ᠪᠠᠲᠤ ᠬᠠᠭᠠᠨ 4-03ᠮᠣᠩᠭᠣᠯᠴᠤᠳ ᠲᠠᠢ ᠲᠠᠢᠪᠤᠩ ᠢ᠋ᠶ᠋ᠠᠷ ᠤᠴᠠᠷᠠᠭᠰᠠᠨ ᠨᠢ -Bat khaan Бат хаан-ᠷᠣᠮᠠᠨ ᠲᠤᠭᠤᠵᠢ ᠷᠣᠮᠠᠨ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠪᠠᠲᠤ ᠬᠠᠭᠠᠨ 4-03ᠮᠣᠩᠭᠣᠯᠴᠤᠳ ᠲᠠᠢ ᠲᠠᠢᠪᠤᠩ ᠢ᠋ᠶ᠋ᠠᠷ ᠤᠴᠠᠷᠠᠭᠰᠠᠨ ᠨᠢ -Bat khaan Бат хаан-ᠷᠣᠮᠠᠨ

ᠪᠠᠲᠤ ᠬᠠᠭᠠᠨ 4-03ᠮᠣᠩᠭᠣᠯᠴᠤᠳ ᠲᠠᠢ ᠲᠠᠢᠪᠤᠩ ᠢ᠋ᠶ᠋ᠠᠷ ᠤᠴᠠᠷᠠᠭᠰᠠᠨ ᠨᠢ -Bat khaan Бат хаан-ᠷᠣᠮᠠᠨ

ᠠᠩᠭᠢᠯᠠᠯ:ᠲᠤᠭᠤᠵᠢ ᠷᠣᠮᠠᠨ
2025-10-16

11

ᠭᠤᠷᠪᠠ ᠮᠣᠩᠭᠣᠯᠴᠤᠳ ᠲᠠᠢ ᠲᠠᠢᠪᠤᠩ ᠢ᠋ᠶ᠋ᠠᠷ ᠤᠴᠠᠷᠠᠭᠰᠠᠨ ᠨᠢ


ᠰᠡᠸᠧᠯᠢ ᠳ᠋ᠢᠺᠦᠷᠦᠰ ᠦ᠋ᠨ ᠪᠠᠢᠭᠰᠠᠨ ᠲᠦᠷᠦᠭᠦᠴᠢ ᠶ᠋ᠢᠨ ᠬᠡᠰᠦᠭᠦᠯ ᠡᠴᠡ ᠲᠣᠷᠣᠫᠺᠠ ᠶ᠋ᠢᠨ ᠦᠭᠡᠢ ᠪᠣᠯᠤᠭᠰᠠᠨ ᠢ᠋ ᠮᠡᠳᠡᠵᠦ ᠰᠠᠨᠳᠤᠷᠤᠯᠳᠤᠪᠠ᠃ ᠡᠳᠡ ᠨᠠᠷ ᠳᠣᠪᠣᠴᠠᠭ ᠳᠡᠭᠡᠷ᠎ᠡ ᠭᠠᠷᠴᠤ ᠠᠵᠢᠭᠯᠠᠭᠰᠠᠭᠠᠷ ᠴᠢᠰᠤ ᠪᠠᠢᠬᠤ ᠶ᠋ᠢ ᠣᠯᠵᠤ ᠦᠵᠡᠪᠡ᠃ ᠬᠠᠷᠢᠯᠴᠠᠨ ᠶᠠᠷᠢᠯᠴᠠᠵᠤ ᠮᠠᠷᠭᠤᠯᠳᠤᠵᠤ ᠪᠠᠢᠭᠠᠳ ᠲᠡᠮᠡᠴᠡᠭᠡᠨ ᠪᠣᠯᠵᠠᠢ ᠭᠡᠵᠦ ᠰᠢᠢᠳᠪᠦᠷᠢᠯᠡᠪᠡ᠃ ᠴᠢᠰᠤᠨ ᠤ᠋ ᠳᠤᠰᠤᠯ ᠴᠠᠰᠤᠨ ᠳᠡᠭᠡᠷ᠎ᠡ ᠵᠠᠮ ᠭᠠᠷᠭᠠᠨ ᠶᠠᠪᠤᠭᠰᠠᠭᠠᠷ ᠳᠥᠷᠪᠡᠨ ᠮᠣᠷᠢᠨ ᠤ᠋ ᠮᠥᠷ ᠪᠦᠬᠦᠢ ᠭᠠᠵᠠᠷ ᠲᠸ᠋ ᠬᠦᠷᠴᠦ᠂ ᠮᠥᠷ ᠨᠢ ᠴᠠᠰᠢ ᠡᠭᠴᠡ ᠶᠠᠪᠤᠭᠰᠠᠭᠠᠷ ᠲᠠᠲ᠋ᠠᠷ ᠤ᠋ᠳ ᠤ᠋ᠨ ᠵᠦᠭ ᠣᠳᠪᠠ᠃ ᠬᠡᠵᠢᠶᠡᠳᠡ ᠭᠣᠮᠣᠷᠬᠠᠭ ᠰᠡᠸᠧᠯᠢ ᠪᠦᠷ ᠴᠦ᠍ ᠣᠯᠠᠨ ᠠ᠋ᠴᠠ ᠣᠨᠴᠣᠭᠣᠢ ᠪᠠᠢᠬᠤ ᠪᠣᠯᠵᠠᠢ᠃ ᠲᠡᠷᠡ ᠨᠢ ᠲᠠᠯ᠎ᠠ ᠪᠠᠷ ᠲᠡᠨᠦᠭᠦᠴᠢᠯᠡᠵᠦ ᠵᠢᠯᠠᠭᠠᠨ ᠳ᠋ᠤ᠌ ᠣᠷᠣᠵᠤ ᠨᠢᠳᠦ ᠴᠠᠪᠴᠢᠯ ᠦᠭᠡᠢ ᠬᠣᠨᠣᠵᠤ ᠲᠣᠷᠣᠫᠺᠠ ᠶ᠋ᠢᠨ ᠠᠮᠢᠳᠤ ᠡᠰᠡᠬᠦ ᠶ᠋ᠢ ᠮᠡᠳᠡᠬᠦ ᠶ᠋ᠢᠨ ᠲᠤᠯᠠᠳᠠ ᠲᠠᠲ᠋ᠠᠷ ᠠ᠋ᠴᠠ ᠪᠠᠷᠢᠵᠤ ᠠᠪᠬᠤ ᠶ᠋ᠢ ᠦᠷᠭᠦᠯᠵᠢ ᠬᠦᠰᠡᠨ᠎ᠡ᠃

