ᠪᠠᠲᠤ ᠬᠠᠭᠠᠨ 4-05ᠣᠷᠣᠰ ᠤ᠋ᠨ ᠡᠯᠴᠢᠨ ᠪᠠᠲᠤ ᠬᠠᠭᠠᠨ ᠳ᠋ᠤ᠌ ᠢᠷᠡᠪᠡ-ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 4-05ᠣᠷᠣᠰ ᠤ᠋ᠨ ᠡᠯᠴᠢᠨ ᠪᠠᠲᠤ ᠬᠠᠭᠠᠨ ᠳ᠋ᠤ᠌ ᠢᠷᠡᠪᠡ-ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ-Bat khaan Бат хаан-ᠷᠣᠮᠠᠨ

ᠪᠠᠲᠤ ᠬᠠᠭᠠᠨ 4-05ᠣᠷᠣᠰ ᠤ᠋ᠨ ᠡᠯᠴᠢᠨ ᠪᠠᠲᠤ ᠬᠠᠭᠠᠨ ᠳ᠋ᠤ᠌ ᠢᠷᠡᠪᠡ-ᠮᠣᠩᠭᠣᠯᠴᠤᠳ ᠲᠠᠢ ᠠᠩᠬ᠎ᠠ ᠤᠳᠠᠭ᠎ᠠ ᠲᠤᠯᠤᠯᠳᠤᠭᠰᠠᠨ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-10-18

31

ᠲᠠᠪᠤ ᠮᠣᠩᠭᠣᠯᠴᠤᠳ ᠲᠠᠪᠰᠢᠪᠠ


ᠴᠠᠰᠤᠨ ᠲᠣᠭᠣᠰᠣ ᠪᠤᠲᠠᠷᠠᠭᠰᠠᠨ ᠬᠤᠢ ᠰᠠᠯᠬᠢᠨ ᠳᠤᠮᠳᠠᠭᠤᠷ ᠬᠠᠮᠤᠭ ᠤ᠋ᠨ ᠲᠦᠷᠦᠭᠦᠨ ᠳ᠋ᠦ᠍ ᠰᠦᠪᠡᠭᠡᠲᠡᠢ ᠪᠠᠭᠠᠲᠤᠷ ᠤ᠋ᠨ《 ᠭᠠᠯᠵᠠᠭᠤ ᠲᠠᠢ》 ᠭᠡᠭᠳᠡᠭᠰᠡᠨ ᠲᠦᠮᠡᠨ ᠴᠡᠷᠢᠭ ᠬᠥᠳᠡᠯᠪᠡ᠃

ᠵᠠᠮ ᠳ᠋ᠠᠭᠠᠨ ᠮᠣᠷᠢᠳ ᠢ᠋ᠶ᠋ᠠᠨ ᠰᠣᠯᠢᠵᠤ ᠰᠦᠪᠡᠭᠡᠳᠡᠢ ᠴᠠᠰᠤᠨ ᠬᠥᠷ᠂ ᠬᠣᠩᠬᠣᠷ ᠤ᠋ᠳ ᠢ᠋ ᠭᠠᠢᠬᠠᠮᠰᠢᠭᠲᠠᠢ ᠪᠠᠷ ᠳᠣᠭᠣᠯᠤᠭᠰᠠᠭᠠᠷ ᠶᠠᠪᠤᠯ᠎ᠠ᠃

ᠺᠢᠫᠴᠡᠺ ᠡᠴᠡ ᠣᠯᠵᠠᠯᠠᠭᠳᠠᠭᠰᠠᠨ ᠬᠡᠳᠦᠨ ᠬᠥᠮᠦᠰ ᠲᠦ᠍ ᠮᠣᠷᠢ ᠤᠨᠤᠭᠤᠯᠵᠤ ᠭᠠᠵᠠᠷᠴᠢᠯᠠᠭᠤᠯᠤᠨ᠎ᠠ᠃ ᠲᠡᠳᠡᠨᠡᠷ᠂ ᠰᠦᠪᠡᠭᠡᠳᠡᠢ ᠳ᠋ᠦ᠍ ᠲᠠᠯ᠎ᠠ ᠶ᠋ᠢᠨ ᠦᠯᠦ ᠮᠡᠳᠡᠭ ᠵᠠᠮ ᠢ᠋ ᠵᠢᠭᠠᠵᠤ ᠶᠠᠪᠤᠯ᠎ᠠ᠃ ᠰᠦᠪᠡᠭᠡᠳᠡᠢ ᠵᠠᠮᠴᠢ ᠨᠠᠷ ᠢ᠋ ᠦᠷᠭᠦᠯᠵᠢ ᠳᠡᠷᠭᠡᠳᠡ ᠪᠡᠨ ᠠᠪᠴᠤ ᠶᠠᠪᠤᠭᠠᠳ ᠭᠠᠢᠬᠠᠯᠲᠠᠢ ᠬᠠᠴᠢᠨ ᠰᠠᠨᠠᠭᠳᠠᠭᠰᠠᠨ ᠶᠠᠭᠤᠮ᠎ᠠ ᠪᠦᠬᠦᠨ ᠦ᠌ ᠲᠤᠬᠠᠢ ᠠᠰᠠᠭᠤᠵᠤ ᠶᠠᠪᠤᠯ᠎ᠠ᠃

ᠲᠡᠭᠦᠨ ᠦ᠌ ᠴᠡᠷᠢᠭ ᠦ᠋ᠨ ᠮᠠᠩᠨᠠᠢ ᠶ᠋ᠢᠨ ᠬᠡᠰᠦᠭᠦᠯ ᠦ᠋ᠳ ᠮᠣᠳᠣᠨ ᠤ᠋ ᠳᠣᠲᠣᠷ᠎ᠠ ᠠ᠋ᠴᠠ ᠭᠤᠷᠪᠠᠨ ᠠᠩᠴᠢᠨ ᠢ᠋ ᠭᠡᠨᠡᠳᠡᠭᠦᠯᠦᠨ ᠳᠣᠪᠲᠣᠯᠵᠤ ᠪᠡᠷᠢᠯᠡᠨ ᠠᠪᠴᠠᠢ᠃ ᠲᠡᠳᠡᠨᠡᠷ ᠪᠥᠰᠡᠨ ᠳ᠋ᠡᠭᠡᠨ ᠬᠣᠷᠢᠭᠠᠳ ᠬᠡᠷᠡᠮᠦ ᠤᠶᠠᠵᠤ ᠰᠠᠨᠵᠢᠭᠢᠨᠠᠭᠤᠯᠤᠨ ᠶᠠᠪᠤᠪᠠ᠃ ᠲᠡᠳᠡᠨᠡᠷ ᠦ᠋ᠨ ᠬᠠᠵᠠᠭᠤ ᠳ᠋ᠤ᠌ ᠦᠰᠦᠯᠢᠭ ᠬᠠᠷ᠎ᠠ ᠨᠣᠬᠠᠢ ᠡᠷᠭᠢᠯᠳᠦᠵᠦ ᠪᠠᠢᠪᠠ᠃ ᠣᠯᠵᠠᠯᠠᠭᠳᠠᠭᠴᠢᠳ ᠢ᠋ ᠰᠦᠪᠡᠭᠡᠲᠡᠢ ᠳ᠋ᠦ᠍ ᠠᠪᠴᠢᠷᠠᠪᠠ᠃ ᠰᠦᠪᠡᠭᠡᠳᠡᠢ ᠴᠠᠩ ᠪᠤᠳᠠᠩ ᠪᠣᠯᠤᠭᠰᠠᠨ ᠡᠮᠨᠢᠭ ᠵᠢᠷᠣᠭ᠎ᠠ ᠮᠣᠷᠢᠨ ᠳᠡᠭᠡᠷ᠎ᠡ ᠰᠠᠭᠤᠵᠤ ᠴᠢᠬᠢ ᠶ᠋ᠢ ᠨᠢ ᠪᠠᠭᠤᠯᠭᠠᠭᠰᠠᠨ ᠴᠡᠭᠡᠨ ᠬᠥᠬᠡ ᠮᠠᠯᠠᠭᠠᠢ ᠶ᠋ᠢᠨ ᠳᠣᠲᠣᠷ᠎ᠠ ᠠ᠋ᠴᠠ ᠲᠡᠭᠦᠨ ᠦ᠌ ᠵᠥᠪᠬᠡᠨ ᠴᠣᠷᠭᠢᠮᠠᠯ ᠨᠢᠳᠦ ᠨᠢ ᠦᠵᠡᠭᠳᠡᠨ᠎ᠡ᠃
— ᠲᠠᠨᠠᠷ ᠡᠨᠳᠡ ᠶᠠᠭᠤ ᠬᠢᠵᠦ ᠪᠠᠢᠪᠠ? ᠭᠡᠵᠦ ᠺᠢᠫᠴᠠᠺ ᠬᠡᠯᠡᠮᠦᠷᠴᠢ ᠪᠡᠷ ᠳᠠᠮᠵᠢᠭᠤᠯᠤᠨ ᠠᠰᠠᠭᠤᠪᠠ᠃
— ᠬᠡᠷᠡᠮᠦ ᠠᠩᠨᠠᠵᠤ ᠶᠠᠪᠤᠨ᠎ᠠ᠃

ᠬᠡᠯᠡᠮᠦᠷᠴᠢ ᠰᠦᠪᠡᠭᠡᠳᠠᠢ ᠳ᠋ᠤ᠌ ᠡᠳᠡᠭᠡᠷ ᠠᠩᠴᠢᠳ ᠣᠢ ᠳᠣᠲᠣᠭᠤᠷ ᠶᠠᠪᠤᠵᠤ ᠬᠠᠷᠪᠤᠬᠤ ᠪᠤᠶᠤ ᠤᠷᠠᠬᠠᠳᠠᠬᠤ ᠵᠡᠷᠭᠡ ᠪᠡᠷ ᠬᠡᠷᠡᠮᠦ ᠠᠩᠨᠠᠵᠤ ᠶᠠᠪᠤᠨ᠎ᠠ ᠭᠡᠨ᠎ᠡ᠃
— ᠠ᠂ ᠲᠠᠨᠠᠷ ᠰᠥᠨᠢ ᠬᠠᠮᠢᠭ᠎ᠠ ᠤᠨᠲᠠᠳᠠᠭ ᠪᠣᠢ? ᠪᠤᠴᠠᠵᠤ ᠭᠡᠷ ᠲᠡᠭᠡᠨ ᠬᠠᠷᠢᠳᠠᠭ ᠤᠤ? ᠭᠡᠷ ᠴᠢᠨᠢ ᠬᠠᠮᠢᠭ᠎ᠠ ᠪᠠᠢᠳᠠᠭ ᠪᠣᠢ?
— ᠦᠭᠡᠢ᠂ ᠪᠢᠳᠡ ᠣᠳᠣ ᠭᠥᠷᠥᠭᠡᠯᠡᠵᠦ ᠶᠠᠪᠤᠬᠤ ᠳ᠋ᠠᠭᠠᠨ ᠣᠢ ᠳᠣᠲᠣᠷ᠎ᠠ ᠤᠨᠲᠠᠨ᠎ᠠ᠂ ᠪᠢᠳᠡᠨ ᠦ᠌ ᠭᠡᠷ ᠬᠣᠯᠠ ᠪᠠᠢᠳᠠᠭ᠂ ᠭᠥᠷᠥᠭᠡᠯᠡᠭᠰᠡᠨ ᠳᠣᠣᠷ᠎ᠠ ᠪᠠᠨ ᠭᠡᠷ ᠲᠡᠭᠡᠨ ᠬᠠᠷᠢᠵᠤ ᠶᠠᠭᠠᠬᠢᠵᠤ ᠴᠢᠳᠠᠬᠤ ᠪᠢᠯᠡ᠃
— ᠬᠢᠷᠢ ᠵᠡᠷᠭᠡ ᠵᠠᠢᠲᠠᠢ ᠪᠣᠢ?
