ᠪᠠᠲᠤ ᠬᠠᠭᠠᠨ 4-08ᠨᠠᠢ᠍ᠮᠠ ᠵᠡᠷᠯᠢᠭ ᠲᠠᠯ᠎ᠠ ᠳ᠋ᠠᠬᠢ ᠴᠣᠬᠢᠯᠲᠠ-ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ-Bat khaan Бат хаан-ᠷᠣᠮᠠᠨ
ᠨᠠᠢ᠍ᠮᠠ ᠵᠡᠷᠯᠢᠭ ᠲᠠᠯ᠎ᠠ ᠳ᠋ᠠᠬᠢ ᠴᠣᠬᠢᠯᠲᠠ
᠁ ᠬᠣᠭᠣᠰᠣᠨ ᠲᠠᠯ᠎ᠠ ᠳ᠋ᠤ᠌ ᠡᠪᠡᠰᠦ ᠰᠢᠷᠣᠢ ᠴᠠᠰᠤ ᠪᠠ ᠮᠥᠰᠥᠨ ᠳᠡᠭᠡᠷ᠎ᠡ ᠬᠥᠯᠲᠡᠨ ᠬᠡᠪᠲᠡᠵᠡᠭᠡᠵᠦ᠂ ᠦᠢ ᠣᠯᠠᠨ ᠠᠷᠢᠶᠠᠲᠠᠨ ᠵᠢᠭᠦᠷᠲᠡᠨ ᠳ᠋ᠤ᠌ ᠢᠳᠡᠭᠦᠯᠵᠦ ᠬᠡᠨ ᠦ᠌ ᠴᠦ᠍ ᠬᠠᠢᠷ᠎ᠠ ᠶ᠋ᠢ ᠦᠵᠡᠯ ᠦᠭᠡᠢ ᠪᠦᠭᠦᠳᠡᠭᠡᠷ ᠢ᠋ᠶ᠋ᠡᠨ ᠬᠠᠮᠲᠤ ᠬᠡᠪᠲᠡᠵᠦ ᠨᠢᠭᠡᠨ ᠦᠬᠦᠯ ᠤ᠋ᠨ ᠠᠶᠠᠭᠠᠨ ᠠ᠋ᠴᠠ ᠤᠮᠳᠠᠭᠠᠯᠠᠨ ᠨᠥᠭᠴᠢᠵᠡᠢ᠃
(ᠪᠠᠲᠤ ᠬᠠᠭᠠᠨ ᠤ᠋ ᠲᠤᠬᠠᠢ ᠠᠷᠪᠠᠨ ᠭᠤᠷᠪᠠᠳᠤᠭᠠᠷ ᠵᠠᠭᠤᠨ ᠤ᠋ ᠦᠶ᠎ᠡ ᠳ᠋ᠦ᠍ ᠪᠢᠴᠢᠭᠰᠡᠨ ᠵᠣᠬᠢᠶᠠᠯ ᠠ᠋ᠴᠠ) ᠦᠷ ᠴᠠᠢᠬᠤ ᠦᠶ᠎ᠡ ᠳ᠋ᠦ᠍ ᠴᠡᠷᠢᠭ ᠦ᠋ᠨ ᠬᠣᠷᠢᠶ᠎ᠠ ᠨᠤᠭᠤᠳ ᠪᠡᠯᠡᠬᠡᠨ ᠪᠣᠯᠵᠠᠢ᠃ ᠴᠡᠷᠢᠭ ᠦ᠋ᠳ ᠴᠠᠰᠤᠨ ᠳᠣᠲᠣᠷ᠎ᠠ ᠤᠨᠲᠠᠵᠠᠢ᠃ ᠲᠦᠳᠡᠭ ᠭᠠᠯ ᠤ᠋ᠳ ᠊ᠢ ᠠᠰᠠᠭᠠᠭᠰᠠᠨ ᠦᠭᠡᠢ᠂ ᠰᠢᠭᠤᠷᠭ᠎ᠠ ᠨᠠᠮᠵᠢᠵᠤ ᠴᠠᠰᠤ ᠨᠢ ᠲᠣᠮᠣ ᠲᠣᠮᠣ ᠰᠢᠷᠬᠡᠭ ᠲᠡᠢ ᠪᠡᠷ ᠪᠠᠭᠤᠨ᠎ᠠ᠃ ᠬᠥᠪᠡᠭᠡᠨ ᠦ᠌ ᠴᠠᠭᠠᠨ᠎ᠠ ᠠ᠋ᠴᠠ ᠲᠩᠷᠢ ᠤᠯᠠᠢᠬᠤ ᠳ᠋ᠤ᠌ ᠪᠠᠢᠯᠳᠤᠭᠴᠢᠳ ᠪᠣᠰᠴᠤ ᠴᠠᠰᠤ ᠪᠠᠨ ᠭᠦᠪᠢᠭᠡᠳ ᠪᠣᠷᠣᠣᠬᠠᠢ ᠪᠠ ᠵᠢᠳᠠ ᠪᠠᠨ ᠠᠪᠴᠠᠭᠠᠪᠠ᠃ ᠬᠦ᠋ ᠬᠤᠶᠠᠭ ᠲᠠᠢ ᠨᠢ ᠬᠤᠶᠠᠭ ᠢ᠋ᠶ᠋ᠠᠨ ᠡᠮᠦᠰᠪᠡ᠃ ᠸᠠᠩ ᠶᠦᠷᠢ ᠢᠩᠬᠸᠡᠷᠸᠸᠢᠴ ᠬᠣᠷᠢᠶ᠎ᠠ ᠨᠤᠭᠤᠳ ᠤ᠋ᠨ ᠡᠮᠦᠨᠡᠭᠦᠷ ᠮᠣᠷᠢ ᠲᠠᠢ ᠪᠠᠨ ᠶᠠᠪᠤᠵᠤ ᠥᠩᠭᠡᠷᠡᠪᠡ᠃ ᠪᠠᠢᠯᠳᠤᠭᠴᠢᠳ ᠮᠥᠷᠥ ᠮᠥᠷᠥ ᠪᠡᠷ ᠢ᠋ᠶ᠋ᠡᠨ ᠵᠡᠷᠭᠡᠯᠡᠨ ᠵᠣᠭᠰᠣᠵᠠᠢ᠃ ᠲᠤᠩᠭᠠᠯᠠᠭ ᠠᠭᠠᠷ ᠤ᠋ᠨ ᠳᠣᠲᠣᠷ᠎ᠠ ᠸᠠᠩ ᠤ᠋ᠨ ᠬᠡᠯᠡᠬᠦ ᠦᠭᠡ ᠲᠣᠳᠣᠬᠠᠨ ᠰᠣᠨᠣᠰᠳᠠᠨ᠎ᠠ᠃
— ᠠᠬ᠎ᠠ ᠳᠡᠭᠦᠦ ᠨᠠᠷ ᠠ᠋! ᠡᠷᠡᠯᠬᠡᠭ ᠪᠠᠢᠯᠳᠤᠭᠴᠢᠳ ᠠ᠋! ᠷᠶᠠᠽᠠᠨ ᠤ᠋ ᠡᠷᠡᠯᠬᠡᠭ ᠴᠢᠳᠠᠯᠲᠠᠨ! ᠪᠡᠯᠡᠬᠡᠨ ᠪᠣᠯᠤᠭᠲᠤᠨ! ᠬᠣᠣᠷᠲᠠᠨ ᠳᠠᠢᠰᠤᠨ ᠮᠡᠰᠡ ᠪᠠᠷᠢᠵᠤ ᠣᠷᠣᠰ ᠤ᠋ᠨ ᠨᠤᠲᠤᠭ ᠲᠤ᠌ ᠢᠷᠡᠯ᠎ᠡ᠃ ᠪᠢᠳᠡᠨ ᠦ᠌ ᠡᠷᠬᠡ ᠴᠢᠯᠥᠭᠡᠨ ᠳ᠋ᠦ᠍ ᠬᠥᠮᠦᠨ ᠤ᠋ ᠭᠠᠷ ᠬᠠᠯᠲᠠᠯ᠎ᠠ᠃ ᠪᠠᠢᠯᠳᠤᠭᠠᠨ ᠳ᠋ᠤ᠌ ᠪᠡᠯᠡᠬᠡᠨ ᠪᠣᠯᠤᠭᠲᠤᠨ! ᠡᠩ ᠦ᠋ᠨ ᠠᠮᠤᠭᠤᠯᠠᠩ ᠲᠠᠢᠪᠤᠩ ᠠᠮᠢᠳᠤᠷᠠᠯ ᠢ᠋ ᠲᠦᠢᠪᠡᠭᠡᠵᠦ ᠮᠡᠬᠡᠲᠦ ᠳᠠᠢᠰᠤᠨ ᠶᠠᠭᠤᠨ ᠳ᠋ᠤ᠌ ᠪᠢᠳᠡᠨ ᠳ᠋ᠦ᠍ ᠬᠠᠯᠳᠠᠬᠤ ᠪᠠᠷ ᠢᠷᠡᠪᠡ?
ᠺᠢᠫᠴᠡᠺ ᠦ᠋ᠨ ᠪᠦᠬᠦ ᠭᠠᠵᠠᠷ ᠢ᠋ ᠲᠡᠳᠡ ᠡᠵᠡᠯᠡᠵᠦ ᠪᠠᠢᠭ᠎ᠠ ᠠᠲᠠᠯ᠎ᠠ ᠪᠠᠰᠠ ᠶᠠᠭᠤ ᠪᠠᠨ ᠪᠢᠳᠡᠨ ᠡᠴᠡ ᠲᠡᠭᠡᠷᠮᠡᠳᠡᠬᠦ ᠭᠡᠰᠡᠨ ᠪᠢᠯᠡ᠃ ᠭᠠᠯ ᠮᠡᠰᠡ ᠶ᠋ᠢ ᠮᠠᠨ ᠤ᠋ ᠭᠠᠵᠠᠷ ᠳᠡᠭᠡᠷ᠎ᠡ ᠳᠡᠭᠳᠡᠭᠡᠬᠦ ᠶ᠋ᠢ ᠤᠷᠤᠯᠳᠤᠵᠤ ᠪᠠᠢᠨ᠎ᠠ᠃ ᠮᠠᠭᠤᠬᠠᠢ ᠮᠣᠩᠭᠣᠯᠴᠤᠳ ᠳᠣᠪᠲᠣᠯᠵᠤ ᠢᠷᠡᠪᠡᠯ ᠡᠷᠬᠡ ᠴᠢᠯᠥᠭᠡᠲᠦ ᠷᠶᠠᠽᠠᠨ ᠳ᠋ᠦ᠍ ᠪᠦᠲᠦᠨ ᠴᠢᠯᠠᠭᠤᠴᠤ ᠦᠯᠡᠳᠡᠬᠦ ᠦᠭᠡᠢ ᠪᠣᠯᠤᠨ᠎ᠠ᠃ ᠲᠠᠨᠠᠷ ᠤ᠋ᠨ ᠡᠷᠡᠯᠬᠡᠭ ᠡᠴᠡ ᠲᠥᠷᠥᠭᠰᠡᠨ ᠬᠣᠲᠠ ᠣᠷᠣᠨ᠂ᠮᠠᠨ ᠤ᠋ ᠠᠢᠯ ᠲᠣᠰᠬᠣᠨ᠂ ᠭᠠᠵᠠᠷ ᠲᠠᠷᠢᠶ᠎ᠠ᠂ ᠬᠠᠢᠷᠠᠲᠤ ᠦᠷ᠎ᠡ ᠬᠡᠦᠬᠡᠳ᠂ ᠡᠬᠡᠨᠡᠷ᠂ ᠡᠴᠢᠭᠡ ᠡᠬᠡ ᠶ᠋ᠢᠨ ᠵᠣᠯ ᠵᠠᠶᠠᠭ᠎ᠠ ᠶ᠋ᠢ ᠲᠠᠨᠠᠷ ᠣᠳᠣ ᠰᠢᠢᠳᠪᠦᠷᠢᠯᠡᠨ᠎ᠡ᠃ ᠲᠣᠭᠰᠢᠨ ᠳᠠᠢᠰᠤᠨ ᠠᠯᠭᠤᠷᠯᠠᠬᠤ ᠦᠭᠡᠢ ᠪᠠᠢᠨ᠎ᠠ᠃ ᠲᠡᠷᠡ ᠲᠦᠢᠮᠡᠷ ᠦ᠋ᠨ ᠭᠠᠯ ᠳ᠋ᠤ᠌ ᠳᠤᠯᠠᠭᠠᠴᠠᠵᠤ ᠪᠢᠳᠡᠨ ᠦ᠌ ᠪᠠᠶᠠᠯᠢᠭ ᠢ᠋ ᠢᠳᠡᠵᠦ ᠤᠤᠭᠤᠬᠤ ᠭᠡᠵᠦ ᠷᠶᠠᠽᠠᠨ ᠦ᠌ ᠤᠷᠤᠭᠤ ᠶᠠᠭᠠᠷᠠᠨ ᠢᠷᠡᠵᠦ ᠶᠠᠪᠤᠨ᠎ᠠ᠃ ᠳᠠᠢᠰᠤᠨ ᠡᠨᠳᠡ ᠲᠠᠨᠠᠷ ᠤ᠋ᠨ ᠡᠮᠦᠨ᠎ᠡ ᠪᠠᠶ᠋ᠢᠨ᠎ᠠ᠃ᠤᠳᠠᠬᠤ ᠦᠭᠡᠢ ᠲᠤᠯᠤᠯᠳᠤᠭᠠᠨ ᠡᠬᠢᠯᠡᠨ᠎ᠡ᠃ ᠳᠠᠢᠰᠤᠨ ᠤ᠋ ᠡᠮᠦᠨ᠎ᠡ ᠪᠦᠦ ᠤᠬᠤᠷᠢᠭᠲᠤᠨ!᠁ ᠪᠢ ᠲᠠᠨᠠᠷ ᠤ᠋ᠨ ᠠᠬ᠎ᠠ᠂ ᠲᠠᠨᠠᠷ ᠤ᠋ᠨ ᠲᠦᠷᠦᠭᠦᠨ ᠳ᠋ᠤ᠌ ᠶᠠᠪᠤᠵᠤ ᠦᠬᠦᠯ ᠢ᠋ ᠠᠮᠰᠠᠶ᠎ᠠ᠃
ᠡᠴᠢᠭᠡ ᠢᠩᠭᠧᠡᠷᠧᠸᠢᠴ ᠰᠧᠶᠡᠲ᠋ᠤᠰᠯᠡᠸᠢᠴ ᠤ᠋ᠨ ᠴᠢᠯᠥᠭᠡᠲᠦ ᠨᠤᠲᠤᠭ ᠤ᠋ᠨ ᠲᠥᠯᠥᠭᠡ ᠠᠮᠢ ᠪᠡᠶ᠎ᠡ ᠪᠡᠨ ᠬᠠᠶ᠋ᠢᠷᠠᠯᠠᠬᠤ ᠦᠭᠡᠢ ᠲᠤᠯᠤᠯᠳᠤᠶ᠎ᠠ᠃
ᠸᠠᠩ ᠤ᠋ᠨ ᠴᠢᠷᠠᠢ ᠪᠠᠷᠤᠭᠠᠷ ᠪᠠ ᠬᠥᠮᠥᠰᠬᠡ ᠨᠢ ᠪᠠᠶ᠋ᠢᠨ ᠪᠠᠶ᠋ᠢᠨ ᠵᠠᠩᠭᠢᠷᠠᠵᠤ ᠬᠤᠷᠴᠠ ᠨᠢᠳᠦ ᠨᠢ ᠮᠣᠬᠣᠰᠢ ᠦᠭᠡᠢ ᠵᠣᠷᠢᠭ ᠤ᠋ᠨ ᠣᠴᠢ ᠪᠠᠷ ᠭᠢᠯᠠᠯᠵᠠᠵᠤ ᠰᠡᠯᠡᠮ᠎ᠡ ᠶ᠋ᠢᠨ ᠪᠠᠷᠢᠭᠤᠯ ᠊ᠢ ᠴᠢᠩᠭ᠎ᠠ ᠠᠳᠬᠤᠭᠠᠳ᠂ ᠲᠡᠰᠬᠢᠮ᠎ᠡ ᠬᠦᠢᠲᠡᠨ ᠳ᠋ᠦ ᠲᠣᠭᠲᠠᠵᠤ ᠶᠠᠳᠠᠲᠠᠯ᠎ᠠ ᠰᠣᠶ᠋ᠢᠬᠳᠠᠭᠰᠠᠨ ᠬᠡᠭᠡᠷ ᠮᠣᠷᠢᠨ ᠤ᠋ ᠴᠤᠯᠪᠤᠭᠤᠷ ᠊ᠢ ᠬᠠᠨᠲᠠᠷᠤᠨᠠ᠃
