ᠪᠠᠲᠤ ᠬᠠᠭᠠᠨ 4-06 ᠸᠠᠩ ᠤ᠋ᠨ ᠬᠠᠲᠤᠨ ᠶᠸᠧᠫᠷᠡᠺᠰᠧᠶᠥ᠋ᠱᠺᠡ-ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ-Bat khaan Бат хаан-ᠷᠣᠮᠠᠨ
ᠵᠢᠷᠭᠤᠭ᠎ᠠ ᠸᠠᠩ ᠤ᠋ᠨ ᠬᠠᠲᠤᠨ ᠶᠸᠧᠫᠷᠡᠺᠰᠧᠶᠥ᠋ᠱᠺᠡ
ᠡᠳᠦᠷ ᠦ᠋ᠳ ᠥᠩᠭᠡᠷᠡᠭᠰᠡᠭᠡᠷ ᠪᠠᠢᠯ᠎ᠠ᠃ ᠲᠠᠲ᠋ᠠᠷ ᠤ᠋ᠳ ᠲᠤ᠌ ᠶᠠᠪᠤᠭᠤᠯᠤᠭᠰᠠᠨ ᠡᠯᠴᠢᠨ ᠡᠴᠡ ᠮᠡᠳᠡᠭᠡ ᠦᠭᠡᠢ᠂ ᠷᠶᠠᠽᠠᠨ ᠬᠣᠲᠠᠨ ᠳ᠋ᠤ᠌ ᠶᠡᠷᠦ ᠪᠤᠰᠤ ᠪᠠᠷ ᠰᠠᠨᠳᠤᠷᠴᠤ ᠡᠬᠢᠯᠡᠯ᠎ᠡ᠃
— ᠡᠯᠴᠢ ᠨᠤᠭᠦᠳ ᠶᠠᠭᠠᠬᠢᠪᠠ? ᠶᠠᠭᠤᠨ ᠳ᠋ᠤ᠌ ᠡᠯᠴᠢ ᠢᠯᠡᠭᠡᠳᠡᠭ ᠦᠭᠡᠢ ᠪᠢᠯᠡ? ᠬᠡᠳᠦᠢ ᠳ᠋ᠦ᠍ ᠢᠷᠡᠬᠦ ᠶᠤᠮ ᠪᠣᠯ ᠳ᠋ᠠ᠂ ᠸᠠᠩ ᠤ᠋ᠨ ᠬᠠᠲᠤᠨ ᠶᠸᠧᠫᠷᠡᠺᠰᠧᠶᠥ᠋ᠱᠺᠡ ᠪᠠᠢᠷᠢ ᠰᠠᠭᠤᠷᠢᠨ ᠳ᠋ᠠᠭᠠᠨ ᠲᠣᠭᠲᠠᠵᠤ ᠶᠠᠳᠠᠬᠤ ᠪᠣᠯᠤᠯ᠎ᠠ᠃
— ᠶᠠᠭᠤᠨ ᠳ᠋ᠤ᠌ ᠪᠢ ᠹᠸᠣᠳᠣᠷ ᠢ᠋ ᠶᠠᠪᠤᠭᠤᠯᠤᠯ᠎ᠠ᠂ ᠨᠠᠮᠠᠶ᠋ᠢ ᠠᠪᠤᠭᠠᠳ ᠶᠠᠪᠤ ᠭᠡᠵᠦ ᠶᠠᠭᠤᠨ ᠳ᠋ᠤ᠌ ᠭᠤᠶᠤᠭᠰᠠᠨ ᠦᠭᠡᠢ ᠪᠢᠯᠡ? ᠪᠢ ᠲᠡᠭᠦᠨ ᠢ᠋ ᠲᠡᠨᠳᠡ ᠬᠠᠮᠠᠭᠠᠯᠠᠭᠰᠠᠨ ᠭᠡᠵᠦ ᠬᠠᠲᠤᠨ ᠥᠨᠳᠥᠷ ᠰᠦᠮ᠎ᠡ ᠶ᠋ᠢᠨ ᠳᠡᠭᠡᠳᠦ ᠲᠣᠰᠤᠯᠭᠠᠨ ᠳ᠋ᠤ᠌ ᠰᠠᠭᠤᠵᠤ ᠴᠠᠭ ᠢ᠋ ᠥᠩᠭᠡᠷᠡᠭᠡᠨ᠎ᠡ᠃ ᠤᠳᠠᠲᠠᠯ᠎ᠠ ᠬᠦᠯᠢᠶᠡᠭᠰᠡᠨ ᠠᠶᠠᠨᠴᠢᠨ ᠦᠵᠡᠭᠳᠡᠬᠦ ᠪᠣᠯᠪᠠᠤ ᠭᠡᠵᠦ ᠭᠡᠭᠡᠪᠴᠢ ᠪᠡᠷ ᠴᠠᠭᠠᠨ ᠲᠠᠯ᠎ᠠ ᠶ᠋ᠢ ᠴᠥᠬᠥᠷᠡᠯ ᠦᠭᠡᠢ ᠰᠢᠷᠲᠡᠨ᠎ᠡ᠃
ᠭᠡᠪᠡᠴᠦ ᠬᠢᠵᠠᠭᠠᠷ ᠦᠭᠡᠢ ᠬᠣᠭᠣᠰᠣᠨ ᠲᠠᠯ᠎ᠠ ᠭᠤᠨᠢᠭ ᠲᠠᠢ ᠪᠠᠷ ᠲᠦᠩᠰᠦᠢᠵᠦ ᠮᠡᠨᠳᠦ ᠶ᠋ᠢᠨ ᠴᠥ᠍ ᠬᠠᠷᠢᠭᠤ ᠦᠭᠡᠢ ᠠᠵᠢ᠃ ᠶᠸᠧᠫᠷᠡᠺᠰᠧᠶᠥ᠋ᠱᠺᠡ ᠶ᠋ᠢᠨ ᠬᠠᠷ᠎ᠠ ᠨᠢᠳᠦ ᠬᠡᠳᠦᠢ ᠰᠢᠷᠳᠡᠪᠡᠴᠦ᠂ ᠶᠠᠪᠤᠭᠰᠠᠨ ᠡᠯᠴᠢ ᠶ᠋ᠢᠨ ᠪᠠᠷ᠎ᠠ ᠬᠠᠷᠠᠭᠳᠠᠬᠤ ᠦᠭᠡᠢ ᠠᠵᠢ᠃ ᠬᠠᠲᠤᠨ ᠤ᠋ ᠰᠠᠢᠬᠠᠨ ᠨᠢᠳᠦ ᠮᠠᠨᠠᠨᠲᠤᠵᠤ᠂ ᠵᠠᠯᠠᠭᠤ ᠴᠢᠷᠠᠢ ᠨᠢ ᠬᠤᠪᠠᠬᠠᠢᠷᠠᠨ ᠭᠤᠨᠢᠭᠲᠤ ᠨᠢᠯᠪᠤᠰᠤ ᠪᠠᠨ ᠠᠰᠬᠠᠷᠠᠭᠤᠯᠤᠨ ᠰᠤᠯᠠᠳᠠᠭᠰᠠᠨ ᠭᠠᠷ ᠳᠡᠭᠡᠷ᠎ᠡ ᠪᠡᠨ ᠲᠣᠯᠣᠭᠠᠢ ᠪᠠᠨ ᠤᠨᠠᠭᠠᠨ᠎ᠠ᠃ ᠬᠠᠢᠷᠠᠲᠤ ᠮᠢᠨᠢ ᠶᠠᠭᠤᠨ ᠳ᠋ᠤ᠌ ᠢᠩᠭᠢᠵᠦ ᠪᠡᠶ᠎ᠡ ᠪᠡᠨ ᠵᠣᠪᠠᠭᠠᠨ᠎ᠠ ᠪᠣᠢ ᠭᠡᠵᠦ ᠠᠰᠠᠷᠠᠭᠴᠢ ᠡᠮᠡᠭᠡᠨ ᠠᠷᠭᠠᠳᠠᠨ᠎ᠠ᠃
— ᠢᠩᠭᠢᠵᠦ ᠪᠣᠯᠬᠤ ᠦᠭᠡᠢ ᠰᠢᠦ ᠳ᠋ᠠ᠂ ᠸᠠᠩ ᠨᠣᠶᠠᠨᠲᠠᠨ ᠢᠷᠡᠭᠡᠳ ᠶᠠᠭᠤ ᠭᠡᠵᠦ ᠬᠡᠯᠡᠬᠦ ᠶᠤᠮ ᠪᠣᠢ? ᠴᠢᠮᠠᠶ᠋ᠢ ᠠᠰᠠᠷᠠᠵᠤ ᠬᠠᠮᠠᠭᠠᠯᠠᠭᠰᠠᠨ ᠦᠭᠡᠢ᠁᠂᠂ ᠴᠢᠷᠠᠢ ᠪᠠᠨ ᠬᠠᠷᠠᠭᠠᠴᠢ !ᠬᠡᠴᠢᠨᠡᠨ ᠲᠤᠷᠠᠴᠢᠬᠠᠪᠠ?
