ᠦᠭᠡ ᠶ᠋ᠢᠨ ᠵᠦᠢ02-10( ᠠᠷᠪᠠ ) ᠠᠶᠠᠯᠭ᠎ᠠ ᠦᠭᠡ ᠪᠠ ᠠᠶᠠᠯᠭ᠎ᠠ ᠦᠭᠡ ᠶ᠋ᠢᠨ ᠵᠦᠢᠯ
( ᠠᠷᠪᠠ ) ᠠᠶᠠᠯᠭ᠎ᠠ ᠦᠭᠡ ᠪᠠ ᠠᠶᠠᠯᠭ᠎ᠠ ᠦᠭᠡ ᠶ᠋ᠢᠨ ᠵᠦᠢᠯ
ᠬᠥᠮᠦᠰ ᠦ᠋ᠨ ᠡᠯᠳᠡᠪ ᠵᠦᠢᠯ ᠦ᠋ᠨ ᠰᠡᠳᠬᠢᠯ ᠦ᠋ᠨ ᠬᠥᠳᠡᠯᠭᠡᠭᠡᠨ ᠢ᠋ ᠢᠯᠡᠳᠬᠡᠭᠰᠡᠨ ᠪᠠ ᠠᠳᠤᠭᠤᠰᠤ ᠠᠮᠢᠲᠠᠨ ᠤ᠋ ᠶᠠᠩᠵᠤ ᠪᠦᠷᠢ ᠶ᠋ᠢᠨ ᠳᠠᠭᠤ ᠴᠢᠮᠡᠭᠡ᠂ ᠵᠢᠴᠢ ᠦᠢᠯᠡ ᠶᠠᠪᠤᠴᠠ ᠶ᠋ᠢᠨ ᠭᠠᠷᠭᠠᠭᠰᠠᠨ ᠳᠠᠭᠤ ᠴᠢᠮᠡᠭᠡ ᠶ᠋ᠢ ᠳᠠᠭᠤᠷᠢᠶᠠᠭᠰᠠᠨ ᠦᠭᠡ ᠶ᠋ᠢ ᠠᠶᠠᠯᠭ᠎ᠠ ᠦᠭᠡ ᠭᠡᠨ᠎ᠡ᠃
ᠠᠶᠠᠯᠭ᠎ᠠ ᠦᠭᠡ ᠨᠢ ᠦᠭᠡ ᠶ᠋ᠢᠨ ᠵᠦᠢ ᠶ᠋ᠢᠨ ᠶᠠᠩᠵᠤ ᠪᠦᠷᠢ ᠶ᠋ᠢᠨ ᠬᠤᠪᠢᠯᠤᠯ ᠢ᠋ᠶ᠋ᠠᠷ ᠣᠭᠲᠣ ᠬᠤᠪᠢᠯᠬᠤ ᠦᠭᠡᠢ᠂ ᠮᠥᠨ ᠥᠭᠦᠯᠡᠪᠦᠷᠢ ᠶ᠋ᠢᠨ ᠪᠦᠲᠦᠴᠡ ᠳ᠋ᠦ᠍ ᠣᠷᠣᠯᠴᠠᠳᠠᠭ ᠦᠭᠡᠢ ᠲᠤᠯᠠ ᠥᠭᠦᠯᠡᠪᠦᠷᠢ ᠶ᠋ᠢᠨ ᠶᠠᠮᠠᠷ ᠴᠤ᠌ ᠭᠡᠰᠢᠭᠦᠨ ᠪᠣᠯᠳᠠᠭ ᠦᠭᠡᠢ᠃
ᠠᠶᠠᠯᠭ᠎ᠠ ᠦᠭᠡ ᠶ᠋ᠢ ᠤᠳᠬ᠎ᠠ ᠪᠠᠷ ᠨᠢ ᠳᠣᠣᠷᠠᠬᠢ ᠮᠡᠲᠦ ᠬᠡᠳᠦᠨ ᠵᠦᠢᠯ ᠬᠤᠪᠢᠶᠠᠨ ᠦᠵᠡᠵᠦ ᠪᠣᠯᠤᠨ᠎ᠠ᠃
1 ᠰᠡᠳᠬᠢᠯ ᠦ᠋ᠨ ᠬᠥᠳᠡᠯᠭᠡᠭᠡᠨ ᠢ᠋ ᠢᠯᠡᠳᠬᠡᠭᠰᠡᠨ ᠠᠶᠠᠯᠭ᠎ᠠ ᠦᠭᠡ᠄