— ᠤᠬᠤᠷᠢᠯᠲᠠ ᠦᠭᠡᠢ ᠵᠣᠭᠰᠣᠨ᠎ᠠ᠂ ᠰᠠᠨᠠᠭ᠎ᠠ ᠪᠠᠨ ᠪᠤᠤ ᠵᠣᠪᠠ᠃ ᠬᠡᠷᠪᠡ ᠪᠢᠳᠡ ᠤᠬᠤᠷᠢᠪᠠᠯ ᠤᠺᠠ ᠭᠣᠣᠯ ᠭᠡᠳᠡᠷᠭᠦ ᠤᠷᠤᠰᠬᠤ ᠪᠣᠯᠤᠨ᠎ᠠ ᠭᠡᠵᠡᠢ᠃ ᠴᠡᠷᠢᠭ ᠦ᠋ᠳ ᠣᠭᠵᠣᠮᠬᠠᠨ ᠬᠠᠰᠬᠢᠷᠤᠯᠳᠤᠨ ᠬᠠᠷᠢᠭᠤᠯᠤᠨ ᠮᠢᠩᠭ᠎ᠠ ᠪᠣᠯᠤᠨ ᠵᠠᠭᠤᠲᠤ ᠶ᠋ᠢᠨ ᠳᠠᠷᠤᠭ᠎ᠠ ᠨᠠᠷ ᠥᠪᠡᠷᠰᠡᠳ ᠦ᠋ᠨ ᠤᠲ᠋ᠷᠢᠶᠠᠳ᠋ ᠤ᠋ᠨ ᠡᠩᠨᠡᠭᠡ ᠶ᠋ᠢ ᠲᠣᠭᠣᠷᠢᠨ ᠶᠠᠪᠤᠵᠤ ᠤᠬᠠᠭᠤᠯᠤᠭᠰᠠᠨ ᠨᠢ᠄
— ᠪᠢᠳᠡ ᠨᠠᠷ ᠵᠠᠨᠤᠯᠲᠤ ᠮᠣᠩᠭᠣᠯᠴᠤᠳ ᠊ᠢ ᠤᠭᠲᠤᠵᠤ ᠣᠴᠢᠨ᠎ᠠ᠃ ᠳᠤᠮᠳᠠᠭᠤᠷ ᠨᠢ ᠰᠡᠳᠡ ᠴᠣᠬᠢᠵᠤ ᠣᠷᠣᠭᠠᠳ ᠬᠣᠶᠠᠷ ᠬᠡᠰᠡᠭ ᠪᠣᠯᠭᠠᠨ ᠬᠤᠪᠢᠶᠠᠨ᠎ᠠ᠃ ᠨᠢᠭᠡᠨ ᠵᠢᠭᠦᠷ ᠊ᠢ ᠪᠤᠲᠠ ᠴᠣᠬᠢᠭᠠᠳ ᠨᠥᠭᠥᠭᠡ ᠵᠢᠭᠦᠷ ᠊ᠢ ᠳᠣᠪᠲᠣᠯᠤᠨ᠎ᠠ᠃ ᠰᠠᠭᠤᠷᠢ ᠲᠠᠢ ᠪᠠᠶ᠋ᠢᠬᠤ ᠬᠡᠷᠡᠭᠲᠡᠢ᠃ ᠮᠣᠩᠭᠣᠯᠴᠤᠳ ᠮᠡᠬᠡ ᠲᠡᠢ ᠰᠢᠦ᠃ ᠲᠡᠳᠡ ᠨᠠᠷ ᠲᠤ᠌ ᠬᠥᠭᠰᠢᠨ ᠴᠢᠨᠣ᠎ᠠ ᠶ᠋ᠢᠨ ᠮᠡᠬᠡ ᠪᠤᠢ᠃ ᠲᠡᠳᠡ ᠪᠠᠷᠤᠭᠲᠠᠢ ᠪᠣᠯ ᠰᠡᠭᠦᠯ ᠶ᠋ᠢᠡᠨ ᠬᠠᠪᠴᠢᠵᠤ ᠬᠥᠭᠡᠭᠡᠭᠳᠡᠬᠦ ᠮᠡᠳᠡᠬᠦ (ᠮᠡᠲᠦ) ᠵᠢᠭᠤᠲᠠᠨ᠎ᠠ᠃ ᠲᠡᠷᠡ ᠪᠣᠯ ᠮᠠᠨ ᠤ᠋ ᠴᠡᠷᠢᠭ ᠊ᠢ ᠳᠠᠭᠠᠭᠤᠯᠵᠤ ᠥᠪᠡᠷ ᠦ᠋ᠨ ᠬᠦᠴᠦᠨ ᠳᠡᠭᠡᠷ᠎ᠡ ᠰᠠᠷᠨᠢᠭᠤᠯᠤᠨ ᠣᠷᠣᠭᠤᠯᠬᠤ ᠠᠷᠭ᠎ᠠ ᠪᠣᠯᠤᠨ᠎ᠠ᠃ ᠲᠡᠳᠡᠨ ᠊ᠢ ᠪᠤᠤ ᠢᠲᠡᠭᠡ! ᠪᠤᠤ ᠬᠥᠭᠡᠭᠡᠭᠲᠦᠨ! ᠢᠩᠭᠢᠵᠦ ᠮᠥᠷᠥ ᠮᠥᠷᠥ ᠪᠡᠨ ᠵᠡᠷᠭᠡᠯᠡᠨ ᠡᠪᠲᠡᠢ ᠵᠣᠭᠰᠣᠵᠠᠭᠠᠵᠤ ᠬᠣᠶᠠᠳᠤᠭᠠᠷ ᠴᠣᠬᠢᠯᠲᠠ ᠶ᠋ᠢ ᠬᠦᠯᠢᠶᠡᠬᠦ ᠬᠡᠷᠡᠭᠲᠡᠢ᠂ ᠢᠩᠭᠢᠵᠦ ᠪᠢᠳᠡ ᠮᠣᠩᠭᠣᠯᠴᠤᠳ ᠊ᠢ ᠲᠠᠶ᠋ᠢᠯᠤᠨᠠ ᠭᠡᠪᠡ᠃ ᠴᠠᠰᠤ ᠪᠣᠯᠤᠭᠰᠠᠨ ᠪᠠᠶ᠋ᠢᠯᠳᠤᠭᠴᠢᠳ ᠲᠠᠶ᠋ᠢᠪᠤᠩ ᠪᠠ ᠵᠣᠷᠢᠬᠲᠠᠢ ᠪᠠᠷ ᠵᠢᠳᠠ ᠪᠣᠷᠣᠣᠬᠠᠢ ᠰᠢᠳᠠᠮ ᠶ᠋ᠢᠠᠨ ᠪᠠᠷᠢᠵᠤ ᠵᠣᠭᠰᠣᠵᠤ ᠰᠣᠨᠣᠰᠤᠨ᠎ᠠ᠃ ᠡᠳᠡᠨ ᠤ᠋ ᠴᠠᠭ ᠤ᠋ᠨ ᠪᠠᠶ᠋ᠢᠳᠠᠯ ᠪᠠ ᠣᠯᠠᠨ ᠵᠢᠯ ᠦ᠋ᠨ ᠡᠲ᠌ᠯᠡᠭᠡᠨ ᠡᠴᠡ ᠪᠣᠯᠵᠤ ᠬᠠᠷᠠᠯᠠᠴᠢᠬᠠᠭᠰᠠᠨ ᠦᠰᠦᠲᠡᠢ ᠪᠣᠭᠣᠨᠢ ᠳᠡᠪᠡᠯ᠂ ᠨᠠᠷᠢᠨ ᠰᠤᠷ ᠤ᠋ᠨ ᠪᠥᠰᠡᠨ ᠡᠴᠡ ᠮᠣᠳᠣᠨ ᠬᠤᠢ ᠲᠠᠢ ᠬᠢᠲᠤᠭ᠎ᠠ ᠵᠡᠭᠦᠭᠰᠡᠨ ᠪᠠ ᠡᠪᠦᠳᠦᠭ ᠲᠤᠯᠲᠠᠯ᠎ᠠ ᠲᠠᠲᠠᠭᠰᠠᠨ ᠦᠰᠦᠲᠡᠢ ᠪᠣᠶ᠋ᠢᠲᠣᠭ ᠲᠠᠢ᠂ ᠡᠨᠡ ᠬᠤᠪᠴᠠᠰᠤ ᠬᠡᠷᠡᠭᠰᠡᠯ ᠴᠥᠮ ᠲᠡᠳᠡᠨ ᠤ᠋ ᠶᠠᠳᠠᠭᠤ ᠠᠮᠢᠳᠤᠷᠠᠯ᠂ ᠠᠵᠢᠯ ᠤ᠋ᠨ ᠬᠦᠨᠳᠦ ᠶ᠋ᠢ ᠦᠵᠡᠭᠦᠯᠦᠨ᠎ᠡ᠃ ᠡᠳᠡ ᠨᠠᠷ ᠷᠶᠨᠽᠡᠨ ᠤ᠋ ᠭᠠᠵᠠᠷ ᠊ᠢ ᠬᠠᠮᠠᠭᠠᠯᠠᠬᠤ ᠪᠠᠷ ᠬᠥᠳᠡᠯᠦᠯ᠎ᠡ᠃ ᠡᠳᠡᠨᠡᠷ ᠡᠨᠳᠡ ᠪᠡᠨ ᠤᠨᠠᠪᠠᠴᠤ᠂ ᠠᠷᠤ ᠳ᠋ᠠᠭᠠᠨ ᠬᠣᠴᠣᠷᠤᠭᠰᠠᠨ ᠣᠷᠣᠨ ᠪᠠᠶ᠋ᠢᠰᠢᠩ ᠳ᠋ᠠᠭᠠᠨ ᠳᠠᠶ᠋ᠢᠰᠤᠨ ᠊ᠢ ᠣᠷᠣᠭᠤᠯᠬᠤ ᠦᠭᠡᠢ᠂ ᠴᠡᠷᠢᠭ ᠦ᠋ᠳ ᠠᠭᠠᠵᠢᠮ ᠶ᠋ᠢᠠᠷ ᠤᠷᠤᠭᠰᠢ ᠬᠥᠳᠡᠯᠵᠦ ᠳᠣᠪᠣ ᠶ᠋ᠢᠨ ᠬᠢᠷ᠎ᠠ ᠥᠭᠡᠳᠡ ᠠᠪᠠᠷᠢᠨ ᠠᠯᠬᠤᠯᠠᠨ᠎ᠠ᠃ ᠶᠠᠪᠤᠬᠤ ᠳ᠋ᠤ᠌ ᠪᠡᠷᠬᠡᠲᠡᠢ ᠪᠥᠭᠡᠳ ᠰᠢᠭᠤᠷᠭ᠎ᠠ ᠡᠪᠦᠳᠦᠭ ᠲᠤᠯᠤᠮ᠎ᠠ ᠴᠠᠰᠤᠨ ᠬᠥᠷ ᠣᠪᠣᠭᠠᠯᠠᠵᠠᠢ᠃
ᠬᠢᠷ᠎ᠠ ᠳᠡᠭᠡᠷ᠎ᠡ ᠲᠦᠷᠦᠭᠦᠴᠢ ᠶ᠋ᠢᠨ ᠡᠩᠨᠡᠭᠡ ᠭᠠᠷᠤᠭᠠᠳ ᠵᠣᠭᠰᠣᠪᠠ᠃
ᠭᠡᠨᠡᠳᠲᠡ ᠂
—ᠣᠷᠣᠰ ᠤ᠋ᠳ! ᠣᠷᠣᠰ ᠤ᠋ᠳ! ᠭᠡᠵᠦ ᠴᠣᠴᠢᠮᠠᠭ ᠬᠠᠰᠬᠢᠷᠬᠤ ᠳᠠᠭᠤᠨ ᠣᠷᠴᠢᠨ ᠲᠣᠭᠣᠷᠢᠨ ᠤ᠋ ᠨᠠᠮ ᠬᠥᠮ ᠢ᠋ ᠬᠠᠭᠠᠯᠤᠯ᠎ᠠ᠃ ᠡᠨᠡ ᠨᠢ ᠷᠠᠲ᠋ᠢᠪᠣᠷ ᠤ᠋ᠨ ᠳᠡᠷᠭᠡᠳᠡ ᠬᠦᠯᠢᠶᠡᠰᠦᠲᠡᠢ ᠶᠠᠪᠤᠭ᠎ᠠ ᠣᠯᠵᠠᠯᠠᠭᠳᠠᠭᠰᠠᠨ ᠬᠣᠶᠠᠷ ᠴᠡᠷᠢᠭ ᠪᠦᠬᠦ ᠴᠢᠳᠠᠯ ᠢ᠋ᠶ᠋ᠠᠷ ᠢ᠋ᠶ᠋ᠠᠨ ᠪᠠᠷᠬᠢᠷᠠᠵᠤ᠂ ᠥᠪᠡᠷᠰᠡᠳ ᠦ᠋ᠨ ᠲᠠᠯ᠎ᠠ ᠳ᠋ᠠᠭᠠᠨ ᠮᠡᠳᠡᠭᠡ ᠥᠭᠬᠦ ᠶ᠋ᠢ ᠣᠷᠣᠯᠳᠣᠭᠰᠠᠨ ᠠᠵᠢ᠃
