ᠦᠭᠡ ᠶ᠋ᠢᠨ ᠵᠦᠢ04ᠮᠣᠩᠭᠣᠯ ᠬᠡᠯᠡᠨ ᠦ᠌ ᠬᠣᠯᠪᠣᠬᠤ ᠡᠬᠡᠰᠢᠭ ᠦ᠋ᠨ ᠳᠦᠷᠢᠮ ᠦ᠋ᠨ ᠲᠤᠬᠠᠢ-01(ᠨᠢᠭᠡ) ᠬᠣᠯᠪᠣᠬᠤ ᠡᠬᠡᠰᠢᠭ ᠦ᠋ᠨ ᠳᠦᠷᠢᠮ ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠭᠡ ᠶ᠋ᠢᠨ ᠵᠦᠢ04ᠮᠣᠩᠭᠣᠯ ᠬᠡᠯᠡᠨ ᠦ᠌ ᠬᠣᠯᠪᠣᠬᠤ ᠡᠬᠡᠰᠢᠭ ᠦ᠋ᠨ ᠳᠦᠷᠢᠮ ᠦ᠋ᠨ ᠲᠤᠬᠠᠢ-01(ᠨᠢᠭᠡ) ᠬᠣᠯᠪᠣᠬᠤ ᠡᠬᠡᠰᠢᠭ ᠦ᠋ᠨ ᠳᠦᠷᠢᠮ

ᠦᠭᠡ ᠶ᠋ᠢᠨ ᠵᠦᠢ04ᠮᠣᠩᠭᠣᠯ ᠬᠡᠯᠡᠨ ᠦ᠌ ᠬᠣᠯᠪᠣᠬᠤ ᠡᠬᠡᠰᠢᠭ ᠦ᠋ᠨ ᠳᠦᠷᠢᠮ ᠦ᠋ᠨ ᠲᠤᠬᠠᠢ-01(ᠨᠢᠭᠡ) ᠬᠣᠯᠪᠣᠬᠤ ᠡᠬᠡᠰᠢᠭ ᠦ᠋ᠨ ᠳᠦᠷᠢᠮ

ᠠᠩᠭᠢᠯᠠᠯ:ᠬᠡᠯᠡ ᠪᠢᠴᠢᠭ
2025-09-30

11

ᠮᠣᠩᠭᠣᠯ ᠬᠡᠯᠡᠨ ᠦ᠌ ᠬᠣᠯᠪᠣᠬᠤ ᠡᠬᠡᠰᠢᠭ ᠦ᠋ᠨ ᠳᠦᠷᠢᠮ ᠦ᠋ᠨ ᠲᠤᠬᠠᠢ

ᠮᠣᠩᠭᠣᠯ ᠬᠡᠯᠡᠨ ᠦ᠌ ᠬᠣᠯᠪᠣᠬᠤ ᠡᠬᠡᠰᠢᠭ ᠦ᠋ᠨ ᠳᠦᠷᠢᠮ ᠨᠢ ᠨᠡᠯᠢᠶᠡᠳ ᠣᠯᠠᠨ ᠲᠣᠭᠠᠨ ᠤ᠋ ᠦᠢᠯᠡ ᠦᠭᠡ ᠶ᠋ᠢᠨ ᠪᠦᠲᠦᠴᠡ ᠬᠤᠪᠢᠷᠠᠯ ᠲᠠᠢ ᠬᠣᠯᠪᠣᠭᠳᠠᠬᠤ ᠪᠠᠷ ᠪᠠᠷᠠᠬᠤ ᠦᠭᠡᠢ᠂ ᠪᠠᠰᠠ ᠴᠥᠭᠡᠨ ᠪᠢᠰᠢ ᠨᠡᠷ᠎ᠡ ᠦᠭᠡ ᠶ᠋ᠢᠨ ᠪᠦᠲᠦᠴᠡ ᠬᠤᠪᠢᠷᠠᠯ ᠲᠠᠢ ᠬᠣᠯᠪᠣᠭᠳᠠᠬᠤ ᠲᠤᠯᠠ ᠲᠡᠭᠦᠨ ᠢ᠋ ᠰᠠᠢᠲᠤᠷ ᠡᠵᠡᠮᠰᠢᠬᠦ ᠬᠡᠷᠡᠭᠲᠡᠢ᠃

(ᠨᠢᠭᠡ) ᠬᠣᠯᠪᠣᠬᠤ ᠡᠬᠡᠰᠢᠭ ᠦ᠋ᠨ ᠳᠦᠷᠢᠮ
ᠮᠣᠩᠭᠣᠯ ᠬᠡᠯᠡᠨ ᠳ᠋ᠦ᠍ ᠵᠠᠷᠢᠮ ᠭᠡᠢᠭᠦᠯᠦᠭᠴᠢ ᠪᠡᠷ ᠲᠡᠭᠦᠰᠦᠭᠰᠡᠨ ᠦᠢᠯᠡ ᠦᠭᠡ ᠶ᠋ᠢᠨ ᠢᠵᠠᠭᠤᠷ ᠦᠨᠳᠦᠰᠦᠨ ᠳ᠋ᠦ᠍ ᠵᠠᠷᠢᠮ ᠭᠡᠢᠭᠦᠯᠦᠭᠴᠢ ᠪᠡᠷ ᠡᠬᠢᠯᠡᠭᠰᠡᠨ ᠳᠠᠭᠠᠪᠤᠷᠢ ᠶ᠋ᠢ ᠵᠠᠯᠭᠠᠬᠤ ᠳ᠋ᠤ᠌ ᠬᠣᠭᠣᠷᠣᠨᠳᠣ ᠨᠢ《᠊ᠤ᠊(5)》.《᠊᠊ᠦ᠊(7)》 ᠡᠬᠡᠰᠢᠭ ᠨᠡᠮᠡᠭᠳᠡᠨ ᠣᠷᠣᠳᠠᠭ᠃ ᠡᠨᠡ ᠬᠦ᠌ ᠡᠬᠡᠰᠢᠭ ᠢ᠋ ᠨᠢ ᠬᠣᠯᠪᠣᠬᠤ ᠡᠭᠡᠰᠢᠭ ᠭᠡᠵᠦ᠂ ᠡᠨᠡ ᠬᠦ᠌ ᠶᠣᠰᠣ ᠶ᠋ᠢ ᠨᠢ ᠬᠣᠯᠪᠣᠬᠤ ᠡᠭᠡᠰᠢᠭ ᠦ᠋ᠨ ᠳᠦᠷᠢᠮ ᠭᠡᠳᠡᠭ᠃
ᠬᠣᠯᠪᠣᠬᠤ ᠡᠭᠡᠰᠢᠭ ᠦ᠋ᠨ ᠳᠦᠷᠢᠮ ᠳ᠋ᠦ᠍ ᠬᠤᠪᠢᠯᠤᠭᠴᠢ ᠦᠰᠦᠭ᠂ ᠬᠤᠪᠢᠯᠭᠠᠭᠴᠢ ᠦᠰᠦᠭ᠂ ᠡᠰᠡ ᠬᠤᠪᠢᠯᠭᠠᠭᠴᠢ ᠦᠰᠦᠭ ᠭᠡᠵᠦ ᠪᠠᠢᠬᠤ ᠪᠠ ᠬᠤᠪᠢᠯᠬᠤ ᠶᠣᠰᠣᠨ᠂ ᠡᠰᠡ ᠬᠤᠪᠢᠯᠬᠤ ᠶᠣᠰᠣᠨ ᠭᠡᠵᠦ ᠪᠠᠢᠳᠠᠭ ᠶᠤᠮ᠃
ᠮᠣᠩᠭᠣᠯ ᠬᠡᠯᠡᠨ ᠦ᠌《᠊᠊ᠨ᠋᠊᠊᠂ ᠊᠊ᠪ᠊᠊᠂ ᠊᠊ᠳ᠋᠊ ᠂ ᠊ᠰ᠊ ᠊ᠷ᠊᠂ ᠊ᠯ᠊》 ᠵᠡᠷᠭᠡ ᠵᠢᠷᠭᠤᠭᠠᠨ ᠭᠡᠢᠭᠦᠯᠦᠭᠴᠢ ᠦᠰᠦᠭ ᠢ᠋ ᠬᠤᠪᠢᠯᠤᠭᠴᠢ ᠦᠰᠦᠭ ᠭᠡᠵᠦ᠂《᠊᠊ᠨ᠋᠊ ᠂ ᠊ᠮ᠊᠂ ᠊ᠬ᠊ ᠊᠊ᠭ᠌᠊ (g) ᠂ ᠊ᠷ᠊᠂ ᠊ᠯ᠊᠂ ᠊ᠶ᠊᠂  ᠊᠊ᠰᠢ》ᠬᠢᠭᠡᠳ ᠤᠷᠲᠤᠳᠬᠠᠯ《᠊᠊ᠭᠠ᠊ ᠂ ᠊᠊ᠬᠡ᠊᠊ ᠂᠊᠊ᠭᠣ᠊᠂ ᠊᠊ᠬᠦ》 ᠵᠡᠷᠭᠡ ᠦᠰᠦᠭ ᠢ᠋ ᠬᠤᠪᠢᠯᠭᠠᠭᠴᠢ ᠦᠰᠦᠭ ᠭᠡᠵᠦ᠂ ᠬᠤᠪᠢᠯᠤᠭᠴᠢ ᠦᠰᠦᠭ ᠢ᠋ᠶ᠋ᠡᠷ ᠲᠡᠭᠦᠰᠦᠭᠰᠡᠨ ᠦᠭᠡ ᠶ᠋ᠢᠨ ᠢᠵᠠᠭᠤᠷ ᠦᠨᠳᠦᠰᠦᠨ ᠳ᠋ᠦ᠍ ᠬᠤᠪᠢᠯᠭᠠᠭᠴᠢ ᠦᠰᠦᠭ ᠢ᠋ᠶ᠋ᠡᠷ ᠡᠬᠢᠯᠡᠭᠰᠡᠨ ᠳᠠᠭᠠᠪᠤᠷᠢ ᠵᠠᠯᠭᠠᠬᠤ ᠳ᠋ᠤ᠌ ᠬᠤᠪᠢᠯᠤᠭᠴᠢ ᠦᠰᠦᠭ ᠪᠠ ᠬᠤᠪᠢᠯᠭᠠᠭᠴᠢ ᠦᠰᠦᠭ  ᠦ᠋ᠨ ᠬᠣᠭᠣᠷᠣᠨᠳᠣ ᠬᠣᠯᠪᠣᠬᠤ ᠡᠬᠡᠰᠢᠭ《᠊ᠤ᠊ <5>᠂  ᠊᠊ᠦ᠊ <7>》ᠠᠪᠳᠠᠭ ᠶᠣᠰᠣᠨ ᠢ᠋ ᠬᠤᠪᠢᠯᠬᠤ ᠶᠣᠰᠣᠨ ᠭᠡᠳᠡᠭ᠃《ᠳ᠋᠂ ᠊ᠪ᠊᠂ ᠲ᠂᠊ᠬ᠊ ᠊ᠭ᠌᠊(h)᠂ ᠴ᠂ ᠊ᠵ᠊᠂》ᠬᠢᠭᠡᠳ ᠤᠷᠲᠤᠳᠬᠠᠯ ᠪᠢᠰᠢ《᠊᠊ᠭᠠ᠊᠂᠊᠊ᠬᠡ᠊᠊᠂ ᠊᠊ᠭᠤ᠊᠂ ᠊᠊ᠭᠦ᠊᠊》ᠵᠡᠷᠭᠡ ᠦᠰᠦᠭ ᠢ᠋ ᠡᠰᠡ ᠬᠤᠪᠢᠯᠭᠠᠭᠴᠢ ᠦᠰᠦᠭ ᠭᠡᠬᠦ ᠪᠠ ᠬᠤᠪᠢᠯᠤᠭᠴᠢ ᠦᠰᠦᠭ ᠢ᠋ᠶ᠋ᠡᠷ ᠲᠡᠭᠦᠰᠦᠭᠰᠡᠨ ᠦᠭᠡ ᠶ᠋ᠢᠨ ᠢᠵᠠᠭᠤᠷ ᠦᠨᠳᠦᠰᠦᠨ ᠳ᠋ᠦ᠍ ᠡᠰᠡ ᠬᠤᠪᠢᠯᠭᠠᠭᠴᠢ ᠦᠰᠦᠭ ᠢ᠋ᠶ᠋ᠡᠷ ᠡᠬᠢᠯᠡᠭᠰᠡᠨ ᠳᠠᠭᠠᠪᠤᠷᠢ ᠵᠠᠯᠭᠠᠬᠤ ᠳ᠋ᠤ᠌ ᠬᠤᠪᠢᠯᠤᠭᠴᠢ ᠪᠠ ᠡᠰᠡ ᠬᠤᠪᠢᠯᠭᠠᠭᠴᠢ ᠶ᠋ᠢᠨ ᠬᠣᠭᠣᠷᠣᠨᠳᠣ ᠨᠢ ᠬᠣᠯᠪᠣᠬᠤ ᠡᠭᠡᠰᠢᠭ ᠠᠪᠳᠠᠭ ᠦᠭᠡᠢ ᠶᠣᠰᠣᠨ ᠢ᠋ ᠡᠰᠡ ᠬᠤᠪᠢᠯᠬᠤ ᠶᠣᠰᠣᠨ ᠭᠡᠳᠡᠭ᠃
ᠬᠤᠪᠢᠯᠤᠭᠴᠢ ᠦᠰᠦᠭ ᠦ᠋ᠳ ᠢ᠋《ᠨᠡᠪᠲᠡᠷᠰᠡᠯ》᠂
ᠬᠤᠪᠢᠯᠭᠠᠭᠴᠢ ᠦᠰᠦᠭ ᠦ᠋ᠳ ᠢ᠋《ᠨᠠᠮᠤᠭᠷᠠᠯᠠᠶᠠᠰᠢ 》᠂
ᠡᠰᠡ ᠬᠤᠪᠢᠯᠭᠠᠭᠴᠢ ᠦᠰᠦᠭ ᠦ᠋ᠳ ᠢ᠋《ᠳᠠᠪᠲᠠᠬᠤ ᠴᠣᠣᠵᠢ》 ᠭᠡᠵᠦ ᠲᠣᠪᠴᠢᠯᠠᠨ ᠴᠡᠭᠡᠵᠢᠯᠡᠵᠦ ᠪᠣᠯᠤᠨ᠎ᠠ᠃
ᠵᠢᠱ᠌ᠢᠶᠡᠯᠡᠪᠡᠯ᠄ ᠬᠠᠪᠰᠤᠷ— ᠬᠠᠪᠰᠤᠷᠤᠨ᠂ ᠬᠠᠪᠰᠤᠷᠤᠭᠰᠠᠨ᠂ ᠬᠠᠪᠰᠤᠷᠤᠯᠭ᠎ᠠ᠂ ᠬᠠᠪᠰᠤᠷᠤᠶ᠎ᠠ᠂ ᠬᠠᠪᠰᠤᠷᠤᠮᠤᠢ᠂ ᠬᠠᠪᠰᠤᠷᠤᠭᠠᠳ᠂ ᠬᠠᠪᠰᠤᠷᠤᠮᠠᠭᠴᠠ᠂ ᠬᠠᠪᠰᠤᠷᠤᠰᠢ ᠁ ᠭᠡᠬᠦ ᠮᠡᠲᠦ ᠪᠡᠷ ᠬᠣᠯᠪᠣᠬᠤ ᠡᠬᠡᠰᠢᠭ ᠠᠪᠤᠭᠰᠠᠨ ᠪᠠᠢᠨ᠎ᠠ᠃
ᠬᠠᠪᠰᠤᠷ— ᠬᠠᠪᠰᠤᠷᠳᠠᠭ᠂ ᠬᠠᠪᠰᠤᠷᠴᠠᠢ᠂ ᠬᠠᠪᠰᠤᠷᠴᠤ᠂ ᠬᠠᠪᠰᠤᠷᠪᠠᠯ᠂ ᠬᠠᠪᠰᠤᠷᠪᠠᠴᠤ᠂ ᠬᠠᠪᠰᠤᠷᠲᠠᠯ᠎ᠠ᠂ ᠬᠠᠪᠰᠤᠷᠪᠠᠢ᠂ ᠬᠠᠪᠰᠤᠷᠬᠤ᠂ ᠬᠠᠪᠰᠤᠷᠰᠤᠭᠠᠢ᠂ ᠬᠠᠪᠰᠤᠷᠲᠤᠭᠠᠢ᠂ ᠬᠠᠪᠰᠤᠷᠬᠤᠶ᠎ᠠ᠁ ᠭᠡᠬᠦ ᠮᠡᠲᠦ ᠪᠡᠷ ᠬᠣᠯᠪᠣᠬᠤ ᠡᠭᠡᠰᠢᠭ ᠠᠪᠬᠤ ᠦᠭᠡᠢ᠂ ᠰᠢᠭᠤᠳ ᠵᠠᠯᠭᠠᠭᠰᠠᠨ ᠪᠠᠢᠨ᠎ᠠ᠃
ᠬᠤᠪᠢᠯᠬᠤ ᠵᠢᠷᠭᠤᠭᠠᠨ ᠭᠡᠢᠭᠦᠯᠦᠭᠴᠢ《ᠨ ᠂ ᠊᠊ᠪ᠊᠊᠂ ᠊᠊ᠳ᠋᠊᠂ ᠊᠊ᠷ᠊᠂ ᠊᠊ᠰ᠊᠂ ᠊ᠯ᠊》ᠵᠡᠷᠭᠡ ᠵᠢᠷᠭᠤᠭᠠᠨ ᠭᠡᠢᠭᠦᠯᠦᠭᠴᠢ ᠦᠰᠦᠭ ᠢ᠋ᠶ᠋ᠡᠷ ᠲᠡᠭᠦᠰᠦᠭᠰᠡᠨ ᠢᠵᠠᠭᠤᠷ ᠪᠦᠬᠦᠢ ᠦᠢᠯᠡ ᠦᠭᠡ ᠨᠦ᠍ᠭᠦᠳ ᠢ᠋ ᠵᠢᠭᠰᠠᠭᠠᠪᠠᠯ᠄

