ᠭᠠᠯᠳᠠᠨ ᠪᠣᠱᠣᠭᠲᠤ ᠬᠠᠭᠠᠨ04ᠳᠥᠲᠥᠭᠡᠷ ᠳᠡᠪᠲᠡᠷ-ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢГалдан бошгот хаан-Т·Жамъян
ᠳᠥᠲᠥᠭᠡᠷ ᠳᠡᠪᠲᠡᠷ-ᠭᠠᠯᠳᠠᠨ ᠪᠣᠱᠣᠭᠲᠤ ᠬᠠᠭᠠᠨ ᠤ᠋ ᠲᠡᠮᠳᠡᠭᠯᠡᠯ ᠣᠷᠣᠰᠢᠪᠠᠢ
ᠨᠢᠭᠡ
ᠭᠠᠯᠳᠠᠨ ᠵᠡᠭᠡᠰᠦ ᠶ᠋ᠢᠨ ᠳᠡᠷᠭᠡᠳᠡ ᠰᠠᠭᠤᠵᠤ ᠪᠠᠢᠬᠤ ᠶ᠋ᠢ ᠬᠠᠷᠠᠭᠠᠳ 《ᠲᠡᠷᠡ ᠠᠩᠭᠢᠷ ᠨᠢᠰᠳᠡᠭ ᠦᠭᠡᠢ ᠶᠦᠮ ᠪᠠᠢᠨ᠎ᠠ》 ᠭᠡᠵᠦ ᠬᠦᠷᠢᠶᠡᠨ ᠤ᠋ ᠨᠢᠭᠡ ᠨᠢ ᠬᠡᠯᠡᠵᠡᠢ᠃ ᠬᠦᠷᠢᠶᠡᠨ ᠤ᠋ ᠬᠢᠨ ᠣᠯᠠᠨ ᠢ᠋ᠶ᠋ᠠᠷ ᠴᠤᠭᠯᠠᠷᠠᠵᠠᠢ᠃ ᠭᠡᠲᠡᠯ᠎ᠡ ᠨᠢᠭᠡ ᠨᠢ ᠯᠠᠮᠠ ᠪᠠᠢᠨ᠎ᠠ ᠰᠢᠦ ᠳᠡ ᠭᠡᠵᠦ ᠬᠠᠰᠬᠢᠷᠴᠠᠢ᠃ ᠠᠩᠭᠢᠷ ᠰᠢᠪᠠᠭᠤ ᠶ᠋ᠢ ᠲᠡᠷᠡ ᠴᠠᠭ ᠡᠴᠡ ᠯᠠᠮᠠ ᠰᠢᠪᠠᠭᠤ ᠭᠡᠮᠡᠨ ᠨᠡᠷᠡᠯᠡᠭᠰᠡᠨ ᠭᠡᠳᠡᠭ᠃ ᠭᠠᠯᠳᠠᠨ ᠲᠡᠮᠳᠡᠭᠯᠡᠯ ᠢ᠋ᠶ᠋ᠡᠨ ᠦᠷᠭᠦᠯᠵᠢᠯᠡᠭᠦᠯᠦᠨ᠎ᠡ᠃
ᠠᠭᠤᠯᠠ ᠶ᠋ᠢᠨ ᠬᠡᠴᠡ ᠳᠡᠷᠡᠯᠡᠭᠰᠡᠨ ᠨᠠᠷᠠᠨ ᠤ᠋ ᠲᠠᠰᠢᠭᠤ ᠲᠤᠶᠠᠭᠠᠨ ᠳᠣᠣᠭᠤᠷ ᠬᠠᠷ᠎ᠠ ᠡᠷᠴᠢᠰ ᠮᠥᠷᠡᠨ ᠮᠤᠰᠬᠢᠷᠠᠨ ᠤᠷᠤᠰᠬᠤ ᠨᠢ ᠬᠣᠯᠠ ᠡᠴᠡ ᠬᠠᠷᠠᠭᠳᠠᠬᠤ ᠪᠥᠭᠡᠳ ᠣᠢᠷᠠᠲᠤᠨ ᠣᠴᠢᠬᠤ ᠠᠭᠱᠠᠨ᠎ᠠ ᠪᠢᠲᠡᠭᠦᠦ ᠨᠣᠭᠣᠭᠠᠨ ᠵᠡᠭᠡᠰᠦ ᠤᠰᠤᠨ ᠤ᠋ ᠤᠷᠤᠰᠬᠠᠯ ᠢ᠋ ᠬᠠᠭᠠᠵᠤ ᠨᠠᠢᠭᠤᠨ᠎ᠠ᠃
ᠭᠠᠯᠳᠠᠨ ᠵᠡᠭᠡᠰᠦ ᠶ᠋ᠢᠨ ᠵᠠᠬ᠎ᠠ ᠳ᠋ᠤ᠌ ᠮᠣᠷᠢᠨ ᠡᠴᠡ ᠪᠠᠭᠤᠯ᠎ᠠ᠃ ᠭᠠᠯᠳᠠᠨ ᠬᠥᠩᠭᠡᠨ ᠰᠢᠩᠭᠡᠨ ᠠᠯᠬᠤᠭᠰᠠᠭᠠᠷ ᠵᠡᠭᠡᠰᠦ ᠤᠷᠤᠭᠤ ᠣᠴᠢᠵᠤ ᠳᠣᠷᠣᠭᠰᠢ ᠪᠠᠨ ᠲᠣᠩᠭᠣᠢᠵᠤ ᠪᠠᠢᠭᠰᠠᠨ ᠢ᠋ᠶ᠋ᠠᠨ ᠵᠡᠭᠡᠰᠦ ᠨᠠᠢᠭᠤᠯᠤᠨ ᠬᠡᠳᠦ ᠠᠯᠬᠤᠵᠤ ᠰᠠᠭᠤᠨ᠎ᠠ᠃
ᠭᠠᠯᠳᠠᠨ ᠤ᠋ ᠡᠮᠦᠨ᠎ᠡ ᠰᠢᠪᠠᠭᠤᠨ ᠤ᠋ ᠡᠭᠦᠷ ᠪᠠᠢᠯ᠎ᠠ᠃ ᠮᠠᠰᠢᠳᠠ ᠨᠢᠮᠪᠠᠢᠯᠠᠨ ᠵᠠᠰᠠᠭᠰᠠᠨ ᠡᠭᠦᠷ ᠲᠦ᠍ ᠭᠤᠷᠪᠠᠨ ᠥᠨᠳᠡᠭᠡ ᠬᠠᠷᠠᠭᠳᠠᠨ᠎ᠠ᠃
ᠨᠠᠷᠠᠨ ᠤ᠋ ᠲᠤᠶᠠᠭᠠᠨ ᠤ᠋ ᠡᠰᠡᠷᠭᠦ ᠲᠠᠯ᠎ᠠ ᠳ᠋ᠤ᠌ ᠭᠠᠯᠳᠠᠨ ᠯᠠᠮᠠ ᠰᠠᠭᠤᠵᠤ᠂ ᠵᠡᠭᠡᠰᠦᠨ ᠳᠡᠭᠡᠭᠦᠷ ᠰᠠᠴᠤᠷᠠᠬᠤ ᠨᠠᠷᠠᠨ ᠤ᠋ ᠵᠦᠭ ᠰᠠᠷᠠᠪᠴᠢᠯᠠᠨ ᠥᠨᠳᠡᠭᠡ ᠶ᠋ᠢ ᠡᠩᠬᠦᠷᠡᠢᠯᠡᠬᠦ ᠮᠡᠲᠦ ᠬᠠᠷᠠᠨ᠎ᠠ᠃
ᠭᠡᠲᠡᠯ᠎ᠡ ᠤᠰᠤ ᠴᠠᠯᠭᠢᠬᠤ᠂ ᠳᠣᠯᠭᠢᠶᠠᠯᠠᠬᠤ ᠴᠢᠮᠡᠭᠡ ᠭᠠᠯᠳᠠᠨ ᠯᠠᠮᠠ ᠶ᠋ᠢᠨ ᠴᠢᠬᠢᠨ ᠳ᠋ᠦ᠍ ᠰᠣᠨᠣᠰᠤᠭᠳᠠᠵᠤ ᠵᠡᠭᠡᠰᠦᠲᠦ ᠲᠣᠬᠣᠢ ᠳ᠋ᠤ᠌ ᠠᠩᠭᠢᠷ ᠨᠦᠷᠭᠢᠨᠡ᠃ ᠭᠠᠯᠳᠠᠨ ᠢ᠋ ᠲᠥᠪᠡᠳ ᠣᠷᠣᠨ ᠳ᠋ᠤ᠌ ᠣᠴᠢᠬᠤ ᠪᠠᠷ ᠶᠠᠪᠤᠬᠤ ᠵᠠᠮ ᠵᠠᠭᠤᠷ᠎ᠠ ᠳ᠋ᠤ᠌ ᠥᠨᠳᠡᠭᠡᠲᠦ ᠴᠥᠭᠥᠷᠥᠮ ᠲᠠᠭᠠᠷᠠᠵᠤ᠂ ᠡᠵᠡᠭᠦᠢᠷᠡᠭᠰᠡᠨ ᠲᠦᠮᠡᠨ ᠰᠢᠪᠠᠭᠤᠨ ᠤ᠋ ᠡᠭᠦᠷ ᠢ᠋ ᠠᠨᠤ ᠲᠡᠭᠦᠨ ᠳ᠋ᠤ᠌ ᠦᠵᠡᠭᠦᠯᠵᠦ ᠪᠢᠯᠡ᠃ ᠲᠡᠷᠡ ᠬᠦ᠌ ᠥᠨᠳᠡᠭᠡᠲᠦ ᠴᠥᠭᠥᠷᠥᠮ ᠳ᠋ᠤ᠌ ᠠᠳᠤᠭᠤᠨ ᠰᠦᠷᠦᠭ ᠪᠡᠯᠴᠢᠳᠡᠭ ᠦᠭᠡᠢ ᠪᠥᠭᠡᠳ ᠲᠠᠯ᠎ᠠ ᠶ᠋ᠢᠨ ᠪᠠᠭᠠᠲᠤᠷ ᠤ᠋ᠳ ᠲᠣᠭᠣᠷᠢᠵᠤ ᠥᠩᠭᠡᠷᠡᠳᠡᠭ ᠠᠵᠢ᠃ ᠰᠡᠩᠭᠡ ᠠᠬ᠎ᠠ ᠶ᠋ᠢᠨ ᠰᠦᠢ ᠲᠠᠯᠪᠢᠭᠰᠠᠨ ᠪᠦᠰᠡᠭᠦᠢ ᠠᠨᠤᠳᠠᠷ᠎ᠠ ᠲᠡᠭᠦᠨ ᠤ᠋ ᠪᠠᠭ᠎ᠠ ᠬᠠᠲᠤᠨ ᠪᠣᠯᠵᠤ᠂ ᠴᠣᠷᠣᠰ ᠣᠪᠣᠭ ᠤ᠋ᠨ ᠶᠡᠬᠡ ᠦᠷᠭᠦᠭᠡᠨ ᠳ᠋ᠤ᠌ ᠵᠠᠯᠠᠷᠠᠭᠰᠠᠨ ᠡᠴᠡ ᠬᠣᠢᠰᠢ ᠬᠡᠳᠦ ᠬᠡᠳᠦᠨ ᠣᠨ ᠤᠯᠠᠷᠢᠨ ᠥᠩᠭᠡᠷᠡᠵᠦ ᠭᠠᠯᠳᠠᠨ ᠤ᠋ ᠣᠢ ᠲᠣᠢ ᠳ᠋ᠤ᠌ ᠪᠦᠰᠡᠭᠦᠢ ᠬᠥᠮᠦᠨ ᠤ᠋ ᠲᠤᠬᠠᠢ ᠰᠠᠷᠠᠯ ᠮᠡᠳᠡᠷᠡᠮᠵᠢ ᠡᠭᠦᠰᠴᠡᠢ᠃
ᠭᠠᠯᠳᠠᠨ ᠯᠠᠮᠠ ᠶ᠋ᠢᠨ ᠣᠴᠢᠳᠠᠭ ᠲᠡᠷᠡ ᠬᠦ᠌ ᠵᠡᠭᠡᠰᠦᠲᠦ ᠴᠥᠭᠥᠷᠥᠮ ᠢ᠋ ᠬᠣᠵᠢᠮ《ᠯᠠᠮᠠ ᠰᠢᠪᠠᠭᠤᠨ ᠤ᠋ ᠨᠠᠭᠤᠷ》᠂ 《ᠠᠩᠭᠢᠷᠳᠤ ᠴᠥᠭᠥᠷᠥᠮ》 ᠭᠡᠮᠡᠨ ᠶᠠᠩᠵᠤ ᠪᠦᠷᠢ ᠪᠡᠷ ᠨᠡᠷᠡᠯᠡᠬᠦ ᠪᠣᠯᠵᠤ ᠠᠩᠭᠢᠷ ᠢ᠋ ᠯᠠᠮᠠ ᠰᠢᠪᠠᠭᠤ ᠭᠡᠮᠡᠨ ᠬᠦᠨᠳᠦᠳᠬᠡᠵᠦ᠂ ᠠᠶᠤᠯᠭᠠᠬᠤ᠂ ᠰᠣᠴᠢᠭᠠᠬᠤ᠂ ᠠᠯᠠᠬᠤ ᠵᠡᠷᠭᠡ ᠶ᠋ᠢ ᠬᠥᠮᠦᠰ ᠰᠡᠳᠬᠢᠯ ᠳ᠋ᠡᠭᠡᠨ ᠬᠣᠷᠢᠵᠠᠢ᠃ ᠯᠠᠮᠠ ᠰᠢᠪᠠᠭᠤᠨ ᠤ᠋ ᠡᠭᠦᠷ ᠡᠵᠡᠭᠦᠢᠷᠡᠵᠡᠢ᠃
ᠭᠠᠯᠳᠠᠨ ᠯᠠᠮᠠ ᠰᠢᠪᠠᠭᠤᠨ ᠤ᠋ ᠡᠭᠦᠷ ᠢ᠋ ᠪᠣᠯᠭᠣᠮᠵᠢᠲᠠᠢ ᠲᠣᠭᠣᠷᠢᠵᠤ ᠵᠡᠭᠡᠰᠦ ᠳᠤᠮᠳᠠᠭᠤᠷ ᠳᠠᠭᠤᠴᠠᠨ ᠶᠠᠪᠤᠪᠠ᠃ ᠠᠩᠭᠢᠷᠳᠤ ᠴᠥᠭᠥᠷᠥᠮ ᠳ᠋ᠦ᠍ ᠨᠢᠮᠭᠡᠨ ᠲᠣᠷᠭᠠᠮᠰᠤᠭ ᠬᠤᠪᠴᠠᠰᠤ ᠲᠠᠢ ᠪᠦᠰᠡᠭᠦᠢ ᠤᠰᠤᠨ ᠳ᠋ᠤ᠌ ᠪᠡᠶ᠎ᠡ ᠪᠡᠨ ᠪᠤᠯᠬᠠᠵᠤ᠂ ᠭᠡᠵᠢᠭᠡ ᠪᠡᠨ ᠰᠤᠯᠠ ᠵᠠᠳᠠᠭᠠᠢ ᠨᠠᠮᠢᠷᠠᠭᠤᠯᠤᠭᠰᠠᠨ ᠨᠢ ᠭᠠᠯᠳᠠᠨ ᠤ᠋ ᠰᠣᠨᠢᠭᠤᠴᠢ ᠵᠠᠩ ᠢ᠋ ᠲᠠᠲᠠᠯ᠎ᠠ᠃ ᠰᠠᠢᠲᠤᠷ ᠠᠵᠢᠭᠯᠠᠨ ᠬᠠᠷᠠᠪᠠᠰᠤ ᠮᠥᠨᠥᠬᠢ ᠪᠦᠰᠡᠭᠦᠢ ᠪᠣᠯ ᠬᠠᠭᠠᠨ ᠤ᠋ ᠪᠠᠭ᠎ᠠ ᠬᠠᠲᠤᠨ ᠠᠨᠤᠳᠡᠷᠠ ᠠᠵᠢ᠃
ᠠᠨᠤᠳᠠᠷ᠎ᠠ ᠪᠣᠯ ᠡᠷᠬᠡ ᠳᠤᠷ᠎ᠠ ᠪᠠᠷ ᠢ᠋ᠶ᠋ᠠᠨ ᠡᠷᠡᠮᠡᠬᠡᠢ ᠵᠣᠯᠪᠣᠭᠠᠯᠢᠭ ᠪᠦᠰᠡᠭᠦᠢ ᠪᠢᠯᠡ᠃ ᠲᠡᠭᠦᠨ ᠦ᠌ ᠠᠬ᠎ᠠ ᠶ᠋ᠢ ᠭᠠᠯᠳᠠᠮ᠎ᠠ ᠪᠠᠭᠠᠲᠤᠷ ᠭᠡᠨ᠎ᠡ᠃ ᠠᠨᠤᠳᠠᠷ᠎ᠠ ᠶ᠋ᠢ ᠪᠠᠭ᠎ᠠ ᠡᠴᠡ ᠨᠢ ᠬᠣᠱᠤᠳ ᠣᠪᠣᠭ ᠤ᠋ᠨ ᠬᠢᠨ ᠠᠨᠤ ᠭᠡᠮᠡᠨ ᠨᠡᠷᠡᠯᠡᠭᠰᠡᠭᠡᠷ ᠠᠨᠤ ᠨᠡᠷ᠎ᠡ ᠳ᠋ᠡᠭᠡᠨ ᠶᠡᠬᠡᠳᠡ ᠳᠠᠰᠤᠯ ᠪᠣᠯᠵᠠᠢ᠃ ᠬᠣᠱᠤᠳ ᠤ᠋ᠨ ᠸᠴᠢᠷᠲᠤ ᠰᠡᠴᠡᠨ ᠬᠠᠭᠠᠨ ᠤ᠋ ᠥᠬᠢᠨ ᠭᠣᠣᠯ ᠤ᠋ᠨ ᠡᠨᠡ ᠬᠦ᠌ ᠴᠡᠩᠬᠡ ᠴᠥᠭᠥᠷᠥᠮ ᠢ᠋ ᠮᠡᠳᠡᠳᠡᠭ ᠪᠠᠢᠵᠠᠢ᠃ ᠠᠨᠤ ᠶᠢᠨ ᠤᠰᠤ ᠦᠰᠦᠴᠢᠭᠦᠯᠦᠨ ᠰᠡᠯᠢᠬᠦ᠂ ᠱᠤᠩᠪᠠᠨ ᠵᠤᠭᠠᠴᠠᠬᠤ ᠲᠡᠷᠢᠭᠦᠲᠡᠨ ᠢ᠋ ᠭᠠᠯᠳᠠᠨ ᠰᠣᠨᠢᠷᠬᠠᠵᠤ ᠨᠢᠮᠭᠡᠨ ᠲᠣᠷᠭᠠᠮᠰᠤᠭ ᠳᠡᠪᠡᠯ ᠦ᠋ᠨ ᠴᠠᠭᠠᠨ᠎ᠠ ᠡᠴᠡ ᠬᠡᠷᠡᠯᠳᠦᠬᠦ ᠨᠢᠴᠦᠭᠦᠨ ᠪᠡᠶ᠎ᠡ᠂ ᠡᠪᠡᠰᠦ ᠨᠣᠭᠣᠭ᠎ᠠ ᠮᠡᠲᠦ ᠤᠷᠭᠤᠵᠤ ᠪᠣᠢ ᠬᠣᠶᠠᠷ ᠲᠣᠮᠪᠣᠭᠣᠷ ᠬᠥᠬᠥ᠂ ᠨᠠᠷᠢᠬᠠᠨ ᠭᠤᠸᠠᠯᠢᠭ ᠪᠡᠯᠬᠡᠭᠦᠰᠦ᠂ ᠲᠡᠭᠰᠢ ᠤᠷᠲᠤ ᠰᠢᠯᠪᠢ ᠨᠢ ᠯᠠᠮᠠ ᠶ᠋ᠢᠨ ᠨᠢᠳᠦᠨ ᠳ᠋ᠦ᠍ ᠡᠭᠡᠯᠵᠢ ᠳᠠᠷᠠᠭᠠᠯᠠᠨ ᠥᠷᠲᠥᠨ᠎ᠡ᠃
ᠭᠠᠯᠳᠠᠨ ᠯᠠᠮᠠ ᠰᠣᠨᠣᠰᠤᠭᠳᠠᠬᠤᠢᠴᠠ ᠪᠠᠷ᠂
— ᠨᠢᠳᠦ ᠪᠡᠷ ᠢ᠋ᠶ᠋ᠡᠨ ᠨᠢᠭᠦᠯ ᠦᠢᠯᠡᠳᠬᠦ ᠨᠢ ᠪᠤᠷᠬᠠᠨ ᠤ᠋ ᠶᠣᠰᠣᠨ ᠳ᠋ᠤ᠌ ᠦᠯᠦ ᠨᠡᠢᠴᠡᠨ᠎ᠡ᠃ ᠪᠤᠷᠬᠠᠨ ᠪᠤᠳ᠋ᠳ᠋ᠾᠠ ᠬᠥᠮᠦᠰ ᠡᠴᠡ ᠲᠥᠷᠥᠭᠰᠡᠨ ᠠᠲᠠᠯ᠎ᠠ ᠪᠢ ᠶᠠᠭᠤᠨ ᠳ᠋ᠤ᠌ ᠢᠴᠢᠨ᠎ᠡ᠃ ᠭᠠᠯᠳᠠᠨ ᠬᠤᠸᠠᠷᠠᠭ ᠴᠢ ᠡᠴᠢᠭᠡ ᠡᠬᠡ ᠶ᠋ᠢᠨ ᠳᠤᠮᠳᠠ ᠡᠴᠡ ᠡᠭᠦᠰᠦᠭᠰᠡᠨ ᠪᠤᠰᠤ ᠤᠤ? ᠭᠡᠮᠡᠨ ᠰᠢᠪᠡᠨᠡᠨ ᠥᠭᠦᠯᠡᠵᠦ ᠥᠪᠡᠷ ᠲᠡᠭᠡᠨ ᠵᠥᠪ ᠪᠤᠷᠤᠭᠤ ᠶ᠋ᠢᠨ ᠠᠯᠢ ᠠᠯᠢᠨ ᠢ᠋ ᠨᠢᠯᠵᠠᠭᠠᠵᠤ ᠪᠠᠢᠪᠠ᠃
ᠠᠨᠤ ᠪᠡᠶ᠎ᠡ ᠪᠡᠨ ᠬᠡᠰᠡᠭ ᠪᠤᠯᠬᠠᠭᠰᠠᠨ ᠤ᠋ ᠡᠴᠦᠰ ᠲᠦ᠍ ᠴᠡᠩᠬᠡ ᠴᠥᠭᠥᠷᠥᠮ ᠡᠴᠡ ᠭᠠᠷᠴᠤ ᠵᠡᠭᠡᠰᠦᠨ ᠳᠣᠲᠣᠷ᠎ᠠ ᠠᠯᠠᠭ᠎ᠠ ᠪᠣᠯᠪᠠ᠃
ᠠᠨᠤ ᠶ᠋ᠢᠨ ᠭᠡᠷᠡᠯᠲᠦ ᠨᠢᠳᠦ᠂ ᠲᠤᠩᠭᠠᠯᠠᠭ ᠤᠰᠤᠨ ᠡᠴᠡ ᠥᠭᠡᠷ᠎ᠡ ᠶᠠᠭᠤᠮ᠎ᠠ ᠬᠦᠷᠦᠮ᠎ᠡ ᠦᠭᠡᠢ ᠴᠣᠭᠴᠠᠰ᠂ ᠦᠵᠡᠮᠵᠢᠲᠦ ᠲᠠᠩᠰᠤᠭ ᠪᠠᠢᠳᠠᠯ ᠳ᠋ᠤ᠌ ᠭᠠᠯᠳᠠᠨ ᠯᠠᠮᠠ ᠥᠪᠡᠷ ᠦ᠋ᠨ ᠡᠷᠬᠡ ᠦᠭᠡᠢ ᠠᠪᠲᠠᠭᠰᠠᠨ ᠪᠠᠢᠪᠠ᠃ ᠵᠡᠭᠡᠰᠦᠲᠦ ᠲᠣᠬᠣᠢ ᠳᠡᠭᠡᠭᠦᠷ ᠠᠩᠭᠢᠷ ᠭᠠᠩᠭᠠᠨᠠᠨ ᠴᠤᠤᠷᠢᠶᠠᠵᠤ᠂ ᠨᠠᠷᠠᠨ ᠤ᠋ ᠠᠯᠲᠠᠨ ᠤᠲᠠᠰᠤ ᠪᠢᠲᠡᠭᠦᠦ ᠨᠣᠭᠣᠭᠠᠷᠠᠵᠤ ᠵᠡᠭᠡᠰᠦᠨ ᠰᠢᠭᠤᠢ ᠳ᠋ᠤ᠌ ᠤᠶᠠᠭ᠎ᠠ ᠲᠠᠢ ᠪᠠᠢᠨ᠎ᠠ᠂᠃
ᠲᠡᠷᠡ ᠴᠠᠭ ᠡᠴᠡ ᠠᠨᠤ ᠪᠦᠰᠡᠭᠦᠢ ᠭᠠᠯᠳᠠᠨ ᠯᠠᠮᠠ ᠶ᠋ᠢᠨ ᠨᠢᠳᠦᠨ ᠳ᠋ᠦ᠍ ᠲᠣᠭᠲᠠᠵᠠᠢ᠃ᠤᠨᠲᠠᠪᠠᠴᠤ ᠰᠡᠷᠡᠪᠡᠴᠦ ᠠᠨᠤ ᠬᠠᠷᠠᠭᠳᠠᠬᠤ ᠨᠢ ᠭᠠᠯᠳᠠᠨ ᠬᠤᠪᠢᠯᠭᠠᠨ ᠤ᠋ ᠵᠢᠷᠦᠬᠡ ᠶ᠋ᠢ ᠴᠡᠴᠡᠷᠡᠭᠦᠯᠳᠡᠭ ᠪᠠᠢᠯ᠎ᠠ᠃
ᠤᠷᠢᠳ ᠡᠮᠦᠨ᠎ᠡ ᠨᠢ ᠬᠥᠬᠡᠨᠠᠭᠤᠷ ᠤ᠋ᠨ ᠶᠡᠬᠡ ᠡᠪᠡᠰᠦᠲᠦ ᠲᠠᠯ᠎ᠠ ᠳ᠋ᠤ᠌ ᠰᠢᠪᠠᠭᠤᠨ ᠤ᠋ ᠡᠭᠦᠷ ᠦᠵᠡᠭᠡᠳ ᠭᠦᠶᠦᠵᠦ ᠶᠠᠪᠤᠬᠤ ᠳ᠋ᠠᠭᠠᠨ ᠭᠠᠯᠳᠠᠨ ᠬᠥᠪᠡᠭᠦᠨ ᠠᠨᠤᠳᠠᠷ᠎ᠠ᠂ ᠠᠬᠠᠳᠠᠷ᠎ᠠ ᠬᠣᠶᠠᠷ ᠤ᠋ᠨ ᠲᠠᠯ᠎ᠠ ᠪᠠᠷ ᠵᠦᠩ ᠰᠤᠪᠢᠨ ᠤ᠋ ᠲᠥᠰᠦᠭᠡᠯᠡᠯ ᠲᠡᠢ ᠪᠣᠯᠵᠠᠢ᠃
— ᠴᠢ ᠰᠡᠩᠭᠡ ᠠᠬ᠎ᠠ ᠶ᠋ᠢᠨ ᠰᠦᠢᠲᠦ ᠪᠦᠰᠡᠭᠦᠢ ᠮᠥᠨ ᠤᠤ?
— ᠮᠥᠨ᠂ ᠪᠢ ᠡᠬᠡᠨᠡᠷ ᠨᠢ ᠪᠣᠯᠤᠨ᠎ᠠ
— ᠬᠡᠵᠢᠶ᠎ᠡ ᠁
— ᠶᠠᠭᠤ ᠬᠡᠵᠢᠶ᠎ᠡ ᠭᠡᠵᠦ᠁ ᠥᠨᠥ ᠪᠣᠯ ᠥᠨᠥ᠂ ᠮᠠᠷᠭᠠᠰᠢ ᠪᠣᠯ ᠮᠠᠷᠭᠠᠰᠢ᠂ ᠨᠠᠮᠠᠶ᠋ᠢ ᠣᠯᠠᠨ ᠳᠠᠭᠠᠭᠤᠯᠢ ᠲᠠᠢ᠂ ᠰᠡᠦᠬᠡ ᠲᠡᠷᠭᠡ ᠲᠡᠢ ᠢᠷᠡᠵᠦ ᠠᠪᠤᠨ᠎ᠠ᠃ ᠲᠡᠭᠡᠭᠡᠳ ᠴᠣᠷᠣᠰ ᠣᠪᠣᠭᠲᠠᠨ ᠢ᠋ ᠲᠥᠷᠥᠭᠦᠯᠦᠨ᠎ᠡ ᠳᠡ᠃
— ᠴᠢᠮᠠᠶ᠋ᠢ ᠠᠬ᠎ᠠ ᠡᠴᠡ ᠥᠭᠡᠷ᠎ᠡ ᠬᠡᠨ ᠭᠤᠶᠤᠭᠰᠠᠨ ᠪᠣᠢ?
— ᠮᠡᠳᠡᠬᠦ ᠦᠭᠡᠢ᠂ ᠭᠤᠶᠤᠭᠰᠠᠨ ᠴᠤ᠌ ᠮᠠᠨ ᠤ᠋ ᠠᠪᠤ ᠥᠭᠬᠦ ᠦᠭᠡᠢ᠃ ᠨᠠᠮᠠᠶ᠋ᠢ ᠰᠡᠩᠭᠡ ᠳ᠋ᠦ᠍ ᠦᠨᠡᠨᠴᠢ ᠪᠠᠢᠬᠤ ᠶ᠋ᠢ ᠰᠤᠷᠭᠠᠭᠰᠠᠨ᠃
— ᠨᠠᠮᠠᠶ᠋ᠢ ᠲᠥᠪᠡᠳ ᠡᠴᠡ ᠢᠷᠡᠬᠦ ᠳ᠋ᠦ᠍ ᠴᠢ ᠬᠡᠦᠬᠡᠳ ᠳᠦᠷᠦᠭᠦᠯᠴᠢᠬᠡᠭᠡᠳ ᠪᠠᠢᠬᠤ ᠶᠤᠮ ᠪᠠᠢᠨ᠎ᠠ᠃
— ᠲᠡᠭᠡᠨ᠎ᠡ᠃
— ᠪᠢ ᠯᠠᠮᠠ ᠪᠣᠯᠤᠨ᠎ᠠ᠃ ᠡᠬᠡᠨᠡᠷ ᠠᠪᠳᠠᠭ ᠦᠭᠡᠢ ᠬᠥᠮᠦᠨ ᠢ᠋ ᠯᠠᠮᠠ ᠪᠣᠯᠭᠠᠳᠠᠭ᠃ ᠯᠠᠮᠠ ᠬᠥᠮᠦᠨ ᠠᠪᠠᠭᠠᠢ ᠦᠭᠡᠢ ᠪᠠᠢᠬᠤ ᠶᠣᠰᠣᠲᠠᠢ᠃
— ᠠᠢ ᠬᠥᠭᠡᠷᠦᠬᠦᠢ᠁
— ᠶᠠᠭᠠᠬᠢᠭᠠᠳ ᠬᠥᠭᠡᠷᠦᠬᠦᠢ ᠭᠡᠵᠦ?
— ᠯᠠᠮᠠ ᠪᠠᠭᠰᠢ ᠭᠠᠭᠴᠠᠭᠠᠷ ᠢ᠋ᠶ᠋ᠠᠨ ᠰᠠᠭᠤᠬᠤ ᠪᠠᠷ ᠤᠢᠳᠬᠠᠷ ᠲᠠᠢ ᠭᠡᠵᠦ ᠪᠣᠳᠣᠭᠰᠠᠨ ᠶᠤᠮ᠃
— ᠶᠡᠬᠡ ᠨᠣᠮ ᠤᠩᠰᠢᠵᠤ ᠴᠡᠭᠡᠵᠢᠯᠡᠳᠡᠭ ᠪᠣᠯᠬᠣᠷ ᠤᠢᠳᠬᠤ ᠵᠠᠪ ᠪᠠᠢᠬᠤ ᠦᠭᠡᠢ ᠭᠡᠵᠦ ᠭᠡᠭᠡᠨᠲᠡᠨ ᠬᠡᠯᠡᠭᠰᠡᠨ᠃
— ᠴᠢ ᠭᠡᠷ ᠢ᠋ᠶ᠋ᠡᠨ ᠰᠠᠨᠠᠬᠤ ᠤᠤ?
— ᠰᠠᠨᠠᠭᠠᠳ ᠡᠬᠢᠯᠡᠴᠢᠬᠡᠭᠰᠡᠨ ᠶᠠᠪᠤᠵᠤ ᠪᠠᠢᠨ᠎ᠠ᠃
— ᠭᠡᠷ ᠣᠷᠣᠨ᠂ ᠨᠤᠲᠤᠭ ᠤᠰᠤ ᠪᠠᠨ ᠰᠠᠨᠠᠬᠤ ᠪᠠᠷ ᠨᠢᠭᠡ ᠶᠠᠭᠤᠮ᠎ᠠ ᠠᠪᠴᠤ ᠶᠠᠪᠤᠳᠠᠭ ᠭᠡᠨ᠎ᠡ ᠯᠠᠢ᠃ ᠴᠢᠮ᠎ᠠ ᠳ᠋ᠤ᠌ ᠲᠡᠢᠮᠦ ᠶᠠᠭᠤᠮ᠎ᠠ
ᠪᠣᠢ ᠤᠤ?
— ᠤᠬᠢᠶᠠᠭᠰᠠᠨ ᠭᠣᠣᠯ ᠤ᠋ᠨ ᠴᠢᠯᠠᠭᠤ ᠪᠠᠢᠭ᠎ᠠ ᠁
— ᠬᠡᠨ ᠥᠭᠭᠦᠭᠰᠡᠨ ᠶᠦᠮ?
— ᠬᠠᠲᠤᠨ ᠡᠬᠡ᠃
— ᠶᠦᠮ ᠠᠭ᠎ᠠ ᠬᠠᠲᠤᠨ ᠡᠬᠡ ᠮᠢᠨᠦ ᠴᠤ᠌ ᠬᠠᠲᠤᠨ ᠡᠬᠡ ᠪᠣᠯᠤᠨ᠎ᠠ᠃
— ᠲᠡᠢᠮᠦ ᠠ᠋᠂ ᠮᠢᠨᠦ ᠡᠵᠢ ᠴᠢᠨᠦ ᠬᠠᠳᠠᠮ ᠡᠬᠡ ᠪᠣᠯᠬᠤ ᠶᠤᠮ ᠪᠠᠢᠨ᠎ᠠ᠃
— ᠶᠦᠮ ᠠᠭ᠎ᠠ ᠬᠠᠲᠤᠨ ᠰᠠᠢᠨ ᠬᠥᠮᠦᠨ ᠭᠡᠨ᠎ᠡ ᠯᠠᠢ᠃ ᠠᠪᠤ ᠨᠠᠳᠠ ᠬᠡᠯᠡᠭᠰᠡᠨ᠃ ᠬᠠᠳᠠᠮ ᠡᠬᠡ ᠭᠡᠨ᠎ᠡ ᠰᠢᠦ ᠁
— ᠮᠢᠨᠦ ᠡᠵᠢ ᠨᠡᠭᠡᠷᠡᠨ ᠶᠡᠬᠡ ᠰᠠᠢᠨ ᠬᠥᠮᠦᠨ᠃
— ᠠ᠋! ᠭᠢᠯᠠᠢ᠂ ᠶᠠᠭᠠᠬᠢᠭᠰᠠᠨ ᠰᠠᠢᠬᠠᠨ ᠪᠣᠢ?
ᠭᠠᠯᠳᠠᠨ ᠢ ᠲᠥᠪᠡᠳ ᠡᠴᠡ ᠢᠷᠡᠭᠰᠡᠨ ᠬᠣᠢᠨ᠎ᠠ ᠬᠠᠲᠤᠨ ᠡᠬᠡ ᠶᠦᠮ ᠠᠭ᠎ᠠ ᠶᠡᠬᠡᠳᠡ ᠰᠠᠨᠠᠭᠠᠰᠢᠷᠠᠨ ᠪᠠᠢᠵᠤ᠂
—ᠡᠴᠢᠭᠡ ᠡᠴᠡ ᠲᠠᠨᠢ ᠬᠣᠢᠰᠢ ᠡᠵᠢ ᠨᠢ ᠶᠡᠬᠡ ᠭᠠᠭᠴᠠᠭᠠᠷᠳᠠᠵᠤ ᠪᠠᠢᠯ᠎ᠠ᠃ ᠭᠡᠲᠡᠯ᠎ᠡ ᠠᠨᠤ ᠢᠷᠡᠵᠦ ᠰᠡᠳᠬᠢᠯ ᠦ᠋ᠨ ᠰᠢᠷᠬ᠎ᠠ ᠨᠥᠬᠥᠭᠳᠡᠪᠡ᠃ ᠵᠢᠰᠦ ᠴᠢᠷᠠᠢ ᠨᠢ ᠴᠦ᠍ ᠰᠠᠢᠬᠠᠨ ᠪᠦᠰᠡᠭᠦᠢ ᠶᠦᠮ᠃ ᠵᠢᠷᠦᠬᠡ ᠰᠡᠳᠬᠢᠯ ᠨᠢ ᠴᠦ᠍ ᠢᠪᠡᠭᠡᠯ ᠲᠡᠢ ᠶᠦᠮ᠃ ᠪᠤᠷᠬᠠᠨ ᠡᠨᠡ ᠬᠡᠦᠬᠡᠨ ᠢ᠋ ᠪᠢᠳᠡᠨ ᠳ᠋ᠦ᠍ ᠶᠠᠪᠤᠭᠤᠯᠵᠠᠢ ᠭᠡᠵᠦ ᠪᠣᠳᠣᠳᠠᠭ ᠭᠡᠮᠡᠨ ᠶᠠᠷᠢᠭᠰᠠᠨ ᠢ᠋ ᠴᠥᠭᠥᠷᠥᠮ ᠦ᠋ᠨ ᠬᠥᠪᠡᠭᠡᠨ ᠳ᠋ᠦ᠍ ᠰᠠᠨᠠᠭᠠᠯᠵᠠᠪᠠ᠃
ᠠᠩᠭᠢᠷ ᠦᠷᠭᠦᠬᠦ ᠦᠭᠡᠢ ᠪᠠᠢᠯ᠎ᠠ᠃ ᠠᠩᠭᠢᠷ ᠠᠨᠤᠳᠠᠷ᠎ᠠ ᠬᠠᠲᠤᠨ ᠳ᠋ᠤ᠌ ᠳᠠᠰᠴᠠᠢ᠃ ᠯᠠᠮᠠ ᠰᠢᠪᠠᠭᠤᠨ ᠤ᠋ ᠨᠠᠭᠤᠷ ᠲᠤ᠌ ᠲᠤᠩᠭᠠᠯᠠᠭ ᠤᠰᠤᠲᠤ ᠬᠣᠷᠢᠨ ᠨᠢᠭᠡᠨ ᠭᠣᠷᠣᠬ᠎ᠠ ᠴᠢᠳᠬᠤᠳᠠᠭ᠃
ᠬᠣᠷᠢᠨ ᠨᠢᠭᠡᠨ ᠭᠣᠷᠣᠬ᠎ᠠ ᠶ᠋ᠢᠨ ᠨᠡᠢᠯᠡᠳᠡᠭ ᠴᠢᠳᠬᠤᠯᠠᠩ ᠨᠢ ᠯᠠᠮᠠ ᠰᠢᠪᠠᠭᠤᠨ ᠤ᠋ ᠨᠠᠭᠤᠷ ᠪᠢᠯᠡ᠃ ᠨᠠᠭᠤᠷ ᠡᠴᠡ ᠨᠢᠭᠡᠨ ᠭᠣᠣᠯ ᠤᠷᠤᠰᠴᠤ᠂ ᠬᠤᠷᠴᠠ ᠱᠣᠪᠬᠣ ᠣᠷᠣᠢ ᠲᠠᠢ ᠠᠭᠤᠯᠠᠰ ᠤ᠋ᠨ ᠳᠤᠮᠳᠠᠬᠢ ᠤᠷᠲᠤ ᠬᠥᠨᠳᠡᠢ ᠶ᠋ᠢ ᠤᠮᠳᠠᠭᠠᠯᠠᠨ ᠮᠢᠷᠠᠯᠵᠠᠵᠤ ᠪᠠᠴᠢᠭᠤ ᠬᠣᠭᠣᠯᠠᠢ ᠤᠷᠤᠭᠤ ᠬᠦᠷᠬᠢᠷᠡᠭᠡᠨ ᠡᠭᠦᠰᠬᠡᠨ ᠴᠢᠳᠬᠤᠵᠤ ᠶᠠᠪᠤᠭᠠᠨ ᠳ᠋ᠠᠭᠠᠨ ᠲᠠᠯ᠎ᠠ ᠬᠡᠭᠡᠷ᠎ᠡ ᠶ᠋ᠢᠨ ᠰᠠᠬᠤᠯᠢᠭ ᠡᠪᠡᠰᠦᠨ ᠳᠤᠮᠳᠠᠭᠤᠷ ᠳᠣᠯᠭᠢᠶᠠᠨ ᠢ᠋ᠶ᠋ᠠᠨ ᠬᠥᠭᠡᠭᠡᠴᠡᠯᠳᠦᠨ ᠬᠠᠷ᠎ᠠ ᠡᠷᠴᠢᠰ ᠮᠥᠷᠡᠨ ᠢ᠋ ᠵᠣᠷᠢᠨ᠎ᠠ᠃
ᠯᠠᠮᠠ ᠰᠢᠪᠠᠭᠤᠨ ᠤ᠋ ᠨᠠᠭᠤᠷ ᠡᠴᠡ ᠬᠣᠯᠠᠳᠠᠭᠰᠠᠨ ᠬᠣᠢᠨ᠎ᠠ ᠪᠠᠨ ᠭᠠᠯᠳᠠᠨ ᠢ ᠡᠷᠭᠢᠨ ᠬᠠᠷᠠᠬᠤ ᠳ᠋ᠤ᠌ ᠬᠣᠶᠠᠷ ᠠᠩᠭᠢᠷ᠂ ᠬᠣᠶᠠᠷ ᠳᠡᠭᠳᠡᠭᠡᠬᠡᠢ ᠳᠠᠭᠠᠭᠤᠯᠤᠨ ᠵᠡᠭᠡᠰᠦ ᠶ᠋ᠢᠨ ᠵᠠᠪᠰᠠᠷ ᠢ᠋ᠶ᠋ᠠᠷ ᠨᠢᠭᠡ ᠢᠯᠡ ᠭᠠᠷᠴᠤ᠂ ᠨᠢᠭᠡ ᠳᠠᠯᠳᠠ ᠣᠷᠣᠵᠤ ᠬᠥᠪᠦᠨᠡ᠃
ᠬᠣᠶᠠᠷ
ᠰᠡᠩᠭᠡ ᠬᠠᠭᠠᠨ ᠤ᠋ ᠬᠥᠬᠡ ᠬᠠᠯᠵᠠ ᠲᠠᠢ ᠠᠭᠤᠵᠢᠮ ᠦᠷᠭᠦᠭᠡᠨ ᠳ᠋ᠦ᠍ ᠭᠠᠯᠳᠠᠨ ᠬᠤᠪᠢᠯᠭᠠᠨ ᠮᠣᠷᠢᠯᠠᠨ ᠣᠷᠣᠬᠤ ᠳ᠋ᠤ᠌᠂ ᠠᠬ᠎ᠠ ᠡᠴᠡ ᠨᠢ ᠥᠭᠡᠷ᠎ᠡ ᠬᠥᠮᠦᠨ ᠪᠠᠢᠭᠰᠠᠨ ᠦᠭᠡᠢ ᠳ᠋ᠦ᠍ ᠲᠡᠷᠡ ᠪᠡᠷ ᠶᠡᠬᠡᠳᠡ ᠣᠯᠵᠠᠭᠤᠷᠬᠠᠪᠠ᠃ ᠰᠡᠩᠭᠡ ᠲᠣᠳᠣ ᠰᠤᠳᠤᠷ ᠤᠩᠰᠢᠵᠤ ᠰᠠᠭᠤᠭᠰᠠᠨ ᠢ᠋ᠶ᠋ᠠᠨ ᠳᠡᠷᠭᠡᠳᠡᠬᠢ ᠱᠣᠭᠣᠯ ᠳᠡᠭᠡᠷ᠎ᠡ ᠲᠠᠯᠪᠢᠭᠠᠳ ᠭᠠᠯᠳᠠᠨ ᠬᠤᠪᠢᠯᠭᠠᠨ ᠤ᠋ ᠵᠣᠪᠬᠢ ᠥᠭᠡᠳᠡ ᠤᠨᠤᠵᠤ ᠬᠠᠷᠠᠪᠠ᠃
ᠭᠠᠯᠳᠠᠨ ᠬᠤᠪᠢᠯᠭᠠᠨ《ᠠᠬ᠎ᠠ ᠲᠠ ᠠᠵᠠᠲᠠᠢ》 ᠭᠡᠪᠡ᠃ ᠰᠡᠩᠭᠡ ᠭᠠᠢᠬᠠᠨ ᠠᠰᠠᠭᠤᠬᠤ ᠮᠡᠲᠦ ᠬᠠᠷᠠᠪᠠ᠃
— ᠸᠴᠢᠷᠲᠣ ᠰᠡᠴᠡᠨ ᠬᠠᠭᠠᠨ ᠲᠠᠢ ᠤᠷᠤᠭ ᠪᠠᠷᠢᠯᠳᠤᠭᠰᠠᠨ ᠨᠢ ᠭᠠᠵᠠᠷ ᠰᠢᠷᠣᠢ ᠪᠣᠯᠤᠨ ᠪᠡᠶ᠎ᠡ ᠮᠠᠬᠠᠪᠣᠳ ᠤ᠋ᠨ ᠬᠠᠷᠰᠢᠯ ᠦᠭᠡᠢ ᠲᠩᠷᠢ ᠶ᠋ᠢᠨ ᠲᠠᠭᠠᠯᠠᠯ ᠳ᠋ᠤ᠌ ᠨᠡᠢᠴᠡᠨ᠎ᠡ᠃ ᠠᠨᠤ ᠬᠠᠲᠤᠨ ᠬᠥᠪᠡᠭᠦᠨ ᠲᠥᠷᠥᠭᠦᠯᠦᠨ᠎ᠡ᠃ ᠵᠢᠷᠤᠬᠠᠢ ᠶ᠋ᠢᠨ ᠵᠢᠷᠤᠯᠭ᠎ᠠ ᠲᠡᠢᠮᠦ ᠪᠠᠢᠨ᠎ᠠ ᠭᠡᠵᠦ ᠭᠠᠯᠳᠠᠨ ᠠᠢᠯᠠᠳᠪᠠ᠃
—ᠡᠵᠢ ᠵᠢᠷᠤᠬᠠᠢ ᠵᠢᠷᠤᠭᠤᠯᠵᠠᠢ ᠭᠡᠮᠡᠨ ᠰᠡᠩᠭᠡ ᠬᠠᠭᠠᠨ ᠲᠠᠭᠠᠮᠠᠭᠯᠠᠪᠠ᠃
— ᠲᠡᠢᠮᠦ ᠠ᠋᠂ ᠡᠵᠢ ᠡᠴᠡ ᠥᠭᠡᠷ᠎ᠡ ᠬᠡᠨ ᠪᠠᠢᠬᠤ ᠪᠢᠯᠡ ᠭᠡᠵᠦ᠂ ᠭᠠᠯᠳᠠᠨ ᠠᠬ᠎ᠠ ᠶ᠋ᠢᠨ ᠢ᠋ᠶ᠋ᠡᠨ ᠲᠠᠭᠠᠯᠠᠯ ᠳ᠋ᠤ᠌ ᠨᠡᠢᠴᠡᠭᠦᠯᠵᠦ ᠥᠭᠦᠯᠡᠪᠡ᠃ ᠬᠠᠭᠠᠨ ᠢ᠋ᠶ᠋ᠠᠷ ᠭᠦᠨᠵᠡᠭᠡᠢ ᠦᠯᠡᠳᠡᠴᠡ ᠲᠡᠢ ᠬᠡᠯᠡᠭᠡᠳ ᠰᠡᠭᠦᠷᠡᠰᠦ ᠠᠯᠳᠠᠵᠤ᠂
— ᠬᠥᠪᠡᠭᠦᠨ ᠲᠥᠷᠥᠪᠡᠰᠦ ᠨᠡᠭᠡᠷᠡᠨ ᠪᠢ ᠠᠵᠠᠲᠠᠢ᠃ ᠨᠠᠳᠠ ᠨᠢᠭᠡ ᠪᠤᠰᠤ ᠬᠡᠳᠦ ᠬᠡᠳᠦᠨ ᠬᠥᠪᠡᠭᠦᠨ ᠬᠡᠷᠡᠭ ᠲᠡᠢ ᠭᠡᠵᠦ ᠯᠠᠪᠰᠢᠷᠠᠭᠤᠯᠤᠨ ᠥᠭᠦᠯᠡᠪᠡ᠃