ᠯᠢᠬᠠᠷᠢ ᠺᠦᠳ᠋ᠷᠶᠠᠱ ᠲᠡᠭᠦᠨ ᠳ᠋ᠦ᠍ ᠲᠠᠢᠯᠪᠤᠷᠢᠯᠠᠨ ᠥᠭᠦᠯᠡᠭᠰᠡᠨ ᠨᠢ᠄
— ᠲᠣᠷᠣᠫᠺᠠ ᠶ᠋ᠢ ᠲᠡᠳᠡ ᠨᠠᠷ ᠴᠠᠪᠴᠢᠵᠤ ᠠᠯᠠᠭᠰᠠᠨ ᠪᠣᠯ ᠵᠡᠮᠳᠡᠭᠯᠡᠵᠦ ᠬᠠᠶᠠᠨ᠎ᠠ᠃ ᠠᠮᠢᠳᠤ ᠪᠠᠷ ᠪᠠᠷᠢᠵᠤ ᠠᠪᠤᠭᠠᠳ ᠶᠠᠪᠤᠭᠰᠠᠨ ᠨᠢ ᠦᠵᠡᠭᠰᠡᠭᠡᠷ ᠢᠯᠡᠳᠲᠡ ᠪᠠᠢᠨ᠎ᠠ ᠭᠡᠪᠡ᠃ ᠬᠦᠢᠲᠡᠨ ᠴᠢᠩᠭᠠᠷᠠᠵᠤ ᠰᠠᠯᠬᠢ ᠬᠠᠭᠤᠷᠠᠢ ᠴᠠᠰᠤ ᠬᠠᠮᠵᠢᠵᠤ ᠬᠡᠢᠰᠬᠡᠪᠡ᠃ ᠲᠩᠷᠢ ᠡᠭᠦᠯᠡ ᠦᠭᠡᠢ ᠴᠡᠯᠮᠡᠭ ᠪᠥᠭᠡᠳ ᠲᠠᠯ᠎ᠠ ᠠᠯᠤᠰᠯᠠᠨ ᠬᠠᠷᠠᠭᠳᠠᠬᠤ ᠪᠣᠯᠪᠠᠴᠤ ᠲᠠᠲ᠋ᠠᠷ ᠤ᠋ᠳ ᠬᠠᠮᠢᠭᠠᠰᠢ ᠶᠠᠪᠤᠭᠰᠠᠨ ᠨᠢ ᠣᠭᠲᠣ ᠦᠯᠦ ᠮᠡᠳᠡᠭᠳᠡᠨ᠎ᠡ᠃ ᠳᠠᠷᠤᠢ ᠭᠤᠷᠪᠠᠨ ᠡᠳᠦᠷ ᠲᠠᠲ᠋ᠠᠷ ᠤ᠋ᠨ ᠮᠣᠷᠢᠨ ᠴᠡᠷᠢᠭ ᠦ᠋ᠳ ᠦᠵᠡᠭᠳᠡᠭᠰᠡᠨ ᠦᠭᠡᠢ᠂ ᠲᠡᠳᠡ ᠤᠷᠢᠳᠤ ᠠᠯᠤᠰ ᠳᠠᠬᠢ ᠲᠡᠭᠷᠢ ᠶ᠋ᠢᠨ ᠬᠠᠶᠠᠭᠠᠨ ᠳᠣᠣᠷ᠎ᠠ ᠲᠦᠷᠭᠡᠨ ᠲᠦᠷᠭᠡᠨ ᠦᠵᠡᠭᠳᠡᠳᠡᠭ ᠪᠠᠢᠯ᠎ᠠ᠃ ᠰᠡᠸᠸᠯᠢ ᠣᠷᠣᠭᠰᠢ ᠬᠥᠳᠡᠯᠬᠦ ᠲᠤᠬᠠᠢ ᠥᠪᠡᠷ ᠦ᠋ᠨ ᠬᠥᠮᠦᠰ ᠲᠸ᠋ ᠢᠳᠬᠠᠨ᠎ᠠ᠃
—ᠲᠤᠷᠰᠢᠵᠤ ᠦᠵᠡᠶ᠎ᠡ᠂ ᠮᠠᠨ ᠤ᠋ ᠸᠠᠩ ᠨᠤᠭᠤᠳ ᠪᠠᠲᠤ ᠬᠠᠭᠠᠨ ᠲᠠᠢ ᠶᠠᠷᠢᠯᠴᠠᠨ ᠲᠣᠬᠢᠷᠠᠯᠴᠠᠭᠠᠳ ᠲᠠᠲ᠋ᠠᠷ ᠤ᠋ᠳ ᠭᠡᠳᠡᠷᠭᠦ ᠳᠤᠯᠠᠭᠠᠨ ᠭᠠᠵᠠᠷ ᠲᠡᠰᠢ ᠤᠬᠤᠷᠢᠭᠰᠠᠨ ᠪᠠᠢᠵᠤ ᠪᠣᠯᠤᠨ᠎ᠠ᠃ ᠲᠡᠭᠡᠪᠡᠯ ᠪᠢᠳᠡ ᠡᠨᠳᠡ ᠳᠡᠮᠡᠢ ᠴᠡᠴᠡᠷᠡᠵᠡᠭᠡᠬᠦ ᠪᠣᠯᠤᠨ᠎ᠠ ᠭᠡᠯᠴᠡᠪᠡ᠃ ᠫᠸᠷᠤᠢ᠍ᠨᠣᠸ—ᠪᠣᠷ ᠠ᠋ᠴᠠ ᠢᠷᠡᠭᠰᠡᠨ ᠨᠥᠬᠥᠳ ᠴᠥᠮ ᠣᠷᠣᠭᠰᠢ ᠶᠠᠪᠤᠬᠤ ᠶ᠋ᠢ ᠵᠥᠪᠰᠢᠶᠡᠷᠡᠪᠡ᠃ ᠺᠦᠳ᠋ᠷᠶᠠᠱ ᠤᠷᠢᠳᠤ ᠫᠣᠯᠤᠸᠸᠼᠠ ᠶ᠋ᠢᠨ ᠠᠶᠠᠨᠴᠢᠨ ᠲᠠᠢ ᠬᠤᠳᠠᠯᠳᠤᠭ᠎ᠠ ᠬᠢᠵᠦ ᠪᠠᠢᠭᠰᠠᠨ ᠭᠠᠵᠠᠷ ᠲᠸ᠋ ᠨᠥᠬᠥᠳ ᠢ᠋ᠶ᠋ᠡᠨ ᠳᠠᠭᠠᠭᠤᠯᠵᠤ ᠣᠴᠢᠬᠤ ᠡᠭᠦᠷᠭᠡ ᠶ᠋ᠢ ᠬᠦᠯᠢᠶᠡᠪᠡ᠃ ᠪᠤᠰᠤᠳ ᠤᠲ᠋ᠷᠢᠶᠡᠳ᠋ ᠨᠢ ᠬᠠᠢᠯᠠᠰᠤᠨ ᠰᠢᠭᠤᠢ ᠶ᠋ᠢᠨ ᠣᠷᠴᠢᠮ ᠢ᠋ᠶ᠋ᠠᠷ ᠬᠦᠯᠢᠶᠡᠵᠡᠭᠡᠬᠦ ᠪᠡᠷ ᠬᠡᠯᠡᠯᠴᠡᠪᠡ᠃ ᠺᠦᠳ᠋ᠷᠶᠠᠱ᠂ ᠸᠠᠦᠢ᠍ᠯ᠂ ᠼᠪᠶᠠᠭ᠎ᠠ᠂ ᠰᠡᠸᠸᠯᠢ ᠳᠥᠷᠪᠡᠭᠦᠯᠡ ᠰᠥᠨᠢ ᠰᠦᠬᠡ ᠠᠪᠴᠤ ᠣᠳᠪᠠ᠃ ᠡᠳᠡ ᠨᠠᠷ ᠳᠣᠪᠣ ᠰᠣᠨᠳᠤᠤᠯᠠ ᠪᠣᠯᠤᠨ ᠭᠠᠵᠠᠷ ᠢ᠋ ᠰᠠᠢᠨ ᠰᠤᠳᠤᠯᠤᠭᠰᠠᠨ ᠤᠴᠢᠷ ᠰᠠᠷᠠ ᠲᠠᠢ ᠰᠥᠨᠢ ᠵᠠᠮ ᠠ᠋ᠴᠠ ᠰᠠᠯᠤᠨ᠎ᠠ ᠭᠡᠵᠦ ᠰᠠᠨᠠᠬᠤ ᠶᠤᠮ ᠪᠢᠰᠢ᠂ ᠲᠠᠯᠬ᠎ᠠ ᠬᠡᠳᠦᠨ ᠡᠳᠦᠷ ᠢᠳᠡᠬᠦ ᠶ᠋ᠢ ᠠᠪᠴᠤ ᠶᠠᠪᠤᠵᠠᠢ᠃ ᠰᠠᠭᠤᠷᠢᠨ ᠳ᠋ᠤ᠌ ᠬᠦᠷᠦᠭᠡᠳ ᠰᠢᠭᠤᠢ ᠳᠣᠲᠣᠷ᠎ᠠ ᠬᠡᠪᠲᠡᠵᠦ ᠤᠳᠠᠲᠠᠯ᠎ᠠ ᠦᠷ ᠭᠡᠭᠡᠷᠡᠬᠦ ᠶ᠋ᠢ ᠬᠦᠯᠢᠶᠡᠪᠡ᠃ ᠲᠣᠰᠬᠣᠨ ᠨᠢ ᠲᠤᠯᠤᠭᠠᠳ ᠤ᠋ᠨ ᠵᠠᠪᠰᠠᠷ ᠪᠠᠯ ᠳᠣᠣᠷ᠎ᠠ ᠪᠢᠴᠢᠬᠠᠨ ᠭᠣᠣᠯ ᠤ᠋ᠨ ᠳᠡᠷᠭᠡᠳᠡ ᠪᠠᠢᠵᠠᠢ᠃

ᠲᠡᠳᠦᠢ ᠨᠠᠷᠠ ᠦᠯᠪᠡᠭᠡᠷ ᠮᠠᠨᠠᠨ ᠤ᠋ ᠴᠠᠭᠠᠨ᠎ᠠ ᠠ᠋ᠴᠠ ᠭᠠᠷᠪᠠ᠃ ᠡᠨᠡ ᠦᠶ᠎ᠡ ᠳ᠋ᠦ᠍ ᠳᠣᠪᠣᠴᠠᠭ ᠤ᠋ᠨ ᠴᠠᠭᠠᠨ᠎ᠠ ᠠ᠋ᠴᠠ ᠮᠣᠷᠢᠲᠤ ᠲᠠᠲ᠋ᠠᠷ ᠭᠤᠯᠵᠠᠯᠵᠠᠭᠰᠠᠨ ᠵᠢᠳᠠ ᠭᠠᠷ ᠲᠠᠭᠠᠨ ᠪᠠᠷᠢᠵᠤ ᠭᠠᠷᠴᠤ ᠢᠷᠡᠪᠡ᠃ ᠮᠣᠷᠢ ᠨᠢ ᠦᠰᠦᠯᠢᠭ ᠪᠥᠭᠡᠳ ᠬᠣᠩᠭᠣᠷ᠂ ᠥᠪᠡᠷ ᠢ᠋ᠶ᠋ᠡᠨ ᠬᠥᠭᠰᠢᠨ ᠲᠤᠯᠠ ᠬᠥᠰᠡᠷ ᠦ᠋ᠨ ᠬᠠᠷ᠎ᠠ ᠴᠢᠷᠠᠢ ᠲᠠᠢ ᠪᠥᠭᠡᠳ ᠦᠰᠦ ᠲᠡᠢ ᠳᠡᠪᠡᠯ ᠡᠮᠦᠰᠴᠡᠢ᠃ ᠲᠡᠷᠡ ᠨᠢ ᠲᠣᠯᠣᠭᠠᠢ ᠪᠠᠨ ᠡᠷᠭᠢᠯᠳᠦᠭᠦᠯᠦᠨ ᠵᠦᠭ ᠪᠦᠷᠢ ᠳᠠᠰᠢ ᠬᠠᠷᠠᠵᠤ ᠪᠠᠷ᠎ᠠ ᠦᠵᠡᠭᠳᠡᠬᠦ ᠦᠭᠡᠢ ᠤᠤ? ᠭᠡᠵᠦ ᠠᠵᠢᠭᠯᠠᠵᠤ ᠪᠠᠢᠭ᠎ᠠ ᠪᠣᠯᠤᠯᠲᠠᠢ ᠲᠣᠰᠬᠣᠨ ᠤ᠋ ᠵᠦᠭ ᠴᠢᠭᠯᠡᠪᠡ᠃ ᠲᠠᠷᠢᠶᠠᠴᠢᠳ ᠤ᠋ᠨ ᠨᠢᠭᠤᠭᠳᠠᠵᠤ ᠪᠠᠢᠭᠰᠠᠨ ᠤᠷᠭᠤᠭ᠎ᠠ ᠮᠣᠳᠣᠨ ᠤ᠋ ᠳᠡᠷᠭᠡᠳᠡ ᠮᠣᠷᠢᠨ ᠤ᠋ ᠠᠮᠠ ᠶ᠋ᠢ ᠲᠠᠲᠠᠭᠠᠳ ᠤᠷᠤᠭᠰᠢ ᠱᠣᠭᠰᠢᠵᠤ ᠪᠠᠰᠠ ᠮᠣᠷᠢ ᠪᠠᠨ ᠲᠡᠳᠡᠨ ᠲᠦᠷ ᠵᠣᠭᠰᠣᠵᠤ ᠡᠰᠢ ᠳᠠᠰᠢ ᠬᠠᠷᠠᠭᠠᠳ ᠴᠠᠰᠢ ᠣᠳᠴᠤ ᠬᠣᠩᠬᠣᠷ ᠲᠸ᠋ ᠣᠷᠣᠪᠠ᠃

