ᠪᠠᠲᠤ ᠬᠠᠭᠠᠨ 4-09ᠷᠶᠠᠽᠠᠨ ᠢ᠋ ᠪᠠᠢᠯᠳᠤᠬᠤ ᠪᠠᠷ ᠮᠣᠷᠳᠠᠯ᠎ᠠ-ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 4-09ᠷᠶᠠᠽᠠᠨ ᠢ᠋ ᠪᠠᠢᠯᠳᠤᠬᠤ ᠪᠠᠷ ᠮᠣᠷᠳᠠᠯ᠎ᠠ-ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ-Bat khaan Бат хаан-ᠷᠣᠮᠠᠨ

ᠪᠠᠲᠤ ᠬᠠᠭᠠᠨ 4-09ᠷᠶᠠᠽᠠᠨ ᠢ᠋ ᠪᠠᠢᠯᠳᠤᠬᠤ ᠪᠠᠷ ᠮᠣᠷᠳᠠᠯ᠎ᠠ-ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-10-22

66

ᠶᠢᠰᠦ ᠷᠶᠠᠽᠠᠨ ᠢ᠋ ᠪᠠᠢᠯᠳᠤᠬᠤ ᠪᠠᠷ ᠮᠣᠷᠳᠠᠯ᠎ᠠ

ᠪᠠᠲᠤ ᠬᠠᠭᠠᠨ ᠴᠡᠷᠢᠭ ᠦ᠋ᠳ ᠢ᠋ᠶ᠋ᠡᠨ ᠤᠮᠠᠷ᠎ᠠ ᠵᠦᠭ ᠮᠣᠷᠳᠠᠭᠤᠯᠤᠯ᠎ᠠ᠃ ᠪᠤᠰᠤᠳ ᠣᠲ᠋ᠷᠢᠶᠠᠳ᠋ ᠲᠠᠢ ᠦᠷᠭᠦᠯᠵᠢ ᠶ᠋ᠢᠨ ᠬᠣᠯᠪᠣᠭ᠎ᠠ ᠪᠠᠷᠢᠭᠤᠯᠬᠤ ᠪᠠᠷ ᠲᠡᠳᠡᠨᠡᠷ ᠲᠡᠰᠢ ᠲᠤᠰᠬᠠᠢ ᠡᠯᠴᠢᠳ ᠢ᠋ ᠢᠯᠡᠭᠡᠵᠡᠢ᠃ ᠬᠣᠶᠠᠷ ᠬᠣᠨᠣᠭ ᠪᠦᠷᠢ ᠳ᠋ᠦ᠍ ᠲᠡᠭᠦᠨ ᠦ᠌ ᠥᠷᠥᠭᠡᠨ ᠳ᠋ᠦ᠍ ᠡᠯᠴᠢ ᠱᠠᠯᠠᠮᠠᠭᠠᠢᠯᠠᠨ ᠢᠷᠡᠳᠡᠭ ᠪᠠᠢᠯ᠎ᠠ᠃ ᠲᠡᠳᠡᠨᠡᠷ ᠮᠡᠳᠡᠭᠡ ᠠᠪᠴᠢᠷᠠᠵᠤ ᠵᠠᠩᠵᠤᠨ ᠤ᠋ ᠲᠤᠰᠢᠶᠠᠯ ᠢ᠋ ᠬᠦᠯᠢᠶᠡᠵᠦ ᠠᠪᠤᠨ᠎ᠠ᠃ ᠴᠠᠰᠤᠨ ᠰᠢᠭᠤᠷᠭ᠎ᠠ ᠡᠯᠴᠢ ᠶ᠋ᠢ ᠲᠥᠭᠡᠷᠢᠭᠦᠯᠵᠡᠢ᠃ ᠤᠲ᠋ᠷᠢᠶᠠᠳ᠋ ᠤ᠋ᠳ ᠲᠣᠮᠢᠯᠠᠭᠳᠠᠭᠰᠠᠨ ᠵᠠᠮ ᠢ᠋ᠶ᠋ᠠᠨ ᠠᠯᠳᠠᠵᠠᠢ᠃ ᠤᠳᠠᠯ ᠦᠭᠡᠢ ᠪᠠᠲᠤ ᠬᠠᠭᠠᠨ ᠵᠥᠪᠬᠡᠨ ᠥᠪᠡᠷ ᠦ᠋ᠨ《 ᠢᠯᠠᠭᠳᠠᠰᠢ ᠦᠭᠡᠢ》ᠭᠡᠳᠡᠭ ᠲᠦᠮᠡᠲᠦ ᠪᠠ ᠳᠡᠷᠭᠡᠳᠡ ᠨᠢ ᠪᠠᠢᠭ᠎ᠠ《 ᠭᠠᠯᠵᠠᠭᠤ ᠲᠠᠢ》ᠭᠡᠳᠡᠭ ᠰᠦᠪᠡᠭᠡᠳᠡᠢ ᠪᠠᠭᠠᠲᠤᠷ ᠤ᠋ᠨ ᠲᠦᠮᠡ᠂ ᠬᠣᠶᠠᠷ ᠤ᠋ᠨ ᠪᠠᠢᠭ᠎ᠠ ᠭᠠᠵᠠᠷ ᠢ᠋ ᠮᠡᠳᠡᠯ᠎ᠡ᠃ ᠴᠠᠰᠢ ᠶᠠᠪᠤᠬᠤ ᠠᠷᠭ᠎ᠠ ᠦᠭᠡᠢ ᠪᠣᠯᠵᠤ ᠴᠡᠷᠢᠭ ᠨᠢ ᠵᠣᠭᠰᠣᠯ᠎ᠠ᠃ ᠮᠣᠷᠢᠳ ᠢ᠋ ᠲᠡᠵᠢᠭᠡᠬᠦ ᠶᠠᠪᠤᠳᠠᠯ ᠪᠡᠷᠬᠡᠰᠢᠶᠡᠯᠲᠡᠢ ᠪᠣᠯᠤᠯ᠎ᠠ᠃ ᠭᠦᠨᠵᠡᠭᠡᠢ ᠴᠠᠰᠤᠨ ᠳᠣᠲᠣᠷ᠎ᠠ ᠠ᠋ᠴᠠ ᠬᠠᠭᠤᠷᠠᠢ ᠡᠪᠡᠰᠦ ᠶ᠋ᠢ ᠮᠣᠷᠢᠳ ᠨᠢ ᠠᠷᠠᠢᠬᠢᠵᠤ ᠮᠠᠯᠲᠠᠵᠤ ᠢᠳᠡᠨ᠎ᠡ᠃ ᠥᠪᠡᠷ ᠦ᠋ᠨ ᠪᠡᠶ᠎ᠡ ᠬᠠᠮᠠᠭᠠᠯᠠᠭᠴᠢᠳ ᠤ᠋ᠨ ᠮᠣᠷᠢᠳ ᠲᠸ᠋ ᠨᠢᠵᠡᠭᠡᠳ ᠰᠢᠭᠤᠳᠠᠢ ᠤᠯᠠᠭᠠᠨ ᠪᠤᠭᠤᠳᠠᠢ ᠣᠯᠭᠣᠬᠤ ᠶ᠋ᠢ ᠪᠠᠲᠤ ᠬᠠᠭᠠᠨ ᠮᠤᠬᠤᠯᠠᠭ ᠳᠣᠲᠣᠷ᠎ᠠ ᠠ᠋ᠴᠠ ᠲᠤᠰᠢᠶᠠᠯ᠎ᠠ᠃ 
—ᠬᠡᠷᠪᠡ ᠴᠠᠰᠤᠨ ᠰᠢᠭᠤᠷᠭ᠎ᠠ ᠬᠡᠳᠦᠨ ᠬᠣᠨᠣᠭ ᠦᠷᠭᠦᠯᠵᠢᠯᠡᠪᠡᠯ ᠮᠣᠷᠢᠳ ᠦᠬᠦᠨ᠎ᠡ᠃ ᠲᠡᠭᠦᠨ ᠦ᠌ ᠬᠠᠮᠲᠤ ᠮᠣᠩᠭᠣᠯ ᠤ᠋ᠨ ᠪᠦᠬᠦ ᠴᠡᠷᠢᠭ ᠰᠥᠨᠥᠬᠦ ᠪᠣᠯᠤᠨ᠎ᠠ᠃ ᠷᠶᠠᠽᠠᠨ ᠲᠠᠰᠢ ᠤᠷᠤᠭᠰᠢ ᠪᠠᠨ! ᠭᠡᠵᠦ ᠮᠣᠩᠭᠣᠯᠴᠤᠳ ᠬᠠᠰᠬᠢᠷᠤᠯᠳᠤᠨ᠎ᠠ᠃ ᠪᠠᠲᠤ ᠬᠠᠭᠠᠨ ᠪᠠ ᠪᠤᠰᠤᠳ ᠬᠠᠭᠠᠳ ᠢᠵᠠᠭᠤᠷᠲᠠᠨ ᠳ᠋ᠤ᠌ ᠭᠡᠷ ᠦ᠋ᠳ ᠢ᠋ ᠳᠠᠬᠢᠨ ᠪᠠᠷᠢᠵᠠᠭᠠᠪᠠ᠃

ᠭᠡᠷ ᠦ᠋ᠨ ᠲᠣᠭᠣᠨᠣ ᠪᠠᠷ ᠴᠠᠰᠤ ᠬᠠᠶᠠᠯᠠᠨ᠎ᠠ᠃ ᠪᠥᠭᠡᠮ ᠤᠲᠤᠭ᠎ᠠ ᠭᠡᠷ ᠢ᠋ᠶ᠋ᠡᠷ ᠳᠦᠭᠦᠷᠴᠦ ᠨᠢᠳᠦ ᠬᠣᠷᠣᠰᠬᠠᠨ᠎ᠠ᠃ ᠭᠠᠯ ᠤ᠋ᠨ ᠳᠡᠷᠭᠡᠳᠡ ᠬᠡᠪᠲᠡᠬᠦ ᠡᠴᠡ ᠪᠢᠰᠢ ᠰᠠᠭᠤᠬᠤ ᠠᠷᠭ᠎ᠠ ᠦᠭᠡᠢ ᠪᠠᠢᠯ᠎ᠠ᠃ ᠪᠠᠲᠤ ᠬᠠᠭᠠᠨ ᠳᠣᠷᠣᠭᠰᠢ ᠬᠠᠷᠠᠵᠤ ᠭᠡᠳᠡᠰᠦ ᠪᠡᠷ ᠢ᠋ᠶ᠋ᠡᠨ ᠬᠡᠪᠲᠡᠭᠡᠳ᠂ ᠬᠤᠢᠯᠠᠭᠰᠠᠨ ᠬᠠᠲᠠᠭᠤ ᠴᠠᠭᠠᠰᠤᠨ ᠳᠡᠭᠡᠷ᠎ᠡ ᠣᠷᠣᠰ ᠭᠠᠵᠠᠷ ᠤ᠋ᠨ ᠴᠢᠬᠤᠯᠠ ᠬᠣᠲᠠ ᠨᠤᠭᠤᠳ ᠂ ᠵᠠᠮ ᠤ᠋ᠳ᠂ ᠭᠣᠣᠯ ᠤ᠋ᠳ ᠢ᠋ ᠪᠣᠯᠬᠢ ᠪᠠᠷ ᠵᠢᠷᠤᠭᠰᠠᠨ ᠵᠢᠷᠤᠭ ᠢ᠋ ᠦᠵᠡᠨ᠎ᠡ᠃

