ᠥᠭᠦᠯᠡᠪᠦᠷᠢ ᠶ᠋ᠢᠨ ᠵᠦᠢ01 ᠮᠣᠩᠭᠣᠯ ᠬᠡᠯᠡᠨ ᠦ᠌ ᠬᠣᠯᠪᠣᠭ᠎ᠠ ᠦᠭᠡ ᠪᠠ ᠬᠣᠯᠪᠣᠭ᠎ᠠ ᠦᠭᠡ ᠶ᠋ᠢ ᠪᠦᠲᠦᠭᠡᠬᠦ ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠥᠭᠦᠯᠡᠪᠦᠷᠢ ᠶ᠋ᠢᠨ ᠵᠦᠢ01 ᠮᠣᠩᠭᠣᠯ ᠬᠡᠯᠡᠨ ᠦ᠌ ᠬᠣᠯᠪᠣᠭ᠎ᠠ ᠦᠭᠡ ᠪᠠ ᠬᠣᠯᠪᠣᠭ᠎ᠠ ᠦᠭᠡ ᠶ᠋ᠢ ᠪᠦᠲᠦᠭᠡᠬᠦ

ᠥᠭᠦᠯᠡᠪᠦᠷᠢ ᠶ᠋ᠢᠨ ᠵᠦᠢ01 ᠮᠣᠩᠭᠣᠯ ᠬᠡᠯᠡᠨ ᠦ᠌ ᠬᠣᠯᠪᠣᠭ᠎ᠠ ᠦᠭᠡ ᠪᠠ ᠬᠣᠯᠪᠣᠭ᠎ᠠ ᠦᠭᠡ ᠶ᠋ᠢ ᠪᠦᠲᠦᠭᠡᠬᠦ

ᠠᠩᠭᠢᠯᠠᠯ:ᠬᠡᠯᠡ ᠪᠢᠴᠢᠭ
2025-10-11

97

ᠮᠣᠩᠭᠣᠯ ᠬᠡᠯᠡᠨ ᠦ᠌ ᠥᠭᠦᠯᠡᠪᠦᠷᠢ ᠶ᠋ᠢᠨ ᠵᠦᠢ


ᠮᠣᠩᠭᠣᠯ ᠬᠡᠯᠡᠨ ᠦ᠌ ᠦᠭᠡᠰ ᠢ᠋ ᠬᠣᠯᠪᠣᠬᠤ ᠲᠤᠬᠠᠢ ᠳᠦᠷᠢᠮ ᠪᠠ ᠥᠭᠦᠯᠡᠪᠦᠷᠢ ᠪᠦᠲᠦᠬᠦ ᠶ᠋ᠢᠨ ᠲᠤᠬᠠᠢ ᠶᠣᠰᠣ ᠶ᠋ᠢ ᠰᠤᠳᠤᠯᠬᠤ ᠨᠢᠭᠡ ᠰᠠᠯᠪᠤᠷᠢ ᠰᠢᠨᠵᠢᠯᠡᠬᠦ ᠤᠬᠠᠭᠠᠨ ᠢ᠋ ᠥᠭᠦᠯᠡᠪᠦᠷᠢ ᠶ᠋ᠢᠨ ᠵᠦᠢ ᠭᠡᠳᠡᠭ᠃ ᠥᠭᠦᠯᠡᠪᠦᠷᠢ ᠶ᠋ᠢᠨ ᠵᠦᠢ ᠳ᠋ᠦ᠍ ᠮᠣᠩᠭᠣᠯ ᠬᠡᠯᠡᠨ ᠦ᠌ ᠬᠣᠯᠪᠣᠭ᠎ᠠ ᠦᠭᠡ ᠪᠠ ᠥᠭᠦᠯᠡᠪᠦᠷᠢ ᠶ᠋ᠢᠨ ᠲᠤᠬᠠᠢ᠂ ᠥᠭᠦᠯᠡᠪᠦᠷᠢ ᠶ᠋ᠢᠨ ᠭᠡᠰᠢᠭᠦᠨ᠂ ᠥᠭᠦᠯᠡᠪᠦᠷᠢ ᠶ᠋ᠢᠨ ᠲᠥᠷᠥᠯ ᠵᠦᠢᠯ ᠦ᠋ᠨ ᠶᠠᠩᠵᠤ ᠪᠦᠷᠢ ᠶ᠋ᠢᠨ ᠬᠡᠯᠪᠡᠷᠢ ᠶ᠋ᠢᠨ ᠲᠤᠬᠠᠢ ᠰᠤᠷᠤᠯᠴᠠᠨ᠎ᠠ᠃

ᠨᠢᠭᠡ᠃ ᠮᠣᠩᠭᠣᠯ ᠬᠡᠯᠡᠨ ᠦ᠌ ᠬᠣᠯᠪᠣᠭ᠎ᠠ ᠦᠭᠡ ᠪᠠ ᠬᠣᠯᠪᠣᠭ᠎ᠠ ᠦᠭᠡ ᠶ᠋ᠢ ᠪᠦᠲᠦᠭᠡᠬᠦ 

