ᠦᠭᠡ ᠶ᠋ᠢᠨ ᠵᠦᠢ03ᠮᠣᠩᠭᠣᠯ ᠬᠡᠯᠡᠨ ᠦ᠌ ᠨᠡᠷ᠎ᠡ ᠦᠭᠡ ᠬᠤᠪᠢᠯᠭᠠᠬᠤ ᠶᠣᠰᠣ-01( ᠨᠢᠭᠡ) ᠲᠡᠢᠨ ᠢᠯᠭᠠᠯ ᠢ᠋ᠶ᠋ᠠᠷ ᠬᠤᠪᠢᠯᠭᠠᠬᠤ ᠬᠡᠯᠡ ᠪᠢᠴᠢᠭ

  1. ᠲᠡᠷᠢᠭᠦᠨ ᠨᠢᠭᠤᠷ >
  2. ᠨᠡᠪᠲᠡᠷᠡᠭᠦᠯᠭᠡ >
  3. ᠦᠭᠡ ᠶ᠋ᠢᠨ ᠵᠦᠢ03ᠮᠣᠩᠭᠣᠯ ᠬᠡᠯᠡᠨ ᠦ᠌ ᠨᠡᠷ᠎ᠡ ᠦᠭᠡ ᠬᠤᠪᠢᠯᠭᠠᠬᠤ ᠶᠣᠰᠣ-01( ᠨᠢᠭᠡ) ᠲᠡᠢᠨ ᠢᠯᠭᠠᠯ ᠢ᠋ᠶ᠋ᠠᠷ ᠬᠤᠪᠢᠯᠭᠠᠬᠤ

ᠦᠭᠡ ᠶ᠋ᠢᠨ ᠵᠦᠢ03ᠮᠣᠩᠭᠣᠯ ᠬᠡᠯᠡᠨ ᠦ᠌ ᠨᠡᠷ᠎ᠡ ᠦᠭᠡ ᠬᠤᠪᠢᠯᠭᠠᠬᠤ ᠶᠣᠰᠣ-01( ᠨᠢᠭᠡ) ᠲᠡᠢᠨ ᠢᠯᠭᠠᠯ ᠢ᠋ᠶ᠋ᠠᠷ ᠬᠤᠪᠢᠯᠭᠠᠬᠤ

ᠠᠩᠭᠢᠯᠠᠯ:ᠬᠡᠯᠡ ᠪᠢᠴᠢᠭ
2025-09-25

276

ᠭᠤᠷᠪᠠ᠃ ᠮᠣᠩᠭᠣᠯ ᠬᠡᠯᠡᠨ ᠦ᠌ ᠨᠡᠷ᠎ᠡ ᠦᠭᠡ ᠬᠤᠪᠢᠯᠭᠠᠬᠤ ᠶᠣᠰᠣ


ᠦᠭᠡ ᠬᠤᠪᠢᠯᠭᠠᠬᠤ ᠳᠠᠭᠠᠪᠤᠷᠢ ᠨᠤᠭᠤᠳ ᠢ᠋ ᠬᠡᠷᠡᠭᠯᠡᠵᠦ ᠶᠠᠩᠵᠤ ᠪᠦᠷᠢ ᠶ᠋ᠢᠨ ᠬᠡᠯᠡᠨ ᠦ᠌ ᠵᠦᠢ ᠶ᠋ᠢᠨ ᠤᠳᠬ᠎ᠠ ᠶ᠋ᠢ ᠢᠯᠡᠳᠬᠡᠬᠦ ᠶᠣᠰᠣ ᠶ᠋ᠢ ᠦᠭᠡ ᠬᠤᠪᠢᠯᠭᠠᠬᠤ ᠶᠣᠰᠣ ᠭᠡᠨ᠎ᠡ᠃ ᠮᠣᠩᠭᠣᠯ ᠬᠡᠯᠡᠨ ᠦ᠌ ᠨᠡᠷ᠎ᠡ ᠦᠭᠡᠨ ᠳ᠋ᠦ᠍ ᠲᠡᠢᠨ ᠢᠯᠭᠠᠯ ᠢ᠋ᠶ᠋ᠠᠷ ᠬᠤᠪᠢᠯᠭᠠᠬᠤ᠂ ᠣᠯᠠᠨ ᠲᠣᠭ᠎ᠠ ᠪᠠᠷ ᠬᠤᠪᠢᠯᠭᠠᠬᠤ᠂ ᠬᠠᠮᠢᠶᠠᠳᠠᠭᠤᠯᠬᠤ ᠶᠣᠰᠣ ᠪᠠᠷ ᠬᠤᠪᠢᠯᠭᠠᠬᠤ ᠭᠡᠬᠦ ᠵᠡᠷᠭᠡ ᠬᠡᠳᠦᠨ ᠵᠦᠢᠯ ᠦ᠋ᠨ ᠶᠣᠰᠣᠨ ᠪᠠᠢᠳᠠᠭ᠃

(ᠨᠢᠭᠡ) ᠲᠡᠢᠨ ᠢᠯᠭᠠᠯ ᠢ᠋ᠶ᠋ᠠᠷ ᠬᠤᠪᠢᠯᠭᠠᠬᠤ

ᠦᠭᠡ ᠨᠦ᠍ᠭᠦᠳ ᠦ᠋ᠨ ᠬᠣᠭᠣᠷᠣᠨᠳᠣᠬᠢ ᠬᠠᠷᠢᠴᠠᠭ᠎ᠠ ᠪᠠ ᠥᠭᠦᠯᠡᠪᠦᠷᠢ ᠶ᠋ᠢᠨ ᠳᠣᠲᠣᠷᠠᠬᠢ ᠦᠭᠡᠰ ᠦ᠋ᠨ ᠬᠣᠭᠣᠷᠣᠨᠳᠣᠬᠢ ᠬᠠᠷᠢᠴᠠᠭ᠎ᠠ ᠶ᠋ᠢ ᠢᠯᠡᠳᠬᠡᠳᠡᠭ ᠨᠡᠷ᠎ᠡ ᠦᠭᠡ ᠶ᠋ᠢᠨ ᠬᠡᠯᠡᠨ ᠦ᠌ ᠵᠦᠢ ᠶ᠋ᠢᠨ ᠬᠡᠯᠪᠡᠷᠢ ᠶ᠋ᠢ ᠲᠡᠢᠨ ᠢᠯᠭᠠᠯ ᠭᠡᠨ᠎ᠡ᠃ ᠲᠡᠢᠨ ᠢᠯᠭᠠᠯ ᠭᠡᠳᠡᠭ ᠬᠡᠯᠡᠨ ᠦ᠌ ᠵᠦᠢ ᠶ᠋ᠢᠨ ᠬᠡᠯᠪᠡᠷᠢ ᠨᠢ ᠨᠡᠷ᠎ᠡ ᠦᠭᠡ ᠶ᠋ᠢᠨ ᠵᠦᠢᠯ ᠳ᠋ᠦ᠍ ᠬᠣᠯᠪᠣᠭᠳᠠᠬᠤ ᠪᠥᠭᠡᠳ ᠲᠡᠮᠳᠡᠭ ᠦᠭᠡ᠂ ᠲᠣᠭᠠᠨ ᠤ᠋ ᠦᠭᠡ᠂ ᠮᠥᠨ ᠲᠡᠢᠨ ᠢᠯᠭᠠᠯ ᠢ᠋ᠶ᠋ᠠᠷ ᠢᠯᠭᠠᠯᠯᠠᠭᠳᠠᠬᠤ ᠪᠣᠯᠪᠠᠴᠤ ᠵᠥᠪᠬᠡᠨ ᠨᠡᠷ᠎ᠡ ᠦᠭᠡ ᠶ᠋ᠢᠨ ᠤᠳᠬ᠎ᠠ ᠪᠠᠷ ᠬᠡᠷᠡᠭᠯᠡᠭᠳᠡᠪᠡᠯ ᠰᠠᠶᠢ ᠲᠡᠢᠨ ᠢᠯᠭᠠᠯ ᠢ᠋ᠶ᠋ᠠᠷ ᠢᠯᠭᠠᠯᠯᠠᠭᠳᠠᠬᠤ ᠪᠠᠢᠨ᠎ᠠ᠃

ᠲᠡᠢᠨ ᠢᠯᠭᠠᠯ ᠳ᠋ᠤ᠌ ᠨᠡᠷᠡᠯᠡᠬᠦ᠂ ᠬᠠᠷᠢᠶᠠᠯᠠᠬᠤ᠂ ᠥᠭᠬᠦ ᠣᠷᠣᠰᠢᠬᠤ᠂ ᠵᠢᠭᠠᠬᠤ᠂ ᠭᠠᠷᠬᠤ᠂ ᠦᠢᠯᠡᠳᠬᠦ᠂ ᠬᠠᠮᠲᠤᠷᠠᠬᠤ ᠵᠡᠷᠭᠡ ᠳᠣᠯᠣᠭᠠᠨ ᠬᠡᠯᠪᠡᠷᠢ ᠪᠠᠢᠳᠠᠭ᠃ ᠡᠳᠡᠭᠡᠷ ᠲᠡᠢᠨ ᠢᠯᠭᠠᠯ ᠠ᠋ᠴᠠ ᠨᠡᠷᠡᠯᠡᠬᠦ ᠶ᠋ᠢᠨ ᠲᠡᠢᠨ ᠢᠯᠭᠠᠯ ᠨᠢ ᠨᠡᠷ᠎ᠡ ᠦᠭᠡ ᠶ᠋ᠢᠨ ᠦᠨᠳᠦᠰᠦ ᠲᠡᠢ ᠲᠣᠬᠢᠷᠠᠬᠤ ᠪᠥᠭᠡᠳ ᠲᠤᠰᠬᠠᠢ ᠳᠠᠭᠠᠪᠤᠷᠢ ᠦᠭᠡᠢ᠂ ᠪᠤᠰᠤᠳ ᠵᠢᠷᠭᠤᠭᠠᠨ ᠲᠡᠢᠨ ᠢᠯᠭᠠᠯ ᠨᠢ ᠲᠤᠰᠬᠠᠢ ᠲᠤᠰᠬᠠᠢ ᠳᠠᠭᠠᠪᠤᠷᠢ ᠪᠠᠷ ᠨᠡᠷᠡᠯᠡᠬᠦ ᠶ᠋ᠢᠨ ᠲᠡᠢᠨ ᠢᠯᠭᠠᠯ ᠪᠠ ᠮᠥᠨ ᠪᠡᠶ᠎ᠡ ᠪᠡᠶ᠎ᠡ ᠡᠴᠡ ᠪᠡᠨ ᠢᠯᠭᠠᠷᠠᠨ᠎ᠠ᠃ ᠨᠡᠷ᠎ᠡ ᠦᠭᠡ ᠨᠢ ᠭᠠᠭᠴᠠ ᠪᠠ ᠣᠯᠠᠨ ᠢ᠋ ᠵᠢᠭᠠᠭᠰᠠᠨ ᠬᠡᠯᠪᠡᠷᠢ ᠪᠡᠷ ᠪᠠᠢᠵᠤ ᠪᠣᠯᠬᠤ ᠲᠤᠯᠠ ᠲᠡᠢᠨ ᠢᠯᠭᠠᠯ ᠤ᠋ᠨ ᠳᠠᠭᠠᠪᠤᠷᠢ ᠶ᠋ᠢ ᠮᠥᠨ ᠭᠠᠭᠴᠠ ᠪᠠ ᠣᠯᠠᠨ ᠤ᠋ ᠬᠡᠯᠪᠡᠷᠢᠲᠦ ᠦᠭᠡ ᠶ᠋ᠢᠨ ᠦᠨᠳᠦᠰᠦᠨ ᠦ᠌ ᠠᠯᠢ ᠠᠯᠢᠨ ᠳ᠋ᠤ᠌ ᠪᠦᠷ ᠳᠠᠭᠠᠭᠤᠯᠤᠨ ᠬᠡᠷᠡᠭᠯᠡᠵᠦ ᠪᠣᠯᠬᠤ ᠪᠥᠭᠡᠳ ᠪᠢᠴᠢᠭ ᠲᠦ᠍ ᠲᠡᠢᠨ ᠢᠯᠭᠠᠯ ᠤ᠋ᠨ ᠳᠠᠭᠠᠪᠤᠷᠢ ᠶ᠋ᠢ ᠭᠣᠣᠯ ᠲᠥᠯᠥᠪ ᠰᠠᠯᠤᠩᠭᠢᠳᠠ ᠪᠢᠴᠢᠨ᠎ᠡ᠃
ᠵᠠᠷᠢᠮ ᠲᠡᠢᠨ ᠢᠯᠭᠠᠯ ᠤ᠋ᠨ ᠬᠡᠯᠪᠡᠷᠢ ᠶ᠋ᠢᠨ ᠳᠡᠭᠡᠷ᠎ᠡ ᠪᠤᠰᠤᠳ ᠲᠡᠢᠨ ᠢᠯᠭᠠᠯ ᠤ᠋ᠨ ᠳᠠᠭᠠᠪᠤᠷᠢ ᠶ᠋ᠢ ᠳᠠᠪᠬᠤᠷᠯᠠᠨ ᠬᠡᠷᠡᠭᠯᠡᠵᠦ ᠪᠣᠯᠤᠨ᠎ᠠ᠃ ᠡᠢᠮᠦ ᠡᠴᠡ ᠮᠣᠩᠭᠣᠯ ᠬᠡᠯᠡᠨ ᠦ᠌ ᠲᠡᠢᠨ ᠢᠯᠭᠠᠯ ᠢ᠋ ᠡᠩ ᠦ᠋ᠨ ᠲᠡᠢᠨ ᠢᠯᠭᠠᠯ᠂ ᠳᠠᠪᠬᠤᠷ ᠲᠡᠢᠨ ᠢᠯᠭᠠᠯ ᠭᠡᠵᠦ ᠢᠯᠭᠠᠵᠤ ᠪᠣᠯᠤᠨ᠎ᠠ᠃

1 ᠡᠩ ᠦ᠋ᠨ ᠲᠡᠢᠨ ᠢᠯᠭᠠᠯ

ᠮᠣᠩᠭᠣᠯ ᠬᠡᠯᠡᠨ ᠳ᠋ᠦ᠍ ᠨᠡᠷᠡᠯᠡᠬᠦ᠂ ᠬᠠᠷᠢᠶᠠᠯᠠᠬᠤ᠂ ᠥᠭᠬᠦ ᠣᠷᠣᠰᠢᠬᠤ᠂ ᠵᠢᠭᠠᠬᠤ᠂ ᠭᠠᠷᠬᠤ᠂ ᠦᠢᠯᠡᠳᠬᠦ᠂ ᠬᠠᠮᠲᠤᠷᠠᠬᠤ ᠬᠡᠯᠪᠡᠷᠢ ᠶ᠋ᠢᠨ ᠲᠡᠢᠨ ᠢᠯᠭᠠᠯ ᠢ᠋ ᠡᠩ ᠦ᠋ᠨ ᠲᠡᠢᠨ ᠢᠯᠭᠠᠯ ᠭᠡᠳᠡᠭ᠃

