ᠪᠠᠲᠤ ᠬᠠᠭᠠᠨ 4-07ᠣᠯᠵᠠᠯᠠᠭᠳᠠᠭᠰᠠᠨ ᠮᠣᠩᠭᠣᠯᠴᠤᠳ-ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ-Bat khaan Бат хаан-ᠷᠣᠮᠠᠨ
ᠳᠣᠯᠣᠭ᠎ᠠ ᠣᠯᠵᠠᠯᠠᠭᠳᠠᠭᠰᠠᠨ ᠮᠣᠩᠭᠣᠯᠴᠤᠳ
ᠷᠶᠡᠽᠡᠨ ᠦ᠌ ᠴᠡᠷᠢᠭ ᠦ᠋ᠳ《 ᠵᠡᠷᠯᠢᠭ ᠲᠠᠯ᠎ᠠ 》 ᠳ᠋ᠤ᠌ ᠭᠦᠨ ᠣᠷᠣᠵᠠᠢ᠃ ᠰᠢᠭᠤᠷᠭ᠎ᠠ ᠬᠥᠳᠡᠯᠦᠭᠰᠡᠨ ᠤᠴᠢᠷ ᠠ᠋ᠴᠠ ᠴᠡᠷᠢᠭ ᠦ᠋ᠳ ᠪᠠᠢᠯᠳᠤᠭᠠᠨ ᠤ᠋ ᠯᠠᠭᠧᠷ ᠢ᠋ᠶ᠋ᠡᠷ ᠪᠠᠭᠤᠳᠠᠯᠯᠠᠵᠠᠢ᠃ ᠸᠠᠩ ᠤ᠋ᠳ ᠪᠣᠯᠤᠨ ᠴᠡᠷᠢᠭ ᠦ᠋ᠨ ᠤᠳᠤᠷᠢᠳᠤᠭᠴᠢᠳ ᠠᠰᠠᠷ ᠲᠸ᠋ ᠬᠡᠪᠢᠰ ᠳᠡᠪᠢᠰᠦᠭᠡᠳ ᠰᠢᠬᠠᠯᠴᠠᠯᠳᠤᠨ ᠰᠠᠭᠤᠵᠠᠭᠠᠵᠤ ᠣᠷᠣᠰ ᠤ᠋ᠨ ᠭᠠᠵᠠᠷ ᠨᠤᠲᠤᠭ ᠢ᠋ ᠬᠡᠷᠬᠢᠨ ᠬᠠᠮᠠᠭᠠᠯᠠᠬᠤ ᠶ᠋ᠢ ᠪᠣᠳᠣᠵᠠᠭᠠᠪᠠ᠃ ᠰᠠᠯᠬᠢ ᠰᠢᠭᠤᠷᠭᠠᠨ ᠤ᠋ ᠤᠬᠢᠯᠠᠬᠤ ᠮᠡᠲᠦ ᠤᠢᠳᠬᠠᠷ ᠲᠠᠢ ᠢᠰᠬᠡᠷᠦᠯᠲᠡ ᠠᠰᠠᠷ ᠤ᠋ᠨ ᠳᠣᠲᠣᠷᠠᠬᠢ ᠳᠠᠪᠤᠤ ᠶ᠋ᠢ (ᠪᠡᠷ)ᠨᠡᠪᠲᠡ ᠰᠣᠨᠣᠰᠳᠠᠵᠤ ᠪᠠᠢᠪᠠ᠃ ᠬᠣᠶᠠᠷ ᠳᠠᠪᠢᠭᠤᠷ (ᠲᠠᠯᠪᠢᠭᠤᠷ) ᠳᠡᠭᠡᠷ᠎ᠡ ᠠᠰᠠᠭᠠᠭᠰᠠᠨ ᠵᠣᠮᠭᠣᠯ ᠤ᠋ᠳ ᠰᠠᠯᠬᠢᠨ ᠳ᠋ᠤ᠌ ᠳᠦᠷᠡᠯᠵᠡᠨ᠎ᠡ᠃ ᠴᠣᠭ ᠤ᠋ᠳ ᠨᠢ ᠤᠰᠤ ᠲᠠᠢ ᠮᠣᠳᠣᠨ ᠳᠠᠪᠢᠭᠤᠷ (ᠲᠠᠯᠪᠢᠭᠤᠷ) ᠳᠣᠲᠣᠷ᠎ᠠ ᠱᠠᠵᠢᠭᠢᠨᠠᠨ ᠤᠨᠠᠨ᠎ᠠ᠃ ᠵᠠᠷᠤᠴᠠ ᠰᠥᠬᠥᠷᠦᠨ ᠰᠠᠭᠤᠵᠤ ᠭᠠᠯ ᠮᠡᠨᠡᠨ᠎ᠡ᠃ ᠡᠢᠮᠦ ᠰᠥᠨᠢ ᠳᠣᠪᠲᠣᠯᠭᠠᠨ ᠪᠣᠯᠬᠤ ᠶ᠋ᠢ ᠬᠦᠯᠢᠶᠡᠬᠦ ᠬᠡᠷᠡᠭ ᠦᠭᠡᠢ᠂ᠰᠢᠭᠤᠷᠭ᠎ᠠ ᠭᠤᠶᠠᠳᠠᠵᠤ ᠤᠨᠠᠭᠠᠮᠠᠷ ᠪᠠᠢᠨ᠎ᠠ᠃ ᠶᠠᠮᠠᠷ ᠨᠢᠭᠡᠨ ᠮᠣᠷᠢ ᠲᠠᠢ ᠬᠥᠮᠦᠨ ᠢᠷᠡᠪᠡ ᠪᠣᠯᠤᠯᠲᠠᠢ᠂
— ᠸᠠᠩ ᠬᠠᠮᠢᠭ᠎ᠠ ᠪᠠᠢᠭ᠎ᠠ ᠪᠣᠯ ᠭᠡᠵᠦ ᠠᠰᠠᠭᠤᠨ᠎ᠠ᠃ ᠠᠰᠠᠷ ᠤ᠋ᠨ ᠬᠦᠨᠳᠦᠷᠡᠴᠢᠬᠡᠭᠰᠡᠨ ᠡᠭᠦᠳᠡ ᠶ᠋ᠢ ᠰᠡᠬᠦᠵᠦ ᠴᠠᠰᠤ ᠪᠣᠯᠴᠢᠬᠠᠭᠰᠠᠨ ᠪᠣᠭᠣᠨᠢ ᠦᠰᠦ ᠲᠡᠢ ᠳᠡᠪᠡᠯ ᠲᠡᠢ ᠵᠠᠷᠤᠴᠠ ᠬᠥᠮᠦᠨ ᠰᠢᠭᠤᠳ ᠣᠷᠣᠵᠤ ᠢᠷᠡᠭᠡᠳ ᠬᠠᠭᠤᠴᠢᠷᠠᠭᠰᠠᠨ ᠮᠠᠯᠠᠭᠠᠢ ᠶ᠋ᠢ ᠠᠪᠤᠨ᠂
— ᠵᠠᠩᠭᠢ ᠡᠪᠦᠭᠡᠨ ᠷᠠᠲ᠋ᠢᠪᠤᠷ ᠬᠦᠷᠴᠦ ᠢᠷᠡᠯ᠎ᠡ᠃ ᠥᠷᠯᠥᠭᠡ ᠪᠣᠯᠲᠠᠯ᠎ᠠ ᠬᠦᠯᠢᠶᠡᠵᠦ ᠪᠣᠯᠬᠤ ᠦᠭᠡᠢ ᠴᠢᠬᠤᠯᠠ ᠮᠡᠳᠡᠭᠡ ᠠᠪᠴᠢᠷᠠᠪᠠ ᠭᠡᠵᠦ ᠪᠠᠢᠨ᠎ᠠ᠃
— ᠲᠡᠷᠡ ᠶᠠᠮᠠᠷ ᠵᠠᠩᠭᠢ ᠪᠠᠢᠬᠤᠪ ᠳᠠ ᠭᠡᠵᠦ ᠤᠷᠢᠳᠤ ᠷᠠᠲ᠋ᠢᠪᠣᠷ ᠤ᠋ᠨ ᠬᠢᠨ ᠲᠡᠢ ᠳᠠᠢᠰᠤᠩᠨᠠᠵᠤ ᠪᠠᠢᠭᠰᠠᠨ ᠨᠢᠭᠡ ᠸᠠᠩ ᠬᠡᠯᠡᠪᠡ᠃