ᠮᠣᠩᠭᠣᠯ ᠬᠡᠯᠡᠨ ᠦ᠌ ᠬᠣᠯᠪᠣᠭ᠎ᠠ ᠦᠭᠡ ᠭᠡᠳᠡᠭ ᠨᠢ ᠬᠣᠶᠠᠷ ᠪᠤᠶᠤ ᠬᠣᠶᠠᠷ ᠠ᠋ᠴᠠ ᠳᠡᠭᠡᠭᠰᠢ ᠬᠡᠳᠦ ᠬᠡᠳᠦᠨ ᠪᠣᠳᠠᠲᠤ ᠦᠭᠡᠰ᠂ ᠬᠡᠯᠡᠨ ᠦ᠌ ᠵᠦᠢ ᠶ᠋ᠢᠨ ᠶᠠᠮᠠᠷ ᠨᠢᠭᠡᠨ ᠵᠢᠷᠤᠮ ᠢ᠋ᠶ᠋ᠠᠷ ᠬᠡᠯᠪᠡᠷᠢᠵᠢᠨ ᠬᠣᠯᠪᠣᠯᠳᠤᠭᠠᠳ ᠨᠢᠭᠡᠨ ᠲᠣᠭᠲᠠᠭᠰᠠᠨ ᠤᠳᠬ᠎ᠠ ᠶ᠋ᠢ ᠢᠯᠡᠳᠬᠡᠬᠦ ᠪᠥᠭᠡᠳ ᠥᠭᠦᠯᠡᠪᠦᠷᠢ ᠳ᠋ᠦ᠍ ᠶᠠᠮᠠᠷ ᠨᠢᠭᠡᠨ ᠭᠡᠰᠢᠭᠦᠨ ᠦ᠌ ᠡᠭᠦᠷᠭᠡ ᠶ᠋ᠢ ᠭᠦᠢᠴᠡᠳᠬᠡᠳᠡᠭ ᠬᠡᠯᠡᠨ ᠦ᠌ ᠨᠢᠭᠡᠴᠢ ᠪᠣᠯᠤᠨ᠎ᠠ᠃
ᠮᠣᠩᠭᠣᠯ ᠬᠡᠯᠡᠨ ᠦ᠌ ᠬᠣᠯᠪᠣᠭ᠎ᠠ ᠦᠭᠡ ᠶ᠋ᠢ ᠲᠡᠭᠦᠨ ᠦ᠌ ᠤᠳᠬ᠎ᠠ ᠶ᠋ᠢᠨ ᠲᠠᠯ᠎ᠠ ᠪᠠᠷ ᠠᠪᠴᠤ ᠦᠵᠡᠪᠡᠯ ᠬᠥᠮᠦᠨ ᠶᠠᠭᠤᠮ᠎ᠠ᠂ ᠬᠡᠷᠡᠭ ᠪᠣᠳᠠᠰ᠂ ᠦᠢᠯᠡ ᠬᠥᠳᠡᠯᠭᠡᠭᠡᠨ᠂ ᠦᠵᠡᠭᠳᠡᠯ᠂ ᠰᠢᠨᠵᠢ ᠲᠡᠮᠳᠡᠭ᠂ ᠲᠣᠭ᠎ᠠ ᠬᠡᠮᠵᠢᠶ᠎ᠡ ᠵᠡᠷᠭᠡ ᠣᠯᠠᠨ ᠲᠠᠯ᠎ᠠ ᠶ᠋ᠢᠨ ᠨᠡᠯᠢᠶᠡᠳ ᠨᠠᠷᠢᠨ ᠪᠤᠳᠤᠯᠢᠶᠠᠨ ᠲᠠᠢ ᠤᠬᠠᠭᠳᠠᠬᠤᠨ ᠢ᠋ ᠢᠯᠡᠳᠬᠡᠵᠦ ᠴᠢᠳᠠᠬᠤ ᠪᠥᠭᠡᠳ ᠬᠣᠭᠣᠷᠣᠨᠳᠣ ᠪᠠᠨ ᠤᠳᠬ᠎ᠠ ᠶ᠋ᠢᠨ ᠲᠠᠯ᠎ᠠ ᠪᠠᠷ ᠶᠠᠮᠠᠷ ᠨᠢᠭᠡᠨ ᠬᠠᠷᠢᠴᠠᠭ᠎ᠠ ᠬᠣᠯᠪᠣᠭ᠎ᠠ ᠲᠠᠢ ᠪᠠᠢᠵᠤ ᠥᠭᠦᠯᠡᠪᠦᠷᠢ ᠳ᠋ᠦ᠍ ᠨᠢᠭᠡ ᠯᠡ ᠭᠡᠰᠢᠭᠦᠨ ᠦ᠌ ᠡᠭᠦᠷᠭᠡ ᠶ᠋ᠢ ᠭᠦᠢᠴᠡᠳᠬᠡᠨ᠎ᠡ᠃
ᠵᠢᠱ᠌ᠢᠶᠡᠯᠡᠪᠡᠯ᠄ ᠠᠷᠠᠳ ᠲᠦᠮᠡᠨ᠂ ᠡᠬᠡ ᠣᠷᠣᠨ᠂ ᠠᠵᠢᠯᠴᠢᠨ᠂ ᠲᠠᠷᠢᠶᠠᠴᠢᠨ᠂ ᠴᠡᠷᠢᠭ᠂ ᠪᠡᠭᠡᠵᠢᠩ᠂ ᠲᠢᠶᠠᠨᠵᠢᠨ᠂ ᠬᠥᠬᠡᠬᠣᠲᠠ; ᠨᠠᠷᠠᠨ ᠬᠤᠸᠠᠷ; ᠦᠬᠡᠷ ᠦ᠋ᠨ ᠨᠢᠳᠦ᠂ ᠰᠣᠶᠣᠯ ᠪᠣᠯᠪᠠᠰᠤᠷᠠᠯ᠂ ᠰᠣᠨᠢᠨ ᠰᠡᠳᠬᠦᠯ᠂ ᠤᠯᠠᠭᠠᠨ ᠲᠤᠭ ᠰᠡᠳᠬᠦᠯ᠂ ᠠᠷᠠᠳ ᠤ᠋ᠨ ᠡᠳᠦᠷ ᠦ᠋ᠨ ᠰᠣᠨᠢᠨ᠂ ᠠᠵᠤ ᠠᠬᠤᠢ᠂ ᠬᠥᠳᠡᠭᠡ ᠲᠣᠰᠬᠣᠨ᠂ ᠪᠦᠲᠦᠭᠡᠨ ᠪᠠᠢᠭᠤᠯᠤᠯᠲᠠ ᠭᠡᠬᠦ ᠮᠡᠲᠦ᠃