— ᠪᠢ ᠵᠣᠪᠠᠵᠤ ᠭᠦᠢᠴᠡᠯ᠎ᠡ᠂᠂᠂᠂᠂᠂
— ᠵᠢᠷᠦᠬᠡ ᠮᠢᠨᠢ ᠭᠠᠢ ᠵᠣᠪᠠᠯᠠᠩ ᠢ᠋ ᠵᠥᠩᠨᠡᠯᠡ᠃
— ᠵᠠ᠂ ᠪᠣᠯᠢ᠂ ᠴᠢ ᠶᠠᠭᠤ ᠶᠠᠷᠢᠨ᠎ᠠ ᠪᠣᠢ?
ᠠᠮᠠᠨ ᠤ᠋ ᠮᠠᠭᠤ ᠪᠠᠷ ᠠᠰᠢᠳᠠ ᠶ᠋ᠢᠨ ᠪᠤᠶᠠᠨ ᠭᠡᠵᠦ ᠬᠥᠭᠰᠢᠨ ᠶᠠᠭᠠᠷᠠᠩᠭᠤᠢ ᠪᠠᠷ ᠡᠮᠦᠨᠡᠬᠢ ᠪᠤᠯᠤᠩ ᠳ᠋ᠠᠬᠢ ᠪᠤᠷᠬᠠᠨ ᠳ᠋ᠠᠭᠠᠨ ᠵᠠᠯᠪᠠᠷᠢᠵᠤ ᠨᠠᠮᠠᠨᠴᠢᠯᠠᠵᠤ ᠮᠥᠷᠭᠥᠪᠡ᠃ ᠶᠸᠧᠫᠷᠡᠺᠰᠧᠶᠥ᠋ᠱᠺᠡ ᠲᠦᠭᠰᠢᠭᠦᠷᠢᠲᠦ ᠭᠤᠨᠢᠭᠯᠠᠯ ᠳ᠋ᠤ᠌ ᠭᠠᠰᠠᠯᠤᠨ ᠮᠥᠷᠥᠭᠡᠳᠴᠦ ᠣᠷᠳᠣᠨ ᠤ᠋ ᠳᠣᠲᠣᠷ᠎ᠠ ᠲᠡᠨᠦᠭᠦᠴᠢᠯᠡᠨ ᠶᠠᠪᠤᠲᠠᠯ᠎ᠠ ᠬᠥᠮᠦᠰ ᠦ᠋ᠨ ᠴᠢᠩᠭ᠎ᠠ ᠴᠢᠩᠭ᠎ᠠ ᠣᠷᠢᠯᠠᠯᠳᠤᠬᠤ ᠬᠡᠷᠴᠡᠭᠡᠢ ᠳᠠᠭᠤᠨ ᠰᠣᠨᠣᠰᠳᠠᠬᠤ ᠳ᠋ᠤ᠌ ᠬᠠᠲᠤᠨ ᠲᠡᠷᠡ ᠲᠠᠰᠤᠯᠭᠠᠨ ᠳ᠋ᠤ᠌ ᠣᠷᠣᠪᠠᠯ ᠸᠠᠩ ᠤ᠋ᠳ ᠪᠣᠯᠤᠨ ᠪᠠᠢᠯᠳᠤᠭᠠᠨ ᠤ᠋ ᠤᠳᠤᠷᠢᠳᠤᠭᠴᠢᠳ ᠴᠤᠭᠯᠠᠭᠠᠳ᠂ ᠵᠥᠪᠯᠡᠯᠭᠡᠨ ᠬᠢᠵᠦ ᠪᠠᠢᠪᠠ᠃ ᠡᠳᠡ ᠨᠠᠷ ᠬᠠᠰᠬᠢᠷᠤᠯᠳᠤᠨ ᠶᠠᠷᠢᠯᠴᠠᠵᠤ ᠱᠤᠤᠭᠢᠯᠳᠤᠨ ᠲᠡᠮᠡᠴᠡᠯᠳᠦᠵᠦ ᠰᠠᠭᠤᠬᠤ ᠨᠢ ᠨᠢᠭᠡ ᠨᠢ ᠨᠢᠭᠡ ᠶᠠᠭᠤᠮ᠎ᠠ ᠬᠡᠯᠡᠬᠦ ᠳ᠋ᠦ᠍ ᠨᠥᠭᠦᠭᠡ ᠨᠢ ᠡᠷᠡᠰ ᠲᠠᠲᠠᠭᠠᠯᠵᠠᠵᠤ ᠲᠡᠮᠡᠴᠡᠯᠳᠦᠭᠰᠡᠭᠡᠷ ᠶᠠᠮᠠᠷ ᠴᠤ᠌ ᠰᠢᠢᠳᠪᠦᠷᠢ ᠭᠠᠷᠭᠠᠵᠤ ᠴᠢᠳᠠᠯ ᠦᠭᠡᠢ ᠪᠡᠷ ᠤᠷᠲᠤ ᠰᠢᠷᠡᠭᠡᠨ ᠦ᠌ ᠬᠣᠢᠨ᠎ᠠ ᠰᠠᠭᠤᠵᠤ ᠪᠠᠬᠠᠨ ᠢᠳᠡᠵᠦ ᠤᠤᠭᠤᠵᠤ ᠪᠠᠢᠭᠠᠳ ᠳᠠᠬᠢᠨ ᠮᠠᠷᠭᠤᠯᠳᠤᠵᠤ ᠡᠬᠢᠯᠡᠪᠡ᠃
— ᠪᠠᠰᠠ ᠳᠠᠬᠢᠨ ᠨᠢᠭᠡᠨ ᠤᠳᠠᠭ᠎ᠠ ᠲᠣᠮᠣ ᠬᠣᠲᠠ ᠪᠦᠬᠦᠨ ᠳ᠋ᠦ᠍ ᠡᠯᠴᠢ ᠶᠠᠪᠤᠭᠤᠯᠬᠤ ᠬᠡᠷᠡᠭᠲᠡᠢ ᠭᠡᠵᠦ ᠴᠡᠯ ᠪᠤᠭᠤᠷᠤᠯ ᠶᠡᠬᠡᠮᠰᠦᠭ ᠸᠠᠩ ᠬᠡᠯᠡᠪᠡ᠃
— ᠪᠦᠬᠦ ᠸᠠᠩ ᠤ᠋ᠳ ᠢ᠋ ᠴᠤᠭᠯᠠᠭᠤᠯᠵᠤ ᠪᠦᠬᠦ ᠣᠯᠠᠨ ᠲᠦᠮᠡᠨ ᠳ᠋ᠡᠭᠡᠨ ᠵᠠᠷᠯᠠᠭᠠᠳ ᠴᠥᠮ ᠰᠠᠨᠠᠯ ᠨᠢᠭᠡᠳᠬᠡᠨ ᠲᠠᠲ᠋ᠠᠷ ᠤ᠋ᠨ ᠲᠦᠷᠢᠮᠡᠬᠡᠢᠯᠡᠭᠴᠢᠳ ᠦ᠋ᠨ ᠡᠰᠡᠷᠭᠦ ᠬᠠᠮᠲᠤᠷᠠᠨ ᠮᠣᠷᠳᠠᠬᠤ ᠬᠡᠷᠡᠭᠲᠡᠢ᠃
— ᠬᠠᠷᠢᠨ ᠴᠥᠮ ᠢ᠋ ᠴᠤᠭᠯᠠᠭᠤᠯᠴᠢᠬᠠᠬᠤ ᠪᠠᠢᠬ᠎ᠠ ᠭᠡᠵᠦ ᠸᠠᠩ ᠶᠦᠷᠢ ᠢᠩᠸᠠᠷᠸᠸᠢᠴ ᠵᠥᠷᠢᠨ᠎ᠡ᠃ ᠸᠯᠠᠳᠢᠮᠢᠷ ᠰᠦᠽᠳ᠋ᠠᠯᠢᠰᠺ ᠤ᠋ᠨ ᠸᠠᠩ ᠭ᠌ᠸᠤᠷᠺᠢ ᠳ᠋ᠦ᠍ ᠪᠢ ᠮᠥᠨ ᠡᠢᠮᠦ ᠰᠠᠨᠠᠯ ᠢ᠋ ᠶᠠᠪᠤᠭᠤᠯᠤᠭᠰᠠᠨ ᠨᠢ ᠶᠠᠮᠠᠷ ᠴᠤ᠌ ᠪᠦᠲᠦᠯ ᠠᠯᠠᠭ᠎ᠠ᠂ ᠶᠠᠳᠠᠬᠤ ᠳ᠋ᠠᠭᠠᠨ ᠬᠠᠷᠢᠭᠤ ᠴᠤ᠌ ᠢᠷᠡᠭᠰᠡᠨ ᠦᠭᠡᠢ᠃