— ᠲᠡᠷᠡ ᠯᠠᠮᠠ ᠴᠥ᠍ ᠪᠢᠰᠢ᠂ ᠬᠠᠷ᠎ᠠ ᠴᠥ᠍ ᠪᠢᠰᠢ ᠬᠥᠮᠦᠨ᠂ ᠲᠡᠷᠡ ᠰᠦᠮ᠎ᠡ ᠳ᠋ᠦ᠍ ᠰᠠᠭᠤᠭᠠᠳ ᠳᠤᠬᠤ ᠪᠠᠷ ᠢ᠋ᠶ᠋ᠠᠨ ᠲᠣᠭᠰᠢᠵᠤ ᠪᠥᠬᠦᠢᠯᠵᠡᠵᠦ ᠮᠥᠷᠭᠥᠯ ᠲᠣᠭᠠᠯᠠᠵᠤ ᠪᠠᠢᠪᠠᠯ ᠪᠠᠷᠠᠯ᠎ᠠ᠂ ᠴᠢᠳᠬᠥᠷ ᠰᠢᠭ᠌ ᠰᠥᠨᠢ ᠬᠡᠰᠦᠭᠦᠯᠴᠢᠨ (ᠬᠡᠰᠦᠭᠦᠴᠢᠯᠡᠨ) ᠶᠠᠪᠤᠳᠠᠭ ᠨᠢ ᠴᠦ᠍ ᠶᠠᠭᠤ ᠪᠣᠢ? ᠬᠡᠷᠪᠡ ᠵᠦᠭᠡᠷ ᠰᠠᠭᠤᠵᠤ ᠴᠥ᠍ ᠴᠢᠳᠠᠬᠤ ᠦᠭᠡᠢ᠂ ᠤᠨᠲᠠᠵᠤ ᠴᠤ᠌ ᠴᠢᠳᠠᠬᠤ ᠦᠭᠡᠢ ᠪᠠᠢᠭ᠎ᠠ ᠪᠣᠯ ᠯᠠᠪ ᠲᠡᠭᠦᠨ ᠦ᠌ ᠬᠤᠷᠢᠶᠠᠭᠰᠠᠨ ᠨᠢᠭᠦᠯ ᠨᠢ ᠬᠥᠩᠭᠡᠨ ᠪᠢᠰᠢ ᠪᠣᠯᠤᠭᠰᠠᠨ ᠪᠢᠵᠡ! ᠭᠡᠬᠦ ᠳ᠋ᠦ᠍᠂
— ᠦᠨᠡᠨ ᠦᠭᠡ ᠬᠡᠯᠡᠵᠦ ᠪᠠᠢᠨ᠎ᠠ ᠤᠤ? ᠪᠤᠷᠬᠠᠨ ᠴᠢᠮ᠎ᠠ ᠶ᠋ᠢ ᠰᠣᠨᠣᠰᠴᠤ ᠪᠠᠢᠨ᠎ᠠ ᠭᠡᠵᠦ ᠲᠡᠷᠡ ᠪᠤᠯᠤᠩ ᠠ᠋ᠴᠠ ᠥᠭᠡᠷ᠎ᠡ ᠬᠣᠭᠣᠯᠠᠢ ᠬᠠᠷᠢᠭᠤᠯᠪᠠ᠃
—ᠰᠠᠢᠨ ᠪᠠᠭᠠᠲᠤᠷ ᠡᠷ᠎ᠡ ᠶ᠋ᠢ ᠬᠦᠴᠦ ᠪᠡᠷ ᠵᠣᠭᠣᠷᠢᠨ ᠳ᠋ᠤ᠌ ᠰᠠᠭᠤᠯᠭᠠᠵᠤ ᠪᠠᠢᠭᠠᠳ ᠦᠰᠦ ᠶ᠋ᠢ ᠨᠢ ᠬᠤᠰᠤᠵᠤ ᠯᠠᠮᠠ ᠪᠣᠯᠭᠠᠵᠤ ᠣᠷᠬᠢᠪᠠ᠃
— ᠬᠠᠭᠤᠴᠢᠨ ᠬᠡᠷᠡᠭᠦᠯ ᠢ᠋ᠶ᠋ᠡᠨ ᠤᠷᠭᠢᠶ᠎ᠠ᠃ ᠣᠳᠣ ᠪᠢᠳᠡ ᠰᠡᠳᠬᠢᠯ ᠵᠢᠷᠦᠬᠡ ᠪᠡᠨ ᠨᠢᠭᠡᠳᠬᠡᠶ᠎ᠡ ᠭᠡᠵᠦ ᠪᠠᠰᠠ ᠨᠢᠭᠡᠨ ᠬᠣᠭᠣᠯᠠᠢ ᠬᠡᠯᠡᠪᠡ᠃ ᠴᠥᠮ ᠴᠢᠮᠡᠭᠡ ᠠᠨᠢᠷ ᠦᠭᠡᠢ ᠪᠣᠯᠤᠯ᠎ᠠ᠃ ᠵᠠᠩᠭᠢ (ᠳ᠋ᠤ᠌) ᠡᠭᠦᠳᠡ ᠰᠡᠬᠦᠵᠦ ᠥᠭᠪᠡᠯ ᠲᠣᠮᠣ ᠪᠥᠭᠡᠳ ᠠᠭᠤᠷᠲᠠᠢ ᠷᠠᠲ᠋ᠢᠪᠣᠷ ᠠᠰᠠᠷ ᠲᠸ᠋ ᠣᠷᠣᠭᠠᠳ ᠦᠰᠦ ᠲᠡᠢ ᠮᠠᠯᠠᠭᠠᠢ ᠪᠠᠨ ᠠᠪᠴᠤ ᠪᠣᠭᠣᠨᠢ ᠳᠡᠪᠡᠯ ᠦ᠋ᠨ ᠡᠩᠭᠡᠷ ᠢ᠋ ᠲᠠᠢᠯᠵᠤ ᠪᠤᠭᠤᠷᠤᠯ ᠰᠠᠬᠠᠯ ᠢ᠋ᠶ᠋ᠠᠨ ᠢᠯᠢᠭᠡᠳ ᠠᠷᠠᠰᠤᠨ ᠠᠪᠳᠠᠷ᠎ᠠ ᠳᠡᠭᠡᠷ᠎ᠡ ᠪᠠᠢᠭᠰᠠᠨ ᠪᠤᠷᠬᠠᠨ ᠤ᠋ ᠳᠦᠷᠢ ᠶ᠋ᠢᠨ ᠡᠮᠦᠨ᠎ᠡ ᠭᠤᠷᠪᠠ ᠳᠠᠬᠢᠨ ᠵᠠᠭᠠᠯᠮᠠᠢᠳᠠᠨ ᠮᠥᠷᠭᠥᠭᠡᠳ ᠷᠶᠠᠽᠠᠨ ᠤ᠋ ᠸᠠᠩ ᠤ᠋ᠨ ᠪᠥᠰᠡᠨ ᠳ᠋ᠦ᠍ ᠮᠡᠬᠦᠢᠰᠬᠢᠪᠡ᠃
— ᠷᠠᠲ᠋ᠢᠪᠣᠷ ᠡᠴᠢᠭᠡ ᠮᠢᠨᠢ ᠨᠠᠰᠢ ᠪᠠᠨ ᠶᠠᠪᠤᠵᠤ ᠪᠢᠳᠡᠨ ᠲᠠᠢ ᠰᠠᠭᠤᠪᠠ (ᠰᠠᠭᠤ)᠃ ᠪᠢᠳᠡᠨᠡᠷ ᠬᠡᠴᠡᠭᠦᠦ ᠬᠡᠷᠡᠭ ᠰᠢᠢᠳᠪᠦᠷᠢᠯᠡᠵᠦ ᠪᠠᠢᠨ᠎ᠠ᠃ ᠴᠢᠮᠠᠲᠤ ᠰᠠᠢᠨ ᠦᠭᠡᠨ ᠦ᠌ ᠨᠡᠮᠡᠷᠢ ᠪᠠᠢᠵᠤ ᠮᠠᠭᠠᠳ ᠦᠭᠡᠢ ᠪᠢᠰᠢ ᠤᠤ ᠭᠡᠵᠦ ᠸᠠᠩ ᠶᠦᠷᠢ ᠢᠩᠭᠧᠡᠷᠧᠸᠢᠴ ᠬᠡᠯᠡᠬᠦ ᠳ᠋ᠦ᠍ ᠷᠠᠲ᠋ᠢᠪᠣᠷ ᠬᠡᠪᠢᠰ ᠳᠡᠭᠡᠷ᠎ᠡ ᠰᠠᠭᠤᠭᠠᠳ ᠥᠪᠡᠷ ᠦ᠋ᠨ ᠶᠠᠪᠤᠳᠠᠯ ᠢ᠋ ᠶᠠᠷᠢᠵᠤ ᠡᠬᠢᠯᠡᠭᠰᠡᠨ ᠨᠢ᠄