— ᠬᠥᠪᠡᠭᠦᠨ ᠲᠥᠷᠥᠬᠦ ᠨᠢ ᠲᠣᠳᠣᠷᠬᠠᠢ᠃ ᠲᠡᠷᠭᠡᠯ ᠰᠠᠷ᠎ᠠ ᠲᠠᠢ ᠰᠥᠨᠢ ᠭᠡᠷ ᠥᠷᠭᠥᠭᠡ ᠶ᠋ᠢᠨ ᠰᠡᠭᠦᠳᠡᠷ ᠠᠷᠢᠯᠳᠠᠭ ᠪᠢᠯᠡ᠃ ᠪᠦᠲᠦᠨ ᠰᠠᠷᠠᠨ ᠤ᠋ ᠲᠤᠶᠠᠭ᠎ᠠ ᠡᠷ᠎ᠡ ᠡᠮ᠎ᠡ ᠠᠮᠢᠲᠠᠨ ᠤ᠋ ᠬᠡᠪᠡᠯᠢ ᠶ᠋ᠢ ᠬᠦᠷᠲᠡᠯ᠎ᠡ ᠬᠡᠷᠡᠯᠳᠦᠭᠦᠯᠳᠡᠭ ᠵᠢᠮ᠎ᠡ ᠲᠡᠢ ᠭᠡᠵᠦ ᠭᠠᠯᠳᠠᠨ ᠠᠬ᠎ᠠ ᠶ᠋ᠢᠨ ᠢ᠋ᠶ᠋ᠡᠨ ᠰᠡᠳᠬᠢᠯ ᠵᠢᠷᠦᠬᠡᠨ ᠦ᠌ ᠭᠡᠭᠡ ᠶ᠋ᠢ ᠡᠯᠪᠡᠭ ᠬᠠᠩᠭᠠᠯᠤᠭᠤᠨ ᠪᠣᠯᠭᠠᠯ᠎ᠠ᠃ ᠰᠡᠩᠭᠡ᠂ ᠳᠡᠭᠦᠦ ᠯᠠᠮᠠ ᠶ᠋ᠢᠨ ᠢ᠋ᠶ᠋ᠡᠨ ᠳᠦᠭᠦᠷᠡᠩ ᠤᠬᠠᠭᠠᠨ ᠢ᠋ ᠪᠢᠰᠢᠷᠡᠨ ᠰᠠᠭᠤᠨ᠎ᠠ᠃《ᠭᠠᠯᠳᠠᠨ ᠢ᠋ ᠪᠢ ᠲᠥᠷᠥ ᠶ᠋ᠢᠨ ᠬᠡᠷᠡᠭ ᠢ᠋ᠶ᠋ᠡᠷ ᠣᠷᠣᠰ ᠭᠠᠵᠠᠷ ᠤ᠋ᠨ ᠳᠣᠪᠣᠯᠰᠺ ᠰᠠᠭᠤᠷᠢᠨ ᠳ᠋ᠤ᠌ ᠢᠯᠡᠭᠡᠪᠡ᠃ ᠭᠠᠯᠳᠠᠨ ᠲᠡᠨᠳᠡᠬᠢ ᠮᠣᠩᠭᠣᠯᠴᠤᠳ ᠪᠤᠶᠤ ᠳᠠᠯᠠᠩ ᠤ᠋ᠳ ᠡᠴᠡ ᠲᠠᠲᠠᠪᠤᠷᠢ ᠠᠪᠬᠤ ᠶ᠋ᠢ ᠪᠣᠯᠢᠭᠤᠯᠵᠤ᠂ ᠨᠤᠲᠤᠭ ᠤ᠋ᠨ ᠢᠷᠭᠡᠳ ᠦ᠋ᠨ ᠠᠳᠠᠯᠢ ᠠᠵᠤ ᠲᠥᠷᠥᠬᠦ ᠪᠣᠯᠭᠠᠭᠰᠠᠨ᠃
ᠭᠠᠯᠳᠠᠨ ᠳᠡᠭᠦᠦ ᠪᠠᠢᠭᠠᠯᠢ ᠪᠣᠯᠤᠨ ᠬᠥᠮᠦᠨ ᠦ᠌ ᠳᠣᠲᠣᠭᠠᠳᠤ ᠠᠷᠠᠨᠰᠢᠨ᠂ ᠯᠤᠤᠰ ᠰᠠᠪᠳᠠᠭ ᠤ᠋ᠨ ᠬᠣᠣᠷᠯᠠᠯ᠂ ᠬᠠᠷ᠎ᠠ ᠮᠠᠭᠤ ᠰᠠᠨᠠᠭᠠᠨ ᠤ᠋ ᠴᠡᠭᠡᠷ ᠶᠣᠷᠣᠯᠠᠯ ᠢ᠋ ᠮᠡᠳᠡᠬᠦ ᠳ᠋ᠡᠭᠡᠨ ᠭᠠᠷᠭᠠᠭᠤᠨ ᠪᠣᠯᠵᠠᠢ᠃ ᠳᠡᠭᠦᠦ ᠯᠠᠮᠠ ᠲᠥᠷᠥ ᠶ᠋ᠢᠨ ᠬᠡᠷᠡᠭ ᠲᠦ᠍ ᠶᠡᠬᠡ ᠲᠤᠰᠠ ᠪᠣᠯᠤᠨ᠎ᠠ᠃ ᠮᠥᠨ ᠠᠷᠠᠳ ᠣᠯᠠᠨ ᠤ᠋ ᠰᠠᠨᠠᠭ᠎ᠠ ᠰᠡᠳᠬᠢᠯ ᠢ᠋ ᠪᠤᠷᠬᠠᠨ ᠤ᠋ ᠤᠬᠠᠭᠠᠨ ᠢ᠋ᠶ᠋ᠠᠷ ᠵᠥᠪ ᠪᠣᠯᠭᠠᠬᠤ ᠳ᠋ᠤ᠌ ᠨᠠᠳᠠ ᠶᠡᠬᠡ ᠲᠤᠰᠠᠯᠠᠨ᠎ᠠ᠃ ᠪᠢ ᠳᠡᠭᠦᠦ ᠪᠡᠨ ᠴᠠᠰᠤᠲᠤ ᠶ᠋ᠢᠨ ᠣᠷᠣᠨ ᠲᠠᠢᠰᠢ ᠦᠳᠡᠵᠦ ᠵᠠᠮ ᠵᠠᠭᠤᠷ᠎ᠠ ᠠᠨᠤ ᠬᠠᠲᠤᠨ ᠤ᠋ ᠪᠠᠨ ᠠᠬ᠎ᠠ ᠳᠡᠭᠦᠦ ᠲᠡᠢ ᠵᠣᠯᠭᠠᠨ᠎ᠠ》 ᠭᠡᠮᠡᠨ ᠰᠡᠩᠭᠡ ᠰᠠᠨᠠᠨ᠎ᠠ᠃
ᠭᠠᠯᠳᠠᠨ ᠯᠠᠮᠠ ᠠᠷᠠᠢ ᠥᠭᠡᠷ᠎ᠡ ᠪᠣᠳᠣᠯ ᠲᠠᠢ ᠪᠠᠢᠪᠠ᠃《ᠬᠠᠭᠠᠨ ᠠᠬ᠎ᠠ ᠮᠢᠨᠢ ᠬᠤᠲᠤᠭᠲᠤ ᠨᠠᠳᠠ ᠡᠴᠡ ᠴᠠᠭᠠᠨ ᠰᠡᠳᠬᠢᠯ ᠲᠡᠢ ᠢᠲᠡᠭᠡᠮᠡᠲᠡᠭᠡᠢ ᠶᠦᠮ᠃ ᠴᠡᠴᠡᠨ ᠲᠠᠢᠵᠢ ᠶ᠋ᠢ ᠡᠷᠲᠡ ᠰᠡᠷᠡᠭᠡᠴᠢᠬᠡᠯᠡ᠃ ᠴᠡᠴᠡᠨ ᠬᠡᠳᠦ ᠡᠴᠡ ᠪᠡᠨ ᠰᠠᠨᠠᠭ᠎ᠠ ᠮᠠᠭᠤᠲᠠᠢ᠃ ᠵᠤᠳᠪᠠᠪᠠᠭᠠᠲᠤᠷ ᠨᠣᠶᠠᠨ ᠠᠬ᠎ᠠ ᠶ᠋ᠢ ᠪᠡᠨ ᠳᠠᠭᠠᠳᠠᠭ᠃ ᠪᠠᠯᠵᠢᠳᠠᠷᠡ ᠬᠠᠲᠤᠨ ᠤ᠋ ᠦᠷᠭᠦᠭᠡᠨ ᠳ᠋ᠦ᠍ ᠰᠠᠭᠤᠳᠠᠯ ᠵᠠᠰᠠᠵᠤ ᠲᠤᠬᠠᠯᠠᠭᠰᠠᠨ ᠠᠪᠠᠭ᠎ᠠ ᠠᠬ᠎ᠠ ᠴᠥᠬᠥᠢ ᠤᠪᠠᠰᠢ ᠬᠡᠨ ᠰᠠᠨ ᠪᠢᠯᠡ᠃ ᠡᠳᠡᠨᠥᠰ ᠥᠭᠰᠥᠭᠰᠡᠭᠡᠷ ᠪᠠᠢᠭᠠᠳ ᠠᠬ᠎ᠠ ᠶ᠋ᠢ ᠮᠢᠨᠢ ᠬᠣᠷᠣᠭᠠᠬᠤ ᠪᠣᠢ》 ᠭᠡᠮᠡᠨ ᠭᠠᠯᠳᠠᠨ ᠰᠠᠨᠠᠭᠰᠠᠨ ᠢ᠋ᠶ᠋ᠠᠨ ᠲᠡᠭᠡᠲᠡᠯ᠎ᠡ ᠬᠠᠮᠢᠭ᠎ᠠ ᠴᠤ᠌ ᠥᠪᠡᠷ ᠢ᠋ ᠪᠡᠨ ᠲᠠᠢᠪᠤᠰᠢᠷᠠᠭᠤᠯᠪᠠ᠃
— ᠬᠠᠭᠠᠨ ᠠᠬ᠎ᠠ ᠲᠠᠨ ᠢ᠋ ᠳᠠᠭᠠᠭᠰᠠᠨ ᠴᠢᠨᠣ᠎ᠠ ᠶ᠋ᠢᠨ ᠰᠦᠷᠦᠭ ᠤᠯᠠᠢᠷᠠᠭᠰᠠᠭᠠᠷ ᠪᠠᠢᠨ᠎ᠠ᠃ ᠲᠡᠳᠡᠨ ᠦ᠌ ᠭᠡᠳᠡᠰᠦ ᠴᠠᠳᠬᠤᠯᠠᠩ ᠴᠤ᠌ ᠰᠡᠳᠬᠢᠯ ᠨᠢ ᠥᠯᠥᠰᠬᠦᠯᠡᠩ ᠶᠦᠮ᠃ ᠡᠷᠬᠡ ᠮᠠᠲᠠᠯ ᠳ᠋ᠤ᠌ ᠶᠡᠬᠡ ᠰᠢᠨᠤᠯ ᠲᠠᠢ ᠭᠡᠮᠡᠨ ᠭᠠᠯᠳᠠᠨ ᠰᠠᠨᠠᠭᠤᠯᠬᠤ ᠠᠶᠠᠰ ᠢ᠋ᠶ᠋ᠠᠷ ᠥᠭᠦᠯᠡᠪᠡ᠃
ᠬᠠᠭᠠᠨ ᠰᠡᠩᠭᠡ ᠰᠡᠳᠬᠢᠯ ᠦ᠋ᠨ ᠳᠤᠯᠠᠭᠠᠬᠠᠨ ᠳᠣᠭᠳᠣᠯᠤᠯ ᠢ᠋ᠶ᠋ᠠᠨ ᠪᠠᠷᠢᠵᠤ ᠶᠠᠳᠠᠨ ᠪᠠᠢᠭᠰᠠᠨ ᠢ᠋ᠶ᠋ᠠᠨ ᠠᠭᠠᠵᠢᠮ ᠢ᠋ᠶ᠋ᠠᠷ ᠴᠢᠷᠠᠢ ᠨᠢ ᠬᠤᠪᠢᠷᠠᠪᠠ᠃
— ᠲᠡᠭᠡᠬᠦ ᠪᠡᠷ ᠶᠠᠭᠠᠬᠢᠪᠠᠯ ᠵᠣᠬᠢᠯᠲᠠᠢ ᠶ᠋ᠢ ᠪᠢ ᠮᠡᠳᠡᠨ᠎ᠡ᠃ ᠥᠯᠥᠰᠦᠭᠰᠡᠨ ᠰᠡᠳᠬᠢᠯ ᠵᠠᠭᠥᠨᠭᠠᠷ ᠤ᠋ᠨ ᠬᠠᠭᠠᠨ ᠤ᠋ ᠰᠠᠭᠤᠳᠠᠯ ᠢ᠋ ᠠᠨᠠᠵᠤ ᠪᠠᠢᠨ᠎ᠠ᠃ ᠠᠬ᠎ᠠ ᠳᠡᠭᠦᠦ ᠨᠠᠷ ᠡᠴᠡ ᠭᠠᠳᠠᠨ᠎ᠠ ᠠᠪᠠᠭ᠎ᠠ ᠠᠬ᠎ᠠ ᠴᠥᠬᠥᠢ ᠤᠪᠠᠰᠢ ᠰᠦᠷᠦᠭ ᠴᠢᠨᠣ᠎ᠠ ᠳ᠋ᠤ᠌ ᠨᠡᠢᠯᠡᠴᠢᠬᠡᠭᠰᠡᠨ ᠤᠴᠢᠷ ᠰᠣᠨᠣᠷ ᠰᠡᠷᠭᠡᠭ ᠪᠠᠢᠵᠤ᠂ ᠬᠤᠰᠢᠭᠤᠨ ᠤ᠋ ᠣᠯᠠᠨ ᠲᠦᠮᠡᠨ ᠢ᠋ ᠲᠡᠳᠡᠨ ᠢ᠋ ᠲᠠᠨᠢᠳᠠᠭ ᠪᠣᠯᠭᠠᠶ᠎ᠠ ᠭᠡᠮᠡᠨ ᠬᠠᠭᠠᠨ ᠢ᠋ᠶ᠋ᠠᠷ ᠳᠠᠪᠬᠤᠷ ᠪᠣᠳᠣᠯ ᠢ᠋ᠶ᠋ᠠᠨ ᠨᠡᠭᠡᠭᠡᠪᠡ᠃
— ᠨᠠᠮᠠᠶ᠋ᠢ ᠶᠠᠪᠤᠴᠢᠬᠠᠬᠤ ᠪᠠᠷ ᠪᠣᠯᠭᠣᠮᠵᠢᠲᠠᠢ ᠪᠠᠢᠭᠠᠷᠠᠢ᠃ ᠠᠨᠤ ᠬᠠᠲᠤᠨ᠂ ᠬᠠᠲᠤᠨ ᠡᠬᠡ ᠬᠣᠶᠠᠷ ᠢ᠋ ᠪᠠᠢᠭ᠎ᠠ ᠪᠣᠯᠬᠣᠷ ᠰᠡᠳᠬᠢᠯ ᠲᠦᠪᠳᠡᠬᠦ ᠦᠭᠡᠢ ᠪᠠᠢᠨ᠎ᠠ ᠭᠡᠵᠦ ᠭᠠᠯᠳᠠᠨ ᠬᠡᠯᠡᠪᠡ᠃
— ᠲᠥᠪᠡᠳ ᠣᠷᠣᠬᠤ ᠵᠠᠮ ᠵᠠᠭᠤᠷ᠎ᠠ ᠳ᠋ᠤ᠌ ᠮᠠᠨ ᠤ᠋ ᠬᠠᠳᠠᠮ ᠸᠴᠢᠷᠲᠤ ᠰᠡᠴᠡᠨ ᠬᠠᠭᠠᠨ ᠤ᠋ ᠬᠢ ᠨᠤᠲᠤᠭᠯᠠᠵᠤ ᠪᠣᠢ᠃ ᠲᠡᠳᠡᠨ ᠦ᠌ ᠬᠣᠲᠠ ᠠᠢᠯ ᠬᠥᠬᠡᠨᠠᠭᠤᠷ ᠲᠤ ᠵᠤᠰᠠᠵᠤ ᠪᠠᠢᠭ᠎ᠠ ᠪᠣᠯᠬᠣᠷ ᠴᠢᠮᠠᠶ᠋ᠢ ᠪᠢ ᠴᠠᠰᠤᠲᠤ ᠶ᠋ᠢᠨ ᠣᠷᠣᠨ ᠤ᠋ ᠵᠠᠬ᠎ᠠ ᠳ᠋ᠤ᠌ ᠬᠦᠷᠭᠡᠨ᠎ᠡ ᠭᠡᠵᠦ ᠭᠠᠯᠳᠠᠨ ᠳᠡᠭᠦᠦ ᠳ᠋ᠡᠭᠡᠨ ᠨᠠᠢᠷ ᠲᠠᠯᠪᠢᠨ ᠥᠭᠦᠯᠡᠪᠡ᠃ ᠨᠥᠭᠦᠭᠡ ᠲᠠᠯ᠎ᠠ ᠪᠠᠷ ᠬᠣᠱᠤᠳ ᠲᠦᠮᠡᠨ ᠢ᠋ᠶ᠋ᠡᠨ ᠡᠷᠭᠢᠵᠦ ᠲᠣᠭᠣᠷᠢᠬᠤ ᠳᠠᠪᠬᠤᠷ ᠰᠠᠨᠠᠭ᠎ᠠ ᠶ᠋ᠢ ᠰᠡᠩᠭᠡ ᠬᠠᠭᠠᠨ ᠠᠭᠤᠯᠤᠭᠰᠠᠨ ᠪᠥᠯᠥᠭᠡ᠃
ᠠᠨᠤ ᠬᠠᠲᠤᠨ ᠤ᠋ ᠨᠡᠷ᠎ᠡ ᠶ᠋ᠢ ᠬᠡᠯᠡᠬᠦ ᠳ᠋ᠡᠭᠡᠨ ᠭᠠᠯᠳᠠᠨ ᠤ᠋ ᠬᠣᠭᠣᠯᠠᠢ ᠴᠡᠴᠡᠷᠬᠢᠯᠡᠬᠦ ᠨᠢ ᠲᠣᠳᠣ ᠮᠡᠳᠡᠷᠡᠭᠳᠡᠨ᠎ᠡ᠃ ᠭᠠᠯᠳᠠᠨ ᠯᠠᠮᠠ ᠠᠨᠤ ᠬᠠᠲᠤᠨ ᠢ᠋ ᠬᠠᠷᠠᠬᠤ ᠳᠤᠷᠠᠲᠠᠢ ᠪᠣᠯᠵᠠᠢ᠃ ᠠᠨᠤ ᠶ᠋ᠢᠨ ᠵᠤᠤᠪᠠᠩᠳᠠᠭᠤ ᠴᠠᠭᠠᠨ ᠴᠢᠷᠠᠢ ᠤᠰᠬᠠᠯ ᠳᠥᠯᠭᠡᠬᠡᠨ ᠬᠠᠷᠠᠴᠠ ᠳ᠋ᠤ᠌ ᠢᠮᠠᠭᠲᠠ ᠡᠨᠡᠷᠢᠯ ᠬᠠᠢᠷ᠎ᠠ ᠪᠢᠯᠬᠠᠨ ᠬᠡᠷᠡᠯᠳᠦᠵᠦ ᠪᠠᠢᠬᠤ ᠨᠢ ᠯᠠᠮᠠ ᠰᠢᠪᠠᠭᠤᠨ ᠤ᠋ ᠨᠠᠭᠤᠷ ᠲᠠᠢ ᠠᠳᠠᠯᠢ ᠪᠥᠯᠥᠭᠡ᠃
ᠭᠤᠷᠪᠠ
ᠬᠥᠬᠡᠨᠠᠭᠤᠷ ᠬᠡᠮᠡᠬᠦ ᠶᠡᠬᠡ ᠡᠪᠡᠰᠦᠲᠦ ᠲᠠᠯ᠎ᠠ ᠨᠤᠲᠤᠭ ᠤ᠋ᠨ ᠵᠠᠬ᠎ᠠ ᠤᠷᠤᠭᠤ ᠳᠥᠩᠭᠡᠵᠦ ᠤᠷᠤᠭᠤᠳᠠ ᠳᠠᠭᠠᠨ᠎ᠠ᠂ ᠬᠦᠮᠡᠯᠢ ᠪᠠᠭᠴᠠ ᠪᠠᠷ ᠤᠷᠭᠤᠵᠤ᠂ ᠰᠢᠷᠡᠭᠡ ᠪᠦᠬᠦ ᠲᠡᠢ ᠴᠠᠳᠬᠤᠯᠠᠩ ᠲᠡᠮᠡᠭᠡᠳ ᠰᠦᠷᠦᠭᠯᠡᠨ᠂ ᠲᠡᠭᠷᠢ ᠶ᠋ᠢᠨ ᠬᠠᠶᠠᠭᠠᠨ ᠳ᠋ᠤ᠌ ᠮᠡᠲᠦ ᠵᠠᠢᠳᠠᠭᠤ ᠬᠣᠯᠠ ᠳ᠋ᠤ᠌ ᠬᠣᠲᠠ ᠠᠢᠯ ᠤ᠋ᠨ ᠤᠲᠤᠭ᠎ᠠ ᠰᠤᠭᠤᠨᠠᠭᠯᠠᠨ᠎ᠠ᠃ ᠭᠠᠯᠳᠠᠨ ᠬᠤᠪᠢᠯᠭᠠᠨ ᠤ᠋ ᠵᠢᠣᠵᠠ ᠲᠡᠷᠭᠡᠨ ᠦ᠌ ᠰᠡᠬᠡᠭᠡᠪᠴᠢ ᠪᠡᠷ ᠨᠢ ᠰᠠᠯᠬᠢ ᠤᠯᠠᠭᠠᠯᠠᠵᠤ ᠣᠷᠣᠬᠤ ᠳ᠋ᠤ᠌ ᠲᠠᠰᠢᠭᠤ ᠵᠠᠬ᠎ᠠ ᠲᠠᠢ᠂ ᠥᠷᠭᠡᠨ ᠡᠮᠵᠢᠶᠡᠷᠢ ᠲᠡᠢ ᠳᠡᠪᠡᠯ ᠡᠮᠦᠰᠴᠦ᠂ ᠬᠡ ᠲᠡᠢ ᠲᠣᠭᠣᠷᠴᠣᠭ ᠲᠠᠢ ᠬᠡᠰᠡᠭ ᠮᠥᠷᠭᠥᠯᠴᠢᠳ ᠨᠣᠭᠣᠭᠠᠨ ᠲᠠᠯ᠎ᠠ ᠳ᠋ᠤ᠌ ᠵᠠᠯᠪᠠᠷᠢᠨ ᠬᠡᠪᠲᠡᠭᠰᠡᠭᠡᠷ ᠦᠳᠡᠪᠡ᠃ ᠵᠢᠣᠵᠠ ᠶ᠋ᠢᠨ ᠳᠡᠷᠭᠡᠳᠡ ᠳ᠋ᠦ᠍ ᠵᠡᠷᠭᠡᠴᠡᠵᠦ ᠶᠠᠪᠤᠭ᠎ᠠ ᠰᠡᠩᠭᠡ ᠬᠠᠭᠠᠨ《ᠬᠠᠲᠤᠨ ᠡᠬᠡ ᠴᠢᠮᠠᠶ᠋ᠢ ᠶᠡᠬᠡ ᠰᠠᠨᠠᠨ᠎ᠠ ᠳᠠ》 ᠭᠡᠮᠡᠨ ᠶᠠᠭᠠᠬᠢᠭᠠᠳ ᠴᠤ ᠶᠤᠮ ᠰᠡᠳᠬᠢᠯ ᠨᠢ ᠭᠡᠭᠡᠯᠵᠡᠭᠰᠡᠨ ᠪᠣᠯᠤᠯᠲᠠᠢ ᠬᠡᠯᠡᠪᠡ᠃ ᠭᠠᠯᠳᠠᠨ ᠦᠭᠡ ᠶ᠋ᠢᠨ ᠬᠠᠷᠢᠭᠤ ᠳ᠋ᠤᠨᠢ᠂
— ᠬᠠᠲᠤᠨ ᠡᠬᠡ ᠶ᠋ᠢᠨ ᠬᠡᠪᠡᠯᠢ ᠡᠴᠡ ᠣᠭᠣᠨᠣ ᠶ᠋ᠢᠨ ᠡᠪᠡᠷ ᠰᠢᠭ ᠬᠣᠶᠠᠭᠤᠯᠠᠬᠠᠨ ᠢ᠋ᠶ᠋ᠠᠨ ᠲᠥᠷᠥᠪᠡ᠃ ᠬᠠᠲᠤᠨ ᠡᠬᠡ ᠶ᠋ᠢ ᠲᠠ ᠠᠰᠠᠷᠠᠨ᠎ᠠ᠃ ᠳᠦᠦᠭᠡᠦᠷ ᠦ᠋ᠨ ᠴᠢᠯᠠᠭᠤ ᠰᠢᠭ᠋ ᠬᠣᠯᠠᠳᠤᠯ᠎ᠠ᠃ ᠬᠠᠲᠤᠨ ᠡᠬᠡ ᠬᠣᠶᠠᠷ ᠬᠥᠪᠡᠭᠦᠨ ᠳ᠋ᠡᠭᠡᠨ ᠲᠡᠩᠴᠡᠭᠦᠬᠡᠨ ᠢᠪᠡᠭᠡᠯ ᠲᠡᠢ ᠪᠢᠯᠡ ᠭᠡᠵᠦ ᠠᠬ᠎ᠠ ᠶ᠋ᠢᠨ ᠢ᠋ᠶ᠋ᠡᠨ ᠠᠴᠢᠶᠠᠨ ᠳ᠋ᠤ᠌ ᠵᠣᠪᠠᠨᠢᠨ ᠥᠭᠦᠯᠡᠪᠡ᠃
ᠰᠡᠩᠭᠡ ᠬᠠᠭᠠᠨ《ᠨᠠᠮᠠᠶ᠋ᠢ ᠪᠠᠢᠬᠤ ᠳ᠋ᠤ᠌ ᠬᠠᠲᠤᠨ ᠡᠵᠢ ᠳ᠋ᠡᠭᠡᠨ᠂ ᠬᠠᠭᠠᠨ ᠲᠥᠷᠥᠯ ᠳ᠋ᠡᠭᠡᠨ ᠪᠤᠤ ᠵᠣᠪᠠᠭᠲᠤᠨ᠃ ᠡᠬᠡ ᠶ᠋ᠢ ᠪᠢ ᠬᠢᠴᠢᠶᠡᠵᠦ ᠠᠰᠠᠷᠠᠬᠤ ᠪᠣᠯᠤᠨ᠎ᠠ᠃ ᠬᠡᠷᠪᠡ ᠴᠡᠴᠡᠨ᠂ ᠵᠤᠳᠪᠠᠪᠠᠭᠠᠲᠤᠷ ᠨᠠᠷ ᠢ᠋ ᠦᠰ ᠡᠰᠡ ᠳᠤᠭᠤᠯᠪᠠᠰᠤ ᠲᠥᠷᠥ ᠶ᠋ᠢᠨ ᠬᠠᠲᠠᠭᠤ ᠨᠢᠳᠤᠷᠭ᠎ᠠ ᠦᠵᠡᠭᠦᠯᠪᠡᠯ ᠶᠠᠮᠠᠷ ᠪᠣᠯ ᠭᠡᠵᠦ ᠪᠣᠳᠣᠨ᠎ᠠ》 ᠭᠡᠮᠡᠨ ᠳᠡᠭᠦᠦ ᠯᠠᠮᠠ ᠲᠠᠢ ᠪᠠᠨ ᠵᠥᠪᠯᠡᠬᠦ ᠮᠡᠲᠦ ᠬᠡᠯᠡᠪᠡ᠃
ᠭᠠᠯᠳᠠᠨ ᠬᠤᠪᠢᠯᠭᠠᠨ《ᠬᠠᠭᠠᠨ ᠠᠬ᠎ᠠ ᠲᠠ ᠬᠦᠯᠢᠶᠡᠴᠡᠲᠡᠢ ᠪᠠᠢᠳᠠᠭ ᠶᠤᠮ ᠰᠢᠦ᠃ ᠭᠡᠰᠭᠡᠭᠡᠯ ᠦᠵᠡᠭᠦᠯᠬᠦ ᠴᠠᠭ ᠵᠠᠪ ᠵᠥᠩᠳᠡᠭᠡᠨ ᠣᠯᠳᠠᠨ᠎ᠠ᠃ ᠵᠤᠳᠪᠠᠪᠠᠭᠠᠲᠤᠷ ᠠᠬ᠎ᠠ ᠨᠣᠮᠣᠬᠠᠨ ᠪᠤᠰᠤ᠃ ᠭᠡᠬᠦ ᠳ᠋ᠡᠭᠡᠨ ᠬᠥᠳᠡᠯᠬᠦ ᠪᠣᠯᠤᠭ᠎ᠠ ᠦᠭᠡᠢ ᠪᠢᠵᠡ᠃ ᠴᠡᠴᠡᠨ ᠡᠷᠲᠡᠨ ᠡᠴᠡ ᠡᠴᠢᠭᠡ ᠬᠣᠩ ᠲᠠᠢᠵᠢ ᠶ᠋ᠢᠨ ᠰᠠᠭᠤᠳᠠᠯ ᠳ᠋ᠤ᠌ ᠰᠠᠨᠠᠭᠠᠷᠬᠠᠵᠤ ᠬᠠᠨᠴᠤᠢ ᠳ᠋ᠠᠭᠠᠨ ᠬᠢᠲᠤᠭ᠎ᠠ ᠨᠢᠭᠤᠭᠰᠠᠨ᠃ ᠰᠠᠶᠢ ᠴᠡᠴᠡᠨ ᠲᠠᠢᠵᠢ ᠥᠳᠥᠭᠡᠨ ᠬᠠᠳᠬᠤᠭᠰᠠᠨ᠃ᠲᠡᠭᠦᠨ ᠳ᠋ᠦ᠍ ᠬᠠᠷᠢᠭᠤ ᠪᠠᠷᠢᠭᠰᠠᠨ ᠠᠪᠠᠴᠤ ᠠᠷᠠᠢ ᠳᠤᠲᠠᠭᠤᠳᠠᠭᠤᠯᠤᠭᠰᠠᠨ ᠪᠠᠢᠵᠤ ᠮᠡᠳᠡᠨ᠎ᠡ᠃ ᠴᠣᠷᠣᠰ ᠣᠪᠣᠭ ᠳᠣᠲᠣᠷ᠎ᠠ ᠪᠠᠨ ᠬᠠᠭᠠᠷᠠᠵᠠᠢ᠃ ᠬᠠᠭᠠᠷᠠᠭᠰᠠᠨ ᠴᠤ᠌ ᠲᠣᠭᠣᠭᠠᠨ ᠳᠣᠲᠣᠷ᠎ᠠ ᠪᠠᠨ ᠬᠠᠭᠠᠷᠠᠬᠤ ᠶᠤᠮ ᠰᠢᠦ᠃ ᠪᠤᠷᠬᠠᠨ ᠪᠢᠳᠡᠨ ᠢ᠋ ᠬᠠᠷᠠᠵᠤ ᠪᠠᠢᠭ᠎ᠠ᠃ ᠰᠡᠳᠬᠢᠯ ᠢ᠋ᠶ᠋ᠡᠨ ᠪᠤᠤ ᠴᠢᠯᠡᠭᠡ》 ᠭᠡᠵᠦ ᠠᠭᠤᠯᠠᠰ ᠤ᠋ᠨ ᠬᠢᠷ᠎ᠠ ᠬᠠᠷᠠᠵᠤ ᠶᠠᠪᠤᠬᠤ ᠵᠠᠭᠤᠷ᠎ᠠ ᠭᠠᠯᠳᠠᠨ ᠰᠡᠳᠬᠢᠯ ᠢ᠋ᠶ᠋ᠡᠨ ᠢᠯᠡᠴᠢᠯᠡᠪᠡ᠃ ᠠᠯᠲᠠᠢ ᠶ᠋ᠢᠨ ᠠᠭᠤᠯᠠᠰ ᠤ᠋ᠨ ᠬᠢᠷ᠎ᠠ ᠳᠡᠭᠡᠭᠦᠷ ᠵᠢᠩ ᠦ᠋ᠨ ᠲᠡᠮᠡᠭᠡ ᠴᠥᠷᠬᠡᠯᠡᠭᠡ ᠲᠡᠢ ᠳᠠᠪᠠᠵᠤ ᠶᠠᠪᠤᠭ᠎ᠠ ᠨᠢ ᠪᠤᠳᠠᠩ ᠤ᠋ᠨ ᠬᠥᠯ ᠳ᠋ᠦ᠍ ᠳᠡᠭᠦᠵᠢᠯᠡᠭᠡᠰᠦᠲᠡᠢ ᠶᠦᠮ ᠰᠢᠭ᠋ ᠰᠣᠨᠢᠬᠠᠨ᠃ ᠨᠤᠲᠤᠭ ᠤ᠋ᠨ ᠶᠠᠭᠤᠮ᠎ᠠ ᠪᠦᠬᠦᠨ ᠤᠷᠢᠳ ᠡᠮᠦᠨ᠎ᠡ ᠡᠴᠡ ᠪᠡᠨ ᠰᠣᠨᠢᠨ ᠪᠠᠢᠭ᠎ᠠ ᠨᠢ ᠭᠠᠯᠳᠠᠨ ᠳ᠋ᠤ᠌ ᠡᠷᠭᠢᠵᠦ ᠠᠭᠤᠯᠵᠠᠬᠤ ᠶ᠋ᠢᠨ ᠪᠡᠯᠭᠡᠳᠡᠯ ᠣᠢᠷᠠᠬᠠᠨ ᠰᠠᠨᠠᠭᠳᠠᠨ᠎ᠠ᠃ ᠭᠠᠯᠳᠠᠨ ᠡᠨᠡ ᠤᠳᠠᠭ᠎ᠠ ᠬᠠᠭᠠᠨ ᠠᠬ᠎ᠠ ᠳ᠋ᠠᠭᠠᠨ ᠮᠠᠰᠢ ᠲᠣᠳᠣ ᠪᠠᠷ《ᠴᠡᠴᠡᠨ ᠲᠠᠢᠵᠢ ᠣᠩᠭᠣᠨ ᠲᠠᠭᠰᠢᠨ ᠰᠦᠷᠦᠭ ᠲᠦ᠍ ᠮᠢᠨᠢ ᠳᠠᠪ ᠰᠠᠭᠤᠯᠭᠠᠬᠤ ᠭᠡᠵᠦ ᠦᠵᠡᠯ᠎ᠡ᠃ ᠲᠡᠷᠡ ᠲᠠᠢᠵᠢ ᠴᠢᠨᠠᠭᠰᠢᠯᠠᠭᠠᠳ ᠲᠥᠷᠥ ᠶ᠋ᠢᠨ ᠡᠷᠬᠡ ᠶ᠋ᠢ ᠪᠤᠯᠢᠶᠠᠬᠤ ᠪᠠᠷ ᠬᠠᠨᠴᠤᠢ ᠰᠢᠮᠠᠯᠠᠬᠤ ᠠᠪᠠᠰᠤ ᠬᠠᠭᠠᠨ ᠠᠬ᠎ᠠ ᠨᠢᠳᠤᠷᠭᠠᠨ ᠠᠮᠲᠠ ᠦᠵᠡᠭᠦᠯᠬᠦ ᠨᠢ ᠮᠢᠨᠦ ᠪᠣᠳᠣᠯ ᠢ᠋ᠶ᠋ᠠᠷ ᠰᠠᠢᠨ ᠬᠠᠮᠠᠭᠠᠯᠠᠯᠲᠠ ᠪᠣᠯᠤᠨ᠎ᠠ》 ᠭᠡᠵᠦ ᠲᠦᠷᠦᠭᠦᠴᠢ ᠶ᠋ᠢᠨ ᠰᠡᠬᠦᠭᠳᠡᠭᠰᠡᠨ ᠠᠰᠠᠭᠤᠯᠲᠠ ᠳ᠋ᠤ᠌ ᠬᠠᠷᠢᠭᠤᠯᠬᠤ ᠨᠢ ᠲᠡᠳᠡᠨ ᠦ᠌ ᠪᠣᠳᠣᠯ ᠨᠢᠭᠡ ᠪᠠᠢᠭ᠎ᠠ ᠶ᠋ᠢ ᠨᠤᠲᠠᠯᠠᠵᠤ ᠪᠠᠢᠯ᠎ᠠ᠃
ᠭᠠᠯᠳᠠᠨ ᠬᠤᠪᠢᠯᠭᠠᠨ ᠪᠠᠢᠨ ᠪᠠᠢᠨ ᠠᠮᠢᠳᠤᠷᠠᠯ ᠲᠠᠮᠤ ᠬᠣᠶᠠᠷ ᠤ᠋ᠨ ᠲᠤᠬᠠᠢ ᠡᠷᠭᠢᠴᠡᠭᠦᠯᠦᠨ᠎ᠡ᠃ ᠠᠮᠢᠳᠤᠷᠠᠯ ᠲᠠᠮᠤ ᠬᠣᠶᠠᠷ ᠤ᠋ᠨ ᠵᠥᠷᠢᠯᠭᠡ ᠳᠡᠭᠡᠷ᠎ᠡ ᠬᠥᠮᠦᠨ ᠪᠣᠯᠵᠤ ᠲᠥᠷᠥᠭᠡᠳ ᠲᠡᠷᠡ ᠬᠦ᠌ ᠵᠥᠷᠢᠯᠭᠡ ᠪᠡᠷ ᠪᠡᠳᠡᠷᠢᠭᠰᠡᠭᠡᠷ ᠲᠡᠭᠦᠰᠳᠡᠭ ᠪᠤᠰᠤ ᠤᠤ? ᠭᠡᠵᠦ ᠪᠣᠳᠣᠨ᠎ᠠ᠃ ᠭᠠᠯᠳᠠᠨ ᠪᠤᠷᠬᠠᠨ ᠤ᠋ ᠨᠣᠮ ᠢ᠋ ᠨᠢᠳᠦᠨ ᠳ᠋ᠡᠭᠡᠨ ᠰᠢᠩᠭᠡᠬᠡᠨ ᠠᠮᠢᠳᠤᠷᠠᠯ ᠢ᠋ ᠬᠠᠷᠠᠬᠤ ᠭᠡᠲᠡᠯ᠎ᠡ ᠠᠮᠢᠳᠤᠷᠠᠯ ᠬᠠᠲᠠᠭᠤ ᠭᠦᠲᠦᠭᠦᠦ ᠬᠠᠷᠠᠭᠳᠠᠨ᠎ᠠ᠃ ᠦᠬᠦᠵᠦ ᠪᠠᠢᠨ᠎ᠠ᠂ ᠲᠥᠷᠥᠵᠦ ᠪᠠᠢᠨ᠎ᠠ᠂ ᠳᠠᠢᠳᠤᠵᠤ ᠪᠠᠢᠨ᠎ᠠ᠂ ᠦᠬᠦᠵᠦ ᠪᠠᠢᠨ᠎ᠠ᠃ ᠡᠨᠡ ᠶᠠᠪᠤᠳᠠᠯ ᠪᠤᠷᠬᠠᠨ ᠤ᠋ ᠨᠣᠮ ᠲᠠᠢ ᠬᠠᠷᠰᠢᠯᠠᠬᠤ ᠦᠭᠡᠢ ᠪᠣᠯᠪᠠᠴᠤ ᠲᠥᠷᠥᠯᠬᠢ ᠴᠢᠨᠠᠷ ᠢ᠋ᠶ᠋ᠠᠷ ᠢ᠋ᠶ᠋ᠠᠨ ᠬᠠᠲᠠᠭᠤ ᠬᠠᠤᠯᠢ ᠶ᠋ᠢ ᠵᠥᠷᠢᠴᠡᠬᠦ ᠥᠭᠡᠷᠡᠴᠢᠯᠡᠬᠦ ᠠᠷᠭ᠎ᠠ ᠦᠭᠡᠢ ᠪᠢᠯᠡ᠃ ᠮᠣᠳᠣ ᠤᠷᠭᠤᠮᠠᠯ ᠡᠴᠡ ᠠᠮᠢ ᠨᠡᠬᠡᠵᠦ᠂ ᠠᠷᠢᠶᠠᠲᠠᠨ ᠵᠢᠭᠦᠷᠲᠡᠨ ᠡᠴᠡ ᠠᠮᠢ ᠨᠡᠬᠡᠵᠦ ᠠᠮᠢᠳᠤᠷᠠᠳᠠᠭ ᠬᠥᠮᠦᠨ ᠬᠡᠮᠡᠭᠴᠢ ᠶ᠋ᠢᠨ ᠰᠡᠳᠬᠢᠯ ᠶᠡᠬᠡ ᠶᠦᠮ᠃ ᠬᠥᠮᠦᠰ ᠢ᠋ ᠠᠷᠭᠠᠳᠠᠬᠤ ᠶ᠋ᠢᠨ ᠲᠤᠯᠠᠳᠠ ᠤᠬᠠᠭᠠᠷᠠᠭᠤᠯᠬᠤ ᠶ᠋ᠢᠨ ᠲᠤᠯᠠᠳᠠ ᠪᠤᠷᠬᠠᠨ ᠣᠷᠣᠰᠢᠮᠤᠢ᠃ ᠪᠤᠷᠬᠠᠨ ᠤ᠋ ᠨᠢᠳᠦ ᠪᠡᠷ ᠶᠢᠷᠲᠢᠨᠴᠦ ᠶ᠋ᠢ ᠬᠠᠷᠠᠬᠤ ᠨᠢ ᠳᠡᠩᠳᠡᠭᠦᠦ ᠥᠷᠥᠭᠡᠰᠦᠯ ᠪᠠᠢᠯ᠎ᠠ᠃ ᠪᠤᠷᠬᠠᠨ ᠤ᠋ ᠨᠢᠳᠦ ᠪᠣᠯ ᠬᠠᠢᠷ᠎ᠠ᠂ ᠨᠢᠭᠦᠯᠡᠰᠦᠯ᠂ ᠦᠷᠦᠪᠲᠦᠯ᠂ ᠡᠨᠡᠷᠢᠯ ᠪᠥᠭᠡᠳ ᠣᠶᠤᠨ ᠰᠠᠨᠠᠭ᠎ᠠ᠂ ᠤᠬᠠᠭᠠᠷᠠᠯ ᠤ᠋ᠨ ᠨᠢᠳᠦ ᠶᠦᠮ᠃ ᠥᠭᠡᠷ᠎ᠡ ᠪᠡᠷ ᠬᠡᠯᠡᠪᠡᠯ ᠠᠷᠢᠭᠤᠨ ᠨᠠᠨᠳᠢᠨ ᠶᠣᠰᠣ ᠰᠤᠷᠲᠠᠬᠤᠨ ᠤ᠋ ᠢᠯᠡᠷᠬᠡᠢᠯᠡᠯ ᠪᠢᠯᠡ᠃ ᠠᠮᠢᠳᠤᠷᠠᠯ ᠳᠡᠭᠡᠷ᠎ᠡ ᠴᠢᠰᠤᠨ ᠤ᠋ ᠥᠩᠭᠡ ᠤᠯᠠᠭᠠᠨ ᠪᠠᠢᠳᠠᠭ ᠪᠣᠯ ᠪᠤᠷᠬᠠᠨ ᠳ᠋ᠤ᠌ ᠴᠢᠰᠤ ᠤᠷᠤᠰᠬᠠᠬᠤ ᠨᠢ ᠨᠢᠭᠦᠯ ᠪᠥᠭᠡᠳ ᠲᠡᠭᠦᠨ ᠡᠴᠡ ᠢᠮᠠᠭᠲᠠ ᠵᠠᠢᠯᠠᠰᠬᠢᠬᠤ ᠶ᠋ᠢ ᠨᠣᠮᠯᠠᠳᠠᠭ ᠤᠴᠢᠷ ᠲᠠᠢ᠃
ᠴᠢᠰᠤ ᠶ᠋ᠢ ᠴᠠᠭᠠᠨ ᠥᠩᠭᠡ ᠲᠡᠢ ᠭᠡᠵᠦ ᠨᠣᠮᠯᠠᠵᠤ ᠪᠠᠰᠠ ᠪᠣᠯᠤᠨ᠎ᠠ᠃ ᠭᠠᠯᠳᠠᠨ ᠦᠶ᠎ᠡ ᠵᠠᠢ ᠦᠭᠡᠢ ᠪᠣᠳᠣᠯ ᠬᠡᠯᠬᠢᠵᠦ᠂ ᠪᠢᠰᠢᠯᠭᠠᠵᠤ ᠶᠠᠪᠤᠲᠠᠯ᠎ᠠ ᠬᠠᠭᠠᠨ ᠠᠬ᠎ᠠ ᠨᠢ ᠡᠢᠨ ᠬᠦ᠌ ᠠᠮᠠ ᠨᠡᠭᠡᠭᠡᠪᠡ᠃
— ᠢᠯᠡᠳᠲᠡ ᠵᠥᠷᠢᠭᠦᠯᠬᠦ ᠠᠪᠠᠰᠤ ᠴᠢᠰᠤ ᠤᠷᠤᠰᠬᠤ ᠪᠤᠰᠤ ᠤᠤ? ᠲᠡᠭᠡᠬᠦ ᠪᠡᠷ ᠡᠨᠡ ᠨᠢᠭᠦᠯ ᠡᠴᠡ ᠪᠢ ᠶᠠᠭᠠᠬᠢᠵᠤ ᠵᠠᠢᠯᠠᠬᠤ ᠪᠢᠯᠡ᠃ ᠨᠠᠳᠠ ᠮᠠᠭᠤ ᠢᠷᠣ᠎ᠠ ᠶ᠋ᠢᠨ ᠵᠡᠭᠦᠳᠦ ᠵᠦᠩ ᠪᠠᠢᠬᠤ ᠪᠣᠯᠤᠯ᠎ᠠ᠃
— ᠬᠥᠮᠦᠨ ᠬᠡᠮᠡᠭᠴᠢ ᠥᠪᠡᠷ ᠢ᠋ ᠪᠡᠨ ᠪᠣᠯᠤᠨ ᠥᠷᠥᠭᠡᠯ ᠢ᠋ ᠰᠦᠢᠳᠬᠡᠳᠡᠭ᠃ ᠲᠡᠢᠮᠦ ᠪᠣᠯᠬᠣᠷ ᠦᠢᠯᠡ ᠶ᠋ᠢᠨ ᠦᠷ᠎ᠡ ᠲᠡᠢ ᠠᠮᠢᠲᠠᠨ᠃ ᠦᠢᠯᠡ
ᠯᠠᠢ ᠪᠠᠨ ᠡᠳ᠋ᠯᠡᠬᠦ ᠶ᠋ᠢ ᠲᠠᠮᠤ ᠳ᠋ᠤ᠌ ᠤᠨᠠᠨ᠎ᠠ ᠭᠡᠳᠡᠭ᠃ ᠮᠥᠨ ᠲᠠᠮᠤ ᠶ᠋ᠢᠨ ᠠᠮᠢᠲᠠᠨ ᠲᠠᠮᠤ ᠳ᠋ᠠᠭᠠᠨ ᠵᠢᠷᠭᠠᠯ ᠲᠠᠢ ᠭᠡᠳᠡᠭ᠃
— ᠪᠢ ᠲᠠᠢᠪᠤᠰᠢᠷᠠᠬᠤ ᠬᠡᠷᠡᠭᠲᠡᠢ ᠪᠠᠢᠨ᠎ᠠ᠃
— ᠬᠠᠭᠠᠨ ᠲᠠ ᠰᠡᠳᠬᠢᠯ ᠢ᠋ᠶ᠋ᠡᠨ ᠵᠠᠰᠠ᠃ ᠰᠡᠳᠬᠢᠯ ᠦ᠋ᠨ ᠵᠠᠰᠠᠯ ᠤ᠋ᠨ ᠣᠯᠠᠨ ᠠᠷᠭ᠎ᠠ ᠨᠤᠭᠤᠳ ᠪᠠᠢᠳᠠᠭ ᠤ᠋ᠨ ᠨᠢᠭᠡ ᠨᠢ ᠲᠠᠢᠪᠤᠩ ᠪᠠᠢᠬᠤ᠃ ᠲᠠᠢᠪᠤᠩ ᠪᠠᠢᠬᠤ ᠶ᠋ᠢᠨ ᠲᠤᠯᠠᠳᠠ ᠪᠦᠬᠦᠨ ᠢ᠋ ᠥᠷᠥᠰᠢᠶᠡᠬᠦ ᠬᠡᠷᠡᠭᠲᠡᠢ᠃ ᠴᠡᠴᠡᠨ ᠲᠠᠢᠵᠢ ᠪᠤᠷᠤᠭᠤ ᠲᠠᠢ ᠪᠢᠰᠢ ᠰᠢᠦ ᠳᠡ᠃ ᠲᠡᠷᠡ ᠲᠠᠢᠵᠢ ᠶᠠᠭᠠᠬᠢᠭᠠᠳ ᠬᠠᠭᠠᠨ ᠰᠠᠭᠤᠳᠠᠯ ᠳ᠋ᠤ᠌ ᠰᠠᠭᠤᠵᠤ᠂ ᠲᠥᠷᠥ ᠶ᠋ᠢᠨ ᠲᠠᠮᠠᠭ᠎ᠠ ᠠᠳᠬᠤᠵᠤ ᠪᠣᠯᠳᠠᠭ ᠦᠭᠡᠢ ᠪᠢᠯᠡ᠃ ᠲᠠᠢᠵᠢ ᠶᠡᠷᠦ ᠡᠴᠡ ᠪᠡᠨ ᠪᠦᠬᠦᠨ ᠢ᠋ ᠪᠣᠳᠣᠵᠤ ᠰᠡᠳᠬᠢᠵᠦ ᠪᠣᠯᠤᠨ᠎ᠠ᠃ ᠬᠥᠮᠦᠨ ᠪᠣᠯᠤᠭᠰᠠᠨ ᠬᠣᠢᠨ᠎ᠠ ᠬᠥᠮᠦᠨ ᠦ᠌ ᠪᠣᠳᠣᠳᠠᠭ ᠢ᠋ ᠪᠣᠳᠣᠵᠤ ᠪᠠᠢᠭ᠎ᠠ᠂ ᠭᠡᠪᠡᠴᠦ ᠁
— ᠤᠷᠭᠤᠭᠤᠯᠤᠭᠠᠳ ᠪᠣᠳᠣᠭᠠᠳ ᠪᠠᠢᠪᠠᠯ ᠠᠭᠤᠴᠢᠯᠠᠵᠤ ᠪᠣᠯᠬᠤ ᠦᠭᠡᠢ ᠶᠠᠭᠤᠮ᠎ᠠ ᠠᠯᠠᠭ᠎ᠠ᠃ ᠴᠢᠮ᠎ᠠ ᠰᠢᠭ᠋ ᠬᠤᠪᠢᠯᠭᠠᠨ ᠯᠠᠮᠠ ᠬᠥᠮᠦᠨ ᠳ᠋ᠦ᠍ ᠰᠠᠪᠠ ᠰᠢᠮ᠎ᠡ ᠶᠢᠷᠲᠢᠨᠴᠦ ᠶ᠋ᠢᠨ ᠣᠷᠣᠨ ᠵᠠᠢ ᠡᠴᠡ ᠢᠯᠡᠭᠦᠦ ᠲᠡᠢ ᠣᠶᠤᠨ ᠰᠠᠨᠠᠭᠠᠨ ᠤ᠋ ᠶᠢᠷᠲᠢᠨᠴᠦ ᠪᠠᠢᠳᠠᠭ ᠪᠤᠰᠤ ᠤᠤ? ᠠᠭᠤᠵᠢᠭᠤ ᠪᠣᠳᠣᠵᠤ ᠤᠷᠲᠤ ᠰᠠᠨᠠᠵᠤ ᠶᠠᠪᠤᠶ᠎ᠠ᠃
ᠬᠠᠭᠠᠨ ᠰᠡᠩᠭᠡ ᠳᠡᠭᠦᠦ ᠶ᠋ᠢᠨ ᠢ᠋ᠶ᠋ᠡᠨ ᠶᠠᠷᠢᠶᠠᠨ ᠳ᠋ᠤ᠌ ᠤᠷᠮᠠᠰᠢᠨ ᠠᠶᠠᠨᠴᠢᠳ᠂ᠮᠥᠷᠭᠥᠯᠴᠢᠳ ᠦ᠋ᠨ ᠵᠠᠮ ᠢ᠋ ᠣᠭᠲᠣᠯᠤᠨ ᠠᠢᠰᠤᠢ ᠮᠣᠷᠢᠲᠠᠨ ᠨᠤᠭᠤᠳ ᠢ᠋ ᠬᠠᠷᠠᠵᠤ᠂
— ᠡᠯᠴᠢ ᠢᠷᠡᠯ᠎ᠡ ᠭᠡᠵᠦ ᠳᠤᠤᠭᠠᠷᠪᠠ᠃
— ᠬᠠᠮᠢᠭᠠᠬᠢ ᠶ᠋ᠢᠨ ᠡᠯᠴᠢ ᠪᠢᠯᠡ?