ᠮᠣᠷᠢᠨ ᠲᠤᠭᠤᠷᠠᠢ ᠨᠢᠮᠭᠡᠨ ᠮᠥᠰᠥ ᠶ᠋ᠢ ᠬᠡᠮᠬᠡᠴᠢᠬᠦ ᠨᠢ ᠰᠣᠨᠣᠰᠳᠠᠵᠤ᠂ ᠮᠣᠷᠢ ᠪᠠᠨ ᠤᠰᠤᠯᠠᠵᠤ ᠵᠣᠭᠰᠣᠬᠤ ᠨᠢ ᠬᠠᠷᠠᠭᠳᠠᠪᠠ᠃ ᠤᠳᠠᠯ ᠦᠭᠡᠢ ᠬᠣᠲᠣᠭᠣᠷ ᠠ᠋ᠴᠠ ᠭᠠᠷᠴᠤ ᠳᠣᠪᠣᠴᠠᠭ ᠳᠡᠭᠡᠷ᠎ᠡ ᠦᠵᠡᠭᠳᠡᠭᠡᠳ ᠭᠠᠭᠴᠠᠭᠠᠷ ᠴᠠᠰᠤᠨ ᠳᠣᠲᠣᠷ᠎ᠠ ᠶᠠᠪᠤᠬᠤ ᠨᠢ ᠬᠠᠷᠠᠬᠠᠨ ᠬᠥᠪᠡᠭᠡᠨ ᠦ᠌ ᠴᠢᠨᠠᠳᠤ ᠤᠷᠤᠭᠤ ᠣᠷᠣᠭ᠎ᠠ ᠦᠭᠡᠢ ᠪᠠᠰᠠ ᠯᠠ ᠦᠵᠡᠭᠳᠡᠭᠰᠡᠭᠡᠷ ᠪᠠᠢᠯ᠎ᠠ᠃
— ᠲᠣᠰᠬᠣᠨ ᠳ᠋ᠤ᠌ ᠬᠥᠮᠦᠨ ᠣᠭᠲᠣ ᠦᠭᠡᠢ ᠪᠣᠯᠤᠯᠲᠠᠢ᠂ ᠲᠡᠭᠦᠨ ᠡᠴᠡ ᠪᠤᠰᠤ ᠣᠨᠢᠭᠠᠷ ᠨᠢᠳᠦᠲᠡᠢ ᠲᠠᠲ᠋ᠠᠷ ᠤ᠋ᠳ ᠡᠨᠳᠡ ᠪᠠᠢᠪᠠᠯ ᠪᠢᠳᠡ ᠴᠢᠮᠡᠭᠡ ᠰᠣᠨᠣᠰᠬᠤ ᠪᠠᠢᠭᠰᠠᠨ ᠭᠡᠵᠦ ᠰᠡᠸᠧᠯᠢ ᠬᠡᠯᠡᠪᠡ᠃
— ᠲᠣᠷᠣᠫᠺᠠ ᠶ᠋ᠢᠨ ᠪᠡᠶ᠎ᠡ ᠶ᠋ᠢ ᠣᠯᠤᠶ᠎ᠠ ᠭᠡᠵᠦ ᠪᠣᠳᠣᠭᠰᠠᠭᠠᠷ ᠶᠠᠪᠤᠨ᠎ᠠ ᠤᠤ?
— ᠴᠢᠨᠦ ᠲᠣᠷᠣᠫᠺᠠ ᠶ᠋ᠢᠨ ᠦᠬᠦᠯ ᠪᠣᠯᠤᠭ᠎ᠠ ᠦᠭᠡᠢ᠂ ᠬᠥᠪᠡᠭᠦᠨ ᠴᠢᠨᠢ ᠠᠮᠢᠳᠤ ᠪᠥᠭᠡᠳ ᠪᠢᠳᠡᠨ ᠢ᠋ ᠥᠩᠭᠡᠷᠡᠭᠡᠬᠦ ᠡᠴᠡ ᠪᠢᠰᠢ ᠪᠢᠳᠡᠨ ᠦ᠌ ᠤᠷᠢᠳ ᠣᠷᠣᠬᠤ ᠦᠭᠡᠢ ᠪᠠᠢᠬᠤ ᠭᠡᠵᠦ ᠵᠡᠷᠭᠡᠯᠡᠨ ᠬᠡᠪᠲᠡᠬᠦ ᠼᠪᠶᠠᠭ᠎ᠠ ᠬᠡᠯᠡᠪᠡ᠃

ᠰᠡᠸᠧᠯᠢ ᠬᠠᠷᠢᠭᠤ ᠬᠡᠯᠡᠭᠰᠡᠨ ᠨᠢ᠄
— ᠮᠢᠨᠦ ᠰᠡᠳᠬᠢᠯ ᠵᠣᠪᠠᠯᠠᠩ ᠲᠠᠢ ᠪᠠᠢᠨ᠎ᠠ᠂ ᠨᠣᠢᠷ ᠬᠦᠷᠬᠦ ᠦᠭᠡᠢ ᠪᠣᠯᠪᠠ᠃ ᠪᠢ ᠶᠠᠭᠤ ᠴᠥ᠍ ᠭᠡᠰᠡᠨ ᠶᠠᠪᠤᠵᠤ ᠦᠵᠡᠶ᠎ᠡ᠂ ᠪᠠᠷᠬᠢᠷᠠᠪᠠᠯ ᠨᠠᠮᠠᠶ᠋ᠢ ᠠᠪᠤᠷᠠᠭᠠᠷᠠᠢ ᠭᠡᠳ ᠰᠡᠸᠧᠯᠢ ᠪᠥᠬᠥᠢᠵᠦ ᠰᠢᠷᠭᠤᠨ ᠶᠠᠪᠤᠭᠰᠠᠭᠠᠷ ᠳᠣᠷᠣᠭᠰᠢ ᠪᠠᠭᠤᠵᠤ ᠰᠠᠭᠤᠷᠢᠨ ᠳ᠋ᠤ᠌ ᠬᠦᠷᠴᠦ ᠤᠳᠠᠲᠠᠯ᠎ᠠ ᠦᠭᠡᠢ ᠪᠣᠯᠪᠠ᠃ ᠮᠠᠨᠠᠨ ᠬᠥᠳᠡᠯᠦᠭᠰᠡᠭᠡᠷ ᠲᠩᠷᠢ ᠥᠳᠬᠡᠨ ᠴᠠᠰᠤ ᠣᠷᠣᠵᠤ ᠡᠬᠢᠯᠡᠭᠡᠳ ᠠᠯᠤᠰ ᠤ᠋ᠨ ᠪᠠᠷ᠎ᠠ ᠪᠦᠷᠦᠭᠯᠡᠨ ᠬᠠᠷᠠᠭᠳᠠᠨ᠎ᠠ᠃ ᠡᠷᠡᠴᠦᠳ ᠮᠥᠨ ᠬᠦᠯᠢᠶᠡᠭᠰᠡᠭᠡᠷ ᠪᠠᠢᠵᠠᠢ᠃ ᠰᠠᠨᠠᠮᠰᠠᠷ ᠦᠭᠡᠢ ᠪᠠᠢᠲᠠᠯ᠎ᠠ ᠰᠢᠭᠤᠢ ᠳᠣᠲᠣᠷ᠎ᠠ ᠠ᠋ᠴᠠ ᠰᠡᠸᠧᠯᠢ ᠭᠠᠷᠴᠤ ᠢᠷᠡᠭᠡᠳ ᠥᠭᠦᠯᠡᠭᠰᠡᠨ ᠨᠢ᠄
— ᠲᠩᠷᠢ ᠮᠠᠭᠤᠬᠠᠢ ᠪᠣᠯᠪᠠ᠂ ᠨᠢᠭᠡ ᠬᠣᠶᠠᠷ ᠡᠳᠦᠷ ᠢ᠋ᠶ᠋ᠡᠷ ᠰᠢᠭᠤᠷᠭ᠎ᠠ ᠰᠢᠭᠤᠷᠴᠤ ᠮᠡᠳᠡᠨ᠎ᠡ᠃ ᠲᠣᠰᠬᠣᠨ ᠬᠣᠪ ᠬᠣᠭᠣᠰᠣᠨ᠂ ᠭᠠᠭᠴᠠᠬᠠᠨ ᠴᠠᠪᠴᠢᠭᠳᠠᠵᠤ ᠦᠬᠦᠭᠰᠡᠨ ᠡᠮᠡᠭᠡᠨ ᠬᠡᠪᠲᠡᠨ᠎ᠡ᠃ ᠰᠠᠭᠤᠷᠢᠨ ᠳ᠋ᠤ᠌ ᠣᠴᠢᠵᠤ ᠬᠦᠯᠢᠶᠡᠵᠡᠭᠡᠶ᠎ᠡ᠃ ᠲᠡᠨᠳᠡ ᠰᠠᠷᠠᠪᠴᠢ ᠨᠥᠮᠥᠷᠢ ᠪᠣᠢ ᠲᠤᠯᠠ ᠪᠢᠳᠡᠨ ᠦ᠌ ᠲᠠᠯᠬ᠎ᠠ ᠬᠦᠷᠦᠯᠴᠡᠨ᠎ᠡ᠃ ᠲᠠᠯ᠎ᠠ ᠳ᠋ᠤ᠌ ᠪᠣᠯ ᠪᠢᠳᠡ ᠬᠥᠯᠳᠡᠵᠦ ᠦᠬᠦᠵᠦ (ᠦᠬᠦᠬᠦ) ᠪᠣᠯᠤᠨ᠎ᠠ ᠭᠡᠪᠡ᠃