ᠢᠩᠭᠢᠵᠦ ᠬᠠᠰᠬᠢᠷᠬᠤ ᠳᠠᠭᠤᠨ ᠡᠮᠦᠨ᠎ᠡ ᠲᠠᠯ᠎ᠠ ᠳ᠋ᠤ᠌᠂ ᠪᠠᠷᠭᠠᠳ ᠪᠠ ᠵᠡᠭᠦᠨ ᠲᠠᠯ᠎ᠠ ᠠ᠋ᠴᠠ ᠰᠣᠨᠣᠰᠳᠠᠵᠤ᠂ ᠳᠠᠮᠵᠢᠭᠤᠯᠤᠭᠳᠠᠨ ᠤᠯᠠᠮᠵᠢᠯᠠᠭᠰᠠᠭᠠᠷ ᠠᠯᠤᠰ ᠲᠤ᠌ ᠬᠦᠷᠲᠡᠯ᠎ᠡ ᠦᠷᠭᠦᠯᠵᠢᠯᠡᠨ᠎ᠡ᠃ ᠭᠦᠨ ᠴᠠᠰᠤ ᠪᠠᠷ ᠪᠦᠷᠬᠦᠭᠳᠡᠭᠰᠡᠨ ᠬᠣᠭᠣᠰᠣᠨ ᠲᠠᠯ᠎ᠠ ᠭᠠᠵᠠᠷ ᠭᠡᠨᠡᠳᠲᠡ ᠬᠥᠳᠡᠯᠭᠡᠭᠡᠨ ᠣᠷᠣᠯ᠎ᠠ᠃ ᠴᠠᠰᠤᠨ ᠳᠣᠲᠣᠷ᠎ᠠ ᠠ᠋ᠴᠠ ᠬᠠᠷ᠎ᠠ ᠳᠦᠷᠰᠦ ᠨᠤᠭᠦᠳ ᠪᠣᠰᠴᠤ ᠪᠠᠷᠬᠢᠷᠠᠯᠳᠤᠬᠤ ᠰᠣᠨᠣᠰᠳᠠᠨ ᠤᠤᠬᠠᠢᠯᠠᠬᠤ ᠣᠯᠠᠨ ᠬᠥᠮᠦᠰ ᠪᠠ ᠮᠣᠷᠢᠨ ᠤ᠋ ᠲᠦᠪᠦᠷᠭᠡᠨ ᠴᠠᠰᠤᠲᠤ ᠲᠠᠯ᠎ᠠ ᠳ᠋ᠤ᠌ ᠤᠯᠠᠮ ᠪᠦᠷ ᠴᠢᠨᠠᠭᠰᠢᠯᠠᠨ ᠴᠤᠤᠷᠢᠶᠠᠲᠤᠭᠰᠠᠭᠠᠷ᠂ ᠥᠷᠯᠥᠭᠡ ᠶ᠋ᠢᠨ ᠪᠤᠳᠠᠩ ᠮᠠᠨᠠᠨ ᠳ᠋ᠤ᠌ ᠵᠠᠮᠬᠠᠷᠠᠨ᠎ᠠ᠃ ᠣᠯᠠᠨ ᠬᠥᠮᠦᠨ ᠦ᠌ ᠳᠠᠭᠤ ᠲᠠᠰᠤᠷᠠᠵᠤ ᠭᠠᠭᠴᠠ ᠨᠢᠭᠡᠨ ᠬᠥᠮᠦᠨ ᠤ᠋ ᠬᠠᠰᠬᠢᠷᠬᠤ ᠰᠣᠨᠣᠰᠳᠠᠭᠰᠠᠭᠠᠷ ᠤᠳᠠᠯ ᠦᠭᠡᠢ ᠪᠦᠭᠦᠳᠡᠭᠡᠷ ᠢ᠋ᠶ᠋ᠠᠨ ᠠᠯᠠᠭ᠎ᠠ ᠪᠣᠯᠤᠯ᠎ᠠ᠃
—ᠵᠠ ᠲᠠᠲ᠋ᠠᠷ ᠤ᠋ᠳ! ᠵᠠ ᠵᠠᠨᠤᠯᠲᠤ ᠮᠣᠩᠭᠣᠯᠴᠤᠳ ᠠ᠋! ᠡᠳᠡ ᠨᠠᠷ ᠶᠠᠭᠤᠨ ᠳ᠋ᠤ᠌ ᠵᠢᠭᠤᠲᠠᠪᠠ? ᠪᠢᠳᠡᠨ ᠡᠴᠡ ᠠᠶᠤᠪᠠᠤ? ᠡᠰᠡᠪᠡᠯ ᠪᠢᠳᠡᠨ ᠢ᠋ ᠡᠳᠦᠵᠦ (ᠥᠳᠥᠭᠡᠵᠦ) ᠪᠠᠢᠨ᠎ᠠ ᠤᠤ? ᠪᠢᠳᠡᠨ ᠢ᠋ ᠭᠡᠨᠡᠳᠡᠭᠦᠯᠵᠦ
ᠴᠢᠳᠠᠬᠤ ᠦᠭᠡᠢ ᠭᠡᠵᠦ ᠴᠡᠷᠢᠭ ᠦ᠋ᠳ ᠶᠠᠷᠢᠯᠴᠠᠪᠠ᠃ ᠵᠠᠭᠤᠲᠤ ᠶ᠋ᠢᠨ ᠳᠠᠷᠤᠭ᠎ᠠ ᠨᠠᠷ ᠪᠠᠢᠯᠳᠤᠭᠴᠢᠳ ᠢ᠋
ᠲᠠᠢᠳᠬᠤᠷᠠᠭᠤᠯᠵᠤ