— ᠠᠷᠪᠠᠨ ᠵᠢᠷᠭᠤᠭᠠᠨ ᠬᠣᠨᠣᠭ ᠤ᠋ᠨ ᠭᠠᠵᠠᠷ᠃
— ᠲᠠᠨᠠᠷ ᠣᠢ ᠳᠣᠲᠣᠷ᠎ᠠ ᠶᠠᠭᠠᠬᠢᠵᠤ ᠤᠨᠲᠠᠳᠠᠭ ᠪᠣᠢ? ᠲᠠᠤᠯᠠᠢ ᠰᠢᠭ᠋ ᠴᠠᠰᠤᠨ ᠳᠣᠲᠣᠷ᠎ᠠ ᠤᠨᠲᠠᠳᠠᠭ ᠭᠡᠵᠢ ᠤᠤ?
—ᠬᠠᠮᠢᠭ᠎ᠠ ᠠ᠋ᠴᠠ ᠲᠠᠤᠯᠠᠢ ᠰᠢᠭ᠋ ᠪᠠᠢᠬᠤ ᠪᠢᠯᠡ᠃ ᠬᠠᠭᠤᠷᠠᠢ ᠪᠠᠢᠯᠭᠠᠬᠤ ᠶ᠋ᠢᠨ ᠲᠤᠯᠠᠳᠠ ᠪᠢᠳᠡ ᠴᠠᠰᠤ ᠤᠬᠤᠵᠤ ᠭᠠᠵᠠᠷ ᠢ᠋ ᠴᠡᠪᠡᠷᠯᠡᠭᠡᠳ ᠲᠦᠳᠡᠭ ᠭᠠᠯ ᠠᠰᠠᠭᠠᠵᠤ ᠭᠠᠯ ᠤ᠋ᠨ ᠳᠡᠷᠭᠡᠳᠡ ᠤᠨᠲᠠᠬᠤ ᠳ᠋ᠤ᠌ ᠬᠠᠯᠠᠭᠤᠨ ᠵᠤᠤᠬᠠᠨ ᠠ᠋ᠴᠠ ᠢᠯᠭᠠᠯ ᠦᠭᠡᠢ᠂ ᠡᠰᠡᠪᠡᠯ ᠭᠠᠯ ᠲᠦᠯᠡᠭᠰᠡᠨ ᠬᠠᠯᠠᠭᠤᠨ ᠭᠠᠵᠠᠷ ᠳᠡᠭᠡᠷ᠎ᠡ ᠬᠡᠪᠲᠡᠵᠦ ᠤᠨᠲᠠᠨ᠎ᠠ᠃
— ᠳᠤᠯᠠᠭᠠᠬᠠᠨ ᠭᠡᠵᠢ ᠤᠤ?
— ᠪᠠᠢᠰᠢᠩ ᠲᠠᠢ ᠯᠠ ᠠᠳᠠᠯᠢ᠂ ᠣᠭᠲᠤᠷ ᠳᠡᠪᠡᠯ ᠢ᠋ᠶ᠋ᠡᠨ ᠲᠠᠢᠯᠵᠤ ᠨᠥᠮᠥᠷᠦᠭᠡᠳ ᠳᠤᠯᠠᠭᠠᠴᠠᠵᠤ ᠤᠨᠲᠠᠨ᠎ᠠ᠃
— ᠠ᠂ ᠶᠠᠮᠠᠷ ᠲᠦᠳᠡᠭ ᠭᠠᠯ ᠰᠢᠲᠠᠭᠠᠳᠠᠭ ᠪᠣᠢ? ᠲᠠᠨᠠᠷ ᠶᠠᠭᠤ ᠪᠠᠷ? ᠮᠥᠴᠢᠷ ᠢ᠋ᠶ᠋ᠡᠷ ᠤᠤ?