(1) ᠨᠡᠷᠡᠯᠡᠬᠦ ᠶ᠋ᠢᠨ ᠲᠡᠢᠨ ᠢᠯᠭᠠᠯ
ᠮᠣᠩᠭᠣᠯ ᠬᠡᠯᠡᠨ ᠦ᠌ ᠨᠡᠷᠡᠯᠡᠬᠦ ᠶ᠋ᠢᠨ ᠲᠡᠢᠨ ᠢᠯᠭᠠᠯ ᠤ᠋ᠨ ᠬᠡᠯᠪᠡᠷᠢᠲᠦ ᠨᠡᠷ᠎ᠡ ᠦᠭᠡ ᠨᠢ ᠬᠡᠨ᠂ ᠶᠠᠭᠤ ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠬᠤ ᠪᠥᠭᠡᠳ ᠲᠤᠰᠬᠠᠢ ᠳᠠᠭᠠᠪᠤᠷᠢ ᠪᠠᠢᠬᠤ ᠦᠭᠡᠢ᠃ ᠡᠭᠦᠨ ᠳ᠋ᠦ᠍ ᠲᠣᠭᠲᠠᠪᠤᠷᠢ ᠦᠭᠡᠢ《᠊ᠨ᠋᠊ 》 ᠢ᠋ᠶ᠋ᠡᠷ ᠲᠡᠭᠦᠰᠦᠭᠰᠡᠨ ᠦᠭᠡ ᠶ᠋ᠢᠨ 《᠊ᠨ᠋᠊》 ᠨᠡᠷᠡᠯᠡᠬᠦ ᠶ᠋ᠢᠨ ᠣᠷᠣᠨ ᠳ᠋ᠤ᠌ ᠭᠡᠭᠡᠭᠳᠡᠨ᠎ᠡ᠃

ᠵᠢᠱ᠌ᠢᠶᠡᠯᠡᠪᠡᠯ᠄<1 >ᠨᠠᠷᠠ ᠮᠠᠨᠳᠤᠪᠠ᠃

<2> ᠳᠣᠷᠣᠨ᠎ᠠ ᠵᠦᠭ ᠲᠦ᠍ ᠤᠯᠠᠭᠠᠨ ᠨᠠᠷᠠ ᠮᠠᠨᠳᠤᠯ᠎ᠠ᠃
(《ᠳᠣᠷᠣᠨ᠎ᠠ ᠵᠦᠭ ᠡᠴᠡ ᠲᠤᠶᠠᠭᠠᠷᠠᠯ᠎ᠠ》 ᠭᠡᠳᠡᠭ ᠳᠠᠭᠤᠨ ᠠ᠋ᠴᠠ)

(2) ᠬᠠᠷᠢᠶᠠᠯᠠᠬᠤ ᠶ᠋ᠢᠨ ᠲᠡᠢᠨ ᠢᠯᠭᠠᠯ
ᠬᠠᠷᠢᠶᠠᠯᠠᠬᠤ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠨᠢ ᠬᠡᠨ ᠦ᠌?᠂ ᠶᠠᠭᠤᠨ ᠤ᠋?᠂ ᠬᠡᠵᠢᠶᠡᠨ ᠦ᠌?᠂ ᠬᠠᠮᠢᠭᠠᠬᠢ ᠶ᠋ᠢᠨ? ᠭᠡᠵᠦ ᠠᠰᠠᠭᠤᠬᠤ᠎ ᠳ᠋ᠦ᠍  ᠬᠠᠷᠢᠭᠤᠯᠤᠭᠳᠠᠬᠤ ᠪᠥᠭᠡᠳ《 ᠦ᠋ᠨ᠂ ᠦ᠌᠂ ᠶ᠋ᠢᠨ》ᠭᠡᠳᠡᠭ ᠭᠤᠷᠪᠠᠨ ᠳᠠᠭᠠᠪᠤᠷᠢ ᠪᠠᠷ ᠢᠯᠭᠠᠷᠠᠨ᠎ᠠ᠃

     ᠶᠢᠨ— ᠡᠬᠡᠰᠢᠭ ᠢ᠋ᠶ᠋ᠡᠷ ᠲᠡᠭᠦᠰᠦᠭᠰᠡᠨ ᠦᠭᠡᠨ ᠳ᠋ᠦ᠍ ᠬᠡᠷᠡᠭᠯᠡᠨ᠎ᠡ᠃
     ᠤᠨ—《᠊ᠨ᠋᠊》 ᠡᠴᠡ ᠪᠤᠰᠤᠳ ᠭᠡᠢᠭᠦᠯᠦᠭᠴᠢ ᠪᠡᠷ ᠲᠡᠭᠦᠰᠦᠭᠰᠡᠨ ᠦᠭᠡᠨ ᠳ᠋ᠦ᠍ ᠬᠡᠷᠡᠭᠯᠡᠨ᠎ᠡ᠃
‍     ᠤ—《᠊ᠨ᠋᠊》 ᠭᠡᠢᠭᠦᠯᠦᠭᠴᠢ ᠪᠡᠷ ᠲᠡᠭᠦᠰᠦᠭᠰᠡᠨ ᠦᠭᠡᠨ ᠳ᠋ᠦ᠍ ᠬᠡᠷᠡᠭᠯᠡᠨ᠎ᠡ᠃
ᠡᠭᠦᠨ ᠳ᠋ᠦ᠍ ᠲᠣᠭᠲᠠᠪᠤᠷᠢ ᠦᠭᠡᠢ《᠊ᠨ᠋᠊ 》᠂ ᠬᠠᠷᠢᠶᠠᠯᠠᠬᠤ ᠶ᠋ᠢᠨ ᠲᠡᠢᠨ ᠢᠯᠭᠠᠯ ᠳ᠋ᠤ᠌ ᠲᠣᠭᠲᠠᠪᠤᠷᠢ ᠲᠠᠢ ᠪᠣᠯᠤᠨ᠎ᠠ᠃
ᠵᠢᠱ᠌ᠢᠶᠡᠯᠡᠪᠡᠯ᠄<1> ᠠᠬ᠎ᠠ ᠶ᠋ᠢᠨ᠂ ᠠᠳᠤᠭᠤ ᠶ᠋ᠢᠨ᠂ ᠠᠷᠠᠳ ᠤ᠋ᠨ᠂ ᠤᠯᠤᠰ ᠤ᠋ᠨ᠂ ᠶᠠᠪᠤᠳᠠᠯ ᠤ᠋ᠨ᠂ ᠬᠡᠷᠡᠭ ᠦ᠋ᠨ᠂

<2> ᠲᠦᠮᠡ— ᠲᠦᠮᠡᠨ ᠦ᠌᠂ ᠨᠠᠷᠠ— ᠨᠠᠷᠠᠨ ᠤ᠋᠂
ᠠᠭᠤᠯᠠ— ᠠᠭᠤᠯᠠᠨ ᠤ᠋᠂ ᠤᠰᠤ— ᠤᠰᠤᠨ ᠤ᠋᠂

<3> ᠪᠣᠰᠴᠠᠭ᠎ᠠ᠂ ᠥᠯᠥᠰᠬᠦᠯᠡᠩ ᠨᠢᠴᠦᠭᠦᠨ ᠪᠣᠭᠣᠯᠴᠤᠳ
ᠪᠣᠰᠴᠠᠭ᠎ᠠ᠂ ᠪᠦᠬᠦ ᠳᠡᠯᠡᠬᠡᠢ ᠶ᠋ᠢᠨ ᠵᠣᠪᠠᠯᠠᠩᠲᠠᠨ!
ᠥᠷᠥᠴᠡ ᠳᠦᠭᠦᠷᠡᠩ ᠬᠠᠯᠠᠭᠤᠨ ᠴᠢᠰᠤ ᠣᠷᠭᠢᠯᠤᠯ᠎ᠠ
ᠦᠨᠡᠨ ᠶᠣᠰᠣᠨ ᠤ᠋ ᠲᠥᠯᠥᠭᠡ ᠲᠡᠮᠡᠴᠡᠵᠡᠭᠡᠶ᠎ᠡ!

