ᠥᠭᠦᠯᠡᠪᠦᠷᠢ ᠶ᠋ᠢᠨ ᠵᠦᠢ03ᠮᠣᠩᠭᠣᠯ ᠬᠡᠯᠡᠨ ᠦ᠌ ᠥᠭᠦᠯᠡᠪᠦᠷᠢ ᠶ᠋ᠢᠨ ᠭᠡᠰᠢᠭᠦᠳ
ᠭᠤᠷᠪᠠ᠃ ᠮᠣᠩᠭᠣᠯ ᠬᠡᠯᠡᠨ ᠦ᠌ ᠥᠭᠦᠯᠡᠪᠦᠷᠢ ᠶ᠋ᠢᠨ ᠭᠡᠰᠢᠭᠦᠳ
ᠥᠭᠦᠯᠡᠪᠦᠷᠢ ᠶ᠋ᠢᠨ ᠳᠣᠲᠣᠷ᠎ᠠ ᠪᠡᠶ᠎ᠡ ᠪᠡᠨ ᠳᠠᠭᠠᠭᠠᠭᠰᠠᠨ ᠤᠳᠬ᠎ᠠ ᠪᠠ ᠦᠢᠯᠡᠳᠦᠯ ᠲᠡᠢ ᠪᠥᠭᠡᠳ ᠶᠠᠮᠠᠷ ᠨᠢᠭᠡᠨ ᠠᠰᠠᠭᠤᠯᠲᠠ ᠳ᠋ᠤ᠌ ᠨᠣᠭᠳᠠᠬᠤ ᠨᠢᠭᠡᠴᠢ ᠨᠤᠭᠦᠳ ᠢ᠋ ᠥᠭᠦᠯᠡᠪᠦᠷᠢ ᠶ᠋ᠢᠨ ᠭᠡᠰᠢᠭᠦᠨ ᠭᠡᠨ᠎ᠡ᠃ ᠥᠭᠦᠯᠡᠪᠦᠷᠢ ᠶ᠋ᠢᠨ ᠭᠡᠰᠢᠭᠦᠳ ᠦ᠋ᠨ ᠳᠣᠲᠣᠷ᠎ᠠ ᠨᠢ ᠭᠣᠣᠯ ᠭᠡᠰᠢᠭᠦᠨ᠂ ᠳᠡᠳ᠋ ᠭᠡᠰᠢᠭᠦᠨ ᠭᠡᠵᠦ ᠠᠩᠭᠢᠯᠠᠵᠤ ᠪᠣᠯᠤᠨ᠎ᠠ᠃
(ᠨᠢᠭᠡ) ᠥᠭᠦᠯᠡᠪᠦᠷᠢ ᠶ᠋ᠢᠨ ᠭᠣᠣᠯ ᠭᠡᠰᠢᠭᠦᠨ
ᠥᠭᠦᠯᠡᠪᠦᠷᠢ ᠶ᠋ᠢᠨ ᠪᠦᠲᠦᠴᠡ ᠳ᠋ᠦ᠍ ᠬᠠᠮᠤᠭ ᠤ᠋ᠨ ᠭᠣᠣᠯ ᠪᠡᠶ᠎ᠡ ᠪᠣᠯᠬᠤ ᠥᠭᠦᠯᠡᠭᠳᠡᠬᠦᠨ ᠥᠭᠦᠯᠡᠬᠦᠨ ᠬᠣᠶᠠᠷ ᠢ᠋ ᠥᠭᠦᠯᠡᠪᠦᠷᠢ ᠶ᠋ᠢᠨ ᠭᠣᠣᠯ ᠭᠡᠰᠢᠭᠦᠨ ᠭᠡᠨ᠎ᠡ᠃ ᠥᠭᠦᠯᠡᠪᠦᠷᠢ ᠶ᠋ᠢᠨ ᠳᠣᠲᠣᠷ᠎ᠠ ᠥᠭᠦᠯᠡᠭᠳᠡᠬᠦᠨ ᠥᠭᠦᠯᠡᠬᠦᠨ ᠬᠣᠶᠠᠷ ᠨᠢ ᠪᠡᠶ᠎ᠡ ᠪᠡᠨ ᠳᠠᠭᠠᠭᠠᠵᠤ ᠭᠣᠣᠯ ᠭᠡᠰᠢᠭᠦᠨ ᠪᠣᠯᠵᠤ ᠪᠤᠰᠤᠳ ᠭᠡᠰᠢᠭᠦᠳ ᠢ᠋ᠶ᠋ᠡᠨ ᠵᠠᠬᠢᠷᠴᠤ ᠪᠠᠢᠬᠤ ᠪᠥᠭᠡᠳ ᠬᠣᠶᠠᠭᠤᠯᠠᠬᠠᠨ ᠢ᠋ᠶ᠋ᠠᠨ ᠪᠤᠶᠤ ᠠᠯᠢ ᠨᠢᠭᠡ ᠨᠢ ᠴᠦ᠍ ᠥᠭᠦᠯᠡᠪᠦᠷᠢ ᠪᠦᠲᠦᠭᠡᠵᠦ ᠴᠢᠳᠠᠨ᠎ᠠ᠃
ᠵᠢᠱ᠌ᠢᠶᠡᠯᠡᠪᠡᠯ᠄<1> ᠨᠠᠷᠠ ᠮᠠᠨᠳᠤᠪᠠ᠃
<2> ᠠᠵᠢᠯᠴᠢᠨ ᠠᠩᠭᠢ ᠡᠷᠬᠡᠪᠰᠢ ᠠᠯᠢᠪᠠ ᠪᠦᠬᠦᠨ ᠢ᠋ ᠤᠳᠤᠷᠢᠳᠬᠤ ᠬᠡᠷᠡᠭᠲᠡᠢ
— ᠥᠭᠦᠯᠡᠭᠳᠡᠬᠦᠨ
ᠥᠭᠦᠯᠡᠪᠦᠷᠢ ᠳ᠋ᠦ᠍ ᠭᠣᠣᠯ ᠥᠭᠦᠯᠡᠭᠳᠡᠵᠦ ᠪᠠᠢᠭ᠎ᠠ ᠡᠲᠡᠭᠡᠳ (ᠬᠥᠮᠦᠨ ᠠᠮᠢᠲᠠᠨ᠂ ᠬᠡᠷᠡᠭ ᠪᠣᠳᠠᠰ᠂ ᠦᠢᠯᠡ ᠬᠥᠳᠡᠯᠭᠡᠭᠡᠨ) ᠢ᠋ ᠵᠢᠭᠠᠵᠤ ᠬᠡᠯᠡᠭᠰᠡᠨ ᠦᠭᠡ ᠶ᠋ᠢ ᠥᠭᠦᠯᠡᠭᠳᠡᠬᠦᠨ ᠭᠡᠨ᠎ᠡ᠃ ᠥᠭᠦᠯᠡᠭᠳᠡᠬᠦᠨ ᠨᠢ ᠭᠣᠣᠯ ᠲᠥᠯᠥᠪ ᠬᠡᠨ? ᠶᠠᠭᠤ? ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠬᠤ ᠪᠠ ᠨᠡᠷᠡᠯᠡᠬᠦ ᠶ᠋ᠢᠨ ᠲᠡᠢᠨ ᠢᠯᠭᠠᠯ ᠳ᠋ᠤ᠌ ᠪᠠᠢᠭ᠎ᠠ ᠨᠡᠷ᠎ᠡ ᠦᠭᠡ᠂ ᠲᠡᠮᠳᠡᠭ ᠦᠭᠡ᠂ ᠲᠣᠭᠠᠨ ᠤ᠋ ᠦᠭᠡ᠂ ᠲᠥᠯᠥᠭᠡᠨ ᠦ᠌ ᠦᠭᠡ᠂ ᠲᠡᠮᠳᠡᠭ ᠦᠢᠯᠡ ᠦᠭᠡ᠂ ᠬᠣᠯᠪᠣᠭ᠎ᠠ ᠦᠭᠡ ᠪᠡᠷ ᠢᠯᠡᠷᠡᠬᠦ ᠪᠥᠭᠡᠳ ᠪᠠᠰᠠ《ᠮᠢᠨᠢ᠂ ᠴᠢᠨᠢ᠂ ᠨᠢ᠂ ᠴᠦ᠍᠂ ᠯᠠ᠂ ᠪᠣᠯ》 ᠭᠡᠬᠦ ᠮᠡᠲᠦ ᠲᠤᠰᠠᠯᠠᠬᠤ ᠦᠭᠡ ᠪᠡᠷ ᠥᠭᠦᠯᠡᠭᠳᠡᠬᠦᠨ ᠢ᠋ ᠲᠣᠳᠣᠳᠬᠠᠨ ᠦᠵᠡᠭᠦᠯᠵᠦ ᠪᠣᠯᠤᠨ᠎ᠠ᠃ ᠥᠭᠦᠯᠡᠭᠳᠡᠬᠦᠨ ᠢ᠋ ᠶᠠᠷᠢᠶᠠᠨ ᠤ᠋ ᠬᠡᠯᠡᠨ ᠳ᠋ᠦ᠍ ᠬᠡᠯᠡᠬᠦ ᠠᠶᠠᠯᠭᠤ ᠪᠠᠷ ᠪᠢᠴᠢᠬᠠᠨ ᠲᠠᠰᠤᠯᠵᠤ᠂ ᠪᠢᠴᠢᠭ ᠲᠦ᠍ ᠪᠣᠯ ᠴᠠᠭ ᠲᠠᠯᠪᠢᠵᠤ ᠰᠠᠯᠭᠠᠨ ᠲᠣᠳᠣᠳᠬᠠᠨᠠ᠃
ᠵᠢᠱ᠌ᠢᠶᠡᠯᠡᠪᠡᠯ᠄ (1) ᠪᠢᠳᠡ᠂ ᠮᠣᠩᠭᠣᠯ ᠬᠡᠯᠡᠨ ᠦ᠌ ᠵᠦᠢ ᠶ᠋ᠢᠨ ᠬᠢᠴᠢᠶᠡᠯ ᠰᠤᠷᠤᠯᠴᠠᠵᠤ ᠪᠠᠢᠨ᠎ᠠ᠃
(2) ᠰᠠᠢᠨ ᠨᠢ ᠣᠯᠠᠰᠢᠷᠠᠪᠠ᠃
(3) ᠠᠷᠠᠳ ᠲᠦᠮᠡᠨ ᠪᠣᠯ ᠬᠢᠵᠠᠭᠠᠷ ᠦᠭᠡᠢ ᠪᠦᠲᠦᠭᠡᠯᠴᠢ ᠴᠢᠳᠠᠪᠤᠷᠢ ᠲᠠᠢ ᠶᠤᠮ᠃
