ᠥᠭᠦᠯᠡᠪᠦᠷᠢ ᠶ᠋ᠢᠨ ᠵᠦᠢ05 ᠮᠣᠩᠭᠣᠯ ᠬᠡᠯᠡᠨ ᠦ᠌ ᠥᠭᠦᠯᠡᠪᠦᠷᠢ ᠳ᠋ᠦ᠍ ᠴᠡᠭ ᠲᠡᠮᠳᠡᠭ ᠬᠡᠷᠡᠭᠯᠡᠬᠦ ᠲᠤᠬᠠᠢ ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠭᠦᠯᠡᠪᠦᠷᠢ ᠶ᠋ᠢᠨ ᠵᠦᠢ05 ᠮᠣᠩᠭᠣᠯ ᠬᠡᠯᠡᠨ ᠦ᠌ ᠥᠭᠦᠯᠡᠪᠦᠷᠢ ᠳ᠋ᠦ᠍ ᠴᠡᠭ ᠲᠡᠮᠳᠡᠭ ᠬᠡᠷᠡᠭᠯᠡᠬᠦ ᠲᠤᠬᠠᠢ

ᠥᠭᠦᠯᠡᠪᠦᠷᠢ ᠶ᠋ᠢᠨ ᠵᠦᠢ05 ᠮᠣᠩᠭᠣᠯ ᠬᠡᠯᠡᠨ ᠦ᠌ ᠥᠭᠦᠯᠡᠪᠦᠷᠢ ᠳ᠋ᠦ᠍ ᠴᠡᠭ ᠲᠡᠮᠳᠡᠭ ᠬᠡᠷᠡᠭᠯᠡᠬᠦ ᠲᠤᠬᠠᠢ

ᠠᠩᠭᠢᠯᠠᠯ:ᠬᠡᠯᠡ ᠪᠢᠴᠢᠭ
2025-10-20

7

ᠲᠠᠪᠤ᠃ ᠮᠣᠩᠭᠣᠯ ᠬᠡᠯᠡᠨ ᠦ᠌ ᠥᠭᠦᠯᠡᠪᠦᠷᠢ ᠳ᠋ᠦ᠍ ᠴᠡᠭ ᠲᠡᠮᠳᠡᠭ ᠬᠡᠷᠡᠭᠯᠡᠬᠦ ᠲᠤᠬᠠᠢ

 (ᠨᠢᠭᠡ) ᠴᠠᠭ ᠲᠡᠮᠳᠡᠭ ᠦ᠋ᠨ ᠦᠢᠯᠡᠳᠦᠯ

  ᠴᠠᠭ ᠲᠡᠮᠳᠡᠭ ᠨᠢ ᠪᠢᠴᠢᠭ ᠵᠣᠬᠢᠶᠠᠯ ᠤ᠋ᠨ ᠬᠡᠯᠡᠯᠭᠡ ᠳ᠋ᠦ᠍ ᠳᠤᠲᠠᠭᠳᠠᠵᠤ ᠪᠣᠯᠣᠰᠢ ᠦᠭᠡᠢ᠂ ᠬᠠᠪᠰᠤᠷᠤᠯᠭ᠎ᠠ ᠶ᠋ᠢᠨ ᠪᠠᠭᠠᠵᠢ ᠮᠥᠨ᠃ ᠲᠡᠷᠡ ᠨᠢ ᠤᠩᠰᠢᠭᠴᠢ ᠶ᠋ᠢ ᠬᠠᠪᠰᠤᠷᠴᠤ ᠥᠭᠦᠯᠡᠪᠦᠷᠢ ᠶ᠋ᠢᠨ ᠪᠦᠲᠦᠴᠡ ᠶ᠋ᠢ ᠣᠢᠯᠠᠭᠠᠭᠤᠯᠤᠨ᠂ ᠬᠡᠯᠡᠬᠦ ᠠᠶᠠᠯᠭᠤ ᠶ᠋ᠢ ᠢᠯᠭᠠᠷᠠᠭᠤᠯᠤᠭᠠᠳ᠂ ᠤᠳᠬ᠎ᠠ ᠰᠠᠨᠠᠭ᠎ᠠ ᠶ᠋ᠢ ᠵᠥᠪ ᠣᠨᠣᠪᠴᠢᠲᠠᠢ ᠨᠡᠪᠲᠡᠷᠡᠭᠦᠯᠦᠨ᠎ᠡ᠃ ᠡᠢᠮᠦ ᠡᠴᠡ ᠴᠠᠭ ᠲᠡᠮᠳᠡᠭ ᠭᠡᠳᠡᠭ ᠡᠨᠡᠬᠦ ᠪᠠᠭᠠᠵᠢ ᠨᠢ ᠪᠠᠢᠪᠠᠴᠤ ᠪᠣᠯᠬᠤ᠂ ᠦᠭᠡᠢ ᠪᠣᠯᠪᠠᠴᠤ ᠪᠣᠯᠬᠤ ᠲᠡᠢᠮᠦ ᠡᠩ ᠦ᠋ᠨ ᠡᠳ᠋ᠯᠡᠯ ᠪᠤᠰᠤ᠂ ᠬᠠᠷᠢᠨ ᠶᠠᠮᠠᠷ ᠨᠢᠭᠡᠨ ᠥᠭᠦᠯᠡᠯ ᠵᠣᠬᠢᠶᠠᠯ᠂ ᠪᠢᠴᠢᠭ ᠪᠠᠷᠢᠮᠲᠠ ᠶ᠋ᠢᠨ ᠵᠦᠢᠯ ᠳ᠋ᠦ᠍ ᠴᠦ᠍ ᠳᠤᠲᠠᠭᠳᠠᠵᠤ ᠪᠣᠯᠤᠰᠢ ᠦᠭᠡᠢ ᠪᠥᠭᠡᠳ ᠵᠠᠪᠠᠯ ᠵᠥᠪ ᠬᠡᠷᠡᠭᠯᠡᠬᠦ ᠬᠡᠷᠡᠭᠲᠡᠢ ᠶᠤᠮ᠃

