ᠥᠭᠦᠯᠡᠪᠦᠷᠢ ᠶ᠋ᠢᠨ ᠵᠦᠢ04 ᠮᠣᠩᠭᠣᠯ ᠬᠡᠯᠡᠨ ᠦ᠌ ᠥᠭᠦᠯᠡᠪᠦᠷᠢ ᠶ᠋ᠢᠨ ᠲᠥᠷᠥᠯ ᠵᠦᠢᠯ
ᠳᠥᠷᠪᠡ᠃ ᠮᠣᠩᠭᠣᠯ ᠬᠡᠯᠡᠨ ᠦ᠌ ᠥᠭᠦᠯᠡᠪᠦᠷᠢ ᠶ᠋ᠢᠨ ᠲᠥᠷᠥᠯ ᠵᠦᠢᠯ
ᠥᠭᠦᠯᠡᠪᠦᠷᠢ ᠶ᠋ᠢ ᠬᠡᠯᠡᠬᠦ ᠵᠣᠷᠢᠯᠭ᠎ᠠ᠂ ᠪᠠᠢᠳᠠᠯ᠂ ᠪᠦᠲᠦᠴᠡ ᠪᠡᠷ ᠨᠢ ᠶᠠᠩᠵᠤ ᠶᠠᠩᠵᠤ ᠶ᠋ᠢᠨ ᠲᠥᠷᠥᠯ ᠵᠦᠢᠯ ᠢ᠋ᠶ᠋ᠡᠷ ᠠᠩᠭᠢᠯᠠᠵᠤ ᠪᠣᠯᠤᠨ᠎ᠠ᠃
(ᠨᠢᠭᠡ) ᠥᠭᠦᠯᠡᠪᠦᠷᠢ ᠶ᠋ᠢ ᠬᠡᠯᠡᠬᠦ ᠵᠣᠷᠢᠯᠭ᠎ᠠ ᠪᠠᠷ ᠨᠢ ᠠᠩᠭᠢᠯᠠᠬᠤ
ᠥᠭᠦᠯᠡᠭᠴᠢ ᠡᠲᠡᠭᠡᠳ ᠦ᠋ᠨ ᠬᠡᠯᠡᠬᠦ ᠵᠣᠷᠢᠯᠭ᠎ᠠ ᠪᠠᠷ ᠨᠢ ᠥᠭᠦᠯᠡᠪᠦᠷᠢ ᠶ᠋ᠢ ᠠᠰᠠᠭᠤᠬᠤ ᠥᠭᠦᠯᠡᠪᠦᠷᠢ᠂ ᠵᠠᠬᠢᠷᠬᠤ ᠬᠦᠰᠡᠬᠦ ᠥᠭᠦᠯᠡᠪᠦᠷᠢ᠂ ᠬᠦᠦᠷᠨᠢᠬᠦ ᠥᠭᠦᠯᠡᠪᠦᠷᠢ᠂ ᠠᠩᠬᠠᠷᠤᠭᠤᠯᠬᠤ ᠥᠭᠦᠯᠡᠪᠦᠷᠢ ᠭᠡᠵᠦ ᠬᠡᠳᠦᠨ ᠵᠦᠢᠯ ᠢ᠋ᠶ᠋ᠡᠷ ᠢᠯᠭᠠᠨ ᠦᠵᠡᠵᠦ ᠪᠣᠯᠤᠨ᠎ᠠ᠃
ᠠᠰᠠᠭᠤᠬᠤ ᠥᠭᠦᠯᠡᠪᠦᠷᠢ
ᠬᠡᠨ? ᠶᠠᠭᠤ? ᠠᠯᠢ? ᠶᠠᠮᠠᠷ? ᠬᠡᠵᠢᠶ᠎ᠡ? ᠬᠠᠮᠢᠭ᠎ᠠ? ᠭᠡᠬᠦ ᠵᠡᠷᠭᠡ ᠶ᠋ᠢᠨ ᠠᠰᠠᠭᠤᠬᠤ ᠲᠥᠯᠥᠭᠡᠨ ᠦ᠌ ᠦᠭᠡᠰ ᠦ᠋ᠨ ᠶᠠᠩᠵᠤ ᠪᠦᠷᠢ ᠶ᠋ᠢᠨ ᠠᠰᠠᠭᠤᠯᠲᠠ ᠶ᠋ᠢᠨ ᠬᠡᠯᠪᠡᠷᠢ ᠪᠡᠷ ᠢᠯᠡᠷᠡᠭᠰᠡᠨ ᠠᠰᠠᠭᠤᠭᠰᠠᠨ ᠤᠳᠬ᠎ᠠ ᠲᠠᠢ ᠥᠭᠦᠯᠡᠪᠦᠷᠢ ᠶ᠋ᠢ ᠠᠰᠠᠭᠤᠬᠤ ᠥᠭᠦᠯᠡᠪᠦᠷᠢ ᠭᠡᠨ᠎ᠡ᠃ ᠠᠰᠠᠭᠤᠬᠤ ᠥᠭᠦᠯᠡᠪᠦᠷᠢ ᠨᠢ ᠣᠯᠠᠩᠬᠢ ᠳ᠋ᠠᠭᠠᠨ《ᠤᠤ》 ᠭᠡᠰᠡᠨ ᠠᠰᠠᠭᠤᠬᠤ ᠰᠤᠯᠠ ᠦᠭᠡ᠂《ᠪᠣᠢ》 ᠭᠡᠰᠡᠨ ᠳᠤᠲᠠᠮᠠᠭ ᠦᠢᠯᠡ ᠦᠭᠡ ᠪᠡᠷ ᠢᠯᠡᠷᠡᠬᠦ ᠪᠥᠭᠡᠳ《ᠤᠤ》 ᠶ᠋ᠢ ᠠᠰᠠᠭᠤᠬᠤ ᠲᠥᠯᠥᠭᠡᠨ ᠦ᠌ ᠦᠭᠡ ᠦᠭᠡᠢ᠂ ᠠᠰᠠᠭᠤᠬᠤ ᠥᠭᠦᠯᠡᠪᠦᠷᠢ ᠶ᠋ᠢᠨ ᠡᠴᠦᠰ ᠲᠦ᠍ ᠬᠡᠷᠡᠭᠯᠡᠵᠦ᠂《ᠪᠣᠢ》 ᠶ᠋ᠢ ᠠᠰᠠᠭᠤᠬᠤ ᠲᠥᠯᠥᠭᠡᠨ ᠦ᠌ ᠦᠭᠡ ᠲᠡᠢ ᠠᠰᠠᠭᠤᠬᠤ ᠥᠭᠦᠯᠡᠪᠦᠷᠢ ᠶ᠋ᠢᠨ ᠡᠴᠦᠰ ᠲᠦ᠍ ᠬᠡᠷᠡᠭᠯᠡᠨ᠎ᠡ᠃ ᠥᠭᠦᠯᠡᠪᠦᠷᠢ ᠶ᠋ᠢᠨ ᠡᠴᠦᠰ ᠲᠦ᠍ ᠠᠰᠠᠭᠤᠯᠲᠠ ᠶ᠋ᠢᠨ ᠲᠡᠮᠳᠡᠭ (?) ᠲᠠᠯᠪᠢᠨ᠎ᠠ᠃
ᠵᠢᠱ᠌ᠢᠶᠡᠯᠡᠪᠡᠯ᠄ <1> ᠬᠥᠮᠦᠨ ᠦ᠌ ᠵᠥᠪ ᠦᠵᠡᠯ ᠰᠠᠨᠠᠭ᠎ᠠ ᠬᠠᠮᠢᠭ᠎ᠠ ᠠ᠋ᠴᠠ ᠢᠷᠡᠳᠡᠭ ᠪᠣᠢ?
