ᠦᠭᠡ ᠶ᠋ᠢᠨ ᠵᠦᠢ03ᠮᠣᠩᠭᠣᠯ ᠬᠡᠯᠡᠨ ᠦ᠌ ᠨᠡᠷ᠎ᠡ ᠦᠭᠡ ᠬᠤᠪᠢᠯᠭᠠᠬᠤ ᠶᠣᠰᠣ-02(ᠬᠣᠶᠠᠷ) ᠣᠯᠠᠨ ᠲᠣᠭ᠎ᠠ ᠪᠠᠷ ᠬᠤᠪᠢᠯᠭᠠᠬᠤ
(ᠬᠣᠶᠠᠷ) ᠣᠯᠠᠨ ᠲᠣᠭ᠎ᠠ ᠪᠠᠷ ᠬᠤᠪᠢᠯᠭᠠᠬᠤ
ᠪᠣᠳᠠᠲᠤ ᠪᠠᠢᠳᠠᠯ ᠳ᠋ᠤ᠌ ᠣᠷᠣᠰᠢᠬᠤ ᠨᠢᠭᠡᠨ ᠲᠥᠷᠥᠯ ᠦ᠋ᠨ ᠣᠯᠠᠨ ᠬᠥᠮᠦᠨ᠂ ᠶᠠᠭᠤᠮ᠎ᠠ ᠶ᠋ᠢᠨ ᠭᠠᠭᠴᠠ ᠪᠠ ᠣᠯᠠᠨ ᠲᠣᠭ᠎ᠠ ᠶ᠋ᠢ ᠲᠤᠰᠬᠠᠨ ᠦᠵᠡᠭᠦᠯᠵᠦ᠂ ᠭᠠᠭᠴᠠ ᠶ᠋ᠢ ᠨᠢ ᠭᠠᠭᠴᠠ ᠪᠤᠰᠤ ᠲᠠᠢ ᠬᠠᠷᠢᠴᠠᠭᠤᠯᠤᠨ ᠢᠯᠭᠠᠬᠤ ᠶᠣᠰᠣ ᠶ᠋ᠢ ᠭᠠᠭᠴᠠ ᠪᠠ ᠣᠯᠠᠨ ᠤ᠋ ᠲᠤᠬᠠᠢ ᠶᠣᠰᠣᠨ ᠭᠡᠨ᠎ᠡ᠃ ᠭᠠᠭᠴᠠ ᠪᠠ ᠣᠯᠠᠨ ᠤ᠋ ᠲᠤᠬᠠᠢ ᠶᠣᠰᠣᠨ ᠨᠡᠷ᠎ᠡ ᠦᠭᠡᠨ ᠳ᠋ᠦ᠍ ᠬᠡᠷᠡᠭᠯᠡᠭᠳᠡᠬᠦ ᠪᠥᠭᠡᠳ ᠲᠡᠮᠳᠡᠭ ᠦᠭᠡ᠂ ᠲᠣᠭᠠᠨ ᠤ᠋ ᠦᠭᠡ ᠶ᠋ᠢ ᠨᠡᠷ᠎ᠡ ᠦᠭᠡ ᠶ᠋ᠢᠨ ᠤᠳᠬ᠎ᠠ ᠪᠠᠷ ᠬᠡᠷᠡᠭᠯᠡᠪᠡᠯ ᠪᠠᠰᠠ ᠭᠠᠭᠴᠠ ᠪᠠ ᠣᠯᠠᠨ ᠲᠣᠭᠠᠨ ᠤ᠋ ᠶᠣᠰᠣ ᠪᠠᠷ ᠢᠯᠡᠷᠡᠵᠦ ᠪᠣᠯᠤᠨ᠎ᠠ᠃