— ᠸᠴᠢᠷᠳᠣ ᠰᠡᠴᠡᠨ ᠬᠠᠭᠠᠨ ᠤ᠋ ᠡᠯᠴᠢ ᠪᠣᠯᠤᠯᠲᠠᠢ᠃ ᠪᠢ ᠬᠡᠯᠡ ᠳᠣᠭᠣᠯᠭᠠᠭᠰᠠᠨ ᠶᠤᠮ᠃ ᠴᠡᠷᠢᠭ ᠦ᠋ᠨ ᠠᠬᠠᠯᠠᠭᠴᠢ ᠵᠠᠮ ᠬᠥᠨᠳᠡᠯᠡᠨ ᠠᠢᠰᠤᠢ ᠮᠣᠷᠢᠲᠠᠨ ᠨᠤᠭᠤᠳ ᠤ᠋ᠨ ᠥᠭᠡᠳᠡ ᠡᠴᠡ ᠤᠭᠲᠤᠨ ᠢᠯᠡᠭᠡᠪᠡ᠃ ᠤᠭᠲᠤᠭᠤᠯ ᠳᠦᠭᠦᠷᠡᠩ ᠨᠣᠭᠣᠭ᠎ᠠ ᠲᠠᠢ ᠲᠠᠯ᠎ᠠ ᠳᠤᠮᠳᠠᠭᠤᠷ ᠮᠣᠷᠢᠨ ᠤ᠋ ᠬᠤᠷᠳᠤ ᠪᠠᠷ ᠴᠠᠬᠢᠯᠠᠵᠤ ᠣᠳᠤᠯ᠎ᠠ᠃ ᠡᠨᠡ ᠦᠶ᠎ᠡ ᠳ᠋ᠦ᠍ ᠭᠠᠯᠳᠠᠨ ᠳ᠋ᠤ᠌ 《ᠪᠣᠷᠣ ᠲᠠᠯ᠎ᠠ ᠳ᠋ᠤ᠌ ᠥᠨᠳᠡᠭᠡᠲᠦ ᠴᠥᠭᠥᠷᠥᠮ ᠪᠣᠢ᠃ ᠡᠳᠦᠢ ᠳ᠋ᠦ᠍ ᠳᠡᠭᠳᠡᠭᠡᠬᠡᠢ ᠱᠤᠤᠭᠢᠵᠤ ᠪᠣᠢ᠃ ᠥᠨᠳᠡᠭᠡᠲᠦ ᠴᠥᠭᠥᠷᠥᠮ ᠦ᠋ᠨ ᠬᠥᠪᠡᠭᠡᠨ ᠳ᠋ᠦ᠍ ᠠᠨᠤᠳᠠᠷ᠎ᠠ ᠵᠣᠭᠰᠣᠵᠤ < ᠲᠥᠪᠡᠳ ᠤᠷᠤᠭᠤ ᠣᠳᠬᠤ ᠪᠦᠷᠢ ᠳ᠋ᠡᠭᠡᠨ ᠡᠨᠡᠭᠦᠷ ᠶᠠᠪᠤᠵᠤ ᠪᠠᠢᠭᠠᠷᠠᠢ>ᠭᠡᠳ ᠤᠯᠠᠭᠠᠨ᠂ ᠰᠢᠷ᠎ᠠ᠂ ᠬᠥᠬᠡ᠂ ᠴᠠᠭᠠᠨ ᠠᠭᠤᠯᠠ ᠶ᠋ᠢᠨ ᠵᠦᠭ ᠵᠢᠭᠠᠵᠤ ᠪᠠᠢᠭᠰᠠᠨ》 ᠭᠡᠵᠦ ᠰᠠᠨᠠᠪᠠ᠃ ᠥᠬᠢᠨ ᠦ᠌ ᠰᠠᠪᠬ᠎ᠠ ᠮᠡᠲᠦ ᠨᠠᠷᠢᠨ ᠴᠡᠮᠴᠡᠭᠡᠷ ᠬᠤᠷᠤᠭᠤ ᠲᠥᠪᠡᠳ ᠦ᠋ᠨ ᠠᠭᠤᠯᠠᠰ ᠢ᠋ ᠬᠡᠷᠬᠢᠨ ᠤᠨᠤᠵᠤ ᠪᠠᠢᠭᠰᠠᠨ ᠢ᠋ ᠬᠤᠪᠢᠯᠭᠠᠨ ᠯᠠᠮᠠ ᠶ᠋ᠢᠨ ᠴᠡᠭᠡᠵᠢᠨᠠ ᠵᠢᠷᠤᠭᠳᠠᠨ ᠦᠯᠡᠳᠡᠪᠡ᠃
ᠳᠥᠷᠪᠡ
ᠭᠠᠯᠳᠠᠨ ᠳ᠋ᠤ᠌ ᠥᠭᠡᠷ᠎ᠡ ᠨᠢᠭᠡ ᠵᠢᠷᠤᠭ ᠪᠣᠢ᠃ ᠲᠡᠷᠡ ᠵᠢᠷᠤᠭ ᠪᠣᠯ ᠮᠢᠭᠮᠠᠨᠰᠠᠩᠵᠠᠢ ᠪᠢᠯᠡ᠃ ᠢᠷᠪᠢᠰ ᠲᠡᠢ ᠲᠤᠯᠭᠠᠷᠠᠵᠤ ᠶᠠᠪᠤᠬᠤ ᠳ᠋ᠠᠭᠠᠨ ᠴᠡᠴᠡᠭ ᠦ᠋ᠨ ᠪᠤᠳᠠᠩ ᠲᠠᠲᠠᠳᠠᠭ ᠠᠢᠷᠠᠭᠳᠣ ᠬᠠᠪᠴᠢᠯ ᠤᠷᠤᠭᠤ ᠭᠠᠯᠳᠠᠨ ᠨᠢᠳᠦ ᠪᠡᠨ ᠴᠢᠯᠡᠭᠡᠵᠦ ᠤᠳᠠᠭᠠᠨ ᠬᠠᠷᠠᠵᠠᠢ ᠲᠡᠷᠡ ᠬᠦᠩᠬᠦᠬᠡᠷ ᠳᠤᠭᠤᠢ ᠬᠦᠷᠢᠶᠡᠨ ᠳ᠋ᠦ᠍ ᠠᠩ ᠠᠮᠢᠲᠠᠨ ᠲᠠᠢ ᠲᠣᠭᠯᠠᠵᠤ ᠪᠠᠢᠭᠰᠠᠨ ᠢ᠋ᠶ᠋ᠠᠨ ᠰᠠᠨᠠᠪᠠ᠃ ᠢᠷᠪᠢᠰ ᠦ᠋ᠨ ᠰᠢᠳᠦ ᠲᠣᠭᠠᠯᠠᠵᠤ ᠪᠠᠢᠭᠰᠠᠨ ᠢ᠋ᠶ᠋ᠠᠨ ᠭᠠᠯᠳᠠᠨ ᠪᠣᠳᠣᠵᠤ ᠮᠢᠭᠮᠠᠨᠰᠠᠩᠵᠠᠢ ᠶ᠋ᠢᠨ ᠲᠣᠷᠮᠣᠭᠣᠷ ᠨᠢᠳᠦᠨ ᠳ᠋ᠦ᠍ ᠳᠦᠭᠦᠷᠡᠩ ᠠᠢᠳᠠᠰ ᠬᠤᠷᠠᠵᠤ᠂ ᠴᠡᠭᠡᠵᠢ ᠪᠡᠨ ᠳᠠᠷᠤᠨ ᠳᠣᠣᠷ᠎ᠠ ᠪᠠᠨ ᠳᠡᠪᠬᠡᠴᠡᠵᠦ ᠪᠠᠢᠵᠤ ᠪᠢᠯᠡ᠃ ᠭᠠᠯᠳᠠᠨ ᠲᠡᠭᠡᠬᠦ ᠡᠴᠡ ᠲᠡᠭᠡᠬᠦ ᠭᠡᠰᠡᠨ ᠶᠦᠮ ᠰᠢᠭ ᠢᠷᠪᠢᠰ ᠦ᠋ᠨ ᠰᠣᠶᠣᠭ᠎ᠠ ᠶ᠋ᠢ ᠲᠠᠲᠠᠵᠤ ᠦᠵᠡᠵᠡᠢ᠃ ᠳᠠᠷᠠᠭ᠎ᠠ ᠨᠢ ᠮᠢᠭᠮᠠᠨᠰᠠᠩᠵᠠᠢ ᠥᠬᠢᠨ ᠲᠡᠢ ᠲᠣᠪᠰᠢᠭᠤᠷ ᠲᠠᠲᠠᠬᠤ ᠳ᠋ᠤ᠌ ᠬᠤᠷᠤᠭᠤ ᠨᠢ ᠡᠪᠯᠡᠵᠦ ᠥᠭᠭᠥ ᠦᠭᠡᠢ ᠴᠡᠴᠡᠷᠡᠵᠦ ᠪᠠᠢᠵᠤ ᠪᠢᠯᠡ᠃
ᠲᠥᠪᠡᠳ ᠡᠴᠡ ᠢᠷᠡᠭᠰᠡᠨ ᠳᠠᠷᠤᠢ ᠳ᠋ᠠᠭᠠᠨ ᠭᠠᠯᠳᠠᠨ ᠯᠠᠮᠠ ᠣᠯᠠᠨ ᠬᠥᠮᠦᠨ ᠳ᠋ᠦ᠍ ᠰᠠᠬᠢᠯ ᠰᠠᠨᠸᠠᠷ ᠬᠦᠷᠲᠡᠭᠡᠵᠦ᠂ ᠪᠤᠷᠬᠠᠨ ᠤ᠋ ᠨᠣᠮ ᠢ ᠲᠣᠳᠣ ᠦᠰᠦᠭ ᠢ᠋ᠶ᠋ᠡᠷ ᠬᠠᠭᠤᠯᠪᠤᠷᠢᠯᠠᠨ ᠣᠷᠴᠢᠭᠤᠯᠵᠤ ᠪᠠᠢᠬᠤ ᠳ᠋ᠠᠭᠠᠨ 《ᠮᠢᠭᠮᠠᠨᠰᠠᠩᠵᠠᠢ ᠣᠷᠣᠭᠠᠳ ᠢᠷᠡᠪᠡ》 ᠭᠡᠵᠦ ᠬᠡᠳᠦ ᠬᠡᠳᠦ ᠪᠣᠳᠣᠵᠠᠢ᠃ ᠭᠡᠲᠡᠯ᠎ᠡ ᠮᠢᠭᠮᠠᠨᠰᠠᠩᠵᠠᠢ ᠣᠭᠲᠣ ᠰᠤᠷᠠᠭ ᠦᠭᠡᠢ ᠪᠠᠢᠵᠤ ᠭᠠᠯᠳᠠᠨ ᠡᠴᠡ ᠲᠥᠭᠡᠷᠢᠵᠡᠢ᠃ ᠬᠤᠪᠢᠯᠭᠠᠨ ᠯᠠᠮᠠ ᠶ᠋ᠢᠨ ᠳᠣᠲᠣᠭᠠᠳᠤ ᠲᠠᠮᠢᠷ ᠠᠯᠳᠠᠷᠠᠵᠤ᠂ ᠬᠠᠯᠠᠭᠤᠨ ᠶᠡᠬᠡᠰᠴᠦ᠂ ᠲᠠᠪᠤᠨ ᠴᠤᠯᠤ ᠳᠦᠯᠡᠢᠷᠡᠵᠦ ᠪᠠᠢᠬᠤ ᠦᠶ᠎ᠡ ᠳ᠋ᠦ᠍ ᠶᠥᠮ ᠠᠭ᠎ᠠ ᠡᠬᠡ ᠪᠤᠤᠬᠢᠶᠠᠯᠠᠨ ᠣᠴᠢᠵᠤ ᠢᠯᠠᠷᠢᠰᠢᠭᠤᠯᠬᠤ ᠳ᠋ᠤ᠌ ᠭᠠᠯᠳᠠᠨ ᠡᠬᠡ ᠶ᠋ᠢᠨ ᠥᠭᠭᠥᠭᠰᠠᠨ ᠨᠣᠭᠣᠭᠠᠨ ᠴᠠᠢ ᠶ᠋ᠢ ᠤᠤᠭᠤᠵᠤ ᠰᠠᠭᠤᠬᠤ ᠳ᠋ᠠᠭᠠᠨ᠂
— ᠡᠵᠢ ᠮᠢᠨᠢ ᠡᠨᠡ ᠴᠠᠢ ᠮᠠᠨ ᠤ᠋ ᠨᠤᠲᠤᠭ ᠤ᠋ᠨ ᠬᠢ ᠶᠦᠮ ᠪᠢᠵᠡ ᠳᠡ ᠭᠡᠮᠡᠨ ᠠᠰᠠᠭᠤᠵᠠᠢ᠃
ᠡᠬᠡ ᠨᠢ᠂
— ᠮᠢᠭᠮᠠᠨᠰᠠᠩᠵᠠᠢ ᠬᠡᠮᠡᠬᠦ ᠤᠷᠭᠤᠮᠠᠯ ᠤ᠋ᠨ ᠨᠠᠪᠴᠢ ᠭᠡᠵᠦ ᠥᠭᠦᠯᠡᠵᠡᠢ᠃
《ᠴᠠᠢ ᠶ᠋ᠢᠨ ᠤᠷᠭᠤᠮᠠᠯ ᠤ᠋ᠨ ᠨᠡᠷ᠎ᠡ ᠲᠡᠢ ᠮᠢᠭᠮᠠᠨᠰᠠᠩᠵᠠᠢ ᠨᠠᠳᠠ ᠡᠴᠡ ᠲᠥᠭᠡᠷᠢᠵᠦ ᠣᠳᠬᠤ ᠨᠢ ᠬᠣᠷᠸ᠎ᠠ ᠶ᠋ᠢᠨ ᠵᠠᠪᠰᠠᠷ ᠵᠠᠢ ᠲᠠᠢ ᠡᠴᠡ ᠪᠣᠯᠪᠠᠤ? ᠲᠡᠷᠡ ᠪᠦᠰᠡᠭᠦᠢ ᠡᠷ᠎ᠡ ᠳ᠋ᠦ᠍ ᠭᠠᠷᠴᠤ᠂ ᠡᠷ᠎ᠡ ᠪᠡᠨ ᠳᠠᠭᠠᠵᠤ ᠡᠨᠡ ᠠᠭᠤᠳᠠᠮ ᠵᠠᠢ ᠳ᠋ᠤ᠌ ᠪᠥᠭᠯᠡᠷᠡᠵᠦ ᠶᠠᠪᠤᠭ᠎ᠠ ᠪᠢᠵᠡ᠃ ᠨᠠᠮᠠᠶ᠋ᠢ ᠨᠤᠲᠤᠭ ᠲᠠᠭᠠᠨ ᠵᠠᠯᠠᠷᠠᠵᠤ ᠢᠷᠡᠭᠰᠡᠨ ᠢ ᠲᠤᠭᠤᠯᠤᠭᠰᠠᠨ ᠪᠠᠢᠮᠠᠷ ᠶᠤᠮ᠃ ᠲᠤᠭᠤᠯᠵᠤ ᠰᠣᠨᠣᠰᠤᠭᠰᠠᠨ ᠪᠣᠯ ᠬᠦᠷᠦᠭᠡᠳ ᠢᠷᠡᠮᠡᠷ ᠶᠦᠮ᠃ ᠪᠢ ᠲᠡᠭᠦᠨ ᠢ᠋ ᠰᠡᠳᠬᠢᠯ ᠳ᠋ᠡᠭᠡᠨ ᠪᠠᠭᠲᠠᠭᠠᠭᠠᠳ ᠶᠠᠪᠤᠵᠤ ᠪᠠᠢᠨ᠎ᠠ᠃ ᠰᠡᠳᠬᠢᠯ ᠳ᠋ᠦ᠍ ᠪᠠᠭᠲᠠᠬᠤ ᠦᠭᠡᠢ ᠶᠠᠭᠤᠮ᠎ᠠ ᠨᠡᠷᠡᠲᠦ ᠳ᠋ᠦ᠍ ᠪᠣᠢ ᠭᠡᠵᠦ ᠤᠤ? ᠪᠡᠶ᠎ᠡ ᠳ᠋ᠡᠭᠡᠨ ᠪᠠᠭᠲᠠᠬᠤ ᠦᠭᠡᠢ ᠶᠠᠭᠤᠮ᠎ᠠ ᠵᠥᠩᠳᠡᠭᠡᠨ᠃ ᠬᠣᠭᠣᠯᠠ ᠶᠡᠬᠡ ᠢᠳᠡᠪᠡᠯ ᠬᠣᠳᠣᠭᠣᠳᠣ ᠪᠠᠭᠲᠠᠭᠠᠵᠤ ᠳᠡᠢᠯᠬᠦ ᠦᠭᠡᠢ ᠪᠤᠰᠤ ᠤᠤ? ᠮᠢᠨᠦ ᠬᠡᠢ ᠪᠡᠶ᠎ᠡ ᠳ᠋ᠦ᠍ ᠮᠢᠭᠮᠠᠨᠰᠠᠩᠵᠠᠢ ᠣᠷᠣᠰᠢᠵᠤ ᠪᠠᠢᠯ᠎ᠠ᠃》
ᠲᠠᠪᠤ
ᠶᠥᠮ ᠠᠭ᠎ᠠ ᠬᠠᠲᠤᠨ ᠬᠦᠦ ᠳ᠋ᠡᠭᠡᠨ ᠨᠢᠭᠡᠨ ᠤᠭᠤᠲᠠ ᠲᠠᠢ ᠵᠦᠢᠯ ᠢ ᠥᠭᠴᠦ ᠪᠠᠢᠨ᠎ᠠ᠃ ᠡᠬᠡ ᠶ᠋ᠢᠨ ᠴᠡᠪᠡᠷᠬᠡᠨ ᠠᠯᠠᠭᠠᠨ ᠳᠡᠭᠡᠷ᠎ᠡ ᠰᠠᠢᠲᠤᠷ ᠬᠠᠷᠠᠬᠤ ᠳ᠋ᠤ᠌ ᠦᠬᠡᠷ ᠦ᠋ᠨ ᠦᠩᠬᠦᠯᠴᠡᠭ ᠭᠡᠮᠡᠷ ᠢᠯᠭᠢ ᠶ᠋ᠢᠨ ᠤᠭᠤᠲᠠ ᠪᠠᠢᠨ᠎ᠠ᠃ ᠲᠡᠭᠦᠨ ᠦ᠌ ᠪᠥᠭᠡᠷ᠎ᠡ ᠶ᠋ᠢᠨ ᠳᠡᠭᠡᠷ᠎ᠡ ᠲᠦᠮᠡᠨ ᠨᠠᠰᠤᠨ ᠬᠡ ᠶ᠋ᠢᠨ ᠡᠬᠢᠯᠡᠯ ᠬᠠᠰ ᠢ ᠨᠠᠷᠠᠨ ᠵᠥᠪ ᠳᠤᠭᠤᠢ ᠬᠡᠯᠪᠡᠷᠢ ᠲᠡᠢ ᠤᠷᠠᠯᠠᠵᠠᠢ᠃
ᠤᠭᠤᠲᠠ ᠶ᠋ᠢ ᠶᠥᠮ ᠠᠭ᠎ᠠ ᠬᠠᠲᠤᠨ ᠠᠯᠠᠭᠠᠨ ᠳᠡᠭᠡᠷ᠎ᠡ ᠪᠡᠨ ᠡᠷᠭᠢᠭᠦᠯᠬᠦ ᠳ᠋ᠡᠭᠡᠨ ᠨᠥᠭᠦᠭᠡ ᠲᠠᠯ᠎ᠠ ᠳ᠋ᠤᠨᠢ ᠬᠠᠰ ᠢ ᠨᠠᠷᠠ ᠪᠤᠷᠤᠭᠤ ᠤᠷᠠᠯᠠᠵᠠᠢ᠃ ᠤᠭᠤᠲᠠᠨ ᠤ᠋ ᠬᠣᠶᠠᠷ ᠲᠠᠯ᠎ᠠ ᠳ᠋ᠤ᠌ ᠳᠤᠭᠤᠢ ᠬᠦᠷᠢᠶ᠎ᠡ ᠪᠦᠬᠦᠢ ᠬᠠᠰ ᠲᠠᠢ ᠠᠵᠢ᠃
ᠶᠥᠮ ᠠᠭ᠎ᠠ ᠬᠠᠲᠤᠨ ᠬᠡᠯᠡᠷᠦᠨ ᠄《ᠡᠨᠡ ᠤᠭᠤᠲᠠᠨ ᠳ᠋ᠤ᠌ ᠠᠳᠬᠤ ᠰᠢᠷᠣᠢ ᠪᠣᠢ᠃ ᠶᠠᠭᠤᠨ ᠤ᠋ ᠰᠢᠷᠣᠢ ᠬᠡᠮᠡᠪᠡᠯ ᠣᠢᠷᠠᠳ ᠮᠣᠩᠭᠣᠯ ᠤ᠋ᠨ ᠪᠠᠭᠠᠲᠤᠷ ᠤ᠋ᠳ ᠤ᠋ᠨ ᠴᠢᠰᠤ᠂ ᠬᠥᠯᠥᠰᠥ᠂ ᠡᠪᠦᠭᠡᠳ ᠳᠡᠭᠡᠳᠦᠰ ᠦ᠋ᠨ ᠮᠠᠨᠢ ᠪᠡᠶ᠎ᠡ ᠴᠣᠭᠴᠠᠰ ᠤ᠋ᠨ ᠢᠯᠵᠠᠮᠠᠭ ᠪᠠᠢᠭ᠎ᠠ ᠶᠤᠮ᠃ ᠨᠣᠢᠷ ᠮᠠᠭᠤᠳᠠᠪᠠᠯ ᠳᠡᠷᠡ ᠶ᠋ᠢᠨ ᠳᠣᠣᠷ᠎ᠠ ᠪᠠᠨ ᠠᠭᠤᠯᠵᠤ ᠪᠠᠢᠯᠲᠠᠢ᠃ ᠲᠠᠪᠤᠨ ᠴᠤᠯᠤ ᠡᠪᠡᠳᠬᠦ ᠠᠬᠤᠯ᠎ᠠ ᠪᠥᠭᠡᠷ᠎ᠡ ᠨᠢᠷᠤᠭᠤᠨ ᠳ᠋ᠠᠭᠠᠨ ᠢᠪᠡᠵᠦ ᠬᠣᠨᠣᠭᠠᠷᠠᠢ᠃ ᠬᠠᠭᠠᠨ ᠡᠴᠢᠭᠡ ᠶ᠋ᠢᠨ ᠲᠠᠨᠢ ᠠᠮᠢ ᠴᠥᠯᠪᠡᠭᠰᠡᠨ ᠳᠣᠯᠣᠭᠠᠨ ᠤ᠋ ᠭᠠᠵᠠᠷ ᠡᠴᠡ ᠢᠷᠡᠭᠰᠡᠨ ᠰᠢᠦ ᠳᠡ》 ᠭᠡᠯᠡ᠃ ᠭᠠᠯᠳᠠᠨ ᠪᠣᠬᠢᠷᠴᠤ ᠰᠠᠭᠤᠭᠠᠳ ᠲᠣᠰᠴᠤ ᠠᠪᠤᠨ᠎ᠠ᠃ ᠭᠠᠯᠳᠠᠨ ᠬᠤᠪᠢᠯᠭᠠᠨ ᠥᠭᠦᠯᠡᠷᠦᠨ᠂
— ᠡᠴᠢᠭᠡ ᠶ᠋ᠢᠨ ᠪᠡᠶ᠎ᠡ ᠰᠢᠷᠣᠢ ᠳ᠋ᠤ᠌ ᠬᠤᠪᠢᠯᠬᠤ ᠳ᠋ᠤ᠌ ᠳᠡᠭᠡᠵᠢ ᠶ᠋ᠢ ᠨᠢ ᠬᠠᠰ ᠲᠡᠮᠳᠡᠭᠲᠦ ᠤᠭᠤᠲᠠᠨ ᠳ᠋ᠤ᠌ ᠶᠡᠭᠦᠯᠡᠭᠰᠡᠨ ᠪᠢᠵᠡ ᠭᠡᠮᠡᠨ ᠭᠦᠨ ᠶᠡᠬᠡ ᠬᠦᠨᠳᠦᠳᠬᠡᠯ ᠲᠡᠢ ᠬᠡᠯᠡᠪᠡ᠃
— ᠪᠤᠷᠬᠠᠨ ᠤ᠋ ᠲᠠᠭᠠᠯᠠᠯ ᠢ᠋ᠶ᠋ᠠᠷ ᠵᠣᠪᠠᠯᠠᠩ ᠢ᠋ ᠪᠠᠰᠠ ᠶᠡᠭᠦᠯᠡᠭᠰᠡᠨ ᠭᠡᠵᠦ ᠬᠠᠲᠤᠨ ᠡᠬᠡ ᠬᠡᠯᠡᠪᠡ᠃
— ᠮᠢᠬ᠎ᠠ ᠴᠢᠰᠤᠨ ᠳ᠋ᠤ᠌ ᠲᠥᠷᠥᠭᠰᠡᠨ ᠪᠦᠬᠦ ᠬᠥᠮᠦᠨ ᠳ᠋ᠦ᠍ ᠵᠣᠪᠠᠯᠠᠩ ᠪᠠᠢᠳᠠᠭ ᠶᠤᠮᠰᠠᠨ ᠰᠢᠦ ᠳᠡ᠃
— ᠪᠤᠷᠬᠠᠨ ᠳ᠋ᠤ᠌ ᠬᠦᠷᠲᠡᠯ᠎ᠡ ᠵᠣᠪᠠᠯᠠᠩ ᠪᠠᠢᠳᠠᠭ ᠪᠠᠢᠬᠤ ᠨᠢ ᠠ᠋ ᠁
— ᠵᠣᠪᠠᠯᠠᠩ ᠢ᠋ ᠳᠠᠭᠠᠭᠠᠵᠤ ᠳᠠᠪᠠᠭᠰᠠᠨ ᠲᠡᠷᠡ ᠬᠥᠮᠦᠨ ᠪᠤᠷᠬᠠᠨ ᠪᠤᠰᠤ ᠤᠤ? ᠵᠣᠪᠠᠯᠠᠩ ᠲᠥᠷᠥᠭᠦᠯᠬᠦ ᠠᠪᠠᠰᠤ ᠲᠡᠪᠴᠢᠵᠦ ᠲᠤᠭᠤᠯᠬᠤ ᠶ᠋ᠢ ᠪᠤᠷᠬᠠᠨ ᠤ᠋ ᠠᠷᠢᠭᠤᠨ ᠭᠡᠭᠡᠨᠳᠡᠨ ᠨᠦ᠍ᠭᠦᠳ ᠨᠠᠳᠠ ᠨᠣᠮᠯᠠᠳᠠᠭ ᠪᠢᠯᠡ᠃ ᠵᠢᠷᠭᠤᠭᠠᠨ ᠵᠦᠢᠯ ᠦ᠋ᠨ ᠬᠠᠮᠤᠭ ᠠᠮᠢᠲᠠᠨ ᠤ᠋ ᠲᠤᠰᠠ ᠶ᠋ᠢᠨ ᠲᠤᠯᠠᠳᠠ ᠲᠡᠳᠡᠨ ᠢ᠋ ᠡᠨᠡᠷᠢᠵᠦ ᠨᠢᠭᠦᠯᠡᠰᠬᠦ ᠭᠡᠵᠦ ᠪᠤᠷᠬᠠᠨ ᠵᠣᠪᠠᠳᠠᠭ ᠶᠤᠮ᠃ ᠪᠤᠷᠬᠠᠨ ᠲᠠᠩᠳᠠ ᠬᠥᠮᠦᠨ ᠦ᠌ ᠲᠥᠯᠥᠭᠡ ᠵᠣᠪᠠᠳᠠᠭ᠃ ᠬᠥᠮᠦᠨ ᠦ᠌ ᠦᠢᠯᠡᠳᠦᠭᠰᠡᠨ ᠬᠢᠯᠢᠨᠴᠡ ᠶ᠋ᠢ ᠳᠤᠮᠳᠠᠯᠠᠬᠤ ᠭᠡᠵᠦ ᠪᠤᠷᠬᠠᠨ ᠬᠠᠢᠷ᠎ᠠ ᠬᠡᠰᠢᠭ ᠢ᠋ᠶ᠋ᠡᠨ ᠬᠥᠮᠦᠰ ᠲᠦ᠍ ᠥᠭᠳᠡᠭ ᠪᠢᠯᠡ᠃ ᠪᠤᠶᠠᠨ ᠦᠢᠯᠡᠳᠬᠦ ᠶ᠋ᠢ ᠪᠤᠷᠬᠠᠨ ᠬᠦᠰᠡᠳᠡᠭ᠃ ᠭᠡᠲᠡᠯ᠎ᠡ ᠬᠥᠮᠦᠰ ᠪᠤᠷᠬᠠᠨ ᠤ᠋ ᠬᠠᠢᠷ᠎ᠠ ᠬᠡᠰᠢᠭ ᠢ᠋ ᠵᠠᠷᠢᠮ ᠳ᠋ᠠᠭᠠᠨ ᠬᠦᠯᠢᠶᠡᠵᠦ ᠴᠢᠳᠠᠳᠠᠭ ᠦᠭᠡᠢ᠃ ᠪᠤᠷᠬᠠᠨ ᠪᠠᠭᠰᠢ ᠪᠣᠯ ᠨᠠᠳᠠ ᠰᠢᠭ᠋ ᠡᠬᠡ ᠡᠴᠡ ᠲᠥᠷᠥᠭᠰᠡᠨ᠃ ᠪᠤᠷᠬᠠᠨ ᠪᠠᠭᠰᠢ ᠶ᠋ᠢᠨ ᠡᠬᠡ ᠨᠢ ᠲᠠᠨ ᠰᠢᠭ᠋ ᠡᠵᠢ ᠪᠠᠢᠭᠰᠠᠨ᠃ ᠪᠤᠷᠬᠠᠨ ᠪᠠᠭᠰᠢ ᠬᠥᠮᠦᠨ ᠢ᠋ ᠬᠡᠬᠡᠷᠡᠭᠦᠯᠬᠦ ᠶ᠋ᠢᠨ ᠲᠤᠯᠠᠳᠠ ᠥᠪᠡᠷ ᠦ᠋ᠨ ᠬᠦᠴᠦ ᠲᠠᠮᠢᠷ ᠢ᠋ᠶ᠋ᠠᠨ ᠰᠢᠪᠬᠠᠵᠤ ᠪᠠᠢᠳᠠᠭ᠃ ᠡᠵᠢ ᠲᠠ ᠮᠢᠨᠢ ᠪᠤᠷᠬᠠᠨ ᠰᠢᠦ ᠳᠡ᠃
ᠡᠬᠡ ᠨᠢ ᠭᠠᠯᠳᠠᠨ ᠳ᠋ᠤ᠌᠂ ᠭᠠᠯᠳᠠᠨ ᠬᠤᠪᠢᠯᠭᠠᠨ ᠶᠥᠮ ᠠᠭ᠎ᠠ ᠡᠬᠡ ᠳ᠋ᠡᠭᠡᠨ ᠰᠥᠬᠥᠷᠡᠨ ᠲᠡᠷᠡ ᠬᠦ᠌ ᠬᠠᠰ ᠲᠠᠢ ᠤᠭᠤᠲᠠ ᠶ᠋ᠢ ᠭᠠᠷ ᠡᠴᠡ ᠭᠠᠷ ᠳᠤ ᠳᠡᠮᠵᠢᠵᠦ ᠥᠭᠬᠦ ᠳ᠋ᠦ᠍ ᠠᠰᠤᠷᠤ ᠶᠡᠬᠡ ᠭᠡᠷᠡᠯ ᠰᠠᠴᠤᠷᠠᠨ᠎ᠠ᠃ ᠤᠭᠤᠲᠠ ᠲᠠᠢ ᠰᠢᠷᠣᠢ ᠡᠬᠡ ᠬᠥᠪᠡᠭᠦᠨ ᠬᠣᠶᠠᠷ ᠤ᠋ᠨ ᠠᠯᠠᠭᠠᠨ ᠳᠡᠭᠡᠷ᠎ᠡ ᠭᠡᠷᠡᠯ ᠪᠣᠯᠵᠠᠢ᠃ ᠭᠡᠷᠡᠯ ᠲᠠᠲᠠᠬᠤ ᠳ᠋ᠤ᠌ ᠭᠠᠯᠳᠠᠨ ᠬᠤᠪᠢᠯᠭᠠᠨ ᠵᠣᠪᠬᠢ ᠪᠠᠨ ᠡᠷᠭᠦᠨ᠎ᠡ᠃ ᠲᠡᠭᠦᠨ ᠦ᠌ ᠵᠣᠪᠬᠢ ᠳᠡᠭᠡᠷᠡᠬᠢ ᠡᠷᠪᠡᠯᠵᠡᠭᠰᠡᠨ ᠬᠠᠷ᠎ᠠ ᠣᠳᠣ ᠮᠡᠲᠦ ᠲᠣᠳᠣᠷᠠᠨ᠎ᠠ᠃ ᠭᠠᠯᠳᠠᠨ ᠤᠭ ᠡᠴᠡ ᠪᠠᠨ ᠵᠣᠪᠬᠢᠨ ᠳᠡᠭᠡᠷ᠎ᠡ ᠪᠡᠨ ᠨᠠᠷᠠ ᠰᠠᠷ᠎ᠠ ᠲᠠᠢ ᠪᠢᠯᠡ᠃
ᠭᠠᠯᠳᠠᠨ ᠡᠬᠡ ᠡᠴᠡ ᠪᠡᠨ ᠥᠪ ᠵᠠᠯᠭᠠᠮᠵᠢᠯᠠᠨ ᠵᠢᠷᠦᠬᠡ ᠨᠢ ᠪᠠᠳᠠᠷᠠᠵᠠᠢ᠃ ᠪᠢᠴᠢᠬᠠᠨ ᠢᠯᠭᠢ ᠶ᠋ᠢᠨ ᠤᠭᠤᠲᠠᠨ ᠳ᠋ᠤ᠌ ᠪᠠᠢᠭ᠎ᠠ ᠰᠢᠷᠣᠢ ᠣᠢᠷᠠᠳ ᠢ᠋ ᠲᠥᠯᠥᠭᠡᠯᠡᠵᠦ ᠪᠠᠢᠯ᠎ᠠ᠃ ᠭᠠᠯᠳᠠᠨ ᠤᠨᠠᠭᠰᠠᠨ ᠭᠠᠵᠠᠷ ᠲᠠᠢ ᠪᠠᠨ ᠴᠣᠭ ᠲᠥᠪᠡᠳ ᠲᠦ᠍ ᠰᠠᠭᠤᠳᠠᠭ ᠪᠢᠯᠡ᠃ ᠲᠡᠷᠡ ᠰᠢᠷᠣᠢ ᠴᠥᠭᠥᠴᠡ ᠥᠷᠥᠵᠦ ᠵᠤᠯᠠ ᠪᠠᠳᠠᠷᠠᠭᠠᠭᠰᠠᠨ ᠰᠢᠷᠡᠭᠡᠨ ᠦ᠌ ᠳᠡᠭᠡᠷ᠎ᠡ ᠲᠠᠯᠪᠢᠭ᠎ᠠ ᠲᠠᠢ ᠪᠠᠢᠬᠤ ᠪᠥᠭᠡᠳ ᠡᠳᠦᠷ ᠪᠦᠷᠢ ᠭᠠᠯᠳᠠᠨ ᠯᠠᠮᠠ ᠮᠠᠩᠨᠠᠢ ᠳ᠋ᠠᠭᠠᠨ ᠠᠳᠢᠰᠯᠠᠨ᠎ᠠ᠃ ᠭᠠᠯᠳᠠᠨ ᠳ᠋ᠤ᠌ ᠡᠳᠦᠭᠡ ᠭᠤᠷᠪᠠᠨ ᠵᠦᠢᠯ ᠡᠷᠳᠡᠨᠢ ᠮᠡᠲᠦ ᠬᠠᠳᠠᠭᠠᠯᠠᠭᠳᠠᠪᠠ᠃ ᠠᠩᠬᠠᠨ ᠤ᠋ ᠬᠢᠨᠢ ᠬᠠᠷ᠎ᠠ ᠡᠷᠴᠢᠰ ᠮᠥᠷᠡᠨ ᠦ᠌ ᠴᠢᠯᠠᠭᠤ ᠶᠤᠮ᠃ ᠲᠡᠷᠡ ᠴᠢᠯᠠᠭᠤ ᠣᠯᠠᠨ ᠠᠷᠪᠢᠨ ᠵᠢᠯ ᠤᠰᠤᠨ ᠤ᠋ ᠭᠦᠨ ᠴᠡᠭᠡᠯ ᠳ᠋ᠦ᠍ ᠪᠠᠢᠵᠤ ᠴᠡᠩᠭᠡᠭ ᠤᠰᠤ ᠪᠠᠷ ᠵᠦᠯᠭᠦᠭᠦᠯᠦᠭᠰᠡᠭᠡᠷ ᠪᠠᠢᠵᠤ ᠮᠥᠯᠢᠢᠵᠡᠢ᠃ ᠳᠤᠸᠠ ᠰᠣᠬᠣᠷ ᠬᠡᠮᠡᠬᠦ ᠲᠩᠷᠢ ᠣᠪᠣᠭ ᠤ᠋ᠨ ᠦᠶ᠎ᠡ ᠳ᠋ᠦ᠍ ᠬᠠᠳᠠ ᠪᠠᠢᠭᠰᠠᠨ ᠪᠠᠢᠵᠤ ᠲᠠᠭᠠᠷᠠᠨ᠎ᠠ᠃ ᠲᠡᠮᠡᠭᠡᠨ ᠴᠢᠨᠡᠭᠡᠨ ᠬᠠᠳᠠ ᠶ᠋ᠢ ᠴᠢᠯᠠᠭᠤ ᠪᠣᠯᠲᠠᠯ᠎ᠠ ᠳᠣᠯᠢᠶᠠᠭᠰᠠᠨ ᠬᠠᠷ᠎ᠠ ᠡᠷᠴᠢᠰ ᠮᠥᠷᠡᠨ ᠦ᠌ ᠤᠷᠤᠰᠬᠠᠯ ᠠᠭᠤᠤ ᠵᠥᠭᠡᠯᠡᠨ ᠪᠢᠯᠡ᠃
ᠳᠠᠷᠠᠭᠠᠬᠢ ᠶ᠋ᠢᠨ ᠬᠢᠨᠢ ᠮᠣᠩᠭᠣᠯ ᠤ᠋ᠨ ᠠᠩᠬᠠᠳᠤᠭᠠᠷ ᠪᠣᠭᠳᠠ ᠥᠨᠳᠥᠷ ᠭᠡᠭᠡᠨ ᠵᠠᠨᠠᠪᠠᠽᠠᠷ ᠤ᠋ᠨ ᠥᠭᠭᠦᠭᠰᠡᠨ ᠡᠷᠢᠭᠡ ᠶᠦᠮ᠃ ᠲᠡᠷᠡ ᠡᠷᠢᠭᠡ ᠵᠢᠮᠢᠰ ᠪᠣᠯᠤᠨ ᠳᠡᠯᠭᠡᠷᠡᠵᠦ ᠪᠠᠢᠵᠠᠢ᠃ ᠵᠢᠯ ᠳ᠋ᠡᠭᠡᠨ ᠤᠷᠭᠤᠵᠤ᠂ ᠵᠢᠯ ᠳ᠋ᠡᠭᠡᠨ ᠬᠠᠭᠳᠠᠷᠠᠵᠤ ᠪᠠᠢᠳᠠᠭ ᠵᠢᠮᠢᠰ ᠢ ᠪᠣᠯᠣᠴᠠ ᠨᠢ ᠭᠦᠢᠴᠡᠭᠰᠡᠨ ᠬᠣᠢᠨ᠎ᠠ ᠲᠡᠭᠦᠵᠦ ᠬᠠᠲᠠᠭᠠᠭᠠᠳ ᠭᠤᠷᠪᠠᠨ ᠣᠨ ᠥᠩᠭᠡᠷᠡᠬᠦ ᠳ᠋ᠦ᠍ ᠭᠠᠩᠭ᠎ᠠ ᠮᠥᠷᠡᠨ ᠦ᠌ ᠤᠰᠤ ᠪᠠᠷ ᠤᠬᠢᠶᠠᠵᠤ᠂ ᠦᠬᠡᠷ ᠦ᠋ᠨ ᠰᠦ ᠳ᠋ᠦ᠍ ᠴᠢᠨᠠᠵᠤ ᠪᠥᠭᠡᠷᠡᠩᠬᠡᠢ ᠶᠠᠰᠤ ᠶ᠋ᠢ ᠨᠢ ᠠᠪᠳᠠᠭ᠃ ᠵᠢᠮᠢᠰ ᠦ᠋ᠨ ᠶᠠᠰᠤ ᠪᠣᠯᠭᠠᠨ ᠳᠡᠭᠡᠷ᠎ᠡ ᠬᠣᠶᠠᠷ ᠪᠢᠴᠢᠬᠠᠨ ᠬᠣᠩᠬᠣᠷ ᠪᠠᠢᠬᠤ ᠨᠢ ᠨᠢᠳᠦ ᠪᠣᠯᠠᠢ᠃
ᠵᠢᠮᠢᠰ ᠦ᠋ᠨ ᠶᠠᠰᠤᠨ ᠳᠡᠭᠡᠷᠡᠬᠢ ᠨᠢᠳᠦ ᠶ᠋ᠢ ᠪᠤᠷᠬᠠᠨ ᠤ᠋ ᠨᠢᠳᠦ ᠭᠡᠨ᠎ᠡ᠃ ᠪᠤᠷᠬᠠᠨ ᠤ᠋ ᠨᠢᠳᠦᠲᠦ ᠡᠷᠢᠭᠡ ᠶ᠋ᠢ ᠥᠨᠳᠥᠷ ᠭᠡᠭᠡᠨ ᠱᠦᠩᠰᠢᠭᠯᠡᠨ ᠬᠡᠯᠬᠢᠵᠦ ᠵᠠᠩᠬᠢᠯᠠᠭᠠᠨ ᠳ᠋ᠤᠨᠢ ᠨᠢᠭᠡᠨ ᠵᠦᠢᠯ ᠦ᠋ᠨ ᠦᠯᠦ ᠲᠠᠢᠯᠤᠭᠳᠠᠬᠤ ᠤᠷᠠᠯᠠᠯ ᠰᠢᠩᠭᠡᠭᠡᠵᠦ ᠭᠠᠯᠳᠠᠨ ᠬᠤᠪᠢᠯᠭᠠᠨ ᠳ᠋ᠤ᠌ ᠡᠷᠭᠦᠨ ᠪᠠᠷᠢᠵᠠᠢ᠃
ᠰᠡᠭᠦᠯ ᠦ᠋ᠨ ᠨᠠᠨᠳᠢᠨ ᠵᠦᠢᠯ ᠪᠣᠯᠪᠠᠰᠤ ᠶᠦᠮ ᠠᠭ᠎ᠠ ᠬᠠᠲᠤᠨ ᠡᠬᠡ ᠶ᠋ᠢᠨ ᠥᠭᠭᠦᠭᠰᠡᠨ ᠡᠪᠦᠭᠡᠳ ᠳᠡᠭᠡᠳᠦᠰ ᠦ᠋ᠨ ᠰᠦᠨᠡᠰᠦ᠂ ᠪᠡᠶ᠎ᠡ ᠮᠠᠬᠠᠪᠣᠳ ᠠᠭᠤᠯᠤᠭᠳᠠᠭᠰᠠᠨ ᠰᠢᠷᠣᠢ ᠶᠤᠮ᠃ ᠡᠨᠡ ᠰᠢᠷᠣᠢ ᠶ᠋ᠢᠨ ᠳᠡᠭᠡᠭᠦᠷ ᠾᠦᠩᠨᠦ᠂ ᠬᠢᠳᠠᠨ᠂ ᠶᠡᠬᠡ ᠮᠣᠩᠭᠣᠯ ᠭᠦᠷᠦᠨ ᠦ᠌ ᠠᠭᠲᠠ ᠮᠣᠷᠢᠳ ᠤ᠋ᠨ ᠲᠤᠭᠤᠷᠠᠢ ᠪᠦᠮᠪᠦᠷᠢᠳᠡᠵᠦ᠂ ᠴᠢᠰᠤᠲᠤ ᠳᠣᠯᠣᠭᠠᠨ ᠳ᠋ᠤ᠌ ᠮᠣᠩᠭᠣᠯ ᠡᠷᠡᠰ ᠠᠮᠢ ᠪᠠᠨ ᠠᠯᠳᠠᠵᠤ᠂ ᠥᠬᠢᠳ᠂ ᠡᠮᠡᠰ᠂ ᠡᠮᠡᠭᠡᠳ ᠦ᠋ᠨ ᠲᠤᠩᠭᠠᠯᠠᠭ ᠨᠢᠯᠪᠤᠰᠤ ᠰᠢᠩᠭᠡᠵᠦ ᠪᠠᠢᠭᠰᠠᠨ ᠪᠢᠯᠡ᠃ ᠰᠢᠷᠣᠢ ᠲᠠᠢ ᠪᠠᠨ ᠴᠣᠭ ᠬᠣᠯᠠ ᠭᠠᠵᠠᠷ ᠣᠳᠳᠠᠭ ᠬᠥᠮᠦᠰ ᠮᠣᠩᠭᠣᠯᠴᠤᠳ ᠡᠴᠡ ᠥᠭᠡᠷ᠎ᠡ ᠪᠣᠢ ᠭᠡᠵᠦ ᠤᠤ ?
ᠭᠠᠯᠳᠠᠨ ᠬᠤᠪᠢᠯᠭᠠᠨ ᠤ᠋ ᠰᠡᠳᠬᠢᠯ ᠳᠤᠮᠳᠠᠭᠤᠷ ᠮᠢᠨᠢ ᠡᠷᠲᠡᠨ ᠦ᠌ ᠪᠣᠯᠤᠨ ᠴᠠᠭ ᠦᠶ᠎ᠡ ᠶ᠋ᠢᠨ ᠰᠢᠭᠤᠷᠭ᠎ᠠ ᠰᠠᠯᠬᠢ ᠢᠰᠬᠡᠷᠦᠨ ᠳᠦᠩᠭᠡᠷᠡᠵᠦ᠂ ᠰᠦᠮ᠎ᠡ ᠶ᠋ᠢᠨ ᠣᠷᠣᠢ ᠳᠡᠭᠡᠷᠡᠬᠢ ᠨᠣᠮᠣᠬᠠᠨ ᠬᠢᠴᠢᠶᠡᠩᠭᠦᠢ ᠪᠣᠳᠢ ᠭᠥᠷᠥᠭᠡᠰᠦ ᠪᠢᠰᠢᠯᠭᠠᠯ ᠤ᠋ᠨ ᠠᠨᠢᠷ ᠦᠭᠡᠢ ᠭᠦᠨ ᠳ᠋ᠦ᠍ ᠲᠠᠢᠪᠤᠩ ᠵᠣᠭᠰᠣᠬᠤ ᠪᠥᠯᠥᠭᠡ᠃
ᠵᠢᠷᠭᠤᠭ᠎ᠠ
— ᠪᠢ ᠭᠤᠷᠪᠠᠨ ᠬᠠᠰᠠᠭ ᠲᠡᠷᠭᠡ ᠪᠤᠷᠬᠠᠨ ᠤ᠋ ᠰᠤᠳᠤᠷ ᠴᠡᠭᠡᠵᠢᠯᠡᠵᠡᠢ᠃ ᠪᠤᠷᠬᠠᠨ ᠤ᠋ ᠰᠤᠷᠭᠠᠯ ᠶᠠᠭᠤᠲᠠᠢ ᠶᠡᠬᠡ ᠪᠣᠢ? ᠪᠤᠷᠬᠠᠨ ᠤ᠋ ᠰᠤᠷᠭᠠᠯ ᠳ᠋ᠤ᠌ ᠲᠡᠭᠦᠰᠬᠡᠯ ᠦᠭᠡᠢ ᠪᠠᠢᠨ᠎ᠠ᠃ ᠬᠥᠮᠦᠨ ᠦ᠌ ᠣᠢ ᠤᠬᠠᠭᠠᠨ ᠳ᠋ᠤ᠌ ᠡᠴᠦᠰ ᠦᠭᠡᠢ ᠪᠠᠢᠨ᠎ᠠ᠃ ᠪᠢ ᠡᠴᠦᠰ ᠲᠡᠭᠦᠰᠬᠡᠯ ᠦᠭᠡᠢ ᠦᠷᠭᠦᠯᠵᠢᠯᠡᠯ ᠦ᠋ᠨ ᠳᠤᠮᠳᠠ ᠶᠠᠪᠤᠨ᠎ᠠ ᠭᠡᠮᠡᠨ ᠭᠠᠯᠳᠠᠨ ᠲᠡᠮᠳᠡᠭᠯᠡᠵᠡᠢ᠃
ᠭᠠᠯᠳᠠᠨ ᠪᠥᠭᠡᠰᠦ ᠣᠶᠤᠨ ᠰᠠᠨᠠᠭ᠎ᠠ ᠶ᠋ᠢ ᠬᠣᠭᠣᠰᠣᠨ ᠭᠡᠵᠦ ᠢᠲᠡᠭᠡᠨ᠎ᠡ᠃ ᠳᠦᠭᠦᠷᠡᠩ ᠰᠠᠪᠠ ᠨᠢ ᠬᠣᠭᠣᠰᠣᠨ ᠭᠡᠵᠦ ᠪᠣᠳᠣᠬᠤ ᠨᠢ ᠶᠠᠭᠤᠨ ᠤ᠋ ᠬᠢ ᠪᠣᠢ? ᠭᠠᠷ ᠲᠤ᠌ ᠪᠠᠷᠢᠭᠳᠠᠬᠤ ᠦᠭᠡᠢ᠂ ᠨᠢᠳᠦᠨ ᠳ᠋ᠦ᠍ ᠬᠠᠷᠠᠭᠳᠠᠬᠤ ᠦᠭᠡᠢ ᠳᠦᠭᠦᠷᠡᠩ ᠢ ᠭᠠᠯᠳᠠᠨ ᠬᠣᠭᠣᠰᠣᠨ ᠡᠴᠡ ᠬᠣᠭᠣᠰᠣᠨ ᠭᠡᠳᠡᠭ ᠢ ᠭᠠᠳᠠᠷᠯᠠᠨ᠎ᠠ᠃ ᠡᠨᠡ ᠶᠢᠷᠲᠢᠨᠴᠦ ᠶ᠋ᠢᠨ ᠡᠪᠡᠰᠦ ᠤᠷᠭᠤᠮᠠᠯ ᠭᠠᠭᠴᠠᠬᠠᠨ ᠦᠨᠳᠦᠰᠦ ᠲᠡᠢ᠃ ᠲᠡᠷᠡ ᠦᠨᠳᠦᠰᠦ ᠶ᠋ᠢ ᠣᠯᠵᠤ ᠬᠠᠷᠠᠬᠤ ᠶ᠋ᠢ ᠬᠤᠪᠢᠯᠭᠠᠨ ᠯᠠᠮᠠ ᠬᠢᠴᠢᠶᠡᠨ᠎ᠡ᠃
ᠲᠥᠪᠡᠳ ᠦ᠋ᠨ ᠠᠭᠯᠠᠭ ᠠᠭᠤᠯᠠᠨ ᠳ᠋ᠤ᠌ ᠤᠷᠭᠤᠳᠠᠭ ᠬᠥᠪᠳᠥ ᠠᠯᠲᠠᠢ ᠶ᠋ᠢᠨ ᠨᠢᠷᠤᠭᠤᠨ ᠤ᠋ ᠪᠣᠷᠣᠭ ᠡᠪᠡᠰᠦ ᠶᠢᠷᠲᠢᠨᠴᠦ ᠶ᠋ᠢᠨ ᠭᠠᠭᠴᠠ ᠦᠨᠳᠦᠰᠦᠨ ᠲᠡᠵᠢᠭᠡᠯ ᠠᠪᠳᠠᠭ ᠭᠡᠮᠡᠨ ᠪᠣᠳᠣᠳᠠᠭ ᠪᠠᠢᠯ᠎ᠠ᠃ ᠬᠥᠮᠦᠨ ᠰᠦᠷᠦᠭ ᠠᠭᠤᠯᠠ᠂ ᠭᠣᠪᠢ᠂ ᠬᠡᠭᠡᠷ᠎ᠡ ᠲᠠᠯ᠎ᠠ ᠳ᠋ᠤ᠌ ᠨᠡᠭᠦᠳᠡᠯᠯᠡᠨ ᠠᠮᠢᠳᠤᠷᠠᠬᠤ ᠠᠭᠠᠳ ᠠᠷᠢᠶᠠᠲᠠᠨ᠂ᠵᠢᠭᠦᠷᠲᠡᠨ ᠲᠡᠢ ᠤᠷᠠᠯᠴᠠᠨ ᠠᠮᠢᠳᠤᠷᠠᠵᠤ ᠪᠠᠢᠪᠠ᠃ ᠲᠡᠭᠡᠲᠡᠯ᠎ᠡ ᠨᠢ ᠤᠬᠠᠭᠠᠨ ᠳᠡᠢᠯᠵᠡᠢ᠃ ᠪᠤᠷᠬᠠᠨ ᠤ᠋ ᠰᠤᠷᠭᠠᠯ ᠬᠥᠮᠦᠨ ᠢ᠋ ᠬᠥᠮᠦᠨ ᠪᠣᠯᠭᠠᠪᠠ᠃ ᠬᠥᠮᠦᠨ ᠦ᠌ ᠣᠶᠤᠨ ᠰᠠᠨᠠᠭ᠎ᠠ ᠲᠠᠷᠠᠭᠯᠠᠭᠠᠵᠢᠪᠡ᠃ ᠪᠤᠷᠬᠠᠨ ᠬᠥᠮᠦᠨ ᠦ᠌ ᠲᠠᠷᠢᠬᠢᠨ ᠳ᠋ᠤ᠌ ᠳᠡᠢᠯᠦᠭᠳᠡᠰᠢ ᠦᠭᠡᠢ ᠬᠦᠴᠦ ᠢᠯᠡᠭᠡᠵᠦ᠂ ᠲᠡᠷᠡ ᠨᠢ ᠠᠳᠠᠭᠤᠰᠤᠨ ᠠᠮᠢᠲᠠᠰ ᠢ᠋ ᠭᠡᠷ ᠦ᠋ᠨ ᠲᠡᠵᠢᠭᠡᠮᠡᠯ ᠪᠣᠯᠭᠠᠵᠤ᠂ ᠡᠪᠡᠰᠦ ᠨᠣᠭᠣᠭ᠎ᠠ᠂ ᠵᠢᠮᠢᠰ ᠢ ᠮᠣᠳᠣᠨ ᠢ᠋ ᠬᠣᠭᠣᠯᠠ ᠬᠦᠨᠡᠰᠦ ᠪᠣᠯᠭᠠᠪᠠ᠃
ᠭᠠᠯᠳᠠᠨ ᠯᠠᠮᠠ ᠬᠤᠪᠢᠯᠭᠠᠨ ᠲᠥᠷᠬᠦ ᠳ᠋ᠡᠭᠡᠨ ᠠᠭᠠᠵᠢᠮ ᠢ᠋ᠶ᠋ᠠᠷ ᠰᠢᠯᠵᠢᠭᠰᠡᠨ ᠨᠢ ᠨᠣᠮ ᠤ᠋ᠨ ᠬᠦᠴᠦ ᠪᠢᠯᠡ᠃ ᠨᠣᠮ ᠤ᠋ᠨ ᠬᠦᠴᠦ ᠭᠠᠯᠳᠠᠨ ᠤ᠋ ᠲᠠᠷᠢᠬᠢ ᠲᠣᠯᠣᠭᠠᠢ ᠳ᠋ᠤ᠌ ᠬᠤᠪᠢᠯᠤᠨ ᠣᠷᠣᠵᠤ ᠨᠢᠳᠦ ᠪᠡᠷ ᠨᠢ ᠭᠡᠷᠡᠯᠲᠦᠨ᠎ᠡ᠃ ᠨᠢᠭᠡ ᠡᠳᠦᠷ ᠭᠠᠯᠳᠠᠨ ᠵᠣᠳᠣᠭᠠᠨ ᠤ᠋ ᠡᠷᠳᠡᠮ ᠳ᠋ᠦ᠍ ᠬᠢᠴᠢᠶᠡᠯᠯᠡᠬᠦ ᠪᠡᠷ ᠣᠴᠢᠬᠤ ᠦᠶ᠎ᠡ ᠳ᠋ᠦ᠍ ᠪᠠᠨᠳᠢ ᠨᠠᠷ᠂ ᠯᠠᠮᠠ ᠬᠤᠸᠠᠷᠠᠭ ᠤ᠋ᠳ ᠲᠡᠭᠦᠨ ᠡᠴᠡ ᠳᠦᠯᠢᠵᠦ ᠪᠠᠢᠯ᠎ᠠ᠃
— ᠶᠠᠭᠠᠬᠢᠪᠠ? ᠦᠵᠡᠯᠴᠡᠶ᠎ᠡ ᠭᠡᠵᠦ ᠭᠠᠯᠳᠠᠨ ᠢ᠋ ᠬᠡᠯᠡᠬᠦ ᠳ᠋ᠦ᠍᠂
— ᠦᠭᠡᠢ᠂ ᠠᠶᠤᠵᠤ ᠪᠠᠢᠨ᠎ᠠ ᠭᠡᠵᠡᠭᠡᠪᠡ᠃
— ᠤᠷᠢᠳ ᠨᠢ ᠠᠶᠤᠳᠠᠭ ᠦᠭᠡᠢ ᠪᠤᠰᠤ ᠤᠤ? ᠭᠡᠪᠡᠯ᠂
— ᠲᠡᠷᠡ ᠴᠠᠭ ᠥᠩᠭᠡᠷᠡᠭᠰᠡᠨ᠃ ᠲᠡᠷᠡ ᠴᠠᠭ ᠥᠭᠡᠷ᠎ᠡ ᠪᠠᠢᠭᠰᠠᠨ ᠭᠡᠵᠡᠭᠡᠨ᠎ᠡ᠃
— ᠣᠳᠣ ᠶᠠᠭᠤ ᠪᠣᠯᠪᠠ?
— ᠮᠡᠳᠡᠬᠦ ᠦᠭᠡᠢ᠂
— ᠨᠢᠭᠡ ᠨᠢᠭᠡ ᠪᠡᠷ ᠢ᠋ᠶ᠋ᠡᠨ ᠣᠷᠣᠭᠠᠳ ᠢᠷᠡᠭᠡᠷᠡᠢ᠃
— ᠯᠠᠮᠠᠳᠠᠨ ᠲᠠᠨ ᠡᠴᠡ ᠵᠢᠷᠦᠬᠡᠰᠢᠶᠡᠭᠡᠳ ᠪᠠᠢᠨ᠎ᠠ᠃
— ᠶᠠᠭᠤᠨ ᠳ᠋ᠤ᠌ ᠲᠡᠷᠡ ᠪᠢᠯᠡ?
— ᠲᠠᠨ ᠤ᠋ ᠨᠢᠳᠦᠨ ᠡᠴᠡ ᠵᠢᠷᠦᠬᠡ ᠠᠯᠳᠠᠬᠤ ᠪᠣᠯᠤᠯ᠎ᠠ᠃
— ᠲᠠ ᠨᠠᠷ ᠨᠠᠮᠠᠶ᠋ᠢ ᠵᠣᠷᠢᠭᠤᠳᠠ ᠭᠠᠭᠴᠠᠭᠠᠷᠳᠠᠭᠤᠯᠵᠤ ᠵᠣᠳᠣᠭᠠᠨ ᠤ᠋ ᠡᠷᠳᠡᠮ ᠰᠤᠷᠬᠤ ᠡᠴᠡ ᠴᠢᠯᠥᠭᠡᠯᠡᠵᠦ ᠪᠠᠢᠨ᠎ᠠ ᠤᠤ?
— ᠲᠠ ᠲᠡᠭᠡᠵᠦ ᠰᠠᠨᠠᠵᠤ ᠪᠠᠢᠭ᠎ᠠ ᠪᠣᠯ ᠳᠠᠰᠬᠠᠯ ᠰᠤᠷᠭᠠᠭᠤᠯᠢ ᠳ᠋ᠠᠭᠠᠨ ᠣᠷᠣᠬᠤ ᠡᠴᠡ ᠳᠠ᠃
— ᠥᠨᠥᠳᠥᠷ ᠵᠢᠷᠠᠨ ᠳᠥᠷᠪᠡᠳᠡᠬᠢ ᠳᠠᠰᠬᠠᠯ᠃ ᠬᠣᠶᠠᠷ ᠡᠪᠦᠳᠦᠭ᠂ ᠬᠣᠶᠠᠷ ᠲᠣᠬᠣᠢ ᠪᠠᠷ ᠢ᠋ᠶ᠋ᠠᠨ ᠲᠤᠯᠤᠯᠳᠤᠨ᠎ᠠ᠃
— ᠵᠣᠳᠣᠭᠠᠨ ᠤ᠋ ᠤᠷᠠᠯᠢᠭ ᠳᠠᠭᠤᠰᠤᠭᠰᠠᠨ ᠤᠤ?