《ᠨ》 ᠭᠡᠢᠭᠦᠯᠦᠭᠴᠢ ᠪᠡᠷ ᠲᠡᠭᠦᠰᠦᠭᠰᠡᠨ ᠢᠵᠠᠭᠤᠷ ᠪᠦᠬᠦᠢ ᠦᠢᠯᠡ ᠦᠭᠡ ᠨᠦ᠍ᠭᠦᠳ᠄
ᠬᠠᠨ— ᠡᠯᠪᠡᠭ ᠳᠡᠯᠪᠡᠭ ᠦ᠋ᠨ ᠪᠠᠢᠳᠠᠯ
ᠲᠤᠨ— ᠤᠰᠤ ᠲᠤᠩᠬᠤ ᠶ᠋ᠢᠨ
ᠰᠤᠨ— ᠠᠪᠴᠢᠵᠤ ᠰᠤᠩᠬᠤ ᠶ᠋ᠢᠨ

《᠊᠊ᠪ᠊᠊》 ᠭᠡᠢᠭᠦᠯᠦᠭᠴᠢ ᠪᠡᠷ ᠲᠡᠭᠦᠰᠦᠭᠰᠡᠨ ᠢᠵᠠᠭᠤᠷ ᠪᠦᠬᠦᠢ ᠦᠢᠯᠡ ᠦᠭᠡ ᠨᠦ᠍ᠭᠦᠳ᠄
ᠠᠪ— ᠥᠭᠬᠦ ᠠᠪᠬᠤ ᠶ᠋ᠢᠨ
ᠬᠥᠪ— ᠤᠰᠤᠨ ᠳ᠋ᠤ᠌ ᠬᠥᠪᠴᠦ ᠳᠡᠭᠳᠡᠬᠦ ᠶ᠋ᠢᠨ
ᠵᠢᠪ — ᠤᠰᠤᠨ ᠳ᠋ᠤ᠌ ᠱᠤᠩᠭᠤᠨ ᠣᠷᠣᠬᠤ ᠶ᠋ᠢ
ᠴᠢᠪ — ᠤᠰᠤᠨ ᠳ᠋ᠤ᠌ ᠳᠠᠯᠳᠠ ᠣᠷᠣᠬᠤ ᠶ᠋ᠢ

《᠊᠊ᠳ᠋᠊》 ᠭᠡᠢᠭᠦᠯᠦᠭᠴᠢ ᠪᠡᠷ ᠲᠡᠭᠦᠰᠦᠭᠰᠡᠨ ᠢᠵᠠᠭᠤᠷ ᠪᠦᠬᠦᠢ ᠦᠢᠯᠡ ᠦᠭᠡ ᠨᠦ᠍ᠭᠦᠳ᠄
ᠠᠶᠠᠳ — ᠣᠢᠷᠠᠲᠤᠬᠤ᠂ ᠢᠯᠠᠷᠢ ᠪᠣᠯᠬᠤ ᠶ᠋ᠢ
ᠠᠢᠯᠠᠳ— ᠥᠭᠦᠯᠡᠬᠦ ᠶ᠋ᠢᠨ ᠬᠦᠨᠳᠦᠳᠬᠡᠯ ᠢ᠋
ᠠᠩᠭᠢᠳ— ᠰᠠᠯᠵᠤ ᠠᠩᠭᠢᠵᠢᠷᠠᠬᠤ ᠶ᠋ᠢ
ᠡᠪᠡᠳ— ᠡᠪᠡᠳᠴᠦ ᠵᠣᠪᠠᠬᠤ ᠶ᠋ᠢᠨ
ᠡᠭᠦᠳ— ᠠᠩᠬ᠎ᠠ ᠡᠬᠢᠯᠡᠬᠦ ᠶ᠋ᠢ
ᠣᠳ— ᠶᠠᠪᠤᠵᠤ ᠣᠳᠬᠤ ᠶ᠋ᠢᠨ
ᠤᠶᠠᠳ— ᠤᠯᠠᠮ ᠤᠶᠠᠨ ᠪᠣᠯᠬᠤ ᠶ᠋ᠢ
ᠣᠢᠳ— ᠰᠤᠯᠠ ᠬᠤᠯᠬᠢ ᠪᠣᠯᠬᠤ ᠶ᠋ᠢ
ᠤᠳᠤᠷᠢᠳ— ᠵᠢᠯᠣᠭᠣᠳᠬᠤ ᠶ᠋ᠢᠨ
ᠤᠰᠠᠳ— ᠦᠭᠡᠢ ᠪᠣᠯᠬᠤ ᠶ᠋ᠢᠨ
ᠦᠢᠯᠡᠳ— ᠬᠢᠬᠦ ᠦᠢᠯᠡᠳᠬᠦ ᠶ᠋ᠢᠨ
ᠨᠠᠭᠠᠳ— ᠲᠣᠭᠯᠠᠵᠤ ᠨᠠᠭᠠᠳᠬᠤ ᠶ᠋ᠢᠨ
ᠨᠡᠢᠭᠡᠳ — ᠨᠡᠢᠭᠡᠨ ᠠᠳᠠᠯᠢ ᠪᠣᠯᠬᠤ ᠶ᠋ᠢᠨ(ᠨᠡᠢᠭᠡᠮ)
ᠨᠢᠭᠡᠳ — ᠬᠠᠮᠲᠤᠳᠬᠤ ᠶ᠋ᠢᠨ
ᠠᠷᠠᠳ— ᠨᠡᠷᠡᠯᠡᠬᠦ ᠶ᠋ᠢ
ᠪᠡᠯᠡᠳ— ᠪᠡᠯᠡᠳᠬᠡᠬᠦ ᠶ᠋ᠢᠨ
ᠪᠦᠷᠢᠳ— ᠪᠦᠷᠢᠨ ᠪᠣᠯᠬᠤ ᠶ᠋ᠢ
ᠬᠠᠪᠤᠳ—ᠬᠠᠪᠤᠩ ᠪᠣᠢ ᠪᠣᠯᠬᠤ ᠶ᠋ᠢ
ᠬᠠᠯᠢᠳ—ᠳᠡᠮᠡᠢ ᠳᠡᠭᠡᠭᠦᠷ ᠨᠢᠰᠬᠦ ᠶ᠋ᠢ
ᠬᠦᠪᠦᠷᠢᠳ—ᠬᠦᠪᠦᠷᠢᠳᠦᠨ ᠣᠶᠣᠬᠤ ᠶ᠋ᠢ
ᠬᠥᠨᠳᠡᠯᠢᠳ— ᠤᠷᠲᠤ ᠠ᠋ᠴᠠ ᠲᠣᠰᠴᠤ ᠡᠰᠡᠷᠭᠦᠴᠡᠬᠦ ᠶ᠋ᠢᠨ
ᠭᠦᠢᠳ—ᠨᠣᠮᠣᠨ ᠤ᠋ ᠬᠥᠪᠴᠢ ᠶ᠋ᠢ ᠪᠠᠭᠤᠯᠭᠠᠬᠤ ᠶ᠋ᠢ
ᠭᠤᠷᠠᠩᠭᠤᠳ—ᠥᠯᠥᠰᠴᠦ ᠦᠯᠡᠮᠵᠢ ᠳᠣᠷᠣᠢᠲᠠᠬᠤ ᠶ᠋ᠢ
ᠵᠠᠩᠭᠢᠳ— ᠳᠡᠭᠡᠰᠦ ᠵᠠᠩᠭᠢᠳᠬᠤ
ᠭᠤᠯᠠᠳ— ᠭᠤᠯᠭᠠᠨ ᠭᠤᠯᠠᠰᠬᠤ ᠶ᠋ᠢᠨ
ᠵᠢᠭᠡᠯᠡᠳ—ᠪᠤᠰᠤᠳ ᠠ᠋ᠴᠠ ᠵᠢᠭᠡᠯᠡᠬᠦ ᠶ᠋ᠢ
ᠵᠢᠯᠣᠭᠣᠳ — ᠤᠳᠤᠷᠢᠳᠤᠨ ᠵᠢᠯᠣᠭᠣᠳᠬᠤ ᠶ᠋ᠢᠨ
ᠲᠣᠢᠳ— ᠰᠠᠮᠠᠭᠤᠷᠠᠭᠤᠯᠬᠤ ᠶ᠋ᠢᠨ
ᠲᠦᠷᠢᠳ— ᠡᠪᠳᠡᠷᠡᠨ ᠥᠩᠭᠡᠷᠡᠬᠦ ᠶ᠋ᠢᠨ
ᠳᠠᠳ— ᠲᠡᠰᠴᠦ ᠳᠠᠳᠬᠤ ᠶ᠋ᠢᠨ
ᠳᠡᠯᠡᠳ— ᠴᠣᠬᠢᠨ ᠳᠡᠯᠡᠳᠬᠦ ᠶ᠋ᠢᠨ
ᠳᠣᠩᠭᠣᠳ— ᠵᠢᠮᠡᠯᠡᠨ ᠳᠣᠩᠭᠣᠳᠬᠤ ᠶ᠋ᠢᠨ
ᠳᠤᠷᠠᠳ — ᠥᠩᠭᠡᠷᠡᠭᠰᠡᠨ ᠢ᠋ ᠰᠠᠨᠠᠬᠤ ᠶ᠋ᠢ
ᠮᠥᠷᠥᠭᠡᠳ— ᠬᠦᠰᠡᠨ ᠰᠠᠨᠠᠬᠤ ᠶ᠋ᠢ
ᠴᠠᠳ— ᠬᠠᠩᠬᠤ ᠴᠠᠳᠬᠤ ᠶ᠋ᠢᠨ
ᠰᠢᠭᠢᠳ— ᠰᠢᠪᠠᠷ ᠲᠤ᠌ ᠰᠢᠭᠢᠳᠬᠦ ᠶ᠋ᠢᠨ
ᠰᠢᠮᠡᠳ— ᠰᠢᠩᠭᠡᠨ ᠶᠠᠭᠤᠮ᠎ᠠ ᠶ᠋ᠢᠨ ᠰᠢᠩᠭᠡᠬᠦ ᠶ᠋ᠢ
ᠰᠢᠭᠤᠳ— ᠰᠡᠳᠬᠢᠯ ᠰᠢᠭᠤᠳᠬᠤ ᠶ᠋ᠢᠨ
ᠰᠥᠭᠥᠳ— ᠡᠪᠦᠳᠦᠭ ᠰᠥᠭᠥᠳᠬᠦ ᠶ᠋ᠢᠨ
ᠰᠦᠢᠳ — ᠰᠦᠢᠷᠡᠵᠦ ᠰᠦᠢᠳᠬᠦ ᠶ᠋ᠢᠨ
ᠰᠢᠢᠳ — ᠲᠣᠭᠲᠠᠬᠤ ᠰᠢᠢᠳᠬᠦ ᠶ᠋ᠢᠨ