ᠲᠦᠷᠭᠡᠨ ᠭᠠᠲᠤᠯᠪᠠᠯ ᠵᠣᠬᠢᠬᠤ ᠵᠠᠮ ᠤ᠋ᠨ ᠤᠷᠲᠤ ᠶ᠋ᠢᠨ ᠬᠡᠮᠵᠢᠶ᠎ᠡ ᠶ᠋ᠢ ᠲᠣᠭᠠᠯᠠᠵᠤ ᠪᠣᠳᠣᠨ᠎ᠠ᠃ ᠲᠡᠭᠦᠨ ᠦ᠌ ᠳᠡᠷᠭᠡᠳᠡ ᠬᠠᠭᠠᠳ ᠨᠣᠶᠠᠳ ᠮᠢᠩᠭᠠᠲᠤ ᠶ᠋ᠢᠨ ᠳᠠᠷᠤᠭ᠎ᠠ ᠨᠠᠷ ᠰᠢᠬᠠᠯᠴᠠᠯᠳᠤᠨ᠎ᠠ᠃ ᠡᠳᠡᠨᠡᠷ ᠴᠥᠮ ᠪᠠᠲᠤ ᠬᠠᠭᠠᠨ ᠤ᠋ ᠶᠠᠭᠤ ᠬᠡᠯᠡᠬᠦ ᠶ᠋ᠢ ᠴᠢᠮᠡᠭᠡ ᠦᠭᠡᠢ ᠰᠣᠨᠣᠰᠴᠤ ᠨᠢᠭᠡᠨ ᠳᠠᠭᠤ ᠪᠠᠷ ᠵᠥᠪᠰᠢᠶᠡᠷᠡᠵᠦ ᠪᠠᠢᠨ᠎ᠠ᠃ ᠰᠦᠪᠡᠭᠡᠳᠡᠢ ᠶ᠋ᠢᠨ ᠶᠠᠪᠤᠭᠤᠯᠤᠭᠰᠠᠨ ᠬᠠᠢᠭᠤᠯ ᠡᠷᠭᠢᠵᠦ ᠢᠷᠡᠵᠡᠢ᠃ ᠳᠡᠪᠡᠯ ᠨᠢ ᠴᠠᠰᠤ ᠪᠣᠯᠤᠭᠰᠠᠨ ᠤᠷᠠᠩᠬᠠᠢ ᠮᠠᠯᠠᠭᠠᠢ ᠲᠠᠢ ᠬᠣᠨᠢᠨ ᠤ᠋ ᠠᠷᠠᠰᠤᠨ ᠳᠡᠪᠡᠯ ᠲᠡᠢ᠂ ᠨᠣᠢᠲᠠᠨ ᠰᠤᠷ ᠤ᠋ᠨ ᠪᠦᠰᠡ ᠶ᠋ᠢ ᠴᠢᠩᠭ᠎ᠠ ᠪᠦᠰᠡᠯᠡᠭᠰᠡᠨ ᠨᠠᠰᠤᠲᠠᠢ ᠴᠡᠷᠢᠭ ᠣᠷᠣᠵᠤ ᠢᠷᠡᠭᠡᠳ ᠭᠠᠯ ᠤ᠋ᠨ ᠳᠡᠷᠭᠡᠳᠡ ᠰᠥᠬᠥᠷᠡᠨ ᠰᠠᠭᠤᠵᠤ ᠤᠷᠲᠤ ᠬᠠᠨᠴᠤᠢ ᠪᠠᠨ ᠬᠣᠢᠰᠢ ᠪᠣᠯᠭᠠᠵᠤ ᠮᠣᠢᠨᠣᠭ ᠬᠤᠷᠤᠭᠤ ᠪᠠᠨ ᠲᠡᠨᠢᠢᠯᠭᠡᠵᠦ ᠭᠠᠷ ᠢ᠋ᠶ᠋ᠠᠨ ᠡᠭᠡᠭᠡᠪᠡ᠃ ᠪᠠᠲᠤ ᠬᠠᠭᠠᠨ ᠤ᠋ ᠠᠰᠠᠭᠤᠬᠤ ᠳ᠋ᠤ᠌ ᠬᠥᠭᠰᠢᠨ ᠴᠡᠷᠢᠭ ᠬᠡᠯᠡᠭᠰᠡᠨ ᠨᠢ᠄
— ᠮᠠᠨ ᠤ᠋ ᠡᠮᠦᠨ᠎ᠡ ᠣᠢᠷᠠᠬᠠᠨ ᠣᠷᠣᠰ ᠤ᠋ᠨ ᠴᠡᠷᠢᠭ ᠦ᠋ᠳ ᠵᠢᠯᠠᠭᠠᠨ ᠳ᠋ᠤ᠌ ᠣᠷᠣᠵᠤ ᠬᠡᠪᠲᠡᠯ᠎ᠡ᠃ ᠡᠢᠮᠦ ᠬᠠᠷᠠᠩᠭᠤᠢ ᠰᠥᠨᠢ ᠲᠡᠳᠡ ᠨᠠᠷ ᠪᠢᠳᠡᠨᠡᠷ ᠳᠡᠭᠡᠷ᠎ᠡ ᠢᠷᠡᠵᠦ ᠮᠠᠨ ᠤ᠋ ᠪᠠᠢᠯᠳᠤᠭᠴᠢᠳ ᠢ᠋ ᠬᠡᠷᠴᠢᠨ ᠠᠯᠠᠨ᠎ᠠ᠃
— ᠴᠢ ᠪᠠᠰᠠ ᠥᠭᠡᠷ᠎ᠡ ᠶᠠᠭᠤ ᠮᠡᠳᠡᠪᠡ?