ᠴᠠᠰᠤ ᠦᠷᠭᠦᠯᠵᠢᠯᠡᠨ ᠣᠷᠣᠭᠰᠠᠭᠠᠷ ᠪᠥᠭᠡᠳ ᠰᠠᠯᠬᠢ ᠲᠡᠭᠦᠨ ᠢ᠋ ᠨᠢᠭᠤᠷ ᠨᠢᠳᠦ ᠦᠭᠡᠢ ᠦᠯᠢᠶᠡᠨ᠎ᠡ᠃ ᠮᠠᠨ ᠤ᠋ ᠲᠠᠷᠢᠶᠠᠴᠢᠨ ᠤ᠋ ᠴᠡᠷᠢᠭ ᠦ᠋ᠳ ᠨᠢᠭᠡ ᠨᠢᠭᠡ ᠪᠡᠷ ᠢ᠋ᠶ᠋ᠡᠨ ᠴᠤᠪᠤᠷᠠᠯᠳᠤᠨ ᠶᠠᠪᠤᠵᠤ ᠰᠠᠭᠤᠷᠢᠨ ᠲᠡᠰᠢ ᠬᠦᠷᠪᠡ᠃ ᠬᠠᠭᠠᠰ ᠰᠦᠢᠳᠬᠡᠭᠰᠡᠨ ᠰᠠᠷᠠᠪᠴᠢ ᠤᠢᠳᠬᠠᠷ ᠲᠠᠢ ᠪᠥᠭᠡᠳ ᠬᠣᠭᠣᠰᠣᠨ ᠬᠠᠷᠠᠭᠳᠠᠨ᠎ᠠ᠃ ᠲᠡᠳᠡᠨ ᠦ᠌ ᠨᠢᠭᠡᠨ ᠦ᠌ ᠳᠡᠷᠭᠡᠳᠡ ᠨᠢᠭᠡ ᠡᠮᠡᠭᠡᠨ ᠲᠤᠭᠤᠷᠭ᠎ᠠ ᠶ᠋ᠢ ᠨᠠᠯᠠᠵᠤ ᠰᠠᠭᠤᠭᠠᠳ ᠪᠤᠭᠤᠷᠤᠯ ᠦᠰᠦ ᠨᠢ ᠰᠡᠭᠰᠡᠢᠵᠦ ᠨᠢᠭᠡ ᠨᠢᠳᠦ ᠨᠢ ᠠᠮᠢᠳᠤ ᠮᠡᠲᠦ ᠬᠠᠷᠠᠵᠠᠢ᠃ ᠰᠠᠷᠠᠪᠴᠢᠨ ᠠ᠋ᠴᠠ ᠪᠣᠷᠣ ᠵᠢᠰᠦ ᠲᠡᠢ ᠶᠠᠮᠠᠷ ᠨᠢᠭᠡᠨ ᠠᠷᠢᠶᠠᠲᠠᠨ ᠦᠰᠦᠷᠦᠨ ᠭᠠᠷᠴᠤ ᠲᠦᠷᠭᠡᠯᠡᠨ ᠭᠦᠶᠦᠵᠦ ᠬᠣᠲᠣᠭᠣᠷ ᠤᠷᠤᠭᠤ ᠳᠠᠯᠳᠠ ᠣᠷᠣᠪᠠ᠃
— ᠴᠢᠨᠣ᠎ᠠ᠂ ᠪᠢ ᠪᠠᠰᠠ ᠦᠬᠦᠭᠰᠡᠨ ᠮᠣᠷᠢᠨ ᠤ᠋ ᠶᠠᠰᠤ ᠬᠡᠮᠡᠯᠢᠵᠦ ᠪᠠᠢᠭᠰᠠᠨ ᠬᠣᠶᠠᠷ ᠴᠢᠨᠣ᠎ᠠ ᠶ᠋ᠢ ᠦᠷᠭᠦᠭᠡᠭᠰᠡᠨ ᠭᠡᠵᠦ ᠰᠡᠸᠸᠯᠢ ᠬᠡᠯᠡᠪᠡ᠃ ᠳᠡᠭᠡᠪᠦᠷ ᠡᠴᠡ ᠰᠢᠪᠡᠷ ᠠᠪᠴᠤ ᠡᠭᠦᠳᠡᠨ ᠳ᠋ᠦ᠍ ᠨᠥᠮᠥᠷᠢ ᠲᠠᠯᠪᠢᠪᠠᠯ ᠴᠢᠮᠡᠭᠡ ᠨᠠᠮᠳᠠᠵᠤ᠂ ᠰᠢᠭᠤᠷᠭ᠎ᠠ ᠬᠠᠨ᠎ᠠ ᠶ᠋ᠢᠨ ᠴᠠᠭᠠᠨ᠎ᠠ ᠰᠢᠭᠤᠷᠬᠤ ᠪᠣᠯᠪᠠ᠃
— ᠬᠡᠷᠪᠡ ᠲᠠᠲ᠋ᠠᠷ ᠤ᠋ᠳ ᠢᠷᠡᠪᠡᠯ ᠪᠢᠳᠡᠨ ᠢ᠋ ᠪᠠᠷᠢᠵᠤ ᠠᠪᠬᠤ ᠪᠣᠯᠤᠨ᠎ᠠ᠃ ᠪᠢ ᠡᠭᠦᠨ ᠦ᠌ ᠭᠠᠳᠠᠨ᠎ᠠ ᠤᠨᠲᠠᠯ ᠦᠭᠡᠢ ᠰᠠᠭᠤᠶ᠎ᠠ᠂ ᠬᠡᠷᠪᠡ ᠨᠠᠮᠠᠶ᠋ᠢ ᠴᠠᠰᠤ ᠳᠠᠷᠤᠪᠠᠯ ᠤᠬᠤᠵᠤ ᠠᠪᠤᠭᠠᠷᠠᠢ᠂ ᠭᠠᠭᠴᠠᠬᠠᠨ ᠵᠣᠪᠠᠬᠤ ᠨᠢ ᠮᠢᠨᠦ ᠲᠤᠷᠤᠫᠺᠠ ᠶ᠋ᠢ ᠴᠢᠨᠣ᠎ᠠ ᠵᠤᠯᠭᠠᠭᠠᠵᠤ ᠪᠠᠢᠭ᠎ᠠ ᠦᠭᠡᠢ ᠪᠣᠯ ᠤᠤ? ᠭᠡᠨ᠎ᠡ᠃ ᠥᠷᠯᠥᠭᠡ ᠰᠡᠸᠸᠯᠢ ᠶ᠋ᠢ ᠴᠠᠰᠤᠨ ᠬᠣᠩᠬᠣᠷ ᠠ᠋ᠴᠠ ᠲᠠᠲᠠᠵᠤ ᠭᠠᠷᠭᠠᠪᠠᠯ ᠲᠡᠷᠡ ᠡᠯᠢᠭᠡ ᠪᠡᠨ ᠡᠪᠬᠡᠵᠦ ᠥᠭᠦᠯᠡᠬᠦ ᠨᠢ᠄
— ᠪᠢ ᠲᠠᠨᠠᠷ ᠢ᠋ ᠨᠠᠰᠢ ᠠᠪᠴᠢᠷᠠᠭᠰᠠᠨ ᠲᠤᠯᠠ ᠮᠢᠨᠦ ᠰᠠᠭᠤᠵᠤ ᠪᠠᠢᠬᠤ ᠴᠠᠭ ᠮᠥᠨ ᠭᠡᠪᠡ᠃ ᠲᠡᠭᠦᠨ ᠢ᠋ ᠠᠰᠠᠵᠤ ᠪᠠᠢᠭ᠎ᠠ ᠭᠠᠯ ᠤ᠋ᠨ ᠳᠡᠷᠭᠡᠳᠡ ᠰᠢᠪᠡᠷ ᠲᠤᠭᠤᠷᠭ᠎ᠠ ᠳᠠᠰᠢ ᠲᠦᠯᠬᠢᠵᠦ ᠰᠠᠭᠤᠯᠭᠠᠪᠠᠯ ᠰᠠᠪᠠ ᠳᠣᠲᠣᠷ᠎ᠠ ᠪᠤᠯᠠᠩᠭᠢᠷ ᠲᠠᠢ ᠤᠰᠤ ᠪᠤᠴᠠᠯᠤᠨ᠎ᠠ᠃ ᠰᠠᠨᠠᠮᠰᠠᠷ ᠦᠭᠡᠢ ᠭᠠᠳᠠᠨ᠎ᠠ ᠬᠥᠮᠦᠨ ᠦ᠌ ᠰᠥᠭᠡᠩᠭᠢ ᠳᠠᠭᠤ ᠳᠤᠭᠤᠯᠳᠠᠵᠤ ᠪᠠᠷᠬᠢᠷᠠᠬᠤ ᠨᠢ᠄
— ᠠᠮᠢᠳᠤ ᠬᠥᠮᠦᠨ ᠦ᠌ ᠰᠦᠨᠡᠰᠦ ᠪᠠᠢᠪᠠᠯ ᠱᠠᠭᠠᠢᠨ᠎ᠠ ᠤᠤ? ᠡᠰᠡᠪᠡᠯ ᠬᠦᠴᠦ ᠪᠡᠷ ᠣᠷᠣᠨ᠎ᠠ ᠭᠡᠪᠡ᠃

ᠲᠡᠳᠡ ᠨᠠᠷ ᠰᠦᠬᠡ ᠪᠡᠨ ᠠᠪᠴᠠᠭᠠᠵᠤ ᠡᠭᠦᠳᠡ ᠶ᠋ᠢ ᠨᠡᠭᠡᠭᠡᠵᠦ ᠵᠣᠭᠰᠣᠪᠠᠯ ᠪᠦᠲᠡᠭᠡᠯᠭᠡ ᠲᠡᠢ ᠬᠥᠭᠰᠢᠨ ᠣᠷᠣᠵᠤ ᠢᠷᠡᠪᠡ᠃ ᠨᠢᠭᠤᠷ ᠪᠣᠯᠤᠨ ᠪᠤᠭᠤᠷᠤᠯ ᠰᠠᠬᠠᠯ ᠨᠢ ᠴᠢᠰᠤ ᠪᠣᠯᠤᠭᠰᠠᠨ ᠪᠥᠭᠡᠳ ᠲᠡᠭᠦᠨ ᠦ᠌ ᠬᠣᠢᠨ᠎ᠠ ᠠ᠋ᠴᠠ ᠳᠥᠷᠪᠡᠨ ᠲᠠᠲ᠋ᠠᠷ ᠦᠵᠡᠭᠳᠡᠨ᠎ᠡ᠃
— ᠢᠳᠡᠬᠦ ᠶᠠᠭᠤᠮ᠎ᠠ ᠪᠠᠢᠨ᠎ᠠ ᠤᠤ? ᠳᠤᠯᠠᠭᠠᠴᠠᠭᠤᠯᠵᠤ ᠥᠭᠭᠦᠭᠡᠴᠢ᠂ ᠪᠦᠬᠦᠯᠢ ᠰᠥᠨᠢ ᠳ᠋ᠡᠭᠡᠨ ᠲᠠᠯ᠎ᠠ ᠳᠤᠮᠳᠠᠭᠤᠷ ᠲᠡᠨᠦᠪᠡ᠃ ᠠᠷᠠᠢ ᠯᠠ ᠣᠰᠤᠭᠤᠵᠤ ᠦᠬᠦᠭᠰᠡᠨ ᠦᠭᠡᠢ᠃ ᠪᠢ ᠪᠣᠯ ᠸᠠᠩ ᠹᠸᠤᠲᠤᠷ ᠶᠦᠷᠢᠶᠸᠸᠢᠴ ᠷᠶᠠᠽᠠᠨᠰᠺᠢ  ᠶ᠋ᠢᠨ ᠵᠠᠷᠤᠴᠠ ᠠᠫᠤᠨᠢᠼ ᠭᠡᠳᠡᠭ ᠪᠠᠢᠨ᠎ᠠ᠃ ᠡᠨᠡ ᠲᠠᠲ᠋ᠠᠷ ᠤ᠋ᠳ ᠠ᠋ᠴᠠ ᠪᠤᠤ ᠠᠶᠤᠭᠲᠤᠨ᠃ ᠡᠳᠡ ᠨᠠᠷ ᠲᠠᠨᠠᠷ ᠲᠤ᠌ ᠭᠠᠷ ᠬᠦᠷᠬᠦ ᠦᠭᠡᠢ᠃ ᠨᠠᠮᠠᠶ᠋ᠢ ᠠᠩᠬ᠎ᠠ ᠲᠣᠬᠢᠶᠠᠯᠳᠤᠭᠰᠠᠨ ᠬᠠᠷᠠᠭᠤᠯ ᠳ᠋ᠤ᠌ ᠬᠦᠷᠭᠡᠵᠦ ᠥᠭᠬᠦ ᠪᠡᠷ ᠶᠠᠪᠤᠵᠤ ᠪᠠᠢᠭ᠎ᠠ ᠬᠥᠮᠦᠰ ᠭᠡᠬᠦ ᠳ᠋ᠦ᠍ᠨᠢ ᠲᠡᠳᠡ ᠨᠠᠷ ᠰᠦᠬᠡ ᠪᠡᠨ ᠪᠥᠰᠡᠨ ᠳ᠋ᠡᠭᠡᠨ ᠬᠠᠪᠴᠢᠭᠤᠯᠵᠤ ᠺᠦᠳ᠋ᠷᠶᠠᠱ᠂ ᠫᠣᠯᠤᠸᠸᠼᠠ ᠬᠡᠯᠡ ᠪᠡᠷ ᠥᠭᠦᠯᠡᠭᠰᠡᠨ ᠨᠢ᠄
— ᠣᠷᠣᠵᠤ ᠲᠠᠯᠬ᠎ᠠ ᠢᠳᠡᠵᠡᠭᠡ ᠭᠡᠬᠦ ᠳ᠋ᠦ᠍ᠨᠢ ᠲᠠᠲ᠋ᠠᠷ ᠤ᠋ᠳ ᠡᠭᠦᠳᠡᠨ ᠦ᠌ ᠳᠡᠷᠭᠡᠳᠡ ᠣᠪᠣᠭᠠᠷᠠᠵᠤ ᠬᠣᠭᠣᠷᠣᠨᠳᠣ ᠪᠠᠨ ᠶᠠᠷᠢᠯᠴᠠᠭᠠᠳ ᠬᠣᠶᠠᠷ ᠨᠢ ᠶᠠᠪᠤᠵᠤ ᠮᠣᠷᠢᠳ ᠢ᠋ᠶ᠋ᠠᠨ ᠴᠢᠳᠥᠷᠯᠡᠪᠡ᠃ ᠬᠣᠶᠠᠷ ᠨᠢ ᠰᠢᠪᠠᠷ ᠰᠠᠷᠠᠪᠴᠢᠨ ᠳ᠋ᠤ᠌ ᠣᠷᠣᠵᠤ ᠬᠠᠷ᠎ᠠ ᠭᠠᠷ ᠢ᠋ᠶ᠋ᠠᠨ ᠴᠡᠭᠡᠵᠢᠨ ᠳ᠋ᠡᠭᠡᠨ ᠵᠥᠷᠢᠭᠦᠯᠵᠦ ᠮᠡᠨᠳᠦᠯᠡᠬᠦ ᠲᠡᠮᠳᠡᠭ ᠦᠵᠡᠭᠦᠯᠦᠭᠡᠳ ᠴᠥᠮ ᠣᠢᠷᠠᠬᠠᠨ ᠳᠤᠤᠭᠠᠷᠴᠤ ᠨᠢᠭᠡ ᠨᠢᠭᠡ ᠪᠡᠨ ᠨᠠᠯᠠᠵᠤ ᠴᠣᠮᠴᠣᠢᠨ ᠰᠠᠭᠤᠵᠠᠭᠠᠵᠤ ᠭᠠᠯ ᠳ᠋ᠤ᠌ ᠭᠠᠷ ᠢ᠋ᠶ᠋ᠠᠨ ᠡᠭᠡᠭᠡᠪᠡ᠃ ᠺᠦᠳ᠋ᠷᠶᠠᠱ ᠤᠢᠰᠤᠨ ᠰᠠᠪᠠᠨ ᠠ᠋ᠴᠠ ᠢᠳᠡᠬᠦ ᠶᠠᠭᠤᠮ᠎ᠠ ᠭᠠᠷᠭᠠᠵᠤ ᠬᠢᠲᠤᠭ᠎ᠠ ᠪᠠᠷ ᠣᠭᠲᠣᠯᠤᠨ ᠲᠠᠲ᠋ᠠᠷ ᠤ᠋ᠳ ᠲᠤ᠌ ᠬᠡᠰᠡᠭ ᠬᠡᠰᠡᠭ ᠢ᠋ ᠥᠭᠪᠡ᠃
— ᠬᠠᠮᠢᠭᠠᠰᠢ ᠨᠢ ᠬᠠᠮᠢᠭ᠎ᠠ ᠠ᠋ᠴᠠ ᠲᠡᠭᠷᠢ ᠴᠢᠮᠠᠶ᠋ᠢ ᠡᠨᠳᠡ ᠠᠪᠴᠢᠷᠠᠪᠠ? ᠬᠡᠨ ᠴᠢᠮᠠᠶ᠋ᠢ ᠶᠠᠭᠠᠬᠢᠵᠤ ᠵᠣᠪᠠᠭᠠᠪᠠ? ᠭᠡᠬᠦ ᠳ᠋ᠦ᠍ᠨᠢ ᠣᠷᠣᠰ ᠤ᠋ᠨ ᠡᠯᠴᠢᠨ ᠢ᠋ ᠬᠡᠷᠴᠡᠭᠡᠢ ᠪᠡᠷ ᠬᠢᠳᠤᠭᠰᠠᠨ ᠲᠤᠬᠠᠢ ᠠᠫᠤᠨᠢᠼ ᠶᠠᠷᠢᠪᠠ᠃
— ᠸᠠᠩ ᠶᠥ᠋ᠷᠢ ᠢᠩᠭ᠌ᠸᠡᠷᠸᠸᠢᠴ ᠲᠦ᠍ ᠲᠡᠭᠦᠨ ᠦ᠌ ᠬᠦᠦ ᠶ᠋ᠢᠨ ᠦᠬᠦᠭᠰᠡᠨ ᠲᠤᠬᠠᠢ ᠬᠡᠯᠡᠭᠦᠯᠬᠦ ᠪᠡᠷ ᠪᠠᠲᠤ ᠬᠠᠭᠠᠨ ᠥᠪᠡᠷ ᠢ᠋ᠶ᠋ᠡᠨ ᠨᠠᠮᠠᠶ᠋ᠢ ᠷᠶᠠᠽᠠᠨ ᠳ᠋ᠤ᠌ ᠶᠠᠪᠤᠭᠤᠯᠪᠠ᠃ ᠡᠨᠡ ᠵᠣᠯᠢᠭ ᠤ᠋ᠳ ᠨᠠᠳᠠᠳᠤ ᠭᠠᠷ ᠬᠦᠷᠦᠭᠰᠡᠨ ᠦᠭᠡᠢ᠂ ᠦᠨᠡᠬᠡᠷ ᠠᠮᠢᠳᠤ ᠪᠠᠷ ᠷᠶᠠᠽᠠᠨ ᠬᠦᠷᠬᠦ ᠨᠢ ᠪᠣᠯᠤᠯᠲᠠᠢ ᠭᠡᠪᠡ᠃
— ᠠ᠋᠂ ᠪᠠᠲᠤ ᠬᠠᠭᠠᠨ ᠭᠡᠳᠡᠭ ᠥᠪᠡᠷ ᠢ᠋ᠶ᠋ᠡᠨ ᠶᠠᠮᠠᠷ ᠰᠢᠦ ᠶᠠᠭᠤᠮ᠎ᠠ ᠪᠠᠢᠨ᠎ᠠ? ᠴᠢ ᠲᠡᠭᠦᠨ ᠢ᠋ ᠦᠵᠡᠭᠰᠡᠨ ᠭᠡᠵᠢ ᠤᠤ? ᠭᠡᠳ ᠲᠠᠷᠢᠶᠠᠴᠢᠨ ᠡᠷᠡᠴᠦᠳ ᠬᠡᠴᠢᠨᠡᠨ ᠰᠦᠷᠡᠬᠡᠢ ᠠᠶᠤᠮᠰᠢᠭᠲᠠᠢ ᠪᠠᠷ ᠰᠣᠨᠣᠰᠤᠭᠰᠠᠨ ᠲᠠᠲ᠋ᠠᠷ ᠤ᠋ᠳ ᠢ᠋ ᠬᠣᠮᠣᠬᠠᠢ ᠪᠠᠷ ᠰᠢᠷᠳᠡᠵᠡᠭᠡᠪᠡ᠃ ᠣᠳᠣ ᠲᠡᠳᠡ ᠨᠠᠷ ᠳᠡᠷᠭᠡᠳᠡ ᠨᠢ ᠰᠠᠭᠤᠵᠠᠭᠠᠵᠤ ᠰᠡᠳᠬᠢᠯ ᠬᠠᠩᠭᠠᠯᠲᠠ ᠲᠠᠢ ᠪᠠᠷ ᠬᠠᠲᠠᠭᠰᠠᠨ ᠲᠠᠯᠬ᠎ᠠ ᠵᠠᠵᠢᠯᠵᠤ ᠪᠠᠢᠯ᠎ᠠ᠃ ᠡᠳᠡ ᠨᠠᠷ ᠤᠷᠲᠤ ᠬᠣᠷᠮᠣᠢ ᠲᠠᠢ ᠦᠰᠦ ᠲᠡᠢ ᠳᠡᠪᠡᠯ ᠦ᠋ᠨ ᠢ᠋ᠶ᠋ᠡᠨ ᠦᠰᠦ ᠶ᠋ᠢ ᠭᠠᠳᠠᠭᠰᠢ ᠬᠠᠨᠳᠤᠭᠤᠯᠤᠭᠠᠳ ᠡᠮᠦᠰᠴᠡᠢ᠃ᠥᠮᠥᠳᠥ ᠨᠢ ᠠᠳᠠᠯᠢ ᠪᠣᠯᠪᠠᠴᠤ ᠤᠨᠠᠭᠠᠨ ᠤ᠋ ᠠᠷᠠᠰᠤ ᠪᠥᠭᠡᠳ ᠳᠡᠪᠡᠯ ᠨᠢ ᠬᠣᠨᠢᠨ ᠤ᠋ ᠨᠡᠬᠡᠢ ᠠᠵᠢ᠃ ᠥᠷᠭᠡᠨ ᠲᠣᠮᠣ ᠭᠤᠲᠤᠯ ᠳᠣᠲᠣᠭᠤᠷ ᠢ᠋ᠶ᠋ᠠᠨ ᠢᠰᠡᠭᠡᠢ ᠬᠢᠵᠡᠢ᠃ ᠲᠣᠯᠣᠭᠠᠢ ᠳᠡᠭᠡᠷ᠎ᠡ ᠨᠣᠬᠠᠢ ᠶ᠋ᠢᠨ ᠦᠰᠦ ᠪᠡᠷ ᠬᠢᠭᠰᠡᠨ ᠴᠢᠬᠢ ᠲᠡᠢ ᠂ ᠰᠢᠯᠢᠪᠴᠢ ᠲᠡᠢ ᠮᠠᠯᠠᠭᠠᠢ ᠡᠮᠦᠰᠴᠦ ᠪᠥᠰᠡᠨ ᠳ᠋ᠡᠭᠡᠨ ᠤᠷᠲᠤ ᠰᠡᠯᠡᠮ᠎ᠡ ᠬᠠᠪᠴᠢᠭᠤᠯᠤᠭᠠᠳ ᠲᠡᠭᠦᠨ ᠦ᠌ ᠭᠢᠨᠵᠢᠯᠡᠭᠰᠡᠨ ᠣᠭᠣᠰᠣᠷ ᠤ᠋ᠨ ᠬᠢᠨᠢ ᠦᠵᠦᠭᠦᠷ ᠲᠦ᠍ ᠲᠡᠮᠦᠷ ᠲᠠᠤᠬᠠᠢ ᠪᠠᠢᠨ᠎ᠠ᠃ ᠲᠠᠲ᠋ᠠᠷ᠂ ᠡᠪᠦᠷ ᠡᠴᠡ ᠪᠡᠨ ᠮᠣᠳᠣᠨ ᠠᠶᠠᠭ᠎ᠠ ᠭᠠᠷᠭᠠᠵᠤ ᠲᠡᠭᠦᠨ ᠳ᠋ᠦ᠍ ᠲᠠᠯᠬ᠎ᠠ ᠬᠤᠭᠤᠯᠵᠤ ᠬᠢᠭᠡᠳ ᠪᠠᠢᠰᠢᠩ ᠳ᠋ᠠᠬᠢ ᠰᠠᠪᠠ ᠲᠡᠰᠢ ᠵᠢᠭᠠᠪᠠ᠃

