ᠪᠠᠲᠤ ᠬᠠᠭᠠᠨ 4-04ᠣᠷᠢᠬᠢ ᠶ᠋ᠢᠨ ᠰᠢᠭᠤᠷᠭ᠎ᠠ-Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 4-04ᠣᠷᠢᠬᠢ ᠶ᠋ᠢᠨ ᠰᠢᠭᠤᠷᠭ᠎ᠠ-Bat khaan Бат хаан-ᠷᠣᠮᠠᠨ

ᠪᠠᠲᠤ ᠬᠠᠭᠠᠨ 4-04ᠣᠷᠢᠬᠢ ᠶ᠋ᠢᠨ ᠰᠢᠭᠤᠷᠭ᠎ᠠ-Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-10-17

145

ᠳᠥᠷᠪᠡ ᠣᠷᠢᠬᠢ ᠶ᠋ᠢᠨ ᠰᠢᠭᠤᠷᠭ᠎ᠠ

ᠰᠢᠷ᠎ᠠ ᠥᠩᠭᠡᠲᠦ ᠠᠰᠠᠷ ᠤ᠋ᠨ ᠳᠡᠭᠡᠷ᠎ᠡ ᠲᠠᠲ᠋ᠠᠷ ᠤ᠋ᠨ ᠠᠯᠲᠠᠨ ᠯᠤᠤ ᠰᠦᠨᠳᠡᠷᠯᠡᠨ ᠦᠵᠡᠭᠳᠡᠨ᠎ᠡ᠃ ᠲᠡᠷᠡ ᠨᠢ ᠭᠠᠤᠯᠢᠨ ᠲᠣᠯᠣᠭᠠᠢ ᠲᠠᠢ ᠭᠠᠳᠠᠰᠤᠨ ᠠ᠋ᠴᠠ ᠳᠡᠭᠡᠰᠦ ᠪᠡᠷ ᠪᠡᠬᠢᠯᠡᠭᠳᠡᠨ ᠤᠶᠠᠭᠳᠠᠵᠠᠢ᠃ ᠠᠰᠠᠷ ᠤ᠋ᠨ ᠳᠣᠲᠣᠷ᠎ᠠ ᠬᠠᠭᠠᠳ ᠤ᠋ᠳ ᠡᠳᠦᠷ ᠪᠦᠷᠢ ᠵᠥᠪᠯᠡᠯᠭᠡᠨ ᠬᠢᠵᠦ ᠣᠷᠣᠢ ᠳ᠋ᠤᠨᠢ ᠨᠠᠢᠷᠯᠠᠨ᠎ᠠ᠃

ᠪᠠᠲᠤ ᠬᠠᠭᠠᠨ᠂ ᠣᠯᠠᠨ ᠰᠢᠳᠠᠷ ᠪᠠᠷ᠎ᠠ ᠪᠣᠯᠣᠭᠰᠠᠳ᠂ ᠠᠷᠠᠵᠠ ᠬᠣᠣᠷᠠᠵᠠ ᠳ᠋ᠤ᠌ ᠱᠤᠩᠭᠤᠭᠴᠢᠳ ᠴᠥᠮ ᠷᠶᠠᠽᠠᠨ ᠤ᠋ ᠡᠯᠴᠢ ᠶ᠋ᠢᠨ ᠠᠪᠴᠢᠷᠠᠭᠰᠠᠨ ᠪᠠᠯ ᠤ᠋ᠨ ᠠᠷᠢᠬᠢ ᠶ᠋ᠢ ᠤᠤᠭᠤᠵᠠᠭᠠᠨ᠎ᠠ᠃ ᠬᠦᠢᠲᠡᠨ ᠡᠳᠦᠷ ᠪᠣᠯᠪᠠᠴᠤ ᠭᠢᠯᠠᠯᠵᠠᠭᠰᠠᠨ ᠬᠤᠷᠴᠠ ᠨᠠᠷᠠᠨ ᠬᠤᠷᠳᠤᠨ᠎ᠠ ᠳᠤᠯᠠᠭᠠᠴᠠᠭᠤᠯᠬᠤ ᠲᠤᠯᠠ ᠯᠠᠭᠧᠷ ᠦ᠋ᠨ ᠳᠣᠲᠣᠷ᠎ᠠ ᠴᠡᠩᠭᠡᠯ ᠲᠡᠢ ᠳᠠᠭᠤ ᠴᠢᠮᠡᠭᠡ ᠲᠡᠢ ᠪᠠᠢᠵᠠᠢ᠃ ᠬᠠᠳᠤᠭᠤᠷ ᠤ᠋ᠨ ᠢᠷ ᠦᠵᠡᠭᠡ ᠦᠭᠡᠢ ᠥᠷᠭᠡᠨ ᠲᠠᠯ᠎ᠠ ᠳ᠋ᠤ᠌ ᠲᠡᠳᠡ ᠮᠣᠷᠢ ᠪᠠᠨ ᠪᠡᠯᠴᠢᠭᠡᠨ᠎ᠡ᠃

ᠨᠢᠳᠦ ᠠᠯᠳᠠᠮ᠎ᠠ ᠲᠡᠭᠰᠢ ᠡᠨᠡ ᠵᠡᠷᠯᠢᠭ ᠲᠠᠯ᠎ᠠ ᠶ᠋ᠢᠨ ᠬᠠᠮᠢᠭ᠎ᠠ ᠨᠢ ᠴᠦ᠍ ᠭᠡᠰᠡᠨ ᠣᠭᠲᠠᠷᠭᠤᠢ ᠥᠭᠡᠳᠡ ᠤᠲᠤᠭ᠎ᠠ ᠬᠥᠬᠡᠷᠡᠨ ᠦᠵᠡᠭᠳᠡᠭᠡᠳ᠂ ᠮᠠᠯᠠᠭᠠᠢ ᠲᠠᠢ ᠠᠳᠠᠯᠢ ᠬᠠᠷ᠎ᠠ ᠪᠠ ᠴᠠᠭᠠᠨ ᠣᠷᠣᠢ ᠲᠠᠢ ᠬᠠᠭᠠᠳ ᠤ᠋ᠨ ᠠᠪᠴᠢᠷᠠᠭᠰᠠᠨ ᠭᠡᠷ ᠦ᠋ᠳ ᠦᠵᠡᠭᠳᠡᠨ᠎ᠡ᠃ ᠺᠢᠫᠴᠠᠺ ᠠ᠋ᠴᠠ ᠪᠤᠯᠢᠶᠠᠵᠤ ᠠᠪᠤᠭᠰᠠᠨ ᠴᠠᠭᠠᠨ ᠭᠡᠷ ᠦ᠋ᠳ ᠪᠠᠢᠨ᠎ᠠ᠃ ᠨᠠᠷᠠᠨ ᠤ᠋ ᠲᠤᠶᠠᠭᠠᠨ ᠳ᠋ᠤ᠌ ᠴᠠᠰᠤᠨ ᠤ᠋ ᠳᠡᠭᠡᠳᠦ ᠲᠠᠯ᠎ᠠ ᠬᠠᠢᠯᠵᠤ ᠰᠥᠨᠢ ᠪᠣᠯᠬᠤ ᠳ᠋ᠤ᠌ ᠰᠢᠯ ᠠᠳᠠᠯᠢ ᠬᠥᠷᠥᠰᠥ ᠲᠣᠭᠲᠠᠨ᠎ᠠ᠃ ᠤᠮᠠᠷ᠎ᠠ ᠵᠦᠭ ᠡᠴᠡ ᠬᠦᠢᠲᠡᠨ ᠬᠠᠪᠰᠠᠷᠭ᠎ᠠ ᠦᠯᠢᠶᠡᠬᠦ ᠴᠠᠭ ᠲᠸ᠋ ᠲᠠᠯ᠎ᠠ ᠠᠭᠤᠯᠠ ᠪᠠᠷ ᠵᠢᠵᠢᠭᠬᠡᠨ ᠮᠥᠰᠥᠨ ᠰᠢᠷᠬᠡᠭ ᠦ᠋ᠳ ᠬᠥᠭᠡᠭᠡᠭᠳᠡᠨ ᠶᠠᠪᠤᠵᠤ᠂ ᠮᠣᠩᠭᠣᠯ ᠤ᠋ᠨ ᠪᠠᠢᠯᠳᠤᠭᠴᠢᠳ ᠂ ᠲᠦᠯᠡᠭᠰᠡᠨ ᠭᠠᠯ ᠤ᠋ᠨ ᠲᠡᠨᠳᠡ ᠣᠴᠢᠵᠤ ᠣᠪᠣᠭᠠᠷᠠᠯᠳᠤᠨ᠎ᠠ᠃ ᠰᠠᠯᠬᠢ ᠰᠥᠨᠢ ᠳ᠋ᠡᠭᠡᠨ ᠨᠡᠮᠡᠭᠳᠡᠭᠰᠡᠭᠡᠷ ᠤᠳᠠᠯ ᠦᠭᠡᠢ ᠰᠢᠭᠤᠷᠭ᠎ᠠ ᠪᠣᠯᠵᠤ ᠬᠥᠩᠭᠡᠨ ᠭᠡᠷ ᠦ᠋ᠳ ᠢ᠋ ᠨᠤᠷᠠᠭᠠᠬᠤ ᠪᠤᠶᠤ ᠣᠯᠠᠨ ᠢ᠋ ᠬᠡᠢᠰᠬᠡᠵᠡᠢ᠃ ᠰᠠᠯᠬᠢ᠂ ᠪᠠᠲᠤ ᠬᠠᠭᠠᠨ ᠤ᠋ ᠠᠯᠲᠠᠨ ᠰᠢᠷᠭᠠᠯ ᠠᠰᠠᠷ ᠢ᠋ ᠨᠤᠷᠠᠭᠠᠵᠤ ᠣᠢᠷᠠᠬᠠᠨ ᠠᠰᠠᠵᠤ ᠪᠠᠢᠭᠰᠠᠨ ᠭᠠᠯ ᠤᠷᠤᠭᠤ ᠤᠨᠠᠭᠠᠭᠰᠠᠨ ᠳ᠋ᠤ᠌ ᠵᠠᠷᠤᠴᠠ ᠨᠠᠷ ᠠᠷᠠᠢ ᠭᠡᠵᠦ ᠠᠰᠠᠷ ᠢ᠋ ᠬᠣᠷᠢᠶᠠᠨ ᠦᠨᠡᠲᠦ ᠵᠦᠢᠯᠡᠰ ᠪᠣᠯᠤᠨ ᠠᠯᠲᠠᠨ ᠲᠢᠲᠢᠮ ᠢ᠋ ᠴᠤᠭᠯᠠᠭᠤᠯᠤᠨ ᠠᠪᠤᠪᠠ᠃ ᠲᠣᠭᠣᠨᠣ ᠪᠠᠷ ᠣᠷᠣᠭᠰᠠᠨ ᠰᠠᠯᠬᠢᠨ ᠳ᠋ᠤ᠌ ᠴᠣᠬᠢᠭᠳᠠᠭᠰᠠᠨ ᠭᠠᠯ ᠤ᠋ᠨ ᠤᠲᠤᠭ᠎ᠠ ᠨᠢ ᠭᠠᠵᠠᠷ ᠢ᠋ᠶ᠋ᠠᠷ ᠡᠷᠭᠢᠯᠳᠦᠵᠦ ᠪᠠᠢᠭ᠎ᠠ ᠲᠡᠢᠮᠦ ᠢᠰᠡᠭᠡᠢ ᠭᠡᠷ ᠲᠦ᠍ ᠪᠠᠲᠤ ᠬᠠᠭᠠᠨ ᠣᠷᠣᠪᠠ᠃ ᠰᠠᠯᠬᠢᠨ ᠳ᠋ᠤ᠌ ᠴᠠᠰᠤᠨ ᠤ᠋ ᠮᠥᠰᠥᠨ ᠰᠢᠷᠬᠡᠭ ᠦ᠋ᠳ ᠢ᠋ ᠴᠠᠰᠤ ᠪᠤᠯᠠᠵᠤ ᠪᠠᠢᠯ᠎ᠠ᠃ ᠮᠣᠩᠭᠣᠯᠴᠤᠳ ᠵᠠᠩᠰᠢᠯ ᠢ᠋ᠶ᠋ᠠᠷ ᠬᠠᠨᠴᠤᠢ ᠪᠠᠨ ᠰᠢᠮᠡᠯᠡᠵᠦ ᠴᠠᠰᠤ ᠶ᠋ᠢ ᠬᠠᠭᠠᠯᠵᠤ ᠳᠣᠲᠣᠷ᠎ᠠ ᠨᠢ ᠲᠠᠷᠪᠠᠭ᠎ᠠ ᠮᠡᠲᠦ ᠰᠢᠷᠭᠤᠵᠤ ᠬᠡᠪᠲᠡᠵᠡᠭᠡᠨ ᠬᠥᠮᠦᠨ ᠦ᠌ ᠳᠠᠭᠤ ᠴᠢᠩᠭ᠎ᠠ ᠪᠣᠯᠬᠤ ᠰᠢᠭ᠋ ᠰᠢᠷᠦᠭᠦᠨ ᠰᠠᠯᠬᠢᠨ ᠤ᠋ ᠱᠤᠤᠭᠢᠬᠤ ᠶ᠋ᠢ ᠲᠠᠢᠪᠤᠩ ᠢ᠋ᠶ᠋ᠠᠷ ᠰᠣᠨᠣᠰᠤᠭᠠᠳ ᠬᠡᠪᠲᠡᠵᠡᠭᠡᠵᠦ ᠪᠠᠢᠪᠠ᠃ ᠦᠷ ᠭᠡᠢᠮᠡᠭᠴᠡ ᠮᠣᠩᠭᠣᠯᠴᠤᠳ ᠪᠣᠰᠴᠤ ᠪᠠᠢᠷᠢ ᠠ᠋ᠴᠠ ᠪᠠᠨ ᠭᠠᠷᠴᠤ ᠴᠠᠰᠤ ᠪᠠᠨ ᠭᠦᠪᠢᠭᠡᠳ ᠭᠡᠷ ᠦ᠋ᠳ ᠪᠣᠯᠤᠨ ᠥᠪᠡᠷ ᠦ᠋ᠨ ᠭᠠᠯ ᠢ᠋ ᠡᠷᠢᠵᠦ ᠳᠠᠪᠬᠢᠯᠳᠤᠪᠠ᠃
     
ᠭᠠᠯ ᠤ᠋ᠨ ᠳᠡᠷᠭᠡᠳᠡ ᠰᠠᠭᠤᠵᠠᠭᠠᠵᠤ ᠮᠣᠳᠣᠨ ᠠᠶᠠᠭᠠᠨ ᠳ᠋ᠤ᠌ ᠭᠤᠯᠢᠷ ᠲᠣᠰᠣ ᠪᠦᠬᠦᠨ ᠢ᠋ ᠪᠤᠴᠠᠯᠭᠠᠭᠰᠠᠨ ᠴᠠᠢ ᠬᠢᠵᠦ᠂ ᠬᠠᠭᠤᠷᠤᠭᠰᠠᠨ ᠪᠤᠳᠠᠭ᠎ᠠ ᠳᠡᠪᠲᠦᠭᠡᠵᠦ ᠢᠳᠡᠵᠡᠭᠡᠨ᠎ᠡ ᠭᠡᠰᠡᠨ ᠴᠦ᠍ ᠢᠳᠡᠰᠢ ᠪᠠᠭ᠎ᠠ ᠪᠠᠢᠵᠠᠢ᠃
     