 (ᠬᠣᠶᠠᠷ) ᠴᠠᠭ ᠲᠡᠮᠳᠡᠭ ᠦ᠋ᠨ ᠵᠦᠢᠯ ᠪᠠ ᠬᠡᠷᠡᠭᠴᠡᠭᠡ

ᠪᠢᠳᠡᠨ ᠦ᠌ ᠶᠡᠷᠦ ᠶ᠋ᠢᠨ ᠬᠡᠷᠡᠭᠯᠡᠳᠡᠭ ᠴᠠᠭ ᠲᠡᠮᠳᠡᠭ ᠨᠢ ᠳᠣᠣᠷᠠᠬᠢ ᠮᠡᠲᠦ ᠬᠡᠳᠦᠨ ᠵᠦᠢᠯ ᠪᠣᠢ᠃ 

ᠥᠭᠦᠯᠡᠪᠦᠷᠢ ᠶ᠋ᠢᠨ ᠡᠴᠦᠰ ᠲᠦ᠍ ᠬᠡᠷᠡᠭᠯᠡᠬᠦ ᠴᠠᠭ ᠲᠡᠮᠳᠡᠭ

    1 ᠳᠠᠪᠬᠤᠷ ᠴᠠᠭ《᠃》
   ᠡᠩ ᠦ᠋ᠨ ᠪᠠᠢᠳᠠᠯ ᠢ᠋ᠶ᠋ᠠᠷ ᠬᠦᠦᠷᠨᠢᠨ ᠬᠡᠯᠡᠬᠦ ᠥᠭᠦᠯᠡᠪᠦᠷᠢ ᠶ᠋ᠢᠨ ᠡᠴᠦᠰ ᠲᠦ᠍ ᠬᠡᠷᠡᠭᠯᠡᠨ᠎ᠡ᠃
      ᠵᠢᠱ᠌ᠢᠶᠡᠯᠡᠪᠡᠯ᠄ ᠦᠵᠡᠬᠦ ᠨᠢᠳᠦ ᠦᠭᠡᠢ ᠭᠤᠢᠷᠠᠨᠴᠢ ᠡᠴᠢᠭᠡ ᠪᠡᠨ ᠲᠡᠵᠢᠭᠡᠬᠦ ᠶ᠋ᠢᠨ ᠲᠥᠯᠥᠭᠡ ᠡᠭᠦᠳᠡ ᠳᠠᠷᠠᠭᠠᠯᠠᠨ ᠳᠠᠭᠤᠯᠠᠵᠤ ᠶᠠᠪᠤᠭᠰᠠᠨ ᠭᠤᠨᠢᠭᠲᠤ ᠬᠡᠦᠬᠡᠨ ᠥᠷᠥᠰᠢᠶᠡᠯ ᠲᠡᠭᠦᠯᠳᠡᠷ ᠪᠠᠢᠨ᠎ᠠ᠃
        
    2 ᠠᠰᠠᠭᠤᠯᠲᠠ ᠶ᠋ᠢᠨ ᠲᠡᠮᠳᠡᠭ《?》    
   ᠶᠠᠮᠠᠷ ᠨᠢᠭᠡᠨ ᠶᠠᠭᠤᠮ᠎ᠠ ᠶ᠋ᠢ ᠠᠰᠠᠭᠤᠬᠤ ᠰᠠᠨᠠᠭ᠎ᠠ ᠲᠠᠢ ᠬᠡᠯᠡᠭᠰᠡᠨ ᠥᠭᠦᠯᠡᠪᠦᠷᠢ ᠶ᠋ᠢᠨ ᠡᠴᠦᠰ ᠲᠦ᠍ ᠬᠡᠷᠡᠭᠯᠡᠨ᠎ᠡ᠃   
 ᠵᠢᠱ᠌ᠢᠶᠡᠯᠡᠪᠡᠯ᠄
ᠰᠠᠢᠨ ᠪᠠᠢᠨ᠎ᠠ ᠦᠦ? 
     3 ᠠᠩᠬᠠᠷᠤᠯ ᠤ᠋ᠨ ᠲᠡᠮᠳᠡᠭ《!》
      ᠬᠦᠨᠳᠦ ᠨᠦᠰᠡᠷ ᠭᠦᠨ ᠵᠤᠵᠠᠭᠠᠨ ᠬᠠᠢᠷ᠎ᠠ ᠰᠡᠳᠬᠢᠯᠭᠡ ᠲᠡᠢ ᠪᠡᠷ ᠪᠤᠰᠤᠳ ᠲᠤ᠌ ᠠᠩᠬᠠᠷᠤᠭᠤᠯᠤᠨ ᠬᠡᠯᠡᠬᠦ ᠥᠭᠦᠯᠡᠪᠦᠷᠢ ᠶ᠋ᠢᠨ ᠡᠴᠦᠰ ᠲᠦ᠍ ᠬᠡᠷᠡᠭᠯᠡᠨ᠎ᠡ᠃
   ᠵᠢᠱ᠌ᠢᠶᠡᠯᠡᠪᠡᠯ᠄ ᠪᠦᠬᠦ ᠳᠡᠯᠡᠬᠡᠢ ᠶ᠋ᠢᠨ ᠦᠭᠡᠭᠦᠴᠦᠳ ᠬᠣᠯᠪᠣᠭᠠᠯᠠᠭᠲᠤᠨ!

    ᠥᠭᠦᠯᠡᠪᠦᠷᠢ ᠶ᠋ᠢᠨ ᠳᠤᠮᠳᠠ ᠬᠡᠷᠡᠭᠯᠡᠬᠦ ᠴᠠᠭ ᠲᠡᠮᠳᠡᠭ

   4 ᠳᠠᠩ ᠴᠡᠭ(᠂)
 ᠥᠭᠦᠯᠡᠪᠦᠷᠢ ᠶ᠋ᠢᠨ ᠳᠣᠲᠣᠷ᠎ᠠ ᠵᠡᠷᠭᠡᠴᠡᠭᠰᠡᠨ ᠭᠡᠰᠢᠭᠦᠨ ᠢ᠋ ᠪᠡᠶ᠎ᠡ ᠪᠡᠶ᠎ᠡ ᠡᠴᠡ ᠨᠢ ᠢᠯᠭᠠᠨ ᠦᠵᠡᠭᠦᠯᠬᠦ ᠪᠤᠶᠤ ᠬᠠᠭᠠᠰ ᠥᠭᠦᠯᠡᠪᠦᠷᠢ ᠶ᠋ᠢ ᠰᠠᠯᠭᠠᠨ ᠵᠢᠭᠠᠬᠤ ᠦᠶ᠎ᠡ ᠳ᠋ᠦ᠍ ᠳᠠᠩ ᠴᠡᠭ ᠢ᠋ ᠬᠡᠷᠡᠭᠯᠡᠨ᠎ᠡ
    ᠵᠢᠱ᠌ᠢᠶᠡᠯᠡᠪᠡᠯ᠄ ᠮᠠᠷᠺᠰ᠂ ᠡᠩᠭᠧᠯᠰ᠂ ᠯᠧᠨᠢᠨ᠂ ᠰᠲ᠋ᠠᠯᠢᠨ ᠤ᠋ ᠣᠨᠣᠯ ᠪᠣᠯ《ᠣᠷᠣᠨ ᠪᠦᠬᠦᠨ ᠳ᠋ᠦ᠍ ᠲᠣᠬᠢᠷᠠᠬᠤ》 ᠣᠨᠣᠯ ᠮᠥᠨ᠃ ᠭᠡᠬᠦ ᠮᠡᠲᠦ᠃

