ᠦᠭᠡ ᠶ᠋ᠢᠨ ᠵᠦᠢ03ᠮᠣᠩᠭᠣᠯ ᠬᠡᠯᠡᠨ ᠦ᠌ ᠨᠡᠷ᠎ᠡ ᠦᠭᠡ ᠬᠤᠪᠢᠯᠭᠠᠬᠤ ᠶᠣᠰᠣ-03(ᠭᠤᠷᠪᠠ) ᠬᠠᠮᠢᠶᠠᠳᠠᠭᠤᠯᠬᠤ ᠶᠣᠰᠣ ᠪᠠᠷ ᠬᠤᠪᠢᠯᠭᠠᠬᠤ
(ᠭᠤᠷᠪᠠ) ᠬᠠᠮᠢᠶᠠᠳᠠᠭᠤᠯᠬᠤ ᠶᠣᠰᠣ ᠪᠠᠷ ᠬᠤᠪᠢᠯᠭᠠᠬᠤ
ᠬᠥᠮᠦᠨ ᠶᠠᠭᠤᠮ᠎ᠠ ᠶ᠋ᠢᠨ ᠬᠠᠮᠢᠶᠠᠳᠠᠬᠤ ᠡᠵᠡᠨ ᠪᠡᠶ᠎ᠡ ᠶ᠋ᠢ ᠵᠢᠭᠠᠬᠤ ᠶ᠋ᠢᠨ ᠵᠡᠷᠭᠡᠴᠡᠭᠡ ᠪᠡᠷ ᠲᠡᠳᠡᠭᠡᠷ ᠢ᠋ ᠨᠡᠢᠲᠡ ᠣᠯᠠᠨ ᠠ᠋ᠴᠠ ᠨᠢ ᠢᠯᠭᠠᠨ ᠦᠵᠡᠭᠦᠯᠬᠦ ᠭᠡᠰᠡᠨ ᠬᠡᠯᠡᠨ ᠵᠦᠢ ᠶ᠋ᠢᠨ ᠶᠣᠰᠣ ᠶ᠋ᠢ ᠬᠠᠮᠢᠶᠠᠳᠠᠭᠤᠯᠬᠤ ᠶᠣᠰᠣ ᠭᠡᠨ᠎ᠡ᠃ ᠬᠠᠮᠢᠶᠠᠳᠠᠭᠤᠯᠬᠤ ᠶᠣᠰᠣ ᠨᠢ ᠨᠡᠷ᠎ᠡ ᠦᠭᠡ ᠶ᠋ᠢᠨ ᠵᠦᠢᠯ ᠳ᠋ᠦ᠍ ᠬᠣᠯᠪᠣᠭᠳᠠᠬᠤ ᠪᠥᠭᠡᠳ ᠮᠥᠨ ᠨᠡᠷ᠎ᠡ ᠦᠭᠡ ᠶ᠋ᠢᠨ ᠤᠳᠬ᠎ᠠ ᠪᠠᠷ ᠬᠡᠷᠡᠭᠯᠡᠭᠳᠡᠭᠰᠡᠨ ᠲᠡᠮᠳᠡᠭ ᠦᠭᠡ᠂ ᠲᠣᠭᠠᠨ ᠤ᠋ ᠦᠭᠡ᠂ ᠲᠥᠯᠥᠭᠡᠨ ᠦ᠌ ᠦᠭᠡ᠂ ᠲᠡᠮᠳᠡᠭ ᠦᠢᠯᠡ ᠦᠭᠡ᠂ ᠵᠢᠴᠢ ᠨᠥᠬᠥᠴᠡᠯ ᠦᠢᠯᠡ ᠦᠭᠡ᠂ ᠶ᠋ᠢᠨ ᠵᠠᠷᠢᠮ ᠬᠡᠯᠪᠡᠷᠢ ᠳ᠋ᠦ᠍ ᠪᠠᠰᠠ ᠬᠣᠯᠪᠣᠭᠳᠠᠬᠤ ᠶᠤᠮ᠃ ᠬᠠᠮᠢᠶᠠᠳᠠᠭᠤᠯᠬᠤ ᠶᠣᠰᠣ ᠶ᠋ᠢ ᠵᠣᠬᠢᠬᠤ ᠨᠡᠷ᠎ᠡ ᠶ᠋ᠢᠨ ᠵᠦᠢᠯ ᠳ᠋ᠦ᠍《ᠪᠡᠨ᠂ ᠢ᠋ᠶ᠋ᠡᠨ》 ᠮᠡᠲᠦ ᠲᠤᠰᠬᠠᠢ ᠳᠠᠭᠠᠪᠤᠷᠢ ᠵᠠᠯᠭᠠᠵᠤ ᠦᠭᠡ ᠶ᠋ᠢᠨ ᠵᠦᠢ ᠶ᠋ᠢᠨ ᠠᠷᠭ᠎ᠠ ᠪᠠᠷ ᠢᠯᠡᠷᠡᠭᠦᠯᠬᠦ ᠪᠠ ᠮᠥᠨ ᠵᠣᠬᠢᠬᠤ ᠦᠭᠡ ᠶ᠋ᠢᠨ ᠳᠠᠷᠠᠭ᠎ᠠ《ᠮᠢᠨᠢ᠂ ᠴᠢᠨᠢ᠂ ᠨᠢ》 ᠮᠡᠲᠦ ᠶ᠋ᠢᠨ ᠲᠤᠰᠠᠯᠠᠬᠤ ᠦᠭᠡ ᠳᠠᠭᠠᠭᠤᠯᠵᠤ ᠥᠭᠦᠯᠡᠪᠦᠷᠢ ᠶ᠋ᠢᠨ ᠵᠦᠢ ᠶ᠋ᠢᠨ ᠠᠷᠭ᠎ᠠ ᠪᠠᠷ ᠢᠯᠡᠷᠡᠭᠦᠯᠦᠨ᠎ᠡ᠃ ᠭᠡᠬᠦ ᠳ᠋ᠡᠭᠡᠨ ᠶᠡᠷᠦᠩᠬᠡᠢᠯᠡᠨ ᠬᠠᠮᠢᠶᠠᠳᠠᠭᠤᠯᠬᠤ᠂ ᠭᠤᠷᠪᠠᠨ ᠪᠡᠶ᠎ᠡ ᠳ᠋ᠦ᠍ ᠬᠠᠮᠢᠶᠠᠳᠠᠭᠤᠯᠬᠤ ᠭᠡᠵᠦ ᠠᠩᠭᠢᠯᠠᠵᠤ ᠪᠣᠢ᠃
1 ᠶᠡᠷᠦᠩᠬᠡᠢᠯᠡᠨ ᠬᠠᠮᠢᠶᠠᠳᠠᠭᠤᠯᠬᠤ ᠶᠣᠰᠣ
ᠶᠠᠮᠠᠷ ᠨᠢᠭᠡᠨ ᠬᠥᠮᠦᠨ ᠶᠠᠭᠤᠮ᠎ᠠ ᠳ᠋ᠤ᠌ ᠲᠤᠰᠬᠠᠢᠯᠠᠨ ᠬᠠᠮᠢᠶᠠᠳᠠᠭᠤᠯᠬᠤ ᠦᠭᠡᠢ᠂ ᠨᠡᠢᠲᠡ ᠳ᠋ᠦ᠍ᠨᠢ ᠬᠠᠮᠢᠶᠠᠲᠠᠢ ᠪᠣᠯᠭᠠᠬᠤ ᠶᠣᠰᠣ ᠶ᠋ᠢ ᠶᠡᠷᠦᠩᠬᠡᠢᠯᠡᠨ ᠬᠠᠮᠢᠶᠠᠳᠠᠭᠤᠯᠬᠤ ᠭᠡᠨ᠎ᠡ᠃ ᠶᠡᠷᠦᠩᠬᠡᠢᠯᠡᠨ ᠬᠠᠮᠢᠶᠠᠳᠠᠭᠤᠯᠬᠤ ᠳ᠋ᠤ᠌《ᠪᠠᠨ᠂ ᠢ᠋ᠶ᠋ᠠᠨ》 ᠭᠡᠰᠡᠨ ᠳᠠᠭᠠᠪᠤᠷᠢ ᠪᠠᠷ ᠢᠯᠡᠷᠡᠭᠦᠯᠦᠨ᠎ᠡ᠃
ᠪᠡᠨ— ᠡᠬᠡᠰᠢᠭ ᠢ᠋ᠶ᠋ᠡᠷ ᠲᠡᠭᠦᠰᠦᠭᠰᠡᠨ ᠦᠭᠡᠨ ᠦ᠌ ᠳᠠᠷᠠᠭ᠎ᠠ ᠬᠡᠷᠡᠭᠯᠡᠨ᠎ᠡ᠃
ᠢ᠋ᠶ᠋ᠠᠨ— ᠭᠡᠢᠭᠦᠯᠦᠭᠴᠢ ᠪᠡᠷ ᠲᠡᠭᠦᠰᠦᠭᠰᠡᠨ ᠦᠭᠡᠨ ᠦ ᠳᠠᠷᠠᠭ᠎ᠠ ᠬᠡᠷᠡᠭᠯᠡᠨ᠎ᠡ᠃