ᠥᠭᠦᠯᠡᠭᠳᠡᠬᠦᠨ ᠨᠢ ᠵᠠᠷᠢᠮ ᠳ᠋ᠠᠭᠠᠨ ᠭᠠᠷᠬᠤ ᠶ᠋ᠢᠨ ᠲᠡᠢᠨ ᠢᠯᠭᠠᠯ ᠢ᠋ᠶ᠋ᠠᠷ ᠬᠡᠯᠪᠡᠷᠢᠵᠢᠬᠦ ᠪᠠ ᠳᠠᠢᠪᠤᠷᠢ ᠦᠭᠡ ᠪᠣᠯᠤᠨ ᠳᠠᠭᠠᠪᠤᠷᠢ ᠦᠭᠡ ᠨᠡᠷ᠎ᠡ ᠦᠭᠡ ᠶ᠋ᠢᠨ ᠤᠳᠬ᠎ᠠ ᠪᠠᠷ ᠬᠡᠷᠡᠭᠯᠡᠭᠳᠡᠪᠡᠯ ᠥᠭᠦᠯᠡᠭᠳᠡᠬᠦᠨ ᠪᠣᠯᠵᠤ ᠪᠣᠯᠳᠠᠭ ᠶᠤᠮ᠃
ᠵᠢᠱ᠌ᠢᠶᠡᠯᠡᠪᠡᠯ᠄ ᠤᠳᠤᠷᠢᠳᠤᠯᠭ᠎ᠠ ᠠ᠋ᠴᠠ ᠠᠵᠢᠯ ᠤ᠋ᠨ ᠡᠭᠦᠷᠭᠡ ᠲᠤᠰᠢᠶᠠᠵᠠᠢ᠃
ᠳᠡᠭᠡᠷ᠎ᠡ ᠨᠢ (ᠰᠠᠢᠨ ᠨᠢ) ᠣᠴᠢᠪᠠ᠃ ᠭᠡᠬᠦ ᠮᠡᠲᠦ᠃
—ᠥᠭᠦᠯᠡᠬᠦᠨ
ᠥᠭᠦᠯᠡᠭᠳᠡᠬᠦᠨ ᠢ᠋ᠶ᠋ᠡᠷ ᠢᠯᠡᠷᠡᠵᠦ ᠪᠠᠢᠬᠤ ᠬᠥᠮᠦᠨ ᠠᠮᠢᠲᠠᠨ᠂ ᠬᠡᠷᠡᠭ ᠪᠣᠳᠠᠰ᠂ ᠦᠢᠯᠡ ᠬᠥᠳᠡᠯᠭᠡᠭᠡᠨ ᠦ᠌ ᠶᠠᠭᠠᠬᠢᠵᠤ ᠪᠠᠢᠬᠤ᠂ ᠶᠠᠭᠤ ᠪᠣᠯᠬᠤ᠂ ᠶᠠᠮᠠᠷ ᠣᠨᠴᠠᠯᠢᠭ ᠲᠠᠢ ᠪᠣᠯᠬᠤ ᠵᠡᠷᠭᠡ ᠶ᠋ᠢ ᠲᠣᠳᠣᠷᠬᠠᠢᠯᠠᠨ ᠵᠢᠭᠠᠭᠰᠠᠨ ᠭᠡᠰᠢᠭᠦᠨ ᠢ᠋ ᠥᠭᠦᠯᠡᠬᠦᠨ ᠭᠡᠨ᠎ᠡ᠃ ᠥᠭᠦᠯᠡᠬᠦᠨ ᠨᠢ ᠭᠣᠣᠯᠳᠠᠭᠤ ᠦᠢᠯᠡ ᠦᠭᠡ ᠶ᠋ᠢᠨ ᠴᠠᠭ ᠢ᠋ ᠵᠢᠭᠠᠬᠤ᠂ ᠵᠠᠬᠢᠷᠬᠤ ᠬᠦᠰᠡᠬᠦ ᠬᠡᠯᠪᠡᠷᠢ᠂ ᠵᠢᠴᠢ ᠲᠡᠮᠳᠡᠭ ᠦᠢᠯᠡ᠂ ᠨᠡᠷ᠎ᠡ ᠦᠭᠡ ᠶ᠋ᠢᠨ ᠵᠦᠢᠯ ᠢ᠋ᠶ᠋ᠡᠷ ᠢᠯᠡᠷᠡᠬᠦ ᠪᠥᠭᠡᠳ ᠶᠠᠭᠤ ᠪᠣᠢ? ᠬᠡᠳᠦᠢ ᠪᠣᠢ? ᠶᠠᠭᠠᠬᠢᠬᠤ ᠪᠣᠢ? ᠶᠠᠭᠠᠬᠢᠭᠰᠠᠨ ᠪᠣᠢ? ᠶᠠᠭᠠᠬᠢᠵᠤ ᠪᠠᠢᠨ᠎ᠠ? ᠭᠡᠬᠦ ᠮᠡᠲᠦ ᠶ᠋ᠢᠨ ᠠᠰᠠᠭᠤᠯᠲᠠ ᠳ᠋ᠤ᠌ ᠬᠠᠷᠢᠭᠤᠯᠤᠭᠳᠠᠨ᠎ᠠ᠃ ᠭᠡᠰᠢᠭᠦᠨ ᠥᠭᠦᠯᠡᠪᠦᠷᠢ ᠶ᠋ᠢᠨ ᠥᠭᠦᠯᠡᠬᠦᠨ ᠨᠢ ᠨᠥᠬᠥᠴᠡᠯ ᠦᠢᠯᠡ ᠦᠭᠡ᠂ ᠲᠡᠮᠳᠡᠭ ᠦᠢᠯᠡ ᠦᠭᠡ ᠶ᠋ᠢᠨ ᠶᠠᠩᠵᠤ ᠪᠦᠷᠢ ᠶ᠋ᠢᠨ ᠬᠡᠯᠪᠡᠷᠢ ᠪᠡᠷ ᠢᠯᠡᠷᠡᠨ᠎ᠡ᠃ ᠨᠡᠷ᠎ᠡ ᠦᠭᠡ ᠶ᠋ᠢᠨ ᠵᠦᠢᠯ ᠢ᠋ᠶ᠋ᠡᠷ ᠢᠯᠡᠷᠡᠭᠰᠡᠨ ᠥᠭᠦᠯᠡᠬᠦᠨ ᠨᠢ ᠭᠣᠣᠯ ᠲᠥᠯᠥᠪ ᠨᠡᠷᠡᠯᠡᠬᠦ ᠪᠤᠶᠤ ᠬᠠᠮᠲᠤᠷᠠᠬᠤ᠂ ᠬᠠᠶᠠ ᠬᠠᠷᠢᠶᠠᠯᠠᠬᠤ ᠶ᠋ᠢᠨ ᠲᠡᠢᠨ ᠢᠯᠭᠠᠯ ᠤ᠋ᠨ ᠬᠡᠯᠪᠡᠷᠢ ᠪᠡᠷ ᠪᠠᠢᠳᠠᠭ᠃ ᠥᠭᠦᠯᠡᠬᠦᠨ ᠢ᠋ ᠲᠡᠭᠦᠨ ᠦ᠌ ᠢᠯᠡᠷᠡᠭᠰᠡᠨ ᠦᠭᠡᠰ ᠦ᠋ᠨ ᠠᠢᠮᠠᠭ ᠢ᠋ᠶ᠋ᠠᠷ ᠨᠢ ᠠᠩᠭᠢᠯᠠᠪᠠᠯ ᠦᠢᠯᠡ ᠥᠭᠦᠯᠡᠬᠦᠨ᠂ ᠨᠡᠷ᠎ᠡ ᠥᠭᠦᠯᠡᠬᠦᠨ ᠪᠠ ᠡᠩ ᠦ᠋ᠨ ᠥᠭᠦᠯᠡᠬᠦᠨ᠂ ᠨᠡᠢᠯᠡᠮᠡᠯ ᠥᠭᠦᠯᠡᠬᠦᠨ ᠭᠡᠵᠦ ᠠᠩᠭᠢᠯᠠᠵᠤ ᠪᠣᠯᠤᠨ᠎ᠠ᠃
1 ᠦᠢᠯᠡ ᠥᠭᠦᠯᠡᠬᠦᠨ ᠨᠢ ᠦᠢᠯᠡ ᠦᠭᠡ ᠶ᠋ᠢᠨ ᠴᠠᠭ ᠢ᠋ ᠵᠢᠭᠠᠬᠤ᠂ ᠵᠠᠬᠢᠷᠬᠤ ᠬᠦᠰᠡᠬᠦ ᠪᠣᠯᠤᠨ ᠲᠡᠮᠳᠡᠭ ᠦᠢᠯᠡ ᠦᠭᠡ ᠶ᠋ᠢᠨ ᠬᠡᠯᠪᠡᠷᠢ ᠪᠡᠷ ᠢᠯᠡᠷᠡᠨ᠎ᠡ᠃
ᠵᠢᠱ᠌ᠢᠶᠡᠯᠡᠪᠡᠯ᠄<1 >ᠪᠢᠳᠡ᠂ ᠣᠮᠣᠭ ᠲᠡᠭᠦᠯᠳᠡᠷ ᠤᠷᠤᠭᠰᠢᠯᠠᠶ᠎ᠠ᠃
<2 >ᠲᠡᠷᠡ᠂ ᠰᠤᠷᠭᠠᠭᠤᠯᠢ ᠳ᠋ᠤ᠌ ᠶᠠᠪᠤᠨ᠎ᠠ᠃
<3 >ᠲᠡᠷᠡ ᠥᠴᠥᠭᠡᠳᠦᠷ ᠢᠷᠡᠭᠰᠡᠨ᠃
2 ᠨᠡᠷ᠎ᠡ ᠥᠭᠦᠯᠡᠬᠦᠨ ᠨᠢ ᠨᠡᠷ᠎ᠡ ᠦᠭᠡ᠂ ᠲᠡᠮᠳᠡᠭ ᠦᠭᠡ᠂ ᠲᠣᠭᠠᠨ ᠤ᠋ ᠦᠭᠡ᠂ ᠲᠥᠯᠥᠭᠡᠨ ᠦ᠌ ᠦᠭᠡ ᠵᠡᠷᠭᠡ ᠶ᠋ᠢᠨ ᠨᠡᠷ᠎ᠡ ᠦᠭᠡ ᠶ᠋ᠢᠨ ᠵᠦᠢᠯ ᠢ᠋ᠶ᠋ᠡᠷ ᠢᠯᠡᠷᠡᠬᠦ ᠥᠭᠦᠯᠡᠬᠦᠨ ᠪᠣᠯᠤᠨ᠎ᠠ᠃
ᠵᠢᠱ᠌ᠢᠶᠡᠯᠡᠪᠡᠯ᠄
<1 >ᠳᠡᠯᠡᠬᠡᠢ ᠶᠢᠷᠲᠢᠨᠴᠦ ᠪᠣᠯ ᠲᠠᠨ ᠤ᠋ ᠬᠢ ᠶᠦᠮ᠃
<2> ᠡᠭᠡᠯ ᠳᠣᠣᠷᠠᠲᠤ ᠬᠡᠮᠡᠭᠴᠢ ᠬᠠᠮᠤᠭ ᠤ᠋ᠨ ᠰᠡᠴᠡᠨ ᠰᠡᠷᠭᠦᠯᠡᠩ᠂ ᠡᠷᠬᠢᠮ ᠳᠡᠭᠡᠳᠦ ᠬᠡᠮᠡᠭᠴᠢ ᠬᠠᠮᠤᠭ ᠤ᠋ᠨ ᠲᠡᠨᠡᠭ ᠮᠤᠩᠬᠠᠭ᠃