ᠪᠠᠢᠯᠳᠤᠭᠴᠢᠳ ᠤ᠋ᠨ ᠶᠠᠷᠢᠬᠤ ᠨᠢ᠂
—ᠺᠢᠫᠴᠡᠺ ᠡᠴᠡ ᠳᠡᠭᠡᠷᠡᠮᠳᠡᠭᠰᠡᠨ ᠶᠠᠭᠤᠮ᠎ᠠ ᠳᠠᠭᠤᠰᠬᠤ ᠣᠢᠷᠠᠲᠤᠵᠤ ᠪᠠᠢᠨ᠎ᠠ᠂ ᠳᠠᠷᠤᠢ ᠳᠡᠪᠰᠢᠯᠲᠡ ᠬᠢᠬᠦ ᠬᠡᠷᠡᠭᠲᠡᠢ ᠭᠡᠵᠡᠭᠡᠨ᠎ᠡ᠃ ᠴᠥᠮ ᠰᠥᠪᠡᠭᠡᠲᠡᠢ ᠪᠠᠭᠠᠲᠤᠷ ᠤ᠋ᠨ ᠴᠠᠭᠠᠨ ᠭᠡᠷ ᠥᠭᠡᠳᠡ ᠬᠠᠷᠠᠵᠠᠭᠠᠨ᠎ᠠ᠃ ᠲᠡᠭᠦᠨ ᠳ᠋ᠦ᠍ ᠮᠣᠷᠢᠨ ᠤ᠋ ᠰᠡᠭᠦᠯ ᠲᠡᠢ ᠶᠢᠰᠦᠨ ᠳᠠᠷᠴᠠᠭ ᠪᠡᠬᠢᠯᠡᠭᠰᠡᠨ ᠪᠥᠭᠡᠳ ᠡᠨᠡ ᠨᠢ ᠪᠠᠲᠤ ᠬᠠᠭᠠᠨ ᠤ᠋ ᠬᠤᠪᠢ ᠶ᠋ᠢᠨ ᠴᠡᠷᠢᠭ ᠭᠣᠣᠯ ᠲᠦᠮᠡᠲᠦ ᠳ᠋ᠦ᠍ ᠬᠠᠮᠢᠶᠠᠷᠤᠭᠳᠠᠨ᠎ᠠ᠃
     
ᠤᠳᠠᠯ ᠦᠭᠡᠢ ᠡᠨᠡ ᠳᠠᠷᠴᠠᠭ ᠤ᠋ᠳ ᠴᠡᠷᠢᠭ ᠦ᠋ᠳ ᠦ᠋ᠨ ᠡᠮᠦᠨ᠎ᠡ ᠨᠠᠮᠢᠯᠵᠠᠵᠤ᠂ ᠠᠷᠪᠠᠭᠠᠳ ᠮᠢᠩᠭᠠᠨ ᠴᠡᠷᠢᠭ ᠦ᠋ᠳ ᠦ᠋ᠨ ᠰᠡᠳᠬᠢᠯ ᠢ᠋ ᠪᠠᠶᠠᠰᠤᠭᠤᠯᠤᠨ ᠤᠮᠠᠷ᠎ᠠ ᠵᠦᠭ ᠲᠠᠰᠢ᠂ ᠪᠠᠭᠤᠵᠤ ᠥᠭᠳᠡᠭ ᠦᠭᠡᠢ ᠠᠭᠤᠷᠰᠠᠭᠰᠠᠨ ᠣᠷᠣᠰ ᠤ᠋ᠨ ᠣᠷᠣᠨ ᠳᠠᠰᠢ ᠳᠠᠭᠠᠭᠤᠯᠬᠤ ᠪᠣᠯ ᠤᠤ? ᠭᠡᠵᠦ ᠶᠠᠭᠠᠷᠠᠵᠠᠭᠠᠨ᠎ᠠ᠃ ᠴᠠᠭᠠᠨ ᠭᠡᠷ ᠡᠴᠡ ᠬᠣᠶᠠᠷ ᠮᠢᠩᠭᠠᠨ ᠮᠣᠩᠭᠣᠯ ᠭᠠᠷᠴᠤ ᠮᠣᠷᠢᠨ ᠤ᠋ ᠲᠤᠱᠠ ᠶ᠋ᠢ ᠲᠠᠢᠯᠵᠤ ᠮᠣᠷᠳᠠᠭᠠᠳ ᠣᠯᠠᠨ ᠵᠦᠭ ᠲᠦ᠍ ᠳᠠᠪᠬᠢᠨ ᠣᠳᠤᠯ᠎ᠠ᠃
     
ᠲᠡᠳᠡ ᠨᠠᠷ ᠤ᠋ᠨ ᠬᠣᠢᠨ᠎ᠠ ᠭᠠᠭᠴᠠᠬᠠᠨ ᠴᠠᠰᠤᠨ ᠲᠣᠭᠣᠰᠣ ᠪᠤᠵᠢᠭᠢᠨᠠᠨ ᠬᠣᠴᠣᠷᠬᠤ ᠨᠢ ᠦᠵᠡᠭᠳᠡᠪᠡ᠃ ᠲᠡᠳᠦᠢ ᠪᠠᠲᠤ ᠬᠠᠭᠠᠨ ᠬᠢᠲᠠᠳ ᠲᠣᠷᠭᠠᠨ ᠭᠠᠳᠠᠷ ᠲᠠᠢ ᠴᠠᠭᠠᠨ ᠦᠨᠡᠭᠡᠨ ᠳᠣᠲᠣᠷ ᠲᠠᠢ ᠳᠡᠪᠡᠯ ᠲᠡᠢ ᠭᠠᠷᠴᠤ ᠢᠷᠡᠭᠰᠡᠨ ᠳ᠋ᠦ᠍ ᠲᠤᠰᠬᠠᠢ ᠪᠡᠶ᠎ᠡ ᠬᠠᠮᠠᠭᠠᠯᠠᠭᠴᠢ ᠨᠥᠬᠥᠳ ᠦ᠋ᠳ ᠷᠶᠡᠽᠡᠨ ᠦ᠌ ᠸᠠᠩ ᠠ᠋ᠴᠠ ᠪᠡᠯᠡᠭᠯᠡᠭᠰᠡᠨ ᠡᠪᠦᠳᠦᠭ ᠬᠠᠷ᠎ᠠ ᠮᠣᠷᠢ ᠶ᠋ᠢ ᠪᠠᠲᠤ ᠬᠠᠭᠠᠨ ᠳ᠋ᠤ᠌ ᠠᠪᠴᠢᠷᠠᠵᠤ ᠥᠭᠪᠡ᠃ ᠪᠠᠲᠤ ᠬᠠᠭᠠᠨ ᠬᠣᠯᠠ ᠪᠤᠰᠤ ᠨᠢᠭᠡᠨ ᠴᠠᠭᠠᠨ ᠭᠡᠷ ᠳᠡᠭᠡᠷ᠎ᠡ ᠣᠴᠢᠵᠤ ᠪᠠᠭᠤᠨ ᠬᠠᠷᠠᠢᠭᠠᠳ ᠬᠡᠪᠢᠰ ᠦ᠋ᠳ ᠦ᠋ᠨ ᠴᠠᠭᠠᠨ᠎ᠠ ᠳᠠᠯᠳᠠ ᠣᠷᠣᠪᠠ᠃ ᠬᠣᠶᠠᠷ ᠨᠥᠬᠥᠷ ᠵᠢᠳᠠ ᠪᠠᠷᠢᠵᠤ ᠬᠠᠷᠠᠭᠤᠯ ᠳ᠋ᠤ᠌ ᠵᠣᠭᠰᠣᠪᠠ᠃

ᠪᠤᠰᠤᠳ ᠨᠢ ᠬᠠᠷ᠎ᠠ ᠮᠣᠷᠢ ᠶ᠋ᠢ ᠬᠠᠵᠠᠭᠤ ᠲᠡᠰᠢ ᠠᠪᠴᠢᠷᠠᠵᠤ ᠴᠣᠮᠴᠣᠢᠨ ᠰᠠᠭᠤᠵᠠᠭᠠᠭᠠᠳ ᠨᠠᠮᠤᠭᠤᠬᠠᠨ ᠳᠠᠭᠤ ᠪᠠᠷ ᠶᠠᠷᠢᠬᠤ ᠨᠢ ᠄
—ᠡᠨᠳᠡ ᠬᠡᠨ ᠪᠠᠢᠳᠠᠭ ᠶᠤᠮ ᠪᠣᠢ?
—ᠳᠣᠯᠣᠳᠤᠭᠠᠷ ᠣᠳᠣᠨ᠃
—ᠤᠳᠠᠭᠠᠨ ᠬᠦᠯᠢᠶᠡᠬᠦ ᠪᠣᠯ ᠤᠤ?
—ᠵᠥᠪᠯᠡᠯᠭᠡᠨ ᠪᠣᠯᠤᠨ᠎ᠠ᠂ ᠨᠣᠶᠠᠳ ᠬᠡᠳᠦᠢᠨ ᠴᠤᠭᠯᠠᠷᠠᠵᠠᠢ᠃
—ᠶᠠᠭᠤᠨ ᠲᠤᠬᠠᠢ ᠪᠣᠢ᠂ ᠮᠠᠲᠠᠪᠠᠤ?
—ᠲᠠᠪᠰᠢᠬᠤ ᠲᠤᠬᠠᠢ ᠪᠠᠢᠵᠤ ᠮᠠᠭᠠᠳ ᠦᠭᠡᠢ᠃
—ᠭᠡᠳᠡᠷᠭᠦ ᠪᠤᠴᠠᠵᠤ ᠶᠠᠪᠤᠬᠤ ᠦᠭᠡᠢ ᠪᠠᠢᠭ᠎ᠠ (ᠪᠠᠢᠬ᠎ᠠ?)
— ᠳᠤᠭᠤᠢ᠂ ᠳᠤᠭᠤᠢ᠂ ᠴᠢᠮᠠᠶ᠋ᠢ ᠵᠠᠨᠴᠢᠨ᠎ᠠ ᠰᠢᠦ ᠭᠡᠬᠦ ᠳ᠋ᠦ᠍ᠨᠢ᠂
— ᠮᠣᠷᠢᠳ ᠡᠪᠡᠰᠦ ᠶ᠋ᠢ ᠢᠳᠡᠵᠦ ᠳᠠᠭᠤᠰᠴᠠᠢ᠂ ᠬᠦᠯᠢᠶᠡᠬᠦ ᠠᠷᠭ᠎ᠠ ᠦᠭᠡᠢ ᠪᠣᠯᠵᠤ ᠪᠠᠢᠨ᠎ᠠ᠃
— ᠭᠠᠢᠭᠤᠢ ᠣᠷᠣᠰ ᠭᠠᠵᠠᠷ ᠳᠤᠯᠠᠭᠠᠴᠠᠨ᠎ᠠ᠃
—ᠬᠣᠲᠠ ᠶ᠋ᠢ ᠨᠢ ᠰᠢᠲᠠᠭᠠᠨ᠎ᠠ᠃
—ᠮᠣᠷᠢᠳ ᠢ᠋ᠶ᠋ᠠᠨ ᠲᠠᠯᠬ᠎ᠠ ᠪᠠᠷ ᠲᠡᠵᠢᠭᠡᠨ᠎ᠡ᠃ ᠲᠡᠳᠦᠢ ᠭᠠᠤᠯᠢᠨ ᠬᠠᠷᠠᠩᠭ᠎ᠠ ᠴᠣᠬᠢᠭᠠᠳ ᠲᠡᠷᠡ ᠬᠣᠶᠠᠷ᠂ᠬᠡᠳᠦ ᠴᠣᠬᠢᠬᠤ ᠶ᠋ᠢ ᠨᠢ ᠲᠣᠭᠠᠯᠠᠪᠠ᠃
— ᠶᠢᠰᠦ᠂  ᠭᠠᠷᠳ᠋ᠢ (ᠭᠠᠷᠤᠳᠢ)—ᠭᠸᠯᠢ! ᠡᠨᠡ ᠴᠢᠮᠠᠶ᠋ᠢ ᠳᠠᠭᠤᠳᠠᠵᠠᠢ ᠭᠡᠬᠦ ᠳ᠋ᠦ᠍ᠨᠢ ᠪᠠᠢᠭᠰᠠᠳ ᠤ᠋ᠨ ᠨᠢᠭᠡ ᠨᠢ ᠰᠢᠷ᠎ᠠ ᠥᠩᠭᠡ ᠲᠡᠢ ᠳᠡᠪᠡᠯ ᠦ᠋ᠨ ᠪᠠᠷᠠᠭᠤᠨ ᠬᠠᠨᠴᠤᠢ ᠪᠠᠨ ᠰᠢᠮᠡᠯᠡᠵᠦ ᠡᠭᠦᠳᠡ ᠶ᠋ᠢ ᠰᠡᠬᠦᠭᠡᠳ ᠮᠠᠯᠠᠭᠠᠢ ᠲᠠᠢ ᠲᠣᠯᠣᠭᠠᠢ ᠪᠠᠨ ᠭᠡᠷ ᠲᠦ᠍ ᠰᠢᠷᠭᠤᠭᠤᠯᠵᠤ ᠲᠤᠰᠢᠶᠠᠯ ᠢ᠋ ᠰᠣᠨᠣᠰᠤᠭᠠᠳ ᠡᠭᠡᠵᠦ ᠢᠷᠡᠪᠡ᠃
— ᠬᠥᠶᠢ ᠣᠷᠣ— ᠽᠠᠩ᠂ ᠳᠡᠭᠡᠳᠦ ᠡᠵᠡᠨ ᠡᠴᠡ ᠢᠳᠤᠭᠠᠨ ᠽᠠᠳᠠᠨ ᠢ᠋ ᠳᠠᠷᠤᠢ ᠠᠪᠴᠢᠷᠠ ᠭᠡᠵᠦ ᠪᠠᠢᠨ᠎ᠠ᠃ ᠬᠠᠮᠲᠤ ᠶᠠᠪᠤᠬᠤ ᠤᠤ? ᠭᠡᠬᠦ ᠳ᠋ᠦ᠍ᠨᠢ ᠨᠠᠬᠢᠭᠤ ᠬᠠᠮᠠᠷ ᠲᠠᠢ ᠵᠠᠯᠠᠭᠤ ᠴᠡᠷᠢᠭ ᠪᠣᠰᠤᠨ ᠬᠠᠷᠠᠢᠵᠤ ᠲᠣᠯᠣᠭᠠᠢ ᠰᠡᠭᠰᠦᠷᠦᠨ᠄
—  ᠭᠠᠷᠳ᠋ᠢ (ᠭᠠᠷᠤᠳᠢ) ᠮᠢᠨᠢ᠂ ᠪᠢ ᠶᠠᠪᠤᠬᠤ ᠦᠭᠡᠢ᠂ ᠲᠡᠷᠡ ᠢᠳᠤᠭᠠᠨ ᠴᠢᠨᠢ ᠬᠠᠵᠠᠨ᠎ᠠ ᠭᠡᠪᠡ᠃
— ᠶᠠᠪᠤ ᠭᠡᠰᠡᠨ ᠪᠣᠯ ᠶᠠᠪᠤᠵᠤ ᠪᠠᠢ᠂ ᠬᠠᠷᠢᠨ ᠴᠢ ᠥᠪᠡᠷ ᠢ᠋ᠶ᠋ᠡᠨ ᠲᠡᠭᠦᠨ ᠢ᠋ ᠬᠠᠵᠠᠴᠢᠬᠠᠪᠠ ᠭᠡᠬᠦ ᠳ᠋ᠦ᠍ᠨᠢ ᠣᠷᠣ— ᠽᠠᠩ ᠪᠣᠰᠴᠤ᠂ ᠬᠣᠶᠠᠷ ᠮᠣᠩᠭᠣᠯ ᠡᠪᠦᠳᠦᠭ ᠲᠤᠯᠤᠮ᠎ᠠ ᠴᠠᠰᠤᠨ ᠳᠣᠲᠣᠭᠤᠷ ᠠᠯᠬᠤᠵᠤ ᠥᠨᠥᠴᠢᠨ ᠬᠠᠢᠯᠠᠰᠤᠨ ᠤ᠋ ᠳᠣᠣᠷᠠᠬᠢ ᠬᠠᠷ᠎ᠠ ᠭᠡᠷ ᠳᠸ᠋ ᠣᠴᠢᠪᠠ᠃ ᠬᠠᠢᠯᠠᠰᠤᠨ ᠤ᠋ ᠰᠢᠷ᠎ᠠ ᠨᠠᠪᠴᠢ ᠰᠠᠯᠬᠢᠨ ᠳ᠋ᠤ᠌ ᠤᠨᠠᠭᠰᠠᠭᠠᠷ ᠬᠠᠭᠠᠰ ᠨᠢ ᠦᠯᠡᠳᠡᠵᠡᠢ᠃