— ᠮᠠᠷᠭᠠᠰᠢ ᠳᠠᠰᠬᠠᠯ ᠢ᠋ᠶ᠋ᠠᠨ ᠬᠦᠨᠳᠦᠷᠡᠭᠦᠯᠦᠨ᠎ᠡ᠃
ᠲᠡᠭᠰᠢ ᠳᠥᠷᠪᠡᠯᠵᠢᠨ ᠪᠡᠶ᠎ᠡ ᠲᠡᠢ᠂ ᠦᠰᠦ ᠰᠠᠬᠠᠯ ᠦᠭᠡᠢ᠂ ᠨᠢᠳᠦ ᠬᠦᠢᠲᠡᠨ ᠪᠠᠨᠳᠢ ᠵᠣᠳᠣᠭᠠᠨ ᠤ᠋ ᠪᠠᠭᠰᠢ ᠡᠩᠨᠡᠭᠡ ᠳᠣᠲᠣᠷ᠎ᠠ ᠡᠴᠡ ᠭᠠᠯᠳᠠᠨ ᠢ᠋ ᠴᠢᠭᠯᠡᠨ ᠢᠷᠡᠭᠡᠳ᠂
— ᠲᠠᠨ ᠢ᠋ ᠰᠣᠩᠭᠣᠵᠤ ᠪᠠᠢᠨ᠎ᠠ ᠭᠡᠯᠡ᠃
ᠭᠠᠯᠳᠠᠨ ᠴᠢᠩᠭ᠎ᠠ ᠭᠡᠭᠴᠢ ᠬᠠᠰᠬᠢᠷᠴᠤ ᠵᠣᠳᠣᠭᠠᠨ ᠤ᠋ ᠲᠠᠯᠠᠪᠠᠢ ᠳ᠋ᠤ᠌ ᠭᠠᠷᠪᠠ᠃ ᠭᠠᠯᠳᠠᠨ ᠬᠣᠶᠠᠷ ᠡᠪᠦᠳᠦᠭ ᠢ᠋ᠶ᠋ᠡᠷ ᠪᠠᠭᠰᠢ ᠶ᠋ᠢᠨ ᠵᠤᠵᠠᠭᠠᠨ ᠭᠤᠶ᠎ᠠ᠂ ᠬᠣᠶᠠᠷ ᠲᠣᠬᠣᠢ ᠪᠠᠷ ᠭᠠᠷ ᠤ᠋ᠨ ᠡᠷᠢᠶᠡᠨ ᠪᠤᠯᠴᠢᠩ ᠳᠡᠭᠡᠷ᠎ᠡ ᠨᠢᠳᠤᠷᠴᠤ ᠳᠡᠭᠡᠷᠡᠬᠢ ᠦᠢᠯᠡᠳᠦᠯ ᠢ᠋ ᠳᠠᠪᠲᠠᠨ ᠬᠢᠬᠦ ᠳ᠋ᠦ᠍ ᠪᠠᠭᠰᠢ ᠲᠠᠩᠨᠠᠢ ᠲᠠᠰᠢᠵᠤ ᠵᠣᠭᠰᠣᠭᠠᠭᠠᠳ᠂
— ᠲᠠᠨ ᠤ᠋ ᠳᠣᠲᠣᠭᠠᠳᠤ ᠲᠠᠮᠢᠷ ᠳᠠᠪᠠᠮᠠᠭᠠᠢ ᠲᠤᠯᠠ ᠪᠢᠷ᠎ᠠ ᠬᠦᠴᠦ ᠶ᠋ᠢ ᠦᠯᠦ ᠠᠰᠢᠭᠯᠠᠨ ᠢᠯᠡᠭᠦᠳᠡᠯ ᠬᠡᠢ ᠪᠡᠷ ᠬᠥᠮᠦᠨ ᠢ᠋ ᠪᠠᠢᠲᠤᠭᠠᠢ ᠮᠠᠯ ᠠᠳᠤᠭᠤᠰᠤ ᠶ᠋ᠢ ᠠᠯᠠᠬᠤ ᠶᠤᠮ ᠪᠠᠢᠨ᠎ᠠ᠃ ᠬᠣᠶᠠᠭᠤᠯᠠ ᠮᠢᠨᠦ ᠪᠢᠴᠢᠬᠠᠨ ᠥᠷᠥᠭᠡᠨ ᠳ᠋ᠦ᠍ ᠶᠠᠷᠢᠯᠴᠠᠬᠤ ᠤᠤ? ᠭᠡᠵᠡᠢ᠃
ᠪᠤᠷᠬᠠᠨ ᠱᠠᠰᠢᠨ ᠤ᠋ ᠭᠣᠷᠲᠢᠭ ᠳᠣᠲᠣᠷ᠎ᠠ ᠭᠠᠯᠳᠠᠨ ᠶᠣᠰᠣ ᠵᠢᠷᠤᠮ᠂ ᠴᠡᠭᠡᠷ ᠳᠢᠭᠯᠢᠮ ᠢ᠋ ᠦᠨᠡᠨᠴᠢ ᠰᠢᠳᠤᠷᠭᠤ ᠰᠠᠬᠢᠭᠰᠠᠭᠠᠷ ᠡᠨᠡ ᠳᠦᠷᠢ ᠲᠡᠢ ᠵᠣᠯᠭᠠᠵᠠᠢ᠃
ᠮᠥᠷᠭᠥᠯ ᠦ᠋ᠨ ᠶᠡᠬᠡ ᠳᠤᠭᠠᠩ ᠡᠴᠡ ᠳᠠᠯᠠᠢ ᠯᠠᠮᠠ᠂ ᠪᠠᠨᠴᠢᠨ᠌ᠡᠷᠳᠡᠨᠢ《ᠪᠠᠨ᠋ᠴᠢᠨ᠋ᠡᠷᠳᠡᠨᠢ》᠂ ᠥᠨᠳᠥᠷ ᠭᠡᠭᠡᠨ ᠨᠠᠷ ᠤ᠋ᠨ ᠬᠠᠮᠲᠤ ᠭᠠᠯᠳᠠᠨ ᠬᠤᠪᠢᠯᠭᠠᠨ ᠭᠠᠷᠴᠤ ᠢᠷᠡᠪᠡ᠃ ᠲᠡᠳᠡ ᠴᠥᠮ ᠤᠯᠠᠭᠠᠨ ᠰᠢᠷ᠎ᠠ ᠥᠩᠭᠡ ᠶ᠋ᠢᠨ ᠣᠷᠬᠢᠮᠵᠢ ᠨᠥᠮᠥᠷᠴᠦ᠂ ᠬᠤᠪᠴᠠᠰᠤ ᠬᠤᠨᠠᠷ ᠨᠢ ᠰᠢᠷ᠎ᠠ ᠰᠣᠯᠣᠩᠭ᠎ᠠ ᠲᠠᠲᠠᠬᠤ ᠮᠡᠲᠦ ᠲᠤᠨᠤᠷᠠᠨ᠎ᠠ᠃ ᠣᠢᠷᠠᠯᠴᠠᠭ᠎ᠠ ᠬᠦᠯᠢᠶᠡᠵᠦ ᠪᠠᠢᠭᠰᠠᠨ ᠬᠣᠱᠤᠳ ᠣᠪᠣᠭ ᠤ᠋ᠨ ᠭᠠᠢᠲᠠᠪ ᠴᠢᠭᠢᠷᠠᠭ ᠳᠥᠷᠪᠡᠯᠵᠢᠨ ᠴᠡᠭᠡᠵᠢ ᠲᠡᠢ ᠬᠠᠩᠬᠠᠷ ᠡᠷ᠎ᠡ ᠪᠣᠯᠤᠭᠰᠠᠨ ᠪᠥᠭᠡᠳ ᠭᠠᠯᠳᠠᠨ ᠬᠤᠪᠢᠯᠭᠠᠨ ᠤ᠋ ᠵᠠᠷᠤᠯ ᠳ᠋ᠤ᠌ ᠡᠢᠰᠢ ᠲᠠᠢᠰᠢ ᠥᠷᠲᠡᠭᠡᠴᠢᠯᠡᠨ ᠣᠳᠴᠤ᠂ ᠭᠣᠣᠯ ᠲᠥᠯᠥᠪ ᠭᠡᠷ ᠵᠠᠭᠤᠷ᠎ᠠ ᠶ᠋ᠢᠨ ᠠᠵᠢᠯ ᠠᠮᠵᠢᠭᠤᠯᠵᠤ ᠨᠢᠭᠡ ᠶᠣᠰᠣᠨ ᠳ᠋ᠠᠭᠠᠨ ᠬᠤᠪᠢᠯᠭᠠᠨ ᠤ᠋ ᠬᠠᠮᠠᠭᠠᠯᠠᠭᠴᠢ ᠮᠡᠲᠦ ᠪᠠᠢᠬᠤ ᠪᠥᠯᠥᠭᠡ᠃
ᠲᠠᠪᠤᠳᠤᠭᠠᠷ ᠳᠠᠯᠠᠢ ᠯᠠᠮᠠ ᠯᠤᠪᠰᠠᠩᠵᠠᠮᠰᠤ ᠥᠭᠦᠯᠡᠷᠦᠨ᠂
— ᠭᠠᠯᠳᠠᠨ ᠬᠤᠪᠢᠯᠭᠠᠨ ᠰᠠᠢᠲᠤᠷ ᠲᠤᠩᠭᠠᠨ ᠪᠤᠳᠤᠭᠲᠤᠨ! ᠭᠠᠨᠳᠠᠩ ᠰᠢᠷᠡᠭᠡᠲᠦ ᠶ᠋ᠢᠨ ᠰᠠᠭᠤᠳᠠᠯ ᠬᠣᠭᠣᠰᠣᠨ ᠪᠣᠯᠪᠠ᠃ ᠲᠡᠷᠡ ᠰᠠᠭᠤᠳᠠᠯ ᠳ᠋ᠤ᠌ ᠬᠤᠪᠢᠯᠭᠠᠨ ᠲᠠᠨ ᠢ᠋ ᠵᠠᠯᠠᠬᠤ ᠪᠣᠳᠣᠯ ᠲᠠᠢ ᠪᠠᠢᠨ᠎ᠠ ᠭᠡᠳ ᠡᠷᠳᠡᠨᠢ ᠶ᠋ᠢᠨ ᠴᠢᠯᠠᠭᠤᠨ ᠡᠷᠢᠭᠡ ᠪᠡᠨ ᠨᠢᠭᠡ ᠨᠢᠭᠡ ᠪᠡᠷ ᠬᠥᠳᠡᠯᠭᠡᠨ ᠠᠮᠠᠨ ᠳ᠋ᠠᠭᠠᠨ ᠤᠩᠰᠢᠯᠭ᠎ᠠ ᠰᠢᠪᠡᠨᠡᠨ᠎ᠡ᠃ ᠳᠠᠯᠠᠢ ᠯᠠᠮᠠ ᠶ᠋ᠢᠨ ᠦᠭᠡ ᠶ᠋ᠢ ᠲᠠᠭᠠᠯᠠᠨ ᠪᠣᠯᠭᠣᠭᠠᠵᠤ ᠲᠣᠯᠣᠭᠠᠢ ᠳᠣᠬᠢᠭᠰᠠᠨ ᠪᠠᠨᠴᠢᠨ᠌ᠡᠷᠳᠡᠨᠢ᠂
— ᠰᠢᠷᠡᠭᠡᠲᠦ ᠯᠠᠮᠠ ᠪᠥᠭᠡᠰᠦ ᠳᠠᠯᠠᠢ ᠯᠠᠮᠠ ᠪᠢᠳᠡᠨ ᠦ᠌ ᠠᠳᠠᠯᠢ ᠵᠡᠷᠭᠡ ᠵᠢᠩᠳᠠᠭ᠎ᠠ ᠲᠠᠢ᠂ ᠪᠤᠷᠬᠠᠨ ᠤ᠋ ᠡᠮᠦᠨ᠎ᠡ ᠲᠠᠪᠤᠨ ᠳᠡᠮᠵᠢᠶ᠎ᠡ ᠳᠦᠭᠦᠷᠭᠡᠵᠦ ᠬᠡᠬᠡᠷᠡᠭᠰᠡᠨ ᠬᠥᠮᠦᠨ ᠦ᠌ ᠥᠨᠳᠥᠷ ᠰᠠᠭᠤᠳᠠᠯ ᠪᠢᠯᠡ ᠭᠡᠮᠡᠨ ᠢᠳᠬᠠᠵᠤ ᠰᠡᠩᠬᠡᠷᠡᠭᠦᠯᠬᠦ ᠠᠶᠠᠰ ᠲᠠᠢ ᠥᠭᠦᠯᠡᠬᠦ ᠠᠵᠢ᠃
ᠡᠨᠡ ᠦᠶ᠎ᠡ ᠳ᠋ᠦ᠍ ᠭᠠᠯᠳᠠᠨ ᠤ᠋ ᠪᠣᠰᠤᠭ᠎ᠠ ᠲᠡᠭᠰᠢ ᠰᠢᠨ᠎ᠠ᠂ ᠮᠣᠩᠬᠣᠷᠳᠠᠭᠤ ᠬᠠᠮᠠᠷ ᠤᠭ ᠡᠴᠡ ᠴᠠᠢᠪᠤᠷ ᠴᠢᠷᠠᠢ ᠳ᠋ᠤ᠌ ᠪᠣᠯᠭᠣᠮᠵᠢᠯᠠᠬᠤ ᠠᠶᠠᠰ ᠢᠯᠡᠳᠲᠡ ᠮᠡᠳᠡᠷᠡᠭᠳᠡᠨ᠎ᠡ᠃ ᠭᠠᠯᠳᠠᠨ ᠬᠤᠪᠢᠯᠭᠠᠨ᠂
— ᠳᠠᠯᠠᠢ ᠯᠠᠮᠠ᠂ ᠪᠠᠨᠴᠢᠨ᠌ᠡᠷᠳᠡᠨᠢ ᠪᠠᠭᠰᠢ ᠲᠠ ᠬᠣᠶᠠᠷ ᠲᠠᠭᠠᠨ ᠲᠠᠯᠠᠷᠬᠠᠨ᠎ᠠ᠃ ᠪᠢ ᠪᠠᠰᠠ ᠥᠨᠳᠥᠷ ᠭᠡᠭᠡᠨ ᠯᠦ᠍ᠭᠡ ᠪᠤᠷᠬᠠᠨ ᠤ᠋ ᠦᠨᠡᠨᠴᠢ ᠱᠠᠪᠢ ᠪᠢᠯᠡ᠃ ᠨᠠᠮᠠᠶ᠋ᠢ ᠪᠤᠷᠬᠠᠳ ᠤ᠋ᠨ ᠵᠢᠩᠳᠠᠭᠠᠨ ᠳ᠋ᠤ᠌ ᠪᠣᠳᠣᠨ ᠰᠢᠷᠡᠭᠡᠲᠦ ᠯᠠᠮᠠ ᠶ᠋ᠢᠨ ᠰᠠᠭᠤᠳᠠᠯ ᠳ᠋ᠤ᠌ ᠵᠠᠯᠠᠬᠤ ᠨᠢ ᠤᠴᠠᠷᠠᠯ ᠲᠣᠬᠢᠶᠠᠯᠳᠤᠯ ᠪᠣᠢ ᠭ᠌ᠠ᠃ ᠪᠠᠭᠰᠢᠲᠠᠨ ᠳᠠᠬᠢᠨ ᠪᠣᠯᠭᠣᠮᠵᠢᠯᠠᠪᠠᠯ ᠶᠠᠮᠠᠷ ᠪᠣᠢ? ᠣᠢᠷᠠᠳ ᠮᠣᠩᠭᠣᠯ ᠤ᠋ᠨ ᠨᠤᠲᠤᠭ ᠲᠤ᠌ ᠴᠤ᠌ ᠰᠦᠮ᠎ᠡ ᠳᠤᠭᠠᠩ ᠪᠣᠰᠬᠠᠵᠤ᠂ ᠰᠦᠰᠦᠭᠲᠡᠨ ᠯᠠᠮᠠ ᠴᠤᠪᠤᠷᠠᠭᠰᠠᠭᠠᠷ ᠭᠡᠨ᠎ᠡ᠃ ᠨᠠᠮᠠᠶ᠋ᠢ ᠨᠤᠲᠤᠭ ᠡᠴᠡ ᠳᠠᠭᠤᠳᠠᠬᠤ ᠪᠣᠯᠤᠯᠲᠠᠢ ᠭᠡᠵᠦ ᠠᠴᠠᠨ ᠰᠠᠯᠠᠭᠠᠨ ᠳ᠋ᠤ᠌ ᠥᠭᠦᠯᠡᠪᠡ᠃
ᠪᠤᠳ᠋ᠳ᠋ᠾᠠ ᠶ᠋ᠢᠨ ᠱᠠᠰᠢᠨ ᠤ᠋ ᠮᠢᠨᠳᠤᠭᠳᠠᠨ ᠨᠢᠭᠡ ᠨᠢᠭᠡᠨ ᠳ᠋ᠡᠭᠡᠨ ᠨᠠᠢᠷ ᠲᠠᠯᠪᠢᠨ ᠳᠣᠲᠣᠨᠣᠰᠣᠭ ᠢ᠋ᠶ᠋ᠠᠷ ᠬᠦᠨᠳᠦᠳᠬᠡᠯ ᠢᠯᠡᠷᠬᠡᠢᠯᠡᠨ ᠳᠤᠭᠠᠩ ᠤ᠋ᠨ ᠢ᠋ᠶ᠋ᠠᠨ ᠡᠭᠦᠳᠡ ᠡᠴᠡ ᠭᠤᠷᠪᠠᠨ ᠲᠡᠢᠰᠢ ᠰᠠᠯᠵᠤ ᠣᠳᠪᠠ᠃ ᠭᠤᠷᠪᠠᠨ ᠵᠠᠮ ᠪᠠᠢᠯ᠎ᠠ᠃ ᠳᠠᠯᠠᠢ ᠯᠠᠮᠠ ᠪᠣᠯᠬᠤ ᠪᠠᠷ ᠭᠠᠯᠳᠠᠨ ᠢ᠋ ᠲᠥᠪᠡᠳ᠂ ᠣᠢᠷᠠᠳ ᠤ᠋ᠨ ᠬᠣᠭᠣᠷᠣᠨᠳᠣ ᠭᠦᠦᠷ ᠪᠣᠯᠤᠨ᠎ᠠ ᠭᠡᠵᠦ ᠦᠵᠡᠳᠡᠭ ᠪᠢᠯᠡ᠃ ᠪᠠᠨᠴᠢᠬᠷᠳᠡᠨᠢ ᠪᠣᠯᠬᠤ ᠪᠠᠷ ᠭᠠᠯᠳᠠᠨ ᠢ᠋ ᠦᠯᠦ ᠰᠢᠨᠲᠠᠷᠠᠬᠤ ᠵᠣᠷᠢᠭ ᠲᠠᠢ᠂ ᠬᠤᠪᠢᠯᠭᠠᠨ ᠰᠢᠳᠢ ᠲᠡᠢ᠂ ᠪᠣᠰᠤᠭ᠎ᠠ ᠣᠷᠣᠯᠠᠩ ᠰᠢᠭ᠋ ᠬᠦᠴᠦᠲᠡᠨ ᠭᠡᠮᠡᠨ ᠪᠣᠳᠣᠨ᠎ᠠ᠃
ᠥᠨᠳᠥᠷ ᠭᠡᠭᠡᠨ ᠵᠠᠨᠠᠪᠠᠽᠠᠷ ᠭᠠᠯᠳᠠᠨ ᠢ᠋ ᠰᠤᠯᠠ ᠳᠣᠷᠣᠢ ᠪᠤᠰᠤ ᠴᠢᠩᠭ᠎ᠠ ᠬᠠᠲᠠᠭᠤ ᠡᠷ᠎ᠡ᠃ ᠲᠣᠮᠣ ᠴᠤ᠌ ᠯᠠᠮᠠ᠃ ᠱᠣ ᠳ᠋ᠤ᠌ ᠡᠭᠡᠳᠡᠷᠡᠭᠡ ᠲᠡᠢ ᠪᠠᠭᠤᠳᠠᠭ ᠬᠤᠪᠢ ᠵᠠᠶᠠᠭ᠎ᠠ ᠲᠠᠢ᠃ ᠮᠣᠷᠢᠨ ᠳᠡᠭᠡᠷ᠎ᠡ ᠲᠡᠭᠦᠰᠬᠦ ᠪᠠᠢᠬᠤ ᠳᠠ᠃ ᠨᠢᠭᠡ ᠯᠡ ᠡᠳᠦᠷ ᠭᠠᠯᠳᠠᠨ ᠢᠷᠪᠢᠰ ᠮᠡᠲᠦ ᠴᠠᠬᠢᠯᠠᠭᠠᠳ ᠠᠯᠠᠭ᠎ᠠ ᠪᠣᠯᠤᠨ᠎ᠠ ᠭᠡᠮᠡᠨ ᠪᠣᠳᠣᠳᠠᠭ ᠪᠠᠢᠵᠠᠢ᠃
ᠪᠤᠳᠠᠯᠠᠩ ᠬᠡᠢᠳ ᠮᠠᠨᠠᠨ ᠳᠤᠮᠳᠠ ᠣᠷᠢᠶᠠᠴᠠᠯᠳᠤᠨᠠ᠃ ᠬᠡᠢᠳ ᠡᠴᠡ ᠬᠣᠯᠠᠳᠬᠤ ᠲᠣᠰᠤᠮ ᠮᠠᠨᠠᠨ ᠪᠢᠲᠡᠭᠦᠷᠡᠵᠦ ᠭᠠᠯᠳᠠᠨ ᠤ᠋ ᠳᠦᠷᠢ ᠵᠢᠷᠤᠭ ᠲᠣᠳᠣᠷᠠᠵᠤ ᠪᠠᠢᠯ᠎ᠠ᠃ ᠲᠡᠷᠡ ᠪᠡᠷ ᠦᠷᠭᠦᠭᠡᠨ ᠳ᠋ᠡᠭᠡᠨ ᠣᠷᠣᠭᠠᠳ ᠰᠡᠭᠦᠯ ᠳ᠋ᠦ᠍ ᠨᠤᠲᠤᠭ ᠡᠴᠡ ᠪᠠᠨ ᠠᠪᠴᠢᠷᠠᠭᠰᠠᠨ ᠲᠣᠪᠰᠢᠭᠤᠷ ᠢ᠋ᠶ᠋ᠠᠨ ᠡᠪᠦᠷ ᠳᠡᠭᠡᠷ᠎ᠡ ᠪᠡᠨ ᠪᠦᠪᠡᠢᠯᠡᠨ ᠲᠣᠭᠯᠠᠵᠤ᠂ ᠨᠤᠲᠤᠭ ᠤᠰᠤᠨ ᠤ᠋ ᠪᠠᠨ ᠴᠢᠮᠡᠭᠡ ᠶ᠋ᠢ ᠰᠣᠨᠣᠰᠴᠤ᠂ ᠲᠥᠪᠡᠳ᠂ ᠠᠯᠲᠠᠢ ᠶ᠋ᠢᠨ ᠠᠭᠤᠯᠠ ᠶ᠋ᠢᠨ ᠳᠤᠮᠳᠠ ᠬᠡᠴᠡ ᠲᠠᠲᠠᠭᠰᠠᠨ ᠮᠡᠲᠦ ᠬᠣᠯᠠ ᠶ᠋ᠢ ᠪᠣᠳᠣᠨ ᠪᠤᠷᠬᠠᠨ ᠢ᠋ ᠪᠢᠰᠢᠯᠭᠠᠮᠤᠢ᠃
ᠳᠣᠯᠣᠭ᠎ᠠ
ᠨᠠᠳᠠ ᠪᠠᠭᠠᠲᠤᠷ ᠵᠠᠩᠵᠤᠨ ᠣᠯᠠᠨ ᠪᠠᠢᠪᠠᠴᠤ ᠭᠠᠢᠳᠠᠪ ᠪᠠᠭᠠᠲᠤᠷ ᠬᠠᠮᠤᠭ ᠤ᠋ᠨ ᠣᠢᠷ᠎ᠠ ᠳᠣᠲᠣᠨᠣ ᠪᠢᠯᠡ ᠭᠡᠵᠦ ᠭᠠᠯᠳᠠᠨ ᠲᠡᠮᠳᠡᠭᠯᠡᠯ ᠢ᠋ᠶ᠋ᠡᠨ ᠪᠢᠴᠢᠵᠡᠢ᠃ ᠭᠠᠢᠳᠠᠪ ᠪᠣᠯ ᠲᠥᠪᠡᠳ ᠲᠦ᠍ ᠡᠵᠢ ᠶ᠋ᠢᠨ ᠢ᠋ᠶ᠋ᠡᠨ ᠴᠡᠭᠡᠵᠢ ᠶ᠋ᠢ ᠳᠥᠰᠢᠨ ᠢᠷᠡᠭᠡᠳ ᠲᠡᠨᠳᠡ ᠨᠤᠲᠤᠭᠯᠠᠭᠤᠯᠵᠤ᠂ ᠭᠠᠯᠳᠠᠨ ᠢ᠋ ᠡᠷᠢᠵᠦ ᠰᠤᠷᠠᠭᠰᠠᠭᠠᠷ ᠢᠷᠡᠵᠦ ᠮᠥᠷᠭᠥᠭᠰᠡᠨ ᠶᠦᠮ᠃ ᠡᠵᠢ ᠨᠢ ᠠᠮᠢᠳᠤ ᠠᠬᠤᠢ ᠳ᠋ᠠᠭᠠᠨ ᠡᠷᠳᠡᠨᠢᠪᠠᠭᠠᠲᠤᠷ ᠬᠣᠩ ᠲᠠᠢᠵᠢ ᠶ᠋ᠢᠨ ᠬᠥᠪᠡᠭᠦᠨ ᠳ᠋ᠦ᠍ ᠮᠥᠷᠭᠥᠬᠦ ᠶ᠋ᠢ ᠬᠦᠰᠡᠵᠦ ᠪᠠᠢᠵᠠᠢ᠃ ᠭᠠᠢᠳᠠᠪ ᠬᠥᠪᠡᠭᠦᠨ ᠡᠬᠡ ᠶ᠋ᠢᠨ ᠲᠤᠢᠯ ᠤ᠋ᠨ ᠬᠦᠰᠡᠯ ᠢ᠋ ᠭᠦᠢᠴᠡᠭᠡᠪᠡ᠃ ᠲᠡᠭᠡᠭᠡᠳ ᠭᠠᠯᠳᠠᠨ ᠬᠤᠪᠢᠯᠭᠠᠨ ᠤ᠋ ᠳᠡᠷᠭᠡᠳᠡ ᠦᠯᠡᠳᠡᠵᠡᠢ᠃
— ᠴᠢ ᠪᠣᠷᠣᠭᠠᠨ ᠳ᠋ᠤ᠌ ᠳᠤᠷᠠᠲᠠᠢ ᠪᠤᠰᠤ ᠤᠤ? ᠭᠡᠵᠦ ᠭᠠᠯᠳᠠᠨ ᠢ᠋ ᠥᠭᠦᠯᠡᠬᠦ ᠳ᠋ᠦ᠍ ᠭᠠᠢᠳᠠᠪ᠂
— ᠬᠤᠷ᠎ᠠ ᠪᠣᠷᠣᠭᠠᠨ ᠳ᠋ᠤ᠌ ᠪᠢ ᠳᠤᠷᠠᠲᠠᠢ ᠭᠡᠵᠦ ᠬᠡᠯᠡᠯ᠎ᠡ᠃
ᠤᠰᠤ ᠪᠠᠭ᠎ᠠ ᠲᠠᠢ ᠰᠢᠷᠬᠡᠭ ᠨᠢ ᠦᠯᠦ ᠮᠡᠳᠡᠭᠳᠡᠮ᠎ᠡ ᠪᠣᠷᠣᠭᠠᠨ ᠤ᠋ ᠮᠠᠨᠠᠨ ᠪᠢᠲᠡᠭᠦᠦ ᠪᠦᠷᠬᠦᠵᠡᠢ᠃ ᠣᠢᠷᠠᠬᠠᠨ ᠤ᠋ ᠬᠡᠢᠳ᠂ ᠰᠦᠮ᠎ᠡ ᠳᠤᠭᠠᠩ ᠴᠥᠮ ᠮᠠᠨᠠᠨ ᠳ᠋ᠤ᠌ ᠵᠢᠪᠵᠡᠢ᠃ ᠬᠣᠯᠠ ᠠᠯᠤᠰ ᠲᠤ᠌ ᠲᠦᠩᠬᠦᠢᠨ ᠪᠠᠢᠳᠠᠭ ᠴᠠᠰᠤᠲᠤ ᠥᠨᠳᠥᠷ ᠠᠭᠤᠯᠠᠰ ᠲᠩᠷᠢ ᠶ᠋ᠢᠨ ᠬᠠᠮᠢᠭ᠎ᠠ ᠨᠢᠭᠡ ᠲᠡᠢ ᠡᠴᠡ ᠨᠢᠳᠦᠨ ᠳ᠋ᠦ᠍ ᠬᠠᠷᠠᠭᠳᠠᠨ᠎ᠠ᠃
ᠭᠠᠯᠳᠠᠨ ᠯᠠᠮᠠ《ᠨᠠᠮᠠᠶ᠋ᠢ ᠪᠤᠳᠠᠩ ᠳᠤᠮᠳᠠ ᠡᠭᠦᠷᠢᠳᠡ ᠦᠯᠡᠳᠡᠭᠡᠬᠦ ᠨᠢ ᠳᠠᠯᠠᠢ ᠯᠠᠮᠠ ᠳ᠋ᠤ᠌ ᠲᠠᠭᠠᠯᠠᠯ ᠲᠠᠢ ᠪᠣᠯᠤᠯᠲᠠᠢ᠃ ᠳᠠᠯᠠᠢ ᠯᠠᠮᠠ ᠨᠠᠳᠠ ᠡᠴᠡ ᠶᠠᠭᠤ ᠬᠦᠰᠡᠨ᠎ᠡ᠃ ᠵᠡᠭᠦᠨᠭᠠᠷ ᠤ᠋ᠨ ᠬᠠᠭᠠᠨᠲᠤ ᠤᠯᠤᠰ ᠢ᠋ ᠬᠦᠷᠳᠦᠨ ᠳ᠋ᠦ᠍ ᠣᠷᠣᠭᠤᠯᠵᠤ ᠥᠪᠡᠷ ᠦ᠋ᠨ ᠳᠤᠷ᠎ᠠ ᠪᠠᠷ ᠡᠷᠭᠢᠭᠦᠯᠵᠦ ᠪᠠᠢᠬᠤ ᠶ᠋ᠢ ᠲᠥᠪᠡᠳ ᠦ᠋ᠳ ᠰᠠᠨᠠᠭᠠᠷᠬᠠᠪᠠᠴᠤ ᠪᠦᠲᠦᠰᠢ ᠦᠭᠡᠢ᠃ ᠶᠠᠪᠠᠭᠠᠨ ᠰᠢᠷᠡᠭᠡᠨ ᠳᠡᠭᠡᠷᠡᠬᠢ ᠬᠦᠷᠳᠦ ᠶᠡᠷᠦ ᠳ᠋ᠡᠭᠡᠨ ᠬᠤᠷᠤᠭᠤᠨ ᠤ᠋ ᠦᠵᠦᠭᠦᠷ ᠲᠦ᠍ ᠡᠷᠭᠢᠯᠳᠦᠳᠡᠭ ᠪᠤᠰᠤ ᠤᠤ? ᠬᠦᠷᠳᠦ ᠶ᠋ᠢ ᠵᠥᠪᠬᠡᠨ ᠨᠠᠷᠠ ᠵᠥᠪ ᠡᠷᠭᠢᠭᠦᠯᠳᠡᠭ᠃ ᠣᠷᠴᠢᠯᠠᠩ ᠤ᠋ᠨ ᠬᠦᠷᠳᠦ ᠨᠠᠷᠠ ᠪᠤᠷᠤᠭᠤ ᠡᠷᠭᠢᠬᠦ ᠪᠣᠯᠣᠮᠵᠢᠲᠠᠢ ᠴᠤ᠌ ᠨᠠᠷᠠ ᠵᠥᠪ ᠡᠷᠭᠢᠭᠦᠯᠳᠡᠭ᠃ ᠨᠠᠮᠠᠶ᠋ᠢ ᠶᠠᠭᠠᠬᠢᠵᠤ ᠡᠷᠭᠢᠭᠦᠯᠬᠦ ᠪᠣᠯ? ᠮᠢᠨᠦ ᠲᠣᠯᠣᠭᠠᠢ ᠬᠦᠷᠳᠦ ᠲᠡᠢ ᠢᠵᠢᠯᠢᠬᠡᠨ᠃ ᠵᠥᠪ ᠴᠤ᠌ ᠡᠷᠭᠢᠵᠦ ᠪᠣᠯᠤᠨ᠎ᠠ᠂ ᠪᠤᠷᠤᠭᠤ ᠴᠤ᠌ ᠡᠷᠭᠢᠵᠦ ᠪᠣᠯᠤᠨ᠎ᠠ᠃ ᠵᠡᠭᠦᠨᠭᠠᠷ ᠨᠠᠮᠠᠶ᠋ᠢ ᠶᠠᠭᠠᠬᠢᠵᠤ ᠡᠷᠭᠢᠭᠦᠯᠦᠨ᠎ᠡ ᠪᠢ ᠲᠡᠭᠡᠵᠦ ᠡᠷᠭᠢᠨ᠎ᠡ᠃ ᠪᠤᠷᠬᠠᠨ ᠤ᠋ ᠰᠤᠷᠭᠠᠯ ᠳ᠋ᠤ᠌ ᠬᠡᠬᠡᠷᠡᠪᠡ᠃ ᠳᠣᠲᠣᠭᠠᠳᠤ ᠨᠢᠳᠦ ᠨᠡᠭᠡᠭᠡᠭᠳᠡᠯ᠎ᠡ᠃ ᠮᠠᠨᠠᠨ ᠪᠤᠳᠠᠩ ᠠᠷᠢᠯᠬᠤ ᠳ᠋ᠤ᠌ ᠠᠯᠤᠰ ᠤ᠋ᠨ ᠠᠭᠤᠯᠠ ᠲᠣᠳᠣᠷᠠᠳᠠᠭ ᠰᠢᠭ᠋ ᠪᠢ ᠳᠣᠲᠣᠭᠠᠳᠤ ᠮᠠᠨᠠᠨ ᠡᠴᠡ ᠪᠠᠨ ᠰᠠᠯᠪᠠ᠃ ᠳᠠᠯᠠᠢ ᠪᠠᠭᠰᠢ ᠶ᠋ᠢᠨ ᠢ᠋ᠶ᠋ᠡᠨ ᠠᠴᠢ ᠶ᠋ᠢ ᠬᠠᠷᠢᠭᠤᠯᠤᠨ᠎ᠠ᠃ ᠴᠣᠬᠣᠮ ᠶᠠᠭᠠᠬᠢᠵᠤ᠂᠂᠂᠂》 ᠭᠡᠮᠡᠨ ᠪᠣᠳᠣᠨ᠎ᠠ᠃ ᠵᠥᠭᠡᠯᠡᠨ ᠲᠤᠨᠤᠳᠠᠰᠤᠯᠢᠭ ᠪᠣᠷᠣᠭᠠᠨ ᠤ᠋ ᠰᠢᠷᠬᠡᠭ ᠪᠦᠷᠢ ᠪᠤᠷᠬᠠᠨ ᠤ᠋ ᠬᠣᠲᠠ ᡀᠠᠰᠠ ᠶ᠋ᠢᠨ ᠳᠡᠭᠡᠷ᠎ᠡ ᠵᠦᠰᠡᠷᠡᠵᠦ ᠪᠠᠢᠯ᠎ᠠ᠃
— ᠬᠤᠪᠢᠯᠭᠠᠨ ᠯᠠᠮᠠᠳᠠᠨ ᠬᠣᠭᠣᠯᠠ ᠪᠠᠨ ᠵᠣᠭᠣᠭᠯᠠᠨ᠎ᠠ ᠤᠤ?
— ᠨᠠᠮᠠᠶ᠋ᠢ ᠰᠢᠷᠡᠭᠡᠲᠦ ᠯᠠᠮᠠ ᠶ᠋ᠢᠨ ᠰᠠᠭᠤᠳᠠᠯ ᠳ᠋ᠤ᠌ ᠵᠠᠯᠠᠬᠤ ᠪᠣᠯᠤᠯᠲᠠᠢ᠃
— ᠪᠤᠷᠬᠠᠨ ᠮᠢᠨᠢ᠂᠂᠂᠂
— ᠭᠠᠢᠳᠠᠪ ᠴᠢ ᠪᠤᠷᠬᠠᠨ ᠡᠴᠡ ᠶᠠᠭᠤ ᠭᠤᠶᠤᠪᠠ? ᠥᠷᠥᠰᠢᠶᠡᠯ ᠭᠤᠶᠤᠪᠠ ᠤᠤ?
— ᠪᠤᠷᠬᠠᠨ ᠬᠠᠮᠢᠭ᠎ᠠ ᠪᠠᠢᠳᠠᠭ ᠶᠤᠮ ᠪᠣᠢ? ᠪᠤᠷᠬᠠᠨ ᠪᠢᠳᠡᠨ ᠢ᠋ ᠥᠷᠥᠰᠢᠶᠡᠨ᠎ᠡ᠃
— ᠬᠥᠬᠡ ᠲᠩᠷᠢ ᠳ᠋ᠦ᠍᠂᠂᠂᠂!
— ᠲᠩᠷᠢ ᠮᠢᠨᠢ᠂᠂᠂᠂
ᠬᠣᠱᠤᠳ ᠮᠠᠶᠢᠭ ᠤ᠋ᠨ ᠥᠷᠭᠡᠨ ᠡᠮᠵᠢᠶᠡᠷᠢ ᠲᠡᠢ᠂ ᠴᠠᠢᠪᠤᠷ ᠲᠡᠷᠯᠢᠭ ᠡᠮᠦᠰᠦᠭᠰᠡᠨ ᠭᠠᠢᠳᠠᠪ᠂ ᠬᠤᠪᠢᠯᠭᠠᠨ ᠪᠠᠭᠰᠢ ᠡᠴᠡ ᠨᠢᠭᠡ ᠠᠯᠬᠤᠮ ᠮᠠᠨᠠᠨᠲᠤ ᠲᠩᠷᠢ ᠶ᠋ᠢᠨ ᠳᠣᠣᠷ᠎ᠠ ᠵᠣᠭᠰᠣᠨ᠎ᠠ᠃
— ᠲᠩᠷᠢ ᠴᠢᠮᠠᠶ᠋ᠢ ᠢᠪᠡᠭᠡᠭ᠃
— ᠬᠤᠪᠢᠯᠭᠠᠨ ᠪᠠᠭᠰᠢ ᠮᠢᠨᠢ᠂ ᠭᠢᠯᠠᠢᠯ᠎ᠠ᠃
— ᠲᠥᠪᠡᠳ ᠦ᠋ᠨ ᠠᠭᠤᠯᠠᠨ ᠳ᠋ᠤ᠌ ᠪᠣᠷᠣᠭ᠎ᠠ ᠣᠷᠣᠵᠤ ᠪᠠᠢᠨ᠎ᠠ᠃
— ᠵᠢᠯ ᠦ᠋ᠨ ᠳᠥᠷᠪᠡᠨ ᠤᠯᠠᠷᠢᠯ ᠳ᠋ᠤ᠌ ᠪᠣᠷᠣᠭ᠎ᠠ ᠴᠠᠰᠤ ᠲᠠᠢ ᠪᠠᠢᠬᠤ ᠶᠤᠮ᠃ ᠬᠤᠷ᠎ᠠ ᠶ᠋ᠢᠨ ᠳᠠᠯᠠᠯᠭ᠎ᠠ ᠲᠠᠢ ᠭᠠᠵᠠᠷ᠂᠂᠂᠂
— ᠣᠢᠷᠠᠳ ᠨᠤᠲᠤᠭ ᠡᠴᠡ ᠮᠥᠷᠭᠥᠯᠴᠢᠳ ᠶᠠᠪᠤᠨ᠎ᠠ ᠤᠤ?
— ᠵᠥᠩᠳᠡᠭᠡᠨ᠃ ᠤᠷᠢᠳᠤ ᠰᠥᠨᠢ ᠲᠠᠪᠤᠨ ᠮᠠᠢᠬᠠᠨ ᠲᠠᠢ ᠮᠥᠷᠭᠥᠯᠴᠢᠳ ᠪᠠᠭᠤᠳᠠᠯᠯᠠᠭᠰᠠᠨ ᠪᠠᠢᠨ᠎ᠠ ᠯᠠᠢ᠃ ᠴᠠᠭᠠᠳᠤ ᠰᠥᠨᠢ ᠭᠤᠷᠪᠠᠨ ᠮᠠᠢᠬᠠᠨ ᠪᠣᠰᠤᠭᠰᠠᠨ᠁
— ᠪᠦᠷᠢᠯᠦᠭᠡᠴᠢ ᠶ᠋ᠢᠨ ᠭᠠᠵᠠᠷ ᠳᠡᠭᠡᠷ᠎ᠡ ᠬᠣᠶᠠᠭᠤᠯᠠ ᠪᠠᠨ ᠣᠴᠢᠨ᠎ᠠ᠃
— ᠡᠵᠢ ᠮᠢᠨᠢ ᠁
— ᠪᠢ ᠡᠵᠢ ᠪᠡᠨ ᠪᠡᠭᠲᠡᠷᠡᠲᠡᠯᠡ ᠰᠠᠨᠠᠳᠠᠭ ᠰᠢᠦ᠃ ᠰᠠᠨᠠᠬᠤ ᠳ᠋ᠤ᠌ ᠰᠡᠷᠡᠳᠡᠭ ᠶᠤᠮ ᠠ᠋᠃ ᠭᠠᠢᠳᠠᠪ ᠮᠢᠨᠢ᠂ ᠬᠠᠲᠠᠭᠤ ᠪᠠᠢ ᠁ ᠬᠣᠷᠸ᠎ᠠ ᠪᠥᠭᠡᠷᠡᠩᠬᠡᠢ ᠰᠢᠦ ᠳᠡ᠃
ᠪᠣᠷᠣᠭ᠎ᠠ ᠴᠠᠰᠤᠨ ᠤ᠋ ᠪᠤᠳᠠᠩ ᠳᠤᠮᠳᠠ ᠣᠷᠣᠰᠢᠬᠤ ᠲᠥᠪᠡᠳ ᠦ᠋ᠨ ᠥᠨᠳᠥᠷ ᠠᠭᠤᠯᠠᠰ ᠤ᠋ᠨ ᠴᠢᠨᠠᠳᠤ ᠭᠠᠯᠳᠠᠨ ᠬᠤᠪᠢᠯᠭᠠᠨ᠂ ᠭᠠᠢᠳᠠᠪ ᠬᠣᠶᠠᠷ ᠰᠡᠳᠬᠢᠯ ᠢ᠋ᠶ᠋ᠡᠨ ᠪᠡᠯᠴᠢᠭᠡᠨ ᠪᠠᠢᠬᠤ ᠳ᠋ᠤ᠌ ᠪᠤᠳᠠᠯᠠᠩ ᠰᠦᠮ᠎ᠡ ᠶ᠋ᠢᠨ ᠬᠠᠰ ᠡᠷᠳᠡᠨᠢ ᠶ᠋ᠢᠨ ᠬᠠᠨ᠎ᠠ᠂ ᠰᠦᠮ᠎ᠡ ᠶ᠋ᠢᠨ ᠳᠡᠭᠡᠪᠦᠷ ᠳᠡᠭᠡᠷ᠎ᠡ ᠮᠥᠩᠬᠡᠳᠡ ᠵᠣᠭᠰᠣᠬᠤ ᠡᠷ᠎ᠡ ᠡᠮ᠎ᠡ ᠪᠣᠳᠢ ᠭᠥᠷᠥᠭᠡᠰᠦ ᠠᠮᠤᠭᠤᠯᠠᠩ ᠵᠠᠯᠠᠷᠠᠬᠤ ᠪᠥᠯᠥᠭᠡ᠃ ᠣᠷᠣᠢ ᠳ᠋ᠠᠭᠠᠨ ᠴᠠᠰᠤ ᠲᠠᠢ ᠱᠣᠪᠬᠣ ᠱᠣᠪᠬᠣ ᠠᠭᠤᠯᠠᠰ ᠤ᠋ᠨ ᠳᠦᠷᠰᠦ ᠮᠠᠨᠠᠨ ᠳᠤᠮᠳᠠ ᠲᠣᠳᠣᠷᠠᠨ᠎ᠠ᠃
ᠪᠤᠳᠠᠯᠠᠩ ᠪᠣᠯ ᡀᠠᠰᠠ ᠶ᠋ᠢᠨ ᠬᠠᠮᠤᠭ ᠤ᠋ᠨ ᠲᠣᠮᠣ᠂ ᠬᠠᠮᠤᠭ ᠤ᠋ᠨ ᠰᠦᠷᠯᠢᠭ ᠬᠡᠢᠳ ᠪᠥᠭᠡᠳ ᠪᠤᠷᠬᠠᠳ ᠢ᠋ ᠰᠢᠩᠭᠡᠭᠡᠭᠰᠡᠨ ᠣᠶᠤᠨ ᠤᠬᠠᠭᠠᠨ ᠤ᠋ ᠠᠰᠤᠷᠤ ᠲᠣᠭᠰᠢᠨ ᠣᠷᠣᠨ ᠪᠥᠯᠥᠭᠡ᠃
ᠵᠠᠯᠠᠭᠤ ᠬᠠᠯᠠᠭᠤᠨ ᠨᠠᠰᠤᠨ ᠳ᠋ᠤ᠌ ᠤᠴᠠᠷᠠᠭᠰᠠᠨ ᠬᠤᠪᠢᠯᠭᠠᠨ ᠯᠠᠮᠠ᠂ ᠭᠠᠶ᠋ᠢᠲᠠᠪ ᠬᠣᠶᠠᠷ ᠤ᠋ᠨ ᠬᠣᠢᠴᠢ ᠶ᠋ᠢᠨ ᠮᠥᠷ ᠶᠠᠮᠠᠷᠬᠠᠨ ᠪᠣᠯᠬᠤ ᠶ᠋ᠢ ᠪᠤᠷᠬᠠᠨ ᠡᠴᠡ ᠬᠡᠨ ᠠᠰᠠᠭᠤᠬᠤ ᠪᠢᠯᠡ᠃ ᠪᠤᠷᠬᠠᠨ ᠬᠥᠮᠦᠨ ᠲᠡᠢ ᠠᠳᠠᠯᠢᠬᠠᠨ ᠤᠬᠢᠯᠠᠳᠠᠭ ᠪᠣᠯ ᠤᠬᠢᠯᠠᠨ᠎ᠠ᠂ ᠳᠠᠭᠤᠯᠠᠳᠠᠭ ᠪᠣᠯ ᠳᠠᠭᠤᠯᠠᠨ᠎ᠠ᠃ ᠭᠠᠯᠳᠠᠨ ᠬᠤᠪᠢᠯᠭᠠᠨ ᠭᠠᠳᠠᠭᠠᠯᠠᠭᠰᠠᠭᠠᠷ ᠤᠳᠠᠪᠠ᠃ ᠪᠢᠲᠡᠭᠦᠦ ᠮᠠᠨᠠᠨ ᠰᠡᠢᠷᠡᠭᠵᠢᠨ ᠵᠠᠮᠬᠠᠷᠠᠵᠤ ᠡᠷ᠎ᠡ ᠡᠮ᠎ᠡ ᠪᠣᠳᠢ ᠭᠥᠷᠦᠭᠡᠰᠦᠨ ᠦ᠌ ᠴᠢᠬᠢ ᠰᠣᠷᠲᠣᠰᠬᠢᠨ ᠬᠥᠳᠡᠯᠬᠦ ᠶ᠋ᠢ ᠭᠠᠯᠳᠠᠨ ᠭᠡᠨᠡᠳᠲᠡ ᠮᠡᠳᠡᠪᠡ᠃ ᠡᠭᠦᠯᠡ ᠮᠠᠨᠠᠨ ᠠᠷᠢᠯᠤᠭᠰᠠᠨ ᠬᠣᠢᠨ᠎ᠠ ᠪᠣᠳᠢ ᠭᠥᠷᠥᠭᠡᠰᠦ ᠪᠤᠷᠬᠠᠨ ᠤ᠋ ᠦᠭᠡ ᠶ᠋ᠢ ᠬᠡᠪ ᠭᠡᠨᠡᠳᠲᠡ ᠭᠠᠯᠳᠠᠨ ᠳ᠋ᠤ᠌ ᠳᠣᠭᠣᠯᠭᠠᠨ᠎ᠠ ᠤᠤ?
ᠳᠠᠯᠠᠪᠴᠢ ᠨᠢ ᠪᠤᠭᠤᠷᠤᠯ ᠪᠦᠷᠭᠦᠳ ᠲᠩᠷᠢ ᠳ᠋ᠦ᠍ ᠳᠡᠭᠦᠯᠢᠨ᠎ᠡ᠃ ᠰᠦᠮ᠎ᠡ ᠶ᠋ᠢᠨ ᠪᠤᠳᠠᠭ᠎ᠠ ᠲᠠᠷᠢᠶᠠᠨ ᠳ᠋ᠤ᠌ ᠡᠷᠭᠢᠯᠳᠦᠨ ᠬᠤᠢᠯᠠᠷᠠᠬᠤ ᠬᠥᠬᠡ ᠪᠤᠬ᠎ᠠ᠂ ᠲᠤᠷᠯᠢᠶᠠᠬ᠎ᠠ᠂ ᠪᠣᠯᠵᠣᠮᠣᠷ ᠲᠡᠷᠢᠭᠦᠲᠡᠨ ᠲᠠᠯ᠎ᠠ ᠲᠠᠯ᠎ᠠ ᠲᠠᠢᠰᠢ ᠪᠠᠨ ᠰᠦᠷᠦᠭᠯᠡᠨ ᠨᠢᠰᠴᠦ ᠠᠯᠠᠭ᠎ᠠ ᠪᠣᠯᠤᠯ᠎ᠠ᠃
ᠭᠠᠯᠳᠠᠨ ᠬᠤᠪᠢᠯᠭᠠᠨ ᠪᠣᠯᠤᠨ ᠪᠤᠳᠠᠯᠠᠩ ᠬᠡᠢᠳ ᠦ᠋ᠨ ᠳᠡᠭᠡᠭᠦᠷ ᠪᠦᠷᠭᠦᠳ ᠡᠷᠭᠢᠨ᠎ᠡ᠂ ᠪᠤᠭᠤᠷᠤᠯ ᠳᠠᠯᠠᠪᠴᠢ ᠪᠠᠨ ᠳᠡᠪᠢᠨᠡ᠃ ᠪᠦᠷᠭᠦᠳ ᠲᠩᠷᠢ ᠶ᠋ᠢᠨ ᠦᠯᠦ ᠦᠵᠡᠭᠳᠡᠬᠦ ᠵᠠᠢ ᠬᠢᠵᠠᠭᠠᠷ ᠦᠭᠡᠢ ᠬᠣᠯᠠᠬᠢ ᠴᠢᠯᠥᠭᠡᠨ ᠡᠴᠡ ᠢᠷᠡᠵᠡᠢ᠃ ᠠᠯᠲᠠᠢ ᠶ᠋ᠢᠨ ᠪᠦᠷᠭᠦᠳ ᠳᠠᠯᠠᠪᠴᠢ ᠪᠠᠨ ᠡᠴᠡᠭᠡᠨ ᠶᠠᠭᠤᠨ ᠳ᠋ᠤ᠌ ᠢᠷᠡᠨᠡᠮ᠃ ᠨᠠᠮᠤᠷ ᠤ᠋ᠨ ᠰᠡᠷᠢᠭᠦᠨ ᠤᠨᠠᠬᠤ ᠳᠥᠭᠥᠭᠰᠡᠨ ᠦᠶ᠎ᠡ ᠳ᠋ᠦ᠍ ᠪᠦᠷᠭᠦᠳ ᠦ᠋ᠨ ᠲᠤᠭᠤᠯᠬᠤ ᠭᠡᠮ ᠤᠷᠲᠤ ᠪᠢᠯᠡ᠃ ᠴᠣᠷᠣᠰ ᠣᠪᠣᠭ ᠤ᠋ᠨ ᠪᠦᠷᠭᠦᠳ ᠬᠠᠭᠠᠨ ᠤ᠋ ᠣᠢᠷ᠎ᠠ ᠳᠣᠲᠣᠨᠣ ᠬᠥᠮᠦᠰ ᠦ᠋ᠨ ᠠᠴᠢᠶ᠎ᠠ ᠬᠥᠰᠬᠡ ᠶ᠋ᠢ ᠳᠠᠭᠠᠳᠠᠭ ᠪᠤᠰᠤ ᠤᠤ? ᠬᠦᠵᠦᠭᠦᠨ ᠳ᠋ᠡᠭᠡᠨ ᠭᠠᠯᠲᠤ ᠤᠷᠭᠤᠮᠠᠯ ᠤ᠋ᠨ ᠰᠦᠯᠵᠢᠶ᠎ᠡ ᠤᠶᠠᠭᠤᠯᠵᠤ ᠢᠷᠡᠭᠦᠯ ᠲᠤᠯᠤᠯᠳᠤᠭᠠᠨ ᠢ᠋ ᠬᠡᠷᠡᠯᠳᠦᠭᠦᠯᠳᠡᠭ ᠪᠦᠷᠭᠦᠳ ᡀᠠᠰᠠ ᠳᠡᠭᠡᠭᠦᠷ ᠡᠷᠭᠢᠯᠳᠦᠵᠦ ᠪᠠᠢᠨ᠎ᠠ᠃ ᠪᠣᠷᠣᠭ᠎ᠠ᠂ ᠴᠠᠰᠤ ᠣᠷᠣᠬᠤ ᠪᠦᠷᠢ ᠳ᠋ᠦ᠍ ᠭᠠᠯᠳᠠᠨ ᠢ᠋ ᠲᠣᠭᠣᠷᠢᠵᠤ ᠢᠷᠣ᠎ᠠ ᠵᠦᠩ ᠡᠭᠦᠰᠳᠡᠭ᠃ ᠲᠡᠷᠡ ᠬᠦ᠌ ᠢᠷᠣ᠎ᠠ ᠵᠦᠩ ᠦ᠋ᠨ ᠰᠤᠷᠠᠭ ᠢ᠋ ᠳᠣᠭᠣᠯᠭᠠᠬᠤ ᠪᠠᠷ ᠪᠦᠷᠭᠦᠳ ᠢᠷᠡᠳᠡᠭ ᠶᠤᠮᠰᠠᠨᠵᠠᠢ᠃
ᠨᠠᠢ᠍ᠮᠠ
ᠴᠠᠰᠤ ᠮᠥᠰᠥᠨ ᠦ᠌ ᠬᠥᠯ ᠳ᠋ᠦ᠍ ᠭᠠᠢᠳᠡᠪ ᠲᠡᠢ ᠣᠴᠢᠪᠠ᠃ ᠲᠡᠨᠳᠡ ᠳᠡᠷᠡ ᠮᠡᠲᠦ ᠬᠠᠪᠲᠠᠭᠠᠢ ᠴᠢᠯᠠᠭᠤ ᠪᠠᠢᠯ᠎ᠠ᠃ ᠴᠢᠯᠠᠭᠤᠨ ᠳᠡᠭᠡᠷ᠎ᠡ ᠳᠠᠷᠤᠬᠤ ᠳ᠋ᠤ᠌ ᠬᠦᠢᠲᠡᠨ ᠠᠵᠢ᠃ ᠭᠠᠢᠳᠡᠪ ᠰᠥᠬᠥᠷᠡᠵᠦ ᠰᠠᠭᠤᠭᠠᠳ᠂
— ᠡᠵᠢ ᠮᠢᠨᠢ ᠲᠠ᠂ ᠬᠠᠮᠢᠭᠠᠰᠢ ᠣᠳᠪᠠ ᠭᠡᠮᠡᠨ ᠥᠮᠥᠯᠵᠡᠨ ᠡᠬᠢᠯᠡᠪᠡ᠃
— ᠪᠤᠷᠬᠠᠨ ᠤ᠋ ᠣᠷᠣᠨ ᠳ᠋ᠤ᠌ ᠣᠴᠢᠭᠰᠠᠨ ᠭᠡᠵᠦ ᠭᠠᠯᠳᠠᠨ ᠯᠠᠮᠠ ᠥᠭᠦᠯᠡᠪᠡ᠃
— ᠡᠵᠢ ᠶ᠋ᠢᠨ ᠮᠢᠨᠢ ᠰᠦᠨᠡᠰᠦ ᠲᠠᠢᠪᠤᠰᠢᠷᠠᠬᠤ ᠪᠣᠯᠤᠭᠠᠰᠠᠢ᠃ ᠪᠢ ᠡᠵᠢ ᠶ᠋ᠢᠨ ᠢ᠋ᠶ᠋ᠡᠨ ᠬᠦᠰᠡᠯ ᠢ᠋ ᠭᠦᠢᠴᠡᠭᠡᠭᠰᠡᠨ᠃ ᠡᠵᠢ ᠮᠢᠨᠢ ᠨᠠᠳᠠ《ᠪᠠᠭᠠᠲᠤᠷ ᠬᠣᠩ ᠲᠠᠢᠵᠢ ᠶ᠋ᠢᠨ ᠬᠥᠪᠡᠭᠦᠨ ᠳ᠋ᠦ᠍ ᠮᠥᠷᠭᠥᠬᠦ ᠶᠤᠮᠰᠠᠨ᠃ ᠪᠤᠰᠤᠳ ᠨᠢ ᠶᠠᠭᠠᠬᠢᠬᠤ ᠪᠣᠢ? ᠲᠡᠷᠡ ᠬᠤᠪᠢᠯᠭᠠᠨ ᠯᠠᠮᠠ ᠳ᠋ᠤ᠌ ᠭᠠᠭᠴᠠ ᠬᠥᠪᠡᠭᠡᠨ ᠢ᠋ᠶ᠋ᠡᠨ ᠳᠠᠭᠠᠳᠬᠠᠭᠠᠳ ᠨᠢᠳᠦ ᠠᠨᠢᠬᠤ ᠮᠢᠨᠢ ᠁ ᠭᠡᠮᠡᠨ ᠶᠠᠷᠢᠭᠰᠠᠭᠠᠷ ᠪᠠᠢᠭᠰᠠᠨ》 ᠭᠡᠮᠡᠨ ᠭᠠᠯᠳᠠᠨ ᠯᠠᠮᠠ ᠳ᠋ᠤ᠌ ᠴᠡᠭᠡᠵᠢᠨ ᠭᠦᠨ ᠳ᠋ᠦ᠍ ᠤᠳᠠᠲᠠᠯ᠎ᠠ ᠬᠠᠳᠠᠭᠠᠯᠠᠭᠳᠠᠭᠰᠠᠨ ᠨᠠᠨᠳᠢᠨ ᠳᠤᠷᠠᠰᠤᠮᠵᠢ ᠶ᠋ᠢ ᠭᠠᠢᠳᠡᠪ ᠠᠭᠤᠳᠠᠯᠠᠪᠠ᠃ ᠬᠤᠪᠢᠯᠭᠠᠨ ᠯᠠᠮᠠ ᠨᠥᠬᠥᠷ ᠦ᠋ᠨ ᠬᠡᠯᠡᠭᠰᠡᠨ ᠢ᠋ ᠣᠢᠰᠢᠶᠠᠨ᠂
— ᠪᠤᠷᠬᠠᠨ ᠬᠥᠮᠦᠨ ᠳ᠋ᠦ᠍ ᠢᠲᠡᠭᠡᠳᠡᠭ ᠶᠦᠮ᠃ ᠬᠥᠮᠦᠨ ᠪᠤᠷᠬᠠᠨ ᠳ᠋ᠤ᠌ ᠢᠲᠡᠭᠡᠬᠦ ᠶᠣᠰᠣᠲᠠᠢ᠃ ᠪᠤᠷᠬᠠᠨ ᠡᠵᠢ ᠶ᠋ᠢᠨ ᠲᠠᠨᠢ ᠬᠦᠰᠡᠯ ᠢ᠋ ᠰᠣᠨᠣᠰᠤᠭᠰᠠᠨ ᠤᠴᠢᠷ ᠡᠴᠡ ᠬᠠᠷᠠᠩᠭᠤᠢ ᠰᠥᠨᠢ ᠴᠢ ᠨᠠᠮᠠᠶ᠋ᠢ ᠣᠯᠵᠤ ᠣᠴᠢᠭᠰᠠᠨ᠃ ᠬᠠᠷᠠᠩᠭᠤᠢ ᠪᠠᠢᠲᠤᠭᠠᠢ ᠭᠡᠭᠡᠨ ᠡᠳᠦᠷ ᠵᠥᠷᠢᠵᠦ ᠣᠳᠬᠤ ᠶ᠋ᠢ ᠬᠡᠨ ᠪᠠᠢᠭ ᠭᠡᠬᠦᠪ᠃ ᠪᠤᠷᠬᠠᠨ ᠤ᠋ ᠬᠡᠰᠢᠭ ᠬᠦᠷᠲᠡᠬᠦ ᠬᠤᠪᠢ ᠲᠠᠢ ᠪᠠᠢᠵᠠᠢ ᠭᠡᠵᠦ ᠭᠠᠢᠳᠠᠪ ᠲᠤ᠌ ᠬᠡᠯᠡᠪᠡ᠃
ᠯᠠᠮᠠ ᠶ᠋ᠢᠨ ᠦᠭᠡ ᠶ᠋ᠢ ᠰᠣᠨᠣᠰᠤᠭᠠᠳ ᠭᠠᠢᠳᠡᠪ ᠨᠢᠳᠦ ᠪᠡᠨ ᠠᠨᠢᠪᠠ᠃ ᠲᠡᠭᠦᠨ ᠦ᠌ ᠨᠢᠳᠦᠨ ᠳ᠋ᠦ᠍ ᠪᠤᠭᠤᠷᠤᠯ ᠰᠠᠨᠴᠢᠭ ᠲᠠᠢ᠂ᠳᠤᠬᠤᠨ ᠳ᠋ᠠᠭᠠᠨ ᠥᠷᠴᠢᠯᠡᠭᠡᠰᠤᠳᠠᠢ᠂ ᠵᠢᠵᠢᠭᠡᠪᠲᠦᠷ ᠵᠤᠤᠪᠠᠩ ᠨᠢᠳᠦ ᠪᠡᠷ ᠢ᠋ᠶ᠋ᠡᠨ ᠢᠨᠢᠶᠡᠮᠰᠦᠭᠯᠡᠭᠰᠡᠨ ᠡᠵᠢ ᠨᠢ ᠬᠠᠷᠠᠭᠳᠠᠬᠤ ᠪᠥᠯᠥᠭᠡ᠃ ᠡᠵᠢ ᠨᠢ ᠳᠦᠷᠢ ᠪᠡᠷ ᠢ᠋ᠶ᠋ᠡᠨ ᠪᠠᠢᠯ᠎ᠠ᠃ ᠬᠥᠪᠡᠭᠦᠨ ᠳ᠋ᠡᠭᠡᠨ ᠲᠠᠯᠠᠷᠬᠠᠬᠤ ᠠᠵᠢ᠃ ᠡᠵᠢ ᠶ᠋ᠢᠨ ᠬᠢᠨᠢ ᠨᠢᠳᠦᠨ ᠳ᠋ᠦ᠍ ᠬᠠᠢᠷ᠎ᠠ ᠡᠨᠡᠷᠢᠯ ᠬᠤᠷᠠᠵᠠᠢ᠃ ᠬᠥᠪᠡᠭᠦᠨ ᠳ᠋ᠡᠭᠡᠨ ᠲᠠᠯᠠᠷᠬᠠᠨ ᠪᠣᠢ ᠡᠵᠢ ᠨᠢ《ᠬᠥᠮᠦᠨ ᠦ᠌ ᠪᠤᠶᠠᠨ᠂ ᠬᠤᠳᠳᠤᠭ ᠤ᠋ᠨ ᠤᠰᠤ ᠬᠣᠶᠠᠷ ᠬᠡᠮᠵᠢᠶ᠎ᠡ ᠲᠡᠢ ᠶᠦᠮ ᠭᠡᠨ᠎ᠡ ᠯᠠᠢ ᠨᠢᠭᠡ ᠪᠣᠯ ᠳᠦᠭᠦᠷᠡᠩ ᠪᠠᠢᠳᠠᠭ᠃ ᠨᠢᠭᠡ ᠪᠣᠯ ᠳᠤᠮᠳᠠᠭᠤᠷ ᠪᠠᠢᠳᠠᠭ᠃ ᠮᠢᠨᠦ ᠬᠥᠪᠡᠭᠦᠨ ᠦ᠌ ᠪᠤᠶᠠᠨ ᠤ᠋ ᠰᠠᠪᠠ ᠳᠦᠭᠦᠷᠡᠩ ᠪᠣᠯᠲᠤᠭᠠᠢ᠃ ᠬᠤᠪᠢᠯᠭᠠᠨ ᠯᠠᠮᠠ ᠶ᠋ᠢᠨ ᠳᠡᠷᠭᠡᠳᠡ ᠡᠴᠡ ᠬᠣᠯᠠᠳᠴᠤ ᠪᠤᠯᠠᠬᠤ ᠦᠭᠡᠢ ᠰᠢᠦ᠃ ᠡᠨᠡ ᠶᠡᠬᠡ ᠬᠥᠮᠦᠨ ᠦ᠌ ᠪᠤᠶᠠᠨ ᠬᠤᠲᠤᠭ ᠨᠢ ᠴᠠᠭᠯᠠᠰᠢ ᠦᠭᠡᠢ ᠪᠢᠵᠡ ᠠ᠋》 ᠭᠡᠮᠡᠨ ᠥᠭᠦᠯᠡᠬᠦ ᠶ᠋ᠢ ᠭᠠᠢᠳᠠᠪ ᠴᠢᠬᠢ ᠪᠡᠷ ᠢ᠋ᠶ᠋ᠡᠨ ᠰᠣᠨᠣᠰᠴᠤ ᠨᠢᠳᠦ ᠪᠡᠨ ᠨᠡᠭᠡᠭᠡᠪᠡ᠃