    5 ᠰᠠᠯᠭᠠᠬᠤ ᠴᠠᠭ(;)
      ᠵᠡᠷᠭᠡᠴᠡᠭᠰᠡᠨ ᠥᠭᠦᠯᠡᠪᠦᠷᠢ ᠶ᠋ᠢ ᠬᠣᠭᠣᠷᠣᠨᠳᠣ ᠨᠢ ᠰᠠᠯᠭᠠᠬᠤ ᠳ᠋ᠤ᠌ ᠬᠡᠷᠡᠭᠯᠡᠨ᠎ᠡ᠃
       ᠵᠢᠱ᠌ᠢᠶᠡᠯᠡᠪᠡᠯ᠄ ᠬᠤᠪᠢᠰᠬᠠᠯᠲᠤ ᠰᠣᠶᠣᠯ ᠨᠢ ᠠᠷᠠᠳ ᠣᠯᠠᠨ ᠳ᠋ᠤ᠌ ᠪᠣᠯ ᠬᠤᠪᠢᠰᠬᠠᠯ ᠤ᠋ᠨ ᠬᠦᠴᠦᠲᠦ ᠵᠡᠪᠰᠡᠭ ᠮᠥᠨ᠃ ᠬᠤᠪᠢᠰᠬᠠᠯᠲᠤ ᠰᠣᠶᠣᠯ ᠨᠢ ᠬᠤᠪᠢᠰᠬᠠᠯ ᠠ᠋ᠴᠠ ᠡᠮᠦᠨ᠎ᠡ ᠪᠣᠯ ᠬᠤᠪᠢᠰᠬᠠᠯ ᠤ᠋ᠨ ᠦᠵᠡᠯ ᠰᠠᠨᠠᠭᠠᠨ ᠤ᠋ ᠪᠡᠯᠡᠳᠬᠡᠯ ᠪᠣᠯᠤᠨ᠎ᠠ; ᠬᠤᠪᠢᠰᠬᠠᠯ ᠤ᠋ᠨ ᠦᠶ᠎ᠡ ᠳ᠋ᠦ᠍ ᠪᠣᠯ ᠬᠤᠪᠢᠰᠬᠠᠯ ᠤ᠋ᠨ ᠶᠡᠷᠦᠩᠬᠡᠢ ᠹᠷᠣᠨᠲ ᠤ᠋ᠨ ᠳᠣᠲᠣᠷᠠᠬᠢ ᠨᠢᠭᠡᠨ ᠬᠡᠷᠡᠭ ᠲᠡᠢ ᠪᠥᠭᠡᠳ ᠴᠢᠬᠤᠯᠠ ᠲᠠᠢ ᠹᠷᠣᠨᠲ ᠪᠣᠯᠤᠨ᠎ᠠ᠃ ᠭᠡᠬᠦ ᠮᠡᠲᠦ᠃

   6 ᠵᠡᠷᠭᠡᠴᠡᠭᠡ ᠴᠠᠭ《᠄ 》
       ᠠᠯᠢᠪᠠ ᠬᠡᠯᠡᠬᠦ ᠭᠡᠵᠦ ᠪᠠᠢᠭ᠎ᠠ ᠶᠠᠭᠤᠮ᠎ᠠ ᠶ᠋ᠢᠨ ᠢ᠋ᠶ᠋ᠡᠨ ᠡᠮᠦᠨ᠎ᠡ ᠣᠭᠲᠤᠭᠤᠯᠣᠨ ᠬᠡᠯᠡᠭᠰᠡᠨ ᠦᠭᠡ ᠶ᠋ᠢᠨ ᠢ᠋ᠶ᠋ᠡᠨ ᠳᠠᠷᠠᠭ᠎ᠠ ᠵᠡᠷᠭᠡᠴᠡᠭᠡ ᠴᠡᠭ ᠲᠠᠯᠪᠢᠨ᠎ᠠ᠃ ᠡᠰᠡᠪᠡᠯ ᠡᠰᠢ ᠲᠠᠲᠠᠭᠰᠠᠨ ᠦᠭᠡ ᠶ᠋ᠢᠨ ᠢ᠋ᠶ᠋ᠡᠨ ᠡᠮᠦᠨ᠎ᠡ ᠪᠤᠶᠤ ᠪᠤᠰᠤᠳ ᠤ᠋ᠨ ᠬᠡᠯᠡᠭᠰᠡᠨ ᠦᠭᠡ ᠶ᠋ᠢ ᠪᠢᠴᠢᠭ ᠲᠦ᠍ ᠲᠡᠮᠳᠡᠭᠯᠡᠬᠦ ᠳ᠋ᠡᠭᠡᠨ ᠡᠮᠦᠨ᠎ᠡ ᠨᠢ ᠵᠡᠷᠭᠡᠴᠡᠭᠡ ᠴᠡᠭ ᠲᠠᠯᠪᠢᠨ᠎ᠠ᠃
   ᠵᠢᠱ᠌ᠢᠶᠡᠯᠡᠪᠡᠯ᠄ ᠠᠭᠤᠤ ᠶᠡᠬᠡ ᠤᠳᠤᠷᠢᠳᠤᠭᠴᠢ ᠪᠢᠳᠡᠨ ᠳ᠋ᠦ᠍᠄《ᠮᠡᠳᠡᠯᠭᠡ ᠶ᠋ᠢᠨ ᠠᠰᠠᠭᠤᠳᠠᠯ ᠪᠣᠯ ᠨᠢᠭᠡ ᠰᠢᠨᠵᠢᠯᠡᠬᠦ ᠤᠬᠠᠭᠠᠨ ᠤ᠋ ᠠᠰᠠᠭᠤᠳᠠᠯ ᠮᠥᠨ᠂ ᠡᠭᠦᠨ ᠳ᠋ᠦ᠍ ᠥᠴᠦᠬᠡᠨ ᠴᠦ᠍ ᠬᠤᠳᠠᠯ ᠬᠠᠭᠤᠷᠮᠠᠭ ᠪᠠ ᠣᠮᠣᠷᠬᠠᠭ ᠪᠠᠷᠳᠠᠮ ᠪᠠᠢᠵᠤ ᠪᠣᠯᠬᠤ ᠦᠭᠡᠢ᠂ ᠡᠷᠡᠰ ᠱᠠᠭᠠᠷᠳᠠᠭᠳᠠᠬᠤ ᠨᠢ ᠬᠠᠷᠢᠨ ᠲᠡᠭᠦᠨ ᠦ᠌ ᠡᠰᠡᠷᠭᠦ ᠲᠠᠯ᠎ᠠ— ᠦᠨᠡᠨᠴᠢ ᠰᠢᠳᠤᠷᠭᠤ ᠪᠠ ᠨᠣᠮᠣᠬᠠᠨ ᠳᠠᠷᠤᠤ ᠣᠪᠣᠷ ᠪᠣᠯᠤᠨ᠎ᠠ᠃》 ᠭᠡᠵᠦ ᠰᠤᠷᠭᠠᠭᠰᠠᠨ ᠪᠠᠢᠨ᠎ᠠ᠃ ᠭᠡᠬᠦ ᠮᠡᠲᠦ᠃