ᠰᠣᠨᠳᠤᠤᠯᠠ ᠨᠤᠭᠤᠳ ᠤ᠋ᠨ ᠠᠷᠤ ᠳ᠋ᠤ᠌᠂ ᠬᠠᠮᠢᠭ᠎ᠠ ᠨᠢᠭᠤᠭᠳᠠᠨ ᠬᠡᠪᠲᠡᠬᠦ ᠪᠠᠢᠷᠢ ᠶ᠋ᠢ ᠵᠢᠭᠠᠵᠤ ᠥᠭᠭᠦᠨ᠎ᠡ᠃ ᠣᠷᠣᠰ ᠤ᠋ᠨ ᠴᠡᠷᠢᠭ ᠦ᠋ᠨ ᠡᠩᠨᠡᠭᠡ
ᠨᠤᠭᠦᠳ ᠴᠠᠰᠤᠨ ᠳᠣᠲᠣᠷ᠎ᠠ ᠨᠢᠭᠤᠭᠳᠠᠵᠤ ᠪᠡᠶ᠎ᠡ ᠪᠡᠶ᠎ᠡ ᠳ᠋ᠡᠭᠡᠨ ᠰᠢᠬᠠᠴᠠᠯᠳᠤᠨ ᠳᠠᠢᠰᠤᠨ ᠢ᠋ ᠬᠦᠯᠢᠶᠡᠨ᠎ᠡ᠃ ᠤᠯᠠᠭᠠᠨ ᠨᠠᠷᠠᠨ ᠮᠠᠨᠳᠤᠵᠤ ᠳᠣᠨᠤᠷᠠᠭᠤ ᠮᠠᠨᠠᠨ ᠪᠤᠳᠠᠩ ᠢ᠋ ᠨᠡᠪᠲᠡᠯᠦᠭᠰᠡᠭᠡᠷ ᠤᠷᠲᠤ ᠴᠠᠭᠠᠨ ᠲᠤᠶᠠᠭ᠎ᠠ ᠪᠠᠷ ᠢ᠋ᠶ᠋ᠠᠨ ᠲᠤᠩ ᠴᠠᠭᠠᠨ ᠲᠠᠯ᠎ᠠ ᠶ᠋ᠢ ᠭᠡᠢᠭᠦᠯᠪᠡ᠃
ᠠᠯᠤᠰ ᠲᠤ᠌ ᠮᠣᠩᠭᠣᠯ ᠤ᠋ᠨ ᠮᠣᠷᠢᠨ ᠴᠡᠷᠢᠭ ᠦ᠋ᠨ ᠮᠤᠷᠤᠶ᠋ᠢᠯᠵᠠᠭᠰᠠᠨ ᠡᠩᠨᠡᠭᠡ ᠲᠣᠳᠣᠬᠠᠨ ᠦᠵᠡᠭᠳᠡᠯ᠎ᠡ᠃ ᠲᠡᠳᠡ ᠨᠡᠷ ᠬᠡᠳᠦᠶ᠋ᠢᠨᠡᠢ ᠭᠡᠳᠡᠷᠭᠦ ᠪᠤᠴᠠᠵᠠᠢ᠃ ᠵᠢᠳᠠ ᠪᠠᠨ ᠤᠷᠤᠭᠰᠢ ᠨᠢ ᠬᠠᠨᠳᠤᠭᠤᠯᠤᠨ ᠪᠠᠷᠢᠵᠤ᠂ ᠭᠢᠯᠠᠯᠵᠠᠭᠰᠠᠨ ᠳᠠᠭᠢᠷ ᠰᠡᠯᠡᠮ᠎ᠡ ᠪᠡᠨ ᠪᠠᠷᠠᠭᠤᠨ ᠮᠥᠷᠥᠨ ᠳᠡᠭᠡᠷ᠎ᠡ ᠪᠡᠨ ᠲᠠᠯᠪᠢᠭᠠᠳ ᠲᠡᠳᠡᠨᠡᠷ ᠬᠡᠳᠦᠶ᠋ᠢᠨᠡᠢ ᠭᠡᠳᠡᠷᠭᠦ ᠪᠤᠴᠠᠵᠤ ᠢᠷᠡᠪᠡ᠃ ᠴᠡᠷᠢᠭ ᠦ᠋ᠳ ᠦ᠋ᠨ ᠪᠦᠯᠦᠭᠯᠡᠯ ᠨᠦ᠍ᠭᠦᠳ᠂ ᠳᠣᠪᠣ ᠰᠣᠨᠳᠤᠤᠯᠠ ᠨᠤᠭᠤᠳ ᠤ᠋ᠨ ᠴᠠᠭᠠᠨ᠎ᠠ ᠨᠢᠭᠤᠭᠳᠠᠨ ᠴᠠᠰᠤᠨ ᠳᠣᠲᠣᠷ᠎ᠠ ᠬᠡᠪᠲᠡᠭᠰᠡᠭᠡᠷ ᠪᠠᠶ᠋ᠢᠪᠠ᠃ ᠬᠡᠳᠦᠶ᠋ᠢᠨᠡᠢ ᠮᠣᠩᠭᠣᠯ ᠤ᠋ᠨ ᠮᠣᠷᠢᠳ ᠤ᠋ᠨ ᠳᠠᠪᠬᠢᠬᠤ ᠨᠢᠭᠡᠨ ᠵᠢᠭᠳᠡ ᠲᠥᠪᠦᠷᠭᠡᠨ ᠰᠣᠨᠣᠰᠳᠠᠬᠤ ᠪᠣᠯᠤᠯ᠎ᠠ᠃
ᠬᠡᠳᠦᠨ ᠠᠷᠪᠠᠨ ᠮᠢᠩᠭᠠᠨ ᠮᠣᠷᠢᠳ ᠤ᠋ᠨ ᠲᠤᠭᠤᠷᠠᠢ ᠠ᠋ᠴᠠ ᠪᠦᠬᠦ ᠲᠠᠯ᠎ᠠ ᠬᠦᠩᠭᠢᠨᠡᠨ ᠴᠡᠴᠡᠷᠡᠬᠦ ᠮᠡᠲᠦ ᠰᠠᠨᠠᠭᠳᠠᠨ᠎ᠠ᠃ ᠴᠠᠰᠤᠨ ᠲᠣᠭᠣᠰᠣ ᠪᠠᠷ ᠮᠠᠨᠠᠨ ᠲᠠᠲᠠᠭᠤᠯᠤᠨ ᠬᠠᠯᠠᠵᠤ ᠲᠦᠷᠭᠡᠰᠦᠭᠰᠡᠨ ᠮᠣᠷᠢᠳ ᠠᠭᠤᠷ ᠰᠠᠪᠰᠠᠭᠤᠯᠤᠨ ᠤᠯᠠᠩᠭᠠᠰᠤᠭᠰᠠᠨ ᠮᠣᠩᠭᠣᠯᠴᠤᠳ ᠣᠶ᠋ᠢᠷᠠᠳᠤᠵᠤ ᠢᠷᠡᠪᠡ᠃