ᠮᠣᠩᠭᠣᠯ ᠬᠡᠯᠡᠨ ᠳ᠋ᠦ᠍ ᠣᠯᠠᠨ ᠲᠣᠭ᠎ᠠ ᠪᠠᠷ ᠬᠤᠪᠢᠯᠭᠠᠬᠤ ᠳ᠋ᠤ᠌ ᠢᠯᠡᠷᠡᠭᠦᠯᠬᠦ ᠳᠠᠭᠠᠪᠤᠷᠢ ᠨᠢ᠄
1 ᠨᠠᠷ— ᠭᠡᠰᠡᠨ ᠳᠠᠭᠠᠪᠤᠷᠢ ᠶ᠋ᠢ ᠬᠥᠮᠦᠨ ᠦ᠌ ᠵᠦᠢᠯ ᠢ᠋ ᠵᠢᠭᠠᠭᠰᠠᠨ ᠨᠡᠷ᠎ᠡ᠂ ᠲᠤᠰᠬᠠᠢᠯᠠᠭᠰᠠᠨ ᠠᠵᠢᠯ ᠮᠡᠷᠭᠡᠵᠢᠯ ᠦ᠋ᠨ ᠨᠡᠷ᠎ᠡ ᠦᠭᠡᠨ ᠳ᠋ᠦ᠍ ᠰᠠᠯᠤᠩᠭᠢᠳᠠ ᠪᠢᠴᠢᠬᠦ ᠬᠡᠷᠡᠭᠯᠡᠬᠦ ᠪᠥᠭᠡᠳ ᠵᠡᠷᠭᠡᠴᠡᠭᠰᠡᠨ ᠭᠡᠰᠢᠭᠦᠳ ᠪᠠᠢᠪᠠᠯ ᠬᠠᠮᠤᠭ ᠰᠡᠭᠦᠯ ᠦ᠋ᠨ ᠭᠡᠰᠢᠭᠦᠨ ᠦ᠌ ᠳᠠᠷᠠᠭ᠎ᠠ ᠬᠡᠷᠡᠭᠯᠡᠨ᠎ᠡ᠃
ᠵᠢᠱ᠌ᠢᠶᠡᠯᠡᠪᠡᠯ᠄<1> ᠪᠠᠭᠰᠢ ᠨᠠᠷ᠂ ᠰᠤᠷᠤᠭᠴᠢ ᠨᠠᠷ᠂ ᠡᠮᠴᠢ ᠨᠠᠷ᠂ ᠠᠬ᠎ᠠ ᠨᠠᠷ᠂ ᠳᠡᠭᠦᠦ ᠨᠠᠷ᠂ ᠳᠠᠷᠤᠭ᠎ᠠ ᠨᠠᠷ᠂ ᠪᠠᠭᠰᠢ᠂ ᠠᠵᠢᠯᠲᠠᠨ᠂ ᠲᠣᠭᠣᠭᠠᠴᠢ ᠨᠠᠷ ᠭᠡᠬᠦ ᠮᠡᠲᠦ᠃
<2> ᠭᠦᠨ ᠤᠬᠠᠭᠠᠨᠲᠠᠨ ᠨᠠᠷ ᠪᠣᠯ ᠵᠥᠪᠬᠡᠨ ᠠᠳᠠᠯᠢ ᠪᠤᠰᠤ ᠶ᠋ᠢᠨ ᠠᠷᠭ᠎ᠠ ᠪᠠᠷ ᠶᠢᠷᠲᠢᠨᠴᠦ ᠶ᠋ᠢ ᠲᠠᠢᠯᠪᠤᠷᠢᠯᠠᠳᠠᠭ ᠶᠤᠮ᠂ ᠭᠡᠲᠡᠯ᠎ᠡ ᠠᠰᠠᠭᠤᠳᠠᠯ ᠨᠢ ᠪᠣᠯ ᠶᠢᠷᠲᠢᠨᠴᠦ ᠶ᠋ᠢ ᠬᠤᠪᠢᠷᠠᠭᠠᠬᠤ ᠳ᠋ᠤ᠌ ᠪᠠᠢᠳᠠᠭ ᠶᠤᠮ᠃