ᠭᠡᠷ ᠲᠦ᠍ ᠠᠮᠢᠳᠤ ᠶᠠᠭᠤᠮ᠎ᠠ ᠪᠠᠢᠭ᠎ᠠ ᠶ᠋ᠢᠨ ᠲᠡᠮᠳᠡᠭ ᠦᠭᠡᠢ ᠪᠠᠢᠵᠠᠢ᠃ ᠬᠥᠭᠵᠢᠯᠲᠡᠢ ᠤᠲᠤᠭ᠎ᠠ ᠲᠡᠭᠦᠨ ᠳᠡᠭᠡᠷ᠎ᠡ ᠪᠤᠷᠭᠢᠭᠰᠠᠨ ᠦᠭᠡᠢ᠂ ᠬᠠᠭᠠᠰ ᠲᠠᠭᠠᠨ ᠲᠤᠯᠲᠠᠯ᠎ᠠ ᠴᠠᠰᠤᠨ ᠳ᠋ᠤ᠌ ᠳᠠᠷᠤᠭᠳᠠᠭᠰᠠᠨ ᠭᠡᠷ ᠠᠵᠢ᠃ ᠣᠷᠣ— ᠽᠠᠩ  ᠭᠠᠷᠳ᠋ᠢ (ᠭᠠᠷᠤᠳᠢ)ᠬᠣᠶᠠᠷ ᠂ ᠢᠳᠤᠭᠠᠨ ᠢ᠋ ᠬᠡᠳᠦ ᠳᠠᠬᠢᠨ ᠳᠠᠭᠤᠳᠠᠬᠤ ᠳ᠋ᠤ᠌ ᠬᠠᠷᠢᠭᠤ ᠥᠭᠭᠦᠭᠰᠡᠨ ᠦᠭᠡᠢ᠃ ᠡᠳᠡ ᠨᠠᠷ᠂ ᠭᠠᠷ ᠢ᠋ᠶ᠋ᠠᠷ ᠴᠠᠰᠤ ᠮᠠᠯᠲᠠᠵᠤ ᠭᠡᠷ ᠦ᠋ᠨ ᠡᠭᠦᠳᠡᠨ ᠳ᠋ᠦ᠍ ᠬᠦᠷᠦᠭᠡᠳ ᠡᠷᠦᠬᠡ ᠶ᠋ᠢ ᠨᠢ ᠲᠠᠲᠠᠬᠤ ᠳ᠋ᠤ᠌ ᠴᠢᠨᠣ᠎ᠠ ᠣᠯᠢᠬᠤ᠂ ᠨᠣᠬᠠᠢ ᠬᠤᠴᠠᠬᠤ ᠮᠡᠲᠦ ᠳᠠᠭᠤ ᠭᠠᠷᠤᠨ᠎ᠠ᠃ ᠪᠠᠰᠠ ᠬᠣᠶᠠᠷ ᠮᠣᠩᠭᠣᠯ ᠬᠦᠷᠴᠦ ᠢᠷᠡᠭᠡᠳ ᠡᠭᠦᠳᠡ ᠶ᠋ᠢ ᠨᠡᠭᠡᠭᠡᠪᠡ᠃ ᠭᠡᠷ ᠦ᠋ᠨ ᠳᠣᠲᠣᠷ᠎ᠠ ᠣᠪᠤᠭᠠᠯᠠᠰᠤᠲᠠᠢ ᠢᠰᠡᠭᠡᠢ ᠬᠣᠨᠢᠨ ᠤ᠋ ᠨᠡᠬᠡᠢ ᠳᠣᠣᠷ᠎ᠠ ᠠ᠋ᠴᠠ ᠬᠠᠷᠢᠶᠠᠬᠤ ᠲᠡᠳᠦᠢ ᠳᠠᠭᠤ ᠭᠠᠷᠤᠭᠰᠠᠨ ᠳ᠋ᠤ᠌ ᠴᠡᠷᠢᠭ ᠦ᠋ᠳ ᠲᠡᠷᠡ ᠢᠰᠡᠭᠡᠢ ᠶ᠋ᠢ ᠵᠠᠢᠯᠠᠭᠤᠯᠪᠠᠯ ᠳᠣᠲᠣᠷ᠎ᠠ ᠠ᠋ᠴᠠ ᠨᠢ ᠬᠠᠩᠭᠢᠨᠠᠭᠰᠠᠨ ᠳᠠᠭᠤ ᠲᠠᠢ ᠬᠠᠷ᠎ᠠ ᠨᠢᠳᠦ ᠲᠡᠢ ᠡᠮᠡᠭᠡᠨ ᠠᠭᠤᠷ ᠲᠠᠢ ᠳᠠᠭᠤ ᠪᠠᠷ᠄
— ᠲᠠᠨᠠᠷ ᠬᠠᠮᠢᠭ᠎ᠠ ᠠ᠋ᠴᠠ ᠤᠷᠭᠤᠵᠤ ᠢᠷᠡᠪᠡ? ᠵᠠᠷᠢᠮ ᠤ᠋ᠨ ᠴᠢᠨᠢ ᠤᠷᠢᠳ ᠲᠠᠯ᠎ᠠ ᠶ᠋ᠢ ᠨᠢᠯᠪᠤᠰᠤ ᠨᠢᠰᠦ ᠢᠳᠡᠵᠦ᠂ ᠵᠠᠷᠢᠮ ᠤ᠋ᠨ ᠴᠢᠨᠢ ᠠᠷᠤ ᠲᠠᠯ᠎ᠠ ᠠ᠋ᠴᠠ ᠨᠢ ᠰᠠᠯᠬᠢ ᠳᠠᠭᠠᠭᠰᠠᠨ ᠮᠠᠭᠤ ᠰᠢᠷ᠎ᠠ ᠵᠤᠯᠵᠠᠭ᠎ᠠ ᠨᠤᠭᠤᠳ᠂ ᠲᠠᠨᠠᠷ ᠤ᠋ᠨ ᠮᠤᠩᠬᠠᠭ ᠨᠡᠷᠡᠰ ᠬᠡᠨ ᠭᠡᠳᠡᠭ ᠪᠣᠢ? ᠬᠡᠨ ᠳ᠋ᠦ᠍ ᠬᠡᠷᠡᠭᠲᠡᠢ ᠪᠣᠢ? ᠶᠠᠮᠠᠷ ᠠᠵᠢᠯ ᠲᠠᠢ ᠪᠣᠢ? ᠭᠡᠪᠡ᠃

ᠠᠬᠠᠯᠠᠭᠴᠢ ᠴᠡᠷᠢᠭ ᠨᠢ ᠠᠶᠠᠲᠠᠢ ᠲᠥᠯᠥᠪ ᠢ᠋ᠶ᠋ᠡᠷ ᠬᠠᠷᠢᠯᠴᠠᠬᠤ ᠶ᠋ᠢ ᠮᠡᠳᠡᠬᠦ ( ᠦᠭᠡᠢ) ᠲᠤᠯᠠ ᠠᠭᠤᠷᠰᠠᠩᠭᠤᠢ ᠬᠡᠯᠡᠭᠰᠡᠨ ᠨᠢ ᠄
—ᠬᠡᠨ ᠳ᠋ᠦ᠍ ᠶᠠᠮᠠᠷ ᠬᠡᠷᠡᠭ ᠲᠡᠢ᠂ ᠶᠠᠮᠠᠷ ᠠᠵᠢᠯ ᠲᠠᠢ ᠪᠣᠯ ᠪᠢᠳᠡ ᠲᠡᠷᠡ ᠬᠥᠮᠦᠨ ᠳ᠋ᠡᠭᠡᠨ ᠮᠡᠬᠦᠢᠰᠬᠢᠨ ᠭᠤᠶᠤᠬᠤ ᠪᠠᠷ ᠢᠷᠡᠯ᠎ᠡ᠃ ᠭᠡᠷᠡᠯᠲᠦ ᠡᠵᠡᠨ ᠡᠴᠡ ᠪᠢᠳᠡᠨ ᠦ᠌ ᠥᠴᠦᠬᠡᠨ ᠳᠣᠣᠷᠠᠳᠤᠰ ᠢ᠋ ᠶᠡᠬᠡ ᠢᠳᠤᠭᠠᠨ ᠽᠠᠳᠠᠨ ᠲᠠᠨ ᠢ᠋ ᠳᠠᠷᠤᠢᠬᠠᠨ ᠥᠪᠡᠷ ᠦ᠋ᠨ ᠠᠰᠠᠷ ᠲᠸ᠋ ᠴᠢᠬᠤᠯᠠ ᠬᠡᠷᠡᠭ ᠢ᠋ᠶ᠋ᠡᠷ ᠵᠠᠯᠠᠵᠤ ᠠᠪᠴᠢᠷᠠ ᠭᠡᠵᠦ ᠳᠠᠭᠤᠳᠠᠭᠤᠯᠬᠤ ᠪᠠᠷ ᠶᠠᠪᠤᠭᠤᠯᠪᠠ ᠭᠡᠬᠦ ᠳ᠋ᠦ᠍ᠨᠢ ᠢᠰᠡᠭᠡᠢ ᠳᠣᠣᠷᠠᠬᠢ ᠬᠥᠭᠰᠢᠨ ᠥᠨᠳᠡᠢᠵᠦ ᠡᠪᠦᠳᠦᠭ ᠢ᠋ᠶ᠋ᠡᠨ ᠲᠡᠪᠡᠷᠢᠨ ᠴᠣᠮᠴᠣᠢᠨ ᠰᠠᠭᠤᠵᠤ ᠬᠡᠯᠡᠪᠡ᠃
—ᠥᠪᠡᠷ ᠦ᠋ᠨ ᠦᠬᠦᠭᠰᠡᠨ ᠡᠴᠢᠭᠡ ᠶ᠋ᠢᠨ ᠢ᠋ᠶ᠋ᠡᠨ ᠮᠢᠬ᠎ᠠ ᠶ᠋ᠢ ᠢᠳᠡᠭᠰᠡᠨ ᠲᠡᠨᠡᠭ ᠰᠢᠷ᠎ᠠ ᠭᠥᠯᠥᠭᠡ ᠨᠤᠭᠦᠳ! ᠰᠢᠭᠤᠷᠭ᠎ᠠ ᠭᠡᠷ ᠦ᠋ᠨ ᠢᠰᠡᠭᠡᠢ ᠶ᠋ᠢ ᠰᠡᠭᠰᠦᠷᠴᠦ ᠡᠷᠦᠬᠡ ᠬᠠᠭᠤᠯᠠᠵᠦ ᠬᠠᠶᠠᠭᠠᠳ ᠡᠢᠮᠦ ᠬᠦᠢᠲᠡᠨ ᠪᠠᠢᠬᠤ ᠳ᠋ᠤ᠌ ᠬᠦᠴᠦᠨ ᠮᠡᠬᠦᠰ ᠡᠮᠡᠭᠡᠨ ᠢ᠋ ᠠᠪᠠᠴᠢᠬᠤ ᠪᠠᠷ ᠬᠡᠨ ᠢᠩᠭᠢᠵᠦ ᠳᠠᠭᠤᠳᠠᠨ᠎ᠠ ᠪᠣᠢ? ᠲᠠᠨᠠᠷ ᠤᠷᠢᠳᠠᠪᠡᠷ ᠭᠠᠯ ᠠᠰᠠᠭᠠᠵᠤ ᠭᠠᠷ ᠬᠥᠯ ᠢ᠋ ᠮᠢᠨᠢ ᠳᠤᠯᠠᠭᠠᠴᠠᠭᠤᠯ᠂ ᠪᠢ ᠭᠤᠷᠪᠠᠨ ᠬᠣᠨᠣᠭ ᠢᠰᠡᠭᠡᠢ ᠳᠣᠣᠷ᠎ᠠ ᠬᠡᠪᠲᠡᠵᠦ ᠬᠦᠷᠦᠵᠦ ᠲᠠᠭᠠᠷᠠᠴᠢᠬᠠᠯ᠎ᠠ᠃
—ᠨᠠᠳᠠᠳᠤ ᠬᠡᠨ ᠴᠦ᠍ ᠬᠠᠲᠠᠭᠰᠠᠨ ᠪᠣᠣᠪᠣ ᠪᠣᠭᠣᠷᠰᠣᠭ ᠠᠪᠴᠢᠷᠠᠵᠤ ᠦᠭᠭᠦᠭᠰᠡᠨ ᠦᠭᠡᠢ᠃ ᠡᠨᠳᠡ ᠡᠴᠡ ᠭᠠᠷᠴᠠᠭ᠎ᠠ᠂ ᠵᠡᠷᠯᠢᠭ ᠱᠤᠯᠤᠮ ᠨᠤᠭᠤᠳ! ᠡᠰᠡᠪᠡᠯ ᠪᠢ ᠭᠠᠤᠯᠢᠨ ᠬᠣᠰᠢᠭᠤ ᠲᠠᠢ ᠲᠡᠮᠦᠷ ᠰᠠᠪᠠᠷ ᠲᠠᠢ ᠬᠡᠷᠢᠶ᠎ᠡ ᠶᠠᠪᠤᠭᠤᠯᠤᠨ᠎ᠠ ᠭᠡᠪᠡ᠃ ᠴᠡᠷᠢᠭ ᠦ᠋ᠳ ᠶᠠᠭᠠᠷᠠᠪᠴᠢᠯᠠᠨ ᠭᠠᠯ ᠤ᠋ᠨ ᠬᠢᠨᠢ ᠴᠣᠭ ᠢ᠋ ᠠᠰᠠᠭᠠᠵᠤ ᠨᠥᠭᠦᠭᠡ ᠨᠢ ᠬᠠᠭᠤᠷᠠᠢ ᠬᠣᠵᠤᠤᠯ᠎ᠠ ᠪᠥᠬᠡᠨᠡᠭᠦᠯᠦᠨ ᠭᠤᠷᠪᠠᠳᠤᠭᠠᠷ ᠨᠢ ᠮᠥᠴᠢᠷ ᠦ᠋ᠳ ᠢ᠋ ᠭᠡᠷ ᠦ᠋ᠨ ᠳᠤᠮᠳᠠ ᠠᠪᠴᠢᠷᠠᠪᠠ᠃ ᠳᠥᠷᠪᠡᠳᠦᠭᠡᠷ ᠨᠢ ᠡᠳᠡ ᠨᠠᠷ ᠤ᠋ᠨ ᠠᠬᠠᠯᠠᠭᠴᠢ ᠭᠠᠷᠳ᠋ᠢ (ᠭᠠᠷᠤᠳᠢ)ᠭᠸᠯᠢ ᠢᠳᠤᠭᠠᠨ ᠬᠡᠦᠬᠡᠨ ᠢ᠋ ᠲᠡᠷᠡ ᠴᠢᠭ ᠢ᠋ᠶ᠋ᠡᠷ ᠢ᠋ᠶ᠋ᠡᠨ ᠬᠤᠴᠢᠯᠭ᠎ᠠ ᠳᠣᠲᠣᠷ᠎ᠠ ᠪᠠᠨ ᠰᠢᠷᠭᠤᠬᠤ ᠳ᠋ᠤ᠌ ᠢᠰᠡᠭᠡᠢ ᠠᠷᠠᠰᠤ ᠵᠡᠷᠭᠡ ᠶ᠋ᠢ ᠨᠢ ᠡᠷᠭᠢᠭᠦᠯᠦᠨ ᠬᠤᠴᠢᠭᠰᠠᠭᠠᠷ ᠪᠠᠢᠯ᠎ᠠ᠃ ᠤᠳᠠᠭᠰᠠᠨ ᠦᠭᠡᠢ ᠮᠥᠴᠢᠷ ᠦ᠋ᠳ ᠠᠰᠠᠵᠤ ᠬᠥᠭᠵᠢᠯᠲᠡᠢ ᠭᠠᠯ ᠪᠠᠳᠠᠷᠠᠪᠠ᠃