ᠲᠡᠳᠡ ᠨᠡᠷ ᠵᠡᠷᠯᠢᠭ ᠶ᠋ᠢᠡᠷ᠄
— ᠬᠥᠶᠢ! ᠬᠥᠶᠢ! ᠤᠷᠤᠭᠰᠢ ᠪᠠᠨ ᠭᠡᠵᠦ ᠱᠠᠭᠢᠨ᠎ᠠ᠃ ᠲᠠᠲ᠋ᠠᠷ ᠦ᠋ᠳ ᠣᠷᠣᠰ ᠦ᠋ᠳ ᠤ᠋ᠨ ᠨᠢᠭᠤᠭᠳᠠᠭᠰᠠᠨ ᠳᠣᠪᠣ ᠲᠤᠯᠤᠭᠠᠳ ᠤ᠋ᠨ ᠬᠢᠷ᠎ᠠ ᠥᠭᠡᠳᠡ ᠠᠪᠠᠷᠢᠵᠤ ᠭᠠᠷᠪᠠ᠃ ᠬᠡᠳᠦ ᠬᠡᠳᠦᠨ ᠮᠣᠷᠢᠳ ᠪᠦᠳᠦᠷᠢᠨ ᠤᠨᠠᠪᠠ᠂ ᠪᠤᠰᠤᠳ ᠨᠢ ᠡᠮᠬᠢ ᠵᠠᠮᠪᠠᠷᠠᠭ᠎ᠠ ᠦᠭᠡᠢ ᠡᠪᠬᠡᠷᠡᠨ ᠳᠠᠪᠬᠢᠯᠳᠤᠨ᠎ᠠ᠃ ᠲᠡᠳᠡᠨᠡᠷ ᠬᠢᠷ᠎ᠠ ᠳ᠋ᠤ ᠬᠣᠷᠢᠭᠠᠳ ᠠᠯᠬᠤᠮ ᠣᠶ᠋ᠢᠷᠠᠳᠤᠭᠰᠠᠨ ᠤ᠋ ᠬᠣᠶ᠋ᠢᠨ᠎ᠠ ᠷᠶᠠᠽᠠᠨ ᠤ᠋ ᠪᠠᠶ᠋ᠢᠯᠳᠤᠭᠴᠢᠳ ᠪᠣᠰᠤᠨ ᠬᠠᠷᠠᠶ᠋ᠢᠵᠤ᠂
—ᠷᠶᠠᠽᠠᠨᠴᠤᠳ ᠠ᠋᠂ ᠤᠷᠤᠭᠰᠢ ᠪᠠᠨ! ᠭᠡᠵᠦ ᠪᠠᠷᠬᠢᠷᠠᠯᠳᠤᠨ ᠳᠠᠶ᠋ᠢᠰᠤᠨ ᠤ᠋ ᠡᠮᠦᠨ᠎ᠡ ᠡᠴᠡ ᠳᠠᠪᠰᠢᠨ ᠣᠷᠣᠯ᠎ᠠ᠃ ᠮᠣᠷᠢᠳ ᠨᠢ ᠦᠷᠭᠦᠵᠦ ᠵᠠᠷᠢᠮ ᠨᠢ ᠡᠵᠡᠨ ᠶ᠋ᠢᠡᠨ ᠬᠠᠶᠠᠨ᠎ᠠ᠂ ᠵᠠᠷᠢᠮ ᠨᠢ ᠳᠡᠭᠡᠭᠰᠢ ᠪᠡᠨ ᠴᠣᠪᠬᠣᠷᠴᠤ ᠤᠨᠠᠨ᠎ᠠ᠂ ᠪᠤᠰᠤᠳ ᠨᠢ ᠴᠠᠰᠢ ᠳᠠᠪᠬᠢᠵᠤ ᠪᠣᠷᠣᠣᠬᠠᠢ ᠰᠦᠬᠡ ᠶ᠋ᠢᠨ ᠴᠣᠬᠢᠯᠲᠠ ᠶ᠋ᠢ ᠤᠭᠲᠤᠨ ᠣᠷᠣᠵᠠᠭᠠᠨᠠ᠃ ᠣᠷᠣᠰ ᠦ᠋ᠳ ᠮᠣᠷᠢᠲᠠᠨ ᠲᠡᠰᠢ ᠰᠢᠷᠦᠭᠦᠨ ᠶ᠋ᠢᠡᠷ ᠳᠣᠪᠲᠣᠯᠤᠨ ᠦᠰᠦᠲᠡᠢ ᠳᠡᠪᠡᠯ ᠲᠡᠮᠦᠷ ᠮᠠᠯᠠᠭᠠᠢ ᠶ᠋ᠢ ᠲᠠᠰᠤ ᠴᠠᠪᠴᠢᠨ᠎ᠠ᠃
ᠲᠠᠲ᠋ᠠᠷ ᠦ᠋ᠳ ᠦ᠋ᠨ ᠳᠠᠭᠢᠷ ᠰᠡᠯᠡᠮ᠎ᠡ ᠤ᠋ᠳ ᠠᠭᠠᠷ ᠲᠤ᠌ ᠭᠢᠯᠠᠯᠵᠠᠨ᠎ᠠ᠃ ᠲᠡᠳᠡᠨᠡᠷ ᠶᠠᠪᠤᠵᠤ ᠪᠠᠶ᠋ᠢᠬᠤ ᠳ᠋ᠠᠭᠠᠨ ᠨᠤᠮᠤ ᠰᠤᠮᠤ ᠪᠠᠨ