ᠮᠣᠩᠭᠣᠯ ᠬᠡᠯᠡᠨ ᠦ᠌ ᠬᠣᠯᠪᠣᠭ᠎ᠠ ᠦᠭᠡ ᠶ᠋ᠢ ᠪᠦᠲᠦᠭᠡᠵᠦ ᠪᠠᠢᠭ᠎ᠠ ᠦᠭᠡ ᠨᠣᠭᠦᠳ ᠦ᠋ᠨ ᠬᠣᠭᠣᠷᠣᠨᠳᠣ ᠪᠠᠨ ᠴᠥᠮ ᠶᠠᠮᠠᠷ ᠨᠢᠭᠡᠨ ᠬᠠᠷᠢᠴᠠᠭ᠎ᠠ ᠲᠠᠢ ᠪᠠᠢᠳᠠᠭ᠃ ᠲᠡᠳᠡᠭᠡᠷ ᠦ᠋ᠨ ᠬᠠᠷᠢᠴᠠᠭ᠎ᠠ ᠶ᠋ᠢ ᠨᠠᠷᠢᠪᠴᠢᠯᠠᠨ ᠦᠵᠡᠪᠡᠯ᠂ ᠬᠡᠪᠰᠢᠮᠡᠯ ᠬᠣᠯᠪᠣᠭ᠎ᠠ ᠦᠭᠡ ᠪᠠ ᠴᠢᠯᠥᠭᠡᠲᠦ ᠬᠣᠯᠪᠣᠭ᠎ᠠ ᠦᠭᠡ ᠭᠡᠵᠦ ᠬᠣᠶᠠᠷ ᠶᠡᠬᠡ ᠬᠡᠰᠡᠭ ᠲᠦ᠍ ᠬᠤᠪᠢᠶᠠᠵᠤ ᠪᠣᠯᠬᠤ ᠪᠥᠭᠡᠳ ᠬᠡᠪᠰᠢᠮᠡᠯ ᠬᠣᠯᠪᠣᠭ᠎ᠠ ᠦᠭᠡᠨ ᠳ᠋ᠦ᠍᠄ ᠵᠦᠢᠷ ᠦᠭᠡ᠂ ᠰᠡᠴᠡᠨ ᠦᠭᠡ᠂ ᠬᠠᠪᠤᠲᠤ ᠦᠭᠡ᠂ ᠲᠤᠰᠬᠠᠢ ᠨᠡᠷ᠎ᠡ᠂ ᠥᠪᠡᠷᠮᠢᠴᠡ ᠦᠭᠡ᠂ ᠬᠣᠷᠰᠢᠶ᠎ᠠ ᠦᠭᠡ ᠵᠡᠷᠭᠡ ᠪᠠᠭᠲᠠᠬᠤ ᠪᠠ ᠴᠢᠯᠥᠭᠡᠲᠦ ᠬᠣᠯᠪᠣᠭ᠎ᠠ ᠦᠭᠡᠨ ᠳ᠋ᠦ᠍᠄ ᠵᠡᠷᠭᠡᠴᠡᠭᠰᠡᠨ ᠬᠠᠷᠢᠴᠠᠭ᠎ᠠ ᠲᠠᠢ ᠬᠣᠯᠪᠣᠭ᠎ᠠ ᠦᠭᠡ᠂ ᠵᠠᠬᠢᠷᠤᠭᠰᠠᠨ ᠬᠠᠷᠢᠴᠠᠭ᠎ᠠ ᠲᠠᠢ ᠬᠣᠯᠪᠣᠭ᠎ᠠ ᠦᠭᠡ᠂ ᠢᠵᠢᠯ ᠪᠠᠢᠷᠢ ᠶ᠋ᠢᠨ ᠬᠠᠷᠢᠴᠠᠭ᠎ᠠ ᠲᠠᠢ ᠬᠣᠯᠪᠣᠭ᠎ᠠ ᠦᠭᠡ ᠪᠠᠭᠲᠠᠬᠤ ᠪᠥᠭᠡᠳ ᠵᠠᠬᠢᠷᠤᠭᠰᠠᠨ ᠬᠠᠷᠢᠴᠠᠭ᠎ᠠ ᠲᠠᠢ ᠬᠣᠯᠪᠣᠭ᠎ᠠ ᠦᠭᠡᠨ ᠳ᠋ᠦ᠍᠄ ᠥᠭᠦᠯᠡᠭᠳᠡᠬᠦᠨ ᠥᠭᠦᠯᠡᠬᠦᠨ ᠦ᠌ ᠬᠠᠷᠢᠴᠠᠭ᠎ᠠ ᠲᠠᠢ ᠬᠣᠯᠪᠣᠭ᠎ᠠ ᠦᠭᠡ᠂ ᠲᠣᠳᠣᠳᠬᠠᠯ ᠲᠣᠳᠣᠳᠬᠠᠭᠤᠯᠤᠭᠴᠢ ᠶ᠋ᠢᠨ ᠬᠠᠷᠢᠴᠠᠭ᠎ᠠ ᠲᠠᠢ ᠬᠣᠯᠪᠣᠭ᠎ᠠ ᠦᠭᠡ᠂ ᠦᠢᠯᠡ ᠲᠤᠰᠤᠭᠳᠠᠬᠤᠨ ᠤ᠋ ᠬᠠᠷᠢᠴᠠᠭ᠎ᠠ ᠲᠠᠢ ᠬᠣᠯᠪᠣᠭ᠎ᠠ ᠦᠭᠡ᠂ ᠪᠠᠢᠴᠠ ᠥᠭᠦᠯᠡᠬᠦᠨ ᠦ᠌ ᠬᠠᠷᠢᠴᠠᠭ᠎ᠠ ᠲᠠᠢ ᠬᠣᠯᠪᠣᠭ᠎ᠠ ᠦᠭᠡ ᠭᠡᠵᠦ ᠬᠤᠪᠢᠶᠠᠨ ᠦᠵᠡᠵᠦ ᠪᠣᠯᠤᠨ᠎ᠠ᠃
ᠵᠢᠱ᠌ᠢᠶᠡᠯᠡᠪᠡᠯ᠄ ᠠᠭᠤᠯᠠ ᠮᠣᠷᠢ ᠶ᠋ᠢ ᠵᠣᠪᠠᠭᠠᠨ᠎ᠠ᠂
ᠠᠭᠤᠷ ᠪᠡᠶ᠎ᠡ ᠶ᠋ᠢ ᠵᠣᠪᠠᠭᠠᠨ᠎ᠠ᠃