(ᠮᠠᠷᠺᠰ ᠤ᠋ᠨ《ᠹᠸᠢ᠌ᠶᠸᠷᠪᠠᠬᠠ ᠶ᠋ᠢᠨ ᠲᠤᠬᠠᠢ ᠲᠣᠪᠴᠢ》 ᠠ᠋ᠴᠠ)
2 ᠴᠣᠳ᠂ ᠴᠤᠤᠯ— ᠭᠡᠰᠡᠨ ᠳᠠᠭᠠᠪᠤᠷᠢ ᠶ᠋ᠢ ᠬᠥᠮᠦᠨ ᠦ᠌ ᠵᠦᠢᠯ ᠢ᠋ ᠵᠢᠭᠠᠭᠰᠠᠨ ᠨᠡᠷ᠎ᠡ ᠦᠭᠡᠨ ᠳᠦ ᠬᠡᠷᠡᠭᠯᠡᠬᠦ ᠪᠥᠭᠡᠳ ᠡᠭᠡᠰᠢᠭ ᠪᠠ《᠊ᠨ᠂ ᠊ᠯ᠂ ᠊ᠷ》 ᠢ᠋ᠶ᠋ᠡᠷ ᠲᠡᠭᠦᠰᠦᠭᠰᠡᠨ ᠦᠭᠡᠨ ᠳ᠋ᠦ᠍ ᠵᠠᠯᠭᠠᠵᠤ ᠪᠢᠴᠢᠨ᠎ᠡ᠃ ᠡᠭᠦᠨ ᠳ᠋ᠦ᠍《᠊ᠨ》 ᠳᠡᠪᠢᠰᠬᠡᠷ ᠢ᠋ᠶ᠋ᠡᠷ ᠲᠡᠭᠦᠰᠦᠭᠰᠡᠨ ᠦᠭᠡᠨ ᠳ᠋ᠦ᠍ ᠵᠠᠯᠭᠠᠬᠤ ᠳ᠋ᠤ᠌《᠊ᠨ》ᠨᠢ ᠬᠠᠰᠤᠭᠳᠠᠨ᠎ᠠ᠃
ᠵᠢᠱ᠌ᠢᠶᠡᠯᠡᠪᠡᠯ᠄<1> ᠪᠠᠭ᠎ᠠ— ᠪᠠᠭᠠᠴᠤᠳ᠂ ᠵᠠᠯᠠᠭᠤ— ᠵᠠᠯᠠᠭᠤᠴᠤᠳ᠂ ᠡᠷᠡᠭᠲᠡᠢ— ᠡᠷᠡᠭᠲᠡᠢᠴᠦᠳ᠂ ᠡᠮᠡᠭᠲᠡᠢ— ᠡᠮᠡᠭᠲᠡᠢᠴᠦᠳ᠂ ᠪᠠᠭᠠᠲᠤᠷ— ᠪᠠᠭᠠᠲᠤᠷᠴᠤᠳ᠂ ᠮᠣᠩᠭᠣᠯ— ᠮᠣᠩᠭᠣᠯᠴᠤᠳ᠂ ᠰᠠᠢᠨ— ᠰᠠᠢᠴᠤᠤᠯ᠂ ᠤᠷᠠᠨ— ᠤᠷᠠᠴᠤᠤᠯ᠂ ᠪᠠᠶᠠᠨ— ᠪᠠᠶᠠᠴᠤᠳ᠂ ᠡᠪᠦᠭᠡᠨ— ᠡᠪᠦᠭᠡᠴᠦᠦᠯ ᠭᠡᠬᠦ ᠮᠡᠲᠦ᠃