<2> ᠬᠥᠮᠦᠨ ᠦ᠌ ᠶᠢᠷᠲᠢᠨᠴᠦ ᠶ᠋ᠢ ᠬᠡᠨ ᠪᠦᠲᠦᠭᠡᠭᠰᠡᠨ ᠪᠣᠢ?
ᠬᠥᠳᠡᠯᠮᠦᠷᠢᠴᠢᠨ ᠲᠦᠮᠡᠨ ᠪᠢᠳᠡ ᠶᠤᠮ᠃
ᠵᠠᠬᠢᠷᠬᠤ ᠬᠦᠰᠡᠬᠦ ᠥᠭᠦᠯᠡᠪᠦᠷᠢ
ᠵᠠᠬᠢᠷᠤᠭᠰᠠᠨ᠂ ᠬᠦᠰᠡᠭᠰᠡᠨ᠂ ᠪᠣᠯᠭᠣᠮᠵᠢᠯᠠᠭᠰᠠᠨ ᠤᠳᠬ᠎ᠠ ᠲᠠᠢ ᠬᠡᠯᠡᠭᠰᠡᠨ ᠥᠭᠦᠯᠡᠪᠦᠷᠢ ᠶ᠋ᠢ ᠶᠡᠷᠦᠩᠬᠡᠢ ᠳ᠋ᠦ᠍ᠨᠢ ᠵᠠᠬᠢᠷᠬᠤ ᠬᠦᠰᠡᠬᠦ ᠥᠭᠦᠯᠡᠪᠦᠷᠢ ᠭᠡᠨ᠎ᠡ᠃ ᠵᠠᠬᠢᠷᠬᠤ ᠬᠦᠰᠡᠬᠦ ᠥᠭᠦᠯᠡᠪᠦᠷᠢ ᠶ᠋ᠢᠨ ᠥᠭᠦᠯᠡᠬᠦᠨ ᠨᠢ ᠵᠠᠬᠢᠷᠬᠤ ᠬᠦᠰᠡᠬᠦ ᠪᠣᠯᠭᠣᠮᠵᠢᠯᠠᠬᠤ ᠦᠢᠯᠡ ᠦᠭᠡ ᠶ᠋ᠢᠨ ᠬᠡᠯᠪᠡᠷᠢ ᠪᠡᠷ ᠢᠯᠡᠷᠡᠬᠦ ᠪᠥᠭᠡᠳ ᠥᠭᠦᠯᠡᠪᠦᠷᠢ ᠶ᠋ᠢᠨ ᠡᠴᠦᠰ ᠲᠦ᠍ ᠠᠩᠬᠠᠷᠤᠭᠤᠯᠬᠤ ᠲᠡᠮᠳᠡᠭ (!) ᠪᠤᠶᠤ ᠳᠠᠪᠬᠤᠷ ᠴᠠᠭ (᠃ ) ᠲᠠᠯᠪᠢᠨ᠎ᠠ᠃
ᠵᠢᠱ᠌ᠢᠶᠡᠯᠡᠪᠡᠯ᠄ <1> ᠠᠴᠢᠲᠤ ᠪᠠᠭᠰᠢ ᠪᠠᠨ ᠠᠷᠠᠳ ᠲᠦᠮᠡᠨ ᠬᠠᠢᠷᠠᠯᠠᠨ᠎ᠠ!
<2> ᠲᠠ ᠣᠯᠠᠨ ᠤ᠋ ᠪᠡᠶ᠎ᠡ ᠰᠠᠢᠨ᠂ ᠰᠤᠷᠤᠯᠭ᠎ᠠ ᠰᠠᠢᠨ᠂ ᠠᠵᠢᠯ ᠰᠠᠢᠨ ᠪᠠᠢᠬᠤ ᠶ᠋ᠢ ᠢᠷᠥᠭᠡᠶ᠎ᠡ᠃
ᠬᠦᠦᠷᠨᠢᠬᠦ ᠥᠭᠦᠯᠡᠪᠦᠷᠢ
ᠥᠭᠦᠯᠡᠭᠴᠢ ᠡᠲᠡᠭᠡᠳ ᠥᠪᠡᠷ ᠦ᠋ᠨ ᠰᠠᠨᠠᠭ᠎ᠠ ᠪᠠᠨ ᠡᠩ ᠦ᠋ᠨ ᠶᠠᠩᠵᠤ ᠪᠠᠷ ᠬᠦᠦᠷᠨᠢᠨ ᠨᠡᠪᠲᠡᠷᠡᠭᠦᠯᠦᠭᠰᠡᠨ ᠤᠳᠬ᠎ᠠ ᠲᠠᠢ ᠥᠭᠦᠯᠡᠪᠦᠷᠢ ᠶ᠋ᠢ ᠬᠦᠦᠷᠨᠢᠬᠦ ᠥᠭᠦᠯᠡᠪᠦᠷᠢ ᠭᠡᠨ᠎ᠡ᠃ ᠬᠦᠦᠷᠨᠢᠬᠦ ᠥᠭᠦᠯᠡᠪᠦᠷᠢ ᠶ᠋ᠢᠨ ᠡᠴᠦᠰ ᠲᠦ᠍ ᠳᠠᠪᠬᠤᠷ ᠴᠠᠭ (᠃) ᠲᠠᠯᠪᠢᠨ᠎ᠠ᠃
ᠵᠢᠱ᠌ᠢᠶᠡᠯᠡᠪᠡᠯ᠄<1> ᠮᠠᠷᠺᠰ ᠤ᠋ᠨ ᠦᠵᠡᠯ ᠪᠣᠯ ᠡᠪ ᠬᠠᠮᠲᠤ ᠶᠣᠰᠣ ᠬᠥᠮᠦᠨ ᠲᠥᠷᠥᠯᠬᠢᠲᠡᠨ ᠦ᠌ ᠪᠦᠬᠦ ᠮᠡᠳᠡᠯᠭᠡ ᠶ᠋ᠢᠨ ᠳᠣᠲᠣᠷ᠎ᠠ ᠠ᠋ᠴᠠ ᠪᠣᠢ ᠪᠣᠯᠤᠭᠰᠠᠨ ᠦᠯᠢᠭᠡᠷ ᠳᠠᠭᠤᠷᠢᠶᠠᠯ ᠮᠥᠨ᠃
<2> ᠠᠷᠠᠳ ᠲᠦᠮᠡᠨ ᠦ᠌ ᠪᠠᠭᠰᠢ ᠪᠣᠯᠤᠶ᠎ᠠ ᠭᠡᠪᠡᠯ᠂ ᠤᠷᠢᠳᠠᠪᠡᠷ ᠠᠷᠠᠳ ᠲᠦᠮᠡᠨ ᠦ᠌ ᠰᠤᠷᠤᠭᠴᠢ ᠪᠣᠯᠬᠤ ᠬᠡᠷᠡᠭᠲᠡᠢ᠃