 (ᠥᠪᠡᠷᠮᠢᠴᠡ ᠦᠭᠡ— ᠬᠡᠪᠰᠢᠮᠡᠯ ᠬᠣᠯᠪᠣᠭ᠎ᠠ)
ᠡᠷ᠎ᠡ ᠶ᠋ᠢ ᠪᠦᠦ ᠪᠠᠰᠤ᠂
ᠳᠠᠯᠠᠢ ᠶ᠋ᠢ ᠪᠦᠦ ᠶᠠᠨᠳᠠ᠃
 (ᠥᠪᠡᠷᠮᠢᠴᠡ ᠦᠭᠡ— ᠬᠡᠪᠰᠢᠮᠡᠯ ᠬᠣᠯᠪᠣᠭ᠎ᠠ)
ᠠᠢᠯ ᠠ᠋ᠴᠠ ᠡᠷᠢᠬᠦ ᠪᠡᠷ᠂
ᠠᠪᠳᠠᠷ᠎ᠠ ᠠ᠋ᠴᠠ ᠪᠠᠨ ᠡᠷᠢ᠃
 (ᠬᠠᠪᠤᠲᠤ ᠦᠭᠡ— ᠬᠡᠪᠰᠢᠮᠡᠯ ᠬᠣᠯᠪᠣᠭ᠎ᠠ)
ᠨᠠᠮᠤᠷ ᠤ᠋ᠨ ᠰᠢᠷᠣᠢ᠂
ᠬᠠᠪᠤᠷ ᠠᠯᠲᠠ᠃
 (ᠰᠡᠴᠡᠨ ᠦᠭᠡ— ᠬᠡᠪᠰᠢᠮᠡᠯ ᠬᠣᠯᠪᠣᠭ᠎ᠠ)
ᠬᠥᠮᠦᠨ ᠬᠥᠮᠦᠨ ᠦ᠌ ᠬᠦᠴᠦᠨ ᠳ᠋ᠦ᠍᠂
ᠵᠢᠭᠠᠰᠤ ᠤᠰᠤᠨ ᠤ᠋ ᠬᠦᠴᠦᠨ ᠳ᠋ᠦ᠍᠃
 (ᠰᠡᠴᠡᠨ ᠦᠭᠡ— ᠬᠡᠪᠰᠢᠮᠡᠯ ᠬᠣᠯᠪᠣᠭ᠎ᠠ)
ᠦᠭᠡᠨ ᠳ᠋ᠦ᠍ ᠨᠤᠭᠤᠷᠠᠬᠤ ᠠ᠋ᠴᠠ ᠪᠢᠰᠢ᠂
ᠰᠦᠬᠡᠨ ᠳ᠋ᠦ᠍ ᠨᠤᠭᠤᠷᠠᠬᠤ ᠦᠭᠡᠢ᠃
 (ᠬᠠᠪᠤᠲᠤ ᠦᠭᠡ— ᠬᠡᠪᠰᠢᠮᠡᠯ ᠬᠣᠯᠪᠣᠭ᠎ᠠ)
ᠬᠤᠷᠠᠭᠠᠨ ᠤ᠋ ᠦᠰᠦ ᠭᠤᠤᠵᠢᠪᠠ᠂
ᠲᠥᠯᠥᠭᠡᠨ ᠦ᠌ ᠦᠰᠦ ᠲᠥᠯᠵᠢᠪᠡ᠃
 (ᠵᠦᠢᠷ ᠦᠭᠡ— ᠬᠡᠪᠰᠢᠮᠡᠯ ᠬᠣᠯᠪᠣᠭ᠎ᠠ)
《ᠥᠪᠥᠷ ᠮᠣᠩᠭᠣᠯ ᠤ᠋ᠨ ᠰᠤᠷᠭᠠᠨ ᠬᠥᠮᠦᠵᠢᠯ》 ᠰᠡᠳᠬᠦᠯ
 (ᠲᠤᠰᠬᠠᠢ ᠨᠡᠷ᠎ᠡ— ᠬᠡᠪᠰᠢᠮᠡᠯ ᠬᠣᠯᠪᠣᠭ᠎ᠠ)
ᠰᠤᠷᠭᠠᠨ ᠬᠥᠮᠦᠵᠢᠯ᠂ ᠡᠷᠴᠢ ᠵᠣᠷᠢᠭ᠂ ᠡᠬᠢ ᠠᠳᠠᠭ᠂ ᠬᠠᠲᠠᠭᠤ ᠵᠥᠭᠡᠯᠡᠨ᠂ ᠴᠢᠩᠭ᠎ᠠ ᠬᠥᠨᠳᠡᠢ᠂ ᠦᠵᠡᠯ ᠰᠠᠨᠠᠭ᠎ᠠ᠂ ᠡᠷᠳᠡᠮ ᠮᠡᠳᠡᠯᠭᠡ᠂ ᠮᠠᠯᠠᠭᠠᠢ ᠵᠠᠯᠠᠭᠠᠢ᠃
 (ᠬᠣᠷᠰᠢᠶ᠎ᠠ ᠦᠭᠡ— ᠬᠡᠪᠰᠢᠮᠡᠯ ᠬᠣᠯᠪᠣᠭ᠎ᠠ)
ᠶᠡᠬᠡ ᠵᠣᠣ᠂ ᠤᠯᠠᠭᠠᠨᠴᠠᠪ᠂ ᠰᠢᠯᠢ ᠶ᠋ᠢᠨ ᠭᠣᠣᠯ᠂ ᠪᠠᠶᠠᠨᠨᠠᠭᠤᠷ; ᠠᠵᠢᠯᠴᠢᠨ ᠪᠠ ᠲᠠᠷᠢᠶᠠᠴᠢᠨ; ᠡᠷᠳᠡᠮ ᠰᠢᠨᠵᠢᠯᠡᠭᠡᠨ ᠪᠣᠯᠤᠨ ᠰᠤᠷᠭᠠᠨ ᠬᠥᠮᠦᠵᠢᠯ᠂