— ᠵᠡᠭᠦᠨ ᠭᠠᠷ ᠲᠤ᠌ ᠬᠣᠯᠠ ᠪᠤᠰᠤ ᠭᠠᠵᠠᠷ ᠭᠦᠶᠦᠭ ᠬᠠᠭᠠᠨ ᠤ᠋ ᠬᠣᠶᠠᠷ ᠲᠦᠮᠡᠨ ᠴᠡᠷᠢᠭ ᠶᠠᠪᠤᠵᠤ ᠪᠠᠢᠨ᠎ᠠ᠃ ᠴᠡᠷᠢᠭ ᠬᠠᠷᠢᠶᠠᠯ ᠲᠠᠯᠪᠢᠵᠤ ᠴᠠᠰᠤ ᠪᠠᠷ ᠬᠤᠴᠢᠵᠤ ᠬᠡᠪᠲᠡᠵᠡᠭᠡᠭᠡᠳ᠄《 ᠰᠢᠭᠤᠷᠭ᠎ᠠ ᠥᠩᠭᠡᠷᠡᠬᠦ ᠶ᠋ᠢ ᠬᠦᠯᠢᠶᠡᠶ᠎ᠡ᠂ ᠦᠭᠡᠢ ᠪᠣᠯ ᠪᠢᠳᠡᠨ ᠦ᠌ ᠮᠣᠷᠢᠳ ᠬᠥᠰᠡᠷ ᠲᠦ᠍ ᠬᠠᠶᠠᠭᠳᠠᠨ᠎ᠠ》ᠭᠡᠯᠴᠡᠨ᠎ᠡ᠃ ᠭᠡᠲᠡᠯ᠎ᠡ ᠭᠦᠶᠦᠭ ᠬᠠᠭᠠᠨ ᠲᠡᠨᠳᠡ ᠠᠯᠲᠠ ᠠᠷᠢᠬᠢ ᠲᠠᠯᠬ᠎ᠠ ᠭᠣᠶᠣ ᠡᠬᠡᠨᠡᠷ ᠦ᠋ᠳ ᠢ᠋ᠶ᠋ᠡᠷ ᠪᠠᠶᠠᠨ᠂ 《 ᠬᠡᠷᠪᠡ ᠪᠢᠳᠡ ᠪᠠᠲᠤ ᠬᠠᠭᠠᠨ ᠠ᠋ᠴᠠ ᠲᠦᠷᠦᠭᠦᠯᠡᠵᠦ ᠷᠶᠡᠽᠡᠨ ᠢ᠋ ᠡᠵᠡᠯᠡᠬᠦ ᠦᠭᠡᠢ ᠪᠣᠯ ᠪᠢᠳᠡᠨ ᠳ᠋ᠦ᠍ ᠶᠠᠭᠤ ᠴᠤ᠌ ᠣᠯᠳᠠᠬᠤ ᠦᠭᠡᠢ ᠪᠣᠯᠤᠨ᠎ᠠ 》ᠭᠡᠵᠦ ᠴᠡᠷᠢᠭ ᠦ᠋ᠳ ᠢ᠋ᠶ᠋ᠡᠨ ᠶᠠᠭᠠᠷᠠᠪᠴᠢᠯᠠᠨ ᠤᠷᠤᠭᠰᠢ ᠬᠥᠭᠡᠭᠡᠵᠦ ᠪᠠᠢᠨ᠎ᠠ ᠭᠡᠪᠡ᠃
ᠪᠠᠲᠤ ᠬᠠᠭᠠᠨ:
— ᠭᠦᠶᠦᠭ ᠬᠠᠭᠠᠨ ᠣᠷᠣᠰ ᠤ᠋ᠨ ᠲᠡᠷᠡᠬᠦ ᠶᠡᠬᠡ ᠬᠣᠲᠠ ᠶ᠋ᠢ ᠡᠵᠡᠯᠡᠨ ᠠᠪᠬᠤ ᠶ᠋ᠢ ᠬᠦᠰᠡᠵᠦ ᠪᠤᠰᠤᠳ ᠲᠦᠮᠡ ᠨᠦ᠍ᠭᠦᠳ ᠲᠦ᠍ ᠦᠯᠢᠭᠡᠷ ᠳᠠᠭᠤᠷᠢᠶᠠᠯ ᠪᠣᠯᠤᠨ ᠷᠶᠡᠽᠡᠨ ᠦ᠌ ᠳᠠᠰᠢ ᠰᠢᠮᠳᠠᠨ ᠶᠠᠪᠤᠭ᠎ᠠ ᠨᠢ ᠮᠠᠰᠢ ᠰᠠᠢᠰᠢᠶᠠᠯᠲᠠᠢ ᠰᠠᠢᠨ ᠪᠠᠢᠨ᠎ᠠ᠃ ᠬᠥᠶᠦᠭ ᠬᠠᠭᠠᠨ ᠣᠳᠣ ᠬᠠᠮᠢᠭ᠎ᠠ ᠪᠠᠭᠤᠳᠠᠯᠯᠠᠨ ᠪᠠᠢᠭ᠎ᠠ ᠶ᠋ᠢ ᠴᠢ ᠮᠡᠳᠡᠨ᠎ᠡ ᠤᠤ? ᠲᠡᠭᠦᠨ ᠢ᠋ ᠣᠯᠵᠤ ᠴᠢ ᠴᠢᠳᠠᠬᠤ ᠤᠤ? ᠭᠡᠵᠦ ᠮᠠᠰᠢ ᠲᠠᠢᠪᠤᠩ ᠢ᠋ᠶ᠋ᠠᠷ ᠬᠡᠯᠡᠯ᠎ᠡ᠃