ᠠᠩᠬᠠᠷᠤᠭᠤᠯᠬᠤ ᠥᠭᠦᠯᠡᠪᠦᠷᠢ
ᠥᠭᠦᠯᠡᠭᠴᠢ ᠡᠲᠡᠭᠡᠳ ᠭᠠᠢᠬᠠᠬᠤ᠂ ᠰᠣᠴᠢᠬᠤ᠂ ᠪᠠᠶᠠᠷᠯᠠᠬᠤ᠂ ᠭᠣᠮᠣᠳᠠᠬᠤ᠂ ᠠᠶᠤᠬᠤ᠂ ᠵᠢᠭᠰᠢᠬᠦ ᠵᠡᠷᠭᠡ ᠪᠡᠷ ᠶᠡᠬᠡᠳᠡ ᠰᠡᠳᠬᠢᠯ ᠬᠥᠳᠡᠯᠦᠨ ᠬᠡᠯᠡᠭᠰᠡᠨ ᠥᠭᠦᠯᠡᠪᠦᠷᠢ ᠶ᠋ᠢ ᠠᠩᠬᠠᠷᠤᠭᠤᠯᠬᠤ ᠥᠭᠦᠯᠡᠪᠦᠷᠢ ᠭᠡᠨ᠎ᠡ᠃ ᠠᠩᠬᠠᠷᠤᠭᠤᠯᠬᠤ ᠥᠭᠦᠯᠡᠪᠦᠷᠢ ᠶ᠋ᠢᠨ ᠡᠮᠦᠨ᠎ᠡ ᠪᠡᠨ ᠭᠣᠣᠯ ᠲᠥᠯᠥᠪ ᠵᠣᠬᠢᠬᠤ ᠠᠶᠠᠯᠭᠤ ᠦᠭᠡ ᠶ᠋ᠢ ᠬᠡᠷᠡᠭᠯᠡᠵᠦ᠂ ᠬᠣᠢᠨ᠎ᠠ ᠪᠠᠨ ᠠᠩᠬᠠᠷᠤᠭᠤᠯᠬᠤ ᠲᠡᠮᠳᠡᠭ (!) ᠲᠠᠯᠪᠢᠨ᠎ᠠ᠃
ᠵᠢᠱ᠌ᠢᠶᠡᠯᠡᠪᠡᠯ᠄
ᠠᠷᠠᠳ ᠲᠦᠮᠡᠨ ᠮᠠᠨᠳᠤᠲᠤᠭᠠᠢ!
(ᠬᠣᠶᠠᠷ) ᠥᠭᠦᠯᠡᠪᠦᠷᠢ ᠶ᠋ᠢ ᠪᠦᠲᠦᠴᠡ ᠪᠡᠷ ᠨᠢ ᠠᠩᠭᠢᠯᠠᠬᠤ
ᠥᠭᠦᠯᠡᠪᠦᠷᠢ ᠶ᠋ᠢ ᠪᠦᠲᠦᠴᠡ ᠪᠡᠷ ᠨᠢ ᠡᠩ ᠦ᠋ᠨ ᠥᠭᠦᠯᠡᠪᠦᠷᠢ ᠪᠠ ᠨᠡᠢᠯᠡᠮᠡᠯ ᠥᠭᠦᠯᠡᠪᠦᠷᠢ᠂ ᠬᠤᠷᠢᠶᠠᠩᠭᠤᠢ ᠥᠭᠦᠯᠡᠪᠦᠷᠢ ᠪᠠ ᠳᠡᠯᠭᠡᠷᠡᠩᠭᠦᠢ ᠥᠭᠦᠯᠡᠪᠦᠷᠢ᠂ ᠨᠢᠭᠡ ᠪᠦᠷᠢᠯᠳᠦᠬᠦᠨᠲᠦ ᠥᠭᠦᠯᠡᠪᠦᠷᠢ ᠪᠠ ᠬᠣᠶᠠᠷ ᠪᠦᠷᠢᠯᠳᠦᠬᠦᠨᠲᠦ ᠥᠭᠦᠯᠡᠪᠦᠷᠢ ᠵᠢᠴᠢ ᠵᠠᠷᠢᠮᠳᠠᠭ ᠥᠭᠦᠯᠡᠪᠦᠷᠢ ᠭᠡᠵᠦ ᠬᠡᠳᠦᠨ ᠲᠥᠷᠥᠯ ᠢ᠋ᠶ᠋ᠡᠷ ᠠᠩᠭᠢᠯᠠᠨ ᠦᠵᠡᠵᠦ ᠪᠣᠯᠤᠨ᠎ᠠ᠃
ᠡᠩ ᠦ᠋ᠨ ᠥᠭᠦᠯᠡᠪᠦᠷᠢ
ᠴᠢᠨᠠᠭᠰᠢᠳᠠ ᠬᠣᠶᠠᠷ ᠪᠤᠶᠤ ᠬᠣᠶᠠᠷ ᠠ᠋ᠴᠠ ᠳᠡᠭᠡᠭᠰᠢ ᠥᠭᠦᠯᠡᠪᠦᠷᠢ ᠪᠣᠯᠭᠠᠨ ᠵᠠᠳᠠᠯᠵᠤ ᠪᠣᠯᠬᠤ ᠦᠭᠡᠢ᠂ ᠳᠠᠩ ᠭᠠᠭᠴᠠ ᠥᠭᠦᠯᠡᠭᠳᠡᠬᠦᠨ ᠦ᠌ ᠬᠡᠰᠡᠭ ᠪᠠ ᠥᠭᠦᠯᠡᠬᠦᠨ ᠦ᠌ ᠬᠡᠰᠡᠭ ᠡᠴᠡ ᠪᠦᠲᠦᠭᠰᠡᠨ ᠥᠭᠦᠯᠡᠪᠦᠷᠢ ᠶ᠋ᠢ ᠡᠩ ᠦ᠋ᠨ ᠥᠭᠦᠯᠡᠪᠦᠷᠢ ᠭᠡᠨ᠎ᠡ᠃
ᠵᠢᠱ᠌ᠢᠶᠡᠯᠡᠪᠡᠯ᠄ ᠬᠦᠴᠦᠨ ᠴᠢᠳᠠᠯ ᠤ᠋ᠨ ᠡᠬᠢ ᠰᠤᠷᠪᠤᠯᠵᠢ ᠪᠣᠯ ᠠᠷᠠᠳ ᠣᠯᠠᠨ ᠮᠥᠨ᠃
ᠨᠡᠢᠯᠡᠮᠡᠯ ᠥᠭᠦᠯᠡᠪᠦᠷᠢ
ᠬᠣᠶᠠᠷ ᠪᠤᠶᠤ ᠬᠣᠶᠠᠷ ᠠ᠋ᠴᠠ ᠳᠡᠭᠡᠭᠰᠢ ᠲᠣᠭᠠᠨ ᠤ᠋ ᠡᠩ ᠦ᠋ᠨ ᠥᠭᠦᠯᠡᠪᠦᠷᠢ ᠨᠡᠢᠯᠡᠵᠦ ᠪᠦᠲᠦᠭᠰᠡᠨ ᠥᠭᠦᠯᠡᠪᠦᠷᠢ ᠶ᠋ᠢ ᠨᠡᠢᠯᠡᠮᠡᠯ ᠥᠭᠦᠯᠡᠪᠦᠷᠢ ᠭᠡᠨ᠎ᠡ᠃
ᠵᠢᠱ᠌ᠢᠶᠡᠯᠡᠪᠡᠯ᠄ ᠪᠢᠳᠡ ᠲᠡᠢᠨ ᠦ᠌ ᠪᠡᠯᠡᠳᠬᠡᠯ ᠦ᠋ᠨ ᠠᠵᠢᠯ ᠬᠢᠵᠦ᠂ ᠲᠡᠳᠡ ᠭᠦᠨ ᠤᠬᠠᠭᠠᠨ ᠤ᠋ ᠵᠣᠬᠢᠶᠠᠯ ᠢ᠋ ᠰᠤᠷᠤᠯᠴᠠᠵᠤ ᠪᠠᠢᠨ᠎ᠠ᠃ ᠭᠡᠬᠦ ᠮᠡᠲᠦ᠃
ᠨᠡᠢᠯᠡᠮᠡᠯ ᠥᠭᠦᠯᠡᠪᠦᠷᠢ ᠶ᠋ᠢ ᠪᠦᠲᠦᠭᠰᠡᠨ ᠪᠠᠢᠳᠠᠯ ᠢ᠋ᠶ᠋ᠠᠷ ᠨᠢ ᠦᠨᠳᠦᠰᠦ ᠪᠣᠯᠭᠠᠨ ᠵᠡᠷᠭᠡᠴᠡᠭᠰᠡᠨ ᠨᠡᠢᠯᠡᠮᠡᠯ ᠥᠭᠦᠯᠡᠪᠦᠷᠢ ᠪᠠ ᠨᠡᠢᠯᠡᠮᠡᠯ ᠥᠭᠦᠯᠡᠪᠦᠷᠢ ᠭᠡᠵᠦ ᠬᠤᠪᠢᠶᠠᠵᠤ ᠪᠣᠯᠤᠨ᠎ᠠ᠃
1 ᠵᠡᠷᠭᠡᠴᠡᠭᠰᠡᠨ ᠨᠡᠢᠯᠡᠮᠡᠯ ᠥᠭᠦᠯᠡᠪᠦᠷᠢ
ᠨᠡᠢᠯᠡᠮᠡᠯ ᠥᠭᠦᠯᠡᠪᠦᠷᠢ ᠶ᠋ᠢᠨ ᠳᠣᠲᠣᠷᠠᠬᠢ ᠭᠡᠰᠢᠭᠦᠨ ᠥᠭᠦᠯᠡᠪᠦᠷᠢ ᠨᠦ᠍ᠭᠦᠳ ᠨᠢ ᠬᠣᠭᠣᠷᠣᠨᠳᠣ ᠪᠠᠨ ᠵᠠᠬᠢᠷᠤᠭᠳᠠᠭᠰᠠᠨ ᠬᠠᠷᠢᠴᠠᠭ᠎ᠠ ᠪᠢᠰᠢ᠂ ᠬᠠᠷᠢᠨ ᠵᠡᠷᠭᠡᠴᠡᠭᠰᠡᠨ ᠬᠠᠷᠢᠴᠠᠭ᠎ᠠ ᠲᠠᠢ ᠨᠡᠢᠯᠡᠮᠡᠯ ᠥᠭᠦᠯᠡᠪᠦᠷᠢ ᠶ᠋ᠢ ᠵᠡᠷᠭᠡᠴᠡᠭᠰᠡᠨ ᠨᠡᠢᠯᠡᠮᠡᠯ ᠥᠭᠦᠯᠡᠪᠦᠷᠢ ᠭᠡᠨ᠎ᠡ᠃ ᠵᠡᠷᠭᠡᠴᠡᠭᠰᠡᠨ ᠨᠡᠢᠯᠡᠮᠡᠯ ᠥᠭᠦᠯᠡᠪᠦᠷᠢ ᠶ᠋ᠢ ᠪᠦᠲᠦᠭᠡᠬᠦ ᠳ᠋ᠦ᠍ ᠥᠭᠦᠯᠡᠪᠦᠷᠢ ᠨᠦ᠍ᠭᠦᠳ ᠦ᠋ᠨ ᠬᠡᠯᠪᠡᠷᠢ ᠨᠢ ᠶᠠᠮᠠᠷ ᠴᠤ᠌ ᠬᠤᠪᠢᠷᠠᠯᠲᠠ ᠦᠭᠡᠢ᠂ ᠥᠭᠦᠯᠡᠭᠳᠡᠬᠦᠨ ᠨᠢ ᠪᠦᠷ ᠨᠡᠷᠡᠯᠡᠬᠦ ᠶ᠋ᠢᠨ ᠲᠡᠢᠨ ᠢᠯᠭᠠᠯ ᠳ᠋ᠤ᠌ ᠪᠠᠢᠬᠤ ᠪᠠ ᠵᠥᠪᠬᠡᠨ ᠡᠴᠦᠰ ᠦ᠋ᠨ ᠪᠤᠰᠤ ᠥᠭᠦᠯᠡᠪᠦᠷᠢ ᠶ᠋ᠢᠨ ᠥᠭᠦᠯᠡᠬᠦᠨ ᠨᠢ ᠭᠣᠣᠯ ᠲᠥᠯᠥᠪ ᠵᠡᠷᠭᠡᠴᠡᠬᠦ᠂ᠤᠷᠢᠳᠴᠢᠯᠠᠬᠤ᠂ ᠬᠠᠮ ᠨᠥᠬᠥᠴᠡᠯ ᠦᠢᠯᠡ ᠦᠭᠡ ᠪᠡᠷ ᠬᠡᠯᠪᠡᠷᠢᠵᠢᠬᠦ ᠪᠤᠶᠤ ᠡᠰᠡᠬᠦᠯ᠎ᠡ ᠥᠴᠦᠬᠡᠨ ᠴᠦ᠍ ᠥᠭᠡᠷᠡᠴᠢᠯᠡᠯ ᠦᠭᠡᠢ᠂ ᠭᠠᠭᠴᠠ ᠬᠦ᠌ ᠬᠡᠯᠡᠬᠦ ᠠᠶᠠᠯᠭᠤ ᠪᠠᠷ ᠬᠣᠯᠪᠣᠬᠤ ᠤᠳᠠᠭ᠎ᠠ ᠪᠣᠢ᠃