ᠡᠭᠦᠨ ᠳ᠋ᠦ᠍᠂ ᠶᠠᠮᠠᠷ ᠴᠤ᠌ ᠲᠡᠢᠨ ᠢᠯᠭᠠᠯ ᠤ᠋ᠨ ᠬᠡᠯᠪᠡᠷᠢᠲᠦ ᠦᠭᠡ ᠶ᠋ᠢᠨ ᠳᠠᠷᠠᠭ᠎ᠠ ᠪᠦᠷ ᠬᠡᠷᠡᠭᠯᠡᠵᠦ ᠪᠣᠯᠬᠤ ᠪᠥᠭᠡᠳ ᠵᠢᠭᠠᠬᠤ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠶ᠋ᠢᠨ ᠳᠠᠷᠠᠭ᠎ᠠ ᠬᠡᠷᠡᠭᠯᠡᠬᠦ ᠳ᠋ᠡᠭᠡᠨ ᠤᠤᠯ ᠦᠭᠡ ᠨᠢ ᠬᠥᠮᠦᠨ ᠡᠴᠡ ᠪᠤᠰᠤᠳ ᠵᠦᠢᠯ ᠢ᠋ ᠵᠢᠭᠠᠭᠰᠠᠨ ᠪᠠᠢᠪᠠᠯ ᠵᠢᠭᠠᠬᠤ ᠶ᠋ᠢᠨ ᠲᠡᠢᠨ ᠢᠯᠭᠠᠯ ᠤ᠋ᠨ ᠳᠠᠭᠠᠪᠤᠷᠢ ᠨᠢ ᠬᠠᠰᠤᠭᠳᠠᠬᠤ ᠪᠠ ᠬᠥᠮᠦᠨ ᠦ᠌ ᠵᠦᠢᠯ ᠢ᠋ ᠵᠢᠭᠠᠭᠰᠠᠨ ᠪᠣᠯ ᠵᠢᠭᠠᠬᠤ ᠶ᠋ᠢᠨ ᠲᠡᠢᠨ ᠢᠯᠭᠠᠯ ᠤ᠋ᠨ ᠳᠠᠭᠠᠪᠤᠷᠢ ᠨᠢ ᠭᠡᠭᠡᠭᠳᠡᠬᠦ᠂ ᠭᠡᠭᠡᠭᠳᠡᠬᠦ ᠦᠭᠡᠢ ᠬᠣᠶᠠᠷ ᠵᠦᠢᠯ ᠪᠣᠢ᠃
ᠵᠢᠱ᠌ᠢᠶᠡᠯᠡᠪᠡᠯ᠄
<1> ᠳᠡᠪᠲᠡᠷ ᠢ᠋ᠶ᠋ᠡᠨ᠂ ᠰᠢᠷᠭᠤᠤᠯ ᠢ᠋ᠶ᠋ᠠᠨ᠂ ᠬᠤᠳᠳᠤᠭ ᠢ᠋ᠶ᠋ᠠᠨ᠂ ᠨᠣᠮ ᠢ᠋ᠶ᠋ᠠᠷ ᠢ᠋ᠶ᠋ᠠᠨ᠂ ᠪᠢᠷ ᠦ᠋ᠨ ᠢ᠋ᠶ᠋ᠡᠨ᠂ ᠪᠠᠭᠰᠢ ᠲᠠᠢ ᠪᠠᠨ᠂ ᠠᠬ᠎ᠠ ᠪᠠᠨ᠂ ᠠᠬ᠎ᠠ ᠶ᠋ᠢ ᠪᠡᠨ᠂ ᠠᠬ᠎ᠠ ᠶ᠋ᠢᠨ ᠢ᠋ᠶ᠋ᠡᠨ᠂ ᠰᠤᠷᠭᠠᠭᠤᠯᠢ ᠪᠠᠨ᠂ ᠬᠤᠪᠴᠠᠰᠤ ᠪᠠᠨ᠂ ᠨᠣᠮ ᠢ᠋ᠶ᠋ᠠᠨ᠂ ᠪᠠᠲᠤ ᠪᠠᠨ᠂ ᠪᠠᠲᠤ ᠶ᠋ᠢ ᠪᠡᠨ;