ᠲᠡᠭᠦᠨ ᠦ᠌ ᠨᠢᠳᠦᠨ ᠳ᠋ᠦ᠍ ᠪᠣᠷᠣᠭ᠎ᠠ ᠴᠠᠢᠷᠠᠭᠰᠠᠨ ᠱᠣᠪᠬᠣ ᠠᠭᠤᠯᠠᠰ᠂ ᠬᠠᠳᠠᠨ ᠬᠠᠯᠢᠯ᠂ ᠬᠡᠵᠢᠯᠡᠭᠦᠷ ᠵᠠᠮ ᠲᠠᠢ ᠬᠠᠳᠠ ᠠᠰᠬ᠎ᠠ ᠦᠵᠡᠭᠳᠡᠨ᠎ᠡ᠃ ᠡᠵᠢ ᠪᠡᠨ ᠪᠤᠷᠬᠠᠨ ᠤ᠋ ᠣᠷᠣᠨ ᠳ᠋ᠤ᠌ ᠪᠠᠢᠭ᠎ᠠ ᠳ᠋ᠤ᠌ ᠭᠠᠢᠳᠠᠪ ᠢᠲᠡᠭᠡᠪᠡ᠃ ᠱᠠᠮᠪᠠᠯᠠ ᠶ᠋ᠢᠨ ᠣᠷᠣᠨ ᠲᠥᠪᠡᠳ ᠦ᠋ᠨ ᠥᠨᠳᠥᠷ ᠠᠭᠤᠯᠠᠰ ᠤ᠋ᠨ ᠣᠷᠭᠢᠯ ᠲᠡᠷᠢᠭᠦᠨ ᠡᠴᠡ ᠥᠨᠳᠥᠷ᠂ ᠡᠭᠦᠯᠡ ᠡᠴᠡ ᠴᠠᠭᠠᠨ᠎ᠠ ᠣᠳᠣᠳ ᠤ᠋ᠨ ᠳᠤᠮᠳᠠ ᠣᠷᠣᠰᠢᠳᠠᠭ ᠪᠤᠰᠤ ᠤᠤ? ᠳᠡᠭᠡᠳᠦ᠂ ᠳᠤᠮᠳᠠ᠂ ᠳᠣᠣᠷᠠᠲᠤ ᠲᠢᠪ ᠦ᠋ᠨ ᠳᠡᠭᠡᠷ᠎ᠡ ᠨᠢ ᠱᠡᠮᠪᠡᠯᠡ ᠶ᠋ᠢᠨ ᠣᠷᠣᠨ ᠪᠠᠢᠳᠠᠭ ᠭᠡᠳᠡᠭ ᠲᠦ᠍ ᠭᠠᠢᠳᠠᠪ ᠢᠲᠡᠭᠡᠯ ᠲᠡᠢ ᠪᠠᠢᠯ᠎ᠠ᠃
— ᠪᠤᠷᠬᠠᠨ ᠤ᠋ ᠣᠷᠣᠨ ᠬᠣᠯᠠ ᠪᠠᠢᠬᠤ ᠠ᠋ ᠁ ᠭᠡᠵᠦ ᠭᠠᠢᠳᠠᠪ ᠬᠡᠯᠡᠪᠡ᠃
— ᠪᠤᠷᠬᠠᠨ ᠤ᠋ ᠣᠷᠣᠨ ᠳ᠋ᠤ᠌ ᠬᠥᠮᠦᠨ ᠵᠠᠶᠠᠭᠠᠳᠠᠨ ᠵᠥᠪᠬᠡᠨ ᠰᠡᠳᠬᠢᠯ ᠢ᠋ᠶ᠋ᠡᠷ ᠢ᠋ᠶ᠋ᠡᠨ ᠬᠦᠷᠴᠦ ᠪᠣᠯᠤᠨ᠎ᠠ ᠭᠡᠵᠦ ᠭᠠᠯᠳᠠᠨ ᠥᠭᠦᠯᠡᠪᠡ᠃
ᠶᠢᠰᠦ
— ᠲᠥᠪᠡᠳ ᠦ᠋ᠨ ᠴᠠᠰᠤᠲᠤ ᠠᠭᠤᠯᠠᠰ ᠤ᠋ᠨ ᠳᠤᠮᠳᠠ ᠠᠮᠤᠭᠤᠯᠠᠩ ᠲᠦᠩᠬᠦᠢᠬᠦ ᠣᠷᠳᠣᠨ ᠬᠡᠢᠳ ᠲᠦ᠍ ᠨᠢᠭᠡᠨ ᠨᠠᠰᠤ ᠶ᠋ᠢ ᠪᠠᠷᠠᠬᠤ ᠤᠤ? ᠪᠤᠶᠠᠨ ᠨᠣᠮ ᠤ᠋ᠨ ᠮᠥᠷ ᠬᠥᠭᠡᠭᠡᠭᠰᠡᠭᠡᠷ ᠬᠥᠮᠦᠨ ᠦ᠌ ᠠᠵᠤ ᠲᠥᠷᠥᠯ᠂ ᠬᠠᠢᠷ᠎ᠠ ᠰᠡᠳᠬᠢᠯ᠂ ᠰᠢᠨᠤᠯ ᠲᠠᠴᠢᠶᠠᠯ ᠡᠴᠡ ᠲᠠᠰᠤᠷᠠᠵᠤ ᠰᠡᠳᠬᠢᠯ ᠢ᠋ᠶ᠋ᠡᠨ ᠵᠠᠰᠠᠵᠤ ᠣᠷᠣᠰᠢᠬᠤ ᠤᠤ? ᠲᠠᠷᠢᠬᠢᠨ ᠳ᠋ᠤ᠌ ᠦᠢ ᠲᠦᠮᠡᠨ ᠠᠰᠠᠭᠤᠯᠲᠠ ᠡᠷᠭᠢᠯᠳᠦᠵᠦ ᠬᠠᠷᠢᠭᠤ ᠨᠡᠬᠡᠭᠰᠡᠨ ᠦᠶ᠎ᠡ ᠳ᠋ᠦ᠍ ᠬᠠᠲᠤᠨ ᠡᠬᠡ ᠮᠢᠨᠢ ᠣᠴᠢᠵᠤ ᠪᠢᠯᠡ ᠁ ᠭᠡᠮᠡᠨ ᠭᠠᠯᠳᠠᠨ ᠲᠡᠮᠳᠡᠭᠯᠡᠪᠡ᠃
ᠪᠤᠳᠠᠯᠠᠩ ᠬᠡᠢᠳ ᠦ᠋ᠨ ᠭᠡᠭᠡᠪᠴᠢ ᠪᠡᠷ ᠭᠠᠯᠳᠠᠨ ᠬᠤᠪᠢᠯᠭᠠᠨ ᠰᠦᠮ᠎ᠡ ᠶ᠋ᠢᠨ ᠭᠣᠷᠢᠮ ᠳ᠋ᠤ᠌ ᠬᠥᠰᠬᠡ ᠨᠡᠭᠦᠳᠡᠯ ᠬᠦᠪᠦᠷᠡᠨ ᠣᠷᠣᠵᠤ ᠢᠷᠡᠬᠦ ᠶ᠋ᠢ ᠬᠠᠷᠠᠯ᠎ᠠ᠃ ᠳᠠᠯᠠᠢ ᠯᠠᠮᠠ ᠶ᠋ᠢᠨ ᠳᠡᠷᠭᠡᠳᠡ ᠭᠠᠯᠳᠠᠨ ᠵᠣᠭᠰᠣᠨ᠎ᠠ᠃ ᠠᠶᠠᠭᠠᠴᠢ ᠯᠠᠮᠠ ᠭᠠᠳᠠᠨ᠎ᠠ ᠡᠴᠡ ᠣᠷᠣᠵᠤ ᠢᠷᠡᠭᠡᠳ᠂
— ᠭᠠᠯᠳᠠᠨ ᠬᠤᠪᠢᠯᠭᠠᠨ ᠤ᠋ ᠬᠠᠲᠤᠨ ᠡᠬᠡ ᠢᠷᠡᠵᠡᠢ ᠁ ᠭᠡᠵᠦ ᠥᠴᠢᠪᠡ᠃
ᠭᠠᠯᠳᠠᠨ ᠬᠤᠪᠢᠯᠭᠠᠨ ᠳᠠᠯᠠᠢ ᠯᠠᠮᠠ ᠶ᠋ᠢᠨ ᠪᠣᠳᠣᠯᠭᠠᠰᠢᠷᠠᠩᠭᠤᠢ ᠨᠢᠳᠦ ᠤᠷᠤᠭᠤ ᠡᠷᠡᠭᠡᠯᠵᠡᠨ ᠬᠠᠷᠠᠪᠠ᠃
ᠳᠠᠯᠠᠢ ᠯᠠᠮᠠ 《ᠦᠷᠭᠦᠭᠡᠨ ᠳ᠋ᠡᠭᠡᠨ ᠬᠦᠯᠢᠶᠡᠵᠦ ᠠᠪ ᠁》 ᠭᠡᠮᠡᠨ ᠥᠭᠦᠯᠡᠪᠡ᠃ ᠳᠠᠯᠠᠢ ᠯᠠᠮᠠ ᠱᠠᠯᠠᠮᠠᠭᠠᠢᠬᠠᠨ ᠭᠠᠷᠴᠤ ᠣᠳᠪᠠ᠃
ᠤᠭ ᠡᠴᠡ ᠭᠠᠯᠳᠠᠨ ᠮᠡᠳᠡᠵᠦ ᠪᠠᠢᠵᠠᠢ᠃ ᠲᠩᠷᠢ ᠳ᠋ᠦ᠍ ᠲᠥᠷᠥᠭᠰᠡᠨ ᠬᠦᠷᠡᠩ ᠪᠦᠷᠭᠦᠳ ᠵᠠᠷ ᠳᠣᠭᠣᠯᠭᠠᠵᠤ ᠪᠠᠢᠭ᠎ᠠ ᠶ᠋ᠢ ᠲᠡᠷᠡ ᠪᠡᠷ ᠭᠠᠳᠠᠷᠯᠠᠭᠰᠠᠨ ᠶᠤᠮ᠃ ᠲᠡᠷᠡ ᠪᠦᠷᠭᠦᠳ ᠭᠠᠯᠳᠠᠨ ᠢ᠋ ᠲᠠᠨᠢᠳᠠᠭ ᠪᠥᠭᠡᠳ ᠳᠠᠭᠠᠳᠠᠭ ᠪᠠᠢᠵᠠᠢ᠃ ᠶᠢᠰᠦᠨ ᠨᠠᠰᠤᠨ ᠳᠠᠭᠠᠨ ᠭᠠᠯᠳᠠᠨ ᠢ᠋ ᠴᠥᠪᠳᠡᠬᠦ ᠳ᠋ᠦ᠍ ᠬᠠᠲᠤᠨ ᠡᠬᠡ ᠲᠡᠢ ᠨᠢ ᠴᠣᠭ ᠲᠡᠷᠡ ᠪᠦᠷᠭᠦᠳ ᠢᠷᠡᠭᠰᠡᠨ ᠪᠢᠯᠡ᠃ ᠪᠦᠷᠭᠦᠳ ᠲᠩᠷᠢ ᠳ᠋ᠦ᠍᠂ ᠭᠠᠯᠳᠠᠨ ᠭᠠᠵᠠᠷ ᠲᠤ᠌ ᠪᠡᠶ᠎ᠡ ᠪᠡᠶ᠎ᠡ ᠪᠡᠨ ᠦᠭᠡᠢᠯᠡᠨ ᠬᠠᠷᠠᠨ᠎ᠠ᠃
《ᠪᠦᠷᠭᠦᠳ ᠭᠠᠵᠠᠷ ᠲᠤ᠌ ᠲᠥᠷᠥᠭᠰᠡᠨ ᠲᠤᠯᠠ ᠭᠠᠵᠠᠷ ᠲᠠᠭᠠᠨ ᠥᠲᠡᠯᠦᠨ᠎ᠡ᠃ ᠪᠦᠷᠭᠦᠳ ᠲᠩᠷᠢ ᠳ᠋ᠦ᠍ ᠳᠡᠭᠦᠯᠢᠨ ᠨᠢᠰᠬᠦ ᠪᠥᠭᠡᠳ ᠭᠠᠵᠠᠷ ᠲᠤ᠌ ᠥᠳᠥ ᠪᠡᠨ ᠰᠠᠴᠤᠵᠤ ᠴᠠᠭ ᠢ᠋ ᠡᠯᠡᠭᠡᠨ᠎ᠡ᠃ ᠭᠠᠯᠳᠠᠨ ᠯᠠᠮᠠ ᠶ᠋ᠢᠨ ᠬᠡᠢ ᠪᠡᠶ᠎ᠡ ᠪᠦᠷᠭᠦᠳ ᠲᠡᠢ ᠴᠣᠭ ᠲᠩᠷᠢ ᠳ᠋ᠦ᠍ ᠡᠷᠭᠢᠵᠦ ᠪᠠᠢᠯ᠎ᠠ᠃ ᠪᠦᠷᠭᠦᠳ ᠲᠤᠢᠯᠳᠠᠵᠤ ᠤᠨᠠᠯ ᠦᠭᠡᠢ ᠪᠡᠷ ᠠᠯᠲᠠᠢ ᠶ᠋ᠢᠨ ᠨᠢᠷᠤᠭᠤᠨ ᠡᠴᠡ ᠲᠥᠪᠡᠳ ᠦ᠋ᠨ ᠥᠨᠳᠥᠷᠯᠢᠭ ᠬᠦᠷᠲᠡᠯᠡᠬᠢ ᠲᠠᠯ᠎ᠠ ᠬᠡᠭᠡᠷ᠎ᠡ᠂ ᠭᠣᠪᠢ ᠴᠦᠯ ᠦ᠋ᠨ ᠪᠠᠷᠲᠠᠭ᠎ᠠ ᠶ᠋ᠢ ᠳᠣᠭᠣᠯᠵᠠᠢ᠃ ᠨᠡᠭᠦᠳᠡᠯᠯᠡᠨ ᠶᠠᠪᠤᠭ᠎ᠠ
ᠬᠥᠰᠬᠡ ᠶ᠋ᠢᠨ ᠬᠢᠨ ᠪᠦᠷᠭᠦᠳ ᠦ᠋ᠨ ᠢ᠋ᠶ᠋ᠡᠨ ᠬᠣᠭᠣᠯᠠ ᠶ᠋ᠢ ᠬᠣᠨᠣᠭᠯᠠᠬᠤ ᠳ᠋ᠠᠭᠠᠨ ᠬᠠᠮᠢᠭ᠎ᠠ ᠨᠢᠭᠡᠨ ᠳ᠋ᠡᠭᠡᠨ ᠲᠠᠯᠪᠢᠨ᠎ᠠ᠃
ᠪᠦᠷᠭᠦᠳ ᠬᠡᠭᠡᠷ᠎ᠡ ᠶ᠋ᠢᠨ ᠵᠡᠷᠯᠢᠭ ᠠᠮᠢᠲᠠᠳ ᠢ᠋ ᠵᠣᠭᠣᠭᠯᠠᠬᠤ ᠪᠣᠯᠪᠠᠴᠤ ᠵᠠᠷᠢᠮ ᠳ᠋ᠠᠭᠠᠨ ᠠᠩᠴᠢᠳ ᠤ᠋ᠨ ᠪᠡᠯᠡᠳᠬᠡᠭᠰᠡᠨ ᠡᠪᠳᠡᠯ ᠴᠥᠪᠳᠡᠯ ᠮᠢᠬ᠎ᠠ ᠪᠠᠷ ᠬᠣᠭᠣᠯᠠᠯᠠᠨ᠎ᠠ᠃ ᠵᠤᠯᠠᠢ ᠳ᠋ᠠᠭᠠᠨ ᠴᠠᠭᠠᠨ ᠰᠤᠷ ᠲᠠᠢ ᠬᠦᠷᠡᠩ ᠪᠦᠷᠭᠦᠳ ᠲᠣᠭᠣᠰᠣᠲᠤ ᠵᠠᠮ ᠢ᠋ ᠲᠤᠭᠤᠯᠵᠤ ᠢᠷᠡᠭᠰᠡᠨ ᠪᠠᠢᠪᠠ᠃ ᠪᠦᠷᠭᠦᠳ ᠢᠷᠡᠭᠰᠡᠨ᠂ ᠪᠢ ᠶᠠᠪᠤᠨ᠎ᠠ᠃ ᠭᠡᠬᠦ ᠳ᠋ᠡᠭᠡᠨ ᠬᠠᠲᠤᠨ ᠡᠬᠡ ᠮᠢᠨᠢ ᠪᠦᠷᠭᠦᠳ ᠦ᠋ᠨ ᠳᠠᠯᠠᠪᠴᠢ ᠴᠤᠴᠠᠬᠤ ᠭᠠᠵᠠᠷ ᠬᠦᠷᠦᠭᠡᠳ ᠢᠷᠡᠨ᠎ᠡ ᠰᠢᠦ ᠳᠡ᠃ ᠡᠵᠢ ᠮᠢᠨᠢ ᠨᠠᠳᠠ ᠤᠷᠤᠭᠤ ᠰᠡᠳᠬᠢᠯ ᠵᠢᠷᠦᠬᠡ ᠪᠡᠷ ᠢ᠋ᠶ᠋ᠡᠨ ᠨᠡᠭᠦᠭᠰᠡᠭᠡᠷ ᠪᠠᠢᠳᠠᠭ ᠪᠢᠯᠡ᠃》
ᠡᠬᠡ ᠶ᠋ᠢ ᠪᠡᠨ ᠬᠡᠪ ᠭᠡᠨᠡᠳᠲᠡ ᠬᠦᠷᠴᠦ ᠢᠷᠡᠬᠦ ᠳ᠋ᠤ᠌ ᠭᠠᠯᠳᠠᠨ ᠬᠤᠪᠢᠯᠭᠠᠨ ᠬᠥᠭᠡᠷᠴᠦ ᠳᠣᠭᠳᠣᠯᠬᠤ ᠦᠭᠡᠢ ᠪᠠᠢᠪᠠ᠃ ᠡᠨᠡ ᠦᠶ᠎ᠡ ᠪᠣᠯ ᠮᠠᠰᠢ ᠡᠭᠡᠵᠢᠭᠲᠡᠢ ᠴᠠᠭ ᠪᠠᠢᠯ᠎ᠠ᠃ ᠭᠠᠯᠳᠠᠨ ᠯᠠᠮᠠ ᠳᠣᠲᠣᠷ ᠭᠠᠯᠳᠠᠨ ᠲᠠᠢ ᠪᠠᠨ ᠢᠳᠡ ᠦᠵᠡᠯᠴᠡᠵᠦ᠂ ᠬᠡᠨ ᠬᠡᠨ ᠳ᠋ᠡᠭᠡᠨ ᠪᠠᠭᠤᠵᠤ ᠥᠭᠬᠦ ᠦᠭᠡᠢ ᠪᠠᠢᠵᠠᠢ᠃ ᠭᠠᠯᠳᠠᠨ ᠯᠠᠮᠠ ᠰᠢᠷᠡᠭᠡᠲᠦ ᠯᠠᠮᠠ ᠶ᠋ᠢᠨ ᠰᠠᠭᠤᠳᠠᠯ ᠳ᠋ᠤ᠌ ᠵᠠᠯᠠᠷᠠᠨ᠎ᠠ᠃ ᠵᠠᠯᠠᠷᠠᠭᠠᠳ ᠬᠥᠮᠦᠨ ᠲᠥᠷᠥᠯ ᠡᠴᠡ ᠪᠡᠨ ᠡᠭᠦᠷᠢᠳᠡ ᠲᠠᠰᠤᠷᠠᠵᠤ ᠰᠠᠯᠬᠤ ᠶ᠋ᠢ ᠢᠷᠦᠭᠡᠬᠦ ᠦᠭᠡᠢ ᠪᠠᠢᠵᠠᠢ᠃
ᠠᠷᠪᠠ
ᠬᠤᠪᠢᠯᠭᠠᠨ ᠯᠠᠮᠠ ᠬᠡᠢᠳ ᠦ᠋ᠨ ᠭᠣᠷᠢᠮ ᠭᠣᠷᠲᠢᠭ ᠡᠴᠡ ᠳᠠᠪᠠᠵᠤ ᠠᠯᠬᠤᠭᠠᠳ ᠥᠷᠥᠭᠡᠨ ᠦ᠌ ᠪᠡᠨ ᠵᠦᠭ ᠬᠠᠷᠠᠪᠠ᠃ ᠠᠭᠤᠯᠠᠰ ᠤ᠋ᠨ ᠪᠤᠳᠠᠩᠲᠤ ᠲᠩᠷᠢ ᠭᠦᠨ ᠤᠢᠳᠬᠠᠷ ᠲᠤ᠌ ᠠᠪᠲᠠᠭᠰᠠᠨ ᠪᠠᠢᠪᠠ᠃ ᠪᠣᠷᠣᠭᠠᠨ ᠤ᠋ ᠪᠤᠳᠠᠩ ᠠᠷᠢᠯᠤᠭᠰᠠᠨ ᠴᠤ᠌ ᠭᠠᠵᠠᠷ ᠡᠴᠡ ᠶᠠᠪᠠᠭᠠᠨ ᠮᠠᠨᠠᠨ ᠳᠡᠭᠳᠡᠨ ᠬᠥᠭᠡᠷᠴᠡᠢ᠃ ᠠᠭᠤᠯᠠ ᠶ᠋ᠢᠨ ᠣᠷᠭᠢᠯ ᠳ᠋ᠤ᠌ ᠬᠦᠷᠴᠦ ᠡᠰᠡ ᠴᠢᠳᠠᠬᠤ ᠴᠠᠭᠠᠨ ᠮᠠᠨᠠᠨ ᠲᠡᠭᠦᠨ ᠦ᠌ ᠪᠠᠯ ᠬᠣᠷᠮᠣᠢ ᠪᠠᠷ ᠨᠠᠪᠰᠠᠢᠲᠠᠯᠠ ᠪᠠᠭᠤᠵᠠᠢ᠃ 《ᠨᠠᠳᠠ ᠶᠠᠭᠠᠬᠢᠭᠠᠳ ᠵᠣᠪᠠᠭᠤᠷᠢ ᠲᠥᠷᠥᠪᠡ᠃ ᠡᠬᠡ ᠮᠢᠨᠢ ᠢᠷᠡᠭᠰᠡᠨ ᠠᠲᠠᠯ᠎ᠠ ᠰᠡᠳᠬᠢᠯ ᠶᠠᠭᠤᠨ ᠳ᠋ᠤ᠌ ᠡᠵᠡᠭᠦᠢᠷᠡᠪᠡ᠃ ᠬᠣᠷᠸ᠎ᠠ ᠨᠠᠳᠠ ᠬᠠᠲᠠᠭᠤᠷᠠᠵᠤ ᠬᠠᠩᠬᠤ ᠦᠭᠡᠢ ᠪᠣᠯᠤᠯᠲᠠᠢ᠃ ᠮᠢᠬ᠎ᠠ ᠴᠢᠰᠤᠨ ᠳ᠋ᠤ᠌ ᠲᠥᠷᠥᠭᠰᠡᠨ ᠬᠥᠮᠦᠨ ᠬᠣᠢᠨ᠎ᠠ ᠵᠣᠪᠠᠯᠠᠩ ᠵᠢᠷᠭᠠᠯ ᠡᠴᠡ ᠠᠩᠭᠢᠳᠠ ᠣᠷᠣᠰᠢᠨ᠎ᠠ ᠭᠡᠵᠦ ᠶᠠᠭᠤ ᠰᠠᠨ ᠪᠢᠯᠡ ? ᠡᠵᠢ ᠬᠦᠯᠢᠶᠡᠵᠦ ᠪᠠᠢᠭ᠎ᠠ》 ᠭᠡᠵᠦ ᠪᠣᠳᠣᠭᠠᠳ ᠭᠠᠯᠳᠠᠨ ᠥᠷᠥᠭᠡ ᠤᠷᠤᠭᠤ ᠪᠠᠨ ᠶᠠᠪᠤᠯ᠎ᠠ᠃ ᠲᠡᠭᠡᠭᠡᠳ ᠭᠠᠯᠳᠠᠨ ᠵᠣᠭᠰᠣᠪᠠ᠃
ᠭᠠᠯᠳᠠᠨ ᠥᠷᠥᠭᠡᠨ ᠤ᠋ ᠵᠦᠭ ᠬᠠᠷᠠᠵᠤ ᠲᠡᠭᠡᠨᠡᠭᠡᠯᠵᠡᠪᠡ᠃ ᠡᠬᠡ ᠨᠢ ᠭᠠᠯᠳᠠᠨ ᠢ᠋ ᠭᠡᠭᠡᠪᠴᠢ ᠪᠡᠷ ᠲᠠᠨᠢᠵᠤ ᠪᠠᠢᠪᠠ᠃
ᠭᠡᠭᠡᠪᠴᠢ ᠶ᠋ᠢᠨ ᠴᠠᠭᠠᠨᠠᠬᠢ ᠡᠬᠡ ᠶ᠋ᠢᠨ ᠴᠢᠷᠠᠢ ᠶ᠋ᠢ ᠭᠠᠯᠳᠠᠨ ᠬᠡᠪ ᠭᠡᠨᠡᠳᠲᠡ ᠬᠠᠷᠠᠯ᠎ᠠ᠃ ᠡᠬᠡ ᠶ᠋ᠢᠨ ᠴᠢᠷᠠᠢ ᠰᠡᠭᠦᠳᠡᠷ ᠦᠭᠡᠢ ᠮᠡᠯᠲᠡᠢᠭᠰᠡᠨ ᠴᠠᠭᠠᠨ ᠠᠵᠢ᠃ ᠡᠬᠡ ᠶ᠋ᠢᠨ ᠨᠢᠳᠦ ᠭᠠᠩᠰᠠᠷᠠᠭᠰᠠᠨ ᠪᠠᠢᠪᠠ᠃ ᠲᠡᠷᠲᠡᠭᠡ ᠬᠣᠯᠠ ᠡᠴᠡ ᠬᠠᠲᠤᠨ ᠡᠬᠡ ᠨᠢ ᠪᠡᠶ᠎ᠡ ᠰᠡᠳᠬᠢᠯ ᠢ᠋ᠶ᠋ᠡᠨ ᠴᠢᠯᠡᠭᠡᠵᠦ ᠢᠷᠡᠳᠡᠭ ᠨᠢ ᠭᠠᠯᠳᠠᠨ ᠤ᠋ ᠵᠢᠷᠦᠬᠡᠨ ᠳ᠋ᠤ᠌ ᠢᠷᠣ᠎ᠠ ᠳᠠᠯᠠᠯᠤᠭᠰᠠᠨ ᠠᠵᠢ᠃ ᠲᠡᠷᠡ ᠬᠦ᠌ ᠢᠷᠣ᠎ᠠ ᠶ᠋ᠢ ᠭᠠᠯᠳᠠᠨ ᠬᠦᠯᠢᠶᠡᠵᠦ ᠪᠠᠢᠭᠰᠠᠨ ᠶᠤᠮᠰᠠᠨᠵᠠᠢ᠃ ᠵᠡᠭᠦᠨᠭᠠᠷ ᠤ᠋ᠨ ᠤᠯᠤᠰ ᠲᠡᠭᠦᠨ ᠢ᠋ ᠮᠥᠨ ᠬᠦᠯᠢᠶᠡᠵᠦ ᠪᠠᠢᠪᠠ᠃ ᠭᠡᠭᠡᠪᠴᠢ ᠶ᠋ᠢᠨ ᠴᠠᠭᠠᠨ᠎ᠠ ᠬᠠᠲᠤᠨ ᠡᠬᠡ ᠨᠢ ᠤᠬᠢᠯᠠᠵᠤ ᠪᠠᠢᠯ᠎ᠠ᠃ ᠭᠠᠯᠳᠠᠨ ᠬᠤᠪᠢᠯᠭᠠᠨ ᠥᠷᠥᠭᠡᠨ ᠳ᠋ᠡᠭᠡᠨ ᠣᠷᠣᠨ᠎ᠠ᠃ ᠶᠥᠮ ᠠᠭ᠎ᠠ ᠬᠠᠲᠤᠨ ᠭᠡᠭᠡᠪᠴᠢ ᠪᠡᠷ ᠰᠢᠷᠳᠡᠭᠰᠡᠨ ᠴᠢᠭ ᠲᠡᠭᠡᠨ ᠴᠠᠭᠠᠰᠢ ᠬᠠᠷᠠᠵᠠᠢ᠃ ᠬᠠᠲᠤᠨ ᠡᠬᠡ ᠰᠢᠨᠠᠯᠵᠠᠢ᠃
ᠬᠠᠲᠤᠨ ᠡᠬᠡ ᠶ᠋ᠢᠨ ᠮᠥᠷᠥ ᠴᠡᠴᠡᠭᠡᠨᠡᠨ ᠬᠥᠳᠡᠯᠦᠨ᠎ᠡ᠃ ᠬᠠᠲᠤᠨ ᠡᠬᠡ ᠶᠥᠮ ᠠᠭ᠎ᠠ ᠮᠡᠭᠰᠢᠨ ᠤᠬᠢᠯᠠᠬᠤ ᠪᠥᠯᠥᠭᠡ᠃ ᠭᠠᠯᠳᠠᠨ ᠬᠥᠰᠢᠶ᠎ᠡ ᠮᠡᠲᠦ ᠬᠥᠳᠡᠯᠭᠡᠭᠡᠨ ᠦᠭᠡᠢ ᠵᠣᠭᠰᠣᠨ᠎ᠠ᠃ ᠶᠥᠮ ᠠᠭ᠎ᠠ ᠬᠠᠲᠤᠨ ᠠᠭᠠᠵᠢᠭᠤᠬᠠᠨ ᠡᠷᠭᠢᠵᠦ ᠬᠠᠷᠠᠭᠰᠠᠨ ᠢ᠋ᠶ᠋ᠠᠨ ᠬᠦᠦ ᠤᠷᠤᠭᠤ ᠪᠠᠨ ᠲᠠᠭᠠᠮᠠᠭ ᠢ᠋ᠶ᠋ᠠᠷ ᠡᠨᠳᠡ ᠲᠡᠨᠳᠡ ᠭᠢᠰᠬᠢᠨ ᠠᠯᠬᠤᠵᠤ ᠣᠴᠢᠯ᠎ᠠ᠃
ᠠᠷᠪᠠᠨ ᠨᠢᠭᠡ
ᠭᠠᠯᠳᠠᠨ ᠡᠬᠡ ᠶ᠋ᠢᠨ ᠰᠡᠭᠦᠳᠡᠷ ᠦᠭᠡᠢ ᠡᠨᠡᠯᠦᠩᠳᠦ ᠴᠢᠷᠠᠢ ᠶ᠋ᠢ ᠬᠠᠷᠠᠵᠤ ᠣᠢᠷᠠᠳ ᠨᠤᠲᠤᠭ ᠲᠤ᠌ ᠪᠠᠢᠬᠤ ᠦᠶ᠎ᠡ ᠳ᠋ᠡᠭᠡᠨ ᠠᠬᠠᠨ ᠳᠡᠭᠦᠦᠰ ᠦ᠋ᠨ ᠬᠣᠭᠣᠷᠣᠨᠳᠣᠬᠢ
ᠰᠥᠷᠭᠥᠯᠳᠦᠭᠡᠨ ᠢ᠋ ᠰᠠᠨᠠᠵᠤ᠂ ᠡᠬᠡ ᠶ᠋ᠢᠨ ᠢ᠋ᠶ᠋ᠡᠨ ᠪᠤᠭᠤᠷᠤᠯ ᠱᠠᠩᠬᠤ ᠶ᠋ᠢ ᠢᠯᠢᠯᠡ᠃ ᠡᠨᠡ ᠵᠠᠭᠤᠷ᠎ᠠ ᠬᠡᠳᠦᠨ ᠬᠣᠷᠣᠮ ᠥᠩᠭᠡᠷᠡᠪᠡ᠃
ᠭᠠᠯᠳᠠᠨ ᠬᠤᠪᠢᠯᠭᠠᠨ᠂
— ᠡᠵᠢ ᠮᠢᠨᠢ ᠤᠬᠢᠯᠠᠭᠰᠠᠨ ᠢ᠋ ᠠᠰᠠᠭᠤ ᠭᠡᠳᠡᠭ ᠰᠠᠨ᠃ ᠲᠠ ᠮᠢᠨᠢ ᠮᠡᠨᠳᠦ ᠰᠠᠢᠨ ᠤᠤ? ᠭᠡᠯᠡ᠃ ᠶᠦᠮ ᠠᠭ᠎ᠠ ᠡᠬᠡᠷ ᠲᠡᠳᠡᠨ《ᠬᠠᠭᠠᠨ ᠠᠬ᠎ᠠ ᠲᠠᠨᠢ ᠬᠣᠣᠷᠯᠠᠭᠳᠠᠪᠠ》 ᠭᠡᠮᠡᠨ ᠠᠷᠠᠢᠬᠠᠨ ᠬᠡᠯᠡᠯ᠎ᠡ᠃
— ᠬᠡᠨ ᠢᠩᠭᠢᠪᠡ ᠭᠡᠵᠦ ᠭᠠᠯᠳᠠᠨ ᠬᠠᠰᠬᠢᠷᠤᠨ ᠠᠰᠠᠭᠤᠯ᠎ᠠ᠃
— ᠴᠡᠴᠡᠨ ᠲᠠᠢᠵᠢ ᠶ᠋ᠢᠨ ᠲᠠᠯ᠎ᠠ ᠶ᠋ᠢᠨ ᠠᠬ᠎ᠠ ᠳᠡᠭᠦᠦ ᠨᠠᠷ ᠁ ᠭᠡᠳ ᠶᠦᠮ ᠠᠭ᠎ᠠ ᠥᠭᠡᠷ᠎ᠡ ᠶᠠᠭᠤᠮ᠎ᠠ ᠬᠡᠯᠡᠯ ᠦᠭᠡᠢ ᠳᠠᠭᠤ ᠪᠠᠨ ᠬᠤᠷᠢᠶᠠᠪᠠ᠃
— ᠳᠠᠩᠴᠤ ᠳᠠ᠂ ᠮᠡᠳᠡᠭᠰᠡᠭᠡᠷ ᠪᠠᠢᠭᠠᠳ ᠠᠬ᠎ᠠ ᠮᠢᠨᠢ ᠭᠡᠨᠡᠳᠡᠵᠡᠢ᠃ ᠬᠠᠭᠠᠨ ᠠᠬ᠎ᠠ ᠶ᠋ᠢᠨ ᠠᠮᠢᠨ ᠳ᠋ᠤ᠌ ᠬᠦᠷᠦᠨ᠎ᠡ ᠭᠡᠳᠡᠭ ᠨᠢᠭᠦᠯ ᠦ᠋ᠨ ᠳᠡᠭᠡᠳᠦ ᠨᠢᠭᠦᠯ ᠪᠤᠰᠤ ᠤᠤ? ᠨᠠᠮᠠᠶ᠋ᠢ ᠲᠡᠳᠡ ᠴᠢᠯᠠᠭᠤ ᠪᠠᠷ ᠳᠠᠬᠢᠭᠠᠳ ᠨᠡᠭᠦᠯᠭᠡᠪᠡ᠃ ᠡᠢᠮᠦ ᠶᠠᠪᠤᠳᠠᠯ ᠢ᠋ ᠬᠡᠷᠬᠢᠪᠡᠴᠦ ᠥᠷᠥᠰᠢᠶᠡᠵᠦ ᠪᠣᠯᠬᠤ ᠦᠭᠡᠢ᠃ ᠳᠠᠩᠴᠤ ᠶᠠᠭᠠᠬᠢᠪᠠ ᠳᠠ ᠭᠡᠮᠡᠨ ᠭᠠᠯᠳᠠᠨ ᠭᠡᠩᠭᠢᠨᠡᠨ ᠬᠠᠰᠬᠢᠷᠵᠤ ᠥᠭᠦᠯᠡᠪᠡ᠃ ᠲᠡᠭᠦᠨ ᠦ᠌ ᠭᠤᠨᠢᠭᠯᠠᠯ ᠭᠠᠢᠳᠠᠪ ᠤ᠋ᠨ ᠵᠢᠷᠦᠬᠡ ᠶ᠋ᠢ ᠪᠠᠵᠠᠭᠰᠠᠨ ᠲᠤᠯᠠ ᠭᠠᠢᠳᠠᠪ ᠬᠥᠮᠥᠭᠡᠢ ᠵᠠᠭᠤᠯᠠ᠃
ᠵᠡᠭᠦᠨᠭᠠᠷ ᠤ᠋ᠨ ᠬᠠᠭᠠᠨᠲᠤ ᠤᠯᠤᠰ ᠬᠠᠭᠠᠨ ᠦᠭᠡᠢ ᠪᠡᠷ ᠣᠷᠣᠰᠢᠨ᠎ᠠ ᠭᠡᠵᠦ ᠤᠤ ᠁ ᠭᠡᠮᠡᠨ ᠪᠣᠳᠣᠬᠤ ᠳ᠋ᠤ᠌ ᠭᠠᠯᠳᠠᠨ ᠤ᠋ ᠨᠢᠭᠤᠷ ᠮᠠᠨᠠᠷᠠᠨ ᠬᠦᠷᠡᠩᠲᠦᠵᠦ᠂ ᠨᠢᠳᠦ ᠨᠢ ᠲᠣᠮᠣᠷᠠᠨ᠂ ᠰᠠᠮᠰᠠ ᠨᠢ ᠰᠡᠷᠲᠡᠯᠵᠡᠵᠦ ᠭᠠᠰᠢᠭᠤᠨ ᠦᠨᠡᠨ ᠦ᠌ ᠡᠮᠦᠨ᠎ᠡ ᠨᠢ ᠮᠤᠬᠤᠷᠳᠠᠪᠠ᠃ᠭᠠᠯᠳᠠᠨ ᠤᠬᠢᠯᠠᠵᠤ ᠴᠢᠳᠠᠬᠤ ᠦᠭᠡᠢ ᠪᠠᠢᠯ᠎ᠠ᠃ ᠲᠡᠭᠦᠨ ᠦ᠌ ᠱᠤ᠌ ᠳ᠋ᠤ᠌ ᠪᠤᠷᠬᠠᠨ ᠤ᠋ ᠨᠢᠳᠦᠨ ᠡᠷᠢᠭᠡ ᠨᠢ ᠣᠷᠢᠶᠠᠯᠲᠠ ᠲᠠᠢ ᠪᠥᠭᠡᠳ ᠡᠷᠢᠭᠡ ᠪᠡᠨ ᠠᠪᠬᠤ ᠲᠥᠬᠥᠭᠡ ᠦᠭᠡᠢ ᠪᠣᠯᠵᠠᠢ᠃
ᠭᠠᠯᠳᠠᠨ ᠳᠠᠬᠢᠭᠠᠳ ᠬᠠᠲᠤᠨ ᠡᠬᠡ ᠡᠴᠡ ᠪᠡᠨ ᠰᠢᠯᠭᠠᠪᠠ᠃
— ᠵᠡᠭᠦᠨᠭᠠᠷ ᠤ᠋ᠨ ᠬᠠᠭᠠᠨᠲᠤ ᠭᠦᠷᠦᠨ ᠦ᠌ ᠬᠡᠷᠡᠭ ᠢ᠋ ᠬᠡᠨ ᠬᠠᠮᠢᠶᠠᠷᠤᠨ᠎ᠠ ᠭᠡᠮᠡᠨ ᠥᠭᠦᠯᠡᠪᠡ᠃ ᠶᠦᠮ ᠠᠭ᠎ᠠ ᠬᠠᠲᠤᠨ ᠬᠠᠷᠢᠭᠤ ᠳ᠋ᠤᠨᠢ᠂
— ᠠᠨᠤ ᠁ ᠠᠨᠤ ᠬᠠᠲᠤᠨ ᠁ ᠭᠡᠵᠦ ᠲᠦᠭᠳᠡᠷᠡᠵᠦ ᠲᠣᠷᠣᠯ ᠦᠭᠡᠢ ᠬᠡᠯᠡᠪᠡ᠃
— ᠲᠥᠷᠥ ᠶ᠋ᠢᠨ ᠬᠡᠷᠡᠭ ᠢ᠋ ᠠᠨᠤ ᠬᠠᠲᠤᠨ ᠨᠢᠭᠲᠠᠯᠠᠵᠤ ᠴᠢᠳᠠᠨ᠎ᠠ᠃ ᠲᠡᠭᠦᠨ ᠦ᠌ ᠭᠠᠷ ᠲᠤ᠌ ᠲᠣᠳᠣ ᠥᠰᠥᠭᠲᠦ ᠲᠠᠮᠠᠭ᠎ᠠ ᠠᠳᠬᠣᠭᠳᠠᠭᠰᠠᠨ ᠪᠣᠯᠬᠣᠷ ᠰᠡᠳᠬᠢᠯ ᠮᠢᠨᠢ ᠲᠦᠷ ᠴᠦ᠍ ᠠᠲᠤᠭᠠᠢ ᠰᠠᠳᠠᠭᠠᠷᠠᠨᠠ᠃ ᠡᠰᠡ ᠪᠥᠭᠡᠰᠦ ᠪᠢ ᠶᠠᠭᠠᠬᠢᠨ ᠠᠮᠤᠷᠬᠤ ᠪᠢᠯᠡ᠃ ᠡᠵᠢ ᠮᠢᠨᠢ! ᠬᠠᠭᠠᠨ ᠠᠬ᠎ᠠ ᠶ᠋ᠢᠨ ᠳᠤᠲᠠᠭᠤ ᠶ᠋ᠢ ᠭᠦᠢᠴᠡᠭᠡᠵᠦ᠂ ᠳᠤᠮᠳᠠᠭᠤᠷ ᠢ᠋ ᠨᠢ ᠳᠦᠭᠦᠷᠭᠡᠬᠦ ᠬᠤᠪᠢ ᠵᠣᠬᠢᠶᠠᠯ ᠢᠷᠡᠵᠡᠢ ᠭᠡᠮᠡᠨ ᠭᠠᠯᠳᠠᠨ ᠬᠡᠯᠡᠪᠡ᠃
ᠭᠠᠯᠳᠠᠨ ᠯᠠᠮᠠ ᠳᠠᠬᠢᠭᠠᠳ ᠡᠬᠡ ᠡᠴᠡ ᠪᠡᠨ ᠶᠠᠭᠤᠮ᠎ᠠ ᠠᠰᠠᠭᠤᠬᠤ ᠲᠡᠡᠭᠬᠡᠭᠡᠯ ᠦᠭᠡᠢ ᠪᠣᠯᠵᠠᠢ᠃ ᠶᠦᠮ ᠠᠭ᠎ᠠ ᠬᠠᠲᠤᠨ ᠳ᠋ᠤ᠌ ᠮᠥᠨ ᠬᠠᠷᠢᠭᠤᠯᠬᠤ ᠲᠡᠩᠬᠡᠭᠡ ᠦᠭᠡᠢ ᠪᠠᠢᠯ᠎ᠠ᠃ ᠬᠠᠷᠢᠨ ᠭᠠᠯᠳᠠᠨ ᠯᠠᠮᠠ ᠶ᠋ᠢᠨ ᠬᠣᠭᠣᠯᠠᠢ ᠳ᠋ᠤ᠌ ᠨᠢᠭᠡ ᠬᠠᠲᠠᠭᠤ ᠶᠠᠭᠤᠮ᠎ᠠ ᠪᠥᠭᠡᠮᠨᠡᠷᠡᠵᠡᠢ᠃ ᠲᠡᠭᠦᠨ ᠦ᠌ ᠬᠣᠭᠣᠯᠠᠢ ᠳ᠋ᠤ᠌ ᠪᠥᠭᠡᠮᠨᠡᠷᠡᠵᠦ ᠪᠣᠢ ᠲᠡᠷᠡ ᠵᠦᠢᠯ ᠬᠡᠳᠦᠬᠡᠨ ᠬᠣᠷᠣᠮ ᠤ᠋ᠨ ᠳᠠᠷᠠᠭ᠎ᠠ ᠱᠣᠷᠪᠣᠭ ᠨᠢᠯᠪᠤᠰᠤ ᠪᠣᠯᠤᠨ ᠠᠰᠬᠠᠷᠠᠵᠤ᠂ ᠦᠶᠡᠷᠯᠡᠨ ᠤᠷᠤᠰᠬᠤ ᠳ᠋ᠤ᠌ ᠪᠡᠯᠡᠨ ᠪᠠᠢᠯ᠎ᠠ᠃ ᠬᠠᠲᠤᠨ ᠡᠬᠡ ᠪᠣᠭᠴᠣᠨ ᠡᠴᠡ ᠪᠠᠨ ᠪᠥᠰ ᠳᠠᠪᠤᠤ ᠳ᠋ᠤ᠌ ᠪᠣᠭᠣᠭᠰᠠᠨ ᠵᠦᠢᠯ ᠢ᠋ ᠭᠠᠷᠭᠠᠵᠤ ᠪᠣᠭᠣᠳᠠᠯ ᠢ᠋ ᠨᠢ ᠵᠠᠳᠠᠯᠬᠤ ᠶ᠋ᠢ ᠭᠠᠯᠳᠠᠨ ᠬᠤᠪᠢᠯᠭᠠᠨ ᠬᠠᠷᠠᠵᠤ ᠪᠠᠢᠪᠠ᠃
ᠶᠦᠮ ᠠᠭ᠎ᠠ ᠬᠠᠲᠤᠨ ᠡᠬᠡ᠂
— ᠡᠨᠡ ᠁ ᠰᠡᠩᠭᠡ ᠶ᠋ᠢᠨ ᠨᠢᠭᠤᠷ ᠤ᠋ᠨ ᠬᠡᠪ ᠭᠡᠮᠡᠨ ᠶᠠᠭ ᠰᠡᠩᠭᠡ ᠰᠢᠭ ᠨᠢᠭᠤᠷ ᠢ᠋ ᠬᠠᠷᠠᠭᠤᠯᠪᠠ᠃ ᠵᠤᠯᠤᠮᠯᠠᠭᠰᠠᠨ ᠠᠷᠠᠰᠤ ᠪᠠᠷ ᠰᠡᠩᠭᠡ ᠶ᠋ᠢ ᠪᠦᠲᠡᠭᠡᠵᠦ ᠠᠮᠢᠰᠬᠤᠯ ᠦᠭᠡᠢ ᠪᠣᠯᠭᠠᠭᠰᠠᠨ ᠪᠠᠢᠪᠠ᠃ ᠰᠡᠩᠭᠡ ᠶ᠋ᠢᠨ ᠶᠢᠰᠦᠨ ᠰᠦᠪᠡ ᠤᠷᠤᠭᠤ ᠲᠡᠷᠡ ᠬᠦ᠌ ᠠᠷᠠᠰᠤ ᠰᠣᠷᠣᠵᠤ ᠨᠠᠭᠠᠯᠳᠤᠵᠠᠢ᠃
— ᠳᠥᠷᠪᠡᠨ ᠣᠢᠷᠠᠳ ᠤ᠋ᠨ ᠪᠤᠵᠠᠷ ᠢ᠋ ᠠᠷᠢᠭᠤᠯᠠᠵᠤ᠂ ᠲᠡᠭᠷᠢ ᠶ᠋ᠢᠨ ᠲᠠᠰᠢᠭᠤᠷ ᠢ᠋ᠶ᠋ᠠᠷ ᠭᠤᠶᠠᠳᠠᠬᠤ ᠮᠢᠨᠢ ᠁ ᠭᠡᠮᠡᠨ ᠬᠥᠮᠥᠭᠡᠢ ᠵᠠᠭᠤᠵᠤ ᠭᠠᠯᠳᠠᠨ ᠠᠬ᠎ᠠ ᠬᠠᠭᠠᠨ ᠤ᠋ ᠪᠠᠨ ᠨᠢᠭᠤᠷ ᠤ᠋ᠨ ᠬᠡᠪ ᠢ᠋ ᠰᠢᠷᠳᠡᠪᠡ᠃ ᠵᠣᠯᠤᠮᠯᠠᠭᠰᠠᠨ ᠠᠷᠠᠰᠤ ᠶ᠋ᠢ ᠬᠥᠮᠦᠨ ᠦ᠌ ᠨᠢᠭᠤᠷ ᠲᠤ᠌ ᠨᠠᠭᠠᠬᠤ ᠳ᠋ᠤ᠌ ᠲᠡᠷᠡ ᠳᠣᠣᠷᠠᠬᠠᠨᠡ ᠰᠣᠷᠣᠭᠳᠠᠨ ᠪᠢᠪ ᠪᠢᠲᠡᠭᠦᠦ ᠪᠣᠯᠵᠤ ᠠᠮᠢᠰᠬᠤᠯ ᠬᠤᠷᠢᠶᠠᠳᠠᠭ ᠠᠵᠢ᠃ ᠶᠠᠮᠠᠷ ᠬᠣᠣᠷᠯᠠᠯ ᠲᠠᠢ ᠠᠷᠭ᠎ᠠ ᠰᠡᠳᠥᠪᠡ᠃ ᠴᠡᠴᠡᠨ᠂ ᠵᠤᠳᠪᠠᠪᠠᠭᠠᠲᠤᠷ᠂ ᠴᠥᠭᠦᠢ ᠤᠪᠠᠰᠢ ᠪᠠᠰᠠ ᠲᠡᠷᠡ ᠳᠠᠸᠠᠴᠢ ᠁ ᠭᠠᠯᠳᠠᠨ ᠪᠣᠷᠣᠭᠠᠨ ᠤ᠋ ᠡᠭᠦᠯᠡᠨ ᠳ᠋ᠦ᠍ ᠳᠠᠷᠤᠭᠳᠠᠭᠰᠠᠨ ᠯᠤᠭ᠎ᠠ ᠪᠥᠭᠲᠥᠢᠨ ᠵᠣᠭᠰᠣᠬᠤ ᠪᠥᠯᠥᠭᠡ᠃
ᠮᠠᠷᠠᠭᠠᠰᠢ ᠨᠢ ᠭᠠᠯᠳᠠᠨ ᠰᠢᠷᠡᠭᠡᠲᠦ ᠯᠠᠮᠠ ᠶ᠋ᠢᠨ ᠰᠠᠭᠤᠳᠠᠯ ᠳ᠋ᠤ᠌ ᠵᠠᠯᠠᠭᠳᠠᠬᠤ ᠪᠠᠢᠯ᠎ᠠ᠃ ᠰᠢᠷᠡᠭᠡᠲᠦ ᠯᠠᠮᠠ ᠶ᠋ᠢᠨ ᠵᠢᠡᠭᠳᠠᠭᠠ ᠪᠥᠭᠡᠰᠦ ᠳᠠᠯᠠᠢ ᠯᠠᠮᠠ᠂ ᠪᠠᠨᠴᠢᠠᠡᠷᠳᠡᠨᠢ ᠨᠠᠷ ᠤ᠋ᠨ ᠠᠳᠠᠯᠢ ᠪᠥᠯᠥᠭᠡ᠃ ᠮᠣᠩᠭᠣᠯ ᠤ᠋ᠨ ᠠᠩᠬᠠᠳᠤᠭᠠᠷ ᠪᠣᠭᠳᠠ ᠥᠨᠳᠥᠷ ᠭᠡᠭᠡᠨ ᠵᠠᠨᠠᠪᠠᠽᠠᠷ ᠡᠨᠡ ᠬᠦ᠌ ᠬᠦᠨᠳᠦᠳᠬᠡᠯ ᠦ᠋ᠨ ᠶᠣᠰᠣᠯᠠᠯ ᠳ᠋ᠤ᠌ ᠣᠷᠣᠯᠴᠠᠬᠤ ᠪᠠᠢᠯ᠎ᠠ᠃ ᠭᠡᠲᠡᠯ᠎ᠡ ᠵᠡᠭᠥᠨᠭᠠᠷ ᠤ᠋ᠨ ᠬᠠᠭᠠᠨ ᠤ᠋ ᠰᠡᠨᠳᠡᠢ ᠡᠵᠡᠭᠦᠢᠷᠡᠵᠦ ᠶᠦᠮ ᠠᠭ᠎ᠠ ᠬᠠᠲᠤᠨ ᠥᠪᠡᠷ ᠦ᠋ᠨ ᠬᠥᠪᠡᠭᠦᠨ ᠭᠠᠯᠳᠠᠨ ᠢ᠋ ᠵᠠᠯᠠᠬᠤ ᠪᠠᠷ ᠢᠷᠡᠵᠡᠢ᠃ ᠴᠠᠭ ᠵᠣᠭᠰᠣᠪᠠ᠃
ᠠᠷᠪᠠᠨ ᠬᠣᠶᠠᠷ
— ᠲᠡᠭᠡᠬᠦ ᠳ᠋ᠦ᠍ ᠪᠢ ᠨᠢᠯᠪᠤᠰᠤ ᠶᠢᠨ ᠭᠠᠰᠢᠭᠤᠨ ᠠᠮᠲᠠ ᠶ᠋ᠢ ᠮᠡᠳᠡᠷᠡᠭᠰᠡᠨ ᠪᠢᠯᠡ᠃ ᠳᠠᠩᠴᠤ ᠭᠠᠰᠢᠭᠤᠨ ᠢ᠋ ᠮᠡᠳᠡᠷᠡᠵᠦ ᠪᠢᠯᠡ᠃ᠳᠠᠩᠴᠤ ᠭᠠᠰᠢᠭᠤᠨ ᠨᠢ ᠡᠵᠢ ᠲᠡᠢ ᠠᠭᠤᠯᠵᠠᠬᠤ ᠪᠦᠷᠢ ᠳ᠋ᠦ᠍ ᠪᠢ ᠤᠬᠢᠯᠠᠳᠠᠭ ᠪᠠᠢᠯ᠎ᠠ ᠭᠡᠵᠦ ᠭᠠᠯᠳᠠᠨ ᠲᠡᠮᠳᠡᠭᠯᠡᠯ ᠢ᠋ᠶ᠋ᠡᠨ ᠪᠢᠴᠢᠯ᠎ᠡ᠃
ᠭᠠᠯᠳᠠᠨ ᠪᠥᠭᠡᠰᠦ ᠡᠬᠡ ᠶ᠋ᠢᠨ ᠢ᠋ᠶ᠋ᠡᠨ ᠤᠭᠤᠷᠠᠭ ᠴᠠᠭᠠᠨ ᠰᠦ ᠶ᠋ᠢ ᠬᠥᠬᠥᠵᠦ᠂ ᠦᠵᠡᠰᠬᠦᠯᠡᠩ ᠰᠢᠷᠪᠥᠰᠥᠯᠢᠭ ᠡᠷ᠎ᠡ ᠪᠣᠯᠵᠠᠢ᠃ ᠳᠠᠯᠠᠢ ᠯᠠᠮᠠ ᠠᠩᠬᠠᠨ ᠡᠴᠡ ᠪᠠᠨ ᠭᠠᠯᠳᠠᠨ ᠢ᠋ ᠵᠡᠭᠦᠨᠭᠠᠷ ᠤ᠋ᠨ ᠬᠠᠭᠠᠨᠲᠤ ᠤᠯᠤᠰ ᠤ᠋ᠨ ᠱᠠᠰᠢᠨ ᠤ᠋ ᠪᠣᠳᠣᠯᠭ᠎ᠠ ᠶᠠᠪᠤᠭᠤᠯᠬᠤ ᠭᠦᠦᠷ ᠪᠣᠯᠭᠠᠬᠤ ᠵᠣᠷᠢᠯᠭ᠎ᠠ ᠲᠠᠢ ᠪᠠᠢᠪᠠ᠃ ᠲᠡᠷᠡ ᠪᠡᠷ ᠵᠣᠷᠢᠯᠭ᠎ᠠ ᠳ᠋ᠠᠭᠠᠨ ᠬᠦᠷᠴᠡᠢ᠃ ᠽᠠᠶ᠎ᠠ ᠪᠠᠨᠳᠢᠳᠠ ᠭᠡᠭᠡᠨ ᠨᠠᠮᠬᠠᠢᠵᠠᠮᠰᠣ ᠶ᠋ᠢᠨ ᠱᠣᠣ ᠳ᠋ᠤ᠌ ᠣᠢᠷᠠᠳ ᠤ᠋ᠨ ᠬᠠᠭᠠᠨ ᠡᠷᠳᠡᠨᠢᠪᠠᠭᠠᠲᠤᠷ᠂ ᠶᠦᠮ ᠠᠭ᠎ᠠ ᠬᠠᠲᠤᠨ ᠬᠣᠶᠠᠷ ᠤ᠋ᠨ ᠬᠡᠪᠡᠯᠢ ᠶ᠋ᠢᠨ ᠨᠡᠢᠯᠡᠵᠦ ᠨᠢᠯᠬᠠᠮᠰᠠᠬᠤ ᠴᠠᠭ ᠢ᠋ ᠲᠣᠭᠲᠠᠭᠠᠵᠤ ᠪᠦᠲᠦᠨ ᠰᠠᠷ᠎ᠠ ᠲᠡᠢ ᠰᠥᠨᠢ ᠶ᠋ᠢ ᠰᠣᠩᠭᠣᠭᠰᠠᠨ ᠪᠥᠭᠡᠳ ᠪᠦᠬᠦ ᠵᠦᠢᠯ ᠶᠣᠰᠣ ᠪᠠᠷ ᠪᠣᠯᠵᠤ ᠭᠠᠯᠳᠠᠨ ᠲᠥᠷᠥᠭᠰᠡᠨ ᠶᠤᠮᠰᠠᠨᠵᠠᠢ᠃ ᠳᠠᠷᠠᠭ᠎ᠠ ᠨᠢ ᠭᠠᠯᠳᠠᠨ ᠢ᠋ ᠲᠥᠪᠡᠳ ᠲᠦ᠍ ᠢᠯᠡᠭᠡᠵᠦ ᠪᠤᠷᠬᠠᠨ ᠤ᠋ ᠡᠯᠴᠢ ᠪᠣᠯᠭᠠᠵᠤ ᠠᠮᠵᠢᠭᠰᠠᠨ ᠨᠢ ᠳᠠᠯᠠᠢ ᠯᠠᠮᠠ ᠶ᠋ᠢᠨ ᠴᠢᠷᠮᠠᠢᠯᠲᠠ ᠪᠠᠢᠯ᠎ᠠ᠃
ᠬᠠᠷᠢᠨ ᠪᠠᠨᠴᠢᠡᠨᠷᠳᠡᠨᠢ ᠭᠠᠯᠳᠠᠨ ᠡᠴᠡ ᠵᠠᠢᠲᠠᠢ ᠪᠠᠢᠬᠤ ᠶ᠋ᠢ ᠡᠷᠡᠮᠡᠯᠵᠡᠪᠡ᠃ ᠭᠠᠯᠳᠠᠨ ᠳ᠋ᠤ᠌ ᠨᠡᠪᠲᠡᠷᠡᠬᠦ ᠵᠠᠮ ᠴᠢᠯᠥᠭᠡᠲᠦ ᠪᠤᠰᠤ᠂ ᠵᠢᠷᠦᠬᠡ ᠨᠢ ᠬᠦᠢᠲᠡᠨ᠂ ᠠᠭᠠᠰᠢ ᠠᠷᠠᠨᠰᠢᠨ ᠲᠤᠢᠯᠪᠤᠷᠢᠲᠠᠢ᠂ ᠬᠠᠲᠠᠭᠤ ᠬᠥᠮᠦᠨ ᠪᠣᠯᠬᠤ ᠶ᠋ᠢ ᠪᠠᠨᠴᠢᠨᠡᠷᠳᠡᠨᠢ ᠪᠣᠭᠳᠠ ᠭᠠᠳᠠᠷᠯᠠᠵᠤ ᠪᠠᠢᠯ᠎ᠠ᠃ ᠭᠤᠷᠪᠠᠳᠠᠭᠴᠢ ᠬᠥᠮᠦᠨ ᠪᠣᠯ ᠥᠨᠳᠥᠷ ᠭᠡᠭᠡᠨ ᠵᠠᠨᠠᠪᠠᠽᠠᠷ ᠶᠤᠮ᠃ ᠴᠢᠰᠤᠨ ᠲᠥᠷᠥᠯ ᠦ᠋ᠨ ᠰᠠᠳᠤᠨ ᠭᠠᠯᠳᠠᠨ ᠨᠢ ᠲᠡᠭᠦᠨ ᠦ᠌ ᠱᠠᠪᠢᠯᠠᠨ ᠪᠣᠢ ᠲᠠᠰᠢᠯᠠᡁᠠᠮᠤ ᠬᠡᠢᠳ ᠲᠦ᠍ ᠨᠣᠮ ᠤ᠋ᠨ ᠪᠤᠶᠠᠨ ᠬᠦᠷᠲᠡᠬᠦ ᠪᠣᠯᠤᠭᠰᠠᠨ ᠳ᠋ᠤ᠌ ᠵᠠᠨᠠᠪᠠᠽᠠᠷ ᠭᠡᠭᠡᠨ ᠲᠤᠢᠯ ᠡᠴᠡ ᠣᠯᠵᠠᠭᠤᠷᠬᠠᠪᠠ᠃ ᠭᠠᠯᠳᠠᠨ ᠳ᠋ᠤ᠌ ᠪᠤᠷᠬᠠᠨ ᠤ᠋ ᠨᠢᠳᠦ ᠬᠡᠮᠡᠬᠦ ᠵᠢᠮᠢᠰ ᠦ᠋ᠨ ᠶᠠᠰᠤ ᠪᠠᠷ ᠡᠷᠢᠭᠡ ᠬᠢᠯᠭᠡᠵᠦ ᠥᠭᠭᠦᠭᠡᠳ ᠠᠳᠢᠰ ᠲᠠᠯᠪᠢᠵᠠᠢ᠃ ᠪᠤᠷᠬᠠᠨ ᠤ᠋ ᠨᠢᠳᠦᠨ ᠡᠷᠢᠭᠡ ᠶ᠋ᠢᠨ ᠵᠠᠩᠭᠢᠯᠠᠭᠠᠨ ᠳ᠋ᠤ᠌ ᠥᠨᠳᠥᠷ ᠭᠡᠭᠡᠨ ᠨᠢᠭᠡᠨ ᠨᠢᠭᠤᠴᠠ ᠦᠯᠡᠳᠡᠭᠰᠡᠨ ᠢ᠋ᠶ᠋ᠡᠨ ᠭᠠᠯᠳᠠᠨ ᠳ᠋ᠤ᠌ ᠪᠠᠰᠠ ᠰᠠᠨᠠᠭᠤᠯᠤᠭᠰᠠᠨ ᠪᠠᠢᠯ᠎ᠠ᠃
ᠪᠤᠳᠠᠯᠠᠩ ᠬᠡᠢᠳ ᠦ᠋ᠨ ᠪᠤᠷᠬᠠᠨ ᠤ᠋ ᠱᠠᠰᠢᠨ ᠤ᠋ ᠮᠢᠨᠲᠤᠭᠲᠠᠳ᠂ ᠭᠡᠭᠡᠨᠲᠡᠳ᠂ ᠬᠤᠪᠢᠯᠭᠠᠳ ᠡᠷᠡᠮᠪᠡ ᠳᠠᠷᠠᠭᠠᠯᠠᠯ ᠢ᠋ᠶ᠋ᠠᠷ ᠰᠠᠭᠤᠳᠠᠯ ᠡᠵᠡᠯᠡᠵᠡᠢ᠃ ᠡᠨᠡ ᠲᠣᠮᠣ ᠬᠤᠷᠠᠯ ᠳ᠋ᠤ᠌ ᠡᠰᠡ ᠪᠥᠭᠡᠰᠦ ᠲᠥᠷᠥ ᠶ᠋ᠢᠨ ᠬᠠᠷ᠎ᠠ ᠬᠥᠮᠦᠨ ᠪᠣᠯᠭᠠᠵᠤ ᠰᠢᠷ᠎ᠠ ᠰᠢᠪᠲᠤᠯᠬᠤ ᠲᠤᠬᠠᠢ ᠬᠡᠯᠡᠯᠴᠡᠬᠦ ᠪᠠᠢᠯ᠎ᠠ᠃ ᠬᠣᠷᠢᠨ ᠨᠢᠭᠡᠨ ᠵᠢᠯ ᠪᠤᠷᠬᠠᠨ ᠪᠠᠭᠰᠢ ᠶ᠋ᠢᠨ ᠰᠤᠷᠭᠠᠯ ᠨᠣᠮᠯᠠᠯ ᠳ᠋ᠤ᠌ ᠨᠡᠪᠴᠢᠵᠦ᠂ ᠪᠤᠳ᠋ᠳ᠋ᠾᠠ ᠪᠤᠷᠬᠠᠨ ᠤ᠋ ᠵᠠᠩ ᠦᠢᠯᠡ ᠳ᠋ᠦ᠍ ᠭᠦᠨᠵᠡᠭᠡᠢᠷᠡᠭᠰᠡᠨ ᠭᠠᠯᠳᠠᠨ ᠬᠤᠪᠢᠯᠭᠠᠨ ᠡᠨᠡ ᠲᠣᠮᠣ ᠬᠤᠷᠠᠯ ᠳ᠋ᠤ᠌ ᠰᠡᠳᠬᠢᠯ ᠵᠣᠪᠠᠨᠢᠨ ᠨᠣᠢᠷ ᠦᠭᠡᠢ ᠬᠣᠨᠣᠵᠠᠢ᠃
ᠳᠠᠯᠠᠢ ᠯᠠᠮᠠ ᠠᠰᠠᠭᠤᠪᠠ᠃
— ᠭᠠᠯᠳᠠᠨ ᠯᠠᠮᠠ ᠪᠤᠷᠬᠠᠨ ᠳ᠋ᠤ᠌ ᠥᠷᠢ ᠲᠡᠢ ᠤᠤ?