<3> ᠠᠯᠢᠪᠠ ᠲᠡᠷᠰᠯᠡᠭᠦᠴᠦᠳ ᠴᠥᠮ ᠴᠠᠭᠠᠰᠤᠨ ᠪᠠᠷᠰ ᠮᠥᠨ᠃
<4> ᠮᠠᠨ ᠤ᠋ ᠰᠤᠷᠭᠠᠭᠤᠯᠢ ᠶ᠋ᠢᠨ ᠰᠤᠷᠤᠭᠴᠢ ᠨᠠᠢ᠍ᠮᠠᠨ ᠵᠠᠭᠤ ᠪᠣᠢ᠃
3 ᠥᠭᠦᠯᠡᠬᠦᠨ ᠨᠢ ᠨᠢᠭᠡ ᠦᠭᠡ ᠪᠡᠷ ᠢᠯᠡᠷᠡᠭᠰᠡᠨ ᠪᠣᠯ ᠡᠩ ᠦ᠋ᠨ ᠥᠭᠦᠯᠡᠬᠦᠨ ᠭᠡᠵᠦ᠂ ᠬᠣᠶᠠᠷ ᠠ᠋ᠴᠠ ᠳᠡᠭᠡᠭᠰᠢ ᠦᠭᠡ ᠪᠡᠷ ᠢᠯᠡᠷᠡᠭᠰᠡᠨ ᠪᠣᠯ ᠲᠡᠭᠦᠨ ᠢ᠋ ᠨᠡᠢᠯᠡᠮᠡᠯ ᠥᠭᠦᠯᠡᠬᠦᠨ ᠭᠡᠳᠡᠭ᠃
ᠵᠢᠱ᠌ᠢᠶᠡᠯᠡᠪᠡᠯ᠄<1> ᠰᠤᠷᠤᠭᠴᠢ ᠬᠥᠳᠡᠯᠮᠦᠷᠢᠯᠡᠪᠡ᠃
<2> ᠮᠠᠨ ᠤ᠋ ᠨᠢᠭᠡᠳᠦᠯ ᠳ᠋ᠦ᠍ ᠮᠠᠯ ᠡᠯᠪᠡᠭ᠃
<3> ᠬᠤᠪᠢᠨᠴᠢᠷ ᠪᠣᠳᠣᠯ ᠲᠠᠢ ᠲᠡᠮᠡᠴᠡᠵᠦ᠂ ᠵᠠᠰᠠᠪᠤᠷᠢᠯᠠᠬᠤ ᠦᠵᠡᠯ ᠢ᠋ ᠪᠤᠷᠤᠭᠤᠰᠢᠶᠠᠨ ᠰᠢᠭᠦᠮᠵᠢᠯᠡᠬᠦ ᠬᠡᠷᠡᠭᠲᠡᠢ᠃
(ᠬᠣᠶᠠᠷ) ᠥᠭᠦᠯᠡᠪᠦᠷᠢ ᠶ᠋ᠢᠨ ᠳᠡᠳ᠋ ᠭᠡᠰᠢᠭᠦᠳ
ᠥᠭᠦᠯᠡᠪᠦᠷᠢ ᠶ᠋ᠢᠨ ᠭᠣᠣᠯ ᠭᠡᠰᠢᠭᠦᠨ ᠪᠣᠯᠬᠤ ᠥᠭᠦᠯᠡᠭᠳᠡᠬᠦᠨ ᠥᠭᠦᠯᠡᠬᠦᠨ ᠢ᠋ᠶ᠋ᠡᠨ ᠨᠡᠮᠡᠨ ᠳᠡᠯᠭᠡᠷᠡᠭᠦᠯᠦᠭᠰᠡᠨ ᠭᠡᠰᠢᠭᠦᠨ ᠢ᠋ ᠥᠭᠦᠯᠡᠪᠦᠷᠢ ᠶ᠋ᠢᠨ ᠳᠡᠳ᠋ ᠭᠡᠰᠢᠭᠦᠨ ᠭᠡᠨ᠎ᠡ᠃
ᠵᠢᠱ᠌ᠢᠶᠡᠯᠡᠪᠡᠯ᠄<1> ᠥᠷᠭᠡᠨ ᠮᠥᠷᠡᠨ ᠢ᠋ ᠳᠤᠭᠤᠯᠤᠭᠠᠳ ᠰᠡᠴᠡ ᠳᠣᠷᠤᠨᠠᠰᠢ ᠡᠷᠭᠢᠨ ᠮᠣᠷᠳᠠᠷᠤᠨ
ᠦᠯᠡᠮᠵᠢ ᠡᠷᠳᠡᠮ ᠢ᠋ ᠭᠦᠨᠵᠡᠭᠡᠢ ᠨᠡᠢᠲᠡᠯᠡᠵᠦ ᠶᠢᠷᠲᠢᠨᠴᠦ ᠶ᠋ᠢᠨ ᠬᠣᠮᠰᠠᠳᠠᠯ ᠢ᠋ ᠲᠡᠳᠬᠦᠮᠦᠢ᠃
ᠠᠷᠪᠠᠨ ᠵᠢᠯ ᠬᠠᠨ᠎ᠠ ᠡᠰᠡᠷᠭᠦᠯᠡᠨ ᠬᠠᠨ᠎ᠠ ᠪᠤᠲᠠᠯᠬᠤ ᠶ᠋ᠢ ᠣᠷᠣᠯᠳᠣᠭᠠᠳ
ᠠᠪᠠᠳ ᠪᠦᠲᠦᠭᠡᠯᠭᠦᠢ ᠳᠠᠯᠠᠢ ᠳ᠋ᠤᠷ ᠦᠰᠦᠷᠦᠭᠰᠡᠨ ᠴᠦ᠍ ᠪᠠᠭᠠᠲᠤᠷ ᠢᠳᠡᠲᠡᠨ ᠠᠵᠤᠭᠤ᠃
<2> ᠮᠠᠨ ᠤ᠋ ᠬᠠᠷᠢᠭᠤᠴᠠᠯᠭ᠎ᠠ ᠪᠣᠯ ᠠᠷᠠᠳ ᠲᠦᠮᠡᠨ ᠳ᠋ᠦ᠍ ᠬᠠᠷᠢᠭᠤᠴᠠᠬᠤ ᠶᠠᠪᠤᠳᠠᠯ ᠪᠣᠯᠤᠨ᠎ᠠ᠃
<3> ᠣᠯᠠᠨ ᠵᠦᠢᠯ ᠦ᠋ᠨ ᠬᠡᠷᠡᠭ
ᠤᠤᠯ ᠠ᠋ᠴᠠ ᠪᠠᠴᠢᠮ ᠲᠤᠯᠭᠠᠭᠤ᠃
ᠲᠩᠷᠢ ᠭᠠᠵᠠᠷ ᠣᠷᠴᠢᠵᠤ
ᠴᠠᠭ ᠮᠥᠴᠡ ᠳᠠᠪᠴᠢᠭᠤ᠃
ᠲᠦᠮᠡᠨ ᠵᠢᠯ ᠬᠡᠲᠦᠷᠬᠡᠢ ᠤᠳᠠᠭᠠᠨ
ᠭᠠᠭᠴᠠ ᠬᠦ᠌ ᠥᠷᠯᠥᠭᠡ ᠦᠳᠡᠰᠢ ᠶ᠋ᠢ ᠲᠡᠮᠡᠴᠡᠨᠡᠮ᠃
ᠥᠭᠦᠯᠡᠪᠦᠷᠢ ᠶ᠋ᠢᠨ ᠳᠡᠳ᠋ ᠭᠡᠰᠢᠭᠦᠨ ᠢ᠋ ᠳᠣᠲᠣᠷ᠎ᠠ ᠨᠢ ᠲᠤᠰᠤᠭᠳᠠᠬᠤᠨ᠂ ᠲᠣᠳᠣᠳᠬᠠᠯ᠂ ᠪᠠᠢᠴᠠ ᠭᠡᠵᠦ ᠬᠡᠳᠦᠨ ᠵᠦᠢᠯ ᠢ᠋ᠶ᠋ᠡᠷ ᠬᠤᠪᠢᠶᠠᠨ ᠦᠵᠡᠵᠦ ᠪᠣᠯᠤᠨ᠎ᠠ᠃
ᠲᠤᠰᠤᠭᠳᠠᠬᠤᠨ
ᠥᠭᠦᠯᠡᠪᠦᠷᠢ ᠶ᠋ᠢᠨ ᠳᠣᠲᠣᠷ᠎ᠠ᠂ ᠥᠭᠦᠯᠡᠬᠦᠨ ᠦ᠌ ᠦᠢᠯᠡ ᠪᠠᠢᠳᠠᠯ ᠰᠢᠭᠤᠳ ᠪᠤᠶᠤ ᠰᠢᠭᠤᠳ ᠪᠤᠰᠤ ᠲᠤᠰᠤᠭᠰᠠᠨ ᠳᠡᠳ᠋ ᠭᠡᠰᠢᠭᠦᠨ ᠢ᠋ ᠲᠤᠰᠤᠭᠳᠠᠬᠤᠨ ᠭᠡᠨ᠎ᠡ᠃ ᠲᠤᠰᠤᠭᠳᠠᠬᠤᠨ ᠨᠢ ᠵᠢᠭᠠᠬᠤ᠂ ᠦᠢᠯᠡᠳᠬᠦ᠂ ᠥᠭᠬᠦ ᠣᠷᠣᠰᠢᠬᠤ᠂ ᠬᠠᠮᠲᠤᠷᠠᠬᠤ᠂ ᠭᠠᠷᠬᠤ᠂ ᠵᠢᠴᠢ ᠳᠠᠭᠠᠪᠤᠷᠢ ᠦᠭᠡ ᠲᠡᠢ ᠬᠠᠷᠢᠶᠠᠯᠠᠬᠤ ᠶ᠋ᠢᠨ ᠲᠡᠢᠨ ᠢᠯᠭᠠᠯ ᠤ᠋ᠨ ᠬᠡᠯᠪᠡᠷᠢ ᠪᠡᠷ ᠪᠠᠢᠳᠠᠭ ᠪᠥᠭᠡᠳ ᠬᠡᠨ ᠢ᠋? ᠶᠠᠭᠤ ᠶ᠋ᠢ? (ᠶᠠᠭᠤ?) ᠶᠠᠭᠤ ᠪᠠᠷ? ᠬᠡᠨ ᠢ᠋ᠶ᠋ᠡᠷ? ᠬᠡᠨ ᠲᠡᠢ? ᠶᠠᠭᠤ ᠲᠠᠢ? ᠬᠡᠨ ᠳ᠋ᠦ᠍? ᠶᠠᠭᠤᠨ ᠳ᠋ᠤ᠌? ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠨ᠎ᠠ᠃