<2> ᠪᠦᠬᠦ ᠰᠡᠳᠬᠢᠯ ᠪᠦᠬᠦ ᠵᠣᠷᠢᠭ ᠢ᠋ᠶ᠋ᠠᠷ ᠢ᠋ᠶ᠋ᠠᠨ ᠳᠤᠮᠳᠠᠳᠤ ᠤᠯᠤᠰ ᠤ᠋ᠨ ᠠᠷᠠᠳ ᠲᠦᠮᠡᠨ ᠳ᠋ᠦ᠍ ᠦᠢᠯᠡᠴᠢᠯᠡᠬᠦ ᠬᠡᠷᠡᠭᠲᠡᠢ᠃᠁
<3> ᠨᠠᠨᠳᠢᠨ ᠠᠮᠢ ᠪᠠᠨ ᠴᠥᠯᠡᠨ ᠦᠷᠡᠭᠳᠡᠭᠦᠯᠬᠦ ᠠᠤᠭ᠎ᠠ ᠵᠣᠷᠢᠭ ᠦᠯᠡᠮᠵᠢ᠂ ᠨᠠᠷᠠᠨ ᠰᠠᠷᠠᠨ ᠢ᠋ ᠵᠢᠭᠠᠨ ᠵᠠᠬᠢᠷᠴᠤ ᠰᠢᠨ᠎ᠡ ᠣᠷᠴᠢᠯᠠᠩ ᠪᠣᠯᠭᠠᠮᠤᠢ᠃
ᠵᠢᠭᠠᠬᠤ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠶ᠋ᠢᠨ ᠳᠠᠷᠠᠭ᠎ᠠ《ᠪᠠᠨ᠂ ᠢ᠋ᠶ᠋ᠠᠨ》 ᠢ᠋ ᠬᠠᠪᠰᠤᠷᠭᠠᠪᠠᠯ《ᠶ᠋ᠢ᠂ ᠊ᠢ》 ᠶ᠋ᠢ《ᠶᠣ᠋》 ᠪᠠᠷ ᠣᠷᠣᠯᠠᠭᠤᠯᠵᠤ᠂《ᠪᠠᠨ᠂ ᠢ᠋ᠶ᠋ᠠᠨ》 ᠊ᠢ ᠨᠢ《᠊᠊ᠭᠠᠨ᠂ ᠊᠊ᠬᠡᠨ》 ᠢ᠋ᠶ᠋ᠡᠷ ᠰᠣᠯᠢᠵᠤ᠂ ᠥᠭᠬᠦ ᠣᠷᠣᠰᠢᠬᠤ᠂ ᠭᠠᠷᠬᠤ ᠶ᠋ᠢᠨ
ᠲᠡᠢᠨ ᠢᠯᠭᠠᠯ ᠤ᠋ᠨ ᠳᠠᠷᠠᠭ᠎ᠠ ᠬᠡᠷᠡᠭᠯᠡᠪᠡᠯ《ᠪᠡᠨ᠂ ᠶ᠋ᠢᠡᠨ》 ᠊ᠢ《᠊ ᠊ᠭᠠᠨ᠂ ᠊᠊ᠬᠡᠨ》 ᠢ᠋ᠶ᠋ᠡᠷ ᠰᠣᠯᠢᠵᠤ ᠪᠣᠯᠤᠨ᠎ᠠ᠃
ᠵᠢᠭᠠᠬᠤ+《ᠪᠠᠨ᠂ ᠢ᠋ᠶ᠋ᠠᠨ》— ᠶᠤᠭᠠᠨ᠂ ᠶᠤᠭᠠᠨ᠂,
ᠥᠭᠬᠦ ᠣᠷᠣᠰᠢᠬᠤ+《ᠪᠠᠨ᠂ ᠢ᠋ᠶ᠋ᠠᠨ》— ᠳ᠋ᠠᠭᠠᠨ ᠳ᠋ᠡᠭᠡᠨ᠂ ᠲᠠᠭᠠᠨ ᠲᠡᠭᠡᠨ᠃