— ᠥᠷᠢ ᠦᠭᠡᠢ ᠪᠢᠯᠡ᠃
— ᠦᠨᠡᠨ ᠪᠢᠵᠡ?
— ᠮᠢᠨᠦ ᠰᠡᠳᠬᠢᠯ ᠵᠢᠷᠦᠬᠡ ᠪᠤᠷᠬᠠᠨ ᠤ᠋ ᠬᠠᠷᠢᠶᠠᠲᠤ ᠪᠢᠯᠡ᠃
— ᠰᠠᠢᠨ ᠪᠠᠢᠨ᠎ᠠ᠂ ᠭᠠᠯᠳᠠᠨ ᠯᠠᠮᠠ ᠪᠤᠷᠬᠠᠨ ᠤ᠋ ᠥᠮᠴᠢ ᠰᠢᠦ᠃
— ᠪᠢ ᠪᠤᠷᠬᠠᠨ ᠪᠤᠳ᠋ᠳ᠋ᠾᠠ ᠳ᠋ᠤ᠌ ᠦᠨᠡᠨᠴᠢ ᠶᠠᠪᠤᠬᠤ ᠪᠣᠯᠤᠨ᠎ᠠ᠃
— ᠯᠠᠮᠠ ᠲᠠ ᠲᠡᠭᠡᠭᠡᠳ ᠪᠤᠷᠬᠠᠨ ᠢ᠋ᠶ᠋ᠠᠨ ᠰᠣᠩᠭᠣᠵᠤ ᠪᠠᠢᠨ᠎ᠠ ᠤᠤ?
— ᠪᠤᠷᠬᠠᠨ ᠨᠠᠮᠠᠶ᠋ᠢ ᠰᠣᠩᠭᠣᠵᠤ ᠢᠪᠡᠭᠡᠯ ᠳ᠋ᠡᠭᠡᠨ ᠠᠪᠤᠭᠰᠠᠨ ᠪᠢᠯᠡ᠃ ᠬᠠᠷᠢᠨ ᠨᠠᠳᠠ ᠰᠣᠩᠭᠣᠬᠤ ᠡᠷᠬᠡ ᠪᠠᠢᠭ᠎ᠠ ᠪᠣᠯ ᠪᠢ ᠬᠠᠲᠤᠨ ᠡᠬᠡ ᠪᠡᠨ ᠰᠣᠩᠭᠣᠵᠤ ᠪᠠᠢᠨ᠎ᠠ᠃
— ᠶᠠᠭᠠᠬᠢᠭᠠᠳ?
— ᠪᠢ ᠡᠬᠡ ᠶ᠋ᠢᠨ ᠴᠠᠭᠠᠨ ᠰᠦ ᠶ᠋ᠢᠨ ᠥᠷᠢ ᠶ᠋ᠢ ᠲᠥᠯᠥᠵᠦ ᠳᠡᠢᠯᠬᠦ ᠦᠭᠡᠢ ᠤᠴᠢᠷ ᠡᠴᠡ᠁
— ᠪᠤᠷᠬᠠᠨ ᠪᠠᠭᠰᠢ ᠴᠤ᠌ ᠭᠡᠰᠡᠨ ᠡᠬᠡ ᠡᠴᠡ ᠲᠥᠷᠥᠭᠰᠡᠨ ᠡᠭᠡᠯ ᠬᠥᠮᠦᠨ ᠪᠠᠢᠭᠰᠠᠨ᠃ ᠡᠬᠡ ᠶ᠋ᠢᠨ ᠴᠠᠭᠠᠨ ᠰᠦ ᠶ᠋ᠢᠨ ᠥᠷᠢ ᠶ᠋ᠢ ᠬᠡᠨ ᠲᠥᠯᠥᠵᠦ ᠳᠡᠢᠯᠬᠦ ᠪᠢᠯᠡ᠃ ᠥᠷᠢ ᠪᠡᠨ ᠲᠥᠯᠥᠬᠦ ᠶ᠋ᠢᠨ ᠲᠤᠯᠠᠳᠠ ᠪᠤᠷᠬᠠᠨ ᠤ᠋ ᠰᠠᠭᠤᠳᠠᠯ ᠡᠴᠡ ᠲᠦᠷ ᠴᠢᠯᠥᠭᠡ ᠭᠤᠶᠤᠵᠤ ᠪᠠᠢᠨ᠎ᠠ ᠤᠤ?
— ᠵᠠ ᠲᠡᠢᠮᠦ ᠠ᠋᠃ ᠨᠠᠳᠠ ᠳ᠋ᠤ᠌ ᠰᠢᠩᠭᠡᠭᠰᠡᠨ ᠪᠤᠷᠬᠠᠨ ᠪᠣᠢ᠃ ᠲᠡᠷᠡ ᠪᠤᠷᠬᠠᠨ ᠨᠠᠮᠠᠶ᠋ᠢ ᠵᠠᠯᠠᠵᠤ ᠵᠢᠯᠣᠭᠣᠳᠬᠤ ᠪᠣᠯᠤᠨ᠎ᠠ᠃ ᠮᠢᠨᠦ ᠵᠢᠷᠤᠭ᠂ ᠲᠥᠭᠡᠷᠭᠡ ᠪᠤᠷᠬᠠᠨ ᠤ᠋ ᠵᠢᠷᠤᠭᠰᠠᠨ ᠢ᠋ᠶ᠋ᠠᠷ ᠪᠣᠯᠵᠤ ᠪᠠᠢᠨ᠎ᠠ᠃
— ᠵᠡᠭᠦᠨᠭᠠᠷ ᠤ᠋ᠨ ᠬᠠᠭᠠᠨᠲᠤ ᠤᠯᠤᠰ ᠢ᠋ ᠬᠡᠨ ᠬᠠᠮᠢᠶᠠᠷᠴᠤ ᠪᠠᠢᠭ᠎ᠠ ᠪᠢᠯᠡ? ᠭᠠᠯᠳᠠᠨ ᠬᠤᠪᠢᠯᠭᠠᠨ!
— ᠠᠨᠤ ᠬᠠᠲᠤᠨ!
—ᠠᠨᠤ ᠬᠠᠲᠤᠨ ᠭᠡᠨ᠎ᠡ?
—ᠲᠡᠢᠮᠦ ᠠ᠋᠂ ᠲᠩᠷᠢ ᠳ᠋ᠦ᠍ ᠬᠠᠯᠢᠭᠰᠠᠨ ᠬᠠᠭᠠᠨ ᠤ᠋ ᠬᠠᠲᠤᠨ!
—ᠲᠡᠷᠡ ᠠᠨᠤ ᠬᠠᠲᠤᠨ ᠵᠠᠯᠠᠭᠤᠬᠠᠨ᠂ ᠡᠷᠡᠮᠡᠬᠡᠢ ᠪᠦᠰᠡᠭᠦᠢ ᠭᠡᠨ᠎ᠡ ᠯᠠᠢ᠃ ᠯᠠᠮᠠ ᠲᠠᠨ ᠢ᠋ ᠬᠦᠷᠴᠦ ᠣᠴᠢᠲᠠᠯ᠎ᠠ ᠲᠠᠨ ᠤ᠋ ᠭᠦᠷᠦᠨ ᠤᠯᠤᠰ ᠤ᠋ᠨ ᠳᠣᠲᠣᠭᠠᠳᠤ ᠳ᠋ᠤ᠌ ᠡᠷᠭᠢᠯᠲᠡ ᠭᠠᠷᠬᠤ ᠦᠭᠡᠢ ᠪᠠᠢᠭᠠᠰᠠᠢ!
—ᠮᠢᠨᠦ ᠰᠡᠳᠬᠢᠯ ᠲᠦᠪᠳᠡᠵᠦ ᠪᠠᠢᠨ᠎ᠠ᠃
ᠳᠠᠷᠠᠭ᠎ᠠ ᠨᠢ ᠪᠠᠨᠴᠢᠨ᠌ᠡᠷᠳᠡᠨᠢ ᠪᠠᠷᠠᠭᠤᠨ ᠡᠷᠡᠬᠡᠢ᠂ ᠳᠣᠯᠢᠶᠠᠪᠤᠷ ᠬᠤᠷᠤᠭᠤ ᠪᠠᠷ ᠢ᠋ᠶ᠋ᠠᠨ ᠸᠴᠢᠷ ᠡᠷᠭᠢᠭᠦᠯᠬᠦ ᠵᠠᠭᠤᠷ᠎ᠠ ᠪᠢᠲᠡᠭᠦᠬᠡᠨ ᠳᠠᠭᠤ ᠪᠠᠷ ᠭᠠᠯᠳᠠᠨ ᠯᠠᠮᠠ ᠡᠴᠡ ᠠᠰᠠᠭᠤᠯ᠎ᠠ᠃
— ᠯᠠᠮᠠ ᠲᠠ ᠪᠠᠨᠳᠢ ᠵᠣᠳᠣᠭᠠᠨ ᠤ᠋ ᠵᠢᠷᠠᠨ ᠳᠥᠷᠪᠡᠨ ᠬᠤᠪᠢᠯᠪᠤᠷᠢ ᠮᠡᠬᠡᠨ ᠳ᠋ᠦ᠍ ᠴᠢᠯᠥᠭᠡ ᠵᠠᠪ ᠢ᠋ᠶ᠋ᠠᠷ ᠢ᠋ᠶ᠋ᠠᠨ ᠰᠤᠷᠤᠯᠴᠠᠭᠰᠠᠨ ᠭᠡᠪᠡ ᠤᠤ?
— ᠪᠣᠭᠳᠠ ᠮᠢᠨᠢ᠂ ᠡᠨᠡ ᠪᠣᠯ ᠪᠡᠶ᠎ᠡ ᠪᠡᠨ ᠬᠠᠮᠠᠭᠠᠯᠠᠬᠤ ᠲᠡᠳᠦᠢ ᠶᠦᠮ᠃ ᠰᠡᠳᠬᠢᠯ ᠬᠡᠮᠡᠭᠴᠢ ᠠᠭᠤᠤ ᠪᠣᠯᠪᠠᠴᠤ ᠮᠢᠬᠠᠨ ᠪᠡᠶ᠎ᠡ ᠶ᠋ᠢ ᠶᠠᠭᠠᠬᠢᠨ ᠣᠷᠣᠯᠠᠬᠤ ᠪᠢᠯᠡ᠃ ᠪᠡᠶ᠎ᠡ ᠶ᠋ᠢ ᠵᠥᠪᠬᠡᠨ ᠬᠦᠴᠦ ᠴᠢᠳᠠᠯ ᠢ᠋ᠶ᠋ᠠᠷ ᠬᠠᠮᠠᠭᠠᠯᠠᠳᠠᠭ ᠶᠤᠮ᠃
—ᠬᠤᠪᠢᠯᠭᠠᠨ ᠯᠠᠮᠠ ᠲᠠ ᠵᠡᠭᠦᠨᠭᠠᠷ ᠤ᠋ᠨ ᠤᠯᠤᠰ ᠢ᠋ ᠪᠤᠷᠬᠠᠨ ᠪᠠᠭᠰᠢ ᠶ᠋ᠢᠨ ᠰᠤᠷᠭᠠᠯ ᠨᠣᠮᠯᠠᠯ᠂ ᠲᠥᠷᠥ ᠶ᠋ᠢᠨ ᠬᠠᠲᠠᠭᠤ ᠴᠠᠭᠠᠵᠠ ᠬᠣᠣᠰᠯᠠᠭᠤᠯᠵᠤ ᠵᠢᠷᠤᠬᠤ ᠤᠤ?
— ᠵᠡᠭᠦᠨᠭᠠᠷ ᠲᠤ᠌ ᠰᠦᠰᠦᠭᠲᠡᠨ ᠴᠦ᠍ ᠣᠯᠠᠨ ᠪᠣᠢ᠃ ᠠᠳᠤᠭᠤᠰᠤᠨ ᠡᠴᠡ ᠳᠣᠣᠷ᠎ᠠ ᠠᠭᠠᠰᠢᠲᠠᠨ ᠣᠯᠠᠨ ᠪᠣᠢ᠃
ᠠᠯᠢ ᠠᠯᠢᠨ ᠨᠢ ᠨᠠᠮᠠᠶ᠋ᠢ ᠳᠠᠭᠠᠨ᠎ᠠ᠂ ᠲᠩᠷᠢ ᠮᠡᠳᠡᠨ᠎ᠡ ᠪᠣᠢ ᠢ᠎ᠡ᠃
—ᠲᠠ ᠰᠢᠭ᠋ ᠨᠣᠮ ᠲᠠᠢ ᠯᠠᠮᠠ ᠳ᠋ᠤ᠌ ᠠᠢᠳᠠᠰ ᠦᠷᠭᠦᠭᠡᠬᠦ ᠬᠦᠴᠦᠨ ᠮᠡᠬᠦᠰᠳᠡᠬᠦ ᠦᠭᠡᠢ ᠪᠢᠵᠡ᠃ ᠡᠵᠢ ᠪᠡᠨ ᠰᠣᠩᠭᠣᠵᠤ ᠪᠠᠢᠭ᠎ᠠ ᠲᠠᠨᠢ ᠪᠤᠷᠬᠠᠨ ᠤ᠋ ᠲᠠᠭᠠᠯᠠᠯ ᠳ᠋ᠤ᠌ ᠭᠦᠨ ᠢ᠋ᠶ᠋ᠡᠷ ᠨᠡᠢᠴᠡᠵᠦ ᠪᠠᠢᠨ᠎ᠠ᠃
ᠪᠠᠨᠴᠢᠨ ᠪᠣᠭᠳᠠ ᠥᠪᠡᠷ ᠦ᠋ᠨ ᠠᠰᠠᠭᠤᠯᠲᠠ ᠳ᠋ᠤ᠌ ᠬᠠᠷᠢᠭᠤᠯᠲᠠ ᠦᠭᠭᠦᠭᠰᠡᠨ ᠭᠠᠯᠳᠠᠨ ᠤ᠋ ᠲᠤᠢᠯ ᠤ᠋ᠨ ᠰᠠᠨᠠᠭ᠎ᠠ ᠶ᠋ᠢ ᠥᠷᠥᠰᠢᠶᠡᠨ ᠵᠥᠪᠰᠢᠶᠡᠷᠡᠭᠰᠡᠨ ᠢ᠋ᠶ᠋ᠡᠨ ᠨᠢᠭᠤᠭᠰᠠᠨ ᠦᠭᠡᠢ᠃ ᠪᠤᠷᠬᠠᠨ ᠤ᠋ ᠱᠠᠰᠢᠨ ᠤ᠋ ᠲᠠᠪᠤᠨ ᠵᠦᠢᠯ ᠳ᠋ᠦ᠍ ᠡᠷᠳᠡᠮ ᠢ᠋ ᠬᠢᠴᠢᠶᠡᠩᠭᠦᠢᠯᠡᠨ ᠰᠤᠷᠤᠭᠰᠠᠨ ᠭᠠᠯᠳᠠᠨ ᠯᠠᠮᠠ ᠳ᠋ᠤ᠌ ᠬᠠᠷᠢ ᠭᠠᠵᠠᠷ ᠪᠦᠭᠭᠦᠵᠦ ᠰᠠᠭᠤᠭᠰᠠᠨ ᠡᠴᠡ ᠣᠢᠷᠠᠳ ᠤ᠋ᠨ ᠡᠷᠴᠢᠯᠡᠭᠰᠡᠨ ᠤᠯᠠᠭᠠᠨ ᠲᠣᠭᠣᠰᠣ ᠶ᠋ᠢ ᠲᠩᠷᠢ ᠳᠦ ᠲᠤᠰᠬᠠᠵᠤ ᠶᠠᠪᠤᠭᠰᠠᠨ ᠨᠢ ᠬᠠᠪᠢ ᠦᠭᠡᠢ ᠳᠡᠭᠡᠷ᠎ᠡ ᠪᠣᠯᠬᠤ ᠶ᠋ᠢ ᠪᠠᠨᠴᠢᠨ ᠪᠣᠭᠳᠠ ᠡᠷᠲᠡᠨ ᠡᠴᠡ ᠭᠠᠳᠠᠷᠯᠠᠵᠤ ᠪᠠᠢᠵᠠᠢ᠃ ᠤᠭ ᠡᠴᠡ ᠭᠠᠯᠳᠠᠨ ᠳ᠋ᠤ᠌ ᠡᠴᠢᠭᠡ ᠬᠣᠩ ᠲᠠᠢᠵᠢ ᠶ᠋ᠢᠨ ᠬᠢᠨᠢ ᠲᠦᠢᠮᠡᠷ ᠰᠢᠭ ᠠᠷᠠᠨᠰᠢᠨ ᠨᠢᠭᠤᠭᠳᠠᠮᠠᠯ ᠣᠷᠣᠰᠢᠵᠤ ᠪᠠᠢᠪᠠ᠃
ᠰᠡᠭᠦᠯ ᠳᠦᠨᠢ ᠥᠨᠳᠥᠷ ᠭᠡᠭᠡᠨ ᠵᠠᠨᠠᠪᠠᠽᠠᠷ ᠪᠣᠯᠭᠣᠮᠵᠢᠲᠠᠢ ᠪᠠᠷ᠂
— ᠬᠠᠯᠬ᠎ᠠ ᠮᠣᠩᠭᠣᠯ ᠤ᠋ᠨ ᠨᠣᠶᠠᠳ ᠯᠠᠮᠠ ᠲᠠᠨ ᠢ᠋ ᠲᠤᠷᠰᠢᠵᠤ ᠵᠦᠢᠯ ᠪᠦᠷᠢ ᠶ᠋ᠢᠨ ᠵᠠᠩ ᠠᠪᠤᠷᠢ ᠭᠠᠷᠭᠠᠵᠤ ᠮᠡᠳᠡᠨ᠎ᠡ᠃ ᠤᠭ ᠡᠴᠡ ᠮᠠᠨ ᠤ᠋ ᠬᠢᠨ ᠬᠥᠮᠦᠨ ᠢ᠋ ᠲᠠᠨᠢᠬᠤ ᠡᠴᠡ ᠪᠠᠨ ᠡᠮᠦᠨ᠎ᠡ ᠥᠳᠥᠭᠡᠳᠡᠭ ᠰᠢᠦ ᠳᠡ᠃ᠥᠳᠥᠭᠡᠯᠲᠡ ᠡᠴᠡ ᠪᠤᠷᠬᠠᠨ ᠢ᠋ ᠪᠣᠳᠣᠵᠤ ᠵᠠᠢᠯᠠᠰᠬᠢᠵᠦ ᠶᠠᠪᠤᠭᠠᠷᠠᠢ ᠭᠡᠵᠦ ᠵᠠᠬᠢᠪᠠ᠃
ᠭᠠᠯᠳᠠᠨ ᠬᠣᠷᠮᠣᠢ ᠪᠠᠨ ᠳᠡᠪᠢᠰᠴᠦ ᠰᠤᠨᠤᠨ ᠮᠥᠷᠭᠥᠭᠡᠳ ᠪᠣᠰᠤᠯ᠎ᠠ᠃ ᠳᠠᠯᠠᠢ ᠯᠠᠮᠠ ᠳᠣᠲᠣᠨᠣᠰᠣᠭ ᠢ᠋ᠶ᠋ᠠᠷ ᠭᠠᠷ ᠢ᠋ᠶ᠋ᠠᠨ ᠡᠷᠭᠦᠪᠡ᠃ ᠭᠠᠯᠳᠠᠨ ᠯᠠᠮᠠ ᠶ᠋ᠢᠨ ᠮᠠᠩᠨᠠᠢ ᠳ᠋ᠤ᠌ ᠳᠠᠯᠠᠢ ᠯᠠᠮᠠ ᠯᠣᠪᠰᠠᠩᠵᠠᠮᠰᠤ᠂ ᠪᠠᠨᠴᠢᠨ ᠪᠣᠭᠳᠠ᠂ ᠥᠨᠳᠥᠷ ᠭᠡᠭᠡᠨ ᠵᠠᠨᠠᠪᠠᠽᠠᠷ ᠨᠠᠷ ᠡᠭᠡᠯᠵᠢ ᠳᠠᠷᠠᠭ᠎ᠠ ᠪᠠᠷ ᠠᠳᠢᠰ ᠲᠠᠯᠪᠢᠵᠤ᠂ ᠢᠷᠦᠭᠡᠯ ᠤᠩᠰᠢᠯ᠎ᠠ᠃
ᠳᠠᠯᠠᠢ ᠯᠠᠮᠠ ᠮᠥᠨᠥᠬᠢ ᠵᠢᠭᠳᠡ ᠨᠠᠮᠤᠭᠤᠨ ᠳᠠᠭᠤ ᠪᠠᠷ᠂
— ᠭᠠᠯᠳᠠᠨ ᠯᠠᠮᠠ ᠲᠠ ᠪᠤᠷᠬᠠᠨ ᠤ᠋ ᠱᠠᠰᠢᠨ ᠤ᠋ ᠮᠢᠨᠲᠤᠭᠲᠠᠨ ᠤ᠋ ᠪᠠᠨ ᠬᠤᠪᠴᠠᠰᠤ ᠬᠤᠨᠠᠷ᠂ ᠨᠣᠮ ᠰᠤᠳᠤᠷ ᠢ᠋ᠶ᠋ᠠᠨ ᠥᠪᠡᠷᠲᠡᠭᠡᠨ ᠬᠠᠳᠠᠭᠠᠯᠠᠵᠤ ᠶᠠᠪᠤᠭᠠᠷᠠᠢ᠃ ᠵᠡᠭᠦᠨᠭᠠᠷ ᠤ᠋ᠨ ᠬᠠᠭᠠᠨ ᠤ᠋ ᠦᠷᠭᠦᠭᠡᠨ ᠳ᠋ᠦ᠍ ᠬᠠᠳᠠᠭᠠᠯᠠᠭᠳᠠᠬᠤ ᠲᠣᠰᠤᠮ ᠢ᠋ᠶ᠋ᠠᠨ ᠰᠠᠢᠨ᠃ ᠲᠠᠨ ᠤ᠋ ᠰᠣᠩᠭᠣᠭᠰᠠᠨ ᠵᠠᠮ ᠥᠯᠵᠡᠢ ᠲᠡᠢ ᠪᠠᠢᠭᠲᠤᠨ᠂ ᠣᠸᠮ ᠰᠠᠢᠨ ᠠᠮᠤᠭᠤᠯᠠᠩ ᠪᠣᠯᠲᠤᠭᠠᠢ ᠭᠡᠪᠡ᠃
ᠠᠷᠪᠠᠨ ᠭᠤᠷᠪᠠ
ᠳᠤᠭᠠᠩ ᠳᠣᠲᠣᠷ᠎ᠠ ᠨᠠᠮ ᠭᠦᠮ ᠪᠣᠯᠵᠠᠢ᠃ ᠭᠠᠯᠳᠠᠨ ᠯᠠᠮᠠ ᠰᠠᠬᠢᠯ ᠰᠠᠨᠸᠠᠷ ᠢ᠋ᠶ᠋ᠠᠨ ᠡᠷᠭᠦᠬᠦ ᠴᠠᠭ ᠢᠷᠡᠪᠡ᠃ ᠡᠨᠡ ᠬᠦ᠌ ᠨᠠᠮ ᠭᠦᠮ ᠢ᠋ ᠬᠠᠮᠢᠭ᠎ᠠ ᠨᠢᠭᠡ ᠲᠡᠢ ᠡᠴᠡ ᠦᠷᠭᠦᠭᠡᠬᠦ ᠮᠡᠲᠦ ᠳᠠᠯᠠᠢ ᠯᠠᠮᠠ ᠵᠥᠭᠡᠯᠡᠨ ᠣᠯᠪᠣᠭ ᠢ᠋ᠶ᠋ᠠᠨ ᠬᠣᠩᠬᠣᠢᠯᠭᠠᠨ ᠥᠨᠳᠡᠢᠪᠡ᠃ ᠳᠠᠯᠠᠢ ᠯᠠᠮᠠ ᠳ᠋ᠤ᠌ ᠬᠡᠢᠳ ᠦ᠋ᠨ ᠲᠠᠬᠢᠯᠴᠢ ᠨᠢᠭᠡᠨ ᠭᠠᠪᠠᠯᠠ ᠶ᠋ᠢᠨ ᠶᠠᠰᠤᠨ ᠠᠶᠠᠭ᠎ᠠ ᠠᠪᠴᠢᠷᠠᠵᠤ ᠥᠭᠭᠦᠯ᠎ᠡ᠃ ᠪᠠᠨᠴᠢᠨ ᠪᠣᠭᠳᠠ ᠯᠣᠪᠰᠠᠩᠴᠣᠢᠵᠢᠵᠠᠯᠰᠠᠨ ᠪᠣᠰᠴᠤ᠂ ᠳᠠᠯᠠᠢ ᠯᠠᠮᠠ ᠶ᠋ᠢᠨ ᠳᠡᠷᠭᠡᠳᠡ ᠬᠦᠷᠦᠭᠡᠳ ᠤᠭ ᠠᠶᠠᠭᠠᠨ ᠤ᠋ ᠠᠮᠠᠰᠠᠷ ᠲᠤ᠌ ᠲᠣᠮ ᠬᠢᠪᠡ᠃
ᠪᠠᠨᠴᠢᠨ ᠪᠣᠭᠳᠠ ᠶ᠋ᠢᠨ ᠤᠷᠤᠭᠤᠯ ᠳ᠋ᠤ᠌ ᠴᠢᠰᠤ ᠬᠠᠷᠠᠭᠳᠠᠪᠠ᠃ ᠠᠪᠤᠷᠠᠯ ᠤ᠋ᠨ ᠳᠡᠭᠡᠳᠦ ᠪᠠᠭᠰᠢ ᠶ᠋ᠢᠨ ᠬᠠᠮᠠᠷ ᠤ᠋ᠨ ᠰᠢᠩᠬᠤ ᠳᠤᠭᠠᠩ ᠳ᠋ᠤ᠌ ᠵᠡᠷᠭᠡ ᠵᠢᠩᠳᠠᠭ᠎ᠠ ᠪᠠᠷ ᠢ᠋ᠶ᠋ᠠᠨ ᠰᠠᠭᠤᠳᠠᠯ ᠵᠠᠯᠭᠠᠭᠰᠠᠨ ᠣᠯᠠᠨ ᠯᠠᠮᠠ ᠪᠠ ᠮᠢᠨᠲᠤᠭᠲᠠᠨ ᠤ᠋ ᠰᠡᠳᠬᠢᠯ ᠢ᠋ ᠰᠣᠴᠢᠭᠠᠪᠠ᠃
ᠳᠠᠯᠠᠢ ᠯᠠᠮᠠ ᠥᠭᠦᠯᠡᠷᠦᠨ᠂
— ᠢᠳᠤᠭᠠᠨ ᠡᠮ᠎ᠡ ᠶ᠋ᠢᠨ ᠭᠠᠪᠠᠯᠠ ᠠᠶᠠᠭᠠᠨ ᠳ᠋ᠤ᠌ ᠪᠠᠨᠴᠢᠠᠡᠷᠳᠡᠨᠢ ᠶ᠋ᠢᠨ ᠬᠠᠮᠠᠷ ᠤ᠋ᠨ ᠰᠢᠩᠬᠤ ᠲᠦᠷᠬᠢᠭᠳᠡᠪᠡ᠃ ᠬᠤᠪᠢᠯᠭᠠᠨ ᠯᠠᠮᠠ ᠭᠠᠯᠳᠠᠨ ᠪᠤᠷᠬᠠᠨ ᠤ᠋ ᠴᠢᠰᠤᠨ ᠲᠥᠷᠥᠯ ᠪᠣᠯᠤᠯ᠎ᠠ᠃ ᠭᠤᠷᠪᠠᠭᠤᠯᠠ ᠡᠨᠡ ᠠᠶᠠᠭᠠᠨ ᠳ᠋ᠤ᠌ ᠰᠦ ᠳᠦᠭᠦᠷᠭᠡᠵᠦ ᠬᠤᠪᠢᠶᠠᠵᠤ ᠬᠦᠷᠲᠡᠶ᠎ᠡ ᠭᠡᠪᠡ᠃
ᠴᠠᠭᠠᠨ ᠭᠠᠪᠠᠯᠠ ᠶ᠋ᠢᠨ ᠢᠷᠮᠡᠭ ᠲᠦ᠍ ᠬᠠᠮᠠᠷ ᠤ᠋ᠨ ᠰᠢᠩᠬᠤ ᠲᠣᠯᠪᠣᠳᠠᠨᠠ᠃ ᠤᠯᠠᠭᠠᠨ ᠴᠢᠰᠤ ᠬᠠᠷᠠᠯᠠᠵᠠᠢ᠃
ᠰᠦ ᠬᠤᠪᠢᠶᠠᠵᠤ ᠤᠤᠭᠤᠭᠰᠠᠨ ᠤ᠋ ᠳᠠᠷᠠᠭ᠎ᠠ ᠳᠠᠯᠠᠢ ᠯᠠᠮᠠ ᠢᠳᠤᠭᠠᠨ ᠡᠮ᠎ᠡ ᠶ᠋ᠢᠨ ᠭᠠᠪᠠᠯᠠ ᠶ᠋ᠢᠨ ᠠᠶᠠᠭ᠎ᠠ ᠶ᠋ᠢ ᠭᠠᠯᠳᠠᠨ ᠳ᠋ᠤ᠌ ᠰᠠᠷᠪᠠᠢᠵᠤ᠂
— ᠰᠠᠬᠢᠯ ᠰᠠᠨᠸᠠᠷ ᠢ᠋ᠶ᠋ᠠᠨ ᠮᠠᠷᠲᠠ! ᠭᠡᠮᠡᠨ ᠳᠤᠭᠠᠩ ᠤ᠋ᠨ ᠠᠮᠤᠭᠤᠯᠠᠩ ᠲᠠᠢᠪᠤᠩ ᠢ᠋ ᠴᠠᠯᠭᠢᠯᠠᠭᠤᠯᠤᠨ ᠥᠭᠦᠯᠡᠯ᠎ᠡ᠃
ᠭᠠᠯᠳᠠᠨ ᠯᠠᠮᠠ ᠭᠡᠭᠡᠷᠡᠯ ᠦ᠋ᠨ ᠴᠢᠨᠠᠳᠤ ᠣᠷᠣᠰᠢᠬᠤ ᠭᠡᠭᠴᠢ ᠶᠠᠭᠤᠲᠠᠢ ᠬᠦᠴᠦᠨ ᠲᠡᠭᠦᠯᠳᠡᠷ ᠪᠣᠯᠬᠤ ᠶ᠋ᠢ ᠪᠢᠰᠢᠷᠡᠵᠦ ᠵᠣᠭᠰᠣᠪᠠ᠃ ᠳᠤᠭᠠᠩ ᠳ᠋ᠤ᠌ ᠴᠠᠩ ᠬᠡᠩᠭᠡᠷᠭᠡ᠂ ᠪᠦᠷᠢᠶ᠎ᠡ ᠪᠢᠰᠬᠢᠭᠦᠷ ᠦ᠋ᠨ ᠳᠠᠭᠤ ᠳᠥᠭᠥᠯ᠎ᠡ᠃ ᠲᠤᠩ ᠦᠯᠢᠶᠡᠪᠡ᠃ ᠪᠥᠮᠪᠥᠷ ᠨᠦᠷᠭᠢᠭᠦᠯᠪᠡ᠃ ᠭᠠᠯᠳᠠᠨ ᠯᠠᠮᠠ ᠬᠣᠶᠠᠷ ᠭᠠᠷᠳᠠᠨ ᠬᠦᠯᠢᠶᠡᠵᠦ ᠠᠪᠤᠭᠰᠠᠨ ᠭᠠᠪᠠᠯᠠ ᠶ᠋ᠢᠨ ᠠᠶᠠᠭ᠎ᠠ ᠪᠠᠨ ᠥᠪᠡᠷ ᠦ᠋ᠨ ᠪᠠᠭᠰᠢ ᠪᠠᠨᠴᠢᠨ ᠪᠣᠭᠳᠠ ᠳ᠋ᠤ᠌ ᠪᠠᠷᠢᠯ᠎ᠠ᠃
ᠭᠠᠯᠳᠠᠨ ᠯᠠᠮᠠ ᠥᠭᠦᠯᠡᠷᠦᠨ᠂
— ᠨᠠᠮᠠᠶ᠋ᠢ ᠪᠤᠷᠬᠠᠨ ᠥᠷᠥᠰᠢᠶᠡᠵᠦ ᠰᠣᠶᠣᠷᠬᠠᠪᠠ᠃ ᠪᠢ ᠡᠬᠡ ᠶ᠋ᠢᠨ ᠴᠢᠰᠤᠨ ᠡᠴᠡ ᠪᠦᠲᠦᠭᠰᠡᠨ ᠪᠢᠯᠡ᠃ ᠳᠠᠷᠠᠭ᠎ᠠ ᠨᠢ ᠪᠢ ᠡᠬᠡ ᠶ᠋ᠢᠨ ᠰᠦ ᠪᠡᠷ ᠠᠮᠢᠯᠠᠵᠤ ᠤᠭᠤᠷᠠᠭ ᠴᠠᠭᠠᠨ ᠰᠦ ᠶ᠋ᠢᠨ ᠠᠴᠢ ᠪᠠᠷ ᠬᠥᠮᠦᠨ ᠪᠣᠯᠤᠭᠰᠠᠨ ᠪᠢᠯᠡ᠃ ᠨᠠᠮᠠᠶ᠋ᠢ ᠬᠡᠪᠡᠯᠢ ᠳ᠋ᠡᠭᠡᠨ ᠰᠢᠷ᠎ᠠ ᠬᠤᠷᠢᠶᠠᠬᠤ ᠳ᠋ᠤ᠌ ᠡᠬᠡ ᠶ᠋ᠢᠨ ᠤᠰᠤ ᠪᠠᠷ ᠳᠠᠬᠢᠨ ᠠᠮᠢᠳᠤᠷᠠᠭᠤᠯᠵᠤ ᠪᠤᠰᠬᠠᠭᠰᠠᠨ ᠪᠢᠯᠡ᠃
ᠡᠬᠡ ᠳ᠋ᠡᠭᠡᠨ ᠮᠥᠷᠭᠥᠶ᠎ᠡ!
ᠯᠠᠮᠠ ᠪᠠᠭᠰᠢ ᠳ᠋ᠠᠭᠠᠨ ᠮᠥᠷᠭᠥᠶ᠎ᠡ!
ᠨᠣᠮ ᠳ᠋ᠤᠷ ᠮᠥᠷᠭᠥᠶ᠎ᠡ! ᠭᠡᠮᠡᠨ ᠭᠦᠨ ᠲᠠᠯᠠᠷᠬᠠᠯ ᠲᠠᠢ ᠥᠴᠢᠨ ᠬᠡᠯᠡᠬᠦ ᠳ᠋ᠦ᠍ ᠪᠤᠷᠬᠠᠨ ᠤ᠋ ᠢᠷᠦᠭᠡᠯ ᠬᠤᠷᠢᠶᠠᠵᠤ᠂ ᠲᠦᠮᠡᠨ ᠵᠤᠯᠠ ᠪᠠᠳᠠᠷᠠᠵᠤ᠂ ᠭᠦᠩᠭᠠᠷᠠᠪᠠ ᠪᠤᠷᠬᠠᠳ ᠭᠢᠯᠠᠯᠵᠠᠵᠤ ᠳᠤᠭᠠᠩ ᠤ᠋ᠨ ᠳᠡᠭᠡᠪᠦᠷ ᠳᠡᠭᠡᠭᠦᠷ ᠪᠤᠮᠠᠨ ᠰᠢᠪᠠᠭᠤᠳ ᠵᠢᠷᠭᠢᠨ ᠱᠠᠭᠰᠢᠪᠠ᠃ ᠭᠠᠯᠳᠠᠨ ᠯᠠᠮᠠ ᠶ᠋ᠢᠨ ᠰᠠᠬᠢᠯ ᠰᠠᠨᠸᠠᠷ ᠢ᠋ᠶ᠋ᠠᠨ ᠡᠷᠭᠦᠬᠦ ᠶᠣᠰᠣᠯᠠᠯ ᠡᠬᠢᠯᠡᠵᠦ ᠪᠠᠢᠭ᠎ᠠ ᠨᠢ ᠡᠨᠡ᠃ ᠴᠠᠩ ᠬᠡᠩᠭᠡᠷᠭᠡ ᠬᠠᠩᠭᠢᠨᠠᠬᠤ ᠪᠦᠷᠢ ᠭᠠᠯᠳᠠᠨ ᠤ᠋ ᠵᠢᠷᠦᠬᠡᠨ ᠦ᠌ ᠭᠡᠮ ᠳᠣᠷᠭᠢᠨ ᠴᠢᠪᠴᠢᠷᠠᠵᠤ᠂ ᠪᠥᠮᠪᠥᠷ ᠨᠦᠳᠦᠬᠦ ᠳ᠋ᠦ᠍ ᠪᠡᠶ᠎ᠡ ᠶ᠋ᠢᠨ ᠲᠡᠩᠴᠡᠭᠦᠷᠢ ᠪᠠᠲᠤ ᠪᠣᠯᠤᠨ᠎ᠠ᠃ ᠬᠤᠪᠢᠯᠭᠠᠨ ᠯᠠᠮᠠ ᠶ᠋ᠢᠨ ᠪᠠᠷᠠᠭᠤᠨ ᠵᠡᠭᠦᠨ ᠬᠥᠯ ᠳᠤᠭᠠᠩ ᠤ᠋ᠨ ᠵᠦᠢᠮᠡᠯ ᠮᠣᠳᠣᠨ ᠱᠠᠯᠠ ᠶ᠋ᠢ ᠭᠢᠰᠬᠢᠭᠰᠡᠨ ᠪᠠᠢᠯ᠎ᠠ᠃ ᠵᠦᠢᠮᠡᠯ ᠱᠠᠯᠠᠨ ᠳᠡᠭᠡᠷ᠎ᠡ ᠭᠠᠯᠳᠠᠨ ᠯᠠᠮᠠ ᠰᠢᠭ᠋ ᠢᠩᠭᠢᠵᠦ ᠴᠢᠩᠭ᠎ᠠ ᠭᠢᠰᠬᠢᠭᠰᠡᠨ ᠲᠣᠬᠢᠶᠠᠯᠳᠤᠯ ᠦᠭᠡᠢ ᠪᠢᠵᠡ᠃
ᠳᠤᠭᠠᠩ ᠳ᠋ᠤ᠌ ᠨᠦᠷᠭᠢᠯᠡᠬᠦ ᠪᠦᠷᠢᠶ᠎ᠡ ᠪᠢᠰᠬᠢᠭᠦᠷ᠂ ᠬᠡᠩᠭᠡᠷᠭᠡ ᠴᠠᠩ᠂ ᠲᠤᠩ ᠯᠠᠪᠠᠢ᠂ ᠪᠥᠮᠪᠥᠷ ᠦ᠋ᠨ ᠭᠤᠨᠢᠭᠲᠤ ᠰᠠᠭᠠᠷᠮᠠᠭ ᠳᠠᠭᠤᠨ ᠭᠠᠯᠳᠠᠨ ᠤ᠋ ᠵᠢᠷᠦᠬᠡᠨ ᠳ᠋ᠦ᠍ ᠬᠦᠷᠴᠦ ᠬᠥᠨᠳᠡᠭᠦᠷ ᠡᠭᠦᠰᠬᠡᠵᠦ ᠪᠢᠯᠡ᠃ ᠲᠥᠪᠡᠳ ᠦ᠋ᠨ ᠴᠠᠰᠤᠲᠤ ᠠᠭᠤᠯᠠ ᠶ᠋ᠢᠨ ᠨᠣᠭᠣᠭᠠᠨ ᠡᠩᠭᠡᠷ ᠲᠦ᠍ ᠪᠣᠷᠣᠭ᠎ᠠ ᠴᠠᠢᠷᠠᠵᠤ ᠵᠦᠰᠡᠷᠡᠭᠰᠡᠭᠡᠷ ᡀᠠᠰᠠ ᠬᠡᠮᠡᠬᠦ ᠪᠤᠳ᠋ᠳ᠋ᠾᠠ ᠤ᠋ ᠬᠣᠲᠠ ᠳᠡᠭᠡᠭᠦᠷ ᠮᠠᠨᠠᠨ ᠲᠠᠲᠠᠵᠤ ᠬᠠᠷᠠᠩᠭᠤᠢᠯᠠᠪᠠ᠃ ᠰᠦᠮ᠎ᠡ ᠶ᠋ᠢᠨ ᠳᠣᠲᠣᠷᠠᠬᠢ ᠲᠦᠮᠡᠨ ᠵᠤᠯᠠ ᠶ᠋ᠢᠨ ᠰᠢᠷ᠎ᠠ ᠭᠡᠷᠡᠯ ᠳ᠋ᠦ᠍ ᠶᠡᠬᠡᠰ ᠯᠠᠮᠠ ᠨᠠᠷ ᠤ᠋ᠨ ᠨᠢᠭᠤᠷ ᠴᠢᠷᠠᠢ ᠳᠤᠰᠤᠯᠠᠭᠰᠠᠨ ᠮᠡᠲᠦ ᠭᠢᠯᠲᠤᠭᠠᠨᠠᠨᠠ᠃
ᠠᠷᠪᠠᠨ ᠳᠥᠷᠪᠡ
ᠭᠠᠯᠳᠠᠨ ᠯᠠᠮᠠ ᠶ᠋ᠢᠨ ᠰᠠᠬᠢᠯ ᠰᠠᠨᠸᠠᠷ ᠢ᠋ᠶ᠋ᠠᠨ ᠡᠷᠭᠦᠵᠦ ᠪᠣᠢ ᠲᠡᠰᠢᠯᠡᡁᠡᠮᠤ ᠬᠡᠢᠳ ᠪᠣᠯᠪᠠᠰᠤ ᠲᠥᠪᠡᠳ ᠦ᠋ᠨ ᠭᠤᠷᠪᠠᠨ ᠶᠡᠬᠡ ᠬᠡᠢᠳ ᠦ᠋ᠨ ᠨᠢᠭᠡ ᠪᠥᠭᠡᠳ 1147 ᠣᠨ ᠳ᠋ᠤ᠌ ᠠᠩᠬᠠᠳᠤᠭᠠᠷ ᠳᠠᠯᠠᠢ ᠯᠠᠮᠠ ᠭᠡᠨᠳᠤᠨᠳᠥ᠋ᠪ ᠤᠭ ᠬᠡᠢᠳ ᠦ᠋ᠨ ᠦᠨᠳᠦᠰᠦ ᠰᠠᠭᠤᠷᠢ ᠶ᠋ᠢ ᠭᠠᠵᠠᠷ ᠡᠬᠡ ᠲᠡᠢ ᠬᠣᠯᠪᠣᠵᠠᠢ᠃ ᠲᠡᠰᠢᠯᠡᡁᠡᠮᠤ ᠬᠡᠢᠳ ᠬᠣᠵᠢᠮ ᠪᠠᠨᠴᠢᠠᠡᠷᠳᠡᠨᠢ ᠶ᠋ᠢᠨ ᠬᠡᠢᠳ ᠪᠣᠯᠵᠠᠢ᠃
ᠭᠠᠯᠳᠠᠨ ᠢ᠋ ᠡᠨᠡ ᠬᠡᠢᠳ ᠲᠦ᠍ ᠳᠠᠭᠠᠭᠤᠯᠵᠤ ᠣᠷᠣᠭᠰᠠᠨ ᠣᠢᠷᠠᠳ ᠤ᠋ᠨ ᠱᠠᠰᠢᠨ ᠤ᠋ ᠲᠡᠷᠢᠭᠦᠨ ᠷᠠᠪᠵᠠᠮᠪᠠ ᠽᠠᠶ᠎ᠠ ᠪᠠᠨᠳᠢᠳᠠ ᠨᠠᠮᠬᠠᠢᠵᠠᠮᠰᠣ ᠡᠴᠢᠭᠡ ᠬᠣᠩ ᠲᠠᠢᠵᠢ ᠶ᠋ᠢ ᠲᠠᠭᠠᠯᠠᠯ ᠲᠡᠭᠦᠰᠬᠦ ᠳ᠋ᠦ᠍ ᠳᠡᠷᠡ ᠶ᠋ᠢᠨ ᠬᠢᠨᠢ ᠯᠠᠮᠠ ᠪᠠᠢᠵᠤ᠂ ᠲᠡᠭᠦᠨ ᠡᠴᠡ ᠬᠣᠢᠰᠢ ᠤᠳᠠᠯ ᠦᠭᠡᠢ ᠲᠥᠪᠡᠳ ᠣᠷᠣᠬᠤ ᠵᠠᠮ ᠳ᠋ᠠᠭᠠᠨ ᠵᠠᠡᠭᠴᠢ ᠬᠠᠯᠠᠭᠰᠠᠨ ᠶᠤᠮ᠃ ᠡᠨᠡ ᠶᠠᠪᠤᠳᠠᠯ ᠨᠠᠮᠠᠶ᠋ᠢ ᠭᠠᠨᠳᠠᠩ ᠰᠢᠷᠡᠭᠡᠲᠦ ᠶ᠋ᠢᠨ ᠬᠡᠢᠳ ᠦ᠋ᠨ ᠲᠡᠷᠢᠭᠦᠨ ᠭᠡᠮᠡᠨ ᠡᠷᠭᠦᠮᠵᠢᠯᠡᠬᠦ ᠢᠵᠠᠭᠤᠷ ᠰᠢᠯᠲᠠᠭᠠᠨ ᠮᠥᠨ ᠭᠡᠵᠦ ᠪᠣᠳᠣᠳᠠᠭ᠃ ᠭᠡᠲᠡᠯ᠎ᠡ ᠲᠡᠷᠢᠭᠦᠨ ᠬᠠᠮᠪᠤ ᠪᠣᠯᠬᠤ ᠮᠠᠨᠢ ᠣᠷᠪᠣᠩ ᠢᠶᠠᠷ ᠢᠶᠡᠨ ᠡᠷᠭᠢᠪᠡ᠃ ᠵᠡᠭᠥᠨᠭᠠᠷ ᠲᠤ᠌ ᠠᠬ᠎ᠠ ᠰᠡᠩᠭᠡ ᠬᠠᠭᠠᠨ ᠤ᠋ ᠦᠶ᠎ᠡ ᠳ᠋ᠦ᠍ ᠢᠯᠢ ᠭᠣᠣᠯ ᠤ᠋ᠨ ᠬᠣᠢᠲᠤ᠂ ᠤᠷᠢᠳᠤ ᠡᠷᠭᠢ ᠳ᠋ᠦ᠍ ᠤᠭᠠᠯᠵᠠ ᠪᠣᠯᠤᠨ ᠬᠠᠢᠨᠤᠭ ᠤ᠋ᠨ ᠡᠪᠡᠷ ᠢ᠋ᠶ᠋ᠡᠷ ᠳᠡᠭᠡᠪᠦᠷᠯᠡᠭᠰᠡᠨ ᠬᠣᠶᠠᠷ ᠰᠦᠮ᠎ᠡ ᠪᠤᠰᠬᠠᠵᠤ ᠰᠦᠰᠦᠭᠲᠡᠨ ᠣᠯᠠᠨ ᠢ᠋ ᠬᠤᠷᠢᠶᠠᠵᠤ᠂ ᠰᠠᠬᠢᠯ ᠬᠦᠷᠲᠡᠭᠡᠵᠦ ᠪᠠᠢᠭᠰᠠᠨ ᠢ᠋ᠶ᠋ᠠᠨ ᠰᠠᠨᠠᠵᠤ ᠵᠣᠭᠰᠣᠪᠠ᠃
ᠪᠠᠠᠴᠢᠠᠡᠷᠳᠡᠨᠢ ᠥᠭᠦᠯᠡᠷᠦᠨ᠂
— ᠳᠠᠯᠳᠠ ᠶ᠋ᠢᠨ ᠮᠠᠭᠤ ᠬᠥᠮᠦᠨ ᠡᠴᠡ ᠬᠠᠮᠠᠭᠠᠯᠠᠵᠤ ᠢᠳᠤᠭᠠᠨ ᠡᠮᠡᠭᠡᠨ ᠦ᠌ ᠭᠠᠪᠠᠯᠠ ᠶ᠋ᠢᠨ ᠴᠣᠢᠵᠢᠯ ᠢ᠋ ᠱᠠᠪᠢ ᠭᠠᠯᠳᠠᠨ ᠳ᠋ᠤ᠌ ᠬᠠᠳᠠᠭᠠᠯᠠᠭᠤᠯᠤᠶᠠ᠃ ᠲᠠ ᠪᠤᠷᠬᠠᠨ ᠳ᠋ᠤ᠌ ᠠᠭᠤᠰᠤᠭᠰᠠᠨ ᠪᠢᠯᠡ᠃ ᠰᠢᠷᠡᠭᠡᠲᠦ ᠯᠠᠮᠠ ᠶ᠋ᠢᠨ ᠵᠡᠷᠭᠡ ᠵᠢᠩᠳᠠᠭ᠎ᠠ ᠥᠨᠳᠥᠷ ᠪᠣᠯᠪᠠᠴᠤ ᠵᠡᠭᠦᠨᠭᠠᠷ ᠤ᠋ᠨ ᠬᠠᠭᠠᠨ ᠤ᠋ ᠪᠦᠷᠭᠦᠳ ᠲᠡᠢ ᠰᠡᠨᠳᠡᠢ ᠥᠭᠭᠢᠶᠡᠮᠦᠷ ᠠᠵᠢ᠃ ᠬᠠᠲᠤᠨ ᠡᠬᠡ ᠶ᠋ᠢᠨ ᠲᠠᠨᠢ ᠰᠠᠨᠠᠯ ᠭᠠᠯᠳᠠᠨ ᠯᠠᠮᠠ ᠲᠠᠨ ᠢ᠋ ᠪᠦᠷᠢᠨ᠎ᠡ ᠡᠵᠡᠯᠡᠪᠡ᠃ ᠰᠦ ᠪᠡᠨ ᠠᠮᠰᠠᠭᠤᠯᠵᠤ᠂ ᠤᠰᠤ ᠪᠠᠷ ᠢ᠋ᠶ᠋ᠠᠨ ᠢᠯᠠᠷᠢᠰᠢᠭᠤᠯᠤᠭᠰᠠᠨ ᠬᠠᠲᠤᠨ ᠡᠬᠡ ᠶ᠋ᠢᠨ ᠰᠠᠨᠠᠭ᠎ᠠ ᠮᠡᠷᠭᠡᠨ ᠪᠣᠢ ᠊ᠢ᠎ᠠ ᠭᠡᠪᠡ᠃
ᠭᠠᠯᠳᠠᠨ ᠬᠠᠷᠢᠭᠤ ᠳ᠋ᠤᠨᠢ᠂
— ᠮᠢᠨᠦ ᠵᠢᠷᠤᠭ᠂ ᠲᠥᠭᠡᠷᠭᠡ ᠶᠠᠮᠠᠷ ᠪᠣᠯ ᠭᠡᠬᠦ ᠳ᠋ᠦ᠍ ᠪᠠᠨᠴᠢᠠᠡᠷᠳᠡᠨᠢ ᠱᠠᠪᠢ ᠶ᠋ᠢᠨ ᠢ᠋ᠶ᠋ᠡᠨ ᠣᠢ ᠤᠬᠠᠭᠠᠨ ᠰᠡᠷᠭᠦᠯᠡᠩ ᠢ᠋ ᠭᠠᠢᠬᠠᠨ
ᠲᠠᠮᠰᠢᠶᠠᠯᠠᠬᠤ ᠮᠡᠲᠦ ᠪᠣᠯᠤᠭᠠᠳ᠂
— ᠨᠠᠰᠤᠨ ᠤ᠋ ᠪᠤᠷᠬᠠᠨ ᠤ᠋ ᠨᠡᠷ᠎ᠡ ᠲᠡᠢ ᠬᠥᠮᠦᠨ ᠡᠰᠡ ᠦᠬᠦᠪᠡᠰᠦ ᠥᠷᠢᠰᠦᠯᠳᠦᠭᠡᠨ ᠲᠠᠭᠠᠮᠵᠢᠷᠠᠵᠤ ᠴᠥᠪ ᠡᠭᠦᠰᠦᠨ᠎ᠡ ᠭᠡᠯᠡ᠃
ᠪᠠᠨᠴᠢᠠᠡᠷᠳᠡᠨᠢ ᠡᠷᠢᠬᠡ ᠪᠠᠨ ᠡᠷᠭᠢᠭᠦᠯᠦᠨ ᠲᠦᠪᠰᠢᠨ ᠳᠦᠷᠢ ᠲᠡᠢ ᠪᠣᠯᠪᠠ᠃
ᠠᠷᠪᠠᠨ ᠲᠠᠪᠤ
ᠭᠠᠯᠳᠠᠨ ᠤ᠋ ᠲᠠᠷᠢᠬᠢᠨ ᠳ᠋ᠤ᠌ ᠡᠷᠴᠢᠯᠡᠭᠰᠡᠨ ᠬᠤᠢ ᠰᠠᠯᠬᠢ ᠪᠣᠰᠴᠠᠢ᠃ ᠨᠠᠰᠤᠨ ᠤ᠋ ᠪᠤᠷᠬᠠᠨ ᠤ᠋ ᠨᠡᠷ᠎ᠡ ᠪᠣᠯ ᠴᠡᠸᠡᠡᠭᠷᠠᠪᠲᠠᠨ ᠰᠢᠦ ᠳᠡ᠃ ᠶᠡᠬᠡᠰ ᠯᠠᠮᠠ ᠨᠠᠷ ᠮᠥᠨ ᠬᠦ᠌ ᠴᠡᠸᠡᠡᠭᠷᠠᠪᠲᠠᠨ ᠭᠡᠮᠡᠨ ᠪᠣᠳᠣᠵᠠᠭᠠᠪᠠ᠃ ᠳᠠᠰᠢᠯᠠᡁᠡᠮᠤ ᠬᠡᠢᠳ ᠲᠦ᠍ ᠰᠢᠷᠡᠭᠡᠲᠦ ᠯᠠᠮᠠ ᠡᠷᠭᠦᠮᠵᠢᠯᠡᠬᠦ ᠪᠤᠰᠤ ᠰᠠᠬᠢᠯ ᠰᠠᠨᠸᠠᠷ ᠢ᠋ᠶ᠋ᠠᠨ ᠡᠷᠭᠦᠬᠦ ᠭᠠᠯᠳᠠᠨ ᠯᠠᠮᠠ ᠶ᠋ᠢᠨ ᠶᠣᠰᠣᠯᠠᠯ ᠥᠷᠨᠢᠵᠦ ᠪᠠᠢᠨ᠎ᠠ᠃ ᠰᠡᠩᠭᠡ ᠬᠠᠭᠠᠨ ᠤ᠋ ᠬᠥᠪᠡᠭᠦᠨ ᠭᠠᠯᠳᠠᠨ ᠤ᠋ ᠠᠴᠢ ᠬᠦᠦ ᠶ᠋ᠢ ᠴᠡᠸᠡᠡᠭᠷᠠᠪᠲᠠᠨ ᠭᠡᠳᠡᠭ᠃ ᠠᠨᠤ ᠬᠠᠲᠤᠨ ᠡᠴᠡ ᠲᠥᠷᠥᠭᠰᠡᠨ ᠴᠡᠸᠡᠡᠭᠷᠠᠪᠲᠠᠨ ᠤ᠋ ᠨᠡᠷ᠎ᠡ ᠭᠠᠯᠳᠠᠨ ᠳ᠋ᠤ᠌ ᠬᠦᠨᠳᠦᠪᠲᠦᠷ ᠰᠣᠨᠣᠰᠤᠭᠳᠠᠪᠠ᠃ ᠵᠡᠬᠥᠨᠭᠠᠷ ᠤ᠋ᠨ ᠬᠠᠭᠠᠨᠲᠤ ᠤᠯᠤᠰ ᠤ᠋ᠨ ᠬᠡᠷᠡᠭ ᠶᠠᠪᠤᠳᠠᠯ ᠢ᠋ ᠠᠨᠤ ᠬᠠᠲᠤᠨ ᠡᠷᠬᠡᠰᠢᠶᠡᠵᠦ ᠪᠣᠢ᠃