ᠵᠢᠱ᠌ᠢᠶᠡᠯᠡᠪᠡᠯ᠄<1> ᠪᠦᠬᠦ ᠬᠦᠴᠦ ᠪᠡᠷ ᠢ᠋ᠶ᠋ᠡᠨ ᠦᠭᠡᠭᠦᠦ ᠠᠩᠭᠢ ᠶ᠋ᠢᠨ ᠣᠶᠤᠲᠠᠨ ᠢ᠋ ᠪᠡᠶ᠎ᠡ ᠪᠡᠨ ᠬᠥᠳᠡᠯᠮᠦᠷᠢᠴᠢᠨ ᠲᠦᠮᠡᠨ ᠦ᠌ ᠰᠠᠯᠵᠤ ᠪᠣᠯᠣᠰᠢ ᠦᠭᠡᠢ ᠪᠦᠷᠢᠯᠳᠦᠬᠦᠨ ᠬᠡᠰᠡᠭ ᠢ᠋ᠶ᠋ᠡᠷ ᠦᠵᠡᠬᠦ ᠪᠣᠯᠭᠠᠵᠤ᠂ ᠬᠦᠴᠦ ᠪᠡᠷ ᠢ᠋ᠶ᠋ᠡᠨ ᠣᠶᠤᠲᠠᠳ ᠢ᠋ ᠨᠡᠢᠭᠡᠮ ᠦ᠋ᠨ ᠵᠢᠳᠬᠦᠯᠲᠡᠨ ᠢ᠋ᠶ᠋ᠡᠷ ᠪᠣᠳᠣᠬᠤ ᠪᠣᠯᠭᠠᠵᠤ᠂ ᠲᠡᠭᠦᠨᠴᠢᠯᠡᠨ ᠵᠢᠩᠬᠢᠨᠢ ᠨᠡᠢᠭᠡᠮ ᠦ᠋ᠨ ᠵᠢᠳᠬᠦᠯᠲᠡᠨ ᠭᠡᠳᠡᠭ ᠢ᠋ᠶ᠋ᠡᠨ ᠦᠢᠯᠡ ᠠᠵᠢᠯᠯᠠᠭ᠎ᠠ ᠳᠡᠭᠡᠷ᠎ᠡ ᠪᠡᠨ ᠢᠯᠡᠷᠡᠭᠦᠯᠬᠦ ᠪᠣᠯᠭᠠᠬᠤ ᠬᠡᠷᠡᠭᠲᠡᠢ— ᠡᠨᠡ ᠪᠣᠯ ᠨᠠᠮ ᠤ᠋ᠨ ᠬᠣᠶᠠᠳᠤᠭᠠᠷ ᠡᠭᠦᠷᠭᠡ ᠮᠥᠨ᠃
<2> ᠡᠪ ᠬᠠᠮᠲᠤ ᠨᠠᠮ ᠤ᠋ᠨ ᠭᠡᠰᠢᠭᠦᠨ ᠥᠪᠡᠷ ᠦ᠋ᠨ ᠬᠢ ᠪᠠᠨ ᠯᠠ ᠵᠥᠪ ᠭᠡᠳ ᠬᠥᠮᠦᠨ ᠡᠴᠡ ᠳᠡᠭᠡᠭᠦᠷ ᠠᠭᠠᠰᠢᠯᠠᠵᠤ᠂ ᠮᠢᠨᠦ ᠶᠠᠭᠤ ᠴᠦ᠍ ᠪᠦᠷ ᠰᠠᠢᠨ᠂ ᠬᠥᠮᠦᠨ ᠦ᠌ ᠶᠠᠭᠤ ᠴᠤ᠌ ᠪᠦᠷ ᠮᠠᠭᠤ ᠭᠡᠵᠦ ᠦᠵᠡᠵᠦ ᠣᠭᠲᠣ ᠪᠣᠯᠬᠤ ᠦᠭᠡᠢ᠃ ᠪᠡᠶ᠎ᠡ ᠪᠠᠨ ᠢᠪᠴᠤᠤ ᠥᠷᠥᠭᠡᠨ ᠳ᠋ᠦ᠍ ᠬᠣᠷᠢᠵᠤ᠂ ᠥᠪᠡᠷ ᠦ᠋ᠨ ᠪᠡᠶ᠎ᠡ ᠪᠡᠨ ᠦᠯᠢᠶᠡᠨ ᠮᠠᠭᠲᠠᠵᠤ᠂ ᠡᠵᠡᠨ ᠮᠡᠳᠡᠨ ᠡᠵᠡᠷᠬᠡᠨ ᠠᠭᠠᠰᠢᠯᠠᠵᠤ ᠣᠭᠲᠣ ᠪᠣᠯᠬᠤ ᠦᠭᠡᠢ᠃
2 ᠬᠠᠪᠰᠤᠷᠤᠭᠰᠠᠨ ᠨᠡᠢᠯᠡᠮᠡᠯ ᠥᠭᠦᠯᠡᠪᠦᠷᠢ
ᠨᠡᠢᠯᠡᠮᠡᠯ ᠥᠭᠦᠯᠡᠪᠦᠷᠢ ᠶ᠋ᠢᠨ ᠳᠣᠲᠣᠷᠠᠬᠢ ᠭᠡᠰᠢᠭᠦᠨ ᠥᠭᠦᠯᠡᠪᠦᠷᠢ ᠨᠦ᠍ᠭᠦᠳ ᠨᠢ ᠬᠣᠭᠣᠷᠣᠨᠳᠣ ᠪᠠᠨ ᠵᠡᠷᠭᠡᠴᠡᠭᠰᠡᠨ ᠬᠠᠷᠢᠴᠠᠭ᠎ᠠ ᠪᠢᠰᠢ᠂ ᠬᠠᠷᠢᠨ ᠵᠠᠬᠢᠷᠤᠭᠰᠠᠨ ᠬᠠᠷᠢᠴᠠᠭ᠎ᠠ ᠲᠠᠢ ᠨᠡᠢᠯᠡᠮᠡᠯ ᠥᠭᠦᠯᠡᠪᠦᠷᠢ ᠶ᠋ᠢ ᠬᠠᠪᠰᠤᠷᠤᠭᠰᠠᠨ ᠨᠡᠢᠯᠡᠮᠡᠯ ᠥᠭᠦᠯᠡᠪᠦᠷᠢ ᠭᠡᠨ᠎ᠡ᠃ ᠬᠠᠪᠰᠤᠷᠤᠭᠰᠠᠨ ᠨᠡᠢᠯᠡᠮᠡᠯ ᠥᠭᠦᠯᠡᠪᠦᠷᠢ ᠶ᠋ᠢᠨ ᠳᠣᠲᠣᠷ᠎ᠠ᠂ ᠪᠡᠶ᠎ᠡ ᠪᠡᠨ ᠳᠠᠭᠠᠭᠠᠵᠤ ᠣᠷᠣᠭᠰᠠᠨ ᠥᠭᠦᠯᠡᠪᠦᠷᠢ ᠨᠢ ᠭᠣᠣᠯ ᠥᠭᠦᠯᠡᠪᠦᠷᠢ ᠪᠣᠯᠵᠤ ᠥᠭᠦᠯᠡᠪᠦᠷᠢ ᠶ᠋ᠢᠨ ᠡᠴᠦᠰ ᠲᠦ᠍ ᠪᠠᠢᠬᠤ ᠪᠥᠭᠡᠳ ᠭᠣᠣᠯ ᠥᠭᠦᠯᠡᠪᠦᠷᠢ ᠳ᠋ᠡᠭᠡᠨ ᠵᠠᠬᠢᠷᠤᠭᠳᠠᠭᠰᠠᠨ ᠥᠭᠦᠯᠡᠪᠦᠷᠢ ᠨᠢ ᠭᠡᠰᠢᠭᠦᠨ ᠥᠭᠦᠯᠡᠪᠦᠷᠢ ᠪᠣᠯᠵᠤ᠂ ᠥᠭᠦᠯᠡᠪᠦᠷᠢ ᠳ᠋ᠡᠭᠡᠨ ᠠᠯᠢ ᠨᠢᠭᠡᠨ ᠭᠡᠰᠢᠭᠦᠨ ᠦ᠌ ᠡᠭᠦᠷᠭᠡ ᠶ᠋ᠢ ᠭᠦᠢᠴᠡᠳᠬᠡᠨ᠎ᠡ᠃ ᠭᠣᠣᠯ ᠥᠭᠦᠯᠡᠪᠦᠷᠢ ᠶ᠋ᠢᠨ ᠪᠦᠲᠦᠴᠡ ᠨᠢ ᠡᠩ ᠦ᠋ᠨ ᠥᠭᠦᠯᠡᠪᠦᠷᠢ ᠲᠡᠢ ᠢᠯᠭᠠᠭ᠎ᠠ ᠦᠭᠡᠢ᠂ ᠭᠡᠰᠢᠭᠦᠨ ᠥᠭᠦᠯᠡᠪᠦᠷᠢ ᠶ᠋ᠢᠨ ᠪᠦᠲᠦᠴᠡ ᠨᠢ ᠭᠣᠣᠯ ᠥᠭᠦᠯᠡᠪᠦᠷᠢ ᠶ᠋ᠢᠨ ᠱᠠᠭᠠᠷᠳᠠᠯᠭ᠎ᠠ ᠠ᠋ᠴᠠ ᠪᠣᠯᠵᠤ ᠥᠭᠦᠯᠡᠭᠳᠡᠬᠦᠨ ᠨᠢ ᠵᠢᠭᠠᠬᠤ᠂ ᠬᠠᠷᠢᠶᠠᠯᠠᠬᠤ ᠶ᠋ᠢᠨ ᠲᠡᠢᠨ ᠢᠯᠭᠠᠯ ᠢ᠋ᠶ᠋ᠠᠷ ᠬᠡᠯᠪᠡᠷᠢᠵᠢᠨᠡ᠃ ᠥᠭᠦᠯᠡᠬᠦᠨ ᠨᠢ ᠲᠡᠮᠳᠡᠭ ᠦᠢᠯᠡ᠂ ᠨᠥᠬᠥᠴᠡᠯ ᠦᠢᠯᠡ ᠶ᠋ᠢᠨ ᠵᠠᠷᠢᠮ ᠬᠡᠯᠪᠡᠷᠢ ᠪᠡᠷ ᠬᠡᠯᠪᠡᠷᠢᠵᠢᠬᠦ ᠪᠠ ᠵᠣᠬᠢᠬᠤ ᠨᠡᠷ᠎ᠡ ᠦᠭᠡ ᠪᠡᠷ ᠪᠠᠢᠵᠤ᠂ ᠭᠣᠣᠯ ᠥᠭᠦᠯᠡᠪᠦᠷᠢ ᠳ᠋ᠡᠭᠡᠨ ᠶᠠᠮᠠᠷ ᠨᠢᠭᠡᠨ ᠭᠡᠰᠢᠭᠦᠨ ᠦ᠌ ᠡᠭᠦᠷᠭᠡ ᠶ᠋ᠢ ᠭᠦᠢᠴᠡᠳᠬᠡᠨ᠂ ᠥᠪᠡᠷ ᠲᠡᠭᠡᠨ ᠬᠣᠯᠪᠣᠭᠳᠠᠬᠤ ᠡᠮᠦᠨᠡᠬᠢ ᠭᠡᠰᠢᠭᠦᠳ ᠲᠡᠭᠡᠨ ᠥᠭᠦᠯᠡᠬᠦᠨ ᠦ᠌ ᠡᠭᠦᠷᠭᠡ ᠶ᠋ᠢ ᠭᠦᠢᠴᠡᠳᠬᠡᠬᠦ ᠮᠡᠲᠦ ᠪᠡᠷ ᠬᠣᠶᠠᠷ ᠳᠠᠪᠬᠤᠷ ᠡᠭᠦᠷᠭᠡ ᠶ᠋ᠢ ᠭᠦᠢᠴᠡᠳᠬᠡᠵᠦ ᠪᠠᠢᠬᠤ ᠶᠤᠮ᠃
ᠵᠢᠱ᠌ᠢᠶᠡᠯᠡᠪᠡᠯ᠄ ᠪᠢᠳᠡ ᠶᠠᠭᠠᠬᠢᠭᠰᠠᠨ ᠴᠤ᠌ ᠡᠳᠡᠭᠡᠷ ᠳᠠᠢᠰᠤᠨ ᠢ᠋ ᠬᠥᠩᠭᠡᠪᠴᠢᠯᠡᠵᠦ ᠪᠣᠯᠬᠤ ᠦᠭᠡᠢ᠃ ᠬᠡᠷᠪᠡ ᠪᠢᠳᠡ ᠣᠳᠣ ᠢᠩᠭᠢᠵᠦ ᠠᠰᠠᠭᠤᠳᠠᠯ ᠢ᠋ ᠳᠤᠷᠠᠳᠴᠤ ᠠᠰᠠᠭᠤᠳᠠᠯ ᠢ᠋ ᠲᠠᠨᠢᠬᠤ ᠦᠭᠡᠢ ᠪᠣᠯ ᠳᠠᠷᠤᠢ ᠲᠤᠢᠯ ᠤ᠋ᠨ ᠶᠡᠬᠡ ᠠᠯᠳᠠᠭ᠎ᠠ ᠭᠠᠷᠭᠠᠬᠤ ᠪᠣᠯᠤᠨ᠎ᠠ᠃
3 ᠬᠥᠨᠳᠡᠯᠡᠨ ᠦ᠌ ᠦᠭᠡ
ᠭᠣᠣᠯ ᠥᠭᠦᠯᠡᠪᠦᠷᠢ ᠳ᠋ᠡᠭᠡᠨ ᠪᠤᠰᠤᠳ ᠤ᠋ᠨ ᠪᠤᠶᠤ ᠥᠪᠡᠷ ᠦ᠋ᠨ ᠦᠭᠡ ᠶ᠋ᠢ ᠲᠡᠷᠡ ᠬᠡᠪ ᠢ᠋ᠶ᠋ᠡᠷ ᠨᠢ ᠪᠤᠶᠤ ᠪᠠᠭ᠎ᠠ ᠵᠡᠷᠭᠡ ᠨᠠᠢᠷᠠᠭᠤᠯᠤᠨ ᠣᠷᠣᠭᠤᠯᠤᠭᠰᠠᠨ ᠦᠭᠡ ᠶ᠋ᠢ ᠬᠥᠨᠳᠡᠯᠡᠨ ᠦ᠌ ᠦᠭᠡ ᠭᠡᠵᠦ ᠬᠡᠯᠡᠳᠡᠭ᠃ ᠬᠥᠨᠳᠡᠯᠡᠨ ᠦ᠌ ᠦᠭᠡ ᠨᠢ ᠤᠤᠯ ᠥᠭᠦᠯᠡᠪᠦᠷᠢ ᠳ᠋ᠡᠭᠡᠨ ᠭᠡᠰᠢᠭᠦᠨ ᠥᠭᠦᠯᠡᠪᠦᠷᠢ ᠪᠣᠯᠳᠠᠭ᠃