— ᠶᠠᠭᠤᠨ ᠳ᠋ᠤ᠌᠂ ᠭᠤᠷᠪᠠᠨ ᠮᠣᠳᠣ ᠵᠡᠷᠭᠡᠴᠡᠭᠦᠯᠦᠨ ᠤᠨᠠᠭᠠᠵᠤ ᠳᠤᠮᠳᠠ ᠠ᠋ᠴᠠ ᠨᠢ ᠨᠣᠴᠣᠭᠠᠬᠤ ᠳ᠋ᠤ᠌ ᠮᠣᠳᠣ ᠨᠢ ᠰᠥᠨᠢ ᠶ᠋ᠢᠨ ᠲᠤᠷᠰᠢ ᠨᠢᠭᠡ ᠨᠢᠭᠡ ᠪᠡᠨ ᠬᠠᠯᠠᠭᠠᠵᠤ ᠨᠣᠴᠣᠭᠰᠠᠭᠠᠷ ᠪᠠᠢᠬᠤ ᠲᠤᠯᠠ ᠢᠯᠴᠢ ᠲᠡᠢ ᠪᠠᠢᠳᠠᠭ᠃ ᠰᠥᠨᠢ ᠪᠣᠰᠴᠤ ᠰᠢᠲᠠᠵᠤ ᠭᠦᠢᠴᠡᠭᠰᠡᠨ ᠦᠵᠦᠭᠦᠷ ᠢ᠋ ᠨᠢ ᠭᠠᠯ ᠤᠷᠤᠭᠤ ᠠᠬᠢᠭᠤᠯᠵᠤ ᠳᠠᠬᠢᠨ ᠤᠨᠲᠠᠨ᠎ᠠ᠃
— ᠮᠣᠳᠣ ᠴᠠᠪᠴᠢᠵᠤ ᠤᠨᠠᠭᠠᠬᠤ ᠬᠡᠴᠡᠭᠦᠦ ᠤᠤ?
— ᠶᠠᠭᠤᠨ ᠳ᠋ᠤ᠌ ᠬᠡᠴᠡᠭᠦᠦ ᠪᠠᠢᠬᠤ ᠪᠣᠢ? ᠳᠠᠰᠤᠭᠰᠠᠨ ᠠᠵᠢᠯ ᠶᠤᠮ᠃
— ᠶᠠᠭᠠᠬᠢᠵᠤ ᠴᠠᠪᠴᠢᠳᠠᠭ ᠢ᠋ᠶ᠋ᠠᠨ ᠦᠵᠡᠭᠦᠯ!