ᠭᠠᠯᠳᠠᠨ ᠨᠠᠳᠠ ᠴᠡᠸᠠᠩᠷᠠᠪᠳᠠᠨ ᠡᠴᠡ ᠴᠥᠪ ᠡᠭᠦᠰᠦᠨ᠎ᠡ ᠬᠡᠮᠡᠬᠦ ᠰᠢᠯᠲᠠᠭᠠᠨ ᠢ᠋ ᠨᠣᠮ ᠤᠨ ᠪᠠᠭᠰᠢ ᠪᠠᠨᠴᠢᠠᠡᠷᠳᠡᠨᠢ ᠵᠢᠷᠤᠭᠰᠠᠨ ᠬᠡᠷᠡᠭ᠃ ᠤᠯᠠᠭᠠᠨ ᠤ᠋ ᠲᠠᠯ᠎ᠠ ᠶ᠋ᠢᠨ ᠬᠢᠨ ᠰᠢᠷ᠎ᠠ ᠶ᠋ᠢᠨ ᠱᠠᠰᠢᠨ ᠤ᠋ ᠬᠤᠪᠢᠯᠭᠠᠨ ᠯᠠᠮᠠ ᠳ᠋ᠤ᠌ ᠮᠡᠳᠡᠭᠡᠵᠢ ᠳᠠᠭ᠎ᠠ ᠦᠭᠡᠢ ᠬᠠᠨᠳᠤᠨ᠎ᠠ᠃ ᠴᠡᠸᠡᠩᠷᠠᠪᠳᠠᠨ ᠢ᠋ ᠠᠨᠤ ᠬᠠᠲᠤᠨ ᠴᠡᠭᠡᠵᠢ ᠪᠡᠷ ᠢ᠋ᠶ᠋ᠡᠨ ᠬᠠᠭᠠᠵᠤ ᠪᠠᠢᠭ᠎ᠠ᠃ ᠭᠠᠯᠳᠠᠨ ᠤ᠋ ᠬᠡᠢ ᠪᠣᠳᠣᠯ ᠤ᠋ᠨ ᠳᠣᠲᠣᠷ᠎ᠠ ᠰᠡᠪ ᠰᠠᠭᠤᠪᠠ᠃ ᠨᠢᠭᠡ ᠡᠳᠦᠷ ᠴᠡᠸᠡᠩᠷᠠᠪᠳᠠᠨ ᠢ᠋ ᠦᠬᠦᠭᠦᠯᠬᠦ ᠦᠭᠡᠢ ᠪᠣᠯ ᠭᠠᠯᠳᠠᠨ ᠬᠠᠭᠠᠨ ᠰᠡᠨᠳᠡᠢ ᠳ᠋ᠦ᠍ ᠲᠤᠬᠠᠯᠠᠨᠠ ᠭᠡᠵᠦ ᠤᠤ? ᠬᠠᠭᠠᠨ ᠰᠡᠨᠳᠡᠢ ᠭᠠᠯᠳᠠᠨ ᠳ᠋ᠤ᠌ ᠲᠦᠮᠡᠨ ᠪᠡᠷᠬᠡᠰᠢᠶᠡᠯ ᠠᠪᠴᠢᠷᠠᠨ᠎ᠠ᠃
ᠠᠩᠬ᠎ᠠ ᠶ᠋ᠢᠨ ᠪᠡᠷᠬᠡᠰᠢᠶᠡᠯ ᠭᠠᠯᠳᠠᠨ ᠤ᠋ ᠬᠡᠢ ᠪᠣᠳᠣᠯ ᠳ᠋ᠤ᠌ ᠰᠢᠩᠭᠡᠪᠡ᠃ ᠪᠦᠷᠭᠦᠳ ᠲᠡᠢ ᠬᠠᠭᠠᠨ ᠰᠡᠨᠳᠡᠢ ᠭᠠᠯᠳᠠᠨ ᠢ᠋ ᠬᠦᠯᠢᠶᠡᠵᠦ ᠪᠣᠢ ᠲᠤᠯᠠ ᠣᠶᠤᠨ ᠰᠠᠨᠠᠭ᠎ᠠ ᠪᠠᠨ ᠪᠡᠯᠡᠳᠬᠡᠬᠦ ᠬᠡᠷᠡᠭᠲᠡᠢ ᠭᠡᠳᠡᠭ ᠢ᠋ ᠲᠠᠰᠢᠯᠠᡁᠡᠮᠤ ᠬᠡᠢᠳ ᠦ᠋ᠨ ᠳᠡᠭᠡᠪᠦᠷ ᠳᠣᠣᠷ᠎ᠠ ᠭᠠᠯᠳᠠᠨ ᠰᠡᠳᠬᠢᠪᠡ᠃
ᠠᠷᠪᠠᠨ ᠵᠢᠷᠭᠤᠭ᠎ᠠ
ᠭᠠᠯᠳᠠᠨ ᠰᠠᠬᠢᠯ ᠰᠠᠨᠸᠠᠷ ᠢ᠋ᠶ᠋ᠠᠨ ᠡᠷᠭᠦᠨ᠎ᠡ ᠭᠡᠳᠡᠭ ᠨᠢ ᠥᠪᠡᠷ ᠡᠴᠡ ᠪᠡᠨ ᠤᠷᠪᠠᠭᠰᠠᠨ ᠬᠡᠷᠡᠭ ᠪᠤᠰᠤ᠃ ᠪᠠᠰᠠ ᠥᠪᠡᠷ ᠲᠡᠢ ᠪᠡᠨ ᠡᠪᠯᠡᠷᠡᠭᠰᠡᠨ ᠬᠡᠷᠡᠭ ᠴᠦ᠍ ᠪᠤᠰᠤ᠃ ᠭᠠᠯᠳᠠᠨ ᠥᠪᠡᠷ ᠤᠷᠤᠭᠤ ᠪᠠᠨ ᠶᠠᠪᠤᠭ᠎ᠠ ᠪᠢᠯᠡ᠃ ᠭᠠᠯᠳᠠᠨ ᠢ᠋ ᠬᠡᠨ ᠴᠦ᠍ ᠲᠠᠨᠢᠬᠤ ᠦᠭᠡᠢ᠃ ᠬᠠᠲᠤᠨ ᠡᠬᠡ ᠶᠥᠮ ᠠᠭ᠎ᠠ ᠦᠯᠦ ᠲᠠᠨᠢᠨ᠎ᠠ᠃ ᠭᠠᠯᠳᠠᠨ ᠢ᠋ ᠭᠠᠯᠳᠠᠨ ᠯᠠ ᠲᠠᠨᠢᠨ᠎ᠠ᠃ ᠭᠠᠯᠳᠠᠨ ᠠᠯᠳᠠᠭ᠎ᠠ ᠭᠠᠷᠭᠠᠪᠠᠯ ᠭᠠᠯᠳᠠᠨ ᠬᠣᠬᠢᠷᠠᠨ᠎ᠠ᠃ ᠭᠠᠯᠳᠠᠨ ᠵᠥᠪ ᠶᠠᠪᠤᠪᠠᠯ ᠭᠠᠯᠳᠠᠨ ᠵᠢᠷᠭᠠᠨ᠎ᠠ᠃ ᠰᠢᠷᠡᠭᠡᠲᠦ ᠯᠠᠮᠠ ᠶ᠋ᠢᠨ ᠰᠠᠭᠤᠳᠠᠯ ᠡᠴᠡ ᠭᠠᠯᠳᠠᠨ ᠲᠠᠲᠠᠭᠠᠯᠵᠠᠵᠤ᠂ ᠵᠠᠬᠥᠡᠭᠠᠷ ᠤ᠋ᠨ ᠬᠠᠭᠠᠨ ᠤ᠋ ᠰᠡᠨᠳᠡᠢ ᠳ᠋ᠦ᠍ ᠵᠢᠳᠬᠦᠭᠰᠡᠨ ᠨᠢ ᠵᠢᠷᠭᠠᠯ ᠪᠤᠰᠤ ᠵᠣᠪᠠᠯᠠᠩ ᠪᠥᠯᠥᠭᠡ᠃
ᠭᠠᠯᠳᠠᠨ ᠵᠢᠷᠭᠠᠬᠤ ᠶ᠋ᠢᠨ ᠲᠤᠯᠠᠳᠠ ᠵᠣᠪᠠᠯᠠᠩ ᠢ᠋ ᠰᠣᠩᠭᠣᠭᠰᠠᠨ ᠪᠠᠢᠵᠠᠢ᠃ ᠭᠠᠯᠳᠠᠨ ᠢ᠋ ᠵᠠᠬᠥᠡᠭᠠᠷ ᠤ᠋ᠨ ᠬᠠᠭᠠᠨᠲᠤ ᠤᠯᠤᠰ ᠤ᠋ᠨ ᠢᠷᠭᠡᠳ᠂ ᠴᠡᠷᠢᠭ ᠦ᠋ᠳ᠂ ᠣᠷᠳᠣᠨ ᠤ᠋ ᠬᠢᠨ ᠲᠣᠭᠣᠷᠢᠨ ᠡᠷᠭᠢᠯᠳᠦᠨ᠎ᠡ᠃
ᠭᠠᠯᠳᠠᠨ ᠮᠥᠩᠬᠡ ᠶ᠋ᠢᠨ ᠬᠦᠯᠢᠶᠡᠯᠲᠡ ᠳ᠋ᠦ᠍ ᠣᠷᠣᠪᠠ᠃ ᠬᠦᠯᠢᠶᠡᠯᠲᠡ ᠶᠠᠭᠤᠨ ᠤ᠋ ᠲᠥᠯᠥᠭᠡ ᠪᠣᠯᠬᠤ ᠶ᠋ᠢ ᠭᠠᠯᠳᠠᠨ ᠤ᠋ ᠬᠡᠢ ᠪᠡᠶ᠎ᠡ ᠮᠡᠳᠡᠬᠦ ᠡᠴᠡ ᠭᠠᠯᠳᠠᠨ ᠤ᠋ ᠮᠢᠬᠠᠨ ᠪᠡᠶ᠎ᠡ ᠦᠯᠦ ᠮᠡᠳᠡᠨ᠎ᠡ᠃
ᠭᠠᠯᠳᠠᠨ ᠢ᠋ ᠰᠠᠬᠢᠯ ᠰᠠᠨᠸᠠᠷ ᠢ᠋ᠶ᠋ᠠᠨ ᠪᠤᠴᠠᠭᠠᠵᠤ ᠡᠷᠭᠦᠬᠦ ᠶ᠋ᠢ ᠬᠠᠮᠤᠭ ᠤ᠋ᠨ ᠬᠠᠲᠠᠭᠤ ᠦᠢᠯᠡ ᠭᠡᠮᠡᠨ ᠬᠠᠲᠤᠨ ᠡᠬᠡ ᠨᠢ ᠪᠣᠳᠣᠭᠰᠠᠨ ᠪᠣᠢ ᠊ᠢ᠎ᠠ᠃ ᠰᠠᠬᠢᠯ ᠰᠠᠨᠸᠠᠷ ᠢ᠋ᠶ᠋ᠠᠨ ᠡᠷᠭᠦᠨ᠎ᠡ ᠭᠡᠳᠡᠭ ᠪᠣᠯ ᠭᠠᠯᠳᠠᠨ ᠪᠤᠷᠬᠠᠨ ᠳ᠋ᠠᠭᠠᠨ ᠦᠨᠡᠨᠴᠢ ᠦᠯᠡᠳᠡᠬᠦ ᠶ᠋ᠢᠨ ᠨᠡᠷ᠎ᠡ ᠶᠦᠮ᠃ ᠭᠠᠯᠳᠠᠨ ᠲᠥᠷᠥ ᠶ᠋ᠢᠨ ᠲᠥᠯᠥᠭᠡ ᠬᠠᠷ᠎ᠠ ᠬᠥᠮᠦᠨ ᠪᠣᠯᠪᠠ᠃ ᠭᠠᠯᠳᠠᠨ ᠥᠪᠡᠷ ᠲᠡᠭᠡᠨ ᠣᠯᠠᠨ ᠳᠠᠢᠰᠤᠨ ᠲᠠᠢ ᠪᠣᠯᠪᠠ᠃
ᠳᠠᠰᠢᠯᠠᡁᠠᠮᠤ ᠬᠡᠢᠳ ᠦ᠋ᠨ ᠰᠢᠷ᠎ᠠ ᠸᠠᠭᠠᠷ ᠲᠠᠢ ᠳᠡᠭᠡᠪᠦᠷ ᠡᠴᠡ ᠵᠦᠰᠡᠷᠡᠭᠡ ᠪᠣᠷᠣᠭᠠᠨ ᠤ᠋ ᠤᠰᠤ ᠤᠷᠤᠰᠤᠨ᠎ᠠ᠃ ᠬᠣᠢᠨ᠎ᠠ ᠬᠣᠢᠨ᠎ᠠ ᠡᠴᠡ ᠪᠠᠨ ᠰᠠᠪᠢᠷᠠᠨ ᠤᠷᠤᠰᠬᠤ ᠤᠰᠤᠨ ᠳᠤᠰᠤᠯ ᠤ᠋ᠳ ᠨᠣᠢᠲᠠᠨ ᠭᠠᠵᠠᠷ ᠲᠤ᠌ ᠰᠢᠩᠭᠡᠵᠦ ᠪᠠᠢᠯ᠎ᠠ᠃ ᠰᠡᠭᠦᠯᠴᠢ ᠶ᠋ᠢᠨ ᠬᠣᠩᠬᠣ ᠳᠠᠮᠠᠷᠤ ᠬᠡᠢᠳ ᠦ᠋ᠨ ᠶᠡᠬᠡ ᠨᠦᠷᠭᠢᠶᠡᠨ ᠢ᠋ ᠲᠡᠭᠦᠰᠬᠡᠯ ᠪᠣᠯᠤᠭᠰᠠᠨ ᠢ᠋ ᠵᠠᠷᠯᠠᠪᠠ᠃ ᠵᠠᠬᠥᠡᠭᠠᠷ ᠤ᠋ᠨ ᠬᠠᠭᠠᠨ ᠢ᠋ ᠠᠪᠠᠴᠢᠬᠤ ᠪᠠᠷ ᠢᠷᠡᠭᠰᠡᠨ ᠲᠣᠷᠭᠠᠨ ᠰᠦᠷᠦᠭ ᠪᠤᠳᠠᠩᠲᠤ ᠭᠣᠣᠯ ᠤ᠋ᠨ ᠬᠥᠨᠳᠡᠢ ᠳ᠋ᠦ᠍ ᠢᠳᠡᠭᠡᠰᠢᠯᠡᠵᠦ ᠪᠠᠢᠯ᠎ᠠ᠃
ᠠᠷᠪᠠᠨ ᠳᠣᠯᠣᠭ᠎ᠠ
ᠪᠤᠷᠬᠠᠨ ᠤ᠋ ᠬᠣᠲᠠ ᠳ᠋ᠤ᠌ ᠪᠣᠷᠣᠭᠠᠨ ᠲᠠᠢ ᠪᠠᠢᠯ᠎ᠠ᠃ ᠭᠠᠯᠳᠠᠨ ᠭᠡᠭᠡᠪᠴᠢ ᠶ᠋ᠢᠨ ᠴᠠᠭᠠᠨ᠎ᠠ ᠡᠵᠢ ᠶ᠋ᠢᠨ ᠢ᠋ᠶ᠋ᠡᠨ ᠴᠢᠷᠠᠢ ᠲᠣᠳᠣᠷᠠᠵᠤ ᠪᠠᠢᠭ᠎ᠠ ᠶ᠋ᠢ ᠬᠠᠷᠠᠪᠠ᠃ ᡀᠠᠰᠠ ᠶ᠋ᠢᠨ ᠮᠥᠷᠭᠥᠯᠴᠢᠳ ᠦ᠋ᠨ ᠲᠢᠭ ᠳᠣᠲᠣᠷ᠎ᠠ ᠶᠦᠮ ᠠᠭ᠎ᠠ ᠬᠠᠲᠤᠨ ᠤ᠋ ᠪᠠᠷ᠎ᠠ ᠪᠣᠯᠣᠭᠰᠠᠳ᠂ ᠴᠡᠷᠢᠭ ᠦᠨ ᠮᠠᠢᠬᠠᠨ ᠪᠣᠰᠴᠠᠢ᠃ ᠴᠡᠭᠡᠵᠢᠨ ᠳ᠋ᠦ᠍ ᠪᠡᠨ ᠬᠠᠰ ᠲᠠᠢ ᠪᠦᠷᠭᠦᠳ ᠲᠥᠪ ᠠᠰᠠᠷ ᠢ᠋ ᠴᠢᠮᠡᠭᠯᠡᠨ᠎ᠡ᠃
ᠭᠠᠯᠳᠠᠨ ᠢ᠋ ᠥᠷᠥᠭᠡᠨ ᠳ᠋ᠡᠭᠡᠨ ᠣᠷᠣᠵᠤ ᠢᠷᠡᠬᠦ ᠳ᠋ᠦ᠍ ᠬᠠᠲᠤᠨ ᠡᠬᠡ ᠨᠢ᠂
— ᠪᠢ ᠶᠠᠭᠠᠬᠢᠭᠰᠠᠨ ᠦᠢᠯᠡ ᠲᠡᠢ ᠬᠥᠮᠦᠨ ᠪᠣᠢ ᠭᠡᠵᠦ ᠮᠠᠰᠢ ᠬᠠᠷᠠᠮᠰᠠᠯ ᠲᠠᠢ ᠬᠡᠯᠡᠪᠡ᠃ ᠭᠠᠯᠳᠠᠨ ᠤ᠋ ᠨᠢᠳᠦᠨ ᠳ᠋ᠦ᠍ ᠭᠡᠭᠡ ᠲᠠᠲᠠᠵᠤ᠂
— ᠡᠵᠢ ᠮᠢᠨᠢ ᠪᠢ ᠲᠠᠨ ᠡᠴᠡ ᠤᠷᠪᠠᠬᠤ ᠦᠭᠡᠢ᠃ ᠪᠤᠷᠬᠠᠨ ᠨᠠᠳᠠ ᠢᠲᠡᠭᠡᠵᠦ ᠪᠠᠢᠨ᠎ᠠ ᠭᠡᠯᠡ᠃
ᠡᠬᠡ ᠨᠢ ᠰᠠᠨᠠᠭ᠎ᠠ ᠠᠯᠳᠠᠭᠠᠳ᠂
— ᠡᠬᠡ ᠬᠥᠮᠦᠨ ᠦ᠌ ᠵᠣᠪᠠᠯᠠᠩ ᠢ᠋ ᠪᠤᠷᠬᠠᠨ ᠨᠢᠮᠭᠡᠯᠡᠨᠡ ᠪᠢᠵᠡ᠃ ᠪᠤᠷᠬᠠᠨ ᠬᠥᠪᠡᠭᠦᠨ ᠢ᠋ ᠮᠢᠨᠢ ᠨᠠᠳᠠ ᠡᠷᠭᠢᠭᠦᠯᠵᠦ ᠥᠭᠭᠦᠯ᠎ᠡ᠃ ᠪᠢ ᠪᠤᠷᠬᠠᠨ ᠳ᠋ᠤ᠌ ᠲᠠᠯᠠᠷᠬᠠᠵᠤ ᠪᠠᠢᠨ᠎ᠠ ᠭᠡᠮᠡᠨ ᠰᠡᠳᠬᠢᠯ ᠨᠢ ᠬᠥᠩᠭᠡᠷᠡᠭᠰᠡᠨ ᠪᠣᠯᠤᠯᠲᠠᠢ ᠥᠭᠦᠯᠡᠪᠡ᠃
ᠶᠦᠮ ᠠᠭ᠎ᠠ ᠬᠠᠲᠤᠨ ᠦᠨᠡᠬᠡᠷ ᠮᠡᠩᠳᠡᠵᠦ ᠪᠠᠢᠵᠠᠢ᠃ ᠬᠥᠪᠡᠭᠦᠨ ᠲᠥᠷᠥᠬᠦ ᠴᠠᠭ ᠬᠤᠭᠤᠴᠠᠭ᠎ᠠ ᠬᠢᠭᠡᠳ ᠬᠠᠭᠠᠨ ᠬᠠᠲᠤᠨ ᠬᠣᠶᠠᠷ ᠤ᠋ᠨ ᠬᠡᠪᠡᠯᠢ ᠶ᠋ᠢᠨ ᠨᠢᠯᠬᠠᠷᠠᠵᠤ ᠦᠷ᠎ᠡ ᠵᠠᠶᠠᠭᠠᠬᠤ ᠠᠯᠲᠠᠨ ᠬᠣᠷᠣᠮ ᠢ᠋ ᠪᠤᠷᠬᠠᠨ ᠤ᠋ ᠡᠯᠴᠢ ᠽᠠᠶ᠎ᠠ ᠪᠠᠨᠳᠢᠳᠠ ᠨᠠᠮᠬᠠᠢᠵᠠᠮᠰᠤ ᠭᠡᠭᠡᠨᠲᠡᠨ ᠬᠡᠯᠡᠭᠰᠡᠨ ᠰᠠᠨ᠃ ᠲᠡᠭᠡᠭᠡᠳ ᠽᠠᠶ᠎ᠠ ᠪᠠᠨᠳᠢᠳᠠ ᠬᠥᠪᠡᠭᠦᠨ ᠢ᠋ ᠪᠤᠷᠬᠠᠨ ᠤ᠋ ᠬᠤᠪᠢᠯᠭᠠᠨ ᠬᠤᠲᠤᠭᠲᠤ ᠪᠣᠯᠭᠠᠬᠤ ᠪᠠᠷ ᠠᠪᠴᠤ ᠣᠳᠤᠭᠰᠠᠨ᠃ ᠠᠯᠲᠠᠢ ᠶ᠋ᠢᠨ ᠴᠠᠰᠤᠲᠤ ᠠᠭᠤᠯᠠᠨ ᠳ᠋ᠤ᠌ ᠢᠷᠪᠢᠰ ᠲᠡᠢ ᠴᠣᠭ ᠠᠯᠠᠭ᠎ᠠ ᠪᠣᠯᠬᠤ ᠮᠥᠴᠡ ᠳ᠋ᠦ᠍ ᠭᠡᠭᠡᠨᠲᠡᠨ ᠰᠠᠨᠳᠤᠷᠴᠤ ᠮᠡᠩᠳᠡᠭᠡ ᠦᠭᠡᠢ ᠪᠢᠯᠡ᠃
ᠭᠠᠯᠳᠠᠨ ᠢ᠋ ᠪᠤᠷᠬᠠᠨ ᠥᠮᠴᠢᠯᠡᠵᠦ ᠠᠪᠴᠠᠢ᠃ ᠭᠡᠪᠡᠴᠦ ᠬᠠᠲᠤᠨ ᠡᠬᠡ ᠨᠢ ᠮᠡᠳᠬᠡᠭᠦᠯᠦᠨ᠂ ᠵᠢᠳᠬᠦᠯᠦᠭᠰᠡᠭᠡᠷ ᠢᠷᠡᠬᠦ ᠳ᠋ᠦ᠍᠂
— ᠡᠵᠢ ᠲᠡᠢ ᠪᠡᠨ ᠶᠠᠪᠤ ᠳᠠ ᠭᠡᠵᠦ ᠬᠡᠯᠡᠳᠡᠭ ᠨᠢ ᠬᠥᠮᠦᠨ ᠦ᠌ ᠶᠣᠰᠣ ᠪᠢᠯᠡ᠃ ᠪᠤᠷᠬᠠᠨ ᠤ᠋ ᠶᠣᠰᠣ ᠪᠣᠯ ᠬᠥᠮᠦᠨ ᠦ᠌ ᠶᠣᠰᠣ ᠶᠤᠮ᠃
ᠬᠠᠲᠤᠨ ᠡᠬᠡ ᠭᠠᠯᠳᠠᠨ ᠳ᠋ᠤ᠌ ᠶᠡᠬᠡᠳᠡ ᠰᠦᠵᠢᠭᠷᠡᠭᠡᠣ ᠪᠠᠢᠳᠠᠯ ᠲᠠᠢ᠂
— ᠠᠬ᠎ᠠ ᠶ᠋ᠢᠨ ᠲᠠᠨᠢ ᠨᠢᠭᠤᠷ ᠤ᠋ᠨ ᠬᠡᠪ ᠢ᠋ ᠪᠤᠷᠬᠠᠨ ᠤ᠋ ᠣᠷᠣᠨ ᠳ᠋ᠤ᠌ ᠦᠯᠡᠳᠡᠭᠡᠭᠡᠳ ᠶᠠᠪᠤᠪᠠᠯ ᠶᠠᠮᠠᠷ ᠪᠣᠢ? ᠭᠡᠮᠡᠨ ᠲᠡᠭᠡᠨᠡᠭᠡᠯᠵᠡᠨ ᠠᠰᠠᠭᠤᠪᠠ᠃ ᠭᠠᠯᠳᠠᠨ ᠪᠣᠳᠣᠯ ᠪᠣᠯᠵᠤ《ᠥᠨᠳᠥᠷ ᠭᠡᠭᠡᠨᠲᠡᠨ ᠳ᠋ᠦ᠍ ᠬᠡᠯᠡᠪᠡᠯ ᠶᠠᠭᠤ ᠭᠡᠬᠦ ᠪᠣᠯ? ᠥᠨᠳᠥᠷ ᠭᠡᠭᠡᠨᠲᠡᠨ ᠦ᠌ ᠤᠷᠠᠯᠠᠨ ᠳ᠋ᠤ᠌ ᠣᠷᠬᠢᠪᠠᠯ ᠪᠤᠷᠬᠠᠨ ᠪᠦᠲᠦᠭᠡᠬᠦ ᠱᠦᠩᠰᠢᠭ ᠲᠦ᠍ ᠨᠡᠢᠯᠡᠭᠦᠯᠵᠦ ᠪᠣᠯᠬᠤ ᠶᠤᠮ᠃ ᠡᠵᠢ ᠶ᠋ᠢᠨ ᠰᠠᠨᠠᠭ᠎ᠠ ᠶ᠋ᠢ ᠠᠮᠠᠷᠠᠭᠠᠶ᠎ᠠ! ᠪᠢ ᠨᠢᠭᠡᠨ ᠴᠠᠭ ᠲᠤ᠌ ᠴᠡᠴᠡᠨ᠂ ᠵᠤᠳᠪᠠᠪᠠᠭᠠᠲᠤᠷ ᠨᠠᠷ ᠡᠴᠡ ᠶᠠᠯ᠎ᠠ ᠠᠰᠠᠭᠤᠬᠤ ᠳ᠋ᠠᠭᠠᠨ ᠦᠵᠡᠭᠦᠯᠵᠦ ᠪᠣᠯᠬᠤ ᠶᠤᠮ》 ᠭᠡᠬᠦ ᠮᠡᠲᠦᠴᠢᠯᠡᠨ ᠰᠡᠳᠬᠢᠪᠡ᠃
ᠥᠨᠳᠥᠷ ᠭᠡᠭᠡᠨ ᠵᠠᠨᠠᠪᠠᠽᠠᠷ ᠪᠤᠷᠬᠠᠳ ᠤᠷᠠᠯᠠᠳᠠᠭ ᠳᠠᠪᠴᠢᠭᠤᠬᠠᠨ ᠥᠷᠥᠭᠡᠨ ᠳ᠋ᠡᠭᠡᠨ ᠭᠠᠯᠳᠠᠨ ᠲᠠᠢ ᠠᠭᠤᠯᠵᠠᠪᠠ᠃
— ᠠᠬ᠎ᠠ ᠶ᠋ᠢᠨ ᠨᠢᠭᠤᠷ ᠤ᠋ᠨ ᠬᠡᠪ ᠭᠡᠳ ᠭᠠᠯᠳᠠᠨ ᠢ᠋ ᠦᠵᠡᠭᠦᠯᠬᠦ ᠳ᠋ᠦ᠍ ᠵᠠᠨᠠᠪᠠᠽᠠᠷ᠂
— ᠡᠨᠡ ᠬᠡᠪ ᠢ᠋ ᠬᠤᠪᠢᠯᠭᠠᠬᠤ ᠬᠡᠷᠡᠭᠲᠡᠢ ᠤᠤ? ᠭᠡᠵᠦ ᠠᠰᠠᠭᠤᠪᠠ᠃
— ᠲᠡᠢᠮᠦ᠃ ᠬᠤᠪᠢᠯᠭᠠᠭᠰᠠᠨ ᠢ᠋ᠶ᠋ᠠᠨ ᠶᠠᠭᠠᠬᠢᠪᠠᠯ ᠳᠡᠭᠡᠷ᠎ᠡ ᠪᠣᠢ? ᠲᠠᠬᠢᠯ ᠳᠤᠭᠠᠩ ᠳ᠋ᠤ᠌ ᠦᠯᠡᠳᠡᠭᠡᠬᠦ ᠤᠤ?
— ᠨᠠᠳᠠ ᠦᠯᠡᠳᠡᠭᠡᠴᠢᠬᠡ᠃ ᠪᠤᠷᠬᠠᠳ ᠳᠤᠮᠳᠠ ᠵᠠᠢ ᠣᠯᠳᠠᠨ᠎ᠠ᠃
— ᠬᠡᠪ ᠢ᠋ ᠨᠢ ᠪᠢ ᠠᠪᠤᠨ᠎ᠠ᠃
— ᠭᠠᠯᠳᠠᠨ ᠬᠤᠪᠢᠯᠭᠠᠨ ᠲᠠ ᠥᠪᠡᠷ ᠢ᠋ᠶ᠋ᠡᠨ ᠮᠡᠳᠡ᠃ ᠵᠤᠯᠤᠮᠯᠠᠭᠰᠠᠨ ᠠᠷᠠᠰᠤ ᠶ᠋ᠢ ᠤᠰᠤᠨ ᠳ᠋ᠤ᠌ ᠳᠡᠪᠲᠦᠭᠡᠬᠦ ᠳ᠋ᠦ᠍ ᠡᠷᠭᠢᠭᠡᠳ ᠲᠡᠨᠢᠢᠴᠢᠬᠡᠳᠡᠭ ᠶᠦᠮ᠃ ᠬᠡᠳᠦᠨ ᠴᠤ᠌ ᠤᠳᠠᠭ᠎ᠠ ᠲᠡᠨᠢᠢᠯᠭᠡᠵᠦ ᠪᠣᠯᠤᠨ᠎ᠠ᠃ ᠠᠮᠢᠳᠤ ᠪᠠᠢᠬᠤ ᠳ᠋ᠤᠨᠢ ᠬᠥᠮᠦᠨ ᠦ᠌ ᠨᠢᠭᠤᠷ ᠤᠨ ᠬᠡᠪ ᠢ᠋ ᠠᠪᠴᠤ ᠪᠣᠯᠳᠠᠭ ᠰᠢᠦ ᠳᠡ᠃
— ᠥ ᠲᠡᠢᠮᠦ ᠤᠤ? ᠲᠡᠭᠡᠪᠡᠯ ᠨᠠᠳᠠ ᠬᠡᠷᠡᠭ ᠪᠣᠯᠬᠤ ᠶᠤᠮ ᠪᠠᠢᠨ᠎ᠠ᠃
ᠥᠨᠳᠥᠷ ᠭᠡᠭᠡᠨ ᠰᠦᠮᠡᠢᠭᠰᠡᠨ ᠨᠢᠳᠦ ᠪᠡᠷ ᠭᠠᠯᠳᠠᠨ ᠤ᠋ ᠮᠣᠩᠬᠣᠷ ᠬᠠᠮᠠᠷ᠂ ᠬᠦᠷᠡᠩ ᠨᠢᠳᠦ᠂ ᠥᠳᠬᠡᠨ ᠰᠣᠷᠮᠤᠤᠰᠤ ᠶ᠋ᠢ ᠰᠢᠷᠳᠡᠵᠦ ᠪᠠᠢᠭᠰᠠᠨ ᠢ᠋ᠶ᠋ᠠᠨ᠂
— ᠪᠢ ᠶᠦᠮ ᠠᠭ᠎ᠠ ᠬᠠᠲᠤᠨ ᠳ᠋ᠤ᠌ ᠮᠥᠷᠭᠥᠨ᠎ᠡ᠃ ᠮᠠᠷᠭᠠᠰᠢ ᠶᠡᠬᠡ ᠦᠳᠡ ᠳ᠋ᠦ᠍ ᠣᠴᠢᠶ᠎ᠠ ᠭᠡᠯᠡ᠃
ᠠᠷᠪᠠᠨ ᠨᠠᠢ᠍ᠮᠠ
ᠥᠨᠳᠥᠷ ᠭᠡᠭᠡᠨ ᠵᠠᠨᠠᠪᠠᠽᠠᠷ ᠨᠠᠮᠠᠶ᠋ᠢ ᠭᠠᠷᠤᠭᠰᠠᠨ ᠬᠣᠢᠨ᠎ᠠ ᠶᠠᠭᠤ ᠪᠣᠳᠣᠭᠰᠠᠨ ᠪᠣᠯ? ᠶᠠᠭᠠᠬᠢᠭᠠᠳ ᠨᠢᠭᠤᠷ ᠤ᠋ᠨ ᠬᠡᠪ ᠢ᠋ ᠤᠰᠤᠨ ᠳ᠋ᠤ᠌ ᠠᠭᠤᠰᠬᠠᠵᠤ ᠲᠡᠨᠢᠢᠭᠰᠡᠨ ᠬᠣᠢᠨ᠎ᠠ ᠨᠢ ᠠᠰᠢᠭᠯᠠᠵᠤ ᠪᠣᠯᠳᠠᠭ ᠢ᠋ ᠨᠠᠳᠠᠳᠤ ᠰᠠᠨᠠᠭᠤᠯᠪᠠ᠃ ᠵᠠᠨᠠᠪᠠᠽᠠᠷ ᠭᠡᠭᠡᠨᠲᠡᠨ ᠪᠠᠷᠤᠭ ᠤ᠋ᠨ ᠶᠠᠭᠤᠮ᠎ᠠ ᠶ᠋ᠢ ᠰᠢᠷᠭᠢᠭᠡᠵᠦ ᠪᠣᠳᠣᠭᠠᠳ ᠣᠷᠬᠢᠳᠠᠭ ᠰᠠᠨ᠃ ᠠᠬ᠎ᠠ ᠬᠠᠭᠠᠨ ᠶᠠᠮᠠᠷ ᠪᠤᠷᠬᠠᠨ ᠲᠠᠢ ᠠᠳᠠᠯᠢᠬᠠᠨ ᠪᠣᠢ? ᠨᠠᠳᠠ ᠠᠬ᠎ᠠ ᠶ᠋ᠢᠨ ᠨᠢᠭᠤᠷ ᠤ᠋ᠨ ᠬᠡᠪ ᠢ᠋ ᠮᠠᠷᠭᠠᠰᠢ ᠨᠢ ᠪᠤᠴᠠᠭᠠᠵᠤ ᠥᠭᠬᠦ ᠳ᠋ᠡᠭᠡᠨ ᠥᠨᠳᠥᠷ ᠭᠡᠭᠡᠨ᠂
— ᠶᠦᠮ ᠠᠭ᠎ᠠ ᠠᠬᠠᠢᠲᠠᠨ ᠮᠢᠨᠦ ᠬᠠᠲᠤᠨ ᠡᠬᠡ ᠬᠠᠨᠳᠠᠵᠠᠮᠰᠤ ᠲᠠᠢ ᠦᠶ᠎ᠡ ᠵᠠᠢ ᠦᠭᠡᠢ ᠦᠶᠡᠯᠢ ᠮᠥᠨ ᠶᠦᠮ᠃ ᠡᠵᠢ ᠪᠡᠨ ᠬᠠᠷᠠᠬᠤ ᠰᠢᠭ᠋ ᠪᠣᠯᠤᠭᠰᠠᠨ ᠰᠢᠦ᠃ ᠡᠭᠡᠴᠢ ᠳᠡᠭᠦᠦᠰ ᠦ᠋ᠨ ᠥᠬᠢᠳ ᠬᠣᠢᠨ᠎ᠠ ᠠᠷᠭ᠎ᠠ ᠦᠭᠡᠢ ᠪᠢᠵᠡ ᠭᠡᠯᠡ᠃ ᠪᠢ ᠥᠨᠳᠥᠷ ᠭᠡᠭᠡᠨ ᠡᠴᠡ᠂
— ᠲᠣᠮ ᠰᠢᠪᠰᠢᠯᠭᠡ ᠪᠦᠬᠦᠢ ᠢᠳᠤᠭᠠᠨ ᠡᠮ᠎ᠡ ᠶ᠋ᠢᠨ ᠭᠠᠪᠠᠯᠠ ᠠᠶᠠᠭ᠎ᠠ ᠶ᠋ᠢ ᠠᠯᠲᠠ ᠮᠥᠩᠭᠥ ᠪᠡᠷ ᠪᠦᠷᠢᠭᠦᠯᠵᠦ ᠬᠠᠳᠠᠭᠠᠯᠠᠬᠤ ᠤᠤ? ᠭᠡᠵᠦ ᠬᠠᠷᠢᠭᠤ ᠣᠯᠤᠭ᠎ᠠ ᠦᠭᠡᠢ ᠠᠰᠠᠭᠤᠯᠲᠠ ᠪᠠᠨ ᠠᠰᠠᠭᠤᠪᠠ᠃
— ᠰᠢᠩᠬᠤ ᠲᠦᠷᠬᠢᠭᠰᠡᠨ ᠶᠠᠰᠤ ᠶ᠋ᠢ ᠠᠯᠲᠠ ᠮᠥᠩᠭᠥ ᠪᠡᠷ ᠪᠦᠷᠢᠬᠦ ᠠᠪᠠᠰᠤ ᠬᠦᠴᠦᠨ ᠴᠢᠳᠠᠯ ᠨᠢ ᠪᠠᠭᠤᠷᠠᠵᠤ ᠮᠡᠳᠡᠨ᠎ᠡ᠃ ᠪᠠᠢᠭᠰᠠᠨ ᠢ᠋ᠶ᠋ᠠᠷ ᠨᠢ ᠪᠠᠢᠯᠭᠠᠪᠠᠯ ᠳᠡᠭᠡᠷ᠎ᠡ ᠭᠡᠵᠦ ᠭᠡᠭᠡᠨᠲᠡᠨ ᠨᠠᠳᠠ ᠠᠢᠯᠠᠳᠪᠠ᠃ ᠲᠡᠷᠡ ᠪᠡᠷ᠂
— ᠰᠠᠬᠢᠯ ᠰᠠᠨᠸᠠᠷ ᠢ᠋ᠶ᠋ᠠᠨ ᠡᠷᠭᠦᠭᠰᠡᠨ ᠯᠠᠮᠠ ᠲᠠᠨ ᠤ᠋ ᠴᠡᠭᠡᠷ ᠢ᠋ ᠰᠠᠢᠨ ᠭᠠᠷᠭᠠᠯ᠎ᠠ᠃ ᠵᠠᠬᠥᠡᠭᠠᠷ ᠤ᠋ᠨ ᠬᠠᠭᠠᠨᠲᠤ ᠤᠯᠤᠰ ᠲᠤ᠌ ᠮᠣᠷᠢᠯᠠᠭᠰᠠᠨ ᠬᠣᠢᠨ᠎ᠠ ᠪᠠᠨ ᠢᠯᠳᠦ ᠵᠥᠷᠢᠭᠦᠯᠬᠦ ᠴᠠᠭ ᠲᠣᠬᠢᠶᠠᠯᠳᠤᠪᠠᠯ ᠢᠯᠳᠦ ᠪᠡᠷ᠂ ᠦᠭᠡ ᠶ᠋ᠢᠨ ᠰᠢᠳᠢ ᠶ᠋ᠢ ᠰᠢᠯᠭᠠᠬᠤ ᠦᠶ᠎ᠡ ᠲᠠᠭᠠᠷᠠᠪᠠᠯ ᠤᠬᠠᠭᠠᠨ ᠢ᠋ᠶ᠋ᠠᠷ ᠤᠷᠤᠯᠳᠤᠵᠤ ᠶᠠᠪᠤᠬᠤ ᠪᠣᠯᠵᠤ ᠳᠠ᠃ ᠳᠥᠷᠪᠡᠨ ᠣᠢᠷᠠᠳ᠂ ᠠᠷᠤ ᠬᠠᠯᠬ᠎ᠠ ᠶ᠋ᠢᠨ ᠨᠣᠶᠠᠳ ᠤᠴᠢᠷ ᠢ᠋ᠶ᠋ᠠᠨ ᠣᠯᠤᠯᠴᠠᠬᠤ ᠳ᠋ᠤ᠌ ᠨᠠᠮᠠᠶ᠋ᠢ ᠲᠤᠰᠠᠯᠠ ᠭᠡᠪᠡᠯ ᠪᠢ ᠪᠡᠯᠡᠨ᠃ ᠪᠤᠷᠬᠠᠨ ᠤ᠋ ᠱᠠᠰᠢᠨ ᠤ᠋ ᠬᠤᠲᠤᠭᠲᠤ ᠬᠤᠪᠢᠯᠭᠠᠳ ᠭᠠᠯᠳᠠᠨ ᠲᠠᠨ ᠳ᠋ᠤ᠌ ᠲᠤᠰᠠᠯᠠᠬᠤ ᠪᠣᠯᠬᠣᠷ ᠣᠯᠠᠨ ᠠᠷᠠᠳ ᠤ᠋ᠨ ᠢᠲᠡᠭᠡᠯ ᠢ᠋ ᠣᠯᠵᠤ ᠪᠣᠯᠤᠨ᠎ᠠ᠃ ᠬᠣᠶᠠᠭᠤᠯᠠ ᠪᠠᠨ ᠬᠣᠯᠪᠣᠭ᠎ᠠ ᠲᠠᠢ ᠶᠠᠪᠤᠶ᠎ᠠ ᠭᠡᠯᠡ᠃
ᠵᠠᠨᠠᠪᠠᠽᠠᠷ ᠭᠠᠯᠳᠠᠨ ᠢ᠋ ᠣᠢ ᠲᠣᠢ ᠳ᠋ᠠᠭᠠᠨ ᠲᠣᠭᠲᠠᠭᠠᠬᠤ ᠮᠡᠲᠦ ᠨᠢᠳᠦ ᠪᠡᠨ ᠰᠦᠮᠡᠢᠯᠭᠡᠨ ᠬᠠᠷᠠᠵᠤ ᠪᠠᠢᠭᠰᠠᠨ ᠢ᠋ᠶ᠋ᠠᠨ᠂
— ᠭᠠᠯᠳᠠᠨ ᠯᠠᠮᠠ ᠪᠠᠨᠳᠢ ᠵᠣᠳᠣᠭᠠᠨ ᠤ᠋ ᠤᠷᠠᠯᠢᠭ ᠢ᠋ ᠡᠷᠬᠡᠰᠢᠶᠡᠭᠰᠡᠨ ᠪᠤᠰᠤ ᠤᠤ? ᠲᠩᠷᠢ ᠴᠢᠮᠠᠶ᠋ᠢ ᠲᠤᠰᠠᠯᠠᠵᠤ ᠪᠠᠢᠵᠠᠢ ᠭᠡᠪᠡ᠃ ᠵᠤᠵᠠᠭᠠᠨ ᠣᠯᠪᠣᠭ ᠳᠡᠭᠡᠷ᠎ᠡ ᠡᠴᠡ ᠭᠠᠯᠳᠠᠨ ᠪᠣᠰᠬᠤ ᠪᠠᠷ ᠥᠨᠳᠡᠢᠬᠦ ᠳ᠋ᠦ᠍ ᠭᠡᠭᠡᠨ ᠯᠠᠮᠠ᠂
— ᠲᠡᠷᠡ ᠴᠡᠸᠡᠩᠷᠡᠪᠳᠡᠨ ᠬᠡᠨ ᠪᠣᠢ? ᠭᠡᠮᠡᠨ ᠮᠠᠷᠲᠠᠵᠤ ᠰᠠᠨᠠᠭ᠎ᠠ ᠦᠭᠡᠢ ᠪᠡᠨ ᠬᠠᠮᠤᠭ ᠤ᠋ᠨ ᠰᠡᠭᠦᠯ ᠳ᠋ᠦ᠍ ᠠᠰᠠᠭᠤᠪᠠ᠃ ᠭᠠᠯᠳᠠᠨ ᠯᠠᠮᠠ《ᠥᠨᠳᠥᠷ ᠭᠡᠭᠡᠨ ᠴᠡᠭᠡᠯᠬᠡᠨ ᠤᠬᠠᠭᠠᠨ ᠲᠠᠢ ᠰᠢᠦ》 ᠭᠡᠵᠦ ᠲᠡᠷᠡᠬᠡᠨ ᠵᠠᠭᠤᠷ᠎ᠠ ᠰᠠᠨᠠᠭᠠᠳ᠂
— ᠰᠡᠩᠭᠡ ᠬᠠᠭᠠᠨ ᠤ᠋ ᠬᠥᠪᠡᠭᠦᠨ ᠭᠡᠪᠡ᠃
— ᠠᠴᠢ ᠠᠮᠢ ᠪᠠᠷᠢᠳᠠᠭ ᠭᠡᠵᠦ ᠦᠭᠡ ᠲᠡᠢ ᠭᠡᠮᠡᠨ ᠥᠨᠳᠥᠷ ᠭᠡᠭᠡᠨ ᠬᠡᠯᠡᠪᠡ᠃ ᠭᠠᠯᠳᠠᠨ ᠤ᠋ ᠲᠠᠷᠢᠬᠢᠨ ᠳ᠋ᠤ᠌ ᠴᠡᠸᠡᠩᠷᠡᠪᠳᠡᠨ ᠦ᠌ ᠨᠡᠷ᠎ᠡ ᠰᠡᠢᠯᠦᠭᠳᠡᠵᠦ ᠥᠨᠳᠥᠷ ᠭᠡᠭᠡᠨ ᠦ᠌ ᠠᠷᠢᠭᠤᠨ ᠮᠣᠳᠣᠷ ᠡᠴᠡ ᠠᠳᠢᠰ ᠬᠦᠷᠲᠡᠪᠡ᠃ ᠭᠣᠣᠯ ᠤ᠋ᠨ ᠬᠥᠨᠳᠡᠢ ᠳᠦᠭᠦᠷᠡᠩ ᠪᠡᠯᠴᠢᠬᠦ ᠠᠳᠤᠭᠤᠨ ᠰᠦᠷᠦᠭ ᠦ᠋ᠨ ᠳᠤᠮᠳᠠ ᠬᠠᠭᠠᠨ ᠤ᠋ ᠥᠮᠴᠢ ᠶ᠋ᠢᠨ ᠰᠢᠷ᠎ᠠ ᠠᠵᠢᠷᠭ᠎ᠠ ᠲᠣᠯᠣᠭᠠᠢ ᠬᠠᠶᠠᠨ ᠲᠦᠬᠦᠯᠵᠡᠵᠦ ᠪᠠᠢᠨ᠎ᠠ᠃
ᠭᠠᠯᠳᠠᠨ ᠤ᠋ ᠮᠣᠬᠣᠯᠬᠠᠳᠤ ᠰᠡᠦᠬᠡ ᠲᠡᠷᠭᠡ ᠪᠤᠳᠠᠯᠠᠩ ᠣᠷᠳᠣᠨ ᠡᠴᠡ ᠬᠣᠯᠠ ᠦᠭᠡᠢ ᠣᠷᠣᠰᠢᠬᠤ ᠦᠷᠭᠦᠭᠡᠨ ᠦ᠌ ᠭᠠᠳᠠᠨ᠎ᠠ ᠵᠤᠭᠤᠯᠲᠠ ᠲᠠᠢ ᠠᠵᠢ᠃ ᠭᠠᠯᠳᠠᠨ ᠵᠠᠮ ᠵᠠᠭᠤᠷ᠎ᠠ ᠳ᠋ᠠᠭᠠᠨ《ᠥᠨᠳᠥᠷ ᠭᠡᠭᠡᠨ ᠨᠠᠮᠠᠶ᠋ᠢ ᠭᠤᠨᠢᠭ ᠲᠠᠢ ᠶᠠᠪᠤᠭ᠎ᠠ ᠶ᠋ᠢ ᠭᠠᠳᠠᠷᠯᠠᠪᠠ ᠪᠣᠯᠤᠯᠲᠠᠢ᠃ ᠲᠥᠪᠡᠳ ᠲᠦ᠍ ᠡᠭᠦᠷᠢᠳᠡ ᠦᠯᠡᠳᠡᠬᠦ ᠶ᠋ᠢᠨ ᠭᠠᠰᠢᠭᠤᠨ ᠦᠨᠡᠨ ᠡᠴᠡ ᠰᠠᠯᠪᠠ᠃ ᠵᠡᠭᠦᠨᠭᠠᠷ ᠤ᠋ᠨ ᠬᠠᠭᠠᠨ ᠪᠣᠯᠤᠭᠠᠳ ᠵᠣᠪᠠᠯᠠᠩ ᠴᠤ᠌ ᠶᠡᠬᠡ ᠬᠤᠷᠢᠶᠠᠨ᠎ᠠ᠃ ᠳᠠᠢᠰᠤᠨ ᠴᠤ᠌ ᠣᠯᠠᠨ ᠲᠠᠢ ᠪᠣᠯᠤᠨ᠎ᠠ᠃ ᠬᠠᠭᠠᠨ ᠪᠣᠯ ᠳᠠᠢᠰᠤᠨ ᠤ᠋ ᠰᠤᠮᠤ ᠪᠠᠨ ᠣᠨᠢᠯᠠᠳᠠᠭ ᠫᠠᠢ ᠮᠥᠨ᠃ ᠮᠢᠨᠦ ᠳᠠᠶ᠋ᠢᠰᠤᠨ ᠨᠤᠭᠤᠳ ᠡᠳᠦᠢ ᠳ᠋ᠦ᠍ ᠨᠠᠳᠠ ᠤᠷᠤᠭᠤ ᠰᠤᠮᠤ ᠪᠠᠨ ᠣᠨᠢᠯᠠᠴᠢᠬᠠᠭᠰᠠᠨ ᠪᠠᠢᠭ᠎ᠠ᠃ ᠮᠢᠨᠦ ᠠᠬ᠎ᠠ ᠳᠡᠭᠦᠦ ᠨᠠᠷ ᠪᠣᠢ᠃ ᠪᠢ ᠰᠡᠳᠡᠷᠡᠬᠦ ᠰᠢᠷᠬ᠎ᠠ ᠲᠠᠢ ᠬᠥᠮᠦᠨ ᠰᠢᠦ ᠳᠡ᠃ ᠵᠢᠷᠤᠨ ᠬᠤᠲᠤᠭᠲᠤ ᠠᠷᠤ ᠡᠴᠡ ᠣᠴᠢᠨ᠎ᠠ ᠭᠡᠯᠡ᠃ ᠡᠷᠴᠢᠰ ᠦ᠋ᠨ ᠰᠦᠮ᠎ᠡ ᠳ᠋ᠦ᠍ ᠱᠠᠪᠢᠯᠠᠨ ᠰᠠᠭᠤᠬᠤ ᠰᠠᠨᠠᠭ᠎ᠠ ᠲᠠᠢ ᠳ᠋ᠠᠭ᠃ ᠽᠠᠶ᠎ᠠ ᠪᠠᠨᠳᠢᠳᠠ ᠭᠡᠭᠡᠨ ᠡᠴᠡ ᠬᠣᠢᠰᠢ ᠱᠠᠰᠢᠨ ᠤ᠋ ᠲᠣᠮᠣᠬᠠᠨ ᠮᠢᠨᠳᠤᠭᠲᠠᠨ ᠣᠢᠷᠠᠳ ᠲᠤ᠌ ᠣᠴᠢᠭ᠎ᠠ ᠦᠭᠡᠢ》 ᠭᠡᠵᠦ ᠪᠣᠳᠣᠵᠤ ᠠᠯᠬᠤᠪᠠ᠃
ᠮᠥᠷᠭᠥᠯᠴᠢᠳ ᠦ᠋ᠨ ᠰᠤᠨᠤᠳᠠᠭ ᠪᠠᠨᠵᠠ ᠮᠣᠳᠣᠨ ᠤ᠋ ᠳᠡᠷᠭᠡᠳᠡᠭᠦᠷ ᠥᠩᠭᠡᠷᠡᠬᠦ ᠳ᠋ᠡᠭᠡᠨ ᠭᠠᠯᠳᠠᠨ ᠯᠠᠮᠠ ᠭᠠᠢᠳᠠᠪ ᠲᠤ᠌᠂
— ᠪᠣᠷᠣ ᠲᠠᠯ᠎ᠠ ᠳ᠋ᠤ᠌ ᠰᠦᠮ᠎ᠡ ᠪᠠᠢᠭᠤᠯᠤᠨ᠎ᠠ ᠭᠡᠵᠦ ᠵᠢᠷᠤᠨ ᠬᠤᠲᠤᠭᠲᠤ ᠠᠢᠯᠠᠳᠴᠠᠢ ᠭᠡᠪᠡᠯ ᠭᠠᠢᠳᠠᠪ᠂
— ᠠ᠋᠂ ᠭᠢᠯᠠᠢ ᠭᠡᠵᠦ᠃ ᠬᠣᠱᠤᠳ ᠣᠪᠣᠭ ᠤ᠋ᠨ ᠬᠢᠨ ᠰᠦᠮ᠎ᠡ ᠲᠡᠢ ᠪᠣᠯᠵᠠᠢ ᠭᠡᠮᠡᠨ ᠰᠡᠳᠬᠢᠯ ᠦ᠋ᠨ ᠢ᠋ᠶ᠋ᠡᠨ ᠮᠤᠬᠤᠷ ᠡᠴᠡ ᠥᠭᠦᠯᠡᠪᠡ᠃
ᠠᠷᠪᠠᠨ ᠶᠢᠰᠦ
ᠮᠣᠩᠭᠣᠯ ᠡᠴᠡ ᠶᠠᠪᠠᠭᠠᠨ ᠮᠥᠷᠭᠥᠯᠴᠢᠳ ᠬᠦᠷᠦᠯᠴᠡᠨ ᠢᠷᠡᠬᠦ ᠶ᠋ᠢ ᠭᠠᠯᠳᠠᠨ ᠬᠠᠷᠠᠭᠠᠳ ᠬᠠᠲᠤᠨ ᠡᠬᠡ ᠳ᠋ᠡᠭᠡᠨ᠂
— ᠮᠥᠷᠭᠥᠯᠴᠢᠳ ᠦ᠋ᠨ ᠴᠤᠪᠤᠭ᠎ᠠ ᠳ᠋ᠤ᠌ ᠲᠤᠭᠤᠯ ᠲᠠᠢ ᠦᠨᠢᠶ᠎ᠡ᠂ ᠬᠤᠷᠠᠭ᠎ᠠ ᠲᠠᠢ ᠬᠣᠨᠢ ᠶᠠᠪᠤᠨ᠎ᠠ ᠭᠡᠪᠡ᠃ ᠡᠬᠡ ᠨᠢ᠂
— ᠠᠶᠠᠨ ᠵᠠᠮ ᠳ᠋ᠤ᠌ ᠲᠥᠯᠯᠡᠵᠡᠢ᠃ᠰᠠᠭᠠᠯᠢ ᠶ᠋ᠢᠨ ᠮᠠᠯ ᠢ᠋ ᠬᠡᠭᠡᠷ᠎ᠡ ᠬᠠᠶᠠᠬᠤ ᠦᠭᠡᠢ᠂ᠮᠠᠭᠤᠯᠠᠵᠤ ᠢᠳᠡᠬᠦ ᠦᠭᠡᠢ ᠠᠪᠴᠢᠷᠠᠵᠠᠢ᠃ ᠮᠣᠩᠭᠣᠯᠴᠤᠳ ᠵᠤᠳᠠᠭᠲᠠᠢ ᠁ ᠭᠡᠯᠡ᠃