<2> ᠰᠢᠨ᠎ᠡ ᠳᠤᠮᠳᠠᠳᠤ ᠤᠯᠤᠰ ᠵᠠᠯᠠᠭᠤᠴᠤᠳ ᠤ᠋ᠨ ᠲᠥᠯᠥᠭᠡ ᠪᠣᠳᠣᠯᠬᠢᠯᠠᠵᠤ᠂ ᠵᠠᠯᠠᠭᠤ ᠦᠶ᠎ᠡ ᠶ᠋ᠢᠨ ᠬᠢᠨ ᠦ᠌ ᠪᠣᠢᠵᠢᠯᠲᠠ ᠶ᠋ᠢ ᠬᠠᠯᠠᠮᠵᠢᠯᠠᠬᠤ ᠬᠡᠷᠡᠭᠲᠡᠢ᠃
3 ᠊᠊ᠤᠨ— ᠭᠡᠰᠡᠨ ᠳᠠᠭᠠᠪᠤᠷᠢ ᠶ᠋ᠢ ᠭᠣᠣᠯ ᠲᠥᠯᠥᠪ ᠡᠭᠡᠰᠢᠭ ᠪᠠ《᠊ᠠ᠂ ᠊ᠯ᠂ ᠊ᠷ》 ᠢ᠋ᠶ᠋ᠡᠷ ᠲᠡᠭᠦᠰᠦᠭᠰᠡᠨ ᠦᠭᠡᠨ ᠳ᠋ᠦ᠍ ᠬᠡᠷᠡᠭᠯᠡᠵᠦ《᠊ᠠ᠂ ᠊ᠯ᠂ ᠊ᠷ》 ᠊ᠢ ᠨᠢ ᠭᠡᠭᠡᠵᠦ ᠵᠠᠯᠭᠠᠨ᠎ᠠ᠃
ᠵᠢᠱ᠌ᠢᠶᠡᠯᠡᠪᠡᠯ᠄<1> ᠨᠥᠬᠥᠷ— ᠨᠥᠬᠥᠳ᠂ ᠡᠪᠦᠭᠡᠨ— ᠡᠪᠦᠭᠡᠳ᠂ ᠮᠣᠳᠣ— ᠮᠣᠳᠣᠳ᠂ ᠪᠠᠶᠠᠨ— ᠪᠠᠶᠠᠳ᠂ ᠲᠦᠰᠢᠮᠡᠯ— ᠲᠦᠰᠢᠮᠡᠳ᠃
<2> ᠪᠦᠬᠦ ᠳᠡᠯᠡᠬᠡᠢ ᠶ᠋ᠢᠨ ᠠᠷᠠᠳ ᠲᠦᠮᠡᠨ ᠪᠦᠯᠬᠦᠮᠳᠡᠵᠡᠭᠡᠵᠦ᠂ ᠠᠮᠧᠷᠢᠺᠠ ᠶ᠋ᠢᠨ ᠲᠦᠷᠢᠮᠡᠬᠡᠢᠯᠡᠭᠴᠢᠳ ᠪᠠ ᠲᠡᠭᠦᠨ ᠦ᠌ ᠠᠯᠢᠪᠠ ᠵᠢᠷᠣᠭ᠎ᠠ ᠨᠣᠬᠠᠳ ᠢ᠋ ᠪᠤᠲᠠ ᠴᠣᠬᠢᠰᠤᠭᠠᠢ!
