃
— ᠠᠭᠲᠠ ᠮᠣᠷᠢᠳ ᠪᠠ ᠪᠤᠰᠤᠳ ᠠᠳᠤᠭᠤ ᠮᠠᠯ ᠤ᠋ᠳ ᠮᠠᠨ ᠤ᠋ ᠬᠥᠰᠬᠡ ᠣᠨᠣᠯᠭ᠎ᠠ ᠪᠣᠯᠵᠤ ᠶᠠᠪᠤᠳᠠᠭ᠃ ᠲᠡᠳᠡ ᠪᠢᠳᠡᠨ ᠡᠴᠡ ᠬᠣᠭᠣᠯᠠ ᠨᠡᠬᠡᠮᠵᠢᠯᠡᠳᠡᠭ ᠦᠭᠡᠢ ᠰᠢᠦ᠃ ᠲᠡᠳᠡ ᠨᠠᠷ ᠥᠪᠡᠷᠰᠡᠳ ᠢ᠋ᠶ᠋ᠡᠨ ᠬᠣᠭᠣᠯᠠ ᠣᠯᠵᠤ ᠢᠳᠡᠳᠡᠭ ᠰᠢᠦ᠃ ᠲᠠᠨᠠᠷ ᠨᠣᠭᠣᠭᠠᠨ ᠤ᠋ ᠦᠨᠳᠦᠰᠦ ᠪᠤᠶᠤ ᠮᠣᠷᠢᠨ ᠤ᠋ ᠪᠠᠭᠠᠰᠤ ᠢᠳᠡᠵᠦ ᠪᠣᠯᠤᠨ᠎ᠠ᠃ ᠬᠠᠷᠢᠨ ᠱᠠᠲᠤ ᠨᠤᠭᠤᠳ ᠢ᠋ ᠲᠦᠷᠭᠡᠨ ᠬᠢᠵᠡᠭᠡᠭᠲᠦᠨ ᠭᠡᠵᠦ ᠲᠠᠲ᠋ᠠᠷ ᠤ᠋ᠳ ᠬᠡᠷᠴᠡᠭᠡᠢ ᠪᠡᠷ ᠬᠠᠷᠢᠭᠤᠯᠤᠨ᠎ᠠ᠃ ᠲᠠᠲ᠋ᠠᠷ ᠤ᠋ᠳ ᠵᠣᠷᠢᠭᠤᠳᠠ ᠬᠥᠮᠦᠰ ᠢ᠋ ᠦᠵᠡᠬᠦ ᠳ᠋ᠡᠭᠡᠨ ᠪᠥᠭᠡᠷᠡᠩᠬᠡᠢ ᠲᠡᠮᠦᠷ ᠲᠡᠢ ᠰᠢᠲᠠᠮ ᠢ᠋ᠶ᠋ᠠᠷ ᠲᠣᠯᠣᠭᠠᠢ ᠳᠤᠮᠳᠠᠭᠤᠷ ᠨᠢ ᠴᠣᠬᠢᠯᠠᠨ᠎ᠠ᠃ ᠥᠯᠥᠰᠬᠦᠯᠡᠩ ᠦ᠋ᠨ ᠤᠯᠠᠮ ᠠ᠋ᠴᠠ ᠴᠢᠷᠠᠢ ᠵᠢᠰᠦ ᠠᠯᠳᠠᠭᠰᠠᠨ ᠣᠷᠣᠰ ᠤ᠋ᠳ ᠬᠣᠭᠣᠰᠣᠨ ᠪᠠᠢᠰᠢᠩ ᠤ᠋ᠳ ᠢ᠋ᠶ᠋ᠠᠷ ᠶᠠᠪᠤᠵᠤ ᠰᠦᠬᠡ ᠪᠠ ᠭᠠᠷ ᠬᠢᠷᠥᠭᠡ ᠶ᠋ᠢ ᠴᠤᠭᠯᠠᠭᠤᠯᠵᠤ ᠠᠪᠤᠭᠠᠳ ᠪᠠᠢᠰᠢᠩ ᠤ᠋ᠳ ᠤ᠋ᠨ ᠳ᠋ᠦᠨᠵᠨᠨ ᠮᠣᠳᠣ ᠨᠤᠭᠤᠳ ᠪᠠ ᠪᠠᠩᠵᠠ ᠶ᠋ᠢ ᠪᠠᠭᠤᠯᠭᠠᠨ ᠠᠪᠴᠤ ᠱᠠᠲᠤ ᠨᠤᠭᠤᠳ ᠢ᠋ ᠬᠢᠵᠡᠭᠡᠪᠡ᠃ ᠮᠠᠷᠭᠠᠰᠢ ᠨᠢ ᠲᠦᠷᠦᠭᠦᠴᠢ ᠶ᠋ᠢᠨ ᠬᠡᠷᠡᠮ ᠡᠪᠳᠡᠯᠡᠬᠦ ᠮᠠᠰᠢᠨ ᠢ᠋ ᠴᠢᠷᠭ᠎ᠠ ᠪᠠᠷ ᠬᠦᠷᠭᠡᠵᠦ ᠠᠪᠴᠢᠷᠠᠭᠠᠳ ᠬᠣᠲᠠ ᠶ᠋ᠢᠨ ᠭᠣᠣᠯ ᠬᠠᠭᠠᠯᠭᠠᠨ ᠤ᠋ ᠡᠮᠦᠨ᠎ᠡ ᠲᠠᠯ᠎ᠠ ᠳ᠋ᠤ᠌ ᠲᠡᠷᠡ ᠮᠠᠰᠢᠨ ᠢ᠋ ᠵᠤᠭᠤᠵᠠᠢ᠃ ᠲᠡᠷᠡ ᠨᠢ ᠲᠣᠮᠣ ᠲᠣᠮᠣ ᠴᠢᠯᠠᠭᠤ ᠨᠤᠭᠤᠳ ᠢ᠋ ᠬᠦᠷᠴᠢᠭᠢᠨᠡᠲᠡᠯ᠎ᠡ ᠰᠡᠲᠡᠯᠵᠦ (ᠰᠢᠳᠡᠯᠡᠵᠦ) ᠡᠬᠢᠯᠡᠯ᠎ᠡ᠃ ᠪᠠᠰᠠ ᠨᠢᠭᠡᠨ ᠮᠠᠰᠢᠨ ᠢ᠋ ᠭᠣᠣᠯ ᠤ᠋ᠨ ᠮᠥᠰᠥᠨ ᠳᠡᠭᠡᠭᠦᠷ ᠭᠠᠷᠭᠠᠵᠤ ᠶᠠᠪᠤᠭᠠᠳ ᠮᠥᠰᠥ ᠨᠢ ᠴᠥᠮᠥᠷᠡᠵᠦ ᠤᠰᠤᠨ ᠳ᠋ᠤ᠌ ᠵᠢᠪᠦᠭᠦᠯᠦᠯ᠎ᠡ ᠃ ᠲᠡᠭᠦᠨ ᠢ᠋ ᠭᠠᠷᠭᠠᠵᠤ ᠠᠪᠬᠤ ᠶ᠋ᠢᠨ ᠲᠤᠯᠠᠳᠠ ᠣᠯᠵᠠᠯᠠᠭᠳᠠᠭᠰᠠᠨ ᠣᠷᠣᠰ ᠤ᠋ᠳ ᠢ᠋ ᠠᠯᠪᠠᠲᠠᠨ ᠠᠵᠢᠯᠯᠠᠭᠤᠯᠤᠭᠰᠠᠨ ᠪᠣᠯᠪᠠᠴᠤ ᠮᠥᠰᠥ ᠴᠥᠮᠥᠷᠡᠨ ᠲᠡᠳᠡᠨᠡᠷ ᠮᠥᠰᠥᠨ ᠳᠣᠣᠭᠤᠷ ᠤᠷᠤᠰᠤᠨ ᠶᠠᠪᠤᠯ᠎ᠠ᠃

  ᠦᠰᠦᠭ ᠠᠮᠢᠯᠠᠭᠤᠯᠤᠭᠴᠢ᠄ ᠠᠯᠲᠠᠨᠴᠢᠮᠡᠭ·ᠮᠡᠷᠭᠡᠨᠭᠣᠣ᠎ᠠ᠂ ᠭᠡᠷᠡᠯ
  ᠬᠢᠨᠠᠭᠴᠢ᠄ ᠪᠠᠯ᠂ ᠠᠯᠲᠠᠨᠴᠢᠮᠡᠭ᠂ ᠠᠷᠢᠭᠤᠨ