ᠪᠠᠲᠤ ᠬᠠᠭᠠᠨ 4-10ᠬᠡᠭᠦᠷᠲᠦ ᠲᠠᠯᠠᠪᠠᠢ-ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 4-10ᠬᠡᠭᠦᠷᠲᠦ ᠲᠠᠯᠠᠪᠠᠢ-ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ-Bat khaan Бат хаан-ᠷᠣᠮᠠᠨ

ᠪᠠᠲᠤ ᠬᠠᠭᠠᠨ 4-10ᠬᠡᠭᠦᠷᠲᠦ ᠲᠠᠯᠠᠪᠠᠢ-ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-10-23

49

ᠠᠷᠪᠠ ᠬᠡᠭᠦᠷᠲᠦ ᠲᠠᠯᠠᠪᠠᠢ

ᠠᠢ᠂ ᠦᠵᠡᠰᠬᠦᠯᠡᠩᠲᠦ ᠲᠠᠯ᠎ᠠ ᠮᠢᠨᠢ ᠬᠡᠨ ᠴᠢᠮᠠᠲᠤ ᠦᠬᠦᠭᠡᠷ ᠦ᠋ᠨ ᠶᠠᠰᠤ ᠰᠠᠴᠤᠭᠰᠠᠨ ᠪᠣᠢ?

                    (ᠫᠦᠱᠺᠢᠨ)

ᠥᠷᠯᠥᠭᠡ ᠨᠢ ᠴᠠᠰᠤᠲᠤ ᠲᠠᠯ᠎ᠠ ᠶ᠋ᠢᠨ ᠳᠡᠭᠡᠭᠦᠷ ᠴᠢᠰᠤᠨ ᠤ᠋ ᠰᠤᠳᠠᠯ ᠮᠡᠲᠦ ᠲᠤᠶᠠᠭ᠎ᠠ ᠲᠠᠲᠠᠵᠤ ᠤᠯᠠᠭᠠᠨ ᠨᠠᠷᠠᠨ ᠮᠠᠨᠳᠤᠯ᠎ᠠ᠃ ᠪᠠᠲᠤ ᠬᠠᠭᠠᠨ ᠤ᠋ ᠭᠡᠷ ᠲᠦ᠍ ᠡᠯᠴᠢ ᠨᠠᠷ ᠬᠦᠷᠦᠯᠴᠡᠨ ᠢᠷᠡᠵᠦ ᠭᠦᠶᠦᠭ ᠬᠠᠭᠠᠨ ᠤ᠋ ᠴᠡᠷᠢᠭ ᠢ᠋ ᠳᠣᠪᠲᠣᠯᠤᠨ ᠪᠠᠶ᠋ᠢᠯᠳᠤᠭᠰᠠᠨ ᠢ᠋ ᠲᠣᠭᠠᠴᠢᠨ ᠮᠡᠳᠡᠭᠡᠯᠡᠯ᠎ᠡ᠃ ᠣᠷᠣᠰ ᠤ᠋ᠳ ᠨᠢ ᠠᠭᠤᠷ ᠶᠡᠬᠡ ᠵᠣᠷᠢᠭ ᠢ᠋ ᠭᠠᠷᠭᠠᠵᠤ ᠠᠭᠲᠠ ᠮᠣᠷᠢᠳ ᠢ᠋ ᠪᠣᠯᠤᠨ ᠠᠮᠢᠳᠤ ᠬᠥᠮᠦᠰ ᠢ᠋ ᠰᠦᠬᠡ ᠪᠡᠷ ᠴᠠᠪᠴᠢᠯᠠᠨ ᠠᠯᠠᠯᠳᠤᠭᠰᠠᠨ ᠨᠢ ᠬᠡᠷᠴᠡᠭᠡᠢ ᠮᠠᠩᠭᠤᠰ ᠤ᠋ᠳ ᠤ᠋ᠨ ᠠᠳᠠᠯᠢ ᠪᠠᠢᠯ᠎ᠠ᠃ ᠬᠥᠶᠦᠭ ᠬᠠᠭᠠᠨ ᠤ᠋ ᠴᠡᠷᠢᠭ ᠦ᠋ᠳ ᠣᠷᠣᠰ ᠤ᠋ᠨ ᠬᠦᠴᠦᠨ ᠳ᠋ᠦ᠍ ᠠᠪᠲᠠᠭᠳᠠᠵᠤ ᠮᠠᠰᠢ ᠣᠯᠠᠨ ᠲᠣᠭᠠᠨ ᠤ᠋ ᠬᠥᠮᠦᠰ ᠢ᠋ᠶ᠋ᠡᠨ ᠠᠯᠳᠠᠵᠤ᠂ ᠲᠡᠰᠦᠭᠰᠡᠨ ᠦᠭᠡᠢ ᠭᠡᠳᠡᠷᠭᠦ ᠤᠬᠤᠷᠢᠯ᠎ᠠ᠃

ᠪᠠᠲᠤ ᠬᠠᠭᠠᠨ ᠥᠪᠡᠷ ᠦ᠋ᠨ ᠬᠠᠭᠠᠳ ᠤ᠋ᠨ ᠰᠠᠨᠠᠯ ᠢ᠋ ᠠᠰᠠᠭᠤᠭᠠᠳ ᠰᠡᠭᠦᠯ ᠳ᠋ᠦ᠍ᠨᠢ ᠰᠦᠪᠡᠭᠡᠳᠡᠢ ᠪᠠᠭᠠᠲᠤᠷ ᠤ᠋ᠨ ᠰᠠᠨᠠᠯ ᠢ᠋ ᠠᠰᠠᠭᠤᠭᠰᠠᠨ ᠳ᠋ᠤ᠌᠂
— ᠬᠥᠶᠦᠭ ᠬᠠᠭᠠᠨ ᠣᠷᠣᠰ ᠤ᠋ᠨ ᠴᠡᠷᠢᠭ ᠦ᠋ᠳ ᠲᠦ᠍ ᠳᠠᠬᠢᠨ ᠳᠣᠪᠲᠣᠯᠤᠨ ᠲᠤᠯᠤᠯᠳᠤᠬᠤ ᠶᠣᠰᠣᠲᠠᠢ ᠭᠡᠵᠦ ᠲᠡᠳᠡ ᠪᠦᠭᠦᠳᠡᠭᠡᠷ ᠢ᠋ᠶ᠋ᠡᠨ ᠬᠡᠯᠡᠭᠰᠡᠨ ᠪᠣᠯᠪᠠᠴᠤ ᠪᠠᠲᠤ ᠬᠠᠭᠠᠨ᠂