ᠲᠤᠰᠤᠭᠳᠠᠬᠤᠨ ᠨᠢ ᠭᠣᠣᠯ ᠲᠥᠯᠥᠪ ᠨᠡᠷ᠎ᠡ ᠦᠭᠡ ᠪᠡᠷ ᠢᠯᠡᠷᠡᠬᠦ ᠪᠥᠭᠡᠳ ᠪᠠᠰᠠ ᠨᠡᠷ᠎ᠡ ᠦᠭᠡ ᠶ᠋ᠢᠨ ᠤᠳᠬ᠎ᠠ ᠪᠠᠷ ᠬᠡᠷᠡᠭᠯᠡᠭᠳᠡᠭᠰᠡᠨ ᠲᠡᠮᠳᠡᠭ ᠦᠭᠡ᠂ ᠲᠣᠭᠠᠨ ᠤ᠋ ᠦᠭᠡ᠂ ᠲᠡᠮᠳᠡᠭ ᠦᠢᠯᠡ ᠦᠭᠡ᠂ ᠲᠥᠯᠥᠭᠡᠨ ᠦ᠌ ᠦᠭᠡ ᠪᠡᠷ ᠢᠯᠡᠷᠡᠵᠦ ᠪᠣᠯᠤᠨ᠎ᠠ᠃ ᠦᠢᠯᠡ ᠪᠠᠢᠳᠠᠯ ᠰᠢᠭᠤᠳ ᠲᠤᠰᠤᠭᠰᠠᠨ ᠲᠤᠰᠤᠭᠳᠠᠬᠤᠨ ᠢ᠋ ᠰᠢᠭᠤᠳ ᠲᠤᠰᠤᠭᠳᠠᠬᠤᠨ ᠭᠡᠨ᠎ᠡ᠃ ᠰᠢᠭᠤᠳ ᠲᠤᠰᠤᠭᠳᠠᠬᠤᠨ ᠨᠢ ᠵᠢᠭᠠᠬᠤ ᠶ᠋ᠢᠨ ᠲᠡᠢᠨ ᠢᠯᠭᠠᠯ ᠤ᠋ᠨ ᠤᠳᠬ᠎ᠠ ᠲᠠᠢ ᠪᠥᠭᠡᠳ ᠵᠢᠭᠠᠬᠤ ᠶ᠋ᠢᠨ ᠲᠡᠢᠨ ᠢᠯᠭᠠᠯ ᠤ᠋ᠨ ᠳᠠᠭᠠᠪᠤᠷᠢ ᠶ᠋ᠢ ᠠᠪᠬᠤ ᠪᠠ ᠠᠪᠬᠤ ᠦᠭᠡᠢ ᠬᠣᠶᠠᠷ ᠶᠠᠩᠵᠤ ᠪᠠᠷ ᠬᠡᠯᠪᠡᠷᠢᠵᠢᠨᠡ᠃ ᠰᠢᠭᠤᠳ ᠲᠤᠰᠤᠭᠳᠠᠬᠤᠨ ᠢ᠋ᠶ᠋ᠠᠷ ᠢᠯᠡᠷᠡᠬᠦ ᠬᠥᠮᠦᠨ᠂ ᠶᠠᠭᠤᠮ᠎ᠠ ᠶ᠋ᠢ ᠲᠥᠷᠥᠯ ᠦ᠋ᠨ ᠬᠢᠨᠢ ᠣᠯᠠᠨ ᠠ᠋ᠴᠠ ᠣᠨᠴᠠᠯᠠᠨ ᠢᠯᠭᠠᠭᠰᠠᠨ ᠭᠠᠵᠠᠷ ᠤᠤᠯ ᠰᠢᠭᠤᠳ ᠲᠤᠰᠤᠭᠳᠠᠬᠤᠨ ᠢ᠋ ᠵᠠᠪᠠᠯ ᠵᠢᠭᠠᠬᠤ ᠶ᠋ᠢᠨ ᠲᠡᠢᠨ ᠢᠯᠭᠠᠯ ᠤ᠋ᠨ ᠳᠠᠭᠠᠪᠤᠷᠢ ᠪᠠᠷ ᠬᠡᠯᠪᠡᠷᠢᠵᠢᠭᠦᠯᠵᠦ᠂ ᠴᠢᠩᠭᠢᠵᠦ ᠣᠨᠴᠠᠯᠠᠨ ᠢᠯᠭᠠᠯ ᠦᠭᠡᠢ ᠶᠡᠷᠦ ᠨᠢᠭᠡ ᠭᠡᠰᠢᠭᠦᠨ ᠢ᠋ ᠲᠣᠳᠣᠳᠬᠠᠯ ᠭᠡᠨ᠎ᠡ᠃ ᠲᠣᠳᠣᠳᠬᠠᠯ ᠨᠢ ᠨᠡᠷᠡᠯᠡᠬᠦ᠂ ᠬᠠᠷᠢᠶᠠᠯᠠᠬᠤ᠂ ᠬᠠᠮᠲᠤᠷᠠᠬᠤ ᠶ᠋ᠢᠨ ᠲᠡᠢᠨ ᠢᠯᠭᠠᠯ ᠤ᠋ᠨ ᠬᠡᠯᠪᠡᠷᠢ ᠪᠡᠷ ᠪᠠᠢᠳᠠᠭ ᠪᠥᠭᠡᠳ ᠶᠠᠮᠠᠷ? ᠠᠯᠢ? ᠬᠡᠨ ᠲᠡᠢ? ᠶᠠᠭᠤ ᠲᠠᠢ? ᠬᠡᠨ ᠦ᠌? ᠶᠠᠭᠤᠨ ᠤ᠋? ᠬᠡᠳᠦᠨ? ᠬᠡᠳᠦᠳᠦᠭᠡᠷ? ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠬᠤ ᠲᠡᠮᠳᠡᠭ ᠦᠭᠡ᠂ ᠲᠣᠭᠠᠨ ᠤ᠋ ᠦᠭᠡ᠂ ᠲᠥᠯᠥᠭᠡᠨ ᠦ᠌ ᠦᠭᠡ᠂ ᠨᠡᠷ᠎ᠡ ᠦᠭᠡ᠂ ᠲᠡᠮᠳᠡᠭ ᠦᠢᠯᠡ ᠦᠭᠡ ᠪᠡᠷ ᠢᠯᠡᠷᠡᠵᠦ ᠴᠢᠨᠠᠷ ᠤ᠋ᠨ ᠲᠣᠳᠣᠳᠬᠠᠯ᠂ ᠲᠣᠭᠠᠨ ᠤ᠋ ᠲᠣᠳᠣᠳᠬᠠᠯ᠂ ᠪᠦᠲᠦᠭᠰᠡᠨ ᠡᠳ᠋ ᠦ᠋ᠨ ᠲᠣᠳᠣᠳᠬᠠᠯ᠂ ᠬᠠᠷᠢᠶᠠᠯᠠᠬᠤ ᠶ᠋ᠢᠨ ᠲᠣᠳᠣᠳᠬᠠᠯ᠂ ᠠᠳᠠᠯᠢᠳᠬᠠᠭᠰᠠᠨ ᠲᠣᠳᠣᠳᠬᠠᠯ᠂ ᠨᠡᠷᠡᠯᠡᠭᠰᠡᠨ ᠲᠣᠳᠣᠳᠬᠠᠯ᠂ ᠬᠠᠷᠢᠴᠠᠩᠭᠤᠢ ᠲᠣᠳᠣᠳᠬᠠᠯ᠂ ᠵᠢᠭᠠᠭᠰᠠᠨ ᠲᠣᠳᠣᠳᠬᠠᠯ᠂ ᠬᠠᠪᠰᠤᠷᠤᠭᠰᠠᠨ ᠲᠣᠳᠣᠳᠬᠠᠯ᠂ ᠠᠰᠠᠭᠤᠭᠰᠠᠨ ᠲᠣᠳᠣᠳᠬᠠᠯ᠂ ᠦᠢᠯᠡ ᠶ᠋ᠢᠨ ᠲᠣᠳᠣᠳᠬᠠᠯ ᠭᠡᠬᠦ ᠵᠡᠷᠭᠡ ᠪᠡᠷ ᠢᠯᠭᠠᠨ ᠦᠵᠡᠵᠦ ᠪᠣᠯᠤᠨ᠎ᠠ᠃
ᠵᠢᠱ᠌ᠢᠶᠡᠯᠡᠪᠡᠯ᠄ ᠴᠢᠨᠠᠷ ᠤ᠋ᠨ ᠲᠣᠳᠣᠳᠬᠠᠯ᠄ ᠰᠠᠢᠨ ᠮᠣᠷᠢ᠂ ᠪᠠᠭᠠᠲᠤᠷ ᠡᠷ᠎ᠡ᠂
ᠲᠣᠭᠠᠨ ᠤ᠋ ᠲᠣᠳᠣᠳᠬᠠᠯ᠄ ᠳᠥᠴᠢᠨ ᠳᠡᠪᠲᠡᠷ᠂ ᠵᠢᠷᠭᠤᠭᠠᠨ ᠬᠣᠨᠢ᠂
ᠪᠦᠲᠦᠭᠰᠡᠨ ᠡᠳ᠋ ᠦ᠋ᠨ ᠲᠣᠳᠣᠳᠬᠠᠯ᠄ ᠲᠣᠭᠣᠰᠬᠠᠨ ᠪᠠᠢᠰᠢᠩ᠂ ᠰᠢᠯ ᠴᠣᠩᠬᠣ᠂
ᠬᠠᠷᠢᠶᠠᠯᠠᠬᠤ ᠶ᠋ᠢᠨ ᠲᠣᠳᠣᠳᠬᠠᠯ᠄ ᠲᠡᠮᠦᠷ ᠦ᠋ᠨ ᠬᠦᠳᠡᠷ᠂ ᠭᠣᠪᠢ ᠶ᠋ᠢᠨ ᠮᠠᠯᠴᠢᠨ᠂
ᠠᠳᠠᠯᠢᠳᠬᠠᠭᠰᠠᠨ ᠲᠣᠳᠣᠳᠬᠠᠯ᠄ ᠡᠯᠡᠰᠦᠨ ᠰᠢᠬᠢᠷ᠂ ᠴᠢᠯᠠᠭᠤᠨ ᠵᠢᠷᠦᠬᠡ᠂
ᠨᠡᠷᠡᠯᠡᠭᠰᠡᠨ ᠲᠣᠳᠣᠳᠬᠠᠯ᠄ ᠮᠣᠩᠭᠣᠯ ᠬᠡᠯᠡ᠂ ᠬᠢᠲᠠᠳ ᠦᠰᠦᠭ᠂