ᠭᠠᠷᠬᠤ+《ᠪᠠᠨ᠂ ᠢ᠋ᠶ᠋ᠠᠨ》— ᠡᠴᠠᠭᠠᠨ᠂ ᠡᠴᠡᠭᠡᠨ ᠭᠡᠬᠦ ᠮᠡᠲᠦ ᠪᠡᠷ ᠰᠣᠯᠢᠭᠳᠠᠵᠤ ᠪᠣᠯᠤᠨ᠎ᠠ᠃
2 ᠭᠤᠷᠪᠠᠨ ᠪᠡᠶ᠎ᠡ ᠳ᠋ᠦ᠍ ᠬᠠᠮᠢᠶᠠᠳᠠᠭᠤᠯᠬᠤ ᠶᠣᠰᠣ
ᠪᠡᠶ᠎ᠡ ᠶ᠋ᠢᠨ ᠲᠥᠯᠥᠭᠡᠨ ᠦ᠌ ᠦᠭᠡ ᠶ᠋ᠢᠨ ᠬᠠᠷᠢᠶᠠᠯᠠᠬᠤ ᠶ᠋ᠢᠨ ᠲᠡᠢᠨ ᠢᠯᠭᠠᠯ ᠤ᠋ᠨ ᠬᠡᠯᠪᠡᠷᠢ ᠶ᠋ᠢ ᠬᠡᠷᠡᠭᠯᠡᠬᠦ ᠦᠭᠡᠢ ᠪᠡᠷ ᠥᠭᠦᠯᠡᠪᠦᠷᠢ ᠶ᠋ᠢᠨ ᠵᠦᠢ ᠶ᠋ᠢᠨ ᠠᠷᠭ᠎ᠠ ᠪᠠᠷ ᠬᠠᠮᠢᠶᠠᠳᠠᠬᠤ ᠶᠣᠰᠣ ᠶ᠋ᠢ ᠢᠯᠡᠷᠡᠭᠦᠯᠬᠦ ᠳ᠋ᠦ᠍ ᠤᠤᠯ ᠪᠡᠶ᠎ᠡ ᠶ᠋ᠢᠨ ᠲᠥᠯᠥᠭᠡᠨ ᠦ᠌ ᠦᠭᠡ ᠶ᠋ᠢᠨ ᠤᠳᠬ᠎ᠠ ᠪᠠᠷ ᠭᠤᠷᠪᠠᠨ ᠪᠡᠶ᠎ᠡ ᠶ᠋ᠢᠨ ᠠᠯᠢᠨ ᠪᠣᠯᠬᠤ ᠨᠢ ᠲᠣᠪ ᠲᠣᠳᠣᠷᠬᠠᠢ ᠪᠠᠢᠳᠠᠭ ᠲᠤᠯᠠ ᠡᠭᠦᠨ ᠢ᠋ ᠭᠤᠷᠪᠠᠨ ᠪᠡᠶ᠎ᠡ ᠳ᠋ᠦ᠍ ᠬᠠᠮᠢᠶᠠᠳᠠᠭᠤᠯᠬᠤ ᠶᠣᠰᠣ ᠭᠡᠨ᠎ᠡ᠃ ᠭᠤᠷᠪᠠᠨ ᠪᠡᠶ᠎ᠡ ᠳ᠋ᠦ᠍ ᠬᠠᠮᠢᠶᠠᠳᠠᠭᠤᠯᠬᠤ ᠳ᠋ᠠᠭᠠᠨ ᠮᠢᠨᠦ— ᠮᠢᠨᠢ᠂᠂ᠴᠢᠨᠦ— ᠴᠢᠨᠢ᠂ ᠠᠨᠤ᠂ ᠢᠨᠦ— ᠨᠢ ᠭᠡᠬᠦ ᠮᠡᠲᠦ ᠪᠡᠷ ᠲᠤᠰᠠᠯᠠᠬᠤ ᠦᠭᠡ ᠶ᠋ᠢ ᠬᠡᠷᠡᠭᠯᠡᠵᠦ ᠢᠯᠡᠷᠡᠭᠦᠯᠦᠨ᠎ᠡ᠃
ᠮᠢᠨᠢ— ᠨᠢᠭᠡᠳᠦᠭᠡᠷ ᠪᠡᠶ᠎ᠡ ᠳ᠋ᠦ᠍ ᠬᠠᠮᠢᠶᠠᠳᠠᠭᠤᠯᠬᠤ ᠳ᠋ᠤ᠌ ᠬᠡᠷᠡᠭᠯᠡᠨ᠎ᠡ᠃