— ᠪᠢ ᠮᠡᠳᠡᠨ᠎ᠡ᠂ ᠣᠯᠵᠤ ᠴᠤ᠌ ᠴᠢᠳᠠᠨ᠎ᠠ ᠭᠡᠵᠦ ᠨᠥᠭᠦᠭᠡ ᠴᠡᠷᠢᠭ ᠬᠠᠷᠢᠭᠤᠯᠪᠠ᠃
— ᠰᠦᠪᠡᠭᠡᠳᠡᠢ ᠪᠠᠭᠠᠲᠤᠷ ᠴᠢᠮᠠᠲᠤ ᠮᠢᠨᠦ ᠲᠠᠮᠠᠭ᠎ᠠ ᠲᠠᠢ ᠪᠢᠴᠢᠭ ᠢ᠋ ᠥᠭᠭᠦᠨ᠎ᠡ᠃ ᠴᠢ ᠲᠡᠭᠦᠨ ᠢ᠋ ᠠᠪᠴᠤ ᠭᠦᠶᠦᠭ ᠬᠠᠭᠠᠨ ᠳ᠋ᠤ᠌ ᠣᠴᠢᠵᠤ ᠬᠡᠯᠡ! ᠬᠥᠶᠦᠭ ᠬᠠᠭᠠᠨ ᠤ᠋ ᠴᠡᠷᠢᠭ ᠣᠷᠣᠭᠰᠢ ᠳᠠᠷᠤᠢ ᠶᠠᠭᠠᠷᠠᠯᠲᠠᠢ ᠪᠠᠷ ᠳᠠᠪᠰᠢᠨ ᠶᠠᠪᠤᠵᠤ ᠮᠠᠨ ᠤ᠋ ᠵᠠᠮ ᠢ᠋ ᠪᠣᠭᠣᠵᠤ ᠪᠠᠢᠭ᠎ᠠ ᠣᠷᠣᠰ ᠤ᠋ᠨ ᠴᠡᠷᠢᠭ ᠢ᠋ ᠬᠡᠭᠡᠷ᠎ᠡ ᠲᠠᠯ᠎ᠠ ᠳ᠋ᠤ᠌ ᠡᠷᠢᠨ ᠣᠯᠵᠤ ᠪᠤᠲᠠ ᠨᠢᠷᠭᠡᠵᠦ ᠤᠰᠠᠳᠬᠠᠰᠤᠭᠠᠢ᠃ ᠬᠡᠷᠪᠡ ᠭᠦᠶᠦᠭ ᠬᠠᠭᠠᠨ ᠣᠷᠣᠰ ᠤ᠋ᠨ ᠴᠡᠷᠢᠭ ᠢ᠋ ᠳᠠᠭᠠᠷᠢᠨ ᠣᠷᠣᠬᠤ ᠳ᠋ᠤ᠌ ᠥᠪᠡᠷ ᠦ᠋ᠨ ᠬᠦᠴᠦ ᠶ᠋ᠢ ᠨᠢᠮᠭᠡᠨ ᠭᠡᠵᠦ ᠦᠵᠡᠬᠦ ᠪᠣᠯ ᠵᠠᠪᠠᠯ ᠬᠦᠯᠢᠶᠡᠵᠡᠭᠡᠵᠦ ᠨᠠᠳᠠᠳᠤ ᠮᠡᠳᠡᠭᠳᠡᠰᠦᠭᠡᠢ᠃ ᠲᠡᠭᠡᠪᠡᠯ ᠪᠢ ᠰᠦᠪᠡᠭᠡᠳᠡᠢ ᠪᠠᠭᠠᠲᠤᠷ ᠤ᠋ᠨ ᠲᠦᠮᠡ ᠶ᠋ᠢ ᠶᠠᠪᠤᠭᠤᠯᠵᠤ ᠣᠷᠣᠰ ᠤ᠋ᠨ ᠴᠡᠷᠢᠭ ᠢ᠋ ᠬᠥᠶᠦᠭ ᠬᠠᠭᠠᠨ ᠤ᠋ ᠲᠤᠰᠠᠯᠠᠮᠵᠢ ᠦᠭᠡᠢ ᠪᠡᠷ ᠤᠰᠠᠳᠬᠠᠨ᠎ᠠ ᠭᠡᠵᠦ ᠵᠠᠩᠵᠤᠨ ᠵᠠᠷᠯᠢᠭ ᠪᠠᠭᠤᠯᠭᠠᠪᠠ ᠭᠡᠯ᠎ᠡ᠃