— ᠪᠢ ᠵᠠᠭᠤᠭᠠᠳ ᠴᠡᠷᠢᠭ ᠲᠡᠢ ᠨᠢᠭᠡᠨ ᠬᠤᠯᠤᠰᠤ ᠵᠡᠭᠡᠰᠦ ᠲᠡᠢ ᠭᠠᠵᠠᠷ ᠨᠢᠭᠤᠭᠳᠠᠵᠤ ᠪᠠᠢᠭᠠᠳ ᠲᠠᠲ᠋ᠠᠷ ᠤ᠋ᠳ ᠠ᠋ᠴᠠ ᠪᠠᠷᠢᠵᠤ ᠲᠡᠳᠡᠨ ᠢ᠋ ᠶᠠᠭᠤ ᠪᠣᠳᠣᠭᠰᠠᠨ ᠢ᠋ ᠮᠡᠳᠡᠵᠦ ᠠᠪᠬᠤ ᠭᠡᠰᠡᠨ ᠴᠢᠨᠢ ᠭᠠᠢ ᠲᠠᠢ ᠰᠢᠭᠤᠷᠭ᠎ᠠ ᠪᠢᠳᠡᠨ ᠢ᠋ ᠴᠠᠰᠤ ᠪᠠᠷ ᠪᠤᠯᠠᠭᠠᠳ ᠭᠣᠮᠣᠳᠠᠯ ᠲᠠᠢ ᠪᠠᠷ ᠭᠠᠷ ᠬᠣᠭᠣᠰᠣᠨ ᠤᠬᠤᠷᠢᠵᠤ ᠶᠠᠪᠤᠲᠠᠯ᠎ᠠ ᠪᠢᠳᠡᠨ ᠦ᠌ ᠵᠣᠯ ᠵᠠᠪᠰᠢᠶᠠᠨ ᠪᠣᠯᠵᠤ ᠬᠡᠳᠦᠨ ᠪᠤᠷᠤᠭᠤ ᠨᠣᠮᠲᠠᠨ ᠲᠣᠬᠢᠶᠠᠯᠳᠤᠪᠠ᠃ ᠲᠡᠳᠡ ᠲᠥᠭᠡᠷᠢᠭᠰᠡᠨ ᠪᠤᠶᠤ ᠡᠰᠡᠪᠡᠯ ᠪᠢᠳᠡᠨ ᠦ᠌ ᠬᠥᠮᠦᠰ ᠡᠴᠡ ᠪᠠᠷᠢᠬᠤ ᠰᠠᠨᠠᠭᠠᠲᠠᠢ ᠶᠠᠪᠤᠭᠰᠠᠨ ᠪᠠᠢᠬᠤ᠂ ᠪᠢᠳᠡ ᠴᠥ᠍ ᠡᠪᠲᠡᠢᠬᠡᠨ ᠳᠠᠭᠠᠷᠢᠵᠤ ᠣᠷᠣᠭᠰᠠᠨ᠂ ᠲᠡᠳᠡᠨᠡᠷ ᠴᠦ᠍ ᠵᠢᠭᠤᠲᠠᠵᠤ ᠣᠷᠬᠢᠯ᠎ᠠ᠃ ᠬᠣᠶᠠᠷ ᠢ᠋ ᠨᠢ ᠮᠣᠷᠢᠨ ᠠ᠋ᠴᠠ ᠨᠢ ᠤᠨᠠᠭᠠᠵᠤ ᠲᠠᠲᠠᠵᠤ ᠪᠠᠷᠢᠪᠠ᠃ ᠨᠢᠭᠡ ᠨᠢ ᠪᠦᠷ ᠴᠦ᠍ ᠠᠮᠠᠷᠬᠠᠨ ᠪᠠᠷᠢᠭᠳᠠᠯ᠎ᠠ᠃ ᠨᠥᠭᠦᠭᠡ ᠨᠢ ᠵᠡᠷᠯᠢᠭ ᠠᠷᠢᠶᠠᠲᠠᠨ ᠮᠡᠲᠦ ᠭᠠᠰᠠᠯᠤᠨ ᠲᠡᠮᠡᠴᠡᠯᠳᠦᠵᠦ ᠪᠠᠭᠤᠵᠤ ᠥᠭᠬᠦ ᠦᠭᠡᠢ ᠶ᠋ᠢ ᠣᠷᠣᠯᠳᠣᠪᠠ᠃ ᠪᠢᠳᠡ ᠬᠦᠴᠦ ᠪᠡᠷ ᠪᠠᠷᠢᠵᠤ ᠪᠣᠷᠣᠣᠬᠠᠢᠳᠠᠭᠠᠳ ᠰᠤᠷ ᠢ᠋ᠶ᠋ᠠᠷ ᠬᠦᠯᠢᠵᠦ ᠠᠪᠴᠢᠷᠠᠯ᠎ᠠ᠃
— ᠠᠮᠢᠳᠤ ᠠᠪᠴᠢᠷᠠᠪᠠᠤ?
— ᠪᠠᠷᠢᠵᠤ ᠠᠪᠴᠢᠷᠠᠭᠠᠳ ᠡᠷᠡᠭᠦᠦ ᠲᠤᠯᠭᠠᠵᠤ ᠠᠰᠠᠭᠤᠯ᠎ᠠ᠂ ᠣᠯᠠᠨ ᠶᠠᠭᠤᠮ᠎ᠠ ᠮᠡᠳᠡᠬᠦ ᠪᠣᠯᠤᠯᠲᠠᠢ ᠪᠣᠯᠪᠠᠴᠤ ᠶᠠᠭᠤ ᠴᠤ᠌ ᠬᠡᠯᠡᠵᠦ ᠥᠭᠬᠦ ᠦᠭᠡᠢ ᠪᠠᠢᠨ᠎ᠠ᠃
— ᠴᠢ ᠡᠷᠡᠭᠦᠦ ᠲᠤᠯᠭᠠᠵᠤ ᠴᠢᠳᠠᠬᠤ ᠦᠭᠡᠢ ᠶᠤᠮ ᠪᠠᠢᠨ᠎ᠠ᠂ ᠨᠠᠳᠠ ᠠᠪᠴᠢᠷᠠᠭᠠᠳ ᠥᠭᠭᠦᠭᠰᠡᠨ ᠴᠥ᠍ ᠪᠣᠯᠤᠭᠠᠰᠠᠢ ᠭᠡᠵᠦ ᠨᠢᠭᠡᠨ ᠬᠥᠮᠦᠨ ᠬᠡᠯᠡᠪᠡ᠃
— ᠡᠨᠳᠡ ᠠᠪᠴᠢᠷᠠᠭᠰᠠᠨ ᠰᠢᠦ ᠳ᠋ᠠ᠃
— ᠨᠠᠰᠢ ᠪᠠᠨ ᠤᠷᠤᠭᠤᠯ ᠭᠡᠵᠦ ᠸᠠᠩ ᠬᠡᠯᠡᠪᠡ᠃ ᠵᠠᠷᠤᠯᠭ᠎ᠠ ᠤ᠋ᠳ ᠣᠯᠵᠠᠯᠠᠭᠳᠠᠭᠰᠠᠨ ᠮᠣᠩᠭᠣᠯᠴᠤᠳ ᠢ᠋ ᠠᠰᠠᠷ ᠲᠸ᠋ ᠣᠷᠣᠭᠤᠯᠵᠤ ᠢᠷᠡᠪᠡ᠃ ᠭᠠᠷ ᠤ᠋ᠳ ᠢ᠋ ᠨᠢ ᠰᠤᠷ ᠢ᠋ᠶ᠋ᠠᠷ ᠨᠢᠷᠤᠭᠤᠨ ᠳ᠋ᠤᠨᠢ ᠬᠦᠯᠢᠵᠡᠢ᠃ ᠨᠢᠭᠡ ᠨᠢ ᠰᠠᠢᠨ ᠬᠤᠪᠴᠠᠰᠤ ᠲᠠᠢ᠂ ᠬᠠᠷ᠎ᠠ ᠬᠤᠷᠠᠭᠠᠨ ᠠᠷᠠᠰᠤᠨ ᠳᠣᠲᠣᠷ ᠲᠠᠢ ᠴᠠᠮᠪᠠᠨ ᠨᠥᠮᠥᠷᠭᠡ ᠲᠡᠢ ᠴᠡᠩᠬᠡᠷ ᠡᠳ᠋ ᠢ᠋ᠶ᠋ᠡᠷ ᠡᠮᠵᠢᠭᠰᠡᠨ ᠶᠠᠭᠤᠮ᠎ᠠ ᠵᠡᠭᠦᠨ ᠮᠥᠷᠦᠨ ᠳᠡᠭᠡᠷ᠎ᠡ ᠪᠡᠨ ᠤᠶᠠᠵᠤ ᠴᠠᠭᠠᠨ ᠢᠯᠭᠢᠨ ᠭᠤᠲᠤᠯ ᠡᠮᠦᠰᠴᠡᠢ᠃ ᠵᠡᠰ ᠢ᠋ᠶ᠋ᠡᠷ ᠰᠡᠢᠯᠵᠦ ᠦᠢᠯᠡᠳᠦᠭᠰᠡᠨ ᠡᠴᠡ ᠶᠡᠷᠦ ᠢᠯᠭᠠᠯ ᠦᠭᠡᠢ ᠬᠦᠢᠲᠡᠨ ᠴᠢᠷᠠᠢ ᠨᠢ ᠬᠢᠯᠢᠩᠨᠡᠭᠰᠡᠨ ᠰᠢᠪᠠᠭᠤ ᠶ᠋ᠢ ᠰᠠᠨᠠᠭᠳᠠᠭᠤᠯᠤᠨ᠎ᠠ᠃ ᠠᠭᠤᠷ ᠲᠠᠢ ᠪᠠ ᠣᠮᠣᠭ ᠲᠠᠢ ᠪᠠᠷ ᠰᠣᠯᠪᠢᠯᠴᠠᠭᠰᠠᠨ ᠬᠤᠷᠴᠠ ᠨᠢᠳᠦ ᠠᠰᠠᠷ ᠤ᠋ᠨ ᠳᠣᠲᠣᠷᠠᠬᠢ ᠬᠥᠮᠦᠰ ᠢ᠋ ᠨᠢᠭᠡ ᠨᠢᠭᠡ ᠪᠡᠷ ᠨᠢ ᠰᠢᠯᠭᠠᠨ ᠬᠠᠷᠠᠨ᠎ᠠ᠃ ᠡᠨᠡ ᠪᠣᠯ ᠲᠤᠯᠤᠯᠳᠤᠨ ᠰᠤᠯᠠᠯᠠᠭᠳᠠᠬᠤ ᠠᠩᠬᠠᠨ ᠤ᠋ ᠥᠴᠦᠬᠡᠨ ᠵᠠᠪᠰᠢᠶᠠᠨ ᠭᠠᠷᠬᠤ ᠳ᠋ᠤ᠌ ᠦᠰᠦᠷᠦᠨ ᠣᠷᠣᠬᠤ (ᠪᠡᠷ) ᠪᠡᠯᠡᠬᠡᠨ ᠪᠠᠢᠭ᠎ᠠ ᠪᠠᠷᠳᠠᠮ ᠣᠮᠣᠭ ᠲᠠᠢ ᠢᠯᠠᠭᠳᠠᠬᠤ ᠶ᠋ᠢ ᠦᠵᠡᠭᠡ ᠦᠭᠡᠢ ᠠᠷᠢᠶᠠᠲᠠᠨ ᠤ᠋ ᠨᠢᠳᠦ ᠪᠠᠢᠪᠠ᠃
ᠨᠥᠭᠦᠭᠡ ᠣᠯᠵᠠᠯᠠᠭᠴᠢᠳ (ᠣᠯᠵᠠᠯᠠᠭᠳᠠᠭᠴᠢ) ᠨᠢ ᠪᠦᠷ ᠴᠦ᠍ ᠵᠠᠯᠠᠭᠤ᠂ ᠠᠷᠪᠠᠨ ᠳᠣᠯᠣᠭ᠎ᠠ ᠬᠢᠷᠢ ᠨᠠᠰᠤᠲᠠᠢ᠂ ᠭᠠᠷ ᠢ᠋ᠶ᠋ᠠᠷ ᠨᠡᠬᠡᠵᠦ ᠬᠢᠭᠰᠡᠨ ᠨᠣᠣᠷᠠᠩᠬᠠᠢ ᠭᠠᠩᠳᠠᠮᠠᠯ ᠨᠥᠮᠥᠷᠭᠡ ᠲᠡᠢ ᠪᠠ ᠤᠷᠠᠩᠬᠠᠢ ᠬᠥᠳᠥᠰᠦᠨ ᠳᠡᠪᠡᠯ ᠡᠮᠦᠰᠴᠦ ᠬᠥᠯ ᠢ᠋ᠶ᠋ᠡᠨ ᠬᠣᠨᠢᠨ ᠤ᠋ ᠬᠥᠳᠥᠰᠥ ᠪᠡᠷ ᠣᠷᠢᠶᠠᠵᠠᠢ᠃ ᠪᠠᠲᠤ ᠬᠠᠭᠠᠨ ᠢ᠋ ᠡᠰᠡᠷᠭᠦᠴᠡᠨ ᠬᠥᠳᠡᠯᠦᠭᠰᠡᠨ ᠣᠷᠣᠰ ᠤ᠋ᠳ ᠢ᠋ ᠠᠩᠬᠠᠳᠤᠭᠠᠷ ᠤᠳᠠᠭ᠎ᠠ ᠦᠵᠡᠵᠦ ᠪᠠᠢᠭ᠎ᠠ ᠡᠨᠡ ᠴᠡᠷᠢᠭ ᠠᠶᠤᠭᠰᠠᠨ ᠪᠠ ᠰᠣᠨᠢᠷᠬᠠᠭᠰᠠᠨ ᠨᠢᠳᠦ ᠪᠡᠷ ᠲᠡᠳᠡᠨ ᠢ᠋ ᠬᠠᠷᠠᠵᠤ ᠪᠠᠢᠪᠠ᠃
— ᠯᠢᠬᠠᠷᠢ ᠺᠦᠳ᠋ᠷᠶᠠᠱ ᠢ᠋ ᠳᠠᠭᠤᠳᠠ ᠭᠡᠵᠦ ᠸᠠᠩ ᠲᠤᠰᠢᠶᠠᠪᠠ᠃ ᠯᠢᠬᠠᠷᠢ ᠠ᠋ᠴᠠ ᠣᠯᠵᠯᠠᠭᠴᠢᠳ (ᠣᠯᠵᠠᠯᠠᠭᠳᠠᠭᠰᠠᠳ) ᠤ᠋ᠨ ᠠᠬᠠᠮᠠᠳ ᠲᠸ᠋ ᠬᠠᠨᠳᠤᠵᠤ ᠬᠡᠯᠡᠪᠡ᠃
— ᠴᠢ ᠠᠰᠠᠭᠤᠬᠤ ᠦᠭᠡ ᠶ᠋ᠢ ᠬᠠᠷᠢᠭᠤᠯᠤᠨ᠎ᠠ ᠪᠢᠵᠡ ? ᠭᠡᠪᠡ᠃
ᠲᠡᠷᠡ ᠲᠡᠭᠦᠨ ᠢ᠋ ᠭᠢᠯᠦᠢᠵᠦ ᠬᠠᠷᠠᠭᠠᠳ ᠪᠤᠷᠤᠭᠤ ᠬᠠᠷᠠᠪᠠ᠃
— ᠬᠡᠷᠪᠡ ᠴᠢ ᠳᠤᠭᠤᠢ ᠪᠠᠢᠪᠠᠯ ᠭᠠᠯ ᠢ᠋ᠶ᠋ᠠᠷ ᠴᠢᠮᠠᠶ᠋ᠢ ᠲᠦᠯᠡᠨ᠎ᠡ᠃
— ᠬᠠᠷᠢᠭᠤᠯᠤᠨ᠎ᠠ᠃
— ᠴᠢ ᠬᠡᠨ ᠭᠡᠳᠡᠭ ᠪᠣᠢ? ᠨᠡᠷ᠎ᠡ ᠴᠢᠨᠢ ᠬᠡᠨ ᠪᠣᠢ?
— ᠬᠠᠭᠠᠨ ᠪᠦᠭᠦᠳᠡ ᠶ᠋ᠢᠨ ᠬᠠᠭᠠᠨ ᠪᠠᠲᠤ ᠶ᠋ᠢᠨ ᠲᠦᠮᠡᠲᠦ ᠶ᠋ᠢᠨ ᠵᠠᠭᠤᠲᠤ ᠶ᠋ᠢᠨ ᠳᠠᠷᠤᠭ᠎ᠠ ᠦᠷᠶᠡᠩᠾ ᠭᠠᠳᠠᠩ (ᠤᠷᠢᠶᠠᠩᠬᠠᠳᠠᠢ) ᠭᠡᠭᠴᠢ᠃
— ᠲᠡᠭᠦᠨ ᠦ᠌ ᠴᠡᠷᠢᠭ ᠬᠡᠴᠢᠨᠡᠨ ᠪᠣᠢ?