ᠭᠠᠷᠳ᠋ᠢ (ᠭᠠᠷᠤᠳᠢ) ᠭᠸᠯᠢ᠂ ᠢᠳᠤᠭᠠᠨ ᠤ᠋ ᠭᠠᠷ ᠠ᠋ᠴᠠ ᠲᠠᠲᠠᠵᠤ ᠭᠠᠯ ᠳ᠋ᠤ᠌ ᠣᠢᠷᠠᠲᠤᠭᠤᠯᠪᠠ᠃ ᠢᠳᠤᠭᠠᠨ ᠬᠡᠦᠬᠡᠨ ᠪᠤᠳᠤᠩᠭᠤᠢ ᠴᠢᠷᠠᠢ ᠪᠠᠨ ᠤᠯᠠᠭᠠᠨ ᠬᠥᠬᠡ ᠪᠣᠳᠣᠭ ᠢ᠋ᠶ᠋ᠠᠷ ᠠᠯᠠᠭᠯᠠᠨ ᠪᠣᠳᠣᠵᠤ ᠪᠤᠭᠤᠷᠤᠯ ᠦᠰᠦ ᠪᠡᠨ ᠣᠯᠠᠨ ᠰᠠᠯᠠᠭ᠎ᠠ ᠭᠡᠵᠢᠭᠡ ᠪᠣᠯᠭᠠᠵᠤ᠂ ᠮᠣᠭᠠᠢ ᠠᠳᠠᠯᠢ ᠬᠦᠷᠦᠵᠡᠢ᠃ ᠲᠡᠷᠡ ᠢᠳᠤᠭᠠᠨ ᠭᠠᠷᠳ᠋ᠢ (ᠭᠠᠷᠤᠳᠢ) ᠭᠸᠯᠢ
ᠶ᠋ᠢᠨ ᠭᠠᠷ ᠢ᠋ ᠬᠠᠵᠠᠭᠰᠠᠨ ᠳ᠋ᠤ᠌ ᠲᠡᠷᠡ ᠣᠷᠬᠢᠵᠤ ᠵᠠᠢᠯᠠᠰᠬᠢᠪᠡ᠃ ᠲᠡᠭᠡᠭᠡᠳ ᠢᠳᠤᠭᠠᠨ ᠲᠦᠷᠭᠡᠨ ᠢ᠋ᠶ᠋ᠡᠷ ᠰᠢᠪᠠᠭᠤᠨ ᠤ᠋ ᠲᠣᠯᠣᠭᠠᠢ ᠶ᠋ᠢ ᠴᠢᠮᠡᠭᠯᠡᠭᠰᠡᠨ ᠤᠷᠲᠤ ᠣᠷᠣᠢ ᠲᠠᠢ ᠦᠨᠡᠭᠡᠨ ᠰᠡᠭᠦᠯ ᠤᠨᠵᠢᠭᠤᠯᠤᠭᠰᠠᠨ ᠮᠠᠯᠠᠭᠠᠢ ᠪᠠᠨ ᠡᠮᠦᠰᠴᠦ ᠨᠢᠷᠤᠭᠤᠨ ᠳ᠋ᠠᠭᠠᠨ ᠪᠠᠭᠠᠪᠠᠭᠠᠢ ᠶ᠋ᠢᠨ ᠠᠷᠠᠰᠤ ᠨᠥᠮᠥᠷᠴᠦ᠂ ᠴᠡᠭᠡᠵᠢᠨ ᠳ᠋ᠡᠭᠡᠨ ᠵᠡᠰ ᠲᠠᠪᠠᠭ ᠡᠯᠭᠦᠵᠦ᠂ ᠢᠰᠡᠭᠡᠢ ᠠᠪᠠᠭᠠᠯᠳᠠᠢ ᠡᠯᠭᠦᠭᠰᠡᠨ ᠰᠤᠷ ᠪᠦᠰᠡ ᠪᠡᠨ ᠪᠦᠰᠡᠯᠡᠪᠡ᠃ ᠲᠡᠭᠡᠭᠡᠳ ᠲᠣᠮᠣ ᠬᠡᠩᠭᠡᠷᠭᠡ ᠪᠡᠨ ᠳᠣᠬᠢᠭᠤᠷ ᠤ᠋ᠨ ᠬᠠᠮᠲᠤ ᠠᠪᠴᠤ ᠪᠦᠷᠢᠶ᠎ᠡ ᠳᠡᠭᠦᠵᠢᠯᠡᠭᠰᠡᠨ ᠰᠠᠪᠠ ᠪᠠᠨ ᠤᠶᠠᠭᠠᠳ ᠬᠣᠨᠢᠨ ᠤ᠋ ᠳᠠᠯᠤ᠂ ᠢᠮᠠᠭᠠᠨ ᠤ᠋ ᠤᠷᠲᠤ ᠬᠥᠯ ᠢ᠋ᠶ᠋ᠡᠨ ᠠᠪᠤᠪᠠ᠃ ᠡᠳᠡᠭᠡᠷ ᠢ᠋ ᠠᠪᠬᠤ ᠳ᠋ᠠᠭᠠᠨ ᠤᠩᠰᠢᠯᠭ᠎ᠠ ᠠᠶᠠᠯᠤᠨ ᠤᠩᠰᠢᠵᠤ ᠳᠡᠪᠬᠡᠷᠴᠦ ᠴᠣᠪᠬᠣᠷᠤᠨ ᠪᠠᠢᠯ᠎ᠠ᠃ ᠭᠠᠯ ᠤ᠋ᠨ ᠳᠡᠷᠭᠡᠳᠡᠬᠢ ᠴᠡᠷᠢᠭ ᠦ᠋ᠳ ᠦᠭᠡ ᠳᠠᠭᠤ ᠦᠭᠡᠢ ᠭᠠᠢᠬᠠᠵᠤ ᠲᠡᠭᠦᠨ ᠢ᠋ ᠰᠢᠷᠪᠡᠭᠡᠲᠦᠨ ᠬᠠᠷᠠᠵᠠᠭᠠᠨ᠎ᠠ᠃ ᠡᠴᠦᠰ ᠲᠤᠨᠢ ᠭᠠᠷᠳ᠋ᠢ (ᠭᠠᠷᠤᠳᠢ) ᠭᠧᠯᠢ ᠪᠡᠯᠡᠳᠬᠡᠯ ᠢ᠋ ᠪᠣᠯᠤᠨ᠎ᠠ ᠭᠡᠰᠡᠨ ᠪᠣᠯᠤᠯᠲᠠᠢ ᠰᠢᠢᠳᠪᠦᠷᠢᠲᠡᠢ ᠪᠣᠰᠤᠭᠠᠳ᠄
— ᠣᠳᠣ ᠪᠠᠲᠤ ᠬᠠᠭᠠᠨ ᠳ᠋ᠤ᠌ ᠣᠴᠢᠬᠤ ᠤᠤ? ᠭᠡᠪᠡ᠃
— ᠶᠡᠷᠦᠩᠬᠡᠢ ᠪᠥᠬᠡ ᠪᠧᠬᠢ ᠦᠭᠡᠢ ᠪᠡᠷ ᠪᠢ ᠣᠴᠢᠬᠤ ᠦᠭᠡᠢ ᠭᠡᠬᠦ ᠳ᠋ᠦ᠍ᠨᠢ᠂
— ᠣᠷᠣ— ᠽᠠᠩ ᠡᠭᠦᠨ ᠢ᠋ ᠪᠠᠭᠤᠤ ᠠ᠋ᠴᠠ ᠨᠢ ᠪᠡᠷᠢ᠂ ᠲᠡᠭᠡᠭᠡᠳ ᠡᠨᠡ ᠶᠡᠬᠡ ᠬᠥᠮᠦᠨ ᠢ᠋ ᠪᠠᠲᠤ ᠬᠠᠭᠠᠨ ᠳ᠋ᠤ᠌ ᠬᠦᠨᠳᠦᠳᠬᠡᠯ ᠲᠡᠢ ᠪᠡᠷ ᠠᠪᠠᠴᠢᠵᠤ ᠥᠭᠭᠦᠶ᠎ᠡ ᠭᠡᠪᠡ᠃ ᠳᠥᠷᠪᠡᠨ ᠴᠡᠷᠢᠭ ᠪᠠᠷᠢᠵᠤ ᠠᠷᠤ ᠠ᠋ᠴᠠ ᠨᠢ ᠡᠪᠦᠳᠦᠭ ᠢ᠋ᠶ᠋ᠡᠷ ᠲᠦᠯᠬᠢᠨ ᠭᠡᠷ ᠡᠴᠡ ᠭᠠᠷᠴᠠᠭᠠᠪᠠ᠃

ᠨᠣᠴᠣᠯᠳᠤᠨ ᠲᠡᠮᠡᠴᠡᠯᠳᠦᠬᠦ ᠢᠳᠤᠭᠠᠨ ᠢ᠋ ᠪᠠᠰᠠ ᠯᠠ ᠪᠠᠷᠢᠵᠤ ᠶᠠᠪᠤᠭᠰᠠᠭᠠᠷ ᠢᠯᠠᠭᠳᠠᠰᠢ ᠦᠭᠡᠢ ᠪᠠᠲᠤ ᠬᠠᠭᠠᠨ ᠤ᠋ ᠲᠦᠷ ᠪᠠᠭᠤᠭᠰᠠᠨ ᠭᠡᠷ ᠲᠦ᠍ ᠬᠦᠷᠴᠦ ᠢᠷᠡᠪᠡ᠃

ᠢᠳᠤᠭᠠᠨ ᠽᠠᠳᠠᠨ ᠬᠤᠪᠢᠯᠭᠠᠨ ᠣᠩᠭᠣᠳ ᠲᠠᠢ ᠶᠠᠷᠢᠵᠤ ᠲᠩᠷᠢ ᠶ᠋ᠢᠨ ᠳᠤᠷ᠎ᠠ ᠬᠦᠰᠡᠯ ᠢ᠋ ᠮᠡᠳᠡᠵᠦ ᠢᠷᠡᠭᠡᠳᠦᠢ ᠶ᠋ᠢ ᠤᠷᠢᠳᠠ ᠠ᠋ᠴᠠ ᠲᠣᠳᠣᠷᠬᠠᠢᠯᠠᠭᠴᠢ ᠬᠥᠮᠦᠨ ᠲᠤᠯᠠ ᠶᠡᠬᠡᠮᠰᠦᠭ ᠢ᠋ᠶ᠋ᠡᠷ ᠭᠡᠷ ᠲᠦ᠍ ᠣᠷᠣᠪᠠ᠃ ᠭᠡᠷ ᠲᠦ᠍ ᠶᠡᠬᠡᠰ ᠬᠠᠭᠠᠳ ᠴᠤᠭᠯᠠᠷᠠᠭᠰᠠᠨ ᠪᠠᠢᠯ᠎ᠠ᠃ ᠭᠡᠷ ᠲᠦ᠍ ᠭᠠᠯ ᠤ᠋ᠨ ᠳᠥᠯᠥ ᠳᠤᠯᠠᠭᠠᠨ ᠪᠥᠭᠡᠳ ᠭᠠᠯ ᠤ᠋ᠨ ᠠᠷᠤ ᠳ᠋ᠤ᠌ ᠪᠠᠲᠤ ᠬᠠᠭᠠᠨ ᠤᠯᠠᠭᠠᠨ ᠭᠤᠲᠤᠯ ᠲᠠᠢ ᠬᠥᠯ ᠢ᠋ᠶ᠋ᠡᠷ ᠢ᠋ᠶ᠋ᠡᠨ ᠬᠡᠪᠢᠰ ᠳᠡᠭᠡᠷ᠎ᠡ ᠵᠠᠪᠢᠯᠠᠨ ᠰᠠᠭᠤᠵᠤ ᠰᠢᠯᠭᠠᠨ ᠰᠢᠨᠵᠢᠯᠡᠬᠦ ᠬᠠᠷᠠᠴᠠ ᠪᠠᠷ ᠢᠳᠤᠭᠠᠨ ᠢ᠋ ᠠᠵᠢᠭᠯᠠᠨ᠎ᠠ᠃

ᠢᠳᠤᠭᠠᠨ ᠡᠭᠦᠳᠡᠨ ᠦ᠌ ᠳᠡᠷᠭᠡᠳᠡ ᠵᠣᠭᠰᠣᠵᠤ ᠬᠠᠩᠭᠢᠨᠠᠵᠤ ᠵᠢᠩᠭᠢᠨᠡᠭᠰᠡᠨ ᠳᠠᠭᠤ ᠴᠢᠮᠡᠭᠡ ᠭᠠᠷᠭᠠᠨ ᠰᠥᠭᠥᠳᠪᠡ᠃ ᠲᠡᠭᠡᠭᠡᠳ ᠳᠠᠭᠤ ᠴᠢᠮᠡᠭᠡ ᠭᠠᠷᠭᠠᠨ ᠪᠣᠰᠤᠨ ᠬᠠᠷᠠᠢᠵᠤ᠂ ᠠᠶᠤᠭᠰᠠᠨ ᠠ᠋ᠴᠠ ᠪᠣᠯᠵᠤ ᠭᠡᠳᠡᠷᠭᠦ ᠬᠠᠨ᠎ᠠ ᠨᠠᠯᠠᠵᠤ ᠰᠠᠭᠤᠬᠤ ᠵᠠᠯᠠᠭᠤ ᠬᠠᠲᠤᠨ ᠳ᠋ᠤ᠌ ᠣᠴᠢᠵᠤ ᠡᠷᠬᠢᠮᠯᠡᠨ ᠦᠵᠡᠬᠦ ᠶ᠋ᠢᠨ ᠪᠠᠷᠢᠮᠲᠠ ᠪᠣᠯᠭᠠᠬᠤ ᠮᠡᠲᠦ ᠴᠢᠬᠢᠨ ᠡᠴᠡ ᠨᠢ ᠪᠠᠷᠢᠵᠤ ᠬᠠᠴᠠᠷ ᠢ᠋ ᠨᠢ ᠦᠨᠦᠰᠦᠭᠡᠳ ᠬᠡᠯᠡ ᠪᠡᠷ ᠢ᠋ᠶ᠋ᠡᠨ ᠨᠢᠳᠦ ᠶ᠋ᠢ ᠨᠢ ᠪᠣᠯᠭᠣᠭᠠᠨ ᠳᠣᠯᠢᠶᠠᠵᠤ ᠢᠯᠢᠵᠦ ᠳᠠᠭᠠᠯᠠᠭᠠᠳ ᠳᠡᠷᠭᠡᠳᠡ ᠨᠢ ᠰᠠᠭᠤᠨ᠎ᠠ᠃ ᠢᠳᠤᠭᠠᠨ᠂ ᠪᠠᠲᠤ ᠬᠠᠭᠠᠨ ᠢ᠋ ᠭᠥᠯᠢᠷᠡᠨ ᠬᠠᠷᠠᠵᠤ᠄
— ᠰᠠᠢᠬᠠᠨ ᠰᠠᠨᠠᠭᠠᠲᠤ᠂ ᠬᠠᠮᠤᠭ ᠠ᠋ᠴᠠ ᠵᠣᠷᠢᠭᠲᠤ ᠰᠠᠢᠨ ᠬᠠᠭᠠᠨ ᠮᠢᠨᠢ ᠠ᠋! ᠴᠢ ᠪᠣᠯ ᠣᠯᠠᠨ ᠤ᠋ ᠪᠠᠶᠠᠷ ᠲᠠᠢᠳᠬᠤᠷᠠᠯ᠂ ᠴᠢ ᠪᠣᠯ ᠬᠤᠷᠳᠤᠨ ᠨᠢᠰᠦᠭᠴᠢ ᠪᠦᠷᠭᠦᠳ᠂ ᠴᠢ ᠪᠣᠯ ᠴᠠᠰᠤᠲᠤ ᠥᠨᠳᠥᠷ ᠦ᠋ᠨ ᠣᠷᠣᠢ ᠪᠠᠷ ᠳᠡᠭᠦᠯᠢᠨ ᠶᠠᠪᠤᠭᠴᠢ ᠬᠠᠷ᠎ᠠ ᠡᠷᠢᠶᠡᠨ ᠪᠠᠷᠰ᠂ ᠴᠢ ᠪᠣᠯ ᠬᠠᠳᠠᠨ ᠤ᠋ ᠳᠡᠭᠡᠷ᠎ᠡ ᠭᠠᠭᠴᠠᠭᠠᠷ ᠡᠵᠡᠮᠰᠢᠭᠴᠢ ᠪᠦᠷᠭᠦᠳ᠂ ᠴᠢ ᠪᠣᠯ ᠣᠯᠠᠨ ᠲᠦᠮᠡᠨ ᠦ᠌ ᠵᠢᠷᠦᠬᠡ᠃ ᠠᠢ ᠨᠠᠮᠠᠶ᠋ᠢ ᠶᠠᠭᠤᠨ ᠳ᠋ᠤ᠌ ᠳᠠᠭᠤᠳᠠᠭᠰᠠᠨ ᠢ᠋ᠶ᠋ᠠᠨ ᠬᠡᠯᠡᠨ᠎ᠡ ᠤᠤ? ᠴᠢᠨᠦ ᠲᠥᠯᠥᠭᠡ ᠪᠢ ᠪᠦᠭᠦᠳᠡ ᠶ᠋ᠢ ᠪᠦᠲᠦᠭᠡᠵᠦ ᠴᠢᠳᠠᠨ᠎ᠠ᠃

ᠪᠠᠲᠤ ᠬᠠᠭᠠᠨ ᠬᠠᠷᠢᠭᠤᠯᠤᠭᠰᠠᠨ ᠨᠢ᠄
— ᠶᠡᠬᠡ ᠢᠳᠤᠭᠠᠨ ᠺᠸᠷᠢᠡᠺᠸᠢ— ᠽᠠᠳᠠᠨ ᠴᠢᠮᠠᠶ᠋ᠢ ᠪᠢ ᠳᠠᠭᠤᠳᠠᠭᠤᠯᠤᠭᠰᠠᠨ᠂ ᠴᠢ ᠪᠣᠯ ᠣᠯᠠᠨ ᠢ᠋ ᠠᠶᠤᠯᠭᠠᠨ ᠭᠤᠨᠢᠭᠯᠠᠭᠤᠯᠤᠭᠴᠢ ᠮᠠᠯᠠᠭᠠᠢ ᠪᠠᠨ ᠡᠮᠦᠰᠦᠭᠡᠳ ᠪᠠᠢᠨ᠎ᠠ᠃ ᠪᠢ ᠥᠨᠥᠳᠥᠷ ᠵᠡᠭᠦᠳᠦᠯᠡᠪᠡ ᠭᠡᠬᠦ ᠳ᠋ᠦ᠍ᠨᠢ᠄
— ᠵᠡᠭᠦᠳᠦ ᠪᠡᠨ ᠶᠠᠷᠢᠭᠲᠤᠨ ᠭᠡᠵᠦ ᠢᠳᠤᠭᠠᠨ ᠬᠡᠯᠡᠪᠡ᠃
— ᠲᠡᠭᠦᠨ ᠡᠴᠡ ᠪᠣᠯᠵᠤ ᠮᠢᠨᠦ ᠵᠢᠷᠦᠬᠡ ᠴᠣᠬᠢᠵᠤ ᠤᠬᠠᠭᠠᠨ ᠪᠠᠯᠠᠷᠳᠠᠨ᠎ᠠ᠃ ᠮᠢᠨᠦ ᠲᠡᠷᠡ ᠵᠡᠭᠦᠳᠦ ᠶ᠋ᠢ ᠲᠠᠢᠯᠪᠤᠷᠢᠯᠠᠵᠤ ᠦᠭᠭᠦᠨ᠎ᠡ ᠤᠤ? ᠮᠢᠨᠦ ᠵᠠᠮ ᠡᠭᠦᠨ ᠡᠴᠡ ᠲᠣᠳᠣᠷᠬᠠᠢᠯᠠᠭᠳᠠᠨ᠎ᠠ᠃ ᠴᠢ ᠪᠣᠯ ᠰᠢᠷ᠎ᠠ ᠣᠩᠭᠣᠳ ᠲᠠᠢ ᠪᠠᠨ ᠮᠥᠨ ᠳᠠᠯᠠᠨ ᠵᠦᠭ ᠦ᠋ᠨ ᠣᠩᠭᠣᠳ ᠲᠠᠢ ᠦᠭᠡ ᠰᠣᠯᠢᠯᠴᠠᠨ᠎ᠠ᠃ ᠲᠡᠳᠡ ᠨᠠᠷ ᠢ᠋ᠶ᠋ᠠᠨ ᠤᠷᠢᠵᠤ ᠳᠠᠭᠤᠳᠠ᠂ ᠪᠢ ᠡᠨᠡ ᠰᠢᠭᠤᠷᠭ᠎ᠠ ᠪᠠᠷ ᠤᠮᠠᠷ᠎ᠠ ᠵᠦᠭ ᠦ᠋ᠨ ᠣᠢ ᠬᠥᠪᠴᠢ ᠶ᠋ᠢ ᠴᠢᠭᠯᠡᠵᠦ ᠤᠷᠲᠤ ᠰᠠᠬᠠᠯᠲᠤ ᠣᠷᠣᠰ ᠳᠠᠰᠢ ᠣᠴᠢᠬᠤ ᠤᠤ᠂ ᠡᠰᠡᠪᠡᠯ ᠬᠦᠯᠢᠶᠡᠬᠦ ᠤᠤ? ᠡᠰᠡᠪᠡᠯ ᠭᠡᠳᠡᠷᠭᠦ ᠪᠤᠴᠠᠵᠤ ᠡᠮᠦᠨ᠎ᠡ ᠵᠦᠭ ᠦ᠋ᠨ ᠬᠥᠬᠡ ᠳᠠᠯᠠᠢ ᠶ᠋ᠢᠨ ᠳᠤᠯᠠᠭᠠᠨ ᠡᠷᠭᠢ ᠶ᠋ᠢᠨ ᠬᠥᠨᠳᠡᠢ ᠨᠤᠭᠦᠳ ᠢ᠋ᠶ᠋ᠠᠷ ᠨᠡᠭᠦᠳᠡᠯᠯᠡᠬᠦ ᠤᠤ? ᠦᠭᠡᠢ ᠪᠣᠯ ᠷᠶᠠᠽᠠᠨ ᠥᠭᠡᠳᠡ ᠣᠴᠢᠬᠤ ᠤᠤ? ᠡᠰᠡᠪᠡᠯ ᠡᠮᠦᠨ᠎ᠡ ᠵᠦᠭ ᠦ᠋ᠨ ᠺᠢᠶᠧ ᠬᠣᠲᠠ ᠣᠷᠣᠬᠤ ᠤᠤ? ᠶᠠᠭᠠᠬᠢᠪᠠᠯ ᠵᠣᠬᠢᠬᠤ ᠪᠣᠢ? ᠭᠡᠲᠡᠯ᠎ᠡ ᠢᠳᠤᠭᠠᠨ ᠨᠢᠳᠦ ᠪᠡᠨ ᠰᠣᠯᠪᠢᠵᠤ ᠭᠠᠭᠴᠠᠬᠠᠨ ᠴᠠᠭᠠᠨ ᠨᠢᠳᠦ ᠨᠢ ᠦᠵᠡᠭᠳᠡᠭᠡᠳ ᠬᠣᠶᠠᠷ ᠲᠡᠰᠢ ᠵᠠᠢᠮᠤᠷᠠᠵᠤ᠂ ᠠᠶᠤᠤ᠂ ᠠᠶᠤᠤ ᠭᠡᠵᠦ ᠳᠠᠭᠤᠳᠠᠨ ᠠᠷᠠᠰᠤᠨ ᠬᠡᠦᠳᠡᠢ ᠳᠣᠲᠣᠷ᠎ᠠ ᠠ᠋ᠴᠠ ᠨᠣᠭᠣᠭᠠᠨ ᠠᠷᠴᠠ ᠭᠠᠷᠭᠠᠵᠤ ᠭᠠᠯ ᠤ᠋ᠨ ᠳᠣᠲᠣᠷ᠎ᠠ ᠬᠢᠪᠡ᠃ ᠲᠦᠳᠡᠯ ᠦᠭᠡᠢ ᠴᠡᠩᠬᠡᠷ ᠤᠲᠤᠭ᠎ᠠ ᠭᠡᠷ ᠳᠦᠭᠦᠷᠴᠦ ᠲᠠᠯ᠎ᠠ ᠭᠠᠵᠠᠷ ᠤ᠋ᠨ ᠡᠪᠡᠰᠦᠨ ᠦ᠌ ᠠᠷᠢᠭᠤᠨ ᠦᠨᠦᠷ ᠦᠨᠦᠷᠲᠦᠯ᠎ᠡ᠃
— ᠥᠪᠡᠷ ᠦ᠋ᠨ ᠢ᠋ᠶ᠋ᠡᠨ ᠵᠡᠭᠦᠳᠦ ᠶ᠋ᠢ ᠶᠠᠷᠢᠭᠲᠤᠨ᠃ ᠳᠠᠯᠠᠨ ᠰᠢᠷ᠎ᠠ ᠣᠩᠭᠣᠳ ᠢ᠋ ᠳᠠᠭᠤᠳᠠᠨ ᠠᠪᠴᠢᠷᠠᠵᠤ ᠴᠢᠮᠠᠲᠤ ᠶᠠᠮᠠᠷ ᠵᠢᠷᠭᠠᠯ ᠶᠠᠮᠠᠷ ᠵᠣᠪᠠᠯᠠᠩ ᠤᠴᠠᠷᠠᠬᠤ ᠶ᠋ᠢ ᠠᠰᠠᠭᠤᠵᠤ ᠥᠭᠭᠦᠶ᠎ᠡ ᠭᠡᠪᠡ᠃ ᠪᠠᠲᠤ ᠬᠠᠭᠠᠨ᠂ ᠲᠡᠰᠢ ᠪᠥᠬᠥᠢᠵᠦ ᠵᠥᠭᠡᠯᠡᠨ ᠳᠠᠭᠤ ᠪᠠᠷ ᠬᠡᠯᠡᠭᠰᠡᠨ ᠨᠢ᠄
— ᠪᠢ ᠢᠩᠭᠢᠵᠦ ᠵᠡᠭᠦᠳᠦᠯᠡᠪᠡ᠃ ᠪᠣᠷᠣ ᠮᠠᠨᠠᠨ ᠳᠣᠲᠣᠷ᠎ᠠ ᠠ᠋ᠴᠠ ᠭᠠᠯ ᠲᠠᠢ ᠨᠡᠭᠦᠷᠡᠰᠦ ᠤᠨᠠᠵᠤ ᠲᠣᠯᠣᠭᠠᠢ ᠶ᠋ᠢ ᠮᠢᠨᠢ ᠬᠠᠭᠠᠷᠢᠪᠠ᠂ ᠡᠭᠦᠨ ᠡᠴᠡ ᠪᠣᠯᠵᠤ ᠮᠢᠨᠦ ᠠᠭᠤᠰᠬᠢ ᠵᠢᠷᠦᠬᠡ ᠳᠣᠯᠭᠢᠶᠠᠯᠠᠪᠠ᠃ ᠮᠢᠨᠦ ᠶᠢᠰᠦᠨ ᠰᠡᠭᠦᠯᠲᠦ ᠲᠤᠭ ᠭᠠᠩᠬᠤᠵᠤ ᠬᠠᠵᠠᠢᠪᠠ᠃ ᠪᠠᠰᠠ ᠮᠢᠬ᠎ᠠ ᠠᠳᠠᠯᠢ ᠤᠯᠠᠭᠠᠨ ᠳᠠᠢᠰᠤᠨ ᠮᠠᠩᠭᠤᠰ ᠤ᠋ᠳ ᠮᠢᠨᠦ ᠮᠠᠯ ᠰᠦᠷᠦᠭ ᠠᠯᠪᠠᠲᠤ ᠶ᠋ᠢ ᠡᠵᠡᠮᠰᠢᠪᠡ᠃ ᠪᠠᠰᠠ ᠵᠡᠭᠦᠳᠦᠯᠡᠭᠰᠡᠨ ᠨᠢ ᠲᠡᠳᠡ ᠨᠠᠷ ᠮᠢᠨᠦ ᠲᠡᠮᠡᠭᠡ ᠨᠤᠭᠦᠳ ᠢ᠋ ᠵᠣᠪᠠᠭᠠᠵᠤ ᠭᠡᠷ ᠲᠡᠷᠭᠡ ᠠᠴᠢᠶᠠᠯᠠᠵᠤ ᠬᠣᠯᠠ ᠭᠠᠵᠠᠷ ᠨᠡᠭᠦᠬᠦ ᠭᠡᠵᠦ ᠪᠠᠢᠨ᠎ᠠ ᠭᠡᠵᠦ ᠵᠡᠭᠦᠳᠦᠯᠡᠪᠡ᠃ ᠨᠠᠳᠠᠳᠤ ᠬᠠᠭᠠᠨ ᠲᠩᠷᠢ ᠡᠨᠡ ᠵᠡᠭᠦᠳᠦ ᠪᠡᠷ ᠶᠠᠭᠤ ᠭᠡᠵᠦ ᠬᠡᠯᠡᠭᠰᠡᠨ ᠢ᠋ ᠢᠳᠤᠭᠠᠨ ᠺᠧᠷᠢᠨᠺᠧᠢ— ᠽᠠᠳᠠᠨ ᠴᠢ ᠲᠠᠢᠯᠪᠤᠷᠢᠯᠠᠵᠤ ᠥᠭ ᠭᠡᠪᠡ᠃