ᠬᠠᠷᠢᠴᠠᠩᠭᠤᠢ ᠲᠣᠳᠣᠳᠬᠠᠯ᠄
ᠡᠷᠳᠡᠮ ᠲᠡᠢ ᠬᠥᠮᠦᠨ᠂ ᠠᠭᠠᠰᠢ ᠲᠠᠢ ᠮᠣᠷᠢ᠂
ᠵᠢᠭᠠᠭᠰᠠᠨ ᠲᠣᠳᠣᠳᠬᠠᠯ᠄ ᠡᠨᠡ ᠨᠣᠮ᠂ ᠲᠡᠷᠡ ᠬᠠᠪᠲᠠᠰᠤ᠂
ᠬᠠᠪᠰᠤᠷᠤᠭᠰᠠᠨ ᠲᠣᠳᠣᠳᠬᠠᠯ᠄ ᠳᠡᠪᠡᠯ ᠬᠤᠪᠴᠠᠰᠤ᠂ ᠬᠠᠷᠠᠨᠳᠠ ᠪᠢᠷ᠂
ᠠᠰᠠᠭᠤᠭᠰᠠᠨ ᠲᠣᠳᠣᠳᠬᠠᠯ᠄ ᠶᠠᠮᠠᠷ ᠨᠣᠮ᠂ ᠬᠡᠨ ᠦ᠌ ᠠᠵᠢᠯ᠂ ᠠᠯᠢ ᠪᠠᠢᠰᠢᠩ ᠂ ᠦᠢᠯᠡ ᠶ᠋ᠢᠨ ᠲᠣᠳᠣᠳᠬᠠᠯ᠄ ᠶᠠᠪᠤᠭᠰᠠᠨ ᠬᠥᠮᠦᠨ᠂ ᠢᠷᠡᠬᠦ ᠰᠤᠷᠤᠭᠴᠢ᠂
ᠪᠠᠢᠴᠠ
ᠥᠭᠦᠯᠡᠬᠦᠨ ᠢ᠋ᠶ᠋ᠡᠷ ᠢᠯᠡᠷᠡᠭᠰᠡᠨ ᠦᠢᠯᠡ ᠬᠥᠳᠡᠯᠭᠡᠭᠡᠨ ᠦ᠌ ᠪᠣᠯᠤᠭᠰᠠᠨ ᠣᠷᠣᠨ᠂ ᠴᠠᠭ᠂ ᠰᠢᠯᠲᠠᠭᠠᠨ᠂ ᠵᠣᠷᠢᠯᠭ᠎ᠠ᠂ ᠪᠠᠢᠳᠠᠯ ᠵᠡᠷᠭᠡ ᠶ᠋ᠢ ᠵᠢᠭᠠᠭᠰᠠᠨ ᠥᠭᠦᠯᠡᠪᠦᠷᠢ ᠶ᠋ᠢᠨ ᠳᠡᠳ᠋ ᠭᠡᠰᠢᠭᠦᠨ ᠢ᠋ ᠪᠠᠢᠴᠠ ᠭᠡᠨ᠎ᠡ᠃ ᠪᠠᠢᠴᠠ ᠨᠢ ᠳᠠᠢᠪᠤᠷᠢ ᠦᠭᠡ᠂ ᠲᠡᠮᠳᠡᠭ ᠦᠭᠡ᠂ ᠲᠣᠭᠠᠨ ᠤ᠋ ᠦᠭᠡ ᠂ᠨᠡᠷ᠎ᠡ ᠦᠭᠡ᠂ ᠲᠡᠮᠳᠡᠭ ᠦᠢᠯᠡ ᠦᠭᠡ᠂ ᠨᠥᠬᠥᠴᠡᠯ ᠦᠢᠯᠡ ᠦᠭᠡ᠂ ᠲᠥᠯᠥᠭᠡᠨ ᠦ᠌ ᠦᠭᠡ ᠪᠡᠷ ᠢᠯᠡᠷᠡᠬᠦ ᠪᠥᠭᠡᠳ ᠬᠠᠮᠢᠭ᠎ᠠ? ᠬᠠᠮᠢᠭᠠᠭᠤᠷ? ᠬᠠᠮᠢᠭᠠᠰᠢ? ᠬᠡᠵᠢᠶ᠎ᠡ? ᠬᠡᠳᠦᠢ ᠳ᠋ᠦ᠍? ᠶᠠᠭᠠᠬᠢᠵᠤ? ᠶᠠᠭᠠᠬᠢᠭᠠᠳ? ᠶᠠᠮᠠᠷ ᠤᠴᠢᠷ ᠠ᠋ᠴᠠ? ᠭᠡᠬᠦ ᠵᠡᠷᠭᠡ ᠠᠰᠠᠭᠤᠯᠲᠠ ᠳ᠋ᠤ᠌ ᠬᠠᠷᠢᠭᠤᠯᠤᠭᠳᠠᠨ᠎ᠠ᠃ — ᠪᠠᠢᠴᠠ ᠶ᠋ᠢ ᠤᠳᠬ᠎ᠠ ᠪᠠᠷ ᠨᠢ ᠦᠵᠡᠪᠡᠯ ᠴᠢᠨᠠᠷ ᠪᠠᠢᠳᠠᠯ ᠤ᠋ᠨ ᠪᠠᠢᠴᠠ᠂ ᠲᠣᠭᠠᠨ ᠤ᠋ ᠪᠠᠢᠴᠠ᠂ ᠣᠷᠣᠨ ᠤ᠋ ᠪᠠᠢᠴᠠ᠂ ᠴᠠᠭ ᠤ᠋ᠨ ᠪᠠᠢᠴᠠ᠂ ᠰᠢᠯᠲᠠᠭᠠᠨ ᠤ᠋ ᠪᠠᠢᠴᠠ᠂ ᠵᠣᠷᠢᠯᠭ᠎ᠠ ᠶ᠋ᠢᠨ ᠪᠠᠢᠴᠠ ᠭᠡᠵᠦ ᠬᠤᠪᠢᠶᠠᠨ ᠦᠵᠡᠵᠦ ᠪᠣᠯᠤᠨ᠎ᠠ᠃
ᠵᠢᠱ᠌ᠢᠶᠡᠯᠡᠪᠡᠯ᠄ ᠴᠢᠨᠠᠷ ᠪᠠᠢᠳᠠᠯ ᠤ᠋ᠨ ᠪᠠᠢᠴᠠ᠄ ᠰᠠᠢᠬᠠᠨ ᠪᠢᠴᠢᠪᠡ᠃ ᠬᠠᠩᠭᠢᠨᠠᠲᠠᠯ᠎ᠠ ᠳᠠᠭᠤᠯᠠᠪᠠ᠃ ᠲᠣᠭᠠᠨ ᠤ᠋ ᠪᠠᠢᠴᠠ᠄ ᠵᠢᠷᠭᠤᠭᠠᠨ ᠮᠥᠷ ᠢ᠋ᠶ᠋ᠡᠷ ᠵᠢᠭᠰᠠᠭᠠᠯ᠎ᠠ᠃ ᠬᠣᠶᠠᠷ ᠤᠳᠠᠭ᠎ᠠ ᠲᠣᠬᠣᠨᠢᠭᠤᠯᠪᠠ᠃
ᠣᠷᠣᠨ ᠤ᠋ ᠪᠠᠢᠴᠠ᠄ ᠡᠨᠳᠡ ᠠᠵᠢᠯᠯᠠᠵᠤ ᠪᠠᠢᠨ᠎ᠠ᠃ ᠪᠡᠭᠡᠵᠢᠩ ᠡᠴᠡ ᠢᠷᠡᠵᠡᠢ᠃
ᠴᠠᠭ ᠤ᠋ᠨ ᠪᠠᠢᠴᠠ᠄ ᠵᠤᠨ ᠲᠡᠭᠦᠰᠬᠡᠨ᠎ᠡ᠃ ᠬᠡᠵᠢᠶᠡᠨᠡᠢ ᠮᠡᠳᠡᠯ᠎ᠡ᠃
ᠰᠢᠯᠲᠠᠭᠠᠨ ᠤ᠋ ᠪᠠᠢᠴᠠ᠄ ᠬᠡᠯᠡᠬᠦᠯᠡᠷ ᠣᠢᠯᠠᠭᠠᠯ᠎ᠠ᠃ ᠶᠠᠭᠠᠷᠠᠤ ᠠ᠋ᠴᠠ ᠮᠠᠷᠲᠠᠵᠠᠢ᠃
ᠵᠣᠷᠢᠯᠭ᠎ᠠ ᠶ᠋ᠢᠨ ᠪᠠᠢᠴᠠ᠄ ᠰᠤᠷᠬᠤ ᠶ᠋ᠢᠨ ᠲᠤᠯᠠ ᠬᠢᠴᠢᠶᠡᠪᠡ᠃ ᠡᠬᠡ ᠤᠯᠤᠰ ᠤ᠋ᠨ ᠢ᠋ᠶ᠋ᠠᠨ ᠲᠥᠯᠥᠭᠡ᠂ ᠢᠳᠡᠪᠬᠢᠲᠡᠢ ᠠᠵᠢᠯᠯᠠᠨ᠎ᠠ᠃
ᠪᠠᠢᠴᠠ ᠭᠡᠰᠢᠭᠦᠨ ᠢ᠋ ᠢᠯᠭᠠᠬᠤ ᠳ᠋ᠠᠭᠠᠨ᠄
(1) ᠪᠠᠢᠴᠠ ᠨᠢ ᠬᠡᠯᠪᠡᠷᠢ ᠪᠡᠷ ᠢ᠋ᠶ᠋ᠡᠨ ᠲᠤᠰᠤᠭᠳᠠᠬᠤᠨ ᠲᠠᠢ ᠠᠳᠠᠯᠢ ᠪᠣᠯᠪᠠᠴᠤ ᠤᠳᠬ᠎ᠠ ᠪᠠᠷ ᠢ᠋ᠶ᠋ᠠᠨ ᠢᠯᠭᠠᠪᠤᠷᠢ ᠲᠠᠢ ᠲᠤᠯᠠ ᠠᠰᠠᠭᠤᠯᠲᠠ ᠪᠠᠷ ᠢᠯᠭᠠᠨ ᠢᠯᠡᠷᠡᠭᠦᠯᠵᠦ ᠪᠣᠯᠤᠨ᠎ᠠ᠃
ᠵᠢᠱ᠌ᠢᠶᠡᠯᠡᠪᠡᠯ᠄ ᠪᠢ ᠳᠤᠭᠤᠢ ᠪᠠᠷ ᠲᠣᠭᠣᠷᠢᠪᠠ (ᠶᠠᠭᠤ ᠪᠠᠷ? ᠰᠢᠭᠤᠳ ᠪᠤᠰᠤ ᠲᠤᠰᠤᠭᠳᠠᠬᠤᠨ)᠃
ᠲᠡᠳᠡ ᠠᠭᠠᠷ ᠢ᠋ᠶ᠋ᠠᠷ ᠠᠶᠠᠯᠠᠪᠠ (ᠬᠠᠮᠢᠭᠠᠭᠤᠷ? ᠪᠠᠢᠴᠠ)᠃
