ᠦᠭᠡ ᠶ᠋ᠢᠨ ᠵᠦᠢ04ᠮᠣᠩᠭᠣᠯ ᠬᠡᠯᠡᠨ ᠦ᠌ ᠬᠣᠯᠪᠣᠬᠤ ᠡᠬᠡᠰᠢᠭ ᠦ᠋ᠨ ᠳᠦᠷᠢᠮ ᠦ᠋ᠨ ᠲᠤᠬᠠᠢ-02(ᠬᠣᠶᠠᠷ) ᠬᠣᠯᠪᠣᠬᠤ ᠡᠭᠡᠰᠢᠭ ᠦ᠋ᠨ ᠳᠦᠷᠢᠮ ᠳ᠋ᠦ᠍ ᠦᠯᠦ ᠨᠡᠢᠴᠡᠬᠦ ᠵᠠᠷᠢᠮ ᠦᠵᠡᠭᠳᠡᠯ ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠭᠡ ᠶ᠋ᠢᠨ ᠵᠦᠢ04ᠮᠣᠩᠭᠣᠯ ᠬᠡᠯᠡᠨ ᠦ᠌ ᠬᠣᠯᠪᠣᠬᠤ ᠡᠬᠡᠰᠢᠭ ᠦ᠋ᠨ ᠳᠦᠷᠢᠮ ᠦ᠋ᠨ ᠲᠤᠬᠠᠢ-02(ᠬᠣᠶᠠᠷ) ᠬᠣᠯᠪᠣᠬᠤ ᠡᠭᠡᠰᠢᠭ ᠦ᠋ᠨ ᠳᠦᠷᠢᠮ ᠳ᠋ᠦ᠍ ᠦᠯᠦ ᠨᠡᠢᠴᠡᠬᠦ ᠵᠠᠷᠢᠮ ᠦᠵᠡᠭᠳᠡᠯ

ᠦᠭᠡ ᠶ᠋ᠢᠨ ᠵᠦᠢ04ᠮᠣᠩᠭᠣᠯ ᠬᠡᠯᠡᠨ ᠦ᠌ ᠬᠣᠯᠪᠣᠬᠤ ᠡᠬᠡᠰᠢᠭ ᠦ᠋ᠨ ᠳᠦᠷᠢᠮ ᠦ᠋ᠨ ᠲᠤᠬᠠᠢ-02(ᠬᠣᠶᠠᠷ) ᠬᠣᠯᠪᠣᠬᠤ ᠡᠭᠡᠰᠢᠭ ᠦ᠋ᠨ ᠳᠦᠷᠢᠮ ᠳ᠋ᠦ᠍ ᠦᠯᠦ ᠨᠡᠢᠴᠡᠬᠦ ᠵᠠᠷᠢᠮ ᠦᠵᠡᠭᠳᠡᠯ

ᠠᠩᠭᠢᠯᠠᠯ:ᠬᠡᠯᠡ ᠪᠢᠴᠢᠭ
2025-10-10

85

ᠬᠣᠶᠠᠷ᠃ ᠬᠣᠯᠪᠣᠬᠤ ᠡᠭᠡᠰᠢᠭ ᠦ᠋ᠨ ᠳᠦᠷᠢᠮ ᠳ᠋ᠦ᠍ ᠦᠯᠦ ᠨᠡᠢᠴᠡᠬᠦ ᠵᠠᠷᠢᠮ ᠦᠵᠡᠭᠳᠡᠯ

  ᠬᠤᠪᠢᠯᠤᠭᠴᠢ《᠊᠊ᠪ》 ᠭᠡᠢᠭᠦᠯᠦᠭᠴᠢ ᠪᠡᠷ ᠲᠡᠭᠦᠰᠦᠭᠰᠡᠨ《ᠠᠪ᠂ ᠵᠢᠪ᠂ ᠬᠥᠪ》 ᠭᠡᠰᠡᠨ ᠦᠢᠯᠡ ᠦᠭᠡᠨ ᠳ᠋ᠦ᠍ ᠡᠰᠡ ᠬᠤᠪᠢᠯᠭᠠᠭᠴᠢ ᠭᠡᠢᠭᠦᠯᠦᠭᠴᠢ《᠊᠊ᠪ᠊᠊᠊》 ᠢ᠋ᠶ᠋ᠡᠷ ᠡᠬᠢᠯᠡᠭᠰᠡᠨ ᠳᠠᠭᠠᠪᠤᠷᠢ ᠶ᠋ᠢ ᠵᠠᠯᠭᠠᠬᠤ ᠳ᠋ᠤ᠌《ᠠᠪᠤᠪᠠ᠂ ᠠᠪᠤᠪᠠᠴᠤ᠂ ᠠᠪᠤᠪᠠᠯ》《ᠵᠢᠪᠦᠪᠡ᠂ 》᠂《ᠵᠢᠪᠦᠪᠡᠴᠦ᠂ ᠵᠢᠪᠦᠪᠡᠯ᠂ ᠬᠦᠪᠦᠪᠡ᠂ ᠬᠦᠪᠦᠪᠡᠯ᠂ ᠬᠦᠪᠦᠪᠡᠴᠦ》 ᠭᠡᠬᠦ ᠮᠡᠲᠦ ᠪᠡᠷ ᠬᠣᠯᠪᠣᠬᠤ ᠡᠭᠡᠰᠢᠭ ᠦ᠋ᠨ ᠳᠦᠷᠢᠮ ᠢ᠋ ᠡᠪᠳᠡᠵᠦ ᠪᠠᠢᠬᠤ ᠦᠵᠡᠭᠳᠡᠯ ᠪᠣᠢ᠃
  ᠬᠤᠪᠢᠯᠤᠭᠴᠢ ᠭᠡᠢᠭᠦᠯᠦᠭᠴᠢ ᠪᠢᠰᠢ 《᠊᠊ᠭ᠌ 》 ᠢ᠋ᠶ᠋ᠡᠷ ᠲᠡᠭᠦᠰᠦᠭᠰᠡᠨ《ᠥᠭ》 ᠭᠡᠳᠡᠭ ᠦᠢᠯᠡ ᠦᠭᠡ ᠶ᠋ᠢᠨ ᠳᠠᠷᠠᠭ᠎ᠠ ᠬᠤᠪᠢᠯᠭᠠᠭᠴᠢ ᠳᠠᠭᠠᠪᠤᠷᠢ ᠨᠤᠭᠤᠳ ᠢ᠋ ᠵᠠᠯᠭᠠᠬᠤ ᠳ᠋ᠤ᠌ ᠬᠣᠭᠣᠷᠣᠨᠳᠣ ᠪᠠᠨ 《᠊᠊ᠬᠦ᠊》ᠦᠶ᠎ᠡ ᠪᠡᠷ ᠬᠠᠯᠬᠠᠯᠠᠵᠤ 《ᠦᠭᠭᠦᠭᠰᠡᠨ》ᠭᠡᠵᠦ ᠪᠢᠴᠢᠵᠦ ᠪᠣᠢ᠃
  ᠵᠠᠷᠢᠮ ᠦᠢᠯᠡ ᠦᠭᠡ ᠶ᠋ᠢᠨ ᠦᠨᠳᠦᠰᠦᠨ ᠳ᠋ᠦ᠍ ᠲᠡᠮᠳᠡᠭ ᠨᠡᠷ᠎ᠡ ᠡᠭᠦᠰᠬᠡᠬᠦ《᠊᠊ᠬᠠᠢ᠂ ᠊᠊ᠬᠡᠢ》ᠳᠠᠭᠠᠪᠤᠷᠢ ᠶ᠋ᠢ ᠵᠠᠯᠭᠠᠬᠤ ᠳ᠋ᠤ᠌ ᠤᠤᠯ ᠦᠢᠯᠡ ᠦᠭᠡ ᠶ᠋ᠢᠨ ᠦᠨᠳᠦᠰᠦᠨ ᠳ᠋ᠦ᠍ ᠪᠠᠢᠭᠰᠠᠨ《᠊᠊ᠡ᠊》ᠡᠭᠡᠰᠢᠭ ᠭᠡᠭᠡᠭᠳᠡᠬᠦ ᠣᠨᠴᠠᠭᠠᠢ ᠦᠵᠡᠭᠳᠡᠯ ᠪᠣᠢ᠃