— ᠪᠠᠲᠤ ᠬᠠᠭᠠᠨ ᠤ᠋ ᠴᠡᠷᠢᠭ ᠢ᠋ ᠲᠣᠭᠠᠯᠠᠬᠤ ᠭᠡᠪᠡᠯ ᠶᠡᠷᠡ ᠶᠢᠰᠦᠨ ᠵᠢᠯ ᠬᠡᠷᠡᠭ ᠲᠡᠢ ᠪᠣᠯᠪᠠ᠃
— ᠪᠠᠲᠤ ᠬᠠᠭᠠᠨ ᠣᠳᠣ ᠬᠠᠮᠢᠭ᠎ᠠ ᠪᠠᠢᠭ᠎ᠠ ᠪᠣᠢ?
— ᠡᠨᠳᠡ ᠬᠡᠭᠡᠷ᠎ᠡ ᠲᠠᠯ᠎ᠠ ᠳ᠋ᠤ᠌ ᠬᠠᠷᠪᠤᠭᠰᠠᠨ ᠰᠤᠮᠤᠨ ᠤ᠋ ᠬᠦᠷᠬᠦ ᠲᠡᠳᠦᠢ ᠭᠠᠵᠠᠷ ᠲᠠᠨ ᠤ᠋ ᠴᠡᠷᠢᠭ ᠦ᠋ᠨ ᠡᠮᠦᠨ᠎ᠡ ᠪᠠᠢᠭ᠎ᠠ᠃
— ᠲᠡᠷᠡ ᠬᠠᠮᠢᠭᠠᠰᠢ ᠶᠠᠪᠤᠵᠤ ᠪᠠᠢᠨ᠎ᠠ ᠪᠣᠢ?
— ᠪᠠᠲᠤ ᠬᠠᠭᠠᠨ ᠣᠷᠣᠰ ᠤ᠋ᠳ ᠢ᠋ ᠡᠵᠡᠯᠡᠨ ᠳᠠᠭᠠᠭᠤᠯᠵᠤ ᠥᠪᠡᠷ ᠦ᠋ᠨ ᠠᠯᠪᠠᠲᠤ ᠪᠣᠯᠭᠠᠬᠤ ᠭᠡᠵᠦ ᠶᠠᠪᠤᠨ᠎ᠠ᠃
— ᠶᠠᠭᠤᠨ ᠳ᠋ᠤ᠌ ᠣᠷᠣᠭᠰᠢ ᠪᠠᠨ ᠶᠠᠪᠤᠬᠤ ᠦᠭᠡᠢ ᠵᠣᠭᠰᠣᠪᠠ? ᠪᠢᠳᠡᠨ ᠡᠴᠡ ᠠᠶᠤᠪᠠᠤ?
— ᠪᠠᠲᠤ ᠬᠠᠭᠠᠨ ᠶᠠᠭᠤᠨ ᠠ᠋ᠴᠠ ᠴᠥ᠍ ᠠᠶᠤᠳᠠᠭ ᠦᠭᠡᠢ᠃ ᠰᠢᠭᠤᠷᠭ᠎ᠠ ᠥᠩᠭᠡᠷᠡᠬᠦ ᠶ᠋ᠢ ᠲᠦᠷ ᠬᠦᠯᠢᠶᠡᠵᠦ ᠪᠠᠢᠨ᠎ᠠ᠃ ᠣᠷᠣᠰ ᠬᠡᠷᠴᠡᠭᠡᠢ ᠴᠢᠳᠬᠥᠷ ᠦ᠋ᠳ ᠪᠢᠳᠡᠨ ᠦ᠌ ᠨᠢᠭᠤᠷ ᠤᠷᠤᠭᠤ ᠴᠠᠰᠤ ᠪᠠᠷ ᠨᠢᠯᠪᠤᠭᠠᠳ ᠥᠪᠡᠷ ᠦ᠋ᠨ ᠭᠠᠵᠠᠷ ᠲᠤ᠌ ᠪᠢᠳᠡᠨ ᠢ᠋ ᠣᠷᠣᠭᠤᠯᠬᠤ ᠦᠭᠡᠢ ᠰᠠᠨᠠᠭ᠎ᠠ ᠲᠠᠢ ᠤᠤ? ᠣᠷᠣᠰ ᠤ᠋ᠨ ᠮᠠᠩᠭᠤᠰ ᠤ᠋ᠳ ᠢ᠋ ᠣᠩᠭᠣᠨ (ᠣᠩᠭᠣᠳ) ᠲᠡᠭᠷᠢ ᠨᠤᠭᠦᠳ ᠬᠥᠭᠡᠭᠡᠭᠰᠡᠨ ᠦ᠌ ᠳᠠᠷᠠᠭ᠎ᠠ ᠪᠠᠲᠤ ᠬᠠᠭᠠᠨ ᠤᠷᠤᠭᠰᠢ ᠲᠠᠪᠰᠢᠵᠤ ᠰᠢᠯᠤᠭᠤᠬᠠᠨ ᠷᠶᠠᠽᠠᠨ ᠬᠣᠲᠠ ᠶ᠋ᠢ ᠴᠢᠭᠯᠡᠨ᠎ᠡ᠃
— ᠮᠣᠩᠭᠣᠯᠴᠤᠳ ᠤ᠋ᠨ ᠶᠡᠷᠦᠩᠬᠡᠢ ᠳᠠᠷᠤᠭ᠎ᠠ ᠨᠢ ᠬᠡᠨ ᠪᠣᠢ?
— ᠶᠡᠷᠦᠩᠬᠡᠢ ᠳᠠᠷᠤᠭ᠎ᠠ ᠨᠠᠷ ᠣᠯᠠᠨ ᠪᠣᠢ᠂ ᠶᠡᠬᠡ ᠡᠵᠡᠨ ᠴᠢᠩᠭᠢᠰ ᠬᠠᠭᠠᠨ ᠤ᠋ ᠠᠷᠢᠭᠤᠨ ᠴᠢᠰᠤᠨ ᠤ᠋ ᠪᠠᠷᠢᠯᠳᠤᠭᠠᠲᠤ ᠠᠷᠪᠠᠨ ᠨᠢᠭᠡᠨ ᠬᠠᠭᠠᠨ ᠬᠥᠪᠡᠭᠦᠨ ᠶᠠᠪᠤᠨ᠎ᠠ᠃
— ᠪᠦᠭᠦᠳᠡᠭᠡᠷ ᠢ᠋ᠶ᠋ᠡᠨ ᠷᠶᠠᠽᠠᠨ ᠲᠡᠰᠢ ᠢᠷᠡᠵᠦ ᠶᠠᠪᠤᠨ᠎ᠠ ᠤᠤ?
— ᠪᠦᠭᠦᠳᠡᠭᠡᠷ ᠢ᠋ᠶ᠋ᠡᠨ ᠷᠶᠠᠽᠠᠨ ᠲᠡᠰᠢ ᠶᠠᠪᠤᠪᠠᠯ ᠴᠡᠷᠢᠭ ᠦ᠋ᠳ ᠨᠢ ᠪᠠᠭᠲᠠᠬᠤ ᠭᠠᠵᠠᠷ ᠦᠭᠡᠢ᠃ ᠠᠭᠲᠠ ᠨᠢ ᠢᠳᠡᠬᠦ ᠲᠡᠵᠢᠭᠡᠯ ᠣᠯᠳᠠᠬᠤ ᠦᠭᠡᠢ ᠪᠣᠯᠤᠨ᠎ᠠ᠃ ᠴᠡᠷᠢᠭ ᠦ᠋ᠳ ᠨᠢ ᠡᠩᠨᠡᠭᠡᠷᠡᠨ ᠢᠷᠡᠵᠦ ᠶᠠᠪᠤᠨ᠎ᠠ᠃ ᠠᠩ ᠳ᠋ᠤ᠌ ᠶᠠᠪᠤᠬᠤ ᠮᠡᠲᠦ ᠥᠷᠭᠡᠨ ᠵᠢᠭᠦᠷ ᠢ᠋ᠶ᠋ᠡᠨ ᠳᠡᠯᠭᠡᠵᠦ ᠶᠠᠪᠤᠨ᠎ᠠ᠃ ᠬᠠᠮᠤᠭ ᠤ᠋ᠨ ᠪᠠᠷᠠᠭᠤᠨ ᠵᠢᠭᠦᠷ ᠲᠦ᠍ ᠱᠸᠢᠢᠪᠠᠨᠢ ᠬᠠᠭᠠᠨ᠂ ᠬᠠᠮᠤᠭ ᠤ᠋ᠨ ᠵᠡᠭᠦᠨ ᠵᠢᠭᠦᠷ ᠲᠦ᠍ ᠭᠦᠶᠦᠭ ᠬᠠᠭᠠᠨ ᠶᠠᠪᠤᠨ᠎ᠠ᠃
— ᠡᠳᠡ ᠨᠠᠷ ᠤ᠋ᠨ ᠬᠡᠨ ᠨᠢ ᠷᠶᠠᠽᠠᠨ ᠲᠡᠰᠢ ᠢᠷᠡᠵᠦ ᠶᠠᠪᠤᠨ᠎ᠠ?