— ᠦᠵᠡᠭᠦᠯᠬᠦ ᠳ᠋ᠦ᠍ ᠪᠣᠯᠤᠨ᠎ᠠ ᠭᠡᠳ ᠭᠥᠷᠦᠭᠡᠴᠢᠳ ᠨᠢᠷᠤᠭᠤᠨ ᠳ᠋ᠠᠭᠠᠨ ᠪᠠᠢᠭᠰᠠᠨ ᠰᠦᠬᠡ ᠦ᠋ᠳ ᠢ᠋ ᠰᠤᠭᠤᠯᠤᠨ ᠠᠪᠴᠤ ᠭᠠᠷ ᠲᠠᠭᠠᠨ ᠨᠤᠯᠮᠤᠵᠠᠭᠠᠯ᠎ᠠ᠃ ᠨᠢᠭᠡ ᠨᠢ ᠦᠰᠦ ᠲᠡᠢ ᠣᠭᠲᠤᠷ ᠳᠡᠪᠡᠯ ᠢ᠋ᠶ᠋ᠡᠨ ᠲᠠᠢᠯᠵᠤ ᠬᠠᠶᠠᠬᠤ ᠭᠡᠪᠡ᠃ ᠳᠡᠪᠡᠯ ᠢ᠋ᠶ᠋ᠡᠨ ᠪᠢᠲᠡᠭᠡᠢ ᠲᠠᠢᠯ᠂ ᠳᠡᠪᠡᠯ ᠢ᠋ ᠴᠢᠨᠢ ᠬᠤᠯᠠᠭᠠᠢᠯᠠᠨ᠎ᠠ ᠰᠢᠦ ᠭᠡᠵᠦ ᠨᠥᠭᠦᠭᠡ ᠨᠢ ᠬᠡᠯᠡᠯ᠎ᠡ᠃ ᠠᠩᠴᠢᠳ ᠲᠦᠷᠭᠡᠨ ᠪᠥᠭᠡᠳ ᠴᠢᠳᠠᠮᠠᠭᠠᠢ ᠪᠠᠷ ᠭᠤᠷᠪᠠᠨ ᠬᠠᠭᠤᠷᠠᠢ ᠮᠣᠳᠣ ᠶ᠋ᠢ ᠤᠨᠠᠭᠠᠵᠤ ᠴᠢᠷᠴᠦ ᠵᠠᠢᠯᠠᠭᠤᠯᠤᠨ ᠮᠥᠴᠢᠷ ᠢ᠋ ᠨᠢ ᠠᠷᠢᠯᠭᠠᠭᠠᠳ ᠵᠡᠷᠭᠡᠴᠡᠭᠦᠯᠦᠨ ᠥᠷᠥᠵᠦ ᠡᠪᠦᠷ ᠡᠴᠡ ᠪᠡᠨ ᠬᠡᠲᠡ ᠴᠠᠬᠢᠭᠤᠷ ᠭᠠᠷᠭᠠᠵᠤ ᠤᠯᠠ ᠠ᠋ᠴᠠ ᠣᠴᠢ ᠭᠠᠷᠭᠠᠨ ᠳᠤᠮᠳᠠᠬᠢ ᠦᠢᠰᠦ ᠶ᠋ᠢ ᠨᠣᠴᠣᠭᠠᠵᠤ ᠳᠡᠭᠡᠷ᠎ᠡ ᠨᠢ ᠬᠠᠭᠤᠷᠠᠢ ᠮᠥᠴᠢᠷ ᠦ᠋ᠳ ᠢ᠋ ᠲᠠᠯᠪᠢᠨ ᠠᠰᠠᠭᠠᠪᠠᠯ ᠮᠣᠳᠣ ᠨᠢ ᠰᠢᠲᠠᠵᠤ ᠬᠥᠭᠵᠢᠯᠲᠡᠢ ᠪᠡᠷ ᠭᠠᠯ ᠳᠦᠷᠡᠯᠵᠡᠪᠡ᠃

ᠰᠦᠪᠡᠭᠡᠳᠡᠢ ᠠᠩᠴᠢᠳ ᠤ᠋ᠨ ᠠᠵᠢᠯᠯᠠᠬᠤ ᠶ᠋ᠢ ᠠᠩᠬᠠᠷᠤᠯᠲᠠᠢ ᠪᠠᠷ ᠠᠵᠢᠭᠯᠠᠵᠤ ᠪᠠᠢᠭᠠᠳ ᠥᠪᠡᠷ ᠦ᠋ᠨ ᠲᠤᠰᠠᠯᠠᠭᠴᠢᠳ ᠲᠸ᠋ ᠬᠡᠯᠡᠪᠡ᠃