《᠊᠊ᠷ᠊》 ᠭᠡᠢᠭᠦᠯᠦᠭᠴᠢ ᠪᠡᠷ ᠲᠡᠭᠦᠰᠦᠭᠰᠡᠨ ᠢᠵᠠᠭᠤᠷ ᠪᠦᠬᠦᠢ ᠦᠢᠯᠡ ᠦᠭᠡ ᠨᠤᠭᠦᠳ᠄
ᠠᠩᠬᠠᠷ— ᠪᠣᠯᠭᠣᠮᠵᠢᠯᠠ ᠭᠡᠬᠦ ᠶ᠋ᠢᠨ
ᠠᠭᠰᠤᠷ— ᠠᠭᠰᠤᠷᠴᠤ ᠠᠭᠰᠤᠵᠢᠬᠤ ᠶ᠋ᠢ
ᠠᠵᠢᠷ— ᠬᠠᠢᠬᠤᠷᠬᠤ ᠶ᠋ᠢ
ᠠᠢᠮᠤᠷ— ᠰᠠᠨᠠᠭ᠎ᠠ ᠶᠠᠪᠤᠳᠠᠯ ᠲᠣᠭᠲᠠᠪᠤᠷᠢ ᠦᠭᠡᠢ ᠪᠣᠯᠬᠤ ᠪᠠᠢᠳᠠᠯ ᠢ᠋
ᠡᠭᠡᠭᠡᠷ— ᠠᠷᠠᠢᠭᠡᠵᠦ ᠲᠡᠰᠬᠦ ᠶ᠋ᠢ
ᠡᠭᠦᠷ— ᠮᠥᠷᠦᠨ ᠳ᠋ᠡᠭᠡᠨ ᠡᠭᠦᠷᠬᠦ ᠶ᠋ᠢ
ᠡᠭᠡᠯᠳᠦᠷ— ᠬᠠᠭᠤᠮᠠᠭᠠᠢᠬᠠᠨ ᠤᠶᠠᠬᠤ ᠶ᠋ᠢ
ᠡᠩᠭᠦᠷ— ᠲᠡᠪᠡᠷᠢᠬᠦ ᠶ᠋ᠢ
ᠡᠶᠡᠷ— ᠡᠶᠡᠲᠡᠢ ᠪᠣᠯᠬᠤ ᠶ᠋ᠢ
ᠢᠮᠡᠷ— ᠤᠲᠠᠰᠤ ᠢᠮᠡᠷᠬᠦ ᠶ᠋ᠢᠨ
ᠢᠷ— ᠴᠢᠬᠢᠴᠢᠬᠦ ᠳᠦᠭᠦᠷᠬᠦ ᠶ᠋ᠢᠨ 
ᠢᠰᠬᠢᠷ— ᠢᠰᠬᠢᠷᠦᠨ ᠳᠤᠤᠭᠠᠷᠬᠤ ᠶ᠋ᠢᠨ
ᠤᠨᠳᠤᠷ— ᠪᠠᠬᠠᠨ ᠪᠣᠯᠬᠢᠰᠬᠦ ᠶ᠋ᠢ
ᠣᠨᠴᠢᠷ— ᠰᠤᠮᠤᠨ ᠤ᠋ ᠡᠷᠴᠡᠢᠳᠬᠦ ᠶ᠋ᠢ
ᠣᠪᠣᠷ— ᠠᠵᠢᠭᠯᠠᠬᠤ ᠶ᠋ᠢ
ᠣᠭᠣᠲᠣᠷ— ᠲᠠᠷᠭᠤᠯᠠᠵᠤ ᠤᠭᠤᠳᠤᠷᠬᠤ ᠶ᠋ᠢᠨ
ᠤᠭᠤᠷ— ᠣᠷᠬᠢᠵᠤ ᠣᠭᠣᠷᠬᠤ ᠶ᠋ᠢᠨ
ᠣᠭᠴᠣᠷ— ᠣᠭᠴᠣ ᠡᠴᠢᠬᠦ
ᠤᠨᠳᠤᠷ— ᠤᠰᠤ ᠤᠨᠳᠤᠷᠬᠤ ᠶ᠋ᠢ
ᠤᠳᠠᠷ— ᠬᠠᠭᠵᠠᠷᠠᠬᠤ ᠶ᠋ᠢᠨ
ᠤᠤᠬᠢᠷ— ᠪᠠᠷᠬᠢᠷᠠᠨ ᠲᠦᠢᠪᠡᠭᠡᠬᠦ ᠶ᠋ᠢ
ᠥᠪᠥᠷ— ᠬᠦᠴᠦᠨ ᠭᠦᠢᠴᠡᠬᠦ ᠦᠭᠡᠢ ᠮᠣᠬᠣᠬᠤ ᠶ᠋ᠢ
ᠥᠯᠪᠡᠷ— ᠥᠯᠥᠰᠬᠦ ᠶ᠋ᠢᠨ ᠲᠤᠢᠯ ᠳ᠋ᠤ᠌ ᠬᠦᠷᠬᠦ ᠶ᠋ᠢ
ᠦᠳᠡᠬᠡᠷ— ᠠᠲᠠᠭᠠᠷᠬᠠᠤ᠂ ᠠᠲᠠᠭᠠᠷᠬᠠᠬᠤ᠂ ᠮᠥᠴᠡᠭᠡᠷᠬᠡᠬᠦ
ᠦᠲᠦᠷ— ᠱᠦᠷᠭᠦᠬᠦ ᠶ᠋ᠢᠨ
ᠦᠰᠦᠷ— ᠦᠰᠦᠷᠴᠦ ᠬᠠᠷᠠᠢᠬᠤ ᠶ᠋ᠢᠨ 
ᠢᠳᠬᠡᠷ— ᠠᠷᠠᠰᠤ ᠤᠲᠠᠰᠤ ᠶ᠋ᠢ ᠨᠢᠳᠬᠡᠷᠬᠦ ᠶ᠋ᠢᠨ
ᠤᠷ— ᠪᠣᠷᠣᠭᠠᠨ ᠳ᠋ᠤ᠌ ᠨᠣᠷᠬᠤ ᠶ᠋ᠢ
ᠨᠤᠳᠤᠷ— ᠨᠢᠳᠤᠷᠭ᠎ᠠ ᠪᠠᠷ ᠨᠤᠳᠤᠷᠬᠤ ᠶ᠋ᠢᠨ
ᠨᠥᠮᠥᠷ— ᠳᠡᠪᠡᠯ ᠬᠥᠨᠵᠢᠯᠡ ᠨᠥᠮᠥᠷᠬᠦ ᠶ᠋ᠢᠨ
ᠪᠠᠭᠰᠤᠷ— ᠲᠣᠰᠣ ᠭᠤᠯᠢᠷ ᠢ᠋ ᠬᠣᠯᠢᠬᠤ ᠶ᠋ᠢ
ᠪᠠᠳᠤᠷ— ᠭᠠᠬᠠᠢ ᠶ᠋ᠢᠨ ᠬᠣᠭᠣᠯᠠ ᠢᠳᠡᠬᠦ ᠶ᠋ᠢ
ᠪᠣᠬᠢᠷ— ᠬᠥᠯ ᠦ᠋ᠨ ᠪᠣᠬᠢᠷᠬᠤ ᠶ᠋ᠢᠨ
ᠪᠤᠰᠤᠷ— ᠪᠤᠴᠠᠭᠠᠵᠤ ᠨᠢᠴᠤᠬᠤ ᠶ᠋ᠢ
ᠬᠠᠨᠲᠠᠷ— ᠵᠢᠯᠣᠭᠣ ᠬᠠᠨᠲᠠᠷᠬᠤ ᠶ᠋ᠢᠨ
ᠬᠠᠪᠢᠷ— ᠬᠢᠲᠤᠭ᠎ᠠ ᠬᠠᠪᠢᠷᠬᠤ ᠶ᠋ᠢᠨ
ᠬᠠᠪᠰᠠᠷ— ᠬᠠᠭᠤᠷᠠᠢ ᠰᠢᠭᠤᠷᠬᠤ ᠶ᠋ᠢᠨ
ᠬᠠᠪᠰᠤᠷ— ᠲᠤᠰᠠᠯᠠᠬᠤ ᠶ᠋ᠢᠨ
ᠬᠠᠬᠢᠷ— ᠴᠠᠷ ᠭᠠᠷᠭᠠᠬᠤ ᠶ᠋ᠢᠨ
ᠬᠠᠭᠤᠷ— ᠮᠡᠬᠡᠯᠡᠨ ᠬᠠᠭᠤᠷᠬᠤ ᠶ᠋ᠢᠨ
ᠬᠠᠢᠬᠤᠷ— ᠬᠠᠮᠢᠶᠠᠷ᠂ ᠠᠵᠢᠭᠯᠠ
ᠬᠠᠢᠷ— ᠠᠳᠤᠭᠤᠨ ᠤ᠋ ᠬᠥᠯ ᠢ᠋ᠶ᠋ᠡᠨ ᠣᠷᠣᠭᠰᠢ ᠴᠠᠪᠴᠢᠬᠤ ᠶ᠋ᠢ
ᠬᠠᠳᠤᠷ— ᠴᠢᠨᠣ᠎ᠠ ᠬᠠᠳᠤᠷᠬᠤ᠂ ᠭᠡᠨᠡᠳᠲᠡ ᠳᠠᠭᠠᠷᠢᠬᠤ᠂
ᠬᠠᠮᠢᠶᠠᠷ— ᠲᠦᠷ ᠣᠷᠣᠯᠠᠬᠤ ᠶ᠋ᠢ
ᠬᠠᠮᠤᠷ— ᠴᠥᠮ ᠢ᠋ ᠬᠠᠮᠤᠷᠬᠤ ᠶ᠋ᠢ
ᠬᠠᠰᠬᠢᠷ— ᠬᠠᠰᠬᠢᠷᠬᠤ ᠳᠠᠭᠤᠨ ᠤ᠋
ᠬᠡᠳᠦᠷ— ᠬᠡᠳᠦᠷᠴᠦ ᠤᠶᠠᠬᠤ ᠶ᠋ᠢᠨ
ᠬᠣᠬᠢᠷ— ᠪᠠᠷᠬᠢᠷᠠᠨ ᠲᠦᠢᠪᠡᠭᠡᠬᠦ ᠶ᠋ᠢ
ᠬᠣᠪᠬᠣᠷ— ᠭᠡᠭᠡᠭᠳᠡᠨ ᠬᠣᠪᠬᠣᠷᠠᠬᠤ ᠶ᠋ᠢᠨ
ᠬᠣᠴᠣᠷ— ᠦᠯᠡᠳᠡᠵᠦ ᠬᠣᠴᠣᠷᠬᠤ ᠶ᠋ᠢᠨ
ᠬᠣᠰᠬᠢᠷ— ᠲᠠᠷᠪᠠᠭ᠎ᠠ ᠶ᠋ᠢᠨ ᠬᠣᠰᠬᠢᠷᠬᠤ ᠶ᠋ᠢᠨ
ᠬᠤᠤᠬᠢᠷ— ᠠᠳᠤᠭᠤᠨ ᠤ᠋ ᠬᠠᠮᠠᠷ ᠢ᠋ᠶ᠋ᠠᠨ ᠳᠤᠤᠭᠠᠷᠭᠠᠬᠤ ᠶ᠋ᠢ
ᠬᠥᠨᠲᠥᠷ— ᠠᠰᠬᠠᠵᠤ ᠬᠥᠨᠲᠥᠷᠬᠦ ᠶ᠋ᠢᠨ
ᠬᠥᠪᠰᠥᠷ— ᠬᠥᠭᠡᠷᠦᠦ ᠵᠠᠩ ᠭᠠᠷᠭᠠᠬᠤ ᠶ᠋ᠢᠨ
ᠬᠥᠭᠡᠷ— ᠰᠦ ᠬᠥᠭᠡᠷ᠂ ᠳᠡᠭᠳᠡᠵᠦ ᠬᠥᠭᠡᠷ᠂ ᠰᠠᠨᠠᠭ᠎ᠠ ᠬᠥᠭᠡᠷ ᠢ᠋
ᠬᠥᠷ— ᠶᠠᠪᠤᠵᠤ ᠬᠦᠷᠬᠦ ᠶ᠋ᠢᠨ
ᠬᠦᠪᠡᠷ— ᠰᠠᠯᠬᠢ ᠡᠰᠡᠷᠭᠦ ᠳᠡᠯᠡᠰᠦᠭᠳᠡᠨ ᠵᠣᠭᠰᠣᠬᠤ ᠶ᠋ᠢ
ᠭᠠᠷ— ᠣᠷᠣᠬᠤ ᠭᠠᠷᠬᠤ ᠶ᠋ᠢᠨ
ᠭᠢᠯᠦᠷ— ᠨᠢᠳᠦ ᠪᠡᠷ ᠭᠢᠯᠦᠷᠴᠦ ᠬᠠᠷᠠᠬᠤ ᠶ᠋ᠢ
ᠭᠣᠪᠣᠷ— ᠤᠷᠭᠤᠮᠠᠯ ᠤ᠋ᠨ ᠭᠤᠯᠵᠢᠯᠠᠨ ᠨᠠᠢᠭᠤᠬᠤ ᠶ᠋ᠢᠨ
ᠭᠤᠳᠤᠷ— ᠠᠮᠠᠨ ᠤᠷᠤᠭᠤ ᠭᠤᠳᠤᠴᠢᠬᠤ ᠶ᠋ᠢ
ᠭᠤᠯᠳᠤᠷ— ᠴᠢᠷᠦᠨ ᠭᠤᠯᠳᠤᠷᠬᠤ ᠶ᠋ᠢᠨ
ᠵᠠᠬᠢᠷ— ᠵᠢᠭᠠᠨ ᠵᠠᠬᠢᠷᠬᠤ ᠶ᠋ᠢᠨ
ᠵᠠᠮᠤᠷ— ᠰᠦ ᠰᠠᠮᠤᠷᠬᠤ ᠶ᠋ᠢᠨ᠂ ᠰᠦ ᠵᠠᠮᠤᠷᠬᠤ ᠶ᠋ᠢ
ᠵᠠᠩᠭᠤᠷ— ᠬᠢᠯᠢᠩᠯᠡᠵᠦ ᠮᠠᠭᠤ ᠳᠠᠭᠤᠨ ᠢ᠋ᠶ᠋ᠠᠷ ᠵᠠᠩᠳᠠᠬᠤ ᠶ᠋ᠢ
ᠵᠠᠩᠳᠤᠷ— ᠬᠢᠯᠢᠩᠯᠡᠨ ᠵᠠᠩᠳᠤᠷᠬᠤ ᠶ᠋ᠢᠨ
ᠵᠢᠭᠢᠷ— ᠬᠦᠢᠲᠡᠨ ᠳ᠋ᠦ᠍ ᠪᠡᠶ᠎ᠡ ᠰᠡᠭᠰᠦᠷᠬᠢᠯᠡᠬᠦ ᠶ᠋ᠢ
ᠵᠣᠷ— ᠬᠢᠲᠤᠭ᠎ᠠ ᠪᠠᠷ ᠮᠣᠳᠣ ᠵᠣᠷᠬᠤ ᠶ᠋ᠢᠨ
ᠶᠣᠪᠣᠷ— ᠲᠣᠬᠣᠢ ᠪᠠᠷ ᠶᠣᠪᠣᠷᠬᠤ ᠶ᠋ᠢᠨ
ᠲᠠᠭᠠᠷ— ᠪᠥᠭᠯᠡᠷᠡᠨ ᠦᠬᠦᠬᠦ ᠶ᠋ᠢ
ᠲᠠᠩᠭᠠᠷ— ᠠᠳᠤᠭᠤᠨ ᠤ᠋ ᠬᠣᠢᠲᠤ ᠬᠣᠶᠠᠷ ᠬᠥᠯ ᠢ᠋ᠶ᠋ᠡᠷ ᠵᠡᠷᠭᠡ ᠢᠰᠬᠦᠯᠬᠦ ᠶ᠋ᠢ
ᠲᠡᠩᠭᠦᠷ— ᠠᠷᠭ᠎ᠠ ᠪᠠᠷᠠᠭᠳᠠᠬᠤ ᠶ᠋ᠢᠨ
ᠲᠡᠢᠷ— ᠦᠬᠡᠷ ᠦ᠋ᠨ ᠢᠰᠬᠦᠯᠬᠦ ᠶ᠋ᠢ
ᠲᠣᠬᠣᠷ— ᠨᠡᠢᠴᠡᠬᠦ ᠲᠣᠬᠣᠷᠬᠤ ᠶ᠋ᠢᠨ
ᠲᠣᠷ — ᠲᠡᠭᠡᠭᠯᠡᠵᠦ ᠲᠣᠷᠬᠤ ᠶ᠋ᠢᠨ 
 ᠲᠤᠰᠬᠢᠷ— ᠲᠠᠩᠰᠢᠵᠤ ᠱᠠᠭᠰᠢᠷᠠᠬᠤ ᠶ᠋ᠢᠨ
ᠳᠣᠭᠢᠷ— ᠨᠣᠬᠠᠢ ᠶ᠋ᠢ ᠲᠤᠬᠢᠷᠬᠤ ᠶ᠋ᠢᠨ
ᠲᠥᠰᠦᠷ— ᠤᠰᠤ ᠶ᠋ᠢ ᠰᠦᠷᠴᠢᠨ ᠠᠰᠬᠠᠬᠤ ᠶ᠋ᠢ
ᠲᠥᠰᠬᠡᠷ— ᠬᠣᠨᠢ ᠲᠦᠰᠬᠢᠷᠬᠦ
ᠳᠣᠭᠳᠣᠷ— ᠭᠡᠨᠡᠳᠲᠡ ᠰᠠᠵᠢᠵᠤ ᠰᠢᠯᠭᠡᠭᠡᠬᠦ ᠶ᠋ᠢ
ᠲᠡᠪᠬᠡᠷ— ᠴᠣᠪᠬᠣᠷᠬᠤ ᠳᠡᠪᠬᠡᠷᠬᠦ ᠶ᠋ᠢᠨ
ᠲᠥᠬᠥᠷ— ᠳᠦᠭᠦᠷᠡᠩ ᠪᠣᠯᠬᠤ᠂ ᠲᠡᠭᠦᠰᠬᠦ ᠵᠡᠷᠭᠡ ᠶ᠋ᠢᠨ
ᠴᠢᠷ— ᠴᠢᠷᠦᠨ ᠶᠠᠪᠤᠬᠤ ᠶ᠋ᠢᠨ
ᠴᠣᠪᠬᠣᠷ— ᠠᠳᠤᠭᠤ ᠴᠣᠪᠬᠣᠷᠬᠤ ᠶ᠋ᠢᠨ
ᠰᠠᠨᠳᠤᠷ— ᠪᠠᠴᠢᠮᠳᠠᠨ ᠰᠠᠨᠳᠤᠷᠬᠤ ᠶ᠋ᠢᠨ
ᠰᠠᠮᠤᠷ— ᠰᠠᠮᠤᠴᠢᠵᠤ ᠰᠠᠮᠤᠷᠬᠤ ᠶ᠋ᠢ ᠰᠡᠭᠰᠦᠷ— ᠲᠣᠯᠣᠭᠠᠢ ᠰᠡᠭᠰᠦᠷᠬᠦ ᠶ᠋ᠢ
ᠰᠢᠪᠬᠠᠷ— ᠶᠠᠭᠤᠮ᠎ᠠ ᠶ᠋ᠢᠨ ᠤᠰᠤ ᠶ᠋ᠢ ᠰᠢᠪᠬᠠᠷᠬᠤ ᠶ᠋ᠢᠨ
ᠰᠢᠪᠲᠦᠷ— ᠰᠠᠬᠠᠯ᠂ ᠭᠡᠳᠡᠰᠦ ᠶ᠋ᠢ ᠰᠢᠪᠲᠤᠷᠠᠬᠤ ᠶ᠋ᠢᠨ
ᠰᠢᠭᠤᠷ— ᠴᠠᠰᠤ᠂ ᠰᠢᠷᠣᠢ ᠰᠠᠯᠬᠢᠨ ᠳ᠋ᠤ᠌ ᠰᠢᠭᠤᠷᠬᠤ
ᠰᠢᠬᠦᠷ— ᠰᠢᠪᠠᠭᠤᠨ ᠤ᠋ ᠰᠠᠪᠠᠷᠳᠠᠨ ᠠᠪᠬᠤ ᠶ᠋ᠢ
ᠰᠣᠭᠰᠣᠷ— ᠬᠥᠮᠦᠨ ᠢ᠋ ᠡᠷᠭᠦᠨ ᠰᠢᠭᠰᠢᠬᠦ ᠶ᠋ᠢ
ᠰᠤᠷ— ᠡᠷᠳᠡᠮ ᠰᠤᠷᠬᠤ ᠶ᠋ᠢ
ᠰᠦᠷ— ᠡᠰᠡᠷᠭᠦ ᠶᠠᠪᠤᠬᠤ ᠶ᠋ᠢᠨ
ᠱᠡᠯᠬᠦᠷ— ᠨᠢᠭᠤᠷ ᠤ᠋ᠨ ᠬᠠᠪᠤᠩ ᠲᠠᠢ ᠪᠣᠯᠬᠤ ᠶ᠋ᠢ
ᠱ᠌ᠢᠪᠡᠷ— ᠪᠣᠷᠣᠭᠠᠨ ᠰᠢᠪᠡᠷᠬᠦ ᠶ᠋ᠢᠨ
ᠱᠣᠳᠣᠷ— ᠠᠷᠠᠰᠤ ᠱᠤᠳᠤᠷᠬᠤ ᠶ᠋ᠢᠨ
ᠱᠤᠤᠬᠢᠷ— ᠦᠬᠡᠷ ᠦ᠋ᠨ ᠬᠠᠮᠠᠷ ᠳᠤᠤᠭᠠᠷᠬᠤ ᠮᠡᠲᠦ ᠶ᠋ᠢᠨ

《ᠰ 》 ᠭᠡᠢᠭᠦᠯᠦᠭᠴᠢ ᠪᠡᠷ ᠲᠡᠭᠦᠰᠦᠭᠰᠡᠨ ᠢᠵᠠᠭᠤᠷ ᠪᠦᠬᠦᠢ ᠦᠢᠯᠡ ᠦᠭᠡ ᠨᠦ᠍ᠭᠦᠳ
ᠠᠭᠤᠰ— ᠬᠠᠢᠯᠵᠤ ᠠᠭᠤᠰᠬᠤ ᠶ᠋ᠢᠨ
ᠡᠭᠦᠰ— ᠡᠭᠦᠳᠬᠦ ᠡᠭᠦᠰᠬᠦ ᠶ᠋ᠢᠨ
ᠡᠮᠦᠰ— ᠬᠤᠪᠴᠠᠰᠤ ᠡᠮᠦᠰᠬᠦ ᠶ᠋ᠢᠨ
ᠢᠰ—ᠠᠢᠷᠠᠭ ᠢᠰᠬᠦ
ᠣᠰ—ᠲᠠᠭᠠᠷᠠᠵᠤ ᠪᠡᠶ᠎ᠡ ᠰᠢᠷᠦᠭᠦᠨ ᠪᠣᠯᠬᠤ ᠶ᠋ᠢ
ᠣᠷᠣᠰ—ᠤᠰᠤ ᠤᠷᠤᠰᠬᠤ ᠶ᠋ᠢᠨ
ᠥᠷᠢᠰ—ᠪᠤᠰᠤᠳ ᠠ᠋ᠴᠠ ᠤᠷᠢᠲᠠᠬᠤ ᠪᠠᠷ ᠶᠠᠭᠠᠷᠠᠬᠤ ᠶ᠋ᠢ
ᠦᠰ—ᠪᠣᠢᠵᠢᠵᠤ ᠥᠰᠬᠦ ᠶ᠋ᠢᠨ
ᠥᠯᠥᠰ— ᠬᠣᠳᠣᠭᠣᠳᠣ ᠬᠣᠭᠣᠰᠣᠨ ᠪᠣᠯᠬᠤ ᠶ᠋ᠢ
ᠦᠨᠦᠰ—ᠦᠨᠦᠷᠯᠡᠬᠦ᠂ ᠲᠠᠭᠠᠯᠠᠬᠤ ᠶ᠋ᠢ
ᠦᠷᠪᠢᠰ—ᠦᠷᠡᠵᠢᠵᠦ ᠣᠯᠠᠰᠢᠷᠠᠬᠤ ᠶ᠋ᠢᠨ
ᠨᠢᠰ—ᠬᠠᠯᠢᠨ ᠨᠢᠰᠬᠦ ᠶ᠋ᠢᠨ
ᠪᠡᠶᠡᠰ—ᠪᠠᠶᠠᠷᠯᠠᠨ ᠪᠠᠶᠠᠰᠬᠤ ᠶ᠋ᠢᠨ
ᠪᠣᠰ—ᠰᠠᠭᠤᠵᠤ ᠪᠣᠰᠬᠤ ᠶ᠋ᠢᠨ
ᠬᠠᠢᠮᠤᠰ—ᠴᠢᠨᠡᠭᠡ ᠪᠡᠷ ᠬᠣᠯᠠ ᠬᠠᠷᠪᠤᠬᠤ ᠶ᠋ᠢ
ᠬᠠᠯᠤᠰ— ᠵᠢᠷᠦᠬᠡᠰᠢᠨ ᠵᠠᠢᠯᠠᠬᠤ ᠶ᠋ᠢᠨ
ᠬᠡᠢᠰ—ᠰᠠᠯᠬᠢᠨ ᠳ᠋ᠤ᠌ ᠬᠡᠢᠰᠬᠦ ᠶ᠋ᠢᠨ
ᠬᠣᠷᠣᠰ—ᠵᠠᠨᠤᠵᠤ ᠬᠣᠷᠣᠰᠬᠤ ᠶ᠋ᠢᠨ
ᠬᠤᠪᠢᠰ— ᠥᠭᠡᠷ᠎ᠡ ᠪᠣᠯᠬᠤ ᠶ᠋ᠢ
ᠭᠡᠰ— ᠤᠶᠠᠳᠬᠤ ᠬᠠᠢᠯᠠᠬᠤ ᠶ᠋ᠢᠨ
ᠭᠤᠯᠠᠰ— ᠭᠤᠯᠭᠤᠬᠤ ᠭᠤᠯᠠᠰᠬᠤ ᠶ᠋ᠢᠨ
ᠵᠣᠬᠢᠰ— ᠵᠣᠭᠢᠰᠬᠤ ᠡᠪᠡᠳᠴᠢᠨ ᠮᠡᠲᠦ ᠶ᠋ᠢᠨ
ᠲᠡᠭᠦᠰ— ᠳᠠᠭᠤᠰᠬᠤ ᠪᠠᠷᠠᠬᠤ ᠶ᠋ᠢᠨ
ᠳᠡᠰ— ᠬᠦᠯᠢᠴᠡᠬᠦ᠂ ᠲᠡᠰᠬᠦ ᠶ᠋ᠢᠨ
ᠲᠤᠰ— ᠠᠯᠠᠭ᠎ᠠ ᠲᠤᠰᠬᠤ ᠶ᠋ᠢᠨ
ᠲᠤᠰ— ᠨᠠᠷᠠ ᠲᠤᠰᠬᠤ ᠶ᠋ᠢ
ᠲᠦᠰ— ᠤᠷᠢᠳᠴᠢᠯᠠᠨ ᠪᠣᠳᠣᠬᠤ ᠶ᠋ᠢ
ᠳᠠᠭᠤᠰ— ᠭᠦᠢᠴᠡᠬᠦ ᠪᠠᠷᠠᠬᠤ ᠶ᠋ᠢᠨ
ᠳᠡᠰ— ᠢᠵᠢᠯᠢᠳᠬᠦ ᠳᠠᠰᠬᠤ ᠶ᠋ᠢᠨ
ᠳᠡᠪᠢᠰ— ᠳᠡᠪᠢᠰᠬᠡᠷ ᠳᠡᠪᠢᠰᠬᠦ ᠶ᠋ᠢᠨ
ᠳᠡᠯᠡᠰ— ᠳᠡᠯᠡᠳᠬᠦ ᠳᠡᠯᠡᠰᠬᠦ ᠶ᠋ᠢᠨ
ᠳᠤᠷᠠᠰ— ᠶᠠᠷᠢᠬᠤ ᠳᠤᠷᠠᠰᠬᠤ ᠶ᠋ᠢᠨ
ᠰᠣᠨᠣᠰ— ᠲᠤᠭᠤᠯᠬᠤ ᠰᠣᠨᠣᠰᠬᠤ ᠶ᠋ᠢ