ᠢᠳᠤᠭᠠᠨ ᠪᠣᠰᠴᠤ ᠬᠡᠩᠭᠡᠷᠭᠡ ᠪᠡᠨ ᠠᠪᠴᠤ ᠨᠢᠭᠤᠷ ᠢ᠋ᠶ᠋ᠠᠨ ᠲᠠᠭᠯᠠᠨ ᠳᠡᠯᠡᠳᠴᠦ ᠳᠠᠭᠤᠳᠠᠯᠭ᠎ᠠ ᠳᠠᠭᠤᠳᠠᠨ ᠠᠶᠠᠯᠵᠤ ᠴᠢᠨᠣ᠎ᠠ᠂ ᠪᠠᠭᠠᠪᠠᠭᠠᠢ᠂ ᠰᠢᠷ᠎ᠠ ᠰᠢᠪᠠᠭᠤ ᠪᠣᠯᠤᠨ ᠳᠤᠤᠭᠠᠷᠪᠠ᠃ ᠲᠡᠭᠡᠭᠡᠳ ᠪᠣᠰᠴᠤ ᠪᠠᠶ᠋ᠢᠷᠢ ᠳ᠋ᠠᠭᠠᠨ ᠳᠡᠪᠬᠡᠷᠴᠦ ᠴᠣᠪᠬᠣᠷᠤᠭᠰᠠᠨ ᠢ᠋ᠶ᠋ᠠᠨ ᠭᠡᠨᠡᠳᠲᠡ ᠨᠢᠭᠡ ᠬᠥᠯ ᠳᠡᠭᠡᠷ᠎ᠡ ᠪᠡᠨ ᠳᠡᠪᠬᠡᠴᠡᠵᠦ ᠭᠡᠷ ᠡᠴᠡ ᠭᠦᠶᠦᠨ ᠭᠠᠷᠪᠠ᠃ ᠴᠡᠷᠢᠭ ᠦ᠋ᠳ ᠲᠡᠭᠦᠨ ᠦ᠌ ᠬᠣᠢᠨ᠎ᠠ ᠠ᠋ᠴᠠ ᠭᠦᠶᠦᠯᠴᠡᠪᠡ᠃ ᠲᠡᠷᠡ ᠥᠨᠥᠬᠢ ᠥᠨᠥᠴᠢᠨ ᠬᠠᠢᠯᠠᠰᠤᠨ ᠳᠡᠭᠡᠷ᠎ᠡ ᠣᠴᠢᠵᠤ ᠶᠡᠷᠦ ᠪᠤᠰᠤ ᠶ᠋ᠢᠨ ᠭᠠᠪᠰᠢᠭᠠᠢ ᠪᠠᠷ ᠠᠪᠠᠷᠢᠵᠤ ᠣᠷᠣᠢ ᠳᠡᠭᠡᠷ᠎ᠡ ᠨᠢ ᠭᠠᠷᠪᠠ᠃ ᠲᠡᠭᠡᠭᠡᠳ ᠲᠡᠨᠳᠡ ᠪᠡᠨ ᠪᠠᠷᠬᠢᠷᠠᠵᠤ ᠬᠡᠩᠭᠡᠷᠭᠡ ᠪᠡᠨ ᠳᠡᠯᠡᠳᠦᠨ ᠰᠢᠷᠣᠨ ᠰᠠᠪᠠ ᠠ᠋ᠴᠠ ᠪᠠᠨ ᠶᠠᠰᠤ ᠠᠪᠴᠤ ᠤᠮᠠᠷ᠎ᠠ ᠣᠷᠣᠰ ᠤ᠋ᠨ ᠵᠦᠭ ᠬᠠᠶᠠᠪᠠ᠃ ᠳᠠᠷᠠᠭ᠎ᠠ ᠪᠠᠷ ᠨᠢ ᠮᠥᠨ ᠲᠦᠷᠭᠡᠨ ᠳᠣᠷᠣᠭᠰᠢ ᠪᠠᠭᠤᠵᠤ ᠴᠠᠰᠤᠨ ᠳᠣᠲᠣᠭᠤᠷ ᠬᠤᠷᠳᠤᠯᠠᠨ ᠭᠦᠶᠦᠵᠦ ᠭᠡᠷ ᠲᠦ᠍ ᠡᠭᠡᠵᠦ ᠢᠷᠡᠯ᠎ᠡ᠃ ᠪᠠᠲᠤ ᠬᠠᠭᠠᠨ ᠭᠡᠷ ᠦ᠋ᠨ ᠡᠭᠦᠳᠡᠨ ᠳ᠋ᠦ᠍ ᠵᠣᠭᠰᠣᠵᠤ ᠪᠥᠬᠡ ᠶ᠋ᠢᠨ ᠬᠢᠭᠰᠡᠨ ᠶᠠᠪᠤᠳᠠᠯ ᠢ᠋ ᠴᠥᠮ ᠢ᠋ ᠠᠵᠢᠭᠯᠠᠨ ᠬᠠᠷᠠᠪᠠ᠃ ᠲᠡᠭᠦᠨ ᠢ᠋ ᠭᠡᠷ ᠲᠦ᠍ ᠣᠷᠣᠭᠰᠠᠨ ᠤ᠋ ᠳᠠᠷᠠᠭ᠎ᠠ᠂ ᠥᠪᠡᠷ ᠢ᠋ᠶ᠋ᠡᠨ ᠪᠠᠰᠠ ᠭᠡᠷ ᠲᠦ᠍ ᠬᠡᠪᠢᠰ ᠳᠡᠭᠡᠷ᠎ᠡ ᠰᠠᠭᠤᠪᠠ᠃ ᠢᠳᠤᠭᠠᠨ ᠰᠥᠭᠥᠳᠴᠦ ᠨᠢᠭᠤᠷ ᠢ᠋ᠶ᠋ᠠᠨ ᠬᠡᠩᠭᠡᠷᠭᠡ ᠪᠡᠷ ᠳᠠᠯᠳᠠᠯᠠᠵᠤ ᠳᠣᠷᠣᠢ ᠳᠠᠭᠤ ᠪᠠᠷ ᠥᠭᠦᠯᠡᠭᠰᠡᠨ ᠨᠢ᠄
— ᠪᠢ ᠮᠣᠳᠣᠨ ᠤ᠋ ᠣᠷᠣᠢ ᠳᠡᠭᠡᠷ᠎ᠡ ᠭᠠᠷᠴᠤ ᠲᠡᠭᠷᠢ ᠳᠡᠭᠡᠷ᠎ᠡ ᠡᠭᠦᠯᠡᠨ ᠳᠣᠣᠷ᠎ᠠ ᠬᠦᠷᠴᠦ ᠮᠥᠷᠭᠥᠯ ᠬᠢᠪᠡ᠃ ᠣᠩᠭᠣᠳ ᠤ᠋ᠳ ᠮᠢᠨᠢ ᠮᠥᠷ ᠢ᠋ᠶ᠋ᠡᠷ ᠡᠨᠳᠡ ᠢᠷᠡᠪᠡ᠃ ᠣᠳᠣ ᠲᠡᠳᠡᠨᠡᠷ ᠴᠢᠨᠦ ᠵᠡᠭᠦᠳᠦ ᠶ᠋ᠢ ᠲᠠᠢᠯᠪᠤᠷᠢᠯᠠᠨ ᠶᠠᠷᠢᠨ᠎ᠠ ᠭᠡᠳ ᠥᠪᠡᠷ ᠢ᠋ᠶ᠋ᠡᠨ ᠤᠷᠢᠬᠠᠨ ᠳᠠᠭᠤ ᠪᠠᠷ ᠥᠭᠦᠯᠡᠭᠰᠡᠨ ᠨᠢ᠄
— ᠷᠶᠠᠽᠠᠨ ᠤ᠋ ᠭᠠᠵᠠᠷ ᠢ᠋ ᠵᠠᠬᠢᠷᠬᠤ ᠪᠠᠷ ᠲᠥᠷᠥᠭᠰᠡᠨ ᠵᠠᠯᠠᠭᠤ ᠣᠯᠠᠨ ᠸᠠᠩ ᠡᠵᠡᠨ ᠴᠢᠮᠠᠲᠤ ᠮᠡᠬᠦᠢᠰᠬᠢᠬᠦ ᠪᠡᠷ ᠢᠷᠡᠭᠡᠳ ᠥᠪᠡᠷ ᠢ᠋ᠶ᠋ᠡᠨ ᠨᠠᠢ᠍ᠮᠠᠨ ᠵᠦᠭ ᠲᠦ᠍ ᠬᠠᠷᠠᠵᠤ᠂ ᠴᠢᠨᠦ ᠴᠡᠷᠢᠭ ᠢ᠋ ᠲᠣᠭᠠᠯᠠᠭᠰᠠᠨ ᠪᠢᠯᠡ᠃ ᠲᠡᠷᠡ ᠴᠢᠮᠠᠲᠤ ᠠᠷᠪᠠᠨ ᠬᠣᠶᠠᠷ ᠰᠠᠢᠬᠠᠨ ᠠᠳᠤᠭᠤ ᠪᠠᠷ ᠪᠡᠯᠡᠭ ᠬᠦᠷᠭᠡᠨ ᠢᠷᠡᠵᠡᠢ᠃ ᠲᠡᠭᠦᠨ ᠦ᠌ ᠳᠣᠲᠣᠷ᠎ᠠ ᠬᠠᠷ᠎ᠠ ᠮᠣᠷᠢ ᠪᠣᠢ᠂ ᠲᠡᠭᠦᠨ ᠢ᠋ ᠭᠠᠭᠴᠠᠬᠦ ᠰᠢᠷ᠎ᠠ ᠣᠩᠭᠣᠳ ᠤᠨᠤᠵᠤ ᠪᠣᠯᠤᠨ᠎ᠠ᠃ ᠡᠨᠡ ᠰᠠᠢᠬᠠᠨ ᠮᠣᠷᠢ ᠪᠠᠷ ᠴᠢ ᠶᠠᠭᠤ ᠬᠢᠪᠡ? ᠭᠡᠬᠦ ᠳ᠋ᠦ᠍ᠨᠢ ᠪᠠᠲᠤ ᠬᠠᠭᠠᠨ ᠨᠢᠳᠦ ᠪᠡᠨ ᠠᠨᠢᠪᠴᠢᠨ ᠭᠠᠷ ᠢ᠋ᠶ᠋ᠠᠷ ᠵᠢᠭᠠᠵᠤ ᠲᠣᠯᠣᠭᠠᠢ ᠪᠠᠨ ᠰᠡᠭᠰᠦᠷᠦᠨ᠂ ᠴᠢᠨᠦ ᠶᠠᠭᠤ ᠭᠤᠶᠤᠬᠤ ᠭᠡᠰᠡᠨ ᠢ᠋ ᠴᠢᠨᠢ ᠮᠡᠳᠡᠯ᠎ᠡ ᠮᠡᠳᠡᠯ᠎ᠡ ᠭᠡᠵᠦ ᠶᠠᠭ ᠬᠡᠯᠡᠬᠦ ᠭᠡᠰᠡᠨ ᠶᠤᠮᠰᠢᠭ᠋ ᠪᠣᠯᠤᠭᠠᠳ ᠬᠡᠯᠡᠭᠰᠡᠨ ᠨᠢ:
— ᠪᠢ ᠲᠡᠭᠦᠨ ᠢ᠋ᠶ᠋ᠡᠷ ᠶᠠᠭᠤ ᠬᠢᠭᠰᠡᠨ ᠪᠣᠢ ᠭᠡᠵᠢ ᠤᠤ? ᠪᠢ ᠷᠶᠡᠽᠡᠨ ᠦ᠌ ᠸᠠᠩ ᠢ᠋ ᠠᠯᠠᠭᠰᠠᠨ ᠲᠤᠯᠠ ᠲᠡᠭᠦᠨ ᠦ᠌ ᠬᠠᠷ᠎ᠠ ᠮᠣᠷᠢ ᠶ᠋ᠢ ᠤᠨᠤᠬᠤ ᠪᠣᠯᠤᠨ᠎ᠠ ᠭᠡᠪᠡ᠃ ᠲᠡᠷᠡ ᠢᠳᠤᠭᠠᠨ ᠳᠠᠬᠢᠨ ᠨᠠᠷᠢᠨ ᠳᠠᠭᠤ ᠪᠠᠷ ᠬᠡᠯᠡᠭᠰᠡᠨ ᠨᠢ:
— ᠪᠠᠲᠤ ᠬᠠᠭᠠᠨ ᠤ᠋ ᠵᠡᠭᠦᠳᠦ ᠶᠠᠭᠤ ᠪᠣᠯᠬᠤ ᠶ᠋ᠢ ᠶᠡᠬᠡ ᠰᠢᠷ᠎ᠠ ᠣᠩᠭᠣᠳ ᠮᠢᠨᠢ ᠬᠡᠯᠡᠵᠦ ᠠᠯᠢ᠂ ᠡᠨᠡ ᠵᠡᠭᠦᠳᠦ ᠠᠶᠤᠯ ᠵᠦᠬᠡᠯ ᠶᠤᠮ ᠪᠢᠰᠢ ᠪᠢᠵᠡ? ᠭᠠᠰᠠᠯᠠᠩ ᠵᠣᠪᠠᠯᠠᠩ ᠢ᠋ ᠠᠷᠢᠯᠭᠠᠬᠤ ᠶ᠋ᠢᠨ ᠲᠤᠯᠠᠳᠠ ᠮᠥᠷᠭᠥᠯ ᠵᠠᠯᠪᠠᠷᠢᠯ ᠬᠡᠷᠡᠭ ᠲᠡᠢ ᠪᠢᠰᠢ ᠶᠤᠮ ᠪᠢᠵᠡ? ᠭᠡᠵᠦ ᠠᠰᠠᠭᠤᠭᠠᠳ ᠲᠡᠳᠦᠢ ᠳᠠᠭᠤ ᠪᠠᠨ ᠥᠭᠡᠷᠡᠴᠢᠯᠡᠵᠦ ᠥᠪᠡᠷ ᠢ᠋ᠶ᠋ᠡᠨ ᠲᠡᠭᠷᠢ ᠶ᠋ᠢᠨ ᠣᠩᠭᠣᠳ ᠬᠡᠯᠡᠵᠦ ᠪᠠᠢᠭ᠎ᠠ ᠶᠤᠮᠰᠢᠭ ᠪᠣᠯᠭᠠᠵᠤ ᠴᠢᠨᠣ᠎ᠠ ᠶ᠋ᠢᠨ ᠣᠯᠢᠯᠲᠠ ᠮᠡᠲᠦ ᠨᠠᠷᠢᠨ ᠳᠠᠭᠤ ᠪᠠᠷ ᠪᠥᠬᠡᠯᠡᠭᠰᠡᠨ ᠨᠢ᠄
— ᠪᠣᠳᠣᠵᠤ ᠪᠠᠢᠭ᠎ᠠ ᠠᠶᠠᠨ ᠲᠡᠢᠨ ᠬᠥᠮᠦᠨ ᠳ᠋ᠦ᠍ ᠪᠡᠷᠬᠡ ᠲᠡᠢ ᠪᠠᠢᠨ᠎ᠠ᠃ ᠰᠠᠬᠠᠯᠲᠤ ᠣᠷᠣᠰ ᠤ᠋ᠳ ᠪᠣᠯ ᠲᠦᠭᠦᠬᠡᠢ ᠮᠢᠬ᠎ᠠ ᠰᠢᠭ᠋ ᠰᠢᠷ᠎ᠠ ᠤᠯᠠᠭᠠᠨ ᠮᠠᠩᠭᠤᠰ ᠤ᠋ᠨ ᠬᠥᠪᠡᠭᠦᠳ ᠶᠤᠮ᠃ ᠲᠡᠳᠡᠨ ᠲᠡᠢ ᠪᠠᠢᠯᠳᠤᠬᠤ ᠳ᠋ᠤ᠌ ᠠᠶᠤᠯᠲᠠᠢ᠃ ᠨᠢᠭᠡ ᠲᠣᠯᠣᠭᠠᠢ ( ᠶ᠋ᠢ) ᠲᠠᠰᠤ ᠴᠠᠪᠴᠢᠬᠤ ᠳ᠋ᠤ᠌ ᠬᠣᠶᠠᠷ ᠪᠣᠯᠵᠤ ᠤᠷᠭᠤᠨ᠎ᠠ᠂ ᠬᠣᠶᠠᠷ ᠲᠣᠯᠣᠭᠠᠢ ᠶ᠋ᠢ ᠴᠠᠪᠴᠢᠪᠠᠯ ᠳᠥᠷᠪᠡ ᠪᠣᠯᠵᠤ ᠤᠷᠭᠤᠨ᠎ᠠ᠃ ᠮᠥᠷᠭᠥᠯ ᠵᠠᠯᠪᠠᠷᠢᠯ ᠦᠭᠡᠢ ᠪᠡᠷ ᠣᠷᠣᠰ ᠤ᠋ᠳ ᠢ᠋ ᠪᠠᠢᠯᠳᠤᠵᠤ ᠪᠣᠯᠬᠤ ᠦᠭᠡᠢ᠃ ᠮᠣᠷᠢ᠂ ᠱᠠᠷ᠂ ᠬᠣᠨᠢ᠂ ᠲᠡᠮᠳᠡᠭ ᠦᠭᠡᠢ ᠬᠠᠷ᠎ᠠ ᠢᠮᠠᠭ᠎ᠠ ᠵᠡᠷᠭᠡ ᠶᠡᠷᠡᠨ ᠶᠢᠰᠦᠨ ᠬᠠᠷ᠎ᠠ ᠮᠠᠯ ᠢ᠋ᠶ᠋ᠠᠷ ᠲᠠᠬᠢᠯ ᠡᠷᠭᠦᠬᠦ ᠬᠡᠷᠡᠭᠲᠡᠢ᠂ ᠬᠠᠮᠤᠭ ᠤ᠋ᠨ ᠲᠦᠷᠦᠭᠦᠨ ᠳ᠋ᠦ᠍ ᠷᠶᠠᠽᠠᠨ ᠤ᠋ ᠸᠠᠩ ᠠ᠋ᠴᠠ ᠪᠡᠯᠡᠭᠯᠡᠭᠰᠡᠨ ᠬᠠᠷ᠎ᠠ ᠮᠣᠷᠢ ᠶ᠋ᠢ ᠠᠯᠠᠬᠤ ᠬᠡᠷᠡᠭᠲᠡᠢ᠃ ᠢᠳᠤᠭᠠᠨ ᠰᠡᠭᠦᠯᠴᠢ ᠶ᠋ᠢᠨ ᠦᠭᠡ ᠨᠦ᠍ᠭᠦᠳ ᠢ᠋ᠶ᠋ᠡᠨ ᠰᠤᠯᠠᠬᠠᠨ ᠳᠠᠭᠤ ᠪᠠᠷ ᠥᠭᠦᠯᠡᠬᠦ ᠨᠢ ᠭᠡᠷ ᠦ᠋ᠨ ᠳᠡᠭᠡᠪᠦᠷ ᠡᠴᠡ ᠰᠣᠨᠣᠰᠳᠠᠵᠤ ᠪᠠᠢᠭ᠎ᠠ ᠮᠡᠲᠦ ᠪᠣᠯᠭᠠᠨ᠎ᠠ᠃ ᠲᠡᠭᠡᠭᠡᠳ ᠢᠳᠤᠭᠠᠨ ᠭᠠᠵᠠᠷ ᠲᠸ᠋ ᠪᠥᠬᠥᠢᠵᠦ ᠪᠠᠢᠭᠠᠳ ᠭᠠᠵᠠᠷ ᠲᠸ᠋ ᠬᠠᠵᠠᠭᠤ ᠪᠠᠷ ᠬᠡᠪᠲᠡᠪᠡ᠃