(《ᠢᠨᠲ᠋ᠧᠷᠨᠠᠼᠢᠣᠨᠠᠯ ᠤ᠋ᠨ ᠳᠠᠭᠤᠤ》 ᠠ᠋ᠴᠠ)

(3) ᠥᠭᠬᠦ ᠣᠷᠣᠰᠢᠬᠤ ᠶ᠋ᠢᠨ ᠲᠡᠢᠨ ᠢᠯᠭᠠᠯ

ᠮᠣᠩᠭᠣᠯ ᠬᠡᠯᠡᠨ ᠦ᠌ ᠥᠭᠬᠦ ᠣᠷᠣᠰᠢᠬᠤ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠨᠢ ᠬᠡᠨ ᠳ᠋ᠦ᠍? ᠶᠠᠭᠤᠨ ᠳ᠋ᠤ᠌? ᠬᠡᠵᠢᠶ᠎ᠡ? ᠬᠠᠮᠢᠭ᠎ᠠ? ᠶᠠᠭᠠᠬᠢᠭᠰᠠᠨ ᠳ᠋ᠤ᠌? ᠶᠠᠭᠠᠬᠢᠬᠤ ᠳ᠋ᠤ᠌? ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠬᠤ ᠪᠥᠭᠡᠳ《ᠳ᠋ᠤ᠌᠂ ᠲᠦ᠍ ᠂᠎ᠠ》 ᠭᠡᠰᠡᠨ ᠳᠠᠭᠠᠪᠤᠷᠢ ᠪᠠᠷ ᠢᠯᠭᠠᠷᠠᠨ᠎ᠠ᠃
     ᠳ᠋ᠤ᠌ ( ᠳ᠋ᠤᠷ)— ᠡᠬᠡᠰᠢᠭ ᠪᠣᠯᠤᠨ《᠊ᠨ᠂ ᠊ᠮ᠂ ᠊ᠯ᠂ ᠊ᠩ》 ᠵᠡᠷᠭᠡ(ᠵᠥᠭᠡᠯᠡᠨ ᠳᠡᠪᠢᠰᠭᠡᠷ) ᠭᠡᠢᠭᠦᠯᠦᠭᠴᠢ ᠪᠡᠷ ᠲᠡᠭᠦᠰᠦᠭᠰᠡᠨ ᠦᠭᠡᠨ ᠳ᠋ᠦ᠍ ᠬᠡᠷᠡᠭᠯᠡᠨ᠎ᠡ᠂,
     ᠲᠦ᠍  (  ᠲᠤᠷ)—  《᠊ᠪ᠂ ᠊ᠭ ᠊ᠭ᠌᠂ ᠊ᠷ᠂ ᠊ᠰ᠂ ᠊ᠳ》 ᠵᠡᠷᠭᠡ(ᠬᠠᠲᠠᠭᠤ ᠳᠡᠪᠢᠰᠭᠡᠷ) ᠭᠡᠢᠭᠦᠯᠦᠭᠴᠢ ᠪᠡᠷ ᠲᠡᠭᠦᠰᠦᠭᠰᠡᠨ ᠦᠭᠡᠨ ᠳ᠋ᠦ᠍ ᠬᠡᠷᠡᠭᠯᠡᠨ᠎ᠡ᠃
᠎      ᠠ— ᠭᠡᠰᠡᠨ ᠬᠡᠯᠪᠡᠷᠢ ᠬᠠᠭᠤᠴᠢᠨ ᠪᠢᠴᠢᠭ ᠲᠦ᠍ ᠠᠷᠪᠢᠨ ᠦᠵᠡᠭᠳᠡᠬᠦ ᠪᠣᠯᠪᠠᠴᠤ ᠣᠳᠣ ᠪᠠᠰᠠ《᠊ᠨ᠂ ᠊ᠷ》 ᠢ᠋ᠶ᠋ᠡᠷ ᠲᠡᠭᠦᠰᠦᠭᠰᠡᠨ ᠦᠭᠡᠨ᠎ᠡ ᠮᠠᠰᠢ ᠬᠣᠪᠣᠷ ᠬᠡᠷᠡᠭᠯᠡᠵᠦ ᠪᠠᠢᠨ᠎ᠠ᠃
     ᠡᠭᠦᠨ ᠳ᠋ᠦ᠍᠂ ᠦᠭᠭᠦ ᠣᠷᠣᠰᠢᠬᠤ ᠶ᠋ᠢᠨ ᠲᠡᠢᠨ ᠢᠯᠭᠠᠯ ᠨᠢ ᠳᠠᠭᠠᠪᠤᠷᠢ ᠦᠭᠡᠢ ᠪᠡᠷ ᠢᠯᠡᠷᠡᠵᠦ ᠪᠣᠯᠬᠤ ᠪᠥᠭᠡᠳ ᠲᠣᠭᠲᠠᠪᠤᠷᠢ ᠦᠭᠡᠢ《᠊ᠨ᠋᠊ 》᠂ ᠥᠭᠬᠦ ᠣᠷᠣᠰᠢᠬᠤ ᠶ᠋ᠢᠨ ᠲᠡᠢᠨ ᠢᠯᠭᠠᠯ ᠳ᠋ᠤ᠌ ᠰᠡᠷᠭᠦᠨ ᠭᠠᠷᠴᠤ ᠢᠷᠡᠨ᠎ᠡ᠃
     ᠵᠢᠱ᠌ᠢᠶᠡᠯᠡᠪᠡᠯ᠄
        <1> ᠠᠷᠠᠳ ᠲᠤ᠌᠂ ᠲᠦᠮᠡᠨ ᠳ᠋ᠦ᠍᠂ ᠠᠷᠢᠭᠤᠨ ᠳ᠋ᠤ᠌᠂ ᠬᠥᠮᠦᠨ ᠳ᠋ᠦ᠍᠂ ᠤᠯᠤᠰ ᠲᠤ᠌᠂ ᠨᠥᠬᠥᠳ ᠲᠦ᠍᠂ ᠲᠠᠨ᠎ᠠ᠂ ᠬᠣᠲᠠᠨ᠎ᠠ᠂ ᠭᠠᠵᠠᠷ᠎ᠠ᠂
        <2> ᠬᠣᠲᠠ ᠣᠷᠣᠨ᠎ᠠ᠂ ᠬᠥᠳᠡᠭᠡ ᠪᠠᠭᠤᠪᠠ᠂
               ᠮᠣᠷᠢ— ᠮᠣᠷᠢᠨ ᠳ᠋ᠤ᠌᠂ ᠬᠣᠨᠢ— ᠬᠣᠨᠢᠨ ᠳ᠋ᠤ᠌᠂
               ᠨᠤᠮᠤ— ᠨᠣᠮᠣᠨ ᠳ᠋ᠤ᠌᠂ ᠰᠤᠮᠤ— ᠰᠤᠮᠤᠨ ᠳ᠋ᠤ᠌᠂
       <3> ᠬᠥᠮᠥᠰᠬᠡ ᠵᠠᠩᠭᠢᠳᠤᠨ ᠬᠦᠴᠦᠲᠡᠨ ᠰᠦᠷᠳᠡᠨ ᠳ᠋ᠦ᠍ ᠬᠦᠢᠲᠡᠨ ᠢ᠋ᠶ᠋ᠡᠷ ᠬᠠᠨᠳᠤᠵᠤ᠂ ᠬᠦᠵᠦᠭᠦᠦ ᠪᠥᠬᠥᠢᠨ ᠬᠠᠷ᠎ᠠ ᠲᠡᠷᠢᠭᠦᠲᠡᠨ ᠳ᠋ᠦ᠍ ᠦᠬᠡᠷ ᠮᠡᠲᠦ ᠵᠢᠳᠬᠦᠨ᠎ᠡ᠃
           (《ᠯᠦ᠍ ᠰᠢᠶᠦ᠋ᠨ ᠦ᠌ ᠰᠢᠯᠦᠭ》 ᠡᠴᠡ)
    (4) ᠵᠢᠭᠠᠬᠤ ᠶ᠋ᠢᠨ ᠲᠡᠢᠨ ᠢᠯᠭᠠᠯ
     ᠵᠢᠭᠠᠬᠤ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠨᠢ ᠬᠡᠨ ᠢ᠋? ᠶᠠᠭᠤ ᠶ᠋ᠢ? ᠶᠠᠭᠤ? ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠬᠤ ᠪᠥᠭᠡᠳ《 ᠢ᠋᠂ ᠶ᠋ᠢ》 ᠭᠡᠳᠡᠭ ᠳᠠᠭᠠᠪᠤᠷᠢ ᠪᠠᠷ ᠢᠯᠭᠠᠷᠠᠨ᠎ᠠ᠃
     ᠶᠢ— ᠡᠭᠡᠰᠢᠭ ᠢ᠋ᠶ᠋ᠡᠷ ᠲᠡᠭᠦᠰᠦᠭᠰᠡᠨ ᠦᠭᠡᠨ ᠳ᠋ᠦ᠍ ᠬᠡᠷᠡᠭᠯᠡᠨ᠎ᠡ;
     ᠊ᠢ— ᠠᠯᠢᠪᠠ ᠭᠡᠢᠭᠦᠯᠦᠭᠴᠢ ᠪᠡᠷ ᠲᠡᠭᠦᠰᠦᠭᠰᠡᠨ ᠦᠭᠡᠨ ᠳ᠋ᠦ᠍ ᠬᠡᠷᠡᠭᠯᠡᠨ᠎ᠡ᠃
ᠡᠭᠦᠨ ᠳ᠋ᠦ᠍ ᠲᠣᠭᠲᠠᠪᠤᠷᠢ ᠦᠭᠡᠢ《᠊ᠨ᠋᠊ 》 ᠵᠢᠭᠠᠬᠤ ᠶ᠋ᠢᠨ ᠲᠡᠢᠨ ᠢᠯᠭᠠᠯ ᠳ᠋ᠤ᠌ ᠭᠡᠭᠡᠭᠳᠡᠬᠦ ᠪᠥᠭᠡᠳ ᠰᠢᠭᠤᠳ ᠲᠤᠰᠬᠤ ᠦᠢᠯᠡ ᠦᠭᠡ ᠪᠡᠷ ᠢᠯᠡᠷᠡᠪᠡᠯ ᠵᠢᠭᠠᠬᠤ ᠶ᠋ᠢᠨ ᠲᠡᠢᠨ ᠢᠯᠭᠠᠯ ᠨᠢ ᠳᠠᠭᠠᠪᠤᠷᠢ ᠦᠭᠡᠢ ᠪᠡᠷ ᠪᠠᠢᠵᠤ ᠪᠣᠯᠤᠨ᠎ᠠ᠃
ᠵᠢᠱ᠌ᠢᠶᠡᠯᠡᠪᠡᠯ᠄ <1>ᠤᠳᠬ᠎ᠠ ᠶ᠋ᠢ᠂ ᠤᠶᠠᠩᠭ᠎ᠠ ᠶ᠋ᠢ᠂ ᠶᠡᠬᠡ ᠶ᠋ᠢ᠂ ᠠᠩᠭᠢ ᠶ᠋ᠢ᠂ ᠠᠷᠠᠳ ᠢ᠋᠂ ᠤᠯᠤᠰ ᠢ᠋᠂ ᠨᠣᠮ ᠢ᠋᠂ ᠪᠢᠴᠢᠭ ᠢ᠋᠂
< 2> ᠮᠣᠷᠢᠨ— ᠮᠣᠷᠢ ᠶ᠋ᠢ᠂ ᠬᠣᠨᠢᠨ— ᠬᠣᠨᠢ ᠶ᠋ᠢ᠂ ᠨᠣᠮᠣᠨ— ᠨᠤᠮᠤ ᠶ᠋ᠢ᠂ ᠰᠤᠮᠤᠨ— ᠰᠤᠮᠤ ᠶ᠋ᠢ᠃
ᠬᠥᠳᠡᠯᠮᠦᠷᠢ ᠬᠢᠪᠡ᠂ ᠨᠣᠭᠣᠭ᠎ᠠ ᠳᠠᠷᠢᠪᠠ᠂ ᠴᠠᠭᠠᠰᠤ ᠠᠪᠤᠪᠠ᠂ ᠦᠰᠦᠭ ᠪᠢᠴᠢᠪᠡ᠃
< 3 > ᠠᠷᠪᠢᠯᠠᠬᠤ ᠶ᠋ᠢ ᠠᠮᠠᠰᠠᠷ ᠠ᠋ᠴᠠ ᠨᠢ
ᠠᠰᠬᠠᠬᠤ ᠶ᠋ᠢ ᠢᠷᠣᠭᠠᠷ ᠠ᠋ᠴᠠ ᠨᠢ
(《ᠵᠦᠢᠷ ᠰᠡᠴᠡᠨ ᠦᠭᠡ 》) ᠡᠴᠡ