《ᠯ》 ᠭᠡᠢᠭᠦᠯᠦᠭᠴᠢ ᠪᠡᠷ ᠲᠡᠭᠦᠰᠦᠭᠰᠡᠨ ᠢᠵᠠᠭᠤᠷ ᠪᠦᠬᠦᠢ ᠦᠢᠯᠡ ᠦᠭᠡ ᠨᠦ᠍ᠭᠦᠳ
ᠠᠭᠤᠳᠠᠯ— ᠰᠠᠪᠠ ᠠᠭᠤᠳᠠᠯᠬᠤ ᠶ᠋ᠢᠨ
ᠠᠭᠤᠯ— ᠰᠠᠨᠠᠭ᠎ᠠ ᠪᠠ ᠰᠠᠪᠠᠨ ᠳ᠋ᠤ᠌ ᠠᠭᠤᠯᠬᠤ ᠶ᠋ᠢ
ᠠᠶᠠᠯ— ᠳᠠᠭᠤᠤ ᠠᠶᠠᠯᠬᠤ ᠶ᠋ᠢᠨ
ᠠᠷᠢᠯ— ᠴᠡᠪᠡᠷᠰᠢᠬᠦ᠂ ᠦᠭᠡᠢ ᠪᠣᠯᠬᠤ ᠵᠡᠷᠭᠡ ᠶ᠋ᠢᠨ
ᠠᠩᠬᠢᠯ— ᠰᠠᠢᠬᠠᠨ ᠦᠨᠦᠷ ᠦᠨᠦᠷᠲᠦᠬᠦ ᠶ᠋ᠢ
ᠡᠨᠡᠯ— ᠵᠣᠪᠠᠨᠢᠨ ᠰᠢᠨᠠᠯᠬᠤ ᠶ᠋ᠢᠨ
ᠡᠢᠯ— ᠠᠳᠤᠭᠤᠨ ᠤ᠋ ᠵᠡᠷᠭᠡ ᠶ᠋ᠢ ᠳᠤᠲᠠᠭᠠᠬᠤ ᠶ᠋ᠢ
ᠡᠮᠲᠡᠯ— ᠠᠶᠠᠭ᠎ᠠ ᠰᠠᠪᠠ ᠡᠮᠲᠡᠷᠡᠬᠦ ᠶ᠋ᠢᠨ
ᠡᠴᠦᠯ— ᠰᠦᠢᠳᠬᠦ ᠡᠴᠦᠯᠬᠦ ᠶ᠋ᠢᠨ
ᠡᠯᠲᠡᠯ— ᠶᠠᠭᠤᠮ᠎ᠠ ᠶ᠋ᠢ ᠬᠡᠯᠲᠡᠯᠬᠦ ᠶ᠋ᠢ
ᠢᠪᠢᠯ— ᠬᠥᠬᠥᠨ ᠦ᠌ ᠰᠦ ᠪᠠᠭᠤᠬᠤ ᠶ᠋ᠢ
ᠢᠵᠠᠯ— ᠢᠵᠠᠷᠬᠠᠢ ᠪᠣᠯᠬᠤ ᠶ᠋ᠢ
ᠢᠰᠦᠯ— ᠭᠤᠯᠢᠷ ᠢᠰᠬᠦ ᠶ᠋ᠢᠨ
ᠢᠰ—ᠠᠢᠷᠠᠭ ᠢᠰᠬᠦ
ᠣᠰ—ᠲᠠᠭᠠᠷᠠᠵᠤ ᠪᠡᠶ᠎ᠡ ᠰᠢᠷᠦᠭᠦᠨ ᠪᠣᠯᠬᠤ ᠶ᠋ᠢ
ᠣᠷᠣᠰ—ᠤᠰᠤ ᠤᠷᠤᠰᠬᠤ ᠶ᠋ᠢᠨ
ᠥᠷᠢᠰ—ᠪᠤᠰᠤᠳ ᠠ᠋ᠴᠠ ᠤᠷᠢᠲᠠᠬᠤ ᠪᠠᠷ ᠶᠠᠭᠠᠷᠠᠬᠤ ᠶ᠋ᠢ
ᠦᠰ—ᠪᠣᠢᠵᠢᠵᠤ ᠥᠰᠬᠦ ᠶ᠋ᠢᠨ
ᠥᠯᠥᠰ— ᠬᠣᠳᠣᠭᠣᠳᠣ ᠬᠣᠭᠣᠰᠣᠨ ᠪᠣᠯᠬᠤ ᠶ᠋ᠢ
ᠦᠨᠦᠰ—ᠦᠨᠦᠷᠯᠡᠬᠦ᠂ ᠲᠠᠭᠠᠯᠠᠬᠤ ᠶ᠋ᠢ
ᠦᠷᠪᠢᠰ—ᠦᠷᠡᠵᠢᠵᠦ ᠣᠯᠠᠰᠢᠷᠠᠬᠤ ᠶ᠋ᠢᠨ
ᠨᠢᠰ—ᠬᠠᠯᠢᠨ ᠨᠢᠰᠬᠦ ᠶ᠋ᠢᠨ
ᠪᠡᠶᠡᠰ—ᠪᠠᠶᠠᠷᠯᠠᠨ ᠪᠠᠶᠠᠰᠬᠤ ᠶ᠋ᠢᠨ
ᠪᠣᠰ—ᠰᠠᠭᠤᠵᠤ ᠪᠣᠰᠬᠤ ᠶ᠋ᠢᠨ
ᠬᠠᠢᠮᠤᠰ—ᠴᠢᠨᠡᠭᠡ ᠪᠡᠷ ᠬᠣᠯᠠ ᠬᠠᠷᠪᠤᠬᠤ ᠶ᠋ᠢ
ᠬᠠᠯᠤᠰ— ᠵᠢᠷᠦᠬᠡᠰᠢᠨ ᠵᠠᠢᠯᠠᠬᠤ ᠶ᠋ᠢᠨ
ᠬᠡᠢᠰ—ᠰᠠᠯᠬᠢᠨ ᠳ᠋ᠤ᠌ ᠬᠡᠢᠰᠬᠦ ᠶ᠋ᠢᠨ
ᠬᠣᠷᠣᠰ—ᠵᠠᠨᠤᠵᠤ ᠬᠣᠷᠣᠰᠬᠤ ᠶ᠋ᠢᠨ
ᠬᠤᠪᠢᠰ— ᠥᠭᠡᠷ᠎ᠡ ᠪᠣᠯᠬᠤ ᠶ᠋ᠢ
ᠭᠡᠰ— ᠤᠶᠠᠳᠬᠤ ᠬᠠᠢᠯᠠᠬᠤ ᠶ᠋ᠢᠨ
ᠭᠤᠯᠠᠰ— ᠭᠤᠯᠭᠤᠬᠤ ᠭᠤᠯᠠᠰᠬᠤ ᠶ᠋ᠢᠨ
ᠵᠣᠬᠢᠰ— ᠵᠣᠭᠢᠰᠬᠤ ᠡᠪᠡᠳᠴᠢᠨ ᠮᠡᠲᠦ ᠶ᠋ᠢᠨ
ᠲᠡᠭᠦᠰ— ᠳᠠᠭᠤᠰᠬᠤ ᠪᠠᠷᠠᠬᠤ ᠶ᠋ᠢᠨ
ᠳᠡᠰ— ᠬᠦᠯᠢᠴᠡᠬᠦ᠂ ᠲᠡᠰᠬᠦ ᠶ᠋ᠢᠨ
ᠲᠤᠰ— ᠠᠯᠠᠭ᠎ᠠ ᠲᠤᠰᠬᠤ ᠶ᠋ᠢᠨ
ᠲᠤᠰ— ᠨᠠᠷᠠ ᠲᠤᠰᠬᠤ ᠶ᠋ᠢ
ᠲᠦᠰ— ᠤᠷᠢᠳᠴᠢᠯᠠᠨ ᠪᠣᠳᠣᠬᠤ ᠶ᠋ᠢ
ᠳᠠᠭᠤᠰ— ᠭᠦᠢᠴᠡᠬᠦ ᠪᠠᠷᠠᠬᠤ ᠶ᠋ᠢᠨ
ᠳᠡᠰ— ᠢᠵᠢᠯᠢᠳᠬᠦ ᠳᠠᠰᠬᠤ ᠶ᠋ᠢᠨ
ᠳᠡᠪᠢᠰ— ᠳᠡᠪᠢᠰᠬᠡᠷ ᠳᠡᠪᠢᠰᠬᠦ ᠶ᠋ᠢᠨ
ᠳᠡᠯᠡᠰ— ᠳᠡᠯᠡᠳᠬᠦ ᠳᠡᠯᠡᠰᠬᠦ ᠶ᠋ᠢᠨ
ᠳᠤᠷᠠᠰ— ᠶᠠᠷᠢᠬᠤ ᠳᠤᠷᠠᠰᠬᠤ ᠶ᠋ᠢᠨ
ᠰᠣᠨᠣᠰ— ᠲᠤᠭᠤᠯᠬᠤ ᠰᠣᠨᠣᠰᠬᠤ ᠶ᠋ᠢ