ᠸᠠᠥ᠋ᠯ ᠰᠠᠪᠠ ᠠ᠋ᠴᠠ ᠤᠮᠳᠠᠭ᠎ᠠ ᠬᠢᠵᠦ ᠥᠭᠭᠦᠭᠡᠳ᠄
— ᠴᠢᠨᠦ ᠭᠡᠷ ᠬᠣᠯᠠ ᠤᠤ? ᠭᠡᠵᠦ ᠠᠰᠠᠭᠤᠪᠠ᠃ ᠺᠦᠳ᠋ᠷᠶᠠᠱ ᠫᠣᠯᠤᠸᠸᠼᠠ ᠬᠡᠯᠡ ᠪᠡᠷ ᠣᠷᠴᠢᠭᠤᠯᠵᠤ ᠥᠭᠪᠡᠯ ᠮᠣᠩᠭᠣᠯ ᠪᠣᠳᠣᠵᠤ ᠪᠠᠢᠭᠠᠳ ᠣᠢᠯᠠᠭᠠᠵᠤ ᠭᠠᠷ ᠢ᠋ᠶ᠋ᠠᠨ ᠡᠷᠭᠦᠨ ᠬᠣᠶᠠᠷ ᠵᠢᠯ ᠶᠠᠪᠤᠵᠤ ᠬᠦᠷᠬᠦ ᠭᠠᠵᠠᠷ ᠭᠡᠪᠡ᠃
— ᠬᠡᠳᠦᠨ ᠵᠢᠯ ᠲᠡᠢᠨ ᠬᠢᠵᠦ ᠪᠠᠢᠨ᠎ᠠ? ᠭᠡᠬᠦ ᠳ᠋ᠦ᠍ᠨᠢ᠄
— ᠬᠣᠷᠢᠨ ᠵᠢᠯ ᠲᠡᠢᠨ ᠬᠢᠵᠦ ᠪᠠᠢᠨ᠎ᠠ ᠭᠡᠵᠦ ᠨᠥᠭᠦᠭᠡ ᠨᠢ ᠬᠠᠷᠢᠭᠤᠯᠪᠠ᠃ ᠲᠠᠲ᠋ᠠᠷ ᠤ᠋ᠨ ᠴᠢᠷᠠᠢ ᠨᠠᠷᠠᠰᠤᠨ ᠤ᠋ ᠬᠣᠯᠲᠣᠰᠣ ᠮᠡᠲᠦ ᠦᠷᠴᠢᠢᠨ ᠪᠠᠷᠤᠢᠵᠤ ᠠᠷᠮᠠᠭ ᠲᠠᠷᠮᠠᠭ ᠰᠠᠬᠠᠯ ᠨᠢ ᠤᠷᠤᠭᠤᠯ ᠳᠡᠭᠡᠷ᠎ᠡ ᠪᠡᠨ ᠰᠠᠷᠪᠠᠢᠵᠤ ᠬᠠᠷᠠᠭᠳᠠᠨ᠎ᠠ᠃ ᠲᠠᠲ᠋ᠠᠷ ᠲᠠᠯᠬ᠎ᠠ ᠳᠡᠪᠲᠦᠭᠡᠵᠦ ᠢᠳᠡᠭᠡᠳ ᠨᠢᠭᠡ ᠠᠶᠠᠭ᠎ᠠ ᠴᠠᠢ ᠤᠤᠭᠤᠨ ᠠᠶᠠᠭ᠎ᠠ ᠶ᠋ᠢ ᠳᠣᠯᠢᠶᠠᠵᠤ ᠴᠡᠪᠡᠷᠯᠡᠭᠡᠳ ᠵᠡᠷᠭᠡᠯᠡᠳᠡᠭᠡ ᠰᠠᠭᠤᠭ᠎ᠠ ᠬᠥᠮᠦᠨ ᠳ᠋ᠦ᠍ ᠥᠭᠪᠡ᠃ ᠲᠡᠳᠡ ᠨᠢ ᠪᠠᠰᠠ ᠤᠮᠳᠠᠭ᠎ᠠ ᠭᠤᠶᠤᠪᠠ᠃ ᠪᠦᠭᠦᠳᠡ ᠶ᠋ᠢᠨ ᠬᠢᠨᠢ ᠪᠠᠷᠤᠭᠠᠷ ᠪᠥᠭᠡᠳ ᠣᠨᠢᠭᠠᠷ ᠬᠠᠷ᠎ᠠ ᠨᠢᠳᠦ ᠪᠡᠷ ᠢ᠋ᠶ᠋ᠡᠨ ᠣᠷᠣᠰ ᠤ᠋ᠳ ᠳᠠᠰᠢ ᠭᠢᠯᠤᠢᠨ ᠬᠠᠷᠠᠵᠤ ᠬᠥᠯ ᠲᠣᠯᠣᠭᠠᠢ ᠦᠭᠡᠢ ᠠᠵᠢᠭᠯᠠᠨ᠎ᠠ᠃  ᠺᠦᠳ᠋ᠷᠶᠠᠱ ᠤ᠋ᠨ ᠬᠡᠯᠡᠭᠰᠡᠨ ᠨᠢ᠄
— ᠡᠳᠡ ᠨᠠᠷ ᠮᠠᠨ ᠤ᠋ ᠲᠠᠯᠬ᠎ᠠ ᠶ᠋ᠢ ᠢᠳᠡᠭᠰᠡᠭᠡᠷ ᠪᠠᠢᠭᠰᠠᠨ ᠮᠥᠷᠲᠡᠭᠡᠨ ᠪᠢᠳᠡᠨ ᠢ᠋ ᠴᠠᠪᠴᠢᠵᠤ ᠠᠯᠠᠬᠤ ᠳ᠋ᠤ᠌ ᠪᠡᠯᠡᠬᠡᠨ ᠪᠠᠢᠨ᠎ᠠ ᠰᠢᠦ᠂ ᠲᠠᠨᠠᠷ ᠡᠨᠳᠡ ᠡᠴᠡ ᠰᠡᠮᠬᠡᠨ ᠬᠠᠷᠠᠵᠠᠭᠠᠬᠤ ᠶ᠋ᠢ ᠪᠣᠳᠣ! ᠪᠢᠳᠡ ᠥᠪᠡᠷᠰᠡᠳ ᠢ᠋ᠶ᠋ᠡᠨ ᠠᠫᠤᠨᠢᠼ ᠢ᠋ ᠭᠠᠷᠭᠠᠵᠤ ᠥᠭᠭᠦᠶ᠎ᠡ ᠭᠡᠪᠡ᠃