— ᠡᠭᠦᠨ ᠡᠴᠡ ᠬᠣᠢᠰᠢ ᠣᠷᠣᠰ ᠤ᠋ᠳ ᠢ᠋ ᠠᠯᠠᠵᠤ ᠪᠣᠯᠬᠤ ᠦᠭᠡᠢ᠂ ᠣᠯᠵᠠᠯᠠᠵᠤ ᠠᠪᠤᠭᠠᠳ ᠡᠮᠦᠨ᠎ᠡ ᠪᠡᠨ ᠲᠠᠭᠤᠬᠤ ᠬᠡᠷᠡᠭᠲᠡᠢ᠃ ᠡᠨᠡ ᠠᠩᠴᠢᠳ ᠮᠣᠳᠣ ᠶ᠋ᠢ ᠬᠡᠷᠬᠢᠨ ᠴᠠᠪᠴᠢᠬᠤ ᠶ᠋ᠢ ᠣᠯᠵᠠᠨ ᠤ᠋ ᠬᠥᠮᠦᠰ ᠲᠸ᠋ ᠦᠵᠡᠭᠦᠯᠵᠦ ᠥᠭᠭᠦᠨ᠎ᠡ᠃ ᠲᠡᠭᠦᠨ ᠢ᠋ᠶ᠋ᠡᠷ ᠪᠢᠳᠡ ᠮᠠᠨ ᠤ᠋ ᠴᠢᠯᠠᠭᠤ ᠰᠢᠳᠡᠭᠴᠢ ᠬᠢᠲᠠᠳ ᠤ᠋ᠨ ᠣᠨᠢᠰᠣᠲᠤ ᠬᠦᠷᠳᠦ ᠶ᠋ᠢ ᠷᠶᠠᠽᠠᠨ ᠳ᠋ᠤ᠌ ᠠᠪᠠᠴᠢᠨ᠎ᠠ᠃ ᠠᠩᠴᠢᠨ ᠤ᠋ ᠬᠥᠯ ᠳ᠋ᠦ᠍ ᠨᠠᠭᠠᠯᠳᠤᠵᠤ ᠮᠣᠩᠭᠣᠯᠴᠤᠳ ᠠ᠋ᠴᠠ ᠵᠢᠭᠰᠢᠨ ᠪᠠᠢᠭ᠎ᠠ ᠦᠰᠦᠯᠢᠭ ᠨᠣᠬᠠᠢ ᠶ᠋ᠢ ᠵᠢᠭᠠᠵᠤ ᠰᠥᠪᠡᠭᠡᠳᠡᠢ ᠬᠡᠯᠡᠪᠡ᠃
— ᠣᠷᠣᠰ ᠬᠡᠯᠡ ᠪᠡᠷ ᠡᠨᠡ ᠠᠮᠢᠲᠠᠨ ᠢ᠋ ᠶᠠᠭᠤ ᠭᠡᠵᠦ ᠨᠡᠷᠡᠯᠡᠳᠡᠭ ᠪᠣᠢ? ᠠᠩᠴᠢᠨ ᠬᠠᠷᠢᠭᠤᠯᠪᠠ᠃
— ᠠ᠂ ᠨᠣᠬᠠᠢ᠂ ᠫᠧᠰ ᠫᠦᠰᠲ᠋ᠣᠪᠷᠧᠾ (ᠬᠣᠭᠣᠰᠣᠨ ᠬᠤᠴᠠᠭᠴᠢ) ᠭᠡᠪᠡ᠃ ᠰᠥᠪᠡᠭᠡᠳᠡᠢ ᠨᠥᠭᠦᠭᠡ ᠡᠴᠡ ᠨᠢ ᠠᠰᠠᠭᠤᠪᠠ᠃
— ᠡᠨᠡ ᠠᠮᠢᠲᠠᠨ ᠢ᠋ ᠬᠡᠨ ᠭᠡᠵᠦ ᠨᠡᠷᠡᠯᠡᠳᠡᠭ ᠪᠣᠢ?