(2) ᠲᠡᠮᠳᠡᠭ ᠦᠭᠡ᠂ ᠲᠣᠭᠠᠨ ᠤ᠋ ᠦᠭᠡ ᠲᠤᠰᠤᠭᠳᠠᠬᠤᠨ ᠪᠣᠯᠤᠭᠰᠠᠨ ᠢ᠋ ᠤᠳᠬ᠎ᠠ ᠶ᠋ᠢᠨ ᠲᠠᠯ᠎ᠠ ᠪᠠᠷ ᠪᠠᠢᠴᠠ ᠲᠠᠢ ᠬᠤᠳᠬᠤᠯᠳᠤᠬᠤ ᠭᠠᠵᠠᠷ ᠲᠤ᠌ ᠬᠣᠢᠨ᠎ᠠ ᠨᠢ ᠬᠠᠮᠢᠶᠠᠳᠠᠭᠤᠯᠬᠤ ᠳᠠᠭᠠᠪᠤᠷᠢ ᠪᠤᠶᠤ ᠦᠭᠡ ᠬᠡᠷᠡᠭᠯᠡᠵᠦ ᠢᠯᠭᠠᠪᠤᠷᠢᠲᠠᠢ ᠪᠣᠯᠭᠠᠨ᠎ᠠ᠃
ᠵᠢᠱ᠌ᠢᠶᠡᠯᠡᠪᠡᠯ᠄ ᠰᠠᠢᠨ ᠢ᠋ᠶ᠋ᠠᠷ ᠬᠢᠭᠡᠷᠡᠢ (ᠪᠠᠢᠴᠠ)᠃
ᠰᠠᠢᠨ ᠢ᠋ᠶ᠋ᠠᠷ ᠨᠢ ᠬᠢᠭᠡᠷᠡᠢ (ᠲᠤᠰᠤᠭᠳᠠᠬᠤᠨ)᠃ ᠭᠡᠬᠦ ᠮᠡᠲᠦ᠃
ᠡᠭᠦᠨ ᠳ᠋ᠦ᠍᠂ ᠮᠣᠩᠭᠣᠯ ᠬᠡᠯᠡᠨ ᠦ᠌ ᠥᠭᠦᠯᠡᠪᠦᠷᠢ ᠶ᠋ᠢᠨ ᠭᠡᠰᠢᠭᠦᠳ ᠦ᠋ᠨ ᠣᠷᠣᠨ ᠪᠠᠢᠷᠢ ᠪᠣᠯ ᠨᠡᠯᠢᠶᠡᠳ ᠲᠣᠭᠲᠠᠪᠤᠷᠢ ᠲᠠᠢ ᠪᠠᠢᠳᠠᠭ ᠶᠤᠮ᠃ ᠶᠡᠷᠦᠩᠬᠡᠢ ᠳ᠋ᠡᠭᠡᠨ ᠥᠭᠦᠯᠡᠭᠳᠡᠬᠦᠨ ᠨᠢ ᠲᠦᠷᠦᠭᠦᠨ ᠳ᠋ᠡᠭᠡᠨ᠂ ᠥᠭᠦᠯᠡᠬᠦᠨ ᠨᠢ ᠲᠡᠭᠦᠰᠬᠡᠯ ᠳ᠋ᠡᠭᠡᠨ ᠪᠠᠢᠨ᠎ᠠ᠃ ᠲᠤᠰᠤᠭᠳᠠᠬᠤᠨ ᠪᠣᠯ ᠥᠭᠦᠯᠡᠬᠦᠨ ᠦ᠌ ᠡᠮᠦᠨ᠎ᠡ᠂ ᠥᠭᠦᠯᠡᠭᠳᠡᠬᠦᠨ ᠦ᠌ ᠡᠮᠦᠨ᠎ᠡ ᠪᠤᠶᠤ ᠬᠣᠢᠨ᠎ᠠ᠂ ᠲᠣᠳᠣᠳᠬᠠᠯ ᠪᠣᠯ ᠲᠣᠳᠣᠳᠬᠠᠭᠤᠯᠤᠭᠴᠢ ᠶ᠋ᠢᠨ ᠢ᠋ᠶ᠋ᠡᠨ ᠡᠮᠦᠨ᠎ᠡ᠂ ᠪᠠᠢᠴᠠ ᠪᠣᠯ ᠥᠭᠦᠯᠡᠬᠦᠨ ᠦ᠌ ᠡᠮᠦᠨ᠎ᠡ ᠪᠠᠢᠨ᠎ᠠ᠃ ᠭᠡᠪᠡᠴᠦ ᠶᠠᠷᠢᠶᠠᠨ ᠤ᠋ ᠬᠡᠯᠡ᠂ ᠰᠢᠯᠦᠭ ᠦ᠋ᠨ ᠬᠡᠯᠡᠯᠭᠡ ᠵᠡᠷᠭᠡ ᠳ᠋ᠦ᠍ ᠡᠨᠡ ᠵᠢᠷᠤᠮ ᠢ᠋ ᠡᠰᠡ ᠪᠠᠷᠢᠮᠲᠠᠯᠠᠬᠤ ᠦᠵᠡᠭᠳᠡᠯ ᠢ᠋ ᠠᠩᠬᠠᠷᠤᠯ ᠳ᠋ᠠᠭᠠᠨ ᠠᠪᠤᠪᠠᠯ ᠵᠣᠬᠢᠨ᠎ᠠ᠃
(ᠭᠤᠷᠪᠠ) ᠥᠭᠦᠯᠡᠪᠦᠷᠢ ᠶ᠋ᠢᠨ ᠵᠡᠷᠭᠡᠴᠡᠭᠰᠡᠨ ᠭᠡᠰᠢᠭᠦᠳ
ᠥᠭᠦᠯᠡᠪᠦᠷᠢ ᠶ᠋ᠢᠨ ᠳᠣᠲᠣᠷ᠎ᠠ᠂ ᠨᠢᠭᠡ ᠨᠢᠭᠡᠨ ᠳ᠋ᠡᠭᠡᠨ ᠬᠠᠷᠢᠯᠴᠠᠨ ᠦᠯᠦ ᠵᠠᠬᠢᠷᠤᠭᠳᠠᠬᠤ ᠵᠡᠷᠭᠡᠴᠡᠭᠰᠡᠨ ᠤᠳᠬ᠎ᠠ ᠲᠠᠢ᠂ ᠬᠣᠶᠠᠷ ᠪᠤᠶᠤ ᠬᠣᠶᠠᠷᠠ᠋ᠴᠠ ᠳᠡᠭᠡᠭᠰᠢ ᠲᠣᠭᠠᠨ ᠤ᠋ ᠭᠡᠰᠢᠭᠦᠨ ᠢ᠋ ᠵᠡᠷᠭᠡᠴᠡᠭᠰᠡᠨ ᠭᠡᠰᠢᠭᠦᠨ ᠭᠡᠨ᠎ᠡ᠃ ᠮᠣᠩᠭᠣᠯ ᠬᠡᠯᠡᠨ ᠦ᠌ ᠥᠭᠦᠯᠡᠪᠦᠷᠢ ᠶ᠋ᠢᠨ ᠭᠡᠰᠢᠭᠦᠨ ᠪᠦᠬᠦᠨ ᠴᠥᠮ ᠵᠡᠷᠭᠡᠴᠡᠵᠦ ᠪᠣᠯᠤᠨ᠎ᠠ᠃
ᠵᠢᠱ᠌ᠢᠶᠡᠯᠡᠪᠡᠯ᠄
1 ᠵᠡᠷᠭᠡᠴᠡᠭᠰᠡᠨ ᠥᠭᠦᠯᠡᠭᠳᠡᠬᠦᠨ᠄
ᠡᠪ ᠬᠠᠮᠲᠤᠴᠤᠳ ᠪᠣᠯ ᠦᠷ᠎ᠡ ᠲᠡᠢ ᠠᠳᠠᠯᠢ᠂ ᠠᠷᠠᠳ ᠲᠦᠮᠡᠨ ᠪᠣᠯ ᠭᠠᠵᠠᠷ ᠲᠠᠢ ᠠᠳᠠᠯᠢ ᠶᠤᠮ᠃ ᠪᠢᠳᠡ ᠬᠠᠮᠢᠭ᠎ᠠ ᠬᠦᠷᠪᠡᠯ ᠲᠡᠨᠳᠡᠬᠢ ᠠᠷᠠᠳ ᠲᠦᠮᠡᠨ ᠲᠡᠢ ᠤᠶᠠᠯᠳᠤᠵᠤ᠂ ᠠᠷᠠᠳ ᠲᠦᠮᠡᠨ ᠦ᠌ ᠳᠤᠮᠳᠠ ᠦᠨᠳᠦᠰᠦᠯᠡᠵᠦ᠂ ᠴᠡᠴᠡᠭᠯᠡᠬᠦ ᠬᠡᠷᠡᠭᠲᠡᠢ᠃
2 ᠵᠡᠷᠭᠡᠴᠡᠭᠰᠡᠨ ᠥᠭᠦᠯᠡᠬᠦᠨ᠄
ᠴᠢᠯᠥᠭᠡᠯᠡᠬᠦ ᠴᠡᠷᠢᠭ ᠳᠠᠢᠰᠤᠨ ᠳ᠋ᠤ᠌ ᠪᠣᠯ ᠪᠠᠢᠯᠳᠤᠬᠤ ᠠᠩᠭᠢ᠂ ᠥᠪᠡᠷᠰᠡᠳ ᠦ᠋ᠨ ᠬᠢᠨ ᠳ᠋ᠡᠭᠡᠨ ᠠᠵᠢᠯᠯᠠᠬᠤ ᠠᠩᠭᠢ ᠮᠥᠨ᠃
3 ᠵᠡᠷᠭᠡᠴᠡᠭᠰᠡᠨ ᠲᠤᠰᠤᠭᠳᠠᠬᠤᠨ᠄
ᠬᠤᠪᠢᠰᠬᠠᠯ ᠢ᠋ ᠠᠳᠬᠤᠵᠤ᠂ ᠦᠢᠯᠡᠳᠪᠦᠷᠢᠯᠡᠯ ᠢ᠋ ᠠᠬᠢᠭᠤᠯᠵᠤ᠂ ᠠᠵᠢᠯ ᠢ᠋ ᠠᠬᠢᠭᠤᠯᠵᠤ᠂ ᠲᠡᠢᠨ ᠳ᠋ᠦ᠍ ᠪᠡᠯᠡᠳᠬᠡᠬᠦ ᠶ᠋ᠢ ᠠᠬᠢᠭᠤᠯᠲᠤᠭᠠᠢ᠃
4 ᠵᠡᠷᠭᠡᠴᠡᠭᠰᠡᠨ ᠲᠣᠳᠣᠳᠬᠠᠯ᠄
ᠬᠠᠪᠤᠷ ᠤ᠋ᠨ ᠰᠠᠯᠬᠢᠨ ᠳ᠋ᠤ᠌ ᠤᠳᠠ ᠤᠯᠢᠶᠠᠰᠤ ᠲᠦᠮᠡ ᠮᠢᠩᠭᠠᠨ ᠤᠨᠵᠢᠯᠭ᠎ᠠ
ᠬᠤᠪᠢᠯᠭᠠᠨ ᠣᠷᠣᠨ ᠤ᠋ ᠵᠢᠷᠭᠤᠭᠠᠨ ᠳ᠋ᠦᠩᠰᠢᠭᠤᠷ ᠴᠥᠮ ᠶᠣᠣ ᠱᠦᠨ ᠪᠣᠯᠵᠤᠬᠤᠢ᠃