ᠭᠡᠷ ᠤ᠋ᠨ ᠳᠣᠲᠣᠷ᠎ᠠ ᠨᠠᠮ ᠭᠦᠮ᠂ ᠪᠦᠭᠦᠳᠡᠭᠡᠷ ᠪᠠᠲᠤ ᠬᠠᠭᠠᠨ ᠤ᠋ ᠶᠠᠭᠤ ᠬᠡᠯᠡᠬᠦ ᠶ᠋ᠢ ᠬᠦᠯᠢᠶᠡᠨ᠎ᠡ᠃

ᠠᠪᠤᠷᠠᠯᠲᠤ ᠡᠵᠡᠨ ᠬᠥᠮᠥᠰᠬᠡ ᠠᠲᠤᠷᠢᠭᠤᠯᠤᠨ ᠬᠡᠯᠡᠪᠡ᠃
— ᠴᠢ ᠬᠥᠭᠰᠢᠨ ᠴᠢᠨᠣ᠎ᠠ ᠰᠢᠭ᠋ ᠤᠬᠠᠮᠰᠠᠷ (ᠲᠠᠢ)᠂ ᠴᠢ ᠬᠠᠪᠬᠠᠨ ᠳ᠋ᠤ᠌ ᠣᠷᠣᠵᠤ ᠦᠵᠡᠭᠰᠡᠨ ᠦᠨᠡᠭᠡ ᠰᠢᠭ᠌ ᠬᠠᠰᠢᠷ᠃ ᠴᠢ ᠨᠠᠳᠠᠳᠤ ᠬᠡᠯᠡᠵᠦ ᠥᠭ᠂ ᠶᠡᠷᠦ ᠡᠴᠡ ᠪᠡᠨ ᠬᠣᠢᠲᠤ ᠵᠦᠭ ᠦ᠋ᠨ ᠣᠢ ᠰᠢᠭᠤᠢ ᠤᠷᠤᠭᠤ ᠣᠷᠣᠰ ᠤ᠋ᠨ ᠳᠠᠰᠢ ᠶᠠᠪᠤᠬᠤ ᠪᠠᠨ ᠪᠣᠯᠢᠬᠤ ᠤᠤ? ᠮᠠᠭᠠᠳ ᠦᠭᠡᠢ᠂ ᠮᠢᠨᠦ ᠴᠡᠷᠢᠭ ᠦ᠋ᠳ ᠤᠯᠠᠭᠠᠨ ᠰᠢᠷᠭᠠᠯ ᠣᠷᠣᠰ ᠤ᠋ᠳ ᠲᠤ᠌ ᠢᠳᠡᠭᠳᠡᠨ ᠳᠠᠭᠤᠰᠬᠤ ᠪᠣᠯᠪᠠᠤ? ᠮᠠᠭᠠᠳ ᠦᠭᠡᠢ᠂ ᠮᠢᠨᠦ ᠶᠢᠰᠦᠨ ᠬᠡᠯᠡ ᠲᠡᠢ ᠲᠤᠭ ᠴᠠᠪᠴᠢᠭᠳᠠᠭᠰᠠᠨ ᠰᠢᠭ᠋ ᠪᠥᠬᠥᠢᠵᠦ᠂ ᠮᠢᠨᠦ ᠮᠣᠩᠭᠣᠯᠴᠤᠳ ᠬᠠᠷᠢ ᠦᠨᠳᠦᠰᠦᠲᠡᠨ ᠳ᠋ᠦ᠍ ᠭᠢᠨᠵᠢᠯᠡᠭᠳᠡᠬᠦ ᠪᠣᠯ ᠤᠤ?

ᠢᠳᠤᠭᠠᠨ ᠳᠠᠭᠤ ᠦᠭᠡᠢ ᠪᠠᠢᠨ᠎ᠠ᠃ ᠪᠠᠲᠤ ᠬᠠᠭᠠᠨ ᠦᠷᠭᠦᠯᠵᠢᠯᠡᠨ ᠬᠡᠯᠡᠪᠡ᠃
— ᠣᠷᠣᠰ ᠤ᠋ᠨ ᠲᠡᠰᠢ ᠶᠠᠪᠤᠭᠠᠳ ᠶᠠᠭᠠᠬᠢᠬᠤ ᠪᠢᠯᠡ? ᠨᠠᠪᠲᠠᠷᠠᠰᠢ ᠦᠭᠡᠢ ᠭᠦᠨ ᠣᠢ ᠬᠥᠪᠴᠢ ᠪᠣᠢ᠂ ᠲᠡᠷᠡ ᠣᠢ ᠳ᠋ᠤ᠌ ᠪᠠᠭᠠᠪᠠᠭᠠᠢ ᠶ᠋ᠢ ᠠᠯᠪᠠᠲᠤ ᠪᠣᠯᠭᠠᠨ ᠵᠠᠷᠤᠴᠠᠯᠠᠭᠰᠠᠨ ᠶᠢᠯᠸᠢ᠌ᠲᠦ ᠬᠥᠮᠦᠰ ᠲᠡᠨᠦᠭᠦᠴᠢᠯᠡᠨ ᠶᠠᠪᠤᠳᠠᠭ᠃ ᠬᠠᠷᠢᠨ ᠬᠥᠬᠡ ᠳᠠᠯᠠᠢ ᠶ᠋ᠢᠨ ᠰᠠᠯᠬᠢ ᠡᠪᠡᠰᠦᠨ ᠦ᠌ ᠮᠥᠩᠭᠥᠨ ᠰᠤᠷ ᠢ᠋ ᠳᠣᠯᠭᠢᠶᠠᠯᠠᠭᠤᠯᠤᠭᠰᠠᠨ ᠲᠠᠯ᠎ᠠ ᠶ᠋ᠢᠨ ᠵᠦᠭ ᠶᠠᠪᠤᠬᠤ ᠨᠢ ᠳᠡᠭᠡᠷ᠎ᠡ ᠪᠢᠰᠢ ᠤᠤ? ᠲᠡᠨᠳᠡ ᠲᠠᠷᠭᠤᠨ ᠴᠠᠭᠠᠨ ᠬᠣᠨᠢ᠂ ᠦᠬᠡᠷ᠂ ᠢᠮᠠᠭ᠎ᠠ ᠰᠦᠷᠦᠭᠯᠡᠨ ᠪᠡᠯᠴᠢᠭᠡᠷᠯᠡᠳᠡᠭ᠃ ᠲᠡᠨᠳᠡ ᠳᠤᠷ᠎ᠠ ᠪᠠᠷ ᠨᠡᠭᠦᠳᠡᠯᠯᠡᠵᠦ ᠪᠣᠯᠤᠨ᠎ᠠ᠁ ᠭᠡᠵᠦ ᠬᠣᠨᠢᠨ ᠤ᠋ ᠰᠡᠭᠦᠯ ᠰᠢᠭ᠌ ᠵᠢᠷᠦᠬᠡ ᠨᠢ ᠳᠣᠭᠳᠣᠯᠵᠤ ᠪᠠᠢᠭ᠎ᠠ ᠣᠯᠠᠨ ᠬᠥᠮᠦᠰ ᠨᠠᠳᠠᠳᠤ ᠬᠡᠯᠡᠳᠡᠭ᠃ ᠺᠧᠷᠢᠨᠺᠧᠢ— ᠽᠠᠳᠠᠨ ᠴᠢ ᠡᠨᠡ ᠠᠶᠤᠮᠠᠲᠠᠭᠠᠢ ᠶᠠᠭᠤ ᠪᠠᠨ ᠲᠡᠷᠡ ᠵᠣᠷᠢᠬᠭᠦᠢᠴᠤᠳ ᠠ᠋ᠴᠠ ᠰᠤᠷᠠᠪᠠᠤ? ᠮᠢᠨᠦ ᠪᠠᠭᠰᠢ ᠬᠠᠳ᠋ᠵᠢ ᠷᠠᠾᠢᠮ ᠬᠠᠮᠢᠭ᠎ᠠ ᠪᠠᠢᠨ᠎ᠠ? 

ᠮᠣᠩᠭᠣᠯ ᠤ᠋ᠨ ᠬᠠᠭᠠᠳ ᠨᠣᠶᠠᠳ ᠤ᠋ᠨ ᠥᠷᠭᠡᠨ ᠴᠡᠭᠡᠵᠢ ᠨᠦ᠍ᠭᠦᠳ ᠦ᠋ᠨ ᠠᠷᠤ ᠠ᠋ᠴᠠ ᠬᠠᠲᠠᠩᠭᠢ ᠲᠤᠷᠠᠩᠬᠠᠢ ᠪᠡᠶᠡᠲᠡᠢ ᠤᠷᠲᠤ ᠴᠠᠭᠠᠨ ᠰᠠᠬᠠᠯ ᠲᠠᠢ᠂ ᠥᠨᠳᠥᠷ ᠮᠠᠯᠠᠭᠠᠢ ᠲᠠᠢ ᠡᠪᠦᠭᠡᠨ ᠪᠠᠳᠢᠷᠴᠢᠨ ᠪᠣᠰᠴᠤ ᠭᠠᠷ ᠢ᠋ᠶ᠋ᠠᠨ ᠡᠯᠢᠭᠡᠨ ᠳᠡᠭᠡᠷ᠎ᠡ ᠪᠡᠨ ᠵᠥᠷᠢᠭᠦᠯᠦᠨ᠂
— ᠠᠩᠬᠠᠷᠤᠨ ᠰᠣᠨᠣᠰᠴᠤ ᠳᠠᠭᠠᠭᠲᠤᠨ᠃ ᠪᠠᠲᠤ ᠬᠠᠭᠠᠨ ᠵᠠᠷᠯᠢᠭ ᠢ᠋ ᠴᠢᠨᠢ ᠰᠣᠨᠣᠰᠤᠶ᠎ᠠ᠃
— ᠬᠣᠶᠠᠷ ᠡᠪᠡᠷᠲᠦ ᠢᠰᠺᠸᠨ᠋ᠳ᠋ᠸᠷ ᠨᠢ ᠲᠡᠢᠨ ᠳ᠋ᠦ᠍ ᠠᠶᠠᠯᠠᠬᠤ ᠳ᠋ᠠᠭᠠᠨ ᠪᠡᠯᠴᠢᠭᠡᠷ ᠰᠠᠢᠲᠠᠢ ᠭᠠᠵᠠᠷ ᠢ᠋ ᠡᠷᠢᠳᠡᠭ ᠪᠠᠢᠭᠰᠠᠨ ᠤᠤ? ᠠᠯᠢ ᠦᠭᠡᠢ ᠤᠤ?
— ᠦᠭᠡᠢ ᠵᠠᠩᠵᠤᠨ ᠮᠢᠨᠢ᠂ ᠵᠥᠪᠬᠡᠨ ᠳᠠᠢᠰᠤᠨ ᠤ᠋ ᠪᠦᠭᠡᠨᠡᠷᠡᠭᠰᠡᠨ ᠴᠡᠷᠢᠭ ᠦ᠋ᠳ ᠢ᠋ ᠡᠷᠢᠵᠦ ᠣᠯᠤᠭᠠᠳ ᠲᠩᠷᠢ ᠡᠴᠡ ᠪᠠᠭᠤᠬᠤ ᠪᠦᠷᠭᠦᠳ ᠰᠢᠭ᠌ ᠳᠠᠭᠠᠷᠢᠨ ᠣᠷᠣᠳᠠᠭ ᠪᠠᠢᠪᠠ᠃
— ᠲᠡᠷᠡ ᠲᠤᠯᠤᠯᠳᠤᠭᠠᠨ ᠳ᠋ᠤ᠌ ᠣᠷᠣᠬᠤ ᠶ᠋ᠢᠨ ᠡᠮᠦᠨ᠎ᠡ ᠬᠠᠷ᠎ᠠ ᠮᠣᠷᠢ ᠪᠠᠨ ᠠᠯᠠᠵᠤ ᠢᠳᠡᠵᠦ ᠪᠠᠢᠭᠰᠠᠨ ᠤᠤ?
— ᠦᠭᠡᠢ ᠵᠠᠩᠵᠤᠨ ᠮᠢᠨᠢ᠂ ᠲᠡᠷᠡ ᠥᠪᠡᠷ ᠦ᠋ᠨ ᠬᠠᠢᠷᠠᠲᠠᠢ ᠪᠦᠼᠢᠹᠡᠯ ᠭᠡᠳᠡᠭ ᠬᠠᠷ᠎ᠠ ᠠᠵᠢᠷᠭ᠎ᠠ ᠪᠠᠨ ᠲᠡᠢᠨ ᠲᠤᠯᠤᠯᠳᠤᠭᠠᠨ ᠪᠦᠬᠦᠨ ᠳ᠋ᠦ᠍ ᠦᠷᠭᠦᠯᠵᠢ ᠬᠥᠲᠥᠯᠵᠦ ᠶᠠᠪᠤᠳᠠᠭ ᠰᠠᠨ᠃ ᠪᠦᠼᠢᠹᠡᠯ ᠦ᠋ᠨ ᠪᠦᠷ ᠬᠥᠭᠰᠢᠷᠡᠭᠰᠡᠨ ᠬᠣᠢᠨ᠎ᠠ ᠴᠤ᠌ ᠣᠷᠬᠢᠭ᠎ᠠ ᠦᠭᠡᠢ ᠶᠤᠮ᠃
— ᠮᠢᠨᠦ ᠦᠨᠡᠨᠴᠢ ᠰᠢᠳᠤᠷᠭᠤ ᠮᠡᠷᠭᠡᠨ ᠪᠠᠭᠰᠢ ᠬᠠᠳ᠋ᠵᠢ ᠷᠠᠾᠢᠮ ᠴᠢᠮᠠᠲᠤ ᠪᠠᠶᠠᠷᠯᠠᠯ᠎ᠠ᠃ ᠲᠡᠢᠨ ᠲᠤᠯᠤᠯᠳᠤᠭᠠᠨ ( ᠤ᠋)ᠮᠢᠨᠢ ᠪᠠᠭᠰᠢ ᠰᠦᠪᠡᠭᠡᠳᠡᠢ ᠪᠠᠭᠠᠲᠤᠷ ᠤ᠋ᠨ ᠬᠡᠯᠡᠬᠦ ᠶ᠋ᠢ ᠰᠣᠨᠣᠰᠤᠶ᠎ᠠ᠃ ᠣᠷᠣᠰ ᠤ᠋ᠨ ᠲᠡᠰᠢ ᠳᠠᠢᠯᠠᠷ᠎ᠠ ᠮᠣᠷᠳᠠᠬᠤ ᠤᠤ? ᠬᠥᠬᠡ ᠳᠠᠯᠠᠢ ᠲᠡᠰᠢ ᠤᠬᠤᠷᠢᠵᠤ ᠠᠮᠠᠷᠠᠬᠤ ᠤᠤ?