(5 ) ᠭᠠᠷᠬᠤ ᠶ᠋ᠢᠨ ᠲᠡᠢᠨ ᠢᠯᠭᠠᠯ
  ᠮᠣᠩᠭᠣᠯ ᠬᠡᠯᠡᠨ ᠦ᠌ ᠭᠠᠷᠬᠤ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠨᠢ ᠬᠡᠨ ᠡᠴᠡ? ᠶᠠᠭᠤᠨ ᠠ᠋ᠴᠠ? ᠬᠠᠮᠢᠭ᠎ᠠ ᠠ᠋ᠴᠠ? ᠬᠡᠵᠢᠶᠡᠨ ᠡᠴᠡ? ᠬᠡᠳᠦᠢ ᠡᠴᠡ? ᠶᠠᠭᠠᠬᠢᠭᠰᠠᠨ ᠠ᠋ᠴᠠ? ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠬᠤ ᠪᠥᠭᠡᠳ《 ᠡᠴᠡ》 ᠭᠡᠳᠡᠭ ᠳᠠᠭᠠᠪᠤᠷᠢ ᠪᠠᠷ ᠢᠯᠭᠠᠷᠠᠨ᠎ᠠ᠃
ᠡᠭᠦᠨ ᠳ᠋ᠦ᠍᠂ ᠲᠣᠭᠲᠠᠪᠤᠷᠢ ᠦᠭᠡᠢ《᠊ᠨ᠋᠊ 》 ᠨᠢ ᠭᠠᠷᠬᠤ ᠶ᠋ᠢᠨ ᠲᠡᠢᠨ ᠢᠯᠭᠠᠯ ᠳ᠋ᠤ᠌ ᠭᠡᠭᠡᠭᠳᠡᠬᠦ ᠦᠭᠡᠢ᠃
ᠵᠢᠱ᠌ᠢᠶᠡᠯᠡᠪᠡᠯ᠄<1> ᠭᠠᠷ ᠠ᠋ᠴᠠ᠂ ᠭᠡᠷ ᠡᠴᠡ᠂ ᠬᠣᠲᠠ ᠠ᠋ᠴᠠ᠂ ᠬᠥᠳᠡᠭᠡ ᠡᠴᠡ᠂ ᠪᠠᠭᠰᠢ ᠠ᠋ᠴᠠ᠂ ᠰᠤᠷᠤᠭᠴᠢ ᠠ᠋ᠴᠠ᠂ ᠬᠣᠯᠠ ᠠ᠋ᠴᠠ᠂ ᠣᠢᠷ᠎ᠠ ᠠ᠋ᠴᠠ;
<2> ᠨᠢᠳᠦ— ᠨᠢᠳᠦᠨ ᠡᠴᠡ᠂ ᠵᠢᠷᠦᠬᠡ— ᠵᠢᠷᠦᠬᠡᠨ ᠡᠴᠡ᠂ ᠤᠰᠤ— ᠤᠰᠤᠨ ᠠ᠋ᠴᠠ᠂ ᠮᠣᠷᠢ— ᠮᠣᠷᠢᠨ ᠠ᠋ᠴᠠ;
<3> ᠪᠠᠷᠰ ᠢᠷᠪᠢᠰ ᠢ᠋ ᠦᠯᠳᠡᠨ ᠬᠥᠭᠡᠭᠡᠭᠰᠡᠨ ᠪᠠᠭᠠᠲᠤᠷ ᠠᠬᠤ ᠠ᠋ᠴᠠ ᠪᠤᠰᠤ ᠪᠠᠭᠠᠪᠠᠭᠠᠢ ᠥᠲᠡᠭᠡ ᠡᠴᠡ ᠠᠶᠤᠵᠤ ᠡᠮᠢᠶᠡᠭᠰᠡᠨ ᠢᠳᠡᠲᠡᠨ ᠨᠡᠩ ᠦᠭᠡᠢ᠃