4 ᠊᠊ᠰ— ᠭᠡᠰᠡᠨ ᠳᠠᠭᠠᠪᠤᠷᠢ ᠶ᠋ᠢ ᠡᠬᠡᠰᠢᠭ ᠪᠤᠶᠤ《ᠢ᠊》 ᠶ᠋ᠢᠨ ᠬᠣᠣᠰ ᠡᠭᠡᠰᠢᠭ ᠢ᠋ᠶ᠋ᠡᠷ ᠲᠡᠭᠦᠰᠦᠭᠰᠡᠨ ᠦᠭᠡᠨ ᠳ᠋ᠦ᠍ ᠵᠠᠯᠭᠠᠬᠤ ᠪᠥᠭᠡᠳ《ᠢ᠊》 ᠶ᠋ᠢ ᠨᠢ ᠭᠡᠭᠡᠨ᠎ᠡ᠃
ᠵᠢᠱ᠌ᠢᠶᠡᠯᠡᠪᠡᠯ᠄<1> ᠠᠬ᠎ᠠ— ᠠᠬᠠᠰ᠂ ᠶᠡᠬᠡ— ᠶᠡᠬᠡᠰ᠂ ᠦᠭᠡ— ᠦᠭᠡᠰ᠂ ᠠᠭᠤᠯᠠ— ᠠᠭᠤᠯᠠᠰ᠂
ᠨᠣᠬᠠᠢ— ᠨᠣᠬᠠᠰ
<2> ᠡᠷᠬᠢᠮ ᠴᠤᠤᠲᠤ ᠬᠥᠮᠦᠰ ᠬᠡᠮᠡᠪᠡᠰᠦ ᠡᠳᠦᠭᠡ ᠴᠠᠭ ᠊ᠢ ᠬᠠᠷᠠᠵᠤ ᠪᠠᠬᠠᠷᠠᠨᠠ᠃
5 ᠤ᠋ᠳ— ᠭᠡᠰᠡᠨ ᠳᠠᠭᠠᠪᠤᠷᠢ ᠶ᠋ᠢ《᠊ᠨ》 ᠡᠴᠡ ᠪᠤᠰᠤᠳ ᠭᠡᠢᠭᠦᠯᠦᠭᠴᠢ ᠪᠡᠷ ᠲᠡᠭᠦᠰᠦᠭᠰᠡᠨ ᠦᠭᠡᠨ ᠳ᠋ᠦ᠍ ᠰᠠᠯᠤᠩᠭᠢᠳᠠ ᠬᠡᠷᠡᠭᠯᠡᠨ᠎ᠡ᠃
ᠵᠢᠱ᠌ᠢᠶᠡᠯᠡᠪᠡᠯ᠄<1> ᠭᠡᠷ ᠦ᠋ᠳ᠂ ᠨᠣᠮ ᠤ᠋ᠳ᠂ ᠪᠠᠢᠰᠢᠩ ᠤ᠋ᠳ᠂ ᠠᠰᠠᠷ ᠤ᠋ᠳ᠂ ᠬᠡᠦᠬᠡᠳ ᠦ᠋ᠳ;
<2> ᠰᠤᠷᠤᠯᠴᠠᠬᠤ ᠬᠤᠭᠤᠴᠠᠭ᠎ᠠ ᠶ᠋ᠢ ᠥᠭᠡᠷᠡᠴᠢᠯᠡᠨ᠂ ᠲᠤᠯᠭᠠᠮ ᠪᠤᠰᠤ ᠪᠠ ᠴᠢᠬᠤᠯᠠ ᠪᠤᠰᠤ ᠬᠢᠴᠢᠶᠡᠯ ᠦ᠋ᠳ ᠢ᠋ ᠬᠠᠰᠤᠵᠤ᠂ ᠡᠷᠬᠢᠯᠡᠨ ᠬᠠᠮᠢᠶᠠᠷᠬᠤ ᠳᠦᠷᠢᠮ ᠢ᠋ ᠥᠭᠡᠷᠡᠴᠢᠯᠡᠨ᠂ ᠲᠡᠢᠨ ᠳ᠋ᠦ᠍ ᠴᠢᠬᠤᠯᠠᠴᠢᠯᠠᠭᠳᠠᠬᠤ ᠬᠢᠴᠢᠶᠡᠯ ᠦ᠋ᠳ ᠢ᠋ ᠵᠢᠭᠠᠬᠤ ᠪᠠ ᠰᠤᠷᠤᠭᠴᠢᠳ ᠤ᠋ᠨ ᠰᠤᠷᠤᠯᠴᠠᠯᠭ᠎ᠠ ᠶ᠋ᠢᠨ ᠢᠳᠡᠪᠬᠢᠵᠢᠯ ᠢ᠋ ᠪᠠᠳᠠᠷᠠᠭᠤᠯᠬᠤ ᠪᠠᠷ ᠵᠠᠷᠴᠢᠮ ᠪᠣᠯᠭᠠᠬᠤ ᠬᠡᠷᠡᠭᠲᠡᠢ᠃
6 ᠨᠤᠭᠤᠳ ᠨᠤᠭᠦᠳ— ᠭᠡᠰᠡᠨ ᠳᠠᠭᠠᠪᠤᠷᠢ ᠶ᠋ᠢ《᠊ᠨ》 ᠪᠣᠯᠤᠨ ᠡᠭᠡᠰᠢᠭ ᠢ᠋ᠶ᠋ᠡᠷ ᠲᠡᠭᠦᠰᠦᠭᠰᠡᠨ ᠴᠢᠩᠭ᠎ᠠ ᠦᠭᠡᠨ ᠳ᠋ᠦ᠍ 《ᠨᠤᠭᠤᠳ》 ᠊ᠢ᠂ ᠬᠥᠨᠳᠡᠢ ᠦᠭᠡᠨ ᠳ᠋ᠤ᠌ 《ᠨᠤᠭᠦᠳ》 ᠊ᠢ ᠲᠤᠰ ᠲᠤᠰ ᠰᠠᠯᠤᠩᠭᠢᠳᠠ ᠪᠢᠴᠢᠵᠦ ᠬᠡᠷᠡᠭᠯᠡᠨ᠎ᠡ᠃
ᠵᠢᠱ᠌ᠢᠶᠡᠯᠡᠪᠡᠯ᠄<1> ᠠᠳᠤᠭᠤ ᠨᠤᠭᠤᠳ᠂ ᠡᠪᠡᠰᠦ ᠨᠤᠭᠦᠳ᠂ ᠰᠢᠷᠡᠭᠡ ᠨᠤᠭᠦᠳ᠂ ᠳᠠᠢᠰᠤᠨ ᠨᠤᠭᠤᠳ᠂ ᠬᠥᠷᠥᠩᠭᠡᠲᠡᠨ ᠨᠤᠭᠦᠳ ᠭᠡᠬᠦ ᠮᠡᠲᠦ᠃
<2> ᠰᠤᠷᠭᠠᠭᠤᠯᠢ ᠨᠤᠭᠤᠳ ᠦᠢᠯᠡᠳᠪᠦᠷᠢ ᠪᠠᠢᠭᠤᠯᠬᠤ ᠬᠡᠷᠡᠭᠲᠡᠢ᠂ ᠦᠢᠯᠡᠳᠪᠦᠷᠢ ᠨᠤᠭᠦᠳ ᠰᠤᠷᠭᠠᠭᠤᠯᠢ ᠪᠠᠢᠭᠤᠯᠬᠤ ᠬᠡᠷᠡᠭᠲᠡᠢ᠃
ᠣᠯᠠᠨ ᠲᠣᠭᠠᠨ ᠤ᠋ ᠳᠠᠭᠠᠪᠤᠷᠢ ᠶ᠋ᠢ ᠬᠡᠷᠡᠭᠯᠡᠬᠦ ᠳ᠋ᠦ᠍᠄
(1) ᠬᠥᠮᠦᠨ ᠶᠠᠭᠤᠮ᠎ᠠ ᠶ᠋ᠢ ᠲᠣᠭᠠᠨ ᠤ᠋ ᠦᠭᠡ ᠪᠡᠷ ᠲᠣᠳᠣᠳᠬᠠᠭᠰᠠᠨ ᠪᠠᠢᠪᠠᠯ ᠣᠯᠠᠨ ᠲᠣᠭᠠᠨ ᠤ᠋ ᠳᠠᠭᠠᠪᠤᠷᠢ ᠶ᠋ᠢ ᠬᠡᠷᠡᠭᠯᠡᠬᠦ ᠬᠡᠷᠡᠭ ᠦᠭᠡᠢ᠃