— ᠷᠶᠠᠽᠠᠨ ᠳᠠᠰᠢ ᠬᠠᠮᠤᠭ ᠤ᠋ᠨ ᠲᠦᠷᠦᠭᠦᠨ ᠳ᠋ᠦ᠍ ᠭᠦᠶᠦᠭ ᠬᠠᠭᠠᠨ᠂ ᠲᠡᠭᠦᠨ ᠦ᠌ ᠬᠣᠢᠨ᠎ᠠ ᠠ᠋ᠴᠠ ᠪᠠᠲᠤ ᠬᠠᠭᠠᠨ᠃
— ᠪᠤᠰᠤᠳ ᠳᠠᠷᠤᠭ᠎ᠠ ᠨᠠᠷ ᠨᠢ ᠶᠠᠭᠤ ᠬᠢᠵᠦ ᠪᠠᠢᠨ᠎ᠠ?
— ᠲᠡᠳᠡᠨᠡᠷ ᠣᠷᠣᠰ ᠤ᠋ᠨ ᠪᠤᠰᠤᠳ ᠬᠣᠲᠠ ᠨᠤᠭᠤᠳ ᠲᠡᠰᠢ ᠶᠠᠪᠤᠵᠤ ᠪᠠᠢᠨ᠎ᠠ᠃
ᠸᠠᠩ ᠶᠥ᠋ᠷᠢ ᠢᠩᠭ᠌ᠸᠡᠷᠸᠸᠢᠴ ᠣᠯᠵᠠᠯᠠᠭᠳᠠᠭᠰᠠᠳ ᠤ᠋ᠨ ᠬᠣᠶᠠᠳᠤᠭᠠᠷ ᠬᠥᠮᠦᠨ ᠲᠡᠰᠢ ᠬᠠᠨᠳᠤᠵᠤ᠂
— ᠴᠢᠨᠦ ᠨᠡᠷ᠎ᠡ ᠬᠡᠨ ᠪᠣᠢ?
— ᠨᠠᠮᠠᠶ᠋ᠢ ᠮᠦᠰᠥ᠋ᠺ ᠭᠡᠨ᠎ᠡ᠂ ᠨᠠᠽᠠᠷ ᠺᠢᠶᠠᠷᠢᠽᠸᠸᠺ ᠤ᠋ᠨ ᠬᠥᠪᠡᠭᠦᠨ
— ᠴᠢᠨᠦ ᠨᠥᠬᠥᠷ ᠦᠷᠶᠠᠩᠾ ᠭᠠᠳᠠᠩ (ᠤᠷᠢᠶᠠᠩᠬᠠᠳᠠᠢ) ᠤ᠋ᠨ ᠬᠡᠯᠡᠭᠰᠡᠨ ᠵᠦᠢᠯ ᠦ᠋ᠳ ᠦᠨᠡᠨ ᠤᠤ?
— ᠪᠠᠷᠤᠭ ᠴᠥᠮ ᠦᠨᠡᠨ᠃
— ᠶᠠᠭᠤ ᠨᠢ ᠦᠨᠡᠨ ᠪᠢᠰᠢ ᠪᠣᠢ?
— ᠥᠪᠡᠷᠰᠡᠳ ᠢ᠋ᠶ᠋ᠡᠨ ᠪᠣᠳᠣᠵᠤ ᠣᠯᠤᠭᠲᠤᠨ᠃ ᠪᠢ ᠬᠡᠯᠡᠬᠦ ᠦᠭᠡᠢ᠃
— ᠡᠨᠡ ᠴᠢᠨᠦ ᠳᠠᠷᠤᠭ᠎ᠠ ᠤᠤ?
— ᠲᠡᠢᠮᠦ ᠠ᠋᠂ ᠡᠨᠡ ᠮᠢᠨᠦ ᠶᠡᠬᠡ ᠳᠠᠷᠤᠭ᠎ᠠ᠃
— ᠲᠠᠨᠠᠷ ᠶᠠᠭᠠᠬᠢᠭᠠᠳ ᠪᠠᠷᠢᠭᠳᠠᠭᠰᠠᠨ ᠪᠣᠢ?
— ᠮᠢᠨᠦ ᠳᠠᠷᠤᠭ᠎ᠠ ᠣᠷᠣᠰ ᠤ᠋ᠨ ᠴᠡᠷᠢᠭ ᠦ᠋ᠳ ᠬᠠᠮᠢᠭ᠎ᠠ ᠪᠠᠢᠭ᠎ᠠ ᠶ᠋ᠢ ᠮᠡᠳᠡᠬᠦ ᠭᠡᠰᠡᠨ ᠶᠤᠮ᠂ ᠲᠡᠭᠡᠭᠡᠳ ᠪᠢᠳᠡ ᠵᠠᠮ ᠢ᠋ᠶ᠋ᠠᠨ ᠠᠯᠳᠠᠵᠤ ᠡᠨᠳᠡ ᠪᠠᠷᠢᠭᠳᠠᠯ᠎ᠠ᠃
ᠸᠠᠩ ᠪᠣᠳᠣᠯᠭ᠎ᠠ ᠪᠣᠯᠵᠤ᠂ ᠵᠠᠩᠭᠢ ᠨᠠᠷ ᠲᠡᠷᠢᠭᠦᠨ ᠢ᠋ᠶ᠋ᠡᠨ ᠳᠣᠷᠣᠭᠰᠢ ᠳᠠᠷᠤᠪᠠ᠃ ᠡᠭᠦᠯᠡ ᠮᠠᠨᠠᠨ ᠮᠡᠲᠦ ᠨᠥᠮᠥᠷᠦᠨ ᠢᠷᠡᠵᠦ ᠪᠠᠢᠭ᠎ᠠ ᠲᠠᠲ᠋ᠠᠷ ᠤ᠋ᠨ ᠴᠡᠷᠢᠭ ᠦ᠋ᠳ ᠲᠡᠢ ᠬᠦᠨᠳᠦ ᠬᠦᠴᠢᠷ ᠲᠤᠯᠤᠯᠳᠤᠭᠠᠨ ᠪᠣᠯᠬᠤ ᠶ᠋ᠢ ᠣᠢᠯᠠᠭᠠᠵᠠᠢ᠃
— ᠬᠡᠨ ᠰᠠᠢᠨ ᠦᠭᠡ ᠬᠡᠯᠡᠬᠦ ᠪᠣᠢ? ᠬᠡᠨ ᠦᠢᠯᠡ ᠶᠠᠪᠤᠳᠠᠯ ᠤ᠋ᠨ ᠵᠥᠪᠯᠡᠯᠭᠡᠨ ᠥᠭᠭᠦᠨ᠎ᠡ ᠪᠣᠢ? ᠭᠡᠵᠦ ᠶᠦᠷᠢ ᠢᠩᠭ᠌ᠸᠡᠷᠸᠸᠢ᠍ᠴ ᠠᠰᠠᠭᠤᠪᠠ᠃ ᠣᠯᠵᠠᠯᠠᠭᠳᠠᠭᠰᠠᠨ ᠨᠢᠭᠡ ᠮᠣᠩᠭᠣᠯ ᠤ᠋ᠨ ᠴᠢᠷᠠᠢ ᠳ᠋ᠤ᠌ ᠬᠣᠱᠣᠩᠨᠠᠬᠤ ᠮᠠᠶᠢᠭ ᠤ᠋ᠨ ᠮᠦᠰᠢᠶᠡᠯᠲᠡ ᠶ᠋ᠢᠨ ᠲᠡᠮᠳᠡᠭ ᠢᠯᠡᠷᠡᠬᠦ ᠮᠡᠲᠦ ᠪᠣᠯᠬᠤ ᠳ᠋ᠤ᠌ ᠸᠠᠩ ᠶᠦᠷᠢ᠂ ᠯᠢᠬᠠᠷᠢ ᠺᠦᠳ᠋ᠷᠶᠠᠱ ᠲᠤ᠌ ᠬᠡᠯᠡᠯ᠎ᠡ᠃