  ᠵᠢᠱ᠌ᠢᠶᠡᠯᠡᠪᠡᠯ: ᠢᠯᠡᠷᠡ— ᠢᠯᠡᠷᠬᠡᠢ᠂
ᠪᠠᠯᠠᠷᠠ —ᠪᠠᠯᠠᠷᠬᠠᠢ᠂
ᠲᠣᠳᠣᠷᠠ—ᠲᠣᠳᠣᠷᠬᠠᠢ᠂ 
ᠬᠡᠲᠦᠷᠡ—ᠬᠡᠲᠦᠷᠬᠡᠢ᠂
ᠲᠡᠰᠦᠷᠡ— ᠲᠠᠰᠤᠷᠬᠠᠢ᠂
ᠡᠪᠳᠡᠷᠡ—ᠡᠪᠳᠡᠷᠬᠡᠢ᠂
ᠬᠤᠭᠤᠷᠠ—ᠬᠤᠭᠤᠷᠬᠠᠢ᠂
ᠬᠡᠮᠬᠡᠷᠡ— ᠬᠡᠮᠬᠡᠷᠬᠡᠢ᠂
ᠬᠠᠭᠠᠷᠠ—ᠬᠠᠭᠠᠷᠬᠠᠢ᠂
ᠬᠣᠯᠲᠣᠷᠠ— ᠬᠣᠯᠲᠣᠷᠬᠠᠢ᠂
ᠬᠡᠯᠲᠡᠷᠡ—ᠬᠡᠯᠲᠡᠷᠬᠡᠢ᠂
ᠪᠠᠯᠪᠠᠷᠠ—ᠪᠠᠯᠪᠠᠷᠬᠠᠢ᠂
ᠴᠣᠭᠣᠷᠠ— ᠴᠣᠭᠣᠷᠬᠠᠢ ᠭᠡᠬᠦ ᠮᠡᠲᠦ᠃
  《ᠰᠦᠷ》ᠭᠡᠰᠡᠨ ᠨᠡᠷ᠎ᠡ ᠦᠭᠡᠨ ᠳ᠋ᠦ᠍《᠊᠊ᠬᠡᠢ》ᠳᠠᠭᠠᠪᠤᠷᠢ ᠵᠠᠯᠭᠠᠬᠤ ᠳ᠋ᠤ᠌ ᠤᠤᠯ ᠦᠭᠡ ᠪᠠ ᠳᠠᠭᠠᠪᠤᠷᠢ ᠶ᠋ᠢᠨ ᠬᠣᠭᠣᠷᠣᠨᠳᠣ 《᠊᠊ᠡ᠊》ᠡᠭᠡᠰᠢᠭ ᠨᠡᠮᠡᠭᠳᠡᠵᠦ 《ᠰᠦᠷᠡᠬᠡᠢ》 ᠭᠡᠵᠦ ᠪᠢᠴᠢᠳᠡᠭ ᠪᠠᠰᠠ ᠨᠢᠭᠡ ᠣᠨᠴᠠᠭᠠᠢ ᠦᠵᠡᠭᠳᠡᠯ ᠪᠣᠢ᠃