《ᠯ》 ᠭᠡᠢᠭᠦᠯᠦᠭᠴᠢ ᠪᠡᠷ ᠲᠡᠭᠦᠰᠦᠭᠰᠡᠨ ᠢᠵᠠᠭᠤᠷ ᠪᠦᠬᠦᠢ ᠦᠢᠯᠡ ᠦᠭᠡ ᠨᠦ᠍ᠭᠦᠳ
ᠠᠭᠤᠳᠠᠯ— ᠰᠠᠪᠠ ᠠᠭᠤᠳᠠᠯᠬᠤ ᠶ᠋ᠢᠨ
ᠠᠭᠤᠯ— ᠰᠠᠨᠠᠭ᠎ᠠ ᠪᠠ ᠰᠠᠪᠠᠨ ᠳ᠋ᠤ᠌ ᠠᠭᠤᠯᠬᠤ ᠶ᠋ᠢ
ᠠᠶᠠᠯ— ᠳᠠᠭᠤᠤ ᠠᠶᠠᠯᠬᠤ ᠶ᠋ᠢᠨ
ᠠᠷᠢᠯ— ᠴᠡᠪᠡᠷᠰᠢᠬᠦ᠂ ᠦᠭᠡᠢ ᠪᠣᠯᠬᠤ ᠵᠡᠷᠭᠡ ᠶ᠋ᠢᠨ
ᠠᠩᠬᠢᠯ— ᠰᠠᠢᠬᠠᠨ ᠦᠨᠦᠷ ᠦᠨᠦᠷᠲᠦᠬᠦ ᠶ᠋ᠢ
ᠡᠨᠡᠯ— ᠵᠣᠪᠠᠨᠢᠨ ᠰᠢᠨᠠᠯᠬᠤ ᠶ᠋ᠢᠨ
ᠡᠢᠯ— ᠠᠳᠤᠭᠤᠨ ᠤ᠋ ᠵᠡᠷᠭᠡ ᠶ᠋ᠢ ᠳᠤᠲᠠᠭᠠᠬᠤ ᠶ᠋ᠢ
ᠡᠮᠲᠡᠯ— ᠠᠶᠠᠭ᠎ᠠ ᠰᠠᠪᠠ ᠡᠮᠲᠡᠷᠡᠬᠦ ᠶ᠋ᠢᠨ
ᠡᠴᠦᠯ— ᠰᠦᠢᠳᠬᠦ ᠡᠴᠦᠯᠬᠦ ᠶ᠋ᠢᠨ
ᠡᠯᠲᠡᠯ— ᠶᠠᠭᠤᠮ᠎ᠠ ᠶ᠋ᠢ ᠬᠡᠯᠲᠡᠯᠬᠦ ᠶ᠋ᠢ
ᠢᠪᠢᠯ— ᠬᠥᠬᠥᠨ ᠦ᠌ ᠰᠦ ᠪᠠᠭᠤᠬᠤ ᠶ᠋ᠢ
ᠢᠵᠠᠯ— ᠢᠵᠠᠷᠬᠠᠢ ᠪᠣᠯᠬᠤ ᠶ᠋ᠢ
ᠢᠰᠦᠯ— ᠭᠤᠯᠢᠷ ᠢᠰᠬᠦ ᠶ᠋ᠢᠨ
ᠢᠰᠢᠯ一 ᠠᠢᠷᠠᠭ ᠵᠡᠷᠭᠡ ᠬᠤᠪᠢᠯᠬᠤ ᠶ᠋ᠢᠨ
ᠢᠰᠬᠦᠯ一 ᠬᠥᠯ ᠢ᠋ᠶ᠋ᠡᠷ ᠴᠣᠬᠢᠬᠤ ᠶ᠋ᠢ
ᠢᠯᠵᠠᠯ一 ᠬᠡᠲᠦᠷᠬᠡᠢ ᠴᠢᠨᠠᠵᠤ ᠢᠯᠵᠠᠷᠠᠭᠤᠯᠬᠤ ᠶ᠋ᠢ
ᠢᠯᠵᠢᠯ一 ᠦᠮᠡᠬᠡᠢᠷᠡᠭᠦᠯᠬᠦ ᠶ᠋ᠢ
ᠤᠭᠲᠤᠯ一 ᠬᠡᠷᠴᠢᠨ ᠣᠭᠲᠣᠯᠬᠤ ᠶ᠋ᠢᠨ
 ᠣᠷᠣᠯ一 ᠣᠷᠣᠯᠠᠵᠤ ᠰᠠᠭᠤᠬᠤ ᠶ᠋ᠢ
ᠣᠷᠭᠢᠯ一 ᠪᠤᠯᠠᠭ ᠣᠷᠭᠢᠯᠬᠤ ᠶ᠋ᠢᠨ
ᠣᠯ一 ᠠᠯᠳᠠᠵᠤ ᠣᠯᠬᠤ ᠶ᠋ᠢᠨ
ᠣᠩᠭᠢᠯ一 ᠭᠠᠵᠠᠷ ᠣᠩᠭᠢᠯᠬᠤ ᠶ᠋ᠢᠨ
ᠣᠩᠭᠣᠯ一 ᠳᠤᠰᠤᠯ ᠳᠤᠰᠤᠯ ᠢ᠋ᠶ᠋ᠠᠷ ᠨᠣᠷᠬᠤ ᠶ᠋ᠢ
ᠣᠰᠣᠯ一 ᠣᠰᠣᠯ ᠡᠨᠳᠡᠯ ᠦ᠋ᠨ
ᠥᠲᠡᠯ一 ᠨᠠᠰᠤᠵᠢᠬᠤ ᠥᠲᠡᠯᠬᠦ ᠶ᠋ᠢᠨ
ᠥᠮᠥᠯ一 ᠥᠮᠥ ᠴᠥᠮᠥ ᠠᠪᠬᠤ ᠶ᠋ᠢ
ᠥᠭᠲᠡᠯ一 ᠨᠡᠷᠪᠡᠭᠳᠡᠬᠦ᠂ ᠣᠨᠣᠭᠳᠠᠬᠤ ᠶ᠋ᠢ
ᠦᠯᠲᠦᠯ一 ᠦᠩᠭᠡᠬᠦ ᠦᠯᠲᠦᠯᠬᠦ ᠶ᠋ᠢᠨ 
ᠠᠪᠲᠠᠯ一 ᠨᠡᠪᠲᠡ ᠭᠠᠷᠭᠠᠬᠤ ᠶ᠋ᠢ
ᠨᠢᠲᠤᠯ一 ᠠᠯᠠᠬᠤ ᠨᠢᠲᠤᠯᠬᠤ ᠶ᠋ᠢᠨ
ᠨᠢᠰᠠᠯ一 ᠬᠢᠮᠤᠰᠤ ᠪᠠᠷ ᠳᠡᠯᠡᠳᠬᠦ ᠶ᠋ᠢ
ᠨᠤᠭᠤᠯ一 ᠦᠶᠡᠯᠡᠬᠦ ᠨᠤᠭᠤᠯᠬᠤ ᠶ᠋ᠢᠨ
ᠨᠥᠭᠡᠯ一 ᠰᠠᠯᠬᠢ ᠨᠥᠭᠡᠯᠬᠦ ᠶ᠋ᠢᠨ 
ᠦᠬᠦᠯ一 ᠵᠤᠤᠬᠠᠨ ᠤ᠋ ᠤᠲᠤᠭ᠎ᠠ ᠪᠤᠴᠠᠵᠤ ᠭᠠᠷᠬᠤ ᠶ᠋ᠢ
ᠨᠣᠢᠯ一 ᠬᠢᠲᠤᠭ᠎ᠠ ᠨᠣᠢᠯᠬᠤ ᠶ᠋ᠢᠨ
ᠪᠠᠯᠠᠯ一 ᠪᠠᠯᠠᠷᠠᠭᠤᠯᠬᠤ ᠶ᠋ᠢ
ᠪᠣᠯ一 ᠪᠣᠯᠬᠤ ᠶ᠋ᠢᠨ
ᠪᠤᠴᠠᠯ一 ᠤᠰᠤ ᠪᠤᠴᠠᠯᠬᠤ ᠶ᠋ᠢᠨ
ᠪᠣᠷᠭᠢᠯ一 ᠰᠢᠷᠦᠭᠦᠨ ᠪᠤᠴᠠᠯᠬᠤ ᠶ᠋ᠢ
ᠪᠦᠷᠢᠯ一 ᠰᠦᠢᠳᠬᠦ ᠦᠬᠦᠬᠦ ᠶ᠋ᠢ ᠴᠡᠭᠡᠷᠯᠡᠭᠰᠡᠨ ᠦᠭᠡ
ᠬᠠᠢᠯ一 ᠴᠠᠰᠤ ᠮᠥᠰᠥ ᠭᠡᠰᠬᠦ ᠬᠠᠢᠯᠬᠤ ᠶ᠋ᠢᠨ
ᠬᠠᠭᠤᠯ一 ᠬᠠᠭᠤᠯᠵᠤ ᠪᠢᠴᠢᠬᠦ ᠶ᠋ᠢᠨ
ᠬᠠᠯ一 ᠬᠠᠯᠳᠠᠬᠤ ᠬᠠᠯᠬᠤ ᠶ᠋ᠢᠨ
ᠬᠠᠷᠢᠭᠤᠯ— ᠮᠠᠯ ᠬᠠᠷᠢᠭᠤᠯᠬᠤ ᠶ᠋ᠢᠨ
ᠬᠠᠩᠬᠤᠯ— ᠦᠨᠦᠷ ᠦᠯᠡᠮᠵᠢ ᠦᠨᠦᠷᠲᠦᠬᠦ ᠶ᠋ᠢ
ᠬᠣᠪᠢᠯ—— ᠬᠤᠪᠢᠷᠠᠬᠤ ᠬᠤᠪᠢᠰᠬᠤ ᠶ᠋ᠢᠨ 
ᠬᠣᠴᠤᠤᠯ — ᠳᠠᠢᠰᠤᠨ ᠢ᠋ ᠵᠠᠪᠳᠤᠭᠤᠯᠬᠤ ᠦᠭᠡᠢ ᠳᠠᠷᠤᠷ᠎ᠠ ᠬᠦᠷᠬᠦ ᠶ᠋ᠢ
ᠬᠦᠪᠡᠭᠡᠯ — ᠮᠢᠬᠠᠨ ᠤ᠋ ᠬᠥᠪᠬᠡᠭᠡᠨᠡᠬᠦ ᠶ᠋ᠢ
ᠬᠥᠲᠥᠯ — ᠮᠣᠷᠢ ᠬᠥᠲᠥᠯᠬᠦ ᠶ᠋ᠢᠨ
ᠬᠥᠬᠢᠭᠦᠯ— ᠰᠠᠩᠨᠠᠨ ᠰᠠᠢᠰᠢᠶᠠᠬᠤ ᠶ᠋ᠢᠨ
ᠬᠥᠳᠡᠯ— ᠪᠡᠶ᠎ᠡ ᠬᠥᠳᠡᠯᠬᠦ ᠶ᠋ᠢᠨ
ᠬᠥᠯ — ᠲᠡᠷᠭᠡᠨ ᠮᠠᠯ ᠬᠥᠯᠬᠦ
ᠭᠠᠲᠤᠯ — ᠭᠡᠲᠦᠯᠬᠦ ᠭᠠᠲᠤᠯᠬᠤ ᠶ᠋ᠢᠨ
ᠭᠠᠰᠠᠯ — ᠵᠣᠪᠠᠬᠤ ᠭᠠᠰᠠᠯᠬᠤ ᠶ᠋ᠢᠨ
ᠭᠠᠰᠢᠯ — ᠬᠤᠪᠢᠯᠤᠨ ᠭᠠᠰᠢᠯᠬᠤ ᠶ᠋ᠢᠨ
ᠭᠡᠲᠦᠯ — ᠭᠠᠲᠤᠯᠬᠤ ᠭᠡᠲᠦᠯᠬᠦ ᠶ᠋ᠢᠨ
ᠭᠤᠪᠢᠭᠤᠯ — ᠰᠢᠤᠳᠠᠨ ᠭᠤᠪᠢᠭᠤᠯᠤᠭ᠎ᠠ ᠤ᠋ᠨ
ᠵᠠᠭᠠᠯ — ᠵᠠᠭᠠᠲᠤᠨᠠᠬᠤ ᠵᠠᠭᠠᠯᠬᠤ ᠶ᠋ᠢᠨ
ᠵᠠᠵᠢᠯ — ᠰᠢᠳᠦ ᠪᠡᠷ ᠶᠠᠭᠤᠮ᠎ᠠ ᠵᠠᠵᠢᠯᠬᠤ ᠶ᠋ᠢᠨ
ᠵᠠᠢᠯ — ᠤᠰᠤ ᠪᠠᠷ ᠤᠬᠢᠶᠠᠨ ᠵᠠᠢᠯᠬᠤ
ᠵᠦᠢᠯ — ᠦᠰᠦ ᠶ᠋ᠢ ᠬᠤᠰᠤᠨ ᠠᠷᠢᠯᠭᠠᠬᠤ
ᠳᠠᠭᠤᠯ — ᠳᠠᠭᠠᠷᠢᠨ ᠥᠩᠭᠡᠷᠡᠬᠦ ᠶ᠋ᠢ
ᠲᠠᠢᠯ — ᠲᠠᠢᠯᠪᠤᠷᠢ ᠬᠢᠬᠦ ᠶ᠋ᠢ
ᠲᠠᠮᠠᠯ — ᠤᠷᠲᠤᠬᠠᠨ ᠠᠶᠠᠯᠠᠭᠤᠯᠬᠤ ᠶ᠋ᠢ
ᠲᠠᠮᠲᠤᠯ — ᠲᠠᠮᠲᠤᠭᠯᠠᠬᠤ ᠮᠡᠲᠦ ᠶ᠋ᠢᠨ
ᠲᠡᠮᠡᠦᠯ — ᠵᠢᠳᠬᠦᠨ ᠲᠡᠮᠡᠦᠯᠬᠦ ᠶ᠋ᠢ
ᠲᠡᠯᠡᠦᠯ — ᠲᠡᠯᠡᠦᠯᠬᠦ ᠶ᠋ᠢ
ᠲᠣᠨᠢᠯ — ᠵᠠᠢᠯᠠᠨ ᠲᠣᠨᠢᠯᠬᠤ ᠶ᠋ᠢ
ᠲᠤᠭᠤᠯ — ᠭᠡᠳᠡᠰᠦᠨ ᠡᠪᠡᠳᠴᠢᠨ ᠢ᠋ᠶ᠋ᠡᠷ ᠲᠤᠭᠤᠯᠬᠤ ᠶ᠋ᠢᠨ
ᠳᠣᠯ — ᠲᠦᠰᠢᠵᠦ ᠲᠤᠯᠬᠤ ᠶ᠋ᠢᠨ
ᠳᠠᠷᠢᠭᠤᠯ — ᠠᠷᠢᠬᠢ ᠠᠢᠷᠠᠭ ᠢ᠋ ᠨᠡᠢᠭᠡᠨ ᠲᠣᠭᠣᠷᠢᠨ ᠤᠤᠭᠤᠯᠭᠠᠬᠤ ᠶ᠋ᠢ
ᠳᠠᠯᠠᠯ — ᠭᠠᠷ ᠢ᠋ᠶ᠋ᠠᠷ ᠢ᠋ᠶ᠋ᠠᠨ ᠳᠠᠭᠤᠳᠠᠨ ᠳᠠᠯᠠᠯᠬᠤ ᠶ᠋ᠢᠨ
ᠲᠠᠷᠭᠢᠯ — ᠬᠡᠲᠦᠷᠬᠡᠢ ᠪᠤᠴᠠᠯᠬᠤ ᠶ᠋ᠢ
ᠲᠠᠢᠯ— ᠦᠭᠡ ᠪᠤᠶᠤ ᠬᠦᠴᠦᠨ ᠢ᠋ᠶ᠋ᠡᠷ ᠳᠠᠪᠠᠬᠤ ᠶ᠋ᠢ
ᠳᠡᠪᠦᠯ— ᠤᠰᠤᠨ ᠤ᠋ ᠣᠷᠭᠢᠯᠤᠨ ᠬᠠᠯᠢᠬᠤ ᠶ᠋ᠢ
ᠳᠡᠩᠰᠡᠯ— ᠦᠯᠡᠮᠵᠢ ᠥᠯᠥᠰᠬᠦ ᠶ᠋ᠢᠨ ᠪᠠᠢᠳᠠᠯ 
ᠳᠡᠭᠳᠡᠯ— ᠮᠣᠳᠣ ᠲᠤᠯᠤᠨ ᠳᠡᠭᠦᠯᠢᠬᠦ ᠶ᠋ᠢᠨ
ᠳᠣᠪᠲᠣᠯ— ᠳᠠᠭᠠᠷᠢᠨ ᠳᠣᠪᠲᠣᠯᠬᠤ ᠶ᠋ᠢᠨ
ᠲᠤᠭᠤᠯ— ᠬᠥᠯ ᠲᠤᠭᠤᠯᠬᠤ ᠶ᠋ᠢᠨ
ᠳᠣᠭᠳᠣᠯ— ᠵᠢᠷᠦᠬᠡ ᠳᠣᠭᠳᠣᠯᠬᠤ ᠶ᠋ᠢᠨ
ᠲᠤᠭᠤᠯ— ᠰᠣᠨᠣᠰᠴᠤ ᠲᠤᠭᠤᠯᠬᠤ ᠶ᠋ᠢ
ᠳᠦᠷᠭᠢᠯ— ᠳᠣᠷᠭᠢᠯᠬᠤ ᠶ᠋ᠢ
ᠴᠠᠬᠢᠯ— ᠴᠠᠬᠢᠯᠭᠠᠨ ᠴᠠᠬᠢᠯᠬᠤ ᠶ᠋ᠢ
ᠴᠢᠭᠤᠯ— ᠬᠤᠷᠠᠵᠤ ᠴᠢᠭᠤᠯᠬᠤ ᠶ᠋ᠢᠨ
ᠰᠠᠯ— ᠬᠠᠭᠠᠴᠠᠨ ᠰᠠᠯᠬᠤ ᠶ᠋ᠢᠨ
ᠰᠡᠢᠯ— ᠰᠡᠢᠯᠪᠦᠷᠢ ᠰᠡᠢᠯᠬᠦ ᠶ᠋ᠢᠨ
ᠰᠢᠪᠲᠤᠯ— ᠨᠡᠪᠲᠡᠯᠵᠦ ᠰᠢᠪᠲᠤᠯᠬᠤ ᠶ᠋ᠢᠨ
ᠰᠢᠨᠠᠯ— ᠡᠨᠡᠯᠦᠨ ᠰᠢᠨᠠᠯᠬᠤ ᠶ᠋ᠢᠨ
ᠰᠣᠢᠯ— ᠪᠣᠯᠵᠣᠨ ᠲᠣᠭᠲᠠᠬᠤ ᠶ᠋ᠢ
ᠰᠤᠳᠤᠯ— ᠰᠤᠷᠴᠤ ᠰᠤᠳᠤᠯᠬᠤ ᠶ᠋ᠢᠨ
ᠰᠦᠰᠦᠯ— ᠪᠢᠰᠢᠷᠡᠨ ᠳᠠᠭᠠᠬᠤ ᠶ᠋ᠢ
ᠭᠡᠢᠭᠦᠯ— ᠭᠡᠷᠡᠯᠲᠦᠭᠦᠯᠵᠦ ᠭᠡᠢᠭᠦᠯᠬᠦ ᠶ᠋ᠢ

ᠬᠤᠪᠢᠯᠭᠠᠭᠴᠢ ᠦᠰᠦᠭ ᠢ᠋ᠶ᠋ᠡᠷ ᠡᠬᠢᠯᠡᠭᠰᠡᠨ ᠳᠠᠭᠠᠪᠤᠷᠢ ᠨᠤᠭᠤᠳ ᠢ᠋ ᠵᠢᠭᠰᠠᠭᠠᠪᠠᠯ

《ᠨ》 ᠭᠡᠢᠭᠦᠯᠦᠭᠴᠢ ᠪᠡᠷ ᠡᠬᠢᠯᠡᠭᠰᠡᠨ ᠬᠤᠪᠢᠯᠭᠠᠭᠴᠢ ᠳᠠᠭᠠᠪᠤᠷᠢ ᠨᠤᠭᠤᠳ
— ᠊ᠨ᠋— ᠨᠥᠬᠥᠴᠡᠯ ᠦᠢᠯᠡ ᠶ᠋ᠢᠨ ᠳᠠᠭᠠᠪᠤᠷᠢ
— ᠊ᠨ᠎ᠠ— ᠦᠢᠯᠡ ᠦᠭᠡ ᠶ᠋ᠢᠨ ᠴᠠᠭ ᠢ᠋ ᠵᠢᠭᠠᠬᠤ ᠳᠠᠭᠠᠪᠤᠷᠢ
— ᠨᠠᠮ— ᠦᠢᠯᠡ ᠦᠭᠡ ᠶ᠋ᠢᠨ ᠴᠠᠭ ᠢ᠋ ᠵᠢᠭᠠᠬᠤ ᠳᠠᠭᠠᠪᠤᠷᠢ
— ᠊᠊ᠩᠭᠤᠢ᠂ ᠊ᠩ᠊ᠭᠦᠢ— ᠲᠡᠮᠳᠡᠭ ᠦᠭᠡ ᠡᠭᠦᠰᠬᠡᠬᠦ ᠳᠠᠭᠠᠪᠤᠷᠢ
— ᠊ᠩᠭᠤᠳᠠ᠂ ᠊᠊ᠩ᠊ᠭᠦᠳᠡ— ᠨᠥᠬᠥᠴᠡᠯ ᠦᠢᠯᠡ ᠶ᠋ᠢᠨ ᠳᠠᠭᠠᠪᠤᠷᠢ
— ᠊᠊ᠩᠭᠠᠨ᠂ ᠊᠊ᠩᠭᠡᠨ— ᠨᠥᠬᠥᠴᠡᠯ ᠦᠢᠯᠡ ᠶ᠋ᠢᠨ ᠳᠠᠭᠠᠪᠤᠷᠢ
— ᠊᠊ᠩ᠊ᠬᠢ — ᠲᠡᠮᠳᠡᠭ ᠦᠭᠡ ᠡᠭᠦᠰᠬᠡᠬᠦ ᠳᠠᠭᠠᠪᠤᠷᠢ

《᠊᠊ᠮ᠊》 ᠭᠡᠢᠭᠦᠯᠦᠭᠴᠢ ᠪᠡᠷ ᠡᠬᠢᠯᠡᠭᠰᠡᠨ ᠬᠤᠪᠢᠯᠭᠠᠭᠴᠢ ᠳᠠᠭᠠᠪᠤᠷᠢ ᠨᠤᠭᠤᠳ — ᠮᠠᠯ— ᠲᠡᠮᠳᠡᠭ ᠦᠭᠡ ᠡᠭᠦᠰᠬᠡᠬᠦ ᠳᠠᠭᠠᠪᠤᠷᠢ
—  ᠊᠊ᠮᠠᠭᠴᠠ  ᠊᠊ᠮᠡᠭᠴᠡ— ᠨᠥᠬᠥᠴᠡᠯ ᠦᠢᠯᠡ ᠶ᠋ᠢᠨ ᠳᠠᠭᠠᠪᠤᠷᠢ
— ᠊᠊ᠮ᠎ᠠ— ᠲᠡᠮᠳᠡᠭ ᠦᠭᠡ ᠡᠭᠦᠰᠬᠡᠬᠦ ᠳᠠᠭᠠᠪᠤᠷᠢ
— ᠊᠊ᠮᠤᠢ— ᠦᠢᠯᠡ ᠦᠭᠡ ᠶ᠋ᠢᠨ ᠴᠠᠭ ᠢ᠋ ᠵᠢᠭᠠᠬᠤ ᠳᠠᠭᠠᠪᠤᠷᠢ
— ᠊᠊ᠮᠲᠠᠭᠠᠢ᠂  ᠊᠊ᠮᠲᠡᠭᠡᠢ— ᠲᠡᠮᠳᠡᠭ ᠦᠭᠡ ᠡᠭᠦᠰᠬᠡᠬᠦ ᠳᠠᠭᠠᠪᠤᠷᠢ
— ᠊᠊ᠮᠳᠠ— ᠨᠡᠷ᠎ᠡ ᠦᠭᠡ ᠡᠭᠦᠰᠬᠡᠬᠦ ᠳᠠᠭᠠᠪᠤᠷᠢ
— ᠊᠊ᠮᠵᠢ— ᠨᠡᠷ᠎ᠡ ᠦᠭᠡ ᠡᠭᠦᠰᠬᠡᠬᠦ ᠳᠠᠭᠠᠪᠤᠷᠢ
— ᠊᠊ᠮᠠᠭᠴᠠ  ᠊᠊ᠮᠡᠭᠴᠡ— ᠨᠥᠬᠥᠴᠡᠯ ᠦᠢᠯᠡ ᠶ᠋ᠢᠨ ᠳᠠᠭᠠᠪᠤᠷᠢ
— ᠊᠊ᠮ— ᠨᠡᠷ᠎ᠡ ᠦᠭᠡ ᠡᠭᠦᠰᠬᠡᠬᠦ ᠳᠠᠭᠠᠪᠤᠷᠢ