ᠮᠣᠩᠭᠣᠯᠴᠤᠳ ᠥᠪᠡᠷ ᠳᠤᠮᠳᠠ ᠪᠠᠨ ᠨᠢᠭᠡ ᠶᠠᠭᠤᠮ᠎ᠠ ᠶᠠᠷᠢᠯᠴᠠᠭᠰᠠᠨ ᠪᠥᠭᠡᠳ ᠣᠷᠣᠰ ᠤ᠋ᠳ ᠳᠠᠰᠢ ᠨᠢᠳᠦ ᠪᠡᠷ ᠢ᠋ᠶ᠋ᠡᠨ ᠵᠢᠭᠠᠨ᠎ᠠ᠃

ᠣᠷᠣᠰ ᠤ᠋ᠳ ᠬᠣᠢᠨ᠎ᠠ ᠬᠣᠶ᠋ᠢᠨ᠎ᠠ ᠠ᠋ᠴᠠ ᠪᠠᠨ ᠴᠤᠪᠤᠷᠠᠨ ᠭᠠᠷᠬᠤ ᠳ᠋ᠤ᠌ ᠮᠣᠩᠭᠣᠯᠴᠤᠳ ᠪᠣᠰᠤᠨ ᠬᠠᠷᠠᠢᠵᠤ ᠭᠦᠶᠦᠨ ᠭᠠᠷᠴᠤ ᠲᠡᠮᠦᠷ ᠳᠡᠭᠡᠭᠡ ᠲᠡᠢ ᠵᠢᠳᠠ ᠪᠠᠨ ᠰᠢᠭᠦᠷᠡᠨ ᠠᠪᠴᠠᠭᠠᠪᠠ᠃
—ᠡᠨᠡ ᠳᠡᠭᠡᠭᠡ ᠪᠡᠷ ᠢ᠋ᠶ᠋ᠡᠨ ᠪᠢᠳᠡᠨ ᠢ᠋ ᠡᠮᠡᠭᠡᠯ ᠡᠴᠡ ᠲᠡᠳᠡᠨ ᠤᠨᠠᠭᠠᠬᠤ ᠭᠡᠵᠦ ᠪᠠᠢᠭ᠎ᠠ ᠶᠤᠮ ᠭᠡᠵᠦ ᠺᠦᠳ᠌ᠷᠶᠡᠱ ᠬᠡᠯᠡᠪᠡ᠃

ᠠᠫᠤᠨᠢᠼ ᠮᠣᠷᠢᠨ ᠳᠡᠭᠡᠷ᠎ᠡ ᠪᠡᠨ ᠭᠠᠷᠤᠮᠠᠭᠴᠠ ᠮᠣᠩᠭᠣᠯᠴᠤᠳ ᠮᠥᠨ ᠵᠢᠵᠢᠭ ᠮᠣᠷᠢᠨ ᠳᠡᠭᠡᠷ᠎ᠡ ᠪᠡᠨ ᠮᠣᠷᠳᠠᠵᠤ ᠬᠦᠯᠢᠶᠡᠨ ᠵᠣᠭᠰᠣᠵᠠᠭᠠᠨ᠎ᠠ᠃
—ᠦᠨᠡᠨ ᠰᠦᠰᠦᠭ ᠲᠡᠭᠡᠨ ᠶᠠᠪᠤᠵᠠᠭᠠᠶ᠎ᠠ᠂ ᠬᠠᠷᠢᠨ ᠲᠠᠨᠠᠷ ᠰᠠᠢᠨ ᠠᠵᠢᠯᠯᠠᠵᠤ ᠶᠠᠪᠤᠭᠠᠷᠠᠢ ᠭᠡᠵᠦ ᠠᠫᠤᠨᠢᠼ ᠬᠡᠯᠡᠪᠡᠯ ᠪᠤᠰᠤᠳ ᠨᠢ ᠶᠠᠭᠤᠮ᠎ᠠ ᠪᠣᠳᠣᠵᠤ ᠵᠣᠭᠰᠣᠵᠠᠭᠠᠨ᠎ᠠ᠃

ᠣᠷᠣᠰ ᠤ᠋ᠳ ᠡᠪᠦᠳᠦᠭ ᠢ᠋ᠶ᠋ᠡᠨ ᠲᠠᠲᠠᠭᠰᠠᠨ ᠴᠠᠰᠤᠨ ᠳ᠋ᠤ᠌ ᠰᠢᠭᠢᠳᠴᠦ ᠡᠩᠭᠡᠷ ᠳᠠᠮᠵᠢᠨ ᠭᠠᠷᠴᠠᠭᠠᠵᠤ ᠪᠠᠢᠯ᠎ᠠ᠃ ᠡᠳᠡ ᠨᠠᠷ ᠵᠣᠭᠣᠭᠳᠠᠭᠰᠠᠨ ᠭᠠᠵᠠᠷ ᠠ᠋ᠴᠠ ᠭᠠᠷᠴᠤ ᠲᠡᠭᠰᠢ ᠲᠠᠯ᠎ᠠ ᠳ᠋ᠤ᠌ ᠣᠷᠣᠭᠠᠳ ᠠᠫᠤᠨᠢᠼ ᠤ᠋ᠨ ᠬᠣᠢᠨ᠎ᠠ ᠠ᠋ᠴᠠ ᠭᠦᠢᠴᠡᠵᠦ ᠢᠷᠡᠪᠡ᠃

ᠮᠣᠩᠭᠣᠯᠴᠤᠳ ᠵᠣᠭᠰᠣᠨ᠂ ᠡᠰᠢ ᠳᠠᠰᠢ ᠡᠷᠭᠢᠯᠳᠦᠵᠦ ᠪᠠᠢᠭᠰᠠᠨ ᠢ᠋ᠶ᠋ᠠᠨ ᠭᠡᠨᠡᠳᠲᠡ ᠥᠪᠡᠷ ᠦ᠋ᠨ ᠮᠣᠷᠢᠨ ᠤ᠋ ᠲᠠᠯ᠎ᠠ ᠤᠷᠤᠭᠤ ᠲᠣᠩᠭᠣᠢᠨ ᠣᠷᠣᠰ ᠤ᠋ᠳ ᠳᠡᠭᠡᠷ᠎ᠡ ᠳᠠᠪᠬᠢᠨ ᠢᠷᠡᠵᠦ ᠥᠳᠥᠭᠡᠭᠡᠳ ᠲᠦᠷᠭᠡᠨ ᠡᠷᠭᠢᠵᠦ ᠳᠠᠪᠬᠢᠪᠠ᠃ ᠲᠡᠳᠡᠨ ᠦ᠌ ᠬᠣᠢᠨ᠎ᠠ ᠠ᠋ᠴᠠ ᠬᠣᠶᠠᠷ ᠳᠠᠪᠬᠤᠷ ᠴᠠᠯᠮᠠᠭᠳᠠᠭᠤᠯᠤᠬᠰᠠᠨ ᠸᠡᠥ᠋ᠯ ᠴᠠᠰᠤᠨ ᠳᠡᠭᠡᠭᠦᠷ ᠰᠠᠮᠠᠷᠳᠠᠨ ᠴᠢᠷᠦᠭᠳᠡᠵᠦ ᠶᠠᠪᠤᠬᠤ ᠳ᠋ᠠᠭᠠᠨ᠄
— ᠠᠬ᠎ᠠ ᠳᠡᠭᠦᠦ ᠨᠠᠷ ᠮᠢᠨᠢ ᠠᠪᠤᠷᠠᠭᠠᠴᠢ ᠭᠡᠵᠦ ᠬᠠᠰᠬᠢᠷᠪᠠ᠃

ᠮᠣᠩᠭᠣᠯᠴᠤᠳ ᠮᠣᠷᠢᠨ ᠤ᠋ ᠬᠤᠷᠳᠤ ᠪᠠᠷ ᠳᠠᠪᠬᠢᠨ ᠬᠣᠯᠠᠳᠠᠪᠠ᠃ ᠡᠨᠡ ᠡᠷ᠎ᠡ ᠥᠩᠭᠡᠷᠡᠨ᠎ᠡ ᠭᠡᠵᠦ ᠼᠪᠶᠠᠭ᠎ᠠ ᠬᠡᠯᠡᠪᠡ᠃
— ᠠᠢ᠂ ᠪᠢ ᠨᠢᠭᠡ ᠵᠣᠪᠠᠯᠠᠩᠲᠠᠢ ᠶᠠᠭᠤᠮ᠎ᠠ ᠬᠢᠯ᠎ᠡ᠃ ᠪᠢ ᠲᠠᠨᠠᠷ ᠢ᠋ ᠶᠠᠭᠤᠨ ᠳ᠋ᠤ᠌ ᠳᠠᠭᠤᠳᠠᠭᠰᠠᠨ ᠪᠢᠯᠡ? ᠭᠡᠵᠦ ᠰᠡᠸᠧᠯᠢ ᠭᠢᠩᠰᠢᠨ ᠬᠡᠯᠡᠪᠡ᠃

ᠮᠣᠩᠭᠣᠯᠴᠤᠳ ᠬᠣᠯᠠ ᠣᠴᠢᠵᠤ ᠳᠣᠪᠣᠴᠠᠭ ᠳᠡᠭᠡᠷ᠎ᠡ ᠵᠣᠭᠰᠣᠭᠠᠳ ᠸᠡᠥ᠋ᠯ ᠢ᠋ ᠥᠨᠳᠡᠢᠯᠭᠡᠵᠦ ᠬᠦᠵᠦᠭᠦᠦ ᠡᠴᠡ ᠨᠢ ᠣᠯᠣᠰᠣ ᠪᠠᠷ ᠣᠭᠣᠰᠣᠷᠯᠠᠭᠠᠳ ᠬᠥᠲᠥᠯᠵᠦ ᠪᠤᠰᠤᠳ ᠨᠢ ᠬᠣᠢᠨ᠎ᠠ ᠠ᠋ᠴᠠ ᠨᠢ ᠲᠠᠭᠤᠵᠤ ᠣᠳᠪᠠ᠃ ᠠᠫᠤᠨᠢᠼ ᠤ᠋ᠨ ᠮᠣᠷᠢ ᠡᠴᠡᠵᠦ ᠠᠷᠠᠢ ᠴᠢᠷᠮᠠᠢᠨ ᠬᠤᠩᠭᠠᠷ ᠴᠠᠰᠤ ᠶ᠋ᠢ ᠭᠠᠲᠤᠯᠤᠨ ᠭᠠᠷᠪᠠ᠃

ᠣᠷᠣᠰ ᠤ᠋ᠳ ᠬᠥᠮᠥᠰᠬᠡ ᠪᠡᠨ ᠵᠠᠩᠭᠢᠳᠤᠨ ᠡᠰᠢ ᠲᠡᠰᠢ ᠪᠡᠨ ᠬᠠᠷᠠᠯᠴᠠᠨ ᠠᠶᠤᠯᠲᠤ ᠮᠠᠭᠤᠬᠠᠢ ᠶᠠᠪᠤᠳᠠᠯ ᠴᠢᠰᠤ ᠤᠷᠤᠰᠤᠭᠰᠠᠨ ᠲᠡᠢᠨ ᠢᠷᠡᠬᠦ ᠨᠢ ᠭᠡᠵᠦ ᠶᠠᠷᠢᠯᠴᠠᠵᠤ᠂ ᠡᠭᠦᠨ ᠳ᠋ᠦ᠍ ᠬᠡᠷᠪᠡ ᠲᠠᠲ᠋ᠠᠷ ᠤ᠋ᠨ ᠸᠠᠩ ᠨᠠᠷ ᠹᠧᠦᠲᠦᠷ ᠪᠠ ᠮᠠᠨ ᠤ᠋ ᠡᠯᠴᠢᠳ ᠢ᠋ ᠠᠯᠠᠭᠰᠠᠨ ᠪᠣᠯ ᠡᠨᠡ ᠠᠳᠤᠭᠤᠴᠢᠨ ᠨᠠᠷ ᠲᠠᠢ ᠡᠪ ᠨᠠᠢᠷᠠᠮᠳᠠᠯ ᠲᠠᠢ ᠪᠠᠢᠵᠤ ᠪᠣᠯᠬᠤ ᠦᠭᠡᠢ ᠨᠢ ᠭᠡᠵᠦ ᠶᠠᠷᠢᠯᠴᠠᠪᠠ᠃


ᠦᠰᠦᠭ ᠠᠮᠢᠯᠠᠭᠤᠯᠤᠭᠴᠢ᠄ ᠪᠠᠶᠠᠨᠴᠡᠴᠡᠭ᠂ ᠠᠷᠢᠭᠤᠨ᠂ ᠬᠡᠷᠡᠢᠳ· ᠮᠥᠩᠬᠡᠨᠠᠰᠤᠨ᠂ ᠠᠯᠲᠠᠨᠴᠢᠮᠡᠭ᠂ ᠭᠡᠷᠡᠯ᠂ ᠵᠢᠩᠯᠢᠬᠤᠸᠠᠷ 
ᠬᠢᠨᠠᠭᠴᠢ᠄ ᠪᠠᠯ᠂ ᠠᠷᠢᠭᠤᠨ᠂ ᠠᠯᠲᠠᠨᠴᠢᠮᠡᠭ᠂ ᠲ· ᠬᠦᠮᠦᠵᠢᠯᠲᠦ᠂ ᠪᠠᠶᠠᠨᠴᠡᠴᠡᠭ