— ᠵᠠ ᠬᠦ ᠺᠦᠳ᠋ᠷᠶᠠᠱ ᠠ᠋᠂ ᠡᠨᠡ ᠬᠣᠶᠠᠷ ᠣᠯᠵᠠᠯᠠᠭᠳᠠᠭᠴᠢᠳ (ᠣᠯᠵᠠᠯᠠᠭᠳᠠᠭᠰᠠᠳ) ᠢ᠋ ᠠᠪᠴᠤ ᠴᠢᠩᠭᠠᠯᠠᠨ ᠪᠠᠷᠢᠵᠤ ᠪᠠᠢ᠃ ᠬᠥᠯ ᠦ᠋ᠳ ᠢ᠋ ᠨᠢ ᠨᠣᠢᠲᠠᠨ ᠰᠤᠷ ᠢ᠋ᠶ᠋ᠠᠷ ᠰᠠᠢᠨ ᠬᠦᠯᠢᠭᠲᠦᠨ᠃ ᠣᠯᠣᠰᠣ ᠶ᠋ᠢ ᠪᠣᠯ ᠲᠠᠰᠤ ᠮᠡᠷᠡᠵᠦ ᠣᠷᠬᠢᠭᠠᠳ ᠵᠢᠭᠤᠲᠠᠨ᠎ᠠ ᠰᠢᠦ᠃ ᠡᠳᠡᠨ ᠢ᠋ ᠡᠨᠳᠡ ᠡᠴᠡ ᠵᠠᠢᠯᠠᠭᠤᠯ᠂ ᠺᠦᠳ᠋ᠷᠶᠠᠱ ᠣᠯᠵᠯᠠᠭᠳᠠᠭᠴᠢᠳ ᠤ᠋ᠨ ᠬᠠᠮᠲᠤ ᠭᠠᠷᠪᠠ᠃ ᠷᠠᠲ᠋ᠢᠪᠤᠷ ᠰᠠᠬᠠᠯ ᠢ᠋ᠶ᠋ᠠᠨ ᠢᠯᠢᠭᠡᠳ ᠴᠡᠭᠡᠵᠢ ᠨᠢ ᠳᠠᠪᠴᠢᠳᠠᠬᠤ ᠮᠡᠲᠦ ᠬᠣᠭᠣᠯᠠᠢ ᠪᠠᠨ ᠵᠠᠰᠠᠵᠤ ᠤᠷᠲᠤ ᠰᠡᠭᠦᠷᠡᠰᠦ ᠠᠯᠳᠠᠨ᠎ᠠ᠃ ᠵᠠᠩᠭᠢ ᠨᠠᠷ ᠲᠣᠪ ᠳᠤᠭᠤᠢ ᠰᠠᠭᠤᠵᠠᠭᠠᠪᠠ᠃
ᠸᠠᠩ᠂ ᠷᠠᠲ᠋ᠢᠪᠣᠷ ᠳᠠᠰᠢ ᠬᠠᠨᠳᠤᠵᠤ᠂
— ᠡᠴᠢᠭᠡ ᠷᠠᠲ᠋ᠢᠪᠣᠷ ᠠ᠋᠂ ᠴᠢᠮᠠᠲᠤ ᠪᠠᠢᠯᠳᠤᠭᠠᠨ ᠤ᠋ ᠲᠤᠷᠰᠢᠯᠭ᠎ᠠ ᠶᠡᠬᠡ ᠰᠢᠦ ᠳᠡ᠃ ᠡᠨᠡ ᠮᠠᠭᠤᠬᠠᠢ ᠮᠣᠩᠭᠣᠯᠴᠤᠳ ᠤ᠋ᠨ ᠬᠡᠯᠡᠭᠰᠡᠨ ᠮᠡᠳᠡᠭᠡᠨ ᠦ᠌ ᠲᠤᠬᠠᠢ ᠶᠠᠭᠤ ᠪᠣᠳᠣᠵᠤ ᠪᠠᠢᠭ᠎ᠠ ᠪᠠᠨ ᠴᠢ ᠬᠡᠯᠡᠮᠡᠷ ᠪᠠᠢᠨ᠎ᠠ (ᠤᠤ?)
— ᠮᠣᠩᠭᠣᠯᠴᠤᠳ ᠪᠢᠳᠡᠨ ᠦ᠌ ᠡᠮᠦᠨ᠎ᠡ ᠪᠡᠶ᠎ᠡ ᠪᠡᠨ ᠮᠠᠭᠲᠠᠵᠤ ᠪᠠᠢᠨ᠎ᠠ᠃ ᠲᠡᠳᠡᠨ ᠦ᠌ ᠴᠡᠷᠢᠭ ᠣᠯᠠᠨ ᠭᠡᠳᠡᠭ ᠴᠦ᠍ ᠦᠨᠡᠨ᠃ ᠭᠡᠲᠡᠯ᠎ᠡ ᠲᠡᠳᠡ ᠨᠠᠷ ᠲᠤ᠌ ᠨᠢᠭᠡ ᠲᠠᠯ᠎ᠠ ᠪᠠᠷ ᠰᠠᠢᠨ᠂ ᠨᠥᠭᠦᠭᠡ ᠲᠠᠯ᠎ᠠ ᠪᠠᠷ ᠮᠠᠭᠤ ᠵᠦᠢᠯ ᠪᠣᠢ᠃ ᠲᠡᠳᠡᠨ ᠦ᠌ ᠬᠢ ᠰᠢᠭ ᠶᠡᠬᠡ ᠴᠡᠷᠢᠭ ᠨᠢᠭᠡ ᠭᠠᠵᠠᠷ ᠤᠳᠠᠲᠠᠯ᠎ᠠ ᠪᠠᠢᠵᠤ ᠦᠯᠦ ᠴᠢᠳᠠᠨ᠎ᠠ᠃ ᠮᠣᠩᠭᠣᠯᠴᠤᠳ ᠤ᠋ᠨ ᠮᠣᠷᠢᠳ ᠪᠦᠬᠦ ᠪᠡᠯᠴᠢᠭᠡᠷ ᠢ᠋ ᠢᠳᠡᠵᠦ ᠭᠦᠢᠴᠡᠭᠡᠳ ᠲᠤᠭᠤᠷᠠᠢ ᠪᠠᠷ ᠭᠠᠵᠠᠷ ᠰᠡᠨᠳᠡᠯᠵᠦ ᠦᠨᠳᠦᠰᠦ ᠶ᠋ᠢ ᠬᠦᠷᠲᠡᠯ᠎ᠡ ᠢᠳᠡᠵᠦ ᠪᠠᠢᠨ᠎ᠠ᠃ ᠳᠠᠬᠢᠭᠠᠳ ᠬᠡᠳᠦᠨ ᠬᠣᠨᠣᠭ ᠪᠣᠯᠪᠠᠯ ᠮᠣᠩᠭᠣᠯᠴᠤᠳ ᠤ᠋ᠨ ᠠᠳᠤᠭᠤ ᠦᠬᠦᠵᠦ ᠡᠬᠢᠯᠡᠨ᠎ᠡ᠃ ᠲᠡᠭᠡᠭᠡᠳ ᠨᠢᠭᠡ ᠨᠢᠭᠡ ᠶ᠋ᠢᠨ ᠢ᠋ᠶ᠋ᠡᠨ ᠰᠡᠭᠦᠯ ᠢ᠋ ᠵᠤᠯᠭᠠᠭᠠᠵᠤ ᠢᠳᠡᠬᠦ ᠪᠣᠯᠤᠨ᠎ᠠ᠃ ᠡᠢᠮᠦ ᠤᠴᠢᠷ ᠠ᠋ᠴᠠ ᠷᠶᠠᠽᠠᠨ ᠳᠠᠰᠢ ᠪᠦᠭᠦᠳᠡᠭᠡᠷ ᠢ᠋ᠶ᠋ᠡᠨ ᠢᠷᠡᠵᠦ ᠶᠠᠪᠤᠭ᠎ᠠ ᠪᠢᠰᠢ᠂ ᠬᠠᠷᠢᠨ ᠥᠷᠭᠡᠨ ᠡᠩᠨᠡᠭᠡ ᠪᠡᠷ ᠵᠢᠭᠦᠷ ᠳᠡᠯᠭᠡᠨ ᠬᠥᠳᠡᠯᠵᠦ᠂ ᠲᠠᠯᠬ᠎ᠠ ᠡᠪᠡᠰᠦ ᠣᠯᠬᠤ ᠶ᠋ᠢᠨ ᠲᠤᠯᠠ ᠪᠤᠰᠤᠳ ᠬᠣᠲᠠ ᠨᠤᠭᠤᠳ ᠢ᠋ ᠳᠠᠭᠠᠷᠢᠯ᠎ᠠ᠃ ᠬᠡᠷᠪᠡ ᠮᠠᠨ ᠤ᠋ ᠸᠠᠩ ᠤ᠋ᠳ ᠡᠪ ᠨᠠᠢᠷᠠᠮᠳᠠᠯ ᠲᠠᠢ ᠨᠢᠭᠡᠳᠦᠮᠡᠯ ᠪᠣᠯ ᠶᠠᠮᠠᠷ ᠴᠤ᠌ ᠮᠣᠩᠭᠣᠯᠴᠤᠳ ᠪᠢᠳᠡᠨ ᠳ᠋ᠦ᠍ ᠠᠶᠤᠮᠰᠢᠭᠲᠠᠢ ᠪᠠᠢᠬᠤ ᠦᠭᠡᠢ ᠰᠠᠨ᠃
— ᠮᠣᠩᠭᠣᠯᠴᠤᠳ ᠦᠨᠡᠨ ᠬᠡᠯᠡᠭᠰᠡᠨ ᠤᠤ?