 (ᠵᠡᠷᠭᠡᠴᠡᠭᠰᠡᠨ ᠬᠠᠷᠢᠴᠠᠭ᠎ᠠ ᠲᠠᠢ ᠬᠣᠯᠪᠣᠭ᠎ᠠ ᠦᠭᠡ— ᠴᠢᠯᠥᠭᠡᠲᠦ ᠬᠣᠯᠪᠣᠭ᠎ᠠ)
ᠪᠢᠴᠢᠭ ᠤᠩᠰᠢᠬᠤ; ᠤᠯᠤᠰ ᠢ᠋ᠶ᠋ᠠᠨ ᠬᠠᠮᠠᠭᠠᠯᠠᠬᠤ
 (ᠦᠢᠯᠡ ᠲᠤᠰᠤᠭᠳᠠᠬᠤᠨ ᠤ᠋ ᠬᠠᠷᠢᠴᠠᠭ᠎ᠠ ᠲᠠᠢ ᠬᠣᠯᠪᠣᠭ᠎ᠠ ᠦᠭᠡ— ᠴᠢᠯᠥᠭᠡᠲᠦ ᠬᠣᠯᠪᠣᠭ᠎ᠠ)
ᠡᠷᠬᠢᠮ ᠳᠡᠭᠡᠳᠦ ᠬᠥᠮᠦᠨ
 (ᠲᠣᠳᠣᠳᠬᠠᠯ ᠲᠣᠳᠣᠳᠬᠠᠭᠤᠯᠤᠭᠴᠢ ᠶ᠋ᠢᠨ ᠬᠠᠷᠢᠴᠠᠭ᠎ᠠ ᠲᠠᠢ ᠬᠣᠯᠪᠣᠭ᠎ᠠ ᠦᠭᠡ— ᠴᠢᠯᠥᠭᠡᠲᠦ ᠬᠣᠯᠪᠣᠭ᠎ᠠ)
ᠰᠢᠨᠵᠢᠯᠡᠬᠦ ᠤᠬᠠᠭᠠᠨᠴᠢ ᠪᠠᠷ ᠰᠤᠷᠤᠯᠴᠠᠬᠤ᠂ ᠰᠢᠷᠭᠠᠭᠤ ᠪᠠᠷ ᠣᠷᠣᠯᠳᠣᠬᠤ
 (ᠪᠠᠢᠴᠠ ᠥᠭᠦᠯᠡᠬᠦᠨ ᠦ᠌ ᠬᠠᠷᠢᠴᠠᠭ᠎ᠠ ᠲᠠᠢ ᠬᠣᠯᠪᠣᠭ᠎ᠠ ᠦᠭᠡ— ᠴᠢᠯᠥᠭᠡᠲᠦ ᠬᠣᠯᠪᠣᠭ᠎ᠠ)
ᠠᠯᠵᠠᠭᠤ ᠨᠢ ᠮᠠᠭᠤ᠂ ᠠᠵᠢᠯᠯᠠᠳᠠᠭ ᠨᠢ ᠰᠠᠢᠨ᠃
 (ᠥᠭᠦᠯᠡᠭᠳᠡᠬᠦᠨ ᠥᠭᠦᠯᠡᠬᠦᠨ ᠦ᠌ ᠬᠠᠷᠢᠴᠠᠭ᠎ᠠ ᠲᠠᠢ ᠬᠣᠯᠪᠣᠭ᠎ᠠ ᠦᠭᠡ— ᠴᠢᠯᠥᠭᠡᠲᠦ ᠬᠣᠯᠪᠣᠭ᠎ᠠ)
ᠬᠠᠮᠲᠤ ᠨᠥᠬᠥᠳ ᠲᠠ ᠨᠠᠷ; ᠲᠡᠷᠢᠭᠦᠨ ᠦ᠌ ᠠᠵᠢᠯᠲᠠᠨ ᠲᠡᠭᠦᠰᠪᠠᠶᠠᠷ᠃
 (ᠢᠵᠢᠯ ᠪᠠᠢᠷᠢ ᠶ᠋ᠢᠨ ᠬᠠᠷᠢᠴᠠᠭ᠎ᠠ ᠲᠠᠢ ᠬᠣᠯᠪᠣᠭ᠎ᠠ ᠦᠭᠡ— ᠴᠢᠯᠥᠭᠡᠲᠦ ᠬᠣᠯᠪᠣᠭ᠎ᠠ)
ᠮᠣᠩᠭᠣᠯ ᠬᠡᠯᠡᠨ ᠦ᠌ ᠬᠣᠯᠪᠣᠭ᠎ᠠ ᠦᠭᠡ ᠶ᠋ᠢ ᠪᠦᠲᠦᠭᠡᠬᠦ ᠳ᠋ᠦ᠍ ᠣᠯᠠᠨ ᠵᠦᠢᠯ ᠦ᠋ᠨ ᠠᠷᠭ᠎ᠠ ᠪᠠᠷᠢᠯ ᠪᠠᠢᠳᠠᠭ᠃ ᠥᠭᠦᠯᠡᠪᠦᠷᠢ ᠶ᠋ᠢᠨ ᠳᠣᠲᠣᠷᠠᠬᠢ ᠦᠭᠡᠰ ᠨᠢ ᠬᠣᠭᠣᠷᠣᠨᠳᠣ ᠪᠠᠨ ᠶᠠᠩᠵᠤ ᠪᠦᠷᠢ ᠶ᠋ᠢᠨ ᠤᠳᠬ᠎ᠠ ᠶ᠋ᠢᠨ ᠬᠣᠯᠪᠣᠭ᠎ᠠ ᠪᠠᠢᠭ᠎ᠠ ᠲᠤᠯᠠ ᠶᠠᠩᠵᠤ ᠪᠦᠷᠢ ᠶ᠋ᠢᠨ ᠠᠷᠭ᠎ᠠ ᠪᠠᠷ ᠬᠣᠯᠪᠣᠭ᠎ᠠ ᠦᠭᠡ ᠶ᠋ᠢ ᠪᠦᠲᠦᠭᠡᠵᠦ ᠪᠣᠯᠤᠨ᠎ᠠ᠃ ᠡᠭᠦᠨ ᠳ᠋ᠦ᠍᠄