5 ᠵᠡᠷᠭᠡᠴᠡᠭᠰᠡᠨ ᠪᠠᠢᠴᠠ᠄
ᠲᠠ ᠨᠠᠷ ᠤᠯᠤᠰ ᠲᠥᠷᠥ ᠪᠡᠷ ᠮᠠᠩᠯᠠᠢᠯᠠᠭᠤᠯᠵᠤ᠂ ᠣᠯᠠᠨ ᠲᠦᠮᠡᠨ ᠦ᠌ ᠳᠤᠮᠳᠠ ᠣᠴᠢᠵᠤ᠂ ᠣᠯᠠᠨ ᠲᠦᠮᠡᠨ ᠲᠡᠢ ᠬᠠᠮᠲᠤ ᠪᠠᠢᠵᠤ᠂ ᠣᠯᠠᠨ ᠲᠦᠮᠡᠨ ᠦ᠌ ᠰᠣᠶᠣᠯ ᠤ᠋ᠨ ᠠᠵᠢᠯᠯᠠᠭ᠎ᠠ ᠶ᠋ᠢ ᠨᠡᠩ ᠰᠠᠢᠨ ᠬᠢᠲᠦᠭᠡᠢ᠃
ᠵᠡᠷᠭᠡᠴᠡᠭᠰᠡᠨ ᠭᠡᠰᠢᠭᠦᠨ ᠬᠡᠷᠪᠡ ᠲᠡᠢᠨ ᠢᠯᠭᠠᠯ ᠤ᠋ᠨ ᠳᠠᠭᠠᠪᠤᠷᠢ ᠪᠠᠷ ᠬᠡᠯᠪᠡᠷᠢᠵᠢᠪᠡᠯ ᠬᠠᠮᠤᠭ ᠡᠴᠦᠰ ᠦ᠋ᠨ ᠬᠢᠨᠢ ᠭᠡᠰᠢᠭᠦᠨ ᠦ᠌ ᠳᠠᠷᠠᠭ᠎ᠠ ᠬᠡᠷᠡᠭᠯᠡᠨ᠎ᠡ᠃ ᠬᠡᠷᠪᠡ ᠵᠡᠷᠭᠡᠴᠡᠭᠰᠡᠨ ᠭᠡᠰᠢᠭᠦᠳ ᠦ᠋ᠨ ᠳᠠᠷᠠᠭ᠎ᠠ ᠶᠡᠷᠦᠩᠬᠡᠢᠯᠡᠨ ᠲᠣᠪᠴᠢᠯᠠᠭᠰᠠᠨ ᠦᠭᠡ ᠶ᠋ᠢ ᠬᠡᠷᠡᠭᠯᠡᠪᠡᠯ ᠲᠡᠷᠡ ᠨᠢ ᠪᠠᠰᠠ ᠵᠡᠷᠭᠡᠴᠡᠭᠰᠡᠨ ᠭᠡᠰᠢᠭᠦᠳ ᠲᠡᠢ ᠪᠡᠨ ᠠᠳᠠᠯᠢ ᠭᠡᠰᠢᠭᠦᠨ ᠪᠣᠯᠤᠨ᠎ᠠ᠃ ᠵᠢᠱ᠌ᠢᠶᠡᠯᠡᠪᠡᠯ᠄ ᠬᠡᠨ ᠴᠦ᠍᠂ ᠶᠠᠭᠤ ᠴᠤ᠌᠂ ᠶᠠᠮᠠᠷ ᠴᠤ᠌᠂ ᠬᠠᠮᠢᠭ᠎ᠠ ᠴᠤ᠌᠂ ᠬᠡᠵᠢᠶ᠎ᠡ ᠴᠦ᠍᠂ ᠠᠯᠢ ᠴᠤ᠌᠂ ᠪᠦᠭᠦᠳᠡ᠂ ᠪᠦᠭᠦᠳᠡᠭᠡᠷ᠂ ᠴᠥᠮ᠂ ᠳᠠᠶᠠᠭᠠᠷ᠂ ᠬᠣᠲᠠᠯᠠᠭᠠᠷ᠂ ᠨᠡᠢᠲᠡ ᠪᠡᠷ᠂ ᠬᠠᠶᠠ ᠦᠭᠡᠢ᠂ ᠡᠨᠳᠡ ᠲᠡᠨᠳᠡ ᠦᠭᠡᠢ᠂ ᠭᠠᠵᠠᠷ ᠰᠠᠢ ᠦᠭᠡᠢ᠂ ᠬᠣᠶᠠᠭᠤᠯᠠ᠂ ᠭᠤᠷᠪᠠᠭᠤᠯᠠ ᠭᠡᠬᠦ ᠮᠡᠲᠦ᠃
(ᠳᠥᠷᠪᠡ) ᠥᠭᠦᠯᠡᠪᠦᠷᠢ ᠶ᠋ᠢᠨ ᠭᠡᠰᠢᠭᠦᠨ ᠪᠣᠯᠳᠠᠭ ᠦᠭᠡᠢ ᠵᠠᠷᠢᠮ ᠦᠭᠡᠰ
ᠥᠭᠦᠯᠡᠪᠦᠷᠢ ᠶ᠋ᠢᠨ ᠳᠣᠲᠣᠷ᠎ᠠ᠂ ᠭᠣᠣᠯ ᠭᠡᠰᠢᠭᠦᠨ᠂ ᠳᠡᠳ᠋ ᠭᠡᠰᠢᠭᠦᠨ ᠪᠠᠢᠬᠤ ᠠ᠋ᠴᠠ ᠭᠠᠳᠠᠨ᠎ᠠ᠂ ᠪᠠᠰᠠ ᠥᠭᠦᠯᠡᠪᠦᠷᠢ ᠶ᠋ᠢᠨ ᠭᠡᠰᠢᠭᠦᠨ ᠲᠡᠢ ᠬᠡᠯᠡᠨ ᠦ᠌ ᠵᠦᠢ ᠶ᠋ᠢᠨ ᠬᠣᠯᠪᠣᠭ᠎ᠠ ᠦᠭᠡᠢ᠂ ᠥᠪᠡᠷ ᠢ᠋ᠶ᠋ᠡᠨ ᠴᠦ᠍ ᠥᠭᠦᠯᠡᠪᠦᠷᠢ ᠶ᠋ᠢᠨ ᠭᠡᠰᠢᠭᠦᠨ ᠪᠣᠯᠳᠠᠭ ᠦᠭᠡᠢ ᠨᠢᠭᠡ ᠪᠦᠯᠦᠭ ᠦᠭᠡᠰ ᠪᠠᠢᠳᠠᠭ᠃ ᠡᠢᠮᠦ ᠨᠢᠭᠡ ᠪᠦᠯᠦᠭ ᠦᠭᠡᠰ ᠢ᠋ ᠥᠭᠦᠯᠡᠪᠦᠷᠢ ᠶ᠋ᠢᠨ ᠵᠦᠢ ᠳ᠋ᠦ᠍ ᠥᠭᠦᠯᠡᠪᠦᠷᠢ ᠶ᠋ᠢᠨ ᠭᠡᠰᠢᠭᠦᠨ ᠪᠣᠯᠳᠠᠭ ᠦᠭᠡᠢ ᠦᠭᠡᠰ ᠭᠡᠨ᠎ᠡ᠃
ᠥᠭᠦᠯᠡᠪᠦᠷᠢ ᠶ᠋ᠢᠨ ᠭᠡᠰᠢᠭᠦᠨ ᠪᠣᠯᠳᠠᠭ ᠦᠭᠡᠢ ᠦᠭᠡᠰ ᠢ᠋ ᠥᠭᠦᠯᠡᠪᠦᠷᠢ ᠶ᠋ᠢᠨ ᠳᠣᠲᠣᠷᠠᠬᠢ ᠵᠣᠷᠢᠯᠭ᠎ᠠ ᠪᠠᠷ ᠨᠢ ᠦᠵᠡᠪᠡᠯ᠂ ᠬᠠᠨᠳᠤᠭᠰᠠᠨ ᠦᠭᠡ᠂ ᠣᠷᠣᠭᠤᠯᠤᠭᠰᠠᠨ ᠦᠭᠡ᠂ ᠠᠶᠠᠯᠭ᠎ᠠ ᠦᠭᠡ ᠭᠡᠬᠦ ᠮᠡᠲᠦ ᠪᠡᠷ ᠢᠯᠭᠠᠨ ᠦᠵᠡᠵᠦ ᠪᠣᠯᠤᠨ᠎ᠠ᠃
1 ᠬᠠᠨᠳᠤᠭᠰᠠᠨ ᠦᠭᠡ
ᠥᠭᠦᠯᠡᠪᠦᠷᠢ ᠶ᠋ᠢᠨ ᠳᠣᠲᠣᠷ᠎ᠠ᠂ ᠥᠭᠦᠯᠡᠨ ᠶᠠᠷᠢᠭᠴᠢ ᠡᠲᠡᠭᠡᠳ ᠨᠥᠭᠦᠭᠡ ᠲᠠᠯ᠎ᠠ ᠶ᠋ᠢᠨ ᠰᠣᠨᠣᠰᠤᠭᠴᠢ ᠡᠲᠡᠭᠡᠳ ᠦ᠋ᠨ ᠠᠩᠬᠠᠷᠤᠯ ᠢ᠋ ᠲᠠᠲᠠᠵᠤ ᠲᠥᠪᠯᠡᠷᠡᠭᠦᠯᠬᠦ ᠵᠣᠷᠢᠯᠭ᠎ᠠ ᠲᠠᠢ ᠪᠠᠷ ᠲᠡᠭᠦᠨ ᠳ᠋ᠦ᠍ ᠬᠠᠨᠳᠤᠵᠤ ᠬᠡᠯᠡᠭᠰᠡᠨ ᠨᠢᠭᠡ ᠦᠭᠡ ᠪᠤᠶᠤ ᠨᠢᠭᠡᠨ ᠬᠣᠯᠪᠣᠭ᠎ᠠ ᠪᠦᠬᠦᠢ ᠪᠦᠯᠦᠭ ᠦᠭᠡᠰ ᠢ᠋ ᠬᠠᠨᠳᠤᠭᠰᠠᠨ ᠦᠭᠡ ᠭᠡᠳᠡᠭ᠃ ᠬᠠᠨᠳᠤᠭᠰᠠᠨ ᠦᠭᠡ ᠨᠢ ᠭᠣᠣᠯᠳᠠᠭᠤ ᠬᠣᠢᠨ᠎ᠠ ᠪᠠᠨ《ᠠ᠋》 ᠭᠡᠳᠡᠭ ᠠᠩᠬᠠᠷᠤᠭᠤᠯᠬᠤ ᠠᠶᠠᠯᠭᠤ ᠲᠠᠢ ᠪᠠᠢᠳᠠᠭ᠃
ᠵᠢᠱ᠌ᠢᠶᠡᠯᠡᠪᠡᠯ᠄ ᠰᠤᠷᠤᠭᠴᠢ ᠨᠥᠬᠥᠳ ᠠ᠋! ᠰᠠᠢᠨ ᠰᠤᠷᠤᠭᠴᠢ ᠪᠣᠯᠬᠤ ᠪᠠᠷ ᠴᠢᠷᠮᠠᠢᠵᠠᠭᠠᠶ᠎ᠠ!