(6) ᠦᠢᠯᠡᠳᠬᠦ ᠶ᠋ᠢᠨ ᠲᠡᠢᠨ ᠢᠯᠭᠠᠯ
ᠦᠢᠯᠡᠳᠬᠦ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠨᠢ ᠬᠡᠨ ᠢ᠋ᠶ᠋ᠡᠷ? ᠶᠠᠭᠤ ᠪᠠᠷ? ᠬᠠᠮᠢᠭᠠᠭᠤᠷ? ᠬᠡᠳᠦᠢ ᠪᠡᠷ? ᠭᠡᠰᠡᠨ ᠠᠰᠠᠭᠤᠯᠲᠠ ᠳ᠋ᠤ᠌ ᠬᠠᠷᠢᠭᠤᠯᠤᠭᠳᠠᠬᠤ ᠪᠥᠭᠡᠳ《ᠪᠡᠷ᠂ ᠢ᠋ᠶ᠋ᠡᠷ》 ᠭᠡᠰᠡᠨ ᠳᠠᠭᠠᠪᠤᠷᠢ ᠪᠠᠷ ᠢᠯᠭᠠᠷᠠᠨ᠎ᠠ᠃
     ᠪᠡᠷ— ᠡᠬᠡᠰᠢᠭ ᠢ᠋ᠶ᠋ᠡᠷ ᠲᠡᠭᠦᠰᠦᠭᠰᠡᠨ ᠦᠭᠡᠨ ᠳ᠋ᠦ᠍ ᠬᠡᠷᠡᠭᠯᠡᠨ᠎ᠡ᠃   
     ᠶ᠋ᠢᠡᠷ— ᠭᠡᠢᠭᠦᠯᠦᠭᠴᠢ ᠪᠡᠷ ᠲᠡᠭᠦᠰᠦᠭᠰᠡᠨ ᠦᠭᠡᠨ ᠳ᠋ᠦ᠍ ᠬᠡᠷᠡᠭᠯᠡᠨ᠎ᠡ᠃
ᠡᠭᠦᠨ ᠳ᠋ᠦ᠍ ᠲᠣᠭᠲᠠᠪᠤᠷᠢ ᠦᠭᠡᠢ《᠊ᠨ᠋᠊ 》 ᠦᠢᠯᠡᠳᠬᠦ ᠶ᠋ᠢᠨ ᠲᠡᠢᠨ ᠢᠯᠭᠠᠯ ᠳ᠋ᠤ᠌ ᠭᠡᠭᠡᠭᠳᠡᠨ᠎ᠡ᠃
ᠵᠢᠱ᠌ᠢᠶᠡᠯᠡᠪᠡᠯ᠄<1> ᠠᠷᠠᠳ ᠢ᠋ᠶ᠋ᠠᠷ᠂ ᠤᠯᠤᠰ ᠢ᠋ᠶ᠋ᠠᠷ᠂ ᠲᠤᠭ ᠢ᠋ᠶ᠋ᠠᠷ᠂ ᠨᠣᠮ ᠢ᠋ᠶ᠋ᠠᠷ᠂ ᠬᠠᠳᠠ ᠪᠠᠷ᠂ ᠠᠭᠤᠯᠠ ᠪᠠᠷ᠂ ᠬᠥᠳᠡᠭᠡ ᠪᠡᠷ᠂ ᠵᠢᠭᠠᠪᠤᠷᠢ ᠪᠠᠷ᠂
<2> ᠨᠢᠳᠦᠨ— ᠨᠢᠳᠦ ᠪᠡᠷ᠂ ᠵᠢᠷᠦᠬᠡᠨ— ᠵᠢᠷᠦᠬᠡ ᠪᠡᠷ ᠂ᠤᠰᠤᠨ— ᠤᠰᠤ ᠪᠠᠷ᠂ ᠮᠣᠷᠢᠨ— ᠮᠣᠷᠢ ᠪᠠᠷ᠃
 (ᠪᠡ᠊· ᠪᠦᠷᠢᠨᠪᠡᠬᠢ ᠶ᠋ᠢᠨ《ᠠᠮᠢᠯᠠᠯ ᠤ᠋ᠨ ᠪᠡᠯᠭᠡᠲᠦ ᠴᠡᠴᠡᠭ》 ᠡᠴᠡ)

 (7) ᠬᠠᠮᠲᠤᠷᠠᠬᠤ ᠶ᠋ᠢᠨ ᠲᠡᠢᠨ ᠢᠯᠭᠠᠯ
ᠮᠣᠩᠭᠣᠯ ᠬᠡᠯᠡᠨ ᠦ᠌ ᠬᠠᠮᠲᠤᠷᠠᠬᠤ ᠶ᠋ᠢᠨ ᠲᠡᠢᠨ ᠢᠯᠭᠠᠯ ᠤ᠋ᠨ ᠬᠡᠯᠪᠡᠷᠢᠲᠦ ᠦᠭᠡ ᠨᠢ ᠬᠡᠨ ᠲᠡᠢ? ᠶᠠᠭᠤ ᠲᠠᠢ? ᠭᠡᠵᠦ ᠠᠰᠠᠭᠤᠬᠤ ᠳ᠋ᠤ᠌ ᠬᠠᠷᠢᠭᠤᠯᠤᠭᠳᠠᠬᠤ ᠪᠥᠭᠡᠳ《 ᠲᠡᠢ᠂ ᠯᠤᠭ᠎ᠠ᠂ᠯᠤᠭᠡ》 ᠭᠡᠰᠡᠨ ᠳᠠᠭᠠᠪᠤᠷᠢ ᠪᠠᠷ ᠢᠯᠭᠠᠷᠠᠨ᠎ᠠ᠃
     ᠲᠠᠢ— ᠡᠬᠡᠰᠢᠭ᠂ ᠭᠡᠢᠭᠦᠯᠦᠭᠴᠢ ᠪᠡᠷ ᠲᠡᠭᠦᠰᠦᠭᠰᠡᠨ ᠴᠢᠩᠭ᠎ᠠ ᠬᠥᠨᠳᠡᠢ ᠦᠭᠡᠨ ᠳ᠋ᠦ᠍ ᠪᠦᠷ ᠬᠡᠷᠡᠭᠯᠡᠨ᠎ᠡ᠃
     ᠯᠤᠭ᠎ᠠ— ᠴᠢᠩᠭ᠎ᠠ ᠦᠭᠡᠨ ᠳ᠋ᠦ᠍ ᠬᠡᠷᠡᠭᠯᠡᠨ᠎ᠡ᠃
     ᠯᠦ᠍ᠭᠡ— ᠬᠥᠨᠳᠡᠢ ᠦᠭᠡᠨ ᠳ᠋ᠦ᠍ ᠬᠡᠷᠡᠭᠯᠡᠨ᠎ᠡ᠃
ᠵᠢᠱ᠌ᠢᠶᠡᠯᠡᠪᠡᠯ᠄<1> ᠠᠷᠠᠳ ᠲᠠᠢ᠂ ᠴᠡᠷᠢᠭ ᠲᠡᠢ᠂ ᠨᠥᠬᠥᠳ ᠲᠡᠢ᠂ ᠬᠥᠮᠦᠨ ᠲᠡᠢ᠂ ᠭᠠᠵᠠᠷ ᠲᠠᠢ᠂ ᠠᠭᠤᠯᠠ ᠲᠠᠢ;
<2> ᠠᠬ᠎ᠠ ᠯᠤᠭ᠎ᠠ᠂ ᠨᠥᠬᠥᠷ ᠯᠤᠭᠡ᠂ ᠪᠠᠭᠰᠢ ᠯᠤᠭ᠎ᠠ᠂ ᠰᠤᠷᠤᠭᠴᠢ ᠯᠤᠭ᠎ᠠ᠂ ᠨᠣᠮ ᠯᠤᠬ᠋᠎ᠠ᠃
<3> ᠪᠠᠭᠰᠢ ᠨᠠᠷ ᠠᠯᠢᠪᠠ ᠪᠠᠢᠯᠳᠤᠵᠤ ᠪᠠᠢᠭ᠎ᠠ ᠬᠥᠳᠡᠯᠮᠦᠷᠢᠴᠢᠨ ᠲᠦᠮᠡᠨ ᠲᠡᠢ ᠨᠢᠭᠡᠳᠬᠦ ᠬᠡᠷᠡᠭᠲᠡᠢ᠃
 (ᠯᠧᠨᠢᠨ ᠦ᠌《ᠪᠦᠬᠦ ᠣᠷᠣᠰ ᠤ᠋ᠨ ᠢᠨᠲ᠋ᠧᠷᠨᠠᠼᠢᠣᠨᠠᠯ ᠦᠵᠡᠯ ᠦ᠋ᠨ ᠪᠠᠭᠰᠢ ᠨᠠᠷ ᠤ᠋ᠨ ᠲᠥᠯᠥᠭᠡᠯᠡᠭᠴᠢᠳ ᠦ᠋ᠨ ᠶᠡᠬᠡ ᠬᠤᠷᠠᠯ ᠳᠡᠭᠡᠷᠡᠬᠢ ᠶᠠᠷᠢᠶ᠎ᠠ》 ᠠ᠋ᠴᠠ) ᠭᠡᠬᠦ ᠵᠡᠷᠭᠡ ᠪᠣᠯᠤᠨ᠎ᠠ᠃

ᠨᠡᠷ᠎ᠡ ᠦᠭᠡ ᠶ᠋ᠢᠨ ᠲᠡᠢᠨ ᠢᠯᠭᠠᠯ ᠢ᠋ᠶ᠋ᠠᠷ ᠢᠯᠭᠠᠯᠯᠠᠭᠳᠠᠬᠤ ᠶ᠋ᠢ ᠬᠦᠰᠦᠨᠦᠭ ᠢ᠋ᠶ᠋ᠡᠷ ᠦᠵᠡᠭᠦᠯᠪᠡᠯ᠄

ᠲᠡᠢᠨ ᠢᠯᠭᠠᠯ ᠨᠡᠷᠡᠯᠡᠬᠦ ᠬᠠᠷᠢᠶᠠᠯᠠᠬᠤ ᠥᠭᠬᠦ ᠣᠷᠣᠰᠢᠬᠤ ᠵᠢᠭᠠᠬᠤ ᠭᠠᠷᠬᠤ ᠦᠢᠯᠡᠳᠬᠦ ᠬᠠᠮᠲᠤᠷᠠᠬᠤ
ᠳᠠᠭᠠᠪᠤᠷᠢ ᠶ᠋ᠢᠨ ᠦ᠋ᠨ ᠦ᠌ ᠳ᠋ᠤ᠌ ᠲᠦ᠍ ᠶ᠋ᠢ ᠢ᠋ ᠡᠴᠡ ᠪᠡᠷ ᠢ᠋ᠶ᠋ᠡᠷ ᠲᠡᠢ
ᠡᠭᠡᠰᠢᠭ ᠦᠰᠦᠭ ᠶ᠋ᠢᠨ ᠳ᠋ᠤ᠌ ᠶ᠋ᠢ ᠡᠴᠡ ᠪᠡᠷ ᠲᠡᠢ
ᠵᠥᠭᠡᠯᠡᠨ ᠳᠡᠪᠢᠰᠬᠡᠷ ᠊ᠠ ᠦ᠌ ᠳ᠋ᠤ᠌ ᠢ᠋ ᠡᠴᠡ ᠢ᠋ᠶ᠋ᠡᠷ ᠲᠡᠢ
᠊ᠮ ᠦ᠋ᠨ ᠳ᠋ᠤ᠌ ᠢ᠋ ᠡᠴᠡ ᠢ᠋ᠶ᠋ᠡᠷ ᠲᠡᠢ
᠊ᠯ ᠦ᠋ᠨ ᠳ᠋ᠤ᠌ ᠢ᠋ ᠡᠴᠡ ᠢ᠋ᠶ᠋ᠡᠷ ᠲᠡᠢ
᠊ᠩ ᠦ᠋ᠨ ᠳ᠋ᠤ᠌ ᠢ᠋ ᠡᠴᠡ ᠢ᠋ᠶ᠋ᠡᠷ ᠲᠡᠢ
ᠬᠠᠲᠠᠭᠤ ᠳᠡᠪᠢᠰᠬᠡᠷ ᠊ᠪ ᠦ᠋ᠨ ᠲᠦ᠍ ᠢ᠋ ᠡᠴᠡ ᠢ᠋ᠶ᠋ᠡᠷ ᠲᠡᠢ
᠊ᠭ᠋( ᠊ᠭ᠌) ᠦ᠋ᠨ ᠲᠦ᠍ ᠢ᠋ ᠡᠴᠡ ᠢ᠋ᠶ᠋ᠡᠷ ᠲᠡᠢ
᠊ᠷ ᠦ᠋ᠨ ᠲᠦ᠍ ᠢ᠋ ᠡᠴᠡ ᠢ᠋ᠶ᠋ᠡᠷ ᠲᠡᠢ
᠊ᠰ ᠦ᠋ᠨ ᠲᠦ᠍ ᠢ᠋ ᠡᠴᠡ ᠢ᠋ᠶ᠋ᠡᠷ ᠲᠡᠢ
᠊ᠳ ᠦ᠋ᠨ ᠲᠦ᠍ ᠢ᠋ ᠡᠴᠡ ᠢ᠋ᠶ᠋ᠡᠷ ᠲᠡᠢ