ᠶᠣ ᠶᠣ᠂ ᠶᠣ ᠶᠣᠬᠣ᠂ ᠬᠠ᠂ ᠯᠠᠮᠠ ᠠ᠋᠂ ᠠ ᠳᠠ ᠬᠦ᠌᠂ ᠦ᠂ ᠸᠠ᠂ ᠢᠯᠢᠶᠡ᠂ ᠠᠢ᠂ ᠫᠢ᠂ ᠸᠠᠱ᠌ᠢ᠂ ᠢ᠂ ᠸᠠᠱ᠌ᠢᠳᠠ᠂ ᠠᠢ ᠳᠠ᠂ ᠶᠧ᠂ ᠬᠠᠢ᠂ ᠵᠠᠬᠠᠢ᠂ ᠠᠬᠠᠯᠠᠢ᠂ ᠤᠤᠬᠠᠢ᠂ ᠢᠱ᠌ᠢ᠂ ᠲᠢ ᠲᠢ᠂ ᠬᠦᠢ— ᠠᠢ᠂ ᠠ᠂ ᠮᠠ᠂ ᠪᠦᠬᠦ᠂ ᠯᠡ ᠯᠡ᠂ ᠬᠠᠯᠠᠬᠠᠢ᠂ ᠪᠦᠪᠡᠢ ᠪᠦᠪᠡᠢ ᠭᠡᠬᠦ ᠮᠡᠲᠦ᠃
2 ᠠᠳᠤᠭᠤᠰᠤ ᠠᠮᠢᠲᠠᠨ ᠳ᠋ᠤ᠌ ᠬᠣᠯᠪᠣᠭᠳᠠᠬᠤ ᠠᠶᠠᠯᠭ᠎ᠠ ᠦᠭᠡ᠄
ᠮᠢ ᠮᠢ᠂ ᠮᠡᠢ ᠮᠠᠢ᠂ ᠵᠦ᠋ ᠵᠥ᠋᠂ ᠴᠦ ᠴᠦ᠂ ᠬᠣᠷᠳ᠋ ᠬᠣᠷᠳ᠋᠂ ᠺᠠᠰ᠂ ᠮᠠᠢ ᠮᠠᠢ ᠭᠡᠬᠦ ᠮᠡᠲᠦ᠃
3 ᠦᠢᠯᠡ ᠶᠠᠪᠤᠴᠠ ᠶ᠋ᠢᠨ ᠭᠠᠷᠭᠠᠭᠰᠠᠨ ᠳᠠᠭᠤ ᠴᠢᠮᠡᠭᠡ ᠶ᠋ᠢ ᠳᠠᠭᠤᠷᠢᠶᠠᠭᠰᠠᠨ ᠠᠶᠠᠯᠭ᠎ᠠ ᠦᠭᠡ᠄
ᠰᠡᠷ ᠰᠡᠷ᠂ ᠫᠡᠷ ᠫᠡᠷ᠂ ᠭᠦᠷᠳ᠋᠂ ᠬᠥᠷ ᠬᠥᠷ᠂ ᠭᠠᠩᠭᠠᠷ ᠭᠣᠩᠭᠣᠷ᠂ ᠳ᠋ᠢᠩᠭᠠᠷ ᠳ᠋ᠠᠩᠭᠠᠷ᠂ ᠲᠦᠩ᠂ ᠫᠢᠩ᠂ ᠲᠢᠭ ᠲᠠᠭ᠂ ᠳ᠋ᠢᠩ ᠳ᠋ᠢᠩ᠂ ᠳ᠋ᠠᠩ ᠳ᠋ᠠᠩ᠂ ᠱᠠᠷ ᠱᠠᠷ ᠭᠡᠬᠦ ᠮᠡᠲᠦ᠃
ᠦᠰᠦᠭ ᠠᠮᠢᠯᠠᠭᠤᠯᠤᠭᠴᠢ᠄ ᠡᠭᠦᠯᠡᠩᠬᠤᠸᠠᠷ᠂ ᠭᠡᠷᠡᠯ
ᠬᠢᠨᠠᠭᠴᠢ᠄ ᠡᠭᠦᠯᠡᠩᠬᠤᠸᠠᠷ᠂ ᠨᠠᠷᠠᠨ᠂ ᠣᠳᠬᠠᠨᠰᠣ᠎ᠠ