2 ᠣᠷᠣᠭᠤᠯᠤᠭᠰᠠᠨ ᠦᠭᠡ
ᠥᠭᠦᠯᠡᠪᠦᠷᠢ ᠶ᠋ᠢᠨ ᠳᠣᠲᠣᠷ᠎ᠠ᠂ ᠥᠭᠦᠯᠡᠭᠴᠢ ᠡᠲᠡᠭᠡᠳ ᠥᠪᠡᠷ ᠦ᠋ᠨ ᠢ᠋ᠶ᠋ᠡᠨ ᠶᠠᠷᠢᠵᠤ ᠪᠠᠢᠭ᠎ᠠ ᠤᠴᠢᠷ ᠶᠠᠪᠤᠳᠠᠯ ᠬᠡᠷᠡᠭ ᠪᠣᠳᠠᠰ ᠢ᠋ᠶ᠋ᠠᠨ ᠶᠠᠭᠠᠬᠢᠵᠤ ᠦᠵᠡᠵᠦ ᠬᠡᠷᠬᠢᠨ ᠣᠢᠯᠠᠭᠠᠵᠤ ᠪᠠᠢᠭ᠎ᠠ ᠲᠤᠬᠠᠢ ᠬᠦᠴᠦᠯᠢᠭ ᠢᠯᠡᠳᠬᠡᠬᠦ ᠶ᠋ᠢᠨ ᠲᠥᠯᠥᠭᠡ ᠥᠭᠦᠯᠡᠪᠦᠷᠢ ᠳ᠋ᠡᠭᠡᠨ ᠨᠡᠮᠡᠵᠦ ᠣᠷᠣᠭᠤᠯᠤᠭᠰᠠᠨ ᠨᠢᠭᠡ ᠦᠭᠡ ᠪᠤᠶᠤ ᠨᠢᠭᠡᠨ ᠬᠣᠯᠪᠣᠭ᠎ᠠ ᠪᠦᠬᠦᠢ ᠪᠦᠯᠦᠭ ᠦᠭᠡᠰ ᠢ᠋ ᠣᠷᠣᠭᠤᠯᠤᠭᠰᠠᠨ ᠦᠭᠡ ᠭᠡᠳᠡᠭ᠃ ᠣᠷᠣᠭᠤᠯᠤᠭᠰᠠᠨ ᠦᠭᠡ ᠨᠢ᠂ ᠥᠭᠦᠯᠡᠪᠦᠷᠢ ᠳ᠋ᠦ᠍ ᠬᠡᠷᠡᠭᠯᠡᠭᠳᠡᠬᠦ ᠵᠣᠷᠢᠯᠭ᠎ᠠ ᠶ᠋ᠢᠨ ᠲᠠᠯ᠎ᠠ ᠪᠠᠷ ᠶᠠᠩᠵᠤ ᠪᠦᠷᠢ ᠶ᠋ᠢᠨ ᠪᠠᠢᠵᠤ ᠪᠣᠯᠤᠨ᠎ᠠ
ᠵᠢᠱ᠌ᠢᠶᠡᠯᠡᠪᠡᠯ᠄ <1> ᠳᠠᠮ ᠰᠣᠨᠣᠰᠪᠠᠯ᠂ ᠣᠯᠠᠨ ᠤ᠋ ᠬᠡᠯᠡᠯᠴᠡᠬᠦ ᠪᠡᠷ (ᠨᠢ)᠂ ᠰᠣᠨᠢᠨ ᠤ᠋ ᠮᠡᠳᠡᠭᠡ ᠪᠡᠷ᠂ ᠴᠢᠨᠦ ᠪᠣᠳᠣᠯ ᠢ᠋ᠶ᠋ᠠᠷ ᠪᠣᠯ᠂ ᠪᠢ ᠪᠣᠳᠣᠪᠠᠯ᠂ ᠵᠣᠯ ᠢ᠋ᠶ᠋ᠠᠷ᠂ ᠵᠣᠯ ᠵᠠᠪᠰᠢᠶᠠᠨ ᠢ᠋ᠶ᠋ᠠᠷ᠂ ᠵᠣᠯᠲᠠᠢ᠂ ᠠᠵᠠᠲᠠᠢ᠂ ᠵᠠᠪᠰᠢᠶᠠᠨ ᠪᠤᠰᠤ ᠪᠠᠷ᠂ ᠠᠵᠠ ᠦᠭᠡᠢ ᠪᠡᠷ᠂ ᠬᠠᠷᠠᠮᠰᠠᠯᠲᠠᠢ ᠨᠢ᠂ ᠶᠡᠬᠡ ᠳ᠋ᠡᠭᠡᠨ᠂ ᠪᠠᠭ᠎ᠠ ᠳ᠋ᠠᠭᠠᠨ᠂ ᠣᠯᠠᠨ ᠳ᠋ᠠᠭᠠᠨ᠂ ᠴᠥᠭᠡᠨ ᠳ᠋ᠡᠭᠡᠨ᠂ ᠤᠳᠠᠭᠠᠨ ᠳ᠋ᠠᠭᠠᠨ᠂ ᠤᠳᠠᠬᠤ ᠳ᠋ᠠᠭᠠᠨ᠂ ᠲᠦᠷᠭᠡᠨ ᠳ᠋ᠡᠭᠡᠨ᠂ ᠰᠠᠢᠨ ᠳ᠋ᠠᠭᠠᠨ᠂ ᠮᠠᠭᠤ ᠳ᠋ᠠᠭᠠᠨ᠂ ᠨᠠᠭᠠᠨ᠎ᠠ ᠬᠡᠯᠡᠬᠦ ᠳ᠋ᠦ᠍᠂ ᠴᠠᠭᠠᠨ᠎ᠠ ᠬᠡᠯᠡᠬᠦ ᠳ᠋ᠦ᠍᠂ ᠡᠨᠳᠡ ᠪᠡᠨ ᠭᠡᠵᠦ ᠬᠡᠯᠡᠬᠦ ᠳ᠋ᠦ᠍᠂ ᠦᠨᠡᠨ ᠳ᠋ᠡᠭᠡᠨ᠂ ᠬᠡᠷᠡᠭ ᠳᠡᠭᠡᠷ᠎ᠡ ᠪᠡᠨ᠂ ᠴᠣᠬᠣᠮ ᠢ᠋ ᠬᠡᠯᠡᠪᠡᠯ᠂ ᠶᠡᠷᠦ ᠬᠡᠯᠡᠪᠡᠯ᠂ ᠲᠣᠪᠴᠢᠯᠠᠪᠠᠯ᠂ ᠵᠢᠱ᠌ᠢᠶᠡᠯᠡᠪᠡᠯ᠂ ᠨᠢᠭᠡᠳᠦᠭᠡᠷ ᠲᠦ᠍᠂ ᠬᠣᠶᠠᠳᠤᠭᠠᠷ ᠲᠤ᠌᠂ ᠨᠢᠭᠡ ᠳ᠋ᠦ᠍᠂ ᠬᠣᠶᠠᠷ ᠲᠤ᠌᠂ ᠴᠢᠨᠠᠭᠰᠢᠳᠠ᠂ ᠡᠴᠦᠰ ᠲᠦ᠍᠂ ᠬᠠᠷᠢᠨ᠂ ᠭᠡᠲᠡᠯ᠎ᠡ᠂ ᠡᠨᠡ ᠤᠴᠢᠷ ᠠ᠋ᠴᠠ᠂ ᠡᠨᠡ ᠮᠡᠲᠦ ᠪᠡᠷ᠂ ᠶᠡᠷᠦᠩᠬᠡᠢ ᠳ᠋ᠡᠭᠡᠨ᠂ ᠭᠣᠣᠯ ᠨᠢ᠂ ᠢᠯᠠᠩᠭᠤᠶ᠎ᠠ᠂ ᠡᠢᠨ ᠬᠦ᠌᠂ ᠲᠡᠢᠨ ᠬᠦ᠌᠂ ᠢᠩᠭᠢᠭᠡᠳ᠂ ᠴᠢᠩᠭᠢᠭᠡᠳ᠂ ᠮᠡᠳᠡᠭᠡᠵᠢ ᠶ᠋ᠢᠨ ᠬᠡᠷᠡᠭ᠂ ᠮᠠᠭᠠᠳ ᠦᠭᠡᠢ᠂ ᠪᠣᠳᠣᠪᠠᠯ ᠭᠡᠬᠦ ᠮᠡᠲᠦ᠃
<2> ᠪᠢᠳᠡ ᠨᠢᠭᠡ ᠮᠠᠰᠢ ᠰᠠᠢᠨ ᠶᠡᠬᠡ ᠲᠥᠰᠥᠯ ᠬᠢᠯ᠎ᠡ᠃ ᠁
3 ᠠᠶᠠᠯᠭ᠎ᠠ ᠦᠭᠡ
ᠥᠭᠦᠯᠡᠪᠦᠷᠢ ᠶ᠋ᠢᠨ ᠳᠣᠲᠣᠷ᠎ᠠ᠂ ᠥᠭᠦᠯᠡᠨ ᠶᠠᠷᠢᠭᠴᠢ ᠡᠲᠡᠭᠡᠳ ᠦ᠋ᠨ ᠰᠡᠳᠬᠢᠯ ᠦ᠋ᠨ ᠬᠥᠳᠡᠯᠭᠡᠭᠡᠨ ᠢ᠋ ᠢᠯᠡᠳᠬᠡᠬᠦ ᠲᠡᠳᠦᠢ ᠡᠭᠦᠷᠭᠡ ᠪᠦᠬᠦᠢ ᠦᠭᠡᠰ ᠢ᠋ ᠠᠶᠠᠯᠭ᠎ᠠ ᠦᠭᠡ ᠭᠡᠨ᠎ᠡ᠃
ᠵᠢᠱ᠌ᠢᠶᠡᠯᠡᠪᠡᠯ᠄ <1> ᠠ᠂ ᠡᠢ᠂ ᠶᠣ ᠶᠣ᠂ ᠤᠤᠬᠠᠢ᠂ ᠠᠢ ᠳᠠ᠂ ᠲᠢ ᠲᠢ᠂ ᠬᠡᠩ᠂ ᠫᠢ᠂ ᠬᠠᠯᠠᠬᠠᠢ᠂ ᠪᠦᠪᠡᠢ ᠪᠦᠪᠡᠢ᠂ ᠬᠠ ᠬᠠ᠂ ᠬᠦᠢ᠂ ᠲᠦᠢ᠂ ᠫᠦ᠂ ᠶᠣᠬᠣ᠂ ᠂ ᠬᠥᠭᠡᠷᠦᠬᠦᠢ ᠵᠠᠢᠯᠠᠭᠤᠯ᠂ ᠸᠠᠰᠢᠳᠠ᠂ ᠸᠠᠰᠢ᠂ ᠠ ᠳᠠ ᠬᠦ᠂ ᠢᠱ᠌ᠢ᠂ ᠬᠠᠢ᠂ ᠵᠠᠬᠠᠢ᠂ ᠠᠬᠠᠯᠠᠢ᠂ ᠤᠤᠬᠠᠢ᠂ ᠶᠠ ᠶᠠ ᠂ ᠯᠠ ᠯᠠ᠂ ᠬᠠᠯᠠᠬᠠᠢ᠂ ᠭᠡᠬᠦ ᠮᠡᠲᠦ᠃
<2> ᠠᠳᠤᠭᠤᠰᠤᠨ ᠠᠮᠢᠲᠠᠨ ᠳ᠋ᠤ᠌ ᠬᠣᠯᠪᠣᠭᠳᠠᠬᠤ ᠠᠶᠠᠯᠭ᠎ᠠ ᠦᠭᠡ᠄ ᠮᠢ ᠮᠢ᠂ ᠮᠤᠸ ᠮᠤᠸ᠂ ᠵᠦ᠋ ᠵᠦ᠋᠂ ᠴᠦ᠋ ᠴᠦ᠋᠂ ᠬᠣᠷᠳ᠋ ᠬᠣᠷᠳ᠋ ᠭᠡᠬᠦ ᠮᠡᠲᠦ᠃
<3> ᠦᠢᠯᠡ ᠶᠠᠪᠤᠴᠠ ᠳ᠋ᠤ᠌ ᠭᠠᠷᠤᠭᠰᠠᠨ ᠳᠠᠭᠤᠨ ᠴᠢᠮᠡᠭᠡ ᠶ᠋ᠢ ᠳᠠᠭᠤᠷᠢᠶᠠᠭᠰᠠᠨ ᠠᠶᠠᠯᠭ᠎ᠠ ᠦᠭᠡ᠄ ᠰᠡᠷ ᠰᠡᠷ᠂ ᠱᠠᠷ ᠱᠠᠷ᠂ ᠫᠡᠷ ᠫᠡᠷ᠂ ᠫᠣᠷ ᠫᠣᠷ᠂ ᠬᠥᠷ ᠬᠥᠷ᠂ ᠬᠦᠷᠳ᠋᠂ ᠭᠠᠩᠭᠠᠷ ᠭᠤᠩᠭᠠᠷ᠂ ᠳ᠋ᠢᠩᠭᠠᠷ ᠳ᠋ᠠᠩᠭᠠᠷ᠂ ᠲᠦᠩ᠂ ᠫᠢᠩ ᠫᠠᠩ᠂ ᠲᠢᠬ ᠲᠠᠭ᠂ ᠳ᠋ᠠᠩ ᠳ᠋ᠠᠩ ᠭᠡᠬᠦ ᠮᠡᠲᠦ᠃
ᠡᠳᠡᠭᠡᠷ ᠬᠠᠨᠳᠤᠭᠰᠠᠨ ᠦᠭᠡ᠂ ᠣᠷᠣᠭᠤᠯᠤᠭᠰᠠᠨ ᠦᠭᠡ᠂ ᠠᠶᠠᠯᠭ᠎ᠠ ᠦᠭᠡ ᠵᠡᠷᠭᠡ ᠨᠢ ᠥᠭᠦᠯᠡᠪᠦᠷᠢ ᠳ᠋ᠦ᠍ ᠨᠡᠮᠡᠯᠲᠡ ᠤᠳᠬ᠎ᠠ ᠪᠠᠷ ᠬᠡᠷᠡᠭᠯᠡᠭᠳᠡᠬᠦ ᠳ᠋ᠡᠭᠡᠨ ᠤᠤᠯ ᠦᠭᠡ ᠶ᠋ᠢᠨ ᠬᠣᠢᠭᠤᠷ ᠨᠢ ᠪᠤᠶᠤ ᠤᠷᠳᠤᠭᠤᠷ ᠨᠢ ᠳᠠᠩ ᠴᠡᠭ ᠲᠠᠯᠪᠢᠵᠤ ᠰᠠᠯᠭᠠᠨ᠎ᠠ᠃