ᠶᠦᠮ ᠠᠭ᠎ᠠ ᠬᠠᠲᠤᠨ ᠤ᠋ ᠰᠢᠨᠠᠯᠤᠩᠭᠤᠢ ᠴᠢᠷᠠᠢ ᠳ᠋ᠤ᠌ ᠲᠠᠢᠪᠤᠰᠢᠷᠠᠯ ᠭᠡᠢᠵᠡᠢ᠃ ᠡᠬᠡ ᠨᠢ ᠬᠥᠪᠡᠭᠦᠨ ᠳ᠋ᠡᠭᠡᠨ ᠵᠡᠭᠥᠨᠭᠠᠷ ᠤ᠋ᠨ ᠬᠠᠭᠠᠨ ᠪᠣᠯᠬᠤ ᠶ᠋ᠢ ᠬᠡᠯᠡᠬᠦ ᠶ᠋ᠢᠨ ᠲᠤᠯᠠᠳᠠ ᠠᠬ᠎ᠠ ᠶ᠋ᠢᠨ ᠬᠢᠨᠢ ᠨᠢᠭᠤᠷ ᠤ᠋ᠨ ᠬᠡᠪ ᠢ᠋ ᠠᠪᠴᠢᠷᠠᠵᠠᠢ᠃ ᠲᠡᠷᠡ ᠬᠦ᠌ ᠠᠯᠠᠯᠭ᠎ᠠ ᠶ᠋ᠢᠨ ᠭᠡᠷᠡᠴᠢ ᠭᠠᠯᠳᠠᠨ ᠤ᠋ ᠰᠢᠷ᠎ᠠ ᠶ᠋ᠢ ᠬᠥᠳᠡᠯᠭᠡᠵᠦ ᠲᠡᠭᠦᠨ ᠡᠴᠡ ᠪᠣᠯᠤᠭᠠᠳ ᠲᠥᠪᠡᠳ ᠲᠦ᠍ ᠡᠭᠦᠷᠢᠳᠡ ᠦᠯᠡᠳᠡᠬᠦ ᠲᠠᠪᠢᠯᠠᠩ ᠡᠴᠡ ᠠᠩᠭᠢᠵᠢᠷᠠᠵᠤ᠂ ᠱᠠᠰᠢᠨ ᠤ᠋ ᠭᠦᠨ ᠤᠬᠠᠭᠠᠨ ᠨᠣᠮᠯᠠᠳᠠᠭ᠂ ᠰᠤᠷᠭᠠᠳᠠᠭ᠂ ᠰᠤᠳᠤᠯᠳᠠᠭ ᠪᠠᠭᠰᠢ ᠨᠠᠷ ᠲᠠᠭᠠᠨ ᠤᠴᠢᠷ ᠨᠠᠴᠢᠷ ᠢ᠋ ᠣᠢᠯᠠᠭᠠᠭᠤᠯᠵᠠᠢ᠃ ᠨᠥᠭᠦᠭᠡ ᠲᠠᠯ᠎ᠠ ᠪᠠᠷ ᠭᠠᠯᠳᠠᠨ ᠲᠠᠢᠭᠠᠨ ᠰᠢᠭ᠋ ᠦᠷ᠎ᠡ ᠦᠨᠳᠦᠰᠦ ᠦᠭᠡᠢ ᠬᠣᠴᠣᠷᠬᠤ ᠡᠴᠡ ᠥᠷᠦᠰᠢᠶᠡᠭᠳᠡᠪᠡ᠃ ᠭᠠᠯᠳᠠᠨ ᠤ᠋ ᠬᠡᠪᠡᠯᠢ ᠶ᠋ᠢᠨ ᠨᠢᠭᠤᠴᠠ ᠳ᠋ᠤ᠌ ᠠᠰᠠᠭᠰᠠᠨ ᠲᠦᠢᠮᠡᠷ ᠭᠡᠨᠡᠳᠲᠡ ᠳᠦᠷᠡᠯᠵᠡᠵᠦ᠂ ᠡᠮᠡᠰ ᠥᠬᠢᠳ ᠢ᠋ ᠬᠤᠢᠬᠠᠯᠠᠬᠤ ᠴᠠᠭ ᠢᠷᠡᠨ᠎ᠡ᠃ ᠭᠠᠯᠳᠠᠨ ᠤ᠋ ᠬᠦᠯᠢᠶᠡᠯᠲᠡ ᠶᠠᠮᠠᠷᠬᠠᠨ ᠤᠷᠲᠤ ᠤᠳᠠᠭᠠᠨ ᠦᠷᠭᠦᠯᠵᠢᠯᠡᠬᠦ ᠪᠣᠯ? ᠭᠠᠯᠳᠠᠨ ᠬᠦᠯᠢᠶᠡᠵᠦ ᠰᠤᠷᠴᠠᠢ᠃ ᠭᠠᠯᠳᠠᠨ ᠶᠠᠮᠠᠷ ᠨᠢᠭᠡᠨ ᠶᠠᠭᠤᠮ᠎ᠠ ᠶ᠋ᠢ ᠴᠠᠰᠤᠲᠤ ᠶ᠋ᠢᠨ ᠣᠷᠣᠨ ᠲᠥᠪᠡᠳ ᠲᠦ᠍ ᠰᠠᠨᠠᠭᠠᠯᠵᠠᠨ ᠬᠦᠯᠢᠶᠡᠵᠦ᠂ ᠲᠤᠢᠯᠳᠠᠵᠤ ᠬᠦᠯᠢᠶᠡᠵᠦ᠂ ᠳᠦᠷᠡᠯᠵᠡᠨ ᠬᠦᠯᠢᠶᠡᠵᠦ ᠪᠠᠢᠵᠠᠢ᠃
ᠭᠠᠯᠳᠠᠨ ᠬᠠᠲᠤᠨ ᠡᠬᠡ ᠳ᠋ᠡᠭᠡᠨ᠂
— ᠶᠠᠪᠠᠭᠠᠨ ᠨᠢᠴᠦᠭᠦᠨ ᠮᠥᠷᠭᠥᠯᠴᠢᠳ ᠲᠦ᠍ ᠬᠣᠭᠣᠯᠠ ᠬᠦᠨᠡᠰᠦ᠂ ᠬᠤᠪᠴᠠᠰᠤ ᠬᠤᠨᠠᠷ ᠦᠯᠡᠳᠡᠭᠡᠬᠦ ᠬᠡᠷᠡᠭᠲᠡᠢ ᠭᠡᠵᠦ ᠬᠡᠯᠡᠪᠡ᠃ ᠶᠥᠮ ᠠᠭ᠎ᠠ ᠬᠠᠲᠤᠨ ᠲᠡᠷᠡ ᠳᠠᠷᠤᠢ ᠬᠥᠰᠬᠡ ᠶ᠋ᠢᠨ ᠠᠬᠠᠯᠠᠭᠴᠢ ᠶ᠋ᠢ ᠳᠠᠭᠤᠳᠠᠪᠠ᠃ ᠨᠢᠭᠤᠷ ᠲᠠᠭᠠᠨ ᠪᠠᠭ ᠡᠮᠦᠰᠦᠭᠰᠡᠨ ᠶᠤᠮ ᠤᠤ ᠭᠡᠯᠲᠡᠢ ᠦᠰᠦᠷᠬᠡᠭ ᠮᠡᠩᠭᠡ ᠲᠡᠢ ᠬᠥᠰᠬᠡ ᠶ᠋ᠢᠨ ᠠᠬᠠᠯᠠᠭᠴᠢ ᠨᠢᠳᠦ ᠪᠡᠨ ᠶᠣᠯᠳᠤᠯᠵᠠᠭᠤᠯᠤᠨ ᠣᠢᠷᠠᠳᠪᠠ᠃ ᠲᠡᠷᠡ ᠡᠷ᠎ᠡ ᠰᠥᠬᠥᠷᠡᠪᠡ᠃ ᠶᠥᠮ ᠠᠭ᠎ᠠ ᠡᠬᠡ᠂
— ᠰᠠᠶᠢ ᠶ᠋ᠢᠨ ᠮᠥᠷᠭᠥᠯᠴᠢᠳ ᠲᠦ᠍ ᠬᠣᠭᠣᠯᠠ ᠬᠦᠨᠡᠰᠦ᠂ ᠡᠳ᠋ ᠶᠠᠭᠤᠮᠠᠰ ᠢᠯᠡᠭᠦᠴᠢᠯᠡᠨ ᠥᠭ ᠭᠡᠮᠡᠨ ᠠᠶᠠᠳᠠᠭᠤᠬᠠᠨ ᠲᠤᠰᠢᠶᠠᠪᠠ᠃ ᠬᠡᠭᠡᠷ᠎ᠡ ᠬᠣᠨᠣᠭᠯᠠᠵᠤ ᠠᠶᠠᠨ ᠳ᠋ᠤ᠌ ᠳᠣᠯᠢᠩᠭᠠᠷᠰᠢᠭᠰᠠᠨ ᠡᠷ᠎ᠡ ᠭᠠᠯᠳᠠᠨ ᠳ᠋ᠤ᠌ ᠮᠥᠷᠭᠥᠬᠦ ᠮᠥᠷᠲᠡᠭᠡᠨ《ᠶᠣᠰᠣ ᠪᠠᠷ ᠪᠣᠯᠭᠠᠶ᠎ᠠ》ᠭᠡᠵᠦ ᠲᠠᠮᠰᠢᠶᠠᠯᠠᠪᠠ᠃ ᠬᠥᠰᠬᠡ ᠶ᠋ᠢᠨ ᠠᠬᠠᠯᠠᠭᠴᠢ ᠰᠢᠳᠡᠭᠰᠡᠨ ᠴᠢᠯᠠᠭᠤ ᠰᠢᠭ᠋ ᠭᠦᠶᠦᠵᠦ ᠣᠳᠤᠯ᠎ᠠ᠃ ᠭᠠᠯᠳᠠᠨ ᠲᠡᠭᠦᠨ ᠦ᠌ ᠬᠣᠢᠨ᠎ᠠ ᠡᠴᠡ ᠬᠠᠷᠠᠭᠠᠳ《ᠮᠣᠩᠭᠣᠯᠴᠤᠳ ᠴᠢᠯᠠᠭᠤ ᠶᠤᠮ᠃ ᠮᠣᠩᠭᠣᠯᠴᠤᠳ ᠤ᠋ᠨ ᠠᠮᠢᠳᠤᠷᠠᠯ ᠴᠢᠯᠠᠭᠤ ᠰᠢᠭ᠋ ᠬᠠᠲᠠᠭᠤ ᠭᠦᠳᠦᠭᠦᠦ᠃ ᠮᠣᠩᠭᠣᠯ ᠬᠥᠮᠦᠨ ᠦ᠌ ᠪᠡᠶ᠎ᠡ ᠴᠢᠯᠠᠭᠤ ᠰᠢᠭ᠋ ᠲᠡᠰᠪᠦᠷᠢ ᠲᠡᠪᠴᠢᠶᠡᠷᠢ ᠲᠡᠢ᠃ ᠮᠣᠩᠭᠣᠯ ᠬᠥᠮᠦᠨ ᠢ᠋ ᠨᠠᠷᠠ ᠰᠠᠯᠬᠢ ᠤᠰᠤ ᠭᠤᠷᠪᠠ ᠡᠯᠡᠭᠡᠵᠦ ᠭᠠᠩᠳᠠᠭᠠᠨᠠ᠃ ᠪᠢ ᠨᠤᠲᠤᠭ ᠤ᠋ᠨ ᠢ᠋ᠶ᠋ᠠᠨ ᠴᠢᠯᠠᠭᠤᠨ ᠳᠤᠮᠳᠠ ᠣᠴᠢᠯ᠎ᠠ》ᠭᠡᠮᠡᠨ ᠪᠣᠳᠣᠵᠠᠢ᠃
ᠬᠣᠷᠢ
ᠭᠠᠯᠳᠠᠨ ᠤ᠋ ᠬᠥᠰᠬᠡ ᠬᠥᠳᠡᠯᠬᠦ ᠳ᠋ᠦ᠍ ᠪᠡᠯᠡᠨ ᠪᠣᠯᠵᠠᠢ᠃ ᠪᠤᠬᠠᠷ ᠭᠠᠵᠠᠷ ᠤᠷᠠᠯᠠᠭᠰᠠᠨ ᠵᠢᠤᠵᠠ ᠲᠡᠷᠭᠡ ᠨᠢ ᠳᠣᠲᠣᠷ ᠭᠠᠵᠠᠷ ᠤ᠋ᠨ ᠭᠣᠶᠣᠮᠰᠣᠭ
ᠰᠡᠦᠬᠡ ᠡᠴᠡ ᠠᠷᠠᠢ ᠪᠠᠬᠢᠮ ᠠᠵᠢ᠃ ᠬᠣᠷᠢ ᠭᠠᠷᠤᠢ ᠵᠢᠯ ᠦ᠋ᠨ ᠲᠡᠷᠲᠡᠭᠡ ᠭᠠᠯᠳᠠᠨ ᠬᠥᠪᠡᠭᠦᠨ᠂ ᠽᠠᠶ᠎ᠠ ᠪᠠᠨᠳᠢᠳᠠ ᠨᠠᠮᠬᠠᠢᠵᠠᠮᠰᠤ ᠭᠡᠭᠡᠨ ᠤ᠋ ᠬᠠᠮᠲᠤ ᠡᠨᠡ ᠬᠦ᠌ ᠵᠢᠤᠵᠠ ᠲᠡᠷᠭᠡ ᠪᠡᠷ ᠲᠥᠪᠡᠳ ᠲᠦ᠍ ᠢᠷᠡᠵᠡᠢ᠃ ᠵᠢᠤᠵᠠ ᠲᠡᠷᠭᠡ ᠶ᠋ᠢᠨ ᠳᠤᠭᠤᠢ ᠶ᠋ᠢᠨ ᠡᠷᠭᠢᠯᠲᠡ ᠳ᠋ᠦ᠍ ᠭᠠᠯᠳᠠᠨ ᠤ᠋ ᠮᠢᠭᠮᠠᠨᠰᠠᠩᠵᠠᠢ ᠲᠠᠢ ᠲᠣᠭᠯᠠᠬᠤ ᠬᠦᠰᠡᠯ ᠢᠷᠪᠢᠰ ᠲᠡᠢ ᠬᠥᠭᠡᠭᠡᠴᠡᠯᠳᠦᠬᠦ ᠪᠣᠳᠣᠯ᠂ ᠲᠣᠪᠰᠢᠭᠤᠷ ᠬᠥᠭᠯᠡᠬᠦ ᠰᠠᠨᠠᠭᠠᠷᠬᠠᠯ ᠬᠣᠯᠠ ᠬᠣᠴᠣᠷᠴᠠᠢ᠃
ᡀᠠᠰᠠ ᠶ᠋ᠢᠨ ᠮᠥᠷᠭᠥᠯᠴᠢᠳ ᠭᠠᠯᠳᠠᠨ ᠤ᠋ ᠬᠥᠰᠬᠡ ᠶ᠋ᠢ ᠪᠦᠴᠢᠵᠡᠢ᠃ ᠵᠢᠤᠵᠠ ᠲᠡᠷᠭᠡᠨ ᠳ᠋ᠦ᠍ ᠲᠣᠷᠭᠠᠨ ᠬᠤᠪᠴᠠᠰᠤ ᠲᠠᠢ ᠶᠦᠮ ᠠᠭ᠎ᠠ ᠬᠠᠲᠤᠨ ᠮᠣᠷᠢᠯᠠᠨ ᠰᠠᠭᠤᠵᠤ᠂ ᠭᠠᠯᠳᠠᠨ ᠬᠠᠷ᠎ᠠ ᠠᠵᠢᠷᠭ᠎ᠠ ᠪᠠᠨ ᠬᠦᠯᠦᠭᠯᠡᠵᠡᠢ᠃
ᠭᠠᠯᠳᠠᠨ ᠮᠣᠷᠢ ᠲᠠᠢ ᠪᠠᠨ ᠴᠢᠭᠢᠭᠲᠦ ᠬᠥᠨᠳᠡᠢ ᠡᠴᠡ ᠬᠥᠳᠡᠯᠵᠦ ᡀᠠᠰᠠ ᠬᠣᠲᠠ ᠶ᠋ᠢᠨ ᠰᠦᠮ᠎ᠡ ᠳᠤᠭᠠᠩ ᠤ᠋ᠳ ᠪᠣᠳᠢ ᠭᠥᠷᠦᠭᠡᠰᠦᠨ ᠤ᠋ ᠠᠮᠤᠭᠤᠯᠠᠩ ᠮᠡᠯᠮᠡᠢ ᠶ᠋ᠢᠨ ᠳᠣᠣᠷ᠎ᠠ ᠲᠡᠳᠡᠨ ᠤ᠋ ᠠᠷᠤ ᠳ᠋ᠤ᠌ ᠦᠯᠡᠳᠡᠪᠡ᠃ ᠰᠦᠮ᠎ᠡ ᠳ᠋ᠤ᠌ ᠪᠣᠯᠤᠭᠰᠠᠨ ᠶᠠᠷᠢᠶ᠎ᠠ ᠰᠦᠮ᠎ᠡ ᠳ᠋ᠡᠭᠡᠨ ᠬᠣᠴᠣᠷᠤᠯ᠎ᠠ᠃ ᠰᠦᠮ᠎ᠡ ᠳᠤᠭᠠᠩ ᠠᠷᠤ ᠳ᠋ᠤ᠌ ᠬᠣᠴᠣᠷᠴᠤ ᠠᠭᠤᠯᠠ ᠶ᠋ᠢᠨ ᠠᠰᠬ᠎ᠠ ᠨᠤᠷᠠᠵᠤ ᠳᠠᠷᠤᠭᠰᠠᠨ ᠭᠣᠣᠯ ᠤ᠋ᠨ ᠬᠥᠨᠳᠡᠢ ᠪᠡᠷ ᠬᠠᠮᠠᠭᠠᠯᠠᠯᠲᠠ ᠶ᠋ᠢᠨ ᠪᠠᠭ ᠴᠡᠷᠢᠭ ᠪᠦᠬᠦᠢ ᠪᠤᠤᠬᠢᠶ᠎ᠠ ᠬᠥᠰᠬᠡ ᠵᠡᠭᠦᠨᠭᠠᠷ ᠲᠠᠢᠰᠢ ᠵᠢᠯᠣᠭᠣ ᠵᠠᠯᠠᠯ᠎ᠠ᠃
ᠭᠠᠯᠳᠠᠨ ᠲᠥᠪᠡᠳ ᠲᠦ᠍ ᠤᠬᠢᠯᠠᠵᠤ ᠢᠷᠡᠭᠡ ᠦᠭᠡᠢ᠂ ᠳᠠᠭᠤᠯᠠᠵᠤ ᠪᠤᠴᠠᠭ᠎ᠠ ᠦᠭᠡᠢ ᠪᠥᠭᠡᠳ ᠰᠥᠨᠢ ᠬᠣᠯᠠ ᠶ᠋ᠢᠨ ᠪᠣᠳᠣᠯ ᠬᠡᠯᠬᠢᠨ ᠴᠡᠴᠡᠭ ᠦᠨᠦᠷᠲᠦᠭᠰᠡᠨ ᠨᠤᠲᠤᠭ ᠢ᠋ᠶ᠋ᠠᠨ ᠵᠣᠷᠢᠯ᠎ᠠ᠃ ᠬᠠᠷ᠎ᠠ ᠠᠵᠢᠷᠭ᠎ᠠ ᠶ᠋ᠢᠨ ᠶᠡᠬᠡ ᠳᠡᠯ ᠡᠪᠡᠰᠦᠨ ᠲᠣᠯᠣᠭᠠᠢ ᠱᠦᠷᠭᠦᠭᠡᠨ᠂ ᠡᠷᠡᠮᠡᠭ ᠲᠣᠯᠣᠭᠠᠢ ᠨᠢ ᠲᠦᠬᠦᠯᠵᠡᠨ ᠭᠦᠶᠦᠨ ᠬᠠᠷ᠎ᠠ ᠠᠯᠬᠤᠭ᠎ᠠ ᠪᠠᠷ ᠳᠣᠪᠲᠣᠯᠬᠤ ᠳ᠋ᠤ᠌ ᠭᠠᠯᠳᠠᠨ ᠤ᠋ ᠬᠡᠢᠮᠣᠷᠢ ᠪᠠᠳᠠᠷᠠᠨ᠎ᠠ᠃
ᠭᠠᠯᠳᠠᠨ《ᠨᠠᠳᠠ ᠠᠰᠬᠠᠭᠰᠠᠨ ᠱᠠᠭ᠎ᠠ ᠰᠢᠭ᠋ ᠣᠢᠷᠠᠳ ᠦᠯᠡᠲᠡᠯ᠎ᠡ᠃ ᠪᠢ ᠠᠳᠬᠤᠭᠰᠠᠨ ᠱᠠᠭ᠎ᠠ ᠰᠢᠭ᠋ ᠪᠣᠯᠭᠠᠬᠤ ᠶᠣᠰᠣᠲᠠᠢ᠂ ᠮᠢᠨᠦ ᠪᠡᠶ᠎ᠡ ᠳ᠋ᠤ᠌ ᠰᠢᠷᠬ᠎ᠠ ᠬᠣᠴᠣᠷᠤᠯ᠎ᠠ᠃ ᠬᠡᠢ ᠪᠡᠶ᠎ᠡ ᠶ᠋ᠢᠨ ᠰᠢᠷᠬ᠎ᠠ ᠶ᠋ᠢ ᠡᠮ ᠢ᠋ᠶ᠋ᠡᠷ ᠠᠨᠠᠭᠠᠬᠤ ᠠᠷᠭ᠎ᠠ ᠦᠭᠡᠢ ᠲᠤᠯᠠ ᠠᠨᠠᠬᠤ ᠶ᠋ᠢ ᠨᠢ ᠬᠦᠯᠢᠶᠡᠬᠦ ᠪᠣᠯᠵᠠᠢ᠃ ᠬᠠᠭᠠᠨ ᠠᠬ᠎ᠠ ᠶ᠋ᠢᠨ ᠠᠮᠢ ᠠᠮᠢᠨ ᠤ᠋ ᠦᠨ᠎ᠡ ᠲᠡᠢ ᠪᠤᠰᠤ ᠤᠤ ? ᠠᠮᠢ ᠶ᠋ᠢ ᠠᠮᠢ ᠪᠠᠷ ᠨᠥᠬᠥᠳᠡᠭ ᠪᠤᠷᠬᠠᠨ ᠤ᠋ ᠰᠤᠷᠭᠠᠯ ᠪᠣᠢ᠃ ᠨᠠᠮᠠᠶ᠋ᠢ ᠠᠨᠤ ᠬᠠᠲᠤᠨ ᠬᠦᠯᠢᠶᠡᠵᠦ ᠪᠠᠢᠭ᠎ᠠ》 ᠭᠡᠵᠦ ᠪᠣᠳᠣᠨ ᠠᠯᠤᠰ ᠤ᠋ᠨ ᠴᠡᠩᠬᠡᠷ ᠠᠭᠤᠯᠠᠰ ᠤ᠋ᠨ ᠮᠠᠩᠨᠠᠢ ᠲᠡᠢᠰᠢ ᠬᠠᠷᠠᠭ᠎ᠠ ᠳᠡᠭᠡᠭᠦᠷ ᠶᠠᠪᠤᠯ᠎ᠠ᠃
ᠮᠢᠩᠭ᠎ᠠ ᠮᠢᠩᠭᠠᠨ ᠪᠣᠳᠢᠰᠠᠳ᠋ᠸ᠎ᠠ ᠭᠠᠯᠳᠠᠨ ᠢ᠋ ᠳᠠᠭᠠᠯᠳᠤᠨ ᠶᠠᠪᠤᠭ᠎ᠠ ᠪᠣᠳᠣᠭᠳᠠᠨ᠎ᠠ᠃ ᠪᠣᠳᠢᠰᠠᠳ᠋ᠸ᠎ᠠ ᠨᠠᠷ ᠦᠭᠡ ᠳᠠᠭᠤ ᠦᠭᠡᠢ ᠮᠥᠷᠲᠡᠭᠡᠨ ᠴᠠᠭᠠᠨ ᠭᠡᠷᠡᠯ ᠰᠠᠴᠤᠷᠠᠭᠠᠨ ᠬᠤᠪᠢᠯᠭᠠᠨ ᠢ᠋ ᠳᠠᠭᠠᠬᠤ ᠪᠥᠯᠥᠭᠡ᠃ ᠮᠥᠷᠭᠥᠯᠴᠢᠳ ᠡᠪᠡᠰᠦᠨ ᠤ᠋ ᠦᠨᠳᠦᠰᠦ ᠲᠣᠭᠠᠯᠠᠬᠤ ᠯᠤᠭ᠎ᠠ ᠵᠠᠮ ᠳᠠᠭᠠᠤ ᠰᠤᠨᠤᠵᠤ ᠮᠥᠷᠭᠥᠮᠦᠢ᠃ ᠭᠠᠵᠠᠷ ᠳᠡᠯᠡᠬᠡᠢ ᠶ᠋ᠢᠨ ᠵᠥᠭᠡᠯᠡᠨ ᠬᠡᠪᠡᠯᠢ ᠭᠠᠯᠳᠠᠨ ᠤ᠋ ᠮᠣᠯᠣᠷ ᠡᠷᠳᠡᠨᠢᠲᠦ ᠬᠦᠯᠦᠭ ᠦ᠋ᠨ ᠥᠯᠮᠡᠢ ᠳᠣᠣᠷ᠎ᠠ ᠬᠦᠪᠦᠷᠡᠵᠦ ᠥᠩᠭᠡᠷᠡᠬᠦ ᠪᠥᠯᠥᠭᠡ᠃
ᠬᠣᠷᠢᠨ ᠨᠢᠭᠡ
ᠠᠨᠤ ᠬᠠᠲᠤᠨ ᠭᠠᠯᠳᠠᠨ ᠤ᠋ ᠢᠷᠡᠬᠦ ᠵᠦᠭ ᠤᠷᠤᠭᠤ ᠬᠠᠷᠠᠭ᠎ᠠ ᠲᠠᠯᠪᠢᠨ《ᠭᠠᠯᠳᠠᠨ ᠪᠣᠯ ᠬᠤᠪᠢᠯᠭᠠᠨ ᠯᠠᠮᠠ᠃ ᠭᠠᠯᠳᠠᠨ ᠡᠷᠳᠡᠮ ᠨᠣᠮ ᠲᠡᠭᠦᠰ ᠲᠤᠯᠠ ᠲᠥᠪᠡᠳ ᠦ᠋ᠳ ᠲᠡᠭᠦᠨ ᠢ᠋ ᠲᠡᠢᠮᠦ ᠴᠦ᠍ ᠠᠮᠠᠷᠬᠠᠨ ᠴᠢᠯᠥᠭᠡᠯᠡᠵᠦ ᠶᠠᠪᠤᠭᠤᠯᠬᠤ ᠦᠭᠡᠢ ᠪᠢᠵᠡ᠃ ᠵᠡᠭᠥᠨᠭᠠᠷ ᠤ᠋ᠨ ᠬᠠᠭᠠᠨ ᠬᠣᠣᠷᠯᠠᠭᠳᠠᠪᠠ ᠭᠡᠳᠡᠭ ᠢ᠋ ᠳᠠᠯᠠᠢ ᠪᠠᠭᠰᠢ᠂ ᠪᠠᠨᠴᠢᠠᠡᠷᠳᠡᠨᠢ ᠬᠣᠶᠠᠷ ᠶᠠᠭᠠᠬᠢᠵᠤ ᠬᠦᠯᠢᠶᠡᠵᠦ ᠠᠪᠬᠤ ᠪᠣᠯ? ᠬᠠᠲᠤᠨ ᠡᠬᠡ ᠣᠴᠢᠭᠰᠠᠨ ᠪᠣᠯᠬᠣᠷ ᠭᠠᠯᠳᠠᠨ ᠢ᠋ ᠡᠷᠭᠦᠯ ᠪᠠᠷᠢᠴᠠ ᠠᠮᠠᠯᠠᠭᠠᠳ ᠠᠪᠴᠢᠷᠠᠬᠤ ᠨᠢ ᠮᠠᠭᠠᠳ》 ᠭᠡᠮᠡᠨ ᠰᠡᠭᠦᠷᠡᠰᠦ ᠠᠯᠳᠠᠨ᠎ᠠ᠃ ᠠᠨᠤ ᠬᠠᠲᠤᠨ ᠪᠠᠭ ᠴᠡᠷᠢᠭ ᠢᠯᠡᠭᠡᠵᠦ᠂
— ᠬᠣᠷᠵᠢᠯᠤ ᠪᠥᠬᠡ ᠶ᠋ᠢ ᠳᠠᠷᠤᠢ ᠣᠯᠵᠤ ᠢᠷ᠎ᠡ ᠭᠡᠮᠡᠨ ᠲᠤᠰᠢᠶᠠᠵᠠᠢ᠃ ᠬᠣᠷᠵᠢᠯᠤ ᠪᠥᠬᠡ ᠲᠡᠢᠨ ᠦ᠌ ᠣᠯᠵᠠ ᠡᠴᠡ ᠬᠦᠷᠲᠡᠵᠦ ᠬᠤᠯᠵᠢ ᠭᠣᠣᠯ ᠤ᠋ᠨ ᠬᠥᠪᠡᠭᠡᠨ᠎ᠡ ᠣᠷᠣᠨ ᠭᠡᠷ ᠲᠡᠢ ᠪᠣᠯᠵᠠᠢ᠃ ᠬᠤᠯᠵᠢ ᠡᠴᠡ ᠬᠣᠷᠵᠢᠯᠤ ᠪᠥᠬᠡ ᠶ᠋ᠢ ᠠᠪᠴᠢᠷᠠᠬᠤ ᠳ᠋ᠤ᠌ ᠠᠨᠤ ᠬᠠᠲᠤᠨ ᠲᠡᠭᠦᠨ ᠳ᠋ᠦ᠍᠂
— ᠵᠡᠭᠥᠨᠭᠠᠷ ᠤ᠋ᠨ ᠬᠠᠭᠠᠨ ᠬᠡᠨ ᠪᠣᠯᠤᠨᠠᠮ ᠭᠡᠵᠦ ᠰᠢᠭᠤᠳ ᠠᠰᠠᠭᠤᠵᠠᠢ᠃ ᠬᠣᠷᠵᠢᠯᠤ ᠵᠠᠮ ᠵᠠᠭᠤᠷ᠎ᠠ ᠳ᠋ᠠᠭᠠᠨ ᠣᠯᠠᠨ ᠢ᠋ ᠪᠣᠳᠣᠵᠤ ᠶᠠᠪᠤᠵᠠᠢ᠃ ᠠᠨᠤ ᠬᠠᠲᠤᠨ ᠨᠠᠳᠠ ᠪᠠᠷ ᠶᠠᠭᠤ ᠬᠢᠯᠭᠡᠬᠦ ᠪᠣᠯ? ᠬᠥᠮᠦᠨ ᠦ᠌ ᠵᠢᠷᠦᠬᠡ ᠪᠡᠷ ᠲᠤᠭ ᠲᠠᠬᠢᠬᠤ ᠪᠣᠯᠤᠨ᠎ᠠ᠃ ᠰᠠᠢᠨ ᠡᠷᠡᠰ ᠦ᠋ᠨ ᠴᠢᠨᠳᠠᠷ ᠢ᠋ ᠪᠤᠮᠪᠠ ᠳ᠋ᠤ᠌ ᠣᠷᠣᠰᠢᠭᠤᠯᠵᠤ ᠨᠤᠲᠤᠭ ᠬᠣᠰᠢᠭᠤ ᠪᠠᠷ ᠰᠠᠴᠤᠵᠤ ᠴᠢᠳᠠᠨ᠎ᠠ᠂ ᠬᠠᠲᠤᠨ ᠨᠠᠮᠠᠶ᠋ᠢ ᠶᠠᠮᠠᠷ ᠨᠢᠭᠡᠨ ᠪᠣᠬᠢᠷ ᠦᠢᠯᠡ ᠳ᠋ᠦ᠍ ᠵᠠᠷᠤᠬᠤ ᠪᠤᠰᠤ ᠤᠤ? ᠭᠡᠲᠡᠯ᠎ᠡ ᠠᠨᠤ ᠬᠠᠲᠤᠨ ᠬᠣᠷᠵᠢᠯᠤ ᠪᠥᠬᠡ ᠶ᠋ᠢᠨ ᠪᠣᠳᠣᠭ᠎ᠠ ᠦᠭᠡᠢ ᠶᠠᠭᠤᠮ᠎ᠠ ᠶ᠋ᠢ ᠠᠰᠠᠭᠤᠵᠠᠢ᠃ ᠰᠤᠷᠠᠭ ᠴᠢᠮᠡᠭᠡᠨ ᠦ᠌ ᠦᠵᠦᠭᠦᠷ ᠲᠦ᠍ ᠭᠠᠯᠳᠠᠨ ᠬᠤᠪᠢᠯᠭᠠᠨ ᠬᠠᠭᠠᠨ ᠪᠣᠯᠤᠨ᠎ᠠ ᠭᠡᠳᠡᠭ ᠢ᠋ ᠬᠣᠷᠵᠢᠯᠤ ᠰᠣᠨᠣᠰᠵᠠᠢ᠃ ᠬᠣᠷᠵᠢᠯᠤ ᠪᠣᠯ ᠨᠢᠭᠡᠨ ᠶᠠᠳᠠᠭᠤ ᠡᠮ᠎ᠡ ᠶ᠋ᠢᠨ ᠪᠠᠳᠢᠷᠴᠢ ᠬᠦᠦ ᠪᠥᠭᠡᠳ ᠲᠡᠢᠨ ᠦ᠌ ᠬᠥᠯ ᠡᠴᠡ ᠵᠢᠭᠤᠲᠠᠵᠤ ᠶᠠᠪᠤᠭᠰᠠᠨ ᠴᠡᠷᠢᠭ ᠭᠡᠨᠡᠳᠲᠡ ᠢᠷᠡᠭᠰᠡᠨ ᠰᠢᠭ ᠢ᠋ᠶ᠋ᠡᠨ ᠭᠡᠨᠡᠳᠲᠡ ᠠᠯᠠᠭ᠎ᠠ ᠪᠣᠯᠵᠠᠢ᠃ ᠶᠠᠳᠠᠭᠤ ᠡᠮ᠎ᠡ ᠭᠠᠭᠴᠠᠭᠠᠷ ᠦᠯᠡᠳᠡᠵᠦ ᠬᠦᠦ ᠲᠥᠷᠥᠭᠦᠯᠦᠭᠰᠡᠨ ᠨᠢ ᠬᠣᠷᠵᠢᠯᠤ ᠠᠭᠠᠳ ᠲᠡᠷᠡ ᠪᠡᠷ ᠬᠠᠷᠢᠶᠠᠯ᠂ ᠢᠷᠦᠭᠡᠯ ᠳᠠᠭᠠᠭᠤᠯᠵᠤ ᠶᠠᠪᠤᠳᠠᠭ ᠨᠢᠭᠡᠨ ᠪᠣᠯᠵᠠᠢ᠃ ᠬᠤᠯᠵᠢ ᠭᠣᠣᠯ ᠤ᠋ᠨ ᠡᠬᠢᠨ ᠡᠴᠡ ᠠᠳᠠᠭ ᠬᠦᠷᠲᠡᠯ᠎ᠡ ᠪᠠᠳᠢᠷᠴᠢᠯᠠᠨ ᠶᠠᠪᠤᠵᠤ ᠠᠵᠠ ᠲᠦᠰᠢᠵᠦ ᠬᠣᠨᠣᠭᠯᠠᠭᠰᠠᠨ ᠭᠠᠵᠠᠷ ᠡᠴᠡ ᠪᠠᠨ ᠪᠥᠬᠡ ᠶ᠋ᠢᠨ ᠡᠳ᠋ ᠬᠡᠷᠡᠭᠰᠡᠯ ᠣᠯᠵᠠᠢ᠃ ᠬᠣᠷᠵᠢᠯᠤ ᠬᠥᠮᠦᠨ ᠦ᠌ ᠶᠠᠰᠤ ᠪᠠᠷ ᠴᠢᠮᠡᠭᠯᠡᠭᠰᠡᠨ ᠬᠤᠪᠴᠠᠰᠤ ᠡᠮᠦᠰᠦᠭᠡᠳ ᠬᠤᠯᠵᠢ ᠭᠣᠣᠯ ᠤ᠋ᠨ ᠬᠥᠪᠡᠭᠡᠨ᠎ᠡ ᠠᠢᠯ ᠳ᠋ᠤ᠌ ᠢᠷᠡᠬᠦ ᠳ᠋ᠦ᠍ ᠠᠶᠤᠮᠰᠠᠭᠰᠠᠨ ᠬᠥᠮᠦᠰ ᠴᠤᠤ ᠲᠠᠷᠬᠠᠭᠠᠵᠠᠢ᠃
ᠲᠡᠭᠡᠲᠡᠯ᠎ᠡ ᠪᠥᠬᠡ ᠶ᠋ᠢᠨ ᠡᠳ᠋ ᠵᠦᠢᠯᠡᠰ ᠦ᠋ᠨ ᠡᠷᠢᠯᠴᠢᠨ ᠬᠣᠷᠵᠢᠯᠤ ᠶ᠋ᠢ ᠣᠯᠵᠠᠢ᠃ ᠲᠡᠷᠡ ᠪᠥᠬᠡ ᠬᠣᠷᠵᠢᠯᠤ ᠶ᠋ᠢ ᠵᠢᠪᠡᠭᠦᠷᠬᠡᠨ ᠬᠠᠷᠠᠵᠤ ᠪᠠᠢᠭᠰᠠᠨ ᠢ᠋ᠶ᠋ᠠᠨ ᠠᠭᠳᠠᠭᠠᠨᠠᠨ ᠢᠨᠢᠶᠡᠵᠦ᠂
— ᠴᠢᠮᠠᠶ᠋ᠢ ᠪᠥᠬᠡ ᠪᠣᠯᠭᠠᠨ᠎ᠠ᠃ ᠴᠢ ᠨᠠᠮᠠᠶ᠋ᠢ ᠲᠡᠵᠢᠭᠡᠨ᠎ᠡ ᠭᠡᠵᠦ ᠬᠡᠯᠡᠵᠡᠢ᠃ ᠬᠣᠷᠵᠢᠯᠤ ᠳ᠋ᠤ᠌ ᠪᠥᠬᠡ ᠶ᠋ᠢᠨ ᠲᠠᠬᠢᠯ ᠰᠢᠲᠦᠭᠡᠨ ᠡᠴᠡ ᠭᠠᠳᠠᠨ᠎ᠠ ᠡᠯᠳᠡᠪ ᠦ᠋ᠨ ᠬᠠᠷ᠎ᠠ ᠴᠠᠭᠠᠨ ᠲᠣᠮ ᠵᠢᠭᠠᠵᠤ᠂ ᠪᠠᠢᠯᠳᠤᠭᠠᠨ ᠤ᠋ ᠣᠯᠵᠠ ᠣᠮᠣᠭ ᠡᠴᠡ ᠴᠣᠭ ᠲᠠᠭᠠᠨ ᠬᠦᠷᠲᠡᠯᠴᠡᠬᠦ ᠪᠣᠯᠵᠠᠢ᠃ ᠨᠥᠭᠦᠭᠡ ᠪᠥᠬᠡ ᠬᠣᠷᠵᠢᠯᠤ ᠶ᠋ᠢᠨ ᠰᠠᠪᠠ ᠶ᠋ᠢᠨ ᠬᠡᠮᠵᠢᠶ᠎ᠡ ᠪᠡᠷ ᠲᠣᠮ ᠵᠢᠭᠠᠵᠤ ᠥᠭᠭᠦᠭᠡᠳ ᠠᠢᠯ ᠤ᠋ᠨ ᠨᠣᠬᠠᠢ ᠳ᠋ᠤ᠌ ᠭᠡᠳᠡᠰᠦ ᠪᠡᠨ ᠬᠠᠤᠯᠠᠭᠤᠯᠵᠤ ᠦᠬᠦᠭᠰᠡᠨ ᠭᠡᠳᠡᠭ᠃ ᠲᠡᠷᠡ ᠴᠠᠭ ᠡᠴᠡ ᠬᠣᠷᠵᠢᠯᠤ ᠠᠳᠠ ᠵᠡᠳᠬᠡᠷ᠂ ᠠᠯᠪᠢᠨ ᠴᠢᠳᠬᠥᠷ ᠲᠡᠢ ᠨᠥᠬᠥᠴᠡᠵᠦ᠂ ᠭᠣᠶᠣᠯᠭ᠎ᠠ ᠭᠤᠶᠤᠬᠤ ᠪᠠᠨ ᠪᠣᠯᠢᠵᠤ᠂ ᠡᠷᠭᠦᠯ ᠦ᠋ᠨ ᠢᠳᠡᠭᠡ ᠪᠤᠳᠠᠭ᠎ᠠ ᠪᠠᠷ ᠠᠮᠢᠳᠤᠷᠠᠳᠠᠭ ᠪᠣᠯᠪᠠ᠃
ᠬᠣᠷᠵᠢᠯᠤ ᠪᠣᠳᠣᠵᠤ ᠪᠣᠳᠣᠵᠤ ᠪᠤᠲᠠ ᠶ᠋ᠢᠨ ᠰᠢᠭᠢᠷ᠎ᠡ ᠳᠥᠷᠪᠡ ᠪᠣᠯᠬᠤ ᠶ᠋ᠢᠨ ᠦᠶᠡᠰ ᠠᠨᠤ ᠬᠠᠲᠤᠨ ᠳ᠋ᠤ᠌ ᠪᠥᠬᠥᠯᠵᠡᠨ ᠬᠠᠨᠳᠤᠵᠤ᠂
— ᠭᠠᠯᠳᠠᠨ ᠬᠠᠭᠠᠨ ᠪᠣᠯᠤᠨ᠎ᠠ᠃ ᠲᠩᠷᠢ ᠲᠠᠭᠠᠯᠠᠵᠤ ᠪᠠᠢᠨ᠎ᠠ ᠭᠡᠵᠡᠢ᠃ ᠶᠠᠭ ᠡᠨᠡ ᠦᠶ᠎ᠡ ᠳ᠋ᠦ᠍ ᠤᠷᠲᠤ ᠵᠠᠮ ᠤ᠋ᠨ ᠲᠣᠭᠣᠰᠣ ᠪᠠᠨ ᠭᠦᠪᠢᠵᠦ᠂ ᠠᠯᠵᠢᠶᠠᠯ ᠲᠠᠢᠯᠤᠭᠰᠠᠨ ᠣᠢᠷᠠᠳ ᠴᠡᠷᠢᠭ ᠦ᠋ᠳ ᠳᠥᠷᠥᠭᠡᠯᠡᠬᠦ ᠪᠡᠷ ᠵᠡᠬᠡᠵᠦ ᠪᠠᠢᠪᠠ᠃ ᠶᠦᠮ ᠠᠭ᠎ᠠ ᠡᠬᠡ ᠶ᠋ᠢᠨ ᠮᠠᠩᠨᠠᠢ ᠲᠡᠨᠢᠢᠵᠦ ᠭᠠᠯᠳᠠᠨ ᠬᠥᠪᠡᠭᠦᠨ ᠦ᠌ ᠪᠡᠨ ᠦᠵᠡᠰᠬᠦᠯᠡᠩ ᠴᠢᠩᠭ᠎ᠠ ᠪᠡᠶ᠎ᠡ ᠶ᠋ᠢ ᠪᠠᠬᠠᠷᠤᠯᠲᠠᠢ ᠬᠠᠷᠠᠵᠤ᠂
— ᠵᠢᠤᠵᠠ ᠲᠡᠷᠭᠡᠨ ᠳ᠋ᠦ᠍ ᠮᠣᠷᠢᠯᠠᠭᠠᠴᠢ᠂ ᠡᠵᠢ ᠨᠢ ᠬᠥᠭᠡᠷᠬᠦ ᠶᠠᠭᠤᠮ᠎ᠠ ᠪᠠᠢᠨ᠎ᠠ ᠭᠡᠵᠡᠢ᠃
ᠭᠠᠯᠳᠠᠨ ᠲᠠᠰᠢᠭᠤ ᠡᠩᠭᠡᠷ ᠲᠡᠢ᠂ ᠥᠷᠭᠡᠨ ᠡᠮᠵᠢᠶᠡᠷᠢ ᠲᠡᠢ ᠲᠡᠷᠯᠢᠭ ᠡᠮᠦᠰᠴᠦ᠂ ᠶᠡᠷᠦᠳᠡ ᠶ᠋ᠢᠨ ᠰᠤᠷ ᠤ᠋ᠨ ᠪᠦᠰᠡ ᠴᠢᠩᠭ᠎ᠠ ᠪᠦᠰᠡᠯᠡᠭᠰᠡᠨ ᠨᠢ ᠲᠡᠭᠦᠨ ᠦ᠌ ᠲᠡᠭᠰᠢ ᠨᠢᠷᠤᠭᠤ᠂ ᠥᠷᠭᠡᠨ ᠮᠥᠷᠥ ᠶ᠋ᠢ ᠲᠣᠳᠣᠷᠠᠭᠤᠯᠵᠤ᠂ ᠪᠢᠷᠠᠷᠬᠠᠭ ᠪᠡᠶ᠎ᠡ ᠲᠡᠢ᠂ ᠬᠠᠲᠠᠭᠤ ᠠᠷᠠᠨᠰᠢᠨ ᠲᠠᠢ ᠣᠢᠷᠠᠳ ᠡᠷ᠎ᠡ ᠶ᠋ᠢᠨ ᠲᠥᠷᠬᠦ ᠳ᠋ᠦ᠍ ᠣᠷᠣᠭᠤᠯᠵᠠᠢ᠃ ᠵᠢᠤᠵᠠ ᠲᠡᠷᠭᠡᠨ ᠳ᠋ᠦ᠍ ᠭᠠᠯᠳᠠᠨ ᠡᠵᠢ ᠲᠡᠢ ᠪᠡᠨ ᠵᠡᠷᠭᠡᠴᠡᠨ ᠠᠭᠢ ᠭᠠᠩᠭ᠎ᠠ ᠶ᠋ᠢᠨ ᠦᠨᠦᠷᠲᠦ ᠰᠠᠯᠬᠢ ᠪᠠᠷ ᠢᠯᠪᠢᠭᠦᠯᠦᠨ ᠬᠣᠣᠰ ᠮᠣᠷᠢᠨ ᠤ᠋ ᠶᠠᠪᠤᠳᠠᠯ ᠳ᠋ᠤ᠌ ᠪᠦᠪᠡᠢᠯᠡᠭᠳᠡᠨ ᠪᠠᠢᠪᠠ᠃ ᠶᠦᠮ ᠠᠭ᠎ᠠ ᠬᠠᠲᠤᠨ᠂
— ᠸᠴᠢᠷᠲᠤ ᠰᠡᠴᠡᠨ ᠬᠠᠭᠠᠨ ᠪᠤᠢᠷ ᠵᠢᠭᠠᠭᠠᠳ ᠲᠣᠰᠴᠤ ᠠᠭᠤᠯᠵᠠᠭᠰᠠᠨ ᠦᠭᠡᠢ᠂ ᠭᠡᠬᠦ ᠳ᠋ᠡᠭᠡᠨ ᠬᠥᠯ ᠦᠭᠡᠢ ᠬᠦᠨᠳᠦᠳᠬᠡᠯ ᠦᠵᠡᠭᠦᠯᠪᠡ᠃ ᠬᠥᠬᠡᠨᠠᠭᠤᠷ ᠤ᠋ᠨ ᠬᠢᠨ ᠴᠠᠭᠠᠨ᠎ᠠ ᠪᠠᠨ ᠥᠭᠡᠷ᠎ᠡ ᠰᠠᠨᠠᠭ᠎ᠠ ᠲᠠᠢ ᠭᠡᠵᠦ ᠬᠥᠪᠡᠭᠦᠨ ᠳ᠋ᠡᠭᠡᠨ ᠬᠡᠯᠡᠪᠡ᠃ ᠭᠠᠯᠳᠠᠨ ᠥᠨᠳᠡᠭᠡᠲᠦ ᠴᠥᠭᠥᠷᠥᠮ ᠦ᠋ᠨ ᠲᠤᠬᠠᠢ ᠪᠣᠳᠣᠵᠤ ᠪᠠᠢᠭᠰᠠᠨ ᠲᠤᠯᠠ᠂
— ᠸᠴᠢᠷᠲᠤ ᠰᠡᠴᠡᠨ ᠬᠠᠭᠠᠨ ᠤᠷᠢᠳᠤ ᠶ᠋ᠢᠨ ᠬᠢ ᠡᠴᠡ ᠪᠡᠨ ᠣᠨᠳᠣᠣ ᠪᠣᠯᠵᠠᠢ᠃ ᠭᠡᠬᠦ ᠳ᠋ᠡᠭᠡᠨ ᠵᠡᠭᠦᠨᠭᠠᠷ ᠤ᠋ᠨ ᠬᠠᠷᠢᠶᠠᠨ ᠡᠴᠡ ᠭᠠᠷᠤᠨ᠎ᠠ ᠭᠡᠵᠦ ᠦᠭᠡᠢ᠃ ᠡᠪᠦᠭᠡᠨ ᠬᠠᠭᠠᠨ ᠭᠦᠵᠡᠭᠡᠨ ᠳ᠋ᠦ᠍ ᠨᠠᠭᠠᠯᠳᠤᠭᠰᠠᠨ ᠳ᠋ᠧᠩᠯᠦ ᠰᠢᠭ ᠪᠠᠢᠬᠤ ᠡᠴᠡ ᠵᠠᠯᠬᠠᠵᠤ ᠭᠦᠢᠴᠡᠵᠡᠢ᠃ ᠴᠢᠭᠤᠯᠭᠠᠨ ᠳᠠᠷᠤᠭ᠎ᠠ ᠶ᠋ᠢᠨ ᠠᠯᠪᠠ ᠨᠢ ᠸᠴᠢᠷᠲᠤ ᠰᠡᠴᠡᠨ ᠬᠠᠭᠠᠨ ᠢ᠋ ᠵᠡᠭᠦᠨᠭᠠᠷ ᠲᠠᠢ ᠤᠶᠠᠵᠤ ᠪᠠᠢᠭ᠎ᠠ ᠶᠤᠮ ᠭᠡᠮᠡᠨ ᠬᠠᠷᠢᠭᠤᠯᠪᠠ᠃ ᠬᠠᠲᠤᠨ ᠡᠬᠡ ᠨᠢ᠂
— ᠸᠴᠢᠷᠲᠤ ᠰᠡᠴᠡᠨ ᠦ᠌ ᠡᠴᠢᠭᠡ ᠪᠠᠢᠪᠠᠭᠠᠰ ᠬᠠᠭᠠᠨ ᠴᠢᠨᠦ ᠡᠪᠦᠭᠡ ᠡᠴᠢᠭᠡ ᠬᠠᠷᠠᠬᠤᠯᠨ ᠨᠣᠶᠠᠨ ᠲᠠᠢ ᠥᠷᠢᠰᠦᠯᠳᠦᠭᠴᠢ ᠪᠠᠢᠭᠰᠠᠨ ᠭᠡᠳᠡᠭ᠃ ᠪᠠᠢᠪᠠᠭᠠᠰ ᠬᠠᠭᠠᠨ ᠴᠢᠭᠤᠯᠭᠠᠨ ᠳᠠᠷᠤᠭ᠎ᠠ ᠪᠠᠨ ᠬᠥᠪᠡᠭᠦᠨ ᠸᠴᠢᠷᠲᠤ ᠰᠡᠴᠡᠨ ᠳ᠋ᠦ᠍ ᠰᠢᠯᠵᠢᠭᠦᠯᠵᠦ ᠬᠠᠤᠯᠢ ᠲᠣᠭᠲᠠᠭᠠᠬᠤ ᠡᠷᠬᠡ ᠪᠡᠨ ᠬᠠᠳᠠᠭᠠᠯᠠᠵᠤ ᠦᠯᠡᠳᠡᠭᠡᠰᠡ ᠪᠢᠯᠡ᠃ ᠬᠥᠪᠡᠭᠦᠨ ᠲᠠᠨ ᠤ᠋ ᠡᠪᠦᠭᠡ ᠡᠴᠢᠭᠡ ᠬᠠᠷᠠᠬᠤᠯ᠎ᠠ ᠨᠣᠶᠠᠨ ᠨᠢᠭᠡ ᠬᠡᠰᠡᠭ ᠲᠡᠭᠡᠨ ᠴᠢᠭᠤᠯᠭᠠᠨ ᠳᠠᠷᠤᠭ᠎ᠠ ᠪᠠᠢᠭᠰᠠᠨ ᠶᠤᠮ ᠪᠢᠯᠡ ᠭᠡᠵᠦ ᠴᠢᠭᠤᠯᠭᠠᠨ ᠳᠠᠷᠤᠭ᠎ᠠ ᠬᠡᠮᠡᠬᠦ ᠦᠭᠡ ᠶ᠋ᠢ ᠲᠣᠳᠣ ᠭᠡᠭᠴᠢ ᠬᠡᠯᠡᠬᠦ ᠶ᠋ᠢ ᠭᠠᠯᠳᠠᠨ ᠠᠩᠬᠠᠷᠤᠨ ᠪᠣᠯᠭᠣᠭᠠᠵᠠᠢ᠃
ᠥᠨᠳᠡᠭᠡᠲᠦ ᠴᠥᠭᠥᠷᠥᠮ ᠳᠤᠮᠳᠠᠭᠤᠷ ᠠᠳᠤᠭᠤ ᠲᠠᠭᠤᠴᠢᠵᠤ ᠥᠩᠭᠡᠷᠡᠳᠡᠭ ᠦᠭᠡᠢ᠂ ᠮᠠᠯ ᠪᠡᠯᠴᠢᠳᠡᠭ ᠦᠭᠡᠢ ᠪᠣᠯᠬᠤ ᠶ᠋ᠢ ᠭᠠᠯᠳᠠᠨ ᠠᠩᠵᠠᠭᠠᠷᠠᠭᠰᠠᠨ ᠪᠠᠢᠵᠠᠢ᠃ ᠬᠠᠭᠠᠨ ᠰᠢᠷᠡᠭᠡ ᠵᠠᠯᠭᠠᠮᠵᠢᠯᠠᠨ ᠰᠠᠭᠤᠩᠭᠤᠲᠠ ᠳᠥᠷᠪᠡᠨ ᠣᠢᠷᠠᠳ ᠤ᠋ᠨ ᠴᠢᠭᠤᠯᠭᠠᠨ ᠢ᠋ ᠬᠤᠷᠠᠯᠳᠤᠭᠤᠯᠬᠤ ᠶᠤᠮ ᠪᠠᠢᠨ᠎ᠠ ᠭᠡᠳᠡᠭ ᠢ᠋ ᠬᠠᠲᠤᠨ ᠡᠬᠡ ᠶ᠋ᠢᠨ ᠢ᠋ᠶ᠋ᠡᠨ ᠦᠭᠡᠨ ᠡᠴᠡ ᠭᠠᠯᠳᠠᠨ ᠰᠠᠢᠲᠤᠷ ᠣᠢᠯᠠᠭᠠᠵᠤ ᠪᠢᠯᠡ᠃ ᠵᠢᠤᠵᠠ ᠲᠡᠷᠭᠡᠨ᠎ᠡ ᠡᠬᠡ ᠶ᠋ᠢᠨ ᠬᠠᠮᠲᠤ ᠣᠳᠬᠤ ᠳ᠋ᠤ᠌ ᠥᠨᠳᠡᠭᠡᠲᠦ ᠴᠥᠭᠥᠷᠥᠮ ᠦ᠋ᠨ ᠲᠦᠮᠡ᠂ ᠪᠤᠮ ᠤ᠋ᠨ ᠠᠩᠭᠠᠬᠠᠢ ᠴᠢᠬᠢᠨ᠎ᠡ ᠱᠣᠯᠣᠭᠣᠨᠠᠨ ᠠᠨᠤ ᠬᠠᠲᠤᠨ ᠢ᠋ ᠦᠭᠡᠢᠯᠡᠬᠦ ᠮᠡᠲᠦ᠃ ᠭᠠᠯᠳᠠᠨ ᠠᠨᠤ ᠬᠠᠲᠤᠨ ᠢ᠋ᠶ᠋ᠠᠨ ᠵᠣᠷᠢᠵᠤ ᠶᠠᠪᠤᠭ᠎ᠠ ᠭᠡᠳᠡᠭ ᠲᠦ᠍ ᠢᠲᠡᠭᠡᠮ᠎ᠡ ᠦᠭᠡᠢ ᠪᠠᠢᠪᠠᠴᠤ ᠠᠨᠤ ᠬᠠᠲᠤᠨ ᠪᠡᠶ᠎ᠡ ᠪᠡᠨ ᠬᠠᠭᠰᠠᠭᠠᠨ ᠭᠠᠯᠳᠠᠨ ᠢ᠋ ᠬᠦᠯᠢᠶᠡᠵᠦ ᠪᠠᠢᠯ᠎ᠠ᠃
ᠠᠨᠤ ᠬᠠᠲᠤᠨ ᠭᠠᠯᠳᠠᠨ ᠬᠤᠪᠢᠯᠭᠠᠨ ᠤ᠋ ᠠᠢᠰᠤᠢ ᠵᠦᠭ ᠤᠷᠤᠭᠤ ᠡᠯᠴᠢ ᠢᠯᠡᠭᠡᠪᠡ᠃ ᠡᠯᠴᠢ ᠥᠷᠲᠡᠭᠡᠯᠡᠨ ᠣᠳᠴᠤ ᠭᠠᠯᠳᠠᠨ ᠬᠤᠪᠢᠯᠭᠠᠨ ᠢ᠋ ᠲᠣᠰᠴᠤ ᠬᠠᠷ᠎ᠠ ᠡᠷᠴᠢᠰ ᠮᠥᠷᠡᠨ ᠦ᠌ ᠪᠠᠭᠢᠯ ᠨᠣᠭᠣᠭᠠᠨ ᠰᠢᠭᠤᠢ ᠶ᠋ᠢ ᠡᠮᠵᠢᠨ ᠪᠦᠷᠬᠦᠬᠦ ᠴᠣᠷᠣᠰ ᠠᠢᠮᠠᠭ ᠤ᠋ᠨ ᠶᠡᠬᠡ ᠬᠦᠷᠢᠶᠡᠨ ᠳ᠋ᠦ᠍ ᠤᠯᠠᠭᠠᠯᠠᠨ ᠬᠥᠲᠥᠯᠵᠦ ᠢᠷᠡᠬᠦ ᠳᠠᠭᠠᠭᠠᠯᠭᠠᠪᠤᠷᠢ ᠲᠠᠢ ᠶᠤᠮ᠃
ᠦᠰᠦᠭ ᠠᠮᠢᠯᠠᠭᠤᠯᠤᠭᠴᠢ᠄ ᠨᠠᠷᠠᠨᠲᠣᠭᠣᠰ᠂ ᠤᠤᠭᠠᠨᠵᠢᠳ᠂ ᠠ᠊• ᠮᠢᠬᠤᠸᠠᠷ᠂ ᠣᠶᠤᠨᠴᠢᠮᠡᠭ᠂ ᠤᠳᠤᠡᠭᠡᠷᠡᠯ᠂ ᠡᠷᠳᠡᠨᠢᠪᠢᠯᠢᠭ᠂ ᠣᠳᠬᠠᠨᠴᠡᠴᠡᠭ᠂ ᠬᠣᠨᠢᠴᠢᠨ ᠴᠠᠰᠤᠨ᠎ᠠ᠂ ᠨᠠ᠊᠂ ᠴᠠᠭᠠᠨ᠂ ᠪᠥᠷᠢᠨᠴᠡᠴᠡᠭ
ᠬᠢᠨᠠᠭᠴᠢ ᠪᠠᠭᠰᠢ᠄ ᠲᠣᠳᠣᠭᠡᠷᠡᠯ᠂ ᠠᠨᠢᠷ᠂ ᠤᠤᠭᠠᠨᠵᠢᠳ