— ᠭᠦᠶᠦᠭ ᠬᠠᠭᠠᠨ ᠣᠷᠣᠰ ᠤ᠋ᠨ ᠴᠥᠭᠡᠨ ᠲᠣᠭᠠᠨ ᠤ᠋ ᠴᠡᠷᠢᠭ ᠦ᠋ᠨ ᠪᠣᠬᠰᠢᠵᠤ ᠪᠠᠢᠭᠰᠠᠨ ᠳᠣᠪᠣᠴᠠᠭ ᠲᠣᠯᠣᠭᠠᠢ ᠶ᠋ᠢ ᠡᠵᠡᠯᠡᠨ ᠠᠪᠴᠤ ᠴᠢᠳᠠᠭ᠎ᠠ ᠦᠭᠡᠢ ᠪᠣᠯ ᠪᠠᠲᠤ ᠪᠡᠬᠢ ᠥᠨᠳᠥᠷ ᠬᠡᠷᠡᠮ ᠲᠡᠢ ᠷᠶᠡᠽᠡᠨ ᠬᠣᠲᠠ ᠶ᠋ᠢ ᠶᠠᠭᠠᠬᠢᠵᠤ ᠡᠵᠡᠯᠡᠵᠦ ᠴᠢᠳᠠᠬᠤ ᠪᠢᠯᠡ? ᠲᠡᠷᠡ ᠪᠡᠷ ᠮᠣᠩᠭᠣᠯ ᠤ᠋ᠨ ᠠᠯᠳᠠᠷ ᠭᠠᠪᠢᠶᠠᠲᠤ ᠪᠠ ᠠᠶᠤᠮᠰᠢᠭᠲᠤ ᠨᠡᠷ᠎ᠡ ᠰᠦᠷ ᠢ᠋ ᠭᠤᠲᠤᠭᠠᠭᠰᠠᠨ ᠪᠠᠢᠨ᠎ᠠ᠃ ᠭᠦᠶᠦᠭ ᠬᠠᠭᠠᠨ ᠣᠷᠣᠰ ᠤ᠋ᠳ ᠲᠠᠢ ᠪᠠᠢᠯᠳᠤᠭᠰᠠᠨ ᠤ᠋ ᠡᠴᠦᠰ ᠲᠦ᠍ ᠤᠷᠠᠭᠳᠠᠵᠤ ᠬᠠᠭᠠᠷᠠᠭᠰᠠᠨ ᠦᠮᠦᠳᠦᠨ ᠳ᠋ᠡᠭᠡᠨ ᠤᠷᠢᠳᠠᠯ ᠪᠣᠯᠭᠠᠨ ᠨᠥᠬᠥᠭᠡᠰᠦ ᠲᠠᠯᠪᠢᠵᠤ ᠰᠠᠭᠤᠭ! ᠮᠠᠨ ᠤ᠋ 《ᠢᠯᠠᠭᠳᠠᠰᠢ ᠦᠭᠡᠢ》ᠲᠦᠮᠡ ᠪᠠ ᠰᠦᠪᠡᠭᠡᠳᠡᠢ ᠪᠠᠭᠠᠲᠤᠷ ᠤ᠋ᠨ 《ᠭᠠᠯᠵᠠᠭᠤ ᠲᠠᠢ》ᠲᠦᠮᠡ ᠳᠠᠷᠤᠢᠬᠠᠨ ᠢ᠋ᠶ᠋ᠠᠨ ᠬᠥᠳᠡᠯᠵᠦ ᠣᠷᠣᠰ ᠤ᠋ᠨ ᠪᠣᠬᠰᠢᠵᠤ ᠪᠠᠢᠭ᠎ᠠ ᠳᠣᠪᠣᠴᠠᠭ ᠲᠣᠯᠣᠭᠠᠢ ᠶ᠋ᠢ ᠳᠣᠪᠲᠣᠯᠤᠨ ᠪᠠᠢᠯᠳᠤᠵᠤ ᠴᠠᠰᠢ ᠵᠣᠭᠰᠣᠯᠲᠠ ᠦᠭᠡᠢ ᠪᠡᠷ ᠷᠶᠡᠽᠡᠨ ᠢ᠋ ᠪᠠᠢᠯᠳᠤᠬᠤ ᠪᠠᠷ ᠶᠠᠪᠤᠰᠤᠭᠠᠢ᠃ ᠪᠢᠳᠡ ᠭᠦᠶᠦᠭ ᠬᠠᠭᠠᠨ ᠢ᠋ ᠬᠦᠯᠢᠶᠡᠬᠦ ᠦᠭᠡᠢ᠃ ᠮᠢᠨᠦ ᠮᠢᠩᠭᠠᠨ ᠴᠡᠷᠢᠭ ᠨᠠᠳᠠᠲᠠᠢ ᠬᠠᠮᠲᠤ ᠶᠠᠪᠤᠨ᠎ᠠ᠃ ᠪᠢ ᠥᠪᠡᠷ ᠢ᠋ᠶ᠋ᠡᠨ ᠪᠠᠢᠯᠳᠤᠭᠠᠨ ᠤ᠋ ᠶᠠᠪᠤᠴᠠ ᠶ᠋ᠢ ᠬᠢᠨᠠᠨ ᠤᠳᠤᠷᠢᠳᠤᠨ᠎ᠠ᠃ ᠠᠮᠢᠳᠤ ᠪᠠᠷ ᠣᠯᠵᠠᠯᠠᠬᠳᠠᠬᠴᠢᠳ ᠢ᠋ ᠠᠯᠠᠵᠤ ᠵᠣᠭᠰᠣᠯᠲᠠ ᠦᠭᠡᠢ ᠪᠡᠷ ᠶᠠᠪᠤᠵᠤ ᠵᠠᠮ ᠵᠠᠭᠤᠷ᠎ᠠ ᠵᠥᠪᠬᠡᠨ ᠠᠭᠲᠠ ᠮᠣᠷᠢᠳ ᠢ᠋ ᠲᠡᠵᠢᠭᠡᠬᠦ ᠪᠠ ᠠᠮᠠᠷᠠᠭᠤᠯᠬᠤ ᠲᠡᠳᠦᠢ ᠪᠠᠭ᠎ᠠ ᠦᠳᠡᠯᠡᠭᠡ ᠨᠤᠭᠦᠳ  ᠢ᠋ ᠬᠢᠰᠦᠭᠡᠢ᠃ ᠬᠠᠭᠠᠳ ᠤ᠋ᠳ ᠷᠶᠡᠽᠡᠨ ᠦ᠌ ᠬᠡᠷᠡᠮ ᠦ᠋ᠨ ᠡᠭᠦᠳᠡᠨ ᠳ᠋ᠦ᠍ ᠥᠪᠡᠷᠰᠡᠳ  ᠦ᠋ᠨ ᠭᠡᠷ ᠦ᠋ᠳ ᠢ᠋ ᠯᠠᠪᠲᠠᠢ ᠪᠠᠷᠢᠨ᠎ᠠ ᠭᠡᠪᠡ᠃

ᠪᠠᠷᠠᠭᠠᠨ ᠬᠥᠬᠡ ᠡᠭᠦᠯᠡ ᠨᠣᠭᠦᠳ ᠡᠮᠦᠨ᠎ᠡ ᠵᠦᠭ ᠬᠥᠭᠡᠭᠡᠭᠳᠡᠵᠦ ᠰᠠᠯᠬᠢ ᠰᠢᠭᠤᠷᠭ᠎ᠠ ᠭᠡᠨᠡᠳᠲᠡ ᠵᠣᠭᠰᠣᠬᠤ ᠳ᠋ᠤ᠌᠂ ᠬᠥᠬᠡ ᠮᠥᠩᠭᠥᠨ ᠲᠡᠭᠷᠢ ᠳ᠋ᠦ᠍ ᠨᠠᠷᠠᠨ ᠦᠵᠡᠭᠳᠡᠯ᠎ᠡ᠃ ᠬᠡᠳᠦ ᠬᠡᠳᠦᠨ ᠮᠢᠩᠭᠠᠨ ᠠᠯᠠᠭᠳᠠᠭᠰᠠᠨ ᠪᠠ ᠰᠢᠷᠬᠠᠲᠤᠭᠰᠠᠨ ᠬᠥᠮᠦᠰ ᠢ᠋ ᠴᠠᠰᠤ ᠪᠠᠷ ᠪᠦᠷᠬᠦᠵᠦ ᠣᠷᠣᠰᠢᠭᠤᠯᠤᠭᠰᠠᠨ ᠠᠭᠤᠳᠠᠮ ᠶᠡᠬᠡ ᠲᠠᠯ᠎ᠠ ᠨᠠᠷᠠᠨ ᠤ᠋ ᠭᠡᠷᠡᠯ ᠳ᠋ᠦ᠍ ᠠᠮᠤᠷᠯᠢᠩᠭᠤᠢ ᠪᠠᠷ ᠭᠢᠯᠠᠯᠵᠠᠨ ᠦᠵᠡᠭᠳᠡᠨ᠎ᠡ᠃ ᠰᠦᠷᠦᠭ ᠴᠢᠨᠣ᠎ᠠ ᠶ᠋ᠢᠨ ᠴᠤᠪᠤᠭ᠎ᠠ᠂ ᠲᠠᠲᠠᠭᠰᠠᠨ ᠤᠲᠠᠰᠤ ᠰᠢᠭ᠋ ᠰᠢᠯᠤᠭᠤᠬᠠᠨ ᠵᠥᠷᠢᠭ ᠵᠠᠮ ᠢ᠋ᠶ᠋ᠠᠷ ᠴᠤᠪᠤᠷᠠᠯᠳᠤᠨ ᠱᠣᠭᠰᠢᠭᠰᠠᠭᠠᠷ ᠭᠠᠷᠴᠤ ᠢᠷᠡᠯ᠎ᠡ᠃ ᠴᠢᠨᠣ᠎ᠠ ᠪᠦᠷ ᠲᠦᠷᠦᠭᠦᠴᠢ ᠶ᠋ᠢᠨ ᠴᠢᠨᠣ᠎ᠠ ᠶ᠋ᠢᠨ ᠮᠥᠷ ᠢ᠋ ᠠᠯᠳᠠᠬᠤ ᠦᠭᠡᠢ ᠭᠢᠰᠬᠢᠨ᠎ᠡ᠃ ᠮᠠᠩᠯᠠᠢ ᠳ᠋ᠤ᠌ ᠶᠠᠪᠤᠭ᠎ᠠ ᠴᠢᠨᠣ᠎ᠠ ᠰᠢᠨᠡᠬᠡᠨ ᠴᠢᠰᠤᠨ ᠤ᠋ ᠦᠨᠦᠷ ᠬᠠᠩᠬᠤᠯᠬᠤ ᠵᠦᠭ ᠳᠠᠰᠢ ᠶᠠᠪᠤᠵᠤ ᠪᠠᠢᠯ᠎ᠠ᠃ ᠴᠠᠰᠤᠲᠤ ᠲᠠᠯ᠎ᠠ ᠶ᠋ᠢᠨ ᠳᠤᠮᠳᠠ ᠣᠯᠠᠨ ᠲᠣᠭᠠᠨ ᠤ᠋ ᠬᠡᠭᠦᠷ ᠦ᠋ᠳ ᠪᠠᠷᠤᠢᠵᠤ ᠦᠵᠡᠭᠳᠡᠨ᠎ᠡ᠃

ᠴᠢᠨᠣ᠎ᠠ ᠨᠤᠭᠤᠳ ᠤᠯᠠᠮ ᠣᠢᠷᠠᠲᠤᠵᠤ ᠢᠷᠡᠯ᠎ᠡ᠃ ᠬᠡᠭᠦᠷ ᠦ᠋ᠳ ᠦ᠋ᠨ ᠳᠣᠲᠣᠷ᠎ᠠ ᠠ᠋ᠴᠠ ᠵᠠᠷᠢᠮ ᠨᠢ ᠬᠠᠶᠠ ᠬᠥᠳᠡᠯᠬᠦ ᠳ᠋ᠦ᠍ ᠮᠠᠩᠯᠠᠢ ᠶ᠋ᠢᠨ ᠴᠢᠨᠣ᠎ᠠ ᠬᠠᠵᠠᠭᠤ ᠲᠡᠰᠢ ᠪᠡᠨ ᠦᠰᠦᠷᠦᠨ ᠵᠠᠢᠯᠠᠰᠬᠢᠵᠦ ᠥᠭᠡᠷ᠎ᠡ ᠵᠦᠭ ᠢ᠋ ᠴᠢᠭᠯᠡᠨ ᠶᠠᠪᠤᠨ᠎ᠠ᠃ ᠬᠡᠷᠢᠶ᠎ᠡ᠂ ᠠᠯᠠᠭ  ᠳᠠᠭᠤ ᠨᠤᠭᠤᠳ ᠲᠡᠢᠨ ᠦ᠌ ᠲᠠᠯᠠᠪᠤᠷ ᠲᠡᠰᠢ ᠰᠦᠷᠦᠭᠯᠡᠨ ᠨᠢᠰᠴᠦ ᠢᠷᠡᠭᠡᠳ ᠦᠬᠦᠭᠴᠢᠳ ᠦ᠋ᠨ ᠳᠡᠷᠭᠡᠳᠡ ᠪᠠᠭᠤᠵᠤ ᠰᠦᠯᠵᠢᠨ ᠦᠰᠦᠷᠦᠭᠰᠡᠭᠡᠷ ᠠᠭᠠᠵᠢᠮ ᠢ᠋ᠶ᠋ᠠᠷ ᠬᠡᠭᠦᠷ ᠦ᠋ᠳ ᠲᠦ᠍ ᠣᠢᠷᠠᠲᠤᠨ᠎ᠠ᠃ ᠵᠠᠷᠢᠮ ᠳ᠋ᠠᠭᠠᠨ ᠭᠠᠭᠴᠠ ᠨᠢᠭᠡ ᠭᠠᠷ ᠬᠥᠯ ᠬᠥᠳᠡᠯᠬᠦ ᠳ᠋ᠦ᠍ ᠰᠢᠪᠠᠭᠤᠨ ᠰᠦᠷᠦᠭ ᠰᠦᠭᠡᠨᠢᠭ (ᠰᠥᠭᠡᠩᠭᠢ) ᠳᠠᠭᠤ ᠪᠠᠷ ᠮᠠᠭᠤᠬᠠᠢ ᠪᠠᠷᠬᠢᠷᠠᠨ ᠳᠡᠭᠳᠡᠨ ᠨᠢᠰᠴᠦ ᠥᠭᠡᠷ᠎ᠡ ᠨᠢᠭᠡᠨ ᠢᠳᠡᠰᠢ ᠡᠷᠢᠵᠡᠭᠡᠨ᠎ᠡ᠃

ᠴᠢᠨᠣ᠎ᠠ ᠨᠤᠭᠤᠳ ᠵᠢᠯᠠᠭ᠎ᠠ ᠳᠠᠰᠢ ᠬᠠᠨᠳᠤᠨ ᠣᠷᠣᠬᠤ ᠶ᠋ᠢᠨ ᠰᠠᠴᠠᠭᠤ ᠭᠡᠨᠡᠳᠲᠡ ᠪᠤᠴᠠᠵᠤ ᠬᠠᠷᠠᠢᠵᠠᠭᠠᠪᠠ᠃ ᠵᠢᠯᠠᠭ᠎ᠠ ᠳᠣᠲᠣᠷ᠎ᠠ ᠠ᠋ᠴᠠ ᠮᠣᠷᠢᠲᠠᠢ ᠬᠥᠮᠦᠨ ᠭᠠᠷᠴᠤ ᠢᠷᠡᠭᠰᠡᠨ ᠨᠢ ᠲᠣᠮᠣ ᠪᠡᠶ᠎ᠡ ᠲᠡᠢ ᠬᠡᠭᠡᠷ ᠠᠵᠢᠷᠭ᠎ᠠ ᠤᠨᠤᠵᠤ ᠮᠣᠩᠭᠣᠯ ᠮᠣᠷᠢ ᠨᠢᠭᠡ  ᠶ᠋ᠢ ᠬᠥᠲᠥᠯᠦᠭᠰᠡᠨ᠂ ᠨᠠᠷᠠᠨ ᠳ᠋ᠤ᠌ ᠭᠢᠯᠠᠯᠵᠠᠭᠰᠠᠨ ᠪᠣᠯᠣᠳ ᠬᠤᠶᠠᠭ ᠳᠤᠭᠤᠯᠠᠭ᠎ᠠ ᠡᠮᠦᠰᠦᠭᠰᠡᠨ ᠵᠠᠯᠠᠭᠤ ᠴᠡᠷᠢᠭ ᠪᠠᠢᠪᠠ᠃ ᠲᠡᠷᠡ ᠪᠡᠷ ᠬᠡᠭᠦᠷ ᠦ᠋ᠳ ᠦ᠋ᠨ ᠳᠤᠮᠳᠠ ᠣᠷᠣᠵᠤ ᠡᠷᠭᠢᠨ ᠲᠣᠭᠣᠷᠢᠨ ᠠᠩᠬᠠᠷᠤᠯᠲᠠᠢ ᠪᠠᠷ ᠬᠠᠷᠠᠵᠤ ᠪᠠᠢᠲᠠᠯ᠎ᠠ ᠬᠦᠨᠳᠦ ᠠᠮᠢᠰᠬᠤᠯ ᠪᠠ ᠶᠣᠢᠯᠠᠬᠤ ᠳᠠᠭᠤᠨ ᠲᠡᠭᠦᠨ ᠦ᠌ ᠠᠩᠬᠠᠷᠤᠯ ᠢ᠋ ᠲᠠᠲᠠᠯ᠎ᠠ᠃ ᠲᠡᠭᠦᠨ ᠡᠴᠡ ᠬᠣᠯᠠ ᠦᠭᠡᠢ ᠥᠳᠬᠡᠨ ᠴᠠᠭᠠᠨ ᠪᠢᠲᠡᠭᠦᠦ ᠰᠠᠬᠠᠯᠲᠠᠢ ᠪᠠᠭᠠᠲᠤᠷ ᠰᠢᠨᠵᠢ ᠶ᠋ᠢᠨ ᠪᠡᠶ᠎ᠡ ᠲᠡᠢ ᠬᠥᠮᠦᠨ ᠴᠠᠰᠤᠨ ᠳᠡᠭᠡᠷ᠎ᠡ ᠬᠡᠪᠲᠡᠵᠦ ᠪᠠᠢᠯ᠎ᠠ᠃ ᠲᠡᠷᠡ ᠵᠠᠯᠠᠭᠤ ᠮᠣᠷᠢᠨ ᠠ᠋ᠴᠠ ᠪᠠᠨ ᠦᠰᠦᠷᠦᠨ ᠪᠠᠭᠤᠵᠤ ᠬᠡᠪᠲᠡᠵᠦ ᠪᠠᠢᠭ᠎ᠠ ᠬᠥᠮᠦᠨ ᠦ᠌ ᠳᠡᠷᠭᠡᠳᠡ ᠣᠴᠢᠵᠤ ᠲᠣᠩᠭᠣᠢᠪᠠ᠃
— ᠷᠠᠲ᠋ᠢᠪᠤᠷ ᠴᠢ ᠠᠮᠢᠳᠤ ᠪᠠᠢᠨ᠎ᠠ ᠤᠤ? ᠷᠠᠲ᠋ᠢᠪᠤᠷ? ᠭᠡᠳ ᠰᠢᠪᠠᠷ ᠯᠣᠩᠬᠣ ᠶ᠋ᠢ ᠭᠠᠷᠭᠠᠵᠤ ᠰᠢᠷᠬᠠᠲᠤᠭᠰᠠᠨ ᠬᠥᠮᠦᠨ ᠦ᠌ ᠤᠷᠤᠭᠤᠯ ᠳ᠋ᠤ᠌ ᠬᠦᠷᠭᠡᠮᠡᠭᠴᠡ ᠷᠠᠲ᠋ᠢᠪᠤᠷ ᠨᠢ ᠰᠢᠮᠳᠠᠨ ᠤᠤᠭᠤᠵᠤ ᠬᠦᠨᠳᠦ ᠪᠡᠷ ᠠᠮᠢᠰᠬᠤᠯ ᠠᠪᠴᠤ ᠨᠢᠳᠦ ᠪᠡᠨ ᠣᠩᠭᠣᠢᠯᠭᠠᠯ᠎ᠠ᠃
— ᠷᠠᠲ᠋ᠢᠪᠤᠷ ᠪᠣᠰ᠂ ᠰᠡᠷᠢ᠂ ᠮᠣᠩᠭᠣᠯ ᠤ᠋ᠨ ᠬᠠᠷᠠᠭᠤᠯ ᠤ᠋ᠳ ᠬᠣᠯᠠ ᠦᠭᠡᠢ ᠶᠠᠪᠤᠵᠤ ᠪᠠᠢᠨ᠎ᠠ ᠭᠡᠪᠡ᠃
— ᠴᠢ ᠬᠡᠨ ᠪᠣᠢ?