— ᠶᠡᠬᠡ ᠸᠠᠩ ᠸᠯᠠᠳ᠋ᠢᠮᠢᠷᠰᠺᠢ ᠥᠪᠡᠷ ᠦ᠋ᠨ ᠬᠣᠲᠠ ᠪᠠᠨ ᠦᠯᠡᠳᠡᠭᠡᠵᠦ ᠴᠡᠷᠢᠭ ᠦ᠋ᠨ ᠢ᠋ᠶ᠋ᠡᠨ ᠬᠣᠷᠢᠶᠠᠳ ᠢ᠋ ᠬᠥᠳᠡᠯᠭᠡᠨ ᠲᠤᠰᠠᠯᠠᠬᠤ ᠪᠠᠷ ᠢᠷᠡᠬᠦ ᠦᠭᠡᠢ ᠭᠡᠵᠢ ᠤᠤ ᠳ᠋ᠠ᠃
— ᠤᠳᠠᠭᠠᠰᠢᠷᠠᠭᠤᠯᠬᠤ ᠨᠢ ᠯᠠᠪ᠃ ᠮᠠᠨ ᠤ᠋ ᠬᠣᠬᠢᠷᠠᠵᠤ ᠰᠦᠢᠳᠬᠦ ᠳ᠋ᠦ᠍ ᠲᠡᠷᠡ ᠪᠠᠶᠠᠷᠯᠠᠵᠤ ᠪᠠᠢᠬ᠎ᠠ᠃ ᠤᠴᠢᠷ ᠨᠢ ᠲᠡᠷᠡ ᠷᠶᠠᠽᠠᠨ ᠤ᠋ ᠨᠤᠲᠤᠭ ᠢ᠋ ᠡᠵᠡᠯᠡᠵᠦ ᠠᠪᠬᠤ ᠰᠠᠨᠠᠭ᠎ᠠ ᠶ᠋ᠢ ᠠᠬᠤᠭᠤᠯᠤᠭᠰᠠᠭᠠᠷ ᠥᠨᠥ ᠪᠣᠯᠵᠠᠢ ᠭᠡᠳ ᠡᠪᠦᠭᠡᠨ ᠸᠠᠩ ᠴᠠᠭᠠᠨ ᠲᠣᠯᠣᠭᠠᠢ ᠪᠠᠨ ᠭᠤᠨᠢᠭᠲᠠᠢ ᠪᠠᠷ ᠭᠠᠩᠬᠤᠭᠤᠯᠵᠤ ᠥᠭᠦᠯᠡᠷᠦᠨ᠄
— ᠬᠡᠷᠡᠭᠦᠯ ᠮᠠᠷᠭᠤᠭᠠᠨ ᠢ᠋ ᠣᠷᠬᠢᠬᠤ ᠴᠠᠭ ᠪᠣᠯᠤᠭᠠᠳ ᠪᠠᠢᠨ᠎ᠠ᠃ ᠪᠢᠳᠡᠨᠡᠷ ᠭᠠᠭᠴᠠ ᠭᠠᠭᠴᠠᠭᠠᠷ ᠢ᠋ᠶ᠋ᠠᠷ ᠢ᠋ᠶ᠋ᠠᠨ ᠪᠣᠯᠪᠠᠯ ᠲᠠᠲ᠋ᠠᠷ ᠤ᠋ᠳ ᠬᠢᠯᠪᠠᠷᠬᠠᠨ ᠳᠡᠢᠯᠬᠦ ᠪᠣᠯᠤᠨ᠎ᠠ᠃ ᠪᠢᠳᠡ ᠬᠦᠴᠦ ᠪᠡᠨ ᠨᠢᠭᠡᠳᠬᠡᠪᠡᠯ ᠲᠡᠳᠡ ᠪᠢᠳᠡᠨ ᠢ᠋ ᠳᠡᠢᠯᠬᠦ ᠦᠭᠡᠢ ᠪᠣᠯᠤᠨ᠎ᠠ᠃ ᠪᠢᠳᠡᠨᠡᠷ ᠬᠠᠮᠲᠤᠷᠠᠵᠤ ᠨᠢᠭᠡᠨ ᠲᠣᠯᠣᠭᠠᠢ ᠪᠠᠷ ᠪᠣᠳᠣᠬᠤ ᠬᠡᠷᠡᠭᠲᠡᠢ ᠭᠡᠬᠦ ᠳ᠋ᠦ᠍ ᠨᠢᠭᠡᠨ ᠵᠠᠯᠠᠭᠤ ᠸᠠᠩ ᠰᠣᠴᠢᠮᠠᠭ ᠠᠭᠤᠷᠯᠠᠵᠤ ᠰᠠᠭᠤᠳᠠᠯ ᠠ᠋ᠴᠠ ᠪᠣᠰᠤᠨ ᠬᠠᠷᠠᠢᠵᠤ᠂
— ᠠ᠂ ᠲᠡᠷᠡ ᠲᠣᠯᠣᠭᠠᠢᠯᠠᠭᠴᠢᠳ ᠨᠢ ᠴᠢᠮᠠᠶ᠋ᠢ ᠲᠣᠮᠢᠯᠠᠬᠤ ᠤᠤ?
— ᠪᠢ ᠲᠣᠬᠢᠷᠠᠬᠤ ᠦᠭᠡᠢ᠂ ᠨᠠᠰᠤ ᠥᠩᠭᠡᠷᠡᠵᠡᠢ᠃ ᠪᠢ ᠴᠢᠮᠠᠶ᠋ᠢ ᠮᠡᠳᠡᠵᠦ ᠪᠠᠢᠨ᠎ᠠ᠃ ᠡᠷᠲᠡᠨ ᠦ᠌ ᠡᠷᠬᠡ ᠶᠠᠩᠪᠠ ᠡᠷᠡᠰ ᠢ᠋ᠶ᠋ᠡᠷ ᠪᠠᠢᠳᠠᠭ᠂ ᠪᠢ ᠬᠡᠵᠢᠶ᠎ᠡ ᠴᠦ᠍ ᠴᠢᠮᠠᠳᠦ ᠵᠠᠬᠢᠷᠤᠭᠳᠠᠵᠤ ᠶᠠᠪᠤᠬᠤ ᠦᠭᠡᠢ᠃
ᠪᠢᠳᠡ ᠬᠡᠷᠡᠭᠦᠯ ᠢ᠋ᠶ᠋ᠡᠨ ᠪᠤᠯᠢᠵᠠᠭᠠᠶᠠ ᠭᠡᠵᠦ ᠶᠦᠷᠢ ᠢᠩᠭ᠌ᠸᠡᠷᠸᠸᠢ᠍ᠴ ᠬᠣᠷᠢᠭᠯᠠᠵᠤ ᠥᠭᠦᠯᠡᠷᠦᠨ᠄
— ᠬᠡᠷᠪᠡ ᠪᠠᠲᠤ ᠳ᠋ᠤ᠌ ᠵᠠᠬᠢᠷᠤᠭᠳᠠᠬᠤ ᠪᠣᠯᠪᠠᠯ ᠠᠷᠠᠢ ᠯᠠ ᠬᠡᠴᠡᠭᠦᠦ ᠪᠠᠢᠬ᠎ᠠ᠂ ᠮᠢᠨᠦ ᠷᠶᠡᠽᠡᠨ ᠦ᠌ ᠬᠢᠨ ᠲᠡᠢ ᠬᠠᠮᠲᠤ ᠴᠡᠷᠢᠭ ᠢ᠋ᠶ᠋ᠡᠨ ᠳᠠᠭᠠᠭᠤᠯᠤᠨ ᠵᠡᠷᠯᠢᠭ ᠲᠠᠯ᠎ᠠ ᠳ᠋ᠤ᠌ ᠲᠠᠲ᠋ᠠᠷ ᠤ᠋ᠳ ᠢ᠋ ᠤᠭᠲᠤᠵᠤ ᠸᠯᠠᠳᠢᠮᠢᠷ ᠠ᠋ᠴᠠ ᠲᠤᠰᠠᠯᠠᠬᠤ ᠬᠦᠴᠦ ᠢᠷᠡᠲᠡᠯ᠎ᠡ ᠬᠣᠷᠢᠭᠯᠠᠨ ᠰᠠᠭᠠᠲᠠᠭᠤᠯᠵᠤ ᠪᠠᠢᠶ᠎ᠠ ᠭᠡᠵᠦ ᠪᠢ ᠪᠣᠳᠣᠵᠤ ᠪᠠᠢᠨ᠎ᠠ᠃