— ᠷᠣᠧᠴᠺᠡ!  ᠲᠶᠦᠲ᠋ᠢᠺᠡ!

ᠰᠥᠪᠡᠭᠡᠳᠡᠢ ᠭᠤᠷᠪᠠᠳᠤᠭᠠᠷ ᠠᠩᠴᠢᠨ ᠠ᠋ᠴᠠ ᠠᠰᠠᠭᠤᠪᠠᠯ ᠲᠡᠷᠡ ᠬᠠᠷᠢᠭᠤ ᠳ᠋ᠤᠨᠢ᠂
— ᠯᠠᠢᠺᠠ᠂ ᠠᠩᠴᠢᠨ ᠨᠣᠬᠠᠢ᠃

ᠰᠥᠪᠡᠭᠡᠳᠡᠢ ᠲᠣᠯᠣᠭᠠᠢ ᠰᠡᠭᠰᠦᠷᠦᠨ᠂
—ᠣᠷᠣᠰ ᠤ᠋ᠨ ᠬᠡᠯᠡ ᠲᠤᠩ ᠬᠡᠴᠡᠭᠦᠦ ᠬᠡᠯᠡ ᠪᠠᠢᠨ᠎ᠠ᠃ ᠮᠣᠩᠭᠣᠯ ᠢ᠋ᠶ᠋ᠠᠷ ᠪᠣᠯ ᠲᠣᠳᠣᠬᠠᠨ ᠪᠠ ᠬᠢᠯᠪᠠᠷ ᠭᠠᠭᠴᠠᠬᠠᠨ ᠦᠭᠡ (ᠨᠣᠬᠠᠢ) ᠭᠡᠬᠦ ᠳ᠋ᠦ᠍ ᠬᠥᠮᠦᠨ ᠪᠦᠬᠦᠨ ᠨᠣᠬᠠᠢ ᠭᠡᠵᠦ ᠮᠡᠳᠡᠨ᠎ᠡ᠃ ᠬᠠᠷᠢᠨ ᠣᠷᠣᠰ ᠤ᠋ᠳ ᠪᠣᠯ ᠬᠥᠮᠦᠨ ᠪᠦᠷᠢ ᠥᠪᠡᠷ ᠦ᠋ᠨ ᠳᠤᠷ᠎ᠠ ᠪᠠᠷ ᠬᠡᠯᠡᠳᠡᠭ ᠤᠴᠢᠷ ᠠ᠋ᠴᠠ ᠪᠡᠶ᠎ᠡ ᠪᠠᠶᠠᠨ  ᠳ᠋ᠡᠭᠡᠨ ᠣᠢᠯᠠᠭᠠᠭᠳᠠᠳᠠᠭ ᠦᠭᠡᠢ ᠦᠷᠭᠦᠯᠵᠢ ᠭᠡᠷᠡᠯᠲᠦᠳᠡᠭ ᠶᠤᠮ᠃

   ᠦᠰᠦᠭ ᠠᠮᠢᠯᠠᠭᠤᠯᠤᠭᠴᠢ᠄ ᠠᠯᠲᠠᠨᠴᠢᠮᠡᠭ᠂ ᠬᠡᠷᠡᠢᠳ· ᠮᠥᠩᠬᠡᠨᠠᠰᠤᠨ᠂ ᠪᠠᠶᠠᠨᠴᠡᠴᠡᠭ
   ᠬᠢᠨᠠᠭᠴᠢ᠄ ᠪᠠᠶᠠᠨᠴᠡᠴᠡᠭ᠂ ᠠᠷᠢᠭᠤᠨ᠂ ᠠᠯᠲᠠᠨᠴᠢᠮᠡᠭ᠂ ᠲ᠂ ᠬᠦᠮᠦᠵᠢᠯᠲᠦ