— ᠲᠠᠲ᠋ᠠᠷ ᠤ᠋ᠨ ᠴᠡᠷᠢᠭ ᠦ᠋ᠳ ᠢ᠋ ᠶᠡᠷᠡᠨ ᠶᠢᠰᠦᠨ ᠵᠢᠯ ᠲᠣᠭᠠᠯᠠᠨ᠎ᠠ ᠭᠡᠬᠦ ᠮᠡᠲᠦ ᠪᠡᠷ ᠬᠤᠳᠠᠯ ᠬᠡᠯᠡᠵᠦ ᠪᠠᠢᠬᠤ ᠦᠭᠡᠢ ᠤᠤ᠃
— ᠲᠡᠢᠮᠦ ᠪᠢᠵᠡ ᠳᠡ?
— ᠴᠢᠨᠦ ᠪᠣᠳᠣᠬᠤ ᠳ᠋ᠤ᠌ ᠶᠠᠭᠠᠬᠢᠪᠠᠯ ᠵᠣᠬᠢᠬᠤ ᠪᠠᠢᠨ᠎ᠠ ᠪᠣᠢ?
—ᠮᠣᠩᠭᠣᠯᠴᠤᠳ ᠡᠨᠳᠡ ᠡᠴᠡ ᠫᠷᠣᠨᠰᠺᠠ ᠬᠦᠷᠲᠡᠯ᠎ᠡ ᠦᠷᠭᠦᠯᠵᠢᠯᠡᠵᠦ ᠪᠠᠢᠨ᠎ᠠ᠃ ᠲᠡᠳᠡᠨᠡᠷ ᠨᠢᠭᠡ ᠪᠥᠭᠡᠨᠡᠷᠡᠭᠰᠡᠨ ᠬᠦᠴᠦ ᠪᠡᠷ ᠮᠠᠨ ᠢ᠋ ᠴᠣᠬᠢᠬᠤ ᠦᠭᠡᠢ᠃ ᠡᠨᠡ ᠮᠣᠩᠭᠣᠯ ᠬᠤᠳᠠᠯ ᠴᠠᠯᠴᠢᠭᠠ ᠦᠭᠡᠢ ᠪᠣᠯ ᠮᠠᠨ ᠤ᠋ ᠡᠮᠦᠨ᠎ᠡ ᠭᠦᠶᠦᠭ ᠬᠠᠭᠠᠨ ᠤ᠋ ᠪᠠ ᠪᠠᠲᠤ ᠬᠠᠭᠠᠨ ᠤ᠋ ᠥᠪᠡᠷ ᠦ᠋ᠨ ᠬᠢᠨᠢ ᠴᠡᠷᠢᠭ ᠦ᠋ᠳ ᠪᠠᠢᠨ᠎ᠠ᠃ ᠨᠢᠭᠡ ᠴᠦ᠍ ᠴᠠᠭ ᠢ᠋ ᠭᠡᠭᠡᠭᠳᠡᠭᠦᠯᠦᠯ ᠦᠭᠡᠢ ᠤᠷᠤᠭᠰᠢ ᠳᠠᠪᠰᠢᠵᠤ ᠪᠠᠲᠤ ᠶ᠋ᠢᠨ ᠴᠡᠷᠢᠭ ᠦ᠋ᠨ ᠳᠤᠮᠳᠠ ᠠ᠋ᠴᠠ ᠬᠥᠶᠦᠭ ᠦ᠋ᠨ ᠴᠡᠷᠢᠭ ᠢ᠋ ᠴᠤᠭᠤᠯᠤᠨ ᠬᠢᠳᠤᠬᠤ ᠬᠡᠷᠡᠭᠲᠡᠢ ᠪᠠᠢᠨ᠎ᠠ᠃ ᠡᠨᠡ ᠰᠢᠭᠤᠷᠭ᠎ᠠ ᠪᠠᠷ ᠲᠡᠳᠡ ᠨᠠᠷ ᠶᠠᠭᠤ ᠶ᠋ᠢ ᠴᠦ᠍ ᠠᠵᠢᠭᠯᠠᠬᠤ ᠦᠭᠡᠢ ᠬᠥᠶᠦᠭ ᠦ᠋ᠨ ᠴᠡᠷᠢᠭ ᠦ᠋ᠳ ᠢ᠋ ᠳᠣᠪᠲᠣᠯᠵᠤ ᠬᠥᠭᠡᠭᠡᠨ ᠵᠠᠢᠯᠠᠭᠤᠯᠤᠶᠠ᠃ ᠳᠠᠷᠠᠭ᠎ᠠ ᠪᠠᠷ ᠨᠢ ᠪᠠᠲᠤ ᠶ᠋ᠢᠨ ᠴᠡᠷᠢᠭ ᠲᠡᠰᠢ ᠡᠷᠭᠢᠨ᠎ᠡ᠃ ᠡᠨᠡ ᠪᠣᠯ ᠬᠦᠨᠳᠦ ᠬᠡᠷᠡᠭ᠂ ᠭᠡᠪᠡᠴᠦ ᠬᠡᠷᠪᠡ ᠮᠣᠩᠭᠣᠯ ᠤ᠋ᠨ ᠴᠡᠷᠢᠭ ᠦ᠋ᠳ ᠪᠢᠳᠡ ᠲᠡᠰᠢ ᠣᠪᠣᠭᠠᠷᠠᠨ ᠢᠷᠡᠪᠡᠯ ᠤᠯᠠᠮ ᠬᠡᠴᠡᠭᠦᠦ ᠪᠣᠯᠤᠨ᠎ᠠ ᠰᠢᠦ ᠳᠡ᠃ ᠲᠡᠭᠡᠪᠡᠯ ᠮᠠᠨ ᠤ᠋ ᠲᠡᠭᠦᠰᠬᠡᠯ ᠪᠣᠯᠬᠤ ᠨᠢ ᠲᠡᠷᠡ ᠭᠡᠬᠦ ᠳ᠋ᠦ᠍ ᠵᠠᠩᠭᠢ ᠨᠠᠷ ᠳᠤᠤᠭᠠᠷᠴᠠᠭᠠᠵᠤ ᠪᠤᠯᠢᠶᠠᠴᠠᠯᠳᠤᠪᠠ᠃ ᠬᠥᠮᠦᠨ ᠪᠦᠷᠢ ᠥᠪᠡᠷ ᠦ᠋ᠨ ᠵᠥᠪᠯᠡᠯᠭᠡᠨ ᠢ᠋ ᠥᠭᠴᠦ ᠪᠠᠢᠪᠠ᠃ ᠸᠠᠩ ᠶᠦᠷᠢ ᠢᠩᠬ᠌ᠸᠨᠷᠸᠸᠢᠴ ᠡᠴᠦᠰ ᠲᠦ᠋ᠨᠢ ᠷᠠᠲ᠋ᠢᠪᠤᠷ ᠤ᠋ᠨ ᠵᠥᠪᠯᠡᠯᠭᠡᠨ ᠢ᠋ ᠬᠦᠯᠢᠶᠡᠨ ᠠᠪᠤᠪᠠ᠃ ᠦᠷ ᠭᠡᠭᠡᠷᠡᠬᠦ ᠦᠶ᠎ᠡ ᠳ᠋ᠦ᠍ ᠴᠡᠷᠢᠭ ᠦ᠋ᠳ ᠢ᠋ᠶ᠋ᠡᠨ ᠪᠤᠰᠬᠠᠵᠤ ᠲᠠᠲ᠋ᠠᠷ ᠤ᠋ᠨ ᠵᠡᠭᠦᠨ ᠵᠢᠭᠦᠷ ᠢ᠋ ᠳᠣᠪᠲᠣᠯᠬᠤ ᠪᠠᠷ ᠲᠤᠰᠢᠶᠠᠪᠠ᠃
ᠦᠰᠦᠭ ᠠᠮᠢᠯᠠᠭᠤᠯᠤᠭᠴᠢ᠄ ᠭᠡᠷᠡᠯ᠂ ᠬᠡᠷᠡᠢᠳ· ᠮᠥᠩᠬᠡᠨᠠᠰᠤᠨ᠂ ᠠᠯᠲᠠᠨᠴᠢᠮᠡᠭ
ᠬᠢᠨᠠᠭᠴᠢ᠄ ᠪᠠᠶᠠᠨᠴᠡᠴᠡᠭ᠂ ᠠᠯᠲᠠᠨᠴᠢᠮᠡᠭ᠂ ᠠᠷᠢᠭᠤᠨ᠂ ᠲ· ᠬᠦᠮᠦᠵᠢᠯᠲᠦ