— ᠭᠠᠭᠴᠠᠬᠠᠨ ᠷᠶᠡᠽᠡᠨ ᠦ᠌ ᠴᠡᠷᠢᠭ ᠴᠥᠭᠡᠨ ᠭᠡᠵᠦ ᠡᠪᠦᠭᠡᠨ ᠸᠠᠩ ᠲᠠᠲᠠᠭᠠᠯᠵᠠᠵᠤ᠂
— ᠣᠷᠣᠰ ᠭᠠᠵᠠᠷ ᠤ᠋ᠨ ᠪᠦᠬᠦ ᠠᠷᠠᠳ ᠲᠦᠮᠡᠨ ᠢ᠋ ᠪᠣᠰᠬᠠᠬᠤ ᠬᠡᠷᠡᠭᠲᠡᠢ᠃ ᠬᠣᠲᠠ ᠬᠥᠳᠡᠭᠡ ᠥᠬᠡᠢ ᠪᠦᠭᠦᠳᠡ ᠶ᠋ᠢ ᠳᠠᠢᠴᠢᠯᠠᠬᠤ ᠬᠡᠷᠡᠭᠲᠡᠢ ᠭᠡᠯᠡ᠃
—ᠬᠥᠳᠡᠭᠡᠨ ᠦ᠌ ᠡᠩ ᠦ᠋ᠨ ᠬᠠᠷ᠎ᠠ ᠬᠥᠯᠲᠡᠨ ᠢ᠋ ᠳᠠᠢᠴᠢᠯᠠᠭᠠᠳ ᠶᠠᠭᠤ ᠬᠢᠳᠡᠭ ᠶᠤᠮ ᠪᠣᠢ? ᠭᠡᠵᠦ ᠴᠡᠷᠢᠭ ᠦ᠋ᠨ ᠨᠢᠭᠡᠨ ᠳᠠᠭᠠᠭᠠᠮᠠᠯ ᠠᠭᠤᠷᠯᠠᠨ ᠬᠡᠯᠡᠪᠡ᠃
— ᠲᠡᠷᠡ ᠴᠢᠨᠢ ᠴᠡᠷᠢᠭ ᠦ᠋ᠨ ᠵᠠᠷᠢᠮ ᠨᠢᠭᠡ ᠳᠠᠭᠠᠭᠠᠮᠠᠯ ᠤ᠋ᠳ ᠠ᠋ᠴᠠ ᠴᠤ᠌ ᠢᠯᠡᠭᠦᠦ ᠬᠡᠷᠡᠭ ᠪᠦᠲᠦᠭᠡᠵᠦ ᠮᠠᠭᠠᠳ ᠰᠢᠦ ᠭᠡᠵᠦ ᠵᠠᠯᠠᠭᠤ ᠸᠠᠩ ᠬᠣᠱᠣᠩᠨᠠᠨ ᠬᠡᠯᠡᠪᠡ᠃ ᠰᠠᠭᠤᠵᠤ ᠪᠠᠢᠭᠰᠠᠨ ᠲᠡᠷᠡ ᠬᠣᠶᠠᠷ ᠦᠰᠦᠷᠦᠨ ᠪᠣᠰᠴᠠᠭᠠᠵᠤ ᠵᠣᠳᠣᠯᠳᠤᠪᠠ᠃
— ᠸᠠᠩ ᠤ᠋ᠳ ᠠ᠋᠂ ᠲᠠᠨᠠᠷ ᠢᠴᠢᠬᠦ ᠦᠭᠡᠢ ᠪᠠᠢᠨ᠎ᠠ ᠤᠤ? ᠭᠡᠵᠦ ᠶᠦᠷᠢ ᠸᠠᠩ ᠲᠠᠢᠳᠬᠤᠷᠠᠭᠤᠯᠤᠨ᠂
—ᠲᠠᠨᠠᠷ ᠪᠣᠳᠣᠵᠠᠭᠠᠭᠠᠴᠢ! ᠪᠢᠳᠡ ᠴᠥᠮ ᠠᠯᠠᠭᠳᠠᠬᠤ ᠠᠶᠤᠯ ᠲᠤᠯᠭᠠᠷᠠᠵᠤ ᠪᠠᠢᠬᠤ ᠳ᠋ᠤ᠌ ᠲᠠᠨᠠᠷ ᠶᠠᠭᠠᠬᠢᠵᠤ ᠪᠠᠢᠭ᠎ᠠ ᠨᠢ ᠡᠨᠡ ᠪᠣᠢ?
— ᠴᠢ ᠥᠪᠡᠷ ᠢ᠋ᠶ᠋ᠡᠨ ᠶᠠᠭᠤ ᠭᠡᠵᠦ ᠭᠠᠢᠬᠠᠭᠤᠯᠤᠭᠰᠠᠨ ᠪᠢᠯᠡ? ᠭᠡᠵᠦ ᠪᠠᠰᠠ ᠬᠡᠷᠴᠡᠭᠡᠢ ᠬᠣᠭᠣᠯᠠᠢ ᠪᠠᠷ ᠬᠠᠰᠬᠢᠷᠤᠯ᠎ᠠ᠃
— ᠪᠢ ᠬᠦᠦ ᠪᠡᠨ ᠬᠠᠢᠷᠠᠯᠠᠯ ᠦᠭᠡᠢ ᠲᠠᠲ᠋ᠠᠷ ᠤ᠋ᠳ ᠤ᠋ᠨ ᠡᠮᠦᠨ᠎ᠡ ᠡᠴᠡ ᠶᠠᠪᠤᠭᠤᠯᠤᠭᠰᠠᠨ ᠭᠡᠵᠦ ᠶᠥᠷᠢ ᠢᠩᠭ᠌ᠸᠡᠷᠸᠸᠢ᠍ᠴ ᠰᠢᠳᠤᠷᠭᠤ ᠪᠠᠷ ᠬᠠᠷᠢᠭᠤᠯᠵᠤ ᠲᠡᠭᠦᠨ ᠦ᠌ ᠶᠠᠭᠤ ᠪᠣᠯᠤᠭᠰᠠᠨ ᠢ᠋ ᠪᠤᠷᠬᠠᠨ ᠮᠡᠳᠡᠨ᠎ᠡ᠃ ᠠᠶᠤᠯ ᠵᠣᠪᠠᠯᠠᠩ ᠲᠣᠬᠢᠶᠠᠯᠳᠤᠭ᠎ᠠ ᠦᠭᠡᠢ ᠪᠣᠯ ᠤᠤ ᠳ᠋ᠠ? ᠣᠳᠣ ᠪᠣᠯᠲᠠᠯ᠎ᠠ ᠮᠡᠳᠡᠭᠡ ᠰᠤᠷᠠᠭ ᠴᠤ᠌ ᠦᠭᠡᠢ ᠪᠠᠢᠨ᠎ᠠ᠁ ᠪᠠᠲᠤ ᠬᠠᠭᠠᠨ ᠢ᠋ ᠢᠳᠬᠠᠨ ᠬᠡᠯᠡᠯᠴᠡᠭᠡ ᠬᠢᠵᠦ ᠴᠢᠳᠠᠭᠰᠠᠨ ᠴᠤ᠌ ᠪᠠᠢᠵᠤ ᠮᠠᠭᠠᠳ ᠦᠭᠡᠢ᠃ ᠲᠠᠲ᠋ᠠᠷ ᠤ᠋ᠳ ᠪᠢᠳᠡᠨ ᠢ᠋ ᠳᠣᠪᠲᠣᠯᠬᠤ ᠪᠠᠨ ᠴᠤ᠌ ᠵᠣᠭᠰᠣᠭᠰᠠᠨ ᠴᠤ᠌ ᠪᠣᠯ ᠤᠤ?
— ᠲᠡᠳᠡᠨᠡᠷ ᠡᠴᠡ ᠪᠢᠳᠡ ᠶᠠᠭᠤ ᠭᠡᠵᠦ ᠠᠶᠤᠳᠠᠭ ᠶᠤᠮ ᠪᠣᠢ? ᠬᠡᠨ ᠲᠡᠳᠡ ᠨᠠᠷ ᠢ᠋ ᠦᠵᠡᠭᠰᠡᠨ ᠶᠤᠮ ᠪᠣᠢ? ᠶᠡᠷᠦ ᠠᠶᠤᠯᠲᠠᠢ ᠪᠢᠰᠢ ᠴᠦ᠍ ᠶᠤᠮ ᠪᠢᠯᠢᠤ?