ᠪᠠᠲᠤ ᠬᠠᠭᠠᠨ ᠤ᠋ ᠳᠡᠷᠭᠡᠳᠡ ᠬᠡᠪᠲᠡᠵᠦ ᠪᠠᠢᠭᠰᠠᠨ ᠰᠥᠪᠡᠭᠡᠳᠡᠢ ᠪᠠᠭᠠᠲᠤᠷ ᠠᠳᠠᠮᠠᠭ ᠪᠠ ᠤᠯᠠᠭᠠᠨ ᠪᠣᠳᠣᠭ ᠲᠠᠢ ᠠᠯᠲᠠᠨ ᠬᠠᠢᠷᠴᠠᠭ ᠢ᠋ ᠡᠪᠦᠷ ᠡᠴᠡ ᠪᠡᠨ ᠭᠠᠷᠭᠠᠨ᠎ᠠ᠂ ᠨᠢᠵᠡᠭᠡᠳ ᠵᠤᠷᠪᠤᠰ ᠬᠠᠭᠤᠳᠠᠰᠤᠨ ᠳᠡᠭᠡᠷ᠎ᠡ ᠵᠠᠩᠵᠤᠨ ᠤ᠋ ᠨᠡᠷ᠎ᠡ ᠶ᠋ᠢ ᠳᠠᠷᠤᠵᠤ ᠥᠭᠬᠦ ᠳ᠋ᠦ᠍ ᠨᠥᠭᠦᠭᠡ ᠪᠤᠭᠤᠷᠤᠯ ᠡᠪᠦᠭᠡᠨ ᠲᠡᠷᠡ ᠵᠤᠷᠪᠤᠰ ᠢ᠋ ᠠᠪᠴᠤ ᠥᠪᠡᠷ ᠦ᠋ᠨ ᠤᠷᠠᠩᠬᠠᠢ ᠮᠠᠯᠠᠭᠠᠢ ᠶ᠋ᠢᠨ ᠳᠣᠲᠣᠷ ᠤ᠋ᠨ ᠵᠠᠪᠰᠠᠷ ᠬᠢᠵᠦ ᠭᠡᠷ ᠡᠴᠡ ᠮᠥᠯᠬᠥᠨ ᠭᠠᠷᠴᠤ ᠶᠠᠪᠤᠯ᠎ᠠ᠃

ᠰᠥᠨᠢ ᠳᠤᠮᠳᠠ ᠶ᠋ᠢᠨ ᠬᠢᠷᠢ ᠳ᠋ᠦ᠍ ᠪᠠᠲᠤ ᠬᠠᠭᠠᠨ ᠤ᠋ ᠭᠡᠷ ᠲᠦ᠍ ᠥᠭᠡᠷ᠎ᠡ ᠨᠢᠭᠡ ᠬᠠᠷ᠎ᠠ ᠨᠢᠳᠦ ᠲᠡᠢ᠂ ᠥᠨᠳᠥᠷ ᠨᠠᠷᠢᠬᠠᠨ ᠪᠡᠶ᠎ᠡ ᠲᠡᠢ᠂ ᠥᠷᠭᠡᠨ ᠴᠡᠭᠡᠵᠢ ᠲᠡᠢ᠂ ᠲᠡᠭᠰᠢ ᠰᠢᠯᠤᠭᠤᠨ ᠮᠥᠷᠥ ᠲᠡᠢ ᠪᠥᠭᠡᠳ ᠮᠠᠩᠨᠤᠭ ᠬᠣᠷᠭᠣᠢ ᠪᠠᠷ ᠡᠮᠵᠢᠭᠰᠡᠨ ᠬᠥᠬᠡ ᠴᠠᠮᠪᠠᠨ ᠨᠥᠮᠥᠷᠭᠡ ᠲᠡᠢ ᠵᠠᠯᠠᠭᠤ ᠡᠯᠴᠢ ᠣᠷᠣᠵᠤ ᠢᠷᠡᠮᠡᠭᠴᠡ ᠵᠠᠪᠢᠯᠠᠨ ᠰᠠᠭᠤᠭᠠᠳ ᠭᠡᠷ ᠦ᠋ᠨ ᠳᠣᠲᠣᠷᠠᠬᠢ ᠬᠥᠮᠦᠰ ᠢ᠋ ᠥᠷᠥᠮᠳᠡᠭᠰᠡᠨ ᠬᠤᠷᠴᠠ ᠰᠡᠷᠭᠦᠯᠡᠩ ᠨᠢᠳᠦ ᠪᠡᠷ ᠡᠷᠭᠢᠨ ᠲᠣᠭᠣᠷᠢᠨ ᠬᠠᠷᠠᠵᠤ᠂
— ᠰᠥᠪᠡᠭᠡᠳᠡᠢ ᠪᠠᠭᠠᠲᠤᠷ ᠬᠠᠮᠢᠭ᠎ᠠ ᠪᠠᠢᠨ᠎ᠠ ᠭᠡᠵᠦ ᠠᠰᠠᠭᠤᠪᠠ᠃