       ᠢᠯᠡᠳᠬᠡᠯ ᠲᠡᠮᠳᠡᠭ

     7 ᠬᠠᠰᠢᠯᠲᠠ《《》》
   ᠡᠰᠢ ᠲᠠᠲᠠᠭᠰᠠᠨ ᠦᠭᠡ᠂ ᠨᠣᠮ ᠪᠢᠴᠢᠭ ᠰᠣᠨᠢᠨ ᠰᠡᠳᠬᠦᠯ ᠦ᠋ᠨ ᠨᠡᠷ᠎ᠡ᠂ ᠦᠭᠡ ᠶ᠋ᠢᠨ ᠤᠳᠬ᠎ᠠ ᠶ᠋ᠢ ᠲᠣᠩᠭᠣᠷᠠᠭᠤᠯᠤᠨ ᠬᠡᠷᠡᠭᠯᠡᠬᠦ ᠪᠤᠶᠤ ᠥᠭᠡᠷ᠎ᠡ ᠶᠠᠭᠤᠮ᠎ᠠ ᠶ᠋ᠢᠨ ᠨᠡᠷ᠎ᠡ ᠪᠣᠯᠭᠠᠨ ᠬᠡᠷᠡᠭᠯᠡᠬᠦ ᠵᠡᠷᠭᠡ ᠳ᠋ᠦ᠍ ᠪᠦᠷ ᠬᠠᠰᠢᠯᠲᠠ ᠶ᠋ᠢ ᠬᠡᠷᠡᠭᠯᠡᠨ᠎ᠡ᠃
   ᠵᠢᠱ᠌ᠢᠶᠡᠯᠡᠪᠡᠯ᠄《ᠭᠤᠷᠪᠠᠨ ᠡᠯᠳᠡᠭᠦᠷᠢᠴᠢᠨ ᠨᠡᠢᠯᠡᠪᠡᠯ ᠨᠢᠭᠡ ᠵᠣ᠌ ᠭᠧ ᠯᠢᠶᠠᠩ ᠲᠠᠢ ᠲᠡᠩᠴᠡᠨ᠎ᠡ》 ᠭᠡᠳᠡᠭ ᠪᠢᠯᠡ᠂ ᠡᠨᠡ ᠪᠣᠯ ᠣᠯᠠᠨ ᠲᠦᠮᠡᠨ ᠳ᠋ᠦ᠍ ᠠᠭᠤᠤ ᠶᠡᠬᠡ ᠪᠦᠲᠦᠭᠡᠯᠴᠢ ᠴᠢᠳᠠᠪᠤᠷᠢ ᠪᠠᠢᠬᠤ ᠶ᠋ᠢ ᠬᠡᠯᠡᠵᠦ ᠪᠠᠢᠭ᠎ᠠ ᠶᠤᠮ᠃ ᠳᠤᠮᠳᠠᠳᠤ ᠤᠯᠤᠰ ᠤ᠋ᠨ ᠠᠷᠠᠳ ᠲᠦᠮᠡᠨ ᠦ᠌ ᠳᠣᠲᠣᠷ᠎ᠠ ᠦᠨᠡᠬᠡᠷ ᠦᠢ ᠣᠯᠠᠨ《ᠵᠣ᠌ ᠭᠧ ᠯᠢᠶᠠᠩ》 ᠪᠠᠢᠨ᠎ᠠ᠂ ᠠᠢᠯ ᠲᠣᠰᠬᠣᠨ ᠪᠦᠷᠢ ᠂ ᠬᠣᠲᠠ ᠪᠠᠯᠭᠠᠰᠤ ᠪᠦᠷᠢ ᠳ᠋ᠦ᠍ ᠴᠥᠮ ᠲᠤᠰ ᠲᠤᠰ ᠤ᠋ᠨ ᠬᠢᠨᠢ《ᠵᠣ᠌ ᠭᠧ ᠯᠢᠶᠠᠩ》 ᠪᠠᠢᠨ᠎ᠠ᠃ ᠭᠡᠬᠦ ᠮᠡᠲᠦ᠃

     8 ᠬᠠᠭᠠᠯᠲᠠ 《( ) 》
  ᠥᠭᠦᠯᠡᠪᠦᠷᠢ ᠳ᠋ᠦ᠍ ᠲᠤᠰᠬᠠᠢᠯᠠᠨ ᠨᠡᠮᠡᠨ ᠣᠷᠣᠭᠤᠯᠬᠤ ᠲᠠᠢᠯᠪᠤᠷᠢ ᠥᠭᠦᠯᠡᠯ ᠢ᠋ ᠬᠠᠭᠠᠯᠲᠠ ᠳ᠋ᠤ᠌ ᠬᠠᠭᠠᠨ᠎ᠠ᠃
   ᠵᠢᠱ᠌ᠢᠶᠡᠯᠡᠪᠡᠯ᠄ ᠬᠥᠮᠦᠨ ᠦ᠌ ᠣᠷᠴᠢᠯᠠᠩ ᠤ᠋ᠨ ᠡᠭᠦᠳᠦᠨ
ᠪᠦᠲᠦᠭᠡᠭᠰᠡᠨ ᠠᠯᠢ ᠪᠦᠬᠦᠨ ᠢ᠋ ᠲᠡᠷᠡ( ᠮᠠᠷᠺᠰ ᠢ᠋ ᠬᠡᠯᠡᠵᠦ ᠪᠠᠢᠨ᠎ᠠ— ᠨᠠᠢᠷᠠᠭᠤᠯᠤᠭᠴᠢ) ᠴᠥᠮ ᠰᠢᠭᠦᠮᠵᠢᠯᠡᠯᠲᠦ ᠣᠪᠣᠷ ᠢ᠋ᠶ᠋ᠠᠷ ᠬᠢᠨᠠᠨ ᠰᠢᠯᠭᠠᠵᠤ ᠠᠯᠢᠨ ᠢ᠋ ᠴᠦ᠍ ᠬᠠᠭᠤᠳᠠᠮᠨᠠᠨ ᠣᠮᠲᠣᠭᠠᠢᠯᠠᠭ᠎ᠠ ᠦᠭᠡᠢ᠃ ᠭᠡᠬᠦ ᠮᠡᠲᠦ᠃

     9 ᠴᠤᠪᠤᠭ᠎ᠠ ᠴᠠᠭ《᠁》
   ᠥᠭᠦᠯᠡᠪᠦᠷᠢ ᠶ᠋ᠢᠨ ᠳᠣᠲᠣᠷ᠎ᠠ ᠪᠤᠶᠤ ᠥᠭᠦᠯᠡᠯ ᠦ᠋ᠨ ᠳᠣᠲᠣᠷ᠎ᠠ ᠥᠭᠦᠯᠡᠭᠴᠢ ᠡᠲᠡᠭᠡᠳ ᠡᠴᠡ ᠶᠠᠮᠠᠷ ᠨᠢᠭᠡᠨ ᠰᠢᠯᠲᠠᠭᠠᠨ ᠢ᠋ᠶ᠋ᠠᠷ ᠬᠡᠯᠡᠬᠦ ᠭᠡᠰᠡᠨ ᠵᠦᠢᠯ ᠢ᠋ᠶ᠋ᠡᠨ ᠲᠠᠰᠤᠯᠳᠠᠭᠤᠯᠬᠤ ᠪᠤᠶᠤ ᠭᠦᠢᠴᠡᠳ ᠬᠡᠯᠡᠭᠰᠡᠨ ᠦᠭᠡᠢ ᠪᠠᠢᠳᠠᠯ ᠳ᠋ᠤ᠌ ᠴᠤᠪᠤᠭ᠎ᠠ ᠴᠡᠭ ᠲᠠᠯᠪᠢᠨ᠎ᠠ᠃
        ᠵᠢᠱ᠌ᠢᠶᠡᠯᠡᠪᠡᠯ᠄ ᠤᠳᠬ᠎ᠠ ᠤᠷᠠᠯᠢᠭ ᠤ᠋ᠨ ᠰᠢᠭᠦᠮᠵᠢ ᠳ᠋ᠦ᠍ ᠬᠣᠶᠠᠷ ᠪᠠᠷᠢᠮᠵᠢᠶ᠎ᠠ ᠪᠠᠢᠳᠠᠭ᠂ ᠨᠢᠭᠡ ᠨᠢ ᠤᠯᠤᠰ ᠲᠥᠷᠥ ᠶ᠋ᠢᠨ ᠪᠠᠷᠢᠮᠵᠢᠶ᠎ᠠ᠂ ᠨᠥᠭᠦᠭᠡ ᠨᠢ ᠤᠷᠠᠯᠢᠭ ᠤ᠋ᠨ ᠪᠠᠷᠢᠮᠵᠢᠶ᠎ᠠ ᠪᠣᠯᠤᠨ᠎ᠠ᠃ ᠁ ᠭᠡᠬᠦ ᠮᠡᠲᠦ᠃

     10 ᠵᠢᠷᠤᠭᠠᠰᠤ《—》
   ᠬᠡᠯᠡᠭᠰᠡᠨ ᠵᠦᠢᠯ ᠢ᠋ᠶ᠋ᠡᠨ ᠤᠳᠬ᠎ᠠ ᠶ᠋ᠢᠨ ᠲᠠᠯ᠎ᠠ ᠪᠠᠷ ᠲᠣᠳᠣᠳᠬᠠᠬᠤ᠂ ᠡᠰᠢ ᠲᠠᠲᠠᠭᠰᠠᠨ ᠦᠭᠡ ᠨᠢ ᠬᠡᠨ ᠦ᠌ ᠪᠣᠯᠬᠤ ᠪᠠ ᠲᠣᠭᠠᠨ ᠤ᠋ ᠵᠦᠢᠯ ᠬᠡᠳᠦᠢ ᠡᠴᠡ ᠬᠡᠳᠦᠢ ᠪᠣᠯᠬᠤ᠂ ᠭᠠᠵᠠᠷ ᠤ᠋ᠨ ᠨᠡᠷ᠎ᠡ ᠬᠠᠮᠢᠭ᠎ᠠ ᠠ᠋ᠴᠠ ᠬᠠᠮᠢᠭ᠎ᠠ ᠬᠦᠷᠬᠦ ᠵᠡᠷᠭᠡ ᠶ᠋ᠢ ᠢᠯᠡᠳᠬᠡᠬᠦ ᠳ᠋ᠦ᠍ ᠵᠢᠷᠤᠭᠠᠰᠤ ᠶ᠋ᠢ ᠬᠡᠷᠡᠭᠯᠡᠨ᠎ᠡ᠃
   ᠵᠢᠱ᠌ᠢᠶᠡᠯᠡᠪᠡᠯ᠄ ᠡᠵᠢ ᠨᠠᠭᠤᠷ— ᠬᠡᠳᠦᠢ ᠰᠠᠢᠬᠠᠨ ᠨᠡᠷ᠎ᠡ ᠪᠣᠢ! ᠰᠠᠷᠠᠭᠤᠯ ᠠᠭᠤᠳᠠᠮ ᠲᠠᠯ᠎ᠠ ᠨᠤᠲᠤᠭ ᠲᠤ᠌ ᠮᠢᠨᠢ ᠨᠠᠭᠤᠷ ᠲᠠᠩᠭᠢᠰ ᠲᠣᠭ᠎ᠠ ᠦᠭᠡᠢ ᠣᠯᠠᠨ ᠪᠠᠢᠳᠠᠭ ᠪᠣᠯᠪᠠᠴᠤ ᠡᠢᠮᠦ ᠰᠠᠢᠬᠠᠨ ᠳᠣᠲᠣᠨᠣ ᠬᠠᠯᠠᠭᠤᠨ ᠨᠡᠷᠡᠲᠡᠢ ᠨᠠᠭᠤᠷ ᠪᠠᠢᠨ᠎ᠠ ᠭᠡᠵᠢ ᠤᠤ? ᠭᠡᠬᠦ ᠮᠡᠲᠦ᠃