  《ᠲᠤᠭᠤᠯ᠂ ᠲᠥᠬᠥᠷ᠂ ᠪᠤᠴᠠᠯ》 ᠭᠡᠰᠡᠨ ᠦᠢᠯᠡ ᠦᠭᠡ《᠊᠊ᠩ》ᠭᠡᠰᠡᠨ ᠳᠠᠭᠠᠪᠤᠷᠢ ᠶ᠋ᠢ ᠠᠪᠬᠤ ᠳ᠋ᠤ᠌《᠊᠊ᠤ᠊ 》ᠡᠬᠡᠰᠢᠭ ᠢ᠋ᠶ᠋ᠡᠷ ᠬᠠᠯᠬᠠᠯᠠᠬᠤ ᠦᠭᠡᠢ ᠬᠠᠷᠢᠨ《᠊᠊ᠡ᠊》ᠡᠭᠡᠰᠢᠭ ᠠᠪᠴᠤ《ᠳᠣᠭᠣᠯᠠᠩ᠂ ᠳᠦᠭᠦᠷᠡᠩ᠂ ᠪᠤᠴᠠᠯᠠᠩ》ᠭᠡᠵᠦ ᠪᠢᠴᠢᠵᠦ ᠪᠠᠢᠨ᠎ᠠ᠃
  《ᠭᠠᠷ》ᠭᠡᠰᠡᠨ ᠬᠤᠪᠢᠯᠤᠭᠴᠢ ᠪᠠᠷ ᠲᠡᠭᠦᠰᠦᠭᠰᠡᠨ ᠦᠢᠯᠡ ᠦᠭᠡᠨ ᠳ᠋ᠦ᠍ ᠬᠤᠪᠢᠯᠭᠠᠭᠴᠢ 《᠊ᠮ》 ᠢ᠋ ᠵᠠᠯᠭᠠᠬᠤ ᠳ᠋ᠤ᠌《ᠭᠠᠷᠠᠮ》ᠪᠣᠯᠵᠤ᠂ ᠡᠰᠡ ᠬᠤᠪᠢᠯᠭᠠᠭᠴᠢ《᠊᠊ᠵᠠ》 ᠶ᠋ᠢ ᠵᠠᠯᠭᠠᠬᠤ ᠳ᠋ᠤ᠌《ᠭᠠᠷᠤᠵᠠ》 ᠭᠡᠵᠦ ᠪᠢᠴᠢᠵᠦ ᠪᠠᠢᠬᠤ ᠣᠨᠴᠠᠭᠠᠢ ᠦᠵᠡᠭᠳᠡᠯ ᠴᠦ᠍ ᠪᠣᠢ᠃
  ᠳᠡᠭᠡᠷᠡᠬᠢ ᠮᠡᠲᠦ ᠶ᠋ᠢᠨ ᠦᠵᠡᠭᠳᠡᠯ ᠪᠣᠯ ᠮᠣᠩᠭᠣᠯ ᠦᠰᠦᠭ ᠦ᠋ᠨ ᠵᠥᠪ ᠪᠢᠴᠢᠯᠭᠡ ᠡᠴᠡ ᠵᠥᠷᠢᠴᠡᠵᠦ ᠪᠠᠢᠭ᠎ᠠ ᠣᠨᠴᠠᠭᠠᠢ ᠲᠥᠷᠥᠯ ᠦ᠋ᠨ ᠵᠢᠱ᠌ᠢᠶ᠎ᠡ ᠨᠦ᠍ᠭᠦᠳ ᠮᠥᠨ᠃ ᠡᠨᠡ  ᠮᠡᠲᠦ ᠶ᠋ᠢᠨ ᠪᠠᠢᠳᠠᠯ ᠢ᠋ ᠮᠣᠩᠭᠣᠯ ᠬᠡᠯᠡ ᠪᠢᠴᠢᠭ ᠦ᠋ᠨ ᠦᠨᠳᠦᠰᠦᠨ ᠥᠭᠡᠷᠡᠴᠢᠯᠡᠯᠲᠡ ᠭᠠᠷᠬᠤ ᠠ᠋ᠴᠠ ᠡᠮᠦᠨ᠎ᠡ ᠮᠥᠨ ᠯᠡ ᠢᠩᠭᠢᠵᠦ ᠪᠢᠴᠢᠬᠦ ᠬᠡᠷᠡᠭᠲᠡᠢ ᠭᠡᠰᠡᠨ ᠢ᠋ ᠡᠨᠳᠡ ᠳᠤᠷᠠᠳᠤᠭᠤᠰᠢᠲᠠᠢ ᠶᠤᠮ᠃