1. ᠬᠡᠯᠡᠨ ᠦ᠌ ᠵᠦᠢ ᠶ᠋ᠢᠨ ᠶᠣᠰᠣᠭᠠᠷ ᠬᠡᠯᠪᠡᠷᠢᠵᠢᠭᠦᠯᠵᠦ ᠤᠳᠬ᠎ᠠ ᠶ᠋ᠢᠨ ᠬᠣᠯᠪᠣᠭ᠎ᠠ ᠶ᠋ᠢ ᠢᠯᠡᠷᠡᠭᠦᠯᠦᠨ ᠬᠣᠯᠪᠣᠭ᠎ᠠ ᠦᠭᠡ ᠶ᠋ᠢ ᠪᠦᠲᠦᠭᠡᠨ᠎ᠡ᠃ ᠢᠩᠭᠢᠬᠦ ᠳ᠋ᠡᠭᠡᠨ ᠵᠠᠬᠢᠷᠤᠭᠰᠠᠨ ᠦᠭᠡ ᠶ᠋ᠢᠨ ᠬᠢᠨᠢ ᠱᠠᠭᠠᠷᠳᠠᠯᠭ᠎ᠠ ᠪᠠᠷ ᠵᠠᠬᠢᠷᠤᠭᠳᠠᠭᠰᠠᠨ ᠦᠭᠡ ᠶ᠋ᠢ ᠦᠭᠡ ᠬᠤᠪᠢᠯᠭᠠᠬᠤ ᠳᠠᠭᠠᠪᠤᠷᠢ ᠶ᠋ᠢᠨ ᠵᠦᠢᠯ ᠢ᠋ᠶ᠋ᠡᠷ ᠨᠠᠢᠷᠠᠭᠤᠯᠵᠤ ᠤᠳᠬ᠎ᠠ ᠶ᠋ᠢᠨ ᠬᠣᠯᠪᠣᠭ᠎ᠠ ᠶ᠋ᠢ ᠢᠯᠡᠷᠡᠭᠦᠯᠵᠦ ᠪᠣᠯᠤᠨ᠎ᠠ᠃
ᠵᠢᠱ᠌ᠢᠶᠡᠯᠡᠪᠡᠯ᠄ 
ᠪᠠᠭᠰᠢ ᠠ᠋ᠴᠠ ᠰᠤᠷᠤᠯᠴᠠᠨ᠎ᠠ᠂
ᠪᠠᠭᠰᠢ ᠮᠢᠨᠢ ᠢᠷᠡᠨ᠎ᠡ᠂
ᠪᠠᠭᠰᠢ ᠴᠢᠨᠢ ᠢᠷᠡᠪᠡ ᠭᠡᠬᠦ ᠮᠡᠲᠦ᠃
2《ᠳᠠᠭᠠᠪᠤᠷᠢ ᠦᠭᠡ》 ᠦᠭᠡ ᠶ᠋ᠢᠨ ᠵᠦᠢᠯ ᠢ᠋ᠶ᠋ᠡᠷ ᠦᠭᠡ ᠶ᠋ᠢᠨ ᠤᠳᠬ᠎ᠠ ᠶ᠋ᠢᠨ ᠬᠣᠯᠪᠣᠭ᠎ᠠ ᠶ᠋ᠢ ᠢᠯᠡᠷᠡᠭᠦᠯᠦᠨ ᠬᠣᠯᠪᠣᠭ᠎ᠠ ᠦᠭᠡ ᠶ᠋ᠢ ᠪᠦᠲᠦᠭᠡᠨ᠎ᠡ᠃ ᠢᠩᠭᠢᠬᠦ ᠳ᠋ᠡᠭᠡᠨ ᠵᠠᠬᠢᠷᠤᠭᠰᠠᠨ ᠦᠭᠡ ᠶ᠋ᠢᠨ ᠬᠢᠨᠢ ᠱᠠᠭᠠᠷᠳᠠᠯᠭ᠎ᠠ ᠪᠠᠷ ᠵᠠᠬᠢᠷᠤᠭᠳᠠᠭᠰᠠᠨ ᠦᠭᠡ ᠶ᠋ᠢᠨ ᠳᠠᠷᠠᠭ᠎ᠠ ᠵᠣᠬᠢᠬᠤ《ᠳᠠᠭᠠᠪᠤᠷᠢ ᠦᠭᠡ》 ᠶ᠋ᠢ ᠵᠠᠯᠭᠠᠵᠤ᠂ ᠤᠳᠬ᠎ᠠ ᠶ᠋ᠢᠨ ᠬᠣᠯᠪᠣᠭ᠎ᠠ ᠶ᠋ᠢ ᠲᠣᠳᠣᠳᠬᠠᠵᠤ ᠪᠣᠯᠤᠨ᠎ᠠ᠃
ᠵᠢᠱ᠌ᠢᠶᠡᠯᠡᠪᠡᠯ᠄ ᠠᠭᠤᠯᠠ ᠥᠭᠡᠳᠡ ᠠᠪᠠᠷᠢᠪᠠ᠂
ᠠᠰᠠᠷ ᠤ᠋ᠨ ᠡᠮᠦᠨ᠎ᠡ ᠵᠢᠭᠰᠠᠯ᠎ᠠ᠂
ᠠᠷᠠᠳ ᠲᠦᠮᠡᠨ ᠦ᠌ ᠲᠥᠯᠥᠭᠡ ᠰᠤᠷᠤᠯᠴᠠᠨ᠎ᠠ ᠭᠡᠬᠦ ᠮᠡᠲᠦ᠃