   11 ᠴᠡᠭᠡᠷᠯᠡᠬᠦ ᠲᠡᠮᠳᠡᠭ《××》
   ᠬᠥᠮᠦᠨ ᠶᠠᠭᠤᠮ᠎ᠠ᠂ ᠬᠠᠮᠲᠤ ᠨᠢᠭᠡᠴᠢ ᠪᠤᠶᠤ ᠭᠠᠵᠠᠷ ᠣᠷᠣᠨ ᠤ᠋ ᠨᠡᠷ᠎ᠡ ᠶ᠋ᠢ ᠢᠯᠡ ᠪᠡᠷ ᠳᠤᠷᠠᠳᠬᠤ ᠴᠢᠬᠤᠯᠠ ᠦᠭᠡᠢ ᠴᠡᠭᠡᠷᠯᠡᠨ ᠬᠡᠯᠡᠬᠦ ᠦᠶ᠎ᠡ ᠳ᠋ᠦ᠍ ᠴᠡᠭᠡᠷᠯᠡᠬᠦ ᠲᠡᠮᠳᠡᠭ ᠢ᠋ ᠬᠡᠷᠡᠭᠯᠡᠨ᠎ᠡ᠃
ᠵᠢᠱ᠌ᠢᠶᠡᠯᠡᠪᠡᠯ᠄ ᠪᠠᠶᠠᠨ ᠰᠦᠮᠪᠦᠷ ×× ᠨᠤᠲᠤᠭ ᠤ᠋ᠨ
ᠪᠠᠳᠠᠷᠠᠭᠰᠠᠨ ᠶᠡᠬᠡ ᠨᠠᠭᠠᠳᠤᠮ ᠳᠡᠭᠡᠷ᠎ᠡ
ᠣᠷᠣᠯᠳᠣᠭᠰᠠᠨ ᠪᠦᠬᠦᠨ ᠡᠴᠡ ᠲᠦᠷᠦᠭᠦᠯᠡᠵᠦ
ᠬᠤᠷᠠᠯᠳᠤᠭᠰᠠᠨ ᠪᠦᠬᠦᠨ ᠳ᠋ᠦ᠍ ᠭᠠᠢᠬᠠᠭᠳᠠᠭᠰᠠᠨ
ᠬᠤᠷᠳᠤᠨ ᠬᠦᠯᠦᠭ ᠡᠨᠡ ᠠᠭᠲᠠ ᠪᠣᠯ᠄
ᠰᠦᠷ ᠵᠢᠪᠬᠤᠯᠠᠩ ᠲᠡᠭᠦᠰ
ᠰᠤᠤ ᠵᠠᠯᠢ ᠪᠠᠷ ᠴᠢᠩᠭ᠎ᠠ
ᠭᠠᠯ ᠡᠷᠳᠡᠨᠢ ᠶ᠋ᠢᠨ ᠨᠢᠳᠦ ᠲᠡᠢ
ᠭᠠᠪᠠᠯᠠ ᠡᠷᠳᠡᠨᠢ ᠶ᠋ᠢᠨ ᠮᠠᠩᠨᠠᠢ ᠲᠠᠢ
ᠭᠠᠩ ᠳᠥᠷᠪᠡᠨ ᠲᠤᠭᠤᠷᠠᠢ ᠲᠠᠢ
ᠭᠠᠷᠠᠬᠠᠨ ᠬᠣᠶᠠᠷ ᠨᠢᠳᠦ ᠲᠡᠢ
ᠭᠠᠯᠵᠠᠭᠤ ᠵᠠᠭᠠᠨ ᠤ᠋ ᠰᠢᠨᠵᠢ ᠲᠡᠢ
ᠵᠡᠭᠡᠷ᠎ᠡ ᠶ᠋ᠢᠨ ᠢᠨᠵᠠᠭ᠎ᠠ ᠶ᠋ᠢᠨ ᠲᠣᠯᠣᠭᠠᠢ ᠲᠠᠢ
ᠵᠢᠭᠦᠷ ᠰᠣᠳᠣᠨ ᠴᠢᠬᠢ ᠲᠡᠢ
ᠬᠠᠪᠢᠰᠤᠨ ᠳ᠋ᠠᠭᠠᠨ ᠵᠠᠪᠰᠠᠷ ᠲᠠᠢ 
ᠬᠠᠷᠴᠠᠭᠠᠨ ᠳ᠋ᠠᠭᠠᠨ ᠦᠶ᠎ᠡ ᠲᠡᠢ
ᠲᠤᠩ ᠪᠦᠷᠢᠶᠡᠨ ᠦ᠌ ᠳᠠᠭᠤᠨ ᠲᠠᠢ
ᠳᠠᠭᠤᠲᠤ ᠮᠥᠨᠳᠥᠷ ᠰᠦᠷ ᠲᠡᠢ
ᠬᠠᠵᠢ ᠮᠥᠩᠭᠥᠨ ᠤᠷᠤᠭᠤᠯ ᠲᠠᠢ
ᠬᠠᠪᠲᠠᠭᠠᠢ ᠮᠥᠩᠭᠥᠨ ᠵᠤᠤᠵᠠᠢ ᠲᠠᠢ
ᠵᠠᠯᠠᠭᠤ ᠽᠠᠨᠳᠠᠨ ᠬᠠᠪᠲᠠᠰᠤ ᠲᠠᠢ
ᠵᠠᠰᠠᠮᠠᠯ ᠰᠠᠢᠬᠠᠨ ᠪᠦᠭᠦᠷᠭᠡ ᠲᠡᠢ
ᠵᠠᠶᠠᠭ᠎ᠠ ᠲᠡᠭᠦᠰ ᠡᠮᠡᠭᠡᠯ ᠲᠡᠢ
ᠵᠠᠭᠠᠨ ᠤ᠋ ᠶᠠᠰᠤᠨ ᠬᠤᠳᠠᠷᠭ᠎ᠠ ᠲᠠᠢ
ᠨᠠᠷᠠᠨ ᠰᠠᠷᠠᠨ ᠳᠥᠷᠥᠭᠡ ᠲᠡᠢ
ᠨᠠᠪᠴᠢᠨ ᠬᠣᠶᠠᠷ ᠭᠥᠯᠢᠮ ᠲᠡᠢ
ᠳᠣᠪᠣ ᠮᠡᠷᠭᠡᠨ ᠲᠣᠪᠣᠷᠤᠤ ᠲᠠᠢ
ᠲᠠᠵᠢ ᠮᠠᠩᠨᠤᠭ ᠳᠡᠪᠰᠡ ᠲᠡᠢ 
ᠭᠠᠩᠭᠠᠩ ᠪᠡᠶ᠎ᠡ ᠲᠡᠢ
ᠭᠤᠸ᠎ᠠ ᠵᠢᠰᠦ ᠲᠡᠢ
ᠬᠥᠩᠭᠡᠨ ᠰᠡᠭᠦᠯ ᠲᠡᠢ
ᠰᠢᠩᠭᠡᠨ ᠳᠡᠯ ᠲᠡᠢ
ᠨᠣᠭᠣᠭᠠᠨ ᠨᠣᠭᠲᠣ ᠲᠠᠢ
ᠨᠣᠯᠣᠮ ᠵᠢᠯᠣᠭᠣ ᠲᠠᠢ
ᠲᠣᠳᠣᠬᠠᠨ ᠮᠠᠩᠨᠠᠢ ᠲᠠᠢ
ᠲᠣᠷᠭᠠᠨ ᠵᠢᠯᠣᠭᠣ ᠲᠠᠢ
ᠰᠤᠮᠤᠨ ᠴᠤᠯᠪᠤᠭᠤᠷ ᠲᠠᠢ