《᠊ᠬ᠊᠂ ᠊᠊ᠭ᠌᠊》ᠭᠡᠢᠭᠦᠯᠦᠭᠴᠢ ᠪᠡᠷ ᠡᠬᠢᠯᠡᠭᠰᠡᠨ ᠬᠤᠪᠢᠯᠭᠠᠭᠴᠢ ᠳᠠᠭᠠᠪᠤᠷᠢ ᠨᠤᠭᠤᠳ
— ᠊᠊ᠬᠰᠠᠭᠠᠷ᠂ ᠊᠊ᠭ᠌ᠰᠡᠭᠡᠷ— ᠨᠥᠬᠥᠴᠡᠯ ᠦᠢᠯᠡ ᠶ᠋ᠢᠨ ᠳᠠᠭᠠᠪᠤᠷᠢ
— ᠊᠊ᠬᠴᠢ᠂ ᠊᠊ᠭ᠌ᠴᠢ— ᠲᠡᠮᠳᠡᠭ ᠦᠢᠯᠡ ᠦᠭᠡ ᠶ᠋ᠢᠨ ᠳᠠᠭᠠᠪᠤᠷᠢ
— ᠊᠊ᠬᠰᠠᠨ᠂᠊᠊ᠭ᠌ᠰᠡᠨ— ᠲᠡᠮᠳᠡᠭ ᠦᠢᠯᠡ ᠦᠭᠡ ᠶ᠋ᠢᠨ ᠳᠠᠭᠠᠪᠤᠷᠢ
— ᠊ᠭ᠂ ᠊ᠭ᠌— ᠦᠢᠯᠡ ᠦᠭᠡ ᠶ᠋ᠢᠨ ᠵᠠᠬᠢᠷᠬᠤ ᠬᠦᠰᠡᠬᠦ ᠳᠠᠭᠠᠪᠤᠷᠢ
— ᠊᠊ᠬᠳᠠ᠂ ᠊᠊ᠭ᠌ᠳᠡ— ᠦᠢᠯᠡ ᠦᠭᠡ ᠶ᠋ᠢᠨ ᠬᠡᠪ ᠦ᠋ᠨ ᠳᠠᠭᠠᠪᠤᠷᠢ

《᠊᠊ᠷ᠊》 ᠭᠡᠢᠭᠦᠯᠦᠭᠴᠢ ᠪᠡᠷ ᠡᠬᠢᠯᠡᠭᠰᠡᠨ ᠬᠤᠪᠢᠯᠭᠠᠭᠴᠢ ᠳᠠᠭᠠᠪᠤᠷᠢ ᠨᠤᠭᠤᠳ
— ᠊᠊ᠷ᠎ᠠ— ᠨᠥᠬᠥᠴᠡᠯ ᠦᠢᠯᠡ ᠦᠭᠡ ᠶ᠋ᠢᠨ ᠳᠠᠭᠠᠪᠤᠷᠢ
— ᠊᠊ᠷᠤᠨ— ᠡᠰᠢ ᠲᠠᠲᠠᠬᠤ ᠳ᠋ᠤ᠌ ᠬᠡᠷᠡᠭᠯᠡᠬᠦ ᠳᠠᠭᠠᠪᠤᠷᠢ

《᠊᠊ᠯ᠊》— ᠭᠡᠢᠭᠦᠯᠦᠭᠴᠢ ᠪᠡᠷ ᠡᠬᠢᠯᠡᠭᠰᠡᠨ ᠬᠤᠪᠢᠯᠭᠠᠭᠴᠢ ᠳᠠᠭᠠᠪᠤᠷᠢ ᠨᠤᠭᠤᠳ
— ᠊᠊ᠯᠳᠠ— ᠨᠡᠷ᠎ᠡ ᠦᠭᠡ ᠡᠭᠦᠰᠬᠡᠬᠦ ᠳᠠᠭᠠᠪᠤᠷᠢ
— ᠊᠊ᠯᠴᠠ— ᠦᠢᠯᠡ ᠦᠭᠡ ᠶ᠋ᠢᠨ ᠬᠡᠪ ᠦ᠋ᠨ ᠳᠠᠭᠠᠪᠤᠷᠢ
— ᠊᠊ᠯᠲᠤ— ᠦᠢᠯᠡ ᠦᠭᠡ ᠶ᠋ᠢᠨ ᠬᠡᠪ ᠦ᠋ᠨ ᠳᠠᠭᠠᠪᠤᠷᠢ
— ᠊᠊ᠯᠭ᠎ᠠ᠂ ᠊᠊ᠯᠭᠡ— ᠨᠡᠷ᠎ᠡ ᠦᠭᠡ ᠡᠭᠦᠰᠬᠡᠬᠦ ᠳᠠᠭᠠᠪᠤᠷᠢ
— ᠊᠊ᠯᠲᠠᠢ— ᠲᠡᠮᠳᠡᠭ ᠦᠭᠡ ᠡᠭᠦᠰᠬᠡᠬᠦ ᠳᠠᠭᠠᠪᠤᠷᠢ
— ᠊᠊ᠯ᠎ᠠ— ᠦᠢᠯᠡ ᠦᠭᠡ ᠶ᠋ᠢᠨ ᠴᠠᠭ ᠢ᠋ ᠵᠢᠭᠠᠬᠤ ᠳᠠᠭᠠᠪᠤᠷᠢ
— ᠊᠊ᠯ — ᠨᠡᠷ᠎ᠡ ᠦᠭᠡ ᠡᠭᠦᠰᠬᠡᠬᠦ ᠳᠠᠭᠠᠪᠤᠷᠢ
— ᠊᠊ᠯᠤᠭ᠎ᠠ᠂᠊᠊ᠯᠤᠭᠡ — ᠦᠢᠯᠡ ᠦᠭᠡ ᠶ᠋ᠢᠨ ᠴᠠᠭ ᠢ᠋ ᠵᠢᠭᠠᠬᠤ ᠳᠠᠭᠠᠪᠤᠷᠢ
—᠊᠊ᠯ᠊ᠬᠢᠯᠠ — ᠦᠢᠯᠡ ᠦᠭᠡ ᠶ᠋ᠢᠨ ᠪᠠᠢᠳᠠᠯ ᠤ᠋ᠨ ᠳᠠᠭᠠᠪᠤᠷᠢ

《᠊᠊ᠶ᠊》 ᠭᠡᠢᠭᠦᠯᠦᠭᠴᠢ ᠪᠡᠷ ᠡᠬᠢᠯᠡᠭᠰᠡᠨ ᠬᠤᠪᠢᠯᠭᠠᠭᠴᠢ ᠳᠠᠭᠠᠪᠤᠷᠢ ᠨᠤᠭᠤᠳ
— ᠊᠊ᠶ ᠎ᠠ — ᠦᠢᠯᠡ ᠦᠭᠡ ᠶ᠋ᠢᠨ ᠵᠠᠬᠢᠷᠬᠤ ᠬᠦᠰᠡᠬᠦ ᠳᠠᠭᠠᠪᠤᠷᠢ
—  ᠊᠊ᠶᠣ᠌ — ᠦᠢᠯᠡ ᠦᠭᠡ ᠶ᠋ᠢᠨ ᠴᠠᠭ ᠢ᠋ ᠵᠢᠭᠠᠬᠤ ᠳᠠᠭᠠᠪᠤᠷᠢ

《᠊᠊ᠱ᠊》ᠭᠡᠢᠭᠦᠯᠦᠭᠴᠢ ᠪᠡᠷ ᠡᠬᠢᠯᠡᠭᠰᠡᠨ ᠬᠤᠪᠢᠯᠭᠠᠭᠴᠢ ᠳᠠᠭᠠᠪᠤᠷᠢ ᠨᠤᠭᠤᠳ
— ᠰᠢ — ᠲᠡᠮᠳᠡᠭ ᠦᠭᠡ ᠡᠭᠦᠰᠬᠡᠬᠦ ᠳᠠᠭᠠᠪᠤᠷᠢ

《᠊᠊ᠭᠠ᠊ ᠂ ᠊᠊ᠬᠡ᠊ ᠂ ᠊᠊ᠭᠤ᠊᠂ ᠊᠊ᠭᠦ᠊ ᠶ᠋ᠢᠨ ᠤᠷᠲᠤᠳᠬᠠᠯ ᠦᠶ᠎ᠡ》 ᠶ᠋ᠢᠨ ᠬᠤᠪᠢᠯᠭᠠᠭᠴᠢ ᠳᠠᠭᠠᠪᠤᠷᠢ ᠨᠤᠭᠤᠳ
— ᠊᠊ᠭᠠᠷᠠᠢ᠂ ᠬᠡᠷᠡᠢ— ᠦᠢᠯᠡ ᠦᠭᠡ ᠶ᠋ᠢᠨ ᠵᠠᠬᠢᠷᠬᠤ ᠬᠦᠰᠡᠬᠦ ᠳᠠᠭᠠᠪᠤᠷᠢ
— ᠊᠊ᠭᠠᠰᠠᠢ ᠂ ᠊᠊ᠭᠡᠰᠡᠢ — ᠦᠢᠯᠡ ᠦᠭᠡ ᠶ᠋ᠢᠨ ᠵᠠᠬᠢᠷᠬᠤ ᠬᠦᠰᠡᠬᠦ ᠳᠠᠭᠠᠪᠤᠷᠢ
— ᠊᠊ᠭ᠎ᠠ ᠂ ᠬᠡ — ᠲᠡᠮᠳᠡᠭ ᠦᠢᠯᠡ ᠦᠭᠡ ᠶ᠋ᠢᠨ ᠳᠠᠭᠠᠪᠤᠷᠢ
— ᠊᠊ᠭᠠᠳᠤᠢ᠂ ᠬᠡᠳᠦᠢ— ᠲᠡᠮᠳᠡᠭ ᠦᠢᠯᠡ ᠦᠭᠡ ᠶ᠋ᠢᠨ ᠳᠠᠭᠠᠪᠤᠷᠢ
᠊ᠭᠠᠴᠢ᠂ —ᠭᠡᠴᠢ— ᠦᠢᠯᠡ ᠦᠭᠡ ᠶ᠋ᠢᠨ ᠵᠠᠬᠢᠷᠬᠤ ᠬᠦᠰᠡᠬᠦ ᠳᠠᠭᠠᠪᠤᠷᠢ
— ᠊᠊ᠭᠠᠳ᠂ ᠭᠡᠳ— ᠨᠥᠬᠥᠴᠡᠯ ᠦᠢᠯᠡ ᠶ᠋ᠢᠨ ᠳᠠᠭᠠᠪᠤᠷᠢ
— ᠊᠊ᠭᠤᠯ᠂ ᠊᠊ᠬᠥᠯ— ᠦᠢᠯᠡ ᠦᠭᠡ ᠶ᠋ᠢᠨ ᠬᠡᠪ ᠦ᠋ᠨ ᠳᠠᠭᠠᠪᠤᠷᠢ
— ᠊᠊ᠭᠤᠵᠠᠢ᠂ ᠊᠊ᠭᠦᠵᠡᠢ— ᠦᠢᠯᠡ ᠦᠭᠡ ᠶ᠋ᠢᠨ ᠪᠣᠯᠭᠣᠮᠵᠢᠯᠠᠬᠤ ᠳᠠᠭᠠᠪᠤᠷᠢ
— ᠊᠊ᠭᠣᠷ᠂ ᠊᠊ᠬᠥᠷ— ᠨᠡᠷ᠎ᠡ ᠦᠭᠡ ᠡᠭᠦᠰᠬᠡᠬᠦ ᠳᠠᠭᠠᠪᠤᠷᠢ
— ᠊᠊ᠭᠠᠰᠤ᠂ ᠭᠡᠰᠦ— ᠨᠡᠷ᠎ᠡ ᠦᠭᠡ ᠡᠭᠦᠰᠬᠡᠬᠦ ᠳᠠᠭᠠᠪᠤᠷᠢ
—᠊᠊ᠭᠤᠷᠠᠢ᠂᠊᠊ᠭᠦᠷᠡᠢ— ᠨᠡᠷ᠎ᠡ ᠦᠭᠡ ᠡᠭᠦᠰᠬᠡᠬᠦ ᠳᠠᠭᠠᠪᠤᠷᠢ
—᠊᠊ᠭᠤ᠂᠊᠊ᠬᠦᠦ— ᠲᠡᠮᠳᠡᠭ ᠦᠭᠡ ᠡᠭᠦᠰᠬᠡᠬᠦ ᠳᠠᠭᠠᠪᠤᠷᠢ

ᠡᠰᠡ ᠬᠤᠪᠢᠯᠭᠠᠭᠴᠢ ᠨᠠᠢ᠍ᠮᠠᠨ ᠭᠡᠢᠭᠦᠯᠦᠭᠴᠢ《᠊ᠳ᠋᠂ ᠊᠊ᠪ᠊᠂ ᠲ᠂ ᠊᠊᠊ᠭ᠋᠊᠂ ᠊᠊ᠭ᠌᠊᠂ ᠊ᠴ᠊᠂ ᠊ᠵ᠊᠂ ᠊᠊ᠰ᠊᠂(᠊᠊ᠭᠠ᠊᠂ ᠊᠊ᠬᠡ᠊ ᠂ ᠊᠊ᠭᠤ᠊᠂ ᠊᠊᠊ᠭᠦ᠊ —ᠤᠷᠲᠤᠳᠬᠠᠯ ᠪᠤᠰᠤ ᠦᠶ᠎ᠡ)》 ᠦᠰᠦᠭ ᠢ᠋ᠶ᠋ᠡᠷ ᠡᠬᠢᠯᠡᠭᠰᠡᠨ ᠳᠠᠭᠠᠪᠤᠷᠢ ᠨᠤᠭᠤᠳ ᠢ᠋ ᠵᠢᠭᠰᠠᠭᠠᠪᠠᠯ᠄