ᠵᠢᠱ᠌ᠢᠶᠡᠯᠡᠪᠡᠯ᠄ ᠲᠠᠪᠤᠨ ᠭᠡᠷ᠂ ᠨᠠᠢ᠍ᠮᠠᠨ ᠠᠩᠭᠢ᠂ ᠵᠠᠭᠤᠭᠠᠳ ᠰᠤᠷᠤᠭᠴᠢ᠂ ᠳᠦᠷᠪᠡᠭᠡᠨ ᠪᠠᠭᠰᠢ ᠭᠡᠬᠦ ᠮᠡᠲᠦ᠃
(2) ᠬᠥᠮᠦᠨ ᠶᠠᠭᠤᠮ᠎ᠠ ᠶ᠋ᠢ ᠣᠯᠠᠨ ᠴᠥᠭᠡᠨ ᠦ᠌ ᠦᠭᠡ ᠪᠡᠷ ᠲᠣᠳᠣᠳᠬᠠᠭᠰᠠᠨ ᠪᠠᠢᠪᠠᠯ ᠣᠯᠠᠨ ᠲᠣᠭᠠᠨ ᠤ᠋ ᠳᠠᠭᠠᠪᠤᠷᠢ ᠬᠡᠷᠡᠭᠯᠡᠬᠦ ᠬᠡᠷᠡᠭ ᠦᠭᠡᠢ᠃
ᠵᠢᠱ᠌ᠢᠶᠡᠯᠡᠪᠡᠯ᠄ ᠭᠡᠷ ᠳᠦᠭᠦᠷᠡᠩ ᠬᠥᠮᠦᠨ᠂ ᠬᠥᠨᠳᠡᠢ ᠳᠦᠭᠦᠷᠡᠩ ᠠᠳᠤᠭᠤ᠂ ᠣᠯᠠᠨ ᠨᠣᠮ᠂ ᠨᠣᠮ ᠥᠷᠥᠵᠡᠢ᠂ ᠦᠬᠡᠷ ᠪᠡᠯᠴᠢᠵᠡᠢ᠂ ᠬᠣᠨᠢ ᠲᠠᠷᠬᠠᠵᠠᠢ ᠭᠡᠬᠦ ᠮᠡᠲᠦ᠃
(3) ᠲᠣᠭᠲᠠᠭᠰᠠᠨ ᠲᠣᠭ᠎ᠠ ᠬᠡᠮᠵᠢᠶ᠎ᠡ ᠶ᠋ᠢᠨ ᠤᠬᠠᠭᠳᠠᠬᠤᠨ ᠢ᠋ ᠪᠠᠭᠲᠠᠭᠠᠭᠰᠠᠨ ᠦᠭᠡᠰ ᠲᠦ᠍ ᠣᠯᠠᠨ ᠲᠣᠭᠠᠨ ᠤ᠋ ᠳᠠᠭᠠᠪᠤᠷᠢ ᠬᠡᠷᠡᠭᠯᠡᠬᠦ ᠬᠡᠷᠡᠭ ᠦᠭᠡᠢ᠃
ᠵᠢᠱ᠌ᠢᠶᠡᠯᠡᠪᠡᠯ᠄ ᠣᠭᠲᠠᠷᠭᠤᠢ᠂ ᠤᠰᠤ᠂ ᠬᠡᠢ᠂ ᠡᠯᠡᠰᠦ᠂ ᠰᠢᠷᠣᠢ᠂ ᠨᠢᠳᠦ᠂ ᠴᠢᠬᠢ᠂ ᠭᠠᠯ᠂ ᠬᠥᠯ᠂ ᠲᠣᠯᠣᠭᠠᠢ᠂ ᠰᠡᠳᠬᠢᠯ ᠭᠡᠬᠦ ᠮᠡᠲᠦ᠃
ᠦᠰᠦᠭ ᠠᠮᠢᠯᠠᠭᠤᠯᠤᠭᠴᠢ᠄ ᠡᠷᠴᠢᠨ
ᠬᠢᠨᠠᠭᠴᠢ᠄ ᠣᠳᠬᠠᠨᠰᠣ᠎ᠠ