ᠸᠠᠩ ᠤ᠋ᠳ ᠳᠠᠬᠢᠨ ᠮᠠᠷᠭᠤᠯᠳᠤᠵᠤ ᠱᠤᠤᠭᠢᠯᠳᠤᠨ ᠴᠢᠩᠭ᠎ᠠ ᠴᠢᠩᠭ᠎ᠠ ᠬᠠᠰᠬᠢᠷᠤᠯᠳᠤᠨ ᠪᠡᠶ᠎ᠡ ᠪᠡᠶ᠎ᠡ ᠪᠡᠨ ᠳᠠᠪᠠᠬᠤ ᠭᠡᠵᠦ ᠣᠷᠣᠯᠳᠣᠪᠠ᠃ ᠶᠸᠸᠫᠷᠡᠺᠰᠸᠶᠥ᠋ᠱᠺᠡ ᠡᠭᠦᠳᠡ ᠶ᠋ᠢᠨ ᠳᠡᠷᠭᠡᠳᠡ ᠵᠣᠭᠰᠣᠵᠤ ᠴᠢᠩᠨᠠᠭᠠᠳ ᠤᠢᠳᠬᠠᠷᠲᠠᠢ ᠡᠷᠭᠢᠵᠦ ᠥᠪᠡᠷ ᠦ᠋ᠨ ᠥᠨᠳᠥᠷᠯᠢᠭ ᠳᠠᠬᠢ ᠲᠠᠰᠤᠯᠭᠠᠨ ᠳ᠋ᠠᠭᠠᠨ ᠪᠤᠴᠠᠯ᠎ᠠ᠃
ᠰᠡᠳᠬᠢᠯ ᠳ᠋ᠦ᠍ ᠤᠯᠠᠮ ᠴᠤ᠌ ᠵᠣᠪᠠᠭᠤᠷᠢ ᠲᠠᠢ ᠪᠣᠯᠤᠯ᠎ᠠ᠃ ᠶᠸᠸᠫᠷᠠᠺᠰᠸᠶᠥ᠋ᠱᠺᠡ ᠬᠥᠭᠰᠢᠨ ᠢ᠋ ᠭᠤᠶᠤᠵᠤ ᠮᠡᠷᠭᠡᠨ ᠡᠮᠡᠭᠡᠨ ᠢ᠋ ᠳᠠᠭᠤᠳᠠᠭᠤᠯᠪᠠ᠃ ᠲᠥᠯᠭᠡᠴᠢ ᠡᠮᠡᠭᠡᠨ ᠦᠵᠡᠭᠳᠡᠭᠡ ᠦᠭᠡᠢ ᠤᠭᠠᠯᠵᠠ ᠲᠠᠢ ᠠᠯᠴᠢᠭᠤᠷ ᠢ᠋ᠶ᠋ᠠᠷ ᠲᠣᠯᠣᠭᠠᠢ ᠪᠠᠨ ᠪᠣᠭᠣᠵᠤ ᠢᠷᠡᠭᠡᠳ ᠲᠠᠷᠢᠶᠠᠨ ᠤ᠋ ᠦᠷ᠎ᠡ ᠠᠰᠬᠠᠵᠤ ᠳᠡᠭᠡᠷ᠎ᠡ ᠨᠢ ᠯᠡ ᠶ᠋ᠢᠨ ᠲᠣᠰᠣ ᠠᠰᠬᠠᠭᠠᠳ ᠰᠡᠭᠦᠳᠡᠷ ᠢ᠋ ᠨᠢ ᠬᠠᠷᠠᠪᠠ᠃
— ᠤᠳᠠᠬᠤ ᠦᠭᠡᠢ ᠬᠠᠲᠤᠨ ᠴᠢᠮᠠᠲᠤ ᠵᠣᠴᠢᠨ ᠢᠷᠡᠨ᠎ᠡ᠃ ᠳᠠᠯᠠᠢ ᠶ᠋ᠢᠨ ᠴᠠᠭᠠᠨ᠎ᠠ ᠠ᠋ᠴᠠ ᠠᠪᠴᠢᠷᠠᠭᠰᠠᠨ ᠪᠡᠯᠡᠭ ᠢ᠋ ᠦᠭᠭᠦᠨ᠎ᠡ᠃ ᠴᠢᠮᠠᠲᠤ ᠲᠤᠩ ᠶᠡᠬᠡ ᠪᠠᠶᠠᠷ ᠪᠣᠯᠤᠨ᠎ᠠ᠃ ᠴᠢ ᠶᠠᠭᠤ ᠪᠣᠳᠣᠭᠠᠳ ᠦᠷᠭᠦᠯᠵᠢ ᠭᠠᠰᠢᠭᠤᠳᠠᠨ᠎ᠠ ᠪᠣᠢ? ᠴᠢᠨᠦ ᠰᠡᠳᠬᠢᠯ ᠵᠢᠷᠦᠬᠡ ᠴᠢᠨᠢ ᠡᠨᠳᠡ ᠠᠯᠠᠭ᠎ᠠ᠂ ᠠᠯᠤᠰ ᠬᠣᠯᠠ ᠪᠠᠢᠨ᠎ᠠ᠃ ᠨᠢᠭᠡᠨ ᠰᠠᠢᠨ ᠡᠷ᠎ᠡ ᠰᠡᠳᠬᠢᠯ ᠵᠢᠷᠦᠬᠡ ᠶ᠋ᠢ ᠴᠢᠨᠢ ᠠᠪᠤᠭᠠᠳ ᠶᠠᠪᠤᠵᠠᠢ᠃ ᠴᠢ ᠲᠡᠭᠦᠨ ᠢ᠋ ᠰᠠᠨᠠᠵᠤ ᠰᠥᠨᠢ ᠤᠳᠠᠲᠠᠯ᠎ᠠ ᠤᠨᠲᠠᠬᠤ ᠦᠭᠡᠢ ᠪᠠᠢᠨ᠎ᠠ ᠤᠤ? ᠰᠠᠨᠠᠭ᠎ᠠ ᠪᠠᠨ ᠲᠠᠢᠳᠬᠤᠷ (ᠲᠠᠢᠳᠬᠤᠷᠠᠭᠤᠯ)᠃ᠲᠡᠭᠦᠨ ᠳ᠋ᠦ᠍ ᠭᠠᠢ ᠭᠠᠮᠰᠢᠭ ᠲᠣᠬᠢᠶᠠᠯᠳᠤᠬᠤ ᠦᠭᠡᠢ᠂ ᠲᠡᠭᠦᠨ ᠳ᠋ᠦ᠍ ᠠᠯᠤᠰ ᠤ᠋ᠨ ᠵᠠᠮ ᠪᠠᠢᠨ᠎ᠠ᠃ ᠲᠡᠷᠡ ᠬᠠᠷᠠᠪᠠᠤ? ᠬᠡᠷᠪᠡ ᠨᠠᠮᠠᠶ᠋ᠢ ᠦᠨᠡᠮᠰᠢᠬᠦ ᠦᠭᠡᠢ ᠪᠠᠢᠪᠠᠯ ᠥᠪᠡᠷ ᠢ᠋ᠶ᠋ᠡᠨ ᠬᠠᠷ᠎ᠠ᠄ᠬᠠᠢᠷᠠᠲᠤ ᠬᠣᠩᠭᠣᠷ ᠴᠢᠨᠢ ᠲᠡᠷᠡ ᠪᠠᠢᠨ᠎ᠠ᠃ ᠪᠠᠰᠠ ᠲᠡᠷᠡ ᠤᠷᠲᠤ ᠠ᠋ᠴᠠ ᠤᠷᠲᠤ ᠬᠣᠯᠠ ᠵᠠᠮ ᠪᠠᠢᠨ᠎ᠠ᠃ ᠶᠸᠸᠫᠷᠠᠺᠰᠸᠶᠥ᠋ᠱᠺᠠ ᠬᠠᠷᠠᠬᠤ ᠳ᠋ᠤᠨᠢ ᠴᠠᠭᠠᠨ ᠠᠯᠴᠢᠭᠤᠷ ᠳᠡᠭᠡᠷᠡᠬᠢ ᠪᠦᠳᠡᠭᠢ ᠰᠡᠭᠦᠳᠡᠷ ᠦᠨᠡᠬᠡᠷ ᠠᠮᠠᠷᠠᠭ ᠨᠥᠬᠥᠷ ᠦ᠋ᠨ ᠬᠢᠨᠢ ᠬᠣᠩᠭᠣᠷ ᠴᠢᠷᠠᠢ ᠰᠢᠭ᠋ ᠰᠠᠨᠠᠭᠳᠠᠯ᠎ᠠ᠃ ᠶᠸᠸᠫᠷᠠᠺᠰᠸᠶᠥ᠋ᠱᠺᠡ ᠪᠡᠶᠡᠰᠴᠦ ᠲᠥᠯᠭᠡᠴᠢ ᠡᠮᠡᠭᠡᠨ ᠢ᠋ ᠬᠠᠨᠲᠠᠯ᠎ᠠ ᠱᠠᠩᠨᠠᠭᠠᠳ ᠶᠠᠪᠤᠭᠤᠯᠪᠠ᠃ ᠰᠤᠪᠢᠯᠠᠭᠴᠢ ᠡᠮᠡᠭᠡᠨ ᠮᠥᠨ ᠬᠥᠭᠵᠢᠯᠲᠡᠢ ᠪᠣᠯᠤᠨ᠎ᠠ (ᠪᠣᠯᠤᠯ᠎ᠠ)᠃