ᠴᠢᠨᠢ— ᠬᠣᠶᠠᠳᠤᠭᠠᠷ ᠪᠡᠶ᠎ᠡ ᠳ᠋ᠦ᠍ ᠬᠠᠮᠢᠶᠠᠳᠠᠭᠤᠯᠬᠤ ᠳ᠋ᠤ᠌ ᠬᠡᠷᠡᠭᠯᠡᠨ᠎ᠡ᠃
ᠨᠢ— ᠭᠤᠷᠪᠠᠳᠤᠭᠠᠷ ᠪᠡᠶ᠎ᠡ ᠳ᠋ᠦ᠍ ᠬᠠᠮᠢᠶᠠᠳᠠᠭᠤᠯᠬᠤ ᠳ᠋ᠤ᠌ ᠬᠡᠷᠡᠭᠯᠡᠨ᠎ᠡ᠃
ᠭᠤᠷᠪᠠᠨ ᠪᠡᠶ᠎ᠡ ᠳ᠋ᠦ᠍ ᠬᠠᠮᠢᠶᠠᠳᠠᠭᠤᠯᠬᠤ《ᠮᠢᠨᠢ᠂ ᠴᠢᠨᠢ᠂ ᠨᠢ》 ᠶ᠋ᠢ ᠶᠠᠮᠠᠷ ᠴᠤ᠌ ᠦᠰᠦᠭ ᠢ᠋ᠶ᠋ᠡᠷ ᠲᠡᠭᠦᠰᠦᠭᠰᠡᠨ ᠦᠭᠡ ᠶ᠋ᠢᠨ ᠳᠠᠷᠠᠭ᠎ᠠ ᠪᠦᠷ ᠬᠡᠷᠡᠭᠯᠡᠵᠦ ᠪᠣᠯᠬᠤ ᠪᠥᠭᠡᠳ ᠶᠠᠮᠠᠷ ᠴᠤ᠌ ᠲᠡᠢᠨ ᠢᠯᠭᠠᠯ ᠤ᠋ᠨ ᠬᠡᠯᠪᠡᠷᠢᠲᠦ ᠦᠭᠡ ᠶ᠋ᠢᠨ ᠳᠠᠷᠠᠭ᠎ᠠ ᠬᠡᠷᠡᠭᠯᠡᠵᠦ ᠪᠠᠢᠬᠤ ᠪᠠ ᠲᠡᠢᠨ ᠢᠯᠭᠠᠯ ᠤ᠋ᠨ ᠳᠠᠭᠠᠪᠤᠷᠢ ᠶ᠋ᠢ ᠨᠢ ᠭᠡᠭᠡᠬᠦ ᠦᠭᠡᠢ᠃
ᠵᠢᠱ᠌ᠢᠶᠡᠯᠡᠪᠡᠯ᠄<1> ᠨᠠᠮ ᠮᠢᠨᠢ᠂ ᠤᠯᠤᠰ ᠮᠢᠨᠢ᠂ ᠨᠣᠮ ᠤ᠋ᠨ ᠮᠢᠨᠢ᠂ ᠨᠣᠮ ᠠ᠋ᠴᠠ ᠴᠢᠨᠢ᠂ ᠲᠤᠭ ᠨᠢ᠂ ᠲᠤᠭ ᠢ᠋ᠶ᠋ᠠᠷ ᠨᠢ;
<2> ᠤᠷᠲᠤ ᠶ᠋ᠢᠨ ᠳᠠᠭᠤᠤ ᠶ᠋ᠢ ᠳᠠᠭᠤᠯᠠᠨ ᠪᠠᠢᠬᠤ ᠳ᠋ᠤ᠌
ᠤᠶᠠᠩᠭᠠᠲᠤ ᠠᠶᠠᠰ ᠮᠢᠨᠢ ᠲᠠᠯ᠎ᠠ ᠨᠤᠲᠤᠭ ᠥᠭᠡᠳᠡ᠃
ᠤᠷᠠᠨ ᠨᠠᠢᠷᠠᠭ ᠢ᠋ ᠪᠢᠴᠢᠨ ᠰᠠᠭᠤᠬᠤ ᠳ᠋ᠤ᠌
ᠤᠯᠠᠭᠠᠨ ᠵᠢᠷᠦᠬᠡ ᠮᠢᠨᠢ ᠡᠬᠡ ᠣᠷᠣᠨ ᠥᠭᠡᠳᠡ᠃
(ᠪᠡ᠊· ᠪᠦᠷᠢᠨᠪᠡᠬᠢ ᠶ᠋ᠢᠨ《ᠠᠮᠢᠯᠠᠯ ᠤ᠋ᠨ ᠪᠡᠯᠭᠡᠲᠦ ᠴᠡᠴᠡᠭ》 ᠡᠴᠡ)