ᠰᠠᠢᠬᠠᠨ ᠬᠠᠵᠠᠭᠠᠷ ᠲᠠᠢ
ᠡᠨᠡ ᠠᠭᠲᠠ ᠪᠣᠯ
ᠰᠤᠮᠤ ᠮᠡᠲᠦ ᠬᠤᠷᠳᠤᠨ
ᠰᠣᠯᠢᠷ ᠮᠡᠲᠦ ᠲᠦᠷᠭᠡᠨ
ᠲᠣᠯᠣᠭᠠᠢ ᠪᠠᠷ ᠢ᠋ᠶ᠋ᠠᠨ ᠲᠣᠭᠯᠠᠨ ᠭᠦᠶᠦᠳᠡᠭ
ᠲᠤᠩ ᠬᠣᠯᠠ ᠳ᠋ᠠᠭᠠᠨ ᠳᠡᠭᠳᠡᠨ ᠭᠦᠶᠦᠳᠡᠭ
ᠰᠡᠭᠦᠯ ᠢ᠋ᠶ᠋ᠡᠷ ᠢ᠋ᠶ᠋ᠡᠨ ᠨᠠᠭᠠᠳᠤᠨ ᠭᠦᠶᠦᠳᠡᠭ
ᠰᠡᠭᠦᠳᠡᠷ ᠡᠴᠡ ᠪᠡᠨ ᠨᠠᠳᠬᠤᠨ ᠭᠦᠶᠦᠳᠡᠭ
ᠳᠠᠭ᠎ᠠ ᠶ᠋ᠢᠨ ᠰᠡᠭᠦᠯ ᠢ᠋ᠶ᠋ᠡᠨ ᠬᠠᠶᠠᠯᠠᠨ ᠭᠦᠶᠦᠳᠡᠭ
ᠳᠠᠯᠳᠠ ᠶ᠋ᠢᠨ ᠵᠠᠮ ᠢ᠋ ᠲᠣᠪᠴᠢᠯᠠᠨ ᠭᠦᠶᠦᠳᠡᠭ
ᠵᠤᠤᠵᠠᠢ ᠪᠠᠷ ᠢ᠋ᠶ᠋ᠠᠨ ᠵᠦᠢᠷᠯᠡᠨ ᠭᠦᠶᠦᠳᠡᠭ
ᠵᠠᠭᠤᠨ ᠠᠭᠲᠠ ᠠ᠋ᠴᠠ ᠲᠦᠷᠦᠭᠦᠯᠡᠨ ᠭᠦᠶᠦᠳᠡᠭ
ᠡᠵᠡᠭᠦᠢ ᠬᠡᠭᠡᠷ᠎ᠡ ᠪᠡᠷ ᠡᠷᠴᠢᠯᠡᠨ ᠭᠦᠶᠦᠳᠡᠭ
ᠡᠯᠡᠰᠦ ᠮᠠᠩᠬ᠎ᠠ ᠶ᠋ᠢ ᠲᠤᠭᠤᠯᠤᠨ ᠭᠦᠶᠦᠳᠡᠭ
ᠬᠠᠵᠠᠭᠠᠷ ᠢ᠋ᠶ᠋ᠠᠷ ᠢ᠋ᠶ᠋ᠠᠨ ᠨᠠᠭᠠᠳᠤᠨ ᠭᠦᠶᠦᠳᠡᠭ
ᠬᠠᠩᠭᠠᠢ ᠵᠠᠮ ᠢ᠋ ᠲᠣᠪᠴᠢᠯᠠᠨ ᠭᠦᠶᠦᠳᠡᠭ
ᠠᠭᠤᠯᠠᠨ ᠤ᠋ ᠴᠠᠭᠠᠨ᠎ᠠ ᠠ᠋ᠴᠠ ᠦᠰᠦᠷᠦᠨ ᠭᠦᠶᠦᠳᠡᠭ
ᠤᠰᠤᠨ ᠤ᠋ ᠴᠠᠭᠠᠨ᠎ᠠ ᠠ᠋ᠴᠠ ᠳᠡᠭᠳᠡᠨ ᠭᠦᠶᠦᠳᠡᠭ
ᠬᠠᠳᠠᠨ ᠤ᠋ ᠣᠷᠣᠢ ᠪᠠᠷ ᠬᠠᠷᠠᠢᠯᠠᠨ ᠭᠦᠶᠦᠳᠡᠭ
ᠬᠠᠷ᠎ᠠ ᠲᠣᠭᠣᠰᠣ ᠶ᠋ᠢ ᠳᠡᠭᠳᠡᠭᠡᠨ ᠭᠦᠶᠦᠳᠡᠭ
ᠮᠢᠩᠭᠠᠨ ᠴᠠᠭᠠᠨ ᠠᠭᠲᠠ ᠶ᠋ᠢᠨ ᠳᠤᠮᠳᠠ ᠠ᠋ᠴᠠ
ᠮᠠᠩᠯᠠᠢᠯᠠᠨ ᠭᠦᠶᠦᠭᠰᠡᠨ ᠡᠨᠡ ᠠᠭᠲᠠ
ᠲᠦᠮᠡᠨ ᠴᠠᠭᠠᠨ ᠠᠭᠲᠠ ᠶ᠋ᠢᠨ ᠳᠤᠮᠳᠠ ᠠ᠋ᠴᠠ
ᠲᠦᠷᠦᠭᠦᠯᠡᠨ ᠭᠦᠶᠦᠭᠰᠡᠨ ᠡᠨᠡ ᠠᠭᠲᠠ
ᠨᠠᠢᠷ ᠪᠣᠯᠭᠠᠨ ᠳ᠋ᠤ᠌ ᠢᠷᠡᠵᠦ
ᠨᠠᠭᠠᠳᠤᠮ ᠪᠣᠯᠭᠠᠨ ᠳ᠋ᠤ᠌ ᠲᠦᠷᠦᠭᠦᠯᠡᠳᠡᠭ᠃
ᠡᠨᠡ ᠤᠳᠠᠭ᠎ᠠ ᠶ᠋ᠢᠨ ᠨᠠᠭᠠᠳᠤᠮ ᠳ᠋ᠤ᠌
ᠡᠨᠳᠡᠭᠦᠷᠡᠯ ᠦᠭᠡᠢ ᠲᠦᠷᠦᠭᠦᠯᠡᠭᠰᠡᠨ
ᠡᠨᠡ ᠮᠣᠷᠢ ᠶ᠋ᠢ ᠪᠣᠯ
ᠤᠨᠠᠭᠠᠨ ᠳ᠋ᠤᠨᠢ ᠤᠶᠠᠭᠠᠳ
ᠳᠠᠭ᠎ᠠ ᠳ᠋ᠤᠨᠢ ᠳᠠᠰᠬᠠᠭᠠᠳ 
ᠦᠷᠢᠶᠡᠨ ᠳ᠋ᠦ᠍ᠨᠢ ᠬᠠᠭᠠᠷᠢᠭᠠᠳ
ᠰᠣᠶᠣᠯᠠᠩ ᠳ᠋ᠤᠨᠢ ᠤᠨᠤᠵᠠᠢ᠃
ᠡᠭᠦᠯᠡᠨ ᠬᠦᠯᠦᠭ ᠭᠡᠳᠡᠭ ᠴᠣᠯᠠ
ᠡᠨᠡ ᠡᠳᠦᠷ ᠡᠴᠡ ᠬᠣᠢᠰᠢ
ᠡᠩ ᠳᠡᠯᠡᠬᠡᠢ ᠶ᠋ᠢᠨ ᠭᠠᠵᠠᠷ
ᠥᠨᠢ ᠡᠭᠦᠷᠢᠳᠡ ᠠᠯᠳᠠᠷᠰᠢᠲᠤᠭᠠᠢ!
         