ᠵᠢᠱ᠌ᠢᠶᠡᠯᠡᠪᠡᠯ᠄<1> ᠪᠢᠳᠡᠨ ᠳ᠋ᠦ᠍᠄《ᠰᠠᠢᠲᠤᠷ ᠰᠤᠷᠤᠯᠴᠠᠵᠤ᠂ ᠡᠳᠦᠷ ᠡᠴᠡ ᠡᠳᠦᠷ ᠥᠭᠡᠳᠡᠯᠡ》 ᠭᠡᠵᠦ ᠰᠤᠷᠭᠠᠵᠠᠢ᠃
ᠨᠢᠭᠡᠨ ᠪᠦᠷᠢᠯᠳᠦᠬᠦᠨᠲᠦ ᠥᠭᠦᠯᠡᠪᠦᠷᠢ ᠪᠠ ᠬᠣᠶᠠᠷ ᠪᠦᠷᠢᠯᠳᠦᠬᠦᠨᠲᠦ ᠥᠭᠦᠯᠡᠪᠦᠷᠢ
ᠥᠭᠦᠯᠡᠪᠦᠷᠢ ᠶ᠋ᠢᠨ ᠭᠣᠣᠯ ᠭᠡᠰᠢᠭᠦᠨ ᠪᠣᠯᠬᠤ ᠥᠭᠦᠯᠡᠭᠳᠡᠬᠦᠨ ᠪᠤᠶᠤ ᠥᠭᠦᠯᠡᠬᠦᠨ ᠦ᠌ ᠠᠯᠢ ᠨᠢᠭᠡ ᠪᠡᠷ ᠪᠦᠲᠦᠭᠰᠡᠨ ᠥᠭᠦᠯᠡᠪᠦᠷᠢ ᠶ᠋ᠢ ᠨᠢᠭᠡᠨ ᠪᠦᠷᠢᠯᠳᠦᠬᠦᠨᠲᠦ ᠥᠭᠦᠯᠡᠪᠦᠷᠢ ᠭᠡᠵᠦ᠂ ᠥᠭᠦᠯᠡᠭᠳᠡᠬᠦᠨ ᠥᠭᠦᠯᠡᠬᠦᠨ ᠬᠣᠶᠠᠷ ᠣᠷᠣᠯᠴᠠᠭᠰᠠᠨ ᠥᠭᠦᠯᠡᠪᠦᠷᠢ ᠶ᠋ᠢ ᠬᠣᠶᠠᠷ ᠪᠦᠷᠢᠯᠳᠦᠬᠦᠨᠲᠦ ᠥᠭᠦᠯᠡᠪᠦᠷᠢ ᠭᠡᠳᠡᠭ᠃
ᠵᠢᠱ᠌ᠢᠶᠡᠯᠡᠪᠡᠯ᠄<1> ᠰᠢᠭᠦᠮᠵᠢᠯᠡᠯ ᠢ᠋ ᠴᠠᠭ ᠲᠤᠬᠠᠢ ᠳ᠋ᠤᠨᠢ ᠶᠠᠪᠤᠭᠤᠯᠬᠤ ᠬᠡᠷᠡᠭᠲᠡᠢ᠂ ᠪᠢᠲᠡᠭᠡᠢ ᠬᠡᠷᠡᠭ ᠶᠠᠪᠤᠳᠠᠯ ᠭᠠᠷᠤᠭᠰᠠᠨ ᠤ᠋ ᠬᠣᠢᠨ᠎ᠠ ᠰᠠᠶᠢ ᠰᠢᠭᠦᠮᠵᠢᠯᠡᠬᠦ ᠭᠡᠵᠦ ᠣᠷᠣᠯᠳᠣᠭᠠᠳ ᠪᠠᠢ᠃ (ᠨᠢᠭᠡ ᠪᠦᠷᠢᠯᠳᠦᠬᠦᠨᠲᠦ ᠥᠭᠦᠯᠡᠪᠦᠷᠢ)
<2> ᠮᠠᠨ ᠤ᠋ ᠰᠤᠷᠭᠠᠨ ᠬᠥᠮᠦᠵᠢᠯ ᠦ᠋ᠨ ᠴᠢᠭᠯᠡᠯᠲᠡ ᠪᠣᠯ ᠰᠤᠷᠭᠠᠨ ᠬᠥᠮᠦᠵᠢᠯ ᠬᠦᠷᠲᠡᠭᠴᠢᠳ ᠢ᠋ ᠶᠣᠰᠣ ᠰᠤᠷᠲᠠᠬᠤᠨ ᠤ᠋ ᠬᠥᠮᠦᠵᠢᠯ᠂ ᠣᠶᠤᠨ ᠤᠬᠠᠭᠠᠨ ᠤ᠋ ᠬᠥᠮᠦᠵᠢᠯ ᠪᠠ ᠪᠡᠶ᠎ᠡ ᠮᠠᠬᠠᠪᠣᠳ ᠤ᠋ᠨ ᠬᠥᠮᠦᠵᠢᠯ ᠵᠡᠷᠭᠡ ᠬᠡᠳᠦᠨ ᠲᠠᠯ᠎ᠠ ᠪᠠᠷ ᠬᠥᠭᠵᠢᠭᠦᠯᠵᠦ᠂ ᠨᠡᠢᠭᠡᠮ ᠵᠢᠷᠤᠮᠲᠤ ᠤᠬᠠᠮᠰᠠᠷ ᠲᠠᠢ ᠰᠣᠶᠣᠯ ᠪᠣᠯᠪᠠᠰᠤᠷᠠᠯ ᠲᠠᠢ ᠬᠥᠳᠡᠯᠮᠦᠷᠢᠴᠢᠨ ᠪᠣᠯᠭᠠᠬᠤ ᠶᠠᠪᠤᠳᠠᠯ ᠪᠣᠯᠤᠨ᠎ᠠ᠃ (ᠬᠣᠶᠠᠷ ᠪᠦᠷᠢᠯᠳᠦᠬᠦᠨᠲᠦ ᠥᠭᠦᠯᠡᠪᠦᠷᠢ)