2  ᠳᠠᠪᠬᠤᠷ ᠲᠡᠢᠨ ᠢᠯᠭᠠᠯ
ᠮᠣᠩᠭᠣᠯ ᠬᠡᠯᠡᠨ ᠳ᠋ᠦ᠍ ᠵᠠᠷᠢᠮ ᠲᠡᠢᠨ ᠢᠯᠭᠠᠯ ᠤ᠋ᠨ ᠳᠠᠭᠠᠪᠤᠷᠢ ᠶ᠋ᠢᠨ ᠳᠡᠭᠡᠷ᠎ᠡ ᠥᠭᠡᠷ᠎ᠡ ᠲᠡᠢᠨ ᠢᠯᠭᠠᠯ ᠤ᠋ᠨ ᠳᠠᠭᠠᠪᠤᠷᠢ ᠶ᠋ᠢ ᠳᠠᠪᠬᠤᠷᠯᠠᠨ ᠬᠡᠷᠡᠭᠯᠡᠵᠦ ᠦᠭᠡᠰ ᠦ᠋ᠨ ᠬᠣᠭᠣᠷᠣᠨᠳᠣᠬᠢ ᠨᠠᠷᠢᠨ ᠪᠤᠳᠤᠯᠢᠶᠠᠨ ᠲᠠᠢ ᠬᠠᠷᠢᠴᠠᠭ᠎ᠠ ᠶ᠋ᠢᠨ ᠤᠳᠬ᠎ᠠ ᠶ᠋ᠢ ᠵᠢᠭᠠᠵᠤ ᠪᠣᠯᠳᠠᠭ᠃ ᠡᠳᠡᠭᠡᠷ ᠳᠠᠪᠬᠤᠷᠯᠠᠨ ᠬᠡᠷᠡᠭᠯᠡᠭᠰᠡᠨ ᠲᠡᠢᠨ ᠢᠯᠭᠠᠯ  ᠦ᠋ᠳ ᠢ᠋ ᠳᠠᠪᠬᠤᠷ ᠲᠡᠢᠨ ᠢᠯᠭᠠᠯ ᠭᠡᠨ᠎ᠡ᠃
ᠳᠠᠪᠬᠤᠷ ᠲᠡᠢᠨ ᠢᠯᠭᠠᠯ ᠨᠢ᠄
 (1) ᠬᠠᠷᠢᠶᠠᠯᠠᠬᠤ ᠶ᠋ᠢᠨ ᠳᠡᠭᠡᠷ᠎ᠡ ᠥᠭᠬᠦ ᠣᠷᠣᠰᠢᠬᠤ ᠶ᠋ᠢᠨ ᠲᠡᠢᠨ ᠢᠯᠭᠠᠯ ᠤ᠋ᠨ ᠳᠠᠭᠠᠪᠤᠷᠢ ᠶ᠋ᠢ ᠳᠠᠪᠬᠤᠷᠯᠠᠵᠤ ᠳᠠᠪᠬᠤᠷ ᠲᠡᠢᠨ ᠢᠯᠭᠠᠯ ᠡᠭᠦᠰᠦᠨ᠎ᠡ᠃
ᠵᠢᠱ᠌ᠢᠶᠡᠯᠡᠪᠡᠯ᠄
<1> ᠪᠠᠭᠰᠢ ᠶ᠋ᠢᠨ ᠳ᠋ᠦ᠍᠂ ᠠᠬ᠎ᠠ ᠶ᠋ᠢᠨ ᠳ᠋ᠦ᠍᠂ ᠲᠦᠮᠡᠨ ᠦ᠌ ᠳ᠋ᠦ᠍᠃
<2> ᠳᠣᠷᠵᠢ ᠶ᠋ᠢᠨ ᠳ᠋ᠦ᠍ ᠣᠴᠢᠬᠤ ᠳ᠋ᠤ᠌《ᠲᠥᠷᠥ ᠪᠠ ᠬᠤᠪᠢᠰᠬᠠᠯ》 ᠭᠡᠳᠡᠭ ᠵᠣᠬᠢᠶᠠᠯ ᠢ᠋ ᠰᠤᠷᠤᠯᠴᠠᠵᠤ ᠪᠠᠢᠵᠠᠢ᠃
 (2) ᠥᠭᠬᠦ ᠣᠷᠣᠰᠢᠬᠤ ᠳᠡᠭᠡᠷ᠎ᠡ ᠭᠠᠷᠬᠤ ᠶ᠋ᠢᠨ ᠲᠡᠢᠨ ᠢᠯᠭᠠᠯ ᠤ᠋ᠨ ᠳᠠᠭᠠᠪᠤᠷᠢ ᠶ᠋ᠢ ᠳᠠᠪᠬᠤᠷᠯᠠᠵᠤ ᠳᠠᠪᠬᠤᠷ ᠲᠡᠢᠨ ᠢᠯᠭᠠᠯ ᠡᠭᠦᠰᠦᠨ᠎ᠡ᠃
ᠵᠢᠱ᠌ᠢᠶᠡᠯᠡᠪᠡᠯ᠄<1> ᠭᠡᠷ ᠲᠦ᠍ ᠡᠴᠡ᠂,
<2> ᠰᠤᠷᠤᠭᠴᠢ ᠭᠡᠷᠡᠯ᠂ ᠭᠡᠷ ᠲᠦ᠍ ᠡᠴᠡ ᠭᠠᠷᠤᠭᠠᠳ ᠰᠤᠷᠭᠠᠭᠤᠯᠢ ᠳ᠋ᠠᠭᠠᠨ ᠬᠦᠷᠲᠡᠯ᠎ᠡ《ᠭᠤᠷᠪᠠᠨ ᠰᠠᠬᠢᠯᠭ᠎ᠠ ᠨᠠᠢ᠍ᠮᠠᠨ ᠠᠩᠬᠠᠷᠤᠯ》ᠭᠡᠳᠡᠭ ᠳᠠᠭᠤᠤ ᠶ᠋ᠢ ᠳᠠᠭᠤᠯᠠᠭᠰᠠᠭᠠᠷ ᠶᠠᠪᠤᠯ᠎ᠠ᠃
 (3) ᠬᠠᠮᠲᠤᠷᠠᠬᠤ ᠳᠡᠭᠡᠷ᠎ᠡ ᠪᠤᠰᠤᠳ ᠲᠡᠢᠨ ᠢᠯᠭᠠᠯ ᠤ᠋ᠨ ᠳᠠᠭᠠᠪᠤᠷᠢ ᠶ᠋ᠢ ᠳᠠᠪᠬᠤᠷᠯᠠᠵᠤ ᠳᠠᠪᠬᠤᠷ ᠲᠡᠢᠨ ᠢᠯᠭᠠᠯ ᠡᠭᠦᠰᠦᠨ᠎ᠡ᠃
ᠵᠢᠱ᠌ᠢᠶᠡᠯᠡᠪᠡᠯ᠄<1> ᠳᠡᠪᠲᠡᠷ ᠲᠡᠢ ᠶ᠋ᠢᠨ᠂ ᠳᠡᠪᠲᠡᠷ ᠲᠡᠢ ᠳ᠋ᠦ᠍᠂ ᠳᠡᠪᠲᠡᠷ ᠲᠡᠢ ᠶ᠋ᠢ᠂ ᠳᠡᠪᠲᠡᠷ ᠲᠡᠢ ᠡᠴᠡ᠂ ᠳᠡᠪᠲᠡᠷ ᠲᠡᠢ ᠪᠡᠷ᠃
<2> ᠰᠤᠷᠤᠭᠴᠢᠳ ᠲᠤ᠌ ᠦᠭᠡᠭᠦᠦ ᠠᠩᠭᠢ ᠶ᠋ᠢᠨ ᠰᠠᠬᠢᠯᠭ᠎ᠠ ᠪᠠᠲᠤ ᠶ᠋ᠢᠨ ᠡᠮᠬᠢ ᠵᠢᠷᠤᠮ ᠲᠠᠢ ᠶ᠋ᠢ ᠱᠠᠭᠠᠷᠳᠠᠨ᠎ᠠ᠃

        ᠦᠰᠦᠭ ᠠᠮᠢᠯᠠᠭᠤᠯᠤᠭᠴᠢ᠄ ᠨᠠᠷᠠᠨᠲᠤᠶᠠᠭ᠎ᠠ᠂ ᠠᠯᠲᠠᠨᠴᠢᠮᠡᠭ
        ᠬᠢᠨᠠᠭᠴᠢ᠄ ᠨᠠᠷᠠᠨ᠂ ᠣᠳᠬᠠᠨᠰᠣ᠎ᠠ