《᠊ᠳ᠋》 ᠭᠡᠢᠭᠦᠯᠦᠭᠴᠢ ᠪᠡᠷ ᠡᠬᠢᠯᠡᠭᠰᠡᠨ ᠡᠰᠡ ᠬᠤᠪᠢᠯᠭᠠᠭᠴᠢ ᠳᠠᠭᠠᠪᠤᠷᠢ ᠨᠤᠭᠤᠳ
— ᠳ᠋ᠠᠭ᠂ ᠲᠠᠭ— ᠲᠡᠮᠳᠡᠭ ᠦᠢᠯᠡ ᠦᠭᠡ ᠶ᠋ᠢᠨ ᠳᠠᠭᠠᠪᠤᠷᠢ
— ᠳᠠ — ᠦᠢᠯᠡ ᠦᠭᠡ ᠶ᠋ᠢᠨ ᠬᠡᠪ ᠦ᠋ᠨ ᠳᠠᠭᠠᠪᠤᠷᠢ
— ᠊᠊ᠳᠠᠯ — ᠨᠡᠷ᠎ᠡ ᠦᠭᠡ ᠡᠭᠦᠰᠬᠡᠬᠦ ᠳᠠᠭᠠᠪᠤᠷᠢ

《ᠪᠠ᠊》 ᠭᠡᠢᠭᠦᠯᠦᠭᠴᠢ ᠪᠡᠷ ᠡᠬᠢᠯᠡᠭᠰᠡᠨ ᠡᠰᠡ ᠬᠤᠪᠢᠯᠭᠠᠭᠴᠢ ᠳᠠᠭᠠᠪᠤᠷᠢ ᠨᠤᠭᠤᠳ
— ᠪᠠ— ᠦᠢᠯᠡ ᠦᠭᠡ ᠶ᠋ᠢᠨ ᠴᠠᠭ ᠢ᠋ ᠵᠢᠭᠠᠬᠤ ᠳᠠᠭᠠᠪᠤᠷᠢ
— ᠊᠊ᠪᠠᠴᠣ— ᠨᠥᠬᠥᠴᠡᠯ ᠦᠢᠯᠡ ᠶ᠋ᠢᠨ ᠳᠠᠭᠠᠪᠤᠷᠢ
— ᠊᠊ᠪᠠᠰᠤ— ᠨᠥᠬᠥᠴᠡᠯ ᠦᠢᠯᠡ ᠶ᠋ᠢᠨ ᠳᠠᠭᠠᠪᠤᠷᠢ
— ᠊᠊ᠪᠠᠯ— ᠨᠥᠬᠥᠴᠡᠯ ᠦᠢᠯᠡ ᠶ᠋ᠢᠨ ᠳᠠᠭᠠᠪᠤᠷᠢ
— ᠊᠊ᠪᠤᠷᠢ— ᠨᠡᠷ᠎ᠡ ᠦᠭᠡ ᠡᠭᠦᠰᠬᠡᠬᠦ ᠳᠠᠭᠠᠪᠤᠷᠢ
— ᠊᠊ᠪᠡᠬᠢ— ᠦᠢᠯᠡ ᠦᠭᠡ ᠶ᠋ᠢᠨ ᠪᠠᠢᠳᠠᠯ ᠤ᠋ᠨ ᠳᠠᠭᠠᠪᠤᠷᠢ
— ᠊᠊ᠪᠠᠯᠵᠠ— ᠦᠢᠯᠡ ᠦᠭᠡ ᠶ᠋ᠢᠨ ᠪᠠᠢᠳᠠᠯ ᠤ᠋ᠨ ᠳᠠᠭᠠᠪᠤᠷᠢ

《ᠲ᠊》 ᠭᠡᠢᠭᠦᠯᠦᠭᠴᠢ ᠪᠡᠷ ᠡᠬᠢᠯᠡᠭᠰᠡᠨ ᠡᠰᠡ ᠬᠤᠪᠢᠯᠭᠠᠭᠴᠢ ᠳᠠᠭᠠᠪᠤᠷᠢ ᠨᠤᠭᠤᠳ
— ᠊᠊ᠲᠠᠯ᠎ᠠ— ᠨᠥᠬᠥᠴᠡᠯ ᠦᠢᠯᠡ ᠶ᠋ᠢᠨ ᠳᠠᠭᠠᠪᠤᠷᠢ
— ᠳ᠋ᠤᠭᠠᠢ᠂ ᠳ᠋ᠤᠭᠡᠢ— ᠦᠢᠯᠡ ᠦᠭᠡ ᠶ᠋ᠢᠨ ᠵᠠᠬᠢᠷᠬᠤ ᠬᠦᠰᠡᠬᠦ ᠳᠠᠭᠠᠪᠤᠷᠢ

《᠊ᠬ᠊᠂ ᠊᠊ᠭ᠌᠊᠊》 ᠭᠡᠢᠭᠦᠯᠦᠭᠴᠢ ᠪᠡᠷ ᠡᠬᠢᠯᠡᠭᠰᠡᠨ ᠡᠰᠡ ᠬᠤᠪᠢᠯᠭᠠᠭᠴᠢ ᠳᠠᠭᠠᠪᠤᠷᠢ ᠨᠤᠭᠤᠳ
—  ᠊᠊ᠬᠤ᠌᠂ ᠊᠊ᠬᠦ— ᠲᠡᠮᠳᠡᠭ ᠦᠢᠯᠡ ᠦᠭᠡ ᠶ᠋ᠢᠨ ᠳᠠᠭᠠᠪᠤᠷᠢ
—  ᠊᠊ᠬᠤᠯᠠᠷ᠂ ᠊᠊ᠬᠦᠯᠡᠷ— ᠨᠥᠬᠥᠴᠡᠯ ᠦᠢᠯᠡ ᠶ᠋ᠢᠨ ᠳᠠᠭᠠᠪᠤᠷᠢ
— ᠊᠊ᠬᠤᠶ᠎ᠠ᠂ ᠊᠊ᠬᠥᠶ᠎ᠡ— ᠨᠥᠬᠥᠴᠡᠯ ᠦᠢᠯᠡ ᠶ᠋ᠢᠨ ᠳᠠᠭᠠᠪᠤᠷᠢ
— ᠊᠊ᠬᠤᠯ᠎ᠠ᠂ ᠊᠊ᠬᠦᠯ᠎ᠠ— ᠨᠥᠬᠥᠴᠡᠯ ᠦᠢᠯᠡ ᠶ᠋ᠢᠨ ᠳᠠᠭᠠᠪᠤᠷᠢ
— ᠊᠊ᠬᠤᠢᠴᠠ᠂ ᠭᠦᠢᠴᠡ— ᠲᠡᠮᠳᠡᠭ ᠦᠢᠯᠡ ᠦᠭᠡ ᠶ᠋ᠢᠨ ᠳᠠᠭᠠᠪᠤᠷᠢ
— ᠊᠊ᠬᠤᠯᠠᠩ᠂ ᠊᠊ᠬᠦᠯᠡᠩ— ᠨᠡᠷ᠎ᠡ ᠦᠭᠡ ᠡᠭᠦᠰᠬᠡᠬᠦ ᠳᠠᠭᠠᠪᠤᠷᠢ
— ᠊᠊ᠬ᠎ᠠ᠂ ᠊᠊ᠬᠡ— ᠦᠢᠯᠡ ᠦᠭᠡ ᠶ᠋ᠢᠨ ᠬᠡᠪ ᠦ᠋ᠨ ᠳᠠᠭᠠᠪᠤᠷᠢ

《ᠴ᠊》 ᠭᠡᠢᠭᠦᠯᠦᠭᠴᠢ ᠪᠡᠷ ᠡᠬᠢᠯᠡᠭᠰᠡᠨ ᠡᠰᠡ ᠬᠤᠪᠢᠯᠭᠠᠭᠴᠢ ᠳᠠᠭᠠᠪᠤᠷᠢ ᠨᠤᠭᠤᠳ
— ᠴᠣᠬᠣᠢ᠂ ᠊᠊ᠴᠦᠬᠦᠢ— ᠦᠢᠯᠡ ᠦᠭᠡ ᠶ᠋ᠢᠨ ᠴᠠᠭ ᠢ᠋ ᠵᠢᠭᠠᠬᠤ ᠳᠠᠭᠠᠪᠤᠷᠢ
— ᠴᠠᠢ— ᠦᠢᠯᠡ ᠦᠭᠡ ᠶ᠋ᠢᠨ ᠴᠠᠭ ᠢ᠋ ᠵᠢᠭᠠᠬᠤ ᠳᠠᠭᠠᠪᠤᠷᠢ
— ᠴᠠᠭ᠎ᠠ᠂ ᠴᠡᠬᠡ— ᠦᠢᠯᠡ ᠦᠭᠡ ᠶ᠋ᠢᠨ ᠬᠡᠪ ᠦ᠋ᠨ ᠳᠠᠭᠠᠪᠤᠷᠢ
— ᠊᠊ᠴᠢᠬ᠎ᠠ᠂ ᠴᠢᠬᠡ— ᠦᠢᠯᠡ ᠦᠭᠡ ᠶ᠋ᠢᠨ ᠪᠠᠢᠳᠠᠯ ᠤ᠋ᠨ ᠳᠠᠭᠠᠪᠤᠷᠢ
— ᠴᠤ᠌— ᠨᠥᠬᠥᠴᠡᠯ ᠦᠢᠯᠡ ᠶ᠋ᠢᠨ ᠳᠠᠭᠠᠪᠤᠷᠢ
— ᠴᠠ— ᠨᠡᠷ᠎ᠡ ᠦᠭᠡ ᠡᠭᠦᠰᠬᠡᠬᠦ ᠳᠠᠭᠠᠪᠤᠷᠢ
— ᠴᠠᠭ᠂ ᠴᠡᠭ — ᠨᠡᠷ᠎ᠡ ᠦᠭᠡ ᠡᠭᠦᠰᠬᠡᠬᠦ ᠳᠠᠭᠠᠪᠤᠷᠢ
— ᠴᠣᠭ— ᠨᠡᠷ᠎ᠡ ᠦᠭᠡ ᠡᠭᠦᠰᠬᠡᠬᠦ ᠳᠠᠭᠠᠪᠤᠷᠢ

《᠊᠊ᠵ᠊ 》 ᠭᠡᠢᠭᠦᠯᠦᠭᠴᠢ ᠪᠡᠷ ᠡᠬᠢᠯᠡᠭᠰᠡᠨ ᠡᠰᠡ ᠬᠤᠪᠢᠯᠭᠠᠭᠴᠢ ᠳᠠᠭᠠᠪᠤᠷᠢ ᠨᠤᠭᠤᠳ
— ᠊᠊ᠵᠤᠬᠤᠢ᠂ ᠊᠊ᠬᠦᠢ— ᠦᠢᠯᠡ ᠦᠭᠡ ᠶ᠋ᠢᠨ ᠴᠠᠭ ᠢ᠋ ᠵᠢᠭᠠᠬᠤ ᠳᠠᠭᠠᠪᠤᠷᠢ
—  ᠊ᠵᠠᠢ— ᠦᠢᠯᠡ ᠦᠭᠡ ᠶ᠋ᠢᠨ ᠴᠠᠭ ᠢ᠋ ᠵᠢᠭᠠᠬᠤ ᠳᠠᠭᠠᠪᠤᠷᠢ
— ᠊᠊ᠵᠠᠭ᠎ᠠ ᠂ ᠊᠊ᠵᠡᠬᠡ — ᠦᠢᠯᠡ ᠦᠭᠡ ᠶ᠋ᠢᠨ ᠬᠡᠪ ᠦ᠋ᠨ ᠳᠠᠭᠠᠪᠤᠷᠢ
—  ᠊᠊ᠵᠣ᠌— ᠨᠥᠬᠥᠴᠡᠯ ᠦᠢᠯᠡ ᠦᠭᠡ ᠶ᠋ᠢᠨ ᠳᠠᠭᠠᠪᠤᠷᠢ
—  ᠊ᠵᠠᠨ᠎ᠠ— ᠦᠢᠯᠡ ᠦᠭᠡ ᠶ᠋ᠢᠨ ᠪᠠᠢᠳᠠᠯ ᠤ᠋ᠨ ᠳᠠᠭᠠᠪᠤᠷᠢ
—  ᠊᠊ᠵᠠ — ᠨᠡᠷ᠎ᠡ ᠦᠭᠡ ᠡᠭᠦᠰᠬᠡᠬᠦ ᠳᠠᠭᠠᠪᠤᠷᠢ

《ᠰ᠊》 ᠭᠡᠢᠭᠦᠯᠦᠭᠴᠢ ᠪᠡᠷ ᠡᠬᠢᠯᠡᠭᠰᠡᠨ ᠡᠰᠡ ᠬᠤᠪᠢᠯᠭᠠᠭᠴᠢ ᠳᠠᠭᠠᠪᠤᠷᠢ ᠨᠤᠭᠤᠳ
— ᠊᠊ᠰᠤᠭᠠᠢ᠂ ᠊᠊ᠰᠦᠭᠡᠢ— ᠦᠢᠯᠡ ᠦᠭᠡ ᠶ᠋ᠢᠨ ᠵᠠᠬᠢᠷᠬᠤ ᠬᠦᠰᠡᠬᠦ ᠳᠠᠭᠠᠪᠤᠷᠢ

ᠤᠷᠲᠤᠳᠬᠠᠯ ᠪᠤᠰᠤ 《᠊᠊ᠬ᠋᠊᠂ ᠊᠊ᠬ᠌᠊᠊》 ᠦ᠋ᠨ ᠡᠰᠡ ᠬᠤᠪᠢᠯᠭᠠᠭᠴᠢ ᠳᠠᠭᠠᠪᠤᠷᠢ ᠨᠤᠭᠤᠳ
一 ᠊᠊ᠭ᠎ᠠ ᠂ ᠊᠊ᠬᠡ 一ᠦᠢᠯᠡ ᠦᠭᠡ ᠶ᠋ᠢᠨ ᠬᠡᠪ ᠦ᠋ᠨ ᠳᠠᠭᠠᠪᠤᠷᠢ
一 ᠊᠊ᠭᠤ᠂ ‍᠊᠊ᠬᠦ一 ᠦᠢᠯᠡ ᠦᠭᠡ ᠶ᠋ᠢᠨ ᠬᠡᠪ ᠦ᠋ᠨ ᠳᠠᠭᠠᠪᠤᠷᠢ
—᠊᠊᠊ᠭᠠᠯᠵᠨ᠂ ᠊᠊᠊ᠬᠡᠯᠵᠨ一ᠦᠢᠯᠡ ᠦᠭᠡ ᠶ᠋ᠢᠨ ᠪᠠᠢᠳᠠᠯ ᠤ᠋ᠨ ᠳᠠᠭᠠᠪᠤᠷᠢ
一᠊᠊᠊ᠭᠠᠨ᠎ᠡ᠂ ᠊᠊ᠭᠡᠨ᠎ᠡ一 ᠦᠢᠯᠡ ᠦᠭᠡ ᠶ᠋ᠢᠨ ᠪᠠᠢᠳᠠᠯ ᠤ᠋ᠨ ᠳᠠᠭᠠᠪᠤᠷᠢ