ᠬᠤᠷᠢᠶᠠᠩᠭᠤᠢ ᠥᠭᠦᠯᠡᠪᠦᠷᠢ ᠪᠠ ᠳᠡᠯᠭᠡᠷᠡᠩᠭᠦᠢ ᠥᠭᠦᠯᠡᠪᠦᠷᠢ
ᠵᠥᠪᠬᠡᠨ ᠥᠭᠦᠯᠡᠭᠳᠡᠬᠦᠨ ᠥᠭᠦᠯᠡᠬᠦᠨ ᠬᠣᠶᠠᠷ ᠠ᠋ᠴᠠ ᠪᠦᠲᠦᠭᠰᠡᠨ ᠥᠭᠦᠯᠡᠪᠦᠷᠢ ᠶ᠋ᠢ ᠬᠤᠷᠢᠶᠠᠩᠭᠤᠢ ᠥᠭᠦᠯᠡᠪᠦᠷᠢ ᠭᠡᠵᠦ᠂ ᠭᠣᠣᠯ ᠭᠡᠰᠢᠭᠦᠨ ᠥᠭᠦᠯᠡᠭᠳᠡᠬᠦᠨ ᠥᠭᠦᠯᠡᠬᠦᠨ ᠬᠣᠶᠠᠷ ᠠ᠋ᠴᠠ ᠭᠠᠳᠠᠨ᠎ᠠ᠂ ᠳᠡᠳ᠋ ᠭᠡᠰᠢᠭᠦᠨ ᠣᠷᠣᠯᠴᠠᠭᠰᠠᠨ ᠥᠭᠦᠯᠡᠪᠦᠷᠢ ᠶ᠋ᠢ ᠳᠡᠯᠭᠡᠷᠡᠩᠭᠦᠢ ᠥᠭᠦᠯᠡᠪᠦᠷᠢ ᠭᠡᠨ᠎ᠡ᠃
ᠵᠢᠱ᠌ᠢᠶᠡᠯᠡᠪᠡᠯ᠄ (1) ᠪᠢᠳᠡ ᠰᠤᠷᠤᠯᠴᠠᠨ᠎ᠠ᠃ ᠲᠡᠳᠡ ᠬᠥᠳᠡᠯᠮᠦᠷᠢᠯᠡᠨᠡ᠃ ( ᠬᠤᠷᠢᠶᠠᠩᠭᠤᠢ ᠥᠭᠦᠯᠡᠪᠦᠷᠢ)
(2) ᠰᠤᠷᠤᠭᠴᠢᠳ ᠪᠠᠰᠠ ᠡᠢᠮᠦ᠂ ᠰᠤᠷᠤᠯᠴᠠᠬᠤ ᠪᠠᠷ ᠭᠣᠣᠯ ᠪᠣᠯᠭᠠᠵᠤ᠂ ᠣᠨᠳᠣᠣ ᠵᠦᠢᠯ ᠢ᠋ ᠬᠠᠪᠰᠤᠷᠭᠠᠨ ᠰᠤᠷᠤᠨ᠎ᠠ᠂ ᠰᠣᠶᠣᠯ ᠰᠤᠷᠬᠤ ᠪᠠᠷ ᠪᠠᠷᠠᠬᠤ ᠦᠭᠡᠢ᠂ ᠪᠠᠰᠠ ᠠᠵᠤ ᠦᠢᠯᠡᠳᠪᠦᠷᠢ ᠶ᠋ᠢ ᠰᠤᠷᠬᠤ᠂ ᠲᠠᠷᠢᠶᠠᠯᠠᠩ ᠢ᠋ ᠰᠤᠷᠬᠤ᠂ ᠴᠡᠷᠢᠭ ᠲᠡᠢᠨ ᠢ᠋ ᠰᠤᠷᠬᠤ ᠬᠡᠷᠡᠭᠲᠡᠢ᠂ ᠪᠠᠰᠠ ᠰᠢᠨᠵᠢᠯᠡᠬᠦ ᠤᠬᠠᠭᠠᠨ ᠢ᠋ ᠰᠤᠳᠤᠯᠬᠤ ᠬᠡᠷᠡᠭᠲᠡᠢ᠃( ᠳᠡᠯᠭᠡᠷᠡᠩᠭᠦᠢ ᠥᠭᠦᠯᠡᠪᠦᠷᠢ)
ᠵᠠᠷᠢᠮᠳᠠᠭ ᠥᠭᠦᠯᠡᠪᠦᠷᠢ
ᠨᠢᠭᠡᠨ ᠥᠭᠦᠯᠡᠪᠦᠷᠢ ᠶ᠋ᠢᠨ ᠳᠣᠲᠣᠷ᠎ᠠ᠂ ᠥᠭᠦᠯᠡᠭᠳᠡᠬᠦᠨ ᠥᠭᠦᠯᠡᠬᠦᠨ ᠬᠣᠶᠠᠷ ᠤ᠋ᠨ ᠠᠯᠢ ᠨᠢᠭᠡ ᠨᠢ ᠪᠠᠢᠬᠤ ᠦᠭᠡᠢ ᠪᠣᠯ ᠲᠡᠭᠦᠨ ᠢ᠋ ᠵᠠᠷᠢᠮᠳᠠᠭ ᠥᠭᠦᠯᠡᠪᠦᠷᠢ ᠭᠡᠨ᠎ᠡ᠃
ᠵᠢᠱ᠌ᠢᠶᠡᠯᠡᠪᠡᠯ᠄ (1) ᠬᠠᠮᠢᠭ᠎ᠠ ᠠ᠋ᠴᠠ ᠢᠷᠡᠪᠡ? ᠬᠣᠲᠠ ᠠ᠋ᠴᠠ ᠢᠷᠡᠯ᠎ᠡ᠃
ᠬᠡᠨ ᠪᠣᠢ? ᠬᠥᠭᠵᠢᠯᠲᠦ᠃
ᠶᠠᠭᠤ ᠠᠪᠤᠭᠰᠠᠨ ᠪᠣᠢ?
《 ᠭᠦᠨ ᠤᠬᠠᠭᠠᠨ ᠤ᠋ ᠵᠣᠬᠢᠶᠠᠯ 》 ᠠ᠋ᠴᠠ ᠨᠢᠭᠡ ᠪᠣᠳᠢ ᠠᠪᠴᠠᠢ᠃
(2) ᠴᠢᠷᠮᠠᠢᠨ ᠰᠤᠷᠴᠤ᠂ ᠴᠢᠷᠮᠠᠢᠭᠰᠠᠨ ᠳᠡᠭᠡᠷ᠎ᠡ ᠪᠡᠨ ᠴᠢᠷᠮᠠᠢᠳᠠᠭ ᠯᠠ ᠶᠤᠮ ᠪᠣᠯ ᠭᠡᠭᠡᠨ ᠰᠠᠷᠠᠭᠤᠯ ᠢᠷᠡᠭᠡᠳᠦᠢ ᠡᠮᠦᠨᠡᠬᠡᠨ ᠪᠠᠢᠨ᠎ᠠ᠃