— ᠬᠠᠷᠠᠪᠠᠤ᠂ ᠲᠠ ᠤᠷᠢᠳᠠᠪᠡᠷ ᠤᠬᠢᠯᠠᠬᠤ ᠬᠡᠷᠡᠭ ᠦᠭᠡᠢ ᠭᠡᠵᠦ ᠪᠢ ᠬᠡᠯᠡᠭᠡ ᠦᠭᠡᠢ ᠤᠤ᠂ ᠮᠠᠨ ᠤ᠋ ᠸᠠᠩ᠂ ᠬᠥᠭᠡᠷᠦᠬᠦᠢ ᠬᠣᠩᠭᠣᠷ ᠮᠢᠨᠢ ᠡᠷᠭᠢᠵᠦ ᠢᠷᠡᠨ᠎ᠡ ᠰᠢᠦ ᠳ᠋ᠠ᠃ ᠶᠠᠮᠠᠷ ᠣᠢᠷᠠᠬᠠᠨ ᠵᠠᠮ ᠳ᠋ᠤ᠌ ᠶᠠᠪᠤᠭ᠎ᠠ ᠪᠢᠰᠢ······ ᠶᠸᠸᠫᠷᠡᠺᠰᠸᠶᠥ᠋ᠱᠺᠡ ᠰᠢᠪᠡᠭᠴᠢᠨ ᠥᠬᠢᠨ ᠢ᠋ ᠳᠠᠭᠤᠳᠠᠨ ᠢᠷᠡᠭᠦᠯᠦᠭᠡᠳ ᠲᠡᠭᠦᠨ ᠦ᠌ ᠱᠠᠯᠠᠮᠠᠭᠠᠢ ᠭᠠᠷ ᠲᠸ᠋ ᠦᠢᠯᠡ ᠪᠤᠴᠠᠯᠵᠤ ᠡᠬᠢᠯᠡᠪᠡ᠃ ᠨᠥᠬᠥᠷ ᠢ᠋ ᠪᠡᠨ ᠤᠭᠲᠤᠬᠤ ᠳ᠋ᠤ᠌ ᠵᠣᠷᠢᠭᠤᠯᠵᠤ ᠰᠢᠨ᠎ᠡ ᠰᠠᠢᠬᠠᠨ ᠬᠤᠪᠴᠠᠰᠤ ᠬᠢᠬᠦ ᠬᠡᠷᠡᠭᠲᠡᠢ ᠪᠣᠯᠵᠠᠢ᠃
ᠸᠠᠩ ᠹᠸᠤᠳᠤᠷ᠂ ᠬᠠᠲᠤᠨ ᠢ᠋ᠶ᠋ᠠᠨ ᠰᠠᠢᠬᠠᠨ ᠬᠤᠪᠴᠠᠰᠤᠯᠠᠬᠤ ᠳᠤᠷᠠᠲᠠᠢ ᠪᠠ ᠢᠮᠠᠭᠲᠠ ᠡᠩᠬᠦᠷᠡᠢᠯᠡᠵᠦ ᠦᠵᠡᠰᠬᠦᠯᠡᠩ ᠭᠤᠸ᠎ᠠ ᠶ᠋ᠢ ᠨᠢ ᠪᠠᠬᠠᠳᠤᠨ᠎ᠠ᠃ ᠬᠡᠦᠬᠡᠨ ᠨᠤᠭᠦᠳ ᠳᠠᠭᠤᠤ ᠳᠠᠭᠤᠯᠠᠵᠤ ᠵᠢᠵᠢᠭᠬᠡᠨ ᠬᠠᠳᠬᠤᠯᠲᠠ ᠪᠠᠷ ᠵᠥᠭᠡᠯᠡᠨ ᠲᠣᠷᠭ᠎ᠠ ᠶ᠋ᠢ ᠣᠶᠣᠨ᠎ᠠ᠃ ᠶᠸᠸᠫᠷᠡᠰᠸᠶᠥ᠋ᠱᠺᠠ ᠲᠣᠷᠭᠠᠨ ᠴᠠᠮᠴᠠᠨ ᠳᠡᠭᠡᠷ᠎ᠡ ᠴᠢᠳᠠᠮᠠᠭᠠᠢ ᠪᠠᠷ ᠵᠡᠭᠦᠦ ᠣᠷᠢᠶᠠᠵᠤ ᠤᠭᠠᠯᠵᠠᠯᠠᠭᠤᠯᠤᠨ ᠴᠡᠴᠡᠭ ᠭᠠᠷᠭᠠᠵᠤ ᠤᠷᠠᠯᠠᠭᠠᠳ ᠬᠠᠢᠷᠠᠲᠤ ᠨᠥᠬᠥᠷ ᠲᠡᠭᠡᠨ ᠪᠡᠯᠡᠭ ᠪᠣᠯᠭᠠᠨ ᠪᠡᠯᠡᠳᠬᠡᠨ᠎ᠡ᠃ ᠤᠷᠮᠠᠲᠠᠢ ᠠᠵᠢᠯ ᠬᠣᠶᠠᠷ ᠡᠳᠦᠷ ᠦᠷᠭᠦᠯᠵᠢᠯᠡᠵᠦ ᠪᠠᠢᠭᠠᠳ ᠳᠠᠬᠢᠨ ᠭᠠᠷ ᠨᠢ ᠰᠤᠯᠠᠷᠠᠵᠤ ᠠᠵᠢᠯ ᠢ᠋ᠶ᠋ᠠᠨ ᠠᠯᠳᠠᠭᠠᠳ ᠤᠢᠳᠬᠠᠷ ᠲᠸ᠋ ᠤᠨᠠᠯ᠎ᠠ᠃ ᠠᠰᠠᠷᠠᠭᠴᠢ ᠡᠮᠡᠭᠡᠨ ᠦ᠌ ᠢᠳᠬᠠᠯᠭ᠎ᠠ ᠴᠥ᠍ ᠨᠡᠮᠡᠷᠢ ᠦᠭᠡᠢ ᠪᠣᠯᠵᠠᠢ᠃ ᠬᠠᠲᠤᠨ ᠤ᠋ ᠤᠢᠳᠬᠠᠷ ᠢ᠋ ᠰᠡᠷᠭᠦᠭᠡᠬᠦ ᠭᠡᠰᠡᠨ ᠬᠡᠦᠬᠡᠨ ᠨᠤᠭᠦᠳ ᠦ᠋ᠨ ᠣᠷᠣᠯᠳᠣᠯᠭ᠎ᠠ ᠴᠥ᠍ ᠳᠡᠮᠡᠢ ᠬᠡᠷᠡᠭ ᠪᠣᠯᠤᠯ᠎ᠠ᠃ ᠬᠠᠲᠤᠨ ᠳᠠᠬᠢᠨ ᠬᠣᠯᠠ ᠶ᠋ᠢᠨ ᠡᠵᠡᠭᠦᠢ ᠵᠠᠮ ᠢ᠋ ᠰᠢᠷᠲᠡᠵᠦ ᠤᠨᠳᠤᠷᠬᠤ ᠨᠢᠯᠪᠤᠰᠤ ᠪᠠᠨ ᠠᠰᠬᠠᠷᠠᠭᠤᠯᠤᠨ᠎ᠠ᠃