3《ᠬᠣᠯᠪᠣᠬᠤ ᠦᠭᠡ》 ᠶ᠋ᠢᠨ ᠵᠦᠢᠯ ᠪᠠ《ᠳᠠᠩ ᠴᠠᠭ》 ᠢ᠋ᠶ᠋ᠠᠷ ᠬᠣᠯᠪᠣᠵᠤ ᠤᠳᠬ᠎ᠠ ᠶ᠋ᠢᠨ ᠬᠣᠯᠪᠣᠭ᠎ᠠ ᠶ᠋ᠢ ᠢᠯᠡᠷᠡᠭᠦᠯᠦᠨ ᠬᠣᠯᠪᠣᠭ᠎ᠠ ᠦᠭᠡ ᠶ᠋ᠢ ᠪᠦᠲᠦᠭᠡᠨ᠎ᠡ᠃ ᠢᠩᠭᠢᠬᠦ ᠳ᠋ᠡᠭᠡᠨ ᠥᠭᠦᠯᠡᠭᠳᠡᠵᠦ ᠪᠠᠢᠭ᠎ᠠ ᠦᠭᠡ ᠨᠦ᠍ᠭᠦᠳ ᠦ᠋ᠨ ᠬᠣᠭᠣᠷᠣᠨᠳᠣ《ᠬᠣᠯᠪᠣᠬᠤ ᠦᠭᠡ》 ᠪᠤᠶᠤ《ᠳᠠᠩ ᠴᠡᠭ》 ᠲᠠᠯᠪᠢᠵᠤ᠂ ᠵᠡᠷᠭᠡᠴᠡᠭᠰᠡᠨ ᠬᠠᠷᠢᠴᠠᠭ᠎ᠠ ᠲᠠᠢ ᠬᠣᠯᠪᠣᠭ᠎ᠠ ᠦᠭᠡ ᠪᠣᠯᠬᠤ ᠶ᠋ᠢ ᠵᠢᠭᠠᠳᠠᠭ᠃
ᠵᠢᠱ᠌ᠢᠶᠡᠯᠡᠪᠡᠯ᠄ ᠬᠠᠷᠠᠨᠳᠠ ᠪᠠ ᠴᠠᠭᠠᠰᠤ᠂
ᠰᠣᠨᠣᠰᠤᠭᠰᠠᠨ ᠪᠥᠭᠡᠳ ᠰᠤᠷᠤᠭᠰᠠᠨ᠃
4 ᠦᠭᠦᠯᠡᠭᠳᠡᠵᠦ ᠪᠠᠢᠭ᠎ᠠ ᠦᠭᠡ ᠨᠦ᠍ᠭᠦᠳ ᠦ᠋ᠨ ᠵᠠᠬᠢᠷᠤᠭᠳᠠᠭᠰᠠᠨ ᠦᠭᠡ ᠶ᠋ᠢᠨ ᠦᠨᠳᠦᠰᠦ ᠶ᠋ᠢ ᠶᠠᠮᠠᠷ ᠴᠦ᠍ ᠬᠤᠪᠢᠯᠤᠯ ᠦᠭᠡᠢ ᠪᠡᠷ ᠵᠠᠬᠢᠷᠤᠭᠰᠠᠨ ᠦᠭᠡᠨ ᠳ᠋ᠦ᠍ ᠰᠢᠭᠤᠳ ᠬᠠᠮᠵᠢᠭᠤᠯᠤᠨ ᠬᠣᠯᠪᠣᠵᠤ ᠬᠣᠯᠪᠣᠭ᠎ᠠ ᠦᠭᠡ ᠶ᠋ᠢ ᠪᠦᠲᠦᠭᠡᠵᠦ ᠪᠣᠯᠤᠨ᠎ᠠ᠃
ᠵᠢᠱ᠌ᠢᠶᠡᠯᠡᠪᠡᠯ᠄ ᠠᠯᠲᠠᠨ ᠨᠠᠷᠠ᠂ ᠤᠯᠠᠭᠠᠨ ᠲᠤᠭ᠂ ᠬᠤᠷᠳᠤᠨ ᠬᠦᠯᠦᠭ᠂ ᠬᠤᠷᠴᠠ ᠦᠵᠦᠭ᠂ ᠲᠣᠭᠣᠰᠬᠠᠨ ᠪᠠᠢᠰᠢᠩ᠂ ᠰᠢᠯ ᠴᠣᠩᠬᠣ᠂ ᠥᠨᠳᠥᠷ ᠠᠭᠤᠯᠠ᠂ ᠥᠷᠭᠡᠨ ᠲᠠᠯ᠎ᠠ ᠭᠡᠬᠦ ᠮᠡᠲᠦ᠃
5 ᠦᠭᠦᠯᠡᠭᠳᠡᠵᠦ ᠪᠠᠢᠭ᠎ᠠ ᠦᠭᠡᠰ ᠢ᠋ ᠬᠣᠯᠪᠣᠬᠤ ᠳ᠋ᠤ᠌ ᠲᠡᠭᠦᠨ ᠦ᠌ ᠳᠡᠰ ᠳᠠᠷᠠᠭ᠎ᠠ ᠮᠠᠰᠢ ᠴᠢᠬᠤᠯᠠ ᠪᠠᠢᠳᠠᠭ ᠶᠤᠮ᠃ ᠦᠭᠡᠰ ᠦ᠋ᠨ ᠤᠳᠬ᠎ᠠ ᠶ᠋ᠢᠨ ᠬᠣᠯᠪᠣᠭ᠎ᠠ ᠶ᠋ᠢ ᠢᠯᠡᠷᠡᠭᠦᠯᠬᠦ ᠳ᠋ᠦ᠍ ᠲᠡᠭᠦᠨ ᠦ᠌ ᠣᠷᠣᠨ ᠪᠠᠢᠷᠢ ᠳᠡᠰ ᠳᠠᠷᠠᠭ᠎ᠠ ᠶ᠋ᠢ ᠲᠣᠬᠢᠷᠠᠭᠤᠯᠵᠤ ᠬᠣᠯᠪᠣᠭ᠎ᠠ ᠦᠭᠡ ᠶ᠋ᠢ ᠪᠦᠲᠦᠭᠡᠵᠦ ᠪᠣᠯᠤᠨ᠎ᠠ᠃
ᠵᠢᠱ᠌ᠢᠶᠡᠯᠡᠪᠡᠯ᠄ ᠴᠠᠰᠤ ᠮᠥᠰᠥ ᠪᠣᠯᠪᠠ᠂ ᠮᠥᠰᠥ ᠴᠠᠰᠤ ᠪᠣᠯᠪᠠ᠂ ᠲᠡᠷᠭᠡ ᠮᠣᠳᠣ ᠪᠠᠨ ᠬᠦᠯᠢᠪᠡ᠂ ᠮᠣᠳᠣᠨ ᠲᠡᠷᠭᠡ ᠪᠡᠨ ᠬᠦᠯᠢᠪᠡ᠂ ᠬᠠᠷ᠎ᠠ ᠴᠠᠭᠠᠨ ᠪᠣᠯᠪᠠ᠂ ᠴᠠᠭᠠᠨ ᠬᠠᠷ᠎ᠠ ᠪᠣᠯᠪᠠ ᠭᠡᠬᠦ ᠮᠡᠲᠦ᠃