ᠬᠣᠨᠢᠨ ᠬᠥᠨᠵᠢᠯᠡ ᠬᠥᠳᠡᠯᠵᠦ ᠲᠡᠭᠦᠨ ᠦ᠌ ᠳᠣᠲᠣᠷ᠎ᠠ ᠠ᠋ᠴᠠ ᠪᠦᠯᠲᠡᠭᠡᠷ ᠨᠢᠳᠦ ᠲᠡᠢ ᠤᠯᠠᠭᠠᠨ ᠴᠢᠷᠠᠢ ᠲᠠᠢ ᠬᠥᠮᠦᠨ ᠥᠨᠳᠡᠢᠵᠦ᠂
— ᠪᠢ ᠴᠢᠮᠠᠲᠤ ᠶᠠᠮᠠᠷ ᠬᠡᠷᠡᠭ ᠲᠡᠢ ᠪᠣᠯᠪᠠ ᠭᠡᠵᠦ ᠠᠰᠠᠭᠤᠬᠤ ᠳ᠋ᠤ᠌ ᠨᠥᠭᠦᠭᠡ ᠡᠯᠴᠢ᠂
— ᠪᠢ ᠴᠢᠮᠠᠲᠤ ᠭᠠᠰᠢᠭᠤᠳᠠᠯ ᠲᠠᠢ ᠮᠡᠳᠡᠭᠡ ᠬᠦᠷᠭᠡᠵᠦ ᠢᠷᠡᠯ᠎ᠡ᠃ ᠥᠴᠦᠬᠡᠨ ᠠᠮᠢ ᠶ᠋ᠢ ᠮᠢᠨᠢ ᠠᠭᠤᠴᠢᠯᠠᠵᠤ ᠬᠠᠢᠷᠠᠯᠠ ᠭᠡᠬᠦ ᠳ᠋ᠦ᠍ᠨᠢ ᠪᠠᠲᠤ ᠬᠠᠭᠠᠨ᠂
— ᠬᠡᠯᠡ᠂ ᠬᠡᠯᠡ ᠭᠡᠵᠦ ᠲᠡᠨᠳᠡ ᠡᠴᠡ ᠳᠤᠤᠭᠠᠷᠪᠠ᠃
— ᠪᠢ ᠭᠦᠶᠦᠭ ᠬᠠᠭᠠᠨ ᠲᠠᠢ ᠠᠭᠤᠯᠵᠠᠬᠤ ᠪᠠᠷ ᠶᠠᠪᠤᠵᠤ ᠪᠠᠢᠭᠠᠳ ᠵᠠᠮ ᠵᠠᠭᠤᠷ᠎ᠠ ᠰᠥᠪᠡᠭᠡᠳᠡᠢ ᠪᠠᠭᠠᠲᠤᠷ ᠤ᠋ᠨ ᠬᠦᠦ ᠵᠣᠷᠢᠭᠲᠤ ᠪᠠᠭᠠᠲᠤᠷ ᠦᠷᠶᠡᠩᠭ᠌ᠾ ᠭᠠᠳᠠᠩ  (ᠤᠷᠢᠶᠠᠩᠬᠠᠶ᠋ᠢᠲᠠᠢ) ᠲᠠᠢ ᠠᠭᠤᠯᠵᠠᠭᠰᠠᠨ ᠳ᠋ᠤ᠌ ᠲᠡᠷᠡ ᠪᠡᠷ ᠳᠥᠷᠪᠡᠨ ᠨᠥᠬᠥᠳ  ᠦ᠋ᠨ ᠬᠠᠮᠲᠤ ᠶᠠᠪᠤᠵᠤ ᠪᠠᠢᠯ᠎ᠠ······
— ᠲᠡᠷᠡ ᠨᠢ ᠶᠢᠰᠦᠭᠦᠯᠡ ᠪᠡᠨ ᠭᠠᠷᠤᠭᠰᠠᠨ ᠰᠢᠦ ᠳ᠋ᠠ ᠭᠡᠵᠦ ᠬᠠᠵᠠᠭᠤ ᠠ᠋ᠴᠠ ᠬᠥᠮᠦᠨ ᠬᠡᠯᠡᠪᠡ᠃
— ᠪᠢᠳᠡ ᠵᠢᠯᠠᠭ᠎ᠠ ᠤᠷᠤᠭᠤᠳᠠᠵᠤ ᠬᠣᠢᠨ᠎ᠠ ᠬᠣᠢᠨ᠎ᠠ ᠠ᠋ᠴᠠ ᠪᠠᠨ ᠴᠤᠪᠤᠷᠠᠨ ᠠᠭᠠᠵᠢᠮ ᠢ᠋ᠶ᠋ᠠᠷ ᠶᠠᠪᠤᠵᠤ ᠪᠠᠢᠲᠠᠯ᠎ᠠ ᠣᠯᠠᠨ ᠲᠣᠭᠠᠨ ᠤ᠋ ᠣᠷᠣᠰ ᠤ᠋ᠳ ᠪᠢᠳᠡᠨ ᠢ᠋ ᠳᠣᠪᠲᠣᠯᠤᠨ ᠳᠠᠭᠠᠷᠢᠯ᠎ᠠ᠃ ᠮᠢᠨᠦ ᠮᠣᠷᠢ ᠨᠠᠳᠠ ᠶ᠋ᠢ ᠠᠪᠴᠤ ᠭᠠᠷᠤᠯ᠎ᠠ᠃ ᠪᠢ ᠮᠣᠷᠢ ᠪᠠᠨ ᠵᠢᠯᠠᠭ᠎ᠠ ᠶ᠋ᠢᠨ ᠡᠷᠭᠢ ᠳᠡᠭᠡᠷ᠎ᠡ ᠬᠦᠯᠢᠵᠦ ᠣᠷᠬᠢᠭᠠᠳ ᠡᠷᠭᠢᠵᠦ ᠵᠢᠯᠠᠭ᠎ᠠ ᠳ᠋ᠤ᠌ ᠣᠷᠣᠵᠤ᠂ ᠠᠯᠠᠭᠳᠠᠭᠰᠠᠨ ᠭᠤᠷᠪᠠᠨ ᠨᠥᠬᠥᠳ ᠢ᠋ ᠣᠯᠵᠤ ᠦᠵᠡᠭᠰᠡᠨ ᠪᠣᠯᠪᠠᠴᠤ ᠴᠢᠨᠦ ᠬᠦᠦ ᠶ᠋ᠢᠨ ᠬᠡᠭᠦᠷ ᠢ᠋ ᠣᠯᠤᠭᠰᠠᠨ ᠦᠭᠡᠢ᠂ ᠲᠡᠭᠦᠨ ᠢ᠋ ᠠᠮᠢᠳᠤ ᠪᠠᠷ ᠣᠯᠵᠠᠯᠠᠨ ᠠᠪᠴᠤ ᠶᠠᠪᠤᠭᠰᠠᠨ ᠨᠢ ᠮᠠᠭᠠᠳ᠂ ᠲᠡᠭᠦᠨ ᠦ᠌ ᠬᠠᠮᠲᠤ ᠵᠠᠯᠠᠭᠤ ᠺᠢᠫᠴᠡᠺ ᠮᠥᠰᠥ᠋ᠺ ᠠᠯᠠᠭ᠎ᠠ ᠪᠣᠯᠤᠯ᠎ᠠ ᠭᠡᠪᠡ᠃ ᠰᠦᠪᠡᠭᠡᠳᠡᠢ ᠪᠠᠭᠠᠲᠤᠷ ᠮᠠᠰᠢ ᠶᠡᠬᠡᠪᠡᠷ ᠭᠠᠰᠢᠭᠤᠳᠠᠨ ᠠᠭᠤᠷᠯᠠᠵᠤ ᠳᠣᠷᠣᠭᠰᠢ ᠪᠠᠨ ᠪᠥᠬᠥᠢᠵᠦ ᠰᠠᠭᠤᠬᠤ ᠳ᠋ᠤᠨᠢ ᠲᠡᠭᠦᠨ ᠦ᠌ ᠴᠢᠷᠠᠢ ᠵᠢᠰᠦ ᠨᠢ ᠬᠠᠪᠤᠳᠤᠭᠰᠠᠨ ᠮᠡᠲᠦ ᠤᠯᠠᠭᠠᠨ ᠪᠣᠯᠵᠤ ᠪᠦᠯᠲᠡᠭᠡᠷ ᠨᠢᠳᠦ ᠨᠢ ᠠᠭᠠᠵᠢᠮ ᠢ᠋ᠶ᠋ᠠᠷ ᠠᠨᠢᠵᠤ ᠥᠴᠦᠬᠡᠨ ᠲᠡᠳᠦᠢ ᠵᠣᠷᠪᠤᠳᠠᠰᠤ ᠪᠣᠯᠬᠤ ᠶ᠋ᠢᠨ ᠰᠠᠴᠠᠭᠤ ᠦᠷᠴᠢᠭᠢᠷ ᠬᠠᠴᠠᠷ ᠤ᠋ᠨ ᠳᠡᠭᠡᠭᠦᠷ ᠭᠠᠭᠴᠠ ᠬᠣᠶᠠᠷ ᠥᠨᠥᠴᠢᠨ ᠨᠢᠯᠪᠤᠰᠤ ᠪᠥᠮᠪᠥᠷᠢᠯ᠎ᠡ᠃

  ᠦᠰᠦᠭ ᠠᠮᠢᠯᠠᠭᠤᠯᠤᠭᠴᠢ᠄ ᠭᠡᠷᠡᠯ᠂ ᠠᠯᠲᠠᠨᠴᠢᠮᠡᠭ᠂ ᠬᠡᠷᠡᠢᠳ· ᠮᠥᠩᠬᠡᠨᠠᠰᠤᠨ᠂ ᠵᠢᠩᠯᠢᠬᠤᠸᠠᠷ᠂ ᠠᠯᠲᠠᠨᠴᠡᠴᠡᠭ
  ᠬᠢᠨᠠᠭᠴᠢ᠄ ᠪᠠᠯ᠂ ᠪᠠᠶᠠᠨᠴᠡᠴᠡᠭ᠂ ᠭᠡᠷᠡᠯ᠂ ᠲ· ᠬᠦᠮᠦᠵᠢᠯᠲᠦ᠂ ᠠᠯᠲᠠᠨᠴᠢᠮᠡᠭ᠂ ᠠᠷᠢᠭᠤᠨ