ᠬᠠᠲᠤᠨ ᠡᠬᠡ ᠥᠪᠡᠷ ᠦ᠋ᠨ ᠵᠣᠪᠠᠭᠰᠠᠨ ᠢ᠋ ᠨᠢᠭᠤᠨ ᠳᠠᠯᠳᠠᠯᠠᠵᠤ ᠬᠠᠢᠷᠠᠲᠤ ᠪᠡᠷᠭᠡᠨ ᠢ᠋ᠶ᠋ᠡᠨ (ᠪᠡᠷᠢ ᠪᠡᠨ) ᠲᠠᠢᠳᠬᠤᠷᠠᠭᠤᠯᠤᠨᠠ᠃ ᠬᠠᠳᠠᠮ ᠲᠠᠢ ᠥᠬᠢᠳ ᠴᠥ᠍ ᠲᠡᠭᠦᠨ ᠢ᠋ ᠪᠠᠶᠠᠰᠤᠭᠤᠯᠬᠤ ᠶ᠋ᠢ ᠣᠷᠣᠯᠳᠣᠨ᠎ᠠ᠃ ᠶᠸᠸᠫᠷᠡᠺᠰᠸᠶᠥ᠋ᠱᠺᠡ ᠬᠡᠨ ᠦ᠌ ᠴᠥ᠍ ᠦᠭᠡ ᠶ᠋ᠢ ᠠᠪᠤᠭᠰᠠᠨ ᠦᠭᠡᠢ᠂ᠬᠣᠭᠣᠰᠣᠷᠠᠭᠰᠠᠨ ᠵᠣᠴᠢᠯᠠᠬᠤ ᠲᠠᠰᠤᠯᠭ᠎ᠠ ᠨᠤᠭᠤᠳ ᠢ᠋ᠶ᠋ᠠᠷ ᠳᠡᠮᠡᠢ ᠲᠡᠨᠦᠵᠦ ᠪᠠᠶᠠᠷ ᠦᠭᠡᠢ ᠭᠠᠭᠴᠠ ᠪᠣᠳᠣᠯᠭ᠎ᠠ ᠶ᠋ᠢ ᠳᠠᠬᠢᠨ ᠳᠠᠬᠢᠨ ᠪᠣᠳᠣᠯᠬᠢᠯᠠᠨ᠎ᠠ᠃
— ᠸᠠᠩ ᠤ᠋ᠳ ᠠ᠋ᠴᠠ ᠬᠠᠮᠠᠭᠠᠯᠠᠬᠤ ᠶ᠋ᠢ ᠬᠦᠯᠢᠶᠡᠭᠰᠡᠨ ᠦ᠌ ᠬᠡᠷᠡᠭ ᠠᠯᠠᠭ᠎ᠠ᠃ ᠹᠧᠣᠳᠣᠷ ᠢᠷᠡᠬᠦ ᠦᠭᠡᠢ ᠨᠢ ᠪᠠᠢᠨ᠎ᠠ᠁ ᠲᠠᠲ᠋ᠠᠷ ᠤ᠋ᠳ ᠤ᠋ᠨ ᠢᠷᠡᠬᠦ ᠳ᠋ᠦ᠍ ᠬᠡᠨ ᠬᠠᠮᠠᠭᠠᠯᠠᠵᠤ ᠬᠡᠨ ᠪᠢᠳᠡᠨ ᠢ᠋ ᠳᠠᠯᠳᠠᠯᠠᠬᠤ ᠪᠢᠯᠡ? ᠸᠠᠩ ᠤ᠋ᠳ ᠮᠠᠷᠭᠤᠯᠳᠤᠭᠰᠠᠭᠠᠷ ᠭᠡᠷᠡᠯᠲᠦᠭᠰᠡᠭᠡᠷ ᠪᠠᠢᠨ᠎ᠠ᠃ ᠬᠥᠮᠦᠨ ᠪᠦᠷᠢ ᠯᠡ ᠳᠠᠷᠤᠭᠠᠯᠠᠬᠤ ᠶ᠋ᠢ ᠬᠦᠰᠡᠭᠰᠡᠭᠡᠷ ᠪᠠᠢᠨ᠎ᠠ᠃ ᠡᠳᠡ ᠢᠩᠭᠢᠭᠰᠡᠭᠡᠷ ᠪᠠᠢᠭᠠᠳ ᠣᠷᠣᠰ ᠤ᠋ᠨ ᠭᠠᠵᠠᠷ ᠨᠤᠲᠤᠭ ᠢ᠋ ᠪᠠᠯᠠᠯᠬᠤ ᠨᠢ ᠳ᠋ᠠ᠂ ᠲᠠᠲ᠋ᠠᠷ ᠤ᠋ᠳ ᠢᠷᠡᠭᠡᠳ ᠣᠭᠲᠣᠴᠢᠵᠤ ᠠᠯᠠᠬᠤ ᠶ᠋ᠢ ᠨᠢ ᠠᠯᠠᠭᠠᠳ ᠵᠠᠷᠢᠮ ᠢ᠋ ᠨᠢ ᠴᠢᠷᠴᠦ ᠭᠤᠯᠳᠤᠷᠴᠤ ᠠᠪᠠᠴᠢᠬᠤ ᠪᠢᠵᠡ?
ᠭᠡᠲᠡᠯ᠎ᠡ ᠲᠡᠭᠦᠨ ᠦ᠌ ᠪᠠᠯᠴᠢᠷ ᠬᠥᠪᠡᠭᠦᠨ ᠨᠢ ᠬᠥᠯ ᠢ᠋ᠶ᠋ᠡᠨ ᠰᠣᠯᠢᠪᠢᠭᠤᠯᠤᠭᠰᠠᠭᠠᠷ ᠢᠷᠡᠭᠡᠳ ᠡᠬᠡ ᠳ᠋ᠡᠭᠡᠨ ᠴᠢᠩᠭ᠎ᠠ ᠨᠠᠭᠠᠯᠳᠤᠵᠤ ᠡᠬᠡ ᠥᠭᠡᠳᠡ ᠪᠡᠨ ᠬᠠᠷᠠᠯ᠎ᠠ᠃ ᠲᠡᠷᠡ ᠪᠠᠯᠴᠢᠷ ᠪᠣᠯᠪᠠᠴᠤ ᠡᠬᠡ ᠶ᠋ᠢᠨ ᠵᠣᠪᠠᠯᠠᠩᠲᠤ ᠪᠠᠢᠳᠠᠯ ᠢ᠋ ᠵᠥᠩᠨᠡᠨ ᠮᠡᠳᠡᠵᠡᠢ᠃ ᠶᠸᠸᠫᠷᠠᠺᠰᠸᠶᠥ᠋ᠱᠺᠡ ᠬᠠᠢᠷᠠᠲᠤ ᠦᠷ᠎ᠡ ᠪᠡᠨ ᠲᠡᠪᠡᠷᠢᠭᠡᠳ ᠨᠢᠯᠪᠤᠰᠤ ᠪᠠᠨ ᠠᠷᠠᠢ ᠭᠡᠵᠦ ᠲᠣᠭᠲᠠᠭᠠᠵᠤ ᠪᠠᠢᠪᠠ᠃
— ᠮᠤᠤᠰᠠᠢᠨ ᠲᠠᠲ᠋ᠠᠷ ᠤ᠋ᠳ ᠲᠤ᠌ ᠴᠢᠮᠠᠶ᠋ᠢ ᠪᠠᠨ ᠥᠭᠬᠦ ᠦᠭᠡᠢ᠃ ᠹᠧᠣᠲᠣᠷ ᠤ᠋ᠨ ᠬᠥᠪᠡᠭᠦᠨ ᠸᠠᠨᠶᠤᠢ᠍ᠱᠠ ᠲᠠᠲ᠋ᠠᠷ ᠤ᠋ᠳ ᠤ᠋ᠨ ᠪᠣᠭᠣᠯ ᠪᠣᠯᠬᠤ ᠦᠭᠡᠢ᠂ ᠲᠡᠭᠦᠨ ᠦ᠌ ᠡᠬᠡᠨᠡᠷ ᠶᠸᠸᠫᠷᠠᠺᠰᠸᠶᠥ᠋ᠱᠺᠡ ᠲᠠᠲ᠋ᠠᠷ ᠤ᠋ᠳ ᠤ᠋ᠨ ᠰᠢᠪᠡᠭᠴᠢᠨ ᠪᠣᠯᠬᠤ ᠦᠭᠡᠢ᠃
ᠭᠡᠲᠡᠯ᠎ᠡ ᠳᠣᠣᠷᠠᠲᠤ ᠲᠠᠰᠤᠯᠭᠠᠨ ᠳ᠋ᠤ᠌ ᠰᠦᠷᠡᠬᠡᠢ ᠬᠠᠴᠢᠨ ᠴᠢᠮᠡᠭᠡ ᠰᠣᠨᠣᠰᠳᠠᠵᠤ ᠬᠠᠭᠠᠯᠭ᠎ᠠ ᠨᠤᠭᠤᠳ ᠰᠠᠪᠠᠴᠢᠭᠠᠳ ᠴᠢᠩᠭ᠎ᠠ ᠳᠠᠭᠤ ᠠᠯᠲᠠᠨ ᠤᠬᠢᠯᠠᠪᠠ᠃