ᠲᠠᠢᠯᠪᠤᠷᠢᠯᠠᠬᠤ ᠲᠡᠮᠳᠡᠭ
   
    12 ᠲᠠᠢᠯᠪᠤᠷᠢᠯᠠᠯ ᠲᠡᠮᠳᠡᠭ《* ①②③ 》     
        ᠵᠣᠬᠢᠶᠠᠭᠴᠢ ᠪᠤᠶᠤ ᠥᠭᠦᠯᠡᠭᠴᠢ ᠡᠴᠡ ᠵᠣᠬᠢᠶᠠᠯ ᠪᠣᠯᠤᠨ ᠥᠭᠦᠯᠡᠯ᠂ ᠵᠢᠴᠢ ᠵᠣᠬᠢᠶᠠᠯ ᠪᠣᠯᠤᠨ ᠥᠭᠦᠯᠡᠯ ᠦ᠋ᠨ ᠢ᠋ᠶ᠋ᠡᠨ ᠠᠯᠢ ᠨᠢᠭᠡ ᠬᠡᠰᠡᠭ ᠪᠤᠶᠤ ᠠᠯᠢ ᠨᠢᠭᠡ ᠦᠭᠡ ᠥᠭᠦᠯᠡᠪᠦᠷᠢ ᠶ᠋ᠢ ᠲᠣᠳᠣᠳᠬᠠᠨ ᠲᠠᠢᠯᠪᠤᠷᠢᠯᠠᠬᠤ ᠰᠠᠨᠠᠭ᠎ᠠ ᠲᠠᠢ ᠪᠣᠯ ᠲᠡᠭᠦᠨ ᠦ᠌ ᠳᠣᠣᠷ᠎ᠠ ᠲᠠᠢᠯᠪᠤᠷᠢᠯᠠᠯ ᠤ᠋ᠨ ᠲᠡᠮᠳᠡᠭ ᠲᠠᠯᠪᠢᠵᠤ᠂ ᠵᠣᠬᠢᠶᠠᠯ ᠤ᠋ᠨ ᠢ᠋ᠶ᠋ᠠᠨ ᠠᠷᠤ ᠪᠠᠷ ᠲᠠᠢᠯᠪᠤᠷᠢ ᠬᠢᠨ᠎ᠡ᠃
   ᠵᠢᠱ᠌ᠢᠶᠡᠯᠡᠪᠡᠯ᠄  ᠁
   ᠠᠭᠤᠯᠠᠰ ᠮᠥᠩᠭᠥᠨ ᠮᠣᠭᠠᠢ ᠭᠤᠷᠪᠠᠯᠵᠠᠵᠤ
   ᠥᠨᠳᠥᠷᠯᠢᠭ ᠦ᠋ᠳ ᠥᠭᠡᠬᠦᠨ ᠵᠠᠭᠠᠨ ᠲᠡᠯᠡᠮᠡᠭᠦᠯᠦᠨ *
     ᠦᠪᠡᠳᠡᠭᠰᠢ ᠶᠡᠬᠡ ᠲᠩᠷᠢ ᠯᠦ᠍ᠭᠡ ᠥᠨᠳᠥᠷ ᠢ᠋ᠶ᠋ᠡᠨ ᠮᠥᠴᠡᠭᠡᠷᠬᠡᠬᠦ ᠶ᠋ᠢ ᠰᠠᠨᠠᠭᠠᠷᠬᠠᠮᠤᠢ᠃
᠁ 
    ——————
* ᠥᠨᠳᠥᠷᠯᠢᠭ ᠭᠡᠳᠡᠭ ᠨᠢ ᠱᠠᠨᠰᠢ᠂ ᠱᠠᠨ ᠰᠢ ᠬᠣᠶᠠᠷ ᠮᠣᠵᠢ ᠶ᠋ᠢᠨ ᠥᠨᠳᠥᠷᠯᠢᠭ ᠦ᠋ᠳ ᠢ᠋ ᠵᠢᠭᠠᠵᠠᠢ᠃
         
   ᠮᠣᠩᠭᠣᠯ ᠬᠡᠯᠡᠨ ᠦ᠌ ᠥᠭᠦᠯᠡᠪᠦᠷᠢ ᠳ᠋ᠦ᠍ ᠪᠠᠢᠩᠭᠤ ᠬᠡᠷᠡᠭᠯᠡᠭᠳᠡᠵᠦ ᠪᠠᠢᠭ᠎ᠠ ᠡᠳᠡᠭᠡᠷ ᠴᠠᠭ ᠲᠡᠮᠳᠡᠭ ᠡᠴᠡ ᠭᠠᠳᠠᠨ᠎ᠠ ᠪᠠᠰᠠ ᠬᠣᠯᠪᠣᠭᠳᠠᠯ ᠪᠦᠬᠦᠢ ᠪᠤᠰᠤᠳ ᠴᠠᠭ ᠲᠡᠮᠳᠡᠭ ᠦ᠋ᠨ ᠦᠢᠯᠡᠳᠦᠯ ᠪᠠ ᠬᠡᠷᠡᠭᠴᠡᠭᠡ ᠶ᠋ᠢ ᠴᠦ᠍ ᠠᠩᠬᠠᠷᠤᠯ ᠳ᠋ᠠᠭᠠᠨ ᠠᠪᠤᠪᠠᠯ ᠵᠣᠬᠢᠨ᠎ᠠ᠃

 ※ ᠦᠰᠦᠭ ᠠᠮᠢᠯᠠᠭᠤᠯᠤᠭᠴᠢ᠄ ᠪᠤᠤ ᠡᠷᠴᠢᠨ᠂ ᠪᠠᠢ᠂ ᠰᠠᠷᠠᠨ᠎ᠠ᠂ ᠭᠡᠷᠡᠯ᠂ ᠨᠠᠷᠠᠨᠲᠤᠶᠠᠭ᠎ᠠ᠂ ᠤᠷᠠᠨᠴᠢᠮᠡᠭ᠂ ᠠᠯᠲᠠᠨᠴᠡᠴᠡᠭ᠂ ᠠᠯᠲᠠᠨᠴᠢᠮᠡᠭ ᠡᠭᠦᠯᠡᠩᠬᠤᠸᠠᠷ᠂ ᠮᠥᠩᠭᠥᠨ᠂ ᠪᠠᠶᠠᠨᠴᠡᠴᠡᠭ ᠬᠡᠷᠡᠶ᠋ᠢᠳ᠂ ᠮᠥᠩᠬᠡᠨᠠᠰᠤᠨ᠂ ᠣᠶᠤᠨᠴᠢᠮᠡᠭ᠂ ᠱᠠᠭᠰᠠᠯ᠂ ᠨᠠ᠊᠂ ᠮᠥᠩᠬᠡᠪᠠᠭᠠᠲᠤᠷ


※ ᠬᠢᠨᠠᠭᠴᠢ᠄ ᠣᠳᠬᠠᠨᠰᠣ᠎ᠠ᠂ ᠨᠠᠷᠠᠨ᠂ ᠪᠤᠤ ᠡᠷᠴᠢᠨ᠂ ᠰᠡᠬᠡᠭᠡᠷᠡᠯ᠂ ᠡᠭᠦᠯᠡᠩᠬᠤᠸᠠᠷ᠂ ᠪᠠᠶᠠᠨᠴᠡᠴᠡᠭ᠂ ᠲ᠂ ᠬᠦᠮᠦᠵᠢᠯᠲᠦ᠂  ᠤᠷᠠᠨᠴᠢᠮᠡᠭ᠂ ᠪᠠᠯ