— ᠪᠢ ᠷᠣᠮᠠᠨ ᠪᠠᠢᠨ᠎ᠠ᠃ ᠷᠶᠠᠽᠠᠨ ᠤ᠋ ᠸᠠᠩ ᠤ᠋ᠨ ᠬᠥᠪᠡᠭᠦᠨ ᠪᠠᠢᠨ᠎ᠠ᠁ ᠬᠠᠮᠲᠤ ᠪᠠᠭᠠᠪᠠᠭᠠᠢ ᠠᠩᠨᠠᠬᠤ ᠪᠠᠷ ᠶᠠᠪᠤᠵᠤ ᠪᠠᠢᠭᠰᠠᠨ ᠢ᠋ᠶ᠋ᠠᠨ ᠰᠠᠨᠠᠵᠤ ᠪᠠᠢᠨ᠎ᠠ ᠤᠤ?
— ᠪᠢ ᠪᠣᠰᠴᠤ ᠴᠢᠳᠠᠬᠤ ᠦᠭᠡᠢ ᠪᠠᠢᠨ᠎ᠠ᠂ ᠲᠤᠰᠠᠯᠠᠭᠠᠷᠠᠢ᠁

ᠷᠠᠲ᠋ᠢᠪᠤᠷ ᠶᠣᠢᠯᠠᠭᠰᠠᠭᠠᠷ ᠪᠣᠰᠤᠭᠠᠳ ᠮᠣᠩᠭᠣᠯ ᠤ᠋ᠨ ᠴᠠᠬᠢᠷᠠᠭ ᠰᠠᠢᠨ ᠮᠣᠷᠢᠨ ᠳᠡᠭᠡᠷ᠎ᠡ ᠷᠣᠮᠠᠨ ᠤ᠋ ᠲᠤᠰᠠᠯᠠᠮᠵᠢ ᠪᠠᠷ ᠮᠣᠷᠳᠠᠯ᠎ᠠ᠃ ᠡᠨᠡ ᠬᠣᠶᠠᠷ ᠮᠣᠷᠢᠲᠠᠢ ᠬᠥᠮᠦᠨ ᠵᠢᠯᠠᠭ᠎ᠠ ᠳ᠋ᠤ᠌ ᠣᠷᠣᠵᠤ ᠦᠵᠡᠭᠳᠡᠬᠦ ᠦᠭᠡᠢ ᠪᠣᠯᠤᠨ ᠶᠠᠪᠤᠯ᠎ᠠ᠃

ᠴᠢᠨᠣ᠎ᠠ ᠨᠤᠭᠤᠳ ᠪᠠ ᠬᠡᠷᠢᠶ᠎ᠡ ᠨᠦ᠍ᠭᠦᠳ ᠭᠡᠬᠦᠷᠲᠦ ᠲᠠᠯᠠᠪᠠᠢ ᠶ᠋ᠢᠨ ᠳᠡᠭᠡᠷ᠎ᠡ ᠴᠢᠰᠤᠲᠤ ᠨᠠᠢᠷ ᠢ᠋ᠶ᠋ᠠᠨ ᠦᠷᠭᠦᠯᠵᠢᠯᠡᠭᠦᠯᠦᠨ ᠬᠣᠴᠣᠷᠤᠯ᠎ᠠ᠃

  ᠦᠰᠦᠭ ᠠᠮᠢᠯᠠᠭᠤᠯᠤᠭᠴᠢ᠄ ᠪᠠᠶᠠᠨᠴᠡᠴᠡᠭ᠂ ᠬᠡᠷᠡᠢᠳ· ᠮᠥᠩᠬᠡᠨᠠᠰᠣᠨ᠂ ᠮᠡᠷᠭᠡᠨᠭᠣᠣ᠎ᠠ᠂ ᠠᠯᠲᠠᠨᠴᠢᠮᠡᠭ
  ᠬᠢᠨᠠᠭᠴᠢ᠄ ᠭᠡᠷᠡᠯ᠂ ᠠᠷᠢᠭᠤᠨ᠂ ᠠᠯᠲᠠᠨᠴᠢᠮᠡᠭ᠂ ᠲ· ᠬᠦᠮᠦᠵᠢᠯᠲᠦ᠂ ᠵᠢᠩᠯᠢᠬᠤᠸᠠᠷ᠂ ᠪᠠᠯ