ᠶᠸᠸᠫᠷᠠᠺᠰᠸᠶᠥ᠋ᠱᠺᠡ ᠶ᠋ᠢᠨ ᠵᠢᠷᠦᠬᠡ ᠳᠡᠯᠪᠡᠷᠡᠬᠦ ᠰᠢᠭ᠌ ᠪᠣᠯᠤᠭᠠᠳ ᠬᠦᠦ ᠪᠡᠨ ᠴᠢᠩᠭ᠎ᠠ ᠲᠡᠪᠡᠷᠢᠵᠦ ᠥᠭᠡᠷ᠎ᠡ ᠶ᠋ᠢ ᠮᠠᠷᠲᠠᠨ ᠮᠡᠳᠡᠷᠡᠯ ᠦᠭᠡᠢ ᠳᠣᠷᠣᠭᠰᠢ ᠭᠦᠶᠦᠨ ᠪᠠᠭᠤᠵᠤ ᠵᠣᠴᠢᠯᠠᠬᠤ ᠲᠠᠰᠤᠯᠭᠠᠨ ᠳ᠋ᠤ᠌ ᠣᠷᠣᠪᠠᠯ ᠤᠬᠢᠯᠠᠯᠳᠤᠭᠴᠢ ᠡᠬᠡᠨᠡᠷ ᠦ᠋ᠳ ᠦ᠋ᠨ ᠭᠠᠷ ᠳᠡᠭᠡᠷ᠎ᠡ ᠡᠮᠡᠭᠡᠨ ᠠᠭᠷᠢᠫᠫᠢᠨᠠ ᠤᠨᠠᠵᠤ ᠪᠠᠢᠪᠠ᠃ ᠸᠠᠩ ᠶᠦᠷᠢ ᠤᠬᠠᠭᠠᠨ ᠦᠭᠡᠢ ᠮᠡᠲᠦ ᠪᠣᠯᠵᠠᠢ᠃
— ᠡᠳᠡᠨ ᠡᠴᠡ ᠪᠣᠯᠵᠤ ᠬᠦᠦ ᠮᠢᠨᠢ ᠦᠬᠦᠯ᠎ᠡ᠃ ᠮᠢᠨᠦ ᠪᠤᠷᠤᠭᠤ᠁ ᠸᠠᠩ ᠶᠦᠷᠢ ᠳᠡᠪᠡᠯ ᠬᠤᠪᠴᠠᠰᠤ ᠪᠠᠨ ᠤᠷᠠᠵᠤ ᠪᠠᠷᠬᠢᠷᠠᠵᠤ ᠪᠠᠢᠪᠠ᠃ ᠸᠠᠩ ᠹᠧᠣᠲᠣᠷ ᠢ᠋ ᠪᠠᠭ᠎ᠠ ᠠ᠋ᠴᠠ ᠨᠢ ᠥᠰᠬᠡᠭᠰᠡᠨ ᠦᠨᠡᠨᠴᠢ ᠵᠠᠷᠤᠴᠠ ᠡᠪᠦᠭᠡᠨ ᠠᠫᠤᠨᠢᠼ ᠡᠮᠦᠨ᠎ᠡ ᠨᠢ ᠵᠣᠭᠰᠣᠵᠤ ᠪᠠᠢᠪᠠ᠃ ᠤᠷᠠᠩᠬᠠᠢ ᠪᠣᠬᠢᠷ ᠳᠡᠪᠡᠯ ᠲᠡᠢ᠂ ᠴᠢᠰᠤ ᠨᠢ ᠬᠠᠲᠠᠭᠰᠠᠨ ᠰᠢᠷᠬ᠎ᠠ ᠲᠠᠢ ᠵᠣᠪᠠᠵᠤ ᠵᠦᠳᠡᠷᠡᠭᠰᠡᠨ ᠲᠡᠷᠡ ᠡᠪᠦᠭᠡᠨ ᠭᠠᠰᠢᠭᠤᠳᠠᠯ ᠤ᠋ᠨ ᠨᠢᠯᠪᠤᠰᠤ ᠠᠰᠬᠠᠷᠠᠭᠤᠯᠤᠨ ᠵᠣᠭᠰᠣᠭᠠᠳ᠂
— ᠳᠠᠢᠰᠤᠨ ᠨᠤᠭᠤᠳ ᠲᠡᠭᠦᠨ ᠢ᠋ ᠴᠠᠪᠴᠢᠵᠤ ᠠᠯᠠᠯ᠎ᠠ᠂ ᠬᠡᠨ ᠢ᠋ ᠴᠦ᠍ ᠠᠮᠢᠳᠤ ᠪᠡᠷ ᠦᠯᠡᠳᠡᠭᠡᠭᠰᠡᠨ ᠦᠭᠡᠢ᠂ ᠭᠠᠭᠴᠠ ᠨᠠᠮᠠᠶ᠋ᠢ ᠲᠠᠨᠠᠷ ᠲᠸ᠋ ᠬᠡᠯᠡ ᠬᠦᠷᠭᠡᠬᠦ ᠪᠡᠷ ᠶᠠᠪᠤᠭᠤᠯᠪᠠ᠂ ᠮᠢᠨᠦ ᠭᠠᠷ ᠳᠡᠭᠡᠷ᠎ᠡ ᠮᠠᠨ ᠤ᠋ ᠸᠠᠩ ᠬᠦᠦ ᠨᠠᠰᠤ ᠪᠠᠷᠠᠯ᠎ᠠ᠃
ᠶᠸᠸᠫᠷᠠᠺᠰᠸᠶᠥ᠋ᠱᠺᠡ ᠪᠠᠷᠬᠢᠷᠠᠭᠰᠠᠨ ᠴᠥ᠍ ᠦᠭᠡᠢ᠂
ᠨᠢᠯᠪᠤᠰᠤ ᠪᠠᠨ ᠤᠷᠤᠰᠬᠠᠨ ᠦᠭᠡ ᠪᠡᠨ ᠪᠠᠷᠠᠵᠤ ᠤᠬᠢᠯᠠᠭᠰᠠᠨ ᠴᠥ᠍ ᠦᠭᠡᠢ᠂ ᠬᠦᠦ ᠪᠡᠨ ᠴᠡᠭᠡᠵᠢᠨ ᠳ᠋ᠡᠭᠡᠨ ᠴᠢᠩᠭ᠎ᠠ ᠲᠡᠪᠡᠷᠢᠵᠦ ᠳᠠᠭᠤ ᠦᠭᠡᠢ ᠡᠷᠭᠢᠭᠡᠳ ᠵᠣᠴᠢᠯᠠᠬᠤ ᠲᠠᠰᠤᠯᠭᠠᠨ ᠠ᠋ᠴᠠ ᠭᠠᠷᠤᠭᠠᠳ ᠮᠤᠰᠬᠢᠷᠠᠭᠰᠠᠨ ᠱᠠᠲᠤ ᠪᠠᠷ ᠲᠡᠭᠡᠭᠡᠰᠢ ᠶᠠᠪᠤᠵᠤ ᠥᠪᠡᠷ ᠦ᠋ᠨ ᠲᠠᠰᠤᠯᠭᠠᠨ ᠳ᠋ᠠᠭᠠᠨ ᠢᠷᠡᠭᠡᠳ ᠴᠣᠩᠬᠣᠨ ᠳ᠋ᠠᠭᠠᠨ ᠳᠥᠩᠭᠡᠵᠢ ᠣᠴᠢᠭᠠᠳ ᠴᠣᠩᠬᠣ ᠪᠠᠨ ᠨᠡᠭᠡᠭᠡᠵᠦ ᠬᠡᠦᠬᠡᠳ ᠢ᠋ᠶ᠋ᠡᠨ ᠲᠡᠪᠡᠷᠢᠭᠰᠡᠭᠡᠷ ᠲᠡᠷᠲᠡᠭᠡ ᠳᠣᠣᠷ᠎ᠠ ᠬᠠᠷᠠᠯᠠᠨ ᠬᠠᠷᠠᠭᠳᠠᠬᠤ ᠴᠢᠯᠠᠭᠤ ᠨᠤᠭᠤᠳ ᠤ᠋ᠨ ᠳᠡᠭᠡᠷ᠎ᠡ ᠡᠴᠡ ᠦᠰᠦᠷᠦᠨ ᠤᠨᠠᠯ᠎ᠠ᠃
ᠦᠰᠦᠭ ᠠᠮᠢᠯᠠᠭᠤᠯᠤᠭᠴᠢ᠄ ᠭᠡᠷᠡᠯ᠂ ᠵᠢᠩᠯᠢᠬᠤᠸᠠᠷ᠂ ᠬᠡᠷᠡᠢᠳ· ᠮᠥᠩᠬᠡᠨᠠᠰᠤᠨ᠂ ᠠᠯᠲᠠᠨᠴᠢᠮᠡᠭ
ᠬᠢᠨᠠᠭᠴᠢ᠄ ᠪᠠᠶᠠᠨᠴᠡᠴᠡᠭ᠂ ᠠᠯᠲᠠᠨᠴᠢᠮᠡᠭ᠂ ᠠᠷᠢᠭᠤᠨ᠂ ᠲ· ᠬᠦᠮᠦᠵᠢᠯᠲᠦ