6 ᠥᠭᠦᠯᠡᠭᠳᠡᠵᠦ ᠪᠠᠢᠭ᠎ᠠ ᠦᠭᠡᠰ ᠦ᠋ᠨ ᠤᠳᠬ᠎ᠠ ᠶ᠋ᠢᠨ ᠬᠣᠯᠪᠣᠭ᠎ᠠ ᠶ᠋ᠢ ᠢᠯᠡᠷᠡᠭᠦᠯᠬᠦ ᠳ᠋ᠦ᠍ ᠬᠡᠯᠡᠬᠦ ᠠᠶᠠᠯᠭᠤ ᠶ᠋ᠢᠨ ᠵᠣᠬᠢᠴᠠᠯ ᠮᠠᠰᠢ ᠴᠢᠬᠤᠯᠠ ᠶᠤᠮ᠃ ᠮᠣᠩᠭᠣᠯ ᠬᠡᠯᠡᠨ ᠳ᠋ᠦ᠍ ᠬᠡᠯᠡᠬᠦ ᠠᠶᠠᠯᠭᠤ ᠶ᠋ᠢ ᠵᠣᠬᠢᠴᠠᠭᠤᠯᠬᠤ ᠠᠷᠭ᠎ᠠ ᠪᠠᠷ ᠬᠣᠯᠪᠣᠬᠤ ᠦᠭᠡ ᠶ᠋ᠢ ᠪᠦᠲᠦᠭᠡᠵᠦ ᠪᠣᠯᠤᠨ᠎ᠠ᠃
ᠵᠢᠱ᠌ᠢᠶᠡᠯᠡᠪᠡᠯ᠄ ᠲᠡᠮᠦᠷ ᠬᠦᠷᠵᠡ ᠠᠪᠤᠪᠠ᠃
ᠴᠡᠷᠢᠭ ᠮᠠᠯᠠᠭᠠᠢ ᠪᠠᠨ ᠵᠡᠭᠦᠪᠡ ᠭᠡᠬᠦ ᠬᠣᠶᠠᠷ ᠥᠭᠦᠯᠡᠪᠦᠷᠢ ᠳ᠋ᠦ᠍ ᠲᠡᠮᠦᠷ ᠢ᠋ᠶ᠋ᠡᠷ ᠬᠢᠭᠰᠡᠨ ᠬᠦᠷᠵᠡ ᠠᠪᠤᠭᠰᠠᠨ ᠪᠤᠶᠤ ᠲᠡᠮᠦᠷ ᠭᠡᠳᠡᠭ ᠨᠡᠷ᠎ᠡ ᠲᠡᠢ ᠬᠥᠮᠦᠨ ᠬᠦᠷᠵᠡ ᠠᠪᠤᠭᠰᠠᠨ ᠶᠤᠮ ᠤᠤ? ᠴᠡᠷᠢᠭ ᠦ᠋ᠨ ᠮᠠᠯᠠᠭᠠᠢ ᠵᠡᠭᠦᠭᠰᠡᠨ ᠪᠤᠶᠤ ᠴᠡᠷᠢᠭ ᠬᠥᠮᠦᠨ ᠮᠠᠯᠠᠭᠠᠢ ᠪᠠᠨ ᠵᠡᠭᠦᠭᠰᠡᠨ ᠤᠤ? ᠭᠡᠳᠡᠭ ᠠᠰᠠᠭᠤᠳᠠᠯ ᠢ᠋ ᠰᠢᠢᠳᠪᠦᠷᠢᠯᠡᠬᠦ ᠳ᠋ᠦ᠍ ᠵᠠᠪᠠᠯ ᠬᠡᠯᠡᠬᠦ ᠠᠶᠠᠯᠭᠤ ᠶ᠋ᠢ ᠰᠠᠢᠨ ᠰᠣᠨᠣᠰᠬᠤ ᠬᠡᠷᠡᠭᠲᠡᠢ ᠪᠣᠯᠤᠨ᠎ᠠ᠃
7 ᠥᠭᠦᠯᠡᠭᠳᠡᠵᠦ ᠪᠠᠢᠭ᠎ᠠ ᠪᠡᠶ᠎ᠡ ᠪᠡᠨ ᠳᠠᠭᠠᠭᠠᠭᠰᠠᠨ ᠭᠣᠣᠯ ᠦᠭᠡᠨ ᠳ᠋ᠦ᠍ ᠰᠤᠯᠠ ᠦᠭᠡ ᠶ᠋ᠢᠨ ᠵᠦᠢᠯ ᠢ᠋ ᠬᠣᠯᠪᠣᠵᠤ᠂ ᠰᠤᠯᠠ ᠦᠭᠡ ᠶ᠋ᠢᠨ ᠲᠤᠰ ᠪᠡᠶ᠎ᠡ ᠶ᠋ᠢᠨ ᠤᠳᠬ᠎ᠠ ᠣᠷᠣᠭᠤᠯᠤᠭᠰᠠᠨ ᠬᠣᠯᠪᠣᠭ᠎ᠠ ᠦᠭᠡ ᠶ᠋ᠢ ᠡᠭᠦᠰᠬᠡᠵᠦ ᠪᠣᠯᠤᠨ᠎ᠠ᠃
ᠵᠢᠱ᠌ᠢᠶᠡᠯᠡᠪᠡᠯ᠄ ᠮᠡᠳᠡᠪᠡ— ᠮᠡᠳᠡᠪᠡ ᠤᠤ?   ᠣᠯᠤᠯ᠎ᠠ— ᠡᠰᠡ ᠣᠯᠤᠯ᠎ᠠ᠃ ᠰᠤᠷᠤᠭᠰᠠᠨ— ᠰᠤᠷᠤᠭᠰᠠᠨ ᠴᠤ᠌ ᠦᠭᠡᠢ᠂  ᠣᠴᠢ— ᠪᠢᠲᠡᠭᠡᠢ ᠣᠴᠢ ᠭᠡᠬᠦ ᠮᠡᠲᠦ᠃