ᠰᠦᠪᠡᠭᠡᠳᠡᠢ ᠪᠠᠭᠠᠲᠤᠷ ᠦᠯᠦ ᠢᠲᠡᠭᠡᠮᠵᠢᠯᠡᠭᠴᠢ ᠬᠡᠷᠴᠡᠭᠡᠢ ᠨᠢᠳᠦ ᠪᠡᠨ ᠡᠷᠭᠢᠯᠳᠦᠭᠦᠯᠦᠨ ᠥᠭᠦᠯᠡᠭᠰᠡᠨ ᠨᠢ᠄
— ᠴᠡᠷᠢᠭ ᠡᠨᠳᠡ ᠤᠳᠠᠲᠠᠯ᠎ᠠ ᠵᠣᠭᠰᠣᠪᠠ᠃ ᠬᠣᠭᠣᠯᠠ ᠬᠦᠨᠡᠰᠦᠨ ᠦ᠌ ᠪᠡᠯᠡᠳᠬᠡᠯ ᠳᠠᠭᠤᠰᠪᠠ᠃ ᠰᠢᠭᠤᠷᠭ᠎ᠠ ᠤᠯᠠᠮ ᠬᠦᠴᠦᠲᠡᠢ ᠪᠣᠯᠵᠤ ᠪᠠᠢᠨ᠎ᠠ᠃ ᠣᠷᠣᠰ ᠤ᠋ᠨ ᠬᠣᠲᠠ ᠤ᠋ᠳ ᠲᠡᠰᠢ ᠳᠠᠷᠤᠢᠬᠠᠨ ᠴᠢᠭᠯᠡᠬᠦ ᠴᠠᠭ ᠪᠣᠯᠤᠭᠰᠠᠨ ᠪᠢᠰᠢ ᠤᠤ? ᠲᠡᠨᠳᠡ ᠬᠥᠮᠦᠨ᠂ ᠮᠣᠷᠢᠳ ᠢ᠋ ᠴᠠᠳᠬᠠᠵᠤ ᠪᠣᠯᠤᠨ᠎ᠠ᠃ ᠳᠠᠯᠠᠨ ᠳᠣᠯᠣᠭᠠᠨ ᠮᠢᠩᠭᠠᠨ ᠮᠠᠩᠭᠤᠰ ᠤ᠋ᠳ ᠰᠠᠭᠠᠲᠠᠭᠤᠯᠪᠠᠴᠤ ᠴᠢ ᠷᠶᠡᠽᠠᠨ ᠤ᠋ ᠸᠠᠩ ᠤ᠋ᠨ ᠬᠠᠷ᠎ᠠ ᠮᠣᠷᠢ ᠶ᠋ᠢ ᠤᠨᠤᠵᠤ ᠷᠶᠡᠽᠡᠨ ᠬᠣᠲᠠ ᠳ᠋ᠤ᠌ ᠣᠷᠣᠨ᠎ᠠ᠃ ᠷᠶᠡᠽᠡᠨᠴᠤᠳ ᠤ᠋ᠨ ᠠᠪᠴᠢᠷᠠᠭᠰᠠᠨ ᠮᠣᠷᠢ ᠰᠢᠭ᠋ ᠲᠣᠮᠣ ᠬᠠᠷ᠎ᠠ ᠭᠠᠬᠠᠢ ᠶ᠋ᠢᠨ ᠬᠥᠯᠳᠡᠭᠦᠦ ᠮᠢᠬ᠎ᠠ ᠶ᠋ᠢ ᠢᠳᠤᠭᠠᠨ ᠺᠸᠷᠢᠨᠺᠸᠢ — ᠽᠠᠳᠠᠨ ᠢ᠋ ᠥᠯᠦᠰᠬᠡᠬᠦ ᠦᠭᠡᠢ ᠶ᠋ᠢᠨ ᠲᠤᠯᠠᠳᠠ ᠪᠡᠯᠡᠳᠬᠡᠯ᠎ᠡ᠃ ᠣᠷᠣᠰ ᠤ᠋ᠨ ᠠᠳᠤᠭᠤ ᠨᠤᠭᠤᠳ ᠢ᠋ ᠡᠵᠡᠯᠡᠨ ᠠᠪᠤᠭᠠᠳ ᠸᠯᠡᠳᠢᠮᠢᠷ ᠬᠣᠲᠠ ᠳ᠋ᠤ᠌ ᠳᠠᠯᠠᠨ ᠳᠣᠯᠣᠭᠠᠨ ᠰᠢᠷ᠎ᠠ ᠣᠩᠭᠣᠳ ᠲᠩᠷᠢ ᠪᠡᠨ ᠲᠠᠬᠢᠨ᠎ᠠ᠃ ᠣᠩᠭᠣᠳ ᠲᠩᠷᠢ ᠨᠦ᠍ᠭᠦᠳ ᠦ᠋ᠨ ᠰᠢᠭᠤᠷᠭ᠎ᠠ ᠪᠠᠨ ᠵᠣᠭᠰᠣᠭᠠᠬᠤ ᠶ᠋ᠢᠨ ᠲᠤᠯᠠᠳᠠ ᠺᠸᠷᠢᠨᠺᠸᠢ— ᠽᠠᠳᠠᠨ ᠮᠥᠷᠭᠥᠯ ᠢ᠋ᠶ᠋ᠡᠨ ᠰᠠᠢᠲᠤᠷ ᠬᠢᠭ᠌᠃ ᠡᠢᠮᠦ ᠭᠦᠨᠵᠡᠭᠡᠢ ᠴᠠᠰᠤᠨ ᠳ᠋ᠤ᠌ ᠶᠠᠪᠤᠬᠤ ᠳ᠋ᠤ᠌ ᠪᠡᠷᠬᠡ ᠲᠡᠢ ᠪᠠᠢᠨ᠎ᠠ᠃ ᠬᠡᠷᠪᠡ ᠰᠢᠭᠤᠷᠭ᠎ᠠ ᠳᠠᠬᠢᠭᠠᠳ ᠶᠢᠰᠦᠨ ᠡᠳᠦᠷ ᠡᠢᠮᠦ ᠬᠡᠷᠴᠡᠭᠡᠢ ᠪᠡᠷ ᠦᠷᠭᠦᠯᠵᠢᠯᠡᠪᠡᠯ  ᠪᠢᠳᠡᠨᠡᠷ ᠮᠥᠩᠬᠡᠳᠡ ᠴᠠᠰᠤᠨ ᠳ᠋ᠤ᠌ ᠪᠤᠯᠠᠭᠳᠠᠨ᠎ᠠ ᠭᠡᠳ ᠰᠥᠪᠡᠭᠡᠳᠡᠢ ᠪᠠᠭᠠᠲᠤᠷ ᠳᠤᠭᠤᠢ ᠪᠣᠯᠵᠤ ᠥᠮᠥᠳᠦᠨ ᠦ᠌ ᠵᠡᠭᠦᠨ ᠱᠤᠤᠮᠠᠭ ᠢ᠋ ᠳᠡᠭᠡᠭᠰᠢ ᠨᠢ ᠰᠡᠬᠦᠵᠦ ᠪᠥᠭᠡᠰᠦᠨ ᠳ᠋ᠦ᠍  ᠬᠠᠵᠠᠭᠳᠠᠭᠰᠠᠨ ᠦᠰᠦᠯᠢᠭ ᠬᠥᠯ ᠢ᠋ᠶ᠋ᠡᠨ ᠶᠡᠬᠡᠯ᠎ᠡ ᠰᠢᠨᠤᠬᠠᠢ ᠪᠠᠷ ᠮᠠᠭᠠᠵᠢᠯᠠᠨ᠎ᠠ᠃ ᠴᠡᠷᠢᠭ ᠦ᠋ᠨ ᠳᠠᠷᠤᠭ᠎ᠠ ᠨᠠᠷ ᠪᠡᠶ᠎ᠡ ᠪᠡᠶ᠎ᠡ ᠪᠡᠨ ᠬᠠᠷᠠᠯᠴᠠᠭᠠᠳ ᠲᠡᠳᠡᠨ ᠦ᠌ ᠨᠢᠳᠦᠨ ᠳ᠋ᠦ᠍ ᠪᠠᠶᠠᠷ ᠤ᠋ᠨ ᠣᠴᠢᠳ ᠭᠢᠯᠠᠯᠵᠠᠪᠠ᠃
      — ᠦᠷᠭᠦᠯᠵᠢ ᠮᠡᠷᠭᠡᠨ ᠦᠭᠡ ᠬᠡᠯᠡᠳᠡᠭ ᠰᠥᠪᠡᠭᠡᠳᠡᠢ ᠪᠠᠭᠠᠲᠤᠷ ᠴᠢᠮᠠᠲᠤ ᠪᠠᠶᠠᠷᠯᠠᠨ᠎ᠠ᠃ ᠪᠢ ᠴᠢᠮ᠎ᠠ ᠠ᠋ᠴᠠ ᠡᠢᠮᠦ ᠦᠭᠡ ᠬᠦᠯᠢᠶᠡᠵᠦ ᠪᠠᠢᠭᠰᠠᠨ ᠶᠤᠮ᠃ ᠮᠠᠷᠭᠠᠰᠢ ᠪᠠᠭᠤᠳᠠᠯ ᠠ᠋ᠴᠠ ᠪᠠᠨ ᠬᠥᠳᠡᠯᠦᠶ᠎ᠡ᠃ ᠴᠡᠷᠢᠭ ᠦ᠋ᠳ ᠷᠶᠡᠽᠡᠨ ᠦ᠌ ᠭᠠᠵᠠᠷ ᠲᠸ᠋ ᠶᠡᠷᠡᠨ ᠶᠢᠰᠦᠨ ᠬᠠᠷ᠎ᠠ ᠴᠤᠪᠤᠭ᠎ᠠ  ᠪᠠᠷ ᠴᠥᠮᠥᠷᠡᠨ ᠣᠷᠣᠨ᠎ᠠ᠃ ᠪᠢ ᠮᠠᠩᠨᠠᠢ ᠳᠡᠭᠡᠷ᠎ᠡ ᠪᠡᠨ ᠴᠠᠭᠠᠨ ᠰᠠᠷᠠᠲᠠᠢ᠂ ᠡᠪᠦᠳᠦᠭ ᠢ᠋ᠶ᠋ᠡᠨ ᠬᠦᠷᠲᠡᠯ᠎ᠡ ᠴᠠᠭᠠᠨ ᠬᠥᠯ ᠲᠡᠢ ᠬᠠᠷ᠎ᠠ ᠮᠣᠷᠢ ᠪᠠᠨ ᠤᠨᠤᠵᠤ ᠶᠠᠪᠤᠨ᠎ᠠ᠃ ᠲᠡᠷᠡ ᠮᠣᠷᠢ ᠨᠠᠳᠠ ᠵᠢᠷᠭᠠᠯ ᠰᠠᠢᠨ ᠢᠷᠣ᠎ᠠ ᠵᠣᠬᠢᠶᠠᠵᠤ ᠥᠭᠭᠦᠨ᠎ᠡ᠃ ᠮᠢᠨᠦ ᠢᠰᠡᠭᠡᠢ ᠨᠡᠮᠨᠡᠭᠦᠰᠦᠲᠡᠢ ᠴᠠᠭᠠᠨ ᠮᠣᠷᠢ ᠠᠺᠴᠢᠶᠠᠨ ᠢ᠋ ᠬᠥᠬᠡ ᠳᠠᠯᠠᠢ ᠶ᠋ᠢᠨ ᠳᠠᠰᠢ ᠺᠢᠫᠴᠡᠺ ᠦ᠋ᠨ ᠠᠳᠤᠭᠤᠴᠢ ᠪᠠᠷ ᠠᠪᠴᠢᠭᠤᠯᠤᠨ᠎ᠠ᠃
     — ᠲᠡᠷᠡ ᠠᠷᠠᠪᠢᠰ᠂ ᠲᠡᠨᠳᠡ ᠲᠥᠷᠥᠭᠰᠡᠨ ᠲᠤᠯᠠ ᠡᠨᠡ ᠣᠷᠣᠰ ᠤ᠋ᠨ ᠪᠠᠭᠠᠪᠠᠭᠠᠢ ᠶ᠋ᠢᠨ ᠬᠦᠢᠲᠡᠨ ᠨᠤᠲᠤᠭ ᠲᠤ᠌ ᠲᠡᠰᠬᠦ ᠦᠭᠡᠢ ᠪᠣᠯᠬᠤ ᠤᠤ?  ᠪᠢᠳᠡᠨᠡᠷ ᠣᠷᠣᠰ ᠤ᠋ᠨ ᠬᠠᠷ᠎ᠠ ᠬᠥᠮᠦᠨ (ᠡᠩ ᠦ᠋ᠨ ᠬᠥᠮᠦᠰ) ᠲᠠᠷᠢᠶᠠᠴᠢᠳ ᠪᠦᠭᠦᠳᠡ ᠶ᠋ᠢ ᠠᠯᠠᠬᠤ ᠦᠭᠡᠢ᠂ ᠬᠠᠷᠢᠨ ᠠᠯᠢ ᠪᠣᠯᠬᠤ ᠪᠠᠷ ᠣᠯᠠᠨ ᠢ᠋ ᠪᠠᠷᠢᠪᠴᠢᠯᠠᠵᠤ ᠡᠮᠦᠨ᠎ᠡ ᠪᠡᠨ ᠲᠠᠭᠤᠨ᠎ᠠ᠃ ᠪᠢᠳᠡᠨᠡᠷ ᠬᠣᠲᠠ ᠶ᠋ᠢᠨ ᠬᠡᠷᠡᠮ ᠥᠭᠡᠳᠡ ᠳᠠᠪᠰᠢᠬᠤ ᠳ᠋ᠠᠭᠠᠨ ᠲᠡᠳᠡᠨ ᠢ᠋ ᠤᠷᠢᠳᠠᠪᠡᠷ ᠡᠮᠦᠨ᠎ᠡ ᠪᠡᠨ ᠲᠠᠭᠤᠵᠤ ᠶᠠᠪᠤᠭᠤᠯᠤᠨ᠎ᠠ᠃
—ᠲᠡᠳᠡᠨ ᠢ᠋ ᠶᠠᠭᠤ ᠪᠠᠷ ᠲᠡᠵᠢᠭᠡᠬᠦ ᠪᠣᠢ ᠭᠡᠵᠦ ᠨᠣᠶᠠᠨ ᠠᠰᠠᠭᠤᠪᠠᠯ᠂
— ᠣᠯᠵᠠ ᠶ᠋ᠢᠨ ᠬᠥᠮᠦᠰ ᠢ᠋ ᠲᠡᠵᠢᠭᠡᠬᠦ ᠬᠡᠷᠡᠭ ᠦᠭᠡᠢ᠂ ᠲᠡᠳᠡᠨᠡᠷ ᠥᠪᠡᠷᠰᠡᠳ ᠢ᠋ᠶ᠋ᠡᠨ ᠦᠬᠦᠭᠰᠡᠨ ᠮᠣᠷᠢ ᠵᠡᠷᠭᠡ ᠶᠠᠭᠤ ᠳᠤᠷᠠᠲᠠᠢ ᠪᠠᠨ ᠣᠯᠵᠤ ᠢᠳᠡᠭ᠃ ᠥᠨᠥᠳᠥᠷ ᠪᠢᠳᠡ ᠰᠠᠨᠠᠭ᠎ᠠ ᠲᠠᠢᠪᠤᠩ ᠠᠮᠠᠷᠠᠵᠠᠭᠠᠶ᠎ᠠ! ᠮᠠᠷᠭᠠᠰᠢ ᠴᠢᠰᠤᠨ ᠨᠠᠢᠷ ᠳᠠᠬᠢᠨ ᠡᠬᠢᠯᠡᠨ᠎ᠡ᠃

   ᠦᠰᠦᠭ ᠠᠮᠢᠯᠠᠭᠤᠯᠤᠭᠴᠢ᠄ ᠭᠡᠷᠡᠯ᠂ ᠵᠢᠩᠯᠢᠬᠤᠸᠠᠷ᠂ ᠬᠡᠷᠡᠢᠳ· ᠮᠥᠩᠬᠡᠨᠠᠰᠤᠨ᠂ ᠪᠠᠶᠠᠨᠴᠡᠴᠡᠭ᠂ ᠠᠯᠲᠠᠨᠴᠢᠮᠡᠭ
   ᠬᠢᠨᠠᠭᠴᠢ᠄ ᠪᠠᠶᠠᠨᠴᠡᠴᠡᠭ᠂ ᠠᠯᠲᠠᠨᠴᠢᠮᠡᠭ᠂ ᠠᠷᠢᠭᠤᠨ᠎ᠠ᠂ ᠲ· ᠬᠦᠮᠦᠵᠢᠯᠲᠦ᠂ ᠪᠠᠯ᠂ ᠬᠡᠷᠡᠢᠳ· ᠮᠥᠩᠬᠡᠨᠠᠰᠤᠨ